ᠬᠥᠯᠥᠰᠥᠨ ᠳᠤᠰᠤᠯ ᠲᠠᠢ ᠠᠮᠢᠳᠤᠷᠠᠯ- ᠭᠦᠩᠭᠠᠷKhölsön dosoltoi amidral– GüngarХөлсөн досолтой амьдрал– Гүнгар
ᠬᠥᠯᠥᠰᠥᠨ ᠳᠤᠰᠤᠯ ᠲᠠᠢ ᠠᠮᠢᠳᠤᠷᠠᠯ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠰᠡᠳᠮᠠᠨᠢ
ᠦᠷ ᠦ᠋ᠨ ᠴᠣᠯᠮᠣᠨ ᠢ᠋ ᠤᠭᠲᠤᠭᠠᠳ
ᠡᠳᠦᠷ ᠦ᠋ᠨ ᠠᠵᠢᠯ ᠳ᠋ᠤ᠌ ᠪᠠᠨ ᠮᠤᠩᠭᠠᠨᠢᠴᠢᠬᠠᠭᠰᠠᠨ
ᠡᠪᠦᠭᠡᠨ ᠪᠤᠭᠤᠷᠤᠯ ᠤ᠋ᠳ ᠢ᠋ᠶ᠋ᠠᠨ ᠬᠦᠨᠳᠦᠯᠡᠭᠡᠳ
ᠬᠣᠢᠮᠣᠷ ᠳᠦᠭᠦᠷᠭᠡᠨ ᠰᠠᠭᠠᠲᠠᠭᠤᠯᠴᠢᠬᠠᠭᠰᠠᠨ
ᠥᠤᠬᠡ ᠲᠡᠦᠬᠡ ᠪᠡᠨ ᠡᠷᠭᠢᠴᠡᠭᠦᠯᠦᠭᠡᠳ
ᠬᠥᠭᠵᠢᠯᠲᠡ ᠬᠤᠪᠢᠷᠠᠯᠲᠠ ᠪᠠᠨ ᠥᠭᠦᠯᠡᠴᠢᠬᠡᠭᠰᠡᠨ
ᠡᠷᠢᠨ ᠴᠠᠭ ᠤ᠋ᠨ ᠠᠮᠢᠳᠤᠷᠠᠯ ᠢ᠋ᠶ᠋ᠠᠨ
ᠰᠢᠯᠦᠭ ᠨᠠᠢᠷᠠᠭ ᠢ᠋ᠶ᠋ᠠᠷ ᠢ᠋ᠶ᠋ᠠᠨ ᠮᠠᠭᠲᠠᠴᠢᠬᠠᠭᠰᠠᠨ
ᠰᠠᠨᠰᠠᠷ ᠲᠡᠭᠷᠢ ᠳ᠋ᠦ᠍ ᠪᠡᠨ ᠰᠢᠲᠦᠭᠡᠨ ᠲᠡᠢ ᠬᠥᠮᠦᠨ
ᠰᠠᠴᠤᠯᠢ ᠶ᠋ᠢᠨ ᠢᠷᠦᠭᠡᠯ ᠲᠡᠢ ᠴᠠᠢᠯᠭᠠᠨ ᠬᠥᠮᠦᠨ ᠠ᠋!
ᠨᠤᠲᠤᠭ ᠤᠰᠤ ᠪᠠᠨ ᠨᠣᠭᠣᠭᠠᠷᠠᠭᠤᠯᠤᠭᠠᠳ
ᠠᠮᠢ ᠠᠬᠤᠢ ᠪᠠᠨ ᠰᠠᠢᠵᠢᠷᠠᠭᠤᠯᠴᠢᠬᠠᠭᠰᠠᠨ
ᠨᠣᠮ ᠰᠤᠳᠤᠷ ᠢ᠋ᠶ᠋ᠠᠨ ᠤᠩᠰᠢᠭᠠᠳ
ᠰᠤᠤ ᠪᠢᠯᠢᠭ ᠢ᠋ᠶ᠋ᠡᠨ ᠴᠡᠨᠡᠭᠯᠡᠴᠢᠬᠡᠭᠰᠡᠨ
ᠰᠢᠯᠢ ᠶ᠋ᠢᠨ ᠠᠭᠤᠳᠠᠮ ᠬᠠᠩᠭᠠᠢ ᠳ᠋ᠤ᠌ ᠪᠠᠨ
ᠲᠠᠪᠤᠨ ᠡᠷᠳᠡᠨᠢ ᠪᠡᠨ ᠪᠡᠯᠴᠢᠭᠡᠴᠢᠬᠡᠭᠰᠡᠨ
ᠰᠢᠨ᠎ᠡ ᠵᠠᠭᠤᠨ ᠤ᠋ ᠠᠶᠠᠨ ᠳ᠋ᠤ᠌ ᠪᠠᠨ
ᠬᠡᠨ ᠡᠴᠡ ᠴᠦ᠍ ᠳᠦᠷᠦᠭᠦᠯᠦᠨ ᠭᠠᠪᠰᠢᠭᠠᠢᠯᠠᠴᠢᠬᠠᠭᠰᠠᠨ
ᠣᠩᠭᠣᠨ ᠪᠠᠢᠭᠠᠯᠢ ᠳ᠋ᠠᠬᠢ ᠡᠵᠡᠨ ᠬᠥᠮᠦᠨ
ᠣᠷᠴᠢᠯᠠᠩ ᠬᠣᠷᠸ᠎ᠠ ᠳ᠋ᠠᠬᠢ ᠠᠯᠳᠠᠷᠲᠤ ᠬᠥᠮᠦᠨ ᠠ᠋!
ᠲᠥᠯᠥᠪᠯᠡᠭᠰᠡᠨ ᠪᠦᠬᠦᠨ ᠳ᠋ᠦ᠍ ᠪᠡᠨ ᠰᠠᠨᠠᠭᠠᠰᠢᠷᠠᠭᠠᠳ
ᠭᠠᠴᠠᠭ᠎ᠠ ᠲᠣᠰᠬᠣᠨ ᠳ᠋ᠤ᠌ ᠪᠠᠨ ᠣᠷᠣᠢᠯᠠᠴᠢᠬᠠᠭᠰᠠᠨ
ᠲᠦᠮᠡᠨ ᠠᠷᠠᠳ ᠲᠤ᠌ ᠪᠠᠨ ᠦᠢᠯᠡᠴᠢᠯᠡᠭᠡᠳ
ᠮᠡᠷᠭᠡᠵᠢᠯᠲᠡᠨ ᠴᠢᠳᠠᠪᠤᠷᠢᠲᠠᠨ ᠢ᠋ᠶ᠋ᠠᠷ ᠦᠨᠡᠯᠡᠭᠳᠡᠴᠢᠬᠡᠭᠰᠡᠨ
ᠲᠥᠪ ᠭᠣᠣᠯᠴᠢ ᠶ᠋ᠢ ᠪᠠᠷᠢᠮᠲᠠᠯᠠᠭᠠᠳ
ᠢᠲᠡᠭᠡᠯ ᠪᠢᠰᠢᠷᠡᠯ ᠢ᠋ ᠣᠯᠴᠢᠬᠠᠭᠰᠠᠨ
ᠲᠦᠳᠡᠭᠡᠯᠵᠡᠯ ᠦᠭᠡᠢ ᠨᠠᠮ ᠢ᠋ᠶ᠋ᠠᠨ ᠳᠠᠭᠠᠭᠠᠳ
ᠠᠤᠭ᠎ᠠ ᠦᠢᠯᠡᠰ ᠲᠦ᠍ ᠪᠡᠨ ᠰᠢᠭᠤᠷᠬᠠᠢᠯᠠᠴᠢᠬᠠᠭᠰᠠᠨ
ᠵᠠᠭᠤᠨ ᠵᠠᠭᠤᠨ ᠤ᠋ ᠰᠢᠳᠢᠲᠦ ᠬᠥᠮᠦᠨ
ᠵᠠᠶᠠᠭ᠎ᠠ ᠪᠤᠶᠠᠨ ᠤ᠋ ᠵᠢᠳᠬᠦᠯᠲᠡᠨ ᠬᠥᠮᠦᠨ ᠠ᠋!
ᠠᠢᠷᠠᠭ ᠴᠡᠬᠡ ᠪᠡᠨ ᠪᠣᠷᠣᠯᠠᠭᠤᠯᠤᠭᠠᠳ
ᠠᠰᠢᠭ ᠣᠷᠣᠯᠭ᠎ᠠ ᠪᠠᠨ ᠨᠡᠮᠡᠭᠳᠡᠭᠦᠯᠴᠢᠬᠡᠭᠰᠡᠨ
ᠠᠯᠳᠠᠵᠤ ᠤᠨᠤᠬᠤ ᠪᠠᠨ ᠨᠠᠷᠢᠪᠴᠢᠯᠠᠭᠠᠳ
ᠠᠵᠢᠯ ᠤ᠋ᠨ ᠬᠠᠷᠠᠯᠲᠠ ᠪᠠᠨ ᠲᠣᠭᠲᠠᠭᠠᠴᠢᠬᠠᠭᠰᠠᠨ
ᠠᠶᠠᠯᠠᠯ ᠵᠤᠭᠠᠴᠠᠯ ᠢ᠋ ᠡᠷᠬᠢᠯᠡᠭᠡᠳ
ᠨᠤᠲᠤᠭ ᠣᠷᠣᠨ ᠢ᠋ᠶ᠋ᠠᠨ ᠠᠯᠳᠠᠷᠰᠢᠭᠤᠯᠴᠢᠬᠠᠭᠰᠠᠨ
ᠠᠵᠢᠯᠴᠢ ᠠᠷᠪᠢᠴᠢ ᠶ᠋ᠢ ᠡᠷᠬᠢᠮᠯᠡᠭᠡᠳ
ᠪᠣᠯᠪᠠᠰᠤᠨ ᠰᠣᠶᠣᠯ ᠢ᠋ᠶ᠋ᠠᠨ ᠥᠪᠯᠡᠴᠢᠬᠡᠭᠰᠡᠨ
ᠨᠤᠲᠤᠭ ᠨᠤᠲᠤᠭ ᠤ᠋ᠨ ᠴᠤᠤᠲᠤ ᠬᠥᠮᠦᠨ
ᠨᠣᠮᠢᠨ ᠭᠠᠢᠬᠠᠮᠰᠢᠭ ᠢ᠋ ᠡᠭᠦᠳᠦᠭᠰᠡᠨ ᠬᠥᠮᠦᠨ ᠠ᠋!
ᠬᠥᠳᠡᠯᠮᠦᠷᠢ ᠬᠥᠮᠦᠨ ᠢ᠋ ᠭᠤᠲᠤᠭᠠᠳᠠᠭ ᠦᠭᠡᠢ ᠭᠡᠳ
ᠢᠲᠡᠭᠡᠯ ᠲᠡᠭᠦᠯᠳᠡᠷ ᠠᠵᠢᠯᠯᠠᠴᠢᠬᠠᠭᠰᠠᠨ
ᠬᠦᠰᠡᠯ ᠦ᠋ᠨ ᠭᠣᠶᠣ ᠨᠢ ᠪᠡᠶᠡᠯᠡᠬᠦ ᠳ᠋ᠦ᠍ ᠭᠡᠳ
ᠡᠷᠴᠢ ᠰᠤᠯᠠᠷᠠᠭᠤᠯᠤᠰᠢ ᠦᠭᠡᠢ ᠴᠢᠷᠮᠠᠢᠴᠢᠬᠠᠭᠰᠠᠨ
ᠬᠥᠮᠦᠨ ᠢ᠋ ᠲᠤᠰᠠᠯᠠᠬᠤ ᠨᠢ ᠪᠤᠶᠠᠨ ᠭᠡᠳ
ᠥᠭᠭᠢᠶᠡᠮᠦᠷᠴᠢ ᠰᠡᠳᠬᠢᠯ ᠢ᠋ ᠡᠪᠦᠷᠯᠡᠴᠢᠬᠡᠭᠰᠡᠨ
ᠬᠦᠷᠬᠦ ᠶ᠋ᠢᠨ ᠬᠣᠯᠠ ᠳ᠋ᠤ᠌ ᠵᠢᠷᠭᠠᠯ ᠪᠣᠢ ᠭᠡᠳ
ᠰᠥᠰᠥ ᠵᠣᠷᠢᠭ ᠢ᠋ᠶ᠋ᠠᠨ ᠬᠥᠪᠴᠢᠯᠡᠴᠢᠬᠡᠭᠰᠡᠨ
ᠰᠡᠳᠬᠢᠯ ᠢ᠋ ᠰᠡᠳᠬᠢᠯ ᠢ᠋ᠶ᠋ᠡᠷ ᠰᠦᠯᠡᠭᠰᠡᠨ ᠬᠥᠮᠦᠨ
ᠰᠢᠪᠡᠷᠡᠬᠦ ᠬᠥᠯᠥᠰᠥ ᠪᠡᠷ ᠢ᠋ᠶ᠋ᠡᠨ ᠵᠢᠷᠭᠠᠭᠰᠠᠨ ᠬᠥᠮᠦᠨ ᠠ᠋!
ᠠᠢᠯ ᠭᠡᠷ ᠠᠮᠠᠷᠠᠭ ᠬᠣᠩᠭᠣᠷ ᠲᠠᠢ ᠪᠠᠨ
ᠬᠣᠣᠰ ᠰᠠᠪᠬ᠎ᠠ ᠰᠢᠤᠬᠠᠨ ᠬᠠᠪᠰᠤᠷᠤᠯᠴᠠᠴᠢᠬᠠᠭᠰᠠᠨ
ᠠᠨᠳᠠ ᠨᠠᠢᠵᠠ ᠬᠥᠷᠰᠢ ᠰᠠᠭᠠᠬᠠᠯᠲᠠ ᠲᠠᠢ ᠪᠠᠨ
ᠠᠨᠠᠷ ᠤ᠋ᠨ ᠦᠷ᠎ᠡ ᠰᠢᠤᠬᠠᠨ ᠨᠢᠭᠲᠠᠷᠠᠴᠢᠬᠠᠭᠰᠠᠨ
ᠠᠷᠠᠳ ᠢᠷᠭᠡᠳ ᠨᠠᠮ ᠲᠥᠷᠥ ᠳ᠋ᠦ᠍ ᠪᠡᠨ
ᠠᠷᠠᠯ ᠤ᠋ᠨ ᠱᠠᠷ ᠰᠢᠤᠬᠠᠨ ᠵᠢᠳᠬᠦᠴᠢᠬᠡᠭᠰᠡᠨ
ᠠᠵᠤ ᠠᠮᠢᠳᠤᠷᠠᠯ ᠠᠯᠤᠰ ᠤ᠋ᠨ ᠵᠠᠮ ᠳ᠋ᠤ᠌ ᠪᠠᠨ
ᠠᠷᠭᠤᠮᠠᠭ ᠬᠦᠯᠦᠭ ᠰᠢᠤᠬᠠᠨ ᠳᠣᠪᠲᠣᠯᠭᠠᠴᠢᠬᠠᠭᠰᠠᠨ
ᠬᠦᠯᠦᠭ ᠦ᠋ᠨ ᠨᠢᠷᠤᠭᠤᠨ ᠳ᠋ᠠᠬᠢ ᠤᠪᠠᠳᠢᠰᠲᠤ ᠬᠥᠮᠦᠨ
ᠬᠥᠷᠥᠰᠥᠲᠦ ᠳᠡᠯᠡᠬᠡᠢ ᠳ᠋ᠡᠬᠢ ᠭᠠᠪᠢᠶᠠᠲᠠᠨ ᠬᠥᠮᠦᠨ ᠠ᠋!
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ