ᠪᠣᠭᠣᠷᠴᠢ – ᠠᠯᠯᠠ ᠶᠢᠨ ᠵᠠᠷᠯᠢᠭ ᠮᠡᠲᠦ - ᠴᠢᠩᠭᠢᠰ ᠬᠠᠭᠠᠨ ᠊ᠤ᠌ ᠨᠢᠭᠤᠴᠠ ᠲᠡᠦᠬᠡ 22 Боорчи –Аллын зарлиг мэт - Чингис хаан оо нууц түүх 22
ᠪᠣᠭᠣᠷᠴᠢ –
ᠠᠯᠯᠠ ᠶᠢᠨ ᠵᠠᠷᠯᠢᠭ ᠮᠡᠲᠦ
ᠡᠬᠢᠯᠡᠭᠡᠳ ᠵᠢᠭᠤᠲᠠᠵᠤ ᠣᠳᠤᠭᠰᠠᠨ ᠬᠣᠷᠽᠧᠮ ᠦ᠋ᠨ ᠰᠦᠯᠳᠡ ᠵᠠᠯᠠᠯᠳᠢᠨ ᠢ᠋ ᠨᠡᠬᠡᠬᠦ ᠨᠡᠷ᠎ᠡ ᠪᠡᠷ ᠡᠬᠢᠯᠡᠭᠰᠡᠨ ᠳᠣᠪᠲᠣᠯᠭᠠᠨ ᠺᠡᠦᠺᠡᠰ ᠦ᠋ᠨ ᠨᠢᠷᠤᠭᠤ ᠶ᠋ᠢ ᠳᠠᠪᠠᠮᠠᠭᠴᠠ ᠠᠯᠢ ᠡᠷᠲᠡ ᠨᠠᠭᠠᠰᠢ ᠪᠠᠨ ᠳᠥᠷᠪᠡᠨ ᠢᠷᠡᠵᠦ ᠬᠣᠷᠭᠣᠳᠠᠭᠰᠠᠨ ᠬᠡᠷᠡᠢᠳ᠂ ᠮᠡᠷᠭᠢᠳ ᠠᠢᠮᠠᠭ ᠤ᠋ᠨ ᠦᠯᠡᠳᠡᠭᠳᠡᠯ ᠢ᠋ ᠣᠯᠵᠤ ᠤᠰᠠᠳᠬᠠᠬᠤ ᠨᠡᠷ᠎ᠡ ᠲᠡᠢ ᠪᠣᠯᠤᠨ ᠬᠤᠪᠢᠷᠠᠵᠤ ᠮᠣᠩᠭᠣᠯᠴᠤᠳ ᠤ᠋ᠨ ᠥᠪᠡᠷᠰᠡᠳ ᠦ᠋ᠨ ᠳᠣᠪᠲᠣᠯᠭ᠎ᠠ ᠶ᠋ᠢ ᠵᠥᠪᠳᠡᠭᠡᠬᠦ ᠦᠨᠳᠦᠰᠦ ᠪᠣᠯᠵᠤ ᠪᠠᠢᠪᠠ᠃ ᠵᠡᠪᠡ ᠰᠥᠪᠡᠭᠡᠳᠡᠢ ᠬᠣᠶᠠᠷ ᠨᠢᠭᠡᠨᠲᠡ ᠡᠬᠢᠯᠡᠭᠰᠡᠨ ᠲᠡᠢᠨ ᠢ᠋ᠶ᠋ᠡᠨ ᠳᠦᠭᠦᠷᠡᠩ ᠢᠯᠠᠯᠲᠠ ᠪᠠᠷ ᠳᠠᠭᠤᠰᠬᠠᠬᠤ ᠶ᠋ᠢᠨ ᠲᠤᠯᠠ ᠮᠣᠷᠢᠨ ᠤ᠋ ᠵᠢᠯᠣᠭᠣ ᠶ᠋ᠢ ᠡᠰᠡ ᠲᠡᠳᠡᠨ ᠶᠠᠭ ᠯᠠ ᠭᠠᠯᠵᠠᠭᠤ ᠨᠣᠬᠠᠳ ᠰᠢᠭ᠋ ᠦᠰᠦᠴᠢᠨ ᠣᠷᠣᠰ ᠤ᠋ᠨ ᠣᠯᠠᠨ ᠲᠤᠰᠠᠭᠠᠷ ᠠᠢᠮᠠᠭ ᠤ᠋ᠳ ᠤ᠋ᠨ ᠵᠢᠷᠦᠬᠡ ᠪᠣᠯᠤᠭᠰᠠᠨ ᠳ᠋ᠨᠧᠫᠷ ᠮᠥᠷᠡᠨ ᠦ᠌ ᠬᠥᠪᠡᠭᠡᠨ ᠳ᠋ᠡᠬᠢ ᠺᠢᠶᠧᠹ ᠬᠣᠲᠠ ᠶ᠋ᠢᠨ ᠵᠦᠭ ᠤᠷᠤᠭᠰᠢᠯᠠᠵᠤ ᠪᠠᠢᠪᠠ᠃
ᠬᠠᠷᠢᠨ ᠣᠷᠭᠧᠨ᠋ᠴᠠ ᠬᠣᠲᠠ ᠬᠠᠪᠢ ᠶ᠋ᠢᠨ ᠨᠤᠲᠤᠭ ᠢ᠋ ᠡᠵᠡᠯᠡᠨ ᠰᠠᠭᠤᠬᠤ ᠡᠷᠬᠡ ᠶ᠋ᠢ ᠴᠢᠩᠭᠢᠰ ᠬᠠᠭᠠᠨ ᠤ᠋ ᠵᠠᠷᠯᠢᠭ ᠢ᠋ᠶ᠋ᠠᠷ ᠬᠦᠷᠲᠡᠭᠰᠡᠨ ᠵᠥᠴᠢ ᠥᠪᠡᠷ ᠦ᠋ᠨ ᠡᠵᠡᠮᠰᠢᠯ ᠢ᠋ ᠲᠥᠪᠬᠢᠨᠡᠭᠦᠯᠦᠭᠡᠳ ᠡᠷᠭᠢᠵᠦ ᠢᠷᠡᠬᠦ ᠦᠭᠡᠢ᠂ ᠠᠭᠤᠯᠵᠠᠬᠤ ᠦᠭᠡᠢ ᠪᠠᠢᠭᠰᠠᠭᠠᠷ ᠵᠢᠯ ᠭᠠᠷᠤᠢ ᠪᠣᠯᠤᠭᠰᠠᠨ ᠨᠢ ᠴᠢᠩᠭᠢᠰ ᠬᠠᠭᠠᠨ ᠤ᠋ ᠠᠭᠤᠷ ᠴᠢᠬᠤᠯ ᠢ᠋ ᠪᠠᠷᠠᠵᠤ ᠡᠬᠢᠯᠡᠪᠡ᠃ ᠡᠨᠡ ᠨᠤᠲᠤᠭ ᠤ᠋ᠨ ᠬᠠᠯᠠᠭᠤᠨ ᠪᠦᠭᠴᠢᠮ᠎ᠡ ᠠᠭᠠᠷ᠂ ᠣᠯᠠᠨ ᠵᠢᠯ ᠦ᠋ᠨ ᠠᠶᠠᠨ ᠲᠡᠢᠨ ᠦ᠌ ᠠᠯᠵᠢᠶᠠᠯ ᠳ᠋ᠤ᠌ ᠴᠢᠩᠭᠢᠰ ᠬᠠᠭᠠᠨ ᠤ᠋ ᠪᠡᠶ᠎ᠡ ᠡᠷᠬᠡ ᠦᠭᠡᠢ ᠶᠠᠳᠠᠷᠠᠵᠤ ᠨᠢᠳᠦ ᠠᠨᠢᠬᠤ ᠪᠦᠷᠢ ᠰᠡᠷᠢᠭᠦᠨ ᠰᠠᠯᠬᠢᠲᠤ ᠬᠡᠷᠦᠯᠦᠨ ᠦ᠌ ᠬᠥᠨᠳᠡᠢ᠂ ᠰᠡᠳᠬᠢᠯ ᠳ᠋ᠦ᠍ ᠳᠣᠲᠣᠨᠣ ᠪᠤᠷᠬᠠᠨ ᠬᠠᠯᠳᠤᠨ ᠠᠭᠤᠯᠠ ᠵᠡᠭᠦᠳᠦᠯᠡᠭᠳᠡᠭᠡᠳ ᠪᠤᠰᠢᠭᠤᠬᠠᠨ ᠨᠤᠲᠤᠭ ᠤ᠋ᠨ ᠵᠦᠭ ᠪᠤᠴᠠᠬᠤ ᠶ᠋ᠢ ᠬᠦᠰᠡᠵᠦ ᠪᠠᠢᠪᠠ᠃ ᠬᠤᠯᠠᠨ ᠬᠠᠲᠤᠨ ᠤ᠋ ᠭᠡᠨᠡᠳᠲᠡ ᠶ᠋ᠢᠨ ᠦᠬᠦᠯ ᠴᠢᠩᠭᠢᠰ ᠬᠠᠭᠠᠨ ᠢ᠋ ᠢᠩᠭᠢᠵᠦ ᠭᠠᠭᠴᠠᠭᠠᠷᠳᠠᠯ ᠤ᠋ᠨ ᠲᠤᠢᠯ ᠳ᠋ᠤ᠌ ᠬᠦᠷᠭᠡᠨ᠎ᠡ ᠭᠡᠵᠦ ᠰᠠᠨᠠᠭᠰᠠᠨ ᠦᠭᠡᠢ᠃ ᠭᠠᠰᠢᠭᠤᠳᠠᠯ ᠬᠠᠷᠠᠭᠤᠰᠤᠯ ᠡᠳᠦᠷ ᠢᠷᠡᠬᠦ ᠪᠦᠷᠢ ᠮᠠᠷᠲᠠᠭᠳᠠᠨ ᠨᠢᠮᠭᠡᠷᠡᠳᠡᠭ ᠠᠲᠠᠯ᠎ᠠ ᠲᠡᠭᠡᠭᠰᠡᠨ ᠦᠭᠡᠢ᠃ ᠬᠠᠷᠢᠨ ᠴᠤ᠌ ᠪᠦᠷ ᠲᠣᠳᠣᠷᠠᠵᠤ ᠬᠤᠯᠠᠨ ᠤ᠋ ᠰᠦᠨᠡᠰᠦ ᠴᠢᠩᠭᠢᠰ ᠬᠠᠭᠠᠨ ᠤ᠋ ᠦᠷᠭᠦᠭᠡᠨ ᠡᠴᠡ ᠭᠠᠷᠬᠤ ᠦᠭᠡᠢ ᠪᠣᠯᠵᠠᠢ᠃
ᠶᠡᠬᠡ ᠮᠣᠩᠭᠣᠯ ᠤᠯᠤᠰ ᠲᠠᠢ ᠵᠡᠷᠭᠡᠴᠡᠨ ᠣᠷᠣᠰᠢᠵᠤ ᠪᠠᠢᠭᠰᠠᠨ ᠠᠯᠯᠠ ᠲᠩᠷᠢ ᠶ᠋ᠢᠨ ᠰᠢᠲᠦᠯᠭᠡᠲᠦ ᠬᠤᠷᠽᠸᠮ ᠤ᠋ᠨ ᠬᠠᠭᠠᠨᠲᠤ ᠤᠯᠤᠰ ᠢ᠋ ᠮᠥᠬᠥᠭᠡᠨ ᠳᠠᠷᠤᠭᠰᠠᠨ ᠨᠢ ᠴᠢᠩᠭᠢᠰ ᠬᠠᠭᠠᠨ ᠤ᠋ ᠨᠡᠷ᠎ᠡ ᠰᠦᠷ ᠢ᠋ ᠲᠩᠷᠢ ᠳ᠋ᠦ᠍ ᠡᠷᠭᠦᠵᠦ ᠺᠠᠰᠫᠢ ᠶ᠋ᠢᠨ ᠲᠠᠩᠭᠢᠰ ᠠ᠋ᠴᠠ ᠴᠠᠭᠠᠰᠢᠬᠢ ᠤᠯᠤᠰ ᠠᠢᠮᠠᠭ ᠤ᠋ᠳ ᠲᠤ᠌ ᠠᠶᠤᠯ ᠠᠶᠤᠮᠰᠢᠭ ᠢ᠋ ᠲᠥᠷᠥᠭᠦᠯᠬᠦ ᠪᠣᠯᠤᠭᠰᠠᠨ ᠨᠢ ᠡᠳᠦᠷ ᠠᠯᠭᠠᠰᠠᠬᠤ ᠦᠭᠡᠢ ᠢᠷᠡᠬᠦ ᠡᠯᠴᠢ ᠨᠠᠷ ᠤ᠋ᠨ ᠦᠭᠡ ᠮᠡᠳᠡᠭᠡᠨ ᠡᠴᠡ ᠢᠯᠡᠳᠲᠡ ᠪᠠᠢᠯ᠎ᠠ᠃ ᠭᠡᠪᠡᠴᠦ ᠡᠨᠡ ᠪᠦᠬᠦᠨ ᠳ᠋ᠦ᠍᠂ ᠲᠡᠢᠨ ᠦ᠌ ᠣᠯᠵᠠ᠂ ᠢᠯᠠᠯᠲᠠ ᠳ᠋ᠤ᠌ ᠴᠢᠩᠭᠢᠰ ᠬᠠᠭᠠᠨ ᠤ᠋ ᠰᠡᠳᠬᠢᠯ ᠣᠭᠲᠣ ᠬᠥᠭᠡᠷᠦᠭᠰᠡᠨ ᠦᠭᠡᠢ᠃ ᠲᠡᠢᠨ ᠳᠣᠯᠣᠭᠠᠨ ᠦᠭᠡᠢ ᠬᠡᠳᠦᠨ ᠰᠠᠷ᠎ᠠ ᠶ᠋ᠢᠨ ᠲᠠᠢᠪᠤᠩ ᠠᠮᠢᠳᠤᠷᠠᠯ ᠲᠡᠭᠦᠨ ᠳ᠋ᠦ᠍ ᠥᠩᠭᠡᠷᠡᠭᠰᠡᠨ ᠠᠮᠢᠳᠤᠷᠠᠯ ᠪᠣᠯᠤᠭᠠᠳ ᠢᠷᠡᠭᠡᠳᠦᠢ ᠪᠡᠨ ᠴᠡᠩᠨᠡᠨ ᠪᠣᠳᠣᠬᠤ ᠪᠣᠯᠤᠮᠵᠢ ᠣᠯᠭᠤᠵᠠᠢ᠃ ᠤᠨᠠᠭᠰᠠᠨ ᠨᠤᠲᠤᠭ ᠤᠬᠢᠶᠠᠭᠰᠠᠨ ᠤᠰᠤᠨ ᠠ᠋ᠴᠠ ᠪᠠᠨ ᠬᠡᠳᠦᠨ ᠮᠢᠩᠭᠠᠨ ᠪᠠᠷ᠎ᠠ ᠶ᠋ᠢᠨ ᠠᠯᠤᠰ ᠡᠨᠡ ᠬᠠᠷᠢ ᠶ᠋ᠢᠨ ᠨᠤᠲᠤᠭ ᠲᠤ᠌ ᠬᠡᠰᠡᠭ ᠵᠠᠭᠤᠷ᠎ᠠ ᠰᠠᠭᠤᠬᠤ ᠳ᠋ᠠᠭᠠᠨ ᠶᠠᠭᠠᠬᠢᠪᠠᠴᠤ ᠡᠨᠳᠡ ᠰᠠᠭᠤᠷᠢᠰᠢᠵᠤ ᠠᠮᠢᠳᠤᠷᠠᠵᠤ ᠴᠢᠳᠠᠬᠤ ᠦᠭᠡᠢ ᠪᠡᠨ ᠲᠡᠷᠡ ᠪᠡᠷ ᠣᠢᠯᠠᠭᠠᠵᠠᠢ᠃ ᠴᠡᠷᠢᠭ ᠦ᠋ᠨ ᠳᠣᠲᠣᠷᠠᠬᠢ ᠵᠠᠩᠵᠤᠨ ᠵᠠᠬᠢᠷᠤᠭᠴᠢᠳ ᠤ᠋ᠨ ᠵᠠᠷᠢᠮ ᠨᠢ ᠢᠨᠳ᠋ ᠮᠥᠷᠡᠨ ᠢ᠋ ᠤᠷᠤᠭᠤᠳᠠᠨ ᠬᠦᠷᠴᠦ ᠦᠵᠡᠭᠡ ᠦᠭᠡᠢ ᠡᠨᠡᠳᠬᠡᠭ ᠨᠤᠲᠤᠭ ᠢ᠋ ᠡᠵᠡᠯᠡᠨ ᠠᠪᠴᠤ ᠲᠡᠭᠡᠭᠡᠳ ᠬᠣᠢᠰᠢ ᠡᠷᠭᠢᠨ ᠠᠯᠲᠠᠨ ᠤᠯᠤᠰ ᠤ᠋ᠨ ᠡᠮᠦᠨᠡᠲᠦ ᠬᠥᠷᠰᠢ ᠰᠥᠩ ᠤᠯᠤᠰ ᠤ᠋ᠨ ᠤᠷᠲᠤ ᠠ᠋ᠴᠠ ᠨᠢ ᠳᠠᠭᠠᠷᠢᠨ ᠡᠵᠡᠯᠡᠬᠦ ᠡᠴᠦᠰ ᠲᠡᠭᠦᠰᠬᠡᠯ ᠦᠭᠡᠢ ᠠᠶᠠᠨ ᠲᠡᠢᠨ ᠬᠢᠬᠦ ᠶ᠋ᠢ ᠬᠦᠰᠡᠵᠦ ᠪᠠᠢᠭ᠎ᠠ ᠶ᠋ᠢ ᠴᠦ᠍ ᠢᠲᠡᠭᠡᠯᠲᠦ ᠬᠥᠮᠦᠰ ᠡᠴᠡ ᠪᠡᠨ ᠰᠣᠨᠣᠰᠪᠠ᠃ ᠭᠡᠲᠡᠯ᠎ᠡ ᠴᠢᠩᠭᠢᠰ ᠬᠠᠭᠠᠨ ᠨᠤᠲᠤᠭ ᠲᠠᠭᠠᠨ ᠣᠴᠢᠵᠤ ᠰᠠᠭᠤᠬᠤ ᠶ᠋ᠢ ᠶᠠᠭᠤᠨ ᠳ᠋ᠤ᠌ ᠢᠩᠭᠢᠲᠡᠯ᠎ᠡ ᠪᠡᠨ ᠬᠦᠰᠡᠵᠦ ᠪᠠᠢᠭ᠎ᠠ ᠪᠠᠨ ᠥᠪᠡᠷ ᠢ᠋ᠶ᠋ᠡᠨ ᠴᠦ᠍ ᠣᠢᠯᠠᠭᠠᠬᠤ ᠦᠭᠡᠢ ᠪᠠᠢᠯ᠎ᠠ᠃ ᠡᠴᠡᠵᠦ᠂ ᠶᠠᠳᠠᠷᠠᠵᠤ᠂ ᠡᠪᠦᠭᠡᠷᠡᠵᠦ ᠬᠥᠭᠰᠢᠷᠡᠭᠰᠡᠨ ᠤ ᠬᠢ ᠤᠤ᠂ ᠠᠯᠢ ᠡᠰᠡᠪᠡᠯ ᠢᠯᠠᠯᠲᠠ ᠪᠠᠢᠭᠤᠯᠬᠤ ᠶᠡᠬᠡ ᠬᠦᠰᠡᠯ ᠨᠢ ᠤᠨᠲᠠᠷᠠᠪᠠ ᠤᠤ ᠭᠡᠳᠡᠭ ᠦ᠋ᠨ ᠠᠯᠢ ᠨᠢ ᠪᠣᠯᠬᠤ ᠶ᠋ᠢ ᠲᠡᠷᠡ ᠡᠰᠡ ᠮᠡᠳᠡᠪᠡ᠃ ᠲᠡᠭᠦᠨ ᠳ᠋ᠦ᠍ ᠤᠴᠢᠷ ᠢ᠋ ᠬᠡᠯᠡᠵᠦ ᠤᠬᠠᠭᠠᠷᠠᠭᠤᠯᠬᠤ ᠬᠥᠮᠦᠨ ᠣᠳᠣ ᠡᠨᠳᠡ ᠬᠡᠨ ᠪᠢᠯᠡ᠃ ᠬᠠᠷ᠎ᠠ ᠨᠢᠯᠬ᠎ᠠ ᠠ᠋ᠴᠠ ᠴᠣᠭ ᠵᠢᠳᠬᠦᠭᠰᠡᠨ ᠰᠢᠳᠠᠷ ᠵᠠᠯᠮ᠎ᠠ ᠨᠢ ᠰᠠ ᠡᠪᠡᠳᠴᠢᠨ ᠳ᠋ᠦ᠍ ᠳᠠᠭᠠᠷᠢᠭᠳᠠᠨ ᠡᠳᠡᠭᠡᠷᠡᠵᠦ ᠰᠠᠢᠵᠢᠷᠠᠬᠤ ᠦᠭᠡᠢ ᠪᠣᠯᠤᠭᠰᠠᠨ ᠲᠤᠯᠠ ᠤᠲ᠋ᠷᠢᠶᠡᠳ᠋ ᠦ᠋ᠨ ᠳᠡᠷᠭᠡᠳᠡ ᠡᠴᠡ ᠨᠤᠲᠤᠭ ᠤ᠋ᠨ ᠵᠦᠭ ᠬᠥᠩᠭᠡᠨ ᠰᠡᠦᠬᠡ ᠲᠡᠷᠭᠡ ᠶ᠋ᠢᠨ ᠠᠴᠢᠶ᠎ᠠ ᠪᠣᠯᠵᠤ ᠣᠳᠪᠠ᠃ ᠣᠳᠣ ᠳᠡᠷᠭᠡᠳᠡ ᠨᠢ ᠪᠤᠭᠤᠷᠴᠢ ᠯᠠ ᠭᠠᠭᠴᠠᠭᠠᠷ ᠲᠣᠷᠣᠢᠵᠤ ᠦᠯᠡᠳᠡᠪᠡ᠃ ᠵᠡᠪᠡ ᠰᠦᠪᠡᠭᠡᠳᠡᠢ ᠬᠣᠶᠠᠷ ᠬᠥᠭᠰᠢᠷᠡᠭᠰᠡᠨ ᠴᠦ᠍ ᠲᠡᠳᠡ ᠡᠷᠭᠢᠵᠦ ᠬᠠᠷᠠᠬᠤ ᠰᠡᠬᠦᠭᠡ ᠦᠭᠡᠢ ᠵᠠᠭᠠᠯᠮᠠᠢ ᠶ᠋ᠢᠨ ᠱᠠᠰᠢᠨᠲᠠᠨ ᠨᠤᠭᠤᠳ ᠲᠠᠢ ᠳᠠᠢᠳᠤᠭᠰᠠᠭᠠᠷ ᠶᠠᠪᠤᠨ᠎ᠠ ᠃ ᠬᠠᠷᠢᠨ ᠲᠦᠮᠡᠨ ᠲᠣᠷᠭᠠᠨ ᠴᠡᠷᠢᠭ ᠢ᠋ᠶ᠋ᠡᠨ ᠤᠳᠤᠷᠢᠳᠴᠤ ᠳᠡᠷᠭᠡᠳᠡ ᠡᠴᠡ ᠨᠢ ᠨᠢᠭᠡ ᠴᠦ᠍ ᠮᠥᠴᠡ ᠦᠯᠦ ᠬᠣᠯᠠᠳᠬᠤ ᠪᠤᠭᠤᠷᠴᠢ ᠯᠠ ᠲᠡᠭᠦᠨ ᠢ᠋ ᠰᠠᠬᠢᠵᠤ᠂ ᠬᠡᠯᠡᠪᠡᠯ ᠰᠣᠨᠣᠰᠴᠤ ᠬᠡᠷᠡᠯᠳᠦᠪᠡᠯ ᠵᠥᠪᠯᠡᠵᠦ ᠶᠠᠪᠤᠭ᠎ᠠ ᠪᠢᠯᠡ᠃ ᠪᠤᠭᠤᠷᠴᠢ ᠶ᠋ᠢᠨ ᠦᠷᠴᠢᠯᠡᠭᠡᠲᠦ ᠨᠢᠭᠤᠷ᠂ ᠪᠥᠭᠲᠥᠢᠭᠰᠡᠨ ᠨᠢᠷᠤᠭᠤ ᠬᠢᠭᠡᠳ ᠠᠮᠤᠰᠬᠢᠬᠤ ᠴᠤ᠌ ᠵᠠᠪ ᠦᠭᠡᠢ ᠪᠡᠷᠬᠡ ᠵᠢᠯ ᠦ᠋ᠳ ᠲᠦ᠍ ᠪᠠᠪᠠᠢᠲᠠᠯᠠ ᠪᠠᠨ ᠤᠷᠭᠤᠭᠰᠠᠨ ᠪᠥᠭᠡᠮ ᠰᠠᠬᠠᠯ ᠨᠢ ᠪᠤᠭᠤᠷᠤᠯᠲᠤᠭᠰᠠᠨ ᠢ᠋ ᠦᠵᠡᠬᠦ ᠪᠦᠷᠢ ᠬᠡᠴᠢᠨᠡᠨ ᠵᠢᠯ ᠠᠮᠢᠳᠤᠷᠠᠵᠤ ᠥᠩᠭᠡᠷᠡᠭᠰᠡᠨ ᠢ᠋ᠶ᠋ᠡᠨ ᠴᠢᠩᠭᠢᠰ ᠬᠠᠭᠠᠨ ᠣᠢᠯᠠᠭᠠᠵᠤ ᠥᠪᠡᠷ ᠢ᠋ ᠪᠡᠨ ᠲᠣᠯᠢᠨ ᠳ᠋ᠤ᠌ ᠬᠠᠷᠠᠬᠤ ᠮᠡᠲᠦ ᠪᠣᠯᠳᠠᠭ ᠪᠠᠢᠪᠠ᠃ ᠴᠠᠭ ᠬᠤᠭᠤᠴᠠᠭ᠎ᠠ ᠭᠡᠳᠡᠭ ᠳᠠᠩᠴᠤ ᠬᠠᠢᠷ᠎ᠠ ᠨᠠᠢᠷ ᠦᠭᠡᠢ ᠳᠡᠩᠳᠡᠭᠦᠦ ᠬᠠᠷᠭᠢᠰ ᠬᠠᠲᠠᠭᠤ ᠪᠥᠭᠡᠳ ᠬᠡᠨ ᠴᠦ᠍ ᠪᠠᠢᠭᠰᠠᠨ᠂ ᠶᠠᠭᠤ ᠶ᠋ᠢ ᠴᠦ᠍ ᠪᠣᠯᠪᠠ ᠡᠯᠡᠭᠡᠨ ᠡᠮᠲᠡᠯᠡᠵᠦ ᠳᠠᠭᠤᠰᠬᠠᠳᠠᠭ᠂ ᠡᠴᠦᠰ ᠲᠦ᠋ᠨᠢ ᠦᠭᠡᠢ ᠬᠢᠨ ᠬᠤᠮᠠᠬᠢ ᠶ᠋ᠢᠨ ᠲᠣᠭᠣᠰᠣ ᠪᠣᠯᠭᠠᠳᠠᠭ ᠢ᠋ ᠣᠢᠯᠠᠭᠠᠵᠤ ᠮᠡᠳᠡᠷᠡᠬᠦ ᠪᠦᠷᠢ ᠡᠴᠦᠰ ᠦᠭᠡᠢ ᠶᠠᠳᠠᠷᠠᠯ᠂ ᠬᠡᠮᠵᠢᠶᠡᠯᠡᠰᠢ ᠦᠭᠡᠢ ᠭᠠᠭᠴᠠᠭᠠᠷᠳᠠᠯ ᠳ᠋ᠤ᠌ ᠠᠪᠲᠠᠬᠤ ᠠᠵᠢ᠃ ᠨᠢᠭᠡ ᠯᠡ ᠰᠡᠷᠡᠬᠦ ᠳ᠋ᠦ᠍ ᠪᠤᠭᠤᠷᠴᠢ ᠴᠤ᠌᠂ ᠵᠡᠪᠡ ᠴᠦ᠍᠂ ᠰᠦᠪᠡᠭᠡᠳᠡᠢ ᠴᠦ᠍ ᠦᠭᠡᠢ ᠪᠣᠯᠤᠨ᠎ᠠ ᠭᠡᠵᠦ ᠰᠠᠨᠠᠬᠤ ᠳ᠋ᠤ᠌ ᠳᠠᠩᠴᠤ ᠢᠲᠡᠭᠡᠮ᠎ᠡ ᠦᠭᠡᠢ᠂ ᠪᠦᠷ ᠪᠠᠢᠵᠤ ᠪᠣᠯᠣᠰᠢ ᠦᠭᠡᠢ ᠮᠡᠲᠦ ᠰᠠᠨᠠᠭᠳᠠᠨ᠎ᠠ᠃ ᠭᠡᠲᠡᠯ᠎ᠡ ᠡᠨᠡ ᠢᠲᠡᠭᠡᠯᠲᠦ ᠨᠥᠬᠥᠳ ᠨᠢ ᠴᠣᠬᠣᠮ ᠶᠠᠭᠠᠬᠢᠬᠤ ᠭᠡᠵᠦ ᠡᠢᠨ ᠬᠦ᠌ ᠡᠨᠡ ᠪᠡᠶ᠎ᠡ ᠪᠡᠨ ᠢᠳᠡᠷ ᠨᠠᠰᠤ ᠪᠠᠨ ᠭᠠᠮ ᠦᠭᠡᠢ ᠦᠷᠡᠵᠦ ᠭᠡᠮ ᠦᠭᠡᠢ ᠵᠠᠷᠤᠵᠤ ᠲᠡᠭᠦᠨ ᠳ᠋ᠦ᠍ ᠵᠢᠳᠬᠦᠨ᠎ᠡ ᠪᠣᠢ? ᠢᠬᠡᠷ᠎ᠡ ᠮᠡᠲᠦ ᠶᠠᠪᠤᠵᠤ ᠢᠵᠢᠯᠢ ᠪᠢᠷᠠᠭᠤ ᠰᠢᠭ᠋ ᠨᠣᠣᠯᠠᠯᠳᠤᠵᠤ ᠥᠰᠦᠭᠰᠡᠨ᠂ ᠢᠯᠡᠭᠦᠦ ᠪᠣᠳᠣᠯ ᠦᠭᠡᠢ ᠢᠳᠡᠪᠬᠢᠯᠡᠨ ᠵᠢᠳᠬᠦᠭᠰᠡᠨ ᠲᠡᠳᠡᠨ ᠢ᠋ ᠦᠬᠦᠨ᠎ᠡ ᠭᠡᠬᠦ ᠳ᠋ᠦ᠍ ᠳᠡᠩᠳᠡᠭᠦᠦ ᠬᠠᠢᠷᠠᠨ᠃ ᠭᠡᠪᠡᠴᠦ ᠬᠣᠷᠸ᠎ᠠ ᠶ᠋ᠢᠨ ᠵᠢᠮ᠎ᠡ ᠶ᠋ᠢ ᠶᠠᠭᠠᠬᠢᠯᠲᠠᠢ ᠪᠢᠯᠡ᠃ ᠳᠡᠷᠭᠡᠳᠡ ᠨᠢ ᠳ᠋ᠧᠩᠯᠦ ᠰᠢᠭ ᠠᠰᠠᠵᠤ ᠶᠠᠪᠤᠭᠰᠠᠨ ᠬᠤᠯᠠᠨ ᠬᠠᠲᠤᠨ ᠨᠢ ᠡᠪᠡᠳᠴᠢᠨ ᠢ᠋ᠶ᠋ᠡᠷ ᠦᠬᠦᠪᠡ᠃ ᠬᠡᠨ ᠬᠤᠯᠠᠨ ᠢ᠋ ᠦᠬᠦᠨ᠎ᠡ ᠭᠡᠵᠦ ᠰᠠᠨᠠᠯ᠎ᠠ᠃ ᠣᠳᠣ ᠮᠥᠷ ᠲᠦ᠍ ᠢᠨᠢᠶᠡᠭᠡᠳ ᠣᠷᠣᠭᠠᠳ ᠢᠷᠡᠬᠦ ᠶᠦᠮ ᠰᠢᠭ ᠰᠠᠨᠠᠭᠳᠠᠬᠤ ᠨᠢ ᠬᠠᠴᠢᠨ᠃ ᠴᠢᠩᠭᠢᠰ ᠬᠠᠭᠠᠨ ᠢ᠋ ᠡᠢᠮᠦ ᠭᠤᠨᠢᠭ ᠲᠠᠢ ᠡᠵᠡᠨ ᠦᠭᠡᠢ ᠪᠣᠳᠣᠯ ᠳ᠋ᠤ᠌ ᠠᠪᠲᠠᠨ ᠰᠢᠨᠠᠯᠵᠤ ᠬᠡᠳᠦᠨ ᠰᠠᠷ᠎ᠠ ᠶ᠋ᠢ ᠶᠣᠰᠣᠲᠠᠢ ᠨᠢᠭᠡ ᠤᠢᠮᠤᠷᠠᠵᠤ ᠥᠩᠭᠡᠷᠡᠭᠰᠡᠨ ᠢ᠋ ᠬᠡᠨ ᠴᠦ᠍ ᠰᠡᠵᠢᠭᠯᠡᠭᠰᠡᠨ ᠦᠭᠡᠢ᠃ ᠵᠡᠪᠡ ᠰᠥᠪᠡᠭᠡᠳᠡᠢ ᠬᠣᠶᠠᠷ ᠤ᠋ᠨ ᠢᠷᠡᠬᠦ ᠶ᠋ᠢ ᠬᠦᠯᠢᠶᠡᠯ ᠦᠭᠡᠢ ᠪᠡᠷ ᠶᠠᠪᠤᠵᠤ ᠪᠣᠯᠬᠤ ᠦᠭᠡᠢ ᠭᠡᠵᠦ ᠴᠢᠩᠭᠢᠰ ᠬᠠᠭᠠᠨ ᠰᠢᠢᠳᠦᠭᠰᠡᠨ ᠪᠢᠯᠡ᠃ ᠤᠴᠢᠷ ᠨᠢ ᠤᠷᠢᠳ ᠬᠣᠵᠢᠳ ᠵᠥᠪᠬᠡᠨ ᠲᠤᠭᠤᠯᠵᠤ ᠰᠣᠨᠣᠰᠤᠭᠰᠠᠨ ᠠ᠋ᠴᠠ ᠴᠠᠭᠠᠰᠢ ᠦᠭᠡᠢ ᠰᠢᠨ᠎ᠡ ᠭᠠᠵᠠᠷ ᠣᠷᠣᠨ ᠤ᠋ ᠲᠤᠬᠠᠢ ᠮᠡᠳᠡᠬᠦ ᠬᠦᠰᠡᠯ ᠨᠢ ᠬᠢᠵᠠᠭᠠᠷ ᠦᠭᠡᠢ ᠪᠠᠢᠯ᠎ᠠ᠃ ᠬᠠᠷᠢᠨ ᠵᠥᠴᠢ ᠳ᠋ᠦ᠍ ᠢᠯᠡᠭᠡᠭᠰᠡᠨ ᠡᠯᠴᠢ ᠵᠡᠯᠮ᠎ᠡ ᠶ᠋ᠢᠨ ᠬᠥᠪᠡᠭᠦᠨ ᠶᠢᠰᠦᠨᠲᠡᠢ ᠪᠤᠴᠠᠨ ᠢᠷᠡᠵᠦ᠂ ᠵᠥᠴᠢ ᠶ᠋ᠢᠨ ᠬᠠᠷᠢᠭᠤ ᠵᠠᠬᠢᠳᠠᠯ ᠢ᠋ ᠭᠠᠷᠳᠠᠭᠤᠯᠤᠭᠰᠠᠨ ᠬᠣᠢᠨ᠎ᠠ ᠴᠢᠩᠭᠢᠰ ᠬᠠᠭᠠᠨ ᠭᠡᠨᠡᠳᠲᠡ ᠰᠡᠷᠭᠦᠨ ᠬᠠᠭᠤᠴᠢᠨ ᠤ᠋ ᠣᠮᠣᠭᠯᠠᠩ ᠳᠣᠭᠰᠢᠨ᠂ ᠰᠦᠷ ᠬᠦᠴᠦ ᠳᠦᠭᠦᠷᠡᠩ ᠲᠦᠷᠦᠭᠦᠨ ᠳ᠋ᠦ᠍ ᠪᠡᠨ ᠪᠤᠴᠠᠵᠤ ᠣᠷᠣᠪᠠ᠃ ᠪᠤᠭᠤᠷᠴᠢ ᠶ᠋ᠢ ᠳᠠᠭᠤᠳᠠᠨ ᠢᠷᠡᠭᠦᠯᠵᠦ ᠵᠥᠴᠢ ᠶ᠋ᠢᠨ ᠵᠠᠬᠢᠳᠠᠯ ᠢ᠋ ᠰᠢᠭᠢᠬᠤᠲᠤᠭ ᠢ᠋ᠶ᠋ᠠᠷ ᠳᠠᠭᠤᠳᠠᠭᠤᠯᠤᠨ ᠰᠣᠨᠣᠰᠬᠠᠵᠠᠢ᠃ 《ᠴᠢᠩᠭᠢᠰ ᠬᠠᠭᠠᠨ ᠡᠴᠢᠭᠡ ᠲᠠᠨ ᠤ᠋ ᠵᠢᠭᠠᠭᠰᠠᠨ ᠨᠤᠲᠤᠭ ᠢ᠋ ᠡᠭᠦᠷᠢᠳᠡ ᠰᠠᠬᠢᠵᠤ᠂ ᠵᠠᠬᠢᠭᠰᠠᠨ ᠰᠤᠷᠭᠠᠯ ᠢ᠋ ᠪᠠᠷᠢᠮᠲᠠᠯᠠᠨ ᠡᠴᠢᠭᠡ ᠶ᠋ᠢᠨ ᠶᠡᠬᠡ ᠤᠯᠤᠰ ᠤ᠋ᠨ ᠪᠠᠷᠠᠭᠤᠨ ᠬᠠᠶᠠᠭ᠎ᠠ ᠶ᠋ᠢ ᠪᠠᠲᠤᠯᠠᠵᠤ᠂ ᠨᠠᠷᠠ ᠰᠢᠩᠭᠡᠬᠦ ᠵᠦᠭ ᠲᠦ᠍ ᠥᠷᠭᠡᠳᠬᠡᠵᠦ᠂ ᠣᠯᠠᠨ ᠤ᠋ ᠳᠤᠮᠳᠠ ᠨᠡᠷ᠎ᠡ ᠠᠯᠳᠠᠯ ᠦᠭᠡᠢ᠂ ᠤᠭᠰᠠᠭᠠᠲᠠᠨ ᠤ᠋ ᠡᠮᠦᠨ᠎ᠡ ᠬᠦᠴᠦ ᠠᠯᠳᠠᠯ ᠦᠭᠡᠢ ᠶᠠᠪᠤᠬᠤ ᠨᠢ ᠮᠢᠨᠦ ᠠᠷᠢᠭᠤᠨ ᠡᠭᠦᠷᠭᠡ ᠲᠤᠯᠠ ᠪᠢ ᠬᠠᠪᠴᠢᠭ ᠠᠢᠮᠠᠭ ᠤ᠋ᠨ ᠨᠤᠲᠤᠭ ᠢ᠋ ᠡᠵᠡᠯᠡᠨ ᠠᠪᠴᠤ ᠬᠠᠭᠠᠨ ᠡᠴᠢᠭᠡ ᠶ᠋ᠢᠨ ᠵᠢᠭᠠᠭᠰᠠᠨ ᠬᠣᠷᠽᠧᠮ ᠦ᠋ᠨ ᠨᠤᠲᠤᠭ ᠲᠠᠢ ᠨᠡᠢᠯᠡᠭᠦᠯᠦᠨ ᠰᠠᠭᠤᠶ᠎ᠠ᠃ ᠡᠨᠡ ᠵᠦᠭ ᠲᠦ᠍ ᠶᠡᠬᠡ ᠴᠡᠷᠢᠭ ᠬᠥᠳᠡᠯᠬᠦ ᠠᠪᠠᠰᠤ ᠬᠠᠭᠠᠨ ᠡᠴᠢᠭᠡ ᠳ᠋ᠦ᠍ ᠬᠠᠪᠰᠤᠷᠴᠤ ᠬᠤᠪᠢ ᠶ᠋ᠢᠨ ᠤᠯᠤᠰ ᠢ᠋ ᠨᠡᠢᠯᠡᠭᠦᠯᠦᠶᠡ᠃ ᠡᠨᠡᠬᠡᠨ ᠵᠠᠭᠤᠷ᠎ᠠ ᠪᠣᠰᠴᠤ ᠬᠠᠭᠠᠨ ᠡᠴᠢᠭᠡ ᠲᠠᠨ ᠤ᠋ ᠵᠠᠷᠯᠢᠭ ᠢ᠋ᠶ᠋ᠠᠷ ᠡᠷᠭᠢᠨ ᠬᠥᠳᠡᠯᠦᠶ᠎ᠡ ᠭᠡᠪᠡᠴᠦ ᠡᠯᠢᠭᠡ ᠪᠥᠭᠡᠷ᠎ᠡ ᠡᠪᠡᠳᠴᠢᠨ ᠲᠡᠢ ᠲᠤᠯᠠ ᠡᠷᠬᠡ ᠦᠭᠡᠢ ᠡᠮᠨᠡᠨ ᠰᠤᠪᠢᠯᠠᠭᠤᠰᠢᠲᠠᠢ 》 ᠭᠡᠵᠦ ᠪᠢᠴᠢᠭᠰᠡᠨ ᠲᠡᠷᠡ ᠵᠠᠬᠢᠳᠠᠯ ᠢ᠋ᠶ᠋ᠠᠨ ᠳᠠᠭᠠᠯᠳᠤᠭᠤᠯᠤᠨ ᠵᠥᠴᠢ ᠵᠠᠭᠤᠨ ᠵᠠᠯᠠᠭᠤ ᠡᠮ᠎ᠡ᠂ ᠵᠠᠭᠤᠨ ᠵᠠᠯᠠᠭᠤ ᠬᠥᠪᠡᠭᠦᠨ ᠢ᠋ ᠠᠯᠲᠠ ᠪᠠᠷ ᠴᠢᠳᠬᠤᠭᠰᠠᠨ ᠠᠵᠢᠷᠭᠠᠨ ᠤ᠋ ᠬᠠᠮᠲᠤ ᠢᠯᠡᠭᠡᠵᠡᠢ᠃
| ᠲᠡᠷᠡ ᠬᠥᠪᠡᠭᠦᠨ ᠨᠤᠲᠤᠭ ᠪᠤᠴᠠᠬᠤ ᠦᠭᠡᠢ ᠪᠡᠷ ᠰᠢᠢᠳᠴᠡᠢ ᠭᠡᠵᠦ ᠴᠢᠩᠭᠢᠰ ᠬᠠᠭᠠᠨ ᠣᠭᠲᠣ ᠬᠢᠯᠢᠩᠨᠡᠭᠰᠡᠨ ᠵᠦᠢᠯ ᠦᠭᠡᠢ ᠡᠩ ᠦ᠋ᠨ ᠰᠢᠪᠡᠨᠡᠪᠡ᠃ ᠭᠡᠪᠡᠴᠦ ᠰᠡᠳᠬᠢᠯ ᠦ᠋ᠨ ᠭᠦᠨ ᠳ᠋ᠦ᠍ ᠠᠭᠤᠷ ᠪᠤᠬᠢᠨᠢᠳᠤᠯ ᠪᠢᠰᠢ ᠬᠠᠷᠢᠨ ᠶᠠᠭᠠᠬᠢᠭᠠᠳ ᠴᠤ᠌ ᠶᠤᠮ ᠪᠣᠢ ᠭᠣᠮᠣᠳᠠᠯ ᠭᠤᠨᠢᠭ ᠲᠥᠷᠥᠬᠦ ᠶ᠋ᠢ ᠲᠡᠷᠡ ᠮᠡᠳᠡᠷᠡᠵᠡᠢ᠃ ᠭᠡᠪᠡᠴᠦ ᠵᠠᠬᠢᠶ᠎ᠠ ᠠ᠋ᠴᠠ ᠭᠠᠳᠠᠨ᠎ᠠ ᠶᠢᠰᠦᠨᠲᠡᠢ ᠶ᠋ᠢᠨ ᠠᠮᠠ ᠪᠠᠷ ᠥᠴᠢᠭᠰᠡᠨ ᠢ᠋ ᠲᠡᠳᠡᠨ ᠳ᠋ᠦ᠍ ᠬᠡᠯᠡᠭᠰᠡᠨ ᠦᠭᠡᠢ᠃ ᠬᠡᠷᠡᠭ ᠦ᠋ᠨ ᠤᠴᠢᠷ ᠡᠭᠡᠳᠡᠷᠡᠭᠡ ᠲᠡᠢ ᠳᠡᠭᠡᠷ᠎ᠡ ᠴᠢᠩᠭᠢᠰ ᠬᠠᠭᠠᠨ ᠲᠡᠭᠦᠨ ᠳ᠋ᠦ᠍ ᠬᠠᠨᠳᠤᠵᠤ ᠣᠭᠲᠣ ᠦᠭᠡ ᠬᠡᠯᠡᠭᠡ ᠦᠭᠡᠢ ᠲᠤᠯᠠ ᠰᠢᠭᠢᠬᠤᠲᠤᠭ ᠳᠠᠷᠤᠢ ᠭᠠᠷᠴᠤ ᠶᠠᠪᠤᠪᠠ᠃ ᠪᠤᠭᠤᠷᠴᠢ ᠦᠯᠡᠳᠡᠭᠡᠳ ᠳᠠᠭᠤ ᠦᠭᠡᠢ ᠰᠠᠭᠤᠵᠤ ᠪᠠᠢᠪᠠ᠃ ᠪᠣᠭᠣᠷᠴᠢ ᠢᠩᠭᠢᠵᠦ ᠳᠠᠭᠤ ᠦᠭᠡᠢ ᠰᠠᠭᠤᠭᠰᠠᠨ ᠴᠤ᠌ ᠵᠥᠴᠢ ᠳ᠋ᠦ᠍ ᠶᠠᠮᠠᠷ ᠨᠢᠭᠡ ᠮᠠᠭᠤ ᠶᠠᠭᠤᠮ᠎ᠠ ᠲᠣᠬᠢᠶᠠᠬᠤ ᠶ᠋ᠢ ᠮᠡᠳᠡᠷᠡᠵᠦ ᠲᠦᠭᠰᠢᠵᠡᠢ᠃ ᠴᠢᠩᠭᠢᠰ ᠬᠠᠭᠠᠨ ᠥᠩᠭᠡᠨ ᠳᠡᠭᠡᠷ᠎ᠡ ᠪᠡᠨ ᠲᠠᠢᠪᠤᠩ ᠳᠥᠯᠭᠡᠨ ᠲᠥᠷᠬᠦ ᠦᠵᠡᠭᠦᠯᠪᠡᠴᠦ ᠳᠣᠲᠣᠷ᠎ᠠ ᠪᠠᠨ ᠪᠤᠬᠢᠨᠢᠳᠤᠭᠤ ᠪᠠᠢᠭ᠎ᠠ ᠨᠢ ᠮᠡᠳᠡᠭᠳᠡᠨ᠎ᠡ᠃
| ᠪᠤᠭᠤᠷᠴᠢ ᠴᠢ ᠶᠠᠭᠤ ᠭᠡᠵᠦ ᠪᠣᠳᠣᠨ᠎ᠠ? ᠡᠨᠡ ᠵᠥᠴᠢ ᠴᠢᠨᠦ ᠬᠥᠮᠦᠵᠢᠭᠦᠯᠦᠭᠰᠡᠨ ᠬᠥᠮᠦᠨ ᠪᠢᠵᠡ? ᠭᠡᠵᠦ ᠴᠢᠩᠭᠢᠰ ᠬᠠᠭᠠᠨ ᠬᠡᠯᠡᠬᠦ ᠳ᠋ᠦ᠍ ᠪᠤᠭᠤᠷᠴᠢ ᠢᠨᠢᠶᠡᠵᠦ᠄
| ᠴᠢᠩᠭᠢᠰ ᠬᠠᠭᠠᠨ ᠲᠠ ᠶᠡᠷᠦ ᠨᠢ ᠶᠠᠭᠤᠮ᠎ᠠ ᠮᠠᠷᠲᠠᠳᠠᠭ ᠦᠭᠡᠢ ᠶᠦᠮ ᠳᠡ᠃ ᠵᠥᠴᠢ ᠶ᠋ᠢ ᠡᠨᠡ ᠲᠠᠢᠲᠠᠢ ᠶᠠᠪᠤᠭ᠎ᠠ ᠨᠢ ᠶᠡᠷᠦ ᠰᠥᠪᠡᠭᠡᠲᠡᠢ ᠪᠠᠭᠠᠲᠤᠷ ᠤ᠋ᠨ ᠭᠠᠪᠢᠶ᠎ᠠ ᠭᠡᠵᠦ ᠦᠵᠡᠬᠦ ᠨᠢ ᠦᠨᠡᠨ ᠳ᠋ᠦ᠍ ᠢᠯᠡᠭᠦᠦ ᠨᠡᠢᠴᠡᠨ᠎ᠡ ᠭᠡᠪᠡ᠃
| ᠴᠢ ᠰᠢᠭᠤᠳ ᠬᠡᠯᠡ᠂ ᠵᠥᠴᠢ ᠶ᠋ᠢᠨ ᠦᠭᠡ ᠶ᠋ᠢ ᠶᠠᠭᠤ ᠭᠡᠵᠦ ᠰᠠᠨᠠᠨ᠎ᠠ? ᠪᠦᠦ ᠦᠭᠡ ᠪᠡᠨ ᠪᠤᠯᠵᠠᠭᠠᠷᠠᠭᠤᠯ᠃
| ᠵᠥᠴᠢ ᠨᠢᠭᠡ ᠶ᠋ᠢ ᠰᠠᠨᠠᠭᠠᠳ ᠡᠢᠮᠦ ᠦᠭᠡ ᠬᠡᠯᠡᠭᠰᠡᠨ ᠪᠢᠵᠡ᠃ ᠲᠡᠭᠦᠨ ᠳ᠋ᠦ᠍ ᠬᠠᠪᠴᠢᠭ ᠨᠤᠲᠤᠭ ᠢ᠋ ᠡᠵᠡᠯᠡᠭᠦᠯᠦᠨ ᠰᠠᠭᠤᠯᠭᠠᠭᠲᠤᠨ᠃ ᠤᠭ ᠠ᠋ᠴᠠ ᠬᠠᠭᠠᠨ ᠲᠠᠨ ᠤ᠋ ᠬᠤᠪᠢᠶᠠᠵᠤ ᠥᠭᠭᠦᠭᠰᠡᠨ ᠨᠤᠲᠤᠭ ᠢ᠋ ᠰᠠᠬᠢᠨ ᠰᠠᠭᠤᠬᠤ ᠨᠢ ᠵᠥᠴᠢ ᠶ᠋ᠢᠨ ᠵᠥᠪ ᠪᠢᠵᠡ᠃
| ᠪᠤᠭᠤᠷᠴᠢ ᠴᠢ ᠦᠨᠡᠬᠡᠷ ᠢᠩᠭᠢᠵᠦ ᠪᠣᠳᠣᠨ᠎ᠠ ᠤᠤ? ᠭᠡᠵᠦ ᠴᠢᠩᠭᠢᠰ ᠬᠠᠭᠠᠨ ᠵᠠᠨᠤᠭᠰᠠᠨ ᠮᠡᠲᠦ ᠰᠢᠪᠡᠨᠡᠪᠡ᠃
| ᠮᠢᠨᠦ ᠵᠠᠷᠯᠢᠭ ᠢ᠋ ᠳᠠᠭᠠᠨ ᠡᠨᠳᠡ ᠢᠷᠡᠵᠦ ᠪᠣᠯᠤᠭ᠎ᠠ ᠦᠭᠡᠢ ᠶ᠋ᠢ ᠨᠢ ᠴᠢ ᠶᠠᠭᠤ ᠭᠡᠵᠦ ᠲᠠᠢᠯᠪᠤᠷᠢᠯᠠᠬᠤ ᠪᠣᠢ? ᠳᠠᠷᠤᠢ ᠭᠤᠷᠪᠠᠨ ᠤᠳᠠᠭ᠎ᠠ ᠪᠣᠯᠤᠯ᠎ᠠ᠃ ᠡᠭᠦᠨ ᠢ᠋ ᠪᠤᠭᠤᠷᠴᠢ ᠴᠢ ᠡᠩ ᠦ᠋ᠨ ᠶᠠᠪᠤᠳᠠᠯ ᠭᠡᠵᠦ ᠰᠠᠨᠠᠵᠤ ᠪᠠᠢᠨ᠎ᠠ ᠤᠤ?
| ᠲᠡᠭᠦᠨ ᠦ᠌ ᠵᠠᠬᠢᠳᠠᠯ ᠳ᠋ᠤ᠌ ᠪᠡᠶ᠎ᠡ ᠴᠢᠯᠡᠭᠦᠷ ᠪᠠᠢᠨ᠎ᠠ ᠭᠡᠵᠦ ᠳᠤᠷᠠᠳᠤᠭᠰᠠᠨ ᠢ᠋ ᠲᠠ ᠰᠠᠶᠢ ᠰᠣᠨᠣᠰᠪᠠ ᠪᠢᠰᠢ ᠤᠤ?
| ᠲᠡᠢᠮᠦ ᠠ᠋᠂ ᠵᠥᠴᠢ ᠶ᠋ᠢᠨ ᠪᠡᠶ᠎ᠡ ᠴᠢᠯᠡᠭᠦᠷ ᠭᠡᠵᠡᠢ᠃
ᠲᠡᠷᠡ ᠦᠳᠡᠰᠢ ᠴᠢᠩᠭᠢᠰ ᠬᠠᠭᠠᠨ ᠵᠥᠴᠢ ᠶ᠋ᠢᠨ ᠲᠤᠬᠠᠢ ᠳᠠᠬᠢᠨ ᠶᠠᠷᠢᠭ᠎ᠠ ᠦᠭᠡᠢ ᠪᠢᠯᠡ᠃ ᠭᠡᠪᠡᠴᠦ ᠮᠠᠷᠭᠠᠰᠢ ᠨᠢ ᠰᠥᠨᠢ ᠳᠤᠮᠳᠠ ᠭᠡᠨᠡᠳᠲᠡ ᠪᠤᠭᠤᠷᠴᠢ ᠶ᠋ᠢ ᠳᠠᠭᠤᠳᠠᠪᠠ᠃
ᠪᠤᠭᠤᠷᠴᠢ ᠲᠡᠭᠡᠬᠦ ᠳ᠋ᠦ᠍ ᠥᠪᠡᠷ ᠦ᠋ᠨ ᠴᠠᠴᠠᠷ ᠲᠤ᠌ ᠴᠤᠷᠮᠤᠭᠤᠨ ᠬᠣᠷᠴᠢ ᠶ᠋ᠢᠨ ᠪᠠᠭᠳᠠᠳ᠋ ᠠ᠋ᠴᠠ ᠢᠷᠡᠬᠦ ᠳ᠋ᠡᠭᠡᠨ ᠪᠡᠯᠡᠭᠯᠡᠭᠰᠡᠨ ᠪᠦᠰᠡᠭᠦᠢ ᠲᠡᠢ ᠠᠮᠠᠷᠠᠭᠯᠠᠵᠤ ᠪᠠᠢᠭᠰᠠᠨ ᠲᠤᠯᠠ ᠶᠡᠬᠡ ᠯᠡ ᠲᠦᠪᠡᠭᠰᠢᠶᠡᠨ ᠪᠤᠬᠢᠨᠢᠳᠤᠵᠠᠢ᠃ ᠴᠣᠷᠮᠣᠭᠤᠨ ᠬᠣᠷᠴᠢ ᠪᠠᠭᠳᠠᠳ᠋ ᠤ᠋ᠨ ᠬᠠᠯᠢᠹ ᠢ᠋ ᠳᠠᠭᠠᠷ᠎ᠠ ᠣᠷᠣᠭᠤᠯᠵᠤ ᠳᠠᠭᠠᠭᠠᠬᠤ ᠦᠭᠡᠢ ᠶᠡᠬᠡ ᠣᠯᠵᠠ ᠲᠠᠢ ᠢᠷᠡᠬᠦ ᠳ᠋ᠡᠭᠡᠨ ᠴᠢᠩᠭᠢᠰ ᠬᠠᠭᠠᠨ ᠳ᠋ᠤ᠌ ᠭᠤᠴᠢᠨ ᠡᠮ᠎ᠡ ᠠᠪᠴᠢᠷᠠᠵᠤ ᠪᠡᠯᠡᠭᠯᠡᠭᠰᠡᠨ ᠡᠴᠡ ᠨᠢᠭᠡ ᠶ᠋ᠢ ᠪᠤᠭᠤᠷᠴᠢ ᠳ᠋ᠤ᠌ ᠥᠭᠭᠦᠭᠰᠡᠨ ᠪᠢᠯᠡ᠃ ᠲᠡᠷᠡ ᠡᠮ᠎ᠡ ᠤᠭ ᠤ᠋ᠨ ᠶᠡᠬᠡ ᠢᠨᠠᠭ᠂ ᠳᠠᠭᠤ ᠶᠡᠬᠡ ᠲᠡᠢ ᠪᠥᠭᠡᠳ ᠪᠤᠭᠤᠷᠴᠢ ᠡᠮᠦᠨ᠎ᠡ ᠨᠢ ᠡᠢᠮᠦ ᠲᠠᠴᠢᠶᠠᠯ ᠲᠠᠢ ᠡᠮ᠎ᠡ ᠦᠵᠡᠭᠡ ᠦᠭᠡᠢ ᠲᠤᠯᠠ ᠰᠡᠭᠦᠯ ᠦ᠋ᠨ ᠬᠡᠳᠦᠨ ᠰᠠᠷ᠎ᠠ ᠲᠡᠭᠦᠨ ᠡᠴᠡ ᠰᠠᠯᠬᠤ ᠦᠭᠡᠢ ᠪᠠᠢᠵᠠᠢ᠃ ᠪᠤᠭᠤᠷᠴᠢ ᠶ᠋ᠢ ᠢᠷᠡᠬᠦ ᠳ᠋ᠦ᠍ ᠴᠢᠩᠭᠢᠰ ᠬᠠᠭᠠᠨ ᠰᠠᠷᠠᠨ ᠤ᠋ ᠭᠡᠷᠡᠯ ᠳ᠋ᠦ᠍ ᠭᠠᠳᠠᠭ᠎ᠠ ᠠᠯᠲᠠᠨ ᠴᠠᠴᠠᠷ ᠤ᠋ᠨ ᠳᠣᠣᠷ᠎ᠠ ᠰᠠᠭᠤᠵᠤ ᠪᠠᠢᠪᠠ᠃ ᠦᠵᠡᠪᠡᠯ ᠲᠡᠷᠡ ᠶᠡᠷᠦ ᠠᠷᠢᠬᠢ ᠳᠠᠷᠠᠰᠤ ᠤᠤᠭᠤᠭᠰᠠᠨ ᠰᠢᠨᠵᠢ ᠦᠭᠡᠢ ᠪᠠᠢᠯ᠎ᠠ᠃ ᠰᠡᠭᠦᠯ ᠦ᠋ᠨ ᠵᠢᠯ ᠳ᠋ᠦ᠍ ᠢᠩᠭᠢᠵᠦ ᠰᠥᠨᠢ ᠳᠤᠮᠳᠠ ᠳᠠᠭᠤᠳᠠᠭᠰᠠᠨ ᠨᠢ ᠦᠭᠡᠢ ᠲᠤᠯᠠ ᠪᠤᠭᠤᠷᠴᠢ ᠶ᠋ᠢᠨ ᠭᠠᠢᠬᠠᠬᠤ ᠠᠯᠮᠠᠢᠷᠠᠬᠤ ᠶᠡᠬᠡ ᠪᠣᠯᠵᠠᠢ᠃ ᠳᠡᠷᠭᠡᠳᠡ ᠨᠢ ᠰᠠᠭᠤᠭᠰᠠᠨ ᠬᠣᠢᠨ᠎ᠠ᠄
| ᠮᠢᠨᠦ ᠨᠣᠢᠷ ᠬᠦᠷᠬᠦ ᠦᠭᠡᠢ ᠲᠤᠯᠠ ᠴᠢᠮᠠᠶ᠋ᠢ ᠳᠠᠭᠤᠳᠠᠭᠤᠯᠪᠠ᠃ ᠴᠢ ᠡᠨᠳᠡ ᠬᠥᠮᠦᠨ ᠦ᠌ ᠨᠤᠲᠤᠭ ᠤ᠋ᠨ ᠴᠤ᠌ ᠭᠡᠯᠡ ᠰᠡᠷᠢᠭᠦᠨ ᠲᠩᠷᠢ ᠶ᠋ᠢᠨ ᠳᠣᠣᠷ᠎ᠠ ᠨᠠᠳᠠ ᠲᠠᠢ ᠬᠠᠮᠲᠤ ᠰᠠᠭᠤ ᠭᠡᠵᠦ ᠴᠢᠩᠭᠢᠰ ᠬᠠᠭᠠᠨ ᠬᠡᠯᠡᠵᠡᠢ᠃ 《ᠨᠣᠢᠷ ᠬᠦᠷᠬᠦ ᠦᠭᠡᠢ ᠶ᠋ᠢᠨ ᠤᠴᠢᠷ ᠨᠠᠮᠠᠶ᠋ᠢ ᠳᠠᠭᠤᠳᠠᠬᠤ ᠨᠢ ᠶᠠᠭᠤ ᠪᠣᠢ 》 ᠭᠡᠵᠦ ᠪᠣᠭᠣᠷᠴᠢ ᠪᠣᠳᠣᠭᠰᠠᠨ ᠴᠤ᠌ ᠵᠦᠭᠡᠷ ᠨᠢᠭᠡ ᠳᠠᠭᠤᠳᠠᠬᠤ ᠦᠭᠡᠢ ᠶ᠋ᠢ ᠮᠡᠳᠡᠬᠦ ᠲᠤᠯᠠ ᠶᠠᠭᠤ ᠬᠡᠯᠡᠬᠦ ᠶ᠋ᠢ ᠬᠦᠯᠢᠶᠡᠨ ᠰᠤᠷᠤᠭᠰᠠᠨ ᠶᠠᠩᠵᠤ ᠪᠠᠷ ᠳᠠᠭᠤ ᠦᠭᠡᠢᠬᠡᠨ ᠰᠠᠭᠤᠵᠤ ᠪᠠᠢᠯ᠎ᠠ᠃ ᠴᠢᠩᠭᠢᠰ ᠬᠠᠭᠠᠨ ᠲᠡᠭᠦᠨ ᠢ᠋ ᠤᠳᠠᠭᠠᠨ ᠬᠦᠯᠢᠶᠡᠯᠭᠡᠭᠰᠡᠨ ᠦᠭᠡᠢ᠃
| ᠪᠤᠭᠤᠷᠴᠢ᠂ ᠴᠢ ᠡᠨᠡ ᠨᠤᠲᠤᠭ ᠤ᠋ᠨ ᠬᠠᠮᠤᠭ ᠤ᠋ᠨ ᠥᠨᠳᠥᠷ ᠣᠷᠭᠢᠯ ᠢ᠋ ᠶᠠᠭᠤ ᠭᠡᠨ᠎ᠡ ᠮᠡᠳᠡᠬᠦ ᠤᠤ?
| ᠡᠮᠦᠨ᠎ᠡ ᠵᠦᠭ ᠲᠦ᠍ ᠬᠠᠷᠠᠭᠳᠠᠳᠠᠭ ᠲᠡᠷᠡ ᠥᠨᠳᠥᠷ ᠠᠭᠤᠯᠠ ᠶ᠋ᠢ ᠨᠤᠲᠤᠭ ᠤ᠋ᠨ ᠬᠢᠨ ᠪᠠᠷᠢᠬᠵᠠᠨ ᠠᠭᠤᠯᠠ ᠭᠡᠳᠡᠭ ᠶᠦᠮ᠃ ᠡᠨᠳᠡ ᠡᠴᠡ ᠯᠠᠪ ᠨᠢᠭᠡ ᠡᠳᠦᠷᠴᠢ ᠶ᠋ᠢᠨ ᠭᠠᠵᠠᠷ ᠲᠤ᠌ ᠪᠣᠢ᠃ ᠬᠠᠭᠠᠨ ᠲᠠ ᠡᠭᠦᠨ ᠢ᠋ ᠠᠰᠠᠭᠤᠬᠤ ᠭᠡᠵᠦ ᠨᠠᠮᠠᠶ᠋ᠢ ᠰᠥᠨᠢ ᠳᠦᠯᠢ ᠪᠡᠷ ᠳᠠᠭᠤᠳᠠᠭ᠎ᠠ ᠦᠭᠡᠢ ᠪᠢᠵᠡ᠃
| ᠲᠡᠢᠮᠦ ᠠ᠋᠂ ᠪᠢ ᠴᠢᠮ᠎ᠠ ᠳ᠋ᠤ᠌ ᠵᠠᠷᠯᠢᠭ ᠪᠠᠭᠤᠯᠭᠠᠶ᠎ᠠ᠃ ᠪᠢ ᠲᠡᠷᠡ ᠠᠭᠤᠯᠠᠨ ᠤ᠋ ᠣᠷᠭᠢᠯ ᠳ᠋ᠤ᠌ ᠭᠠᠷᠴᠤ ᠲᠡᠭᠷᠢ ᠶ᠋ᠢᠨ ᠦᠭᠡ ᠶ᠋ᠢ ᠰᠣᠨᠣᠰᠬᠤ ᠪᠠᠷ ᠰᠢᠢᠳᠦᠯ᠎ᠡ᠃
ᠴᠢᠩᠭᠢᠰ ᠬᠠᠭᠠᠨ ᠤ᠋ ᠡᠨᠡ ᠦᠭᠡ ᠶ᠋ᠢ ᠰᠣᠨᠣᠰᠤᠭᠠᠳ ᠪᠤᠭᠤᠷᠴᠢ ᠶ᠋ᠢᠨ ᠰᠡᠳᠬᠢᠯ ᠬᠠᠴᠢᠨ ᠶᠡᠬᠡ ᠪᠡᠷ ᠤᠶᠠᠷᠠᠨ ᠳᠣᠭᠳᠣᠯᠵᠠᠢ᠃
| ᠲᠡᠷᠡ ᠠᠭᠤᠯᠠ ᠳᠤᠮᠳᠠ ᠠ᠋ᠴᠠ ᠪᠠᠨ ᠳᠡᠭᠡᠭᠰᠢ ᠴᠣᠯ ᠡᠯᠢᠭᠡᠨ ᠬᠠᠳᠠ᠃ ᠥᠨᠳᠥᠷ ᠨᠢ ᠯᠠᠪ ᠭᠤᠷᠪᠠᠨ ᠮᠢᠩᠭᠠᠨ ᠰᠠᠢᠨ ᠠᠯᠲᠠ ᠪᠣᠢ ᠪᠠᠢᠬᠤ᠃ ᠬᠠᠷᠠᠬᠤ ᠳ᠋ᠤ᠌ ᠮᠠᠨ ᠤ᠋ ᠤᠳᠬᠤᠨ ᠲᠡᠭᠷᠢ ᠠᠭᠤᠯᠠ ᠠ᠋ᠴᠠ ᠠᠷᠠᠢ ᠯᠠ ᠨᠠᠮᠬᠠᠨ ᠪᠣᠯᠪᠠ ᠤᠤ?
| ᠲᠡᠭᠡᠪᠡᠯ ᠴᠢ ᠮᠠᠷᠭᠠᠰᠢ ᠠ᠋ᠴᠠ ᠲᠡᠷᠡ ᠣᠷᠭᠢᠯ ᠳ᠋ᠤ᠌ ᠭᠠᠷᠬᠤ ᠣᠨᠢᠰᠣᠨ ᠱᠠᠲᠤ ᠬᠢᠯᠭᠡ᠃ ᠬᠠᠷᠢᠨ ᠡᠭᠦᠨ ᠢ᠋ ᠬᠡᠨ ᠳ᠋ᠦ᠍ ᠴᠦ᠍ ᠪᠤᠤ ᠮᠡᠳᠡᠭᠦᠯ᠃
| ᠵᠠ ᠶᠣᠰᠣᠭᠠᠷ ᠪᠣᠯᠭᠠᠶ᠎ᠠ ᠭᠡᠵᠦ ᠪᠣᠭᠣᠷᠴᠢ ᠶᠠᠮᠠᠷ ᠴᠤ᠌ ᠡᠷᠡᠭᠡᠯᠵᠡᠭᠡ ᠦᠭᠡᠢ ᠬᠡᠯᠡᠪᠡ᠃ ᠡᠭᠦᠨ ᠰᠢᠭ ᠪᠠᠬᠠᠷᠬᠠᠯᠲᠠᠢ ᠵᠠᠷᠯᠢᠭ ᠰᠣᠨᠣᠰᠴᠤ ᠪᠠᠢᠭ᠎ᠠ ᠦᠭᠡᠢ ᠮᠡᠲᠦ ᠰᠠᠨᠠᠭᠳᠠᠵᠠᠢ᠃ ᠪᠤᠭᠤᠷᠴᠢ ᠴᠤ᠌ ᠲᠡᠭᠷᠢ ᠶ᠋ᠢᠨ ᠦᠭᠡ ᠰᠣᠨᠣᠰᠬᠤ ᠶ᠋ᠢ ᠬᠦᠰᠡᠵᠦ ᠪᠠᠢᠵᠠᠢ᠃ ᠴᠢᠩᠭᠢᠰ ᠬᠠᠭᠠᠨ ᠢᠩᠭᠢᠵᠦ ᠲᠡᠭᠷᠢ ᠶ᠋ᠢᠨ ᠦᠭᠡ ᠶ᠋ᠢ ᠰᠣᠨᠣᠰᠬᠤ ᠪᠠᠷ ᠰᠢᠢᠳᠦᠭᠰᠡᠨ ᠨᠢ ᠶᠠᠭᠠᠬᠢᠪᠠᠴᠤ ᠶᠡᠬᠡ ᠴᠡᠷᠢᠭ ᠨᠤᠲᠤᠭ ᠪᠤᠴᠠᠬᠤ ᠶ᠋ᠢᠨ ᠳᠣᠬᠢᠶ᠎ᠠ ᠭᠡᠵᠦ ᠪᠤᠭᠤᠷᠴᠢ ᠲᠠᠭᠠᠮᠠᠭᠯᠠᠭᠰᠠᠨ ᠨᠢ ᠲᠡᠭᠦᠨ ᠢ᠋ ᠢᠩᠭᠢᠵᠦ ᠪᠠᠶᠠᠷᠯᠠᠭᠤᠯᠤᠭᠰᠠᠨ ᠪᠢᠯᠡ᠃
| ᠲᠡᠭᠡᠪᠡᠯ ᠴᠢ ᠶᠠᠪᠤᠵᠤ ᠦᠵᠡ᠃ ᠲᠡᠷᠡ ᠥᠨᠳᠥᠷ ᠬᠠᠮᠠᠷᠲᠤ᠂ ᠳᠠᠭᠤ ᠶᠡᠬᠡᠲᠦ ᠡᠮ᠎ᠡ ᠳ᠋ᠡᠭᠡᠨ ᠣᠴᠢ ᠭᠡᠵᠦ ᠴᠢᠩᠭᠢᠰ ᠬᠠᠭᠠᠨ ᠵᠤᠤᠮᠠᠯᠵᠠᠪᠠ᠃ ᠪᠤᠭᠤᠷᠴᠢ ᠭᠡᠳᠡᠷᠭᠦ ᠪᠤᠴᠠᠪᠠ᠃ ᠡᠢᠮᠦ ᠪᠠᠶᠠᠰᠬᠤᠯᠠᠩ ᠲᠠᠢ ᠵᠠᠷᠯᠢᠭ ᠰᠣᠨᠣᠰᠤᠭᠰᠠᠨ ᠨᠢ ᠲᠡᠭᠦᠨ ᠢ᠋ ᠶᠠᠭᠤᠨ ᠡᠮᠡᠰ ᠬᠡᠦᠬᠡᠨ ᠪᠣᠳᠣᠬᠤ ᠲᠠᠢ ᠮᠠᠨᠠᠲᠠᠢ ᠪᠣᠯᠭᠠᠪᠠ᠃
ᠪᠤᠭᠤᠷᠴᠢ ᠳ᠋ᠤ᠌ ᠵᠠᠷᠯᠢᠭ ᠢ᠋ ᠬᠡᠷᠬᠢᠨ ᠭᠦᠢᠴᠡᠯᠳᠦᠭᠦᠯᠬᠦ ᠪᠢᠯᠡ ᠭᠡᠵᠦ ᠡᠷᠡᠭᠡᠯᠵᠡᠬᠦ ᠪᠤᠴᠠᠬᠤ ᠰᠡᠳᠬᠢᠯ ᠣᠭᠲᠣᠬᠠᠨ ᠴᠤ᠌ ᠳᠥᠷᠥᠭᠡ ᠦᠭᠡᠢ ᠪᠥᠭᠡᠳ ᠮᠠᠷᠭᠠᠰᠢ ᠨᠢ ᠨᠤᠲᠤᠭ ᠤ᠋ᠨ ᠤᠷᠠᠨ ᠳᠠᠷᠬᠠᠴᠤᠤᠯ ᠬᠣᠶᠠᠷ ᠵᠠᠭᠤᠨ ᠬᠥᠮᠦᠨ ᠳᠠᠢᠴᠢᠯᠠᠨ ᠴᠤᠭᠯᠠᠭᠤᠯᠵᠤ ᠲᠡᠳᠡᠨ ᠦ᠌ ᠳᠤᠮᠳᠠ ᠠ᠋ᠴᠠ ᠬᠠᠮᠤᠭ ᠤ᠋ᠨ ᠠᠯᠳᠠᠷᠲᠠᠢ ᠢᠰᠢ ᠾᠢᠮᠡᠮ ᠭᠡᠭᠴᠢ ᠶ᠋ᠢ ᠰᠣᠩᠭᠣᠨ ᠭᠤᠷᠪᠠᠨ ᠮᠢᠩᠭᠠᠨ ᠠᠯᠲᠠ ᠥᠨᠳᠥᠷ ᠪᠠᠷᠢᠬᠵᠠᠨ ᠠᠭᠤᠯᠠ ᠶ᠋ᠢᠨ ᠨᠣᠶᠠᠨ ᠣᠷᠭᠢᠯ ᠳ᠋ᠤ᠌ ᠬᠥᠮᠦᠨ ᠭᠠᠷᠭᠠᠬᠤ ᠣᠨᠢᠰᠣᠨ ᠱᠠᠲᠤ ᠬᠢᠬᠦ ᠶ᠋ᠢ ᠲᠤᠰᠢᠶᠠᠵᠠᠢ᠃ ᠪᠤᠭᠤᠷᠴᠢ ᠡᠢᠨ ᠲᠤᠰᠢᠶᠠᠬᠤ ᠳ᠋ᠠᠭᠠᠨ ᠠᠳᠤᠭᠤᠨ ᠠ᠋ᠴᠠ ᠪᠠᠨ ᠮᠣᠷᠢ ᠪᠠᠷᠢᠵᠤ ᠡᠮᠡᠭᠡᠯᠯᠡᠬᠦ ᠡᠴᠡ ᠢᠯᠡᠭᠦᠦ ᠲᠡᠢ ᠪᠡᠷ ᠦᠵᠡᠭᠰᠡᠨ ᠦᠭᠡᠢ ᠨᠢ ᠴᠤᠭᠯᠠᠭᠰᠠᠨ ᠤᠷᠠᠨ ᠳᠠᠷᠬᠠᠴᠤᠤᠯ ᠢ᠋ ᠶᠡᠬᠡᠳᠡ ᠭᠠᠢᠬᠠᠰᠢᠷᠠᠭᠤᠯᠵᠠᠢ᠃ ᠭᠡᠪᠡᠴᠦ ᠲᠡᠳᠡᠨ ᠳ᠋ᠦ᠍ ᠡᠨᠡ ᠬᠠᠴᠢᠷᠬᠠᠯᠲᠠᠢ ᠵᠠᠷᠯᠢᠭ ᠢ᠋ ᠡᠰᠡᠷᠭᠦᠴᠡᠬᠦ ᠪᠤᠶᠤ ᠪᠤᠴᠠᠭᠠᠵᠤ ᠬᠣᠢᠰᠢᠯᠠᠭᠤᠯᠬᠤ ᠡᠷᠬᠡ ᠪᠠᠢᠭᠰᠠᠨ ᠦᠭᠡᠢ᠃ ᠣᠷᠭᠢᠯ ᠳ᠋ᠤ᠌ ᠤᠷᠤᠰᠤᠨ ᠭᠠᠷᠬᠤ ᠱᠠᠲᠤᠨ ᠤ᠋ ᠣᠨᠢᠰᠣ ᠬᠦᠷᠳᠦ ᠶ᠋ᠢ ᠰᠠᠮᠠᠷᠺᠡᠨᠳ᠋ ᠬᠣᠲᠠᠨ ᠤ᠋ ᠴᠤᠤᠲᠠᠢ ᠶᠡᠬᠡ ᠰᠦᠮ᠎ᠡ ᠶ᠋ᠢ ᠪᠠᠷᠢᠭᠰᠠᠨ ᠢᠰᠢ ᠾᠢᠮᠡᠮ ᠭᠡᠭᠴᠢ ᠲᠡᠷᠡ ᠠᠯᠳᠠᠷᠲᠠᠢ ᠤᠷᠠᠨ ᠳᠠᠷᠬᠠᠨ ᠡᠷ᠎ᠡ ᠤᠳᠤᠷᠢᠳᠤᠨ ᠵᠣᠬᠢᠶᠠᠵᠤ ᠳᠠᠭᠤᠰᠤᠭᠰᠠᠨ ᠤ᠋ ᠳᠠᠷᠠᠭ᠎ᠠ ᠳᠠᠷᠤᠢ ᠮᠢᠩᠭ᠎ᠠ ᠢᠯᠡᠭᠦᠦ ᠵᠠᠯᠠᠭᠤᠰ ᠢ᠋ ᠪᠠᠷᠢᠬᠵᠠᠨ ᠠᠭᠤᠯᠠ ᠶ᠋ᠢᠨ ᠬᠣᠷᠮᠣᠢ ᠳ᠋ᠤ᠌ ᠱᠠᠲᠤ ᠪᠠᠷᠢᠭᠤᠯᠬᠤ ᠪᠠᠷ ᠢᠯᠡᠭᠡᠵᠡᠢ᠃ ᠬᠣᠯᠠ ᠭᠠᠵᠠᠷ ᠠ᠋ᠴᠠ ᠵᠥᠭᠡᠯᠡᠨ ᠪᠠᠲᠤ ᠪᠡᠬᠢ ᠤᠳᠠ ᠮᠣᠳᠣ᠂ ᠣᠯᠣᠰᠣ ᠭᠡᠳ ᠬᠡᠷᠡᠭᠲᠡᠢ ᠪᠦᠭᠦᠳᠡ ᠶ᠋ᠢ ᠪᠤᠭᠤᠷᠴᠢ ᠶ᠋ᠢᠨ ᠵᠠᠷᠯᠢᠭ ᠢ᠋ᠶ᠋ᠠᠷ ᠠᠴᠢᠨ ᠠᠪᠴᠢᠷᠠᠵᠠᠢ᠃ ᠴᠢᠩᠭᠢᠰ ᠬᠠᠭᠠᠨ ᠤ᠋ ᠡᠯ᠎ᠡ ᠵᠠᠷᠯᠢᠭ ᠢ᠋ ᠭᠦᠢᠴᠡᠯᠳᠦᠭᠦᠯᠬᠦ ᠳ᠋ᠡᠭᠡᠨ ᠪᠤᠭᠤᠷᠴᠢ ᠠ᠋ᠴᠠ ᠳᠤᠲᠠᠭᠤ ᠦᠭᠡᠢ ᠪᠠᠶᠠᠷᠯᠠᠵᠤ ᠬᠥᠭᠡᠷᠦᠭᠰᠡᠨ ᠬᠥᠮᠦᠨ ᠪᠣᠯ ᠯᠠᠯᠤ ᠶ᠋ᠢᠨ ᠭᠦᠨ ᠰᠢᠲᠦᠭᠡᠯᠲᠦ ᠤᠷᠠᠨ ᠳᠠᠷᠬᠠᠨ ᠢᠰᠢ ᠾᠢᠮᠡᠮ ᠶᠦᠮ᠃ ᠨᠢᠭᠡ ᠨᠠᠰᠤ ᠪᠠᠷ ᠢ᠋ᠶ᠋ᠠᠨ ᠯᠠᠯᠤ ᠶ᠋ᠢᠨ ᠱᠠᠰᠢᠨ ᠤ᠋ ᠣᠯᠠᠨ ᠰᠦᠮ᠎ᠡ ᠪᠣᠰᠬᠠᠵᠤ ᠠᠯᠯᠠ ᠲᠡᠭᠷᠢ ᠶ᠋ᠢᠨ ᠳᠣᠣᠷ᠎ᠠ ᠮᠥᠩᠬᠡᠷᠡᠭᠰᠡᠨ ᠳ᠋ᠦ᠍ ᠲᠣᠭᠠᠴᠠᠭᠳᠠᠭᠰᠠᠨ ᠡᠨᠡ ᠬᠥᠮᠦᠨ ᠤᠷᠢᠳ ᠬᠣᠵᠢᠳ ᠰᠣᠨᠣᠰᠳᠠᠭ᠎ᠠ ᠦᠭᠡᠢ ᠭᠠᠢᠬᠠᠯᠲᠠᠢ ᠪᠦᠲᠦᠭᠡᠯ ᠬᠢᠬᠦ ᠬᠦᠰᠡᠯ ᠳ᠋ᠡᠭᠡᠨ ᠬᠥᠲᠥᠯᠦᠭᠳᠡᠨ ᠬᠢᠵᠠᠭᠠᠷ ᠦᠭᠡᠢ ᠤᠷᠮ᠎ᠠ ᠵᠣᠷᠢᠭᠲᠠᠢ ᠪᠠᠷ ᠠᠵᠢᠯᠯᠠᠵᠤ ᠪᠠᠢᠯ᠎ᠠ᠃ ᠬᠡᠳᠦᠢ ᠪᠡᠷ ᠡᠨᠡ ᠣᠨᠢᠰᠣᠨ ᠱᠠᠲᠤ ᠶ᠋ᠢ ᠶᠠᠮᠠᠷ ᠵᠣᠷᠢᠯᠭ᠎ᠠ ᠲᠠᠢ ᠬᠢᠯᠭᠡᠵᠦ ᠪᠣᠢ ᠶ᠋ᠢ ᠢᠰᠢ ᠾᠢᠮᠠᠮ ᠲᠠᠭᠠᠪᠤᠷᠢᠯᠠᠭᠠ ᠦᠭᠡᠢ ᠴᠦ᠍ ᠬᠣᠷᠽᠸᠮ ᠤ᠋ᠨ ᠤᠷᠠᠴᠤᠳ ᠤ᠋ᠨ ᠳᠣᠲᠣᠷ᠎ᠠ ᠠ᠋ᠴᠠ ᠠᠩᠬ᠎ᠠ ᠤᠳᠠᠭ᠎ᠠ ᠳᠡᠭᠦᠵᠢᠩ ᠡᠷᠭᠦᠭᠦᠷ ᠱᠠᠲᠤ ᠵᠣᠬᠢᠶᠠᠭᠰᠠᠨ ᠳ᠋ᠠᠭᠠᠨ ᠪᠠᠬᠠᠷᠬᠠᠵᠤ ᠬᠡᠳᠦᠢ ᠪᠤᠷᠤᠭᠤ ᠨᠣᠮᠲᠠᠨ ᠴᠤ᠌ ᠭᠡᠯᠡ ᠴᠢᠩᠭᠢᠰ ᠬᠠᠭᠠᠨ ᠳ᠋ᠤ᠌ ᠲᠤᠢᠯ ᠦᠭᠡᠢ ᠪᠢᠰᠢᠷᠡᠯᠲᠡᠢ ᠪᠣᠯᠵᠤ᠂ ᠡᠨᠡ ᠪᠦᠲᠦᠭᠡᠯ ᠨᠢ ᠲᠡᠭᠦᠨ ᠢ᠋ ᠮᠥᠩᠬᠡᠳᠡ ᠳᠤᠷᠠᠰᠬᠠᠨᠠ ᠭᠡᠳᠡᠭ ᠲᠦ᠍ ᠢᠲᠡᠭᠡᠯᠲᠡᠢ ᠪᠠᠢᠯ᠎ᠠ᠃ ᠡᠨᠡ ᠪᠦᠬᠦ ᠠᠵᠢᠯ ᠢ᠋ ᠪᠤᠭᠤᠷᠴᠢ ᠶ᠋ᠢᠨ ᠬᠢᠨᠠᠯᠲᠠ ᠶ᠋ᠢᠨ ᠳᠣᠣᠷ᠎ᠠ ᠲᠡᠭᠦᠨ ᠣ ᠳᠡᠭᠦᠦ ᠡᠭᠦᠯᠡᠨ ᠴᠡᠷᠪᠢ ᠥᠪᠡᠷ ᠦ᠋ᠨ ᠮᠢᠩᠭᠠᠨ ᠲᠣᠷᠭᠠᠨ ᠴᠡᠷᠢᠭ ᠦ᠋ᠨ ᠬᠠᠮᠲᠤ ᠬᠠᠮᠠᠭᠠᠯᠠᠵᠤ᠂ ᠵᠣᠬᠢᠴᠠᠭᠤᠯᠵᠤ ᠪᠠᠢᠪᠠ᠃ ᠬᠠᠷᠢᠨ ᠡᠷᠭᠦᠭᠦᠷ ᠱᠠᠲᠤ ᠶ᠋ᠢ ᠮᠢᠩᠭ᠎ᠠ ᠢᠯᠡᠭᠦᠦ ᠮᠤᠵᠢᠶᠠᠩ ᠳᠠᠷᠬᠠᠴᠤᠤᠯ ᠬᠢᠵᠦ᠂ ᠵᠢᠷᠭᠤᠭᠠᠨ ᠰᠠᠷ᠎ᠠ ᠶ᠋ᠢᠨ ᠳᠠᠷᠠᠭ᠎ᠠ ᠪᠡᠯᠡᠨ ᠪᠣᠯᠤᠭᠰᠠᠨ ᠢ᠋ ᠪᠤᠭᠤᠷᠴᠢ ᠳ᠋ᠤ᠌ ᠢᠯᠡᠳᠬᠡᠪᠡ᠃ ᠪᠠᠷᠢᠬᠵᠠᠨ ᠠᠭᠤᠯᠠ ᠶ᠋ᠢᠨ ᠪᠠᠯ ᠢ᠋ ᠠᠯᠤᠰ ᠢ᠋ᠶ᠋ᠠᠷ ᠲᠣᠭᠣᠷᠢᠭᠤᠯᠤᠨ ᠴᠡᠷᠢᠭ ᠢ᠋ᠶ᠋ᠡᠷ ᠬᠠᠮᠠᠭᠠᠯᠠᠭᠰᠠᠨ ᠲᠤᠯᠠ ᠴᠣᠬᠣᠮ ᠶᠠᠭᠤ ᠬᠢᠵᠦ ᠪᠠᠢᠭ᠎ᠠ ᠶ᠋ᠢ ᠣᠯᠠᠨ ᠬᠥᠮᠦᠨ ᠦᠵᠡᠵᠦ ᠬᠠᠷᠠᠵᠤ ᠴᠢᠳᠠᠭᠰᠠᠨ ᠦᠭᠡᠢ᠃ ᠠᠭᠤᠯᠠᠨ ᠤ᠋ ᠳᠡᠭᠡᠢ ᠳᠤᠮᠳᠠ ᠡᠯᠢᠭᠡᠨ ᠬᠠᠳᠠᠨ ᠣᠷᠭᠢᠯ ᠤ᠋ᠨ ᠬᠥᠯ ᠳ᠋ᠦ᠍ ᠪᠠᠢᠷᠢᠯᠠᠭᠤᠯᠤᠭᠰᠠᠨ ᠲᠣᠮᠣ ᠬᠦᠷᠳᠦ ᠶ᠋ᠢ ᠬᠣᠶᠠᠷ ᠲᠠᠯ᠎ᠠ ᠠ᠋ᠴᠠ ᠨᠢ ᠲᠠᠪᠢᠨ ᠬᠥᠮᠦᠨ ᠡᠷᠭᠢᠭᠦᠯᠵᠦ ᠣᠷᠭᠢᠯ ᠬᠦᠷᠲᠡᠯ᠎ᠡ ᠪᠠᠷᠢᠭᠰᠠᠨ ᠬᠠᠰᠢᠯᠭ᠎ᠠ ᠳᠡᠭᠡᠭᠦᠷ ᠬᠥᠩᠭᠡᠨ ᠰᠡᠦᠬᠡ ᠲᠡᠷᠭᠡ ᠣᠯᠣᠰᠣᠨ ᠳ᠋ᠤ᠌ ᠲᠠᠲᠠᠭᠳᠠᠨ ᠥᠭᠰᠥᠬᠦ ᠠᠵᠢ᠃ ᠪᠤᠭᠤᠷᠴᠢ᠂ ᠢᠰᠢ ᠾᠢᠮᠠᠮ ᠤ᠋ᠨ ᠬᠠᠮᠲᠤ ᠬᠣᠶᠠᠷ ᠤᠳᠠᠭ᠎ᠠ ᠥᠭᠰᠥᠵᠦ ᠥᠪᠡᠷ ᠦ᠋ᠨ ᠪᠡᠶ᠎ᠡ ᠪᠡᠷ ᠰᠢᠯᠭᠠᠪᠠ᠃ ᠮᠥᠩᠬᠡ ᠴᠠᠰᠤᠲᠤ ᠣᠷᠭᠢᠯ ᠳᠡᠭᠡᠷ᠎ᠡ ᠭᠠᠷᠬᠤ ᠰᠣᠨᠢᠨ ᠴᠤ᠌ ᠱᠠᠲᠤᠨ ᠤ᠋ ᠪᠠᠲᠤ ᠪᠡᠬᠢ ᠲᠡᠭᠦᠨ ᠡᠴᠡ ᠢᠯᠡᠭᠦᠦ ᠰᠡᠳᠬᠢᠯ ᠵᠣᠪᠠᠭᠠᠬᠤ ᠲᠤᠯᠠ ᠡᠨᠡ ᠪᠦᠭᠦᠳᠡ ᠶ᠋ᠢ ᠪᠤᠭᠤᠷᠴᠢ ᠦᠯᠦ ᠠᠩᠵᠠᠭᠠᠷᠠᠪᠠ᠃
| ᠣᠯᠣᠰᠣ ᠲᠠᠰᠤᠷᠠᠪᠠᠯ ᠶᠠᠭᠠᠬᠢᠨ᠎ᠠ?
| ᠪᠢ ᠳᠠᠪᠬᠤᠷ ᠣᠯᠣᠰᠣ ᠪᠠᠷ ᠬᠠᠮᠠᠭᠠᠯᠠᠨ᠎ᠠ᠃ ᠲᠠ ᠰᠠᠨᠠᠭ᠎ᠠ ᠪᠦᠦ ᠵᠣᠪᠠ᠃
ᠴᠢᠩᠭᠢᠰ ᠬᠠᠭᠠᠨ ᠤ᠋ ᠰᠢᠳᠠᠷ ᠰᠠᠢᠳ᠂ ᠲᠣᠷᠭᠠᠨ ᠴᠡᠷᠢᠭ ᠦ᠋ᠨ ᠶᠡᠬᠡ ᠵᠠᠩᠵᠤᠨ ᠪᠤᠭᠤᠷᠴᠢ ᠥᠪᠡᠷ ᠦ᠋ᠨ ᠪᠡᠶ᠎ᠡ ᠪᠡᠷ ᠴᠢᠬᠤᠯᠠᠴᠢᠯᠠᠨ ᠰᠢᠯᠭᠠᠵᠤ ᠪᠣᠢ ᠠ᠋ᠴᠠ ᠴᠣᠬᠣᠮ ᠶᠠᠭᠠᠬᠢᠬᠤ ᠭᠡᠵᠦ ᠡᠨᠡ ᠱᠠᠲᠤ ᠶ᠋ᠢ ᠬᠢᠯᠭᠡᠵᠦ ᠪᠣᠢ ᠶ᠋ᠢ ᠢᠰᠢ ᠾᠢᠮᠠᠮ ᠭᠠᠳᠠᠷᠯᠠᠵᠤ ᠦᠨᠡᠨ ᠰᠡᠳᠬᠢᠯ ᠡᠴᠡ ᠪᠡᠨ ᠬᠥᠭᠡᠷᠦᠨ ᠪᠠᠬᠠᠳᠤᠪᠠ᠃ ᠲᠡᠷᠡ ᠶᠡᠬᠡ ᠴᠢᠩᠭᠢᠰ ᠬᠠᠭᠠᠨ ᠳ᠋ᠤ᠌ ᠵᠣᠷᠢᠭᠤᠯᠤᠨ ᠣᠨᠢᠰᠣᠨ ᠱᠠᠲᠤ ᠤᠷᠠᠯᠠᠵᠠᠢ ᠭᠡᠳᠡᠭ ᠢ᠋ᠶ᠋ᠡᠨ ᠮᠡᠳᠡᠵᠡᠢ᠃ ᠢᠰᠢ ᠾᠢᠮᠠᠮ ᠪᠦᠬᠦᠢᠯᠡ ᠰᠡᠳᠬᠢᠯ ᠡᠴᠡ ᠪᠡᠨ ᠪᠢᠰᠢᠷᠡᠨ ᠪᠠᠬᠠᠳᠤᠵᠤ ᠥᠪᠡᠷ ᠢ᠋ ᠪᠡᠨ ᠮᠥᠩᠬᠡᠷᠡᠨ᠎ᠡ ᠭᠡᠵᠦ ᠰᠠᠨᠠᠪᠠ᠃ ᠴᠢᠩᠭᠢᠰ ᠬᠠᠭᠠᠨ ᠢᠩᠭᠢᠵᠦ ᠰᠡᠳᠬᠢᠭᠡ ᠦᠭᠡᠢ ᠪᠣᠯ ᠢᠰᠢ ᠾᠢᠮᠠᠮ ᠬᠡᠵᠢᠶ᠎ᠡ ᠴᠦ᠍ ᠪᠠᠷᠢᠬᠵᠠᠨ ᠠᠭᠤᠯᠠ ᠶ᠋ᠢᠨ ᠣᠷᠣᠢ ᠳ᠋ᠤ᠌ ᠭᠠᠷᠬᠤ ᠲᠠᠲᠠᠭᠤᠷᠭᠠᠨ ᠬᠦᠷᠳᠦᠲᠦ ᠱᠠᠲᠤ ᠬᠢᠬᠦ ᠦᠭᠡᠢ ᠪᠢᠯᠡ᠃ ᠦᠨᠡᠬᠡᠷ ᠠᠭᠤᠤ ᠬᠥᠮᠦᠨ ᠯᠡ ᠠᠭᠤᠤ ᠰᠠᠨᠠᠭ᠎ᠠ ᠰᠡᠳᠬᠢᠳᠡᠭ ᠢ᠋ ᠢᠰᠢ ᠾᠢᠮᠠᠮ ᠣᠢᠯᠠᠭᠠᠵᠤ ᠴᠣᠬᠣᠮ ᠠᠯᠯᠠ ᠲᠩᠷᠢ ᠢᠪᠡᠭᠡᠭᠰᠡᠨ ᠮᠡᠲᠦ ᠪᠡᠶᠡᠰᠦᠨ ᠬᠥᠭᠡᠷᠦᠭᠰᠡᠨ ᠨᠢ ᠬᠡᠮᠵᠢᠶ᠎ᠡ ᠦᠭᠡᠢ ᠪᠣᠯᠵᠠᠢ᠃
| ᠣᠳᠣ ᠢᠰᠢ ᠾᠢᠮᠠᠮ ᠴᠢᠮ᠎ᠠ ᠳ᠋ᠤ᠌ ᠬᠡᠳᠦᠨ ᠬᠥᠮᠦᠨ ᠦᠯᠡᠳᠡᠭᠡᠪᠡᠯ ᠪᠣᠯᠬᠤ ᠪᠣᠢ?
| ᠬᠦᠷᠳᠦ ᠡᠷᠭᠢᠭᠦᠯᠬᠦ ᠵᠠᠭᠤᠨ ᠬᠥᠮᠦᠨ ᠯᠡ ᠪᠠᠢᠬᠤ ᠳ᠋ᠤ᠌ ᠪᠣᠯᠤᠨ᠎ᠠ᠃ ᠬᠠᠷᠢᠨ ᠲᠠ ᠪᠤᠰᠤᠳ ᠬᠥᠮᠦᠰ ᠲᠦ᠍ ᠯᠠᠪ ᠶᠡᠬᠡ ᠱᠠᠩ ᠥᠭᠬᠦ ᠪᠢᠵᠡ ᠭᠡᠵᠦ ᠢᠰᠢ ᠾᠢᠮᠠᠮ ᠬᠡᠯᠡᠵᠡᠢ᠃
| ᠲᠡᠢᠮᠦ ᠠ᠋᠂ ᠢᠰᠢ ᠾᠢᠮᠠᠮ᠃ ᠡᠨᠳᠡ ᠵᠢᠳᠬᠦᠭᠰᠡᠨ ᠪᠦᠭᠦᠳᠡ ᠲᠩᠷᠢ ᠶ᠋ᠢᠨ ᠳᠠᠭᠠᠯᠠᠭᠰᠠᠨ ᠢ᠋ᠶ᠋ᠠᠷ ᠬᠤᠪᠢ ᠬᠦᠷᠲᠡᠬᠦ ᠶᠦᠮ᠃ ᠬᠠᠷᠢᠨ ᠲᠠ ᠵᠠᠭᠤᠨ ᠬᠥᠮᠦᠨ ᠢ᠋ᠶ᠋ᠡᠨ ᠰᠢᠯᠢᠵᠦ ᠠᠪᠤᠭᠠᠳ ᠪᠤᠰᠤᠳ ᠢ᠋ ᠨᠠᠳᠠᠳᠤ ᠥᠭᠭᠦᠭᠲᠦᠨ᠃ ᠪᠢ ᠲᠡᠳᠡᠨ ᠢ᠋ ᠶᠡᠬᠡ ᠬᠦᠷᠢᠶᠡᠨ ᠳ᠋ᠦ᠍ ᠬᠦᠷᠭᠡᠵᠦ ᠵᠣᠬᠢᠬᠤ ᠱᠠᠩ ᠬᠠᠷᠠᠮᠵᠢ ᠣᠯᠭᠣᠭᠠᠳ ᠲᠠᠷᠬᠠᠭᠠᠵᠤ ᠶᠠᠪᠤᠭᠤᠯᠤᠨ᠎ᠠ᠃ ᠪᠤᠭᠤᠷᠴᠢ ᠶ᠋ᠢᠨ ᠦᠭᠡ ᠪᠡᠷ ᠢᠰᠢ ᠾᠢᠮᠠᠮ ᠬᠦᠷᠳᠦ ᠡᠷᠭᠢᠭᠦᠯᠬᠦ ᠪᠤᠯᠴᠢᠩ ᠰᠢᠷᠪᠥᠰᠥ ᠰᠠᠢᠨ ᠵᠠᠯᠠᠭᠤ ᠵᠠᠯᠠᠭᠤ ᠡᠷ᠎ᠡ ᠶ᠋ᠢ ᠰᠣᠩᠭᠣᠵᠤ ᠠᠪᠤᠭᠠᠳ ᠪᠤᠰᠤᠳ ᠬᠥᠮᠦᠰ ᠢ᠋ᠶ᠋ᠡᠨ ᠪᠤᠭᠤᠷᠴᠢ ᠳ᠋ᠤ᠌ ᠲᠤᠰᠢᠶᠠᠪᠠ᠃
| ᠲᠠ ᠬᠡᠵᠢᠶ᠎ᠡ ᠡᠷᠭᠢᠵᠦ ᠢᠷᠡᠬᠦ ᠪᠣᠢ?
| ᠬᠡᠵᠢᠶ᠎ᠡ ᠴᠦ᠍ ᠢᠷᠡᠵᠦ ᠮᠡᠳᠡᠨ᠎ᠡ ᠢᠰᠢ ᠡᠾᠢᠮᠡᠮ ᠴᠢ ᠦᠷᠭᠦᠯᠵᠢ ᠪᠡᠯᠡᠨ ᠪᠠᠢᠭᠲᠤᠨ᠃
| ᠥᠷᠥᠰᠢᠶᠡᠭᠡᠷᠡᠢ᠃ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠵᠠᠯᠠᠷᠠᠬᠤ ᠪᠣᠢ ᠊ᠢ᠎ᠠ? ᠭᠡᠵᠦ ᠢᠰᠢ ᠾᠢᠮᠡᠮ ᠪᠣᠯᠭᠣᠮᠵᠢᠲᠠᠢ ᠰᠢᠪᠡᠨᠡᠨ ᠠᠰᠠᠭᠤᠪᠠ᠃
| ᠴᠢ ᠲᠡᠭᠡᠵᠦ ᠰᠠᠨᠠᠨ᠎ᠠ ᠤᠤ?
| ᠲᠡᠢᠮᠦ ᠠ᠋᠂ ᠪᠢ ᠡᠢᠮᠦ ᠶᠡᠬᠡ ᠬᠤᠪᠢ ᠲᠠᠢ ᠲᠥᠷᠥᠭᠰᠡᠨ ᠳ᠋ᠡᠭᠡᠨ ᠥᠪᠡᠷ ᠢ᠋ᠶ᠋ᠡᠨ ᠴᠦ᠍ ᠢᠲᠡᠭᠡᠵᠦ ᠴᠢᠳᠠᠬᠤ ᠦᠭᠡᠢ ᠪᠠᠢᠨ᠎ᠠ᠃ ᠠᠯᠯᠠ ᠲᠩᠷᠢ ᠨᠠᠮᠠᠶ᠋ᠢ ᠢᠪᠡᠭᠡᠨ ᠲᠡᠳᠬᠦᠵᠦ ᠪᠠᠢᠭ᠎ᠠ ᠳ᠋ᠤ᠌ ᠬᠠᠷᠢᠨ ᠪᠢ ᠢᠲᠡᠭᠡᠯᠲᠡᠢ ᠪᠠᠢᠨ᠎ᠠ ᠭᠡᠵᠦ ᠬᠥᠭᠡᠷᠴᠦ ᠳᠣᠭᠳᠣᠯᠤᠭᠰᠠᠨ ᠤᠷᠠᠨ ᠳᠠᠷᠬᠠᠨ ᠠᠶᠤᠮᠰᠢᠭ ᠦᠭᠡᠢ ᠪᠡᠷ ᠬᠡᠯᠡᠵᠡᠢ᠃ ᠬᠠᠷᠢᠨ ᠪᠤᠭᠤᠷᠴᠢ ᠲᠡᠭᠦᠨ ᠦ᠌ ᠦᠭᠡᠨ ᠳ᠋ᠦ᠍ ᠲᠠᠬᠢᠵᠤ ᠬᠠᠷᠢᠭᠤ ᠬᠡᠯᠡᠭᠰᠡᠨ ᠦᠭᠡᠢ ᠳᠠᠪᠬᠢᠨ ᠣᠳᠴᠠᠢ᠃ ᠢᠰᠢ ᠾᠢᠮᠡᠮ ᠭᠡᠭᠴᠢ ᠤᠷᠠᠯᠠᠵᠤ ᠳᠠᠷᠬᠠᠯᠠᠬᠤ᠂ ᠤᠷᠢᠳᠤ ᠪᠠᠢᠭ᠎ᠠ ᠦᠭᠡᠢ ᠶ᠋ᠢ ᠪᠦᠲᠦᠭᠡᠬᠦ ᠬᠡᠨᠡᠭᠡ ᠲᠤᠰᠤᠭᠰᠠᠨ ᠲᠡᠷᠡ ᠲᠦᠷᠺ ᠢᠷᠡᠨ ᠴᠢᠰᠤᠨ ᠤ᠋ ᠬᠥᠮᠦᠨ ᠭᠠᠵᠠᠷ ᠰᠥᠬᠥᠷᠡᠨ ᠰᠠᠬᠠᠯ ᠢ᠋ᠶ᠋ᠠᠨ ᠢᠯᠪᠢᠵᠦ᠄
| ᠠᠯᠯᠠᠬᠤ ᠲᠩᠷᠢ ᠮᠢᠨᠢ ᠨᠠᠮᠠᠶ᠋ᠢ ᠥᠷᠥᠰᠢᠶᠡ᠂ ᠴᠢᠩᠭᠢᠰ ᠬᠠᠭᠠᠨ ᠤ᠋ ᠵᠠᠷᠯᠢᠭ ᠢ᠋ ᠪᠢ ᠲᠠᠨ ᠤ᠋ ᠵᠠᠷᠯᠢᠭ ᠭᠡᠵᠦ ᠪᠡᠶᠡᠯᠡᠭᠦᠯᠦᠯ᠎ᠡ᠃ ᠡᠨᠡ ᠶᠡᠬᠡ ᠱᠠᠲᠤ ᠶ᠋ᠢ ᠪᠢ ᠠᠯᠯᠠ ᠲᠩᠷᠢ ᠶ᠋ᠢᠨ ᠠᠷᠢᠭᠤᠨ ᠰᠦᠮ᠎ᠡ ᠭᠡᠵᠦ ᠪᠦᠲᠦᠭᠡᠯ᠎ᠡ ᠭᠡᠮᠡᠨ ᠮᠥᠷᠭᠥᠵᠡᠢ᠃ ᠱᠠᠲᠤ ᠬᠢᠬᠦ ᠳ᠋ᠦ᠍ ᠣᠷᠣᠯᠴᠠᠭᠰᠠᠨ ᠡᠷᠡᠴᠦᠳ ᠢ᠋ ᠤᠷᠢᠳ ᠠ᠋ᠴᠠ ᠪᠡᠯᠡᠳᠬᠡᠭᠰᠡᠨ ᠶᠡᠬᠡ ᠨᠦᠬᠡᠨ ᠳ᠋ᠦ᠍ ᠲᠡᠷᠡ ᠰᠥᠨᠢ ᠪᠦᠭᠦᠳᠡ ᠶ᠋ᠢ ᠨᠢ ᠤᠨᠠᠭᠠᠭᠠᠳ ᠪᠤᠯᠠᠵᠤ ᠣᠷᠬᠢᠵᠠᠢ᠃ ᠡᠨᠡ ᠪᠣᠯ ᠪᠤᠭᠤᠷᠴᠢ ᠶ᠋ᠢᠨ ᠲᠤᠰᠢᠶᠠᠯ ᠪᠠᠢᠪᠠ᠃ ᠴᠢᠩᠭᠢᠰ ᠬᠠᠭᠠᠨ ᠤ᠋ ᠲᠣᠷᠭᠠᠨ ᠴᠡᠷᠢᠭ ᠦ᠋ᠳ ᠨᠢᠭᠡ ᠴᠦ᠍ ᠦᠭᠡ ᠳᠤᠤᠭᠠᠷᠤᠯ ᠦᠭᠡᠢ᠂ ᠴᠢᠮᠡᠭᠡ ᠴᠦ᠍ ᠭᠠᠷᠤᠯ ᠦᠭᠡᠢ ᠪᠦᠭᠦᠳᠡ ᠶ᠋ᠢ ᠶᠣᠰᠣᠴᠢᠯᠠᠨ ᠬᠢᠭᠡᠳ ᠡᠭᠦᠯᠡᠨ ᠴᠡᠷᠪᠢ ᠶ᠋ᠢᠨ ᠡᠮᠦᠨ᠎ᠡ ᠡᠩᠨᠡᠨ ᠵᠢᠭᠰᠠᠵᠤ ᠪᠠᠢᠪᠠ᠃ ᠬᠠᠷᠢᠨ ᠪᠣᠯᠵᠤ ᠥᠩᠭᠡᠷᠡᠭᠰᠡᠨ ᠪᠦᠭᠦᠳᠡ ᠶ᠋ᠢ ᠴᠢᠩᠭᠢᠰ ᠬᠠᠭᠠᠨ ᠳ᠋ᠤ᠌ ᠪᠤᠭᠤᠷᠴᠢ ᠢᠯᠡᠳᠬᠡᠪᠡ᠃
ᠴᠢᠩᠭᠢᠰ ᠬᠠᠭᠠᠨ ᠢᠰᠢ ᠾᠢᠮᠡᠮ ᠢ᠋ ᠦᠷᠭᠦᠭᠡᠨ ᠳ᠋ᠡᠭᠡᠨ ᠤᠷᠢᠬᠤ ᠶ᠋ᠢ ᠲᠤᠰᠢᠶᠠᠭᠰᠠᠨ ᠨᠢ ᠪᠣᠭᠣᠷᠴᠢ ᠳ᠋ᠤ᠌ ᠲᠡᠳᠦᠢ ᠯᠡ ᠲᠠᠭᠠᠲᠠᠢ ᠰᠠᠨᠠᠭᠳᠠᠭᠰᠠᠨ ᠦᠭᠡᠢ᠃ ᠢᠰᠢ ᠾᠢᠮᠡᠮ ᠢ᠋ ᠤᠷᠢᠬᠤ ᠶ᠋ᠢᠨ ᠡᠮᠦᠨ᠎ᠡ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠨᠢᠭᠤᠴᠠ ᠪᠠᠷ ᠣᠴᠢᠵᠤ ᠲᠠᠲᠠᠭᠤᠷᠭᠠᠨ ᠣᠨᠢᠰᠣᠲᠤ ᠱᠠᠲᠤ ᠶ᠋ᠢ ᠦᠵᠡᠭᠡᠳ ᠰᠡᠳᠬᠢᠯ ᠶᠡᠬᠡᠳᠡ ᠬᠠᠩᠬᠤᠯᠤᠭᠤᠨ ᠪᠣᠯᠵᠠᠢ᠃ ᠢᠰᠢ ᠾᠢᠮᠡᠮ ᠥᠪᠡᠷ ᠢ᠋ ᠪᠡᠨ ᠠᠯᠯᠠ ᠲᠩᠷᠢ ᠪᠣᠯᠤᠭᠠᠳ ᠴᠢᠩᠭᠢᠰ ᠬᠠᠭᠠᠨ ᠤ᠋ ᠢᠪᠡᠭᠡᠯ ᠳ᠋ᠦ᠍ ᠪᠠᠭᠲᠠᠭᠰᠠᠨ ᠬᠥᠮᠦᠨ ᠭᠡᠳᠡᠭ ᠲᠦ᠍ ᠪᠠᠲᠤ ᠢᠲᠡᠭᠡᠵᠦ ᠪᠠᠢᠯ᠎ᠠ᠃ ᠲᠡᠢᠮᠦ ᠦᠭᠡᠢ ᠭᠡᠰᠡᠨ ᠪᠣᠯ ᠡᠨᠡ ᠶᠢᠷᠲᠢᠨᠴᠦ ᠶ᠋ᠢᠨ ᠲᠠᠯ᠎ᠠ ᠶ᠋ᠢ ᠪᠠᠢᠯᠳᠤᠨ ᠳᠠᠭᠠᠭᠤᠯᠤᠭᠰᠠᠨ ᠶᠡᠬᠡ ᠬᠠᠭᠠᠨ ᠲᠡᠭᠦᠨ ᠢ᠋ ᠶᠠᠭᠤ ᠭᠡᠵᠦ ᠤᠷᠲᠤ ᠦᠷᠭᠦᠭᠡᠨ ᠳ᠋ᠡᠭᠡᠨ ᠤᠷᠢᠵᠤ ᠬᠦᠨᠳᠦᠳᠬᠡᠯ ᠦᠵᠡᠭᠦᠯᠬᠦ ᠪᠢᠯᠡ᠃ ᠴᠢᠩᠭᠢᠰ ᠬᠠᠭᠠᠨ ᠳ᠋ᠤ᠌ ᠪᠠᠷᠠᠯᠬᠠᠬᠤ ᠶ᠋ᠢᠨ ᠡᠮᠦᠨ᠎ᠡ ᠢᠰᠢ ᠾᠢᠮᠡᠮ ᠪᠠᠷᠢᠴᠠ ᠠᠯᠲᠠᠨ ᠲᠡᠪᠡᠳᠡᠭᠰᠡᠨ ᠴᠦ᠍ ᠴᠢᠩᠭᠢᠰ ᠬᠠᠭᠠᠨ ᠤ᠋ ᠵᠥᠭᠡᠯᠡᠨ ᠡᠶᠡᠪᠡᠷᠭᠦᠦ ᠠᠭᠠᠰᠢ᠂ ᠦᠭᠡ ᠶ᠋ᠢ ᠰᠣᠨᠣᠰᠤᠭᠠᠳ ᠲᠠᠢᠪᠤᠰᠢᠷᠠᠵᠠᠢ᠃ ᠢᠰᠢ ᠾᠢᠮᠡᠮ ᠡᠢᠮᠦ ᠲᠠᠩᠰᠤᠭ ᠵᠣᠭᠣᠭ ᠢ᠋ ᠤᠷᠢᠳ ᠡᠮᠦᠨ᠎ᠡ ᠦᠵᠡᠭᠰᠡᠨ ᠦᠭᠡᠢ᠃ ᠮᠤᠬᠠᠮᠮᠡᠳ᠋ ᠰᠦᠯᠲᠠᠨ ᠴᠤ᠌ ᠥᠪᠡᠷ ᠦ᠋ᠨ ᠨᠡᠭᠦᠳᠡᠯ ᠦ᠋ᠨ ᠶᠡᠬᠡ ᠠᠰᠠᠷ ᠢ᠋ ᠪᠠᠷᠢᠭᠤᠯᠤᠭᠠᠳ ᠢᠩᠭᠢᠵᠦ ᠬᠦᠨᠳᠦᠯᠡᠭᠰᠡᠨ ᠦᠭᠡᠢ ᠪᠢᠯᠡ᠃
| ᠢᠰᠢ ᠾᠢᠮᠡᠮ ᠴᠢ ᠣᠳᠣ ᠬᠠᠮᠢᠭ᠎ᠠ ᠰᠠᠭᠤᠨ᠎ᠠ? ᠭᠡᠵᠦ ᠴᠢᠩᠭᠢᠰ ᠬᠠᠭᠠᠨ ᠠᠰᠠᠭᠤᠪᠠ᠃
| ᠪᠢ ᠁ ᠭᠡᠳ ᠢᠰᠢ ᠾᠢ᠍ᠮᠡᠮ ᠲᠦᠭᠳᠡᠷᠡᠪᠡ᠃ ᠤᠴᠢᠷ ᠨᠢ ᠲᠡᠭᠦᠨ ᠦ᠌ ᠲᠥᠷᠥᠯᠬᠢ ᠬᠣᠲᠠ ᠲ᠋ᠸᠾᠷᠡᠨ ᠢ᠋ ᠴᠢᠩᠭᠢᠰ ᠬᠠᠭᠠᠨ ᠤ᠋ ᠴᠡᠷᠢᠭ ᠡᠪᠳᠡᠨ ᠰᠦᠢᠳᠬᠡᠭᠰᠡᠨ ᠪᠠᠢᠪᠠ᠃ ᠲᠡᠢᠮᠦ ᠤᠴᠢᠷ ᠠ᠋ᠴᠠ ᠢᠰᠢ ᠾᠢ᠍ᠮᠡᠮ ᠡᠨᠡ ᠠᠰᠠᠭᠤᠯᠲᠠ ᠳ᠋ᠤ᠌ ᠲᠡᠷᠡ ᠳᠠᠷᠤᠢ ᠬᠠᠷᠢᠭᠤ ᠬᠡᠯᠡᠵᠦ ᠴᠢᠳᠠᠭᠰᠠᠨ ᠦᠭᠡᠢ ᠭᠠᠴᠠᠵᠤ ᠬᠣᠴᠣᠷᠴᠠᠢ᠃
| ᠴᠢᠨᠦ ᠬᠣᠲᠠ ᠰᠤᠢᠷᠠᠵᠠᠢ ᠭᠡᠵᠦ ᠴᠢᠩᠭᠢᠰ ᠬᠠᠭᠠᠨ ᠢᠨᠢᠶᠡᠪᠡ᠃
| ᠲᠡᠢᠮᠦ ᠠ᠋᠂ ᠬᠠᠭᠠᠨᠲᠠᠨ᠃ ᠴᠡᠷᠢᠭ ᠦ᠋ᠳ ᠳᠡᠮᠡᠢ ᠡᠰᠡᠷᠭᠦᠴᠡᠭᠰᠡᠨ ᠶᠦᠮ ᠭᠡᠵᠦ ᠢᠰᠢ ᠾᠢ᠍ᠮᠡᠮ ᠲᠠᠯ᠎ᠠ ᠵᠠᠰᠠᠪᠠ᠃
| ᠴᠢ ᠶᠡᠬᠡ ᠤᠷᠠᠨ ᠬᠥᠮᠦᠨ ᠶᠦᠮ᠃ ᠨᠢᠭᠡᠨᠲᠡ ᠲᠥᠷᠥᠭᠰᠡᠨ ᠬᠣᠲᠠ ᠴᠢᠨᠢ ᠦᠭᠡᠢ ᠪᠣᠯᠤᠭᠰᠠᠨ ᠪᠣᠯᠬᠣᠷ ᠴᠢ ᠨᠠᠳᠠ ᠲᠠᠢ ᠬᠠᠮᠲᠤ ᠮᠠᠨ ᠤ᠋ ᠨᠤᠲᠤᠭ ᠲᠤ᠌ ᠣᠴᠢᠭᠲᠤᠨ᠃ ᠪᠢ ᠥᠪᠡᠷ ᠦ᠋ᠨ ᠤᠯᠤᠰ ᠲᠤ᠌ ᠪᠤᠬᠠᠷ᠂ ᠰᠠᠮᠠᠷᠺᠠᠨᠳ᠋ ᠰᠢᠭ᠋ ᠰᠠᠢᠬᠠᠨ ᠬᠣᠲᠠ ᠪᠠᠢᠭᠤᠯᠬᠤ ᠶ᠋ᠢ ᠬᠦᠰᠡᠨ᠎ᠡ᠃ ᠴᠢ ᠶᠠᠭᠤ ᠭᠡᠵᠦ ᠰᠠᠨᠠᠨ᠎ᠠ?
| ᠬᠠᠭᠠᠨᠲᠠᠨ ᠮᠢᠨᠢ᠂ ᠪᠢ ᠪᠣᠯ ᠤᠷᠠᠨ ᠮᠣᠳᠣᠨ ᠤ᠋ ᠳᠠᠷᠬᠠᠨ ᠬᠥᠮᠦᠨ ᠲᠤᠯᠠ ᠬᠠᠮᠢᠭ᠎ᠠ ᠴᠤ᠌ ᠪᠠᠢᠭᠰᠠᠨ ᠢᠯᠭᠠᠭ᠎ᠠ ᠦᠭᠡᠢ ᠦᠵᠡᠰᠬᠦᠯᠡᠩᠲᠦ ᠤᠷᠲᠤ ᠬᠠᠷᠰᠢ ᠪᠠᠢᠭᠤᠯᠬᠤ ᠶ᠋ᠢ ᠬᠦᠰᠡᠨ᠎ᠡ᠃ ᠡᠨᠡ ᠪᠣᠯ ᠮᠢᠨᠦ ᠠᠮᠢᠳᠤᠷᠠᠯ ᠶᠤᠮ ᠭᠡᠵᠦ ᠢᠰᠢ ᠾᠢ᠍ᠮᠡᠮ ᠪᠠᠶᠠᠷᠲᠠᠢ ᠥᠭᠦᠯᠡᠪᠡ᠃
| ᠲᠡᠭᠡᠪᠡᠯ ᠴᠢ ᠥᠪᠡᠷ ᠦ᠋ᠨ ᠬᠦᠰᠡᠭᠰᠡᠨ ᠢ᠋ᠶ᠋ᠡᠷ ᠪᠠᠰᠠ ᠮᠠᠨ ᠤ᠋ ᠮᠣᠩᠭᠣᠯ ᠤ᠋ᠨ ᠲᠠᠯ᠎ᠠ ᠨᠤᠲᠤᠭ ᠲᠤ᠌ ᠲᠣᠬᠢᠷᠠᠭᠰᠠᠨ ᠭᠠᠢᠬᠠᠮᠰᠢᠭᠲᠤ ᠬᠣᠲᠠ ᠪᠠᠢᠭᠤᠯᠤᠭᠲᠤᠨ᠃ ᠪᠢ ᠴᠢᠮ᠎ᠠ ᠳ᠋ᠤ᠌ ᠶᠠᠭᠤ ᠬᠡᠷᠡᠭᠲᠡᠢ ᠶ᠋ᠢ ᠪᠡᠯᠡᠳᠴᠦ ᠥᠭᠭᠦᠨ᠎ᠡ ᠭᠡᠵᠦ ᠴᠢᠩᠭᠢᠰ ᠬᠠᠭᠠᠨ ᠪᠠᠶᠠᠰᠬᠤᠯᠠᠩᠲᠠᠢ ᠬᠡᠯᠡᠵᠡᠢ᠃ ᠴᠢᠩᠭᠢᠰ ᠬᠠᠭᠠᠨ ᠦᠨᠡᠬᠡᠷ ᠮᠣᠩᠭᠣᠯ ᠤ᠋ᠨ ᠢ᠋ᠶ᠋ᠠᠨ ᠲᠠᠯ᠎ᠠ ᠨᠤᠲᠤᠭ ᠲᠤ᠌ ᠢᠷᠡᠭᠰᠡᠨ ᠭᠡᠢᠴᠢᠳ ᠦ᠋ᠨ ᠨᠢᠳᠦ ᠪᠤᠯᠢᠶᠠᠭᠰᠠᠨ ᠲᠠᠩᠰᠤᠭ ᠬᠣᠲᠠ ᠪᠠᠢᠭᠤᠯᠵᠤ ᠰᠠᠭᠤᠷᠢᠨ ᠰᠠᠭᠤᠬᠤ ᠶ᠋ᠢ ᠬᠦᠰᠡᠵᠦ ᠪᠠᠢᠪᠠ᠃
| ᠴᠢᠩᠭᠢᠰ ᠬᠠᠭᠠᠨᠲᠠᠨ᠂ ᠨᠠᠳᠠᠳᠤ ᠪᠠᠬᠳᠠᠳ᠋᠂ ᠰᠠᠮᠠᠷᠺᠠᠨᠳ᠋᠂ ᠪᠤᠬᠠᠷ ᠰᠢᠭ᠋ ᠶᠡᠬᠡ ᠬᠣᠲᠠ ᠶ᠋ᠢ ᠤᠳᠤᠷᠢᠳᠤᠨ ᠪᠠᠢᠭᠤᠯᠤᠭᠰᠠᠨ ᠭᠠᠪᠢᠶ᠎ᠠ ᠵᠢᠳᠬᠦᠯ ᠦᠭᠡᠢ᠃ ᠭᠡᠪᠡᠴᠦ ᠪᠢ ᠬᠢᠴᠢᠶᠡᠶ᠎ᠡ᠃ ᠲᠠ ᠨᠠᠳᠠᠳᠤ ᠭᠠᠵᠠᠷ ᠭᠠᠵᠠᠷ ᠠ᠋ᠴᠠ ᠮᠡᠳᠡᠯᠭᠡ ᠲᠡᠢ ᠰᠠᠢᠨ ᠤᠷᠠᠴᠤᠳ ᠢ᠋ ᠣᠯᠵᠤ ᠥᠭᠬᠦ ᠪᠢᠵᠡ᠃ ᠪᠢ ᠬᠣᠲᠠ ᠪᠣᠰᠬᠠᠵᠤ ᠴᠢᠳᠠᠪᠠᠯ ᠴᠢᠩᠭᠢᠰ ᠬᠠᠭᠠᠨ ᠲᠠᠨ ᠳ᠋ᠤ᠌ ᠢᠪᠡᠭᠡᠭᠳᠡᠭᠰᠡᠨ ᠦ᠌ ᠠᠴᠢ ᠶ᠋ᠢ ᠬᠠᠷᠢᠭᠤᠯᠠᠬᠤ ᠶᠤᠮ ᠭᠡᠵᠦ ᠳᠣᠣᠷ᠎ᠠ ᠮᠡᠬᠦᠢᠨ ᠶᠣᠰᠣᠯᠠᠪᠠ᠃ ᠤᠷᠠᠯᠠᠵᠤ ᠪᠦᠲᠦᠭᠡᠬᠦ ᠡᠴᠡ ᠥᠭᠡᠷ᠎ᠡ ᠬᠦᠰᠡᠯ ᠦᠭᠡᠢ ᠡᠨᠡ ᠬᠥᠮᠦᠨ ᠴᠢᠩᠭᠢᠰ ᠬᠠᠭᠠᠨ ᠳ᠋ᠤ᠌ ᠲᠠᠭᠠᠯᠠᠭᠳᠠᠵᠠᠢ᠃ ᠢᠰᠢ ᠾᠢ᠍ᠮᠠᠮ ᠢ᠋ ᠦᠳᠡᠬᠦ ᠳ᠋ᠡᠭᠡᠨ ᠴᠢᠩᠭᠢᠰ ᠬᠠᠭᠠᠨ ᠲᠡᠭᠦᠨ ᠳ᠋ᠦ᠍ ᠡᠨᠡᠳᠬᠡᠭ ᠭᠠᠵᠠᠷ ᠤ᠋ᠨ ᠲᠣᠷᠭᠠᠨ ᠳᠡᠪᠡᠯ᠂ ᠶᠡᠬᠡ ᠠᠯᠲᠠ ᠥᠭᠭᠦᠭᠰᠡᠨ ᠳ᠋ᠦ᠍ ᠢᠰᠢ ᠾᠢ᠍ᠮᠠᠮ ᠤ᠋ᠨ ᠬᠥᠯ ᠭᠠᠵᠠᠷ ᠬᠦᠷᠬᠦ ᠦᠭᠡᠢ ᠪᠣᠯᠵᠠᠢ᠃ ᠬᠠᠷᠢᠨ ᠢᠰᠢ ᠾᠢ᠍ᠮᠠᠮ ᠲᠠᠢ ᠴᠣᠭ ᠠᠵᠢᠯᠯᠠᠭᠰᠠᠨ ᠤᠷᠠᠴᠤᠳ ᠢ᠋ ᠪᠤᠭᠤᠷᠴᠢ ᠥᠪᠡᠷ ᠡᠴᠡ ᠨᠢ ᠦᠭᠡ ᠵᠠᠷᠯᠢᠭ ᠠᠰᠠᠭᠤᠯ ᠦᠭᠡᠢ ᠳᠤᠷ᠎ᠠ ᠮᠡᠳᠡᠨ ᠪᠦᠭᠦᠳᠡ ᠶ᠋ᠢ ᠨᠢ ᠠᠯᠠᠭᠰᠠᠨ ᠳ᠋ᠤ᠌ ᠴᠢᠩᠭᠢᠰ ᠬᠠᠭᠠᠨ ᠬᠢᠯᠢᠩᠨᠡᠨ ᠬᠣᠶᠠᠷ ᠡᠳᠦᠷ ᠠᠭᠤᠯᠵᠠᠭᠰᠠᠨ ᠦᠭᠡᠢ᠃ ᠬᠡᠳᠦᠨ ᠮᠠᠭᠤ ᠪᠣᠭᠣᠯ ᠤ᠋ᠨ ᠲᠥᠯᠥᠭᠡ ᠢᠩᠭᠢᠵᠦ ᠰᠦᠢᠳ ᠪᠣᠯᠤᠭᠰᠠᠨ ᠳ᠋ᠤ᠌ ᠪᠤᠭᠤᠷᠴᠢ ᠴᠤ᠌ ᠳᠣᠲᠣᠷ᠎ᠠ ᠪᠠᠨ ᠳᠤᠷ᠎ᠠ ᠦᠭᠡᠢ ᠬᠦᠷᠴᠦ ᠴᠢᠩᠭᠢᠰ ᠬᠠᠭᠠᠨ ᠤ᠋ ᠬᠢᠯᠢᠩ ᠢ᠋ ᠨᠢᠭᠡ ᠶᠡᠬᠡ ᠣᠢᠰᠢᠶᠠᠵᠤ ᠬᠠᠷᠠᠮᠰᠠᠭᠰᠠᠨ ᠦᠭᠡᠢ᠂ ᠲᠡᠭᠦᠨ ᠦ᠌ ᠳᠠᠷᠠᠭ᠎ᠠ ᠶ᠋ᠢᠨ ᠵᠠᠷᠯᠢᠭ ᠢ᠋ ᠲᠡᠪᠴᠢᠶᠡᠷᠢᠲᠡᠢ ᠬᠦᠯᠢᠶᠡᠵᠦ ᠪᠠᠢᠪᠠ᠃ ᠬᠠᠷᠢᠨ ᠰᠦᠪᠡᠭᠡᠳᠡᠢ ᠵᠡᠪᠡ ᠨᠠᠷ ᠤ᠋ᠨ ᠡᠯᠴᠢ ᠢᠷᠡᠵᠦ ᠲᠡᠳᠡ ᠳ᠋ᠨ᠋ᠸᠫᠷ ᠭᠡᠬᠦ ᠶᠡᠬᠡ ᠮᠥᠷᠡᠨ ᠢ᠋ ᠭᠠᠲᠤᠯᠤᠨ ᠺᠢᠶᠸᠹ ᠦ᠋ᠨ ᠶᠡᠬᠡ ᠸᠠᠩ ᠲᠠᠢ ᠲᠤᠯᠤᠯᠳᠤᠬᠤ ᠪᠠᠷ ᠵᠡᠬᠡᠵᠦ ᠪᠣᠢ ᠪᠠᠨ ᠬᠡᠯᠡᠭᠦᠯᠵᠡᠢ᠃ ᠡᠯᠴᠢ ᠶ᠋ᠢ ᠭᠡᠳᠡᠷᠭᠦ ᠪᠤᠴᠠᠭᠠᠵᠤ᠄
| ᠥᠪᠡᠷᠰᠡᠳ ᠦ᠋ᠨ ᠬᠦᠰᠡᠭᠰᠡᠨ ᠢ᠋ᠶ᠋ᠡᠷ ᠶᠠᠪᠤᠭᠲᠤᠨ ᠭᠡᠵᠦ ᠬᠡᠯᠡᠭᠦᠯᠦᠭᠰᠡᠨ ᠦ᠌ ᠳᠠᠷᠠᠭ᠎ᠠ ᠯᠠ ᠴᠢᠩᠭᠢᠰ ᠬᠠᠭᠠᠨ ᠲᠠᠢᠳᠬᠤᠷᠠᠵᠤ᠄
| ᠪᠤᠭᠤᠷᠴᠢ᠂ ᠪᠢᠳᠡ ᠬᠣᠯᠠ ᠶᠠᠪᠤᠵᠤ ᠬᠣᠲᠠ ᠪᠠᠯᠭᠠᠰᠤ ᠡᠪᠳᠡᠵᠦ ᠦᠵᠡᠯ᠎ᠡ᠃ ᠣᠳᠣ ᠶᠠᠭ ᠲᠡᠢᠮᠦ ᠬᠣᠲᠠ ᠶ᠋ᠢ ᠲᠠᠯ᠎ᠠ ᠨᠤᠲᠤᠭ ᠲᠠᠭᠠᠨ ᠪᠤᠰᠬᠠᠶ᠎ᠠ ᠭᠡᠵᠦ ᠰᠠᠨᠠᠬᠤ ᠦᠭᠡᠢ ᠪᠣᠯᠬᠣᠷ ᠴᠢ ᠠᠷᠭ᠎ᠠ ᠦᠭᠡᠢ ᠮᠣᠷᠢᠨ ᠤᠨᠤᠭᠠᠲᠠᠨ᠂ ᠮᠣᠳᠣᠨ ᠲᠠᠰᠢᠭᠤᠷᠳᠠᠨ ᠲᠡᠳᠦᠢ ᠶᠦᠮ ᠳᠡ ᠭᠡᠵᠦ ᠵᠥᠭᠡᠯᠡᠨ ᠵᠢᠮᠡᠯᠡᠵᠡᠢ᠃
| ᠬᠠᠭᠠᠨ ᠲᠠᠨ ᠤ᠋ ᠵᠠᠷᠯᠢᠭ ᠤ᠋ᠨ ᠨᠢᠭᠤᠴᠠ ᠶ᠋ᠢ ᠴᠢᠩᠳᠠᠯᠠᠨ ᠬᠠᠳᠠᠭᠠᠯᠠᠬᠤ ᠶ᠋ᠢᠨ ᠡᠭᠦᠳᠡᠨ ᠡᠴᠡ ᠢᠩᠭᠢᠵᠦ ᠬᠢᠭᠰᠡᠨ ᠪᠢᠯᠡ ᠭᠡᠵᠦ ᠪᠤᠭᠤᠷᠴᠢ ᠶ᠋ᠢ ᠪᠡᠶ᠎ᠡ ᠪᠡᠨ ᠥᠮᠥᠭᠡᠷᠡᠭᠰᠡᠨ ᠳ᠋ᠦ᠍ ᠴᠢᠩᠭᠢᠰ ᠬᠠᠭᠠᠨ ᠬᠠᠷᠢᠭᠤ ᠬᠡᠯᠡᠭᠰᠡᠨ ᠦᠭᠡᠢ ᠥᠩᠭᠡᠷᠡᠵᠦ ᠪᠤᠭᠤᠷᠴᠢ ᠶ᠋ᠢᠨ ᠰᠡᠳᠬᠢᠯ ᠬᠠᠨᠵᠠᠢ᠃
ᠤᠳᠠᠯ ᠦᠭᠡᠢ ᠨᠠᠮᠤᠷ ᠤ᠋ᠨ ᠳᠤᠮᠳᠠ ᠰᠠᠷ᠎ᠠ ᠶ᠋ᠢᠨ ᠪᠢᠲᠡᠭᠦᠨ ᠪᠣᠯᠵᠤ᠂ ᠰᠠᠷ᠎ᠠ ᠦᠭᠡᠢ ᠨᠦᠬᠡᠨ ᠬᠠᠷ᠎ᠠ ᠰᠥᠨᠢ ᠡᠬᠢᠯᠡᠬᠦ ᠳ᠋ᠦ᠍ ᠴᠢᠩᠭᠢᠰ ᠬᠠᠭᠠᠨ ᠪᠠᠷᠢᠬᠵᠠᠨ ᠠᠭᠤᠯᠠ ᠶ᠋ᠢᠨ ᠣᠷᠣᠢ ᠳ᠋ᠤ᠌ ᠭᠠᠷᠬᠤ ᠪᠠᠷ ᠰᠢᠢᠳᠪᠡ᠃ ᠲᠡᠷᠡ ᠡᠨᠡ ᠡᠳᠦᠷ ᠢ᠋ ᠮᠡᠷᠭᠡ ᠲᠥᠯᠭᠡ ᠦᠵᠡᠵᠦ ᠥᠪᠡᠷ ᠢ᠋ᠶ᠋ᠡᠨ ᠲᠣᠭᠲᠠᠪᠠ᠃ ᠶᠡᠷᠦ ᠨᠢ ᠴᠢᠩᠭᠢᠰ ᠬᠠᠭᠠᠨ ᠠᠯᠢᠪᠠ ᠦᠢᠯᠡ ᠶ᠋ᠢᠨ ᠡᠬᠢᠯᠡᠬᠦ ᠡᠳᠦᠷ ᠢ᠋ᠶ᠋ᠡᠨ ᠵᠥᠪ ᠰᠣᠩᠭᠣᠬᠤ ᠶ᠋ᠢ ᠶᠡᠬᠡᠳᠡ ᠴᠢᠬᠤᠯᠠ ᠳ᠋ᠤ᠌ ᠦᠵᠡᠳᠡᠭ᠂ ᠶᠡᠬᠡᠪᠴᠢᠯᠡᠨ ᠥᠪᠡᠷ ᠢ᠋ᠶ᠋ᠡᠨ ᠮᠡᠷᠭᠡᠯᠡᠨ ᠲᠣᠭᠲᠠᠭᠠᠳᠠᠭ ᠲᠤᠯᠠ ᠪᠦᠭᠦᠳᠡ ᠲᠡᠭᠦᠨ ᠢ᠋ ᠳᠠᠭᠠᠵᠤ ᠰᠤᠷᠴᠠᠢ᠃ ᠠᠯᠢᠪᠠ ᠴᠡᠷᠢᠭ ᠲᠡᠢᠨ ᠤ ᠪᠣᠯᠤᠭᠠᠳ ᠪᠤᠰᠤᠳ ᠴᠢᠬᠤᠯᠠ ᠬᠡᠷᠡᠭ ᠢ᠋ ᠡᠬᠢᠯᠡᠬᠦ ᠡᠳᠦᠷ ᠢ᠋ ᠲᠣᠭᠲᠠᠭᠠᠬᠤ ᠳ᠋ᠠᠭᠠᠨ ᠴᠢᠩᠭᠢᠰ ᠬᠠᠭᠠᠨ ᠶᠡᠷᠦ ᠠᠯᠳᠠᠵᠤ ᠪᠠᠢᠭᠰᠠᠨ ᠦᠭᠡᠢ᠃ ᠡᠨᠡ ᠤᠳᠠᠭ᠎ᠠ ᠳ᠋ᠤ᠌ ᠴᠤ᠌ ᠨᠠᠮᠤᠷ ᠤ᠋ᠨ ᠰᠡᠭᠦᠯ ᠰᠠᠷ᠎ᠠ ᠶ᠋ᠢᠨ ᠪᠢᠲᠡᠭᠦᠨ ᠤ ᠡᠳᠦᠷ ᠢ᠋ ᠰᠣᠩᠭᠣᠨ ᠠᠪᠴᠠᠢ᠃ ᠰᠥᠨᠢ ᠰᠠᠷ᠎ᠠ ᠦᠭᠡᠢ ᠲᠤᠯᠠ ᠮᠣᠷᠢᠨ ᠤ᠋ ᠴᠢᠬᠢ ᠴᠦ᠍ ᠦᠯᠦ ᠬᠠᠷᠠᠭᠳᠠᠨ᠎ᠠ᠃ ᠬᠠᠷᠢᠨ ᠡᠨᠡ ᠰᠥᠨᠢ ᠴᠢᠩᠭᠢᠰ ᠬᠠᠭᠠᠨ ᠤ᠋ ᠶᠡᠬᠡ ᠦᠷᠭᠦᠭᠡᠨ ᠡᠴᠡ ᠪᠠᠷᠢᠬᠵᠠᠨ ᠠᠭᠤᠯᠠ ᠶ᠋ᠢᠨ ᠪᠠᠯ ᠬᠦᠷᠲᠡᠯ᠎ᠡ ᠪᠤᠭᠤᠷᠴᠢ ᠥᠪᠡᠷ ᠦ᠋ᠨ ᠲᠦᠮᠡᠨ ᠲᠣᠷᠭᠠᠨ ᠴᠡᠷᠢᠭ ᠢ᠋ᠶ᠋ᠡᠨ ᠠᠷᠪᠠᠨ ᠠᠯᠲᠠ ᠶ᠋ᠢᠨ ᠵᠠᠢ ᠲᠠᠢ ᠮᠣᠷᠢ ᠲᠠᠢ ᠨᠢ ᠴᠤᠪᠤᠭᠤᠯᠤᠨ ᠵᠣᠭᠰᠣᠭᠠᠵᠤ ᠲᠤᠰ ᠪᠦᠷᠢ ᠳ᠋ᠦ᠍ ᠪᠠᠮᠪᠠᠷ ᠪᠠᠷᠢᠭᠤᠯᠤᠭᠰᠠᠨ ᠨᠢ ᠭᠤᠷᠪᠠᠨ ᠥᠷᠲᠡᠭᠡ ᠢᠯᠡᠭᠦᠦ ᠭᠠᠵᠠᠷ ᠲᠤ᠌ ᠭᠡᠷᠡᠯᠲᠦ ᠵᠠᠮ ᠡᠭᠦᠰᠬᠡᠵᠡᠢ᠃ ᠮᠣᠷᠢᠲᠠᠢ ᠲᠣᠷᠭᠠᠨ ᠴᠡᠷᠢᠭ ᠦ᠋ᠳ ᠦ᠋ᠨ ᠪᠠᠷᠢᠭᠰᠠᠨ ᠪᠠᠮᠪᠠᠷ ᠤ᠋ᠨ ᠭᠡᠷᠡᠯ ᠳ᠋ᠦ᠍ ᠴᠢᠩᠭᠢᠰ ᠬᠠᠭᠠᠨ ᠪᠤᠭᠤᠷᠴᠢ ᠬᠣᠶᠠᠷ ᠨᠤᠮᠤ ᠲᠠᠢ ᠬᠥᠩᠭᠡᠨ ᠰᠡᠦᠬᠡ ᠪᠡᠷ ᠳᠠᠪᠬᠢᠨ ᠶᠠᠪᠤᠯ᠎ᠠ᠃ ᠪᠠᠷᠢᠬᠵᠠᠨ ᠠᠭᠤᠯᠠ ᠶ᠋ᠢᠨ ᠪᠠᠯ ᠬᠦᠷᠲᠡᠯᠡᠬᠢ ᠶᠠᠪᠤᠬᠤ ᠵᠠᠮ ᠤ᠋ᠨ ᠴᠢᠯᠠᠭᠤ ᠶ᠋ᠢ ᠲᠡᠭᠦᠯᠭᠡᠵᠦ ᠬᠣᠩᠬᠣᠷ ᠬᠣᠲᠣᠭᠣᠷ ᠢ᠋ ᠰᠢᠷᠣᠢ ᠠᠰᠬᠠᠨ ᠲᠡᠭᠰᠢᠯᠡᠵᠦ ᠵᠠᠰᠠᠭᠰᠠᠨ ᠪᠢᠯᠡ᠃ ᠪᠤᠭᠤᠷᠴᠢ ᠠᠯᠢᠪᠠ ᠵᠦᠢᠯ ᠢ᠋ ᠭᠠᠭᠴᠠ ᠴᠢᠩᠭᠢᠰ ᠬᠠᠭᠠᠨ ᠤ᠋ ᠲᠠᠭᠠᠯᠠᠯ ᠳ᠋ᠤ᠌ ᠨᠡᠢᠴᠡᠭᠦᠯᠵᠦ ᠰᠤᠷᠤᠭᠰᠠᠨ ᠵᠠᠩ ᠢ᠋ᠶ᠋ᠠᠷ ᠢ᠋ᠶ᠋ᠠᠨ ᠶᠠᠭᠤ ᠶ᠋ᠢ ᠴᠦ᠍ ᠦᠯᠦ ᠣᠷᠬᠢᠭᠳᠠᠭᠤᠯᠤᠨ ᠰᠢᠷᠬᠡᠭᠴᠢᠯᠡᠨ ᠨᠢᠮᠪᠠᠢ ᠪᠡᠯᠡᠳᠬᠡᠳᠡᠭ ᠶᠣᠰᠣ ᠪᠠᠷ ᠢ᠋ᠶ᠋ᠠᠨ ᠡᠨᠡ ᠪᠦᠬᠦᠨ ᠢ᠋ ᠣᠯᠠᠨ ᠪᠣᠭᠣᠯ ᠤ᠋ᠨ ᠬᠦᠴᠦ ᠪᠡᠷ ᠬᠡᠳᠦᠬᠡᠨ ᠡᠳᠦᠷ ᠦ᠋ᠨ ᠳᠣᠲᠣᠷ᠎ᠠ ᠠᠮᠵᠢᠭᠤᠯᠵᠤ ᠪᠡᠯᠡᠳᠴᠡᠢ᠃ ᠳᠥᠷᠪᠡᠨ ᠮᠣᠷᠢ ᠬᠥᠯᠯᠡᠭᠰᠡᠨ ᠬᠥᠩᠭᠡᠨ ᠰᠡᠦᠬᠡ ᠲᠣᠷᠣᠯ ᠦᠭᠡᠢ᠂ ᠳᠣᠩᠰᠣᠯᠣᠯ ᠦᠭᠡᠢ ᠳᠣᠪᠲᠣᠯᠤᠭᠰᠠᠭᠠᠷ ᠲᠦᠳᠡᠯ ᠦᠭᠡᠢ ᠪᠠᠷᠢᠬᠵᠠᠨ ᠠᠭᠤᠯᠠ ᠶ᠋ᠢᠨ ᠪᠠᠯ ᠢ᠋ ᠥᠭᠰᠥᠵᠦ ᠡᠯᠢᠭᠡᠨ ᠬᠠᠳᠠᠨ ᠣᠷᠭᠢᠯ ᠤ᠋ᠨ ᠬᠥᠯ ᠳ᠋ᠡᠬᠢ ᠬᠦᠷᠳᠦᠲᠦ ᠣᠨᠢᠰᠣᠨ ᠤ᠋ ᠳᠡᠷᠭᠡᠳᠡ ᠣᠴᠢᠬᠤ ᠳ᠋ᠤ᠌ ᠲᠡᠳᠡᠨ ᠢ᠋ ᠡᠭᠦᠯᠡᠨ ᠴᠡᠷᠪᠢ ᠪᠣᠯᠤᠭᠠᠳ ᠢᠰᠢ ᠾᠢᠮᠠᠮ ᠨᠠᠷ ᠬᠦᠯᠢᠶᠡᠵᠦ ᠪᠠᠢᠪᠠ᠃ ᠣᠷᠭᠢᠯ ᠳ᠋ᠤ᠌ ᠭᠠᠷᠤᠭᠠᠳ ᠪᠤᠴᠠᠬᠤ ᠪᠣᠯᠣᠮᠠᠭᠴᠠ ᠳᠤᠭᠲᠤᠷᠴᠤ ᠳᠣᠬᠢᠶ᠎ᠠ ᠥᠭᠬᠦ ᠨᠠᠷᠢᠨ ᠣᠯᠣᠰᠣ ᠶ᠋ᠢ ᠢᠰᠢ ᠾᠢᠮᠠᠮ ᠴᠢᠩᠭᠢᠰ ᠬᠠᠭᠠᠨ ᠳ᠋ᠤ᠌ ᠦᠵᠡᠭᠦᠯᠵᠦ᠂ ᠤᠴᠢᠷ ᠢ᠋ ᠲᠠᠢᠯᠪᠤᠷᠢᠯᠠᠭᠠᠳ ᠳᠡᠭᠡᠭᠰᠢ ᠥᠭᠰᠥᠬᠦ ᠳ᠋ᠦ᠍ ᠵᠣᠷᠢᠭᠤᠯᠤᠨ ᠤᠭᠰᠠᠷᠠᠭᠰᠠᠨ ᠵᠢᠵᠢᠭ ᠰᠡᠦᠬᠡ ᠶ᠋ᠢᠨ ᠡᠭᠦᠳᠡ ᠶ᠋ᠢ ᠣᠩᠭᠣᠢᠯᠭᠠᠪᠠ᠃ ᠲᠡᠷᠡ ᠰᠡᠦᠬᠡ ᠪᠡᠷ ᠴᠢᠩᠭᠢᠰ ᠬᠠᠭᠠᠨ ᠣᠯᠣᠰᠣ ᠪᠠᠷ ᠲᠠᠲᠠᠭᠳᠠᠨ ᠥᠭᠰᠥᠬᠦ ᠠᠵᠢ᠃ ᠰᠡᠦᠬᠡ ᠶ᠋ᠢᠨ ᠳᠥᠷᠪᠡᠨ ᠪᠤᠯᠤ ᠳ᠋ᠤ᠌ ᠳᠥᠷᠪᠡᠨ ᠶᠡᠬᠡ ᠪᠠᠮᠪᠠᠷ ᠵᠣᠭᠣᠭᠰᠠᠨ ᠨᠢ ᠬᠠᠪᠢ ᠣᠷᠴᠢᠨ ᠢ᠋ ᠭᠡᠷᠡᠯᠲᠦᠭᠦᠯᠦᠨ᠎ᠡ᠃ ᠪᠤᠭᠤᠷᠴᠢ ᠶ᠋ᠢᠨ ᠰᠡᠳᠬᠢᠯ ᠭᠡᠨᠡᠳᠲᠡ ᠲᠦᠭᠰᠢᠭᠦᠷᠢᠲᠡᠢ ᠪᠣᠯᠪᠠ᠃ ᠲᠠᠨᠢᠵᠤ ᠮᠡᠳᠡᠬᠦ ᠦᠭᠡᠢ ᠬᠥᠮᠦᠨ ᠦ᠌ ᠨᠤᠲᠤᠭ ᠲᠤ᠌ ᠡᠨᠡ ᠭᠦᠨ ᠰᠥᠨᠢ ᠶ᠋ᠢᠨ ᠬᠠᠷᠠᠩᠭᠤᠢ ᠳ᠋ᠤ᠌ ᠴᠣᠬᠣᠮ ᠶᠠᠭᠠᠬᠢᠬᠤ ᠭᠡᠵᠦ ᠢᠩᠭᠢᠵᠦ ᠪᠠᠢᠭ᠎ᠠ ᠤᠴᠢᠷ ᠢ᠋ ᠣᠯᠤᠭᠰᠠᠨ ᠦᠭᠡᠢ᠃ ᠭᠡᠪᠡᠴᠦ ᠴᠢᠩᠭᠢᠰ ᠬᠠᠭᠠᠨ ᠢ᠋ ᠬᠣᠷᠢᠭᠯᠠᠬᠤ ᠡᠷᠬᠡ ᠲᠡᠭᠦᠨ ᠳ᠋ᠦ᠍ ᠪᠠᠢᠭᠰᠠᠨ ᠦᠭᠡᠢ᠃ ᠭᠠᠭᠴᠠᠬᠠᠨ ᠣᠯᠣᠰᠣ ᠨᠢ ᠲᠠᠰᠤᠷᠠᠬᠤ ᠪᠣᠢ᠂ ᠡᠰᠡᠪᠡᠯ ᠣᠨᠢᠰᠣ ᠨᠢ ᠭᠠᠴᠠᠵᠤ ᠡᠪᠳᠡᠷᠡᠬᠦ ᠪᠣᠢ ᠭᠡᠵᠦ ᠲᠦᠭᠰᠢᠨ ᠪᠠᠢᠬᠤ ᠵᠠᠭᠤᠷ᠎ᠠ ᠴᠢᠩᠭᠢᠰ ᠬᠠᠭᠠᠨ ᠶᠡᠷᠦ ᠰᠡᠳᠬᠢᠯ ᠲᠥᠪᠳᠡᠭᠰᠡᠨ ᠰᠢᠨᠵᠢ ᠦᠭᠡᠢ ᠰᠡᠦᠬᠡᠨ ᠳ᠋ᠦ᠍ ᠣᠷᠣᠵᠤ ᠡᠭᠦᠳᠡ ᠶ᠋ᠢ ᠬᠠᠭᠠᠭᠠᠳ᠄
| ᠵᠠ ᠶᠠᠪᠤᠵᠠᠭᠠᠶ᠎ᠠ ᠭᠡᠵᠦ ᠬᠠᠰᠬᠢᠷᠴᠠᠢ᠃ ᠴᠣᠭ ᠶᠠᠪᠤ ᠭᠡᠵᠦ ᠬᠡᠯᠡᠭᠡ ᠦᠭᠡᠢ ᠲᠤᠯᠠ ᠪᠤᠭᠤᠷᠴᠢ ᠳᠡᠮᠡᠢ ᠯᠡ ᠰᠡᠦᠬᠡ ᠶ᠋ᠢᠨ ᠡᠭᠦᠳᠡ ᠰᠠᠢᠨ ᠬᠠᠭᠠᠭᠳᠠᠭᠰᠠᠨ ᠡᠰᠡᠬᠦ ᠶ᠋ᠢ ᠰᠢᠯᠭᠠᠵᠤ ᠦᠵᠡᠬᠦ ᠡᠴᠡ ᠬᠡᠲᠦᠷᠡᠭᠰᠡᠨ ᠦᠭᠡᠢ᠃ ᠪᠤᠷᠬᠠᠨ ᠬᠠᠯᠳᠤᠨ ᠢ᠋ ᠳᠠᠬᠢᠵᠤ ᠣᠷᠭᠢᠯ ᠳ᠋ᠤᠨᠢ ᠭᠠᠷᠬᠤ ᠳ᠋ᠤ᠌ ᠬᠡᠨ ᠴᠦ᠍ ᠴᠢᠩᠭᠢᠰ ᠬᠠᠭᠠᠨ ᠢ᠋ ᠳᠠᠭᠠᠯᠳᠤᠳᠠᠭ ᠦᠭᠡᠢ ᠲᠡᠷᠡ ᠶᠣᠰᠣ ᠶ᠋ᠢ ᠪᠣᠭᠤᠷᠴᠢ ᠳᠠᠭᠠᠪᠠ᠃ ᠴᠢᠩᠭᠢᠰ ᠬᠠᠭᠠᠨ ᠴᠤ᠌ ᠣᠨᠴᠠᠭᠠᠢᠯᠠᠵᠤ ᠡᠯᠳᠡᠪ ᠦᠭᠡ ᠬᠡᠯᠡᠭᠰᠡᠨ ᠦᠭᠡᠢ᠃ ᠢᠰᠢ ᠾᠢ᠍ᠮᠡᠮ ᠬᠠᠰᠬᠢᠷᠬᠤ ᠳ᠋ᠤ᠌ ᠬᠣᠶᠠᠷ ᠲᠣᠮᠣ ᠬᠦᠷᠳᠦ ᠲᠠᠪᠢ ᠲᠠᠪᠢᠨ ᠬᠥᠮᠦᠨ ᠦ᠌ ᠬᠦᠴᠦ ᠪᠡᠷ ᠴᠢᠬᠣᠷᠠᠨ ᠡᠷᠭᠢᠬᠦᠢ ᠰᠡᠦᠬᠡ ᠳᠡᠭᠡᠭᠰᠢᠯᠡᠨ ᠥᠭᠰᠥᠭᠰᠡᠭᠡᠷ ᠬᠠᠷᠠᠩᠭᠤᠢ ᠳ᠋ᠤ᠌ ᠦᠵᠡᠭᠳᠡᠬᠦ ᠦᠭᠡᠢ ᠪᠣᠯᠵᠤ ᠰᠡᠭᠦᠯ ᠳ᠋ᠡᠭᠡᠨ ᠳᠥᠷᠪᠡᠨ ᠶᠡᠬᠡ ᠪᠠᠮᠪᠠᠷ ᠨᠢ ᠣᠳᠣ ᠠᠳᠠᠯᠢ ᠭᠡᠷᠡᠯᠲᠦ ᠴᠠᠭ ᠪᠣᠯᠤᠨ ᠬᠤᠪᠢᠷᠠᠪᠠ᠃ ᠶᠠᠮᠠᠷ ᠨᠢᠭᠡ ᠵᠦᠢᠯ ᠪᠣᠯᠬᠤ ᠦᠭᠡᠢ ᠪᠣᠯ ᠳᠣᠬᠢᠶ᠎ᠠ ᠥᠭᠴᠦ ᠲᠠᠲᠠᠬᠤ ᠶᠣᠰᠣᠲᠠᠢ ᠣᠯᠣᠰᠣ ᠬᠡᠪ ᠢ᠋ᠶ᠋ᠡᠷ ᠤᠨᠵᠢᠢᠵᠤ ᠬᠦᠷᠳᠦ ᠡᠷᠭᠢᠭᠰᠡᠭᠡᠷ᠂ ᠪᠣᠭᠤᠷᠴᠢ ᠲᠡᠭᠷᠢ ᠥᠭᠡᠳᠡ ᠰᠢᠷᠳᠡᠵᠦ ᠡᠴᠦᠰ ᠲᠦ᠋ᠨᠢ ᠠᠯᠢ ᠨᠢ ᠪᠠᠮᠪᠠᠷ ᠤ᠋ᠨ ᠭᠠᠯ᠂ ᠠᠯᠢ ᠨᠢ ᠣᠳᠣ ᠪᠣᠯᠬᠤ ᠶ᠋ᠢ ᠢᠯᠭᠠᠵᠤ ᠲᠠᠨᠢᠬᠤ ᠦᠭᠡᠢ ᠪᠣᠯᠣᠮᠠᠭᠴᠠ ᠭᠡᠨᠡᠳᠲᠡ ᠰᠡᠳᠬᠢᠯ ᠨᠢ ᠬᠦᠢᠲᠡᠨ ᠣᠷᠬᠢᠨ ᠲᠦᠭᠰᠢᠭᠦᠷᠢ ᠤᠯᠠᠮ ᠬᠦᠴᠦᠲᠡᠢ ᠪᠣᠯᠵᠤ ᠪᠠᠢᠪᠠ᠃
ᠲᠡᠷᠡ ᠢᠩᠭᠢᠵᠦ ᠶᠡᠬᠡ ᠠᠶᠤᠵᠤ ᠪᠠᠢᠭᠰᠠᠨ ᠦᠭᠡᠢ ᠰᠢᠭ ᠰᠠᠨᠠᠭᠳᠠᠨ᠎ᠠ᠃ ᠶᠠᠭᠤ ᠭᠡᠵᠦ ᠴᠢᠩᠭᠢᠰ ᠬᠠᠭᠠᠨ ᠢ᠋ ᠭᠠᠭᠴᠠᠭᠠᠷ ᠶᠠᠪᠤᠭᠤᠯᠪᠠ ᠭᠡᠵᠦ ᠣᠳᠣ ᠥᠪᠡᠷ ᠢ᠋ ᠪᠡᠨ ᠬᠠᠷᠢᠶᠠᠵᠤ ᠵᠣᠭᠰᠣᠪᠠ᠃ ᠲᠡᠷᠡ ᠶᠡᠷᠦ ᠡᠴᠡ ᠲᠠᠢᠪᠤᠰᠢᠷᠠᠵᠤ ᠴᠢᠳᠠᠬᠤ ᠦᠭᠡᠢ ᠪᠠᠢᠪᠠ᠃ ᠶᠢᠷᠲᠢᠨᠴᠦ ᠳ᠋ᠦ᠍ ᠭᠠᠭᠴᠠᠭᠠᠷ ᠬᠣᠴᠣᠷᠬᠤ ᠮᠡᠲᠦ ᠡᠢᠮᠦ ᠠᠶᠤᠮᠰᠢᠭ ᠢ᠋ ᠪᠣᠭᠣᠷᠴᠢ ᠬᠠᠮᠤᠭ ᠤ᠋ᠨ ᠠᠩᠬ᠎ᠠ ᠬᠡᠵᠢᠶ᠎ᠡ ᠠᠮᠰᠠᠭᠰᠠᠨ ᠢ᠋ᠶ᠋ᠠᠨ ᠰᠠᠨᠠᠯ᠎ᠠ᠃
ᠲᠡᠷᠡ ᠰᠥᠨᠢ ᠶᠠᠭ ᠡᠢᠮᠦ ᠨᠦᠬᠡ ᠮᠡᠲᠦ ᠬᠠᠷᠠᠩᠭᠤᠢ ᠪᠠᠢᠭᠰᠠᠨ ᠪᠢᠯᠡ᠃ ᠵᠠᠮᠤᠬ᠎ᠠ ᠶ᠋ᠢ ᠬᠥᠷ ᠬᠠᠭᠠᠨ ᠳ᠋ᠤ᠌ ᠡᠷᠭᠦᠮᠵᠢᠯᠡᠵᠦ ᠨᠠᠢ᠍ᠮᠠᠨ ᠤ᠋ ᠪᠤᠢᠷᠤᠭ᠋ ᠬᠠᠭᠠᠨ᠂ ᠲᠠᠢᠴᠢᠭᠤᠳ ᠤ᠋ᠨ ᠠᠭᠤᠴᠤ ᠪᠠᠭᠠᠲᠤᠷ ᠨᠠᠷ ᠴᠡᠷᠢᠭ ᠴᠤᠭᠯᠠᠭᠤᠯᠤᠨ ᠠᠬᠤᠢ ᠳ᠋ᠤ᠌ ᠲᠡᠮᠦᠵᠢᠨ᠂ ᠲᠣᠭᠣᠷᠢᠯ ᠬᠠᠨ ᠲᠠᠢ ᠬᠠᠪᠰᠤᠷᠤᠨ ᠲᠡᠳᠡᠨ ᠲᠡᠢ ᠬᠦᠢᠲᠡᠨ ᠠᠭᠤᠯᠠᠨ ᠳ᠋ᠤ᠌ ᠪᠠᠢᠯᠳᠤᠭᠰᠠᠨ ᠲᠡᠷᠡ ᠰᠥᠨᠢ ᠶᠠᠭ ᠡᠢᠮᠦ ᠨᠦᠬᠡ ᠮᠡᠲᠦ ᠬᠠᠷᠠᠩᠭᠤᠢ ᠪᠠᠢᠵᠠᠢ᠃ ᠡᠳᠦᠷᠵᠢᠨ ᠢ᠋ᠶ᠋ᠡᠨ ᠵᠢᠭᠤᠷᠠᠯᠳᠤᠨ ᠲᠤᠯᠤᠯᠳᠤᠵᠤ ᠬᠠᠷᠠᠩᠭᠤᠢ ᠪᠣᠯᠤᠭᠰᠠᠨ ᠬᠣᠢᠨ᠎ᠠ ᠴᠡᠷᠢᠭ ᠢ᠋ᠶ᠋ᠡᠨ ᠬᠣᠢᠰᠢ ᠲᠡᠳᠡᠨ ᠥᠷᠯᠥᠭᠡ ᠶ᠋ᠢ ᠬᠦᠯᠢᠶᠡᠬᠦ ᠪᠡᠷ ᠬᠤᠸᠠᠷᠠᠨ ᠳ᠋ᠠᠭᠠᠨ ᠴᠤᠭᠯᠠᠷᠠᠪᠠᠯ ᠲᠡᠮᠦᠵᠢᠨ ᠵᠠᠯᠮ᠎ᠠ ᠬᠣᠶᠠᠷ ᠦᠭᠡᠢ ᠪᠣᠯᠵᠠᠢ᠃ ᠪᠦᠷᠦᠢ ᠪᠣᠯᠬᠤ ᠶ᠋ᠢᠨ ᠠᠯᠲᠠ ᠳ᠋ᠤ᠌ ᠲᠡᠮᠦᠵᠢᠨ ᠢ᠋ ᠰᠢᠷᠬᠠᠲᠤᠨ ᠤᠨᠠᠬᠤ ᠶ᠋ᠢ ᠦᠵᠡᠭᠰᠡᠨ ᠴᠡᠷᠢᠭ ᠦ᠋ᠨ ᠬᠡᠯᠡᠬᠦ ᠶ᠋ᠢ ᠰᠣᠨᠣᠰᠤᠭᠠᠳ ᠪᠣᠭᠣᠷᠴᠢ ᠴᠣᠬᠣᠮ ᠶᠠᠭᠤ ᠬᠢᠬᠦ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠠᠩᠬ᠎ᠠ ᠤᠳᠠᠭ᠎ᠠ ᠵᠢᠷᠦᠬᠡ ᠴᠡᠴᠡᠷᠡᠨ ᠶᠠᠭ ᠥᠨᠥᠳᠥᠷ ᠦ᠋ᠨ ᠬᠢ ᠰᠢᠭ ᠪᠠᠯᠠᠮᠠᠭᠳᠠᠭᠰᠠᠨ ᠪᠢᠯᠡ᠃ ᠲᠡᠮᠦᠵᠢᠨ ᠵᠠᠯᠮ᠎ᠠ ᠶ᠋ᠢᠨ ᠬᠠᠮᠲᠤ ᠠᠯᠠᠭ᠎ᠠ ᠪᠣᠯᠤᠭᠰᠠᠨ ᠳ᠋ᠤ᠌ ᠲᠡᠳᠡᠨ ᠢ᠋ ᠠᠮᠢᠳᠤ ᠦᠯᠡᠳᠡᠭᠰᠡᠨ ᠭᠡᠵᠦ ᠢᠲᠡᠭᠡᠬᠦ ᠡᠴᠡ ᠢᠯᠡᠭᠦᠦ ᠨᠢᠭᠡ ᠳᠣᠣᠷ᠎ᠠ ᠯᠠ ᠡᠠᠯᠠᠭᠳᠠᠭᠰᠠᠨ ᠪᠠᠢᠬ᠎ᠠ ᠭᠡᠰᠡᠨ ᠠᠶᠤᠮᠰᠢᠭᠲᠤ ᠪᠣᠳᠣᠯ ᠬᠠᠮᠤᠭ ᠤ᠋ᠨ ᠲᠦᠷᠦᠭᠦᠨ ᠳ᠋ᠦ᠍ ᠬᠥᠮᠦᠨ ᠪᠦᠬᠦᠨ ᠦ᠌ ᠲᠣᠯᠣᠭᠠᠢ ᠳ᠋ᠤ᠌ ᠣᠷᠣᠵᠠᠢ᠃ ᠬᠠᠰᠠᠷ ᠪᠣᠯᠤᠭᠠᠳ ᠪᠤᠰᠤᠳ ᠨᠥᠬᠥᠳ ᠦ᠋ᠨ ᠰᠦᠷ ᠰᠦᠯᠳᠡ ᠲᠡᠮᠦᠵᠢᠨ ᠲᠡᠢ ᠬᠠᠮᠲᠤ ᠠᠯᠠᠭ᠎ᠠ ᠪᠣᠯᠤᠭᠰᠠᠨ ᠮᠡᠲᠦ ᠴᠢᠷᠠᠢ ᠠᠯᠲᠠᠨ ᠭᠤᠨᠢᠵᠤ ᠭᠤᠳᠤᠷᠠᠭᠰᠠᠨ ᠢ᠋ ᠬᠠᠷᠠᠬᠤ ᠳ᠋ᠤ᠌ ᠪᠣᠭᠣᠷᠴᠢ ᠳ᠋ᠤ᠌ ᠪᠦᠷ ᠴᠦ᠍ ᠬᠡᠴᠡᠭᠦᠦ ᠪᠠᠢᠪᠠ᠃ ᠦᠨᠡᠬᠡᠷ ᠲᠡᠳᠡᠨ ᠦ᠌ ᠬᠡᠨ ᠨᠢ ᠴᠦ᠍ ᠲᠡᠮᠦᠵᠢᠨ ᠢ᠋ ᠦᠬᠦᠨ᠎ᠡ ᠭᠡᠵᠦ ᠰᠠᠨᠠᠭ᠎ᠠ ᠦᠭᠡᠢ ᠶᠠᠪᠤᠭᠰᠠᠨ ᠨᠢ ᠢᠩᠭᠢᠵᠦ ᠴᠣᠴᠢᠷᠳᠠᠬᠤ ᠳ᠋ᠤ᠌ ᠬᠦᠷᠭᠡᠪᠡ᠃ ᠲᠡᠮᠦᠵᠢᠨ ᠲᠡᠳᠡᠨ ᠳ᠋ᠦ᠍ ᠬᠡᠴᠢᠨᠡᠨ ᠦᠨ᠎ᠡ ᠲᠡᠢ ᠬᠥᠮᠦᠨ ᠪᠣᠯᠬᠤ ᠶ᠋ᠢ ᠪᠣᠭᠤᠷᠴᠢ ᠭᠠᠭᠴᠠ ᠮᠥᠴᠡ ᠶ᠋ᠢᠨ ᠳᠣᠲᠣᠷ᠎ᠠ ᠮᠡᠳᠡᠷᠡᠵᠡᠢ᠃ ᠬᠠᠰᠠᠷ ᠤ᠋ᠨ ᠨᠢᠳᠦᠨ ᠡᠴᠡ ᠨᠢᠯᠪᠤᠰᠤ ᠤᠰᠤ ᠠᠳᠠᠯᠢ ᠤᠷᠤᠰᠤᠨ᠎ᠠ᠃ ᠪᠣᠭᠤᠷᠴᠢ ᠠᠷᠠᠢ ᠴᠤ᠌ ᠤᠬᠢᠯᠠᠭᠰᠠᠨ ᠦᠭᠡᠢ᠃ ᠲᠡᠮᠦᠵᠢᠨ ᠠᠯᠠᠭ᠎ᠠ ᠪᠣᠯᠤᠭᠰᠠᠨ ᠢ᠋ ᠡᠰᠡᠪᠡᠯ ᠦᠬᠦᠭᠰᠡᠨ ᠢ᠋ ᠲᠡᠷᠡ ᠳᠠᠷᠤᠢ ᠲᠣᠭᠣᠷᠢᠯ ᠬᠠᠨ ᠪᠣᠯᠤᠭᠠᠳ ᠥᠪᠡᠷ ᠦ᠋ᠨ ᠴᠡᠷᠢᠭ ᠦ᠋ᠳ ᠲᠦ᠍ ᠳᠣᠭᠣᠯᠭᠠᠬᠤ ᠦᠭᠡᠢ ᠪᠠᠢᠬᠤ ᠨᠢ ᠵᠥᠪ ᠭᠡᠰᠡᠨ ᠭᠠᠭᠴᠠ ᠪᠣᠳᠣᠯ ᠲᠥᠷᠥᠵᠡᠢ᠃ ᠲᠡᠮᠦᠵᠢᠨ ᠦᠬᠦᠭᠰᠡᠨ ᠪᠣᠯ ᠶᠠᠭᠠᠬᠢᠬᠤ ᠪᠣᠢ ᠭᠡᠰᠡᠨ ᠠᠶᠤᠮᠰᠢᠭᠲᠤ ᠪᠣᠳᠣᠯ ᠲᠠᠷᠢᠬᠢᠨ ᠳᠣᠲᠣᠷ᠎ᠠ ᠨᠢ ᠡᠷᠭᠢᠯᠳᠦᠵᠦ ᠪᠠᠰᠠ ᠶᠠᠭᠠᠬᠢᠬᠤ ᠪᠠᠨ ᠴᠤ᠌ ᠦᠯᠦ ᠮᠡᠳᠡᠨ᠎ᠡ᠃ ᠭᠠᠭᠴᠠ ᠬᠣᠷᠣᠮ ᠤ᠋ᠨ ᠳᠣᠲᠣᠷ᠎ᠠ ᠬᠥᠮᠦᠨ ᠬᠡᠴᠢᠨᠡᠨ ᠣᠯᠠᠨ ᠵᠦᠢᠯ ᠪᠣᠳᠣᠵᠤ ᠠᠮᠵᠢᠳᠠᠭ ᠢ᠋ ᠲᠡᠷᠡ ᠦᠵᠡᠵᠡᠢ᠃ ᠡᠴᠦᠰ ᠦ᠋ᠨ ᠡᠴᠦᠰ ᠲᠦ᠍ ᠬᠠᠰᠠᠷ ᠠ᠋ᠴᠠ ᠥᠭᠡᠷ᠎ᠡ ᠳᠣᠲᠣᠨᠣᠴᠢᠯᠠᠨ ᠵᠥᠪᠯᠡᠬᠦ ᠬᠥᠮᠦᠨ ᠴᠦ᠍ ᠦᠭᠡᠢ ᠪᠠᠢᠪᠠ᠃ ᠪᠣᠯᠤᠭᠰᠠᠨ ᠬᠡᠷᠡᠭ ᠶᠠᠪᠤᠳᠠᠯ ᠳ᠋ᠤ᠌ ᠪᠤᠭᠤᠷᠴᠢ ᠭᠠᠭᠴᠠ ᠥᠪᠡᠷ ᠢ᠋ ᠪᠡᠨ ᠪᠤᠷᠤᠭᠤᠳᠬᠠᠵᠤ ᠪᠠᠢᠯ᠎ᠠ᠃ ᠤᠴᠢᠷ ᠨᠢ ᠲᠡᠮᠦᠵᠢᠨ ᠦ᠌ ᠠᠮᠢ ᠨᠠᠰᠤ ᠶ᠋ᠢ ᠬᠠᠮᠠᠭᠠᠯᠠᠬᠤ ᠶᠣᠰᠣᠲᠠᠢ ᠬᠥᠮᠦᠨ ᠨᠢ ᠪᠤᠭᠤᠷᠴᠢ ᠶᠤᠮ᠃ ᠭᠡᠲᠡᠯ᠎ᠡ ᠬᠦᠢᠲᠡᠨ ᠠᠭᠤᠯᠠ ᠶ᠋ᠢᠨ ᠳᠣᠯᠣᠭᠠᠨ ᠳ᠋ᠤ᠌ ᠵᠠᠮᠤᠬ᠎ᠠ ᠶ᠋ᠢᠨ ᠳᠠᠭᠠᠭᠤᠯ ᠮᠣᠩᠭᠣᠯ ᠠᠢᠮᠠᠭ ᠤ᠋ᠨ ᠠᠭᠤᠴᠤ ᠪᠠᠭᠠᠲᠤᠷ ᠲᠤ᠌ ᠵᠢᠳᠠᠯᠠᠭᠳᠠᠨ ᠮᠣᠷᠢᠨ ᠠ᠋ᠴᠠ ᠤᠨᠠᠭᠰᠠᠨ ᠴᠤ᠌ ᠪᠤᠭᠤᠷᠴᠢ ᠠᠷᠠᠢ ᠯᠠ ᠠᠮᠢ ᠪᠠᠨ ᠠᠯᠳᠠᠭᠰᠠᠨ ᠦᠭᠡᠢ ᠦᠯᠡᠳᠡᠵᠡᠢ᠃ ᠲᠡᠭᠦᠨ ᠢ᠋ ᠢᠩᠭᠢᠵᠦ ᠶᠠᠪᠠᠭᠠᠷᠠᠵᠤ ᠰᠠᠨᠳᠤᠷᠤᠭᠠᠳ ᠳᠠᠢᠰᠤᠨ ᠨᠤᠭᠤᠳ ᠲᠤ᠌ ᠪᠦᠴᠢᠭᠦᠯᠦᠨ ᠠᠯᠠᠯᠳᠤᠵᠤ ᠪᠠᠢᠬᠤ ᠵᠠᠭᠤᠷ᠎ᠠ ᠲᠡᠮᠦᠵᠢᠨ ᠨᠢᠳᠦᠨ ᠡᠴᠡ ᠳᠠᠯᠳᠠ ᠣᠷᠣᠵᠤ ᠬᠠᠮᠢᠭ᠎ᠠ ᠪᠠᠢᠭ᠎ᠠ ᠶ᠋ᠢ ᠮᠡᠳᠡᠬᠦ ᠶ᠋ᠢᠨ ᠠᠷᠭ᠎ᠠ ᠦᠭᠡᠢ ᠪᠣᠯᠵᠠᠢ᠃ ᠲᠣᠯᠣᠭᠠᠢ ᠤᠷᠤᠭᠤ ᠪᠠᠨ ᠢᠯᠳᠦ ᠪᠡᠷ ᠳᠡᠯᠡᠳᠦᠭᠦᠯᠵᠦ ᠤᠬᠠᠭᠠᠨ ᠠᠯᠲᠠᠨ ᠤᠨᠠᠬᠤ ᠳ᠋ᠠᠭᠠᠨ ᠪᠤᠭᠤᠷᠴᠢ ᠥᠪᠡᠷ ᠢ᠋ ᠪᠡᠨ ᠦᠬᠦᠪᠡ ᠭᠡᠵᠦ ᠰᠠᠨᠠᠭᠰᠠᠨ ᠪᠢᠯᠡ᠃ ᠭᠡᠲᠡᠯ᠎ᠡ ᠳᠤᠭᠤᠯᠠᠭ᠎ᠠ ᠶ᠋ᠢᠨ ᠢ᠋ᠶ᠋ᠡᠨ ᠠᠴᠢ ᠪᠠᠷ ᠲᠡᠷᠡ ᠦᠬᠦᠭᠰᠡᠨ ᠦᠭᠡᠢ ᠠᠮᠢᠳᠤ ᠦᠯᠡᠳᠡᠵᠡᠢ᠃ ᠬᠠᠷᠢᠨ ᠤᠨᠠᠭᠰᠠᠨ ᠬᠣᠢᠨ᠎ᠠ ᠨᠢ ᠵᠢᠳᠠᠯᠠᠵᠤ ᠣᠷᠬᠢᠭ᠎ᠠ ᠦᠭᠡᠢ ᠨᠢ ᠭᠠᠢᠬᠠᠯᠲᠠᠢ᠃ ᠳᠤᠭᠤᠯᠠᠭ᠎ᠠ ᠶ᠋ᠢᠨ ᠳᠣᠣᠷ᠎ᠠ ᠠ᠋ᠴᠠ ᠠᠰᠬᠠᠷᠠᠭᠰᠠᠨ ᠴᠢᠰᠤᠨ ᠳ᠋ᠤ᠌ ᠨᠢᠭᠤᠷ ᠠᠮᠠ ᠨᠢ ᠪᠣᠳᠣᠭᠳᠠᠭᠠᠳ ᠬᠥᠮᠦᠨ ᠲᠠᠨᠢᠬᠤ ᠶ᠋ᠢ ᠪᠦᠦ ᠬᠡᠯᠡ᠂ ᠬᠠᠷᠠᠬᠤ ᠶ᠋ᠢᠨ ᠡᠷᠬᠡ ᠦᠭᠡᠢ ᠪᠣᠯᠤᠭᠰᠠᠨ ᠨᠢ ᠲᠡᠭᠦᠨ ᠢ᠋ ᠠᠪᠴᠢᠷᠠᠵᠠᠢ᠃ ᠢᠩᠭᠢᠵᠦ ᠪᠤᠭᠤᠷᠴᠢ ᠠᠮᠢᠳᠤ ᠦᠯᠡᠳᠡᠭᠰᠡᠨ ᠴᠦ᠍ ᠲᠡᠮᠦᠵᠢᠨ ᠵᠠᠯᠮ᠎ᠠ ᠬᠣᠶᠠᠷ ᠠᠯᠠᠭ᠎ᠠ ᠪᠣᠯᠤᠭᠰᠠᠨ ᠨᠢ ᠪᠤᠭᠤᠷᠴᠢ ᠳ᠋ᠤ᠌ ᠦᠬᠦᠭᠰᠡᠨ ᠡᠴᠡ ᠳᠣᠯᠣᠭᠠᠨ ᠳᠣᠣᠷ᠎ᠠ ᠶᠠᠭᠤᠮ᠎ᠠ ᠪᠣᠯᠪᠠ᠃
ᠪᠤᠭᠤᠷᠴᠢ ᠳ᠋ᠤ᠌ ᠲᠤᠯᠤᠯᠳᠤᠭᠠᠨ ᠤ᠋ ᠭᠠᠵᠠᠷ ᠤᠷᠤᠭᠤ ᠪᠠᠨ ᠪᠤᠴᠠᠬᠤ ᠠ᠋ᠴᠠ ᠥᠭᠡᠷ᠎ᠡ ᠵᠠᠮ ᠦᠯᠡᠳᠡᠭᠰᠡᠨ ᠦᠭᠡᠢ᠃ ᠦᠷ ᠴᠠᠢᠬᠤ ᠠ᠋ᠴᠠ ᠡᠮᠦᠨ᠎ᠡ ᠲᠡᠮᠦᠵᠢᠨ ᠢ᠋ ᠠᠮᠢᠳᠤ᠂ ᠦᠬᠦᠭᠰᠡᠨ ᠠᠯᠢ ᠨᠢ ᠴᠦ᠍ ᠪᠣᠯᠪᠠ ᠣᠯᠬᠤ ᠶᠣᠰᠣᠲᠠᠢ ᠪᠠᠨ ᠪᠤᠭᠤᠷᠴᠢ ᠮᠡᠳᠡᠵᠦ ᠪᠠᠢᠪᠠ᠃ ᠬᠥᠯ ᠪᠣᠯᠵᠤ ᠣᠯᠠᠭᠤᠯᠠ ᠪᠠᠨ ᠣᠷᠢᠯᠠᠵᠤ ᠬᠠᠰᠬᠢᠷᠴᠤ ᠳᠠᠢᠰᠤᠨ ᠳ᠋ᠤ᠌ ᠰᠡᠵᠢᠭ ᠠᠪᠤᠭᠤᠯᠬᠤ ᠠ᠋ᠴᠠ ᠰᠡᠷᠭᠡᠢᠯᠡᠨ ᠪᠤᠭᠤᠷᠴᠢ ᠬᠠᠰᠠᠷ ᠬᠣᠶᠠᠷ ᠢᠲᠡᠭᠡᠯᠲᠦ ᠴᠥᠭᠡᠨ ᠨᠥᠬᠥᠳ ᠦ᠋ᠨ ᠬᠠᠮᠲᠤ ᠶᠠᠪᠤᠵᠠᠢ᠃ ᠬᠦᠢᠲᠡᠨ ᠠᠭᠤᠯᠠ ᠶ᠋ᠢᠨ ᠬᠡᠳᠦᠨ ᠭᠣᠣ ᠵᠢᠯᠠᠭ᠎ᠠ᠂ ᠬᠥᠮᠦᠨ ᠦ᠌ ᠥᠪᠡᠷ ᠦ᠋ᠨ ᠴᠡᠷᠢᠭ ᠦ᠋ᠨ ᠬᠡᠭᠦᠷ ᠳᠦᠭᠦᠷᠦᠭᠰᠡᠨ ᠭᠠᠵᠠᠷ ᠢ᠋ᠶ᠋ᠠᠷ ᠨᠢᠳᠦ ᠦᠭᠡᠢ ᠰᠥᠨᠢ ᠲᠡᠮᠲᠡᠴᠢᠵᠦ᠂ ᠬᠦᠢᠲᠡᠨ᠂ ᠪᠦᠯᠢᠶᠡᠨ ᠬᠡᠭᠦᠷ ᠦ᠋ᠨ ᠴᠢᠰᠤ ᠲᠠᠢ ᠨᠢᠭᠤᠷ ᠠᠮᠠ ᠶ᠋ᠢ ᠲᠡᠮᠲᠡᠷᠢᠨ ᠲᠡᠮᠲᠡᠷᠢᠨ ᠡᠷᠢᠵᠡᠢ᠃ ᠪᠤᠭᠤᠷᠴᠢ ᠲᠡᠳᠡ ᠬᠠᠰᠬᠢᠷᠴᠤ ᠳᠠᠭᠤᠳᠠᠵᠤ ᠪᠣᠯᠬᠤ ᠦᠭᠡᠢ ᠪᠠᠢᠪᠠ᠃ ᠲᠡᠮᠦᠵᠢᠨ ᠰᠥᠨᠢ ᠶ᠋ᠢᠨ ᠬᠠᠷᠠᠩᠭᠤᠢ ᠳ᠋ᠤ᠌ ᠶᠠᠭ ᠰᠢᠷ᠎ᠠ ᠰᠢᠪᠠᠭᠤ ᠰᠢᠭ᠋ ᠬᠠᠷᠠᠬᠤ ᠲᠤᠯᠠ ᠠᠮᠢᠳᠤ ᠰᠡᠷᠭᠡᠭ ᠪᠠᠢᠪᠠᠯ ᠡᠷᠬᠡᠪᠰᠢ ᠲᠡᠳᠡᠨ ᠢ᠋ ᠬᠠᠷᠠᠨ᠎ᠠ ᠭᠡᠳᠡᠭ ᠯᠡ ᠭᠠᠭᠴᠠ ᠭᠣᠷᠢᠳᠠᠯᠭ᠎ᠠ ᠪᠠᠢᠯ᠎ᠠ᠃ ᠬᠡᠭᠦᠷ ᠦ᠋ᠨ ᠳᠡᠭᠡᠭᠦᠷ ᠪᠠᠶᠠᠨ ᠠ᠋ᠴᠠ ᠰᠠᠯᠤᠭᠰᠠᠨ ᠰᠦᠨᠡᠰᠦ ᠨᠦ᠍ᠭᠦᠳ ᠡᠷᠭᠢᠯᠳᠦᠵᠦ᠂ ᠳᠤᠲᠠᠭᠤ ᠦᠬᠦᠭᠰᠡᠨ ᠪᠠᠶᠠᠨ ᠠ᠋ᠴᠠ ᠰᠠᠯᠵᠤ ᠴᠢᠳᠠᠭ᠎ᠠ ᠦᠭᠡᠢ ᠰᠦᠨᠡᠰᠦ ᠴᠢᠷᠠᠯᠠᠯᠳᠤᠨ ᠪᠠᠢᠬᠤ ᠶ᠋ᠢ ᠪᠤᠭᠤᠷᠴᠢ ᠦᠵᠡᠵᠦ ᠰᠣᠨᠣᠰᠬᠤ ᠦᠭᠡᠢ ᠨᠢ ᠬᠠᠷᠢᠨ ᠠᠵᠠ ᠲᠠᠢ ᠬᠡᠷᠡᠭ ᠪᠣᠯᠵᠠᠢ᠃ ᠲᠡᠭᠦᠨ ᠳ᠋ᠦ᠍ ᠲᠡᠢᠮᠦ ᠴᠢᠳᠠᠪᠤᠷᠢ ᠪᠠᠢᠬᠤ ᠦᠭᠡᠢ ᠨᠢ ᠡᠨᠡ ᠤᠳᠠᠭ᠎ᠠ ᠪᠤᠭᠤᠷᠴᠢ ᠳ᠋ᠤ᠌ ᠲᠤᠰᠠ ᠪᠣᠯᠪᠠ᠃ ᠡᠰᠡ ᠲᠡᠭᠡᠪᠡᠯ ᠡᠷᠭᠢᠯᠳᠦᠵᠦ᠂ ᠣᠷᠢᠯᠠᠯᠳᠤᠨ ᠴᠢᠷᠠᠯᠠᠬᠤ ᠬᠡᠳᠦᠨ ᠮᠢᠩᠭᠠᠨ ᠰᠦᠨᠡᠰᠦ ᠶ᠋ᠢ ᠦᠵᠡᠭᠰᠡᠨ ᠬᠡᠨ ᠪᠣᠯᠪᠠᠴᠤ ᠰᠣᠯᠢᠶᠠᠷᠠᠵᠤ ᠡᠷᠡᠭᠦᠯ ᠤᠬᠠᠭᠠᠨ ᠢ᠋ᠶ᠋ᠠᠨ ᠠᠯᠳᠠᠬᠤ ᠪᠠᠢᠯ᠎ᠠ᠃ ᠪᠤᠭᠤᠷᠴᠢ ᠶ᠋ᠢᠨ ᠬᠠᠯᠠᠭᠤᠨ ᠨᠢᠯᠪᠤᠰᠤ ᠴᠢᠰᠤᠨ ᠳ᠋ᠤ᠌ ᠬᠤᠳᠬᠤᠯᠳᠤᠭᠰᠠᠨ ᠨᠢᠭᠤᠷ ᠤᠷᠤᠭᠤ ᠨᠢ ᠤᠷᠤᠰᠤᠭᠰᠠᠭᠠᠷ ᠪᠠᠢᠪᠠᠴᠤ᠂
| ᠲᠡᠮᠦᠵᠢᠨ᠂ ᠲᠡᠮᠦᠵᠢᠨ ᠭᠡᠵᠦ ᠰᠢᠪᠡᠨᠡᠨ ᠭᠠᠷ ᠲᠤ᠌ ᠳᠠᠭᠠᠷᠢᠯᠳᠤᠭᠰᠠᠨ ᠬᠡᠭᠦᠷ ᠢ᠋ ᠡᠷᠭᠢᠭᠦᠯᠦᠨ ᠨᠢᠭᠤᠷ ᠠᠮᠠ ᠶ᠋ᠢ ᠨᠢ ᠲᠡᠮᠲᠡᠷᠢᠨ᠎ᠡ᠃ ᠬᠡᠭᠦᠷ ᠦ᠋ᠨ ᠬᠦᠢᠲᠡᠨ ᠨᠢᠭᠤᠷ ᠲᠤ᠌ ᠬᠦᠷᠬᠦ ᠪᠦᠷᠢ ᠬᠤᠢᠬ᠎ᠠ ᠨᠢ ᠬᠠᠭᠵᠠᠷᠠᠨ᠂ ᠦᠰᠦ ᠨᠢ ᠪᠣᠰᠬᠤ ᠰᠢᠭ᠋ ᠪᠣᠯᠤᠨ᠎ᠠ᠃ ᠬᠠᠷᠠᠩᠭᠤᠢ ᠳ᠋ᠤ᠌ ᠶᠠᠭᠤ ᠴᠤ᠌ ᠦᠯᠦ ᠦᠵᠡᠭᠳᠡᠬᠦ ᠲᠤᠯᠠ ᠵᠥᠪᠬᠡᠨ ᠬᠤᠷᠤᠭᠤ ᠭᠠᠷ ᠤ᠋ᠨ ᠢ᠋ᠶ᠋ᠠᠨ ᠮᠡᠳᠡᠷᠡᠮᠵᠢ ᠳ᠋ᠦ᠍ ᠨᠠᠢᠳᠠᠬᠤ ᠪᠥᠯᠥᠭᠡ᠃ ᠪᠠᠷᠢᠵᠤ ᠦᠵᠡᠭᠡᠳ ᠲᠡᠮᠦᠵᠢᠨ ᠢ᠋ ᠮᠢᠩᠭᠠᠨ ᠬᠥᠮᠦᠨ ᠦ᠌ ᠳᠤᠮᠳᠠ ᠠ᠋ᠴᠠ ᠴᠤ᠌ ᠲᠠᠨᠢᠨ᠎ᠠ ᠭᠡᠵᠦ ᠥᠪᠡᠷ ᠲᠡᠭᠡᠨ ᠢᠲᠡᠭᠡᠨ᠎ᠡ᠃ ᠴᠣᠬᠣᠮ ᠶᠠᠭᠠᠬᠢᠵᠤ ᠲᠠᠨᠢᠬᠤ ᠪᠠᠨ ᠲᠡᠷᠡ ᠣᠢᠯᠠᠭᠠᠭᠰᠠᠨ ᠦᠭᠡᠢ ᠴᠦ᠍ ᠪᠣᠷᠣᠭᠠᠨ ᠤ᠋ ᠤᠰᠤ ᠰᠢᠪᠡᠷ ᠱᠠᠯᠪᠠᠭ ᠳᠣᠲᠣᠷ᠎ᠠ ᠮᠥᠯᠬᠥᠨ ᠤᠨᠳᠤᠢ ᠰᠤᠨᠳᠤᠢ ᠤᠨᠠᠭᠰᠠᠨ ᠬᠡᠭᠦᠷ ᠨᠦ᠍ᠭᠦᠳ ᠢ᠋ ᠲᠡᠮᠲᠡᠴᠢᠨ ᠤᠷᠤᠭᠰᠢᠯᠠᠵᠤ ᠪᠠᠢᠪᠠ᠃ ᠭᠡᠨᠡᠳᠲᠡ ᠳᠤᠯᠠᠭᠠᠨ ᠪᠦᠯᠢᠶᠡᠨ ᠨᠢᠭᠤᠷ ᠭᠠᠷ ᠲᠤ᠌ ᠲᠠᠭᠠᠷᠠᠯᠳᠤᠭᠰᠠᠨ ᠳ᠋ᠤ᠌ ᠴᠣᠴᠢᠨ ᠳᠠᠪᠬᠢᠯ᠎ᠠ᠃
| ᠲᠡᠮᠦᠵᠢᠨ ᠭᠡᠵᠦ ᠪᠠᠶᠠᠷᠯᠠᠨ ᠰᠢᠪᠡᠭᠡᠨᠡᠭᠡᠳ ᠥᠨᠳᠡᠢᠯᠭᠡᠪᠡ᠃ ᠭᠡᠪᠡᠴᠦ ᠲᠡᠷᠡ ᠲᠡᠮᠦᠵᠢᠨ ᠪᠢᠰᠢ ᠪᠠᠢᠯ᠎ᠠ᠃ ᠲᠡᠷᠡ ᠴᠡᠷᠢᠭ ᠬᠠᠷᠠᠩᠭᠤᠢ ᠳ᠋ᠤ᠌ ᠶᠠᠭᠤ ᠶ᠋ᠢ ᠴᠦ᠍ ᠶᠦᠮ ᠪᠤᠪᠠᠲᠤᠨᠠᠬᠤ ᠨᠢ ᠳᠡᠷᠭᠡᠳᠡ ᠪᠡᠨ ᠬᠥᠮᠦᠨ ᠢᠷᠡᠭᠰᠡᠨ ᠢ᠋ ᠯᠠᠪ ᠮᠡᠳᠡᠭᠰᠡᠨ ᠪᠣᠯᠤᠯᠲᠠᠢ᠃
| ᠴᠢ ᠬᠡᠨ ᠪᠣᠢ? ᠭᠡᠵᠦ ᠪᠤᠭᠤᠷᠴᠢ ᠨᠢᠭᠤᠷ ᠲᠤᠨᠢ ᠲᠤᠯᠤᠨ ᠰᠢᠪᠡᠭᠡᠨᠡᠪᠡ᠃ ᠠᠮᠠᠨ ᠳ᠋ᠤᠨᠢ ᠴᠢᠬᠢ ᠪᠡᠨ ᠨᠠᠭᠠᠨ ᠴᠢᠩᠨᠠᠵᠤ ᠪᠠᠢᠵᠤ ᠰᠠᠶᠢ ᠨᠢᠭᠡ ᠶᠠᠭᠤ ᠭᠡᠵᠦ ᠪᠤᠪᠠᠲᠤᠨᠠᠬᠤ ᠶ᠋ᠢ ᠨᠢ ᠣᠯᠵᠤ ᠰᠣᠨᠣᠰᠪᠠ᠃ ᠲᠡᠷᠡ ᠴᠡᠷᠢᠭ᠄
| ᠴᠢ ᠨᠠᠮᠠᠶ᠋ᠢ ᠦᠬᠦᠭᠦᠯ ᠭᠡᠵᠦ ᠰᠣᠨᠣᠰᠳᠠᠬᠤ ᠲᠡᠳᠦᠢ ᠰᠢᠪᠡᠭᠡᠨᠡᠬᠦ ᠠᠵᠢ᠃
ᠪᠤᠭᠤᠷᠴᠢ ᠲᠡᠭᠦᠨ ᠦ᠌ ᠬᠡᠷᠬᠢᠨ ᠰᠢᠷᠬᠠᠳᠤᠭᠰᠠᠨ ᠢ᠋ ᠮᠡᠳᠡᠬᠦ ᠰᠠᠨᠠᠭ᠎ᠠ ᠲᠠᠢ ᠭᠠᠷ ᠰᠤᠩᠭᠠᠨ ᠲᠡᠮᠲᠡᠷᠢᠭᠡᠳ ᠴᠣᠴᠢᠨ ᠤᠬᠤᠷᠢᠪᠠ᠃ ᠲᠡᠷᠡ ᠴᠡᠷᠢᠭ ᠦ᠋ᠨ ᠭᠡᠳᠡᠰᠦ ᠬᠠᠤ ᠲᠠᠲᠠᠭᠳᠠᠵᠤ ᠳᠣᠲᠣᠷ ᠡᠷᠬᠡᠲᠡᠨ ᠨᠦ᠍ᠭᠦᠳ ᠨᠢ ᠭᠠᠵᠠᠷ ᠢ᠋ᠶ᠋ᠠᠷ ᠨᠢᠭᠡ ᠬᠠᠶᠠᠭᠳᠠᠵᠠᠢ᠃ ᠦᠮᠡᠬᠡᠢ ᠦᠨᠦᠷᠲᠦᠵᠦ ᠪᠠᠢᠭᠰᠠᠨ ᠢ᠋ ᠪᠤᠭᠤᠷᠴᠢ ᠰᠠᠶᠢ ᠯᠠ ᠮᠡᠳᠡᠪᠡ᠃ ᠲᠡᠭᠡᠮᠡᠭᠴᠡ ᠬᠢᠲᠤᠭ᠎ᠠ ᠰᠤᠭᠤᠯᠤᠨ ᠲᠡᠭᠦᠨ ᠦ᠌ ᠬᠣᠭᠣᠯᠠᠢ ᠶ᠋ᠢ ᠲᠡᠮᠲᠡᠷᠢᠵᠦ ᠪᠠᠢᠭᠠᠳ ᠲᠠᠰᠤ ᠬᠡᠷᠴᠢᠵᠦ ᠪᠤᠶᠠᠨ ᠪᠣᠯᠤᠭᠠᠳ ᠴᠠᠭᠠᠰᠢ ᠮᠥᠯᠬᠥᠪᠡ᠃
ᠬᠡᠷᠪᠡ ᠲᠡᠮᠦᠵᠢᠨ ᠠᠮᠢᠳᠤ ᠪᠠᠢᠳᠠᠭ ᠯᠠ ᠶᠤᠮ ᠪᠣᠯ ᠬᠡᠵᠢᠶ᠎ᠡ ᠴᠦ᠍ ᠳᠡᠷᠭᠡᠳᠡ ᠡᠴᠡ ᠨᠢ ᠬᠣᠯᠠᠳᠬᠤ ᠦᠭᠡᠢ ᠭᠡᠵᠦ ᠲᠠᠩᠭᠠᠷᠢᠭᠯᠠᠨ ᠲᠩᠷᠢ ᠶ᠋ᠢ ᠳᠠᠭᠤᠳᠠᠨ ᠲᠡᠮᠦᠵᠢᠨ ᠢ᠋ ᠠᠮᠢᠳᠤ ᠦᠯᠡᠳᠡᠭᠡᠬᠦ ᠶ᠋ᠢ ᠭᠤᠶᠤᠵᠤ ᠶᠠᠪᠤᠯ᠎ᠠ᠃ ᠪᠤᠭᠤᠷᠴᠢ ᠡᠢᠨ ᠬᠦ᠌ ᠲᠩᠷᠢ ᠡᠴᠡ ᠠᠪᠤᠷᠠᠯ ᠡᠷᠢᠨ ᠳᠠᠭᠤᠳᠠᠭᠰᠠᠨ ᠨᠢ ᠠᠩᠬᠠᠨ ᠤ᠋ ᠬᠢ ᠪᠠᠢᠯ᠎ᠠ᠃ ᠲᠩᠷᠢ ᠲᠡᠭᠦᠨ ᠳ᠋ᠦ᠍ ᠲᠤᠰᠠᠯᠠᠨ᠎ᠠ ᠭᠡᠵᠦ ᠢᠲᠡᠭᠡᠭᠡ ᠦᠭᠡᠢ ᠴᠦ᠍ ᠡᠢᠮᠦ ᠦᠶ᠎ᠡ ᠳ᠋ᠦ᠍ ᠥᠭᠡᠷ᠎ᠡ ᠬᠡᠨ ᠡᠴᠡ ᠠᠪᠤᠷᠠᠯ ᠲᠤᠰᠠᠯᠠᠮᠵᠢ ᠡᠷᠢᠬᠦ ᠪᠡᠨ ᠲᠡᠷᠡ ᠳᠠᠩᠴᠤ ᠮᠡᠳᠡᠭᠰᠡᠨ ᠦᠭᠡᠢ᠃ ᠪᠤᠭᠤᠷᠴᠢ ᠮᠥᠯᠬᠥᠭᠰᠡᠭᠡᠷ ᠡᠴᠦᠰ ᠲᠦ᠋ᠨᠢ ᠤᠨᠤᠨ ᠮᠥᠷᠡᠨ ᠦ᠌ ᠬᠦᠢᠲᠡᠨ ᠤᠰᠤᠨ ᠳ᠋ᠤ᠌ ᠲᠤᠯᠵᠠᠢ᠃ ᠭᠣᠣᠯ ᠤ᠋ᠨ ᠲᠡᠷᠲᠡᠭᠡ ᠡᠨᠳᠡ ᠡᠴᠡ ᠬᠣᠯᠠ ᠦᠭᠡᠢ ᠲᠠᠢᠴᠢᠭᠤᠳ ᠤ᠋ᠨ ᠴᠡᠷᠢᠭ ᠦ᠋ᠨ ᠬᠦᠷᠢᠶ᠎ᠡ ᠪᠠᠢᠭ᠎ᠠ ᠪᠢᠯᠡ᠃ ᠪᠤᠭᠤᠷᠴᠢ ᠤᠨᠤᠨ ᠤ᠋ ᠬᠦᠢᠲᠡᠨ ᠤᠰᠤᠨ ᠳ᠋ᠤ᠌ ᠬᠤᠪᠴᠠᠰᠤ ᠲᠠᠢ ᠪᠠᠨ ᠣᠷᠣᠵᠤ ᠪᠤᠯᠠᠭ ᠤ᠋ᠨ ᠤᠰᠤ ᠵᠠᠯᠭᠢᠯᠠᠪᠠ᠃ ᠳᠣᠲᠣᠷ᠎ᠠ ᠨᠢ ᠬᠠᠯᠠᠭᠤᠨ ᠣᠷᠬᠢᠨ ᠰᠢᠲᠠᠬᠤ ᠨᠢ ᠠᠷᠠᠢ ᠳᠡᠭᠡᠷᠡᠳᠡᠵᠦ ᠤᠬᠠᠭᠠᠨ ᠰᠠᠨᠠᠭ᠎ᠠ ᠨᠢ ᠰᠡᠷᠭᠦᠬᠦ ᠰᠢᠨᠵᠢᠲᠡᠢ ᠪᠣᠯᠪᠠ᠃ ᠤᠰᠤᠨ ᠠ᠋ᠴᠠ ᠴᠢᠰᠤ ᠠᠮᠲᠠᠭᠳᠠᠬᠤ ᠨᠢ ᠤᠨᠤᠨ ᠴᠢᠰᠤ ᠪᠠᠷ ᠤᠷᠤᠰᠴᠤ ᠪᠠᠢᠬᠤ ᠰᠢᠭ᠋ ᠠᠵᠢ᠃ ᠭᠣᠣᠯ ᠤ᠋ᠨ ᠬᠦᠢᠲᠡᠨ ᠤᠰᠤᠨ ᠳ᠋ᠤ᠌ ᠴᠣᠬᠢᠭᠳᠠᠨ ᠵᠢᠭᠠᠬᠠᠨ ᠤᠬᠠᠭᠠᠨ ᠣᠷᠣᠭᠠᠳ ᠴᠠᠭᠠᠨ᠎ᠠ ᠨᠠᠭᠠᠨ᠎ᠠ ᠶ᠋ᠢ ᠰᠡᠬᠡᠭᠡᠷᠡᠨ ᠪᠣᠳᠣᠬᠤ ᠰᠡᠬᠦᠭᠡ ᠲᠡᠢ ᠪᠣᠯᠤᠭᠰᠠᠨ ᠪᠤᠭᠤᠷᠴᠢ ᠶ᠋ᠢᠨ ᠰᠡᠳᠬᠢᠯ ᠦ᠋ᠨ ᠴᠤᠴᠠᠷᠠᠯ ᠬᠥᠭᠡᠷᠦᠯ ᠨᠢ ᠳᠠᠷᠤᠭᠳᠠᠵᠤ ᠶᠠᠭᠤ ᠬᠢᠵᠦ ᠪᠠᠢᠭ᠎ᠠ ᠪᠠᠨ ᠡᠷᠭᠢᠴᠡᠭᠦᠯᠵᠦ ᠪᠣᠳᠣᠪᠠ᠃ ᠡᠨᠡ ᠬᠢᠯ ᠬᠠᠷ᠎ᠠ ᠰᠥᠨᠢ ᠲᠡᠷᠡ ᠲᠡᠮᠦᠵᠢᠨ ᠳ᠋ᠦ᠍ ᠶᠠᠮᠠᠷ ᠴᠤ᠌ ᠲᠤᠰᠠ ᠬᠦᠷᠭᠡᠵᠦ ᠴᠢᠳᠠᠬᠤ ᠦᠭᠡᠢ ᠪᠡᠷ ᠵᠣᠭᠰᠣᠬᠤ ᠦᠭᠡᠢ ᠢᠩᠭᠢᠵᠦ ᠨᠢᠳᠦ ᠰᠣᠬᠣᠷ᠂ ᠰᠡᠳᠬᠢᠯ ᠪᠠᠯᠠᠢ ᠪᠠᠷ ᠡᠰᠢ ᠮᠤᠬᠤᠷ ᠦᠭᠡᠢ ᠵᠣᠷᠢᠭᠯᠠᠬᠤ ᠨᠢ ᠥᠪᠡᠷ ᠦ᠋ᠨ ᠠᠮᠢ ᠶ᠋ᠢ ᠴᠦ᠍ ᠠᠯᠳᠠᠬᠤ ᠪᠠᠰᠠ ᠪᠤᠰᠤᠳ ᠨᠥᠬᠥᠳ ᠢ᠋ ᠴᠦ᠍ ᠦᠬᠦᠯ ᠳ᠋ᠦ᠍ ᠬᠦᠷᠭᠡᠬᠦ ᠠᠶᠤᠮᠰᠢᠭ ᠲᠠᠢ ᠶ᠋ᠢ ᠣᠢᠯᠠᠭᠠᠪᠠ᠃ ᠬᠥᠮᠦᠨ ᠣ ᠥᠪᠡᠷ ᠦ᠋ᠨ ᠴᠡᠷᠢᠭ ᠦ᠋ᠨ ᠬᠡᠭᠦᠷ ᠲᠡᠮᠲᠡᠷᠢᠨ ᠲᠠᠷᠠᠵᠤ ᠣᠳᠤᠭᠰᠠᠨ ᠨᠥᠬᠥᠳ ᠨᠢ ᠣᠳᠣ ᠬᠠᠮᠢᠭ᠎ᠠ ᠶᠠᠪᠤᠭ᠎ᠠ ᠶ᠋ᠢ ᠪᠦᠦ ᠮᠡᠳᠡ᠃ ᠲᠡᠳᠡᠨ ᠢ᠋ ᠦᠬᠦᠬᠦ ᠦᠭᠡᠢ᠂ ᠳᠠᠢᠰᠤᠨ ᠳ᠋ᠤ᠌ ᠣᠯᠵᠠᠯᠠᠭᠳᠠᠬᠤ ᠦᠭᠡᠢ ᠭᠡᠬᠦ ᠭᠠᠵᠠᠷ ᠦᠭᠡᠢ᠃ ᠲᠡᠮᠦᠵᠢᠨ ᠦ᠌ ᠦᠭᠡᠢ ᠪᠣᠯᠤᠭᠰᠠᠨ ᠤ᠋ ᠳᠡᠭᠡᠷ᠎ᠡ ᠴᠡᠷᠢᠭ ᠦ᠋ᠨ ᠰᠦᠷ ᠰᠦᠯᠳᠡ ᠨᠢ ᠪᠣᠯᠤᠭᠰᠠᠨ ᠨᠥᠬᠥᠳ ᠢ᠋ᠶ᠋ᠡᠨ ᠨᠡᠮᠡᠵᠦ ᠠᠯᠳᠠᠬᠤ᠂ ᠪᠦᠬᠦ ᠶᠠᠭᠤᠮ᠎ᠠ ᠮᠠᠭᠤ ᠪᠠᠷ ᠡᠷᠭᠢᠭᠰᠡᠨ ᠲᠣᠬᠢᠶᠠᠯᠳᠤᠯ ᠳ᠋ᠤ᠌ ᠲᠡᠮᠦᠵᠢᠨ ᠢ᠋ ᠵᠠᠯᠭᠠᠮᠵᠢᠯᠠᠬᠤ ᠶᠣᠰᠣᠲᠠᠢ ᠬᠠᠰᠠᠷ ᠢ᠋ ᠴᠦ᠍ ᠬᠠᠮᠠᠭᠠᠯᠠᠯᠲᠠ ᠦᠭᠡᠢ ᠣᠷᠬᠢᠭᠰᠠᠨ ᠨᠢ ᠲᠦᠮᠡᠨ ᠠᠯᠳᠠᠭ᠎ᠠ ᠪᠣᠯᠤᠭᠰᠠᠨ ᠢ᠋ ᠴᠦ᠍ ᠲᠡᠷᠡ ᠰᠠᠶᠢ ᠯᠠ ᠣᠢᠯᠠᠭᠠᠪᠠ᠃ ᠡᠢᠨ ᠰᠠᠨᠠᠮᠠᠭᠴᠠ ᠪᠤᠭᠤᠷᠴᠢ ᠤᠰᠤᠨ ᠠ᠋ᠴᠠ ᠳᠠᠷᠤᠢ ᠭᠠᠷᠤᠭᠰᠠᠨ ᠴᠤ᠌ ᠬᠠᠮᠢᠭᠠᠰᠢ ᠪᠠᠨ ᠶᠠᠪᠤᠬᠤ ᠤᠴᠢᠷ ᠢ᠋ᠶ᠋ᠠᠨ ᠣᠯᠤᠭᠰᠠᠨ ᠦᠭᠡᠢ᠃ ᠭᠡᠨᠡᠳᠲᠡ ᠲᠡᠭᠦᠨ ᠦ᠌ ᠳᠡᠷᠭᠡᠳᠡ ᠰᠢᠬᠠᠮ ᠴᠢᠨᠣ᠎ᠠ ᠣᠯᠢᠬᠤ ᠳ᠋ᠤ᠌ ᠪᠤᠭᠤᠷᠴᠢ ᠠᠶᠤᠭᠰᠠᠨ ᠴᠣᠴᠢᠭᠰᠠᠨ ᠳ᠋ᠠᠭᠠᠨ ᠬᠥᠳᠡᠯᠵᠦ ᠴᠢᠳᠠᠭᠰᠠᠨ ᠦᠭᠡᠢ ᠬᠥᠰᠢᠵᠡᠢ᠃ ᠴᠢᠨᠣ᠎ᠠ ᠳᠠᠬᠢᠨ ᠤᠯᠢᠭᠰᠠᠨ ᠦᠭᠡᠢ᠃
ᠭᠡᠲᠡᠯ᠎ᠡ ᠲᠩᠷᠢ ᠶ᠋ᠢᠨ ᠵᠡᠭᠦᠨ ᠬᠣᠢᠲᠤ ᠬᠠᠶᠠᠭᠠᠨ ᠳ᠋ᠤ᠌ ᠭᠡᠷᠡᠯ ᠲᠣᠰᠴᠤ ᠤᠳᠠᠯ ᠦᠭᠡᠢ ᠨᠢᠭᠡᠨ ᠬᠠᠴᠢᠨ ᠴᠡᠩᠬᠡᠷ ᠭᠡᠷᠡᠯᠲᠦ ᠪᠥᠮᠪᠥᠯᠢᠭ ᠲᠡᠭᠦᠨ ᠢ᠋ ᠴᠢᠭᠯᠡᠨ ᠬᠤᠷᠳᠤᠨ ᠢ᠋ᠶ᠋ᠠᠷ ᠣᠢᠷᠠᠲᠤᠨ ᠢᠷᠡᠬᠦ ᠶ᠋ᠢ ᠦᠵᠡᠭᠡᠳ ᠭᠠᠢᠬᠠᠨ ᠵᠣᠭᠰᠣᠪᠠ᠃ ᠪᠤᠭᠤᠷᠴᠢ ᠡᠢᠮᠦ ᠬᠠᠴᠢᠨ ᠰᠣᠨᠢᠨ ᠶᠠᠭᠤᠮ᠎ᠠ ᠤᠷᠢᠳ ᠨᠢ ᠣᠭᠲᠣ ᠦᠵᠡᠭᠰᠡᠨ ᠦᠭᠡᠢ ᠲᠤᠯᠠ ᠭᠠᠢᠬᠠᠬᠤ᠂ ᠠᠶᠤᠬᠤ ᠶ᠋ᠢᠨ ᠠᠯᠢᠨ ᠪᠣᠯᠬᠤ ᠪᠠᠨ ᠮᠡᠳᠡᠬᠦ ᠦᠭᠡᠢ ᠮᠡᠯᠡᠷᠡᠯᠡ᠃ ᠭᠡᠷᠡᠯᠲᠦ ᠪᠥᠮᠪᠥᠯᠢᠭ ᠲᠡᠭᠦᠨ ᠦ᠌ ᠲᠣᠯᠣᠭᠠᠢ ᠳᠡᠭᠡᠷ᠎ᠡ ᠢᠷᠡᠬᠦ ᠳ᠋ᠦ᠍ ᠪᠤᠭᠤᠷᠴᠢ ᠠᠶᠤᠵᠤ ᠤᠰᠤ ᠤᠷᠤᠭᠤ ᠵᠢᠭᠤᠲᠠᠨ ᠣᠷᠣᠪᠠ᠃ ᠭᠡᠲᠡᠯ᠎ᠡ ᠪᠥᠮᠪᠥᠯᠢᠭ ᠬᠥᠳᠡᠯᠦᠭᠰᠡᠨ ᠦᠭᠡᠢ᠂ ᠪᠦᠷ ᠲᠡᠭᠦᠨ ᠢ᠋ ᠳᠠᠭᠠᠵᠢᠩᠨᠠᠨ ᠬᠠᠷᠠᠵᠤ ᠪᠠᠢᠬᠤ ᠰᠢᠭ᠋ ᠵᠣᠭᠰᠣᠵᠠᠢ᠃ ᠪᠤᠭᠤᠷᠴᠢ ᠠᠶᠤᠬᠤ ᠪᠠᠨ ᠪᠣᠯᠢᠵᠤ ᠭᠡᠷᠡᠯᠲᠦ ᠪᠥᠮᠪᠥᠯᠢᠭ ᠢ᠋ ᠰᠠᠢᠨ ᠠᠵᠢᠪᠠ᠃ ᠲᠡᠭᠦᠨ ᠦ᠌ ᠬᠤᠷᠴᠠ ᠭᠡᠷᠡᠯ ᠦ᠋ᠨ ᠥᠭᠡᠳᠡ ᠡᠴᠡ ᠬᠠᠷᠠᠬᠤ ᠨᠢ ᠰᠣᠬᠣᠷᠠᠬᠤ ᠲᠠᠢ ᠠᠳᠠᠯᠢ ᠲᠤᠯᠠ ᠲᠡᠰᠦᠭᠰᠡᠨ ᠦᠭᠡᠢ᠃ ᠪᠥᠮᠪᠥᠯᠢᠭ ᠪᠠᠷᠠᠭᠤᠨ ᠲᠡᠢᠰᠢ ᠵᠠᠢᠯᠠᠨ ᠶᠠᠪᠤᠭᠰᠠᠨ ᠢ᠋ᠶ᠋ᠠᠨ ᠲᠡᠭᠦᠨ ᠢ᠋ ᠬᠦᠯᠢᠶᠡᠬᠦ ᠮᠡᠲᠦ ᠵᠣᠭᠰᠣᠪᠠ᠃ ᠳᠠᠬᠢᠭᠠᠳ ᠯᠠ ᠥᠨᠥᠬᠢ ᠦᠯᠦ ᠦᠵᠡᠭᠳᠡᠬᠦ ᠴᠢᠨᠣ᠎ᠠ ᠳᠡᠷᠭᠡᠳᠡ ᠨᠢ ᠣᠯᠢᠬᠤ ᠰᠣᠨᠣᠰᠳᠠᠪᠠ᠃ ᠬᠠᠷᠢᠨ ᠡᠨᠡ ᠤᠳᠠᠭ᠎ᠠ ᠪᠤᠭᠤᠷᠴᠢ ᠠᠶᠤᠭᠰᠠᠨ ᠦᠭᠡᠢ ᠴᠢᠨᠣ᠎ᠠ ᠶ᠋ᠢᠨ ᠣᠯᠢᠬᠤ ᠶ᠋ᠢ ᠣᠢᠯᠠᠭᠠᠬᠤ ᠰᠢᠭ᠋ ᠪᠣᠯᠵᠠᠢ᠃ ᠪᠤᠭᠤᠷᠴᠢ ᠥᠪᠡᠷ ᠦ᠋ᠨ ᠮᠠᠲᠠᠯ ᠦᠭᠡᠢ ᠲᠡᠭᠦᠨ ᠳ᠋ᠦ᠍ ᠬᠥᠲᠥᠯᠦᠭᠳᠡᠨ ᠬᠣᠢᠨ᠎ᠠ ᠠ᠋ᠴᠠ ᠨᠢ ᠳᠠᠭᠠᠪᠠ᠃ ᠪᠥᠮᠪᠥᠯᠢᠭ ᠲᠡᠭᠦᠨ ᠢ᠋ ᠳᠠᠭᠠᠬᠤ ᠳ᠋ᠤ᠌ ᠴᠠᠭᠠᠰᠢ ᠤᠯᠠᠮ ᠬᠤᠷᠳᠤᠯᠠᠨ᠎ᠠ᠃ ᠪᠤᠭᠤᠷᠴᠢ ᠪᠦᠬᠦᠨ ᠢ᠋ ᠮᠠᠷᠲᠠᠭᠠᠳ ᠬᠣᠢᠨ᠎ᠠ ᠠ᠋ᠴᠠ ᠨᠢ ᠭᠦᠶᠦᠵᠦ ᠡᠬᠢᠯᠡᠪᠡ᠃ ᠬᠡᠭᠦᠷ ᠲᠦ᠍ ᠪᠦᠳᠦᠷᠢᠵᠦ ᠤᠨᠠᠭᠰᠠᠨ ᠴᠤ᠌ ᠪᠥᠮᠪᠥᠯᠢᠭ ᠡᠴᠡ ᠬᠣᠴᠣᠷᠬᠤ ᠦᠭᠡᠢ ᠭᠦᠶᠦᠭᠰᠡᠭᠡᠷ ᠪᠠᠢᠪᠠ᠃ ᠪᠥᠮᠪᠥᠯᠢᠭ ᠦ᠋ᠨ ᠭᠡᠷᠡᠯ ᠳ᠋ᠦ᠍ ᠡᠮᠦᠨᠡᠬᠢ ᠵᠠᠮ ᠨᠢ ᠭᠡᠷᠡᠯᠲᠦᠨ᠎ᠡ᠃ ᠪᠥᠮᠪᠥᠯᠢᠭ ᠵᠣᠭᠰᠣᠬᠤ ᠳ᠋ᠤ᠌ ᠪᠤᠭᠤᠷᠴᠢ ᠭᠦᠶᠦᠭᠰᠡᠭᠡᠷ ᠳᠣᠣᠷ᠎ᠠ ᠨᠢ ᠣᠴᠢᠵᠤ ᠵᠣᠭᠰᠣᠪᠠ᠃ ᠭᠡᠲᠡᠯ᠎ᠡ ᠥᠨᠥᠬᠢ ᠪᠥᠮᠪᠥᠯᠢᠭ ᠭᠡᠨᠡᠳᠲᠡ ᠭᠠᠷᠴᠤ ᠢᠷᠡᠭᠰᠡᠨ ᠰᠢᠭ ᠢ᠋ᠶ᠋ᠡᠨ ᠭᠡᠨᠡᠳᠲᠡᠬᠡᠨ ᠠᠯᠠᠭ᠎ᠠ ᠪᠣᠯᠪᠠ᠃ ᠡᠷᠭᠢᠨ ᠲᠣᠭᠣᠷᠢᠨ ᠳᠡᠰ ᠬᠠᠷᠠᠩᠭᠤᠢ ᠪᠣᠯᠤᠯ᠎ᠠ᠃ ᠪᠦᠷ ᠠᠯᠤᠰ ᠲᠤ᠌ ᠴᠢᠨᠣ᠎ᠠ ᠨᠢᠭᠡᠨᠲᠡ ᠤᠯᠢᠭᠠᠳ ᠴᠢᠮᠡᠭᠡ ᠲᠠᠰᠤᠷᠠᠪᠠ᠃ ᠪᠤᠭᠤᠷᠴᠢ ᠴᠤ᠌ ᠦᠷ ᠴᠠᠢᠬᠤ ᠶ᠋ᠢ ᠬᠦᠯᠢᠶᠡᠬᠦ ᠡᠴᠡ ᠥᠭᠡᠷ᠎ᠡ ᠠᠷᠭ᠎ᠠ ᠦᠯᠡᠳᠡᠭᠰᠡᠨ ᠦᠭᠡᠢ᠃ ᠲᠡᠮᠦᠵᠢᠨ ᠦ᠌ ᠬᠡᠭᠦᠷ ᠢ᠋ ᠯᠡ ᠡᠷᠢᠵᠦ ᠣᠯᠬᠤ ᠯᠠ ᠦᠯᠡᠳᠡᠪᠡ ᠭᠡᠵᠦ ᠲᠡᠷᠡ ᠭᠠᠰᠢᠭᠤᠳᠠᠨ ᠪᠣᠳᠣᠭᠰᠠᠭᠠᠷ ᠪᠦᠷ ᠨᠢᠯᠪᠤᠰᠤ ᠤᠷᠤᠰᠬᠠᠨ ᠰᠠᠭᠤᠪᠠ᠃ ᠪᠤᠭᠤᠷᠴᠢ ᠥᠪᠡᠷ ᠢ᠋ ᠪᠡᠨ ᠵᠥᠪᠲᠡᠭᠡᠵᠦ ᠴᠠᠭᠠᠳᠬᠠᠬᠤ ᠠᠷᠭ᠎ᠠ ᠣᠯᠤᠭᠰᠠᠨ ᠦᠭᠡᠢ᠃ ᠦᠷ ᠴᠠᠢᠵᠤ ᠬᠣᠯᠠ ᠶ᠋ᠢᠨ ᠠᠭᠤᠯᠠᠰ ᠤ᠋ᠨ ᠣᠷᠣᠢ᠂ ᠣᠷᠴᠢᠮ ᠤ᠋ᠨ ᠭᠠᠵᠠᠷ ᠤ᠋ᠨ ᠪᠠᠷ᠎ᠠ ᠲᠣᠳᠣᠷᠠᠪᠠ᠃ ᠲᠡᠷᠡ ᠤᠨᠤᠨ ᠤ᠋ ᠪᠤᠷᠭᠠᠰᠤ ᠲᠠᠢ ᠥᠨᠳᠥᠷ ᠡᠷᠭᠢᠨ ᠳᠡᠭᠡᠷ᠎ᠡ ᠰᠠᠭᠤᠵᠤ ᠪᠠᠢᠪᠠ᠃ ᠭᠡᠷᠡᠯ ᠲᠡᠭᠦᠨ ᠢ᠋ ᠡᠨᠡ ᠬᠦᠷᠲᠡᠯ᠎ᠡ ᠬᠥᠲᠥᠯᠦᠨ ᠠᠪᠴᠢᠷᠠᠭᠠᠳ ᠠᠯᠠᠭ᠎ᠠ ᠪᠣᠯᠵᠠᠢ᠃ ᠭᠡᠭᠡ ᠣᠷᠣᠵᠤ ᠳᠠᠷᠤᠢ ᠨᠥᠬᠥᠳ ᠢ᠋ᠶ᠋ᠡᠨ ᠣᠯᠵᠤ ᠴᠡᠷᠢᠭ ᠲᠡᠢ ᠪᠡᠨ ᠨᠡᠢᠯᠡᠬᠦ ᠦᠭᠡᠢ ᠪᠣᠯ ᠠᠶᠤᠯ ᠲᠤᠯᠭᠠᠷᠠᠬᠤ ᠲᠤᠯᠠ ᠪᠤᠴᠠᠬᠤ᠂ ᠡᠭᠦᠨ ᠦ᠌ ᠡᠮᠦᠨ᠎ᠡ ᠬᠠᠮᠢᠭᠠᠰᠢ ᠪᠠᠨ ᠶᠠᠪᠤᠬᠤ᠂ ᠬᠠᠮᠢᠭ᠎ᠠ ᠪᠠᠢᠭ᠎ᠠ ᠪᠠᠨ ᠮᠡᠳᠡᠬᠦ ᠶ᠋ᠢᠨ ᠲᠤᠯᠠᠳᠠ ᠥᠨᠳᠥᠷᠯᠢᠭ ᠭᠠᠵᠠᠷ ᠭᠠᠷᠴᠤ ᠪᠠᠷ᠎ᠠ ᠬᠠᠷᠠᠬᠤ ᠨᠢ ᠵᠥᠪ ᠭᠡᠵᠦ ᠪᠣᠳᠣᠵᠠᠢ᠃ ᠭᠡᠲᠡᠯ᠎ᠡ ᠲᠡᠷᠡ ᠨᠢᠭᠡ ᠴᠦ᠍ ᠠᠯᠬᠤᠵᠤ ᠠᠮᠵᠢᠭᠰᠠᠨ ᠦᠭᠡᠢ ᠵᠣᠭᠰᠣᠭᠰᠠᠨ ᠭᠠᠵᠠᠷ ᠢ᠋ᠶ᠋ᠠᠨ ᠨᠠᠮ ᠬᠡᠪᠲᠡᠪᠡ᠃ ᠤᠴᠢᠷ ᠨᠢ ᠨᠢᠳᠦᠨ ᠦ᠌ ᠦᠵᠦᠭᠦᠷ ᠲᠦ᠍ ᠪᠤᠷᠭᠠᠰᠤ ᠬᠥᠳᠡᠯᠵᠦ ᠬᠡᠨ ᠨᠢᠭᠡᠨ ᠶᠠᠪᠤᠬᠤ ᠶ᠋ᠢ ᠣᠯᠵᠤ ᠬᠠᠷᠠᠵᠠᠢ᠃ ᠪᠤᠭᠤᠷᠴᠢ ᠳ᠋ᠤ᠌ ᠬᠢᠲᠤᠭᠠᠨ ᠠ᠋ᠴᠠ ᠥᠭᠡᠷ᠎ᠡ ᠵᠡᠪᠰᠡᠭ ᠦᠭᠡᠢ ᠪᠠᠢᠪᠠ᠃ ᠦᠨᠡᠬᠡᠷ ᠪᠤᠷᠭᠠᠰᠤᠨ ᠤ᠋ ᠵᠠᠪᠰᠠᠷ ᠢ᠋ᠶ᠋ᠠᠷ ᠬᠥᠮᠦᠨ ᠶᠠᠪᠤᠬᠤ ᠨᠢ ᠦᠵᠡᠭᠳᠡᠨ᠎ᠡ᠃ ᠲᠡᠷᠡ ᠭᠠᠭᠴᠠᠭᠠᠷ ᠪᠣᠯᠤᠯᠲᠠᠢ ᠶ᠋ᠢ ᠮᠡᠳᠡᠭᠡᠳ ᠥᠨᠳᠡᠢᠵᠦ᠄
| ᠬᠥᠶᠢ᠂ ᠴᠢ ᠶᠠᠭᠤᠨ ᠤ᠋ ᠬᠥᠮᠦᠨ ᠪᠣᠢ? ᠭᠡᠵᠦ ᠠᠶᠠᠷ ᠬᠠᠰᠬᠢᠷᠪᠠ᠃
| ᠪᠤᠭᠤᠷᠴᠢ ᠴᠢ ᠤᠤ? ᠭᠡᠬᠦ ᠨᠢ ᠵᠡᠯᠮ᠎ᠡ ᠶ᠋ᠢᠨ ᠳᠠᠭᠤ ᠠᠵᠢ᠃ ᠪᠤᠭᠤᠷᠴᠢ ᠴᠤ᠌ ᠪᠣᠰᠴᠤ ᠭᠦᠶᠦᠪᠡ᠃ ᠪᠤᠷᠭᠠᠰᠤᠨ ᠠ᠋ᠴᠠ ᠳᠣᠲᠣᠭᠤᠷ ᠥᠮᠥᠳᠥ ᠲᠡᠢ ᠵᠠᠯᠮ᠎ᠠ ᠭᠠᠷᠴᠤ ᠤᠭᠲᠤᠪᠠ᠃
| ᠲᠡᠮᠦᠵᠢᠨ ᠶᠠᠭᠠᠬᠢᠪᠠ?
ᠵᠡᠯᠮ᠎ᠡ ᠳᠠᠭᠤ ᠦᠭᠡᠢ ᠭᠡᠳᠡᠷᠭᠦ ᠶᠠᠪᠤᠵᠤ ᠪᠤᠷᠭᠠᠰᠤᠨ ᠬᠠᠯᠬ᠎ᠠ ᠶ᠋ᠢ ᠰᠡᠬᠦᠪᠡᠯ ᠲᠡᠮᠦᠵᠢᠨ ᠲᠣᠨᠣᠭᠰᠠᠨ ᠴᠢᠰᠤᠨ ᠤ᠋ ᠳᠡᠷᠭᠡᠳᠡ ᠭᠤᠯᠳᠤᠢᠨ ᠬᠡᠪᠲᠡᠬᠦ ᠠᠵᠢ᠃
| ᠦᠬᠦᠴᠢᠬᠡᠪᠡ ᠤᠤ?
| ᠤᠨᠲᠠᠵᠤ ᠪᠠᠢᠨ᠎ᠠ᠃ ᠬᠠᠮᠤᠭ ᠴᠢᠰᠤ ᠪᠠᠨ ᠶᠡᠭᠦᠯᠡᠭᠰᠡᠨ ᠪᠣᠯᠬᠣᠷ ᠲᠣᠯᠣᠭᠠᠢ ᠪᠠᠨ ᠡᠷᠭᠦᠬᠦ ᠲᠡᠩᠬᠡᠯ ᠦᠭᠡᠢ ᠪᠣᠯᠵᠠᠢ᠃ ᠪᠢ ᠲᠡᠮᠦᠵᠢᠨ ᠣ ᠴᠢᠰᠤᠨ ᠤ ᠲᠠᠯ᠎ᠠ ᠶ᠋ᠢ ᠤᠤᠭᠤᠭᠰᠠᠨ ᠪᠢᠵᠡ ᠭᠡᠵᠦ ᠵᠠᠯᠮ᠎ᠠ ᠲᠠᠢᠪᠤᠩ ᠢᠨᠢᠶᠡᠮᠰᠦᠭᠯᠡᠨ ᠬᠡᠯᠡᠭᠰᠡᠨ ᠨᠢ ᠪᠣᠭᠤᠷᠴᠢ ᠶ᠋ᠢ ᠲᠠᠢᠳᠬᠤᠷᠠᠭᠤᠯᠵᠤ ᠲᠡᠷᠡ ᠳᠣᠣᠷ᠎ᠠ ᠪᠠᠨ ᠰᠥᠬᠥᠷᠡᠨ ᠰᠠᠭᠤᠭᠠᠳ ᠲᠡᠭᠷᠢ ᠳ᠋ᠦ᠍ ᠮᠥᠷᠭᠥᠪᠡ᠃
| ᠴᠢ ᠶᠠᠭᠠᠬᠢᠵᠤ ᠪᠠᠢᠨ᠎ᠠ ᠠ᠋?
| ᠪᠢ ᠲᠡᠭᠷᠢ ᠳ᠋ᠦ᠍ ᠮᠥᠷᠭᠥᠵᠦ ᠪᠠᠢᠨ᠎ᠠ᠃ ᠰᠥᠨᠢ ᠨᠠᠮᠠᠶ᠋ᠢ ᠲᠠ ᠬᠣᠶᠠᠷ ᠢ᠋ ᠡᠷᠢᠨ ᠬᠡᠭᠦᠷ ᠦ᠋ᠨ ᠳᠤᠮᠳᠠ ᠲᠡᠨᠦᠵᠦ ᠶᠠᠪᠤᠬᠤ ᠳ᠋ᠤ᠌ ᠲᠡᠭᠷᠢ ᠨᠠᠮᠠᠶ᠋ᠢ ᠳᠠᠭᠠᠭᠤᠯᠤᠨ ᠡᠨᠳᠡ ᠠᠪᠴᠢᠷᠠᠵᠠᠢ ᠭᠡᠵᠦ ᠪᠤᠭᠤᠷᠴᠢ ᠬᠡᠯᠡᠪᠡ᠃ ᠲᠡᠷᠡ ᠭᠡᠷᠡᠯ ᠪᠣᠯ ᠦᠨᠡᠬᠡᠷ ᠳᠠᠪ ᠲᠩᠷᠢ ᠶ᠋ᠢᠨ ᠳᠠᠭᠤᠳᠠᠬᠤ ᠳ᠋ᠤ᠌ ᠢᠷᠡᠭᠡ ᠦᠭᠡᠢ ᠬᠦᠢᠲᠡᠨ ᠠᠭᠤᠯᠠ ᠶ᠋ᠢᠨ ᠰᠠᠪᠳᠠᠭ ᠪᠠᠢᠭᠰᠠᠨ ᠪᠢᠯᠡ᠃ ᠬᠦᠢᠲᠡᠨ ᠠᠭᠤᠯᠠ ᠶ᠋ᠢᠨ ᠰᠠᠪᠳᠠᠭ ᠳᠠᠪ ᠲᠩᠷᠢ ᠶ᠋ᠢᠨ ᠬᠦᠰᠡᠯᠲᠡ ᠶ᠋ᠢ ᠰᠣᠨᠣᠰᠴᠤ ᠮᠡᠳᠡᠭᠡ ᠦᠭᠡᠢ ᠲᠤᠯᠠ ᠬᠣᠴᠣᠷᠴᠤ ᠲᠡᠭᠦᠨ ᠦ᠌ ᠬᠦᠴᠦ ᠲᠡᠮᠦᠵᠢᠨ ᠦ᠌ ᠬᠦᠵᠦᠭᠦᠨ ᠳ᠋ᠡᠬᠢ ᠲᠡᠭᠷᠢ ᠶ᠋ᠢᠨ ᠰᠠᠬᠢᠭᠤᠰᠤᠨ ᠳ᠋ᠤ᠌ ᠰᠢᠩᠭᠡᠭᠡ ᠦᠭᠡᠢ ᠠᠵᠢ᠃ ᠲᠡᠢᠮᠦ ᠤᠴᠢᠷ ᠠ᠋ᠴᠠ ᠲᠡᠮᠦᠵᠢᠨ ᠡᠨᠳᠡ ᠬᠦᠢᠲᠡᠨ ᠠᠭᠤᠯᠠᠨ ᠳ᠋ᠤ᠌ ᠰᠢᠷᠬᠠᠲᠤᠵᠠᠢ᠃ ᠭᠡᠪᠡᠴᠦ ᠦᠬᠦᠭᠡ ᠦᠭᠡᠢ ᠨᠢ ᠬᠦᠢᠲᠡᠨ ᠠᠭᠤᠯᠠ ᠶ᠋ᠢᠨ ᠰᠠᠪᠳᠠᠭ ᠲᠤᠰᠠᠯᠠᠭᠰᠠᠨ ᠤ᠋ ᠬᠢ ᠶᠦᠮ᠃ ᠵᠡᠯᠮ᠎ᠡ ᠪᠤᠭᠤᠷᠴᠢ ᠬᠣᠶᠠᠷ ᠲᠡᠮᠦᠵᠢᠨ ᠢ᠋ ᠠᠪᠴᠤ ᠲᠡᠨᠳᠡ ᠡᠴᠡ ᠵᠠᠢᠯᠠᠪᠠ᠃ ᠰᠥᠨᠢ ᠰᠠᠯᠤᠭᠰᠠᠨ ᠨᠥᠬᠥᠳ ᠨᠢ ᠴᠦ᠍ ᠤᠳᠠᠯ ᠦᠭᠡᠢ ᠢᠷᠡᠵᠡᠢ᠃ ᠬᠡᠷᠪᠡ ᠪᠤᠭᠤᠷᠴᠢ ᠢᠷᠡᠭᠡ ᠦᠭᠡᠢ ᠪᠣᠯ ᠲᠠᠢᠴᠢᠭᠤᠳ ᠭᠡᠭᠡ ᠣᠷᠣᠮᠠᠭᠴᠠ ᠨᠣᠢᠲᠠᠨ ᠰᠢᠪᠠᠷ ᠳᠡᠭᠡᠷ᠎ᠡ ᠵᠡᠯᠮ᠎ᠡ ᠶ᠋ᠢᠨ ᠰᠥᠨᠢ ᠦᠯᠡᠳᠡᠭᠡᠭᠰᠡᠨ ᠮᠥᠷ ᠢ᠋ᠶ᠋ᠡᠷ ᠮᠥᠰᠬᠢᠨ ᠲᠡᠳᠡᠨ ᠢ᠋ ᠣᠯᠵᠤ᠂ ᠲᠡᠮᠦᠵᠢᠨ ᠭᠠᠷᠴᠠᠭ᠎ᠠ ᠦᠭᠡᠢ ᠦᠬᠦᠬᠦ ᠪᠠᠢᠭᠰᠠᠨ ᠶᠤᠮ᠃ ᠰᠥᠨᠢ ᠵᠡᠯᠮ᠎ᠡ ᠲᠠᠢᠴᠢᠭᠤᠳ ᠤ᠋ᠨ ᠬᠦᠷᠢᠶ᠎ᠡ ᠤᠷᠤᠭᠤ ᠨᠢᠴᠦᠭᠦᠨ ᠢ᠋ᠶ᠋ᠡᠷ ᠰᠠᠮ ᠣᠴᠢᠵᠤ ᠬᠥᠬᠦᠦᠷ ᠲᠡᠢ ᠲᠠᠷᠠᠭ ᠬᠤᠯᠠᠭᠠᠢᠯᠠᠨ ᠠᠪᠴᠢᠷᠠᠵᠤ ᠴᠢᠰᠤ ᠶᠡᠬᠡ ᠠᠯᠳᠠᠭᠰᠠᠨ ᠠ᠋ᠴᠠ ᠪᠣᠯᠵᠤ ᠠᠮᠠᠨ ᠨᠢ ᠠᠩᠭᠠᠢᠨ ᠶᠣᠣᠯᠠᠵᠤ ᠪᠠᠴᠢᠮᠳᠠᠬᠤ ᠲᠡᠮᠦᠵᠢᠨ ᠳ᠋ᠦ᠍ ᠤᠤᠭᠤᠯᠭᠠᠭᠰᠠᠨ ᠪᠢᠯᠡ᠃ ᠡᠨᠡ ᠪᠣᠯ ᠬᠣᠶᠠᠭᠤᠯᠠ ᠠᠮᠢ ᠠᠯᠳᠠᠵᠤ ᠪᠣᠯᠬᠤ ᠠᠶᠤᠯᠲᠠᠢ ᠬᠡᠷᠡᠭ ᠪᠠᠢᠪᠠ᠃ ᠭᠡᠪᠡᠴᠦ ᠡᠭᠦᠨ ᠡᠴᠡ ᠥᠭᠡᠷ᠎ᠡ ᠠᠷᠭ᠎ᠠ ᠵᠡᠯᠮ᠎ᠡ ᠳ᠋ᠦ᠍ ᠪᠠᠢᠭᠰᠠᠨ ᠦᠭᠡᠢ᠃ ᠦᠨᠡᠬᠡᠷ ᠥᠷᠯᠥᠭᠡ ᠨᠢ ᠭᠣᠣᠯ ᠤ᠋ᠨ ᠨᠣᠢᠲᠠᠨ ᠰᠢᠪᠡᠷ ᠳᠡᠭᠡᠷ᠎ᠡ ᠵᠡᠯᠮ᠎ᠡ ᠶ᠋ᠢᠨ ᠲᠣᠬᠣᠢ ᠤᠷᠲᠤ ᠨᠢᠴᠦᠭᠦᠨ ᠲᠠᠪᠠᠬᠠᠢ ᠶ᠋ᠢᠨ ᠮᠥᠷ ᠡᠵᠡᠨ ᠢ᠋ᠶ᠋ᠡᠨ ᠬᠠᠮᠢᠭ᠎ᠠ ᠠ᠋ᠴᠠ ᠢᠷᠡᠵᠦ᠂ ᠬᠠᠮᠢᠭ᠎ᠠ ᠣᠴᠢᠭᠰᠠᠨ ᠢ᠋ ᠢᠯᠡᠳᠬᠡᠨ ᠳᠤᠷᠠᠢᠵᠤ ᠪᠠᠢᠬᠤ ᠶ᠋ᠢ ᠲᠠᠢᠴᠢᠭᠤᠳ ᠦᠵᠡᠭᠡᠳ ᠳᠠᠪᠬᠢᠯᠳᠤᠨ ᠢᠷᠡᠪᠡᠯ ᠨᠢᠭᠤᠭᠳᠠᠭᠰᠠᠨ ᠭᠠᠵᠠᠷ ᠨᠢ ᠲᠣᠨᠣᠭᠰᠠᠨ ᠴᠢᠰᠤᠨ ᠠ᠋ᠴᠠ ᠥᠭᠡᠷ᠎ᠡ ᠶᠠᠭᠤᠮ᠎ᠠ ᠦᠯᠡᠳᠡᠭᠰᠡᠨ ᠦᠭᠡᠢ ᠠᠵᠢ᠃
ᠪᠤᠭᠤᠷᠴᠢ ᠬᠡᠳᠦᠢ ᠪᠡᠷ ᠥᠨᠥᠬᠢ ᠴᠡᠩᠬᠡᠷ ᠭᠡᠷᠡᠯᠲᠦ ᠪᠥᠮᠪᠥᠯᠢᠭ ᠦ᠋ᠨ ᠤᠴᠢᠷ ᠢ᠋ ᠣᠯᠤᠭ᠎ᠠ ᠦᠭᠡᠢ ᠴᠦ᠍ ᠲᠡᠭᠦᠨ ᠢ᠋ ᠲᠡᠮᠦᠵᠢᠨ ᠳ᠋ᠦ᠍ ᠲᠤᠰᠠᠯᠠᠬᠤ ᠪᠠᠷ ᠢᠷᠡᠭᠦᠯᠦᠭᠰᠡᠨ ᠲᠡᠭᠷᠢ ᠶ᠋ᠢᠨ ᠳᠣᠬᠢᠶ᠎ᠠ ᠭᠡᠳᠡᠭ ᠢ᠋ ᠭᠠᠳᠠᠷᠯᠠᠵᠠᠢ᠃ ᠲᠡᠷᠡ ᠳᠠᠪ ᠲᠩᠷᠢ ᠰᠢᠭ ᠴᠢᠨᠣ᠎ᠠ ᠶ᠋ᠢᠨ ᠬᠡᠯᠡ ᠶ᠋ᠢ ᠣᠢᠯᠠᠭᠠᠳᠠᠭ ᠪᠠᠢᠭᠰᠠᠨ ᠪᠣᠯ ᠤᠴᠢᠷ ᠢ᠋ ᠲᠠᠢᠯᠵᠤ ᠴᠥᠬᠥᠬᠦ ᠶᠠᠭᠤᠮ᠎ᠠ ᠦᠭᠡᠢ ᠪᠠᠢᠭᠰᠠᠨ ᠪᠢᠵᠡ᠃ ᠰᠥᠨᠢ ᠶ᠋ᠢᠨ ᠭᠡᠷᠡᠯᠲᠦ ᠪᠥᠮᠪᠥᠯᠢᠭ ᠢ᠋ ᠭᠠᠭᠴᠠ ᠪᠤᠭᠤᠷᠴᠢ ᠬᠠᠷᠠᠭᠰᠠᠨ ᠪᠢᠰᠢ ᠪᠠᠢᠵᠠᠢ᠃ ᠲᠡᠷᠡ ᠪᠥᠮᠪᠥᠯᠢᠭ ᠲᠠᠢᠴᠢᠭᠤᠳ ᠴᠡᠷᠢᠭ ᠦ᠋ᠳ ᠲᠦ᠍ ᠦᠵᠡᠭᠳᠡᠭᠰᠡᠨ ᠳ᠋ᠦ᠍ ᠲᠡᠳᠡ ᠰᠡᠵᠢᠭᠯᠡᠨ ᠵᠢᠪᠡᠭᠦᠴᠡᠵᠦ᠂ ᠴᠡᠷᠢᠭ ᠦ᠋ᠨ ᠲᠥᠯᠭᠡᠴᠢ ᠨᠢ ᠮᠡᠷᠭᠡᠯᠡᠵᠦ ᠦᠵᠡᠭᠰᠡᠨ ᠳ᠋ᠦ᠍ ᠳᠠᠢᠰᠤᠨ ᠳ᠋ᠤ᠌ ᠲᠡᠢᠯᠳᠡᠬᠥ ᠶ᠋ᠢᠨ ᠢᠷᠣ᠎ᠠ ᠪᠠᠢᠭᠰᠠᠨ ᠲᠤᠯᠠ ᠮᠠᠷᠭᠠᠰᠢ ᠨᠢ ᠲᠠᠢᠴᠢᠭᠤᠳ ᠤ᠋ᠨ ᠶᠡᠬᠡᠩᠬᠢ ᠨᠢ ᠵᠢᠭᠤᠲᠠᠨ ᠲᠠᠷᠠᠵᠤ ᠣᠳᠤᠭᠰᠠᠨ ᠪᠢᠯᠡ᠃
ᠥᠪᠡᠷ ᠦ᠋ᠨ ᠬᠢᠨᠢ ᠠᠰᠠᠷ ᠲᠤ᠌ ᠠᠪᠠᠴᠢᠵᠤ᠂ ᠲᠣᠢᠭ ᠤ᠋ᠨ ᠬᠠᠯᠠᠭᠤᠨ ᠱᠥᠯᠥ ᠤᠤᠭᠤᠯᠭᠠᠭᠰᠠᠨ ᠤ᠋ ᠬᠣᠢᠨ᠎ᠠ ᠵᠢᠭᠠᠬᠠᠨ ᠲᠡᠩᠬᠡᠷᠡᠵᠦ ᠥᠨᠳᠡᠢᠭᠰᠡᠨ ᠲᠡᠮᠦᠵᠢᠨ ᠬᠡᠳᠦᠢ ᠪᠡᠷ ᠭᠦᠷᠡᠭᠡᠨ ᠦ᠌ ᠪᠡᠨ ᠰᠤᠳᠠᠰᠤ ᠪᠠᠨ ᠬᠠᠭ᠎ᠠ ᠬᠠᠷᠪᠤᠭᠤᠯᠵᠤ ᠴᠢᠰᠤ ᠶᠡᠬᠡ ᠪᠡᠷ ᠠᠯᠲᠠᠨ ᠲᠠᠮᠢᠷᠳᠠᠭᠰᠠᠨ ᠴᠤ᠌ ᠬᠡᠳᠦᠨ ᠦᠭᠡ ᠬᠡᠯᠡᠪᠡ᠃ ᠰᠠᠨᠠᠭ᠎ᠠ ᠵᠣᠪᠠᠵᠤ ᠰᠢᠨᠠᠯᠤᠭᠰᠠᠨ ᠨᠥᠬᠥᠳ ᠦ᠋ᠨ ᠬᠢᠨᠢ ᠴᠢᠷᠠᠢ ᠭᠡᠢᠵᠦ ᠰᠡᠷᠭᠦᠪᠡ᠃ ᠴᠠᠴᠠᠷ ᠲᠤ᠌ ᠰᠢᠷᠬ᠎ᠠ ᠲᠠᠢ ᠲᠡᠮᠦᠵᠢᠨ ᠦ᠌ ᠳᠡᠷᠭᠡᠳᠡ ᠬᠠᠰᠠᠷ᠂ ᠪᠤᠭᠤᠷᠴᠢ᠂ ᠵᠡᠯᠮ᠎ᠡ ᠭᠤᠷᠪᠠ ᠯᠠ ᠪᠠᠢᠯ᠎ᠠ᠃ ᠤᠴᠢᠷ ᠨᠢ ᠲᠡᠮᠦᠵᠢᠨ ᠦ᠌ ᠰᠢᠷᠬᠠᠲᠤᠭᠰᠠᠨ ᠢ᠋ ᠣᠯᠠᠨ ᠠ᠋ᠴᠠ ᠨᠢᠭᠤᠬᠤ ᠶᠣᠰᠣᠲᠠᠢ ᠲᠤᠯᠠ ᠢᠩᠭᠢᠵᠦ ᠬᠥᠯ ᠬᠣᠷᠢᠵᠠᠢ᠃ ᠲᠡᠮᠦᠵᠢᠨ ᠢ᠋ ᠤᠬᠠᠭᠠᠨ ᠣᠷᠣᠵᠤ ᠰᠡᠷᠭᠦᠮᠡᠭᠴᠡ ᠯᠡ ᠲᠡᠭᠦᠨ ᠦ᠌ ᠰᠢᠷᠬᠠᠳᠤᠭᠰᠠᠨ ᠤ᠋ ᠪᠤᠷᠤᠭᠤᠲᠠᠨ ᠪᠤᠭᠤᠷᠴᠢ ᠶ᠋ᠢ ᠭᠡᠰᠬᠡᠬᠦ ᠶ᠋ᠢ ᠬᠠᠰᠠᠷ ᠰᠢᠭᠤᠳ ᠱᠠᠭᠠᠷᠳᠠᠪᠠ᠃ ᠥᠪᠡᠷ ᠦ᠋ᠨ ᠬᠢᠬᠦ ᠶ᠋ᠢ ᠤᠮᠠᠷᠲᠠᠭᠰᠠᠨ ᠪᠤᠷᠤᠭᠤ ᠶ᠋ᠢ ᠭᠠᠭᠴᠠ ᠪᠤᠭᠤᠷᠴᠢ ᠬᠦᠯᠢᠶᠡᠬᠦ ᠶᠣᠰᠣᠲᠠᠢ ᠭᠡᠵᠦ ᠬᠠᠰᠠᠷ ᠦᠵᠡᠵᠡᠢ᠃ ᠲᠠᠢᠴᠢᠭᠤᠳ ᠤ᠋ᠨ ᠠᠭᠤᠴᠤ ᠪᠠᠭᠠᠲᠤᠷ ᠥᠪᠡᠷ ᠦ᠋ᠨ ᠰᠢᠯᠢᠳᠡᠭ ᠴᠡᠷᠢᠭ ᠦ᠋ᠳ ᠦ᠋ᠨ ᠬᠠᠮᠲᠤ ᠲᠡᠳᠡᠨ ᠦ᠌ ᠡᠰᠡᠷᠭᠦᠴᠡᠯ ᠢ᠋ ᠨᠢᠴᠤᠭᠠᠵᠤ ᠪᠦᠰᠡᠯᠡᠨ ᠠᠪᠬᠤ ᠠᠶᠤᠯ ᠢᠯᠡᠷᠬᠡᠢ ᠲᠤᠯᠭᠠᠷᠠᠭᠰᠠᠨ ᠦᠶ᠎ᠡ ᠳ᠋ᠦ᠍ ᠪᠤᠭᠤᠷᠴᠢ ᠲᠡᠮᠦᠵᠢᠨ ᠦ᠌ ᠳᠡᠷᠭᠡᠳᠡ ᠪᠠᠢᠭᠰᠠᠨ ᠴᠡᠷᠢᠭ ᠦ᠋ᠳ ᠢ᠋ ᠤᠳᠤᠷᠢᠳᠤᠨ ᠬᠠᠯᠵᠠ ᠳᠣᠯᠣᠭᠠᠨ ᠳ᠋ᠤ᠌ ᠣᠷᠣᠭᠰᠠᠨ ᠪᠢᠯᠡ᠃ ᠢᠩᠭᠢᠵᠦ ᠲᠦᠷᠭᠡᠨ ᠰᠢᠭᠤᠷᠬᠠᠢ ᠡᠰᠡᠷᠭᠦ ᠳᠣᠪᠲᠣᠯᠭ᠎ᠠ ᠦᠭᠡᠢ ᠪᠣᠯ ᠲᠡᠮᠦᠵᠢᠨ ᠦ᠌ ᠭᠣᠣᠯ ᠴᠡᠷᠢᠭ ᠬᠦᠢᠲᠡᠨ ᠠᠭᠤᠯᠠ ᠶ᠋ᠢᠨ ᠬᠠᠪᠴᠢᠯ ᠳ᠋ᠤ᠌ ᠬᠠᠰᠢᠭᠳᠠᠨ ᠰᠥᠨᠥᠬᠦ ᠠᠶᠤᠯ ᠢᠯᠡᠷᠬᠡᠢ ᠪᠠᠢᠭᠰᠠᠨ ᠴᠤ᠌ ᠪᠤᠭᠤᠷᠴᠢ ᠬᠠᠰᠠᠷ ᠤ᠋ᠨ ᠵᠢᠮᠡᠯᠡᠯ ᠢ᠋ ᠡᠰᠡᠷᠭᠦᠴᠡᠯ ᠦᠭᠡᠢ ᠳᠠᠭᠤ ᠦᠭᠡᠢ ᠰᠣᠨᠣᠰᠴᠤ ᠥᠪᠡᠷ ᠢ᠋ ᠪᠡᠨ ᠵᠥᠪᠲᠡᠭᠡᠬᠦ ᠨᠢᠭᠡ ᠴᠦ᠍ ᠦᠭᠡ ᠤᠨᠠᠭᠠᠭᠰᠠᠨ ᠦᠭᠡᠢ᠃ ᠪᠤᠭᠤᠷᠴᠢ ᠶᠡᠷᠦ ᠲᠡᠢᠮᠦ ᠵᠠᠩ ᠲᠠᠢ ᠪᠢᠯᠡ᠃ ᠬᠠᠰᠠᠷ ᠤ᠋ᠨ ᠦᠭᠡ ᠶ᠋ᠢ ᠨᠢᠴᠤᠭᠠᠨ ᠬᠡᠷᠡᠭᠦᠯ ᠤᠷᠤᠭᠤᠯ ᠡᠭᠦᠰᠬᠡᠬᠦ ᠶ᠋ᠢ ᠲᠡᠷᠡ ᠬᠦᠰᠡᠭᠰᠡᠨ ᠦᠭᠡᠢ᠃ ᠲᠡᠷᠡ ᠲᠡᠮᠦᠵᠢᠨ ᠦ᠌ ᠦᠭᠡ ᠶ᠋ᠢ ᠳᠠᠭᠠᠬᠤ ᠪᠠᠷ ᠰᠢᠢᠳᠴᠡᠢ᠃ ᠪᠤᠭᠤᠷᠴᠢ ᠶ᠋ᠢᠨ ᠡᠢᠨ ᠳᠠᠭᠤ ᠦᠭᠡᠢ ᠵᠣᠭᠰᠣᠬᠤ ᠶ᠋ᠢ ᠪᠤᠷᠤᠭᠤ ᠪᠠᠨ ᠬᠦᠯᠢᠶᠡᠵᠦ ᠪᠠᠢᠨ᠎ᠠ ᠭᠡᠵᠦ ᠬᠠᠰᠠᠷ ᠣᠢᠯᠠᠭᠠᠪᠠ᠃ ᠨᠢᠭᠡᠨᠲᠡ ᠪᠤᠭᠤᠷᠴᠢ ᠶ᠋ᠢᠨ ᠪᠤᠷᠤᠭᠤ ᠢᠯᠡᠷᠬᠡᠢ᠂ ᠲᠡᠭᠦᠨ ᠡᠴᠡ ᠪᠣᠯᠵᠤ ᠲᠡᠮᠦᠵᠢᠨ ᠬᠠᠮᠠᠭᠠᠯᠠᠯᠲᠠ ᠦᠭᠡᠢ ᠪᠣᠯᠵᠤ ᠠᠮᠢ ᠡᠷᠡᠰᠳᠡᠬᠦ ᠳᠥᠭᠥᠭᠰᠡᠨ ᠨᠢ ᠲᠣᠳᠣᠷᠬᠠᠢ ᠲᠤᠯᠠ ᠪᠤᠭᠤᠷᠴᠢ ᠶ᠋ᠢ ᠦᠬᠦᠭᠦᠯᠬᠦ ᠶᠣᠰᠣᠲᠠᠢ ᠭᠡᠵᠦ ᠬᠠᠰᠠᠷ ᠰᠢᠭᠤᠳ ᠲᠤᠯᠭᠠᠪᠠ᠃ ᠪᠤᠭᠤᠷᠴᠢ ᠶ᠋ᠢ ᠢᠷᠡᠭᠰᠡᠨ ᠡᠴᠡ ᠬᠣᠢᠰᠢ ᠭᠡᠷ ᠦ᠋ᠨ ᠳᠣᠲᠣᠷᠠᠬᠢ ᠪᠠᠢᠷᠢ ᠰᠠᠭᠤᠷᠢ᠂ ᠡᠷᠬᠡ ᠮᠠᠲᠠᠯ ᠨᠢ ᠢᠯᠡᠳᠲᠡ ᠬᠤᠮᠢᠭᠳᠠᠵᠤ᠂ ᠲᠡᠮᠦᠵᠢᠨ ᠡᠨᠡ ᠵᠠᠯᠠᠭᠤ ᠳ᠋ᠤ᠌ ᠪᠦᠭᠦᠳᠡ ᠡᠴᠡ ᠢᠯᠡᠭᠦᠦ ᠨᠢᠭᠤᠷ ᠥᠭᠬᠦ ᠪᠣᠯᠤᠭᠰᠠᠨ ᠳ᠋ᠤ᠌ ᠬᠠᠰᠠᠷ ᠤᠭ ᠠ᠋ᠴᠠ ᠳᠤᠷ᠎ᠠ ᠦᠭᠡᠢ ᠪᠠᠢᠵᠠᠢ᠃ ᠲᠡᠮᠦᠵᠢᠨ ᠦ᠌ ᠳᠠᠷᠠᠭ᠎ᠠ ᠪᠠᠷ ᠥᠪᠡᠷ ᠡᠴᠡ ᠨᠢ ᠢᠯᠡᠭᠦᠦ ᠬᠦᠨᠳᠦᠯᠡᠯ ᠬᠦᠯᠢᠶᠡᠭᠰᠡᠨ ᠪᠤᠭᠤᠷᠴᠢ ᠶ᠋ᠢ ᠣᠳᠣ ᠯᠠ ᠳᠠᠷᠤᠵᠤ ᠠᠪᠬᠤ ᠶᠣᠰᠣᠲᠠᠢ ᠭᠡᠵᠦ ᠬᠠᠰᠠᠷ ᠤ᠋ᠨ ᠳᠣᠲᠣᠷ᠎ᠠ ᠪᠣᠳᠣᠭᠳᠠᠵᠠᠢ᠃ ᠵᠠᠯᠮ᠎ᠠ ᠪᠣᠯ ᠤᠭ ᠠ᠋ᠴᠠ ᠲᠡᠳᠡᠨ ᠦ᠌ ᠪᠣᠭᠣᠯ ᠲᠤᠯᠠ ᠶᠠᠮᠠᠷ ᠴᠤ᠌ ᠦᠶ᠎ᠡ ᠳ᠋ᠦ᠍ ᠬᠠᠰᠠᠷ ᠲᠤ᠌ ᠬᠦᠨᠳᠦᠳᠬᠡᠯ ᠦᠵᠡᠭᠦᠯᠦᠨ᠎ᠡ᠃ ᠬᠠᠷᠢᠨ ᠪᠤᠭᠤᠷᠴᠢ ᠪᠣᠯ ᠲᠡᠢᠮᠦ ᠪᠢᠰᠢ᠃ ᠬᠠᠰᠠᠷ ᠢ᠋ ᠥᠪᠡᠷ ᠡᠴᠡ ᠪᠡᠨ ᠳᠣᠣᠷ᠎ᠠ ᠳ᠋ᠤ᠌ ᠦᠵᠡᠬᠦ ᠮᠡᠲᠦ ᠰᠠᠨᠠᠭᠳᠠᠬᠤ ᠪᠣᠯᠤᠭᠠᠳ ᠤᠳᠠᠵᠠᠢ᠃
ᠬᠡᠨ ᠬᠡᠯᠡᠭᠰᠡᠨ ᠦᠭᠡᠨ ᠳ᠋ᠡᠭᠡᠨ ᠡᠵᠡᠨ ᠪᠣᠯᠵᠤ ᠦᠯᠦ ᠴᠢᠳᠠᠨ᠎ᠠ᠂ ᠲᠡᠷᠡ ᠬᠥᠮᠦᠨ ᠢ᠋ ᠪᠤᠰᠤᠳ ᠲᠤ᠌ ᠳᠣᠬᠢᠶ᠎ᠠ ᠰᠠᠨᠠᠮᠵᠢ ᠪᠣᠯᠭᠠᠨ ᠦᠬᠦᠭᠦᠯᠬᠦ ᠶᠣᠰᠣᠲᠠᠢ᠃ ᠪᠢ ᠴᠦ᠍ ᠪᠠᠢᠭᠰᠠᠨ ᠲᠡᠭᠡᠬᠦ ᠪᠣᠯᠤᠨ᠎ᠠ ᠭᠡᠵᠦ ᠬᠠᠰᠠᠷ ᠱᠠᠭᠠᠷᠳᠠᠪᠠ᠃ ᠲᠡᠮᠦᠵᠢᠨ ᠪᠣᠳᠣᠯ ᠳ᠋ᠤ᠌ ᠤᠨᠠᠪᠠ᠃ ᠪᠤᠰᠤᠳ ᠨᠢ ᠲᠡᠭᠦᠨ ᠦ᠌ ᠦᠭᠡ ᠶ᠋ᠢ ᠬᠦᠯᠢᠶᠡᠨ ᠲᠠᠭ ᠳᠠᠭᠤ ᠦᠭᠡᠢ ᠰᠠᠭᠤᠵᠠᠭᠠᠨ᠎ᠠ᠃ ᠲᠡᠭᠦᠨ ᠦ᠌ ᠰᠢᠷᠬᠠᠳᠤᠭᠰᠠᠨ ᠨᠢ ᠲᠡᠮᠦᠵᠢᠨ ᠦ᠌ ᠨᠥᠬᠥᠳ ᠦ᠋ᠨ ᠪᠠᠢᠯᠳᠤᠬᠤ ᠳᠠᠢᠳᠤᠬᠤ ᠠᠷᠭ᠎ᠠ ᠴᠢᠳᠠᠪᠤᠷᠢ᠂ ᠴᠡᠷᠢᠭ ᠦ᠋ᠨ ᠰᠠᠬᠢᠯᠭ᠎ᠠ ᠦᠨᠡᠨ ᠳ᠋ᠡᠭᠡᠨ ᠳᠤᠲᠠᠭᠤ ᠪᠠᠢᠭ᠎ᠠ ᠶ᠋ᠢ ᠢᠯᠡᠷᠡᠭᠦᠯᠵᠡᠢ᠃ ᠭᠡᠪᠡᠴᠦ ᠪᠤᠭᠤᠷᠴᠢ ᠶ᠋ᠢ ᠪᠤᠷᠤᠭᠤᠳᠬᠠᠬᠤ ᠰᠡᠳᠬᠢᠯ ᠲᠡᠮᠦᠵᠢᠨ ᠳ᠋ᠦ᠍ ᠣᠭᠲᠣᠬᠠᠨ ᠴᠤ᠌ ᠲᠥᠷᠥᠭᠰᠡᠨ ᠦᠭᠡᠢ᠃ ᠪᠠᠰᠠ ᠬᠠᠰᠠᠷ ᠤ᠋ᠨ ᠱᠠᠭᠠᠷᠳᠠᠭᠰᠠᠨ ᠨᠢ ᠴᠦ᠍ ᠵᠥᠪ ᠭᠡᠵᠦ ᠪᠣᠳᠣᠨ᠎ᠠ᠃ ᠪᠤᠭᠤᠷᠴᠢ ᠪᠣᠯ ᠲᠡᠮᠦᠵᠢᠨ ᠳ᠋ᠦ᠍ ᠲᠩᠷᠢ ᠡᠴᠡ ᠢᠯᠡᠭᠡᠭᠰᠡᠨ ᠬᠠᠮᠤᠭ ᠤ᠋ᠨ ᠠᠩᠬᠠᠨ ᠤ᠋ ᠭᠠᠭᠴᠠ ᠦᠨᠡᠨᠴᠢ ᠨᠥᠬᠥᠷ ᠨᠢ ᠶᠦᠮ᠃ ᠲᠩᠷᠢ ᠲᠡᠭᠦᠨ ᠢ᠋ ᠪᠤᠭᠤᠷᠴᠢ ᠲᠠᠢ ᠤᠴᠠᠷᠠᠭᠤᠯᠬᠤ ᠶ᠋ᠢᠨ ᠲᠤᠯᠠᠳᠠ ᠵᠦᠷᠭᠢᠨ ᠠᠢᠮᠠᠭ ᠤ᠋ᠨ ᠬᠢᠨ ᠢ᠋ᠶ᠋ᠡᠷ ᠨᠠᠢ᠍ᠮᠠᠨ ᠰᠢᠷᠭ᠎ᠠ ᠠᠭᠲᠠ ᠶ᠋ᠢ ᠨᠢ ᠬᠤᠯᠠᠭᠠᠢᠯᠠᠭᠤᠯᠤᠭᠰᠠᠨ ᠭᠡᠳᠡᠭ ᠢ᠋ ᠲᠡᠮᠦᠵᠢᠨ ᠣᠢᠯᠠᠭᠠᠭᠰᠠᠨ ᠪᠢᠯᠡ᠃ ᠭᠡᠲᠡᠯ᠎ᠡ ᠬᠠᠰᠠᠷ ᠤ᠋ᠨ ᠬᠡᠯᠡᠭᠰᠡᠨ ᠶᠣᠰᠣᠭᠠᠷ ᠪᠤᠭᠤᠷᠴᠢ ᠶ᠋ᠢ ᠰᠢᠢᠳᠬᠡᠬᠦ ᠨᠢ ᠴᠡᠷᠢᠭ ᠦ᠋ᠨ ᠰᠠᠬᠢᠯᠭ᠎ᠠ ᠵᠢᠷᠤᠮ ᠢ᠋ ᠪᠠᠲᠤᠳᠬᠠᠬᠤ ᠰᠠᠢᠨ ᠠᠷᠭ᠎ᠠ᠂ ᠰᠤᠷᠭᠠᠮᠵᠢ ᠪᠣᠯᠬᠤ ᠪᠠᠢᠪᠠ᠃ ᠪᠠᠰᠠ ᠦᠨᠡᠨᠴᠢ ᠨᠥᠬᠥᠷ ᠭᠡᠵᠦ ᠲᠠᠯ᠎ᠠ ᠲᠣᠬᠣᠢ ᠲᠠᠲᠠᠵᠤ ᠬᠡᠨ ᠢ᠋ ᠴᠦ᠍ ᠳᠡᠭᠡᠭᠦᠷ ᠦᠵᠡᠬᠦ ᠦᠭᠡᠢ ᠴᠢᠩ ᠰᠢᠳᠤᠷᠭᠤ ᠰᠢᠨᠵᠢ ᠶ᠋ᠢ ᠦᠵᠡᠭᠦᠯᠬᠦ ᠲᠤᠯᠠ ᠴᠡᠷᠢᠭ ᠠᠷᠠᠳ ᠤ᠋ᠨ ᠳᠤᠮᠳᠠ ᠲᠡᠮᠦᠵᠢᠨ ᠦ᠌ ᠨᠡᠷ᠎ᠡ ᠨᠢᠭᠤᠷ ᠢ᠋ ᠴᠦ᠍ ᠥᠰᠬᠡᠬᠦ ᠶᠦ᠍ᠮ᠃ ᠪᠤᠭᠤᠷᠴᠢ ᠶ᠋ᠢ ᠦᠬᠦᠭᠦᠯᠬᠦ ᠠᠮᠠᠷᠬᠠᠨ᠂ ᠪᠠᠰᠠ ᠲᠡᠭᠡᠬᠦ ᠰᠢᠯᠲᠠᠭ ᠪᠡᠯᠡᠬᠡᠨ ᠪᠠᠢᠪᠠ᠃ ᠪᠤᠭᠤᠷᠴᠢ ᠴᠤ᠌ ᠦᠬᠦᠬᠦ ᠶ᠋ᠢ ᠦᠯᠦ ᠲᠣᠭᠣᠨ᠎ᠠ᠃ ᠠᠶᠤᠬᠤ ᠴᠤ᠌ ᠦᠭᠡᠢ ᠪᠢᠵᠡ᠃ ᠬᠠᠷᠢᠨ ᠪᠤᠭᠤᠷᠴᠢ ᠬᠠᠰᠠᠷ ᠬᠣᠶᠠᠷ ᠤ᠋ᠨ ᠬᠡᠨ ᠢ᠋ ᠰᠣᠩᠭᠣᠬᠤ ᠪᠣᠢ ᠭᠡᠳᠡᠭ ᠢ᠋ᠶ᠋ᠡᠨ ᠰᠢᠢᠳᠬᠦ ᠴᠠᠭ ᠲᠡᠮᠦᠵᠢᠨ ᠳ᠋ᠦ᠍ ᠣᠳᠣ ᠢᠷᠡᠵᠡᠢ᠃ ᠬᠡᠷᠪᠡ ᠬᠠᠰᠠᠷ ᠤ᠋ᠨ ᠦᠭᠡ ᠶ᠋ᠢ ᠳᠠᠭᠠᠵᠤ ᠪᠤᠭᠤᠷᠴᠢ ᠠ᠋ᠴᠠ ᠬᠠᠭᠠᠴᠠᠪᠠᠯ ᠬᠡᠨ ᠲᠡᠭᠦᠨ ᠦ᠌ ᠣᠷᠣ ᠶ᠋ᠢ ᠨᠥᠬᠥᠬᠦ ᠪᠢᠯᠡ᠃ ᠬᠠᠰᠠᠷ ᠤᠤ᠂ ᠡᠰᠡᠪᠡᠯ ᠪᠣᠭᠤᠷᠴᠢ ᠶ᠋ᠢ ᠥᠷᠥᠰᠢᠶᠡᠵᠦ ᠬᠠᠰᠠᠷ ᠤ᠋ᠨ ᠦᠭᠡ ᠶ᠋ᠢ ᠨᠢᠴᠤᠭᠠᠪᠠᠯ ᠬᠠᠰᠠᠷ ᠤ᠋ᠨ ᠰᠡᠳᠬᠢᠯ ᠦ᠋ᠨ ᠭᠦᠨ ᠦ᠌ ᠡᠭᠳᠡᠭᠦᠴᠡᠯ ᠮᠡᠳᠡᠭᠳᠡᠵᠦ ᠭᠡᠷ ᠦ᠋ᠨ ᠳᠣᠲᠣᠷ᠎ᠠ ᠳᠠᠢᠰᠤᠨ ᠪᠣᠢ ᠪᠣᠯᠬᠤ ᠠᠶᠤᠯ ᠲᠠᠢ᠃ ᠬᠤᠶᠠᠭ ᠳᠤᠭᠤᠯᠠᠭ᠎ᠠ ᠡᠮᠦᠰᠦᠯ ᠦᠭᠡᠢ ᠴᠠᠯᠠᠭᠠᠷ ᠵᠠᠩ ᠭᠠᠷᠭᠠᠭᠰᠠᠨ ᠠ᠋ᠴᠠ ᠡᠭᠦᠳᠴᠦ ᠳᠠᠢᠰᠤᠨ ᠤ᠋ ᠰᠤᠮᠤᠨ ᠳ᠋ᠤ᠌ ᠥᠷᠲᠥᠨ ᠰᠢᠷᠬᠠᠳᠤᠭᠰᠠᠨ ᠨᠢ ᠠᠬ᠎ᠠ ᠳᠡᠭᠦᠦ ᠶ᠋ᠢᠨ ᠬᠣᠯᠪᠣᠭ᠎ᠠ᠂ ᠥᠭᠡᠯᠦᠨ ᠡᠬᠡ ᠶ᠋ᠢᠨ ᠨᠡᠷ᠎ᠡ ᠰᠦᠷ ᠦ᠋ᠨ ᠳᠣᠣᠷ᠎ᠠ ᠳᠠᠷᠤᠭᠳᠠᠨ ᠶᠠᠪᠤᠭᠰᠠᠨ ᠳᠠᠯᠳᠠ ᠵᠥᠷᠢᠴᠡᠯ ᠲᠡᠮᠡᠴᠡᠯ ᠢ᠋ ᠢᠯᠡᠷᠡᠭᠦᠯᠦᠨ ᠭᠠᠷᠭᠠᠵᠤ ᠪᠣᠢ ᠶ᠋ᠢ ᠲᠡᠮᠦᠵᠢᠨ ᠬᠠᠷᠠᠪᠠ᠃ ᠬᠡᠷᠪᠡ ᠲᠡᠷᠡ ᠦᠬᠦᠭᠰᠡᠨ ᠪᠣᠯ ᠬᠠᠰᠠᠷ ᠨᠢᠭᠡᠨᠲᠡ ᠥᠪᠡᠷ ᠦ᠋ᠨ ᠡᠷᠬᠡ ᠶ᠋ᠢᠨ ᠳᠠᠭᠠᠤ ᠲᠡᠮᠦᠵᠢᠨ ᠢ᠋ ᠵᠠᠯᠭᠠᠮᠵᠢᠯᠠᠬᠤ ᠨᠢ ᠭᠠᠷᠴᠠᠭ᠎ᠠ ᠦᠭᠡᠢ ᠪᠠᠢᠭᠰᠠᠨ ᠪᠢᠵᠡ᠃ ᠥᠪᠡᠷ ᠢ᠋ᠶ᠋ᠡᠨ ᠦᠬᠦᠵᠦ᠂ ᠬᠡᠨ ᠨᠢᠭᠡᠨ ᠲᠡᠭᠦᠨ ᠦ᠌ ᠪᠠᠢᠷᠢ ᠰᠠᠭᠤᠷᠢ ᠶ᠋ᠢ ᠡᠵᠡᠯᠡᠨ᠎ᠡ ᠭᠡᠵᠦ ᠲᠡᠮᠦᠵᠢᠨ ᠪᠣᠳᠣᠬᠤ ᠶ᠋ᠢ ᠴᠦ᠍ ᠬᠦᠰᠡᠬᠦ ᠦᠭᠡᠢ ᠪᠠᠢᠯ᠎ᠠ᠃ ᠭᠡᠨᠡᠳᠲᠡ ᠲᠥᠷᠥᠭᠰᠡᠨ ᠡᠨᠡ ᠪᠣᠳᠣᠯ ᠨᠢ ᠲᠡᠭᠦᠨ ᠢ᠋ ᠢᠩᠭᠢᠵᠦ ᠪᠣᠬᠢᠮᠳᠤᠭᠤᠯᠤᠨᠠ ᠭᠡᠵᠦ ᠰᠠᠨᠠᠭᠰᠠᠨ ᠦᠭᠡᠢ᠃ ᠡᠨᠡ ᠪᠣᠬᠢᠮᠳᠤᠯ ᠡᠴᠦᠰ ᠲᠦ᠋ᠨᠢ ᠲᠡᠮᠦᠵᠢᠨ ᠦ᠌ ᠰᠢᠢᠳᠪᠦᠷᠢ ᠶ᠋ᠢᠨ ᠦᠨᠳᠦᠰᠦ ᠪᠣᠯᠤᠭᠰᠠᠨ ᠶᠤᠮ᠃ ᠬᠠᠰᠠᠷ ᠤ᠋ᠨ ᠬᠡᠯᠡᠭᠰᠡᠨ ᠰᠢᠭ ᠲᠡᠮᠦᠵᠢᠨ ᠤ ᠦᠬᠦᠯ ᠢ᠋ ᠬᠦᠰᠡᠬᠦ ᠰᠢᠯᠲᠠᠭ ᠪᠤᠭᠤᠷᠴᠢ ᠳ᠋ᠤ᠌ ᠦᠭᠡᠢ᠃ ᠬᠠᠷᠢᠨ ᠪᠤᠭᠤᠷᠴᠢ ᠶ᠋ᠢ ᠦᠬᠦᠭᠦᠯᠬᠦ ᠨᠢ ᠲᠡᠮᠦᠵᠢᠨ ᠢ᠋ ᠬᠠᠮᠠᠭᠠᠯᠠᠯᠲᠠ ᠦᠭᠡᠢ ᠪᠣᠯᠭᠠᠬᠤ ᠭᠡᠰᠡᠨ ᠬᠠᠰᠠᠷ ᠤ᠋ᠨ ᠳᠠᠯᠳᠠ ᠰᠠᠨᠠᠭ᠎ᠠ ᠰᠢᠭ᠋ ᠰᠠᠨᠠᠭᠳᠠᠵᠠᠢ᠃ ᠲᠡᠮᠦᠵᠢᠨ ᠦᠬᠦᠪᠡᠯ ᠴᠣᠬᠣᠮ ᠬᠡᠨ ᠳ᠋ᠦ᠍ ᠶᠠᠮᠠᠷ ᠠᠰᠢᠭᠲᠠᠢ ᠨᠢ ᠳᠠᠩᠴᠤ ᠲᠣᠳᠣ ᠣᠢᠯᠠᠭᠠᠮᠵᠢᠲᠠᠢ ᠪᠠᠢᠯ᠎ᠠ᠃
| ᠪᠤᠭᠤᠷᠴᠢ ᠭᠡᠵᠦ ᠲᠡᠮᠦᠵᠢᠨ ᠠᠷᠠᠢ ᠶᠠᠳᠠᠨ ᠰᠢᠪᠡᠨᠡᠪᠡ᠃ ᠪᠦᠭᠦᠳᠡ ᠠᠩᠬᠠᠷᠤᠨ ᠴᠢᠩᠨᠠᠵᠠᠢ᠃
| ᠪᠤᠭᠤᠷᠴᠢ ᠭᠡᠵᠦ ᠲᠡᠮᠦᠵᠢᠨ ᠳᠠᠬᠢᠨ ᠠᠷᠠᠢ ᠲᠣᠳᠣ ᠬᠡᠯᠡᠭᠡᠳ ᠬᠠᠭᠠᠰ ᠥᠨᠳᠡᠢᠪᠡ᠃
| ᠲᠡᠮᠦᠵᠢᠨ ᠴᠢ ᠣᠯᠠᠨ ᠳᠣᠯᠣᠭᠠᠨ ᠶᠠᠭᠤᠮ᠎ᠠ ᠬᠡᠯᠡᠵᠦ ᠪᠤᠤ ᠵᠣᠪᠠ᠃ ᠪᠢ ᠥᠪᠡᠷ ᠦ᠋ᠨ ᠭᠡᠮ ᠢ᠋ ᠦᠬᠦᠵᠦ ᠴᠠᠭᠠᠳᠬᠠᠶᠠ ᠭᠡᠵᠦ ᠪᠤᠭᠤᠷᠴᠢ ᠡᠷᠡᠭᠡᠯᠵᠡᠬᠦ ᠦᠭᠡᠢ ᠪᠡᠷ ᠬᠡᠯᠡᠪᠡ᠃ ᠬᠠᠰᠠᠷ ᠪᠠᠷᠳᠠᠮ ᠢᠨᠢᠶᠡᠮᠰᠦᠭᠯᠡᠬᠦ ᠶ᠋ᠢ ᠲᠡᠮᠦᠵᠢᠨ ᠣᠯᠵᠤ ᠦᠵᠡᠪᠡ᠃
| ᠪᠤᠭᠤᠷᠴᠢ᠂ ᠬᠠᠰᠠᠷ᠂ ᠵᠡᠯᠮ᠎ᠡ ᠲᠠ ᠭᠤᠷᠪᠠ ᠰᠣᠨᠣᠰ᠃ ᠡᠨᠡ ᠪᠤᠭᠤᠷᠴᠢ ᠪᠣᠯ ᠲᠡᠭᠷᠢ ᠡᠴᠡ ᠵᠢᠭᠠᠭᠳᠠᠵᠤ ᠲᠦᠮᠡᠨ ᠡᠴᠡ ᠲᠦᠷᠦᠭᠦᠯᠡᠵᠦ ᠳᠡᠷᠭᠡᠳᠡ ᠢᠷᠡᠭᠰᠡᠨ ᠭᠠᠭᠴᠠ ᠨᠥᠬᠥᠷ ᠮᠢᠨᠢ ᠶᠦᠮ᠃ ᠡᠢᠮᠦ ᠳᠣᠯᠣᠭᠠᠨ ᠳ᠋ᠤ᠌ ᠦᠬᠦᠬᠦ ᠦᠭᠡᠢ ᠪᠡᠶ᠎ᠡ᠂ ᠦᠷᠡᠭᠳᠡᠬᠦ ᠦᠭᠡᠢ ᠠᠮᠢ ᠭᠡᠵᠦ ᠦᠭᠡᠢ᠃ ᠪᠢ ᠥᠪᠡᠷ ᠦ᠋ᠨ ᠰᠡᠷᠡᠮᠵᠢ ᠦᠭᠡᠢ ᠠᠯᠮᠠᠢ ᠳ᠋ᠠᠭᠠᠨ ᠳᠠᠢᠰᠤᠨ ᠤ᠋ ᠰᠤᠮᠤᠨ ᠳ᠋ᠤ᠌ ᠥᠷᠲᠥᠪᠡ᠃ ᠪᠢ ᠵᠡᠯᠮ᠎ᠡ ᠶ᠋ᠢᠨ ᠬᠡᠯᠡᠭᠰᠡᠨ ᠢ᠋ᠶ᠋ᠡᠷ ᠲᠣᠯᠣᠭᠠᠢ ᠶ᠋ᠢᠨ ᠳᠤᠭᠤᠯᠠᠭ᠎ᠠ ᠪᠠᠨ ᠡᠮᠦᠰᠦᠭᠰᠡᠨ ᠪᠣᠯ ᠶᠠᠭᠤᠨ ᠳ᠋ᠤ᠌ ᠡᠢᠮᠦ ᠬᠡᠷᠡᠭ ᠪᠣᠯᠬᠤ ᠪᠣᠢ? ᠪᠢ ᠬᠠᠰᠠᠷ ᠳᠡᠭᠦᠦ ᠶ᠋ᠢᠨ ᠦᠭᠡ ᠶ᠋ᠢ ᠣᠢᠯᠠᠭᠠᠨ ᠰᠠᠢᠰᠢᠶᠠᠵᠤ ᠪᠠᠢᠨ᠎ᠠ᠃ ᠬᠡᠨ ᠴᠦ᠍ ᠪᠠᠢᠭᠰᠠᠨ ᠭᠡᠮ ᠢ᠋ᠶ᠋ᠡᠨ ᠰᠢᠳᠤᠷᠭᠤ ᠪᠠᠷ ᠬᠦᠯᠢᠶᠡᠬᠦ ᠶᠣᠰᠣᠲᠠᠢ ᠶᠤᠮ᠃ ᠪᠢᠳᠡ ᠬᠠᠰᠠᠷ ᠤ᠋ᠨ ᠰᠠᠶᠢ ᠶ᠋ᠢᠨ ᠬᠡᠯᠡᠭᠰᠡᠨ ᠵᠢᠷᠤᠮ ᠢ᠋ᠶ᠋ᠠᠷ ᠴᠢᠨᠠᠭᠰᠢᠳᠠ ᠥᠪᠡᠷᠰᠡᠳ ᠢ᠋ ᠪᠡᠨ ᠪᠣᠯᠤᠭᠠᠳ ᠴᠡᠷᠢᠭ ᠦ᠋ᠳ ᠢ᠋ᠶ᠋ᠡᠨ ᠬᠥᠮᠦᠵᠢᠭᠦᠯᠪᠡᠯ ᠵᠣᠬᠢᠨ᠎ᠠ᠃ ᠲᠡᠢᠮᠦ ᠠ᠋᠂ ᠪᠤᠭᠤᠷᠴᠢ ᠪᠤᠷᠤᠭᠤ ᠲᠠᠢ᠃ ᠭᠡᠪᠡᠴᠦ ᠲᠡᠷᠡ ᠲᠣᠷᠭᠠᠨ ᠴᠡᠷᠢᠭ ᠢ᠋ᠶ᠋ᠡᠨ ᠠᠪᠴᠤ ᠠᠭᠤᠴᠤ ᠪᠠᠭᠠᠲᠤᠷ ᠢ᠋ ᠡᠰᠡᠷᠭᠦᠴᠡᠨ ᠳᠣᠯᠣᠭ᠎ᠠ ᠦᠭᠡᠢ ᠪᠣᠯ ᠪᠢᠳᠡ ᠪᠦᠭᠦᠳᠡ ᠦᠬᠦᠵᠦ ᠪᠣᠯᠬᠤ ᠪᠠᠢᠪᠠ᠃ ᠡᠭᠦᠨ ᠦ᠌ ᠲᠥᠯᠥᠭᠡ ᠪᠤᠭᠤᠷᠴᠢ ᠶ᠋ᠢ ᠪᠠᠰᠠ ᠰᠠᠢᠰᠢᠶᠠᠪᠠᠯ ᠵᠣᠬᠢᠨ᠎ᠠ᠃ ᠬᠠᠰᠠᠷ ᠥᠴᠥᠭᠡᠳᠦᠷ ᠵᠠᠮᠤᠬ᠎ᠠ ᠶ᠋ᠢᠨ ᠭᠣᠣᠯ ᠴᠡᠷᠢᠭ ᠢ᠋ ᠬᠣᠷᠢᠭᠯᠠᠨ ᠵᠣᠭᠰᠣᠭᠠᠬᠤ ᠭᠡᠵᠦ ᠶᠠᠭᠠᠬᠢᠵᠤ ᠪᠠᠭᠠᠲᠤᠷᠯᠠᠭᠰᠠᠨ ᠢ᠋ ᠪᠢ ᠦᠵᠡᠭᠰᠡᠨ᠃ ᠴᠢᠨᠦ ᠬᠦᠴᠦ᠂ ᠵᠣᠷᠢᠭ ᠳᠠᠢᠰᠤᠨ ᠤ᠋ ᠵᠢᠷᠦᠬᠡ ᠶ᠋ᠢ ᠦᠬᠦᠭᠦᠯᠪᠡ᠃ ᠴᠢᠮᠠᠶ᠋ᠢ ᠦᠭᠡᠢ ᠪᠣᠯ ᠪᠢ ᠶᠠᠭᠤ ᠬᠢᠵᠦ ᠴᠢᠳᠠᠬᠤ ᠪᠢᠯᠡ᠃ ᠬᠠᠰᠠᠷ ᠪᠣᠯ ᠬᠠᠯᠠᠭᠤᠨ ᠠᠮᠢ᠂ ᠬᠠᠳᠠᠨ ᠪᠡᠶ᠎ᠡ ᠪᠡᠨ ᠨᠠᠳᠠᠳᠤ ᠵᠣᠷᠢᠭᠤᠯᠬᠤ ᠶᠣᠰᠣᠲᠠᠢ ᠳᠡᠭᠦᠦ ᠮᠢᠨᠢ ᠶᠦ᠍ᠮ᠃ ᠴᠢᠨᠦ ᠪᠠᠢᠯᠳᠤᠬᠤ ᠳᠠᠢᠳᠤᠬᠤ ᠠᠷᠭ᠎ᠠ᠂ ᠦᠯᠦ ᠰᠢᠨᠲᠠᠷᠠᠬᠤ ᠵᠣᠷᠢᠭ᠂ ᠴᠠᠪᠴᠢᠬᠤ ᠬᠠᠷᠪᠤᠬᠤ ᠡᠷᠳᠡᠮ ᠢ᠋ ᠬᠡᠨ ᠴᠦ᠍ ᠦᠯᠦ ᠭᠦᠢᠴᠡᠨ᠎ᠡ᠃ ᠭᠡᠮᠲᠡᠨ ᠬᠥᠮᠦᠨ ᠳ᠋ᠦ᠍ ᠭᠡᠮ ᠢ᠋ ᠣᠨᠣᠭᠠᠬᠤ ᠤᠬᠠᠭᠠᠨ ᠢ᠋ ᠴᠢᠨᠢ ᠪᠢ ᠪᠢᠰᠢᠷᠡᠯ᠎ᠡ᠃ ᠴᠢ ᠡᠭᠦᠨ ᠡᠴᠡ ᠬᠣᠢᠰᠢ ᠡᠨᠡ ᠦᠭᠡ ᠪᠡᠨ ᠦᠷᠭᠦᠯᠵᠢ ᠰᠠᠨᠠᠵᠤ ᠪᠠᠰᠠ ᠦᠷᠭᠦᠯᠵᠢ ᠳᠡᠷᠭᠡᠳᠡ ᠮᠢᠨᠢ ᠪᠠᠢᠵᠤ ᠰᠠᠨᠠᠭᠤᠯᠵᠤ ᠶᠠᠪᠤᠭᠲᠤᠨ᠃ ᠥᠨᠥᠳᠥᠷ ᠪᠢᠳᠡ ᠨᠠᠷ ᠦᠬᠦᠬᠦ ᠪᠢᠰᠢ᠂ ᠦᠷᠡᠭᠳᠡᠬᠦ ᠦᠭᠡᠢ ᠶ᠋ᠢᠨ ᠲᠥᠯᠥᠭᠡ ᠰᠠᠨᠠᠵᠤ ᠰᠡᠳᠦᠬᠦ ᠶᠣᠰᠣᠲᠠᠢ᠃ ᠥᠨᠥᠳᠥᠷ ᠦ᠋ᠨ ᠥᠴᠦᠬᠡᠨ ᠭᠡᠮ ᠢ᠋ᠶ᠋ᠡᠷ᠂ ᠥᠩᠭᠡᠷᠡᠭᠰᠡᠨ ᠦ᠌ ᠦᠰ ᠬᠣᠷᠣᠰᠤᠯ ᠢ᠋ᠶ᠋ᠠᠷ ᠥᠨᠥ ᠢᠷᠡᠭᠡᠳᠦᠢ ᠶ᠋ᠢᠨ ᠶᠡᠬᠡ ᠬᠡᠷᠡᠭ ᠢ᠋ᠶ᠋ᠡᠨ ᠤᠮᠠᠷᠲᠠᠬᠤ ᠦᠭᠡᠢ ᠪᠠᠢᠪᠠᠯ ᠵᠣᠬᠢᠨ᠎ᠠ᠃ ᠡᠭᠦᠨ ᠢ᠋ ᠰᠠᠨᠠᠭᠲᠤᠨ᠃ ᠪᠢ ᠪᠤᠭᠤᠷᠴᠢ ᠴᠢᠨᠦ ᠬᠦᠴᠦ ᠪᠡᠷ ᠠᠮᠢ ᠠᠪᠤᠷᠠᠭᠳᠠᠪᠠ ᠭᠡᠵᠦ ᠰᠠᠨᠠᠨ᠎ᠠ᠃ ᠬᠡᠷᠪᠡ ᠴᠢ ᠨᠢᠳᠦ ᠦᠭᠡᠢ ᠬᠠᠷ᠎ᠠ ᠰᠥᠨᠢ ᠵᠡᠯᠮ᠎ᠡ ᠪᠢᠳᠡ ᠬᠣᠶᠠᠷ ᠢ᠋ ᠪᠡᠳᠡᠷᠢᠵᠦ ᠣᠯᠤᠭ᠎ᠠ ᠦᠭᠡᠢ ᠪᠣᠯ ᠪᠢᠳᠡ ᠲᠡᠨᠳᠡ ᠲᠠᠢᠴᠢᠭᠤᠳ ᠲᠤ᠌ ᠪᠠᠷᠢᠭᠳᠠᠨ ᠠᠯᠠᠭᠳᠠᠬᠤ ᠪᠠᠢᠯ᠎ᠠ᠃ ᠬᠠᠷᠢᠨ ᠴᠢ ᠲᠡᠭᠷᠢ ᠶ᠋ᠢᠨ ᠵᠢᠭᠠᠭᠰᠠᠨ ᠢ᠋ᠶ᠋ᠠᠷ ᠣᠢᠭ᠎ᠠ ᠦᠭᠡᠢ ᠶᠠᠪᠤᠵᠤ ᠣᠯᠵᠠᠢ᠃ ᠪᠢ ᠴᠢᠨᠦ ᠡᠨᠡ ᠰᠡᠷᠭᠡᠭ ᠪᠠᠢᠳᠠᠯ᠂ ᠰᠡᠳᠬᠢᠯ ᠦ᠋ᠨ ᠦᠨᠡᠨᠴᠢ ᠶ᠋ᠢ ᠴᠢᠨᠢ ᠮᠠᠷᠲᠠᠬᠤ ᠦᠭᠡᠢ᠃ ᠪᠢ ᠴᠢᠨᠦ ᠠᠴᠢ ᠶ᠋ᠢ ᠶᠠᠭᠠᠬᠢᠵᠤ ᠬᠠᠷᠢᠭᠤᠯᠠᠬᠤ ᠪᠢᠯᠡ ᠭᠡᠵᠦ ᠲᠡᠮᠦᠵᠢᠨ ᠬᠠᠮᠤᠭ ᠲᠡᠩᠬᠡᠭᠡ ᠪᠡᠨ ᠰᠢᠪᠬᠠᠨ ᠬᠡᠯᠡᠭᠡᠳ ᠲᠣᠯᠣᠭᠠᠢ ᠪᠠᠨ ᠳᠠᠭᠠᠭᠠᠬᠤ ᠦᠭᠡᠢ ᠤᠨᠠᠵᠠᠢ᠃ ᠲᠡᠮᠦᠵᠢᠨ ᠦ᠌ ᠡᠨᠡ ᠦᠭᠡ ᠬᠠᠰᠠᠷ ᠲᠤ᠌ ᠲᠠᠭᠠᠰᠢᠶᠠᠭᠳᠠᠵᠤ᠂ ᠪᠤᠭᠤᠷᠴᠢ ᠶ᠋ᠢ ᠤᠶᠠᠷᠠᠭᠠᠵᠤ᠂ ᠬᠠᠰᠠᠷ ᠪᠣᠯᠤᠭᠠᠳ ᠪᠣᠭᠣᠷᠴᠢ ᠶ᠋ᠢᠨ ᠬᠣᠭᠣᠷᠣᠨᠳᠣ᠂ ᠪᠠᠰᠠ ᠲᠡᠮᠦᠵᠢᠨ ᠪᠣᠯᠤᠭᠠᠳ ᠬᠠᠰᠠᠷ ᠤ᠋ᠨ ᠳᠤᠮᠳᠠ ᠡᠭᠦᠰᠦᠭᠰᠡᠨ ᠵᠥᠷᠢᠴᠡᠯ ᠢ᠋ ᠲᠦᠷ ᠨᠠᠮᠳᠠᠭᠠᠨ ᠲᠠᠢᠪᠤᠰᠢᠷᠠᠭᠤᠯᠪᠠ᠃ ᠲᠡᠮᠦᠵᠢᠨ ᠣᠨᠣᠴᠢᠲᠠᠢ᠂ ᠤᠬᠠᠭᠠᠯᠢᠭ ᠦᠭᠡ ᠣᠯᠵᠤ ᠬᠡᠯᠡᠵᠦ ᠴᠢᠳᠠᠵᠠᠢ᠃ ᠵᠡᠯᠮ᠎ᠡ ᠬᠠᠷᠢᠨ ᠭᠠᠢᠬᠠᠭᠰᠠᠨ ᠳᠦᠷᠢ ᠡᠰᠬᠡᠵᠦ᠄
| ᠲᠡᠮᠦᠵᠢᠨ ᠡᠵᠡᠨ ᠲᠠ ᠶᠠᠭᠤ ᠶᠠᠷᠢᠨ᠎ᠠ? ᠨᠥᠵᠢᠷᠡᠭᠰᠡᠨ ᠴᠢᠰᠤ ᠶ᠋ᠢ ᠴᠢᠨᠢ ᠰᠥᠨᠢᠵᠢᠨ ᠰᠢᠮᠡᠵᠦ᠂ ᠠᠮᠢ ᠬᠠᠢᠷ᠎ᠠ ᠦᠭᠡᠢ ᠶᠠᠪᠤᠭᠰᠠᠨ ᠮᠢᠨᠦ ᠭᠠᠪᠢᠶ᠎ᠠ ᠶ᠋ᠢ ᠶᠠᠭᠠᠬᠢᠨ᠎ᠠ ᠭᠡᠮᠡᠨ ᠪᠠᠶᠠᠷᠲᠠᠢ ᠪᠠᠷ ᠬᠥᠭᠡᠷᠴᠦ ᠬᠠᠷ᠎ᠠ ᠰᠠᠨᠠᠯ ᠦᠭᠡᠢ ᠦᠨᠡᠨ ᠪᠣᠳᠣᠯ ᠢ᠋ᠶ᠋ᠠᠨ ᠬᠡᠯᠡᠪᠡ᠃
| ᠵᠡᠯᠮ᠎ᠡ᠂ ᠪᠢ ᠴᠢᠨᠦ ᠲᠤᠰᠠ ᠶ᠋ᠢ ᠪᠠᠭ᠎ᠠ ᠳ᠋ᠤ᠌ ᠦᠯᠦ ᠦᠵᠡᠨ᠎ᠡ᠃ ᠬᠣᠵᠢᠮ ᠬᠣᠢᠨ᠎ᠠ ᠶᠢᠰᠦᠨ ᠤᠳᠠᠭ᠎ᠠ ᠶᠠᠯ᠎ᠠ ᠭᠡᠯᠳᠦᠷᠢᠭᠦᠯᠦᠶ᠎ᠡ ᠭᠡᠬᠦ ᠳ᠋ᠦ᠍ ᠪᠦᠭᠦᠳᠡ ᠢᠨᠢᠶᠡᠯᠳᠦᠪᠡ᠃
| ᠪᠢ ᠲᠡᠭᠡᠪᠡᠯ ᠮᠥᠩᠬᠡᠷᠡᠭᠰᠡᠨ ᠮᠡᠲᠦ ᠪᠣᠯᠵᠠᠢ᠃ ᠬᠠᠷᠢᠨ ᠲᠠ ᠪᠤᠭᠤᠷᠴᠢ ᠶ᠋ᠢ ᠯᠠᠪᠲᠠᠢ ᠨᠠᠳᠠ ᠠ᠋ᠴᠠ ᠢᠯᠡᠭᠦᠦ ᠦᠵᠡᠵᠡᠢ ᠭᠡᠬᠦ ᠳ᠋ᠦ᠍ ᠲᠡᠮᠦᠵᠢᠨ ᠶᠡᠷᠦ ᠲᠣᠭᠯᠠᠭᠰᠠᠨ ᠶᠠᠩᠵᠤ ᠦᠭᠡᠢ᠄
| ᠪᠢ ᠪᠢᠰᠢ ᠲᠩᠷᠢ ᠢᠩᠭᠢᠵᠦ ᠦᠵᠡᠵᠡᠢ ᠭᠡᠮᠡᠨ ᠰᠢᠪᠡᠨᠡᠬᠦ ᠳ᠋ᠦ᠍ ᠬᠡᠨ ᠴᠦ᠍ ᠬᠠᠷᠢᠭᠤ ᠬᠡᠯᠡᠭᠰᠡᠨ ᠦᠭᠡᠢ᠃
| ᠪᠤᠭᠤᠷᠴᠢ᠂ ᠵᠡᠯᠮ᠎ᠡ ᠲᠠ ᠨᠠᠷ ᠰᠣᠨᠣᠰ᠃ ᠮᠢᠨᠦ ᠰᠢᠷᠬᠠᠳᠤᠭᠰᠠᠨ ᠢ᠋ ᠪᠤᠰᠤᠳ ᠠ᠋ᠴᠠ ᠨᠢᠭᠤᠭᠰᠠᠨ ᠴᠢᠨᠢ ᠰᠠᠢᠨ ᠬᠡᠷᠡᠭ᠃ ᠴᠠᠭᠠᠰᠢᠳᠠ ᠴᠤ᠌ ᠪᠦᠦ ᠮᠡᠳᠡᠭᠳᠡ᠃ ᠬᠠᠷᠢᠨ ᠨᠠᠮᠠᠶ᠋ᠢ ᠬᠠᠷᠪᠤᠭᠰᠠᠨ ᠴᠡᠷᠢᠭ ᠢ᠋ ᠠᠮᠢᠳᠤ ᠦᠬᠦᠭᠰᠡᠨ ᠠᠯᠢᠨ ᠪᠣᠯᠪᠠᠴᠤ ᠨᠠᠳᠠᠳᠤ ᠠᠪᠴᠢᠷᠠᠵᠤ ᠦᠵᠡᠭᠦᠯᠦᠭᠲᠦᠨ ᠭᠡᠵᠦ ᠲᠡᠮᠦᠵᠢᠨ ᠲᠤᠰᠢᠶᠠᠵᠠᠢ᠃ ᠲᠠᠢᠴᠢᠭᠤᠳ ᠤ᠋ᠨ ᠬᠤᠸᠠᠷᠠᠩᠨᠠᠭᠰᠠᠨ ᠴᠡᠷᠢᠭ ᠲᠡᠷᠡ ᠰᠥᠨᠢ ᠠᠴᠢᠶ᠎ᠠ ᠬᠥᠰᠬᠡ᠂ ᠶᠠᠪᠤᠳᠠᠯ ᠤ᠋ᠨ ᠠᠶ᠎ᠠ ᠳᠠᠭᠠᠬᠤ ᠦᠭᠡᠢ ᠡᠮᠡᠰ ᠬᠥᠭᠰᠢᠳ ᠢ᠋ᠶ᠋ᠡᠨ ᠬᠠᠶᠠᠵᠤ ᠵᠢᠭᠤᠲᠠᠨ ᠣᠳᠤᠭᠰᠠᠨ ᠨᠢ ᠲᠡᠭᠷᠢ ᠶ᠋ᠢᠨ ᠠᠪᠤᠷᠠᠯ ᠪᠠᠢᠭᠰᠠᠨ ᠪᠣᠯᠪᠠᠴᠤ ᠲᠡᠮᠦᠵᠢᠨ ᠦ᠌ ᠰᠢᠷᠬᠠᠳᠤᠭᠰᠠᠨ ᠨᠢ ᠣᠯᠠᠨ ᠵᠦᠢᠯ ᠢ᠋ ᠣᠢᠯᠠᠭᠠᠭᠤᠯᠵᠤ᠂ ᠪᠠᠰᠠ ᠣᠯᠠᠨ ᠵᠦᠢᠯ ᠢ᠋ ᠥᠭᠡᠷᠡᠴᠢᠯᠡᠬᠦ ᠶ᠋ᠢ ᠱᠠᠭᠠᠷᠳᠠᠪᠠ᠃ ᠶᠠᠭᠤᠨ ᠤ᠋ ᠲᠦᠷᠦᠭᠦᠨ ᠲᠡᠮᠦᠵᠢᠨ ᠦ᠌ ᠠᠮᠢ ᠨᠠᠰᠤ᠂ ᠠᠢᠮᠠᠭ ᠴᠡᠷᠢᠭ ᠦ᠋ᠨ ᠪᠦᠬᠦ ᠠᠮᠢ ᠲᠠᠢ ᠲᠡᠩᠴᠡᠬᠦ ᠶ᠋ᠢ ᠤᠬᠠᠭᠠᠷᠠᠵᠠᠭᠠᠪᠠ᠃ ᠪᠠᠰᠠ ᠲᠡᠮᠦᠵᠢᠨ ᠰᠢᠷᠬᠠᠲᠤᠬᠤ ᠪᠤᠶᠤ ᠦᠬᠦᠬᠦ ᠳ᠋ᠦ᠍ ᠬᠦᠷᠪᠡᠯ ᠴᠠᠭᠠᠰᠢᠳᠠ ᠬᠡᠷᠬᠢᠬᠦ ᠶᠣᠰᠣᠲᠠᠢ ᠶ᠋ᠢ ᠬᠡᠨ ᠴᠦ᠍ ᠮᠡᠳᠡᠬᠦ ᠦᠭᠡᠢ ᠪᠠᠢᠭ᠎ᠠ ᠨᠢ ᠡᠢᠮᠦ ᠦᠶ᠎ᠡ ᠳ᠋ᠦ᠍ ᠳᠠᠢᠰᠤᠨ ᠤ᠋ ᠢᠳᠡᠰᠢ ᠪᠣᠯᠬᠤ ᠳ᠋ᠤ᠌ ᠬᠢᠯᠪᠠᠷ ᠪᠣᠯᠬᠤ ᠶ᠋ᠢ ᠢᠯᠡᠷᠡᠭᠦᠯᠪᠡ᠃ ᠪᠠᠰᠠ ᠲᠡᠮᠦᠵᠢᠨ ᠦ᠌ ᠰᠢᠳᠠᠷ ᠬᠡᠰᠢᠭᠲᠡᠨ ᠴᠡᠷᠢᠭ ᠦ᠋ᠨ ᠪᠠᠢᠯᠳᠤᠭᠠᠨ ᠤ᠋ ᠦᠶ᠎ᠡ ᠶ᠋ᠢᠨ ᠰᠠᠬᠢᠯᠭ᠎ᠠ ᠵᠢᠷᠤᠮ ᠢ᠋ ᠪᠡᠬᠢᠯᠡᠬᠦ ᠬᠠᠲᠠᠭᠤ ᠴᠠᠭᠠᠵᠠ ᠲᠣᠭᠲᠠᠭᠠᠬᠤ᠂ ᠲᠡᠳᠡᠨ ᠢ᠋ ᠰᠤᠷᠭᠠᠨ ᠬᠥᠮᠦᠵᠢᠭᠦᠯᠬᠦ ᠨᠢ ᠴᠢᠬᠤᠯᠠ ᠪᠣᠯᠵᠠᠢ ᠭᠡᠳᠡᠭ ᠢ᠋ ᠬᠠᠷᠠᠭᠤᠯᠪᠠ᠃ ᠡᠴᠦᠰ ᠲᠦ᠋ᠨᠢ ᠲᠡᠮᠦᠵᠢᠨ ᠪᠠᠢᠯᠳᠤᠭᠠᠨ ᠳ᠋ᠤ᠌ ᠬᠤᠳᠬᠤᠯᠳᠤᠨ ᠣᠷᠣᠬᠤ ᠶ᠋ᠢ ᠨᠢᠭᠡᠮᠦᠰᠦᠨ ᠵᠣᠭᠰᠣᠭᠠᠬᠤ ᠬᠡᠷᠡᠭᠲᠡᠢ ᠶ᠋ᠢ ᠣᠢᠯᠠᠭᠠᠭᠤᠯᠪᠠ᠃ ᠳᠡᠭᠦᠦ ᠨᠠᠷ ᠪᠣᠯᠤᠭᠠᠳ ᠨᠥᠬᠥᠳ ᠡᠴᠡ ᠬᠡᠨ ᠨᠢ ᠴᠦ᠍ ᠴᠡᠷᠢᠭ ᠪᠠᠢᠯᠳᠤᠭᠠᠨ ᠤ᠋ ᠬᠡᠷᠡᠭ ᠢ᠋ ᠨᠢᠭᠡᠳᠬᠡᠨ ᠤᠳᠤᠷᠢᠳᠬᠤ ᠪᠡᠯᠡᠳᠬᠡᠯ ᠦᠭᠡᠢ ᠪᠠᠢᠭ᠎ᠠ ᠨᠢ ᠲᠡᠮᠦᠵᠢᠨ ᠢ᠋ ᠶᠡᠬᠡᠳᠡ ᠠᠶᠤᠯᠭᠠᠵᠠᠢ᠃ ᠲᠡᠳᠡᠨ ᠢ᠋ ᠪᠡᠶ᠎ᠡ ᠳᠠᠭᠠᠭᠠᠨ ᠳᠠᠢᠳᠤᠬᠤ ᠳ᠋ᠤ᠌ ᠰᠤᠷᠭᠠᠬᠤ᠂ ᠪᠠᠰᠠ ᠳᠠᠢᠰᠤᠨ ᠢ᠋ ᠳᠠᠷᠤᠬᠤ ᠠᠷᠭ᠎ᠠ ᠮᠡᠬᠡ᠂ ᠴᠡᠷᠢᠭ ᠦ᠋ᠨ ᠪᠣᠯᠪᠠᠰᠤᠷᠠᠯ᠂ ᠴᠢᠳᠠᠯ ᠢ᠋ ᠰᠠᠢᠵᠢᠷᠠᠭᠤᠯᠬᠤ ᠨᠢ ᠲᠤᠯᠭᠠᠷᠠᠭᠰᠠᠨ ᠵᠣᠷᠢᠯᠭ᠎ᠠ ᠪᠣᠯᠤᠭᠰᠠᠨ ᠪᠠᠢᠪᠠ᠃ ᠭᠡᠷ ᠲᠡᠭᠡᠨ ᠰᠠᠭᠤᠵᠤ᠂ ᠮᠠᠯ ᠢ᠋ᠶ᠋ᠠᠨ ᠠᠳᠤᠭᠤᠯᠠᠵᠤ᠂ ᠡᠵᠡᠨ ᠢ᠋ᠶ᠋ᠡᠨ ᠳᠠᠭᠤᠳᠠᠭᠰᠠᠨ ᠦᠶ᠎ᠡ ᠳ᠋ᠦ᠍ ᠮᠣᠷᠳᠠᠵᠤ ᠢᠷᠡᠳᠡᠭ ᠢᠷᠭᠡᠨ ᠴᠡᠷᠢᠭ ᠢ᠋ ᠪᠠᠢᠩᠭᠤ ᠶ᠋ᠢᠨ ᠬᠠᠲᠠᠭᠤ ᠰᠤᠷᠭᠠᠭᠤᠯᠢ᠂ ᠳᠠᠢᠳᠤᠬᠤ ᠪᠠᠢᠯᠳᠤᠬᠤ ᠠ᠋ᠴᠠ ᠥᠭᠡᠷ᠎ᠡ ᠵᠣᠷᠢᠯᠭ᠎ᠠ ᠦᠭᠡᠢ ᠪᠠᠢᠩᠭᠤ ᠶ᠋ᠢᠨ ᠴᠡᠷᠢᠭ ᠢ᠋ᠶ᠋ᠡᠷ ᠰᠣᠯᠢᠬᠤ ᠶ᠋ᠢ ᠬᠣᠢᠰᠢᠯᠠᠭᠤᠯᠵᠤ ᠪᠣᠯᠬᠤ ᠦᠭᠡᠢ ᠬᠡᠷᠡᠭ ᠭᠡᠵᠦ ᠲᠡᠳᠡ ᠰᠢᠢᠳᠦᠭᠰᠡᠨ ᠨᠢ ᠲᠡᠮᠦᠵᠢᠨ ᠦ᠌ ᠰᠢᠷᠬᠠᠳᠤᠭᠰᠠᠨ ᠤ᠋ ᠣᠯᠵᠠ ᠪᠠᠢᠪᠠ᠃ ᠢᠩᠭᠢᠵᠦ ᠲᠡᠮᠦᠵᠢᠨ ᠨᠠᠷ ᠪᠠᠢᠩᠭᠤ ᠶ᠋ᠢᠨ ᠴᠡᠷᠢᠭ ᠲᠡᠢ ᠪᠣᠯᠬᠤ ᠠᠵᠢᠯ ᠢ᠋ ᠰᠢᠭᠤᠷᠬᠠᠢᠯᠠᠭᠰᠠᠨ ᠪᠥᠭᠡᠳ ᠡᠨᠡ ᠬᠦ᠌ ᠴᠡᠷᠢᠭ ᠦ᠋ᠨ ᠴᠥᠮ᠎ᠡ ᠨᠢ ᠲᠡᠮᠦᠵᠢᠨ ᠦ᠌ ᠬᠡᠰᠢᠭᠲᠡᠨ ᠬᠡᠮᠡᠬᠦ ᠲᠣᠷᠭᠠᠨ ᠴᠡᠷᠢᠭ ᠪᠣᠯᠵᠤ ᠪᠠᠢᠯ᠎ᠠ᠃ ᠵᠠᠭᠤᠲᠤ ᠮᠢᠩᠭᠠᠨ ᠤ᠋ ᠨᠣᠶᠠᠳ ᠤ᠋ᠨ ᠬᠥᠪᠡᠭᠦᠳ ᠪᠣᠯᠤᠨ ᠰᠢᠯᠢᠳᠡᠭ ᠭᠠᠪᠰᠢᠭᠠᠢ᠂ ᠠᠮᠢ ᠬᠠᠢᠷ᠎ᠠ ᠦᠭᠡᠢ ᠦᠨᠡᠨᠴᠢ ᠲᠡᠮᠡᠴᠡᠬᠦ ᠳᠤᠷ᠎ᠠ ᠬᠦᠰᠡᠯ ᠲᠡᠢ ᠡᠷ᠎ᠡ ᠶ᠋ᠢ ᠰᠣᠩᠭᠣᠨ ᠬᠡᠰᠢᠭᠲᠡᠨ ᠴᠡᠷᠢᠭ ᠢ᠋ ᠪᠠᠢᠭᠤᠯᠬᠤ ᠵᠠᠷᠯᠢᠭ ᠭᠠᠷᠭᠠᠪᠠ᠃ ᠡᠢᠨ ᠬᠦ᠌ ᠴᠢᠩᠭᠢᠰ ᠬᠠᠭᠠᠨ ᠤ᠋ ᠶᠡᠬᠡ ᠠᠶᠠᠨ ᠲᠡᠢᠨ ᠦ᠌ ᠭᠣᠣᠯ ᠪᠡᠷᠬᠡ ᠶ᠋ᠢ ᠡᠭᠦᠷᠴᠦ ᠭᠠᠳᠠᠨ᠎ᠠ ᠶ᠋ᠢᠨ ᠤᠯᠤᠰ ᠤ᠋ᠨ ᠬᠦᠴᠦᠷᠬᠡᠭ ᠴᠡᠷᠢᠭ ᠢ᠋ ᠪᠤᠲᠠ ᠴᠣᠬᠢᠭᠰᠠᠨ ᠮᠣᠩᠭᠣᠯ ᠤ᠋ᠨ ᠮᠣᠷᠢᠲᠤ ᠴᠡᠷᠢᠭ ᠦ᠋ᠨ ᠮᠢᠩᠭᠠᠲᠤ ᠨᠤᠭᠤᠳ ᠡᠭᠦᠰᠴᠦ ᠡᠬᠢᠯᠡᠪᠡ᠃ ᠠᠯᠳᠠᠭ᠎ᠠ ᠪᠣᠯᠭᠠᠨ ᠠ᠋ᠴᠠ ᠰᠤᠷᠤᠯᠴᠠᠬᠤ ᠶᠣᠰᠣᠲᠠᠢ ᠶ᠋ᠢ ᠲᠡᠮᠦᠵᠢᠨ ᠡᠨᠳᠡ ᠠᠩᠬ᠎ᠠ ᠤᠳᠠᠭ᠎ᠠ ᠨᠥᠬᠥᠳ ᠲᠡᠭᠡᠨ ᠴᠢᠬᠤᠯᠠᠴᠢᠯᠠᠨ ᠬᠡᠯᠡᠭᠰᠡᠨ ᠨᠢ ᠲᠡᠷᠡ ᠥᠪᠡᠷ ᠢ᠋ᠶ᠋ᠡᠨ ᠴᠦ᠍ ᠰᠠᠢᠲᠤᠷ ᠤᠬᠠᠭᠠᠷᠠᠵᠤ ᠣᠢᠯᠠᠭᠠᠭᠰᠠᠨ ᠤ᠋ ᠭᠡᠷᠡᠴᠢ ᠶᠦᠮ᠃
ᠤᠷᠢᠳᠤ ᠲᠠᠢᠴᠢᠭᠤᠳ ᠲᠤ᠌ ᠣᠯᠵᠠᠯᠠᠭᠳᠠᠬᠤ ᠦᠶ᠎ᠡ ᠳ᠋ᠦ᠍ᠨᠢ ᠠᠪᠤᠷᠠᠵᠤ ᠲᠤᠰᠠᠯᠠᠭᠰᠠᠨ ᠵᠠᠷᠤᠴᠠ ᠰᠤᠷᠬᠠᠨ ᠰᠢᠷ᠎ᠠ᠂ ᠴᠢᠯᠠᠭᠤᠨ ᠴᠢᠮᠪᠠᠢ ᠬᠣᠶᠠᠷ ᠬᠥᠪᠡᠭᠦᠨ ᠦ᠌ ᠪᠡᠨ ᠬᠠᠮᠲᠤ ᠡᠨᠡ ᠳᠣᠯᠣᠭᠠᠨ ᠤ᠋ ᠳᠠᠷᠠᠭ᠎ᠠ ᠳᠠᠭᠠᠵᠤ ᠢᠷᠡᠭᠰᠡᠨ ᠨᠢ ᠲᠡᠮᠦᠵᠢᠨ ᠦ᠌ ᠰᠡᠳᠬᠢᠯ ᠢ᠋ ᠲᠤᠢᠯ ᠤ᠋ᠨ ᠶᠡᠬᠡ ᠪᠡᠷ ᠳᠣᠭᠳᠣᠯᠤᠭᠤᠯᠵᠠᠢ᠃ ᠰᠤᠷᠬᠠᠨ ᠰᠢᠷ᠎ᠠ ᠪᠣᠯ ᠪᠣᠭᠣᠯ ᠴᠤ᠌ ᠭᠡᠯᠡ ᠲᠡᠮᠦᠵᠢᠨ ᠳ᠋ᠦ᠍ ᠬᠠᠮᠤᠭ ᠠ᠋ᠴᠠ ᠲᠦᠷᠦᠭᠦᠨ ᠶᠡᠬᠡ ᠲᠤᠰᠠ ᠶ᠋ᠢ ᠬᠦᠷᠭᠡᠵᠦ ᠠᠮᠢ ᠶ᠋ᠢ ᠨᠢ ᠠᠪᠤᠷᠠᠭᠰᠠᠨ ᠠᠴᠢᠲᠠᠨ ᠪᠢᠯᠡ᠃ ᠰᠤᠷᠬᠠᠨ ᠰᠢᠷ᠎ᠠ ᠲᠡᠭᠦᠨ ᠢ᠋ ᠬᠣᠶᠠᠷ ᠤᠳᠠᠭ᠎ᠠ ᠨᠢᠭᠤᠨ ᠥᠩᠭᠡᠷᠡᠭᠡᠵᠦ ᠠᠪᠤᠷᠠᠭ᠎ᠠ ᠦᠭᠡᠢ ᠪᠣᠯ ᠲᠡᠮᠦᠵᠢᠨ ᠲᠠᠢᠴᠢᠭᠤᠳ ᠤ᠋ᠨ ᠲᠠᠷᠭᠤᠲᠠᠢ ᠳ᠋ᠤ᠌ ᠠᠯᠠᠭᠤᠯᠵᠤ ᠥᠳᠥ ᠬᠣᠷᠣᠬᠠᠢ ᠶ᠋ᠢᠨ ᠬᠣᠭᠣᠯᠠ ᠪᠣᠯᠬᠤ ᠪᠠᠢᠪᠠ᠃ ᠲᠡᠭᠦᠨ ᠦ᠌ ᠠᠴᠢ ᠶ᠋ᠢ ᠬᠠᠷᠢᠭᠤᠯᠠᠬᠤ ᠨᠢ ᠲᠡᠮᠦᠵᠢᠨ ᠦ᠌ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠠᠢᠯ᠎ᠠ᠃ ᠡᠴᠢᠭᠡ ᠠᠬ᠎ᠠ ᠨᠠᠷ ᠠ᠋ᠴᠠ ᠪᠠᠨ ᠲᠤᠰ ᠲᠠᠭᠠᠨ ᠰᠠᠭᠤᠵᠤ ᠪᠠᠢᠭᠰᠠᠨ ᠰᠤᠷᠬᠠᠨ ᠰᠢᠷ᠎ᠠ ᠶ᠋ᠢᠨ ᠥᠬᠢᠨ ᠬᠠᠲᠠᠭᠠᠨ ᠢ᠋ ᠨᠢ ᠮᠤᠬᠤᠯᠠᠢ ᠣᠯᠵᠤ ᠢᠷᠡᠭᠰᠡᠨ ᠨᠢ ᠪᠦᠷ ᠴᠦ᠍ ᠪᠠᠶᠠᠰᠬᠤᠯᠠᠩᠲᠠᠢ ᠬᠡᠷᠡᠭ ᠪᠣᠯᠪᠠ᠃ ᠠᠷᠪᠠᠨ ᠬᠡᠳᠦᠨ ᠨᠠᠰᠤᠲᠠᠢ ᠠᠯᠮᠠᠢ ᠪᠠᠭ᠎ᠠ ᠳ᠋ᠠᠭᠠᠨ ᠲᠠᠢᠴᠢᠭᠤᠳ ᠤ᠋ᠨ ᠬᠦᠷᠢᠶᠡᠨ ᠡᠴᠡ ᠠᠮᠢ ᠳ᠋ᠥᠢᠨ ᠤᠷᠭᠤᠵᠤ ᠢᠷᠡᠬᠦ ᠳ᠋ᠦ᠍ᠨᠢ ᠰᠡᠳᠬᠢᠯ ᠭᠠᠷᠭᠠᠨ ᠠᠰᠠᠷᠠᠭᠰᠠᠨ ᠬᠠᠲᠠᠭᠠᠨ ᠢ᠋ ᠲᠡᠮᠦᠵᠢᠨ ᠣᠭᠲᠣᠬᠠᠨ ᠴᠤ᠌ ᠮᠠᠷᠲᠠᠭ᠎ᠠ ᠦᠭᠡᠢ ᠪᠡᠷ ᠪᠠᠷᠠᠬᠤ ᠦᠭᠡᠢ᠂ ᠵᠢᠷᠦᠬᠡᠨ ᠦ᠌ ᠴᠠᠭᠠᠨ᠎ᠠ ᠡᠩᠬᠦᠷᠡᠢᠯᠡᠨ ᠬᠦᠰᠡᠮᠵᠢᠯᠡᠵᠦ ᠶᠠᠪᠤᠭᠰᠠᠨ ᠢ᠋ᠶ᠋ᠠᠨ ᠮᠡᠳᠡᠵᠡᠢ᠃ ᠴᠢᠰᠤ ᠠᠯᠳᠠᠵᠤ ᠰᠤᠯᠠ ᠳᠣᠷᠣᠢ ᠪᠠᠢᠭᠰᠠᠨ ᠬᠡᠳᠦᠢ ᠳ᠋ᠦ᠍ ᠲᠡᠮᠦᠵᠢᠨ ᠳ᠋ᠦ᠍ ᠬᠠᠲᠠᠭᠠᠨ ᠲᠠᠢ ᠠᠮᠠᠷᠠᠭᠯᠠᠨ ᠴᠡᠩᠭᠡᠬᠦ ᠶ᠋ᠢ ᠬᠣᠢᠰᠢ ᠲᠠᠯᠪᠢᠭᠰᠠᠨ ᠦᠭᠡᠢ᠃ ᠬᠠᠲᠠᠭᠠᠨ ᠬᠡᠳᠦᠢ ᠴᠢᠷᠠᠢ ᠵᠢᠰᠦ ᠭᠤᠸ᠎ᠠ ᠦᠵᠡᠰᠬᠦᠯᠡᠩ ᠶᠡᠬᠡ ᠦᠭᠡᠢ ᠴᠦ᠍ ᠢᠳᠡ ᠨᠠᠰᠤᠨ ᠤ᠋ ᠰᠢᠮ᠎ᠡ ᠰᠢᠭᠦᠰᠦ ᠪᠦᠷᠢᠳᠦᠭᠰᠡᠨ ᠲᠠᠩᠬᠢᠯ ᠪᠣᠷᠣᠬᠠᠨ ᠪᠦᠰᠡᠭᠦᠢ ᠪᠣᠯᠤᠨ ᠬᠤᠪᠢᠷᠠᠵᠠᠢ᠃ ᠬᠠᠲᠠᠭᠠᠨ ᠲᠡᠮᠦᠵᠢᠨ ᠳ᠋ᠦ᠍ ᠬᠠᠢᠷᠠᠲᠠᠢ ᠬᠡᠪ ᠢ᠋ᠶ᠋ᠡᠷ ᠠᠵᠢ᠃ ᠲᠡᠮᠦᠵᠢᠨ ᠳ᠋ᠦ᠍ ᠥᠬᠢᠨ ᠪᠡᠶ᠎ᠡ ᠪᠡᠨ ᠨᠠᠢᠷ ᠲᠠᠯᠪᠢᠨ ᠥᠭᠴᠦ ᠡᠷ᠎ᠡ ᠡᠮ᠎ᠡ ᠶ᠋ᠢᠨ ᠦᠢᠯᠡ ᠶ᠋ᠢ ᠠᠩᠬᠠᠯᠠᠨ ᠠᠮᠰᠠᠭᠤᠯᠵᠤ ᠡᠳ᠋ᠯᠡᠭᠦᠯᠦᠭᠰᠡᠨ ᠬᠥᠮᠦᠨ ᠪᠣᠯ ᠬᠠᠲᠠᠭᠠᠨ ᠪᠠᠢᠪᠠ᠃ ᠬᠠᠲᠠᠭᠠᠨ ᠤ᠋ ᠠᠩᠬᠠᠨ ᠤ᠋ ᠡᠷ᠎ᠡ ᠨᠢ ᠲᠡᠮᠦᠵᠢᠨ ᠪᠥᠯᠥᠭᠡ᠃ ᠲᠡᠢᠮᠦ ᠪᠣᠯᠬᠣᠷ ᠲᠡᠮᠦᠵᠢᠨ ᠡᠨᠡ ᠣᠯᠠᠨ ᠵᠢᠯ ᠦ᠋ᠨ ᠳᠣᠲᠣᠷ᠎ᠠ ᠲᠡᠭᠦᠨ ᠢ᠋ ᠣᠭᠲᠣ ᠮᠠᠷᠲᠠᠭ᠎ᠠ ᠦᠭᠡᠢ ᠪᠥᠭᠡᠳ ᠪᠦᠷ ᠰᠡᠳᠬᠢᠯ ᠦ᠋ᠨ ᠭᠦᠨ ᠳ᠋ᠦ᠍ ᠬᠦᠰᠡᠮᠵᠢᠯᠡᠨ ᠶᠠᠪᠤᠭᠰᠠᠨ ᠢ᠋ᠶ᠋ᠠᠨ ᠮᠡᠳᠡᠵᠡᠢ᠃ ᠬᠠᠲᠠᠭᠠᠨ ᠡᠷ᠎ᠡ ᠳ᠋ᠦ᠍ ᠭᠠᠷᠴᠤ ᠠᠢᠯ ᠤ᠋ᠨ ᠡᠮ᠎ᠡ ᠪᠣᠯᠵᠠᠢ᠃ ᠭᠡᠲᠡᠯ᠎ᠡ ᠡᠷ᠎ᠡ ᠨᠢ ᠥᠩᠭᠡᠷᠡᠭᠰᠡᠨ ᠳᠣᠯᠣᠭᠠᠨ ᠳ᠋ᠤ᠌ ᠲᠡᠮᠦᠵᠢᠨ ᠦ᠌ ᠴᠡᠷᠢᠭ ᠲᠦ᠍ ᠠᠯᠠᠭᠤᠯᠵᠠᠢ᠃ ᠭᠡᠰᠡᠨ ᠴᠦ᠍ ᠬᠠᠲᠠᠭᠠᠨ ᠣᠢ ᠭᠠᠰᠢᠭᠤ ᠪᠠᠨ ᠮᠠᠷᠲᠠᠵᠤ ᠲᠡᠮᠦᠵᠢᠨ ᠢ᠋ ᠲᠡᠪᠡᠷᠢᠬᠦ ᠳ᠋ᠦ᠍ ᠡᠰᠡᠷᠭᠦᠴᠡᠭᠰᠡᠨ ᠦᠭᠡᠢ ᠪᠡᠷ ᠪᠠᠷᠠᠬᠤ ᠦᠭᠡᠢ ᠥᠬᠢᠨ ᠴᠠᠭ ᠤ᠋ᠨ ᠬᠣᠩᠭᠣᠷ ᠵᠠᠩ ᠢ᠋ᠶ᠋ᠠᠷ ᠢ᠋ᠶ᠋ᠠᠨ ᠲᠠᠴᠢᠶᠠᠳᠠᠨ ᠰᠢᠨᠤᠵᠤ ᠪᠡᠶ᠎ᠡ ᠪᠡᠨ ᠰᠤᠯᠠ ᠲᠠᠯᠪᠢᠨ ᠥᠭᠴᠡᠢ᠃ ᠬᠠᠲᠠᠭᠠᠨ ᠪᠣᠯ ᠭᠠᠢᠬᠠᠯᠲᠠᠢ ᠳᠤᠭᠤᠯᠭᠠᠪᠤᠷᠢᠲᠠᠢ ᠪᠦᠰᠡᠭᠦᠢ ᠪᠢᠯᠡ᠃ ᠭᠡᠪᠡᠴᠦ ᠪᠣᠭᠣᠯ ᠤ᠋ᠨ ᠥᠬᠢᠨ ᠲᠡᠢ ᠰᠠᠳᠤᠷᠯᠠᠬᠤ ᠨᠢ ᠲᠡᠮᠦᠵᠢᠨ ᠳ᠋ᠦ᠍ ᠵᠣᠬᠢᠰ ᠦᠭᠡᠢ ᠪᠠᠢᠭᠰᠠᠨ ᠲᠤᠯᠠ ᠰᠡᠳᠬᠢᠯ ᠦ᠋ᠨ ᠬᠦᠰᠡᠯ ᠢ᠋ᠶ᠋ᠡᠨ ᠴᠢᠩᠳᠠᠯᠠᠨ ᠪᠠᠷᠢᠬᠤ ᠶᠣᠰᠣᠲᠠᠢ ᠪᠣᠯᠵᠠᠢ᠃ ᠲᠡᠮᠦᠵᠢᠨ ᠬᠦᠰᠡᠯ ᠢ᠋ᠶ᠋ᠡᠨ ᠲᠡᠪᠴᠢᠵᠦ ᠬᠠᠲᠠᠭᠠᠨ ᠢ᠋ ᠭᠡᠷ ᠲᠦ᠋ᠨᠢ ᠪᠤᠴᠠᠭᠠᠪᠠ᠃ ᠬᠥᠭᠡᠷᠦᠬᠦᠢ ᠲᠡᠷᠡ ᠪᠦᠰᠡᠭᠦᠢ᠂ ᠬᠠᠷᠠᠴᠤ ᠶ᠋ᠢᠨ ᠵᠠᠶᠠᠭᠠᠨ ᠳ᠋ᠠᠭᠠᠨ ᠭᠣᠮᠣᠳᠠᠨ ᠤᠬᠢᠯᠠᠵᠤ ᠶᠠᠪᠤᠯ᠎ᠠ᠃ ᠲᠡᠮᠦᠵᠢᠨ ᠦ᠌ ᠰᠢᠨᠠᠯᠤᠯ ᠴᠤ᠌ ᠬᠢᠵᠠᠭᠠᠷ ᠦᠭᠡᠢ ᠪᠠᠢᠪᠠ᠃ ᠲᠡᠳᠡᠨ ᠳ᠋ᠦ᠍ ᠬᠠᠮᠲᠤ ᠠᠮᠢᠳᠤᠷᠠᠬᠤ ᠵᠠᠶᠠᠭ᠎ᠠ ᠪᠠᠢᠭᠰᠠᠨ ᠦᠭᠡᠢ᠃ ᠭᠡᠪᠡᠴᠦ ᠬᠠᠲᠠᠭᠠᠨ ᠪᠦᠬᠦ ᠨᠠᠰᠤ ᠪᠠᠷ ᠢ᠋ᠶ᠋ᠠᠨ ᠲᠡᠮᠦᠵᠢᠨ ᠦ᠌ ᠲᠠᠲᠠᠪᠤᠷᠢ ᠡᠮ᠎ᠡ ᠰᠢᠭ ᠶᠠᠪᠤᠬᠤ ᠶ᠋ᠢ ᠬᠦᠰᠡᠭᠡ ᠦᠭᠡᠢ ᠪᠥᠭᠡᠳ ᠲᠡᠭᠦᠨ ᠳ᠋ᠦ᠍ ᠡᠨᠡ ᠠᠮᠢᠳᠤᠷᠠᠯ ᠢ᠋ᠶ᠋ᠠᠨ ᠠᠵᠠ ᠵᠢᠷᠭᠠᠯ ᠳᠦᠭᠦᠷᠡᠩ ᠪᠣᠯᠭᠠᠬᠤ ᠨᠢᠭᠡᠨ ᠨᠢᠭᠤᠴᠠ ᠬᠦᠰᠡᠯ ᠵᠣᠷᠢᠯᠭ᠎ᠠ ᠪᠠᠢᠵᠠᠢ᠃ ᠪᠥᠷᠲᠡ ᠶ᠋ᠢᠨ ᠬᠠᠷᠠᠳᠠᠯᠭ᠎ᠠ ᠰᠡᠵᠢᠭ ᠡᠴᠡ ᠡᠮᠢᠶᠡᠯ ᠦᠭᠡᠢ ᠪᠡᠷ ᠬᠠᠲᠠᠭᠠᠨ ᠲᠡᠮᠦᠵᠢᠨ ᠲᠡᠢ ᠤᠴᠠᠷᠠᠬᠤ ᠪᠣᠯᠤᠮᠵᠢ ᠪᠦᠷᠢ ᠶ᠋ᠢ ᠠᠯᠳᠠᠳᠠᠭ ᠦᠭᠡᠢ ᠪᠠᠢᠯ᠎ᠠ᠃ ᠠᠰᠤᠷᠤ ᠶᠡᠬᠡ ᠡᠷᠬᠡ ᠮᠠᠲᠠᠯ ᠲᠠᠢ ᠪᠠᠰᠠ ᠳᠠᠯᠳᠠ ᠬᠣᠷᠣᠨ ᠵᠠᠩ ᠲᠠᠢ ᠪᠥᠷᠲᠡ ᠲᠡᠢ ᠡᠪᠳᠡᠷᠡᠯᠴᠡᠵᠦ᠂ ᠡᠷ᠎ᠡ ᠪᠤᠯᠢᠶᠠᠯᠳᠤᠨ ᠥᠷᠢᠰᠦᠯᠳᠦᠬᠦ ᠨᠢ ᠪᠣᠭᠣᠯ ᠤ᠋ᠨ ᠥᠬᠢᠨ ᠬᠠᠲᠠᠭᠠᠨ ᠳ᠋ᠤ᠌ ᠦᠬᠦᠯ ᠲᠡᠢ ᠠᠳᠠᠯᠢ ᠪᠠᠢᠭᠰᠠᠨ ᠴᠤ᠌ ᠬᠠᠲᠠᠭᠠᠨ ᠥᠪᠡᠷ ᠦ᠋ᠨ ᠰᠠᠨᠠᠭᠠᠨ ᠠ᠋ᠴᠠ ᠪᠤᠴᠠᠭᠰᠠᠨ ᠦᠭᠡᠢ᠃ ᠶᠡᠬᠡ ᠵᠣᠷᠢᠭ ᠬᠦᠰᠡᠯ ᠦ᠋ᠨ ᠬᠢᠨᠢ ᠱᠠᠩᠨᠠᠯ ᠪᠣᠯᠵᠤ ᠳᠥᠴᠢ ᠬᠦᠷᠦᠭᠰᠡᠨ ᠨᠠᠰᠤᠨ ᠳ᠋ᠠᠭᠠᠨ ᠬᠠᠲᠠᠭᠠᠨ ᠲᠡᠮᠦᠵᠢᠨ ᠡᠴᠡ ᠪᠡᠶ᠎ᠡ ᠰᠢᠯᠲᠠᠭ ᠲᠠᠢ ᠪᠣᠯᠵᠠᠢ᠃ ᠲᠡᠭᠦᠨ ᠦ᠌ ᠭᠠᠭᠴᠠ ᠨᠠᠰᠤᠨ ᠤ᠋ ᠬᠦᠰᠡᠯ ᠪᠠᠢᠭᠰᠠᠨ ᠪᠣᠯᠬᠣᠷ ᠪᠡᠶ᠎ᠡ ᠰᠢᠯᠲᠠᠭ ᠲᠠᠢ ᠪᠣᠯᠤᠭᠰᠠᠨ ᠢ᠋ᠶ᠋ᠠᠨ ᠮᠡᠳᠡᠮᠡᠭᠴᠡ ᠪᠠᠶᠠᠷᠯᠠᠵᠤ ᠬᠥᠭᠡᠷᠦᠭᠰᠡᠨ ᠳ᠋ᠡᠭᠡᠨ ᠤᠴᠢᠷ ᠢ᠋ᠶ᠋ᠠᠨ ᠣᠯᠬᠤ ᠦᠭᠡᠢ ᠪᠠᠢᠯ᠎ᠠ᠃ ᠣᠯᠳᠠᠭᠰᠠᠨ ᠦᠷ᠎ᠡ ᠪᠡᠨ ᠬᠥᠪᠡᠭᠦᠨ ᠭᠡᠳᠡᠭ ᠢ᠋ ᠬᠠᠲᠠᠭᠠᠨ ᠵᠦᠩ ᠢ᠋ᠶ᠋ᠡᠷ ᠢ᠋ᠶ᠋ᠡᠨ ᠮᠡᠳᠡᠵᠡᠢ᠃ ᠭᠡᠪᠡᠴᠦ ᠲᠡᠭᠦᠨ ᠦ᠌ ᠡᠨᠡ ᠶᠡᠬᠡ ᠪᠠᠶᠠᠷ ᠬᠥᠷ ᠶᠠᠮᠠᠷ ᠠᠶᠤᠯ ᠳᠠᠭᠠᠭᠤᠯᠬᠤ ᠶ᠋ᠢ ᠬᠠᠲᠠᠭᠠᠨ ᠰᠠᠢᠨ ᠮᠡᠳᠡᠵᠦ ᠪᠠᠢᠭᠰᠠᠨ ᠪᠢᠯᠡ᠃ ᠪᠥᠷᠲᠡ ᠶ᠋ᠢᠨ ᠲᠤᠷᠰᠢᠭᠤᠯ ᠡᠮᠡᠰ ᠡᠷᠭᠢᠯᠳᠦᠵᠦ ᠬᠠᠲᠠᠭᠠᠨ ᠢ᠋ ᠬᠥᠳᠡᠯᠬᠦ ᠭᠢᠰᠬᠢᠬᠦ ᠶ᠋ᠢ ᠳᠡᠩᠳᠡᠵᠦ ᠪᠠᠢᠳᠠᠭ ᠢ᠋ ᠲᠡᠷᠡ ᠭᠠᠳᠠᠷᠯᠠᠨ᠎ᠠ᠃ ᠲᠡᠮᠦᠵᠢᠨ ᠦ᠌ ᠬᠠᠪᠢᠳᠠᠵᠤ ᠣᠢᠷᠠᠲᠤᠭᠰᠠᠨ ᠡᠮᠡᠰ ᠢ᠋ ᠬᠠᠷᠠᠳᠠᠵᠤ ᠴᠠᠭᠳᠠᠵᠤ ᠴᠢᠮᠡᠭᠡ ᠦᠭᠡᠢᠬᠡᠨ ᠬᠣᠣᠷᠯᠠᠵᠤ ᠠᠯᠠᠳᠠᠭ ᠨᠢ ᠪᠥᠷᠲᠡ ᠶ᠋ᠢᠨ ᠭᠠᠭᠴᠠ ᠳᠤᠷᠠᠲᠠᠢ ᠠᠵᠢᠯ ᠪᠣᠯᠤᠭᠠᠳ ᠤᠳᠠᠭᠰᠠᠨ ᠢ᠋ ᠬᠠᠲᠠᠭᠠᠨ ᠥᠪᠡᠷ ᠦ᠋ᠨ ᠨᠢᠳᠦ ᠪᠡᠷ ᠦᠵᠡᠵᠦ ᠮᠡᠳᠡᠭᠰᠡᠨ ᠲᠤᠯᠠ ᠰᠡᠷᠡᠮᠵᠢᠲᠡᠢ ᠪᠣᠯᠵᠠᠢ᠃ ᠬᠡᠷᠪᠡ ᠲᠡᠭᠦᠨ ᠢ᠋ ᠲᠡᠮᠦᠵᠢᠨ ᠡᠴᠡ ᠪᠡᠶ᠎ᠡ ᠳᠠᠪᠬᠤᠷ ᠪᠣᠯᠤᠭᠰᠠᠨ ᠢ᠋ ᠪᠥᠷᠲᠡ ᠮᠡᠳᠡᠪᠡᠯ ᠵᠣᠯ ᠦᠭᠡᠢ ᠡᠬᠡ ᠦᠷ᠎ᠡ ᠬᠣᠶᠠᠷ ᠲᠤ᠌ ᠦᠬᠦᠯ ᠦ᠋ᠨ ᠠᠶᠤᠯ ᠲᠤᠯᠭᠠᠷᠠᠬᠤ ᠨᠢ ᠭᠠᠷᠴᠠᠭ᠎ᠠ ᠦᠭᠡᠢ ᠪᠠᠢᠯ᠎ᠠ᠃ ᠰᠤᠷᠬᠠᠨ ᠰᠢᠷ᠎ᠠ ᠲᠡᠮᠦᠵᠢᠨ ᠳ᠋ᠦ᠍ ᠳᠠᠭᠠᠵᠤ ᠢᠷᠡᠭᠰᠡᠨ ᠡᠴᠡ ᠬᠣᠢᠰᠢ ᠪᠥᠷᠲᠡ ᠬᠠᠲᠠᠭᠠᠨ ᠢ᠋ ᠶᠡᠬᠡᠳᠡ ᠬᠠᠯᠠᠮᠵᠢᠯᠠᠨ ᠬᠦᠷᠢᠶᠡᠨ ᠣ ᠪᠠᠨ ᠳᠣᠲᠣᠷ᠎ᠠ ᠥᠪᠡᠷ ᠦ᠋ᠨ ᠣᠢᠷ᠎ᠠ ᠰᠠᠭᠤᠯᠭᠠᠬᠤ ᠪᠣᠯᠤᠭᠰᠠᠨ ᠨᠢ ᠰᠠᠢᠨ ᠰᠠᠨᠠᠭᠠᠨ ᠤ᠋ ᠬᠢ ᠪᠢᠰᠢ ᠲᠡᠮᠦᠵᠢᠨ ᠦ᠌ ᠠᠩᠬᠠᠨ ᠤ᠋ ᠠᠮᠠᠷᠠᠭ ᠪᠦᠰᠡᠭᠦᠢ ᠶ᠋ᠢ ᠬᠠᠷᠠᠭᠠᠨ ᠳ᠋ᠠᠭᠠᠨ ᠪᠠᠢᠯᠭᠠᠵᠤ ᠬᠡᠵᠢᠶ᠎ᠡ ᠵᠢᠷᠮᠦᠰᠦᠯᠡᠬᠦ ᠶ᠋ᠢ ᠨᠢ ᠬᠦᠯᠢᠶᠡᠭᠰᠡᠨ ᠬᠡᠷᠡᠭ ᠪᠠᠢᠯ᠎ᠠ᠃ ᠲᠡᠮᠦᠵᠢᠨ ᠦ᠌ ᠡᠮᠡᠰ ᠬᠡᠦᠬᠡᠨ ᠨᠦ᠍ᠭᠦᠳ ᠲᠡᠢ ᠣᠷᠢᠶᠠᠴᠠᠯᠳᠤᠬᠤ ᠶ᠋ᠢ ᠬᠣᠷᠢᠵᠤ ᠴᠠᠭᠳᠠᠬᠤ ᠡᠷᠬᠡ ᠦᠭᠡᠢ ᠲᠤᠯᠠ ᠬᠠᠷᠢᠨ ᠬᠠᠪᠢᠳᠠᠭᠰᠠᠨ ᠡᠮᠡᠰ ᠡᠴᠡ ᠬᠥᠪᠡᠭᠦᠨ ᠲᠥᠷᠥᠭᠦᠯᠬᠦ ᠦᠭᠡᠢ ᠪᠠᠢᠯᠭᠠᠬᠤ ᠨᠢ ᠪᠥᠷᠲᠡ ᠶ᠋ᠢᠨ ᠬᠢᠵᠦ ᠴᠢᠳᠠᠬᠤ ᠵᠦᠢᠯ ᠪᠠᠢᠪᠠ᠃ ᠪᠥᠷᠲᠡ ᠥᠪᠡᠷ ᠦ᠋ᠨ ᠬᠥᠪᠡᠭᠦᠳ ᠲᠦ᠍ ᠥᠷᠢᠰᠦᠯᠳᠦᠭᠴᠢ ᠪᠣᠢ ᠪᠣᠯᠬᠤ ᠶ᠋ᠢ ᠬᠡᠵᠢᠶ᠎ᠡ ᠴᠦ᠍ ᠵᠥᠪᠰᠢᠶᠡᠷᠡᠬᠦ ᠦᠭᠡᠢ ᠪᠢᠯᠡ᠃ ᠥᠪᠡᠷ ᠲᠤᠨᠢ ᠪᠣᠯᠤᠭᠠᠳ ᠬᠡᠪᠡᠯᠢ ᠳ᠋ᠡᠬᠢ ᠦᠷ᠎ᠡ ᠳ᠋ᠦ᠍ᠨᠢ ᠨᠢᠭᠤᠷᠯᠠᠭᠠᠳ ᠪᠠᠢᠭᠰᠠᠨ ᠠᠶᠤᠯ ᠠ᠋ᠴᠠ ᠠᠪᠤᠷᠠᠵᠤ ᠲᠤᠰᠠᠯᠠᠬᠤ ᠬᠥᠮᠦᠨ ᠬᠠᠲᠠᠭᠠᠨ ᠳ᠋ᠤ᠌ ᠬᠡᠷᠡᠭᠲᠡᠢ ᠪᠠᠢᠯ᠎ᠠ᠃ ᠴᠢᠩᠭᠢᠰ ᠬᠠᠭᠠᠨ ᠳ᠋ᠤ᠌ ᠢᠲᠡᠭᠡᠯ ᠣᠯᠵᠤ ᠰᠢᠳᠠᠷᠯᠠᠭᠰᠠᠨ ᠡᠴᠢᠭᠡ᠂ ᠠᠬ᠎ᠠ ᠨᠠᠷ ᠲᠠᠭᠠᠨ ᠬᠠᠲᠠᠭᠠᠨ ᠢᠲᠡᠭᠡᠭᠰᠡᠨ ᠦᠭᠡᠢ᠃ ᠲᠡᠳᠡ ᠲᠡᠷᠡ ᠲᠡᠢ ᠲᠡᠷᠡ ᠦᠭᠡᠢ ᠪᠥᠷᠲᠡ ᠶ᠋ᠢᠨ ᠵᠠᠷᠯᠢᠭ ᠠ᠋ᠴᠠ ᠵᠥᠷᠢᠬᠦ ᠡᠷᠬᠡ ᠦᠭᠡᠢ ᠲᠤᠯᠠ ᠲᠡᠭᠦᠨ ᠢ᠋ ᠥᠬᠢᠨ ᠢ᠋ᠶ᠋ᠡᠨ᠂ ᠳᠡᠭᠦᠦ ᠪᠡᠨ ᠭᠡᠵᠦ ᠬᠠᠢᠷᠠᠯᠠᠬᠤ ᠦᠭᠡᠢ ᠪᠡᠷ ᠠᠯᠠᠵᠤ ᠣᠷᠬᠢᠬᠤ ᠪᠢᠵᠡ ᠭᠡᠵᠦ ᠬᠠᠲᠠᠭᠠᠨ ᠪᠣᠳᠣᠵᠠᠢ᠃ ᠪᠠᠰᠠ ᠲᠡᠮᠦᠵᠢᠨ ᠳ᠋ᠦ᠍ ᠴᠦ᠍ ᠢᠲᠡᠭᠡᠬᠦ ᠦᠭᠡᠢ ᠪᠠᠢᠯ᠎ᠠ᠃ ᠲᠡᠢᠮᠦ ᠤᠴᠢᠷ ᠠ᠋ᠴᠠ ᠬᠦᠰᠡᠵᠦ ᠣᠯᠤᠭᠰᠠᠨ ᠦᠷ᠎ᠡ ᠪᠡᠨ ᠵᠦᠭᠡᠷ ᠦᠬᠦᠭᠦᠯᠬᠦ ᠶ᠋ᠢ ᠬᠠᠲᠠᠭᠠᠨ ᠬᠦᠰᠡᠭᠰᠡᠨ ᠦᠭᠡᠢ᠃ ᠤᠳᠠᠬᠤ ᠳᠣᠳᠣᠮ ᠠᠶᠤᠯᠲᠠᠢ ᠲᠤᠯᠠ ᠲᠡᠭᠦᠨ ᠳ᠋ᠦ᠍ ᠨᠢᠭᠡ ᠡᠳᠦᠷ ᠴᠦ᠍ ᠬᠦᠯᠢᠶᠡᠬᠦ ᠴᠠᠭ ᠪᠠᠢᠭᠰᠠᠨ ᠦᠭᠡᠢ᠃ ᠪᠡᠶ᠎ᠡ ᠳᠠᠪᠬᠤᠷ ᠪᠣᠯᠤᠭᠰᠠᠨ ᠢ᠋ ᠪᠥᠷᠲᠡ ᠮᠡᠳᠡᠪᠡᠯ ᠦᠬᠦᠯ ᠲᠡᠢ ᠠᠳᠠᠯᠢ ᠬᠡᠷᠡᠭ ᠪᠣᠯᠬᠤ ᠪᠠᠢᠪᠠ᠃
ᠬᠠᠲᠠᠭᠠᠨ ᠭᠡᠨᠡᠳᠲᠡ ᠠᠯᠠᠭ᠎ᠠ ᠪᠣᠯᠤᠭᠰᠠᠨ ᠢ᠋ ᠪᠥᠷᠲᠡ ᠶᠠᠭᠠᠬᠢᠵᠤ ᠴᠤ᠌ ᠤᠷᠤᠯᠳᠤᠵᠤ ᠬᠢᠴᠢᠶᠡᠭᠡᠳ ᠣᠯᠵᠤ ᠮᠡᠳᠡᠵᠦ ᠴᠢᠳᠠᠭᠰᠠᠨ ᠦᠭᠡᠢ᠃ ᠪᠦᠬᠦ ᠦᠨᠡᠨ ᠵᠣᠪᠠᠯᠠᠩ ᠢ᠋ᠶ᠋ᠠᠨ ᠲᠣᠭᠠᠴᠢᠨ ᠨᠢᠯᠪᠤᠰᠤ ᠠᠰᠬᠠᠷᠠᠭᠤᠯᠤᠭᠰᠠᠨ ᠬᠠᠲᠠᠭᠠᠨ ᠢ᠋ ᠦᠵᠡᠭᠡᠳ ᠪᠤᠭᠤᠷᠴᠢ ᠤᠳᠠᠭᠠᠨ ᠲᠠᠲᠠᠭᠠᠯᠵᠠᠵᠤ ᠴᠢᠳᠠᠭᠰᠠᠨ ᠦᠭᠡᠢ᠃ ᠬᠠᠲᠠᠭᠠᠨ ᠤ᠋ ᠳᠤᠭᠤᠯᠭᠠᠪᠤᠷᠢ ᠲᠠᠢ ᠦᠨᠡᠨᠴᠢ ᠵᠠᠩ ᠡᠷᠲᠡ ᠡᠴᠡ ᠪᠤᠭᠤᠷᠴᠢ ᠳ᠋ᠤ᠌ ᠲᠠᠭᠠᠰᠢᠶᠠᠭᠳᠠᠵᠤ ᠪᠠᠢᠭᠰᠠᠨ ᠨᠢ ᠲᠡᠭᠦᠨ ᠢ᠋ ᠡᠢᠮᠦ ᠠᠯᠬᠤᠮ ᠬᠢᠬᠦ ᠳ᠋ᠦ᠍ ᠬᠦᠷᠭᠡᠵᠡᠢ᠃ ᠪᠠᠰᠠ ᠬᠠᠲᠠᠭᠠᠨ ᠪᠥᠷᠲᠡ ᠬᠣᠶᠠᠷ ᠤ᠋ᠨ ᠬᠣᠭᠣᠷᠣᠨᠳᠣ ᠡᠭᠦᠰᠴᠦ ᠪᠣᠢ ᠪᠣᠯᠬᠤ ᠵᠥᠷᠢᠴᠡᠯ ᠲᠡᠮᠡᠴᠡᠯ ᠡᠴᠦᠰ ᠲᠡᠭᠡᠨ ᠶᠠᠭᠤᠨ ᠳ᠋ᠤ᠌ ᠬᠦᠷᠭᠡᠵᠦ ᠪᠣᠯᠬᠤ ᠶ᠋ᠢ ᠤᠷᠢᠳᠴᠢᠯᠠᠨ ᠲᠠᠭᠠᠮᠠᠭᠯᠠᠵᠤ ᠰᠡᠷᠭᠡᠢᠯᠡᠭᠰᠡᠨ ᠬᠡᠷᠡᠭ ᠪᠠᠢᠪᠠ᠃ ᠪᠤᠭᠤᠷᠴᠢ ᠶ᠋ᠢᠨ ᠬᠤᠪᠢ ᠳ᠋ᠤ᠌ ᠶᠠᠭᠤᠨ ᠤ᠋ ᠲᠦᠷᠦᠭᠦᠨ ᠳ᠋ᠦ᠍ ᠲᠡᠮᠦᠵᠢᠨ ᠦ᠌ ᠠᠮᠤᠷ ᠲᠠᠢᠪᠤᠩ ᠠᠮᠢᠳᠤᠷᠠᠯ ᠬᠡᠷᠡᠭᠲᠡᠢ ᠪᠠᠢᠭᠰᠠᠨ ᠪᠢᠯᠡ᠃ ᠬᠠᠲᠠᠭᠠᠨ ᠢ᠋ ᠢᠷᠡᠭᠰᠡᠨ ᠡᠴᠡ ᠬᠣᠢᠰᠢ ᠪᠥᠷᠲᠡ ᠶ᠋ᠢᠨ ᠵᠠᠩ ᠠᠭᠠᠰᠢ ᠬᠡᠷᠬᠢᠨ ᠬᠤᠪᠢᠷᠠᠵᠤ ᠪᠠᠢᠭ᠎ᠠ ᠶ᠋ᠢ ᠪᠤᠭᠤᠷᠴᠢ ᠠᠩᠵᠠᠭᠠᠷᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠠᠢᠪᠠ᠃ ᠲᠡᠮᠦᠵᠢᠨ ᠢ᠋ ᠬᠠᠮᠠᠭᠠᠯᠠᠵᠤ ᠲᠠᠢᠴᠢᠭᠤᠳ ᠤ᠋ᠨ ᠲᠠᠷᠭᠤᠲᠠᠢ ᠶ᠋ᠢᠨ ᠭᠠᠷ ᠠ᠋ᠴᠠ ᠠᠪᠤᠷᠠᠵᠤ ᠲᠤᠰᠠᠯᠠᠭᠰᠠᠨ ᠬᠠᠲᠠᠭᠠᠨ ᠭᠡᠭᠴᠢ ᠭᠡᠮ ᠦᠭᠡᠢ ᠪᠦᠰᠡᠭᠦᠢ ᠶ᠋ᠢ ᠪᠥᠷᠲᠡ ᠶ᠋ᠢᠨ ᠭᠠᠷ ᠲᠤ᠌ ᠳᠡᠮᠡᠢ ᠦᠷᠡᠭᠳᠡᠭᠡᠰᠡᠢ ᠭᠡᠵᠦ ᠪᠤᠭᠤᠷᠴᠢ ᠬᠦᠰᠡᠭᠰᠡᠨ ᠦᠭᠡᠢ᠃ ᠬᠠᠮᠤᠭ ᠤ᠋ᠨ ᠭᠣᠣᠯ ᠨᠢ ᠲᠡᠮᠦᠵᠢᠨ ᠬᠠᠲᠠᠭᠠᠨ ᠳ᠋ᠤ᠌ ᠬᠠᠢᠷᠠᠲᠠᠢ ᠶ᠋ᠢ ᠪᠤᠭᠤᠷᠴᠢ ᠦᠵᠡᠵᠦ ᠮᠡᠳᠡᠭᠰᠡᠨ ᠶᠠᠪᠤᠳᠠᠯ ᠪᠠᠢᠪᠠ᠃ ᠪᠤᠭᠤᠷᠴᠢ ᠬᠠᠲᠠᠭᠠᠨ ᠢ᠋ ᠠᠯᠲᠠᠢ ᠶ᠋ᠢᠨ ᠨᠢᠷᠤᠭᠤᠨ ᠤ᠋ ᠡᠪᠦᠷ ᠲᠦ᠍ ᠪᠠᠢᠬᠤ ᠥᠪᠡᠷ ᠦ᠋ᠨ ᠬᠠᠮᠢᠶᠠᠲᠠᠨ ᠤ᠋ ᠢᠲᠡᠭᠡᠯ ᠲᠡᠢ ᠠᠢᠯ ᠤ᠋ᠨ ᠬᠠᠶᠠᠭᠠᠨ ᠳ᠋ᠤ᠌ ᠰᠠᠭᠤᠯᠭᠠᠭᠰᠠᠨ ᠪᠥᠭᠡᠳ ᠬᠠᠲᠠᠭᠠᠨ ᠠ᠋ᠴᠠ ᠬᠥᠪᠡᠭᠦᠨ ᠲᠥᠷᠥᠭᠰᠡᠨ ᠢ᠋ ᠲᠠᠰᠤ ᠨᠢᠭᠤᠬᠤ ᠪᠠᠷ ᠰᠢᠢᠳᠴᠡᠢ᠃ ᠬᠠᠷᠢᠨ ᠬᠠᠲᠠᠭᠠᠨ ᠬᠥᠪᠡᠭᠦᠨ ᠲᠥᠷᠥᠭᠦᠯᠦᠭᠰᠡᠨ ᠢ᠋ᠶ᠋ᠡᠨ ᠲᠡᠮᠦᠵᠢᠨ ᠳ᠋ᠦ᠍ ᠳᠣᠭᠣᠯᠭᠠᠬᠤ ᠶ᠋ᠢ ᠴᠢᠩ ᠰᠡᠳᠬᠢᠯ ᠡᠴᠡ ᠬᠦᠰᠡᠭᠰᠡᠨ ᠴᠦ᠍ ᠪᠤᠭᠤᠷᠴᠢ ᠲᠡᠭᠦᠨ ᠦ᠌ ᠬᠦᠰᠡᠭᠰᠡᠨ ᠢ᠋ᠶ᠋ᠡᠷ ᠬᠢᠭᠡ ᠦᠭᠡᠢ ᠪᠥᠭᠡᠳ ᠬᠥᠪᠡᠭᠦᠨ ᠳ᠋ᠡᠭᠡᠨ ᠬᠡᠯᠡᠬᠦ ᠶ᠋ᠢ ᠴᠦ᠍ ᠬᠣᠷᠢᠭᠯᠠᠭᠰᠠᠨ ᠪᠢᠯᠡ᠃ ᠢᠩᠭᠢᠬᠦ ᠨᠢ ᠬᠡᠨ ᠬᠡᠨ ᠳ᠋ᠡᠭᠡᠨ ᠠᠶᠤᠯ ᠣᠰᠣᠯ ᠪᠠᠭ᠎ᠠ ᠲᠠᠢ ᠪᠠᠢᠯ᠎ᠠ᠃ ᠬᠠᠲᠠᠭᠠᠨ ᠭᠡᠭᠴᠢ ᠲᠡᠷᠡ ᠳᠠᠷᠤᠤ ᠲᠥᠯᠥᠪ ᠨᠣᠮᠣᠬᠠᠨ ᠵᠠᠩ ᠲᠠᠢ ᠪᠦᠰᠡᠭᠦᠢ ᠲᠡᠮᠦᠵᠢᠨ ᠦ᠌ ᠬᠥᠪᠡᠭᠦᠨ ᠢ᠋ ᠲᠥᠷᠥᠭᠦᠯᠦᠭᠰᠡᠨ ᠳ᠋ᠡᠭᠡᠨ ᠠᠵᠠ ᠵᠢᠷᠭᠠᠯ ᠲᠠᠢ ᠬᠠᠷᠠᠮᠰᠠᠬᠤ ᠶᠠᠭᠤᠮ᠎ᠠ ᠦᠭᠡᠢ ᠦᠬᠦᠵᠡᠢ᠃ ᠬᠠᠷᠢᠨ ᠬᠠᠲᠠᠭᠠᠨ ᠤ᠋ ᠬᠥᠪᠡᠭᠦᠨ ᠬᠡᠷᠡᠭᠡ ᠶ᠋ᠢ ᠠᠷᠪᠠᠨ ᠨᠠᠰᠤ ᠬᠦᠷᠦᠮᠡᠭᠴᠡ ᠪᠤᠭᠤᠷᠴᠢ ᠥᠪᠡᠷ ᠦ᠋ᠨ ᠳᠡᠷᠭᠡᠳᠡ ᠡᠴᠡ ᠰᠠᠯᠭᠠᠭ᠎ᠠ ᠦᠭᠡᠢ ᠪᠢᠯᠡ᠃ ᠬᠡᠷᠡᠭᠡ ᠶ᠋ᠢ ᠪᠦᠭᠦᠳᠡᠭᠡᠷ ᠪᠤᠭᠤᠷᠴᠢ ᠶ᠋ᠢᠨ ᠨᠠᠢ᠍ᠮᠠᠨ ᠤ᠋ ᠪᠠᠭᠤᠷᠢᠨ ᠳᠡᠭᠡᠷ᠎ᠡ ᠡᠴᠡ ᠣᠯᠵᠤ ᠠᠪᠤᠭᠰᠠᠨ ᠬᠡᠦᠬᠡᠳ ᠭᠡᠵᠦ ᠢᠲᠡᠭᠡᠬᠦ ᠪᠥᠯᠥᠭᠡ᠃
ᠲᠠᠢᠴᠢᠭᠤᠳ ᠪᠣᠯᠤᠭᠠᠳ ᠵᠠᠮᠤᠬ᠎ᠠ ᠶ᠋ᠢᠨ ᠴᠡᠷᠢᠭ ᠦ᠋ᠨ ᠣᠷᠬᠢᠵᠤ ᠣᠳᠤᠭᠰᠠᠨ ᠢᠷᠭᠡᠳ ᠢ᠋ ᠬᠣᠷᠢᠶᠠᠨ ᠠᠪᠴᠢᠷᠠᠭᠰᠠᠨ ᠤ᠋ ᠳᠠᠷᠠᠭ᠎ᠠ ᠣᠯᠵᠠᠯᠠᠭᠳᠠᠭᠰᠠᠨ ᠪᠤᠶᠤ ᠳᠠᠭᠠᠵᠤ ᠢᠷᠡᠭᠰᠡᠨ ᠴᠡᠷᠢᠭ ᠦ᠋ᠳ ᠦ᠋ᠨ ᠳᠣᠲᠣᠷ᠎ᠠ ᠲᠡᠮᠦᠵᠢᠨ ᠢ᠋ ᠬᠠᠷᠪᠤᠵᠤ ᠰᠢᠷᠬᠠᠲᠤᠭᠤᠯᠤᠭᠰᠠᠨ ᠬᠥᠮᠦᠨ ᠪᠠᠢᠬᠤ ᠨᠢ ᠮᠠᠭᠠᠳ ᠲᠤᠯᠠ ᠲᠡᠮᠦᠵᠢᠨ ᠲᠡᠳᠡᠨ ᠦ᠌ ᠳᠤᠮᠳᠠᠭᠤᠷ ᠶᠠᠪᠤᠵᠤ ᠵᠠᠷᠢᠮ ᠬᠥᠮᠦᠨ ᠢ᠋ ᠪᠦᠷ ᠲᠤᠯᠵᠤ ᠣᠴᠢᠨ ᠬᠠᠷᠠᠵᠤ ᠶᠠᠪᠤᠵᠠᠢ᠃ ᠡᠨᠳᠡ ᠳᠠᠭᠠᠵᠤ ᠢᠷᠡᠭᠰᠡᠨ ᠴᠡᠷᠢᠭ ᠦ᠋ᠨ ᠨᠢᠭᠡ ᠪᠣᠯᠬᠤ ᠲᠠᠢᠴᠢᠭᠤᠳ ᠤ᠋ᠨ ᠵᠢᠷᠭᠤᠭᠠᠲᠠᠢ ᠭᠡᠭᠴᠢ ᠡᠷ᠎ᠡ ᠲᠡᠮᠦᠵᠢᠨ ᠢ᠋ ᠬᠠᠷᠪᠤᠭᠰᠠᠨ ᠠᠲᠠᠯ᠎ᠠ ᠪᠠᠨ ᠠᠶᠤᠯ ᠦᠭᠡᠢ ᠦᠯᠡᠳᠡᠭᠰᠡᠨ ᠪᠠᠢᠵᠠᠢ᠃ ᠵᠢᠷᠭᠤᠭᠠᠲᠠᠢ ᠤᠭ ᠤ᠋ᠨ ᠵᠣᠷᠢᠭᠲᠠᠢ ᠳᠠᠢᠨᠴᠢ ᠡᠷ᠎ᠡ ᠤᠴᠢᠷ ᠵᠠᠮᠤᠭ ᠠᠰᠢᠭ ᠰᠥᠨᠢ ᠳᠦᠯᠢ ᠪᠡᠷ ᠵᠢᠭᠤᠲᠠᠬᠤ ᠶ᠋ᠢ ᠪᠣᠳᠣᠭᠰᠠᠨ ᠦᠭᠡᠢ᠃ ᠵᠢᠭᠤᠲᠠᠭᠰᠠᠨ ᠳ᠋ᠤ᠌ ᠣᠷᠣᠪᠠᠯ ᠳᠠᠢᠰᠤᠨ ᠳ᠋ᠠᠭᠠᠨ ᠠᠯᠠᠭᠳᠠᠬᠤ ᠶ᠋ᠢ ᠲᠡᠷᠡ ᠳᠡᠭᠡᠷ᠎ᠡ ᠭᠡᠵᠦ ᠦᠵᠡᠭᠰᠡᠨ ᠪᠥᠭᠡᠳ ᠲᠡᠮᠦᠵᠢᠨ ᠦ᠌ ᠬᠡᠷᠬᠢᠬᠦ ᠶ᠋ᠢ ᠬᠦᠯᠢᠶᠡᠨ ᠰᠠᠭᠤᠵᠠᠢ᠃ ᠮᠥᠨ ᠲᠡᠮᠦᠵᠢᠨ ᠢ᠋ ᠰᠢᠷᠬᠠᠲᠤᠭᠤᠯᠤᠭᠰᠠᠨ ᠢ᠋ᠶ᠋ᠠᠨ ᠴᠤ᠌ ᠣᠯᠵᠤ ᠦᠵᠡᠪᠡ᠃ ᠤᠭ ᠨᠢ ᠲᠡᠮᠦᠵᠢᠨ ᠢ᠋ ᠠᠯᠠᠪᠠ ᠭᠡᠵᠦ ᠰᠠᠨᠠᠭᠰᠠᠨ ᠪᠢᠯᠡ᠃ ᠭᠡᠪᠡᠴᠦ ᠲᠡᠮᠦᠵᠢᠨ ᠡᠷᠡᠭᠦᠯ ᠰᠠᠷᠠᠭᠤᠯ ᠶᠠᠪᠤᠬᠤ ᠶ᠋ᠢ ᠦᠵᠡᠭᠡᠳ ᠣᠨᠣᠴᠠ ᠦᠭᠡᠢ ᠮᠠᠭᠤ ᠬᠠᠷᠪᠤᠭᠰᠠᠨ ᠳ᠋ᠠᠭᠠᠨ ᠶᠡᠬᠡᠳᠡ ᠬᠠᠷᠠᠮᠰᠠᠵᠤ ᠰᠠᠭᠤᠪᠠ᠃
| ᠬᠦᠢᠲᠡᠨ ᠠᠭᠤᠯᠠ ᠶ᠋ᠢᠨ ᠳᠣᠯᠣᠭᠠᠨ ᠳ᠋ᠤ᠌ ᠮᠢᠨᠦ ᠪᠠᠢᠯᠳᠤᠭᠠᠨ ᠤ᠋ ᠠᠮᠠ ᠴᠠᠭᠠᠨ ᠬᠣᠯᠠ ᠮᠣᠷᠢᠨ ᠤ᠋ ᠬᠦᠵᠦᠭᠦᠦ ᠶ᠋ᠢ ᠬᠡᠨ ᠬᠠᠷᠪᠤᠵᠤ ᠰᠢᠷᠬᠠᠲᠤᠭᠤᠯᠪᠠ ᠭᠡᠵᠦ ᠲᠡᠮᠦᠵᠢᠨ ᠵᠢᠷᠭᠤᠭᠠᠲᠠᠢ ᠶ᠋ᠢᠨ ᠡᠮᠦᠨ᠎ᠡ ᠢᠷᠡᠭᠡᠳ ᠣᠢᠷ᠎ᠠ ᠶ᠋ᠢᠨ ᠬᠥᠮᠦᠨ ᠯᠡ ᠰᠣᠨᠣᠰᠬᠤ ᠪᠠᠷ ᠰᠢᠪᠡᠨᠡᠬᠦ ᠰᠢᠬᠠᠮ ᠠᠰᠠᠭᠤᠪᠠ᠃ ᠪᠤᠭᠤᠷᠴᠢ᠂ ᠬᠠᠰᠠᠷ᠂ ᠵᠡᠯᠮ᠎ᠡ ᠨᠠᠷ ᠲᠡᠭᠦᠨ ᠢ᠋ ᠵᠠᠯᠭᠠᠭᠤᠯᠤᠨ 《ᠮᠢᠨᠦ ᠪᠠᠢᠯᠳᠤᠭᠠᠨ ᠤ᠋ ᠠᠮᠠ ᠴᠠᠭᠠᠨ ᠮᠣᠷᠢᠨ ᠤ᠋ ᠬᠦᠵᠦᠭᠦᠦ ᠶ᠋ᠢ ᠬᠡᠨ ᠬᠠᠷᠪᠤᠵᠤ ᠰᠢᠷᠬᠠᠲᠤᠭᠤᠯᠪᠠ 》 ᠭᠡᠵᠦ ᠳᠠᠭᠤ ᠳᠠᠭᠤ ᠪᠠᠨ ᠠᠪᠤᠨ ᠪᠠᠷᠬᠢᠷᠠᠯᠳᠤᠵᠠᠢ᠃ ᠨᠠᠮ ᠭᠦᠮ ᠪᠣᠯᠤᠯ᠎ᠠ᠃ ᠳᠠᠬᠢᠨ ᠬᠠᠰᠬᠢᠷᠬᠤ ᠳ᠋ᠤᠨᠢ ᠲᠡᠮᠦᠵᠢᠨ ᠴᠣᠬᠣᠮ ᠶᠠᠭᠤᠨ ᠲᠤᠬᠠᠢ ᠠᠰᠠᠭᠤᠵᠤ ᠪᠣᠢ ᠶ᠋ᠢ ᠮᠡᠳᠡᠭᠰᠡᠨ ᠵᠢᠷᠭᠤᠭᠠᠲᠠᠢ ᠠᠯᠭᠤᠷ ᠪᠣᠰᠤᠨ ᠲᠡᠭᠦᠨ ᠳ᠋ᠦ᠍ ᠳᠥᠭᠥᠨ ᠣᠴᠢᠪᠠ᠃ ᠵᠢᠷᠭᠤᠭᠠᠲᠠᠢ᠂ ᠲᠡᠮᠦᠵᠢᠨ ᠡᠴᠡ ᠳᠠᠷᠤᠢ ᠰᠠᠢᠨ ᠲᠣᠬᠣᠢ ᠥᠨᠳᠥᠷ ᠰᠦᠷᠯᠢᠭ ᠰᠠᠢᠬᠠᠨ ᠡᠷ᠎ᠡ ᠪᠠᠢᠪᠠ᠃
| ᠴᠢ ᠶᠠᠭᠤ ᠭᠡᠪᠡ? ᠭᠡᠮᠡᠨ ᠲᠡᠮᠦᠵᠢᠨ ᠡᠭᠴᠡ ᠰᠢᠷᠲᠡᠨ ᠠᠰᠠᠭᠤᠪᠠ᠃
| ᠪᠢ ᠲᠠᠢᠴᠢᠭᠤᠳ ᠤ᠋ᠨ ᠵᠢᠷᠭᠤᠭᠠᠲᠠᠢ ᠭᠡᠭᠴᠢ ᠪᠢᠯᠡ᠃ ᠮᠣᠷᠢᠨ ᠤ᠋ ᠬᠦᠵᠦᠭᠦᠦ ᠶ᠋ᠢ ᠪᠢ ᠬᠠᠷᠪᠤᠵᠠᠢ᠃
ᠠᠯᠠᠶ᠎ᠠ ᠭᠡᠪᠡᠯ ᠠᠯᠠ
ᠠᠯᠠᠭᠠᠨ ᠤ᠋ ᠲᠡᠳᠦᠢ ᠭᠠᠵᠠᠷ ᠢ᠋
ᠠᠯᠠᠭ᠎ᠠ ᠪᠣᠯᠭᠠᠵᠤ ᠦᠮᠡᠬᠡᠢᠷᠡᠭᠦᠯᠬᠦ
ᠠᠯᠲᠠ ᠪᠡᠶ᠎ᠡ ᠪᠠᠢᠨ᠎ᠠ᠃
ᠠᠪᠤᠷᠠᠶ᠎ᠠ ᠭᠡᠵᠦ ᠰᠠᠨᠠᠭᠠᠳ
ᠠᠮᠢ ᠶ᠋ᠢ ᠮᠢᠨᠢ ᠰᠣᠶᠣᠷᠬ᠎ᠠ
ᠬᠠᠯᠳᠠ ᠭᠡᠰᠡᠨ ᠭᠠᠵᠠᠷ ᠲᠤ᠌ ᠴᠢᠨᠢ
ᠬᠠᠷᠢᠵᠤ ᠣᠴᠢᠭᠠᠳ ᠪᠢ
ᠬᠠᠷ᠎ᠠ ᠤᠰᠤ ᠶ᠋ᠢ ᠴᠠᠯᠭᠢᠲᠠᠯ᠎ᠠ
ᠬᠠᠳᠠ ᠴᠢᠯᠠᠭᠤ ᠶ᠋ᠢ ᠬᠡᠮᠬᠡᠷᠡᠲᠡᠯ᠎ᠡ
ᠬᠠᠷᠢ ᠳᠠᠢᠰᠤᠨ ᠢ᠋ ᠳᠣᠪᠲᠣᠯᠵᠤ
ᠬᠠᠭᠠᠨ ᠴᠢᠮ᠎ᠠ ᠳ᠋ᠤ᠌ ᠲᠤᠰᠠᠯᠠᠶ᠎ᠠ
ᠴᠡᠭᠡᠯ ᠦ᠋ᠨ ᠤᠰᠤ ᠶ᠋ᠢ ᠴᠠᠯᠭᠢᠲᠠᠯ᠎ᠠ
ᠴᠡᠭᠡᠨ ᠴᠢᠯᠠᠭᠤ ᠶ᠋ᠢ ᠬᠠᠭᠠᠷᠠᠲᠠᠯ᠎ᠠ
ᠴᠢᠩ ᠵᠣᠷᠢᠭ ᠢ᠋ ᠭᠠᠷᠭᠠᠵᠤ
ᠴᠢᠩᠭᠢᠰ ᠴᠢᠮ᠎ᠠ ᠳ᠋ᠤ᠌ ᠲᠤᠰᠠᠯᠠᠶ᠎ᠠ
ᠬᠥᠷ ᠭᠡᠰᠡᠨ ᠭᠠᠵᠠᠷ ᠲᠤ᠌ ᠴᠢᠨᠢ
ᠬᠦᠷᠴᠦ ᠣᠴᠢᠭᠠᠳ ᠪᠢ
ᠬᠦᠷᠢ ᠴᠢᠯᠠᠭᠤ ᠬᠡᠮᠬᠡᠯᠦᠶᠡ
ᠬᠥᠮᠦᠨ ᠦ᠌ ᠵᠢᠷᠦᠬᠡ ᠶ᠋ᠢ ᠰᠢᠨᠲᠠᠯᠠᠶᠠ ᠭᠡᠵᠦ ᠰᠢᠯᠦᠭᠯᠡᠨ ᠬᠡᠯᠡᠪᠡ᠃
| ᠴᠢ ᠶᠠᠭᠠᠬᠢᠬᠤ ᠭᠡᠵᠦ ᠮᠣᠷᠢ ᠶ᠋ᠢ ᠮᠢᠨᠢ ᠬᠠᠷᠪᠤᠪᠠ? ᠭᠡᠵᠦ ᠲᠡᠮᠦᠵᠢᠨ ᠲᠡᠭᠦᠨ ᠳ᠋ᠦ᠍ ᠪᠦᠷ ᠨᠢᠭᠤᠷ ᠲᠤᠯᠵᠤ ᠣᠴᠢᠭᠠᠳ ᠠᠰᠠᠭᠤᠪᠠ᠃
| ᠪᠢ ᠠᠯᠠᠶ᠎ᠠ ᠭᠡᠵᠦ ᠬᠠᠷᠪᠤᠭᠰᠠᠨ ᠪᠢᠯᠡ᠃
ᠵᠢᠷᠭᠤᠭᠠᠲᠠᠢ ᠶ᠋ᠢᠨ ᠡᠨᠡ ᠴᠢᠩ ᠦᠨᠡᠨᠴᠢ ᠠᠶᠤᠮᠰᠢᠭ ᠦᠭᠡᠢ ᠰᠡᠳᠬᠢᠯ᠂ ᠴᠡᠴᠡᠨ ᠴᠡᠯᠮᠡᠭ ᠦᠭᠡ ᠲᠡᠮᠦᠵᠢᠨ ᠳ᠋ᠦ᠍ ᠲᠠᠭᠠᠰᠢᠶᠠᠭᠳᠠᠵᠠᠢ᠃
| ᠳᠠᠢᠰᠤᠨ ᠤ᠋ ᠬᠥᠮᠦᠨ ᠳᠠᠢᠰᠤᠩᠨᠠᠵᠤ ᠬᠣᠣᠷᠯᠠᠬᠤ ᠰᠠᠨᠠᠭ᠎ᠠ ᠪᠠᠨ ᠨᠢᠭᠤᠬᠤ ᠪᠥᠭᠡᠲᠡᠯ᠎ᠡ ᠬᠠᠷᠢᠨ ᠴᠢ ᠬᠣᠣᠷᠯᠠᠭᠰᠠᠨ ᠢ᠋ᠶ᠋ᠠᠨ ᠨᠢᠭᠤᠬᠤ ᠦᠭᠡᠢ ᠦᠨᠡᠨ ᠥᠴᠢᠪᠡ᠃ ᠴᠢ ᠰᠢᠳᠤᠷᠭᠤ᠂ ᠵᠣᠷᠢᠭᠲᠠᠢ ᠬᠥᠮᠦᠨ ᠶᠦ᠍ᠮ᠃ ᠡᠢᠮᠦ ᠬᠥᠮᠦᠨ ᠲᠡᠢ ᠨᠥᠬᠥᠷᠯᠡᠵᠦ ᠪᠣᠯᠤᠨ᠎ᠠ᠃ ᠴᠢ ᠮᠢᠨᠦ ᠪᠠᠢᠯᠳᠤᠭᠠᠨ ᠤ᠋ ᠠᠮᠠ ᠴᠠᠭᠠᠨ ᠬᠣᠯᠠ ᠮᠣᠷᠢᠨ ᠤ᠋ ᠬᠦᠵᠦᠭᠦᠦ ᠶ᠋ᠢ ᠵᠡᠪᠡ ᠪᠡᠷ ᠬᠠᠷᠪᠤᠭᠰᠠᠨ ᠲᠤᠯᠠ ᠴᠢᠨᠦ ᠵᠢᠷᠭᠤᠭᠠᠲᠠᠢ ᠨᠡᠷ᠎ᠡ ᠶ᠋ᠢ ᠬᠠᠯᠠᠵᠤ ᠵᠡᠪᠡ ᠭᠡᠵᠦ ᠨᠠᠷᠠᠯᠠᠶ᠎ᠠ᠃ ᠴᠢ ᠦᠭᠡᠨ ᠳ᠋ᠡᠭᠡᠨ ᠬᠦᠷᠴᠦ ᠳᠡᠷᠭᠡᠳᠡ ᠮᠢᠨᠢ ᠵᠢᠭᠰᠠᠵᠤ ᠵᠡᠪᠡ ᠮᠡᠲᠦ ᠬᠠᠮᠠᠭᠠᠯᠠᠵᠤ ᠶᠠᠪᠤ ᠭᠡᠵᠦ ᠴᠢᠮᠠᠶ᠋ᠢ ᠥᠷᠥᠰᠢᠶᠡᠶ᠎ᠡ ᠭᠡᠵᠡᠢ᠃ ᠤᠴᠢᠷ ᠢ᠋ ᠮᠡᠳᠡᠬᠦ ᠦᠭᠡᠢ ᠬᠥᠮᠦᠨ ᠮᠣᠷᠢ ᠰᠢᠷᠬᠠᠲᠤᠭᠤᠯᠤᠭᠰᠠᠨ ᠢ᠋ᠶ᠋ᠠᠷ ᠣᠢᠯᠠᠭᠠᠪᠠ᠃ ᠬᠠᠷᠢᠨ ᠴᠥᠭᠡᠨ ᠬᠥᠮᠦᠨ ᠵᠡᠪᠡ ᠶ᠋ᠢ ᠶᠠᠮᠠᠷ ᠤᠴᠢᠷ ᠲᠠᠢ ᠢᠩᠭᠢᠵᠦ ᠬᠡᠯᠡᠭᠰᠡᠨ ᠢ᠋ ᠣᠢᠯᠠᠭᠠᠵᠤ ᠪᠠᠢᠪᠠ᠃ ᠡᠢᠨ ᠬᠦ᠌ ᠵᠡᠪᠡ ᠠᠮᠢ ᠥᠷᠢᠰᠦᠨ ᠪᠠᠢᠵᠤ ᠲᠡᠮᠦᠵᠢᠨ ᠦ᠌ ᠳᠡᠷᠭᠡᠳᠡ ᠢᠷᠡᠭᠰᠡᠨ ᠦ᠌ ᠤᠴᠢᠷ ᠡᠨᠡ ᠶᠦ᠍ᠮ᠃ ᠲᠡᠮᠦᠵᠢᠨ ᠦ᠌ ᠡᠨᠡ ᠭᠡᠨᠡᠳᠲᠡ ᠶ᠋ᠢᠨ ᠰᠢᠢᠳᠪᠦᠷᠢ ᠲᠡᠭᠦᠨ ᠦ᠌ ᠨᠥᠬᠥᠳ ᠲᠦ᠍ ᠲᠠᠭᠠᠰᠢᠶᠠᠭᠳᠠᠭᠰᠠᠨ ᠦᠭᠡᠢ᠃ ᠬᠠᠰᠠᠷ ᠡᠰᠡᠷᠭᠦᠴᠡᠭᠰᠡᠨ ᠢ᠋ᠶ᠋ᠡᠨ ᠢᠯᠡᠷᠬᠡᠢᠯᠡᠵᠦ ᠳᠠᠭᠤ ᠦᠭᠡᠢ ᠡᠷᠭᠢᠨ ᠶᠠᠪᠤᠵᠠᠢ᠃ ᠬᠠᠷᠢᠨ ᠵᠡᠯᠮ᠎ᠡ ᠳᠠᠭᠤ ᠦᠭᠡᠢ ᠵᠣᠭᠰᠣᠵᠤ ᠪᠠᠢᠪᠠ᠃ ᠥᠪᠡᠷ ᠢ᠋ ᠨᠢ ᠠᠯᠠᠬᠤ ᠭᠡᠰᠡᠨ ᠦᠰᠲᠡᠨ ᠢ᠋ ᠲᠡᠮᠦᠵᠢᠨ ᠡᠢᠨ ᠬᠦ᠌ ᠡᠨᠡᠷᠢᠨ ᠥᠷᠥᠰᠢᠶᠡᠭᠰᠡᠨ ᠢ᠋ ᠪᠤᠭᠤᠷᠴᠢ ᠤᠳᠠᠲᠠᠯ᠎ᠠ ᠵᠥᠪᠰᠢᠶᠡᠷᠡᠨ ᠬᠦᠯᠢᠶᠡᠵᠦ ᠴᠢᠳᠠᠬᠤ ᠦᠭᠡᠢ ᠵᠡᠪᠡ ᠶ᠋ᠢᠨ ᠬᠥᠳᠡᠯᠬᠦ᠂ ᠠᠯᠬᠤᠬᠤ ᠶ᠋ᠢ ᠬᠢᠨᠠᠮᠠᠭᠠᠢ ᠰᠢᠷᠲᠡᠵᠦ ᠴᠠᠭᠳᠠᠨ ᠬᠢᠨᠠᠬᠤ ᠪᠣᠯᠵᠠᠢ᠃ ᠲᠡᠷᠡ ᠥᠴᠦᠬᠡᠨ ᠲᠡᠳᠦᠢ ᠰᠡᠵᠢᠭ ᠭᠠᠷᠪᠠᠯ ᠵᠡᠪᠡ ᠶ᠋ᠢ ᠳᠣᠣᠷ᠎ᠠ ᠨᠢ ᠠᠯᠠᠬᠤ ᠳ᠋ᠤ᠌ ᠪᠡᠯᠡᠨ ᠪᠠᠢᠪᠠ᠃ ᠰᠢᠷᠠᠭᠳᠤᠭᠰᠠᠨ ᠤ᠋ ᠪᠠᠨ ᠳᠠᠷᠠᠭ᠎ᠠ ᠥᠪᠡᠷ ᠦ᠋ᠨ ᠠᠮᠢ ᠨᠠᠰᠤ᠂ ᠲᠥᠷᠥ ᠤᠯᠤᠰ ᠤ᠋ᠨ ᠪᠠᠲᠤ ᠪᠡᠬᠢ ᠶ᠋ᠢ ᠰᠠᠬᠢᠭᠴᠢ ᠰᠢᠳᠠᠷ ᠲᠣᠷᠭᠠᠨ ᠴᠡᠷᠢᠭ ᠢ᠋ ᠪᠣᠭᠣᠷᠴᠢ ᠪᠠᠷ ᠤᠳᠤᠷᠢᠳᠤᠭᠤᠯᠬᠤ ᠪᠠᠷ ᠲᠡᠮᠦᠵᠢᠨ ᠲᠣᠭᠲᠠᠪᠠ᠃ ᠲᠡᠭᠦᠨ ᠡᠴᠡ ᠬᠣᠢᠰᠢ ᠪᠣᠭᠣᠷᠴᠢ ᠲᠡᠮᠦᠵᠢᠨ ᠦ᠌ ᠳᠡᠷᠭᠡᠳᠡ ᠡᠴᠡ ᠬᠣᠯᠠᠳᠤᠭᠰᠠᠨ ᠦᠭᠡᠢ ᠪᠢᠯᠡ᠃ ᠪᠣᠭᠣᠷᠴᠢ ᠲᠡᠮᠦᠵᠢᠨ ᠦ᠌ ᠲᠣᠷᠭᠠᠨ ᠴᠡᠷᠢᠭ ᠢ᠋ ᠤᠳᠤᠷᠢᠳᠬᠤ ᠪᠣᠯᠤᠭᠰᠠᠨ ᠨᠢ ᠲᠡᠭᠦᠨ ᠦ᠌ ᠨᠡᠷ᠎ᠡ ᠨᠥᠯᠥᠭᠡ ᠶ᠋ᠢ ᠨᠥᠬᠥᠳ ᠦ᠋ᠨ ᠳᠣᠲᠣᠷ᠎ᠠ ᠢᠯᠡᠳᠲᠡ ᠡᠷᠭᠦᠵᠦ ᠬᠠᠰᠠᠷ ᠤ᠋ᠨ ᠵᠢᠪᠡᠭᠦᠦ ᠶ᠋ᠢ ᠶᠡᠬᠡᠳᠡ ᠬᠥᠳᠡᠯᠭᠡᠪᠡ᠃ ᠲᠣᠷᠭᠠᠨ ᠴᠡᠷᠢᠭ ᠪᠣᠯ ᠪᠠᠢᠩᠭᠤ ᠶ᠋ᠢᠨ ᠴᠡᠷᠢᠭ ᠦ᠋ᠨ ᠭᠣᠣᠯ ᠴᠥᠮ᠎ᠡ᠂ ᠠᠮᠢᠨ ᠰᠦᠨᠡᠰᠦ ᠨᠢ ᠲᠤᠯᠠ ᠪᠣᠭᠣᠷᠴᠢ ᠢᠩᠭᠢᠵᠦ ᠲᠡᠮᠦᠵᠢᠨ ᠦ᠌ ᠤᠳᠠᠭᠠᠬᠢ ᠡᠷᠬᠡ ᠮᠡᠳᠡᠯᠲᠡᠨ ᠪᠣᠯᠤᠭᠰᠠᠨ ᠶᠤᠮ᠃ ᠤᠭ ᠨᠢ ᠲᠡᠮᠦᠵᠢᠨ ᠦ᠌ ᠤᠳᠠᠭᠠᠬᠢ ᠡᠷᠬᠡ ᠳᠠᠷᠬᠠᠲᠠᠨ ᠨᠢ ᠬᠠᠰᠠᠷ ᠪᠠᠢᠬᠤ ᠶᠣᠰᠣᠲᠠᠢ ᠪᠣᠯᠪᠠᠴᠤ ᠲᠡᠮᠦᠵᠢᠨ ᠢᠩᠭᠢᠵᠦ ᠰᠢᠢᠳᠦᠭᠰᠡᠨ ᠦᠭᠡᠢ᠃ ᠬᠠᠷᠢᠨ ᠵᠡᠪᠡ ᠦᠨᠡᠨᠴᠢ ᠵᠢᠳᠬᠦᠬᠦ ᠨᠢᠭᠡᠨ ᠦᠵᠦᠭᠦᠷᠲᠦ ᠵᠣᠷᠢᠯᠭ᠎ᠠ ᠠ᠋ᠴᠠ ᠥᠭᠡᠷ᠎ᠡ ᠳᠠᠯᠳᠠ ᠰᠠᠨᠠᠭ᠎ᠠ ᠠᠭᠤᠯᠤᠭ᠎ᠠ ᠦᠭᠡᠢ ᠴᠦ᠍ ᠪᠣᠭᠣᠷᠴᠢ ᠢᠲᠡᠭᠡᠵᠦ ᠦᠨᠡᠮᠰᠢᠬᠦ ᠦᠭᠡᠢ ᠪᠠᠢᠳᠠᠭ ᠢ᠋ ᠵᠡᠪᠡ ᠴᠦ᠍᠂ ᠲᠡᠮᠦᠵᠢᠨ ᠴᠦ᠍ ᠮᠡᠳᠡᠬᠦ ᠪᠣᠯᠵᠠᠢ᠃ ᠪᠠᠰᠠ ᠳᠠᠷᠤᠭᠳᠠᠭᠰᠠᠨ ᠳᠠᠢᠰᠤᠨ ᠤ᠋ ᠴᠡᠷᠢᠭ ᠡᠴᠡ ᠤᠷᠪᠠᠨ ᠳᠠᠭᠠᠵᠤ ᠢᠷᠡᠭᠰᠡᠨ ᠬᠥᠮᠦᠨ ᠭᠠᠭᠴᠠ ᠵᠡᠪᠡ ᠪᠢᠰᠢ ᠶᠦᠮ᠃ ᠪᠠᠭᠤᠨ ᠥᠭᠴᠦ ᠦᠨᠡᠨᠴᠢ ᠵᠢᠳᠬᠦᠬᠦ ᠲᠠᠩᠭᠠᠷᠢᠭ ᠡᠷᠭᠦᠭᠰᠡᠳ ᠪᠦᠭᠦᠳᠡᠭᠡᠷ ᠲᠡᠢᠮᠦ ᠢᠲᠡᠭᠡᠯ ᠲᠡᠢ ᠦᠨᠡᠨᠴᠢ ᠭᠡᠳᠡᠭ ᠲᠦ᠍ ᠪᠣᠭᠣᠷᠴᠢ ᠦᠷᠭᠦᠯᠵᠢ ᠡᠷᠡᠭᠡᠯᠵᠡᠨ᠎ᠡ᠃ ᠬᠠᠷ᠎ᠠ ᠶ᠋ᠢ ᠦᠵᠡᠵᠦ ᠬᠠᠵᠠᠢᠵᠤ᠂ ᠰᠢᠷ᠎ᠠ ᠶ᠋ᠢ ᠦᠵᠡᠵᠦ ᠰᠢᠷᠪᠠᠬᠤ ᠰᠡᠳᠬᠢᠯ ᠨᠢᠭᠡᠨᠲᠡ ᠭᠠᠷᠭᠠᠭᠰᠠᠨ ᠲᠡᠳᠡ ᠲᠡᠮᠦᠵᠢᠨ ᠢ᠋ ᠬᠥᠯ ᠠᠯᠳᠠᠪᠠᠯ ᠠᠷᠤ ᠠ᠋ᠴᠠ ᠨᠢ ᠬᠢᠲᠤᠭ᠎ᠠ ᠰᠢᠭᠠᠬᠤ ᠳ᠋ᠤ᠌ ᠬᠡᠵᠢᠶᠡᠳᠡ ᠪᠡᠯᠡᠨ ᠪᠠᠢᠨ᠎ᠠ ᠭᠡᠵᠦ ᠪᠣᠭᠣᠷᠴᠢ ᠢᠲᠡᠭᠡᠬᠦ ᠲᠤᠯᠠ ᠬᠠᠷᠠᠭᠤᠯ ᠬᠠᠮᠠᠭᠠᠯᠠᠯᠲᠠ ᠶ᠋ᠢ ᠤᠯᠠᠮ ᠴᠢᠩᠭᠠᠷᠠᠭᠤᠯᠤᠨ ᠪᠡᠬᠢᠯᠡᠪᠡ᠃ ᠤᠳᠠᠯ ᠦᠭᠡᠢ ᠲᠡᠮᠦᠵᠢᠨ ᠦ᠌ ᠬᠠᠮᠠᠭᠠᠯᠠᠯᠲᠠ ᠬᠠᠮᠤᠭ ᠤ᠋ᠨ ᠵᠢᠷᠤᠮ ᠲᠠᠢ ᠪᠠᠲᠤ ᠪᠡᠬᠢ ᠪᠣᠯᠵᠠᠢ᠃ ᠶᠡᠬᠡ ᠬᠠᠭᠠᠨ ᠳ᠋ᠤ᠌ ᠡᠷᠭᠦᠮᠵᠢᠯᠡᠭᠳᠡᠭᠰᠡᠨ ᠡᠴᠡ ᠬᠣᠢᠰᠢ ᠴᠢᠩᠭᠢᠰ ᠬᠠᠭᠠᠨ ᠤ᠋ ᠰᠢᠳᠠᠷ ᠲᠣᠷᠭᠠᠨ ᠴᠡᠷᠢᠭ ᠦ᠋ᠨ ᠲᠣᠭ᠎ᠠ ᠲᠦᠮᠡ ᠪᠣᠯᠵᠤ᠂ ᠪᠠᠢᠩᠭᠤ ᠶ᠋ᠢᠨ ᠴᠡᠷᠢᠭ ᠦ᠋ᠨ ᠲᠣᠭ᠎ᠠ ᠠᠷᠪᠠᠨ ᠲᠦᠮᠡ ᠳ᠋ᠦ᠍ ᠬᠦᠷᠴᠡᠢ᠃ ᠪᠣᠭᠣᠷᠴᠢ ᠶᠠᠪᠤᠭᠠᠨ ᠳ᠋ᠠᠭᠠᠨ ᠵᠡᠪᠡ ᠳ᠋ᠦ᠍ ᠢᠲᠡᠭᠡᠬᠦ ᠪᠣᠯᠵᠤ ᠵᠡᠪᠡ ᠴᠦ᠍ ᠴᠢᠩᠭᠢᠰ ᠬᠠᠭᠠᠨ ᠤ᠋ ᠤᠨᠲᠠᠯᠭ᠎ᠠ ᠶ᠋ᠢᠨ ᠪᠣᠯᠤᠭᠠᠳ ᠶᠣᠰᠣᠯᠠᠯ ᠤ᠋ᠨ ᠦᠷᠭᠦᠭᠡᠨ ᠳ᠋ᠦ᠍ ᠵᠥᠪᠰᠢᠶᠡᠷᠡᠯ ᠦᠭᠡᠢ ᠣᠷᠣᠬᠤ ᠪᠣᠯᠵᠠᠢ᠃ ᠵᠡᠪᠡ ᠶᠠᠮᠠᠷ ᠭᠠᠪᠰᠢᠭᠠᠢ ᠪᠠᠭᠠᠲᠤᠷ ᠪᠣᠯᠬᠤ ᠪᠠᠨ ᠠᠯᠲᠠᠨ ᠤᠯᠤᠰ ᠢ᠋ ᠳᠠᠢᠯᠠᠬᠤ ᠳ᠋ᠤ᠌ ᠪᠠᠬᠠᠷᠬᠠᠯᠲᠠᠢ ᠪᠠᠷ ᠦᠵᠡᠭᠦᠯᠦᠭᠰᠡᠨ ᠪᠢᠯᠡ᠃ ᠵᠡᠪᠡ ᠢᠩᠭᠢᠵᠦ ᠪᠣᠭᠣᠷᠴᠢ ᠶ᠋ᠢᠨ ᠢᠲᠡᠭᠡᠯᠲᠡᠢ ᠨᠥᠬᠥᠷ ᠨᠢ ᠪᠣᠯᠵᠠᠢ᠃
ᠪᠣᠭᠣᠷᠴᠢ ᠶ᠋ᠢ ᠣᠳᠣ ᠡᠨᠳᠡ ᠪᠠᠷᠢᠬᠵᠠᠨ ᠠᠭᠤᠯᠠ ᠶ᠋ᠢᠨ ᠪᠠᠯ ᠳ᠋ᠤ᠌ ᠴᠢᠩᠭᠢᠰ ᠬᠠᠭᠠᠨ ᠢ᠋ ᠬᠦᠯᠢᠶᠡᠨ ᠲᠦᠭᠰᠢᠵᠦ ᠡᠯᠳᠡᠪ ᠦ᠋ᠨ ᠪᠣᠳᠣᠯ ᠳ᠋ᠤ᠌ ᠳᠠᠷᠤᠭᠳᠠᠨ ᠵᠣᠭᠰᠣᠬᠤ ᠲᠡᠷᠡ ᠮᠥᠴᠡ ᠳ᠋ᠦ᠍ ᠵᠡᠪᠡ ᠰᠥᠪᠡᠭᠡᠳᠡᠢ ᠬᠣᠶᠠᠷ ᠲᠡᠭᠦᠨ ᠡᠴᠡ ᠮᠢᠩᠭᠠᠨ ᠪᠠᠷ᠎ᠠ ᠶ᠋ᠢᠨ ᠴᠠᠭᠠᠨ᠎ᠠ ᠳ᠋ᠨ᠋ᠸᠫᠷ ᠮᠥᠷᠡᠨ ᠢ᠋ ᠰᠠᠮ ᠭᠡᠲᠦᠯᠬᠦ ᠪᠡᠷ ᠶᠠᠪᠤᠯ᠎ᠠ᠃ ᠬᠠᠷᠢᠨ ᠲᠡᠨᠳᠡ ᠳ᠋ᠨ᠋ᠸᠫᠷ ᠮᠥᠷᠡᠨ ᠦ᠌ ᠥᠷᠭᠡᠨ ᠬᠥᠨᠳᠡᠢ ᠳ᠋ᠦ᠍ ᠰᠠᠷ᠎ᠠ ᠲᠠᠢ ᠨᠠᠮ ᠭᠦᠮ ᠪᠥᠭᠡᠳ ᠬᠣᠯᠠ ᠳ᠋ᠤ᠌ ᠺᠢᠶᠸᠪ ᠬᠣᠲᠠᠨ ᠤ᠋ ᠶᠡᠬᠡ ᠰᠦᠮ᠎ᠡ ᠶ᠋ᠢᠨ ᠬᠣᠩᠬᠣ ᠳᠤᠤᠭᠠᠷᠬᠤ ᠨᠢ ᠰᠣᠨᠣᠰᠳᠠᠵᠤ ᠡᠨᠡ ᠳᠠᠭᠤᠨ ᠢ᠋ᠶ᠋ᠠᠷ ᠰᠡᠷᠡᠭᠰᠡᠨ ᠣᠯᠠᠨ ᠬᠡᠷᠢᠶ᠎ᠡ ᠱᠠᠭᠢᠯᠳᠤᠨ ᠡᠷᠭᠢᠯᠳᠦᠵᠦ ᠪᠠᠢᠭᠰᠠᠨ ᠪᠢᠯᠡ᠃ ᠮᠣᠩᠭᠣᠯ ᠴᠡᠷᠢᠭ ᠦ᠋ᠨ ᠮᠠᠩᠯᠠᠢ ᠳ᠋ᠤ᠌ ᠰᠥᠪᠡᠭᠡᠳᠡᠢ ᠵᠡᠪᠡ ᠬᠣᠶᠠᠭᠤᠯᠠ ᠲᠠᠭ ᠳᠤᠭᠤᠢ ᠶᠠᠪᠤᠵᠤ ᠪᠠᠢᠵᠠᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠡᠴᠡᠭ᠂ ᠳᠡᠭᠦᠦᠵᠠᠶᠠᠭ᠎ᠠ᠂ ᠬᠡᠯᠡᠰᠣᠶᠣᠯ(ᠪᠤᠤ ᠸᠸᠨ ᠬᠤᠸᠠ)
ᠠᠯᠲᠠᠨᠴᠢᠮᠡᠭ᠂ ᠰᠡᠴᠡᠨᠴᠢᠮᠡᠭ᠂ ᠬᠡᠷᠡᠢᠳ·ᠮᠥᠩᠬᠡᠨᠠᠰᠤᠨ᠂
ᠨᠠᠷᠠᠨᠲᠤᠶᠠᠭ᠎ᠠ᠂ ᠮᠥᠩᠭᠥᠨ
ᠬᠢᠨᠠᠭᠴᠢ᠄ ᠵᠢᠩᠯᠢᠬᠤᠸᠠᠷ᠂ ᠣᠳᠬᠠᠨᠰᠣ᠎ᠠ᠂ ᠨᠠᠷᠠᠨ᠂ ᠰᠡᠬᠡᠭᠡᠷᠡᠯ᠂ ᠮᠣᠩᠭᠣᠯ ᠰᠦᠨᠡᠰᠦ᠂ ᠲ·ᠬᠦᠮᠦᠵᠢᠯᠲᠦ