ᠮᠣᠩᠭᠣᠯ ᠬᠡᠯᠡᠴᠡ ᠶ᠋ᠢᠨ ᠬᠥᠮᠦᠵᠢᠯ -ᠲᠦᠮᠡᠨ ᠮᠠᠭᠤ ᠶ᠋ᠢᠨ ᠤᠷᠰᠢᠭ ᠬᠣᠪᠳᠣᠭMongol kheltsiin khümüüjil-Tümen muugiin urshig khovdogМонгол хэлцийн хүмүүжил- Түмэн муугийн уршиг ховдог
ᠲᠦᠮᠡᠨ ᠮᠠᠭᠤ ᠶ᠋ᠢᠨ ᠤᠷᠰᠢᠭ ᠬᠣᠪᠳᠣᠭ
ᠬᠥᠲᠥᠯᠦᠭᠴᠢ᠄ ᠬᠤᠷᠳᠤᠨᠬᠦᠦ
ᠬᠣᠷᠣᠬᠠᠢ ᠶ᠋ᠢᠨ ᠭᠡᠳᠡᠰᠦ ᠠᠷᠢᠯᠭᠠᠵᠤ ᠢᠳᠡᠮᠡᠷ ᠬᠣᠪᠳᠣᠭ
ᠬᠤᠪᠢᠯᠵᠠᠭᠠᠨᠠ ᠶ᠋ᠢᠨ ᠲᠣᠯᠣᠭᠠᠢ ᠰᠢᠷᠠᠵᠤ ᠢᠳᠡᠮᠡᠷ ᠬᠣᠪᠳᠣᠭ᠂
ᠪᠦᠲᠦᠨ᠎ᠡ ᠶ᠋ᠢᠨ ᠮᠢᠬ᠎ᠠ ᠪᠠᠷ ᠪᠦᠬᠦᠯᠢ ᠲᠠᠯᠪᠢᠮᠠᠷ ᠬᠣᠪᠳᠣᠭ
ᠪᠥᠭᠡᠰᠦ ᠶ᠋ᠢᠨ ᠲᠣᠰᠣ ᠪᠠᠷ ᠵᠤᠯᠠ ᠪᠠᠷᠢᠮᠠᠷ ᠬᠣᠪᠳᠣᠭ᠂
ᠬᠣᠭᠣᠰᠣᠨ ᠭᠠᠵᠠᠷ ᠢ᠋ ᠬᠣᠶᠠᠷ ᠳᠣᠯᠢᠶᠠᠵᠤ
ᠬᠤᠪᠠᠬᠠᠢ ᠶᠠᠰᠤ ᠶ᠋ᠢ ᠬᠣᠷᠢ ᠴᠢᠨᠠᠬᠤ᠂
ᠬᠣᠭᠣᠰᠣᠨ ᠭᠠᠵᠠᠷ ᠢ᠋ ᠬᠣᠶᠠᠷ ᠳᠣᠯᠢᠶᠠᠵᠤ
ᠬᠤᠪᠠᠬᠠᠢ ᠮᠣᠳᠣᠨ ᠠ᠋ᠴᠠ ᠲᠣᠰᠣ ᠰᠢᠬᠠᠬᠤ᠂
ᠥᠯᠥᠨ ᠨᠢᠳᠦ ᠪᠡᠷ ᠦᠵᠡᠪᠡᠯ ᠡᠪᠡᠰᠦ ᠪᠣᠯᠪᠠᠴᠤ ᠣᠷᠬᠣᠳᠠᠢ
ᠬᠣᠪᠳᠣᠭ ᠨᠢᠳᠦ ᠪᠡᠷ ᠦᠵᠡᠪᠡᠯ ᠬᠤᠮᠠᠭ ᠪᠣᠯᠪᠠᠴᠤ ᠠᠯᠲᠠ᠂
ᠤᠯᠠᠢᠬᠤ ᠶ᠋ᠢ ᠦᠵᠡᠪᠡᠯ ᠡᠮᠬᠦᠭᠡᠳ ᠠᠪᠤᠮᠠᠷ
ᠤᠷᠤᠰᠬᠤ ᠶ᠋ᠢ ᠦᠵᠡᠪᠡᠯ ᠣᠭᠣᠴᠢᠭᠠᠳ ᠠᠪᠤᠮᠠᠷ᠂
ᠤᠯᠠᠭᠠᠨ ᠴᠢᠯᠠᠭᠤ ᠶ᠋ᠢ ᠮᠢᠬ᠎ᠠ ᠭᠡᠵᠦ ᠵᠠᠯᠭᠢᠵᠤ
ᠴᠠᠭᠠᠨ ᠴᠢᠯᠠᠭᠤ ᠶ᠋ᠢ ᠥᠭᠡᠬᠦ ᠭᠡᠵᠦ ᠡᠮᠬᠦᠬᠦ᠂
ᠰᠠᠭᠤᠭᠰᠠᠨ ᠭᠠᠵᠠᠷ ᠠ᠋ᠴᠠ ᠪᠠᠨ ᠰᠢᠷᠣᠢ ᠠᠳᠬᠤᠵᠤ
ᠶᠠᠪᠤᠭᠰᠠᠨ ᠭᠠᠵᠠᠷ ᠠ᠋ᠴᠠ ᠪᠠᠨ ᠶᠠᠰᠢᠯ ᠲᠡᠭᠦᠬᠦ᠂
ᠥᠩᠭᠡᠷᠡᠬᠦ ᠭᠠᠯᠠᠭᠤᠨ ᠠ᠋ᠴᠠ ᠥᠳᠥ ᠰᠤᠭᠤᠯᠵᠤ
ᠥᠯᠪᠡᠷᠬᠦ ᠭᠣᠢᠷᠠᠭᠴᠢ ᠠ᠋ᠴᠠ ᠶᠠᠭᠤᠮ᠎ᠠ ᠪᠤᠯᠢᠶᠠᠬᠤ
ᠦᠬᠦᠭᠰᠡᠨ ᠲᠡᠮᠡᠭᠡᠨ ᠡᠴᠡ ᠤᠩᠭᠠᠰᠤ ᠡᠷᠢᠬᠦ ᠬᠣᠪᠳᠣᠭ᠂
ᠬᠣᠪᠳᠣᠭ ᠬᠥᠮᠦᠨ ᠦ᠌ ᠰᠡᠳᠬᠢᠯ ᠬᠠᠩᠬᠤ ᠦᠭᠡᠢ
ᠬᠣᠣᠷᠲᠤ ᠬᠥᠮᠦᠨ ᠰᠡᠳᠬᠢᠯ ᠤᠶᠠᠷᠠᠬᠤ ᠦᠭᠡᠢ᠂
ᠬᠣᠪᠳᠣᠭ ᠰᠠᠨᠠᠭ᠎ᠠ ᠦᠵᠦᠭᠦᠷ ᠦᠭᠡᠢ
ᠬᠣᠮᠣᠬᠠᠢ ᠰᠡᠳᠬᠢᠯ ᠳ᠋ᠦ᠍ ᠢᠷᠣᠭᠠᠷ ᠦᠭᠡᠢ᠂
ᠠᠩᠭᠠᠢᠬᠤ ᠠᠮᠠ ᠨᠢ ᠶᠡᠬᠡ ᠪᠣᠯᠪᠠᠴᠤ
ᠵᠠᠯᠭᠢᠬᠤ ᠬᠣᠭᠣᠯᠠᠢ ᠨᠢ ᠨᠠᠷᠢᠬᠠᠨ᠂
ᠰᠢᠳᠦ ᠦᠭᠡᠢ ᠨᠣᠬᠠᠢ
ᠶᠠᠰᠤ ᠴᠤᠭᠯᠠᠭᠤᠯᠬᠤ ᠳᠤᠷᠠᠲᠠᠢ᠂
ᠬᠣᠪᠳᠣᠭ ᠬᠥᠮᠦᠨ ᠦ᠌ ᠰᠠᠨᠠᠭ᠎ᠠ
ᠬᠣᠮ ᠲᠠᠢ ᠲᠡᠮᠡᠭᠡ ᠵᠠᠯᠭᠢᠨ᠎ᠠ᠂
ᠬᠣᠪᠳᠣᠭ ᠬᠥᠮᠦᠨ ᠳ᠋ᠦ᠍ ᠲᠡᠮᠡᠭᠡ ᠪᠠᠭ᠎ᠠ
ᠬᠤᠢᠬᠤᠷ ᠬᠥᠮᠦᠨ ᠳ᠋ᠦ᠍ ᠰᠠᠢᠨ ᠪᠠᠭ᠎ᠠ
ᠬᠣᠪᠳᠣᠭ ᠬᠥᠮᠦᠨ ᠦ᠌ ᠨᠢᠳᠦᠨ ᠳ᠋ᠦ᠍
ᠬᠣᠨᠢᠨ ᠤ᠋ ᠪᠥᠭᠡᠷ᠎ᠡ ᠶᠡᠬᠡ ᠲᠡᠢ ᠪᠠᠭ᠎ᠠ ᠲᠠᠢ᠂
ᠬᠣᠪᠳᠣᠭ ᠬᠥᠮᠦᠨ ᠬᠣᠶᠠᠷ ᠠᠶᠠᠭ᠎ᠠ ᠲᠠᠢ
ᠬᠣᠵᠢᠭᠢᠷ ᠬᠥᠮᠦᠨ ᠭᠤᠷᠪᠠᠨ ᠮᠠᠯᠠᠭᠠᠢ ᠲᠠᠢ᠂
ᠬᠣᠪᠳᠣᠭ ᠬᠥᠮᠦᠨ ᠬᠣᠶᠠᠷ ᠠᠶᠠᠭ᠎ᠠ ᠲᠠᠢ
ᠬᠠᠭᠤᠮᠠᠭᠠᠢ ᠬᠥᠮᠦᠨ ᠬᠣᠶᠠᠷ ᠶᠠᠪᠤᠳᠠᠯ ᠲᠠᠢ᠂
ᠬᠣᠪᠳᠣᠭ ᠬᠥᠮᠦᠨ ᠦ᠌ ᠬᠤᠪᠢ ᠪᠠᠭ᠎ᠠ
ᠬᠤᠯᠵᠢᠨ ᠬᠥᠮᠦᠨ ᠦ᠌ ᠣᠯᠵᠠ ᠪᠠᠭ᠎ᠠ᠂
ᠬᠣᠪᠣᠷ ᠢ᠋ᠶ᠋ᠠᠷ ᠪᠠᠶᠠᠵᠢᠬᠤ ᠦᠭᠡᠢ
ᠬᠣᠪᠳᠣᠭ ᠢ᠋ᠶ᠋ᠠᠷ ᠲᠠᠷᠭᠤᠯᠠᠬᠤ ᠦᠭᠡᠢ᠂
ᠭᠣᠷᠢᠴᠢ ᠬᠥᠮᠦᠨ ᠳᠡᠪᠦᠯᠬᠦ ᠦᠭᠡᠢ
ᠭᠤᠤᠷᠲᠤ ᠮᠠᠯ ᠲᠠᠷᠭᠤᠯᠠᠬᠤ ᠦᠭᠡᠢ᠂
ᠬᠣᠪᠳᠣᠭ ᠬᠥᠮᠦᠨ ᠳ᠋ᠦ᠍ ᠬᠣᠭᠣᠯᠠ ᠦᠭᠡᠢ
ᠬᠤᠪᠠᠬᠠᠢ ᠮᠣᠳᠣᠨ ᠳ᠋ᠤ᠌ ᠨᠠᠪᠴᠢ ᠦᠭᠡᠢ᠂
ᠬᠣᠨᠣᠭᠤᠲᠠ ᠪᠤᠳᠠᠭ᠎ᠠ ᠬᠣᠳᠣᠭᠣᠳᠣ ᠳ᠋ᠤ᠌ ᠮᠠᠭᠤ
ᠬᠣᠪᠳᠣᠭ ᠰᠠᠨᠠᠭ᠎ᠠ ᠪᠡᠶ᠎ᠡ ᠳ᠋ᠦ᠍ ᠮᠠᠭᠤ
ᠬᠤᠯᠠᠭᠠᠢᠴᠢ ᠬᠥᠮᠦᠨ ᠪᠡᠶ᠎ᠡ ᠪᠡᠨ ᠪᠠᠷᠠᠨ᠎ᠠ
ᠬᠣᠪᠳᠣᠭ ᠬᠥᠮᠦᠨ ᠶᠠᠭᠤᠮ᠎ᠠ ᠪᠠᠨ ᠪᠠᠷᠠᠨ᠎ᠠ᠂
ᠬᠤᠯᠠᠭᠠᠢᠴᠢ ᠬᠥᠮᠦᠨ ᠬᠤᠰᠢᠭᠤᠨ ᠤ᠋ ᠰᠢᠪᠰᠢᠭ
ᠬᠣᠪᠳᠣᠭ ᠰᠠᠨᠠᠭ᠎ᠠ ᠪᠡᠶ᠎ᠡ ᠶ᠋ᠢᠨ ᠰᠢᠪᠰᠢᠭ᠂
ᠬᠣᠪᠳᠣᠭ ᠦᠭᠡᠢ ᠶᠠᠪᠤᠪᠠᠯ ᠲᠥᠯᠥᠪᠲᠡᠢ
ᠬᠤᠳᠠᠯ ᠦᠭᠡᠢ ᠶᠠᠪᠤᠪᠠᠯ ᠲᠣᠮᠣᠭᠠᠲᠠᠢ
ᠬᠣᠢᠲᠤᠬᠢ ᠪᠠᠨ ᠪᠣᠳᠣᠪᠠᠯ ᠰᠡᠴᠡᠨ
ᠬᠣᠪᠳᠣᠭ ᠦᠭᠡᠢ ᠶᠠᠪᠤᠪᠠᠯ ᠨᠣᠮᠴᠢ
ᠲᠦᠮᠡᠨ ᠰᠠᠢᠨ ᠤ᠋ ᠦᠨᠳᠦᠰᠦ ᠦᠨᠡᠨᠴᠢ
ᠲᠦᠮᠡᠨ ᠮᠠᠭᠤ ᠶ᠋ᠢᠨ ᠤᠷᠰᠢᠭ ᠬᠣᠪᠳᠣᠭ᠃
ᠢᠷᠡᠯᠲᠡ ᠄ ᠠᠷᠤ ᠬᠣᠷᠴᠢᠨ ᠬᠠᠮ ᠵᠠᠭᠤᠴᠢᠯᠠᠭᠤᠷ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ