ᠮᠣᠩᠭᠣᠯ ᠦᠬᠡᠷ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol ükherМонгол үхэр-Таван хушуу малын товч танилчуулга
ᠭᠤᠷᠪᠠ᠂ ᠮᠣᠩᠭᠣᠯ ᠦᠬᠡᠷ
ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ Таван хушуу малын товч танилчуулга
ᠳᠣᠯᠣᠳ• ᠨᠠᠮᠵᠢᠯ
ᠮᠣᠩᠭᠣᠯ ᠦᠬᠡᠷ᠂ ᠦᠬᠡᠷ ᠦ᠋ᠨ ᠡᠭᠦᠯᠳᠡᠷ ᠦ᠋ᠨ ᠠᠩᠭᠢᠯᠠᠯ ᠳ᠋ᠤ᠌᠂ ᠮᠢᠬ᠎ᠠ᠂ ᠰᠦ᠂ᠬᠥᠯᠥᠰᠢ ᠵᠡᠷᠭᠡ ᠣᠯᠠᠨ ᠵᠦᠢᠯ ᠦ᠋ᠨ ᠶᠡᠷᠦᠩᠬᠡᠢᠯᠡᠭᠰᠡᠨ ᠡᠳ᠋ᠯᠡᠯ ᠬᠡᠷᠡᠭᠯᠡᠭᠡᠲᠦ᠂ ᠡᠷᠲᠡᠨ ᠦ᠌ ᠡᠭᠦᠯᠳᠡᠷ ᠦ᠋ᠨ ᠬᠡᠪᠴᠢᠶᠡᠨ ᠳ᠋ᠦ᠍ ᠬᠠᠷᠢᠶᠠᠯᠠᠭᠳᠠᠨ᠎ᠠ᠃
ᠮᠣᠩᠭᠣᠯ ᠦᠬᠡᠷ ᠪᠣᠯ᠂ ᠮᠣᠩᠭᠣᠯ ᠤ᠋ᠨ ᠥᠨᠳᠥᠷᠯᠢᠭ ᠦ᠋ᠨ ᠣᠷᠴᠢᠨ ᠳ᠋ᠠᠬᠢ ᠥᠷᠭᠡᠨ ᠠᠭᠤᠳᠠᠮ ᠭᠠᠵᠠᠷ ᠨᠤᠲᠤᠭ ᠤ᠋ᠨ ᠠᠳᠠᠯᠢ ᠦᠭᠡᠢ ᠪᠠᠢᠭᠠᠯᠢ ᠶ᠋ᠢᠨ ᠨᠥᠬᠥᠴᠡᠯ ᠪᠠᠢᠳᠠᠯ ᠪᠣᠯᠤᠨ ᠡᠷᠡᠰ ᠳᠡᠰ ᠬᠤᠪᠢᠷᠠᠯᠲᠠ ᠶᠡᠬᠡ ᠠᠭᠤᠷ ᠠᠮᠢᠰᠬᠤᠯ ᠲᠠᠢ ᠣᠷᠴᠢᠨ ᠠᠬᠤᠢ ᠳ᠋ᠤ᠌᠂ ᠮᠣᠩᠭᠣᠯᠴᠤᠳ ᠤᠷᠲᠤ ᠤᠳᠠᠭᠠᠨ ᠲᠡᠦᠬᠡᠨ ᠬᠤᠭᠤᠴᠠᠭᠠᠨ ᠳ᠋ᠤ᠌᠂ ᠵᠢᠯ ᠲᠤᠷᠰᠢᠳᠠ ᠪᠡᠯᠴᠢᠭᠡᠷ ᠦ᠋ᠨ ᠮᠠᠯᠯᠠᠭ᠎ᠠ ᠪᠠᠷ ᠰᠢᠯᠢᠨ ᠪᠣᠢᠵᠢᠭᠤᠯᠤᠭᠰᠠᠨ ᠮᠢᠬ᠎ᠠ᠂ ᠰᠦ᠂ ᠬᠦᠯᠥᠰᠢ ᠵᠡᠷᠭᠡ ᠣᠯᠠᠨ ᠵᠦᠢᠯ ᠦ᠋ᠨ ᠡᠳ᠋ᠯᠡᠯ ᠬᠡᠷᠡᠭᠯᠡᠭᠡ ᠶ᠋ᠢ ᠶᠡᠷᠦᠩᠬᠡᠢᠯᠡᠨ ᠤᠶᠠᠯᠳᠤᠭᠤᠯᠤᠭᠰᠠᠨ᠂ ᠡᠷᠲᠡᠨ ᠦ᠌ ᠡᠭᠦᠯᠳᠡᠷ ᠦ᠋ᠨ ᠦᠬᠡᠷ ᠶᠦᠮ᠃
ᠮᠣᠩᠭᠣᠯ ᠦᠬᠡᠷ ᠦ᠋ᠨ ᠲᠠᠷᠬᠠᠴᠠ ᠨᠢ ᠶᠡᠬᠡ ᠥᠷᠭᠡᠨ ᠪᠥᠭᠡᠳ ᠲᠣᠭ᠎ᠠ ᠲᠣᠯᠣᠭᠠᠢ ᠨᠢ ᠮᠠᠰᠢ ᠠᠷᠪᠢᠨ ᠪᠠᠢᠳᠠᠭ᠃ ᠮᠠᠨ ᠤ᠋ ᠤᠯᠤᠰ ᠲᠤ᠌ ᠮᠠᠯᠵᠢᠵᠤ ᠪᠠᠢᠬᠤ᠂ 300 ᠭᠠᠷᠤᠢ ᠲᠦᠮᠡᠨ ᠮᠣᠩᠭᠣᠯ ᠦᠬᠡᠷ ᠦ᠋ᠨ ᠬᠠᠭᠠᠰ ᠢᠯᠡᠭᠦᠦ ᠨᠢ ᠥᠪᠥᠷ ᠮᠣᠩᠭᠣᠯ ᠳ᠋ᠤ᠌ ᠮᠠᠯᠵᠢᠭᠳᠠᠵᠣ ᠪᠠᠢᠬᠤ ᠠ᠋ᠴᠠ ᠭᠠᠳᠠᠨ᠎ᠠ᠂ ᠰᠢᠨᠵᠢᠶᠠᠩ᠂ ᠬᠥᠬᠡᠨᠠᠭᠤᠷ᠂ ᠭᠠᠨᠰᠦ᠂ ᠨᠢᠩᠰᠢᠶᠠ᠂ ᠱᠠᠨᠰᠢ᠂ ᠱᠠᠨ ᠰᠢ᠂ ᠾᠧᠪᠧᠢ᠂ ᠱᠠᠨᠳᠦ᠋ᠩ᠂ ᠯᠢᠶᠣᠤᠨᠢᠩ᠂ ᠬᠢᠷᠢᠨ᠂ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠠᠳᠠᠯᠢ ᠪᠤᠰᠤ ᠲᠣᠭ᠎ᠠ ᠪᠠᠷ ᠮᠠᠯᠵᠢᠵᠤ ᠪᠠᠢᠨ᠎ᠠ᠃ ᠤᠯᠤᠰ ᠤ᠋ᠨ ᠭᠠᠳᠠᠭᠠᠳᠤ ᠳ᠋ᠤ᠌᠂ ᠮᠣᠩᠭᠣᠯ ᠤᠯᠤᠰ ᠲᠤ᠌ ᠣᠯᠠᠨ ᠲᠣᠭ᠎ᠠ ᠪᠠᠷ ᠮᠠᠯᠵᠢᠵᠤ ᠪᠠᠢᠨ᠎ᠠ᠂ ᠡᠭᠦᠨ ᠡᠴᠡ ᠭᠠᠳᠠᠨ᠎ᠠ᠂ ᠪᠤᠷᠢᠶᠠᠳ᠂ ᠬᠠᠯᠢᠮᠠᠭ᠂ ᠠᠯᠲᠠᠢ᠂ ᠳᠤᠸᠠ᠂ ᠬᠠᠰᠠᠭ᠂ ᠬᠢᠷᠭᠢᠰ ᠵᠡᠷᠭᠡ ᠭᠠᠵᠠᠷ ᠣᠷᠣᠨ ᠨᠤᠭᠤᠳ ᠲᠤ᠌ ᠪᠠᠰᠠ ᠠᠳᠠᠯᠢ ᠪᠤᠰᠤ ᠲᠣᠭ᠎ᠠ ᠪᠠᠷ ᠮᠠᠯᠵᠢᠵᠤ ᠪᠣᠢ᠃ ᠮᠣᠩᠭᠣᠯ ᠦᠬᠡᠷ ᠦ᠋ᠨ ᠲᠠᠷᠬᠠᠴᠠ ᠶᠡᠬᠡ ᠥᠷᠭᠡᠨ ᠪᠣᠯᠬᠣᠷ᠂ ᠡᠯ᠎ᠡ ᠭᠠᠵᠠᠷ ᠣᠷᠣᠨ ᠳ᠋ᠤ᠌ ᠮᠠᠰᠢ ᠠᠷᠪᠢᠨ ᠥᠪᠡᠷᠮᠢᠴᠡ ᠰᠢᠨᠵᠢ ᠣᠨᠴᠠᠯᠢᠭ ᠪᠦᠬᠦᠢ ᠭᠠᠵᠠᠷ ᠣᠷᠣᠨ ᠤ᠋ ᠰᠢᠯᠢᠳᠡᠭ ᠡᠭᠦᠯᠳᠡᠷ ᠨᠦ᠍ᠭᠦᠳ ᠪᠣᠢ ᠪᠣᠯᠤᠭᠰᠠᠨ ᠪᠠᠢᠳᠠᠭ᠂ ᠤᠯᠤᠰ ᠤ᠋ᠨ ᠳᠣᠲᠣᠭᠠᠳᠤᠬᠢ ᠡᠭᠦᠯᠳᠡᠷ ᠢ᠋ᠶ᠋ᠡᠷ ᠵᠢᠱ᠌ᠢᠶᠡᠯᠡᠬᠦ ᠳ᠋ᠦ᠍᠂ ᠦᠵᠦᠮᠦᠴᠢᠨ ᠦᠬᠡᠷ᠂ ᠵᠢᠭᠠᠰᠤᠲᠠᠢ ᠦᠬᠡᠷ᠂ ᠪᠠᠷᠭᠤ ᠦᠬᠡᠷ᠂ ᠭᠠᠨᠰᠦ ᠮᠣᠵᠢ ᠶ᠋ᠢᠨ ᠠᠨ ᠰᠢ ᠦᠬᠡᠷ ᠭᠡᠬᠦ ᠮᠡᠲᠦ᠃ ᠮᠠᠨ ᠤ᠋ ᠤᠯᠤᠰ ᠤ᠋ᠨ ᠡᠯ᠎ᠡ ᠭᠠᠵᠠᠷ ᠤ᠋ᠳ ᠲᠤ᠌᠂ ᠭᠤᠷᠪᠠᠨ ᠭᠣᠣᠯ ᠤ᠋ᠨ ᠦᠬᠡᠷ᠂ ᠲᠠᠯ᠎ᠠ ᠨᠤᠲᠤᠭ ᠤ᠋ᠨ ᠤᠯᠠᠭᠠᠨ ᠦᠬᠡᠷ᠂ ᠬᠣᠷᠴᠢᠨ ᠦᠬᠡᠷ ᠵᠡᠷᠭᠡ ᠣᠯᠠᠨ ᠠᠷᠪᠢᠨ ᠰᠢᠨ᠎ᠡ ᠡᠭᠦᠯᠳᠡᠷ ᠢ᠋ ᠪᠣᠢᠵᠢᠭᠤᠯᠬᠤ ᠳ᠋ᠤ᠌᠂ ᠮᠣᠩᠭᠣᠯ ᠦᠬᠡᠷ ᠢ᠋ ᠡᠬᠡ ᠤᠳᠤᠮ ᠢ᠋ᠶ᠋ᠠᠷ ᠬᠡᠷᠡᠭᠯᠡᠭᠰᠡᠨ ᠶᠦᠮ᠃
ᠪᠡᠶ᠎ᠡ ᠪᠢᠯᠳᠠᠷ᠂ ᠰᠢᠨᠵᠢ ᠪᠠᠢᠳᠠᠯ᠄ ᠪᠡᠶ᠎ᠡ ᠴᠣᠭᠴᠠ ᠴᠢᠭᠢᠷᠠᠭ᠂ ᠪᠡᠶ᠎ᠡ ᠶ᠋ᠢᠨ ᠶᠡᠬᠡ ᠪᠠᠭ᠎ᠠ ᠨᠢ ᠮᠠᠯᠵᠢᠭᠳᠠᠵᠣ ᠪᠠᠢᠭ᠎ᠠ ᠭᠠᠵᠠᠷ ᠣᠷᠣᠨ ᠤ᠋ ᠣᠷᠴᠢᠨ ᠠᠬᠤᠢ ᠶ᠋ᠢᠨ ᠨᠥᠬᠥᠴᠡᠯ ᠪᠠᠢᠳᠠᠯ ᠤ᠋ᠨ ᠠᠳᠠᠯᠢ ᠦᠭᠡᠢ ᠡᠴᠡ ᠰᠢᠯᠲᠠᠭᠠᠯᠠᠨ ᠬᠣᠭᠣᠷᠣᠨᠳᠣ ᠪᠠᠨ ᠶᠡᠬᠡ ᠵᠥᠷᠢᠶ᠎ᠡ ᠲᠡᠢ ᠪᠣᠯᠤᠭᠰᠠᠨ ᠪᠠᠢᠳᠠᠭ᠃ ᠮᠣᠩᠭᠣᠯ ᠦᠬᠡᠷ ᠦ᠋ᠨ ᠶᠡᠬᠡᠩᠬᠢ ᠨᠢ᠂ ᠪᠡᠶ᠎ᠡ ᠪᠡᠷ ᠳᠤᠮᠳᠠ ᠵᠡᠷᠭᠡ᠂ ᠲᠣᠯᠣᠭᠠᠢ ᠶ᠋ᠢᠨ ᠶᠡᠬᠡ ᠪᠠᠭ᠎ᠠ ᠨᠢ ᠲᠡᠩᠴᠡᠭᠦᠨ᠂ ᠨᠢᠳᠦ ᠨᠢ ᠲᠣᠮᠣ ᠪᠥᠭᠡᠳ ᠴᠣᠭᠲᠠᠢ᠂ ᠡᠪᠡᠷ ᠦ᠋ᠨ ᠬᠣᠭᠣᠷᠣᠨᠳᠣᠬᠢ ᠵᠠᠢ ᠨᠢ ᠵᠢᠭᠠᠬᠠᠨ ᠪᠠᠭ᠎ᠠ ᠰᠢᠭ᠋᠂ ᠣᠯᠠᠩᠬᠢ ᠨᠢ ᠬᠣᠶᠠᠷ ᠡᠪᠡᠷ ᠨᠢ ᠡᠮᠦᠨᠡᠰᠢ ᠪᠡᠨ ᠰᠢᠭ ᠪᠤᠶᠤ ᠳᠣᠲᠣᠭᠰᠢ ᠪᠠᠨ ᠬᠣᠮᠣᠢᠭᠰᠠᠨ ᠬᠣᠮᠪᠣᠩ ᠡᠪᠡᠷ ᠲᠡᠢ ᠪᠠᠢᠳᠠᠭ᠂ ᠬᠦᠵᠦᠭᠦᠨ ᠦ᠌ ᠤᠷᠲᠤ ᠣᠬᠣᠷ ᠨᠢ ᠲᠡᠩᠴᠡᠭᠦᠨ ᠪᠥᠭᠡᠳ ᠬᠦᠵᠦᠭᠦᠨ ᠳ᠋ᠡᠭᠡᠨ ᠲᠣᠬᠢᠷᠠᠭᠰᠠᠨ ᠲᠡᠩᠴᠡᠭᠦᠬᠡᠨ ᠣᠮᠣᠷᠤᠤ ᠲᠠᠢ᠂ ᠰᠡᠭᠡᠷ ᠦ᠋ᠨ ᠬᠡᠰᠡᠭ ᠨᠢ ᠪᠠᠭ᠎ᠠ ᠵᠡᠷᠭᠡ ᠨᠠᠮᠬᠠᠨ ᠰᠢᠭ᠋᠂ ᠴᠡᠭᠡᠵᠢ ᠨᠢ ᠥᠷᠭᠡᠨ ᠭᠦᠨ ᠲᠡᠨᠢᠭᠦᠨ᠂ ᠬᠠᠪᠢᠷᠭᠠᠨ ᠮᠠᠲᠠᠭᠠᠰᠤ ᠨᠢ ᠶᠡᠬᠡ᠂ ᠨᠢᠷᠤᠭᠤ ᠨᠢ ᠲᠡᠭᠰᠢ᠂ ᠲᠠᠰᠢᠶ᠎ᠠ ᠨᠢ ᠣᠬᠣᠷᠣᠪᠲᠣᠷ (ᠵᠢᠭᠠᠬᠠᠨ ᠣᠬᠣᠷᠬᠠᠨ) ᠰᠢᠭ᠋ ᠪᠥᠭᠡᠳ ᠪᠠᠭ᠎ᠠ ᠵᠡᠷᠭᠡ ᠲᠠᠰᠢᠭᠤ᠂ ᠳᠠᠯᠠᠩ ᠤ᠋ᠨ ᠰᠠᠭᠤᠷᠢ ᠨᠢ ᠨᠡᠯᠢᠶᠡᠳ ᠶᠡᠬᠡ᠂ ᠬᠥᠬᠥᠨ ᠲᠣᠪᠴᠢ ᠨᠢ ᠵᠢᠵᠢᠭ᠂ ᠳᠥᠷᠪᠡᠨ ᠬᠥᠯ ᠨᠢ ᠪᠣᠭᠣᠨᠢᠪᠲᠤᠷ᠂ ᠭᠤᠶᠠᠨ ᠤ᠋ ᠪᠤᠯᠴᠢᠩ ᠨᠢ ᠪᠣᠢᠵᠢᠯᠲᠠ ᠰᠠᠢᠲᠠᠢ᠂ ᠲᠤᠭᠤᠷᠠᠢ ᠨᠢ ᠠᠪᠰᠠᠷᠬᠠᠨ ᠪᠥᠭᠡᠳ ᠬᠠᠲᠠᠭᠤ ᠪᠥᠬᠡᠯᠢᠭ ᠪᠠᠢᠳᠠᠭ᠃
ᠪᠡᠶ᠎ᠡ ᠶ᠋ᠢᠨ ᠬᠡᠮᠵᠢᠭᠳᠡᠯ᠄
ᠪᠤᠬᠠᠨ ᠤ᠋ ᠪᠡᠶ᠎ᠡ ᠶ᠋ᠢᠨ ᠥᠨᠳᠥᠷ(ᠰᠡᠭᠡᠷ ᠦ᠋ᠨ ᠬᠡᠰᠡᠭ ᠦ᠋ᠨ ᠥᠨᠳᠥᠷ)ᠳᠤᠮᠳᠠᠴᠢ ᠪᠠᠷ 120.9 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ ᠳᠤᠮᠳᠠᠴᠢ ᠪᠠᠷ 137.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ ᠳᠤᠮᠳᠠᠴᠢ ᠪᠠᠷ 169.5 ᠰᠡᠨᠲ᠋ᠢᠮᠧᠲ᠋ᠷ᠂ ᠠᠮᠢᠳᠤ ᠶ᠋ᠢᠨ ᠵᠢᠩ 345︱ 386 ᠺᠢᠯᠣᠭ᠌ᠷᠠᠮ︔
ᠦᠨᠢᠶᠡᠨ ᠦ᠌ ᠪᠡᠶ᠎ᠡ ᠶ᠋ᠢᠨ ᠥᠨᠳᠥᠷ(ᠰᠡᠭᠡᠷ ᠦ᠋ᠨ ᠬᠡᠰᠡᠭ ᠦ᠋ᠨ ᠥᠨᠳᠥᠷ)ᠳᠤᠮᠳᠠᠴᠢ ᠪᠠᠷ 110.8 ᠰᠡᠨᠲ᠋ᠢᠮᠧᠲ᠋ᠷ᠂ ᠪᠡᠶ᠎ᠡ ᠶ᠋ᠢᠨ ᠲᠠᠰᠢᠭᠤ ᠤᠷᠲᠤ ᠳᠤᠮᠳᠠᠴᠢ ᠪᠠᠷ 127.7 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ ᠳᠤᠮᠳᠠᠴᠢ ᠪᠠᠷ 154.3 ᠰᠡᠨᠲ᠋ᠢᠮᠧᠲ᠋ᠷ᠂ ᠠᠮᠢᠳᠤ ᠶ᠋ᠢᠨ ᠵᠢᠩ 273︱337 ᠺᠢᠯᠣᠭ᠌ᠷᠠᠮ᠃
ᠵᠢᠰᠦ ᠨᠢ᠄ ᠤᠯᠠᠭᠠᠨ᠂ ᠬᠠᠷ᠎ᠠ᠂ ᠬᠦᠷᠡᠩ᠂ ᠬᠤᠸᠠ᠂ ᠬᠥᠬᠡ ᠵᠡᠷᠭᠡ ᠵᠢᠰᠦᠮ ᠲᠡᠢ ᠨᠢ ᠣᠯᠠᠩᠬᠢ ᠲᠣᠭ᠎ᠠ ᠶ᠋ᠢ ᠡᠵᠡᠯᠡᠬᠦ ᠡᠴᠡ ᠭᠠᠳᠠᠨ᠎ᠠ᠂ ᠴᠥᠭᠡᠨ ᠲᠣᠭᠠᠨ ᠤ᠋ ᠬᠢᠨᠢ ᠪᠠᠰᠠ ᠠᠯᠠᠭ᠂ ᠳᠡᠷᠡᠯᠡᠨ ᠪᠤᠶᠤ ᠪᠤᠰᠤᠳ ᠵᠢᠰᠦᠮ ᠲᠡᠢ ᠪᠠᠢᠳᠠᠭ᠃
ᠮᠢᠬᠠᠨ ᠭᠠᠷᠤᠯᠲᠠ᠄ ᠮᠣᠩᠭᠣᠯ ᠦᠬᠡᠷ ᠦ᠋ᠨ ᠮᠢᠬᠠᠨ ᠭᠠᠷᠴᠠ ᠶ᠋ᠢᠨ ᠬᠡᠮᠵᠢᠶ᠎ᠡ ᠨᠢ ᠲᠡᠭᠦᠨ ᠦ᠌ ᠲᠠᠷᠭᠤ ᠬᠦᠴᠦ ᠶ᠋ᠢᠨ ᠪᠠᠢᠳᠠᠯ ᠲᠠᠢ ᠨᠢᠭᠲᠠ ᠬᠣᠯᠪᠣᠭ᠎ᠠ ᠲᠠᠢ ᠪᠠᠢᠳᠠᠭ᠃ᠨᠢᠭᠡᠨ ᠤᠳᠠᠭᠠᠨ ᠤ᠋ ᠰᠣᠶᠣᠭᠠᠯᠠᠩ ᠠ᠋ᠴᠠ ᠳᠡᠭᠡᠭᠰᠢᠬᠢ ᠨᠠᠰᠤᠨ ᠤ᠋ ᠳᠤᠮᠳᠠ ᠠ᠋ᠴᠠ ᠳᠡᠭᠡᠭᠦᠷ ᠰᠢᠭ ᠲᠠᠷᠭᠤ ᠲᠠᠢ ᠬᠡᠳᠦᠨ ᠱᠠᠷ ᠤ᠋ᠨ ᠮᠢᠬᠠᠨ ᠭᠠᠷᠴᠠ ᠶ᠋ᠢ ᠨᠢ ᠬᠡᠮᠵᠢᠬᠦ ᠪᠡᠷ ᠬᠢᠭᠰᠡᠨ ᠨᠢᠲᠤᠯᠭᠠ ᠶ᠋ᠢᠨ ᠬᠡᠮᠵᠢᠯᠲᠡ ᠶ᠋ᠢᠨ ᠮᠠᠲ᠋ᠧᠷᠢᠶᠠᠯ ᠢ᠋ ᠦᠨᠳᠦᠰᠦᠯᠡᠪᠡᠯ᠂ ᠨᠢᠲᠤᠯᠬᠤ ᠠ᠋ᠴᠠ ᠡᠮᠦᠨᠡᠬᠢ ᠠᠮᠢᠳᠤ ᠶ᠋ᠢᠨ ᠵᠢᠩ ᠨᠢ ᠳᠤᠮᠳᠠᠴᠢ ᠪᠠᠷ 462 ᠺᠢᠯᠣᠭ᠌ᠷᠠᠮ᠂ ᠭᠤᠯᠤᠤᠵᠠ ᠶ᠋ᠢᠨ ᠵᠢᠩ (ᠨᠢᠲᠤᠯᠤᠭᠰᠠᠨ ᠤ᠋ ᠳᠠᠷᠠᠭᠠᠬᠢ ᠪᠦᠬᠦᠯᠢ ᠴᠣᠭᠴᠠ ᠶ᠋ᠢᠨ ᠬᠦᠨᠳᠦ) ᠨᠢ 243 ᠺᠢᠯᠣᠭ᠌ᠷᠠᠮ᠂ ᠨᠢᠲᠤᠯᠭᠠ ᠶ᠋ᠢᠨ ᠭᠠᠷᠴᠠ ᠨᠢ᠂ ᠳᠤᠮᠳᠠᠴᠢ ᠪᠠᠷ 56.9% ᠪᠠᠢᠯ᠎ᠠ ︔ ᠪᠠᠰᠠ ᠨᠢᠭᠡᠨ ᠤᠳᠠᠭᠠᠨ ᠤ᠋ ᠬᠡᠮᠵᠢᠯᠲᠡ ᠳ᠋ᠦ᠍᠂ ᠳᠤᠮᠳᠠ ᠵᠡᠷᠭᠡ ᠶ᠋ᠢᠨ ᠲᠠᠷᠭᠤ ᠲᠠᠢ 11 ᠱᠠᠷ ᠤ᠋ᠨ ᠨᠢᠲᠤᠯᠬᠤ ᠠ᠋ᠴᠠ ᠡᠮᠦᠨᠡᠬᠢ ᠠᠮᠢᠳᠤ ᠶ᠋ᠢᠨ ᠵᠢᠩ ᠨᠢ ᠳᠤᠮᠳᠠᠴᠢ ᠪᠠᠷ 376.91 ᠺᠢᠯᠣᠭ᠌ᠷᠠᠮ᠂ ᠭᠤᠯᠤᠤᠵᠠ ᠶ᠋ᠢᠨ ᠵᠢᠩ ᠨᠢ 199.91 ᠺᠢᠯᠣᠭ᠌ᠷᠠᠮ᠂ ᠨᠢᠲᠤᠯᠭᠠ ᠶ᠋ᠢᠨ ᠭᠠᠷᠴᠠ 53.04%(47.5︱56.38%)᠂ ᠴᠣᠯ ᠮᠢᠬᠠᠨ ᠤ᠋ ᠨᠣᠷᠮ᠎ᠠ 44.56%(39.3︱48.19%) ᠪᠠᠢᠪᠠ᠃
ᠮᠣᠩᠭᠣᠯ ᠦᠬᠡᠷ ᠦ᠋ᠨ ᠠᠷᠠᠰᠤ ᠨᠢ᠂ ᠬᠥᠷᠥᠰᠥ ᠰᠠᠢᠲᠠᠢ ᠪᠥᠭᠡᠳ ᠵᠤᠵᠠᠭᠠᠨ᠂ ᠪᠥᠬᠡᠯᠢᠭ ᠪᠣᠯᠬᠣᠷ ᠡᠯᠳᠡᠪ ᠵᠦᠢᠯ ᠦ᠋ᠨ ᠪᠤᠯᠢᠭᠠᠷᠢ ᠵᠡᠷᠭᠡ ᠠᠷᠠᠰᠤ ᠰᠢᠷᠢ ᠶ᠋ᠢᠨ ᠡᠳ᠋ᠯᠡᠯ ᠬᠢᠵᠦ ᠪᠣᠯᠪᠠᠰᠤᠷᠠᠭᠤᠯᠬᠤ ᠪᠤᠶᠤ ᠰᠤᠷ ᠡᠳ᠋ᠯᠡᠯ ᠬᠢᠬᠦ ᠳ᠋ᠦ᠍ ᠣᠬᠢ ᠰᠠᠢᠨ ᠲᠦᠭᠦᠬᠡᠢ ᠮᠠᠲ᠋ᠧᠷᠢᠶᠠᠯ ᠢ᠋ᠶ᠋ᠠᠷ ᠬᠡᠷᠡᠭᠯᠡᠭᠳᠡᠳᠡᠭ᠃
ᠰᠦᠨ ᠦ᠌ ᠭᠠᠷᠤᠯᠲᠠ᠄ ᠮᠣᠩᠭᠣᠯ ᠦᠨᠢᠶ᠎ᠡ ᠶ᠋ᠢ ᠵᠢᠯ ᠳ᠋ᠡᠭᠡᠨ ᠰᠦ ᠰᠠᠭᠠᠯᠢ ᠰᠠᠭᠠᠵᠤ ᠠᠰᠢᠭᠯᠠᠬᠤ ᠬᠤᠭᠤᠴᠠᠭ᠎ᠠ ᠨᠢ᠂ ᠶᠡᠬᠡᠩᠬᠢ ᠭᠠᠵᠠᠷ ᠣᠷᠣᠨ ᠳ᠋ᠤ᠌᠂ 5 ᠳ᠋ᠤᠭᠠᠷ ᠰᠠᠷ᠎ᠠ ᠠ᠋ᠴᠠ 9 ᠳ᠋ᠦ᠍ᠭᠡᠷ ᠰᠠᠷ᠎ᠠ ᠶ᠋ᠢᠨ ᠳᠤᠮᠳᠠᠴᠢ ᠬᠦᠷᠲᠡᠯ᠎ᠡ ᠶᠡᠬᠡ ᠲᠥᠯᠥᠪ ᠲᠡᠭᠡᠨ᠂ 120 ᠡᠳᠦᠷ ᠡᠴᠡ ᠳᠡᠭᠡᠭᠰᠢ ᠪᠠᠢᠳᠠᠭ᠃ ᠰᠢᠯᠢ ᠶ᠋ᠢᠨ ᠭᠣᠣᠯ ᠠᠢᠮᠠᠭ ᠲᠤ᠌ ᠬᠢᠭᠰᠡᠨ ᠦᠨᠢᠶᠡᠨ ᠰᠦᠨ ᠦ᠌ ᠭᠠᠷᠴᠠ ᠶ᠋ᠢᠨ ᠬᠡᠮᠵᠢᠯᠲᠡ ᠶ᠋ᠢ ᠦᠨᠳᠦᠰᠦᠯᠡᠪᠡᠯ᠂ ᠰᠠᠭᠠᠮᠠᠰᠢᠭᠰᠠᠨ(ᠰᠠᠭᠠᠵᠤ ᠭᠠᠷᠰᠢᠭᠰᠠᠨ) ᠦᠨᠢᠶ᠎ᠡ ᠶ᠋ᠢ ᠡᠳᠦᠷ ᠲᠦ᠍ ᠥᠷᠯᠥᠭᠡ ᠣᠷᠣᠢ ᠬᠣᠶᠠᠷ ᠤᠳᠠᠭ᠎ᠠ᠂ ᠲᠤᠭᠤᠯ ᠢ᠋ᠶ᠋ᠠᠷ ᠬᠥᠬᠥᠭᠦᠯᠦᠨ ᠢᠪᠢᠯᠭᠡᠵᠦ ᠰᠠᠭᠠᠬᠤ ᠳ᠋ᠤ᠌ ᠣᠯᠠᠩᠬᠢ ᠦᠨᠢᠶᠡᠨ ᠦ᠌ ᠡᠳᠦᠷ ᠦ᠋ᠨ ᠰᠦᠨ ᠦ᠌ ᠭᠠᠷᠴᠠ ᠨᠢ 5 ᠺᠢᠯᠣᠭ᠌ᠷᠠᠮ ᠣᠷᠴᠢᠮ ᠪᠠᠢᠵᠤ᠂ ᠬᠠᠮᠤᠭ ᠶᠡᠬᠡ ᠨᠢ ᠡᠳᠦᠷ ᠲᠦ᠍ 8 ᠺᠢᠯᠣᠭ᠌ᠷᠠᠮ ᠠ᠋ᠴᠠ ᠳᠡᠭᠡᠭᠰᠢ ᠭᠠᠷᠴᠤ ᠪᠠᠢᠵᠠᠢ᠃ ᠰᠦ ᠨᠢ ᠥᠳᠬᠡᠨ᠂ ᠰᠦᠨ ᠦ᠌ ᠲᠣᠰᠣᠯᠢᠭ ᠤ᠋ᠨ ᠬᠡᠮᠵᠢᠶ᠎ᠡ ᠨᠢ᠂ 3︱6% ᠪᠠᠢᠵᠤ᠂ ᠣᠨᠴᠠᠭᠠᠢ ᠵᠠᠷᠢᠮ ᠨᠢ 9% ᠬᠦᠷᠦᠭᠰᠡᠨ ᠲᠡᠮᠳᠡᠭᠯᠡᠯ ᠪᠠᠰᠠ ᠪᠣᠢ᠃
ᠬᠥᠯᠥᠰᠢᠨ ᠬᠡᠷᠡᠭᠯᠡᠭᠡ᠄ ᠮᠣᠩᠭᠣᠯ ᠦᠬᠡᠷ ᠦ᠋ᠨ ᠪᠡᠶ᠎ᠡ ᠨᠢ ᠬᠡᠳᠦᠢᠪᠡᠷ ᠲᠣᠮᠣ ᠪᠤᠰᠤ ᠪᠣᠯᠪᠠᠴᠤ᠂ ᠲᠡᠭᠡᠭᠡᠪᠦᠷᠢ ᠲᠡᠭᠡᠭᠡᠰᠢ ᠲᠠᠲᠠᠬᠤ ᠪᠠ ᠠᠨᠵᠢᠰᠤ ᠴᠢᠷᠵᠦ ᠭᠠᠵᠠᠷ ᠬᠠᠭᠠᠯᠪᠤᠷᠢᠯᠠᠬᠤ ᠳ᠋ᠤ᠌᠂ ᠴᠢᠳᠠᠯ ᠬᠦᠴᠦ ᠨᠢ ᠶᠡᠬᠡ ᠪᠥᠭᠡᠳ ᠤᠳᠠᠭᠠᠨ ᠳᠠᠭᠠᠭᠠᠮᠠᠭᠠᠢ ᠳᠠᠭᠠᠭᠠᠴᠠ ᠰᠠᠢᠲᠠᠢ ᠪᠠᠢᠳᠠᠭ᠃ ᠰᠣᠶᠣᠭᠠᠯᠠᠩ ᠠ᠋ᠴᠠ ᠳᠡᠭᠡᠭᠰᠢ ᠨᠠᠰᠤᠨ ᠤ᠋ ᠠᠷᠠᠯ ᠤ᠋ᠨ ᠱᠠᠷ ᠢ᠋ 400 ᠺᠢᠯᠣᠭ᠌ᠷᠠᠮ ᠣᠷᠴᠢᠮ ᠲᠡᠭᠡᠭᠡᠰᠢ ᠲᠡᠢ ᠬᠣᠶᠠᠷ ᠬᠦᠷᠳᠦᠲᠦ ᠮᠣᠳᠣᠨ ᠲᠡᠷᠭᠡᠨ(ᠵᠢᠷᠣᠭᠠᠴᠢᠨ ᠲᠡᠷᠭᠡ) ᠳ᠋ᠦ᠍ ᠬᠥᠯᠦᠭᠡᠳ ᠡᠳᠦᠷ ᠲᠦ᠍ 20︱30 ᠺᠢᠯᠣᠮᠧᠲ᠋ᠷ ᠠᠶᠠᠯᠠᠵᠤ᠂ ᠣᠷᠣᠢ ᠳ᠋ᠠᠭᠠᠨ ᠪᠡᠯᠴᠢᠭᠡᠨ ᠢᠳᠡᠰᠢᠯᠡᠭᠦᠯᠵᠦ(ᠶᠠᠮᠠᠷᠴᠤ ᠨᠥᠬᠥᠪᠥᠷᠢ ᠲᠡᠵᠢᠭᠡᠯ ᠪᠣᠷᠳᠣᠭ᠎ᠠ ᠥᠭᠬᠦ ᠦᠭᠡᠢ)᠂ 30︱40 ᠡᠳᠦᠷ ᠦᠷᠭᠦᠯᠵᠢᠯᠡᠨ ᠠᠶᠠᠯᠠᠬᠤ ᠳ᠋ᠤ᠌ ᠠᠵᠢᠭ ᠴᠤ᠌ ᠦᠭᠡᠢ ᠶᠠᠪᠤᠵᠤ ᠯᠠ ᠪᠠᠢᠳᠠᠭ᠃
ᠮᠣᠩᠭᠣᠯ ᠦᠬᠡᠷ᠂ᠬᠤᠪᠢᠷᠠᠯᠲᠠ ᠶᠡᠬᠡᠲᠡᠢ ᠪᠠᠢᠭᠠᠯᠢ ᠶ᠋ᠢᠨ ᠣᠷᠴᠢᠨ ᠠᠬᠤᠢ ᠶ᠋ᠢᠨ ᠠᠨᠠᠢᠬᠠᠨ ᠰᠢᠭ᠋ ᠨᠥᠬᠥᠴᠡᠯ ᠳ᠋ᠦ᠍ ᠴᠦ᠍ ᠲᠡᠰᠪᠦᠷᠢ ᠳᠠᠭᠠᠭᠠᠴᠠ ᠲᠠᠢ ᠪᠠᠷ ᠵᠣᠬᠢᠴᠠᠨ᠂ ᠪᠡᠯᠴᠢᠭᠡᠷ ᠦ᠋ᠨ ᠬᠠᠷᠢᠭᠤᠯᠭ᠎ᠠ ᠪᠠᠷ ᠬᠠᠬᠢᠷ ᠬᠦᠢᠲᠡᠨ᠂ ᠴᠠᠰᠤ ᠵᠤᠳ ᠪᠠ ᠡᠯᠳᠡᠪ ᠵᠦᠢᠯ ᠦ᠋ᠨ ᠭᠠᠩ ᠬᠠᠪᠰᠠᠷᠭᠠᠨ ᠵᠡᠷᠭᠡ ᠪᠠᠢᠭᠠᠯᠢ ᠶ᠋ᠢᠨ ᠭᠠᠮᠰᠢᠭ ᠢ᠋ ᠠᠵᠢᠭ ᠦᠭᠡᠢ ᠲᠤᠭᠤᠯᠤᠨ᠂ ᠬᠡᠪ ᠦ᠋ᠨ ᠪᠠᠢᠳᠠᠯ ᠢ᠋ᠶ᠋ᠠᠷ ᠦᠰᠦᠨ ᠦᠷᠡᠵᠢᠵᠦ ᠴᠢᠳᠠᠳᠠᠭ ᠭᠠᠢᠬᠠᠮ᠎ᠠ ᠰᠠᠢᠨ ᠵᠣᠬᠢᠴᠠᠬᠤ ᠴᠢᠳᠠᠪᠤᠷᠢ ᠲᠠᠢ᠂ ᠠᠷᠠᠴᠢᠯᠠᠵᠤ ᠮᠠᠯᠵᠢᠬᠤ ᠳ᠋ᠤ᠌ ᠳᠥᠭᠥᠮ᠂ ᠮᠠᠯᠵᠢᠯᠭ᠎ᠠ ᠶ᠋ᠢᠨ ᠪᠡᠯᠡ ᠣᠷᠣᠭᠤᠯᠤᠯᠲᠠ ᠪᠣᠯᠤᠨ ᠵᠠᠷᠤᠯᠭ᠎ᠠ ᠪᠠᠭ᠎ᠠ᠂ ᠠᠰᠢᠭ ᠣᠯᠵᠠᠪᠤᠷᠢ ᠶᠡᠬᠡ ᠵᠡᠷᠭᠡ ᠣᠯᠠᠨ ᠠᠷᠪᠢᠨ ᠳᠠᠪᠠᠭᠤᠯᠢᠭ ᠲᠠᠯ᠎ᠠ ᠲᠠᠢ ᠪᠠᠢᠳᠠᠭ᠃
ᠮᠣᠩᠭᠣᠯ ᠦᠬᠡᠷ ᠲᠠᠷᠭᠤ ᠠᠪᠤᠯᠲᠠ ᠨᠢ ᠲᠦᠷᠭᠡᠨ ᠵᠡᠷᠭᠡ ᠣᠨᠴᠠᠭᠠᠢ ᠰᠢᠨᠵᠢ ᠣᠨᠴᠠᠯᠢᠭ ᠲᠠᠢ ᠪᠠᠢᠳᠠᠭ᠃ ᠵᠢᠯ ᠳ᠋ᠡᠭᠡᠨ ᠡᠪᠦᠯ ᠦ᠋ᠨ ᠰᠡᠭᠦᠯᠴᠢ ᠪᠣᠯᠤᠨ ᠬᠠᠪᠤᠷ ᠤ᠋ᠨ ᠭᠠᠴᠢᠭ ᠤᠯᠠᠷᠢᠯ ᠳ᠋ᠤ᠌ ᠮᠣᠩᠭᠣᠯ ᠦᠬᠡᠷ ᠦ᠋ᠨ ᠲᠠᠷᠭᠤ ᠬᠦᠴᠦ ᠨᠢ ᠨᠡᠯᠢᠶᠡᠳ ᠶᠡᠬᠡᠪᠡᠷ ᠪᠠᠭᠤᠷᠠᠳᠠᠭ ᠪᠣᠯᠪᠠᠴᠤ᠂ ᠬᠠᠪᠤᠷ ᠤ᠋ᠨ ᠰᠡᠭᠦᠯᠴᠢ ᠪᠠᠢ ᠡᠪᠡᠰᠦ ᠨᠣᠭᠣᠭ᠎ᠠ ᠤᠷᠭᠤᠭᠰᠠᠨ ᠤ᠋ ᠳᠠᠷᠠᠭ᠎ᠠ ᠲᠠᠷᠭᠤ ᠨᠢ ᠲᠤᠩ ᠲᠦᠷᠭᠡᠨ ᠰᠡᠷᠭᠦᠳᠡᠭ᠂ ᠨᠡᠩ ᠴᠦ᠍ ᠵᠤᠨ ᠨᠠᠮᠤᠷ ᠤ᠋ᠨ ᠡᠪᠡᠰᠦ ᠤᠷᠭᠤᠮᠠᠯ ᠰᠠᠬᠤᠯᠢᠭ ᠰᠠᠢᠬᠠᠨ ᠤᠷᠭᠤᠭᠰᠠᠨ ᠬᠤᠭᠤᠴᠠᠭᠠᠨ ᠳ᠋ᠤ᠌ ᠪᠡᠯᠴᠢᠭᠡᠷ ᠦ᠋ᠨ ᠬᠠᠷᠢᠭᠤᠯᠭ᠎ᠠ ᠪᠠᠷ ᠲᠠᠷᠭᠤ ᠠᠪᠤᠯᠲᠠ ᠶ᠋ᠢᠨ ᠨᠡᠮᠡᠭᠳᠡᠯ ᠨᠢ ᠡᠳᠦᠷ ᠲᠦ᠍ 0.5 ᠺᠢᠯᠣᠭ᠌ᠷᠠᠮ ᠠ᠋ᠴᠠ ᠶᠡᠬᠡ ᠳᠡᠭᠡᠭᠰᠢ ᠪᠠᠢᠳᠠᠭ᠃
ᠮᠣᠩᠭᠣᠯ ᠦᠬᠡᠷ ᠦ᠋ᠨ ᠦᠷᠡᠵᠢᠯᠲᠡ ᠪᠣᠢᠵᠢᠯᠲᠠ ᠶ᠋ᠢᠨ ᠨᠣᠷᠮ᠎ᠠ ᠨᠢ ᠡᠯ᠎ᠡ ᠮᠠᠯᠵᠢᠭᠳᠠᠵᠣ ᠪᠠᠢᠭ᠎ᠠ ᠭᠠᠵᠠᠷ ᠣᠷᠣᠨ ᠤ᠋ ᠪᠠᠢᠭᠠᠯᠢ ᠣᠷᠴᠢᠨ ᠠᠬᠤᠢ ᠪᠣᠯᠤᠨ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠦ᠋ᠨ ᠠᠳᠠᠯᠢ ᠦᠭᠡᠢ ᠡᠴᠡ ᠰᠢᠯᠲᠠᠭᠠᠯᠠᠵᠤ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ ᠪᠣᠯᠤᠭᠰᠠᠨ ᠪᠠᠢᠨ᠎ᠠ᠃ ᠦᠨᠢᠶᠡᠨ ᠦ᠌ ᠣᠷᠣᠭ᠎ᠠ ᠣᠷᠣᠬᠤ ᠨᠢ ᠨᠡᠯᠢᠶᠡᠳ ᠢᠯᠡᠷᠬᠡᠢ ᠤᠯᠠᠷᠢᠯ ᠤ᠋ᠨ ᠰᠢᠨᠵᠢ ᠣᠨᠴᠠᠯᠢᠭ ᠲᠠᠢ᠂ ᠶᠡᠷᠦ ᠶ᠋ᠢᠨ ᠪᠠᠢᠳᠠᠯ ᠳ᠋ᠤ᠌᠂ ᠵᠢᠯ ᠪᠦᠷᠢ ᠶ᠋ᠢᠨ 4︱11 ᠳ᠋ᠦ᠍ᠭᠡᠷ ᠰᠠᠷ᠎ᠠ ᠶ᠋ᠢᠨ ᠬᠤᠭᠤᠴᠠᠭᠠᠨ ᠳ᠋ᠤ᠌ ᠣᠷᠣᠭ᠎ᠠ ᠣᠷᠣᠬᠤ ᠪᠣᠯᠪᠠᠴᠤ᠂ 6︱9 ᠳ᠋ᠦ᠍ᠭᠡᠷ ᠰᠠᠷ᠎ᠠ ᠶ᠋ᠢᠨ ᠬᠣᠭᠣᠷᠣᠨᠳᠣ ᠣᠯᠠᠩᠬᠢ ᠨᠢ ᠨᠡᠯᠢᠶᠡᠳ ᠲᠥᠪᠯᠡᠷᠡᠩᠭᠦᠢ ᠪᠡᠷ ᠣᠷᠣᠭ᠎ᠠ ᠣᠷᠣᠳᠠᠭ᠃
ᠮᠣᠩᠭᠣᠯ ᠦᠬᠡᠷ᠂ ᠡᠷᠡᠰ ᠳᠡᠰ ᠬᠤᠪᠢᠷᠠᠯᠲᠠ ᠶᠡᠬᠡ ᠠᠭᠤᠷ ᠠᠮᠢᠰᠬᠤᠯ᠂ ᠡᠯᠳᠡᠪ ᠵᠦᠢᠯ ᠦ᠋ᠨ ᠭᠠᠩ ᠬᠠᠪᠰᠠᠷᠭᠠᠨ ᠵᠡᠷᠭᠡ ᠪᠠᠢᠭᠠᠯᠢ ᠶ᠋ᠢᠨ ᠭᠠᠮᠰᠢᠭ ᠲᠠᠢ ᠣᠷᠴᠢᠨ ᠠᠬᠤᠢ ᠳ᠋ᠤ᠌᠂ ᠲᠡᠰᠪᠦᠷᠢ ᠳᠠᠭᠠᠭᠠᠴᠠ ᠲᠠᠢ ᠪᠠᠷ ᠵᠣᠬᠢᠴᠠᠬᠤ ᠴᠢᠳᠠᠪᠤᠷᠢ ᠲᠠᠢ᠂ ᠮᠢᠬ᠎ᠠ᠂ ᠰᠦ᠂ ᠬᠥᠯᠥᠰᠢ ᠵᠡᠷᠭᠡ ᠣᠯᠠᠨ ᠵᠦᠢᠯ ᠦ᠋ᠨ ᠡᠳ᠋ᠯᠡᠯ ᠬᠡᠷᠡᠭᠯᠡᠭᠡ ᠶ᠋ᠢ ᠶᠡᠷᠦᠩᠬᠡᠢᠯᠡᠨ ᠤᠶᠠᠯᠳᠤᠭᠤᠯᠤᠭᠰᠠᠨ᠂ ᠤᠳᠤᠮᠰᠢᠯ ᠨᠢ ᠲᠤᠢᠯ ᠤ᠋ᠨ ᠲᠣᠭᠲᠠᠭᠤᠨ᠂ ᠮᠠᠯᠵᠢᠯᠭ᠎ᠠ ᠶ᠋ᠢᠨ ᠪᠡᠯᠡ ᠣᠷᠣᠭᠤᠯᠤᠯᠲᠠ ᠪᠣᠯᠤᠨ ᠵᠠᠷᠤᠯᠭ᠎ᠠ ᠪᠠᠭ᠎ᠠ᠂ ᠠᠷᠠᠴᠢᠯᠠᠵᠤ ᠮᠠᠯᠵᠢᠬᠤ ᠳ᠋ᠤ᠌ ᠳᠥᠭᠥᠮ᠂ ᠠᠰᠢᠭ ᠣᠯᠵᠠᠪᠤᠷᠢ ᠶᠡᠬᠡ ᠵᠡᠷᠭᠡ ᠣᠯᠠᠨ ᠠᠷᠪᠢᠨ ᠳᠠᠪᠠᠭᠤᠯᠢᠭ ᠲᠠᠯ᠎ᠠ ᠲᠠᠢ᠂ ᠡᠷᠲᠡᠨ ᠦ᠌ ᠡᠭᠦᠯᠳᠡᠷ ᠦ᠋ᠨ ᠬᠣᠪᠣᠷᠬᠠᠨ ᠰᠢᠯᠢᠳᠡᠭ ᠰᠠᠢᠨ ᠦᠬᠡᠷ ᠪᠣᠯᠬᠣᠷ᠂ ᠬᠣᠢᠰᠢᠳᠠ᠂ ᠨᠥᠬᠥᠴᠡᠯ ᠪᠣᠯᠣᠮᠵᠢᠲᠠᠢ ᠭᠠᠵᠠᠷ ᠤ᠋ᠳ ᠲᠤ᠌ ᠤᠯᠠᠮ ᠰᠠᠢᠨ ᠬᠠᠮᠠᠭᠠᠯᠠᠨ ᠬᠥᠭᠵᠢᠭᠦᠯᠵᠦ᠂ ᠲᠡᠭᠦᠨ ᠦ᠌ ᠳᠠᠪᠠᠭᠤᠯᠢᠭ ᠢ᠋ ᠨᠢ ᠤᠯᠠᠮ ᠪᠠᠳᠠᠷᠠᠭᠤᠯᠤᠨ᠂ ᠳᠠᠯᠳᠠ ᠬᠦᠴᠦᠨ ᠵᠦᠢᠯ ᠢ᠋ ᠨᠢ ᠢᠯᠡᠭᠦᠬᠡᠨ ᠢᠯᠡᠷᠡᠭᠦᠯᠦᠨ ᠠᠰᠢᠭᠯᠠᠵᠤ᠂ ᠶᠠᠮᠠᠷ ᠨᠢᠭᠡᠨ ᠵᠦᠢᠯ ᠦ᠋ᠨ ᠳᠥᠬᠥᠮᠬᠡᠨ ᠬᠠᠷᠠᠯᠲᠠ ᠪᠤᠶᠤ ᠲᠥᠰᠥᠪ ᠲᠥᠯᠥᠪᠯᠡᠭᠡ ᠦᠭᠡᠢ ᠪᠡᠷ ᠪᠤᠰᠤᠳ ᠦᠬᠡᠷ ᠦ᠋ᠨ ᠡᠭᠦᠯᠳᠡᠷ ᠢ᠋ᠶ᠋ᠡᠷ ᠡᠷᠯᠢᠰᠡᠵᠢᠭᠦᠯᠦᠨ ᠥᠭᠡᠷᠡᠴᠢᠯᠡᠬᠦ ᠶ᠋ᠢ ᠬᠣᠷᠢᠭᠯᠠᠵᠤ᠂ ᠮᠣᠩᠭᠣᠯ ᠦᠬᠡᠷ ᠦ᠋ᠨ ᠤᠳᠤᠮᠰᠢᠯ ᠤ᠋ᠨ ᠴᠡᠪᠡᠷ ᠴᠢᠨᠠᠷ ᠢ᠋ ᠬᠠᠮᠠᠭᠠᠯᠠᠬᠤ ᠶ᠋ᠢ ᠴᠢᠬᠤᠯᠠᠴᠢᠯᠠᠪᠠᠯ ᠵᠣᠬᠢᠨ᠎ᠠ᠃
ᠮᠣᠩᠭᠣᠯ ᠦᠬᠡᠷ Μοнгοл Ухэр
ᠬᠢᠲᠠᠳ ᠨᠡᠷ᠎ᠡ᠄ 蒙古牛
ᠦᠰᠦᠭ ᠠᠮᠢᠯᠠᠭᠤᠯᠤᠭᠴᠢ᠄ ᠳᠣᠯᠣᠳ• ᠨᠠᠮᠵᠢᠯ
ᠬᠢᠨᠠᠭᠴᠢ᠄ ᠣᠳᠬᠠᠨᠰᠣ᠎ᠠ