ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠵᠢᠷᠭᠤᠭ᠎ᠠ〕 Цаг төрийн үймээн – Д ᠂ Намдаг - Амьдралын зам ᠂ нэгдүгээр бүлэг - 26
ᠪᠦᠲᠦᠬᠦ ᠡᠰᠡᠬᠦ ᠶᠢᠨ ᠰᠢᠨᠵᠢ ᠲᠡᠮᠲᠡᠭ
ᠰᠡᠳᠬᠢᠯ ᠳ᠋ᠦ᠍ᠨᠢ ᠬᠦᠰᠡᠭᠰᠡᠨ ᠬᠡᠷᠡᠭ ᠰᠡᠳᠬᠢᠯᠴᠢᠯᠡᠨ ᠪᠦᠲᠦᠬᠦ ᠨᠢ ᠯᠠᠪᠲᠠᠢ ᠰᠠᠨᠠᠭᠳᠠᠨ ᠭᠢᠰᠬᠢᠬᠦ ᠳᠣᠳᠣᠮ ᠬᠥᠯ ᠨᠢ ᠬᠥᠩᠭᠡᠷᠡᠬᠦ ᠠᠵᠢ᠃ ᠪᠣᠭᠳᠠ ᠶ᠋ᠢᠨ ᠡᠪᠦᠯ ᠦ᠋ᠨ ᠪᠠᠢᠷᠢ᠂ ᠳᠤᠮᠳᠠ ᠣᠷᠳᠣᠨ᠎ᠠ ᠬᠦᠷᠦᠭᠡᠳ ᠵᠡᠭᠦᠨ ᠲᠠᠯ᠎ᠠ ᠶ᠋ᠢᠨ ᠬᠢᠨᠢ ᠣᠷᠣᠰ ᠮᠠᠶᠢᠭ ᠢ᠋ᠶ᠋ᠠᠷ ᠪᠠᠷᠢᠭᠳᠠᠭᠰᠠᠨ ᠬᠣᠶᠠᠷ ᠳᠠᠪᠬᠤᠷ ᠬᠥᠨᠳᠡᠯᠡᠨ ᠴᠠᠭᠠᠨ ᠪᠠᠢᠰᠢᠩ ᠤ᠋ᠨ ᠵᠡᠭᠦᠨ ᠲᠠᠢᠰᠢ ᠬᠠᠷᠠᠭᠰᠠᠨ ᠬᠠᠭᠠᠯᠭ᠎ᠠ ᠶ᠋ᠢᠨ ᠡᠮᠦᠨ᠎ᠡ ᠢᠷᠡᠬᠦ ᠳ᠋ᠦ᠍ ᠥᠪᠡᠷ ᠡᠴᠡ ᠨᠢ ᠤᠷᠢᠳ ᠪᠣᠭᠳᠠ ᠳ᠋ᠤ᠌ ᠪᠠᠷᠠᠯᠬᠠᠭᠰᠠᠨ ᠶᠡᠬᠡᠰ ᠦ᠋ᠳ ᠦ᠋ᠨ ᠵᠢᠶᠤᠤᠵᠠ ᠲᠡᠷᠭᠡ᠂ ᠰᠡᠦᠬᠡ ᠲᠡᠷᠭᠡ᠂ ᠰᠢᠷ᠎ᠠ ᠪᠠ ᠬᠥᠬᠡ ᠲᠣᠷᠭᠠᠨ ᠵᠢᠯᠣᠭᠣ ᠲᠠᠢ ᠲᠠᠷᠭᠤᠨ ᠮᠣᠷᠢᠳ ᠳᠦᠭᠦᠷᠡᠩ ᠪᠠᠭᠰᠢᠷᠠᠭᠠᠲᠠᠢ ᠪᠠᠢᠯ᠎ᠠ᠃
ᠡᠳᠡᠭᠡᠷ ᠬᠦᠯᠦᠭ ᠮᠣᠷᠢᠳ ᠤ᠋ᠨ ᠡᠵᠡᠳ ᠦ᠋ᠨ ᠳᠤᠮᠳᠠ ᠪᠠᠯᠳᠠᠨᠴᠡᠷᠢᠩ ᠰᠢᠭ ᠵᠢᠷ ᠦ᠋ᠨ ᠨᠢᠭᠡᠨ ᠰᠤᠯᠠ ᠬᠦᠩ ᠦ᠋ᠨ ᠲᠡᠳᠦᠢ ᠬᠥᠮᠦᠨ ᠦᠭᠡᠢ᠂ ᠬᠠᠷᠢᠨ ᠬᠠᠭᠠᠨ ᠸᠠᠩ᠂ ᠬᠤᠲᠤᠭᠲᠤ᠂ ᠵᠢᠨᠦᠩ ᠲᠠᠪᠤᠨᠠᠩ᠂ ᠬᠠᠮᠤᠭ ᠤ᠋ᠨ ᠳᠣᠣᠷᠠᠲᠤ ᠵᠡᠷᠭᠡ ᠶ᠋ᠢᠨ ᠬᠢᠨᠢ ᠪᠡᠢᠯᠡ ᠪᠠᠢᠰᠠ ᠶ᠋ᠢᠨ ᠬᠡᠷᠬᠡᠮ ᠢ᠋ ᠡᠴᠢᠭᠡ ᠡᠪᠦᠭᠡᠳ ᠡᠴᠡ ᠵᠠᠯᠭᠠᠮᠵᠢᠯᠠᠭᠰᠠᠨ ᠬᠣᠰᠢᠭᠤ ᠨᠣᠶᠠᠳ ᠪᠠᠢᠯ᠎ᠠ᠃
ᠪᠠᠯᠳᠠᠨᠴᠡᠷᠢᠩ ᠲᠡᠳᠡᠭᠡᠷ ᠢ᠋ ᠳᠠᠩᠴᠤ ᠶᠡᠬᠡ ᠤᠳᠠᠬᠤ ᠦᠭᠡᠢ ᠪᠣᠯᠪᠠ ᠤᠤ ᠭᠡᠬᠦ ᠳ᠋ᠡᠭᠡᠨ ᠬᠦᠯᠦᠭ ᠮᠣᠷᠢᠳ ᠢ᠋ ᠰᠠᠬᠢᠭᠰᠠᠨ ᠬᠢᠶ᠎ᠡ ᠳᠠᠭᠠᠯᠲᠠ ᠨᠤᠭᠤᠳ ᠤ᠋ᠨ ᠳᠤᠮᠳᠠ ᠣᠷᠣᠨ ᠵᠣᠭᠰᠣᠪᠠ᠃ ᠡᠳᠦᠷ ᠦ᠋ᠨ ᠪᠠᠢᠳᠠᠯ ᠣᠨᠴᠠᠭᠠᠢ ᠪᠠᠢᠭ᠎ᠠ ᠪᠣᠯᠪᠠᠴᠤ ᠤᠳᠠᠭᠠᠨ ᠳ᠋ᠠᠭᠠᠨ ᠥᠪᠡᠷ ᠦ᠋ᠨ ᠡᠷᠬᠡ ᠦᠭᠡᠢ ᠳᠠᠭᠵᠢᠨ ᠲᠠᠭᠠᠷᠠᠯ᠎ᠠ᠃ ᠢᠯᠠᠩᠭᠤᠶ᠎ᠠ ᠴᠢᠬᠢ᠂ ᠤᠲᠤᠭ᠎ᠠ ᠵᠢᠩᠰᠡ ᠲᠡᠢ ᠮᠠᠯᠠᠭᠠᠢ ᠶ᠋ᠢᠨ ᠴᠢᠬᠢ ᠶ᠋ᠢ ᠪᠤᠯᠠᠭᠠᠨ ᠴᠢᠬᠢ ᠲᠠᠭᠠᠷᠠᠭᠤᠯᠬᠤ ᠭᠡᠪᠡᠯ ᠶᠣᠰᠣ ᠵᠢᠷᠤᠮ ᠳ᠋ᠤ᠌ ᠦᠯᠦ ᠨᠡᠢᠴᠡᠬᠦ ᠤᠴᠢᠷ ᠬᠥᠯᠳᠡᠵᠦ ᠮᠠᠭᠠᠳ ᠦᠭᠡᠢ ᠪᠣᠯᠵᠠᠢ᠃ ᠭᠡᠲᠡᠯ᠎ᠡ ᠪᠠᠰᠠ ᠣᠯᠠᠨ ᠤ᠋ ᠡᠮᠦᠨ᠎ᠡ ᠣᠯᠠᠨ ᠤ᠋ ᠡᠮᠦᠨ᠎ᠡ ᠴᠢᠬᠢ ᠪᠡᠨ ᠪᠠᠷᠢᠨ ᠨᠠᠭᠠᠰᠢ ᠴᠠᠭᠠᠰᠢ ᠬᠣᠯᠬᠢᠬᠤ ᠳ᠋ᠤ᠌ ᠶᠡᠷᠦ ᠵᠣᠬᠢᠮᠵᠢ ᠦᠭᠡᠢ ᠠᠵᠢ᠃ ᠡᠳᠦᠷ ᠳᠤᠮᠳᠠ ᠥᠩᠭᠡᠷᠡᠯ᠎ᠡ᠃ ᠣᠷᠳᠣᠨ ᠠ᠋ᠴᠠ ᠭᠠᠷᠤᠭᠰᠠᠨ ᠨᠢ ᠬᠣᠶᠠᠷᠬᠠᠨ᠂ ᠤᠷᠢᠳ ᠡᠮᠦᠨ᠎ᠡ ᠵᠢᠰᠦ ᠦᠵᠡᠭᠡ ᠦᠭᠡᠢ ᠬᠣᠶᠠᠷ ᠨᠣᠶᠠᠨ ᠤᠬᠠᠭᠠᠨ ᠦᠭᠡᠢ ᠰᠣᠭᠲᠣᠭᠤ ᠭᠠᠷᠴᠤ ᠢᠷᠡᠭᠰᠡᠨ ᠢ᠋ ᠬᠢᠶ᠎ᠡ ᠨᠠᠷ ᠨᠢ ᠤᠭᠲᠤᠨ ᠠᠪᠴᠤ ᠮᠣᠷᠢᠨ ᠳ᠋ᠤᠨᠢ ᠮᠣᠷᠳᠠᠭᠤᠯᠵᠤ ᠳᠥᠰᠢᠨ ᠣᠳᠤᠭᠰᠠᠨ ᠪᠥᠭᠡᠳ ᠨᠡᠮᠡᠨ ᠢᠷᠡᠭᠰᠡᠨ ᠨᠢ ᠲᠠᠪᠤ ᠵᠢᠷᠭᠤᠭ᠎ᠠ ᠪᠣᠯᠵᠠᠢ᠃
ᠪᠠᠯᠳᠠᠨᠴᠡᠷᠢᠩ ᠥᠨᠥᠳᠥᠷ ᠲᠡᠭᠡᠨ ᠪᠣᠭᠳᠠ ᠳ᠋ᠤ᠌ ᠪᠠᠷᠠᠯᠬᠠᠵᠤ ᠴᠢᠳᠠᠬᠤ ᠦᠭᠡᠢ ᠪᠡᠨ ᠮᠡᠳᠡᠯ᠎ᠡ᠃ ᠳᠠᠷᠠᠭ᠎ᠠ ᠨᠢ ᠪᠠᠰᠠ ᠯᠠ ᠡᠨᠡ ᠮᠡᠲᠦ ᠪᠡᠷ ᠳᠡᠮᠡᠢ ᠶᠠᠪᠤᠳᠠᠯ ᠪᠣᠯᠬᠤ ᠪᠣᠯᠪᠠ ᠤᠤ ᠭᠡᠬᠦ ᠳ᠋ᠡᠭᠡᠨ ᠰᠢᠳᠠᠷ ᠬᠥᠮᠦᠰ ᠦ᠋ᠨ ᠬᠢᠨᠢ ᠨᠢᠭᠡ ᠲᠡᠢ ᠠᠭᠤᠯᠵᠠᠨ ᠡᠳᠦᠷ ᠲᠣᠭᠲᠠᠭᠠᠵᠤ ᠠᠪᠤᠶ᠎ᠠ ᠭᠡᠵᠦ ᠪᠣᠳᠣᠪᠠ᠃ ᠡᠨᠡ ᠶᠠᠪᠤᠳᠠᠯ ᠠᠷᠭ᠎ᠠ ᠪᠤᠶᠤ ᠠᠮᠢ ᠭᠣᠣᠯ ᠤ᠋ᠨ ᠴᠢᠬᠤᠯᠠ ᠬᠡᠷᠡᠭ ᠪᠣᠯᠬᠤ ᠲᠤᠯᠠ ᠣᠷᠳᠣᠨ ᠤ᠋ ᠬᠠᠭᠠᠯᠭ᠎ᠠ ᠶ᠋ᠢ ᠠᠶᠤᠮᠰᠢᠭ ᠦᠭᠡᠢ ᠲᠠᠲᠠᠵᠠᠢ᠃ ᠥᠭᠡᠳᠡ ᠡᠴᠡ ᠨᠢ ᠲᠥᠪᠡᠳ ᠣᠷᠣᠨ ᠠ᠋ᠴᠠ ᠢᠷᠡᠳᠡᠭ ᠰᠠᠢᠬᠠᠨ ᠦᠨᠦᠷᠲᠦ ᠬᠦᠷᠡᠩ ᠬᠦᠵᠢ᠂ ᠭᠦᠭᠡᠯ ᠦ᠋ᠨ ᠦᠨᠦᠷ ᠬᠠᠩᠬᠤᠯᠤᠭᠰᠠᠨ ᠬᠠᠯᠠᠭᠤᠨ ᠠᠭᠠᠷ ᠤᠭᠲᠤᠨ ᠰᠠᠨᠠᠨ ᠰᠡᠳᠬᠢᠬᠦᠢ ᠶ᠋ᠢ ᠰᠢᠲᠦᠨ ᠪᠢᠰᠢᠷᠡᠬᠦ ᠲᠠᠢᠰᠢ ᠲᠠᠲᠠᠨ᠎ᠠ᠃ ᠳᠤᠭᠤᠢ ᠪᠤᠯᠠᠭᠠᠨ ᠮᠠᠯᠠᠭᠠᠢ ᠶ᠋ᠢ ᠮᠠᠩᠨᠠᠢ ᠳᠠᠷᠤᠨ ᠡᠮᠦᠰᠦᠭᠰᠡᠨ ᠵᠠᠯᠠᠭᠤᠬᠠᠨ ᠯᠠᠮᠠ ᠬᠠᠭᠠᠯᠭᠠᠴᠢ ᠳᠠᠪᠬᠤᠷ ᠬᠠᠭᠠᠯᠭᠠᠨ ᠤ᠋ ᠴᠠᠭᠠᠨ᠎ᠠ ᠠ᠋ᠴᠠ ᠭᠡᠨᠡᠳᠲᠡ ᠭᠠᠷᠴᠤ ᠢᠷᠡᠨ ᠠᠮᠤᠷ ᠡᠷᠢᠨ ᠭᠦᠨ᠎ᠡ ᠮᠡᠬᠦᠢᠪᠡ᠃ ᠡᠨᠡ ᠨᠢ ᠡᠶᠡᠯᠳᠡᠭ ᠰᠠᠢᠨ ᠳ᠋ᠠᠭᠠᠨ ᠪᠢᠰᠢ᠂ ᠪᠠᠯᠳᠠᠨᠴᠡᠷᠢᠩ ᠦ᠋ᠨ ᠤᠲᠤᠭ᠎ᠠ ᠵᠢᠩᠰᠡᠲᠦ ᠮᠠᠯᠠᠭᠠᠢ᠂ ᠬᠠᠷ᠎ᠠ ᠬᠦᠷᠮ᠎ᠡ ᠶ᠋ᠢ ᠬᠠᠷᠠᠭᠠᠳ ᠨᠣᠶᠠᠨ ᠬᠥᠮᠦᠨ ᠭᠡᠵᠦ ᠦᠵᠡᠭᠰᠡᠨ ᠦ᠌ ᠬᠢ ᠪᠠᠢᠯ᠎ᠠ᠃ ᠲᠡᠭᠦᠨ ᠢ᠋ ᠪᠠᠯᠳᠠᠨᠴᠡᠷᠢᠩ ᠮᠡᠳᠡᠨ ᠢᠨᠢᠶᠡᠳᠦ ᠬᠦᠷᠬᠦ ᠰᠢᠭ ᠪᠣᠯᠬᠤ ᠶ᠋ᠢᠨ ᠵᠡᠷᠭᠡᠴᠡᠭᠡ ᠪᠡᠷ ᠨᠢᠭᠡᠨᠲᠡ ᠡᠨᠳᠡᠭᠦᠷᠡᠭᠰᠡᠨ ᠢ᠋ ᠨᠢ ᠳᠠᠯᠢᠮᠳᠠᠭᠤᠯᠤᠨ ᠠᠰᠢᠭᠯᠠᠬᠤ ᠰᠠᠨᠠᠭ᠎ᠠ ᠲᠥᠷᠥᠪᠡ᠃ ᠦᠯᠦ ᠲᠣᠭᠣᠮᠰᠠᠷᠯᠠᠬᠤ ᠪᠠᠢᠳᠠᠯ ᠭᠠᠷᠭᠠᠨ ᠬᠠᠷᠢᠭᠤ ᠮᠡᠨᠳᠦᠯᠡᠬᠦ ᠲᠡᠳᠦᠢᠬᠡᠨ ᠪᠣᠯᠵᠤ᠄
— ᠰᠣᠢᠪᠣᠨ ᠯᠠᠮᠠ ᠬᠠᠮᠢᠭ᠎ᠠ ᠪᠠᠢᠨ᠎ᠠ? ᠨᠠᠳᠠ ᠳ᠋ᠤ᠌ ᠠᠭᠤᠯᠵᠠᠬᠤ ᠶᠠᠭᠠᠷᠠᠯᠲᠠᠢ ᠬᠡᠷᠡᠭ ᠪᠠᠢᠨ᠎ᠠ ᠭᠡᠳ ᠶᠡᠬᠡᠮᠰᠦᠭ ᠢ᠋ᠶ᠋ᠡᠷ ᠬᠣᠭᠣᠯᠠᠢ ᠵᠠᠰᠠᠨ ᠰᠠᠬᠠᠯ ᠢ᠋ᠶ᠋ᠠᠨ ᠪᠠᠷᠠᠭᠤᠨ ᠵᠡᠭᠦᠨ ᠲᠡᠢᠰᠢ ᠰᠡᠯᠭᠦᠯᠡᠨ ᠢᠯᠢᠪᠡ᠃
— ᠵᠠ᠂ ᠵᠠᠪ ᠲᠠᠢ ᠪᠠᠢᠬ᠎ᠠ᠂ ᠲᠤᠩ ᠰᠠᠶᠢᠬᠠᠨ ᠳᠡᠭᠡᠷ᠎ᠡ ᠡᠴᠡ ᠪᠠᠭᠤᠨ ᠥᠷᠥᠭᠡᠨ ᠳ᠋ᠡᠭᠡᠨ ᠵᠠᠯᠠᠷᠠᠨ᠎ᠠ ᠪᠢᠯᠡ᠃
— ᠤᠤᠬᠠᠢ᠂ ᠢᠩᠭᠢᠬᠦ ᠳ᠋ᠦ᠍ ᠴᠢ ᠰᠣᠢᠪᠣᠳ ᠤ᠋ᠨ ᠴᠣᠬᠣᠮ ᠬᠡᠨ ᠢ᠋ ᠨᠢ ᠬᠡᠯᠡᠭᠡᠳ ᠪᠠᠢᠨ᠎ᠠ?
— ᠵᠠ᠂ ᠪᠢ ᠳᠠᠰᠢᠳᠣᠣ ᠰᠣᠢᠪᠣᠨᠲᠠᠨ ᠢ᠋ ᠠᠢᠯᠠᠳᠬᠠᠵᠤ ᠪᠠᠢᠨ᠎ᠠ᠃
— ᠲᠡᠭᠡᠪᠡᠯ ᠪᠦᠷ ᠰᠠᠢᠨ᠃ ᠥᠷᠥᠭᠡ ᠨᠢ ᠬᠠᠮᠢᠭ᠎ᠠ ᠨᠢ ᠪᠢᠯᠡ᠃
— ᠪᠢ ᠲᠠᠨ ᠳ᠋ᠤ᠌ ᠪᠠᠷ᠎ᠠ ᠪᠣᠯᠤᠶ᠎ᠠ᠃
— ᠲᠡᠭᠡᠵᠦ ᠦᠵᠡ!
ᠵᠠᠯᠠᠭᠤ ᠬᠠᠭᠠᠯᠭᠠᠴᠢ ᠠᠯᠠᠭ᠎ᠠ ᠵᠥᠷᠢᠭᠦᠯᠦᠨ ᠤᠷᠲᠤ ᠪᠠᠨ ᠪᠠᠷᠢᠨ ᠡᠪᠦᠷ ᠳᠡᠭᠡᠷ᠎ᠡ ᠪᠡᠨ ᠶᠡᠬᠡᠰ ᠳᠡᠭᠡᠳᠦᠰ ᠢ᠋ ᠬᠦᠨᠳᠦᠳᠬᠡᠳᠡᠭ ᠢ᠋ᠶ᠋ᠡᠷ ᠢ᠋ᠶ᠋ᠡᠨ ᠬᠦᠨᠳᠦᠳᠬᠡᠨ ᠮᠡᠬᠦᠯᠵᠡᠭᠰᠡᠨ ᠢ᠋ᠶ᠋ᠡᠨ ᠲᠦᠷᠦᠭᠦᠯᠡᠨ ᠶᠠᠪᠤᠯ᠎ᠠ᠃ ᠪᠢᠲᠡᠭᠦᠦ ᠬᠡᠪᠢᠰ ᠳᠡᠪᠢᠰᠦᠭᠰᠡᠨ ᠠᠭᠤᠳᠠᠮ ᠰᠠᠷᠠᠭᠤᠯ ᠶᠡᠬᠡ ᠬᠣᠩᠭᠢᠯ ᠤ᠋ᠨ ᠳᠤᠮᠳᠠᠭᠤᠷ ᠶᠠᠪᠤᠬᠤ ᠳ᠋ᠤᠨᠢ ᠳᠡᠭᠡᠳᠦ ᠳᠠᠪᠬᠤᠷ ᠠ᠋ᠴᠠ ᠱᠤᠳᠤᠷᠭᠤ᠂ ᠶᠣᠣᠴᠢᠨ᠂ ᠬᠤᠭᠤᠷ ᠭᠤᠷᠪᠠ ᠪᠠᠷ ᠰᠢᠨ᠎ᠡ ᠴᠠᠭ ᠤ᠋ᠨ ᠬᠥᠩᠭᠡᠨ ᠠᠶᠠᠯᠭᠤᠲᠤ ᠰᠣᠨᠢᠨ ᠳᠠᠭᠤᠤ ᠶ᠋ᠢ ᠳᠠᠷᠤᠵᠤ ᠪᠠᠢᠭ᠎ᠠ ᠨᠢ ᠴᠢᠬᠢᠨ ᠳ᠋ᠦ᠍ ᠴᠢᠮᠡᠭ ᠲᠡᠢ ᠨᠢ ᠠᠷᠭ᠎ᠠ ᠦᠭᠡᠢ ᠰᠣᠨᠣᠰᠤᠭᠳᠠᠨ᠎ᠠ᠃ ᠭᠡᠲᠡᠯ᠎ᠡ ᠭᠡᠨᠡᠳᠲᠡ ᠬᠥᠯᠴᠥᠭᠦᠷᠡᠭᠰᠡᠨ ᠠᠪᠠᠭᠠᠢ ᠨᠠᠷ ᠤ᠋ᠨ ᠣᠷᠢᠯᠠᠭᠰᠠᠨ᠂ ᠴᠢᠷᠠᠯᠠᠭᠰᠠᠨ᠂ ᠰᠥᠭᠡᠩᠭᠡᠳᠡᠭᠰᠡᠨ ᠶᠠᠩᠵᠤ ᠪᠦᠷᠢ ᠶ᠋ᠢᠨ ᠪᠣᠯᠬᠢ ᠬᠣᠭᠣᠯᠠᠢ ᠪᠠᠷ ᠳᠠᠭᠤᠯᠠᠬᠤ ᠳ᠋ᠤ᠌ ᠬᠥᠭᠵᠢᠮ ᠦ᠋ᠨ ᠰᠠᠢᠬᠠᠨ ᠠᠪᠢᠶ᠎ᠠ ᠳᠣᠣᠷᠠᠬᠠᠨ ᠢ᠋ᠶ᠋ᠠᠨ ᠳᠤᠭᠤᠯᠳᠠᠬᠤ ᠪᠠᠨ ᠪᠣᠯᠢᠨ ᠵᠠᠮᠬᠠᠷᠠᠪᠠ᠃ ᠡᠳᠡᠭᠡᠷ ᠠᠪᠠᠭᠠᠢ ᠨᠠᠷ ᠪᠣᠯ ᠮᠡᠳᠡᠭᠡᠵᠢ ᠶ᠋ᠢᠨ ᠬᠡᠷᠡᠭ᠂ ᠶᠡᠬᠡᠰ ᠳᠡᠭᠡᠳᠦᠰ ᠦ᠋ᠳ ᠬᠠᠲᠤᠳ ᠠᠬᠠᠢᠲᠠᠨ ᠨᠠᠷ᠂ ᠪᠣᠳᠣᠪᠠᠯ ᠳᠡᠭᠡᠷᠡᠬᠢ ᠡᠴᠡ《ᠳᠠᠭᠤᠯᠠᠵᠠᠭᠠ》 ᠭᠡᠵᠦ ᠵᠠᠷᠯᠢᠭ ᠪᠠᠭᠤᠭᠰᠠᠨ ᠳ᠋ᠤ᠌᠂ ᠲᠠᠭᠠᠯᠠᠯ ᠪᠣᠯᠭᠠᠬᠤ ᠭᠡᠵᠦ ᠪᠦᠬᠦ ᠪᠠᠢᠳᠠᠭ ᠬᠣᠭᠣᠯᠠᠢ ᠪᠠᠨ ᠰᠢᠪᠬᠠᠨ ᠲᠠᠯᠪᠢᠵᠤ ᠪᠠᠢᠭ᠎ᠠ ᠨᠢ ᠯᠡ ᠡᠨᠡ ᠪᠢᠵᠡ᠃ ᠵᠢᠷ ᠦ᠋ᠨ ᠬᠥᠮᠦᠰ ᠪᠣᠳᠣᠬᠤ ᠳ᠋ᠠᠭᠠᠨ᠄ ᠪᠣᠭᠳᠠ ᠶ᠋ᠢᠨ ᠪᠤᠷᠬᠠᠨ ᠬᠠᠭᠠᠳ ᠨᠣᠶᠠᠳ ᠢ᠋ ᠳᠡᠭᠡᠳᠦ ᠲᠩᠷᠢ ᠶ᠋ᠢᠨ ᠬᠥᠪᠡᠭᠦᠳ᠂ ᠡᠮᠡᠰ ᠬᠠᠲᠤᠳ ᠢ᠋ ᠨᠢ ᠣᠨᠴᠠᠭᠠᠢ ᠬᠤᠪᠢ ᠵᠠᠶᠠᠭᠠᠲᠠᠨ ᠭᠡᠵᠦ ᠦᠵᠡᠳᠡᠭ ᠢ᠋ᠶ᠋ᠡᠷ ᠢ᠋ᠶ᠋ᠡᠨ ᠨᠠᠢᠷᠯᠠᠨ ᠴᠡᠩᠭᠡᠬᠦ ᠶ᠋ᠢ ᠨᠢ ᠶᠣᠰᠣᠲᠠᠢ ᠠᠷᠢᠭᠤᠨ ᠲᠤᠩᠭᠠᠯᠠᠭ ᠪᠠᠢᠬᠤ ᠭᠡᠵᠦ ᠪᠣᠳᠣᠨ᠎ᠠ᠃ ᠭᠡᠲᠡᠯ᠎ᠡ ᠣᠳᠣ ᠶ᠋ᠢᠨ ᠡᠨᠡ ᠳᠠᠭᠤᠯᠠᠵᠤ ᠪᠠᠢᠭ᠎ᠠ ᠪᠠᠷ ᠪᠣᠯ ᠶᠣᠰᠣᠲᠠᠢ ᠡᠮᠬᠢ ᠵᠠᠮᠪᠠᠷᠠᠭ᠎ᠠ ᠦᠭᠡᠢ ᠪᠤᠵᠢᠭᠢᠨᠠᠭᠠᠨ᠂ ᠳᠡᠭᠡᠷ᠎ᠡ ᠳᠣᠣᠷ᠎ᠠ ᠪᠠᠨ ᠣᠷᠣᠭᠰᠠᠨ ᠱᠤᠤᠭᠢᠶᠠᠨ ᠠᠵᠢ᠃
ᠬᠠᠭᠠᠯᠭᠠᠴᠢ ᠪᠠᠯᠳᠠᠨᠴᠡᠷᠢᠩ ᠢ᠋ ᠤᠷᠤᠭᠰᠢ ᠬᠠᠷᠠᠭᠰᠠᠨ ᠬᠠᠭᠠᠯᠭ᠎ᠠ ᠲᠠᠢ ᠥᠷᠥᠭᠡᠨ ᠦ᠌ ᠡᠮᠦᠨ᠎ᠡ ᠬᠦᠷᠭᠡᠨ ᠬᠠᠭᠠᠯᠭ᠎ᠠ ᠶ᠋ᠢ ᠥᠪᠡᠷ ᠢ᠋ᠶ᠋ᠡᠨ ᠨᠡᠭᠡᠭᠡᠨ᠄ ᠮᠣᠷᠢᠯᠠᠵᠤ ᠬᠠᠢᠷᠠᠯᠠ! ᠭᠡᠵᠦ ᠴᠡᠭᠡᠵᠢ ᠪᠡᠨ ᠳᠠᠷᠤᠨ ᠪᠥᠬᠥᠢᠪᠡ᠃ ᠳᠣᠲᠣᠭᠰᠢ ᠣᠷᠣᠬᠤ ᠳ᠋ᠤ᠌ ᠳᠡᠭᠡᠷ᠎ᠡ ᠲᠠᠰᠤᠯᠭ᠎ᠠ ᠨᠡᠯᠢᠶᠡᠳ ᠲᠣᠮᠣ᠂ ᠬᠠᠨ᠎ᠠ ᠲᠤᠭᠤᠷᠭ᠎ᠠ ᠨᠤᠭᠤᠳ ᠤ᠋ᠨ ᠶᠡᠬᠡᠩᠬᠢ ᠶ᠋ᠢ ᠲᠣᠮᠣ ᠲᠣᠮᠣ ᠬᠥᠯᠭᠡ ᠰᠤᠳᠤᠷ ᠤ᠋ᠳ ᠢ᠋ᠶ᠋ᠠᠷ ᠳᠦᠭᠦᠷᠭᠡᠭᠰᠡᠨ ᠱᠦᠭᠦᠢ ᠨᠦ᠍ᠭᠦᠳ ᠦᠶ᠎ᠡ ᠳᠠᠷᠠᠭᠠᠯᠠᠨ ᠡᠵᠡᠯᠡᠭᠰᠡᠨ ᠢ᠋ ᠨᠢ ᠦᠵᠡᠬᠦ ᠳ᠋ᠦ᠍ ᠶᠡᠷᠦ ᠪᠤᠰᠤ ᠶ᠋ᠢᠨ ᠣᠷᠳᠣᠨ ᠳ᠋ᠤ᠌ ᠣᠷᠣᠭᠰᠠᠨ ᠢ᠋ ᠲᠣᠳᠣ ᠰᠠᠨᠠᠭᠳᠠᠭᠤᠯᠤᠨ᠎ᠠ᠃ ᠭᠡᠲᠡᠯ᠎ᠡ ᠵᠡᠭᠦᠨᠲᠡᠢ ᠨᠢ ᠨᠢᠭᠡ ᠬᠡᠰᠡᠭ ᠭᠠᠵᠠᠷ ᠢ᠋ ᠳᠠᠩ ᠪᠤᠷᠬᠠᠨ ᠲᠠᠬᠢᠯ ᠡᠵᠡᠯᠡᠭᠰᠡᠨ ᠦ᠌ ᠡᠮᠦᠨ᠎ᠡ ᠪᠡᠶ᠎ᠡ ᠪᠡᠷ ᠪᠦᠳᠦᠭᠦᠨ᠂ ᠭᠡᠳᠡᠰᠦ ᠶᠡᠬᠡᠲᠡᠢ᠂ ᠬᠠᠯᠵᠠᠨ ᠲᠣᠯᠣᠭᠠᠢ ᠲᠠᠢ ᠡᠪᠦᠭᠡᠰᠢᠶᠡᠷ ᠯᠠᠮᠠ ᠬᠡᠳᠦᠨ ᠳᠠᠪᠬᠤᠷ ᠣᠯᠪᠣᠭ ᠳᠡᠭᠡᠷ᠎ᠡ ᠬᠡᠳᠦ ᠢᠳᠡᠭᠰᠡᠨ ᠬᠣᠭᠣᠯᠠ ᠪᠠᠨ ᠰᠢᠩᠭᠡᠭᠡᠵᠦ ᠶᠠᠳᠠᠬᠤ ᠮᠡᠲᠦ ᠲᠣᠮᠪᠣᠢᠨ ᠰᠠᠭᠤᠨ᠎ᠠ᠃ ᠪᠠᠯᠳᠠᠨᠴᠡᠷᠢᠩ ᠲᠡᠭᠦᠨ ᠢ᠋ ᠬᠠᠷᠠᠬᠤ ᠲᠠᠢ ᠪᠠᠨ ᠵᠡᠷᠭᠡ ᠳᠠᠰᠢᠳᠣᠣ ᠰᠣᠢᠪᠣᠨ ᠭᠡᠭᠴᠢ ᠪᠣᠯᠬᠤ ᠶ᠋ᠢ ᠳᠣᠲᠣᠷ᠎ᠠ ᠪᠠᠨ ᠰᠠᠨᠠᠨ᠂ ᠴᠠᠭᠠᠨ ᠰᠠᠷ᠎ᠠ ᠶ᠋ᠢᠨ ᠣᠯᠠᠨ ᠳᠡᠭᠡᠳᠦ ᠮᠠᠨᠳᠠᠯ ᠢ᠋ ᠬᠢᠴᠢᠶᠡᠩᠭᠦᠢᠯᠡᠨ ᠠᠢᠯᠠᠳᠬᠠᠵᠤ ᠵᠣᠯᠭᠠᠯ᠎ᠠ᠃ ᠰᠣᠢᠪᠣᠨ ᠯᠠᠮᠠ ᠴᠦ᠍ ᠬᠦᠨᠳᠦᠳᠬᠡᠨ ᠰᠠᠢᠨ ᠰᠠᠢᠬᠠᠨ ᠢ᠋ᠶ᠋ᠠᠷ ᠤᠭᠲᠤᠨ ᠠᠪᠬᠤ ᠶ᠋ᠢ ᠬᠢᠴᠢᠶᠡᠬᠦ ᠠᠵᠢ᠃
— ᠲᠠ ᠳᠡᠭᠡᠭᠰᠢ ᠪᠡᠨ ᠮᠣᠷᠢᠯᠠ! ᠭᠡᠵᠦ ᠨᠠᠮᠤᠭᠤᠬᠠᠨ ᠳᠠᠭᠤ ᠪᠠᠷ ᠥᠭᠦᠯᠡᠨ᠂ ᠯᠠᠪ ᠬᠣᠶᠠᠷ ᠬᠥᠮᠦᠨ ᠳᠠᠮᠨᠠᠨ ᠠᠪᠴᠢᠷᠠᠭᠰᠠᠨ ᠪᠠᠢᠬᠤ ᠭᠡᠮᠡᠷ ᠲᠣᠮᠣ ᠮᠥᠩᠭᠥᠨ ᠴᠠᠷ᠎ᠠ ᠲᠠᠢ ᠶᠡᠬᠡ ᠢᠳᠡᠭᠡᠨ ᠦ᠌ ᠠᠷᠤ ᠳ᠋ᠠᠬᠢ ᠠᠯᠲᠠᠨ ᠰᠠ ᠤᠲᠠᠰᠤ ᠳᠠᠷᠤᠭᠤᠯᠤᠨ ᠯᠤᠤ ᠶ᠋ᠢᠨ ᠬᠡ ᠭᠠᠷᠭᠠᠭᠰᠠᠨ ᠬᠥᠬᠡ ᠲᠣᠷᠭᠠᠨ ᠲᠦᠰᠢᠯᠭᠡᠲᠦ ᠣᠯᠪᠣᠭ ᠤᠷᠤᠭᠤ ᠭᠠᠷ ᠰᠤᠩᠭᠠᠨ ᠵᠢᠭᠠᠪᠠ᠃ ᠪᠠᠯᠳᠠᠨᠴᠡᠷᠢᠩ ᠲᠡᠭᠦᠨ ᠦ᠌ ᠳᠡᠭᠡᠷ᠎ᠡ ᠨᠢ ᠰᠠᠭᠤᠪᠠ᠃ ᠤᠷᠢᠳ ᠡᠮᠦᠨ᠎ᠡ ᠡᠢᠮᠦ ᠶᠠᠭᠤᠮᠠᠨ ᠳᠡᠭᠡᠷ᠎ᠡ ᠰᠠᠭᠤᠵᠤ ᠦᠵᠡᠭᠡ ᠦᠭᠡᠢ ᠲᠤᠯᠠ ᠰᠡᠳᠬᠢᠯ ᠲᠠᠪᠠ ᠦᠭᠡᠢ ᠪᠣᠯᠤᠨ ᠨᠢᠭᠤᠷ ᠤᠯᠠᠢᠪᠠ᠃ ᠭᠡᠲᠡᠯ᠎ᠡ ᠰᠣᠢᠪᠣᠨ ᠯᠠᠮᠠ᠄ ᠲᠠ ᠢᠳᠡᠭᠡ ᠵᠣᠭᠣᠭᠯᠠ! ᠭᠡᠵᠦ ᠨᠠᠢᠷ ᠲᠠᠯᠪᠢᠨ ᠲᠣᠯᠣᠭᠠᠢ ᠮᠡᠬᠦᠢᠯᠭᠡᠭᠰᠡᠨ ᠲᠡᠳᠦᠢ ᠦᠭᠡᠢ᠂ ᠠᠯᠲᠠᠨ ᠳᠣᠲᠣᠷ ᠲᠠᠢ ᠮᠥᠩᠭᠥᠨ ᠬᠤᠨᠳᠠᠭᠠᠨ ᠳ᠋ᠤ᠌ ᠠᠷᠢᠬᠢ ᠳᠦᠭᠦᠷᠭᠡᠨ᠄ ᠨᠠᠩᠴᠢᠳ ᠪᠣᠯᠭᠣᠭ᠎ᠠ! ᠭᠡᠵᠦ ᠪᠠᠷᠢᠯ᠎ᠠ᠃ ᠡᠢᠨ ᠬᠦ᠌ ᠤᠳᠠᠭ᠎ᠠ ᠳᠠᠷᠠᠭᠠᠯᠠᠨ ᠬᠡᠳᠦ ᠬᠦᠨᠳᠦᠳᠬᠡᠭᠰᠡᠨ ᠡᠴᠡ ᠪᠠᠯᠳᠠᠨᠴᠡᠷᠢᠩ ᠦ᠋ᠨ ᠭᠠᠷ ᠬᠤᠷᠤᠭᠤ ᠶᠠᠮᠠᠷ ᠨᠢᠭᠡᠨ ᠦᠯᠦ ᠦᠵᠡᠭᠳᠡᠬᠦ ᠶᠠᠭᠤᠮᠠᠨ ᠳ᠋ᠤ᠌ ᠪᠠᠷᠢᠭᠳᠠᠨ ᠬᠦᠯᠢᠭᠳᠡᠭᠰᠡᠨ ᠰᠢᠭ ᠪᠣᠯᠤᠨ ᠴᠢᠯᠥᠭᠡ ᠲᠡᠢ ᠬᠥᠳᠡᠯᠵᠦ ᠴᠢᠳᠠᠬᠤ ᠪᠠᠨ ᠪᠣᠯᠢᠵᠤ ᠢᠷᠡᠯ᠎ᠡ᠃
ᠦᠨᠡᠨ ᠳ᠋ᠡᠭᠡᠨ ᠲᠡᠷᠡ ᠰᠣᠢᠪᠣᠨ ᠤᠷᠢᠳ ᠡᠮᠦᠨ᠎ᠡ ᠪᠠᠯᠳᠠᠨᠴᠡᠷᠢᠩ ᠲᠡᠢ ᠠᠭᠤᠯᠵᠠᠬᠤ ᠪᠠᠢᠲᠤᠭᠠᠢ ᠪᠠᠷ᠎ᠠ ᠶ᠋ᠢ ᠨᠢ ᠴᠦ᠍ ᠬᠠᠷᠠᠭᠰᠠᠨ ᠤᠳᠠᠭ᠎ᠠ ᠦᠭᠡᠢ᠂ ᠭᠡᠪᠡᠴᠦ ᠥᠪᠡᠷ ᠲᠡᠢ ᠨᠢ ᠠᠭᠤᠯᠵᠠᠬᠤ ᠪᠠᠷ ᠶᠡᠬᠡ ᠣᠷᠳᠣᠨ᠎ᠠ ᠠᠶᠤᠮᠰᠢᠭ ᠦᠭᠡᠢ ᠵᠢᠳᠬᠦᠨ ᠣᠷᠣᠵᠤ ᠢᠷᠡᠭᠰᠡᠨ ᠦ᠌ ᠬᠤᠪᠢ ᠳ᠋ᠤ᠌ ᠶᠠᠮᠠᠷ ᠨᠢᠭᠡᠨ ᠲᠠᠨᠢᠯ ᠲᠠᠯ᠎ᠠ ᠶ᠋ᠢᠨ ᠨᠣᠶᠠᠨ ᠤ᠋ ᠬᠦᠦ ᠪᠣᠯᠪᠠ ᠤᠤ ᠭᠡᠵᠦ ᠲᠠᠭᠠᠪᠤᠷᠢᠯᠠᠬᠤ ᠶ᠋ᠢᠨ ᠳᠡᠭᠡᠷ᠎ᠡ ᠣᠷᠣ ᠲᠠᠰᠤ ᠲᠠᠨᠢᠬᠤ ᠦᠭᠡᠢ ᠪᠠᠢᠭ᠎ᠠ ᠳ᠋ᠠᠭᠠᠨ ᠰᠡᠳᠬᠢᠯ ᠵᠣᠪᠠᠬᠤ ᠠᠵᠢ᠃
— ᠢᠩᠭᠢᠩᠭᠦᠲᠡ ᠲᠠᠨ ᠤ᠋ ᠠᠯᠳᠠᠷ ᠬᠡᠨ ᠪᠢᠯᠡ ᠳᠠ ᠠ᠋? ᠴᠡᠭᠡᠵᠢᠨ ᠳ᠋ᠦ᠍ ᠮᠢᠨᠢ ᠲᠤᠩ ᠣᠢᠷᠠᠬᠠᠨ ᠪᠠᠢᠭ᠎ᠠ ᠬᠢᠷᠢ ᠨᠢ ᠨᠢᠭᠡ ᠯᠡ ᠰᠢᠭᠤᠳ ᠬᠡᠯᠡᠵᠦ ᠪᠣᠯᠬᠤ ᠦᠭᠡᠢ ᠪᠠᠢᠨ᠎ᠠ ᠭᠡᠵᠦ ᠬᠠᠯᠠᠮᠵᠢᠭᠤᠬᠠᠨ ᠪᠠᠢᠭ᠎ᠠ ᠳᠤᠭᠤᠢ ᠴᠠᠭᠠᠨ ᠴᠢᠷᠠᠢ ᠪᠠᠨ ᠠᠷᠴᠢᠨ ᠬᠡᠯᠡᠪᠡ᠃ ᠲᠡᠭᠡᠭᠡᠳ ᠪᠠᠯᠳᠠᠨᠴᠡᠷᠢᠩ ᠨᠡᠷ᠎ᠡ ᠠᠯᠳᠠᠷ ᠢ᠋ᠶ᠋ᠠᠨ ᠲᠣᠳᠣᠷᠬᠠᠢ ᠬᠡᠯᠡᠵᠦ ᠥᠭᠬᠦ ᠳ᠋ᠦ᠍᠄
— ᠨᠡᠭᠡᠷᠡᠨ ᠲᠡᠢᠮᠦ ᠯᠡ ᠳᠡ ᠠ᠋᠂ ᠨᠠᠰᠤ ᠥᠲᠡᠯᠬᠦ ᠳ᠋ᠦ᠍ ᠴᠢᠨᠢ ᠮᠠᠷᠲᠠᠵᠤ ᠮᠤᠩᠭᠠᠨᠢᠬᠤ ᠬᠣᠶᠠᠷ ᠠ᠋ᠴᠠ ᠥᠭᠡᠷ᠎ᠡ ᠶᠠᠭᠤᠮ᠎ᠠ ᠦᠭᠡᠢ ᠪᠣᠯᠬᠤ ᠪᠠᠰᠠ ᠮᠠᠭᠤᠬᠠᠢ ᠶᠤᠮ ᠳᠠ ᠭᠡᠵᠦ ᠰᠣᠢᠪᠣᠨ ᠬᠠᠭᠤᠷᠮᠠᠭ ᠪᠣᠯᠪᠠᠴᠤ ᠬᠠᠰᠢᠩ ᠬᠠᠭᠠᠨ ᠬᠡᠮᠡᠬᠦ ᠱᠠᠭᠠᠵᠠᠩ ᠡᠪᠦᠭᠡᠨ ᠦ᠌ ᠠᠮᠤᠷᠯᠢᠩᠭᠤᠢ ᠰᠠᠢᠬᠠᠨ ᠳᠦᠷᠢ ᠪᠡᠷ ᠢᠨᠢᠶᠡᠮᠰᠦᠭᠯᠡᠨ ᠳᠠᠬᠢᠨ ᠬᠥᠯᠥᠰᠥ ᠪᠡᠨ ᠠᠷᠴᠢᠪᠠ᠃
— ᠨᠠᠳᠠ ᠳᠡᠭᠡᠷᠡᠬᠢ ᠳ᠋ᠦ᠍ ᠮᠠᠨᠳᠠᠯ ᠡᠷᠭᠦᠨ᠂ ᠪᠠᠷᠠᠯᠬᠠᠵᠤ ᠠᠢᠯᠠᠳᠬᠠᠬᠤ ᠴᠢᠬᠤᠯᠠ ᠬᠡᠷᠡᠭ ᠪᠠᠢᠬᠤ ᠶᠤᠮ᠂ ᠡᠨᠡ ᠲᠤᠬᠠᠢ ᠲᠠᠨ ᠳ᠋ᠤ᠌ ᠰᠣᠨᠣᠰᠬᠠᠨ ᠴᠣᠬᠣᠮ ᠬᠡᠳᠦᠢ ᠳ᠋ᠦ᠍ ᠪᠣᠯᠤᠯᠴᠠᠭ᠎ᠠ ᠪᠠᠢᠭ᠎ᠠ ᠶ᠋ᠢ ᠮᠡᠳᠡᠬᠦ ᠶ᠋ᠢ ᠬᠦᠰᠡᠭᠰᠡᠨ ᠪᠢᠯᠡ ᠭᠡᠬᠦ ᠳ᠋ᠦ᠍᠄
— ᠠ᠋ ᠲᠡᠢᠮᠦ ᠤᠤ ᠭᠡᠵᠦ ᠨᠢᠭᠤᠷ ᠥᠭᠡᠳᠡ ᠰᠢᠷᠳᠡᠨ᠄ ᠵᠠ ᠬᠦ ᠡᠨᠡ ᠴᠦ᠍ ᠠᠮᠤᠷ ᠦᠭᠡᠢ ᠳᠡ᠃ ᠥᠨᠥᠳᠥᠷ ᠦ᠋ᠨ ᠬᠤᠪᠢ ᠳ᠋ᠤ᠌ ᠭᠡᠪᠡᠯ ᠪᠦᠷ ᠴᠦ᠍ ᠨᠥᠬᠥᠴᠡᠯ ᠦᠭᠡᠢ᠃
— ᠵᠠ ᠲᠡᠢᠮᠦ ᠪᠣᠯᠲᠤᠭᠠᠢ᠂ ᠮᠠᠷᠭᠠᠰᠢ ᠪᠠᠷᠠᠯᠬᠠᠵᠤ ᠪᠣᠯᠬᠤ ᠪᠣᠯᠪᠠ ᠤᠤ?
— ᠦᠭᠡᠢ ᠮᠠᠷᠭᠠᠰᠢ ᠴᠢᠨᠢ ᠰᠢᠨ᠎ᠡ ᠶ᠋ᠢᠨ ᠭᠤᠷᠪᠠᠨ᠂ ᠭᠠᠨᠳᠠᠩ ᠬᠦᠷᠢᠶᠡᠨ ᠦ᠌ ᠪᠦᠬᠦ ᠬᠠᠮᠪᠤ᠂ ᠴᠣᠷᠵᠢ ᠨᠠᠷ ᠤ᠋ᠨ ᠪᠠᠷᠠᠯᠬᠠᠬᠤ ᠡᠳᠦᠷ᠃
— ᠲᠡᠭᠡᠪᠡᠯ ᠰᠢᠨ᠎ᠡ ᠶ᠋ᠢᠨ ᠳᠥᠷᠪᠡᠨ ᠳ᠋ᠦ᠍ ᠶᠠᠭᠠᠬᠢᠬᠤ ᠪᠣᠯ?
— ᠵᠠ ᠠ᠋᠂ ᠪᠠᠢᠵᠠ᠂ ᠰᠢᠨ᠎ᠡ ᠶ᠋ᠢᠨ ᠳᠥᠷᠪᠡᠨ ᠳ᠋ᠦ᠍ ᠴᠢᠨᠢ ᠶᠠᠭᠤ ᠪᠠᠢᠳᠠᠭ ᠰᠠᠨ ᠪᠢᠯᠡ? ᠭᠡᠵᠦ ᠰᠣᠢᠪᠣᠨ ᠨᠢᠳᠦ ᠴᠠᠪᠴᠢᠯᠠᠨ ᠳᠡᠭᠡᠭᠰᠢ ᠬᠠᠷᠠᠨ ᠪᠣᠳᠣᠭᠰᠠᠨ ᠢ᠋ᠶ᠋ᠠᠨ᠄
— ᠠ ᠲᠡᠢᠮᠦ᠂ ᠭᠠᠮᠢᠩ ᠤ᠋ᠨ ᠨᠣᠶᠠᠨ ᠳᠠᠷᠤᠭ᠎ᠠ ᠨᠠᠷ ᠪᠠᠷᠠᠯᠬᠠᠬᠤ ᠭᠡᠰᠡᠨ ᠭᠡᠳ ᠰᠢᠨ᠎ᠡ ᠶ᠋ᠢᠨ ᠲᠠᠪᠤᠨ ᠳ᠋ᠤ᠌ ᠣᠨᠴᠠ ᠶ᠋ᠢᠨ ᠶᠠᠭᠤᠮ᠎ᠠ ᠦᠭᠡᠢ ᠭᠡᠰᠡᠨ ᠢ᠋ᠶ᠋ᠡᠨ ᠠᠷᠠᠳ ᠣᠯᠠᠨ ᠳ᠋ᠤ᠌ ᠮᠥᠷᠭᠥᠯ ᠬᠠᠢᠷᠠᠯᠠᠬᠤ ᠭᠡᠵᠦ ᠪᠠᠢᠭ᠎ᠠ ᠶ᠋ᠢ ᠳᠤᠷᠠᠳᠤᠯ᠎ᠠ᠃
— ᠲᠡᠭᠡᠪᠡᠯ ᠰᠢᠨ᠎ᠡ ᠶ᠋ᠢᠨ ᠲᠠᠪᠤᠨ ᠳ᠋ᠤ᠌ ᠪᠠᠷᠠᠯᠬᠠᠭᠤᠯᠤᠨ ᠶᠡᠬᠡ ᠠᠴᠢ ᠲᠤᠰᠠ ᠪᠣᠯᠵᠤ ᠬᠠᠢᠷᠠᠯᠠ ᠭᠡᠬᠦ ᠳ᠋ᠦ᠍᠄
— ᠦᠭᠡᠢ ᠶᠡᠷᠦ ᠶᠠᠭᠠᠬᠢᠬᠤ ᠶᠤᠮ ᠪᠢᠯᠡ ᠳᠠ ᠠ᠋᠂ ᠤᠭ ᠨᠢ ᠵᠥᠪᠬᠡᠨ ᠮᠥᠷᠭᠥᠯ ᠦ᠋ᠨ ᠡᠳᠦᠷ ᠯᠡ ᠪᠠᠢᠪᠠᠯ ᠵᠦᠭᠡᠷ ᠶᠦᠮ ᠰᠠᠨ᠃ ᠠᠶ᠎ᠠ ᠦᠭᠡᠢ ᠪᠣᠯ ᠳᠡᠭᠡᠷᠡᠬᠢ ᠶ᠋ᠢᠨ ᠪᠡᠶ᠎ᠡ ᠲᠥᠪ ᠦᠭᠡᠢ ᠴᠦ᠍ ᠪᠠᠢᠵᠤ ᠮᠡᠳᠡᠨ᠎ᠡ᠃ ᠭᠡᠪᠡᠴᠦ ᠲᠠᠨ ᠤ᠋ ᠬᠡᠷᠡᠭ ᠴᠣᠬᠣᠮ ᠶᠠᠭᠤ ᠪᠣᠢ? ᠤᠯᠤᠰ ᠲᠥᠷᠥ ᠶ᠋ᠢᠨ ᠲᠤᠬᠠᠢ ᠤᠤ? ᠠᠯᠢ ᠠᠮᠢ ᠬᠣᠪᠢᠨ ᠤ᠋ ᠶᠠᠪᠤᠳᠠᠯ ᠤᠤ? ᠶᠠᠭᠤ ᠴᠦ᠍ ᠠᠲᠤᠭᠠᠢ ᠪᠢ ᠳ᠋ᠦᠩ ᠲᠣᠢᠮᠣ ᠶ᠋ᠢ ᠨᠢ ᠳᠣᠭᠣᠯᠤᠶ᠎ᠠ᠃
ᠪᠠᠯᠳᠠᠨᠴᠡᠷᠢᠩ ᠰᠣᠢᠪᠣᠨ ᠯᠠᠮᠠ ᠶ᠋ᠢᠨ ᠤᠳᠠᠭ᠎ᠠ ᠳᠠᠷᠠᠭ᠎ᠠ ᠶ᠋ᠢᠨ ᠰᠢᠢᠳᠪᠦᠷᠢ ᠦᠭᠡᠢ ᠶᠠᠷᠢᠶᠠᠨ ᠳᠡᠭᠡᠷ᠎ᠡ ᠭᠣᠷᠢᠳᠠᠬᠤ᠂ ᠭᠣᠷᠢᠳᠠᠯᠭ᠎ᠠ ᠠᠯᠳᠠᠬᠤ ᠬᠣᠶᠠᠷ ᠢ᠋ ᠡᠭᠡᠯᠵᠢᠯᠡᠭᠦᠯᠦᠭᠰᠡᠭᠡᠷ ᠪᠠᠢᠭᠰᠠᠨ ᠪᠥᠭᠡᠳ ᠡᠴᠦᠰ ᠦ᠋ᠨ ᠬᠢᠨᠢ ᠦᠭᠡᠨ ᠳᠡᠭᠡᠷ᠎ᠡ《ᠡᠨᠡ ᠬᠥᠮᠦᠨ ᠡᠬᠡᠨᠡᠷ ᠠᠪᠬᠤ ᠶ᠋ᠢ ᠬᠦᠰᠡᠭᠰᠡᠨ ᠠᠮᠢᠨ ᠬᠣᠪᠢᠨ ᠬᠡᠷᠡᠭ ᠢ᠋ ᠶᠠᠭᠠᠬᠢᠨ ᠴᠢᠬᠤᠯᠠ ᠳ᠋ᠤ᠌ ᠪᠣᠳᠣᠬᠤ ᠪᠢᠯᠡ》 ᠭᠡᠵᠦ ᠤᠷᠮ᠎ᠠ ᠵᠣᠷᠢᠭ ᠨᠢᠭᠡᠮᠦᠰᠦᠨ ᠮᠣᠬᠣᠪᠠ᠃ ᠲᠡᠭᠡᠭᠡᠳ ᠠᠷᠭ᠎ᠠ ᠪᠤᠶᠤ ᠤᠭ ᠬᠡᠷᠡᠭ ᠢ᠋ ᠰᠣᠨᠣᠰᠤᠶ᠎ᠠ ᠭᠡᠰᠡᠨ ᠪᠣᠯᠬᠣᠷ᠄
— ᠯᠠᠮᠠᠳᠠᠨ ᠮᠢᠨᠢ᠂ ᠠᠮᠢ ᠬᠤᠪᠢ ᠶ᠋ᠢᠨ ᠬᠡᠷᠡᠭ ᠭᠡᠵᠦ ᠴᠠᠭᠠᠰᠢ ᠵᠠᠯᠭᠠᠨ ᠬᠡᠯᠡᠬᠦ ᠦᠭᠡ ᠣᠯᠳᠠᠬᠤ ᠦᠭᠡᠢ ᠲᠦᠭᠳᠡᠷᠡᠭᠰᠡᠨ ᠢ᠋ᠶ᠋ᠡᠨ᠄ ᠠᠶᠤᠮᠰᠢᠭ ᠦᠭᠡᠢ ᠠᠢᠯᠠᠳᠬᠠᠬᠤ ᠳ᠋ᠤ᠌《ᠣᠷᠣᠨ ᠨᠤᠲᠤᠭ ᠮᠢᠨᠢ ᠬᠣᠯᠠ᠂ ᠠᠷᠪᠠᠨ ᠬᠡᠳᠦᠨ ᠵᠢᠯ ᠦ᠋ᠨ ᠡᠮᠦᠨ᠎ᠡ ᠠᠴᠢᠲᠤ ᠪᠣᠭᠳᠠ ᠶ᠋ᠢᠨ ᠢ᠋ᠶ᠋ᠡᠨ ᠭᠡᠭᠡᠨ ᠲᠥᠷᠥ ᠳ᠋ᠦ᠍ ᠵᠢᠳᠬᠦᠬᠦ ᠭᠡᠵᠦ ᠡᠨᠡ ᠬᠦᠷᠢᠶᠡᠨ᠎ᠡ ᠢᠷᠡᠭᠰᠡᠨ ᠶᠦᠮ᠃ ᠶᠡᠬᠡ ᠪᠠᠭ᠎ᠠ ᠠᠯᠪᠠᠨ ᠲᠤᠰᠢᠶᠠᠯ ᠢ᠋ ᠤᠳᠠᠭ᠎ᠠ ᠳᠠᠷᠠᠭᠠᠯᠠᠨ ᠬᠦᠯᠢᠶᠡᠵᠦ᠂ ᠡᠨᠳᠡᠭᠳᠡᠯ ᠦᠭᠡᠢ ᠪᠠᠷ᠎ᠠ ᠪᠣᠯᠤᠭᠰᠠᠨ ᠢ᠋ᠶ᠋ᠠᠷ ᠢ᠋ᠶ᠋ᠠᠨ ᠬᠡᠳᠦᠢᠪᠡᠷ ᠬᠠᠷᠠᠴᠤ ᠠᠷᠠᠳ ᠤ᠋ᠨ ᠬᠥᠪᠡᠭᠦᠨ ᠪᠣᠯᠪᠠᠴᠤ ᠬᠦᠩ ᠵᠡᠷᠭᠡ ᠱᠠᠩᠨᠠᠯ ᠢ᠋ ᠬᠦᠷᠲᠡᠵᠦ ᠶᠠᠪᠤᠯ᠎ᠠ᠃ ᠵᠠ ᠡᠨᠡ ᠶᠠᠭᠠᠬᠢᠬᠤᠪ᠃ ᠣᠳᠣ ᠨᠢᠭᠡᠨᠲᠡ ᠴᠠᠭ ᠲᠥᠷᠥ ᠥᠭᠡᠷᠡᠴᠢᠯᠡᠭᠳᠡᠨ ᠥᠭᠡᠷ᠎ᠡ ᠪᠠᠢᠳᠠᠯ ᠳ᠋ᠤ᠌ ᠰᠢᠯᠵᠢᠭᠰᠡᠨ ᠪᠣᠯᠬᠣᠷ ᠣᠨᠴᠠ ᠳᠤᠷᠠᠳᠬᠤ ᠶ᠋ᠢᠨ ᠬᠡᠷᠡᠭ ᠦᠭᠡᠢ ᠰᠢᠬᠠᠮ ᠪᠢᠵᠡ ᠠ᠋᠃ ᠭᠡᠪᠡᠴᠦ ᠡᠨᠡ ᠪᠡᠶ᠎ᠡ ᠥᠷᠭᠡᠨ ᠬᠥᠨᠳᠡᠢ ᠳ᠋ᠦ᠍ ᠭᠠᠭᠴᠠᠭᠠᠷ ᠤᠷᠭᠤᠭᠰᠠᠨ ᠴᠣᠷ ᠤ᠋ᠨ ᠭᠠᠭᠴᠠ ᠬᠠᠢᠯᠠᠰᠤ ᠰᠢᠭ᠋ ᠶᠠᠪᠤᠭ᠎ᠠ ᠶ᠋ᠢᠨ ᠬᠤᠪᠢ ᠳ᠋ᠤ᠌ ᠠᠴᠢᠲᠤ ᠪᠣᠭᠳᠠ ᠠ᠋ᠴᠠ ᠪᠠᠨ ᠬᠡᠰᠢᠭ ᠬᠦᠷᠲᠡᠬᠦ ᠶ᠋ᠢ ᠯᠡ ᠬᠦᠰᠡᠬᠦ ᠪᠣᠯᠤᠨ᠎ᠠ ᠰᠢᠦ ᠳᠡ᠂ ᠯᠠᠮᠠᠲᠠᠨ ᠮᠢᠨᠢ》 ᠭᠡᠬᠦ ᠳ᠋ᠦ᠍᠄
ᠰᠣᠢᠪᠣᠨ ᠪᠠᠯᠳᠠᠨᠴᠡᠷᠢᠩ ᠦ᠋ᠨ ᠦᠭᠡ ᠪᠦᠷᠢ ᠳᠡᠭᠡᠷ᠎ᠡ᠄ ᠤᠤᠬᠠᠢ? ᠮᠥᠨ᠂ ᠵᠠ ᠭᠡᠵᠦ ᠠᠩᠬᠠᠷᠤᠯ ᠲᠠᠢ ᠨᠢ ᠠᠷᠭ᠎ᠠ ᠦᠭᠡᠢ ᠬᠦᠯᠢᠶᠡᠨ ᠠᠪᠴᠤ ᠪᠠᠢᠭᠰᠠᠨ ᠢ᠋ᠶ᠋ᠠᠨ᠄
— ᠦᠭᠡᠢ ᠴᠢ ᠴᠣᠬᠣᠮ ᠶᠠᠮᠠᠷ ᠬᠡᠰᠢᠭ ᠬᠦᠷᠲᠡᠬᠦ ᠶ᠋ᠢ ᠬᠡᠯᠡᠭᠡᠳ ᠪᠠᠢᠨ᠎ᠠ ᠪᠣᠢ? ᠭᠡᠵᠦ ᠰᠠᠪᠠᠭ᠎ᠠ ᠦᠭᠡᠢᠬᠡᠨ ᠪᠠᠢᠳᠠᠯ ᠢ᠋ᠶ᠋ᠠᠷ ᠢᠨᠢᠶᠡᠮᠰᠦᠭᠯᠡᠪᠡ᠃
— ᠠ ᠳᠠ᠂ ᠯᠠᠮᠠᠳᠠᠨ ᠮᠢᠨᠢ ᠶᠠᠭᠤ ᠴᠦ᠍ ᠭᠡᠬᠦ ᠪᠣᠢ ᠳᠠ? ᠢᠴᠢᠨ ᠡᠮᠢᠶᠡᠬᠦ ᠶ᠋ᠢ ᠬᠣᠢᠰᠢ ᠲᠠᠯᠪᠢᠨ᠂ ᠪᠣᠯᠬᠢ ᠪᠦᠳᠦᠭᠦᠯᠢᠭ ᠢ᠋ᠶ᠋ᠡᠷ ᠬᠡᠯᠡᠬᠦ ᠳ᠋ᠦ᠍ ᠨᠢᠭᠡ ᠪᠡᠶ᠎ᠡ ᠶ᠋ᠢ ᠮᠢᠨᠢ ᠬᠣᠶᠠᠷ᠂ ᠨᠢᠮᠭᠡᠨ ᠪᠡᠶ᠎ᠡ ᠶ᠋ᠢ ᠮᠢᠨᠢ ᠵᠤᠵᠠᠭᠠᠨ ᠪᠣᠯᠭᠠᠵᠤ ᠬᠠᠢᠷᠠᠯᠠᠬᠤ ᠶ᠋ᠢ ᠯᠡ ᠠᠢᠯᠠᠳᠬᠠᠨ ᠮᠥᠷᠭᠥᠬᠦ ᠭᠡᠰᠡᠨ ᠬᠡᠷᠡᠭ ᠶᠦᠮ᠃
— ᠵᠠ᠂ ᠵᠠ ᠮᠡᠳᠡᠯ᠎ᠡ᠂ ᠬᠠᠨᠢ ᠲᠠᠢ ᠪᠣᠯᠭᠠᠵᠤ ᠬᠠᠢᠷᠠᠯᠠᠬᠤ ᠶ᠋ᠢ ᠯᠡ ᠠᠢᠯᠠᠳᠬᠠᠬᠤ ᠭᠡᠰᠡᠨ ᠬᠡᠷᠡᠭ᠃
— ᠲᠡᠢᠮᠦ ᠯᠠᠮᠠᠳᠠᠨ ᠠ᠋᠃ ᠭᠡᠪᠡᠴᠦ ᠬᠡᠨ ᠨᠢᠭᠡ ᠶ᠋ᠢ ᠪᠢᠰᠢ᠂ ᠬᠣᠶᠠᠷ ᠰᠡᠳᠬᠢᠯ ᠬᠠᠷᠢᠯᠴᠠᠨ ᠲᠣᠬᠢᠷᠠᠭᠰᠠᠨ ᠨᠢᠭᠡ ᠡᠮᠡᠭᠲᠡᠢ ᠪᠠᠢᠭ᠎ᠠ ᠶᠤᠮ᠃ ᠲᠡᠭᠦᠨ ᠲᠡᠢ ᠰᠢᠭᠤᠳ ᠰᠠᠭᠤᠬᠤ ᠭᠡᠬᠦ ᠳ᠋ᠦ᠍ ᠶᠠᠭᠤ ᠭᠡᠬᠦ ᠶᠦᠮ ᠪᠣᠢ ᠳᠠ ᠭᠡᠳ ᠬᠥᠷᠥᠩᠭᠡ ᠵᠣᠭᠣᠷᠢ ᠦᠭᠡᠢ ᠪᠡᠨ ᠬᠡᠯᠡᠬᠦ ᠡᠴᠡ ᠵᠣᠪᠠᠨᠢᠨ ᠲᠦᠭᠳᠡᠷᠡᠪᠡ᠃ ᠭᠡᠲᠡᠯ᠎ᠡ ᠰᠣᠢᠪᠣᠨ᠄
— ᠵᠠ᠂ ᠵᠠ ᠮᠡᠳᠡᠯ᠎ᠡ᠂ ᠭᠡᠷ ᠣᠷᠣᠨ ᠤ᠋ ᠬᠢᠨ ᠨᠢ ᠪᠣᠯᠬᠤ ᠦᠭᠡᠢ ᠪᠠᠢᠭ᠎ᠠ ᠶᠤᠮ ᠤᠤ?
— ᠲᠡᠢᠮᠦ ᠭᠡᠵᠦ ᠪᠠᠯᠳᠠᠨᠴᠡᠷᠢᠩ ᠶᠠᠭᠠᠷᠠᠨ ᠬᠠᠷᠢᠭᠤᠯᠪᠠ᠃
ᠰᠣᠢᠪᠣᠨ《 ᠬᠡ ᠬᠡ》 ᠭᠡᠵᠦ ᠢᠨᠢᠶᠡᠨ᠄
— ᠪᠠᠭ᠎ᠠ ᠬᠡᠷᠡᠭ᠃ ᠪᠣᠭᠳᠠ ᠲᠠ ᠬᠣᠶᠠᠷ ᠲᠤ ᠦᠭᠡ ᠦᠭᠡᠢ ᠥᠷᠥᠰᠢᠶᠡᠯ ᠬᠠᠢᠷᠠᠯᠠᠨ᠎ᠠ ᠭᠡᠵᠦ ᠮᠡᠳᠡ! ᠪᠢ ᠴᠦ᠍ ᠡᠢᠮᠦ ᠬᠡᠷᠡᠭ ᠲᠦ᠍ ᠲᠤᠰᠠ ᠨᠡᠮᠡᠭᠦᠷᠢ ᠪᠣᠯᠬᠤ ᠳᠤᠷ᠎ᠠ ᠲᠠᠢ᠃ ᠡᠷ᠎ᠡ ᠡᠮ᠎ᠡ ᠬᠣᠶᠠᠷ ᠢ᠋ ᠨᠡᠢᠯᠡᠭᠦᠯᠬᠦ ᠪᠣᠯ ᠡᠨᠡ ᠨᠠᠰᠤᠨ ᠤ᠋ ᠬᠢᠨᠢ ᠬᠤᠪᠢ ᠵᠠᠶᠠᠭ᠎ᠠ᠂ ᠵᠠᠮ ᠮᠥᠷ ᠬᠣᠶᠠᠷ ᠢ᠋ ᠨᠢ ᠣᠯᠭᠣᠨ ᠲᠡᠳᠬᠦᠬᠦ ᠭᠡᠰᠡᠨ ᠦᠭᠡ᠃ ᠢᠩᠭᠢᠬᠦ ᠶᠠᠭᠤᠨ ᠮᠠᠭᠤᠬᠠᠢ ᠬᠡᠷᠡᠭ ᠪᠠᠢᠬᠤ ᠪᠢᠯᠡ᠃ ᠭᠡᠪᠡᠴᠦ ᠲᠡᠷᠡ ᠪᠦᠷ ᠢ᠋ᠶ᠋ᠡᠷ ᠢ᠋ᠶ᠋ᠡᠨ ᠪᠢᠰᠢ ᠪᠣᠢ᠃ ᠪᠢ ᠲᠤᠩ ᠰᠠᠶᠢᠬᠠᠨ ᠮᠡᠳᠡᠯ᠎ᠡ᠃ ᠵᠡᠭᠦᠨ ᠠᠢᠮᠠᠭ ᠤ᠋ᠨ ᠨᠢᠭᠡᠨ ᠨᠣᠶᠠᠨ ᠬᠦᠦ ᠪᠡᠨ ᠬᠠᠨᠢ ᠲᠠᠢ ᠪᠣᠯᠭᠠᠬᠤ ᠭᠡᠵᠦ ᠨᠢᠭᠡ ᠠᠢᠯ ᠤ᠋ᠨ ᠥᠬᠢᠨ ᠦ᠌ ᠨᠡᠷ᠎ᠡ ᠨᠠᠰᠤ ᠶ᠋ᠢ ᠲᠣᠳᠣᠷᠬᠠᠢᠯᠠᠨ ᠠᠢᠯᠠᠳᠬᠠᠵᠤ᠂ ᠵᠠᠷᠯᠢᠭ ᠪᠠᠭᠤᠯᠭᠠᠭᠤᠯᠵᠤ ᠠᠪᠤᠯ᠎ᠠ᠃ ᠬᠦᠦ ᠶ᠋ᠢ ᠨᠢ ᠦᠵᠡᠪᠡᠯ ᠵᠢᠰᠦ ᠴᠢᠷᠠᠢ ᠤᠬᠠᠭᠠᠨ ᠰᠠᠨᠠᠭ᠎ᠠ ᠠᠯᠢ ᠴᠦ᠍ ᠲᠠᠯ᠎ᠠ ᠪᠠᠷ ᠢ᠋ᠶ᠋ᠠᠨ ᠪᠢᠵᠠᠭᠠᠯᠲᠠᠢ ᠪᠢᠰᠢ᠂ ᠪᠣᠳᠣᠪᠠᠯ ᠴᠢᠨᠠᠳᠤ ᠥᠬᠢᠨ ᠮᠡᠳᠡᠭᠡᠵᠢ ᠶ᠋ᠢᠨ ᠬᠡᠷᠡᠭ ᠰᠦᠷᠡᠬᠡᠢ ᠰᠠᠢᠬᠠᠨ ᠠᠮᠢᠲᠠᠨ ᠪᠠᠢᠵᠤ ᠲᠠᠭᠠᠷᠠᠨ᠎ᠠ᠃ ᠢᠩᠭᠢᠬᠦ ᠪᠡᠷ ᠲᠡᠷᠡ ᠬᠣᠶᠠᠷ ᠢ᠋ ᠨᠡᠢᠯᠡᠭᠦᠯᠬᠦ ᠨᠢ ᠲᠡᠢᠮᠦ ᠴᠦ᠍ ᠰᠠᠢᠬᠠᠨ ᠬᠡᠷᠡᠭ ᠪᠢᠰᠢ ᠪᠣᠯᠤᠨ᠎ᠠ ᠳᠠ᠃
— ᠵᠠ ᠲᠡᠢᠮᠦ᠃ ᠲᠠ ᠲᠤᠩ ᠰᠠᠢᠬᠠᠨ ᠢ᠋ ᠠᠢᠯᠠᠳᠬᠠᠵᠤ ᠪᠠᠢᠨ᠎ᠠ᠃
— ᠵᠠ ᠲᠡᠭᠡᠭᠡᠳ ᠨᠢᠭᠡᠨᠲᠡ ᠳᠡᠭᠡᠷᠡᠬᠢ ᠡᠴᠡ ᠪᠣᠯᠭᠣᠭᠠᠨ ᠵᠠᠷᠯᠢᠭ ᠪᠠᠭᠤᠯᠭᠠᠭᠰᠠᠨ ᠠ᠋ᠴᠠ ᠶᠠᠭᠠᠬᠢᠶ᠎ᠠ ᠭᠡᠬᠦ ᠪᠣᠢ? ᠪᠢ ᠲᠡᠷᠡ ᠵᠠᠷᠯᠢᠭ ᠤ᠋ᠨ ᠪᠢᠴᠢᠭ ᠢ᠋ ᠨᠢ ᠬᠢᠬᠦ ᠭᠡᠵᠦ ᠰᠠᠶᠢ ᠪᠠᠭᠤᠵᠤ ᠢᠷᠡᠭᠡᠳ ᠰᠡᠳᠬᠢᠯ ᠲᠠᠪᠠᠭᠦᠢᠴᠡᠨ ᠭᠠᠷ ᠮᠠᠨᠢ ᠴᠦ᠍ ᠪᠢᠷ ᠶᠠᠩᠲᠠᠢ ᠤᠷᠤᠭᠤ ᠶᠠᠪᠤᠵᠤ ᠥᠭᠬᠦ ᠦᠭᠡᠢ ᠰᠢᠭ ᠰᠠᠭᠤᠵᠤ ᠪᠠᠢᠲᠠᠯ᠎ᠠ ᠲᠠ ᠣᠷᠣᠵᠤ ᠢᠷᠡᠪᠡ ᠰᠢᠦ᠃ ᠢᠩᠭᠢᠬᠦ ᠳ᠋ᠦ᠍ ᠲᠠᠨ ᠤ᠋ ᠰᠡᠳᠬᠢᠯ ᠨᠡᠢᠯᠡᠭᠰᠡᠨ ᠡᠮᠡᠭᠲᠡᠢ ᠲᠡᠢ ᠪᠡᠨ ᠬᠠᠨᠢᠯᠠᠬᠤ ᠶ᠋ᠢ ᠬᠦᠰᠡᠵᠦ ᠪᠠᠢᠭ᠎ᠠ ᠴᠢᠨᠢ ᠮᠠᠰᠢ ᠰᠠᠢᠬᠠᠨ ᠪᠠᠢᠨ᠎ᠠ᠃ ᠪᠣᠭᠳᠠ ᠯᠠᠮᠠᠳᠠᠨ ᠵᠥᠪᠰᠢᠶᠡᠷᠡᠨ᠎ᠡ᠂ ᠪᠢ ᠴᠦ᠍ ᠲᠤᠰᠠ ᠨᠡᠮᠡᠭᠦᠷᠢ ᠪᠣᠯᠬᠤ ᠪᠠᠨ ᠪᠣᠳᠣᠶ᠎ᠠ ᠭᠡᠵᠦ ᠲᠡᠷᠭᠡᠯ ᠰᠠᠷᠠᠨ ᠤ᠋ ᠠᠳᠠᠯᠢ ᠳᠤᠭᠤᠢ ᠪᠣᠯᠤᠭᠠᠳ ᠬᠠᠴᠠᠷ ᠶᠠᠭᠠᠪᠲᠤᠷ ᠲᠤᠩᠭᠠᠯᠠᠭ ᠴᠢᠷᠠᠢ ᠪᠠᠨ ᠮᠡᠯᠡᠯᠵᠡᠭᠦᠯᠦᠨ ᠢᠨᠢᠶᠡᠪᠡ᠃ ᠴᠢᠨᠠᠭᠰᠢᠳᠠ ᠪᠠᠨ ᠪᠠᠰᠠ ᠪᠠᠯᠳᠠᠨᠴᠡᠷᠢᠩ ᠳ᠋ᠦ᠍ ᠰᠠᠭᠠᠳ ᠪᠡᠷᠬᠡᠰᠢᠶᠡᠯ ᠤᠴᠠᠷᠠᠭᠤᠯᠤᠭᠰᠠᠨ ᠵᠦᠢᠯ ᠦᠭᠡᠢ ᠮᠠᠨᠳᠠᠯ ᠡᠷᠭᠦᠬᠦ ᠵᠠᠭᠤᠨ ᠲᠠᠪᠢᠨ ᠶᠠᠩᠴᠢᠶᠠᠨ ᠢ᠋ ᠪᠣᠭᠣᠳᠠᠯ ᠲᠠᠢ ᠴᠢᠭ ᠢ᠋ᠶ᠋ᠡᠷ ᠨᠢ ᠪᠠᠷᠢᠬᠤ ᠳ᠋ᠤ᠌᠂ ᠲᠣᠭᠠᠯᠠᠯ ᠦᠭᠡᠢ ᠬᠦᠯᠢᠶᠡᠨ ᠠᠪᠴᠤ᠂ ᠬᠠᠵᠠᠭᠤ ᠳ᠋ᠠᠭᠠᠨ ᠲᠠᠯᠪᠢᠵᠤ᠂ ᠳᠠᠩᠰᠠ ᠪᠦᠷᠢᠳᠬᠡᠯ ᠳ᠋ᠡᠭᠡᠨ ᠣᠷᠣᠭᠤᠯᠤᠨ ᠰᠢᠨ᠎ᠡ ᠶ᠋ᠢᠨ ᠲᠠᠪᠤᠨ ᠳ᠋ᠤ᠌ ᠬᠠᠮᠤᠭ ᠤ᠋ᠨ ᠲᠡᠷᠢᠭᠦᠨ ᠳ᠋ᠦ᠍ ᠲᠤᠰᠬᠠᠢ ᠳ᠋ᠤᠨᠢ ᠪᠣᠭᠳᠠ ᠳ᠋ᠤ᠌ ᠪᠠᠷᠠᠯᠬᠠᠭᠤᠯᠬᠤ᠂ ᠲᠡᠷᠡ ᠴᠠᠭ ᠲᠤ ᠪᠣᠭᠳᠠ ᠶ᠋ᠢᠨ ᠳᠡᠷᠭᠡᠳᠡ ᠪᠠᠢᠨ ᠲᠤᠰᠠ ᠨᠡᠮᠡᠭᠦᠷᠢ ᠵᠡᠷᠭᠡ ᠪᠡᠨ ᠰᠡᠳᠬᠢᠯ ᠬᠠᠷᠠᠮ ᠦᠭᠡᠢ ᠢᠯᠡᠷᠬᠡᠢᠯᠡᠨ᠎ᠡ ᠭᠡᠵᠦ ᠠᠮᠠᠯᠠᠪᠠ᠃
ᠡᠢᠨ ᠬᠦ᠌ ᠪᠠᠯᠳᠠᠨᠴᠡᠷᠢᠩ ᠦᠨᠡᠬᠡᠷ ᠠᠷᠢᠭᠤᠨ ᠴᠠᠭᠠᠨ ᠥᠭᠭᠢᠶᠡᠮᠦᠷ ᠰᠡᠳᠬᠢᠯ ᠲᠡᠢ ᠬᠥᠮᠦᠨ ᠲᠡᠢ ᠤᠴᠠᠷᠠᠭᠰᠠᠨ ᠳ᠋ᠠᠭᠠᠨ ᠬᠡᠴᠢᠨᠡᠭᠡᠨ ᠶᠡᠬᠡ ᠪᠠᠶᠠᠷᠯᠠᠭᠰᠠᠨ ᠢ᠋ ᠡᠨᠳᠡ ᠲᠣᠳᠣᠷᠠᠭᠤᠯᠬᠤ ᠳ᠋ᠤ᠌ ᠪᠡᠷᠬᠡ᠃
— ᠲᠠᠨ ᠳ᠋ᠤ᠌ ᠡᠩᠬᠡ ᠠᠮᠤᠭᠤᠯᠠᠩ᠂ ᠤᠷᠲᠤ ᠤᠳᠠᠭᠠᠨ ᠨᠠᠰᠤᠯᠠᠬᠤ ᠶ᠋ᠢ ᠢᠷᠥᠭᠡᠶ᠎ᠡ ᠭᠡᠵᠦ ᠰᠠᠯᠬᠤ ᠶᠣᠰᠣ ᠭᠦᠢᠴᠡᠳᠬᠡᠬᠦ ᠳ᠋ᠡᠭᠡᠨ《ᠶᠣᠰᠣᠲᠠᠢ ᠠᠴᠢᠲᠤ ᠬᠥᠮᠦᠨ ᠮᠥᠨ》 ᠭᠡᠵᠦ ᠴᠢᠩ ᠰᠡᠳᠬᠢᠯ ᠡᠴᠡ ᠪᠢᠰᠢᠷᠡᠨ ᠭᠤᠷᠪᠠᠨᠲᠠ ᠮᠡᠬᠦᠢᠯᠡ᠃ ᠲᠦᠷᠦᠭᠦᠴᠢ ᠶ᠋ᠢᠨ ᠨᠡᠪᠲᠡᠷᠡᠨ ᠣᠷᠣᠵᠤ ᠢᠷᠡᠭᠰᠡᠨ ᠭᠣᠶᠣᠮᠰᠣᠭ ᠬᠣᠩᠭᠢᠯ ᠤ᠋ᠨ ᠳᠤᠮᠳᠠᠭᠤᠷ ᠶᠠᠪᠤᠵᠤ ᠪᠠᠢᠬᠤ ᠳ᠋ᠤ᠌ ᠥᠨᠥᠬᠢ ᠬᠠᠲᠤᠳ ᠠᠬᠠᠢᠲᠠᠨ ᠨᠤᠭᠤᠳ ᠤ᠋ᠨ ᠵᠠᠮᠪᠠᠷᠠᠭ᠎ᠠ ᠦᠭᠡᠢ ᠳᠠᠭᠤᠯᠠᠯᠳᠤᠵᠤ ᠪᠠᠢᠭᠰᠠᠨ ᠨᠢ ᠠᠯᠢ ᠬᠡᠳᠦᠢᠨ ᠦ᠌ ᠵᠣᠭᠰᠣᠭᠰᠠᠨ ᠪᠣᠯᠤᠯᠲᠠᠢ᠃ ᠲᠡᠭᠦᠨ ᠦ᠌ ᠣᠷᠣᠨ ᠳ᠋ᠤ᠌ ᠴᠣᠷ ᠤ᠋ᠨ ᠭᠠᠭᠴᠠ ᠡᠮᠡᠭᠲᠡᠢ᠂ ᠮᠣᠷᠢᠨ ᠬᠢᠭᠢᠯᠢ ᠶ᠋ᠢᠨ ᠬᠦᠩᠭᠢᠨᠡᠬᠦ ᠠᠪᠢᠶ᠎ᠠ ᠶ᠋ᠢ ᠳᠠᠭᠠᠭᠤᠯᠤᠨ ᠳᠠᠭᠤᠯᠠᠵᠤ ᠪᠠᠢᠭ᠎ᠠ ᠰᠣᠨᠣᠰᠤᠭᠳᠠᠨ᠎ᠠ᠃ ᠬᠣᠭᠣᠯᠠᠢ ᠨᠢ ᠰᠦᠷᠡᠬᠡᠢ ᠴᠢᠩᠭ᠎ᠠ ᠠᠲᠠᠯ᠎ᠠ ᠪᠠᠨ ᠤᠶᠠᠬᠠᠨ ᠨᠢ ᠬᠠᠴᠢᠨ ᠤᠷᠲᠤ᠂ ᠠᠶ᠎ᠠ ᠠᠭᠤᠯᠠ ᠥᠭᠡᠳᠡ ᠠᠰᠠᠬᠤ ᠮᠡᠲᠦ ᠳᠡᠭᠡᠭᠰᠢ ᠡᠷᠭᠦᠭᠳᠡᠬᠦ ᠨᠢ ᠥᠷᠯᠥᠭᠡᠨ ᠦ᠌ ᠨᠠᠷᠠᠨ ᠮᠠᠨᠳᠤᠨ ᠭᠠᠷᠬᠤ ᠶ᠋ᠢ ᠰᠠᠨᠠᠭᠳᠠᠭᠤᠯᠤᠨ᠎ᠠ᠃ ᠬᠥᠯ ᠦ᠋ᠨ ᠭᠢᠰᠬᠢᠯᠲᠡ ᠶ᠋ᠢ ᠤᠳᠠᠭᠠᠰᠢᠷᠠᠭᠤᠯᠤᠨ ᠴᠢᠬᠢ ᠲᠠᠯᠪᠢᠨ ᠴᠢᠩᠨᠠᠬᠤ ᠳ᠋ᠤ᠌᠄
《 ᠵᠠ ᠤᠶᠠᠬᠠᠨ ᠽᠠᠮᠪᠦ᠋ᠳᠢᠪ ᠦ᠋ᠨ ᠨᠠᠷᠠᠨ ᠨᠢ ᠡᠨᠡᠬᠡᠨ ᠳᠡᠯᠡᠬᠡᠢ ᠳᠠᠶᠠᠩ ᠢ᠋ᠶ᠋ᠠᠷ ᠢ᠋ᠶ᠋ᠠᠨ ᠮᠥᠬᠥᠯ ᠦᠭᠡᠢ ᠮᠠᠨᠳᠤᠭᠰᠠᠭᠠᠷ ᠪᠠᠢᠬᠤ ᠶ᠋ᠢ ᠮᠡᠳᠡᠭᠰᠡᠭᠡᠷ ᠪᠠᠢᠭ᠎ᠠ ᠪᠣᠢ ᠊ᠢ᠎ᠠ ᠳᠠ ᠲᠠ ᠮᠢᠨᠦ ᠵᠧ》 ᠭᠡᠳᠡᠭ ᠦᠭᠡ ᠲᠣᠪ ᠲᠣᠳᠣᠬᠠᠨ ᠰᠣᠨᠣᠰᠤᠭᠳᠠᠵᠤ《ᠨᠡᠭᠡᠷᠡᠨ ᠡᠨᠡ ᠳᠡᠯᠡᠬᠡᠢ ᠭᠡᠳᠡᠭ ᠶᠠᠭᠤᠲᠠᠢ ᠰᠠᠢᠬᠠᠨ ᠪᠣᠢ?》 ᠭᠡᠳᠡᠭ ᠪᠣᠳᠣᠯ ᠪᠣᠳᠣᠭᠳᠠᠭᠤᠯᠤᠨ ᠨᠢᠳᠦᠨ ᠳ᠋ᠦ᠍ᠨᠢ ᠨᠢᠯᠪᠤᠰᠤ ᠬᠤᠷᠠᠯᠳᠤᠭᠤᠯᠪᠠ᠃
ᠦᠰᠦᠭ ᠠᠮᠢᠯᠠᠭᠤᠯᠤᠭᠰᠠᠨ ᠨᠢ᠄ ᠭᠠᠷᠮ᠎ᠠ