ᠣᠷᠳᠣᠰ ᠮᠢᠨᠦ ᠨᠤᠲᠤᠭ-ᠬᠣᠨᠢᠴᠢᠨ ᠨᠠ᠊· ᠮᠥᠩᠬᠡᠪᠠᠭᠠᠲᠤᠷOrdos minii nutag-Khonichin-Na·MönkhbaatarОрдос миний нутаг-Хоньчин-На·Мөнхбаатар
ᠣᠷᠳᠣᠰ ᠮᠢᠨᠦ ᠨᠤᠲᠤᠭ
ᠬᠣᠨᠢᠴᠢᠨ ᠨᠠ᠊· ᠮᠥᠩᠬᠡᠪᠠᠭᠠᠲᠤᠷ
ᠣᠷᠳᠣᠰ ᠮᠢᠨᠦ ᠨᠤᠲᠤᠭ ᠭᠡᠵᠦ ᠰᠢᠯᠦᠭ ᠢ᠋ᠶ᠋ᠡᠨ ᠪᠢ ᠭᠠᠷᠴᠠᠭᠯᠠᠬᠤ ᠳ᠋ᠤ᠌
ᠣᠶᠤᠨ ᠰᠡᠳᠬᠢᠬᠦᠢ ᠶ᠋ᠢᠨ ᠭᠦᠨ ᠳ᠋ᠦ᠍ ᠮᠢᠨᠢ ᠠᠢᠷᠠᠭ ᠨᠠᠢᠷᠠᠭ ᠴᠠᠯᠭᠢᠯᠠᠳᠠᠭ
ᠣᠷᠳᠣᠰ ᠮᠢᠨᠦ ᠨᠤᠲᠤᠭ ᠭᠡᠵᠦ ᠰᠢᠯᠦᠭ ᠢ᠋ᠶ᠋ᠡᠨ ᠪᠢ ᠤᠶᠠᠩᠭᠠᠯᠠᠬᠤ ᠳ᠋ᠤ᠌
ᠣᠩᠭᠣᠨ ᠬᠠᠢᠷ᠎ᠠ ᠶ᠋ᠢᠨ ᠣᠷᠭᠢᠯ ᠳ᠋ᠤ᠌ ᠮᠢᠨᠢ ᠠᠶᠠᠯᠭᠤ ᠨᠠᠢᠷ ᠴᠠᠩᠭᠢᠨᠠᠳᠠᠭ
ᠣᠷᠳᠣᠰ ᠮᠢᠨᠦ ᠶᠢᠷᠲᠢᠨᠴᠦ ᠭᠡᠵᠦ ᠣᠭᠲᠠᠷᠭᠤᠢ ᠶ᠋ᠢᠨ ᠴᠡᠭᠡᠯ ᠢ᠋ ᠰᠢᠷᠲᠡᠬᠦ ᠳ᠋ᠦ᠍
ᠣᠮᠣᠭᠰᠢᠵᠤ ᠶᠠᠪᠤᠳᠠᠭ ᠨᠤᠲᠤᠭ ᠮᠢᠨᠢ ᠳᠣᠣᠷ᠎ᠠ ᠨᠢ ᠴᠡᠩᠬᠡᠷᠯᠡᠵᠦ ᠨᠠᠯᠠᠢᠳᠠᠭ ᠠ᠋᠃
ᠠᠯᠲᠠᠨ ᠳᠡᠯᠡᠬᠡᠢ ᠶ᠋ᠢ ᠠᠭᠤᠳᠠᠮ ᠭᠡᠵᠦ ᠡᠷᠢᠶᠡᠨ ᠣᠷᠴᠢᠯᠠᠩ ᠢ᠋ ᠮᠡᠳᠡᠳᠡᠭ ᠴᠦ᠍
ᠠᠶᠤᠤᠯᠢᠬᠠᠢ ᠴᠡᠭᠡᠵᠢᠨ ᠳ᠋ᠦ᠍ ᠣᠷᠳᠣᠰ ᠮᠢᠨᠢ ᠬᠠᠮᠤᠭ ᠠ᠋ᠴᠠ ᠲᠡᠨᠢᠭᠦᠨ ᠰᠠᠨᠠᠭᠳᠠᠳᠠᠭ
ᠠᠰᠤᠷᠢ ᠬᠤᠷᠮᠤᠰᠲᠠ ᠶ᠋ᠢ ᠪᠤᠷᠬᠠᠨ ᠭᠡᠵᠦ ᠡᠷᠬᠡᠰ ᠭᠠᠯᠪᠠ ᠶ᠋ᠢ ᠰᠢᠲᠦᠳᠡᠭ ᠴᠦ᠍
ᠠᠮᠢᠨ ᠵᠢᠷᠦᠬᠡᠨ ᠳ᠋ᠦ᠍ ᠣᠷᠳᠣᠰ ᠮᠢᠨᠢ ᠬᠠᠮᠤᠭ ᠠ᠋ᠴᠠ ᠡᠷᠬᠢᠮ ᠪᠣᠳᠣᠭᠳᠠᠳᠠᠭ
ᠠᠯᠠᠭ ᠬᠣᠷᠸ᠎ᠠ ᠳ᠋ᠤ᠌ ᠮᠢᠨᠦ ᠨᠤᠲᠤᠭ ᠲᠣᠯᠪᠣ ᠲᠡᠳᠦᠢᠬᠡᠨ ᠬᠠᠷᠠᠭᠳᠠᠳᠠᠭ ᠴᠤ᠌
ᠠᠯᠳᠠᠷ ᠴᠣᠯᠠ ᠨᠢ ᠮᠠᠨᠳᠤᠨ ᠳᠡᠯᠭᠡᠷᠡᠭᠡᠳ ᠳᠠᠶᠠᠩ ᠳᠠᠯᠠᠨ ᠳᠠᠭᠤᠷᠢᠰᠳᠠᠭ ᠠ᠋᠃
ᠪᠣᠭᠳᠠ ᠲᠩᠷᠢᠯᠢᠭ ᠡᠵᠡᠨ ᠰᠦᠨᠡᠰᠦ ᠪᠡᠨ ᠤᠳᠤᠮ ᠳᠠᠮᠵᠢᠭᠤᠯᠤᠨ ᠳᠠᠬᠢᠭᠠᠳ
ᠪᠣᠰᠤᠭ᠎ᠠ ᠮᠠᠨᠳᠤᠬᠤ ᠡᠷᠬᠢᠮ ᠰᠦᠯᠳᠡ ᠪᠡᠨ ᠤᠭᠰᠠᠭ᠎ᠠ ᠵᠠᠯᠭᠠᠭᠤᠯᠤᠨ ᠰᠠᠬᠢᠭᠠᠳ
ᠪᠤᠮ ᠰᠠᠶ᠎ᠠ ᠬᠥᠬᠡ ᠲᠣᠯᠪᠣᠲᠤ ᠪᠠᠨ ᠠᠷᠭᠠᠯ ᠤ᠋ᠨ ᠤᠲᠤᠭ᠎ᠠ ᠪᠠᠷ ᠠᠷᠢᠭᠤᠯᠤᠭᠠᠳ
ᠪᠣᠯᠣᠳ ᠬᠠᠲᠠᠭᠤ ᠵᠣᠷᠢᠭ ᠰᠥᠰᠥ ᠪᠡᠨ ᠲᠣᠭᠣᠨᠣ ᠡᠷᠭᠦᠨ ᠮᠥᠩᠬᠡᠷᠡᠭᠦᠯᠦᠭᠡᠳ
ᠪᠣᠷᠣ ᠲᠣᠬᠣᠢ ᠶ᠋ᠢᠨ ᠡᠮᠦᠨ᠎ᠡ ᠬᠣᠷᠮᠣᠢ ᠳ᠋ᠤ᠌ ᠴᠠᠭ ᠤ᠋ᠨ ᠰᠢᠯᠵᠢᠯᠲᠡ ᠶ᠋ᠢ ᠨᠥᠭᠴᠢᠭᠡᠵᠦ
ᠪᠣᠳᠣᠯ ᠰᠡᠳᠬᠢᠯ ᠳ᠋ᠦ᠍ ᠮᠢᠨᠦ ᠣᠷᠳᠣᠰ ᠮᠥᠩᠬᠡ ᠶ᠋ᠢᠨ ᠰᠢᠲᠦᠭᠡᠨ ᠪᠣᠯᠳᠠᠭ ᠠ᠋᠃
ᠬᠠᠨ ᠽᠠᠮᠪᠤᠯᠢᠩ ᠳ᠋ᠤ᠌ ᠥᠨᠢᠷ ᠬᠡᠯᠡ ᠪᠡᠨ ᠢᠯᠭᠤᠮ ᠶᠣᠰᠣᠭᠠᠷ ᠨᠢ ᠬᠠᠳᠠᠭᠠᠯᠠᠭᠠᠳ
ᠬᠠᠰᠢᠷ ᠨᠡᠭᠦᠳᠡᠯ ᠳ᠋ᠦ᠍ ᠥᠪ ᠰᠣᠶᠣᠯ ᠢ᠋ᠶ᠋ᠠᠨ ᠢᠵᠠᠭᠤᠷ ᠬᠡᠪ ᠢ᠋ᠶ᠋ᠡᠷ ᠨᠢ ᠬᠠᠮᠠᠭᠠᠯᠠᠭᠠᠳ
ᠬᠠᠷᠭᠤᠢ ᠳᠠᠷᠳᠠᠩ ᠡᠷᠢᠨ ᠵᠠᠭᠤᠨ ᠤ᠋ ᠠᠶᠠᠨ ᠤ᠋ ᠳᠥᠷᠥᠭᠡ ᠬᠠᠷᠰᠢᠭᠤᠯᠤᠭᠰᠠᠨ
ᠬᠠᠢᠬᠤ ᠨᠠᠨᠳᠢᠨ ᠡᠷᠢᠯ ᠬᠦᠰᠡᠯ ᠦ᠋ᠨ ᠠᠯᠤᠰ ᠤ᠋ᠨ ᠵᠢᠯᠣᠭᠣ ᠬᠤᠷᠰᠢᠭᠤᠯᠤᠭᠰᠠᠨ
ᠬᠠᠶᠠᠭ᠎ᠠ ᠳᠡᠷᠡᠯᠡᠨ ᠬᠠᠷᠠᠯᠲᠠ ᠨᠢᠭᠡᠳᠦᠭᠰᠡᠨ ᠬᠠᠨᠢᠰᠣᠭ ᠳᠣᠯᠣᠭᠠᠨ ᠬᠣᠰᠢᠭᠤ ᠨᠢ
ᠬᠠᠨᠠᠭᠠᠷ ᠥᠷᠭᠡᠨ ᠶᠡᠬᠡ ᠣᠷᠳᠣᠰ ᠢ᠋ᠶ᠋ᠠᠨ ᠬᠠᠮᠲᠤᠷᠠᠨ ᠴᠣᠭᠴᠠᠯᠠᠵᠤ ᠪᠠᠢᠳᠠᠭ ᠠ᠋᠃
ᠤᠭᠠᠯᠵᠠᠯᠠᠨ ᠤᠷᠤᠰᠤᠭᠰᠠᠨ ᠤᠯᠠᠭᠠᠨ ᠬᠠᠲᠤᠨ ᠠᠲᠠᠷ ᠬᠡᠭᠡᠷ᠎ᠡ ᠪᠡᠷ ᠨᠢ ᠬᠠᠯᠭᠢᠯᠠᠭᠠᠳ
ᠤᠨᠢᠶᠠᠷᠲᠤᠨ ᠴᠡᠩᠬᠡᠷᠯᠡᠭᠰᠡᠨ ᠮᠤᠨᠢ ᠶ᠋ᠢᠨ ᠠᠭᠤᠯᠠ ᠠᠷᠤ ᠬᠣᠷᠮᠣᠢ ᠪᠠᠷ ᠨᠢ ᠬᠠᠨᠠᠷᠠᠭᠠᠳ
ᠤᠷᠲᠤ ᠶ᠋ᠢᠨ ᠨᠡᠭᠦᠳᠡᠯᠲᠦ ᠪᠦᠷᠢᠶ᠎ᠡ ᠮᠠᠩᠬ᠎ᠠ ᠨᠢ ᠬᠠᠴᠢᠨ ᠳᠠᠭᠤ ᠪᠠᠷ ᠬᠠᠩᠭᠢᠨᠠᠭᠠᠳ
ᠤᠷᠭᠤᠴᠠ ᠰᠠᠢᠲᠠᠢ ᠲᠠᠪᠤᠨ ᠲᠠᠷᠢᠶ᠎ᠠ ᠨᠢ ᠬᠥᠩᠭᠡᠨ ᠳᠣᠯᠭᠢᠶᠠᠨ ᠢ᠋ᠶ᠋ᠠᠷ ᠬᠠᠯᠢᠭᠤᠷᠠᠭᠠᠳ
ᠤᠨᠲᠠᠷᠠᠰᠢ ᠦᠭᠡᠢ ᠴᠠᠬᠢᠯᠭᠠᠨ ᠡᠨᠧᠷᠭᠢ ᠨᠢ ᠤᠯᠤᠰ ᠣᠷᠣᠨ ᠳ᠋ᠠᠭᠠᠨ ᠦᠢᠯᠡᠴᠢᠯᠡᠭᠰᠡᠨ
ᠤᠷᠤᠭᠰᠢ ᠳᠠᠪᠰᠢᠭ᠎ᠠ ᠳᠠᠯᠠᠳ ᠬᠣᠰᠢᠭᠤ ᠨᠢ ᠣᠷᠳᠣᠰ ᠨᠤᠲᠤᠭ ᠢ᠋ᠶ᠋ᠠᠨ ᠭᠣᠶᠤᠵᠢᠭᠤᠯᠵᠤ ᠪᠣᠢ᠃
ᠭᠠᠩᠭᠠᠩ ᠰᠢᠷ᠎ᠠ ᠭᠠᠵᠠᠷ ᠤ᠋ᠨ ᠥᠨᠳᠥᠷᠯᠢᠭ ᠲᠦ᠍ ᠭᠠᠯᠲᠤ ᠲᠡᠷᠭᠡ ᠶ᠋ᠢ ᠨᠡᠪᠲᠡᠷᠡᠭᠦᠯᠦᠭᠡᠳ
ᠭᠠᠨᠲᠢᠭ ᠡᠷᠳᠡᠨᠢ ᠶ᠋ᠢᠨ ᠭᠠᠷᠤᠯᠲᠠ ᠨᠡᠭᠡᠭᠡᠯᠲᠡ ᠪᠡᠨ ᠭᠠᠷᠠᠮ ᠳᠠᠪᠠᠭᠤᠯᠤᠨ ᠪᠣᠷᠣᠯᠠᠭᠤᠯᠤᠭᠠᠳ
ᠭᠠᠳᠠᠨ᠎ᠠ ᠳᠣᠲᠣᠨ᠎ᠠ ᠶ᠋ᠢᠨ ᠠᠬᠤᠢ ᠰᠣᠯᠢᠯᠴᠠᠭᠠᠨ ᠳ᠋ᠤ᠌ ᠭᠠᠷᠬᠤ ᠶ᠋ᠢᠨ ᠵᠠᠮ ᠢ᠋ᠶ᠋ᠠᠨ ᠰᠤᠩᠭᠠᠭᠠᠳ
ᠭᠠᠳᠠᠭᠠᠳᠤ ᠳᠣᠲᠣᠭᠠᠳᠤ ᠶ᠋ᠢᠨ ᠠᠰᠢᠭ ᠬᠡᠷᠡᠭᠴᠡᠭᠡᠨ ᠳ᠋ᠦ᠍ ᠭᠠᠯ ᠤ᠋ᠨ ᠢᠯᠴᠢ ᠪᠡᠨ ᠬᠠᠩᠭᠠᠭᠠᠳ
ᠭᠠᠪᠢᠶ᠎ᠠ ᠵᠢᠳᠬᠦᠯ ᠦ᠋ᠨ ᠭᠡᠷᠡᠯᠲᠦ ᠲᠠᠢᠰᠠᠨ ᠳ᠋ᠤ᠌ ᠭᠠᠷᠮᠠᠭᠠᠢ ᠴᠣᠯᠠ ᠪᠠᠨ ᠳᠠᠭᠤᠳᠠᠭᠤᠯᠤᠭᠰᠠᠨ
ᠭᠠᠪᠰᠢᠭᠠᠢᠯᠠᠨ ᠳᠠᠪᠰᠢᠭ᠎ᠠ ᠵᠡᠭᠦᠨᠭᠠᠷ ᠬᠣᠰᠢᠭᠤ ᠨᠢ ᠣᠷᠳᠣᠰ ᠨᠤᠲᠤᠭ ᠢ᠋ᠶ᠋ᠠᠨ ᠬᠥᠭᠵᠢᠭᠦᠯᠵᠦ ᠪᠣᠢ᠃
ᠬᠠᠷ᠎ᠠ ᠮᠠᠩᠨᠠᠢ ᠶ᠋ᠢᠨ ᠬᠤᠵᠢᠷ ᠳᠠᠪᠤᠰᠤ ᠪᠠᠷ ᠢ᠋ᠶ᠋ᠠᠨ ᠬᠠᠷᠠᠴᠤ ᠶ᠋ᠢᠨ ᠦᠷᠡᠰ ᠢ᠋ᠶ᠋ᠡᠨ ᠲᠡᠵᠢᠭᠡᠭᠡᠳ
ᠬᠠᠩᠭᠠᠢ ᠬᠥᠪᠴᠢ ᠶ᠋ᠢᠨ ᠰᠢᠬᠢᠷ ᠡᠪᠡᠰᠦ ᠪᠡᠷ ᠢ᠋ᠶ᠋ᠡᠨ ᠬᠠᠮᠲᠤ ᠶ᠋ᠢᠨ ᠦᠢᠯᠡᠰ ᠢ᠋ᠶ᠋ᠡᠨ ᠪᠤᠰᠬᠠᠭᠠᠳ
ᠬᠠᠨ ᠪᠠᠢᠭᠠᠯᠢ ᠶ᠋ᠢᠨ ᠳᠠᠭᠤᠲᠤ ᠨᠠᠭᠤᠷ ᠢ᠋ᠶ᠋ᠠᠷ ᠢ᠋ᠶ᠋ᠠᠨ ᠬᠠᠷᠢ ᠶ᠋ᠢᠨ ᠵᠣᠴᠢᠳ ᠢ᠋ᠶ᠋ᠠᠨ ᠪᠠᠶᠠᠰᠬᠠᠭᠠᠳ
ᠬᠠᠢᠯᠭᠠᠨ ᠰᠡᠳᠬᠢᠯ ᠦ᠋ᠨ ᠬᠠᠢᠷ᠎ᠠ ᠵᠢᠷᠤᠮ ᠢ᠋ᠶ᠋ᠠᠷ ᠢ᠋ᠶ᠋ᠠᠨ ᠬᠠᠪᠢ ᠶ᠋ᠢᠨ ᠣᠯᠠᠨ ᠢ᠋ᠶ᠋ᠠᠨ ᠳᠠᠢᠴᠢᠯᠠᠭᠠᠳ
ᠬᠠᠩᠬᠢᠳ ᠠᠷᠠᠳ ᠤ᠋ᠨ ᠬᠦᠷᠦ ᠳᠠᠭᠤᠤ ᠪᠠᠷ ᠢ᠋ᠶ᠋ᠠᠨ ᠬᠠᠨᠲᠠᠢ ᠶ᠋ᠢᠨ ᠲᠦᠮᠡᠨ ᠢ᠋ᠶ᠋ᠡᠨ ᠮᠠᠭᠲᠠᠭᠤᠯᠤᠭᠰᠠᠨ
ᠬᠠᠨᠢᠰᠤᠯᠳᠤᠨ ᠳᠠᠪᠰᠢᠭ᠎ᠠ ᠬᠠᠩᠭᠢᠨ ᠬᠣᠰᠢᠭᠤ ᠨᠢ ᠣᠷᠳᠣᠰ ᠨᠤᠲᠤᠭ ᠢ᠋ᠶ᠋ᠠᠨ ᠴᠡᠴᠡᠭᠯᠡᠭᠦᠯᠵᠦ ᠪᠣᠢ᠃
ᠡᠷᠡᠯᠬᠡᠭ ᠰᠦᠨᠡᠰᠦ ᠪᠡᠨ ᠰᠦᠵᠢᠭᠯᠡᠨ ᠲᠠᠬᠢᠭᠰᠠᠭᠠᠷ ᠠᠯᠲᠠᠨ ᠭᠠᠨᠳᠠᠷᠢ ᠨᠢ ᠮᠥᠩᠭᠥᠷᠡᠭᠰᠡᠨ
ᠡᠷᠬᠢᠮ ᠰᠦᠯᠳᠡ ᠪᠡᠨ ᠰᠦᠰᠦᠭᠯᠡᠨ ᠰᠠᠬᠢᠭᠰᠠᠭᠠᠷ ᠠᠭᠤᠢ ᠶ᠋ᠢᠨ ᠣᠷᠣᠢ ᠨᠢ ᠪᠤᠭᠤᠷᠤᠯᠲᠤᠭᠰᠠᠨ
ᠡᠮᠨᠢᠭ ᠬᠣᠶᠠᠷ ᠵᠠᠭᠠᠯ ᠢ᠋ᠶ᠋ᠠᠨ ᠲᠣᠭᠯᠠᠭᠤᠯᠤᠭᠰᠠᠭᠠᠷ ᠪᠠᠶᠠᠨ ᠴᠠᠩᠬᠤᠭ ᠨᠢ ᠰᠢᠷᠭᠠᠯᠲᠤᠭᠰᠠᠨ
ᠡᠷᠳᠡᠨᠢ ᠲᠠᠪᠤᠨ ᠰᠦᠷᠦᠭ ᠢ᠋ᠶ᠋ᠡᠨ ᠤᠮᠳᠠᠯᠠᠭᠰᠠᠭᠠᠷ ᠮᠠᠩᠬᠠᠨ ᠪᠤᠯᠠᠭ ᠨᠢ ᠮᠡᠯᠮᠡᠯᠵᠡᠭᠰᠡᠨ
ᠡᠰᠡᠷᠸ᠎ᠠ ᠳᠡᠭᠡᠳᠦ ᠲᠩᠷᠢ ᠪᠡᠨ ᠲᠣᠯᠢᠳᠠᠭᠰᠠᠭᠠᠷ ᠮᠠᠲᠠᠷ ᠤ᠋ᠨ ᠪᠦᠷᠢᠳᠦ ᠨᠢ ᠮᠡᠯᠲᠡᠯᠵᠡᠭᠰᠡᠨ
ᠡᠪᠰᠡᠯᠳᠦᠨ ᠳᠠᠪᠰᠢᠭ᠎ᠠ ᠡᠵᠡᠨ ᠬᠣᠷᠣᠭ᠎ᠠ ᠨᠢ ᠣᠷᠳᠣᠰ ᠨᠤᠲᠤᠭ ᠢ᠋ᠶ᠋ᠠᠨ ᠭᠠᠩᠭᠠᠷᠠᠭᠤᠯᠵᠤ ᠪᠣᠢ᠃
ᠦᠯᠢᠭᠡᠷ ᠳᠣᠮᠣᠭ ᠤ᠋ᠨ ᠮᠥᠩᠭᠥᠨ ᠴᠣᠮᠣᠭ ᠢ᠋ᠶ᠋ᠠᠨ ᠦᠷ᠎ᠡ ᠶ᠋ᠢᠨ ᠦᠷ᠎ᠡ ᠳ᠋ᠡᠭᠡᠨ ᠬᠠᠭᠤᠴᠢᠯᠠᠭᠠᠳ
ᠦᠦᠬᠡ ᠲᠡᠦᠬᠡ ᠶ᠋ᠢᠨ ᠮᠥᠩᠬᠡ ᠴᠠᠳᠢᠭ ᠢ᠋ᠶ᠋ᠠᠨ ᠦᠶ᠎ᠡ ᠶ᠋ᠢᠨ ᠦᠶ᠎ᠡ ᠳ᠋ᠡᠭᠡᠨ ᠲᠤᠭᠤᠵᠢᠯᠠᠭᠠᠳ
ᠦᠭᠡᠭᠦᠦ ᠬᠤᠪᠢᠰᠬᠠᠯᠴᠢ ᠶ᠋ᠢᠨ ᠦᠨᠡᠨ ᠦᠢᠯᠡ ᠶ᠋ᠢ ᠥᠨᠢ ᠡᠭᠦᠷᠢᠳᠡ ᠳ᠋ᠡᠭᠡᠨ ᠵᠠᠯᠭᠠᠮᠵᠢᠯᠠᠭᠠᠳ
ᠦᠨᠳᠦᠰᠦᠨ ᠰᠠᠢᠬᠠᠨ ᠦᠭᠡ ᠬᠡᠯᠡ ᠪᠡᠨ ᠦᠨᠳᠦᠰᠦ ᠬᠣᠢᠴᠢ ᠳ᠋ᠠᠭᠠᠨ ᠤᠯᠠᠮᠵᠢᠯᠠᠭᠠᠳ
ᠥᠨᠢᠳᠡ ᠶ᠋ᠢᠨ ᠪᠣᠰᠤᠭ᠎ᠠ ᠦᠰᠦᠭ ᠪᠢᠴᠢᠭ ᠢ᠋ᠶ᠋ᠡᠨ ᠦᠵᠦᠭ ᠪᠢᠷ ᠲᠡᠭᠡᠨ ᠠᠮᠢᠯᠠᠭᠤᠯᠤᠭᠰᠠᠨ
ᠦᠨᠡᠯᠡᠭᠳᠡᠨ ᠲᠠᠪᠰᠢᠭᠠ ᠦᠦᠰᠢᠨ ᠬᠣᠰᠢᠭᠤ ᠨᠢ ᠣᠷᠳᠣᠰ ᠨᠤᠲᠤᠭ ᠢ᠋ᠶ᠋ᠠᠨ ᠪᠠᠳᠠᠷᠠᠭᠤᠯᠵᠤ ᠪᠣᠢ᠃
ᠨᠠᠮᠢᠷᠠᠬᠤ ᠲᠣᠷᠭᠠᠨ ᠵᠡᠷᠭᠡᠯᠭᠡᠨ ᠳ᠋ᠡᠭᠡᠨ ᠳᠤᠨᠢᠶᠠᠷᠲᠤᠭᠠᠳ ᠥᠩᠰᠢᠭ ᠨᠤᠲᠤᠭ ᠨᠢ ᠴᠡᠯᠭᠡᠷᠡᠭᠰᠡᠨ
ᠨᠠᠢᠭᠤᠬᠤ ᠨᠣᠭᠣᠭᠠᠨ ᠵᠡᠭᠡᠷᠭᠡᠨ᠎ᠡ ᠳ᠋ᠡᠭᠡᠨ ᠤᠨᠢᠶᠠᠷᠲᠤᠭᠠᠳ ᠥᠯᠵᠡᠢ ᠬᠤᠲᠤᠭ ᠨᠢ ᠳᠡᠯᠭᠡᠷᠡᠭᠰᠡᠨ
ᠨᠠᠷᠠ ᠬᠤᠷ᠎ᠠ ᠶ᠋ᠢᠨ ᠲᠡᠩᠴᠡᠭᠡᠨ ᠳ᠋ᠡᠭᠡᠨ ᠰᠣᠯᠣᠩᠭᠠᠷᠠᠭᠠᠳ ᠨᠠᠢᠷᠰᠠᠭ ᠬᠥᠳᠡᠭᠡ ᠨᠢ ᠨᠠᠯᠠᠭᠠᠷᠠᠭᠰᠠᠨ
ᠨᠠᠢᠷ ᠬᠤᠭᠤᠷ ᠤ᠋ᠨ ᠡᠭᠡᠰᠢᠭᠭᠡᠨ ᠳ᠋ᠡᠭᠡᠨ ᠤᠶᠠᠩᠭᠠᠷᠠᠭᠠᠳ ᠨᠠᠩᠰᠤ ᠮᠠᠯᠠᠳ ᠨᠢ ᠠᠯᠳᠠᠷᠰᠢᠭᠰᠠᠨ
ᠨᠠᠨᠳᠢᠨ ᠵᠢᠷᠭᠠᠯ ᠤ᠋ᠨ ᠡᠩᠨᠡᠭᠡᠨ ᠳ᠋ᠡᠭᠡᠨ ᠠᠶᠠᠩᠭᠠᠷᠠᠭᠠᠳ ᠨᠠᠷᠮᠠᠢ ᠮᠠᠯᠴᠢᠳ ᠨᠢ ᠨᠢᠳᠡᠷᠰᠢᠭᠰᠡᠨ
ᠨᠠᠢᠷᠠᠮᠳᠠᠨ ᠲᠠᠪᠰᠢᠭᠠ ᠡᠮᠦᠨᠡᠲᠦ ᠣᠲᠣᠭ ᠨᠢ ᠣᠷᠳᠣᠰ ᠨᠤᠲᠤᠭ ᠢ᠋ᠶ᠋ᠠᠨ ᠥᠷᠨᠢᠭᠦᠯᠵᠦ ᠪᠣᠢ᠃
ᠠᠪᠤᠷᠭᠤ ᠰᠦᠷᠯᠢᠭ ᠤᠷᠠᠨ ᠳᠥᠰᠢ ᠨᠢ ᠰᠠᠬᠢᠭᠤᠰᠤ ᠪᠣᠯᠤᠨ ᠰᠦᠮᠪᠦᠷᠯᠡᠭᠡᠳ
ᠠᠭᠯᠠᠭ ᠬᠠᠢᠷᠬᠠᠨ ᠠᠷᠪᠠᠰ ᠤ᠋ᠨ ᠠᠭᠤᠯᠠ ᠨᠢ ᠲᠦᠰᠢᠭ ᠪᠣᠯᠤᠨ ᠰᠦᠨᠳᠡᠷᠯᠡᠭᠡᠳ
ᠠᠰᠬ᠎ᠠ ᠥᠨᠳᠥᠷ ᠭᠠᠨᠳᠠᠭᠠᠷᠢ ᠶ᠋ᠢᠨ ᠣᠷᠣᠢ ᠨᠢ ᠠᠯᠤᠰ ᠮᠢᠩᠭᠠᠨ ᠢ᠋ᠶ᠋ᠠᠨ ᠪᠠᠷᠠᠯᠠᠭᠠᠳ
ᠠᠷᠢᠭᠤᠨ ᠴᠡᠩᠭᠡᠭ ᠤᠨᠠᠭᠠᠨ ᠪᠦᠷᠢᠳᠦ ᠨᠢ ᠠᠭᠠᠷ ᠰᠠᠨᠰᠠᠷ ᠢ᠋ᠶ᠋ᠠᠨ ᠳᠤᠯᠢᠳᠠᠭᠠᠳ
ᠠᠯᠭᠤᠷ ᠮᠤᠷᠤᠢᠯᠵᠠᠬᠤ ᠲᠣᠰᠣᠲᠤ ᠶ᠋ᠢᠨ ᠭᠣᠣᠯ ᠨᠢ ᠠᠶᠠᠷ ᠮᠢᠷᠠᠯᠵᠠᠵᠤ ᠤᠷᠤᠰᠤᠭᠰᠠᠨ
ᠠᠪᠴᠠᠯᠳᠤᠨ ᠲᠠᠪᠰᠢᠭᠠ ᠣᠲᠣᠭ ᠬᠣᠰᠢᠭᠤ ᠨᠢ ᠣᠷᠳᠣᠰ ᠨᠤᠲᠤᠭ ᠢ᠋ᠶ᠋ᠠᠨ ᠪᠠᠶᠠᠵᠢᠭᠤᠯᠵᠤ ᠪᠣᠢ᠃
ᠪᠤᠮᠪᠠ ᠲᠩᠷᠢ ᠶ᠋ᠢᠨ ᠣᠷᠳᠣᠨ ᠤ᠋ ᠪᠤᠷᠬᠠᠨ ᠳᠣᠯᠣᠭᠠᠨ ᠲᠣᠭ᠎ᠠ ᠪᠠᠷ
ᠪᠤᠶᠠᠨᠰᠠᠭ ᠳᠣᠯᠣᠭᠠᠨ ᠬᠣᠰᠢᠭᠤ ᠲᠠᠢ ᠦᠵᠡᠰᠬᠦᠯᠡᠩᠲᠦ ᠨᠤᠲᠤᠭ ᠣᠷᠳᠣᠰ ᠮᠢᠨᠢ
ᠪᠤᠭᠤᠷᠤᠯ ᠥᠨᠳᠥᠷᠯᠢᠭ ᠦ᠋ᠨ ᠰᠠᠯᠬᠢ ᠠᠮᠢᠰᠬᠤᠵᠤ ᠪᠤᠮᠠᠨ ᠵᠠᠭᠤᠨ ᠢ᠋ ᠪᠠᠷᠠᠯᠠᠨ
ᠪᠤᠳᠠᠩᠲᠤ ᠭᠠᠯᠪᠠ ᠶ᠋ᠢᠨ ᠰᠢᠭᠤᠷᠭ᠎ᠠ ᠰᠥᠷᠴᠦ ᠪᠤᠶᠠᠨ ᠬᠡᠰᠢᠭ ᠢ᠋ ᠳᠠᠯᠠᠯᠬᠤ ᠪᠠᠷ
ᠪᠣᠭᠳᠠ ᠰᠦᠮᠪᠦᠷ ᠠᠭᠤᠯᠠ ᠨᠢᠷᠤᠭᠤᠳ ᠨᠢ ᠨᠠᠪᠳᠠᠭ ᠰᠠᠪᠳᠠᠭ ᠲᠠᠢ ᠪᠠᠨ ᠢᠪᠡᠭᠡᠵᠦ
ᠪᠣᠯᠣᠷ ᠲᠤᠩᠭᠠᠯᠠᠭ ᠤᠰᠤ ᠮᠥᠷᠡᠨ ᠨᠢ ᠨᠠᠢᠷᠠᠯ ᠬᠥᠭᠵᠢᠮ ᠲᠡᠢ ᠪᠡᠨ ᠢᠷᠦᠭᠡᠵᠦ ᠪᠣᠢ᠃
ᠡᠭᠡᠷᠡᠮ᠎ᠡ ᠲᠠᠯ᠎ᠠ ᠡᠵᠡᠭᠦᠢ ᠬᠡᠭᠡᠷ᠎ᠡ ᠨᠢ ᠨᠣᠮᠢᠨ ᠥᠩᠭᠡ ᠪᠡᠷ ᠬᠤᠴᠢᠭᠳᠠᠭᠠᠳ
ᠡᠯᠡᠰᠦᠨ ᠴᠦᠯ ᠭᠣᠪᠢ ᠬᠥᠪᠴᠢ ᠨᠢ ᠨᠣᠭᠣᠭᠠᠨ ᠣᠢ ᠪᠠᠷ ᠪᠦᠷᠬᠦᠭᠳᠡᠭᠡᠳ
ᠡᠯᠪᠡᠭ ᠤᠨᠠᠯᠲᠠᠲᠤ ᠲᠠᠪᠤᠨ ᠲᠠᠷᠢᠶ᠎ᠠ ᠨᠢ ᠬᠥᠮᠥᠷᠭᠡ ᠳᠦᠭᠦᠷᠡᠩ ᠬᠤᠷᠢᠶᠠᠭᠳᠠᠭᠠᠳ
ᠡᠷᠳᠡᠨᠢ ᠭᠠᠷᠤᠯᠲᠠᠲᠤ ᠲᠠᠷᠭᠤᠨ ᠰᠦᠷᠦᠭ ᠨᠢ ᠬᠥᠳᠡᠭᠡ ᠳᠦᠭᠦᠷᠡᠩ ᠲᠠᠷᠬᠠᠭᠳᠠᠭᠠᠳ
ᠡᠩᠨᠡᠷᠡᠨ ᠵᠢᠭᠳᠡᠷᠡᠬᠦ ᠠᠰᠠᠷ ᠲᠠᠭᠲᠠᠳ ᠨᠢ ᠬᠣᠲᠠ ᠪᠠᠯᠭᠠᠰᠤ ᠪᠠᠨ ᠴᠢᠮᠡᠭᠯᠡᠭᠡᠳ
ᠡᠩᠬᠡ ᠳ᠋ᠧᠪᠠᠵᠠᠨ ᠣᠷᠳᠣᠰ ᠨᠤᠲᠤᠭ ᠮᠢᠨᠢ ᠡᠬᠡ ᠣᠷᠣᠨ ᠳ᠋ᠠᠭᠠᠨ ᠭᠢᠯᠠᠯᠵᠠᠵᠤ ᠪᠣᠢ᠃
ᠤᠤᠭᠠᠨ ᠪᠠᠢᠭᠠᠯᠢ ᠠᠭᠤᠷᠬᠠᠢ ᠪᠤᠯᠠᠭᠳᠠᠭᠴᠠ ᠪᠠᠷ ᠨᠢ ᠤᠯᠤᠰ ᠭᠡᠷ ᠢ᠋ᠶ᠋ᠡᠨ ᠲᠡᠳᠬᠦᠵᠦ
ᠤᠨᠠᠭᠰᠠᠨ ᠰᠢᠷᠣᠢ ᠤᠨᠠᠭᠠᠨ ᠥᠯᠥᠭᠡᠢ ᠮᠢᠨᠢ ᠤᠯᠠᠮ ᠴᠡᠴᠡᠭᠯᠡᠨ ᠬᠥᠭᠵᠢᠭᠡᠳ
ᠤᠳᠬ᠎ᠠ ᠤᠷᠠᠯᠢᠭ ᠤᠶᠠᠩᠭ᠎ᠠ ᠳᠠᠭᠤᠤ ᠪᠠᠷ ᠨᠢ ᠪᠥᠮᠪᠥᠷᠴᠡᠭ ᠦ᠋ᠨ ᠰᠣᠨᠣᠷ ᠮᠢᠯᠢᠶᠠᠵᠤ
ᠤᠤᠭᠤᠭᠰᠠᠨ ᠤᠰᠤ ᠤᠭ ᠨᠤᠲᠤᠭ ᠮᠢᠨᠢ ᠤᠯᠠᠮ ᠤᠶᠠᠩᠭᠠᠷᠠᠨ ᠬᠠᠩᠭᠢᠨᠠᠭᠠᠳ
ᠤᠷᠤᠭ ᠬᠤᠷᠢᠮ ᠤᠯᠠᠮᠵᠢᠯᠠᠯᠲᠤ ᠵᠠᠩᠰᠢᠯ ᠨᠢ ᠤᠤᠯ ᠶᠣᠰᠣᠭᠠᠷ ᠢ᠋ᠶ᠋ᠠᠨ ᠦᠷᠭᠦᠯᠵᠢᠯᠡᠵᠦ
ᠤᠤᠭᠠᠯ ᠳᠠᠷᠬᠠᠨ ᠣᠷᠳᠣᠰ ᠨᠤᠲᠤᠭ ᠮᠢᠨᠢ ᠤᠯᠠᠮ ᠣᠨᠴᠠᠭᠠᠢᠷᠠᠨ ᠭᠢᠯᠠᠷᠠᠵᠤ ᠪᠣᠢ᠃
ᠣᠷᠳᠣᠰ ᠨᠤᠲᠤᠭ ᠢ᠋ᠶ᠋ᠠᠨ ᠤᠷᠢᠶᠠᠯᠠᠭᠠᠳ ᠪᠢ ᠣᠯᠠᠨ ᠭᠠᠵᠠᠷ ᠲᠣᠭᠣᠷᠢᠬᠤ ᠶᠤᠮ
ᠣᠷᠳᠣᠰ ᠨᠤᠲᠤᠭ ᠢ᠋ᠶ᠋ᠠᠨ ᠤᠤᠬᠠᠢᠯᠠᠭᠠᠳ ᠪᠢ ᠣᠬᠢ ᠰᠢᠯᠦᠭ ᠲᠤᠭᠤᠷᠪᠢᠬᠤ ᠶᠤᠮ
ᠣᠷᠳᠣᠰ ᠨᠤᠲᠤᠭ ᠢ᠋ᠶ᠋ᠠᠨ ᠤᠶᠠᠩᠭᠠᠯᠠᠭᠠᠳ ᠪᠢ ᠣᠨᠴᠠ ᠳᠠᠭᠤᠤ ᠵᠣᠬᠢᠶᠠᠬᠤ ᠶᠤᠮ
ᠣᠷᠳᠣᠰ ᠨᠤᠲᠤᠭ ᠢ᠋ᠶ᠋ᠠᠨ ᠳᠠᠭᠠᠳᠬᠠᠭᠠᠳ ᠪᠢ ᠣᠪᠣᠭ᠎ᠠ ᠣᠩᠭᠣᠨ ᠲᠠᠬᠢᠬᠤ ᠶᠤᠮ
ᠣᠷᠳᠣᠰ ᠨᠤᠲᠤᠭ ᠢ᠋ᠶ᠋ᠠᠨ ᠰᠣᠨᠢᠷᠬᠠᠭᠠᠳ ᠪᠢ ᠣᠮᠣᠭ ᠲᠡᠭᠦᠯᠳᠡᠷ ᠠᠯᠬᠤᠬᠤ ᠶᠤᠮ
ᠣᠷᠳᠣᠰ ᠨᠤᠲᠤᠭ ᠢ᠋ᠶ᠋ᠠᠨ ᠪᠠᠬᠠᠷᠬᠠᠭᠠᠳ ᠪᠢ ᠣᠨ ᠤ᠋ ᠬᠦᠷᠳᠦ ᠶ᠋ᠢ ᠡᠯᠡᠭᠡᠬᠦ ᠶᠦᠮ᠃
ᠣᠳᠣᠳ ᠰᠣᠳᠤᠳ ᠨᠢ ᠰᠢᠯᠭᠠᠷᠠᠨ ᠭᠠᠷᠳᠠᠭ ᠡᠷ᠎ᠡ ᠶ᠋ᠢᠨ ᠭᠤᠷᠪᠠᠨ ᠨᠠᠭᠠᠳᠤᠮ ᠲᠠᠢ
ᠣᠷᠳᠣᠰ ᠭᠡᠳᠡᠭ ᠲᠥᠷᠥᠭᠰᠡᠨ ᠨᠤᠲᠤᠭ ᠣᠨᠴᠠᠭᠠᠢ ᠰᠠᠢᠬᠠᠨ ᠭᠠᠵᠠᠷ ᠠ᠋
《ᠣᠷᠳᠣᠰ ᠮᠢᠨᠦ ᠨᠤᠲᠤᠭ》 ᠭᠡᠵᠦ ᠣᠬᠣᠷ ᠠᠪᠰᠠᠷᠬᠠᠨ ᠰᠢᠯᠦᠭᠯᠡᠭᠰᠡᠨ ᠴᠤ᠌
ᠣᠯᠵᠠ ᠬᠡᠰᠢᠭ ᠣᠯᠴᠢᠬᠠᠭᠰᠠᠨ ᠶᠤᠮ ᠰᠢᠭ᠋ ᠣᠷᠣᠨ ᠭᠠᠷᠤᠨ ᠬᠥᠭᠰᠡᠬᠦ ᠳ᠋ᠡᠭᠡᠨ
ᠣᠷᠳᠣᠰ ᠨᠤᠲᠤᠭ ᠲᠠᠢ ᠵᠠᠶᠠᠭᠠᠭᠰᠠᠨ ᠣᠯᠳᠣᠢ ᠪᠡᠶ᠎ᠡ ᠳ᠋ᠡᠭᠡᠨ ᠣᠮᠣᠭᠰᠢᠭᠠᠳ
ᠣᠴᠢᠯᠠᠵᠤ ᠨᠣᠴᠣᠭᠰᠠᠨ ᠲᠦᠢᠮᠡᠷ ᠠᠳᠠᠯᠢ ᠰᠡᠳᠬᠢᠯ ᠳᠦᠷᠡᠯᠵᠡᠵᠦ ᠶᠠᠪᠤᠳᠠᠭ ᠠ᠋
ᠣᠴᠢᠯᠠᠵᠤ ᠨᠣᠴᠣᠭᠰᠠᠨ ᠲᠦᠢᠮᠡᠷ ᠠᠳᠠᠯᠢ ᠰᠡᠳᠬᠢᠯ ᠳᠦᠷᠡᠯᠵᠡᠵᠦ ᠶᠠᠪᠤᠳᠠᠭ ᠠ᠋᠁
ᠦᠰᠦᠭ ᠠᠮᠢᠯᠠᠭᠤᠯᠤᠭᠴᠢ᠄ ᠣᠶᠤᠨᠴᠢᠮᠡᠭ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ᠂ ᠨᠠᠷᠠᠨ᠂ ᠰᠡᠬᠡᠭᠡᠷᠡᠯ