ᠬᠣᠨᠢᠨ ᠨᠢᠳᠦ ᠴᠡᠴᠡᠭKhonin nüd tsetsegХонин нүд цэцэг
ᠲᠤᠰ ᠡᠮ ᠪᠣᠯ ᠤᠳ᠌ᠪᠠᠯᠡ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠣᠳᠣᠨ ᠴᠡᠴᠡᠭ ᠦ᠋ᠨ ᠬᠠᠲᠠᠭᠠᠭᠰᠠᠨ ᠲᠣᠯᠣᠭᠠᠢ ᠬᠡᠯᠪᠡᠷᠢᠲᠦ ᠪᠠᠭ ᠴᠡᠴᠡᠭ ᠮᠥᠨ᠂᠃ ᠪᠠᠰᠠ ᠯᠦᠭᠮᠢᠭ᠂ ᠬᠦᠷᠡᠩ ᠦᠨᠳᠦᠰᠦ᠂ ᠪᠠᠭ᠎ᠠ ᠯᠠᠪᠠᠢ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃1~1.5m ᠥᠨᠳᠥᠷ᠂ ᠦᠨᠳᠦᠰᠦᠯᠢᠭ ᠡᠰᠢ ᠨᠢ ᠣᠬᠣᠷ᠂ ᠣᠯᠠᠨ ᠨᠠᠷᠢᠨ ᠦᠨᠳᠦᠰᠦ ᠪᠠᠭᠯᠠᠷᠠᠨ ᠤᠷᠭᠤᠬᠤ ᠪᠠ ᠬᠠᠯᠢᠰᠤ ᠨᠢ ᠴᠠᠢᠪᠤᠷ ᠬᠦᠷᠡᠩ ᠥᠩᠭᠡ ᠲᠡᠢ᠃ ᠡᠰᠢ ᠨᠢ ᠰᠢᠯᠤᠭᠤᠨ᠂ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠂ ᠭᠠᠳᠠᠷ ᠨᠢ ᠬᠣᠪᠢᠯ ᠲᠠᠢ᠃ ᠦᠨᠳᠦᠰᠦ ᠡᠴᠡ ᠤᠷᠭᠤᠭᠰᠠᠨ ᠨᠠᠪᠴᠢ ᠨᠢ ᠪᠤᠲᠠᠯᠠᠵᠤ᠂ ᠴᠡᠴᠡᠭᠯᠡᠬᠦ ᠦᠶᠡᠰ ᠵᠤᠯᠭᠠᠷᠠᠨ᠎ᠠ᠃ ᠨᠠᠪᠴᠢᠨ ᠢᠯᠲᠠᠰᠤ ᠨᠢ ᠤᠷᠲᠤ ᠵᠤᠤᠪᠠᠩ ᠠ᠋ᠴᠠ ᠵᠤᠤᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ᠂20~40cm ᠤᠷᠲᠤ᠂6~12cm ᠥᠷᠭᠡᠨ᠂ ᠮᠤᠬᠤᠷ ᠦᠵᠦᠭᠦᠷ ᠲᠡᠢ᠂ ᠤᠭ ᠨᠢ ᠱᠤᠪᠲᠤᠢᠭᠠᠳ ᠤᠷᠲᠤ ᠳᠠᠯᠠᠪᠴᠢᠯᠢᠭ᠋ ᠨᠠᠪᠴᠢᠨ ᠪᠠᠷᠢᠭᠤᠯ ᠪᠣᠯᠳᠠᠭ᠃ ᠬᠥᠪᠡᠭᠡ ᠪᠡᠷ ᠨᠢ ᠬᠤᠷᠴᠠ ᠠᠷᠠᠭ᠎ᠠ ᠲᠠᠢ᠂ ᠬᠣᠶᠠᠷ ᠲᠠᠯ᠎ᠠ ᠳ᠋ᠤᠨᠢ ᠲᠠᠷᠠᠮᠠᠭ ᠰᠢᠷᠦᠭᠦᠨ ᠦᠰᠦ ᠲᠡᠢ᠃ ᠡᠰᠢᠨ ᠳ᠋ᠡᠬᠢ ᠨᠠᠪᠴᠢ ᠨᠢ ᠴᠤᠪᠤᠷᠠᠨ ᠤᠷᠭᠤᠨ᠎ᠠ᠂ ᠪᠠᠷᠢᠭᠤᠯ ᠦᠭᠡᠢ ᠰᠢᠬᠠᠮ᠃ ᠨᠠᠪᠴᠢᠨ ᠢᠯᠲᠠᠰᠤ ᠨᠢ ᠨᠠᠷᠢᠨ ᠤᠷᠲᠤ ᠵᠤᠤᠪᠠᠩ ᠬᠡᠯᠪᠡᠷᠢ ᠲᠡᠢ ᠪᠤᠶᠤ ᠬᠠᠪᠲᠠᠭᠠᠢ ᠲᠡᠪᠡᠨᠡ ᠬᠡᠯᠪᠡᠷᠢ ᠲᠡᠢ᠂18~35cm ᠤᠷᠲᠤ᠂5~10cm ᠥᠷᠭᠡᠨ᠂ ᠬᠤᠷᠴᠠ ᠱᠣᠪᠬᠣ ᠦᠵᠦᠭᠦᠷ ᠲᠡᠢ ᠪᠥᠭᠡᠳ ᠣᠷᠣᠢ ᠨᠢ ᠵᠢᠵᠢᠭ ᠱᠣᠪᠣᠭᠣᠷ᠂ ᠳᠤᠮᠳᠠ ᠠ᠋ᠴᠠ ᠳᠣᠷᠣᠭᠰᠢᠬᠢ ᠨᠢ ᠱᠤᠪᠲᠤᠢᠵᠤ᠂ ᠨᠠᠷᠢᠨ ᠤᠷᠲᠤ ᠤᠭ ᠪᠣᠯᠳᠠᠭ᠃ ᠣᠯᠠᠨ ᠲᠣᠯᠣᠭᠠᠢ ᠬᠡᠯᠪᠡᠷᠢᠲᠦ ᠪᠠᠭ ᠴᠡᠴᠡᠭ ᠲᠡᠢ ᠪᠥᠭᠡᠳ ᠲᠡᠭᠰᠢ ᠣᠷᠣᠢᠲᠤ ᠬᠡᠯᠪᠡᠷᠢ ᠲᠡᠢ ᠪᠠᠢᠷᠢᠯᠠᠨ᠎ᠠ᠂ ᠳ᠋ᠢᠶᠠᠮᠧᠲ᠋ᠷ ᠨᠢ2.5~3.5cm᠂ ᠤᠷᠲᠤ ᠪᠠᠷᠢᠭᠤᠯ ᠲᠠᠢ᠂ ᠪᠠᠷᠢᠭᠤᠯ ᠳᠡᠭᠡᠷ᠎ᠡ ᠨᠢ ᠢᠬᠴᠤ ᠬᠠᠲᠠᠭᠤ ᠦᠰᠦ ᠲᠡᠢ᠃ ᠶᠡᠷᠦᠩᠬᠡᠢ ᠪᠠᠭᠯᠠᠭᠴᠢ ᠨᠢ ᠲᠠᠯ᠎ᠠ ᠪᠥᠮᠪᠥᠭᠡ ᠬᠡᠯᠪᠡᠷᠢ ᠲᠡᠢ᠂ ᠪᠠᠭᠯᠠᠭᠴᠢ ᠢᠯᠲᠠᠰᠤ ᠨᠢ3 ᠮᠥᠷ᠂ ᠤᠷᠲᠤ ᠲᠣᠭᠣᠷᠢᠭ ᠬᠠᠪᠲᠠᠭᠠᠢ ᠲᠡᠪᠡᠨᠡ ᠬᠡᠯᠪᠡᠷᠢ ᠲᠡᠢ᠂ ᠨᠣᠭᠣᠭᠠᠨ ᠥᠩᠭᠡ ᠲᠡᠢ᠂ ᠶᠠᠯᠢᠮ ᠦᠭᠡᠢ ᠪᠣᠷᠣᠪᠲᠤᠷ ᠲᠤᠶᠠᠭ᠎ᠠ ᠲᠠᠢ᠂ ᠬᠡᠯᠡ ᠬᠡᠯᠪᠡᠷᠢᠲᠦ ᠴᠡᠴᠡᠭ ᠨᠢ ᠬᠥᠬᠡᠪᠲᠦᠷ ᠪᠣᠷᠣ᠂ ᠭᠠᠭᠴᠠ ᠪᠡᠯᠭᠡ ᠲᠡᠢ᠂ ᠴᠡᠴᠡᠭ ᠦ᠋ᠨ ᠳᠡᠯᠪᠢ ᠨᠢ15~18mm ᠤᠷᠲᠤ᠂ ᠦᠵᠦᠭᠦᠷ ᠲᠦ᠋ᠨᠢ3 ᠭᠦᠢᠬᠡᠨ ᠣᠨᠢ ᠲᠠᠢ᠂ ᠤᠭ ᠤ᠋ᠨ ᠬᠡᠰᠡᠭ ᠨᠢ ᠬᠣᠭᠣᠯᠠᠢ ᠬᠡᠯᠪᠡᠷᠢ ᠲᠡᠢ ᠪᠣᠯᠳᠠᠭ᠃ ᠴᠡᠴᠡᠭ ᠦ᠋ᠨ ᠪᠠᠭᠠᠨ᠎ᠠ ᠨᠢ1᠂ ᠪᠠᠭᠠᠨ᠎ᠠ ᠶ᠋ᠢᠨ ᠠᠮᠠᠰᠠᠷ ᠨᠢ ᠠᠴᠠ ᠬᠡᠯᠪᠡᠷᠢ ᠲᠡᠢ᠃ ᠬᠣᠭᠣᠯᠠᠢ ᠬᠡᠯᠪᠡᠷᠢᠲᠦ ᠴᠡᠴᠡᠭ ᠨᠢ ᠰᠢᠷ᠎ᠠ ᠥᠩᠭᠡ ᠲᠡᠢ᠂6mm ᠣᠷᠴᠢᠮ ᠤᠷᠲᠤ᠂ ᠦᠵᠦᠭᠦᠷ ᠲᠤᠨᠢ5 ᠭᠦᠢᠬᠡᠨ ᠣᠨᠢ ᠲᠠᠢ᠂ ᠡᠷ᠎ᠡ ᠲᠣᠭᠣᠷᠴᠣᠭ ᠨᠢ5᠂ ᠲᠣᠭᠣᠰᠣᠪᠴᠢ ᠨᠢ ᠨᠠᠷᠢᠨ ᠤᠷᠲᠤ᠂ ᠨᠡᠢᠯᠡᠮᠡᠯ ᠲᠣᠭᠣᠰᠣᠪᠴᠢ ᠲᠠᠢ ᠪᠥᠭᠡᠳ ᠴᠡᠴᠡᠭ ᠦ᠋ᠨ ᠪᠠᠭᠠᠨ᠎ᠠ ᠪᠠᠨ ᠬᠦᠷᠢᠶᠡᠯᠡᠵᠦ ᠪᠣᠢ᠃ ᠳᠣᠣᠷᠠᠲᠤ ᠣᠷᠣᠨᠲᠤ ᠤᠮᠠᠢ ᠲᠠᠢ᠂ ᠪᠠᠭᠠᠨ᠎ᠠ ᠶ᠋ᠢᠨ ᠠᠮᠠᠰᠠᠷ ᠨᠢ ᠠᠴᠠ ᠬᠡᠯᠪᠡᠷᠢ ᠲᠡᠢ᠃ ᠲᠤᠷᠠᠩᠬᠠᠢ ᠵᠢᠮᠢᠰ ᠨᠢ ᠬᠠᠪᠲᠠᠭᠠᠢ᠂ ᠨᠢᠭᠡ ᠲᠠᠯ᠎ᠠ ᠨᠢ ᠮᠤᠷᠤᠢ᠂3mm ᠤᠷᠲᠤ᠂ ᠣᠬᠣᠷ ᠦᠰᠦ ᠲᠡᠢ᠂ ᠲᠢᠳᠡᠮ ᠦᠰᠦ ᠨᠢ
ᠴᠠᠭᠠᠨ ᠪᠤᠶᠤ ᠭᠦᠢᠬᠡᠨ ᠬᠦᠷᠡᠩ ᠥᠩᠭᠡ ᠲᠡᠢ᠂ ᠲᠤᠷᠠᠩᠬᠠᠢ ᠵᠢᠮᠢᠰ ᠡᠴᠡ ᠪᠡᠨ3~4 ᠳᠠᠬᠢᠨ ᠤᠷᠲᠤ᠃8 ᠳ᠋ᠤᠭᠠᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠪᠡᠯᠴᠢᠭᠡᠷ᠂ ᠭᠣᠣᠯ ᠤ᠋ᠨ ᠬᠥᠪᠡᠭᠡ ᠪᠡᠷ ᠤᠷᠭᠤᠨ᠎ᠠ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠾᠧᠪᠧᠢ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠴᠡᠴᠡᠭᠯᠡᠬᠦ ᠳ᠋ᠦ᠍ᠨᠢ ᠲᠡᠭᠦᠵᠦ᠂ ᠴᠡᠴᠡᠭ ᠦ᠋ᠨ ᠲᠣᠭᠳᠣᠢ ᠶ᠋ᠢ ᠨᠢ ᠠᠷᠢᠯᠭᠠᠨ ᠬᠠᠶᠠᠭᠠᠳ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠥᠴᠦᠬᠡᠨ ᠭᠠᠰᠢᠭᠤᠨ ᠠᠮᠲᠠ ᠲᠠᠢ᠂ ᠲᠡᠭᠰᠢ ᠴᠢᠨᠠᠷ ᠲᠠᠢ᠂ ᠮᠣᠬᠣᠳᠠᠭ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠥᠭᠡᠷᠢ ᠴᠢᠰᠤ ᠶ᠋ᠢ ᠬᠠᠲᠠᠭᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠬᠢᠵᠢᠭ ᠲᠠᠭᠰᠢᠭᠤᠷ᠂ ᠬᠣᠣᠷ ᠤ᠋ᠨ ᠬᠠᠯᠠᠭᠤᠨ᠂ ᠪᠣᠷᠣ ᠭᠦᠪᠳᠦᠷᠦᠦ᠂ ᠪᠣᠭᠣᠮ᠎ᠠ ᠬᠠᠪᠤᠳᠠᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄紫菀花(紫菀)
ᠠᠩᠭ᠌ᠯᠢ ᠨᠡᠷ᠎ᠡ᠄Aster tataricus L. f.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠶᠤᠨᠴᠢᠮᠡᠭ