ᠡᠵᠢ ᠳ᠋ᠦ᠍ ᠪᠡᠨ ᠪᠢᠴᠢᠭᠰᠡᠨ ᠵᠠᠬᠢᠳᠠᠯ-ᠠᠯᠠᠭᠴᠤᠳ ᠪᠤ ᠊ ᠨᠠᠷᠠᠨᠴᠢᠮᠡᠭ Eejdee bichsen zakhidal-Alagchuud Bu Naranchimeg Ээждээ бичсэн захидал-Алагчууд Бу Наранчимэг
ᠡᠵᠢ ᠳ᠋ᠦ᠍ ᠪᠡᠨ ᠪᠢᠴᠢᠭᠰᠡᠨ ᠵᠠᠬᠢᠳᠠᠯ
ᠵᠣᠬᠢᠶᠠᠭᠴᠢ᠄ ᠠᠯᠠᠭᠴᠤᠳ ᠪᠤ ᠊ ᠨᠠᠷᠠᠨᠴᠢᠮᠡᠭ
ᠤᠶᠠᠩᠭᠠᠯᠠᠭᠴᠢ᠄ ᠬᠦᠰᠡᠯᠡᠩ
ᠬᠦᠨᠳᠦᠲᠦ ᠡᠵᠢ ᠮᠢᠨᠢ ᠲᠠ ᠰᠠᠢᠨ ᠪᠠᠢᠨ᠎ᠠ ᠤᠤ?
ᠤᠳᠠᠯ ᠦᠭᠡᠢ ᠡᠵᠢ ᠶ᠋ᠢᠨ ᠪᠠᠶᠠᠷ ᠤ᠋ᠨ ᠡᠳᠦᠷ ᠬᠦᠷᠴᠦ ᠢᠷᠡᠬᠦ ᠪᠣᠯᠬᠣᠷ ᠲᠠᠨ ᠳ᠋ᠠᠭᠠᠨ ᠡᠨᠡ ᠬᠤᠪᠢ ᠬᠠᠮᠢᠭ᠎ᠠ ᠭᠡᠵᠦ ᠭᠤᠪᠢᠭᠤᠯᠬᠤ ᠪᠠᠨ ᠮᠡᠳᠡᠬᠦ ᠦᠭᠡᠢ ᠵᠠᠬᠢᠳᠠᠯ ᠢ᠋ ᠪᠢᠴᠢᠯ᠎ᠡ᠃ ᠡᠵᠢ ᠲᠠ ᠮᠢᠨᠢ ᠥᠩᠭᠡᠲᠦ ᠡᠨᠡ ᠶᠢᠷᠲᠢᠨᠴᠦ ᠶ᠋ᠢᠨ ᠥᠷᠥᠪᠴᠢᠬᠡᠨ ᠵᠠᠢ ᠳ᠋ᠤ᠌ ᠠᠮᠤᠷ ᠠᠮᠤᠭᠤᠯᠠᠩ ᠡᠷᠡᠭᠦᠯ ᠲᠡᠩᠬᠡᠯᠡᠭᠦᠨ ᠯᠡ ᠪᠠᠢᠭᠠᠰᠠᠢ!
ᠡᠵᠢ ᠲᠠᠨ ᠢ᠋ ᠪᠡᠨ ᠬᠠᠮᠤᠭ ᠤ᠋ᠨ ᠶᠡᠬᠡ ᠮᠥᠷᠥᠭᠡᠳᠦᠨ ᠰᠠᠨᠠᠵᠤ ᠪᠠᠢᠭ᠎ᠠ ᠰᠢᠷ᠎ᠠ ᠥᠬᠢᠨ ᠴᠢᠨᠢ ᠠᠷᠪᠠᠨ ᠨᠠᠢ᠍ᠮᠠᠨ ᠨᠠᠰᠤᠯᠠᠵᠤ ᠬᠥᠮᠦᠨ ᠦ᠌ ᠵᠡᠷᠭᠡ ᠳ᠋ᠦ᠍ ᠬᠦᠷᠴᠦ ᠡᠵᠢ ᠮᠢᠨᠢ ᠦᠭᠡᠢ ᠡᠨᠡ ᠠᠷᠪᠠᠨ ᠬᠡᠳᠦᠨ ᠵᠢᠯ ᠢ᠋ ᠡᠬᠡ ᠶ᠋ᠢᠨ ᠬᠠᠢᠷ᠎ᠠ ᠪᠠᠷ ᠬᠣᠮᠰᠠᠬᠠᠨ ᠥᠩᠭᠡᠷᠡᠭᠡᠵᠦ ᠥᠰᠦᠭᠰᠡᠨ ᠶᠦᠮ᠃ ᠡᠨᠡ ᠪᠣᠯ ᠮᠢᠨᠦ ᠲᠠᠨ ᠳ᠋ᠠᠭᠠᠨ ᠪᠢᠴᠢᠵᠦ ᠪᠠᠢᠭ᠎ᠠ ᠬᠡᠴᠢᠨᠡᠨ ᠳ᠋ᠦ᠍ᠭᠡᠷ ᠵᠠᠬᠢᠳᠠᠯ ᠪᠣᠯᠬᠤ ᠶ᠋ᠢ ᠮᠡᠳᠡᠬᠦ ᠦᠭᠡᠢ ᠯᠡ ᠪᠠᠢᠨ᠎ᠠ᠃
ᠥᠰᠪᠥᠷᠢ ᠪᠠᠭ᠎ᠠ ᠨᠠᠰᠤᠨ ᠳ᠋ᠠᠭᠠᠨ ᠡᠵᠢ ᠲᠠᠨ ᠢ᠋ ᠪᠡᠨ ᠳᠠᠩᠴᠤ ᠶᠡᠬᠡ ᠰᠠᠨᠠᠵᠤ ᠮᠥᠷᠥᠭᠡᠳᠴᠦ ᠬᠦᠰᠡᠨ ᠬᠦᠯᠢᠶᠡᠵᠦ ᠪᠠᠢᠭᠰᠠᠨ ᠶᠤᠮ᠃ ᠥᠰᠴᠦ ᠲᠣᠮᠣᠭᠠᠵᠢᠬᠤ ᠪᠠᠷ ᠲᠠᠨ ᠢ᠋ ᠪᠡᠨ ᠰᠠᠨᠠᠳᠠᠭ ᠡᠨᠡ ᠶᠡᠬᠡ ᠮᠥᠷᠥᠭᠡᠳᠦᠯ ᠴᠦ᠍ ᠤᠯᠠᠮ ᠬᠥᠨᠲᠥᠷᠴᠦ ᠰᠡᠳᠬᠢᠯ ᠲᠠᠩᠳᠠ ᠬᠣᠭᠣᠰᠣᠳᠠᠭᠠᠳ ᠪᠠᠢᠨ᠎ᠠ᠃ ᠬᠥᠮᠦᠨ ᠬᠥᠮᠦᠨ ᠢ᠋ ᠰᠠᠨᠠᠬᠤ ᠭᠡᠳᠡᠭ ᠳᠡᠩᠳᠡᠭᠦᠦ ᠶᠡᠬᠡ ᠡᠮᠭᠡᠨᠢᠯ ᠶᠦᠮ᠂ ᠦᠷ᠎ᠡ ᠬᠥᠮᠦᠨ ᠡᠵᠢ ᠪᠡᠨ ᠰᠠᠨᠠᠬᠤ ᠭᠡᠳᠡᠭ ᠨᠡᠩ ᠴᠦ᠍ ᠬᠡᠴᠡᠭᠦᠦ ᠡᠨᠡᠯᠦᠯ ᠲᠡᠢ ᠡᠮᠵᠡᠭᠯᠡᠯ ᠶᠦᠮ᠃
ᠮᠢᠨᠦ ᠨᠢᠭᠡ ᠨᠠᠰᠤᠨ ᠤ᠋ ᠣᠢ ᠶ᠋ᠢᠨ ᠪᠠᠶᠠᠷ ᠲᠤ᠌ ᠠᠪᠤ ᠪᠢᠳᠡ ᠭᠤᠷᠪᠠᠭᠤᠯᠠ ᠪᠠᠨ ᠢᠵᠢᠯᠬᠡᠨ ᠤᠷᠠᠯᠠᠭᠰᠠᠨ ᠶᠣᠰᠣᠯᠠᠯ ᠤ᠋ᠨ ᠭᠣᠶᠣ ᠰᠠᠢᠬᠠᠨ ᠮᠣᠩᠭᠣᠯ ᠲᠡᠷᠯᠢᠭ ᠲᠡᠢ ᠪᠠᠭᠤᠯᠭᠠᠭᠰᠠᠨ ᠨᠢᠭᠡᠬᠡᠨ ᠬᠤᠪᠢ ᠵᠢᠷᠤᠭ ᠢ᠋ ᠬᠣᠢᠲᠤ ᠡᠵᠢ ᠡᠴᠡ ᠪᠡᠨ ᠨᠢᠭᠤᠵᠤ ᠨᠠᠨᠳᠢᠩᠨᠠᠨ ᠬᠠᠳᠠᠭᠠᠯᠠᠵᠤ ᠵᠢᠷᠤᠭ ᠳᠡᠭᠡᠷᠡᠬᠢ ᠡᠵᠢ ᠳ᠋ᠡᠭᠡᠨ ᠰᠡᠳᠬᠢᠯ ᠦ᠋ᠨ ᠣᠯᠠᠨ ᠦᠭᠡ᠂ ᠡᠨᠡ ᠣᠯᠠᠨ ᠵᠢᠯ ᠦ᠋ᠨ ᠭᠠᠰᠢᠭᠤᠨ ᠵᠢᠬᠡᠭᠦᠨ᠂ ᠭᠠᠭᠴᠠᠭᠠᠷᠳᠠᠯ ᠥᠨᠥᠴᠢᠷᠡᠯ᠂ ᠵᠣᠪᠠᠨᠢᠯ ᠭᠤᠲᠤᠷᠠᠯ ᠴᠥᠭᠡᠬᠡᠨ ᠣᠯᠳᠠᠳᠠᠭ ᠪᠠᠶᠠᠷ ᠵᠢᠷᠭᠠᠯ ᠢ᠋ᠶ᠋ᠠᠨ ᠴᠤ᠌ ᠲᠠᠨ ᠳ᠋ᠠᠭᠠᠨ ᠬᠡᠯᠡᠵᠦ ᠤᠬᠢᠯᠠᠵᠤ ᠬᠤᠪᠢᠶᠠᠯᠴᠠᠵᠤ ᠶᠠᠪᠤᠯ᠎ᠠ᠃ ᠡᠵᠢ ᠮᠢᠨᠢ ᠲᠠ ᠰᠡᠳᠬᠢᠯ ᠢ᠋ᠶ᠋ᠡᠷ ᠢ᠋ᠶ᠋ᠡᠨ ᠮᠡᠳᠡᠷᠡᠵᠦ ᠪᠠᠢᠪᠠ ᠤᠤ? ᠵᠢᠷᠤᠭ ᠳᠡᠭᠡᠷᠡᠬᠢ ᠡᠵᠢ ᠮᠢᠨᠢ ᠬᠡᠭᠡᠨᠴᠡᠷ ᠭᠤᠪᠠᠢ ᠦᠵᠡᠰᠬᠦᠯᠡᠩ ᠭᠤᠸ᠎ᠠ ᠲᠥᠷᠬᠦ ᠲᠡᠢ᠂ ᠡᠵᠢ ᠲᠠ ᠮᠢᠨᠢ ᠨᠠᠮᠠᠢ ᠪᠠᠨ ᠡᠪᠦᠷ ᠳᠡᠭᠡᠷ᠎ᠡ ᠪᠡᠨ ᠲᠡᠪᠡᠷᠢᠨ ᠰᠠᠭᠤᠵᠤ ᠪᠢ ᠪᠢᠴᠢᠬᠠᠨ ᠭᠠᠷ ᠲᠠᠭᠠᠨ ᠲᠣᠭᠯᠠᠭᠠᠮ ᠤ᠋ᠨ ᠵᠢᠵᠢᠭ ᠬᠦᠷᠡᠩ ᠪᠠᠭᠠᠪᠠᠭᠠᠢ ᠪᠠᠷᠢᠵᠤ ᠪᠠᠢᠭᠰᠠᠨ ᠶᠤᠮ᠃ ᠥᠰᠪᠥᠷᠢ ᠶ᠋ᠢᠨ ᠨᠠᠰᠤᠨ ᠤ᠋ ᠣᠯᠠᠨ ᠲᠣᠭᠯᠠᠭᠠᠮ ᠢ᠋ᠶ᠋ᠠᠨ ᠣᠷᠬᠢᠳᠠᠭ ᠢ᠋ ᠨᠢ ᠣᠷᠬᠢᠭᠠᠳ ᠬᠦᠷᠭᠡᠳᠡᠭ ᠢ᠋ ᠨᠢ ᠬᠦᠷᠭᠡᠭᠡᠳ ᠠᠢᠯ ᠤ᠋ᠨ ᠣᠯᠠᠨ ᠬᠡᠦᠬᠡᠳ ᠡᠴᠡ ᠠᠮᠢ ᠪᠠᠨ ᠰᠢᠭ᠋ ᠬᠠᠷᠠᠮᠨᠠᠳᠠᠭ ᠭᠠᠭᠴᠠᠬᠠᠨ ᠡᠨᠡ ᠬᠦᠷᠡᠩ ᠪᠠᠭᠠᠪᠠᠭᠠᠢ ᠪᠠᠨ ᠣᠳᠣ ᠪᠣᠯᠲᠠᠯ᠎ᠠ ᠠᠷᠠᠰᠤᠨ ᠠᠪᠳᠠᠷ᠎ᠠ ᠳ᠋ᠠᠭᠠᠨ ᠬᠠᠳᠠᠭᠠᠯᠠᠭᠰᠠᠭᠠᠷ ᠪᠠᠢᠨ᠎ᠠ᠃ ᠡᠵᠢ ᠲᠠᠨ ᠲᠠᠢ ᠪᠠᠨ ᠤᠴᠠᠷᠠᠬᠤ ᠲᠡᠷᠡ ᠡᠳᠦᠷ ᠢ᠋ ᠪᠢ ᠣᠯᠠᠨ ᠬᠣᠨᠣᠭ ᠰᠡᠳᠬᠢᠯ ᠳ᠋ᠡᠭᠡᠨ ᠣᠯᠠᠨ ᠶᠠᠩᠵᠤ ᠪᠠᠷ ᠵᠢᠷᠤᠭᠯᠠᠨ ᠪᠣᠳᠣᠵᠤ ᠮᠥᠷᠥᠭᠡᠳᠴᠦ ᠪᠠᠢᠭᠰᠠᠨ ᠶᠤᠮ᠃ ᠭᠠᠭᠴᠠᠭᠠᠷᠳᠠᠯ ᠥᠨᠥᠴᠢᠷᠡᠯ ᠦ᠋ᠨ ᠶᠢᠷᠲᠢᠨᠴᠦ ᠳ᠋ᠦ᠍ ᠮᠠᠭᠤ ᠠᠯᠠᠭ ᠭᠥᠯᠥᠭᠡ ᠲᠡᠢ ᠪᠡᠨ ᠬᠠᠰᠢᠶᠠᠨ ᠤ᠋ ᠮᠤᠬᠤᠷ ᠲᠤ᠌ ᠲᠣᠭᠯᠠᠵᠤ ᠪᠠᠢᠬᠤ ᠳ᠋ᠤ᠌ ᠡᠵᠢ ᠮᠢᠨᠢ ᠰᠡᠢᠮᠡᠬᠡᠢ ᠪᠣᠷᠣ ᠲᠡᠷᠯᠢᠭ ᠲᠡᠢ《ᠬᠥᠭᠡᠷᠦᠬᠦᠢ ᠮᠠᠭᠤ ᠥᠬᠢᠨ ᠮᠢᠨᠢ ᠡᠵᠢ ᠪᠡᠨ ᠰᠠᠨᠠᠭᠠᠳ ᠠᠯᠠᠭ ᠨᠣᠬᠠᠢ ᠲᠠᠢ ᠪᠠᠨ ᠲᠣᠭᠯᠠᠵᠤ ᠪᠠᠢᠨ᠎ᠠ ᠤᠤ?》 ᠭᠡᠳ ᠨᠠᠮᠠᠶ᠋ᠢ ᠲᠡᠪᠡᠷᠢᠨ ᠦᠬᠡᠭᠦᠷᠳᠡᠵᠤ ᠪᠠᠢᠬᠤ ᠪᠠᠷ᠁ ᠡᠬᠡ ᠨᠢ ᠡᠪᠡᠳᠴᠢᠯᠡᠭᠡᠳ ᠦᠬᠦᠭᠰᠡᠨ ᠥᠨᠥᠴᠢᠨ ᠪᠣᠷᠣ ᠪᠣᠲᠣᠭᠣ ᠪᠠᠨ ᠤᠭᠵᠢᠵᠤ ᠪᠠᠢᠬᠤ ᠦᠶ᠎ᠡ ᠪᠡᠷ ᠡᠵᠢ ᠮᠢᠨᠢ ᠲᠠ ᠪᠦᠳᠦᠭᠦᠨ ᠮᠠᠰᠢᠨ ᠳᠡᠭᠡᠷ᠎ᠡ ᠰᠠᠭᠤᠭᠠᠳ ᠭᠡᠷ ᠦ᠋ᠨ ᠡᠭᠦᠳᠡᠨ ᠳ᠋ᠦ᠍ ᠪᠠᠭᠤᠵᠤ ᠠᠮᠲᠠᠲᠤ ᠰᠠᠢᠬᠠᠨ ᠵᠢᠮᠢᠰ ᠰᠢᠬᠢᠷ ᠢᠳᠡᠭᠡᠨ ᠤᠮᠳᠠᠭᠠᠨ ᠳᠡᠭᠦᠵᠢᠯᠡᠭᠡᠳ ᠨᠠᠮᠠᠶ᠋ᠢ ᠤᠷᠤᠭᠤ ᠬᠤᠷᠳᠤᠯᠠᠨ ᠠᠯᠬᠤᠵᠤ ᠲᠡᠪᠡᠷᠢᠨ ᠠᠪᠴᠤ ᠪᠠᠢᠬᠤ ᠪᠠᠷ᠁ ᠵᠢᠷᠭᠤᠭᠠᠨ ᠰᠠᠷ᠎ᠠ ᠶ᠋ᠢᠨ ᠨᠢᠭᠡᠨ ᠦ᠌ ᠬᠡᠦᠬᠡᠳ ᠦ᠋ᠨ ᠪᠠᠶᠠᠷ ᠤ᠋ᠨ ᠡᠳᠦᠷ ᠪᠠᠭᠰᠢ ᠪᠠᠷ ᠢ᠋ᠶ᠋ᠠᠨ ᠰᠠᠢᠰᠢᠶᠠᠨ ᠮᠠᠭᠲᠠᠭᠤᠯᠤᠨ᠂ ᠭᠠᠯ ᠤᠯᠠᠭᠠᠨ ᠪᠦᠴᠡ ᠶ᠋ᠢ ᠵᠡᠭᠦᠯᠭᠡᠵᠦ ᠪᠥᠭᠡᠮ ᠪᠠᠶᠠᠷᠯᠠᠵᠤ ᠪᠠᠢᠬᠤ ᠦᠶ᠎ᠡ ᠡᠵᠢ ᠲᠠ ᠮᠢᠨᠢ ᠭᠢᠯᠠᠯᠵᠠᠭᠰᠠᠨ ᠰᠢᠨ᠎ᠡ ᠮᠠᠰᠢᠨ ᠲᠠᠢ ᠰᠤᠷᠭᠠᠭᠤᠯᠢ ᠶ᠋ᠢᠨ ᠡᠭᠦᠳᠡᠨ ᠳ᠋ᠦ᠍ ᠨᠠᠮᠠᠶ᠋ᠢ ᠦᠨᠦᠰᠦᠨ ᠤᠭᠲᠤᠵᠤ ᠪᠠᠢᠬᠤ ᠪᠠᠷ᠁ ᠨᠠᠮᠠᠶ᠋ᠢ ᠰᠠᠢᠨ ᠰᠤᠷᠤᠯᠴᠠᠭᠠᠳ ᠰᠤᠷᠭᠠᠭᠤᠯᠢ ᠶ᠋ᠢᠨ ᠬᠤᠷᠠᠯ ᠤ᠋ᠨ ᠶᠡᠬᠡ ᠲᠢᠩᠬᠢᠮ ᠳ᠋ᠦ᠍ ᠣᠯᠠᠨ ᠰᠤᠷᠤᠭᠴᠢ ᠶ᠋ᠢᠨ ᠡᠮᠦᠨ᠎ᠡ ᠢᠷᠠᠭᠤ ᠠᠯᠳᠠᠷ ᠤ᠋ᠨ ᠱᠠᠩᠨᠠᠯ ᠲᠣᠰᠴᠤ ᠪᠠᠢᠬᠤ ᠳ᠋ᠤ᠌ ᠡᠵᠢ ᠮᠢᠨᠢ ᠭᠣᠶᠣ ᠰᠠᠢᠬᠠᠨ ᠮᠣᠩᠭᠣᠯ ᠲᠡᠷᠯᠢᠭ ᠢ᠋ᠶ᠋ᠡᠷ ᠢ᠋ᠶ᠋ᠡᠨ ᠭᠣᠶᠣᠯᠠᠵᠤ ᠨᠠᠳᠠᠳᠤ ᠵᠣᠷᠢᠭ ᠨᠡᠮᠡᠬᠦ ᠪᠡᠷ ᠲᠠᠢᠰᠠᠨ ᠤ᠋ ᠳᠣᠣᠷ᠎ᠠ ᠬᠣᠶᠠᠷ ᠭᠠᠷ ᠢ᠋ᠶ᠋ᠠᠨ ᠰᠤᠩᠭᠠᠨ ᠨᠠᠮᠠᠶ᠋ᠢ ᠤᠭᠲᠤᠨ ᠲᠡᠪᠡᠷᠢᠵᠦ ᠪᠠᠢᠬᠤ ᠪᠠᠷ ᠁ ᠲᠠᠭᠰᠢᠭᠤᠷ ᠲᠤ᠌ ᠨᠡᠷᠪᠡᠭᠳᠡᠭᠡᠳ ᠪᠢ ᠡᠮᠨᠡᠯᠭᠡ ᠶ᠋ᠢᠨ ᠴᠠᠭᠠᠨ ᠣᠷᠣ ᠳᠡᠭᠡᠷ᠎ᠡ ᠡᠮ ᠦ᠋ᠨ ᠰᠢᠩᠭᠡᠨ ᠶᠡᠭᠦᠯᠡᠵᠦ ᠡᠪᠡᠳᠴᠦ ᠪᠠᠢᠬᠤ ᠦᠶ᠎ᠡ ᠡᠵᠢ ᠲᠠ ᠮᠢᠨᠢ ᠪᠦᠳᠦᠭᠦᠨ ᠪᠦᠳᠦᠭᠦᠨ ᠬᠣᠯᠢᠶ᠎ᠠ ᠲᠠᠢ ᠨᠠᠢᠷᠲᠠᠢ ᠪᠤᠳᠠᠭ᠎ᠠ ᠠᠪᠴᠢᠷᠠᠭᠠᠳ ᠬᠠᠵᠠᠭᠤ ᠳ᠋ᠤ᠌ ᠮᠢᠨᠢ ᠰᠠᠭᠤᠵᠤ ᠬᠠᠯᠪᠠᠭ᠎ᠠ ᠲᠠᠢ ᠪᠤᠳᠠᠭ᠎ᠠ ᠶ᠋ᠢᠨ ᠬᠠᠯᠠᠭᠤᠨ ᠠ᠋ᠴᠠ ᠬᠢᠴᠢᠶᠡᠨ ᠦᠯᠢᠶᠡᠵᠦ ᠦᠯᠢᠶᠡᠭᠡᠳ ᠨᠠᠳᠠᠳᠤ ᠡᠮᠬᠦᠭᠦᠯᠵᠦ ᠪᠠᠢᠬᠤ ᠪᠠᠷ᠁ ᠠᠯᠢ ᠡᠰᠡᠬᠦᠯ᠎ᠡ ᠪᠠᠯᠭᠠᠰᠤᠨ ᠳᠡᠭᠡᠷ᠎ᠡ ᠤᠯᠤᠰ ᠤ᠋ᠨ ᠰᠢᠯᠭᠠᠯᠲᠠ ᠳ᠋ᠤ᠌ ᠣᠷᠣᠯᠴᠠᠬᠤ ᠪᠠᠷ ᠣᠴᠢᠬᠤ ᠦᠶ᠎ᠡ ᠡᠵᠢ ᠮᠢᠨᠢ ᠠᠮᠢᠳᠤᠷᠠᠯ ᠠᠬᠤᠢ ᠳ᠋ᠤ᠌ ᠳᠠᠷᠤᠭᠳᠠᠵᠤ ᠦᠰᠦ ᠭᠡᠵᠢᠭᠡ ᠨᠢ ᠰᠡᠭᠰᠡᠢᠵᠦ ᠤᠷᠤᠭᠤᠯ ᠤ᠋ᠨ ᠪᠣᠳᠣᠭ ᠨᠢ ᠬᠠᠯᠲᠠᠷᠲᠤᠴᠢᠬᠠᠭᠰᠠᠨ ᠠᠷᠢᠬᠢᠨ ᠯᠣᠩᠬᠣ ᠲᠡᠪᠡᠷᠢᠴᠢᠬᠡᠭᠰᠡᠨ ᠭᠤᠳᠤᠮᠵᠢᠨ ᠤ᠋ ᠠᠮᠠᠰᠠᠷ ᠨᠠᠮᠠᠶ᠋ᠢ ᠤᠭᠲᠤᠵᠤ ᠪᠠᠢᠬᠤ ᠪᠠᠷ᠁ ᠠᠢ᠂ ᠡᠵᠢ ᠪᠡᠨ ᠢᠩᠭᠢᠵᠦ ᠮᠥᠷᠥᠭᠡᠳᠬᠦ ᠪᠠᠰᠠ ᠰᠠᠢᠬᠠᠨ ᠶᠤᠮ᠃ ᠡᠵᠢ ᠲᠡᠢ ᠬᠥᠮᠦᠨ ᠡᠢᠮᠦ ᠯᠡ ᠰᠠᠢᠬᠠᠨ ᠪᠠᠢᠳᠠᠭ ᠪᠢᠵᠡ! ᠡᠨᠡ ᠳᠡᠯᠡᠬᠡᠢ ᠳ᠋ᠦ᠍ ᠡᠵᠢ ᠶ᠋ᠢ ᠪᠡᠨ ᠰᠠᠨᠠᠬᠤ ᠭᠡᠳᠡᠭ ᠶᠠᠭᠠᠬᠢᠭᠰᠠᠨ ᠬᠡᠴᠡᠭᠦᠦ ᠶᠠᠮᠠᠷ ᠶᠡᠬᠡ ᠰᠡᠳᠬᠢᠯ ᠦ᠋ᠨ ᠡᠨᠡᠯᠦᠯ ᠶᠦᠮ ᠪᠢᠯᠡ⁈ ᠬᠣᠷᠸ᠎ᠠ ᠳᠡᠯᠡᠬᠡᠢ ᠶ᠋ᠢᠨ ᠦᠷᠦᠪᠴᠡᠬᠡᠨ ᠵᠠᠢ ᠳ᠋ᠤ᠌ ᠠᠮᠢᠳᠤᠷᠠᠬᠤ ᠬᠥᠮᠦᠨ ᠵᠠᠶᠠᠭᠠᠨ ᠤ᠋ ᠣᠬᠣᠷᠬᠠᠨ ᠮᠥᠴᠡ ᠳ᠋ᠦ᠍ ᠡᠬᠡ ᠶ᠋ᠢᠨ ᠬᠠᠢᠷ᠎ᠠ ᠭᠡᠭᠴᠢ ᠬᠡᠴᠢᠨᠡᠨ ᠬᠣᠪᠣᠷ᠂ ᠬᠡᠳᠦᠢ ᠴᠦ᠍ ᠨᠠᠨᠳᠢᠨ ᠰᠡᠳᠬᠢᠯ ᠦ᠋ᠨ ᠲᠠᠢᠪᠤᠰᠢᠷᠠᠯ᠂ ᠰᠠᠨᠠᠭ᠎ᠠ ᠳᠦᠭᠦᠷᠡᠩ ᠶᠠᠪᠤᠬᠤ ᠢᠲᠡᠭᠡᠯ ᠦ᠋ᠨ ᠶᠡᠬᠡ ᠰᠢᠳᠢ ᠶᠦᠮ ᠪᠢᠯᠡ! ᠭᠤᠷᠪᠠᠨ ᠨᠠᠰᠤ ᠲᠠᠢ ᠲᠡᠷᠡ ᠵᠢᠯ ᠡᠵᠢ ᠲᠠ ᠮᠢᠨᠢ ᠨᠠᠮᠠᠶ᠋ᠢ ᠣᠷᠬᠢᠭᠠᠳ ᠶᠠᠪᠤᠭᠰᠠᠨ ᠠ᠋ᠴᠠ ᠬᠣᠢᠰᠢ ᠡᠮᠡᠭᠡ ᠮᠢᠨᠢ ᠨᠠᠮᠠᠶ᠋ᠢ ᠠᠯᠠᠭᠠᠨ ᠳᠡᠭᠡᠷᠡᠬᠢ ᠰᠤᠪᠤᠳ᠂ ᠠᠮᠢᠨ ᠪᠣᠷᠣ ᠳᠡᠭᠳᠡᠭᠡᠬᠡᠢ ᠪᠡᠨ ᠭᠡᠵᠦ ᠥᠰᠬᠡᠵᠦ ᠪᠣᠢᠵᠢᠭᠤᠯᠤᠭᠰᠠᠨ ᠶᠤᠮ᠂《ᠡᠵᠢ ᠪᠡᠨ ᠰᠠᠨᠠᠵᠤ ᠪᠠᠢᠨ᠎ᠠ》 ᠭᠡᠵᠦ ᠤᠬᠢᠯᠠᠬᠤ ᠪᠦᠷᠢ ᠡᠮᠡᠭᠡ ᠡᠵᠢ ᠮᠢᠨᠢ 《ᠬᠡᠦᠬᠡᠨ ᠮᠢᠨᠢ ᠪᠢᠴᠢᠭ ᠨᠣᠮ ᠢ᠋ᠶ᠋ᠠᠨ ᠰᠢᠮᠳᠠᠨ ᠰᠤᠷᠤᠭᠠᠳ ᠶᠡᠬᠡ ᠮᠡᠳᠡᠯᠭᠡ ᠲᠡᠢ ᠲᠣᠮᠣ ᠬᠥᠮᠦᠨ ᠪᠣᠯᠪᠠᠯ ᠴᠢᠨᠦ ᠡᠵᠢ ᠴᠢᠮᠠᠶ᠋ᠢ ᠦᠵᠡᠬᠦ ᠪᠡᠷ ᠢᠷᠡᠨ᠎ᠡ᠃ ᠡᠵᠢ ᠴᠢᠨᠢ ᠶᠡᠬᠡ ᠲᠣᠮᠣᠭ᠎ᠠ ᠲᠠᠢ᠂ ᠴᠠᠢᠪᠤᠷ ᠴᠠᠢᠯᠭᠠᠨ ᠬᠥᠮᠦᠨ ᠶᠦᠮ ᠳᠡ 》ᠭᠡᠵᠦ ᠲᠠᠩᠳᠠ ᠶᠠᠷᠢᠳᠠᠭ ᠪᠠᠢᠭᠰᠠᠨ᠃《ᠠᠪᠤ ᠴᠢᠨᠢ ᠲᠡᠷᠡ ᠬᠠᠷ᠎ᠠ ᠤᠰᠤ ᠪᠠᠨ ᠡᠳᠦᠷᠵᠢᠨ ᠤᠤᠭᠤᠭᠠᠳ ᠯᠠ᠁ ᠡᠵᠢ ᠴᠢᠨᠢ ᠭᠣᠮᠣᠳᠠᠭᠠᠳ ᠯᠠ ᠶᠠᠪᠤᠭᠰᠠᠨ》 ᠭᠡᠵᠦ ᠬᠠᠶᠠ ᠨᠢᠭᠡ ᠶᠠᠷᠢᠳᠠᠭ᠃ ᠡᠮᠡᠭᠡ ᠡᠴᠡ ᠪᠡᠨ ᠪᠢ《ᠡᠵᠢ ᠮᠢᠨᠢ ᠨᠠᠮᠠᠶ᠋ᠢ ᠰᠠᠨᠠᠬᠤ ᠦᠭᠡᠢ ᠶᠦᠮ ᠪᠣᠯᠪᠠᠤ?》 ᠭᠡᠵᠦ ᠠᠰᠠᠭᠤᠬᠤ ᠪᠠᠷ ᠡᠮᠡᠭᠡ ᠮᠢᠨᠢ《ᠰᠠᠨᠠᠬᠤ ᠦᠭᠡᠢ ᠶᠠᠭᠠᠬᠢᠬᠤ ᠶᠤᠮ ᠳᠠ᠂ ᠡᠵᠢ ᠶ᠋ᠢᠨ ᠢ᠋ᠶ᠋ᠡᠨ ᠠᠯᠠᠭ ᠮᠢᠬᠠᠨ ᠤ᠋ ᠲᠠᠰᠤᠷᠬᠠᠢ ᠴᠢ ᠡᠵᠢ ᠴᠢᠨᠢ ᠠᠷᠪᠠᠨ ᠰᠠᠷ᠎ᠠ ᠭᠡᠳᠡᠰᠦᠨ ᠳ᠋ᠡᠭᠡᠨ ᠲᠡᠭᠡᠭᠡᠵᠦ ᠬᠢᠲᠤᠭᠠᠨ ᠤ᠋ ᠢᠷ ᠳᠡᠭᠡᠷ᠎ᠡ ᠵᠣᠭᠰᠣᠵᠤ ᠪᠠᠢᠮᠠᠨᠵᠢᠨ ᠴᠢᠮᠠᠶ᠋ᠢ ᠲᠥᠷᠥᠭᠰᠡᠨ ᠰᠢᠦ ᠳᠡ᠃ ᠡᠵᠢ ᠶ᠋ᠢᠨ ᠢ᠋ᠶ᠋ᠡᠨ ᠴᠠᠭᠠᠨ ᠰᠦ ᠶ᠋ᠢ ᠰᠢᠮᠡᠵᠦ ᠡᠵᠢ ᠶ᠋ᠢᠨ ᠢ᠋ᠶ᠋ᠡᠨ ᠨᠢᠷᠤᠭᠤᠨ ᠳᠡᠭᠡᠷ᠎ᠡ ᠭᠤᠷᠪᠠᠨ ᠣᠢ ᠬᠦᠷᠦᠭᠰᠡᠨ ᠶᠦᠮ ᠬᠣᠢᠨ᠎ᠠ ᠴᠢᠮᠠᠶ᠋ᠢ ᠡᠷᠡᠭᠦᠯ ᠪᠡᠶ᠎ᠡ ᠰᠤᠷᠭᠠᠯ ᠤᠬᠠᠭᠠᠨ ᠲᠠᠢ ᠵᠠᠶᠠᠭᠠᠭᠰᠠᠨ ᠡᠵᠢ ᠳ᠋ᠡᠭᠡᠨ ᠪᠤᠤ ᠭᠣᠮᠣᠳᠠᠭᠠᠷᠠᠢ 》ᠭᠡᠵᠦ ᠡᠮᠡᠭᠡ ᠮᠢᠨᠢ ᠨᠠᠳᠠᠳᠤ ᠵᠠᠬᠢᠭᠰᠠᠨ ᠶᠤᠮ᠃
ᠡᠵᠢ ᠠ᠋᠂ ᠲᠠᠨ ᠳ᠋ᠤ᠌ ᠪᠠᠨ ᠬᠡᠯᠡᠶ᠎ᠡ ᠭᠡᠰᠡᠨ ᠦᠭᠡ ᠳᠠᠩᠴᠤ ᠠᠷᠪᠢᠨ ᠶᠠᠭᠠᠬᠢᠨ᠎ᠠ ᠳᠠ᠂ ᠨᠤᠲᠤᠭ ᠤ᠋ᠨ ᠪᠤᠭᠤᠷᠤᠯ ᠬᠠᠢᠯᠠᠰᠤ᠂ ᠪᠤᠷᠭᠠᠰᠤ ᠪᠤᠲᠠ ᠲᠠᠢ ᠣᠷᠣᠢ ᠲᠤᠯᠤᠭᠠᠳ ᠭᠡᠷ ᠪᠠᠢᠰᠢᠩ ᠤᠨᠠᠬᠤ ᠨᠠᠷᠠᠨ ᠤ᠋ ᠤᠯᠠᠭᠠᠨ ᠲᠣᠯᠣᠩ ᠳ᠋ᠤ᠌ ᠪᠣᠳᠣᠭᠳᠠᠵᠤ ᠢᠳᠡᠭᠡᠰᠢᠯᠡᠭᠡᠳ ᠴᠠᠳᠲᠤᠭᠰᠠᠨ ᠰᠦᠷᠦᠭ ᠮᠠᠯ᠂ ᠠᠳᠤᠭᠤ ᠦᠬᠡᠷ ᠮᠠᠨᠢ ᠬᠣᠲᠠ ᠤᠷᠤᠭᠤ ᠠᠭᠤᠵᠢᠮ ᠠᠭᠠᠵᠢᠮᠬᠠᠨ ᠣᠢᠷᠠᠲᠤᠬᠤ ᠦᠶ᠎ᠡ ᠪᠡᠷ ᠡᠵᠢ ᠲᠠᠨ ᠢ᠋ ᠪᠡᠨ ᠰᠠᠨᠠᠬᠤ ᠰᠡᠳᠬᠢᠯ ᠳᠠᠩᠴᠤ ᠬᠦᠨᠳᠦᠷᠡᠵᠦ᠂ ᠡᠵᠢ ᠮᠢᠨᠢ ᠰᠦᠷᠦᠭ ᠮᠠᠯ ᠤ᠋ᠨ ᠠᠷᠤ᠎ᠠ᠋ᠴᠠ ᠰᠢᠳᠡᠮ ᠪᠠᠷᠢᠵᠤ ᠢᠷᠡᠵᠦ ᠪᠠᠢᠬᠤ ᠪᠠᠷ ᠬᠡᠴᠢᠨᠡᠨ ᠴᠦ᠍ ᠤᠳᠠᠭ᠎ᠠ ᠡᠨᠳᠡᠭᠦᠷᠡᠵᠦ ᠪᠣᠳᠣᠯ᠎ᠠ⁈ ᠰᠠᠷᠠᠨ ᠤ᠋ ᠰᠢᠷᠭᠠᠯ ᠲᠤᠶᠠᠭᠠᠨ ᠳ᠋ᠤ᠌ ᠰᠠᠩᠮᠠᠢ ᠪᠤᠯᠠᠭ ᠰᠦ ᠰᠢᠭ ᠰᠦᠯᠡᠭᠳᠡᠭᠡᠳ ᠦᠨᠡᠭᠡᠴᠢ ᠶ᠋ᠢᠨ ᠪᠠᠯᠠᠷ ᠰᠥᠨᠢ ᠶ᠋ᠢᠨ ᠭᠦᠨ ᠳ᠋ᠦ᠍ ᠣᠳᠣ ᠮᠡᠴᠢᠳ ᠲᠡᠢ ᠵᠠᠯᠭᠠᠯᠳᠤᠨ ᠲᠩᠷᠢ ᠶ᠋ᠢᠨ ᠬᠠᠶᠠᠭ᠎ᠠ ᠬᠦᠷᠲᠡᠯ᠎ᠡ ᠪᠦᠳᠡᠢᠭᠡᠳ ᠰᠡᠳᠬᠢᠯ ᠮᠢᠨᠢ ᠡᠵᠢ ᠦᠭᠡᠢ ᠥᠨᠥᠴᠢᠷᠡᠵᠦ ᠨᠡᠩ ᠶᠡᠬᠡ ᠡᠮᠵᠡᠭᠯᠡᠳᠡᠭ ᠶᠦᠮ᠃ ᠬᠠᠷᠢᠨ ᠰᠠᠷ᠎ᠠ ᠲᠠᠢ ᠰᠠᠢᠬᠠᠨ ᠰᠥᠨᠢ ᠪᠣᠯᠬᠤ ᠪᠠᠷ ᠡᠵᠢ ᠮᠢᠨᠢ ᠲᠠᠩᠳᠠ ᠵᠡᠭᠦᠳᠦᠨ ᠳ᠋ᠦ᠍ ᠢᠷᠡᠳᠡᠭ ᠶᠦᠮ᠃ ᠵᠡᠭᠦᠳᠦᠨ ᠳ᠋ᠡᠭᠡᠨ ᠪᠢ ᠡᠵᠢ ᠲᠠᠨ ᠢ᠋ᠶ᠋ᠠᠷ ᠢ᠋ᠶ᠋ᠠᠨ ᠬᠠᠨᠲᠠᠯ᠎ᠠ ᠦᠨᠦᠰᠦᠭᠦᠯᠵᠦ ᠥᠬᠥᠭᠡᠷᠳᠡᠭᠦᠯᠦᠨ ᠡᠵᠢ ᠳ᠋ᠡᠭᠡᠨ ᠭᠡᠵᠦ ᠲᠣᠮᠣᠭ᠎ᠠ ᠦᠭᠡᠢ ᠶᠡᠬᠡ ᠡᠷᠬᠡᠯᠡᠳᠡᠭ᠃ ᠡᠨᠡ ᠴᠠᠭ ᠮᠥᠴᠡ ᠪᠣᠯ ᠡᠨᠡᠬᠡᠨ ᠶᠠᠪᠤᠭ᠎ᠠ ᠨᠠᠰᠤᠨ ᠤ᠋ ᠮᠢᠨᠢ ᠡᠵᠢ ᠶ᠋ᠢᠨ ᠬᠠᠢᠷ᠎ᠠ ᠳ᠋ᠤ᠌ ᠪᠦᠪᠡᠢᠯᠡᠭᠳᠡᠭᠰᠡᠨ ᠭᠠᠭᠴᠠᠬᠠᠨ ᠶᠡᠬᠡ ᠵᠢᠷᠭᠠᠯ ᠢ᠋ ᠬᠣᠷᠣᠮᠬᠠᠨ᠎ᠠ ᠡᠳ᠋ᠯᠡᠭᠰᠡᠨ ᠨᠠᠨᠳᠢᠨ ᠠ᠋ᠴᠠ ᠨᠠᠨᠳᠢᠨ ᠬᠣᠷᠣᠮ ᠶᠤᠮ᠃ ᠡᠵᠢ ᠲᠠᠨ ᠢ᠋ ᠪᠡᠨ ᠵᠡᠭᠦᠳᠦᠯᠡᠭᠡᠳ ᠰᠡᠷᠡᠬᠦ ᠪᠣᠯᠭᠠᠨ ᠰᠡᠳᠬᠢᠯ ᠮᠢᠨᠢ ᠨᠢᠭᠡᠯᠡ ᠲᠠᠢᠪᠤᠰᠢᠷᠠᠵᠤ ᠡᠵᠢ ᠮᠢᠨᠢ ᠲᠠ ᠬᠠᠵᠠᠭᠤᠳᠠ ᠮᠢᠨᠢ ᠡᠩᠬᠦᠷᠡᠢᠯᠡᠨ ᠬᠡᠪᠲᠡᠵᠦ ᠪᠠᠢᠮᠠᠷ ᠣᠢᠷᠠᠬᠠᠨ ᠰᠠᠨᠠᠭᠳᠠᠳᠠᠭ᠃
ᠨᠠᠮᠠᠶ᠋ᠢ ᠠᠷᠪᠠᠨ ᠭᠤᠷᠪᠠ ᠲᠠᠢ ᠵᠢᠯ ᠦ᠋ᠨ ᠡᠪᠦᠯ ᠨᠥᠮᠥᠷᠢ ᠲᠦᠰᠢᠭ ᠮᠢᠨᠢ ᠪᠣᠯᠵᠤ ᠬᠠᠷᠠᠮ ᠦᠭᠡᠢ ᠶᠡᠬᠡ ᠬᠠᠢᠷ᠎ᠠ ᠡᠨᠡᠷᠢᠯ ᠢ᠋ᠶ᠋ᠡᠨ ᠬᠦᠷᠲᠡᠭᠡᠵᠦ ᠶᠠᠪᠤᠭᠰᠠᠨ ᠠᠴᠢᠲᠤ ᠪᠤᠭᠤᠷᠤᠯ ᠡᠮᠡᠭᠡ ᠡᠵᠢ ᠮᠢᠨᠢ ᠴᠦ᠍ ᠠᠭᠤᠰᠬᠢᠨ ᠡᠪᠡᠳᠴᠢᠨ ᠢ᠋ᠶ᠋ᠡᠷ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠪᠡ᠃ ᠡᠮᠡᠭᠡ ᠮᠢᠨᠢ ᠪᠤᠷᠬᠠᠨ ᠪᠣᠯᠬᠤ ᠶ᠋ᠢᠨ ᠡᠴᠦᠰ ᠦ᠋ᠨ ᠬᠡᠳᠦᠬᠡᠨ ᠮᠢᠨᠦ᠋ᠲ ᠨᠠᠮᠠᠶ᠋ᠢ ᠳᠡᠷᠭᠡᠳᠡ ᠪᠡᠨ ᠳᠠᠭᠤᠳᠠᠵᠤ ᠠᠪᠴᠢᠷᠠᠭᠠᠳ᠄《ᠬᠡᠦᠬᠡᠨ ᠮᠢᠨᠢ ᠡᠵᠢ ᠳ᠋ᠡᠭᠡᠨ ᠪᠤᠤ ᠭᠣᠮᠣᠳᠠᠭᠠᠷᠠᠢ! ᠠᠷᠪᠠᠨ ᠨᠠᠢ᠍ᠮᠠ ᠬᠦᠷᠪᠡᠯ ᠡᠵᠢ ᠪᠡᠨ ᠬᠠᠢᠵᠤ ᠣᠴᠢᠭᠠᠷᠠᠢ᠂ ᠡᠵᠢ ᠶ᠋ᠢᠨ ᠴᠢᠨᠢ ᠨᠡᠷ᠎ᠡ ᠨᠢ ᠤᠨᠳᠤᠷᠤᠮ᠎ᠠ ᠭᠡᠳᠡᠭ᠃ ᠦᠦᠰᠢᠨ ᠬᠤᠰᠢᠭᠤᠨ ᠤ᠋ ᠱᠠᠷᠯᠢᠭ ᠰᠤᠮᠤᠨ ᠤ᠋ ᠪᠣᠷᠣᠬᠥᠳᠡᠭᠡ ᠳ᠋ᠦ᠍ ᠨᠤᠲᠤᠭ ᠲᠠᠢ》 ᠭᠡᠵᠦ ᠬᠡᠯᠡᠭᠡᠳ ᠵᠠᠭᠤᠷᠠᠳᠤ ᠶ᠋ᠢᠨ ᠡᠨᠡ ᠬᠣᠷᠸᠠᠠ᠋ᠴᠠ ᠥᠨᠢᠳᠡ ᠬᠠᠭᠠᠴᠠᠭᠰᠠᠨ ᠪᠢᠯᠡ᠃
ᠠᠮᠢᠳᠤ ᠠ᠋ᠴᠠ ᠦᠬᠦᠯ ᠬᠦᠷᠲᠡᠯ᠎ᠡ ᠬᠠᠭᠠᠰᠬᠠᠨ ᠮᠢᠨᠦᠬᠢ ᠶ᠋ᠢᠨ ᠵᠠᠢ ᠲᠠᠢ᠂ ᠬᠠᠢᠷ᠎ᠠ ᠡᠴᠡ ᠬᠠᠭᠠᠴᠠᠯ ᠪᠣᠯᠲᠠᠯ᠎ᠠ ᠭᠠᠭᠴᠠᠬᠠᠨ ᠰᠧᠺᠦ᠋ᠨ᠋ᠳ᠋ ᠦ᠋ᠨ ᠴᠠᠭ ᠲᠠᠢ ᠬᠣᠷᠸ᠎ᠠ ᠶ᠋ᠢᠨ ᠡᠨᠡ ᠬᠠᠲᠠᠭᠤ ᠵᠢᠮ᠎ᠡ ᠶ᠋ᠢ ᠶᠠᠭᠠᠬᠢᠵᠤ ᠲᠤᠭᠤᠯᠤᠨ᠎ᠠ ᠳᠠ!?᠂ ᠬᠠᠭᠠᠴᠠᠵᠤ ᠰᠠᠯᠬᠤ ᠶ᠋ᠢᠨ ᠪᠠᠰᠠ ᠨᠢᠭᠡ ᠤᠳᠠᠭᠠᠨ ᠤ᠋ ᠳᠡᠩᠳᠡᠭᠦᠦ ᠶᠡᠬᠡ ᠡᠨᠤᠯᠡᠯ ᠢ᠋ ᠪᠠᠯᠴᠢᠷ ᠣᠶᠤᠨ ᠪᠣᠷᠣ ᠵᠢᠷᠦᠬᠡ ᠬᠣᠶᠠᠷ ᠮᠢᠨᠢ ᠡᠮᠭᠡᠨᠢᠯ ᠲᠡᠢ ᠲᠤᠭᠤᠯᠵᠤ ᠯᠠ ᠶᠠᠪᠤᠭᠰᠠᠨ ᠶᠤᠮ᠃ ᠡᠨᠡ ᠶᠢᠷᠲᠢᠨᠴᠦ ᠳ᠋ᠦ᠍ ᠡᠵᠢ ᠭᠡᠳᠡᠭ ᠰᠦ ᠲᠡᠢ ᠪᠤᠷᠬᠠᠳ ᠪᠠᠢᠳᠠᠭ ᠢ᠋ᠶ᠋ᠠᠷ ᠢ᠋ᠶ᠋ᠠᠨ ᠬᠣᠷᠸ᠎ᠠ ᠳᠡᠯᠡᠬᠡᠢ ᠮᠢᠨᠢ ᠬᠠᠢᠷ᠎ᠠ ᠡᠨᠡᠷᠢᠯ ᠬᠠᠮᠤᠭ ᠵᠢᠷᠭᠠᠯ ᠢ᠋ᠶ᠋ᠠᠷ ᠪᠢᠯᠬᠠᠮ᠎ᠠ ᠳᠤᠯᠠᠭᠠᠬᠠᠨ ᠪᠠᠢᠵᠠᠢ᠃
《ᠰᠦᠮᠡᠢᠬᠦ ᠵᠡᠷᠭᠡᠯᠭᠡᠨ ᠳ᠋ᠦ᠍ ᠭᠡᠭᠡ ᠠᠨᠢᠷᠯᠠᠭᠠᠳ ᠰᠦᠰᠦᠭᠯᠡᠬᠦ ᠶ᠋ᠢᠨ ᠡᠷᠬᠡᠨ ᠳ᠋ᠦ᠍ ᠡᠵᠢ ᠮᠢᠨᠢ ᠪᠣᠳᠣᠭᠳᠠᠨ᠎ᠠ ᠬᠦᠦ ᠪᠡᠨ ᠢᠷᠡᠨ᠎ᠡ ᠭᠡᠳ ᠰᠦ ᠪᠡᠨ ᠡᠷᠭᠦᠭᠡᠳ ᠬᠦᠰᠡᠯ ᠢ᠋ᠶ᠋ᠡᠨ ᠴᠢᠯᠡᠲᠡᠯ᠎ᠡ ᠠᠯᠤᠰ ᠢ᠋ ᠰᠢᠷᠳᠡᠭᠡ ᠳᠡ ᠠᠯᠤᠰ ᠲᠤ᠌ ᠰᠠᠭᠤᠭ᠎ᠠ ᠡᠵᠢ ᠮᠢᠨᠢ ᠠᠮᠢᠨ ᠬᠠᠢᠷᠠᠲᠠᠢ ᠰᠢᠲᠦᠭᠡᠨ ᠮᠢᠨᠢ ᠪᠢᠯᠡ ᠠ᠋!》《ᠠᠯᠤᠰ ᠲᠤ᠌ ᠰᠠᠭᠤᠭ᠎ᠠ ᠡᠵᠢ ᠮᠢᠨᠢ》 ᠭᠡᠬᠦ ᠡᠨᠡ ᠳᠠᠭᠤᠤ ᠡᠵᠢ ᠲᠠᠨ ᠢ᠋ ᠪᠡᠨ ᠰᠠᠨᠠᠵᠤ ᠰᠠᠭᠤᠭ᠎ᠠ ᠮᠢᠨᠦ ᠰᠡᠳᠬᠢᠯ ᠢ᠋ ᠣᠨᠣᠭᠠᠵᠤ ᠳᠠᠭᠤᠯᠠᠭᠰᠠᠨ ᠠᠷᠴᠠᠭ᠎ᠠ ᠦᠭᠡᠢ ᠰᠠᠢᠬᠠᠨ ᠳᠠᠭᠤᠤ ᠶᠤᠮ᠃
ᠬᠠᠢᠷᠠᠲᠤ ᠡᠵᠢ ᠮᠢᠨᠢ ᠠ᠋᠂ ᠡᠮᠡᠭᠡ ᠡᠵᠢ ᠲᠠᠨ ᠤ᠋ ᠬᠣᠶᠠᠷ ᠢ᠋ ᠰᠠᠨᠠᠬᠤ ᠪᠦᠷᠢ ᠪᠢ ᠡᠨᠡ ᠳᠠᠭᠤᠤ ᠶ᠋ᠢ ᠰᠣᠨᠣᠰᠳᠠᠭ᠂ ᠡᠨᠡ ᠳᠠᠭᠤᠤ ᠬᠠᠢᠷ᠎ᠠ ᠬᠣᠮᠰᠠᠳᠠᠭᠰᠠᠨ ᠪᠠᠯᠴᠢᠷ ᠣᠢ ᠳ᠋ᠤ᠌ ᠮᠢᠨᠢ ᠣᠶᠤᠨ ᠤ᠋ ᠲᠡᠵᠢᠭᠡᠯ᠂ ᠬᠠᠢᠷ᠎ᠠ ᠶ᠋ᠢᠨ ᠲᠤᠯᠭᠠᠭᠤᠷᠢ ᠪᠣᠯᠵᠤ ᠢᠷᠡᠭᠰᠡᠨ᠃ ᠡᠵᠢ ᠠ᠋᠂ ᠮᠠᠭᠤ ᠥᠬᠢᠨ ᠴᠢᠨᠢ ᠲᠥᠪ ᠦ᠋ᠨ ᠦᠨᠳᠦᠰᠦᠲᠡᠨ ᠣ ᠶᠡᠬᠡ ᠰᠤᠷᠭᠠᠭᠤᠯᠢ ᠶ᠋ᠢᠨ ᠣᠶᠤᠲᠠᠨ ᠪᠣᠯᠤᠯ᠎ᠠ᠃ ᠡᠮᠡᠭᠡ ᠶ᠋ᠢᠨ ᠮᠢᠨᠢ ᠬᠡᠯᠡᠭᠰᠡᠨ ᠦᠭᠡ ᠯᠠᠪᠲᠠᠢ ᠦᠨᠡᠨ ᠪᠠᠢᠬᠤ ᠭᠡᠵᠦ ᠡᠵᠢ ᠲᠠᠨ ᠲᠠᠢ ᠪᠠᠨ ᠠᠭᠤᠯᠵᠠᠬᠤ ᠡᠳᠦᠷ ᠢ᠋ ᠬᠦᠰᠡᠨ ᠬᠦᠯᠢᠶᠡᠵᠦ ᠪᠠᠢᠨ᠎ᠠ᠃ ᠥᠬᠢᠨ ᠴᠢᠨᠢ ᠣᠷᠬᠢᠭᠠᠳ ᠶᠠᠪᠤᠯ᠎ᠠ ᠭᠡᠵᠦ ᠲᠠᠨ ᠳ᠋ᠠᠭᠠᠨ ᠭᠣᠮᠣᠳᠠᠬᠤ ᠦᠭᠡᠢ᠃ ᠡᠵᠢ ᠮᠢᠨᠢ ᠡᠭᠡᠯ ᠳᠣᠷᠣᠢ᠂ ᠡᠮᠰᠡᠢᠵᠦ ᠪᠥᠭᠲᠥᠢᠭᠰᠡᠨ ᠪᠠᠢᠪᠠᠴᠤ ᠪᠢ ᠭᠣᠯᠣᠬᠤ ᠦᠭᠡᠢ᠃ ᠡᠵᠢ ᠮᠢᠨᠢ ᠥᠨᠢᠷ ᠥᠳᠬᠡᠨ ᠠᠮᠢᠳᠤᠷᠠᠵᠤ ᠪᠠᠢᠪᠠᠯ ᠥᠬᠢᠨ ᠴᠢᠨᠢ ᠲᠠᠨ ᠳ᠋ᠤ᠌ ᠪᠠᠨ ᠬᠠᠢᠷ᠎ᠠ ᠬᠦᠨᠳᠦᠳᠬᠡᠯ ᠳᠡᠪᠰᠢᠭᠦᠯᠦᠶ᠎ᠡ᠃ ᠡᠵᠢ ᠮᠢᠨᠢ ᠵᠣᠪᠠᠵᠤ ᠵᠦᠳᠡᠨ ᠡᠨᠣᠯᠣᠨ ᠰᠢᠨᠡᠯᠡᠵᠦ ᠶᠠᠪᠤᠭ᠎ᠠ ᠪᠣᠯ ᠥᠬᠢᠨ ᠴᠢᠨᠢ ᠲᠠᠨ ᠳ᠋ᠤ᠌ ᠪᠠᠨ ᠨᠥᠮᠥᠷᠢ ᠲᠦᠰᠢᠭ ᠪᠣᠯᠵᠤ ᠲᠠᠨ ᠢ᠋ ᠪᠡᠨ ᠠᠰᠠᠷᠠᠵᠤ ᠬᠠᠷᠠᠭᠠᠯᠵᠠᠵᠤ ᠦᠷ᠎ᠡ ᠶ᠋ᠢᠨ ᠰᠠᠢᠬᠠᠨ ᠪᠤᠶᠠᠨ ᠢ᠋ ᠡᠳ᠋ᠯᠡᠭᠦᠯᠵᠦ ᠶᠠᠪᠤᠶ᠎ᠠ᠃ ᠳᠠᠬᠢᠨᠲᠠ ᠬᠦᠰᠡᠬᠦ ᠨᠢ ᠡᠵᠢ ᠮᠢᠨᠢ ᠲᠠ ᠡᠷᠡᠭᠦᠯ ᠲᠡᠩᠬᠡᠯᠡᠭᠦᠨ ᠯᠡ ᠪᠠᠢᠭᠠᠰᠠᠢ! ᠡᠭᠦᠨ᠎ᠡ᠄ ᠲᠠᠨ ᠢ᠋ ᠪᠡᠨ ᠬᠦᠰᠡᠨ ᠬᠦᠯᠢᠶᠡᠵᠦ ᠪᠠᠢᠭ᠎ᠠ ᠮᠠᠭᠤ ᠰᠢᠷ᠎ᠠ ᠥᠬᠢᠨ ᠡᠴᠡ ᠴᠢᠨᠢ ᠶᠣᠰᠣᠯᠠᠪᠠ᠃
2023 ᠣᠨ ᠤ᠋4 ᠰᠠᠷ᠎ᠠ ᠶ᠋ᠢᠨ18 ᠤ᠋ ᠡᠳᠦᠷ
ᠲᠣᠳᠣᠷᠬᠠᠢᠯᠠᠯᠲᠠ᠄
ᠠᠯᠠᠭᠴᠤᠳ ᠨᠠᠷᠠᠨᠴᠢᠮᠡᠭ( ᠪᠣ᠂ ᠠᠭᠢ)᠂ ᠣᠷᠳᠣᠰ ᠨᠤᠲᠤᠭ ᠲᠠᠢ ᠬᠣᠲᠠ ᠶ᠋ᠢᠨ ᠤᠷᠠᠨ ᠪᠢᠴᠢᠯᠭᠡᠲᠡᠨ ᠦ᠌ ᠨᠡᠢᠭᠡᠮᠯᠢᠭ ᠦ᠋ᠨ ᠭᠡᠰᠢᠭᠦᠨ᠂ ᠣᠷᠳᠣᠰ ᠬᠣᠲᠠ ᠶ᠋ᠢᠨ ᠵᠣᠬᠢᠶᠠᠯᠴᠢᠳ ᠤ᠋ᠨ ᠡᠪᠯᠡᠯ ᠦ᠋ᠨ ᠭᠡᠰᠢᠭᠦᠨ᠃ ᠲᠡᠭᠦᠨ ᠦ᠌ ᠵᠣᠬᠢᠶᠠᠯ ᠪᠦᠲᠦᠭᠡᠯ ᠨᠢ《ᠦᠨᠳᠦᠰᠦᠲᠡᠨ ᠦ᠌ ᠤᠳᠬ᠎ᠠ ᠵᠣᠬᠢᠶᠠᠯ》᠂《ᠬᠤᠨ ᠭᠠᠯᠠᠭᠤ》᠂《ᠲᠣᠷᠭᠠᠨ ᠵᠢᠯᠣᠭᠣ》᠂《ᠠᠯᠲᠠᠨ ᠭᠠᠨᠳᠠᠷᠢ》᠂《ᠠᠯᠲᠠᠨ ᠤᠨᠠᠭ᠎ᠠ》᠂《ᠣᠷᠳᠣᠰ ᠤ᠋ᠨ ᠡᠳᠦᠷ ᠦ᠋ᠨ ᠰᠣᠨᠢᠨ》᠂《ᠬᠥᠯᠥᠨ ᠪᠤᠢᠷ ᠤ᠋ᠨ ᠡᠳᠦᠷ ᠦ᠋ᠨ ᠰᠣᠨᠢᠨ》᠂ ᠵᠡᠷᠭᠡ ᠰᠣᠨᠢᠨ ᠰᠡᠳᠬᠦᠯ ᠦ᠋ᠳ ᠲᠦ᠍ ᠨᠡᠢᠲᠡᠯᠡᠭᠳᠡᠵᠦ᠂ ᠤᠷᠠᠨ ᠪᠢᠴᠢᠯᠭᠡ ᠶ᠋ᠢᠨ ᠪᠦᠲᠦᠭᠡᠯ ᠨᠢ᠂ 2017 ᠣᠨ ᠳᠤᠮᠳᠠᠳᠤ ᠮᠣᠩᠭᠣᠯ ᠬᠣᠶᠠᠷ ᠤᠯᠤᠰ ᠤ᠋ᠨ 《ᠣᠩᠭᠣᠨ ᠪᠠᠢᠭᠠᠯᠢ》 ᠨᠡᠷᠡᠮᠵᠢᠲᠦ ᠤᠷᠠᠨ ᠪᠢᠴᠢᠯᠭᠡ ᠶ᠋ᠢᠨ ᠦᠵᠡᠰᠬᠦᠯᠡᠩ᠂ 2018 ᠣᠨ ᠤ᠋ ᠪᠦᠬᠦ ᠤᠯᠤᠰ ᠤ᠋ᠨ《ᠬᠡᠰᠢᠭᠪᠠᠲᠤ》᠂ ᠨᠡᠷᠡᠮᠵᠢᠲᠦ ᠮᠣᠩᠭᠣᠯ ᠤᠷᠠᠨ ᠪᠢᠴᠢᠯᠭᠡ ᠶ᠋ᠢᠨ ᠦᠵᠡᠰᠬᠦᠯᠡᠩ᠂ 2019 ᠣᠨ ᠳ᠋ᠤ᠌ ᠨᠠᠢ᠍ᠮᠠᠨ ᠮᠣᠵᠢ ᠣᠷᠣᠨ ᠤ᠋《ᠡᠬᠡ ᠬᠡᠯᠡ》ᠨᠡᠷᠡᠮᠵᠢᠲᠦ ᠮᠣᠩᠭᠣᠯ ᠤᠷᠠᠨ ᠪᠢᠴᠢᠯᠭᠡ ᠶ᠋ᠢᠨ ᠦᠵᠡᠰᠬᠦᠯᠡᠩ᠂ 2023 ᠣᠨ ᠳ᠋ᠤ᠌ ᠪᠦᠬᠦ ᠣᠷᠣᠨ ᠤ᠋《ᠤᠯᠤᠰ ᠲᠥᠷᠥ ᠶ᠋ᠢᠨ ᠵᠥᠪᠯᠡᠯᠭᠡᠨ》 ᠦ᠌ ᠤᠷᠠᠨ ᠪᠢᠴᠢᠯᠭᠡ ᠶ᠋ᠢᠨ ᠦᠵᠡᠰᠬᠦᠯᠡᠩ᠂ 2019 ᠣᠨ ᠪᠠ2024 ᠣᠨ ᠤ᠋ ᠪᠦᠬᠦ ᠣᠷᠣᠨ ᠤ᠋ ᠡᠮᠡᠭᠲᠡᠢᠴᠦᠳ ᠦ᠋ᠨ ᠤᠷᠠᠨ ᠪᠢᠴᠢᠯᠭᠡ ᠶ᠋ᠢᠨ ᠦᠵᠡᠰᠬᠦᠯᠡᠩ ᠵᠡᠷᠭᠡ ᠳ᠋ᠦ᠍ ᠲᠤᠰ ᠲᠤᠰ ᠰᠣᠩᠭᠣᠭᠳᠠᠨ ᠱᠠᠩᠨᠠᠭᠤᠯᠵᠠᠢ᠃ ᠪᠠᠰᠠ ᠵᠠᠷᠢᠮ ᠤᠷᠠᠨ ᠪᠢᠴᠢᠯᠭᠡ ᠶ᠋ᠢᠨ ᠪᠦᠲᠦᠭᠡᠯ ᠨᠢ ᠨᠣᠮ ᠰᠤᠳᠤᠷ ᠲᠤ᠌ ᠬᠡᠪᠯᠡᠭᠳᠡᠨ ᠣᠷᠣᠪᠠ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠵᠢᠷᠤᠭ ᠰᠡᠭᠦᠳᠡᠷ ᠦᠢᠯᠡᠳᠦᠭᠴᠢ᠄ ᠪᠠᠢ· ᠰᠠᠷᠠᠨ᠎ᠠ
ᠬᠢᠨᠠᠭᠴᠢ ᠪᠠᠭᠰᠢ᠄ ᠲᠣᠳᠤᠭᠡᠷᠡᠯ᠂ ᠪᠤᠯᠠᠭ