ᠲᠣᠭᠣᠷ -ᠮᠦᠯᠡᠨTuur-MölnТуур-Мөлн ᠠᠷᠠᠳ ᠤᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠭᠣᠷ -ᠮᠦᠯᠡᠨTuur-MölnТуур-Мөлн

ᠲᠣᠭᠣᠷ -ᠮᠦᠯᠡᠨTuur-MölnТуур-Мөлн

2025-09-21

262

ᠲᠣᠭᠣᠷ 

  ᠮᠦᠯᠡᠨ ᠳᠠᠭᠤᠯᠠᠪᠠ 
    ᠬᠣᠷᠴᠢᠨ ᠠᠷᠠᠳ ᠤ᠋ᠨ ᠳᠠᠭᠤᠤ 


ᠠᠭᠠᠷ ᠲᠡᠭᠷᠢ ᠭᠡᠭᠴᠢ ᠨᠢ ᠬᠣᠭᠣᠰᠣᠨ ᠶᠤᠮ ᠰᠢᠦ ᠬᠦᠢ 
ᠠᠷᠪᠠᠨ ᠣᠷᠣᠨ ᠤ᠋ ᠡᠷᠯᠢᠭ ᠭᠡᠭᠴᠢ ᠬᠠᠭᠤᠷᠮᠠᠭ ᠶᠤᠮ ᠰᠢᠦ ᠬᠦᠢ ᠠ ᠬᠦᠢ ᠮᠥᠮᠥ ᠠ᠋ ᠬᠦᠢ 
ᠠᠰᠢᠭ ᠪᠣᠯᠤᠭᠠᠳ ᠵᠣᠭᠣᠰᠤᠨ ᠳ᠋ᠤ᠌ ᠬᠣᠪᠳᠣᠭᠯᠠᠭᠰᠠᠭᠠᠷ ᠪᠠᠢᠭᠠᠳ 
ᠠᠯᠠᠭ ᠰᠣᠬᠣᠷ ᠲᠤ᠌ ᠥᠭᠭᠦᠨ᠎ᠡ ᠤᠤ ᠶᠠ ᠬᠦᠢ 

ᠳᠠᠭᠤ ᠶ᠋ᠢᠨ ᠵᠢᠪᠠᠷ ᠭᠡᠭᠴᠢ ᠬᠣᠶᠠᠷ ᠶᠤᠮ ᠰᠢᠦ ᠬᠦᠢ 
ᠲᠠᠮᠤ ᠶ᠋ᠢᠨ ᠡᠭᠦᠳᠡ ᠭᠡᠭᠴᠢ ᠨᠢ ᠭᠠᠭᠴᠠᠬᠠᠨ ᠶᠤᠮ ᠰᠢᠦ ᠬᠦᠢ ᠠ ᠬᠦᠢ ᠲᠣᠭᠣᠷ  ᠬᠦᠢ 
ᠲᠠᠮᠤ ᠶ᠋ᠢᠨ ᠭᠠᠵᠠᠷ ᠠ᠋ᠴᠠ ᠡᠷ᠎ᠡ ᠡᠮ᠎ᠡ ᠪᠡᠷ ᠵᠣᠬᠢᠶᠠᠭᠰᠠᠨ ᠢ᠋ 
ᠲᠠᠩᠭᠠᠷᠢᠭᠯᠠᠵᠤ ᠪᠠᠢᠬᠤ ᠴᠢᠨᠢ ᠲᠠᠭᠠᠷᠠᠨ᠎ᠠ ᠤᠤ ᠶᠠ ᠬᠦᠢ

ᠦᠬᠡᠷ ᠦ᠋ᠨ ᠡᠪᠡᠷ ᠭᠡᠭᠴᠢ ᠨᠢ ᠬᠣᠶᠠᠷ ᠶᠤᠮ ᠰᠢᠦ ᠬᠦᠢ
ᠥᠬᠢᠨ ᠪᠠᠭ᠎ᠠ ᠲᠣᠭᠣᠷ  ᠴᠢᠨᠢ ᠭᠠᠭᠴᠠᠭᠠᠷ ᠰᠢᠦ ᠠ ᠬᠦᠢ ᠮᠥᠮᠥ ᠬᠦᠢ
ᠦᠷ᠎ᠡ ᠶ᠋ᠢᠨ ᠭᠠᠭᠴᠠᠬᠠᠨ ᠵᠠᠶᠠᠭᠠᠭᠰᠠᠨ ᠬᠡᠦᠬᠡᠨ ᠢ᠋ᠶ᠋ᠡᠨ
ᠦᠬᠡᠷ ᠬᠣᠨᠢ ᠪᠠᠷ ᠰᠣᠯᠢᠨ᠎ᠠ ᠤᠤ ᠶᠠ ᠬᠦᠢ

ᠠᠷᠠᠯ ᠮᠠᠭᠤᠲᠠᠢ ᠲᠡᠷᠭᠡ ᠶ᠋ᠢ ᠴᠢᠨᠢ ᠪᠣᠯᠪᠠᠯ ᠬᠦᠢ
ᠠᠷᠭᠠᠴᠠᠵᠤ ᠵᠠᠷᠤᠪᠠᠯ ᠠᠰᠤᠷᠤ ᠪᠢᠰᠢ ᠤᠤ ᠳᠠ ᠠ ᠬᠦᠢ ᠲᠣᠭᠣᠷ  ᠬᠦᠢ
ᠠᠪᠤᠭᠰᠠᠨ ᠬᠦᠷᠭᠡᠨ ᠴᠢᠨᠢ ᠨᠢᠳᠦᠨ ᠰᠣᠬᠣᠷ ᠪᠣᠯᠪᠠᠴᠤ ᠬᠦᠢ
ᠠᠶ᠎ᠠ ᠶ᠋ᠢ ᠨᠢ ᠦᠵᠡᠭᠡᠳ ᠠᠮᠢᠳᠤᠷᠠᠬᠤ ᠦᠭᠡᠢ ᠤᠤ ᠳᠠ ᠬᠦᠢ

ᠵᠠᠯᠢᠬᠠᠢ ᠨᠣᠶᠠᠨ ᠳ᠋ᠤ᠌ ᠬᠡᠭᠡᠯᠢ ᠶᠦ᠍ᠭᠡᠨ ᠲᠦᠯᠬᠢᠬᠦ ᠪᠡᠷ ᠢ᠋ᠶ᠋ᠡᠨ
ᠵᠠᠳᠠᠭᠠᠢ ᠶ᠋ᠢᠨ ᠳᠡᠭᠡᠷ᠎ᠡ ᠴᠢᠳᠬᠤᠪᠠᠯ ᠲᠡᠭᠦᠨ ᠡᠴᠡ ᠳᠡᠭᠡᠷ᠎ᠡ ᠠ ᠬᠦᠢ ᠮᠥᠮᠥ ᠬᠦᠢ
ᠵᠠᠯᠢᠬᠠᠢ ᠬᠥᠮᠦᠨ ᠦ᠌ ᠦᠭᠡᠨ ᠳ᠋ᠦ᠍ ᠣᠷᠣᠬᠤ ᠴᠢᠨᠢ
ᠵᠢᠳᠠᠨ ᠤ᠋ ᠦᠵᠦᠭᠦᠷ ᠭᠠᠩ ᠲᠠᠯᠪᠢᠵᠠᠢ ᠬᠦᠢ

ᠪᠤᠷᠤᠩᠬᠤᠢ ᠨᠣᠶᠠᠨ ᠳ᠋ᠤ᠌ ᠬᠡᠭᠡᠯᠢ ᠶᠦ᠍ᠭᠡᠨ ᠲᠦᠯᠬᠢᠬᠦ ᠪᠡᠷ ᠢ᠋ᠶ᠋ᠡᠨ
ᠪᠤᠯᠤᠩ ᠭᠠᠵᠠᠷ ᠴᠢᠳᠬᠤᠴᠢᠬᠠᠪᠠᠯ ᠲᠡᠭᠦᠨ ᠡᠴᠡ ᠳᠡᠭᠡᠷ᠎ᠡ ᠠ ᠬᠦᠢ ᠮᠥᠮᠥ ᠬᠦᠢ
ᠪᠤᠷᠤᠭᠤ ᠰᠠᠨᠠᠭᠠᠲᠠᠨ ᠤ᠋ ᠦᠭᠡᠨ ᠳ᠋ᠦ᠍ ᠣᠷᠣᠬᠤ ᠴᠢᠨᠢ
ᠪᠣᠣᠳᠤᠤ ᠶ᠋ᠢᠨ ᠦᠵᠦᠭᠦᠷ ᠭᠠᠩ ᠲᠠᠯᠪᠢᠵᠠᠢ ᠬᠦᠢ

  ᠵᠢᠷᠤᠭ ᠲᠠᠭᠠᠷᠠᠭᠤᠯᠵᠤ᠂ ᠦᠰᠦᠭ  ᠠᠮᠢᠯᠠᠭᠤᠯᠵᠤ ᠬᠠᠲᠠᠭᠰᠠᠨ ᠨᠢ᠄ ᠭᠠᠸᠠ
  ᠬᠢᠨᠠᠭᠴᠢ᠄ ᠢᠷᠡᠭᠡᠳᠦᠢ