ᠮᠢᠨᠦ ᠠᠩᠭᠢ-ᠵᠠᠩᠭ᠋ᠠᠨᠤᠷᠪᠤ Minii angi-ZangnorovМиний анги-Зангноров
ᠮᠢᠨᠦ ᠠᠩᠭᠢ
ᠦᠭᠡ᠄ ᠵᠠᠩᠭ᠋ᠠᠨᠤᠷᠪᠤ
ᠠᠶ᠎ᠠ᠄ ᠬᠠᠰᠴᠢᠯᠠᠭᠤ
ᠳᠠᠭᠤᠴᠢᠨ᠄ ᠪᠦᠬᠦ ᠠᠩᠭᠢ
ᠡᠭᠡᠰᠢᠭ ᠳᠣᠯᠣᠭᠠᠨ ᠠᠶᠠᠯᠭᠤ ᠪᠠᠷ
ᠡᠷᠢᠨ ᠵᠠᠭᠤᠨ ᠢ᠋ ᠳᠠᠭᠤᠳᠠᠭᠰᠠᠨ
ᠡᠷᠢᠯ ᠬᠦᠰᠡᠯ ᠦ᠋ᠨ ᠦᠢᠯᠡᠰ ᠲᠦ᠍
ᠢᠲᠡᠭᠡᠯ ᠬᠠᠢᠷ᠎ᠠ ᠶ᠋ᠢᠨ ᠬᠣᠯᠪᠣᠭ᠎ᠠ ᠲᠠᠢ
ᠮᠢᠨᠦ ᠠᠩᠭᠢ ᠴᠤᠭᠵᠢᠯᠳᠠᠢ
ᠮᠢᠨᠦ ᠨᠥᠬᠥᠳ ᠵᠢᠬᠦᠷᠲᠡᠢ
ᠡᠷᠳᠡᠮ ᠨᠣᠮ ᠤ᠋ᠨ ᠲᠦᠯᠬᠢᠭᠦᠷ ᠢ᠋ᠶ᠋ᠡᠷ
ᠡᠷᠳᠡᠨᠢ ᠶ᠋ᠢᠨ ᠣᠨᠢᠰᠣ ᠶ᠋ᠢ ᠨᠡᠭᠡᠭᠡᠭᠰᠡᠨ
ᠮᠥᠷᠥᠭᠡᠳᠦᠯ ᠦ᠋ᠨ ᠮᠥᠩᠭᠥᠨ ᠵᠢᠭᠦᠷ ᠢ᠋
ᠮᠥᠩᠬᠡ ᠳᠡᠷᠪᠡᠭᠦᠯᠦᠭᠰᠡᠨ ᠪᠠᠭᠰᠢ ᠲᠠᠢ
ᠮᠢᠨᠦ ᠠᠩᠭᠢ ᠵᠢᠪᠬᠤᠭ᠎ᠠ ᠲᠠᠢ
ᠮᠢᠨᠦ ᠨᠥᠬᠥᠳ ᠬᠡᠢᠮᠣᠷᠢᠲᠠᠢ
ᠠᠷᠢᠭᠤᠨ ᠰᠣᠶᠣᠯ ᠤ᠋ᠨ ᠰᠣᠶᠣᠷᠬᠠᠯ ᠲᠠᠢ
ᠠᠯᠤᠰ ᠤ᠋ᠨ ᠰᠠᠢᠬᠠᠨ ᠢ᠋ ᠬᠠᠢᠭᠰᠠᠨ
ᠠᠶᠠᠨ ᠤ᠋ ᠭᠡᠭᠡᠨ ᠬᠠᠷᠭᠤᠢ ᠳ᠋ᠤ᠌
ᠠᠮᠵᠢᠯᠲᠠ ᠬᠤᠷᠤᠢᠯᠠᠭᠰᠠᠨ ᠨᠥᠬᠥᠳ ᠲᠡᠢ
ᠮᠢᠨᠦ ᠠᠩᠭᠢ ᠳᠠᠭᠤᠷᠢᠰᠤᠯᠲᠠᠢ
ᠮᠢᠨᠦ ᠨᠥᠬᠥᠳ ᠳᠤᠷᠠᠰᠤᠯᠲᠠᠢ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ