ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(2) Шинэлам – 2-р бүлэг᠂Өлзийжаргал– гялалзсан нэг нас 4(2)
(ᠬᠣᠶᠠᠷ) ᠨᠠᠷᠠᠨᠭᠡᠷᠡᠯ ᠬᠠᠲᠤᠨ ᠤ ᠥᠴᠢᠭ ᠢ ᠠᠪᠤᠭᠰᠠᠨ
ᠦᠦᠰᠢᠨᠵᠤᠤ ᠶᠢᠨ ᠰᠦᠮ᠎ᠡ(ᠭᠠᠨᠵᠤᠤᠷ ᠨᠣᠮ ᠤᠨ ᠬᠡᠶ᠋ᠢᠳ) ᠪᠣᠯ ᠦᠦᠰᠢᠨ ᠬᠣᠰᠢᠭᠤᠨ ᠤ ᠬᠣᠰᠢᠭᠤ ᠬᠡᠶ᠋ᠢᠳ ᠪᠣᠯᠬᠤ ᠶᠤᠮ᠃ ᠬᠡᠳᠦᠨ ᠵᠠᠭᠤᠨ ᠵᠢᠯ ᠤᠨ ᠲᠤᠷᠰᠢ᠂ ᠦᠦᠰᠢᠨ ᠦ ᠣᠯᠠᠨ ᠦᠶ᠎ᠡ ᠶᠢᠨ ᠵᠠᠰᠠᠭ ᠨᠣᠶᠠᠨ ᠪᠡᠶ᠎ᠡ ᠪᠡᠷ ᠢᠶᠡᠨ ᠦᠦᠰᠢᠨᠵᠤᠤ ᠶᠢᠨ ᠰᠦᠮ᠎ᠡ ᠳᠦ ᠵᠢᠯ ᠳᠦ ᠬᠡᠳᠦ ᠤᠳᠠᠭ᠎ᠠ ᠣᠴᠢᠳᠠᠭ᠃ ᠲᠡᠳᠡ ᠶᠡᠬᠡ ᠪᠡᠷ ᠥᠭᠯᠢᠭᠡ ᠪᠠᠷᠢᠴᠠ ᠡᠷᠭᠦᠵᠦ ᠥᠪᠡᠷ ᠤᠨ ᠪᠡᠶ᠎ᠡ ᠪᠣᠯᠤᠨ ᠬᠣᠰᠢᠭᠤ ᠨᠡᠶ᠋ᠢᠲᠡ ᠶᠢᠨ ᠪᠤᠶᠠᠨ ᠵᠦᠭ ᠤᠨ ᠮᠥᠷ ᠲᠦ ᠳᠠᠭᠠᠳᠬᠠᠯ ᠬᠢᠵᠦ᠂ ᠵᠤᠯᠠ ᠬᠦᠵᠢ ᠡᠷᠭᠦᠨ ᠮᠥᠷᠭᠥᠨ ᠵᠠᠯᠪᠠᠷᠢᠳᠠᠭ ᠪᠠᠶ᠋ᠢᠵᠠᠢ᠃
ᠬᠥᠬᠡ ᠪᠠᠷᠰ ᠵᠢᠯ(1914) ᠤᠨ ᠬᠣᠶᠠᠷ ᠰᠠᠷ᠎ᠠ ᠶᠢᠨ ᠦᠶ᠎ᠡ ᠪᠡᠷ ᠨᠣᠶᠠᠨ ᠴᠠᠭᠳᠤᠷᠰᠡᠷᠡᠩ᠂ ᠬᠠᠲᠤᠨ ᠨᠠᠷᠠᠨᠭᠡᠷᠡᠯ ᠲᠠᠢ ᠪᠠᠨ ᠦᠦᠰᠢᠨᠵᠤᠤ ᠶᠢᠨ ᠰᠦᠮ᠎ᠡ ᠳᠦ ᠮᠥᠷᠭᠥᠯ ᠬᠢᠵᠦ ᠠᠮᠠᠷᠠᠵᠤ ᠰᠠᠭᠤᠵᠠᠢ᠃ ᠡᠨᠡ ᠬᠦ᠌ ᠬᠤᠭᠤᠴᠠᠭᠠᠨ ᠳᠤ ᠬᠠᠲᠤᠨ ᠨᠠᠷᠠᠨᠭᠡᠷᠡᠯ ᠶᠠᠮᠤᠨ ᠤ ᠳᠡᠮᠴᠢ ᠡᠷᠳᠡᠨᠢᠰᠠᠩ ᠢ ᠬᠠᠮᠠᠭᠠᠯᠠᠨ ᠲᠠᠯᠪᠢᠵᠤ ᠶᠠᠪᠤᠭᠤᠯᠤᠭᠰᠠᠨ ᠠᠴᠠ ᠬᠣᠶ᠋ᠢᠰᠢ ᠡᠨᠡ ᠤᠳᠠᠭ᠎ᠠ ᠬᠡᠷᠡᠭ ᠣᠨᠣᠯ᠎ᠠ ᠭᠡᠮᠡᠨ ᠦᠵᠡᠵᠦ᠂《ᠡᠷᠳᠡᠨᠢᠰᠠᠩ ᠤᠨ ᠥᠴᠢᠭ ᠪᠣᠯ ᠰᠢᠬᠠᠯᠲᠠ ᠶᠢᠨ ᠳᠣᠣᠷ᠎ᠠ ᠥᠴᠢᠭᠯᠡᠭᠰᠡᠨ ᠬᠠᠭᠤᠷᠮᠠᠭ ᠶᠠᠯ᠎ᠠ》 ᠭᠡᠵᠦ ᠪᠤᠰᠤᠳ ᠲᠤ ᠲᠠᠷᠬᠠᠭᠠᠨ᠂ ᠦᠨᠡᠨ ᠤᠴᠢᠷ ᠢ ᠮᠡᠳᠡᠬᠦ ᠦᠭᠡᠢ ᠮᠠᠯᠴᠢᠨ ᠲᠦᠮᠡᠨ ᠢ ᠮᠢᠨᠴᠦᠷᠡᠭᠦᠯᠵᠦ ᠳᠤᠭᠤᠶ᠋ᠢᠯᠠᠩ ᠤᠨ ᠬᠥᠮᠦᠰ ᠢ ᠡᠶ᠋ᠢᠮᠦ ᠲᠡᠶ᠋ᠢᠮᠦ ᠭᠡᠮᠡᠨ ᠮᠠᠭᠤᠯᠠᠪᠠ᠃ ᠡᠳᠡᠭᠡᠷ ᠢ ᠳᠤᠭᠤᠶ᠋ᠢᠯᠠᠩ ᠤᠨ ᠬᠢᠨ ᠣᠯᠵᠤ ᠰᠣᠨᠣᠰᠤᠭᠠᠳ ᠴᠠᠭᠳᠤᠷᠰᠡᠷᠡᠩ ᠨᠣᠶᠠᠨ ᠪᠣᠯᠤᠨ ᠬᠠᠲᠤᠨ ᠨᠠᠷᠠᠨᠭᠡᠷᠡᠯ ᠳᠦ ᠨᠡᠩ ᠬᠣᠷᠣᠰᠬᠤ ᠪᠣᠯᠵᠠᠢ᠃ ᠢᠩᠭᠢᠭᠡᠳ ᠰᠢᠨᠡᠯᠡᠮ᠎ᠡ᠂ ᠲᠦᠪᠰᠢᠨ ᠵᠡᠷᠭᠡ ᠬᠣᠷᠢᠭᠠᠳ ᠬᠥᠮᠦᠨ ᠢ ᠳᠠᠭᠠᠭᠤᠯᠤᠨ ᠤᠷᠢᠳ ᠢᠶᠠᠷ ᠬᠠᠲᠤᠨ ᠨᠠᠷᠠᠨᠭᠡᠷᠡᠯ ᠢ ᠪᠠᠷᠢᠵᠤ ᠬᠣᠷᠣᠰᠤᠯ ᠢᠶᠠᠨ ᠲᠠᠶ᠋ᠢᠯᠬᠤ ᠪᠠᠷ ᠰᠥᠨᠢ ᠶᠢᠨ ᠬᠠᠷᠠᠩᠭᠤᠢ ᠶᠢ ᠲᠣᠬᠢᠶᠠᠯᠳᠤᠭᠤᠯᠤᠨ ᠦᠦᠰᠢᠨᠵᠤᠤ ᠶᠢᠨ ᠰᠦᠮ᠎ᠡ ᠳᠦ ᠬᠦᠷᠴᠦ ᠨᠣᠶᠠᠨ ᠬᠠᠲᠤᠨ ᠬᠣᠶᠠᠭᠤᠯᠠ ᠶᠢᠨ ᠰᠠᠭᠤᠭ᠎ᠠ ᠱᠠᠩ ᠣᠷᠳᠣᠨ ᠢ ᠪᠦᠰᠡᠯᠡᠵᠦ ᠠᠪᠴᠠᠢ᠃ ᠡᠭᠦᠳᠡᠨ ᠭᠠᠳᠠᠨ᠎ᠠ ᠬᠡᠳᠦᠨ ᠣᠪᠣᠭ᠎ᠠ ᠭᠠᠯ ᠲᠦᠯᠡᠵᠦ ᠤᠯᠠᠮᠵᠢᠯᠠᠯᠲᠤ ᠵᠠᠩ ᠦᠢᠯᠡ ᠪᠡᠷ ᠪᠤᠵᠠᠷ ᠢ᠋ ᠠᠷᠢᠭᠤᠳᠬᠠᠵᠤ ᠪᠠᠢᠭ᠎ᠠ ᠰᠠᠨᠠᠭ᠎ᠠ ᠶ᠋ᠢ ᠢᠯᠡᠷᠡᠭᠦᠯᠵᠦ᠂ ᠳᠦᠷᠡᠯᠵᠡᠭᠰᠡᠨ ᠭᠠᠯ ᠤ᠋ᠨ ᠰᠤᠷ ᠬᠠᠷᠠᠩᠭᠤᠢ ᠰᠥᠨᠢ ᠶ᠋ᠢ ᠭᠡᠷᠡᠯᠲᠦᠭᠦᠯᠵᠦ ᠪᠠᠢᠯ᠎ᠠ᠃ ᠢᠩᠭᠢᠭᠡᠳ ᠳᠤᠭᠤᠢᠯᠠᠩ ᠤ᠋ᠨ ᠬᠢᠨ ᠮᠣᠩᠭᠣᠯ ᠭᠡᠷ ᠲᠦ᠍ ᠨᠣᠢᠷᠰᠤᠵᠤ ᠪᠠᠢᠭᠰᠠᠨ ᠨᠣᠶᠠᠨ ᠬᠠᠲᠤᠨ ᠬᠣᠶᠠᠭᠤᠯᠠ ᠶ᠋ᠢ ᠬᠦᠴᠦᠲᠡᠨ ᠳᠠᠭᠠᠭᠤᠯᠵᠤ ᠭᠠᠯ ᠤ᠋ᠨ ᠭᠡᠷᠡᠯ ᠳ᠋ᠦ᠍ ᠠᠪᠴᠢᠷᠠᠪᠠ᠃ ᠰᠢᠨᠠᠯᠠᠮ᠎ᠠ ᠠ᠋ᠴᠠ᠄《ᠤᠷᠢᠳ ᠢ᠋ᠶ᠋ᠠᠷ ᠨᠠᠷᠠᠨᠭᠡᠷᠡᠯ ᠬᠠᠲᠤᠨ ᠢ᠋ ᠪᠢᠳᠡ ᠳᠠᠭᠠᠭᠤᠯᠤᠨ ᠶᠠᠪᠤᠶ᠎ᠠ᠂ ᠨᠣᠶᠠᠨ ᠡᠵᠡᠨ ᠦ᠌ ᠨᠡᠷ᠎ᠡ ᠠᠯᠳᠠᠷ ᠢ᠋ ᠭᠤᠲᠤᠭᠠᠭᠰᠠᠨ ᠬᠠᠲᠤᠨ ᠨᠠᠷᠠᠨᠭᠡᠷᠡᠯ ᠢ᠋ ᠳᠡᠮᠴᠢ ᠡᠷᠳᠡᠨᠢᠰᠠᠩ ᠲᠠᠢ ᠠᠮᠠ ᠲᠤᠯᠭᠠᠭᠰᠠᠨ ᠤ᠋ ᠬᠣᠢᠨ᠎ᠠ ᠰᠠᠶᠢ ᠪᠤᠴᠠᠭᠠᠶ᠎ᠠ ᠁》 ᠭᠡᠬᠦ ᠳ᠋ᠦ᠍ ᠴᠠᠭᠳᠤᠷᠰᠡᠷᠡᠩ ᠡᠴᠡ᠄《ᠲᠠᠨᠤᠰ ᠮᠢᠨᠢ ᠶᠠᠭᠠᠬᠢᠵᠤ ᠪᠠᠢᠭ᠎ᠠ ᠶᠤᠮ ᠪᠣᠢ? ᠨᠠᠪᠴᠢᠲᠤ ᠡᠷᠭᠦᠮᠵᠢᠯᠡᠯᠲᠦ ᠰᠡᠴᠡᠨ ᠬᠠᠲᠤᠨ ᠰᠢᠦ ᠁》 ᠭᠡᠵᠦ ᠬᠡᠯᠡᠬᠦ ᠳ᠋ᠦ᠍ ᠰᠢᠨᠠᠯᠠᠮ᠎ᠠ ᠡᠯᠭᠦᠵᠦ ᠠᠪᠤᠭᠠᠳ᠄《ᠲᠠ ᠰᠠᠨᠠᠭ᠎ᠠ ᠠᠮᠤᠷ ᠪᠠᠢ! ᠪᠢᠳᠡ ᠬᠠᠲᠤᠨ ᠨᠠᠷᠠᠨᠭᠡᠷᠡᠯ ᠳ᠋ᠦ᠍ ᠭᠠᠷ ᠬᠦᠷᠴᠦ ᠵᠣᠳᠣᠵᠤ ᠳᠡᠭᠦᠵᠢᠯᠡᠨ ᠲᠠᠮᠤᠯᠠᠬᠤ ᠦᠭᠡᠢ᠂ ᠬᠠᠷᠢᠨ ᠬᠤᠰᠢᠭᠤᠨ ᠤ᠋ ᠬᠠᠷᠢᠶᠠᠲᠤ ᠠᠢᠯ ᠡᠷᠦᠬᠡ ᠶ᠋ᠢ ᠳᠠᠭᠠᠭᠤᠯᠤᠨ ᠬᠠᠷᠠᠭᠠᠯᠵᠠᠨ ᠰᠤᠪᠢᠯᠠᠭᠤᠯᠤᠨᠠ᠃ ᠮᠠᠨᠤᠰ ᠲᠤ᠌ ᠢᠯᠡᠭᠦᠦ ᠮᠣᠷᠢ ᠦᠭᠡᠢ ᠲᠤᠯᠠ ᠰᠦᠮ᠎ᠡ ᠶ᠋ᠢᠨ ᠯᠠᠮᠠ ᠪᠠᠭᠰᠢ ᠠ᠋ᠴᠠ ᠡᠮᠡᠭᠡᠯ ᠦᠭᠡᠢ ᠨᠢᠭᠡ ᠮᠣᠷᠢ ᠵᠢᠭᠡᠯᠡᠵᠦ ᠠᠪᠤᠯ᠎ᠠ᠂ ᠭᠡᠶ᠎ᠡ ᠬᠠᠲᠤᠨ ᠬᠥᠮᠦᠨ ᠢ᠋ ᠵᠠᠢᠳᠠᠩ ᠮᠣᠷᠢ ᠣᠨᠣᠭᠤᠯᠬᠤ ᠦᠭᠡᠢ ᠁》 ᠭᠡᠳ ᠬᠡᠵᠢᠶᠡᠨᠡᠢ ᠨᠢᠭᠡᠨ ᠵᠤᠵᠠᠭᠠᠨ ᠰᠢᠷᠲᠡᠭ ᠦ᠋ᠨ ᠳᠡᠭᠡᠷ᠎ᠡ ᠮᠣᠳᠣᠨ ᠶᠠᠩᠭᠢᠷᠴᠠᠭ(ᠪᠠᠯᠠᠷ ᠣᠢ ᠳ᠋ᠤ᠌ ᠰᠠᠭᠤᠷᠢᠰᠢᠭᠰᠠᠨ ᠮᠣᠩᠭᠣᠯᠴᠤᠳ ᠮᠣᠷᠢ ᠪᠠᠷ ᠪᠤᠷᠭᠠᠰᠤ ᠠᠴᠢᠶᠠᠯᠠᠬᠤ ᠳ᠋ᠤ᠌ ᠡᠮᠡᠭᠡᠯ ᠦ᠋ᠨ ᠣᠷᠣᠨ ᠳ᠋ᠤ᠌ ᠵᠠᠷᠤᠳᠠᠭ 6 ᠬᠡᠰᠡᠭ ᠮᠣᠳᠣ ᠪᠠᠷ ᠪᠦᠷᠢᠯᠳᠦᠭᠰᠡᠨ ᠵᠦᠢᠯ) ᠲᠣᠬᠣᠭᠰᠠᠨ ᠶᠠᠷᠵᠠᠩ ᠲᠦᠩᠰᠢᠶᠡ ᠮᠣᠷᠢᠨ(ᠲᠠᠷᠭᠤ ᠬᠦᠴᠦ ᠪᠡᠷ ᠳᠣᠷᠣᠢ ᠥᠴᠦᠬᠡᠨ ᠴᠦ᠍ ᠵᠢᠷᠣᠭ᠎ᠠ ᠰᠠᠢᠪᠤᠷ ᠦᠭᠡᠢ ᠬᠠᠲᠠᠭᠤ ᠠᠯᠬᠤᠭ᠎ᠠ ᠲᠠᠢ ᠮᠣᠷᠢ) ᠳᠡᠭᠡᠷ᠎ᠡ ᠨᠠᠷᠠᠨᠭᠡᠷᠡᠯ ᠬᠠᠲᠤᠨ ᠢ᠋ ᠰᠤᠭᠤᠳᠠᠵᠤ ᠤᠨᠤᠭᠤᠯᠤᠭᠠᠳ ᠢᠮᠠᠭᠠᠨ ᠰᠤᠷᠮᠤ ᠪᠠᠷ ᠲᠠᠮᠤᠭᠰᠠᠨ ᠤᠲᠠᠰᠤ ᠪᠠᠷ ᠳᠡᠯᠳᠡᠵᠦ ᠨᠡᠬᠡᠭᠰᠡᠨ ᠰᠢᠷᠦᠭᠦᠨ ᠰᠤᠮᠠᠯ ᠢ᠋ ᠲᠣᠯᠣᠭᠠᠢ ᠳ᠋ᠤᠨᠢ ᠤᠭᠯᠠᠵᠤ ᠰᠢᠷᠭᠤᠭᠤᠯᠤᠭᠠᠳ ᠮᠣᠷᠢ ᠶ᠋ᠢ ᠨᠢ ᠬᠥᠲᠥᠯᠦᠨ ᠦᠦᠰᠢᠨᠵᠣᠣ ᠶ᠋ᠢᠨ ᠰᠦᠮ᠎ᠡ ᠡᠴᠡ ᠵᠡᠭᠦᠨᠰᠢ ᠶᠠᠪᠤᠵᠠᠢ᠃ ᠨᠡᠯᠢᠶᠡᠳ ᠶᠠᠪᠤᠭᠰᠠᠨ ᠤ᠋ ᠰᠡᠭᠦᠯᠡᠷ ᠡᠮᠦᠨᠡᠰᠢᠯᠡᠵᠦ ᠳᠠᠬᠢᠨ ᠪᠠᠷᠠᠭᠤᠨ ᠬᠣᠢᠰᠢ ᠴᠢᠳᠥᠷᠲᠦ ᠮᠣᠷᠢ ᠲᠠᠯᠪᠢᠴᠢᠬᠠᠭᠠᠳ ᠣᠯᠳᠠᠳᠠᠭ ᠦᠭᠡᠢ ᠪᠠᠯᠠᠷ ᠶᠡᠬᠡ ᠣᠢ ᠳᠤᠮᠳᠠᠭᠤᠷ ᠲᠣᠭᠣᠷᠢᠭᠤ ᠪᠠᠷ ᠵᠠᠮ ᠪᠤᠷᠤᠭᠤᠯᠠᠨ ᠪᠠᠷᠤᠭ ᠬᠣᠷᠢᠭᠠᠳ ᠺᠢᠯᠣᠮᠧᠲ᠋ᠷ ᠶᠠᠪᠤᠭᠠᠳ ᠪᠠᠨᠴᠢᠨ ᠰᠦᠮ᠎ᠡ ᠳᠡᠭᠡᠷ᠎ᠡ ᠬᠦᠷᠴᠡᠢ᠃
ᠨᠠᠷᠠᠨᠭᠡᠷᠡᠯ ᠬᠠᠲᠤᠨ ᠬᠡᠳᠦᠢᠪᠡᠷ ᠳᠤᠭᠤᠢᠯᠠᠩ ᠢ᠋ ᠳᠠᠷᠤᠩᠭᠤᠢᠯᠠᠬᠤ ᠳ᠋ᠤ᠌ ᠬᠠᠲᠠᠭᠤ ᠴᠢᠩᠭ᠎ᠠ ᠪᠣᠯᠪᠠᠴᠤ ᠨᠢᠭᠡᠨ ᠪᠦᠰᠡᠭᠦᠢ ᠬᠥᠮᠦᠨ ᠦ᠌ ᠪᠡᠶ᠎ᠡ ᠳᠡᠭᠡᠷ᠎ᠡ ᠲᠤᠯᠬᠤ ᠡᠨᠡ ᠬᠦ᠌ ᠨᠡᠷ᠎ᠡ ᠦᠭᠡᠢ ᠬᠠᠴᠢᠨ ᠵᠢᠭᠲᠡᠢ ᠵᠡᠷᠯᠢᠭ ᠬᠠᠤᠯᠢ ᠳ᠋ᠤ᠌ ᠡᠪᠡᠳᠴᠦ ᠲᠡᠰᠬᠦ ᠦᠭᠡᠢ ᠳ᠋ᠡᠭᠡᠨ᠂ ᠪᠠᠨᠴᠢᠨ ᠰᠦᠮ᠎ᠡ ᠬᠦᠷᠬᠦ ᠳ᠋ᠦ᠍ ᠨᠢᠭᠡᠨᠲᠡ ᠶᠠᠯ᠎ᠠ ᠪᠠᠨ ᠪᠦᠬᠦᠨ ᠢ᠋ ᠴᠠᠭᠠᠪᠤᠷᠢᠯᠠᠭᠰᠠᠨ ᠪᠠᠢᠨ᠎ᠠ᠃ ᠢᠩᠭᠢᠭᠡᠳ ᠳᠤᠭᠤᠢᠯᠠᠩ ᠤ᠋ᠨ ᠬᠢᠨ ᠲᠡᠭᠦᠨ ᠦ᠌ ᠬᠡᠯᠡᠭᠰᠡᠨ ᠢ᠋ ᠡᠮᠬᠢᠳᠬᠡᠵᠦ ᠲᠤᠰ ᠬᠥᠮᠦᠨ ᠳ᠋ᠦ᠍ᠨᠢ ᠳᠠᠬᠢᠨ ᠳᠠᠪᠲᠠᠨ ᠰᠣᠨᠣᠰᠬᠠᠵᠤ ᠵᠥᠪᠰᠢᠶᠡᠷᠡᠭᠦᠯᠦᠭᠡᠳ ᠭᠠᠷ ᠤ᠋ᠨ ᠬᠤᠷᠤᠭᠤ ᠶ᠋ᠢ ᠨᠢ ᠳᠠᠷᠤᠭᠤᠯᠵᠠᠢ᠃ ᠢᠩᠭᠢᠭᠡᠳ ᠨᠠᠷᠠᠨᠭᠡᠷᠡᠯ ᠬᠠᠲᠤᠨ ᠢ᠋ ᠠᠢᠯ ᠡᠷᠦᠬᠡ ᠳᠠᠭᠠᠭᠤᠯᠤᠨ ᠰᠠᠭᠤᠯᠭᠠᠵᠤ ᠲᠤᠰᠬᠠᠢ ᠬᠥᠮᠦᠨ ᠢ᠋ᠶ᠋ᠡᠷ ᠰᠤᠪᠢᠯᠠᠨ ᠬᠠᠮᠠᠭᠠᠯᠠᠭᠤᠯᠪᠠ᠃
ᠰᠢᠨᠠᠯᠠᠮ᠎ᠠ ᠨᠠᠷᠠᠨᠭᠡᠷᠡᠯ ᠬᠠᠲᠤᠨ ᠤ᠋ ᠥᠴᠢᠭ ᠢ᠋ ᠠᠪᠴᠤ ᠳᠤᠭᠤᠢᠯᠠᠩ ᠤ᠋ᠨ ᠨᠡᠷ᠎ᠡ ᠪᠡᠷ ᠪᠠᠷᠠᠭᠤᠨ ᠬᠦᠩ ᠲᠤᠰᠠᠯᠠᠭᠴᠢ ᠴᠣᠭᠲᠤᠸᠴᠢᠷ ᠲᠤ᠌ ᠡᠷᠭᠦᠯᠲᠡ ᠪᠢᠴᠢᠵᠦ ᠬᠠᠲᠤᠨ ᠨᠠᠷᠠᠨᠭᠡᠷᠡᠯ ᠪᠣᠯᠤᠨ ᠳᠡᠮᠴᠢ ᠡᠷᠳᠡᠨᠢᠰᠠᠩ ᠢ᠋ ᠰᠢᠢᠳᠬᠡᠭᠦᠯᠬᠦ ᠪᠡᠷ ᠱᠠᠭᠠᠷᠳᠠᠪᠠ᠃ ᠴᠣᠭᠲᠤᠸᠴᠢᠷ ᠲᠡᠷᠡ ᠳᠠᠷᠤᠢ ᠳ᠋ᠤᠨᠢ ᠴᠢᠭᠤᠯᠭᠠᠨ ᠤ᠋ ᠲᠠᠰᠤᠯᠤᠨ ᠰᠢᠢᠳᠬᠡᠭᠴᠢ ᠶ᠋ᠢᠨ ᠶᠠᠮᠤᠨ ᠳ᠋ᠤ᠌ ᠳᠠᠮᠵᠢᠭᠤᠯᠤᠨ ᠮᠡᠳᠡᠭᠦᠯᠦᠭᠰᠡᠨ ᠶᠦᠮ᠃ ᠳᠡᠮᠡᠢ ᠤᠳᠠᠭᠰᠠᠨ ᠦᠭᠡᠢ ᠴᠢᠭᠤᠯᠭᠠᠨ ᠤ᠋ ᠲᠠᠰᠤᠯᠤᠨ ᠰᠢᠢᠳᠬᠡᠭᠴᠢ ᠶ᠋ᠢᠨ ᠶᠠᠮᠤᠨ ᠠ᠋ᠴᠠ ᠦᠦᠰᠢᠨ ᠬᠤᠰᠢᠭᠤᠨ ᠤ᠋ ᠪᠠᠨᠴᠢᠨ ᠰᠦᠮ᠎ᠡ ᠳᠡᠭᠡᠷ᠎ᠡ ᠴᠢᠭᠤᠯᠭᠠᠨ ᠴᠢᠭᠤᠯᠵᠤ ᠨᠠᠷᠠᠨᠭᠡᠷᠡᠯ ᠬᠠᠲᠤᠨ ᠤ᠋《ᠨᠠᠪᠴᠢᠲᠤ ᠡᠷᠭᠦᠮᠵᠢᠯᠡᠯᠲᠦ ᠭᠤᠤᠮᠢᠩ ᠬᠠᠲᠤᠨ》 ᠭᠡᠬᠦ ᠬᠡᠷᠬᠡᠮ ᠦ᠋ᠨ ᠴᠣᠯᠠ ᠶ᠋ᠢ ᠨᠢ ᠳᠠᠭᠠᠷᠢᠵᠤ ᠰᠢᠢᠳᠬᠡᠪᠡ᠃ ᠡᠭᠦᠨ ᠦ᠌ ᠬᠠᠮᠲᠤ ᠣᠯᠠᠨ ᠲᠦᠮᠡᠨ ᠢ᠋ ᠳᠤᠭᠤᠢᠯᠠᠩ ᠢ᠋ᠶ᠋ᠠᠨ ᠲᠦᠷᠭᠡᠨ ᠲᠠᠷᠬᠠᠭᠠᠬᠤ ᠬᠡᠷᠡᠭᠲᠡᠢ ᠭᠡᠵᠦ ᠰᠢᠢᠳᠪᠦᠷᠢᠯᠡᠭᠰᠡᠨ ᠪᠠᠢᠨ᠎ᠠ᠃
ᠦᠦᠰᠢᠨ ᠬᠤᠰᠢᠭᠤᠨ ᠤ᠋ ᠲᠠᠢᠵᠢ᠂ ᠬᠠᠷᠠᠴᠤᠰ ᠪᠣᠯᠤᠨ ᠳᠤᠭᠤᠢᠯᠠᠩ ᠤ᠋ᠨ ᠬᠥᠮᠦᠰ ᠦ᠋ᠨ ᠵᠠᠭᠠᠯᠳᠤᠯᠭ᠎ᠠ ᠪᠣᠯᠤᠨ ᠡᠰᠡᠷᠭᠦᠴᠡᠯ ᠦ᠋ᠨ ᠬᠦᠴᠦᠨ ᠦ᠌ ᠰᠢᠬᠠᠯᠲᠠ ᠠ᠋ᠴᠠ ᠪᠣᠯᠵᠤ ᠲᠤᠬᠠᠢ ᠶ᠋ᠢᠨ ᠦᠶ᠎ᠡ ᠶ᠋ᠢᠨ ᠢᠷᠭᠠᠢ ᠶ᠋ᠢᠨ ᠮᠠ ᠪᠦ ᠰᠢᠶᠠᠩ ᠵᠠᠩᠵᠤᠨ ᠤ᠋ ᠼᠠᠨᠮᠤ ᠢᠦᠢ ᠲᠢᠩ ᠮᠢᠩ ᠦᠦᠰᠢᠨ ᠬᠤᠰᠢᠭᠤᠨ ᠳ᠋ᠤ᠌ ᠢᠷᠡᠵᠦ ᠨᠡᠢᠭᠡᠮ ᠦ᠋ᠨ ᠪᠠᠢᠴᠠᠭᠠᠯᠲᠠ ᠬᠢᠪᠡ᠃ ᠰᠢᠨᠠᠯᠠᠮ᠎ᠠ ᠶ᠋ᠢᠨ ᠳᠤᠷᠠᠳᠤᠯᠭ᠎ᠠ ᠶ᠋ᠢ ᠦᠨᠳᠦᠰᠦᠯᠡᠵᠦ᠂ ᠴᠠᠭᠳᠤᠷᠰᠡᠷᠡᠩ ᠦ᠋ᠨ ᠬᠣᠰᠢᠭᠤ ᠵᠠᠰᠠᠭ ᠤ᠋ᠨ ᠲᠤᠰᠢᠶᠠᠯ ᠵᠡᠷᠭᠡ ᠶ᠋ᠢ ᠤᠭᠴᠠᠷᠠᠭᠤᠯᠬᠤ ᠶᠠᠪᠤᠳᠠᠯ ᠤᠷᠤᠭᠰᠢᠲᠠᠢ ᠪᠣᠯᠤᠭᠰᠠᠨ ᠪᠥᠭᠡᠳ ᠳᠠᠷᠠᠭ᠎ᠠ ᠵᠢᠯ ᠨᠢ ᠶᠤᠸᠠᠨ ᠱᠢ ᠺᠠᠢ ᠽᠦᠩᠲ᠋ᠦ᠋ᠩ ᠦ᠋ᠨ ᠵᠠᠷᠯᠢᠭ ᠢ᠋ᠶ᠋ᠠᠷ ᠴᠠᠭᠳᠤᠷᠰᠡᠷᠡᠩ ᠦ᠋ᠨ ᠬᠣᠰᠢᠭᠤ ᠵᠠᠰᠠᠭ ᠤ᠋ᠨ ᠲᠤᠰᠢᠶᠠᠯ ᠢ᠋ ᠤᠭᠴᠠᠷᠠᠭᠤᠯᠵᠠᠢ᠃ ᠢᠩᠭᠢᠭᠡᠳ ᠰᠢᠨᠠᠯᠠᠮ᠎ᠠ ᠶ᠋ᠢᠨ ᠤᠳᠤᠷᠢᠳᠤᠭᠰᠠᠨ ᠳᠤᠭᠤᠢᠯᠠᠩ ᠨᠢ ᠪᠠᠰᠠ ᠨᠢᠭᠡᠨ ᠤᠳᠠᠭ᠎ᠠ ᠢᠯᠠᠯᠲᠠ ᠣᠯᠪᠠ᠃
ᠲᠣᠳᠣᠷᠬᠠᠢᠯᠠᠯ
1᠂ ᠳᠤᠭᠤᠢᠯᠠᠩ ᠤ᠋ᠨ ᠬᠥᠳᠡᠯᠭᠡᠭᠡᠨ ᠦ᠌ ᠲᠤᠬᠠᠢ ᠵᠠᠷᠢᠮ ᠵᠣᠬᠢᠶᠠᠯ ᠳ᠋ᠤ᠌ ᠰᠢᠨᠡᠯᠡᠮ᠎ᠡ᠂ ᠨᠠᠷᠠᠨᠭᠡᠷᠡᠯ ᠬᠠᠲᠤᠨ ᠢ᠋ ᠦᠦᠰᠢᠨᠵᠤᠤ ᠶ᠋ᠢᠨ ᠰᠦᠮ᠎ᠡ ᠡᠴᠡ ᠪᠠᠷᠢᠵᠤ ᠶᠠᠩᠭᠢᠷᠴᠠᠭ ᠲᠣᠬᠣᠭᠰᠠᠨ ᠮᠣᠷᠢ ᠤᠨᠤᠭᠤᠯᠵᠤ ᠲᠣᠯᠣᠭᠠᠢ ᠳ᠋ᠤᠨᠢ ᠰᠤᠮᠠᠯ ᠤᠭᠯᠠᠨ ᠲᠠᠭᠤᠵᠤ ᠶᠠᠪᠤᠭᠠᠳ33 ᠵᠤᠷᠪᠤᠰ ᠥᠴᠢᠭ ᠢ᠋ ᠨᠢ ᠠᠪᠴᠤ ᠳᠠᠷᠠᠭ᠎ᠠ ᠨᠢ ᠪᠠᠯᠠᠷ ᠣᠢ ᠳ᠋ᠤ᠌ ᠠᠯᠠᠭᠰᠠᠨ ᠭᠡᠵᠦ ᠪᠢᠴᠢᠵᠦ ᠪᠣᠢ᠃ ᠡᠨᠡ ᠨᠢ ᠪᠣᠳᠠᠲᠤ ᠤᠴᠢᠷ ᠲᠠᠢ ᠠᠪᠴᠠᠯᠳᠤᠬᠤ ᠦᠭᠡᠢ᠃
2᠂ ᠶᠠᠩᠭᠢᠷᠴᠠᠭ ᠲᠣᠬᠣᠭᠰᠠᠨ ᠮᠣᠷᠢ ᠤᠨᠤᠭᠤᠯᠵᠤ ᠥᠴᠢᠭ ᠢ᠋ ᠠᠪᠤᠭᠰᠠᠨ ᠤᠴᠢᠷ ᠪᠣᠯ1914 ᠣᠨ ᠤ᠋(ᠬᠥᠬᠡ ᠪᠠᠷᠰ ᠵᠢᠯ)2 ᠰᠠᠷ᠎ᠠ ᠶ᠋ᠢᠨ25 ᠤ᠋ ᠡᠳᠦᠷ ᠦ᠋ᠨ ᠰᠥᠨᠢ ᠶ᠋ᠢᠨ ᠦᠦᠰᠢᠨᠵᠦᠦ ᠶ᠋ᠢᠨ ᠰᠦᠮ᠎ᠡ ᠳᠡᠭᠡᠷᠡᠬᠢ ᠤᠴᠢᠷ ᠪᠣᠯᠤᠨ᠎ᠠ᠃
3᠂ ᠰᠢᠨᠡᠯᠡᠮ᠎ᠡ ᠂ ᠴᠣᠭᠳᠥ᠋ᠭᠦᠷᠡᠩ ᠵᠡᠷᠭᠡ ᠬᠥᠮᠦᠰ ᠢ᠋ ᠲᠣᠮᠢᠯᠠᠵᠤ ᠨᠠᠷᠠᠨᠭᠡᠷᠡᠯ ᠬᠠᠲᠤᠨ ᠢ᠋ ᠠᠯᠠᠭᠰᠠᠨ ᠤᠴᠢᠷ ᠪᠣᠯ1916 ᠣᠨ(ᠤᠯᠠᠭᠠᠨ ᠯᠤᠤ ᠵᠢᠯ) ᠦ᠋ᠨ4 ᠰᠠᠷ᠎ᠠ ᠶ᠋ᠢᠨ ᠰᠡᠭᠦᠯᠴᠢ ᠶ᠋ᠢᠨ ᠨᠢᠭᠡᠨ ᠰᠥᠨᠢ ᠦᠦᠰᠢᠨᠵᠦᠦ ᠶ᠋ᠢᠨ ᠪᠦᠷᠢᠨᠲᠦ ᠶ᠋ᠢᠨ ᠬᠡᠪᠡᠮᠢᠳᠤᠭ ᠤ᠋ᠨ ᠭᠡᠷ ᠲᠡᠬᠢ ᠤᠴᠢᠷ ᠪᠣᠯᠤᠨ᠎ᠠ᠃
4᠂ ᠲᠤᠰ ᠬᠡᠰᠡᠭ ᠦ᠋ᠨ ᠠᠭᠤᠯᠭ᠎ᠠ ᠶ᠋ᠢ ᠦᠦᠰᠢᠨ ᠬᠤᠰᠢᠭᠤᠨ ᠤ᠋ ᠴᠠᠭᠠᠨᠳᠦᠩ ᠨᠠᠰᠤᠲᠠᠨ ᠪᠠ ᠪᠦᠷᠢᠨᠵᠢᠷᠭᠠᠯ ᠨᠠᠰᠤᠲᠠᠨ ᠤ᠋ ᠬᠡᠯᠡᠭᠰᠡᠨ ᠢ᠋ ᠡᠮᠬᠢᠳᠬᠡᠨ ᠨᠠᠢᠷᠠᠭᠤᠯᠪᠠ᠃
ᠵᠡᠭᠦᠯᠲᠡ
1.《ᠴᠢᠩ ᠤᠯᠤᠰ ᠤ᠋ᠨ ᠮᠣᠩᠭᠣᠯ ᠢ᠋ ᠵᠠᠰᠠᠬᠤ ᠬᠠᠤᠯᠢ》 ᠶ᠋ᠢᠨ ᠳᠣᠲᠣᠷ᠎ᠠ ᠰᠠᠳᠤᠷ ᠰᠠᠮᠠᠭᠤᠨ ᠤ᠋ ᠲᠤᠬᠠᠢ ᠥᠭᠦᠯᠡᠭᠰᠡᠨ ᠨᠢ᠄
(1) ᠲᠠᠢᠵᠢ ᠢᠵᠠᠭᠤᠷᠲᠠᠨ ᠬᠥᠮᠦᠨ᠂ ᠡᠭᠡᠯ ᠠᠷᠠᠳ ᠤ᠋ᠨ ᠡᠬᠡᠨᠡᠷ ᠲᠦ᠍ ᠬᠠᠯᠳᠠᠪᠠᠯ ᠶᠠᠯ᠎ᠠ ᠬᠥᠩᠭᠡᠨ᠃
(2) ᠪᠣᠭᠣᠯ ᠠᠯᠪᠠᠲᠤ᠂ ᠲᠠᠢᠵᠢ ᠢᠵᠠᠭᠤᠷᠲᠠᠨ ᠤ᠋ ᠡᠬᠡᠨᠡᠷ ᠲᠦ᠍ ᠬᠠᠯᠳᠠᠪᠠᠯ ᠶᠠᠯ᠎ᠠ ᠬᠦᠨᠳᠦ᠃
(3) ᠡᠩ ᠦ᠋ᠨ ᠠᠷᠠᠳ᠂ ᠡᠩ ᠦ᠋ᠨ ᠠᠷᠠᠳ ᠤ᠋ᠨ ᠡᠬᠡᠨᠡᠷ ᠲᠦ᠍ ᠬᠠᠯᠳᠠᠪᠠᠯ60 ᠲᠠᠰᠢᠭᠤᠷ ᠵᠠᠨᠴᠢᠨ᠎ᠠ᠃
(4) ᠠᠯᠪᠠᠲᠤ ᠠᠷᠠᠳ᠂ ᠲᠠᠢᠵᠢ ᠬᠥᠮᠦᠨ ᠦ᠌ ᠡᠬᠡᠨᠡᠷ ᠲᠦ᠍ ᠬᠠᠯᠳᠠᠪᠠᠯ ᠨᠢᠭᠡ ᠳᠠᠬᠢᠨ ᠢ᠋ᠶ᠋ᠠᠷ ᠰᠢᠢᠳᠬᠡᠨ᠎ᠡ᠃
(5) ᠬᠠᠷᠠᠴᠤ ᠬᠥᠮᠦᠨ᠂ ᠨᠣᠶᠠᠨ ᠢᠵᠠᠭᠤᠷᠲᠠᠨ ᠤ᠋ ᠬᠠᠲᠤᠨ ᠳ᠋ᠤ᠌ ᠬᠠᠯᠳᠠᠪᠠᠯ ᠬᠡᠳᠦ ᠬᠡᠳᠦᠨ ᠳᠠᠬᠢᠨ ᠢ᠋ᠶ᠋ᠠᠷ ᠶᠠᠯᠠᠯᠠᠨ ᠰᠢᠢᠳᠬᠡᠨ᠎ᠡ᠃
ᠡᠭᠦᠨ ᠳ᠋ᠦ᠍ ᠪᠠᠰᠠ᠄
① ᠡᠷ᠎ᠡ ᠬᠥᠮᠦᠨ ᠤᠷᠢᠳ ᠢ᠋ᠶ᠋ᠠᠷ ᠡᠮ᠎ᠡ ᠬᠥᠮᠦᠨ ᠳ᠋ᠦ᠍ ᠭᠠᠷ ᠬᠦᠷᠦᠭᠰᠡᠨ ᠪᠣᠯ ᠨᠢᠭᠡᠨ ᠬᠤᠪᠢ᠃
② ᠡᠮ᠎ᠡ ᠬᠥᠮᠦᠨ ᠤᠷᠢᠳ ᠢ᠋ᠶ᠋ᠠᠷ ᠡᠷ᠎ᠡ ᠬᠥᠮᠦᠨ ᠳ᠋ᠦ᠍ ᠭᠠᠷ ᠬᠦᠷᠦᠭᠰᠡᠨ ᠪᠣᠯ ᠬᠣᠶᠠᠷ ᠬᠤᠪᠢ ᠪᠠᠷ ᠭᠡᠵᠦ ᠪᠢᠴᠢᠵᠦ ᠪᠣᠢ᠃
ᠬᠠᠲᠤᠨ ᠨᠠᠷᠠᠨᠭᠡᠷᠡᠯ ᠦᠦᠰᠢᠨ ᠱᠠᠩ ᠣᠷᠳᠣᠨ ᠳ᠋ᠠᠭᠠᠨ ᠲᠤᠰᠬᠠᠢ ᠠᠮᠠᠷᠠᠵᠤ ᠰᠤᠯᠠ ᠬᠡᠪᠲᠡᠳᠡᠭ ᠨᠢᠭᠡᠨ ᠮᠣᠩᠭᠣᠯ ᠭᠡᠷ ᠪᠠᠢᠳᠠᠭ ᠭᠡᠨ᠎ᠡ᠃ ᠲᠡᠷᠡ ᠦᠷᠭᠦᠯᠵᠢ ᠣᠷᠣᠢ ᠪᠣᠯᠪᠠᠯ ᠡᠨᠳᠡ ᠢᠷᠡᠵᠦ ᠠᠮᠠᠷᠠᠳᠠᠭ᠃ ᠲᠡᠷᠡ᠂ ᠳᠡᠮᠴᠢ ᠡᠷᠳᠡᠨᠢᠰᠠᠩ ᠲᠠᠢ ᠡᠨᠳᠡ ᠬᠥᠯ ᠭᠠᠷ ᠪᠣᠯᠤᠭᠰᠠᠨ ᠭᠡᠨ᠎ᠡ᠃
ᠡᠨᠡ ᠨᠢ ᠬᠡᠳᠦᠢᠪᠡᠷ ᠨᠢᠭᠡᠨ ᠱᠠᠯᠢᠭ ᠰᠠᠮᠠᠭᠤᠨ ᠤ᠋ ᠤᠴᠢᠷ ᠪᠣᠯᠪᠠᠴᠤ《ᠨᠠᠪᠴᠢᠲᠤ ᠡᠷᠭᠦᠮᠵᠢᠯᠡᠯᠲᠦ ᠭᠤᠤᠮᠢᠩ ᠬᠠᠲᠤᠨ》 ᠤ᠋ ᠬᠤᠪᠢ ᠳ᠋ᠤ᠌᠂ ᠢᠯᠠᠩᠭᠤᠶ᠎ᠠ ᠮᠠᠨᠵᠤ ᠶ᠋ᠢᠨ ᠬᠠᠤᠯᠢ ᠳ᠋ᠤ᠌ ᠬᠣᠯᠪᠣᠭᠳᠠᠭᠰᠠᠨ ᠲᠤᠯᠠ ᠨᠠᠷᠠᠨᠭᠡᠷᠡᠯ ᠦ᠋ᠨ ᠡᠨᠡ ᠬᠦ᠌ ᠡᠮᠵᠡᠭ ᠲᠠᠯ᠎ᠠ ᠶ᠋ᠢ ᠪᠠᠷᠢᠵᠤ ᠰᠢᠨᠠᠯᠠᠮ᠎ᠠ ᠳᠡᠭᠡᠭᠰᠢ ᠵᠠᠭᠠᠯᠳᠤᠭᠰᠠᠨ ᠪᠣᠯᠬᠣᠷ ᠵᠠᠷᠭᠤ ᠤᠨᠤᠵᠤ ᠨᠠᠷᠠᠨᠭᠡᠷᠡᠯ ᠬᠠᠲᠤᠨ ᠰᠢᠢᠳᠬᠡᠭᠳᠡᠵᠡᠢ᠃
2. ᠬᠠᠲᠤᠨ ᠨᠠᠷᠠᠨᠭᠡᠷᠡᠯ ᠦ᠋ᠨ ᠥᠴᠢᠭ᠄
(1) ᠴᠠᠭᠳᠤᠷᠰᠡᠷᠡᠩ ᠸᠠᠩ ᠤ᠋ᠨ ᠪᠠᠭ᠎ᠠ ᠬᠠᠲᠤᠨ ᠤ᠋ ᠡᠷᠬᠡ ᠲᠠᠩᠬᠢ ᠪᠠᠨ ᠠᠰᠢᠭᠯᠠᠵᠤ ᠬᠣᠰᠢᠭᠤ ᠵᠠᠰᠠᠭ ᠤ᠋ᠨ ᠡᠷᠬᠡ ᠶ᠋ᠢ ᠳᠤᠷ᠎ᠠ ᠪᠠᠷ ᠠᠳᠬᠤᠭᠰᠠᠨ᠃
(2) ᠬᠣᠰᠢᠭᠤ ᠳᠠᠶᠠᠭᠠᠷ ᠵᠥᠪᠯᠡᠯᠳᠦᠨ ᠲᠣᠭᠲᠠᠭᠠᠭᠰᠠᠨ ᠵᠦᠢᠯ ᠢ᠋ ᠡᠪᠳᠡᠵᠦ ᠬᠤᠰᠢᠭᠤᠨ ᠤ᠋ ᠴᠢᠬᠡ ᠵᠢᠬᠳᠠ ᠶ᠋ᠢ ᠳᠤᠷ᠎ᠠ ᠪᠠᠷ ᠨᠡᠭᠡᠭᠡᠨ ᠦᠵᠡᠭᠰᠡᠨ᠃
(3) ᠰᠢᠳᠤᠷᠭᠤ ᠲᠦᠰᠢᠮᠡᠳ ᠢ᠋ ᠭᠠᠳᠠᠭᠤᠷᠴᠢᠯᠠᠨ ᠵᠢᠰᠤᠷ ᠵᠠᠯᠢᠬᠠᠢ ᠬᠥᠮᠦᠰ ᠢ᠋ ᠱᠠᠩ ᠶᠠᠮᠤᠨ ᠳ᠋ᠤ᠌ ᠳᠣᠲᠣᠨᠣᠴᠢᠯᠠᠨ ᠬᠡᠷᠡᠭᠯᠡᠭᠰᠡᠨ᠃
(4) ᠠᠰᠢᠭ ᠮᠥᠩᠭᠥᠨ ᠳ᠋ᠦ᠍ ᠰᠢᠨᠤᠵᠤ ᠵᠠᠯᠢᠬᠠᠢ ᠲᠦᠰᠢᠮᠡᠳ ᠢ᠋ ᠬᠡᠷᠡᠭᠯᠡᠵᠦ ᠰᠡᠢᠨᠳᠤᠷᠡ ᠶ᠋ᠢᠨ ᠭᠠᠵᠠᠷ ᠤ᠋ᠨ ᠡᠵᠡᠨ ᠪᠠᠶᠠᠴᠤᠳ ᠲᠤ᠌ ᠭᠠᠵᠠᠷ ᠲᠠᠯᠪᠢᠵᠤ ᠥᠭᠭᠦᠭᠰᠡᠨ᠃
(5) ᠸᠠᠩ ᠤ᠋ᠨ ᠣᠷᠳᠣᠨ ᠤ᠋ ᠪᠣᠭᠣᠯ ᠵᠠᠷᠤᠴᠠ᠂ ᠰᠢᠪᠡᠭᠴᠢᠨ ᠳ᠋ᠦ᠍ ᠬᠠᠲᠠᠭᠤ ᠬᠠᠨᠳᠤᠵᠤ ᠡᠯᠳᠡᠪ ᠬᠠᠯᠠ ᠦᠵᠡᠭᠦᠯᠵᠦ ᠵᠡᠭᠦᠦ ᠰᠢᠪᠡᠵᠦ ᠤᠶᠠᠵᠤ ᠵᠣᠳᠣᠭᠰᠠᠨ᠃
(6) ᠠᠢᠯᠠᠳᠬᠠᠯ ᠪᠠᠶᠠᠨᠰᠠᠩ᠂ ᠪᠢᠴᠢᠭᠡᠴᠢ ᠴᠤᠭᠯᠠᠢᠨᠠᠮᠵᠢᠯ ᠨᠠᠷ ᠲᠠᠢ ᠨᠡᠢᠯᠡᠵᠦ ᠵᠡᠷᠭᠡ ᠣᠯᠤᠭᠠᠳᠤᠢ ᠲᠠᠢᠵᠢ ᠭᠦᠮᠪᠦᠵᠠᠪ᠂ ᠲᠥᠪᠡᠳ ᠯᠠᠮᠠ ᠷᠦᠪᠠᠪᠤᠤ ᠶ᠋ᠢ ᠬᠠᠯᠬ᠎ᠠ ᠳ᠋ᠤ᠌ ᠶᠠᠪᠤᠭᠤᠯᠵᠤ᠂ ᠳᠤᠭᠤᠢᠯᠠᠩ ᠤ᠋ᠨ ᠣᠯᠠᠨ ᠢ᠋ ᠸᠠᠩ ᠨᠣᠶᠠᠨ ᠢ᠋ ᠫᠤᠤᠳᠠᠵᠤ ᠭᠡᠵᠢᠭᠡ ᠶ᠋ᠢ ᠨᠢ ᠣᠨᠣᠪᠠ ᠭᠡᠵᠦ ᠭᠦᠳᠬᠡᠨ ᠮᠡᠳᠡᠭᠦᠯᠦᠭᠰᠡᠨ᠃
(7) ᠴᠢᠩᠭᠢᠰ ᠬᠠᠭᠠᠨ ᠤ᠋ ᠣᠩᠭᠣᠨ ᠰᠦᠯᠳᠡ ᠶ᠋ᠢ ᠠᠷᠤ ᠮᠣᠩᠭᠣᠯ ᠳ᠋ᠤ᠌ ᠰᠢᠯᠵᠢᠭᠦᠯᠦᠨ ᠠᠪᠠᠴᠢᠬᠤ ᠪᠠᠷ ᠲᠥᠯᠥᠪᠯᠡᠭᠰᠡᠨ᠃
(8) ᠴᠠᠭᠳᠤᠷᠰᠡᠷᠡᠩ ᠸᠠᠩ ᠲᠠᠢ ᠪᠠᠨ ᠬᠠᠮᠲᠤ ᠤᠲᠠᠢ ᠠᠭᠤᠯᠠ ᠪᠣᠯᠤᠨ ᠪᠡᠭᠡᠵᠢᠩ ᠵᠡᠷᠭᠡ ᠦᠵᠡᠰᠬᠦᠯᠡᠩᠲᠦ ᠰᠠᠢᠬᠠᠨ ᠭᠠᠵᠠᠷ ᠢ᠋ᠶ᠋ᠠᠷ ᠲᠣᠭᠣᠷᠢᠨ ᠶᠠᠪᠤᠬᠤ ᠳ᠋ᠠᠭᠠᠨ ᠬᠠᠮᠢᠭ᠎ᠠ ᠬᠦᠷᠪᠡᠯ ᠲᠡᠨᠳᠡᠬᠢ ᠶ᠋ᠢᠨ ᠮᠥᠩᠭᠥᠨ ᠲᠤᠯᠤᠮ ᠤ᠋ᠳ ᠠ᠋ᠴᠠ ᠥᠨᠳᠥᠷ ᠬᠦᠦ ᠲᠡᠢ ᠵᠢᠭᠡᠯᠡᠯᠭᠡ ᠮᠥᠩᠭᠥ ᠠᠪᠴᠤ ᠱᠠᠯᠢᠨ ᠪᠦᠷᠢᠯᠭᠡᠭᠡᠳ ᠪᠦᠬᠦ ᠬᠤᠰᠢᠭᠤᠨ ᠳ᠋ᠤ᠌ ᠥᠷᠢ ᠴᠢᠷᠦᠭᠳᠡᠯ ᠦ᠋ᠨ ᠳᠠᠷᠤᠭᠠᠰᠤ ᠶ᠋ᠢ ᠨᠡᠮᠡᠭᠳᠡᠭᠦᠯᠦᠭᠰᠡᠨ᠃
(9) ᠬᠦᠷᠭᠡᠨ ᠬᠦᠦ ᠡᠷᠳᠡᠨᠢᠰᠠᠩ ᠲᠠᠢ ᠰᠠᠳᠤᠷ ᠶᠠᠪᠤᠯᠴᠠᠵᠤ ᠲᠡᠭᠦᠨ ᠢ᠋ ᠬᠣᠰᠢᠭᠤ ᠵᠠᠰᠠᠭ ᠤ᠋ᠨ ᠳᠣᠲᠣᠭᠠᠳᠤ ᠬᠡᠷᠡᠭ ᠲᠦ᠍ ᠣᠷᠣᠯᠴᠠᠭᠤᠯᠤᠭᠰᠠᠨ᠃
(10) ᠬᠠᠷᠠᠭᠴᠢᠨ ᠦᠬᠡᠷ ᠵᠢᠯ ᠦ᠋ᠨ ᠲᠠᠮᠠᠭ᠎ᠠ ᠶ᠋ᠢᠨ ᠪᠦᠷᠢᠳᠬᠡᠯ ᠢ᠋ᠶ᠋ᠡᠷ ᠨᠣᠶᠠᠳ ᠲᠦᠰᠢᠮᠡᠳ ᠴᠥᠮ ᠪᠦᠷᠢᠳᠦᠨ ᠵᠥᠪᠯᠡᠯᠳᠦᠭᠡᠳ ᠢᠷᠭᠡᠨ ᠤᠯᠤᠰ ᠲᠤᠷ ᠳᠠᠭᠠᠶ᠎ᠠ ᠭᠡᠰᠡᠨ ᠢ᠋ ᠰᠢᠭᠤᠳ ᠡᠰᠡᠷᠭᠦᠴᠡᠭᠰᠡᠨ᠃
(11) ᠰᠢᠢᠳᠬᠡᠬᠦ ᠪᠡᠷ ᠪᠠᠢᠭᠰᠠᠨ ᠳᠡᠮᠴᠢ ᠡᠷᠳᠡᠨᠢᠰᠠᠩ ᠢ᠋ ᠴᠢᠭᠤᠯᠭᠠᠨ ᠳᠠ ᠶ᠋ᠢᠨ ᠭᠠᠵᠠᠷ ᠲᠤ᠌ ᠵᠢᠷᠣᠭ᠎ᠠ ᠮᠣᠷᠢ᠂ ᠮᠥᠩᠭᠥ ᠵᠠᠷᠤᠵᠤ ᠪᠠᠢᠭᠠᠳ ᠳᠠᠯᠳᠠ ᠪᠠᠷ ᠭᠠᠷᠭᠠᠵᠤ ᠠᠪᠤᠭᠰᠠᠨ᠃
(12) ᠲᠥᠪᠡᠳ ᠱᠠᠪᠷᠤᠩ ᠷᠦᠪᠡᠪᠦᠦ ᠶ᠋ᠢ ᠭᠣᠬᠠᠳᠠᠨ ᠲᠠᠲᠠᠵᠤ ᠳᠤᠭᠤᠢᠯᠠᠩ ᠤ᠋ᠨ ᠲᠦᠷᠦᠭᠦᠴᠦᠳ ᠢ᠋ ᠬᠣᠣᠷᠯᠠᠬᠤ ᠪᠠᠷ ᠬᠠᠷᠢᠶᠠᠯ ᠬᠢᠯᠭᠡᠨ ᠬᠥᠮᠦᠰ ᠦ᠋ᠨ ᠵᠣᠷᠢᠭ ᠰᠦᠯᠳᠡ ᠶ᠋ᠢ ᠪᠠᠭᠤᠷᠠᠭᠤᠯᠤᠭᠰᠠᠨ᠃
(13) ᠬᠤᠰᠢᠭᠤᠨ ᠤ᠋ ᠭᠠᠵᠠᠷ ᠨᠤᠲᠤᠭ ᠢ᠋ ᠶᠡᠬᠡ ᠪᠡᠷ ᠬᠤᠳᠠᠯᠳᠤᠵᠤ ᠮᠠᠯᠴᠢᠳ ᠤ᠋ᠨ ᠮᠠᠯ ᠤ᠋ᠨ ᠪᠡᠯᠴᠢᠭᠡᠷ ᠢ᠋ ᠪᠠᠭᠠᠰᠬᠠᠵᠤ ᠰᠠᠭᠤᠷᠢᠰᠢᠯ ᠨᠤᠲᠤᠭ ᠢ᠋ ᠠᠯᠳᠠᠭᠤᠯᠤᠭᠰᠠᠨ᠃
(14) ᠱᠠᠩ ᠶᠠᠮᠤᠨ ᠤ᠋ ᠳᠦᠷᠢᠮ ᠬᠡᠮᠵᠢᠶ᠎ᠡ ᠶ᠋ᠢ ᠡᠪᠳᠡᠵᠦ ᠬᠤᠰᠢᠭᠤᠨ ᠤ᠋ ᠡᠷᠬᠡ ᠮᠠᠲᠠᠯ ᠢ᠋ ᠡᠵᠡᠮᠰᠢᠨ ᠠᠯᠪᠠᠨ ᠲᠤᠰᠢᠶᠠᠯᠲᠠᠳ ᠲᠤ᠌ ᠡᠷᠬᠡ ᠮᠠᠲᠠᠯ ᠦᠭᠡᠢ ᠪᠣᠯᠭᠠᠵᠤ ᠭᠠᠭᠴᠠᠭᠠᠷ ᠨᠣᠶᠠᠷᠬᠠᠭᠰᠠᠨ᠃
(15) ᠬᠤᠰᠢᠭᠤᠨ ᠤ᠋ ᠮᠥᠩᠭᠥ ᠵᠣᠭᠣᠰ ᠢ᠋ ᠳᠤᠷ᠎ᠠ ᠪᠠᠷ ᠵᠠᠷᠤᠵᠤ ᠵᠢᠯ ᠡᠴᠡ ᠵᠢᠯ ᠵᠠᠷᠤᠳᠠᠯ ᠮᠥᠩᠭᠥ ᠶ᠋ᠢ ᠵᠦᠢ ᠪᠤᠰᠤ ᠪᠠᠷ ᠨᠡᠮᠡᠭᠳᠡᠭᠦᠯᠦᠭᠰᠡᠨ᠁
(ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠤ᠋ᠨ
《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠮᠠᠲ᠋ᠧᠷᠢᠶᠠᠯ ᠤ᠋ᠨ ᠡᠮᠬᠢᠳᠬᠡᠯ》 ᠦ᠋ᠨ
10 ᠳᠡᠪᠲᠡᠷ ᠡᠴᠡ ᠰᠡᠢᠷᠡᠭᠦᠯᠪᠡ᠃
ᠨᠠᠷᠠᠨᠭᠡᠷᠡᠯ ᠦ᠋ᠨ ᠲᠤᠬᠠᠢ ᠨᠡᠢᠲᠡ33 ᠵᠤᠷᠪᠤᠰ ᠪᠠᠢᠳᠠᠭ ᠭᠡᠵᠦ ᠬᠡᠯᠡᠯᠴᠡᠬᠦ ᠪᠣᠯᠪᠠᠴᠤ ᠮᠠᠲ᠋ᠧᠷᠢᠶᠠᠯ ᠠ᠋ᠴᠠ ᠰᠢᠭᠦᠵᠦ ᠣᠯᠤᠭᠰᠠᠨ ᠨᠢ ᠳᠡᠭᠡᠷᠡᠬᠢ15 ᠵᠤᠷᠪᠤᠰ ᠪᠣᠯᠤᠨ᠎ᠠ᠃ ᠡᠨᠡ ᠨᠢ ᠴᠦ᠍ ᠨᠠᠷᠠᠨᠭᠡᠷᠡᠯ ᠢ᠋ ᠰᠢᠭᠦᠬᠦ ᠳ᠋ᠡᠭᠡᠨ ᠲᠡᠮᠳᠡᠭᠯᠡᠭᠰᠡᠨ ᠲᠡᠮᠳᠡᠭᠯᠡᠯ ᠰᠢᠭ ᠪᠠᠢᠨ᠎ᠠ᠂ ᠪᠤᠰᠤᠳ ᠨᠢ ᠣᠯᠳᠠᠭᠰᠠᠨ ᠦᠭᠡᠢ)᠃
3. ᠰᠢᠨᠡᠯᠡᠮ᠎ᠡ ᠴᠠᠭᠳᠤᠷᠰᠡᠷᠡᠩ ᠨᠣᠶᠠᠨ ᠪᠣᠯᠤᠨ ᠬᠠᠲᠤᠨ ᠨᠠᠷᠠᠨᠭᠡᠷᠡᠯ ᠦ᠋ᠨ ᠲᠤᠬᠠᠢ ᠴᠢᠭᠤᠯᠭᠠᠨ ᠳᠠ ᠶ᠋ᠢᠨ ᠭᠠᠵᠠᠷ ᠲᠤ᠌ ᠵᠠᠭᠠᠯᠳᠤᠭᠰᠠᠨ ᠨᠢ᠄
ᠰᠢᠨᠠᠯᠠᠮ᠎ᠠ ᠬᠣᠰᠢᠭᠤ ᠵᠠᠰᠠᠭ ᠨᠣᠶᠠᠨ ᠴᠠᠭᠳᠦᠷᠰᠦᠷᠦᠩ ᠪᠣᠯᠤᠨ ᠲᠡᠭᠦᠨ ᠦ᠌ ᠠᠷᠤ ᠲᠣᠬᠢᠭᠴᠢ ᠬᠠᠲᠤᠨ ᠨᠠᠷᠠᠨᠭᠡᠷᠡᠯ ᠦ᠋ᠨ ᠶᠠᠯᠠᠲᠤ ᠠᠵᠢᠯᠯᠠᠭ᠎ᠠ ᠶ᠋ᠢ ᠳᠡᠭᠡᠭᠰᠢ ᠵᠠᠭᠠᠯᠳᠤᠬᠤ ᠳ᠋ᠠᠭᠠᠨ ᠤᠷᠢᠳ ᠢ᠋ᠶ᠋ᠠᠷ ᠦᠦᠰᠢᠨ ᠬᠤᠰᠢᠭᠤᠨ ᠤ᠋ ᠪᠠᠷᠠᠭᠤᠨ ᠬᠦᠩ᠂ ᠲᠤᠰᠠᠯᠠᠭᠴᠢ ᠴᠣᠭᠲᠤᠸᠴᠢᠷ ᠲᠤ᠌ ᠵᠠᠭᠠᠯᠳᠤᠬᠤ ᠨᠡᠷ᠎ᠡ ᠪᠡᠷ ᠲᠡᠭᠦᠨ ᠢ᠋ᠶ᠋ᠡᠷ ᠳᠠᠮᠵᠢᠭᠤᠯᠤᠨ ᠳᠡᠭᠡᠳᠦ ᠶᠠᠮᠤᠨ ᠳ᠋ᠤ᠌ ᠳᠤᠭᠤᠢᠯᠠᠩ ᠤ᠋ᠨ ᠣᠯᠠᠨ ᠤ᠋ ᠤᠴᠢᠷ ᠭᠣᠮᠣᠳᠠᠯ᠂ ᠵᠠᠭᠠᠯᠳᠤᠯᠠᠭᠠ ᠡᠷᠭᠦᠯᠲᠡ ᠪᠢᠴᠢᠭ ᠡᠷᠭᠦᠳᠡᠭ ᠪᠠᠢᠵᠠᠢ᠃ ᠭᠡᠬᠦ ᠳ᠋ᠡᠭᠡᠨ ᠰᠢᠨᠡᠯᠡᠮ᠎ᠡ ᠰᠡᠴᠡᠨ ᠰᠡᠷᠭᠦᠯᠡᠩ ᠮᠥᠷᠲᠡᠭᠡᠨ ᠮᠣᠩᠭᠣᠯ ᠲᠥᠪᠡᠳ ᠬᠢᠲᠠᠳ ᠬᠡᠯᠡᠨ ᠳ᠋ᠦ᠍ ᠨᠡᠪᠲᠡᠷᠡᠭᠰᠡᠨ ᠲᠤᠯᠠ ᠰᠣᠶᠣᠯ ᠮᠡᠳᠡᠯᠭᠡ᠂ ᠤᠯᠤᠰ ᠲᠥᠷᠥ ᠬᠠᠤᠯᠢ ᠴᠠᠭᠠᠵᠠ ᠶ᠋ᠢᠨ ᠬᠡᠮᠵᠢᠶ᠎ᠡ ᠥᠨᠳᠥᠷ ᠪᠠᠢᠭᠰᠠᠨ ᠪᠠᠢᠯᠲᠠᠢ᠂ ᠲᠡᠷᠡ ᠵᠠᠭᠠᠯᠳᠤᠬᠤ ᠳ᠋ᠠᠭᠠᠨ ᠶᠡᠷᠦ ᠨᠢ ᠨᠠᠷᠢᠨ ᠬᠠᠷ᠎ᠠ ᠶ᠋ᠢ ᠨᠢ(ᠲᠤᠢᠯ ᠤ᠋ᠨ ᠡᠮᠵᠡᠭ ᠲᠡᠢ ᠲᠠᠯ᠎ᠠ) ᠪᠠᠷᠢᠵᠤ ᠵᠠᠩᠭᠢᠯᠠᠭ᠎ᠠ ᠶ᠋ᠢᠨ ᠵᠦᠢᠯ ᠦ᠋ᠳ ᠢ᠋ ᠣᠨᠣᠪᠴᠢᠲᠠᠢ ᠠᠳᠬᠤᠵᠤ ᠴᠢᠳᠠᠳᠠᠭ ᠪᠠᠢᠵᠠᠢ᠃ ᠰᠢᠨᠠᠯᠠᠮ᠎ᠠ᠂ ᠴᠠᠭᠳᠤᠷᠰᠡᠷᠡᠩ ᠨᠣᠶᠠᠨ ᠤ᠋ ᠵᠢᠰᠤᠷ ᠲᠦᠰᠢᠮᠡᠳ ᠢ᠋ ᠬᠦᠨᠳᠦᠳᠬᠡᠨ ᠵᠠᠷᠤᠵᠤ᠂ ᠭᠠᠵᠠᠷ ᠨᠤᠲᠤᠭ ᠢ᠋ᠶ᠋ᠠᠨ ᠲᠠᠰᠤᠴᠢᠨ ᠬᠤᠳᠠᠯᠳᠤᠭᠤᠯᠵᠤ ᠠᠷᠠᠳ ᠢᠷᠭᠡᠳ ᠦ᠋ᠨ ᠭᠡᠷ ᠨᠤᠲᠤᠭ ᠢ᠋ ᠬᠠᠷᠠᠯᠠᠭᠤᠯᠵᠤ ᠦᠭᠡᠢᠷᠡᠭᠦᠯᠦᠭᠰᠡᠨ᠂ ᠢᠯᠠᠩᠭᠤᠶ᠎ᠠ ᠣᠷᠳᠣᠰ ᠮᠣᠩᠭᠣᠯᠴᠤᠳ ᠤ᠋ᠨ ᠬᠡᠳᠦᠨ ᠵᠠᠭᠤᠨ ᠵᠢᠯ ᠦ᠋ᠨ ᠲᠤᠷᠰᠢ ᠡᠷᠬᠡᠰᠢᠭᠦᠯᠦᠨ ᠳᠠᠢᠵᠤ ᠳᠠᠬᠢᠬᠰᠠᠭᠠᠷ᠂ ᠬᠠᠮᠠᠭᠠᠯᠠᠭᠰᠠᠭᠠᠷ ᠢᠷᠡᠭᠰᠡᠨ ᠡᠵᠡᠨ ᠴᠢᠩᠭᠢᠰ ᠦ᠋ᠨ ᠣᠩᠭᠣᠨ ᠰᠢᠲᠦᠭᠡᠨ ᠣᠷᠳᠣᠨ ᠴᠣᠮᠣᠭ ᠢ᠋ ᠶᠠᠮᠠᠷ ᠴᠤ᠌ ᠤᠴᠢᠷ ᠰᠢᠯᠲᠠᠭᠠᠨ ᠦᠭᠡᠢ ᠪᠡᠷ ᠬᠠᠯᠬ᠎ᠠ ᠳ᠋ᠤ᠌ ᠳᠤᠷ᠎ᠠ ᠪᠠᠷ ᠰᠢᠯᠵᠢᠭᠦᠯᠬᠦ ᠪᠡᠷ ᠣᠷᠣᠯᠳᠣᠭᠰᠠᠨ ᠢ᠋ ᠭᠣᠣᠯ ᠶᠠᠯ᠎ᠠ ᠪᠣᠯᠭᠠᠨ ᠵᠠᠭᠠᠯᠳᠤᠭᠰᠠᠨ ᠪᠠᠢᠵᠠᠢ᠃ ᠡᠨᠡ ᠦᠨᠡᠬᠡᠷ ᠬᠦᠨᠳᠦ ᠶᠠᠯ᠎ᠠ ᠪᠣᠯᠪᠠ᠃
4. ᠵᠠᠩᠵᠤᠨ ᠠ᠋ᠴᠠ᠄
ᠬᠠᠮᠢᠶᠠᠷᠤᠭᠰᠠᠨ ᠬᠣᠯᠠᠳᠠᠬᠢᠨ ᠢ᠋ ᠠᠮᠤᠷᠵᠢᠭᠤᠯᠤᠭᠰᠠᠨ ᠬᠣᠲᠠ ᠶ᠋ᠢᠨ ᠵᠠᠩᠵᠤᠨ ᠪᠠᠰᠠᠬᠦ ᠬᠠᠭᠠᠯᠬᠤ ᠬᠡᠷᠡᠭ ᠢ᠋ ᠵᠠᠬᠢᠷᠤᠨ ᠰᠢᠢᠳᠬᠡᠬᠦ ᠬᠢᠵᠠᠭᠠᠷ ᠤ᠋ᠨ ᠬᠥᠪᠡᠭᠡᠯᠡ ᠳ᠋ᠣ᠌ᠣ᠌ᠢ᠍ᠯᠢ ᠲᠦᠰᠢᠮᠡᠯ ᠲᠢᠩᠬᠢᠮ ᠦ᠋ᠨ ᠲᠦᠰᠢᠮᠡᠯ ᠢ᠋ ᠰᠢᠢᠳᠬᠡᠨ ᠴᠢᠳᠠᠭᠴᠢ ᠵᠠᠩ ᠤ᠋ᠨ ᠭᠠᠵᠠᠷ ᠠ᠋ᠴᠠ ᠬᠦᠷᠴᠦ ᠢᠷᠡᠭᠰᠡᠨ ᠪᠢᠴᠢᠭ ᠲᠣᠷ ᠮᠡᠳᠡᠲᠦᠭᠡᠢ ᠭᠡᠮᠡᠨ ᠶᠠᠪᠤᠭᠤᠯᠬᠤ ᠶ᠋ᠢᠨ ᠤᠴᠢᠷ᠂ ᠮᠥᠨᠥᠬᠡᠨ ᠮᠣᠩᠭᠣᠯ ᠲᠥᠪᠡᠳ ᠦ᠋ᠨ ᠬᠡᠷᠡᠭ ᠢ᠋ ᠰᠢᠳᠬᠡᠬᠦ ᠶᠠᠮᠤᠨ ᠠ᠋ᠴᠠ ᠬᠦᠷᠭᠡᠷ᠎ᠡ ᠢᠷᠡᠭᠰᠡᠨ ᠬᠢᠲᠠᠳ ᠦᠰᠦᠭ ᠦ᠋ᠨ ᠪᠢᠴᠢᠭ ᠲᠣᠷ᠂ ᠡᠨᠡ ᠵᠢᠯ ᠦ᠋ᠨ ᠨᠢᠭᠡᠨ ᠰᠠᠷ᠎ᠠ ᠶ᠋ᠢᠨ ᠬᠣᠷᠢᠨ ᠨᠠᠢ᠍ᠮᠠᠨ ᠳ᠋ᠤᠷ᠃
ᠶᠡᠬᠡ ᠽᠦᠩᠲ᠋ᠦ᠋ᠩ ᠦ᠋ᠨ ᠵᠠᠷᠯᠠᠨ ᠪᠠᠭᠤᠯᠭᠠᠭᠰᠠᠨ ᠠᠨᠤ ᠬᠠᠮᠢᠶᠠᠷᠤᠭᠰᠠᠨ ᠬᠣᠯᠠᠳᠠᠬᠢᠨ ᠢ᠋ ᠠᠮᠤᠷᠵᠢᠭᠤᠯᠤᠭᠰᠠᠨ ᠬᠣᠲᠠ ᠶ᠋ᠢᠨ ᠵᠠᠩᠵᠤᠨ ᠵᠠᠩ ᠱᠣᠣ ᠽᠧᠩ ᠡᠴᠡ ᠴᠠᠬᠢᠯᠭᠠᠨ ᠮᠡᠲᠦ ᠬᠤᠷᠳᠤᠨ ᠪᠢᠴᠢᠭ ᠲᠣᠷ ᠶᠡᠬᠡ ᠵᠣᠣ ᠶ᠋ᠢᠨ ᠴᠢᠭᠤᠯᠭᠠᠨ ᠤ᠋ ᠳᠡᠳ᠋ ᠴᠢᠭᠤᠯᠭᠠᠨ ᠤ᠋ ᠳᠠᠷᠤᠭ᠎ᠠ ᠴᠠᠭᠳᠤᠷᠰᠡᠷᠡᠩ ᠪᠣᠯᠪᠠᠰᠤ ᠬᠤᠰᠢᠭᠤᠨ ᠤ᠋ ᠬᠡᠷᠡᠭ ᠰᠢᠢᠳᠬᠡᠬᠦᠢ ᠳ᠋ᠦ᠍ᠷ ᠢᠵᠠᠭᠤᠷ ᠠ᠋ᠴᠠ ᠪᠦᠲᠦᠭᠡᠭᠰᠡᠨ ᠵᠢᠳᠬᠦᠯ ᠦᠭᠡᠢ ᠪᠥᠯᠥᠭᠡ᠂ ᠣᠳᠣ ᠪᠠᠰᠠ ᠥᠪᠡᠷ ᠦ᠋ᠨ ᠬᠦ᠌ ᠬᠠᠷᠢᠶᠠᠲᠤ ᠬᠣᠰᠢᠭᠤ ᠠ᠋ᠴᠠ ᠠᠩᠭᠢᠵᠢᠯᠠᠵᠤ ᠪᠠᠢᠴᠠᠭᠠᠬᠤᠢ ᠳ᠋ᠤᠷ ᠰᠤᠷᠠᠭ ᠲᠣᠨᠣᠭ ᠦᠭᠡᠢ ᠶ᠋ᠢᠨ ᠲᠤᠯᠠ ᠣᠷᠣᠨ ᠠ᠋ᠴᠠ ᠤᠭᠴᠠᠷᠠᠭᠤᠯᠬᠤᠢ ᠶ᠋ᠢ ᠭᠣᠶᠣᠰᠤᠭᠠᠢ ᠬᠡᠮᠡᠵᠦᠬᠦᠢ᠂ ᠶᠡᠬᠡ ᠵᠣᠣ ᠶ᠋ᠢᠨ ᠴᠢᠭᠤᠯᠭᠠᠨ ᠤ᠋ ᠳᠡᠳ᠋ ᠴᠢᠭᠤᠯᠭᠠᠨ ᠳᠠᠷᠤᠭ᠎ᠠ ᠴᠠᠭᠳᠤᠷᠰᠡᠷᠡᠩ ᠢ᠋ ᠵᠦᠢ ᠢᠨᠦ ᠳᠠᠷᠤᠢ ᠣᠷᠣᠨ ᠠ᠋ᠴᠠ ᠤᠭᠴᠠᠷᠠᠭᠤᠯᠲᠤᠭᠠᠢ ᠬᠡᠮᠡᠭᠰᠡᠨ ᠪᠠ ᠪᠠᠰᠠ ᠶᠡᠬᠡ ᠽᠦᠩᠲ᠋ᠦ᠋ᠩ ᠦ᠋ᠨ ᠵᠠᠷᠯᠠᠨ ᠪᠠᠭᠤᠯᠭᠠᠭᠰᠠᠨ ᠠᠨᠤ ᠲᠡᠭᠦᠰᠠᠠᠯᠲᠠᠨᠬᠤᠶᠠᠭᠲᠤ ᠶ᠋ᠢ ᠶᠡᠬᠡ ᠵᠣᠣ ᠶ᠋ᠢᠨ ᠴᠢᠭᠤᠯᠭᠠᠨ ᠤ᠋ ᠳᠡᠳ᠋ ᠳᠠᠷᠤᠭ᠎ᠠ ᠳ᠋ᠤᠷ ᠣᠷᠣᠯᠳᠣᠭᠰᠠᠨ ᠪᠣᠯᠭᠠᠲᠤᠭᠠᠢ ᠬᠡᠮᠡᠭᠰᠡᠨ ᠪᠠ ᠪᠠᠰᠠ ᠶᠡᠬᠡ ᠽᠦᠩᠲ᠋ᠦ᠋ᠩ ᠦ᠋ᠨ ᠵᠠᠷᠯᠠᠨ ᠪᠠᠭᠤᠯᠭᠠᠭᠰᠠᠨ ᠠᠨᠤ ᠰᠦᠮᠪᠦᠷᠪᠠᠲᠤ ᠶ᠋ᠢ ᠶᠡᠬᠡ ᠵᠣᠣ ᠶ᠋ᠢᠨ ᠴᠢᠭᠤᠯᠭᠠᠨ ᠤ᠋ ᠬᠡᠷᠡᠭ ᠢ᠋ ᠲᠠᠰᠤᠯᠤᠨ ᠰᠢᠢᠳᠬᠡᠬᠦᠢ ᠳ᠋ᠦ᠍ᠷ ᠣᠷᠣᠯᠳᠣᠭᠰᠠᠨ ᠪᠣᠯᠭᠠᠲᠤᠭᠠᠢ ᠬᠡᠮᠡᠭᠰᠡᠨ ᠭᠡᠮᠡᠨ ᠬᠦᠷᠴᠦ ᠢᠷᠡᠭᠰᠡᠨ ᠶᠠᠪᠤᠳᠠᠯ ᠢ᠋ ᠣᠯᠳᠠᠪᠠᠰᠤ᠃
ᠡᠷᠬᠢᠮ ᠵᠠᠩᠵᠤᠨ ᠳ᠋ᠤᠷ ᠶᠠᠪᠤᠭᠤᠯᠵᠤ᠂ ᠪᠠᠢᠴᠠᠭᠠᠨ ᠦᠵᠡᠵᠦ ᠤᠯᠠᠮᠵᠢᠯᠠᠨ ᠮᠡᠳᠡᠲᠦᠭᠡᠢ ᠭᠡᠮᠡᠨ ᠶᠠᠪᠤᠭᠤᠯᠰᠤᠭᠠᠢ ᠬᠡᠮᠡᠮᠦᠢ ᠭᠡᠮᠡᠨ ᠬᠦᠷᠭᠡᠷ᠎ᠡ ᠢᠷᠡᠵᠦᠬᠦᠢ᠂ ᠡᠢᠮᠦ ᠶ᠋ᠢᠨ ᠲᠤᠯᠠᠳᠠ ᠡᠭᠦᠨ ᠢ᠋ ᠮᠣᠩᠭᠣᠯ ᠦᠭᠡ ᠪᠡᠷ ᠬᠡᠯᠡᠯᠴᠡᠨ ᠣᠷᠴᠢᠭᠤᠯᠵᠤ ᠣᠷᠳᠣᠰ ᠤ᠋ᠨ ᠵᠡᠭᠦᠨ ᠭᠠᠷ ᠤ᠋ᠨ ᠳᠤᠮᠳᠠᠳᠤ ᠬᠣᠰᠢᠭᠤ ᠶ᠋ᠢ ᠵᠠᠬᠢᠷᠬᠤ ᠵᠠᠰᠠᠭ ᠴᠢᠨ ᠸᠠᠩ᠂ ᠬᠣᠢᠲᠤ ᠬᠣᠰᠢᠭᠤ ᠶ᠋ᠢ ᠵᠠᠬᠢᠷᠬᠤ ᠵᠢᠶᠦ᠋ᠨ ᠸᠠᠩ ᠤ᠋ᠨ ᠵᠡᠷᠭᠡ ᠵᠠᠰᠠᠭ ᠪᠡᠢᠯᠡ ᠨᠣᠶᠠᠳ ᠲᠠᠨ᠎ᠠ ᠮᠡᠳᠡᠲᠦᠭᠡᠢ ᠭᠡᠮᠡᠨ ᠶᠠᠪᠤᠭᠤᠯᠵᠤ ᠵᠢᠷᠤᠮᠯᠠᠨ ᠳᠠᠭᠠᠰᠤᠭᠠᠢ ᠬᠡᠮᠡᠬᠦ ᠡᠴᠡ ᠭᠠᠳᠠᠨ᠎ᠠ ᠣᠯᠳᠠᠪᠠᠰᠤ ᠮᠣᠩᠭᠣᠯ ᠦᠭᠡ ᠪᠡᠷ ᠬᠡᠯᠡᠯᠴᠡᠵᠦ ᠣᠷᠴᠢᠭᠤᠯᠵᠤ ᠶᠡᠬᠡ ᠵᠣᠣ ᠶ᠋ᠢᠨ ᠴᠢᠭᠤᠯᠭᠠᠨ ᠤ᠋ ᠳᠠᠷᠤᠭ᠎ᠠ ᠲᠠᠨ᠎ᠠ ᠮᠡᠳᠡᠲᠦᠭᠡᠢ ᠭᠡᠮᠡᠨ ᠶᠠᠪᠤᠭᠤᠯᠵᠤ ᠤᠯᠠᠮᠵᠢᠯᠠᠨ ᠲᠤᠰᠢᠶᠠᠯᠭᠠᠵᠤ ᠵᠢᠷᠤᠮᠯᠠᠨ ᠳᠠᠭᠠᠰᠤᠭᠠᠢ ᠬᠡᠮᠡᠮᠦᠢ᠃ ᠡᠭᠦᠨ ᠦ᠌ ᠲᠤᠯᠠ ᠮᠡᠳᠡᠲᠦᠭᠦᠢ ᠭᠡᠮᠡᠨ ᠢᠯᠡᠭᠡᠪᠡ᠃
ᠳᠤᠮᠳᠠᠳᠤ ᠢᠷᠭᠡᠨ ᠤᠯᠤᠰ ᠤ᠋ᠨ ᠬᠣᠶᠠᠳᠤᠭᠠᠷ ᠣᠨ᠂ ᠬᠣᠶᠠᠷ ᠰᠠᠷ᠎ᠠ ᠶ᠋ᠢᠨ ᠠᠷᠪᠠᠨ ᠲᠠᠪᠤᠨ᠎ᠠ᠂
ᠺᠡᠦ ᠬᠡᠮᠡᠬᠦ ᠬᠠᠷᠠᠭᠴᠢᠨ ᠦᠬᠡᠷ ᠵᠢᠯ ᠦ᠋ᠨ ᠴᠠᠭᠠᠨ ᠰᠠᠷ᠎ᠠ ᠶ᠋ᠢᠨ ᠠᠷᠪᠠᠨ᠎ᠠ
5. ᠢᠷᠭᠠᠢ ᠶ᠋ᠢᠨ ᠬᠠᠮᠠᠭᠠᠯᠠᠬᠤ ᠴᠡᠷᠢᠭ ᠦ᠋ᠨ ᠡᠯᠴᠢᠨ ᠦ᠌ ᠶᠠᠮᠤᠨ ᠤ᠋ ᠪᠢᠴᠢᠭ᠄
ᠥᠨᠥᠬᠡᠨ ᠮᠣᠩᠭᠣᠯ ᠲᠥᠪᠡᠳ ᠦ᠋ᠨ ᠵᠤᠷᠭᠠᠨ ᠠ᠋ᠴᠠ ᠬᠠᠷᠢᠭᠤ ᠡᠷᠭᠦᠨ ᠮᠡᠳᠡᠭᠦᠯᠵᠦ ᠵᠠᠷᠯᠠᠯ ᠢ᠋ ᠳᠠᠭᠠᠵᠤ ᠬᠢᠨᠠᠨ ᠬᠡᠯᠡᠯᠴᠡᠭᠰᠡᠨ ᠢᠨᠦ᠂ ᠬᠣᠯᠠᠳᠠᠬᠢᠨ ᠢ᠋ ᠠᠮᠤᠷᠵᠢᠭᠤᠯᠤᠭᠰᠠᠨ ᠬᠣᠲᠠ ᠶ᠋ᠢᠨ ᠳ᠋ᠦᠲ᠋ᠦ᠋ᠩ ᠶᠡᠬᠡ ᠵᠣᠣ ᠶ᠋ᠢᠨ ᠴᠢᠭᠤᠯᠭᠠᠨ ᠤ᠋ ᠳᠠᠷᠤᠭ᠎ᠠ ᠯᠤᠭ᠎ᠠ ᠬᠠᠮᠲᠤ ᠨᠡᠢᠯᠡᠨ ᠦᠦᠰᠢᠨ ᠬᠤᠰᠢᠭᠤᠨ ᠤ᠋ ᠪᠡᠢᠯᠡ ᠶ᠋ᠢ ᠲᠣᠳᠣᠷᠬᠠᠢᠯᠠᠨ ᠪᠠᠢᠴᠠᠭᠠᠪᠠᠰᠤ ᠣᠭᠲᠣ ᠨᠢᠭᠤᠨ ᠳᠠᠯᠳᠠᠯᠠᠭᠰᠠᠨ ᠥᠭᠡᠷ᠎ᠡ ᠰᠡᠳᠬᠢᠯᠭᠡ ᠦᠭᠡᠢ ᠬᠡᠮᠡᠭᠰᠡᠨ ᠲᠤᠰ ᠲᠤᠰ ᠤ᠋ᠨ ᠤᠴᠢᠷ ᠪᠠᠢᠳᠠᠯ ᠪᠠ ᠵᠢᠴᠢ ᠰᠢᠢᠳᠬᠡᠬᠦ ᠠᠷᠭ᠎ᠠ ᠶ᠋ᠢ ᠲᠥᠰᠥᠪᠯᠡᠭᠰᠡᠨ ᠨᠢᠭᠡᠨ ᠬᠡᠷᠡᠭ ᠢ᠋ ᠡᠨᠡ ᠣᠨ ᠤ᠋ ᠳᠥᠷᠪᠡᠨ ᠰᠠᠷ᠎ᠠ ᠶ᠋ᠢᠨ ᠵᠢᠷᠭᠤᠭᠠᠨ᠎ᠠ ᠬᠦᠯᠢᠶᠡᠨ ᠠᠪᠤᠭᠠᠳ ᠶᠡᠬᠡ ᠽᠦᠩᠲ᠋ᠦ᠋ᠩ ᠦ᠋ᠨ ᠪᠣᠳᠣᠯᠭ᠎ᠠ ᠳ᠋ᠤ᠌ ᠵᠠᠷᠯᠠᠯ ᠳ᠋ᠤᠷ ᠮᠣᠩᠭᠣᠯ ᠲᠥᠪᠡᠳ ᠦ᠋ᠨ ᠵᠤᠷᠭᠠᠨ ᠠ᠋ᠴᠠ ᠡᠷᠭᠦᠨ ᠮᠡᠳᠡᠭᠦᠯᠦᠭᠰᠡᠨ ᠢᠨᠦ ᠦᠦᠰᠢᠨ ᠬᠤᠰᠢᠭᠤᠨ ᠤ᠋ ᠵᠠᠰᠠᠭ ᠪᠡᠢᠯᠡ ᠴᠠᠭᠳᠤᠷᠰᠡᠷᠡᠩ ᠳ᠋ᠦ᠍ᠷ ᠲᠣᠳᠣᠷᠬᠠᠢᠯᠠᠨ ᠪᠠᠢᠴᠠᠭᠠᠪᠠᠰᠤ ᠦᠢᠯᠡᠳᠦᠨ ᠵᠠᠰᠠᠬᠤ ᠳ᠋ᠤᠷ ᠠᠯᠳᠠᠭᠳᠠᠭᠠᠳ ᠣᠯᠠᠩᠬᠢ ᠮᠣᠩᠭᠣᠯᠴᠤᠳ ᠤ᠋ᠨ ᠰᠠᠨᠠᠭᠠᠨ ᠦᠢᠮᠡᠯᠴᠡᠨ ᠬᠤᠪᠢᠰᠴᠤ ᠰᠠᠶᠢ ᠳᠤᠭᠤᠢᠯᠠᠩ ᠪᠣᠯᠵᠤ ᠰᠠᠮᠠᠭᠤᠷᠠᠯ ᠢ᠋ ᠡᠳᠦᠭᠰᠡᠨ ᠣᠴᠢᠷ᠎ᠠ ᠴᠠᠭᠳᠤᠷᠰᠡᠷᠡᠩ ᠦ᠋ᠨ ᠵᠠᠰᠠᠭ ᠪᠠ ᠲᠡᠭᠦᠨ ᠦ᠌ ᠪᠡᠢᠯᠡ ᠵᠡᠷᠭᠡ ᠬᠡᠷᠬᠡᠮ ᠢ᠋ ᠤᠭᠴᠠᠷᠠᠭᠤᠯᠤᠨ ᠡᠪᠳᠡᠵᠦ ᠪᠠᠢᠯᠭᠠᠭᠠᠳ ᠵᠠᠯᠬᠠᠭᠠᠵᠤ ᠴᠡᠭᠡᠷᠯᠡᠯ ᠦᠵᠡᠭᠦᠯᠦᠭᠲᠦᠨ᠂ ᠡᠭᠦᠨ ᠦ᠌ ᠲᠤᠯᠠ ᠵᠠᠷᠯᠠᠪᠠ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠴᠤᠯᠮᠤᠨᠭᠡᠷᠡᠯ᠂ ᠪᠠᠯ᠂ ᠣᠶᠤᠨᠪᠢᠯᠢᠭ᠌
ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠤᠢᠭᠤᠷᠵᠢᠨ·ᠣᠳᠬᠣᠨᠪᠠᠪᠠ᠂ ᠲ· ᠬᠦᠮᠦᠵᠢᠯᠲᠦ᠂ ᠴᠤᠯᠮᠤᠨᠭᠡᠷᠡᠯ᠂ ᠪᠠᠯ