ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(1) Шинэлам – 2-р бүлэг᠂Өлзийжаргал– гялалзсан нэг нас 4(1) ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(1) Шинэлам – 2-р бүлэг᠂Өлзийжаргал– гялалзсан нэг нас 4(1)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ4(1) Шинэлам – 2-р бүлэг᠂Өлзийжаргал– гялалзсан нэг нас 4(1)

ᠠᠩᠭᠢᠯᠠᠯ:ᠲᠡᠥᠬᠡ ᠰᠣᠶᠣᠯ
2025-09-20

217

ᠳᠥᠷᠪᠡ᠂ ᠦᠦᠰᠢᠨ ᠨᠣᠶᠠᠨ ᠴᠠᠭᠳᠤᠷᠰᠡᠷᠡᠩ ᠪᠣᠯᠤᠨ ᠬᠠᠲᠤᠨ ᠨᠠᠷᠠᠨᠭᠡᠷᠡᠯ ᠯᠦ᠍ᠭᠡ ᠶ᠋ᠢᠨ ᠲᠡᠮᠡᠴᠡᠯᠳᠦᠭᠡᠨ

( ᠨᠢᠭᠡ ) ᠰᠢᠨᠡᠯᠡᠮ᠎ᠡ᠂ ᠦᠦᠰᠢᠨ ᠶᠠᠮᠤᠨ ᠤ᠋ ᠳᠡᠮᠴᠢ ᠡᠷᠳᠡᠨᠢᠰᠠᠩ ᠤ᠋ᠨ ᠠᠮᠠᠨ ᠥᠴᠢᠭ ᠢ᠋ ᠠᠪᠤᠭᠰᠠᠨ


       ᠦᠦᠰᠢᠨ ᠨᠣᠶᠠᠨ ᠴᠠᠭᠳᠤᠷᠰᠡᠷᠡᠩ ᠦ᠋ᠨ ᠬᠠᠲᠤᠨ ᠨᠠᠷᠠᠨᠭᠡᠷᠡᠯ ᠪᠣᠯ ᠥᠩᠭᠡ ᠵᠢᠰᠦᠲᠡᠢ ᠲᠥᠷᠥᠭᠰᠡᠨ ᠭᠣᠶᠣ ᠡᠬᠡᠨᠡᠷ ᠶᠦᠮ᠃ ᠨᠢᠭᠡ ᠬᠤᠰᠢᠭᠤᠨ ᠤ᠋ ᠵᠠᠰᠠᠭ ᠨᠣᠶᠠᠨ ᠤ᠋ ᠬᠠᠲᠤᠨ ᠬᠥᠮᠦᠨ ᠪᠣᠯ ᠲᠥᠪ ᠶᠡᠬᠡᠮᠰᠦᠭ᠂ ᠤᠴᠢᠷ ᠶᠠᠪᠤᠳᠠᠯ ᠳ᠋ᠤ᠌ ᠯᠠᠪᠳᠠᠭᠤᠨ᠂ ᠬᠣᠰᠢᠭᠤ ᠨᠤᠲᠤᠭ ᠤ᠋ᠨ ᠢ᠋ᠶ᠋ᠠᠨ ᠠᠷᠠᠳ ᠢᠷᠭᠡᠳ ᠦ᠋ᠨ ᠠᠰᠢᠭ ᠲᠤᠰᠠ ᠶ᠋ᠢ ᠪᠣᠳᠣᠯᠬᠢᠯᠠᠬᠤ ᠬᠡᠷᠡᠭᠲᠡᠢ ᠪᠠᠢᠵᠤ᠂ ᠬᠠᠮᠤᠭ ᠨᠠᠭᠠᠳᠤ ᠵᠠᠬ᠎ᠠ ᠳ᠋ᠠᠭᠠᠨ ᠪᠤᠰᠤᠳ ᠢ᠋ᠶ᠋ᠠᠷ ᠰᠡᠭᠦᠯ ᠢ᠋ᠶ᠋ᠡᠨ ᠪᠠᠷᠢᠭᠤᠯᠬᠤ ᠦᠭᠡᠢ ᠪᠠᠢᠬᠤ ᠶᠣᠰᠣᠲᠠᠢ ᠪᠠᠢᠳᠠᠭ᠃ ᠭᠡᠪᠡᠴᠦ ᠲᠡᠷᠡ ᠬᠠᠲᠤᠨ ᠬᠥᠮᠦᠨ ᠦ᠌ ᠡᠷᠬᠡ ᠰᠦᠷ ᠲᠡᠭᠡᠨ ᠡᠷᠳᠦᠨ ᠳᠤᠷ᠎ᠠ ᠵᠣᠷᠢᠭ ᠢ᠋ᠶ᠋ᠠᠷ ᠢ᠋ᠶ᠋ᠠᠨ ᠠᠭᠠᠰᠢᠯᠠᠵᠤ ᠦᠦᠰᠢᠨ ᠬᠤᠰᠢᠭᠤᠨ ᠤ᠋ ᠲᠠᠮᠠᠭᠠᠯᠠᠢ ᠶ᠋ᠢᠨ ᠱᠠᠩ ᠣᠷᠳᠣᠨ ᠤ᠋ ᠳᠣᠲᠣᠷ᠎ᠠ ᠰᠠᠮᠠᠭᠤᠷᠠᠯ ᠢ᠋ ᠳᠡᠭᠳᠡᠭᠡᠵᠦ ᠪᠠᠢᠵᠠᠢ᠃ ᠢᠯᠠᠩᠭᠤᠶ᠎ᠠ ᠴᠠᠭᠳᠤᠷᠰᠡᠷᠡᠩ ᠦ᠋ᠨ ᠲᠡᠵᠢᠭᠡᠪᠦᠷᠢ ᠬᠦᠷᠭᠡᠨ (ᠴᠠᠭᠳᠤᠷᠰᠡᠷᠡᠩ ᠨᠣᠶᠠᠨ ᠤ᠋ ᠶᠡᠬᠡ ᠬᠠᠲᠤᠨ ᠤ᠋ ᠲᠡᠵᠢᠭᠡᠪᠦᠷᠢ ᠬᠡᠦᠬᠡᠨ ᠦ᠌ ᠬᠦᠷᠭᠡᠨ) ᠪᠣᠯᠬᠤ ᠨᠣᠶᠠᠨ ᠱᠠᠩ ᠤ᠋ᠨ ᠳᠡᠮᠴᠢ ᠡᠷᠳᠡᠨᠢᠰᠠᠩ ᠲᠠᠢ ᠬᠥᠯ ᠭᠠᠷ ᠪᠣᠯᠵᠤ ᠰᠤᠷᠲᠠᠯ ᠮᠠᠭᠤ ᠶ᠋ᠢᠨ ᠲᠤᠢᠯ ᠳ᠋ᠤ᠌ ᠬᠦᠷᠴᠡᠢ᠃ ᠡᠢᠮᠦ ᠡᠴᠡ ᠣᠯᠠᠨ ᠬᠥᠮᠦᠰ ᠦ᠋ᠨ ᠳᠤᠷ᠎ᠠ ᠦᠭᠡᠢᠴᠡᠯ ᠢ᠋ ᠳᠡᠭᠳᠡᠭᠡᠵᠦ ᠢᠯᠠᠩᠭᠤᠶ᠎ᠠ ᠳᠤᠭᠤᠢᠯᠠᠩ ᠤ᠋ᠨ ᠬᠥᠮᠦᠰ ᠦ᠋ᠨ ᠡᠰᠡᠷᠭᠦᠴᠡᠯ ᠢ᠋ ᠣᠯᠤᠭᠰᠠᠨ ᠠᠵᠢ᠃  
     ᠰᠢᠨᠠᠯᠠᠮ᠎ᠠ᠂ ᠦᠦᠰᠢᠨ ᠵᠠᠰᠠᠭ ᠨᠣᠶᠠᠨ ᠲᠠᠢ ᠲᠡᠮᠡᠴᠡᠯ ᠬᠢᠬᠦ ᠳ᠋ᠡᠭᠡᠨ(ᠲᠤᠬᠠᠢ ᠶ᠋ᠢᠨ ᠦᠶ᠎ᠡ ᠳ᠋ᠦ᠍ ᠡᠭᠡᠯ ᠠᠷᠠᠳ ᠡᠵᠡᠨ ᠨᠣᠶᠠᠨ ᠲᠠᠢ ᠰᠢᠭᠤᠳ ᠬᠠᠯᠳᠠᠵᠤ ᠪᠣᠯᠳᠠᠭ ᠦᠭᠡᠢ) ᠶᠠᠭᠤᠨ ᠤ᠋ ᠡᠮᠦᠨ᠎ᠡ ᠦᠦᠰᠢᠨ ᠱᠠᠩ ᠶᠠᠮᠤᠨ ᠤ᠋ ᠳᠡᠮᠴᠢ ᠡᠷᠳᠡᠨᠢᠰᠠᠩ ᠳ᠋ᠤ᠌ ᠭᠠᠷ ᠬᠦᠷᠴᠦ᠂ ᠳᠠᠷᠠᠭ᠎ᠠ ᠨᠢ ᠬᠠᠲᠤᠨ ᠨᠠᠷᠠᠨᠭᠡᠷᠡᠯ ᠢ᠋ ᠳᠠᠭᠠᠷᠢᠵᠤ᠂ ᠢᠩᠭᠢᠪᠡᠯ ᠴᠠᠭᠳᠤᠷᠰᠡᠷᠡᠩ ᠨᠣᠶᠠᠨ ᠡᠷᠬᠡ ᠦᠭᠡᠢ ᠨᠣᠶᠠᠨ ᠵᠡᠷᠭᠡ ᠪᠡᠨ ᠤᠭᠴᠠᠷᠠᠭᠤᠯᠬᠤ ᠳ᠋ᠤ᠌ ᠬᠦᠷᠦᠨ᠎ᠡ ᠭᠡᠵᠦ ᠪᠣᠳᠣᠵᠤ ᠪᠠᠢᠵᠠᠢ᠃ ᠲᠡᠭᠡᠭᠡᠳ ᠳᠤᠭᠤᠢᠯᠠᠩ ᠤ᠋ᠨ ᠬᠥᠮᠦᠰ ᠢ᠋ᠶ᠋ᠡᠨ ᠴᠤᠭᠯᠠᠭᠤᠯᠤᠨ ᠬᠠᠷᠠᠩᠭᠤᠢ ᠰᠥᠨᠢ ᠶ᠋ᠢ ᠲᠣᠬᠢᠶᠠᠯᠳᠤᠭᠤᠯᠤᠨ ᠳᠡᠮᠴᠢ ᠡᠷᠳᠡᠨᠢᠰᠠᠩ ᠢ᠋ ᠪᠠᠷᠢᠬᠤ ᠪᠠᠷ ᠰᠦᠷᠳᠡᠭᠦᠯᠬᠦ ᠳ᠋ᠦ᠍ 《ᠰᠠᠳᠤᠷ ᠬᠥᠮᠦᠨ ᠰᠠᠨᠳᠤᠷᠬᠤ ᠳ᠋ᠠᠭᠠᠨ》 ᠭᠡᠳᠡᠭ ᠢ᠋ᠶ᠋ᠡᠷ ᠲᠡᠷᠡ ᠨᠢ ᠱᠠᠩ ᠤ᠋ᠨ ᠮᠣᠷᠢᠨ ᠰᠠᠷᠠᠪᠴᠢᠨ ᠤ᠋ ᠮᠣᠳᠣᠨ ᠨᠢᠷᠤᠭᠤᠨ ᠠ᠋ᠴᠠ ᠪᠡᠶ᠎ᠡ ᠪᠡᠨ ᠬᠣᠣᠷᠯᠠᠵᠤ ᠪᠣᠭᠣᠵᠤ ᠦᠬᠦᠬᠦ ᠪᠡᠷ ᠳᠡᠭᠦᠵᠢᠯᠡᠭᠳᠡᠵᠦ ᠠᠮᠠᠨ ᠠ᠋ᠴᠠ ᠨᠢ ᠬᠥᠭᠡᠰᠦ ᠴᠤᠪᠤᠷᠠᠵᠤ ᠪᠠᠢᠬᠤ ᠳ᠋ᠤ᠌᠂ ᠳᠤᠭᠤᠢᠯᠠᠩ ᠤ᠋ᠨ ᠬᠥᠮᠦᠰ ᠬᠦᠷᠦᠭᠡᠳ ᠤᠶᠠᠭ᠎ᠠ ᠳᠡᠭᠡᠰᠦ ᠶ᠋ᠢ ᠨᠢ ᠲᠠᠢᠯᠵᠤ ᠪᠠᠷᠢᠵᠤ ᠠᠪᠤᠭᠰᠠᠨ ᠭᠡᠨ᠎ᠡ᠃ ᠳᠤᠭᠤᠢᠯᠠᠩ ᠤ᠋ᠨ ᠬᠢᠨ ᠡᠷᠳᠡᠨᠢᠰᠠᠩ ᠢ᠋ ᠠᠢᠯ ᠳ᠋ᠤ᠌ ᠠᠪᠠᠴᠢᠵᠤ ᠠᠶᠤᠯᠭᠠᠨ ᠰᠦᠷᠳᠡᠭᠦᠯᠵᠦ ᠠᠮᠠᠨ ᠥᠴᠢᠭ ᠢ᠋ ᠨᠢ ᠠᠪᠴᠠᠢ᠃ ᠲᠡᠷᠡ ᠬᠡᠯᠡᠬᠦ ᠳ᠋ᠡᠭᠡᠨ᠄《ᠨᠢᠭᠡ ᠳ᠋ᠦ᠍᠂ ᠶᠡᠬᠡ ᠵᠢᠷᠤᠮ ᠢ᠋ ᠵᠥᠷᠢᠴᠡᠵᠦ ᠶᠡᠬᠡ ᠬᠠᠲᠤᠨ ᠨᠠᠷᠠᠨᠭᠡᠷᠡᠯ ᠲᠡᠢ ᠰᠠᠳᠤᠷ ᠰᠠᠮᠠᠭᠤᠨ ᠶᠠᠪᠤᠭᠰᠠᠨ᠂ ᠬᠣᠶᠠᠷ ᠲᠤ᠂ ᠨᠢᠳᠤᠨᠤᠨ ᠤ᠋ ᠠᠷᠪᠠᠨ ᠬᠣᠶᠠᠳᠤᠭᠠᠷ ᠰᠠᠷ᠎ᠠ ᠳ᠋ᠤ᠌ ᠨᠣᠶᠠᠨ᠂ ᠬᠠᠲᠤᠨ ᠪᠢᠳᠡ ᠬᠡᠳᠦ ᠨᠢᠭᠤᠴᠠ ᠪᠠᠷ ᠵᠥᠪᠯᠡᠯᠳᠦᠵᠦ ᠭᠦᠮᠪᠦᠵᠠᠪ ᠢ᠋ ᠠᠷᠤ ᠬᠦᠷᠢᠶᠡᠨ ᠳ᠋ᠦ᠍ ᠲᠤᠰᠬᠠᠢ ᠶᠠᠪᠤᠭᠤᠯᠵᠤ ᠵᠢᠪᠽᠣᠨᠳᠠᠮᠪᠠ ᠬᠤᠲᠤᠭᠲᠤ ᠶ᠋ᠢ ᠠᠶᠠᠯᠳᠤᠨ ᠳᠠᠭᠠᠪᠠ᠃ ᠭᠤᠷᠪᠠ ᠳ᠋ᠤ᠌᠂ ᠡᠵᠡᠨ ᠴᠢᠩᠭᠢᠰ ᠦ᠋ᠨ ᠣᠩᠭᠣᠨ ᠰᠢᠲᠦᠭᠡᠨ ᠢ᠋ ᠠᠷᠤ ᠮᠣᠩᠭᠣᠯ ᠳ᠋ᠤ᠌ ᠰᠢᠯᠵᠢᠭᠦᠯᠬᠦ ᠪᠡᠷ ᠪᠣᠯᠪᠠ》 ᠭᠡᠬᠦ ᠵᠡᠷᠭᠡ ᠴᠢᠬᠤᠯᠠ ᠴᠢᠬᠤᠯᠠ ᠨᠢᠭᠤᠴᠠ ᠶ᠋ᠢ ᠥᠴᠢᠭᠯᠡᠭᠰᠡᠨ ᠪᠠᠢᠨ᠎ᠠ᠃ ᠢᠩᠭᠢᠭᠡᠳ ᠳᠤᠭᠤᠢᠯᠠᠩ ᠤ᠋ᠨ ᠬᠥᠮᠦᠰ ᠡᠷᠳᠡᠨᠢᠰᠠᠩ ᠢ᠋ ᠲᠤᠬᠠᠢ ᠶ᠋ᠢᠨ ᠦᠶ᠎ᠡ ᠶ᠋ᠢᠨ ᠶᠡᠬᠡ ᠵᠣᠣ ᠴᠢᠭᠤᠯᠭᠠᠨ ᠤ᠋ ᠰᠢᠢᠳᠬᠡᠭᠴᠢ ᠲᠡᠷᠢᠭᠦᠨ ᠵᠠᠰᠠᠭ ᠬᠤᠰᠢᠭᠤᠨ ᠤ᠋ ᠨᠣᠶᠠᠨ ᠱᠠᠭᠳᠤᠷᠵᠠᠪ ᠲᠤ ᠬᠦᠷᠭᠡᠵᠦ ᠰᠢᠢᠳᠬᠡᠰᠦᠭᠡᠢ ᠭᠡᠮᠡᠨ ᠱᠠᠭᠠᠷᠳᠠᠯᠭ᠎ᠠ ᠲᠠᠯᠪᠢᠭᠰᠠᠨ ᠪᠠᠢᠵᠠᠢ᠃ ᠭᠡᠪᠡᠴᠦ ᠰᠢᠢᠳᠬᠡᠭᠴᠢ ᠲᠡᠷᠢᠭᠦᠨ ᠦ᠌ ᠭᠠᠵᠠᠷ ᠡᠨᠡ ᠤᠴᠢᠷ ᠢ᠋ ᠬᠣᠢᠰᠢᠯᠠᠭᠤᠯᠤᠭᠠᠳ ᠲᠠᠪᠤᠨ ᠰᠠᠷ᠎ᠠ ᠢᠯᠡᠭᠦᠦ ᠪᠣᠯᠴᠢᠬᠠᠪᠠ᠃ ᠡᠨᠡ ᠬᠦ᠌ ᠬᠤᠭᠤᠴᠠᠭᠠᠨ ᠳ᠋ᠤ᠌ ᠨᠠᠷᠠᠨᠭᠡᠷᠡᠯ ᠬᠠᠲᠤᠨ ᠰᠢᠳᠠᠷ ᠬᠥᠮᠦᠨ ᠵᠠᠯᠠᠨ ᠨᠠᠮᠺᠠᠢ ᠵᠡᠷᠭᠡ ᠬᠥᠮᠦᠰ ᠢ᠋ ᠰᠢᠢᠳᠬᠡᠭᠴᠢ ᠲᠡᠷᠢᠭᠦᠨ ᠦ᠌ ᠭᠠᠵᠠᠷ ᠲᠤ ᠶᠠᠪᠤᠭᠤᠯᠵᠤ ᠮᠥᠩᠭᠥ ᠵᠣᠭᠣᠰ ᠪᠣᠯᠤᠨ ᠬᠡᠳᠦᠨ ᠰᠠᠢᠨ ᠵᠢᠷᠣᠭ᠎ᠠ ᠮᠣᠷᠢᠨ ᠤ᠋ ᠪᠡᠯᠡᠭ ᠡᠷᠭᠦᠪᠡ᠃ ᠡᠭᠦᠨ ᠦ᠌ ᠠᠴᠢ ᠪᠠᠷ《ᠡᠷᠳᠡᠨᠢᠰᠠᠩ ᠲᠤᠰᠠᠭᠠᠷᠯᠠᠭᠰᠠᠨ ᠭᠢᠨᠳᠠᠨ ᠠ᠋ᠴᠠ ᠳᠤᠲᠠᠭᠠᠴᠢᠬᠠᠯ᠎ᠠ》 ᠭᠡᠰᠡᠨ ᠴᠤᠤ ᠭᠠᠷᠭᠠᠨ ᠲᠡᠭᠦᠨ ᠢ᠋ ᠲᠠᠯᠪᠢᠵᠤ ᠶᠠᠪᠤᠭᠤᠯᠵᠠᠢ᠃ ᠲᠡᠭᠡᠭᠡᠳ ᠡᠷᠳᠡᠨᠢᠰᠠᠩ ᠭᠠᠷᠮ᠎ᠠ ᠶ᠋ᠢᠨ ᠭᠡᠷ ᠲᠦ᠍ ᠬᠦᠷᠴᠦ ᠨᠢᠭᠤᠨ ᠰᠢᠷᠭᠤᠵᠠᠢ᠃ 
       ᠭᠡᠪᠡᠴᠦ ᠡᠨᠡ ᠤᠳᠠᠭ᠎ᠠ ᠶ᠋ᠢᠨ ᠳᠡᠮᠴᠢ ᠡᠷᠳᠡᠨᠢᠰᠠᠩ ᠤ᠋ᠨ ᠥᠴᠢᠭ ᠨᠢ ᠳᠠᠷᠠᠭ᠎ᠠ ᠠᠯᠬᠤᠮ ᠬᠠᠲᠤᠨ ᠨᠠᠷᠠᠨᠭᠡᠷᠡᠯ ᠪᠣᠯᠤᠨ ᠴᠠᠭᠳᠤᠷᠰᠡᠷᠡᠩ ᠨᠣᠶᠠᠨ ᠢ᠋ ᠳᠠᠭᠠᠷᠢᠬᠤ ᠳ᠋ᠤ᠌ ᠲᠤᠩ ᠣᠯᠳᠠᠰᠢ ᠦᠭᠡᠢ ᠡᠰᠢ ᠪᠠᠷᠢᠮᠲᠠ ᠪᠣᠯᠤᠭᠰᠠᠨ ᠶᠤᠮ᠃  

— — — —
          ᠵᠡᠭᠦᠯᠲᠡ        
① ᠡᠷᠳᠡᠨᠢᠰᠠᠩ ᠤ᠋ᠨ ᠲᠤᠬᠠᠢ ᠵᠡᠭᠦᠨ ᠪᠠᠭ ᠤ᠋ᠳ ᠤ᠋ᠨ ᠴᠠᠭᠳᠠᠭ᠎ᠠ ᠶ᠋ᠢᠨ ᠣᠯᠠᠨ ᠲᠠᠢᠵᠢ ᠬᠠᠷᠠᠴᠤᠰ ᠬᠢᠴᠢᠶᠡᠩᠭᠦᠢᠯᠡᠨ ᠢᠯᠡᠭᠡᠭᠰᠡᠨ ᠪᠢᠴᠢᠭ᠄
       ᠥᠷᠥᠰᠢᠶᠡᠯᠲᠦ ᠬᠦᠩ ᠲᠤᠰᠠᠯᠠᠭᠴᠢ ᠨᠣᠶᠠᠨ(ᠴᠤᠭᠲᠤᠸᠴᠢᠷ) ᠭᠡᠭᠡᠨ᠎ᠡ ᠡᠷᠭᠦᠨ ᠪᠠᠷᠢᠪᠠ᠂ ᠮᠡᠳᠡᠭᠦᠯᠬᠦ ᠶ᠋ᠢᠨ ᠤᠴᠢᠷ᠂ ᠥᠴᠦᠬᠡᠨ ᠪᠢᠳᠡ ᠨᠠᠷ ᠤᠷᠢᠳ ᠲᠤᠷ ᠮᠡᠳᠡᠭᠦᠯᠦᠭᠰᠡᠨ ᠤᠴᠢᠷ ᠪᠣᠯᠪᠠᠰᠤ᠂ ᠶᠡᠬᠡ ᠬᠠᠲᠤᠨ ᠤ᠋ ᠪᠡᠶ᠎ᠡ ᠨᠣᠶᠠᠨ ᠭᠡᠭᠡᠨ ᠦ᠌ ᠠᠯᠳᠠᠷ ᠨᠡᠷ᠎ᠡ ᠶ᠋ᠢ ᠭᠤᠲᠤᠭᠠᠭᠰᠠᠨ ᠠ᠋ᠴᠠ ᠳᠦᠷᠢᠮ ᠳᠢᠭᠯᠢᠮ ᠢ᠋ ᠰᠠᠮᠠᠭᠤᠷᠠᠭᠤᠯᠵᠤ ᠬᠣᠢᠴᠢ ᠬᠤᠰᠢᠭᠤᠨ ᠤ᠋ ᠵᠠᠭᠠᠯᠳᠤᠭᠤᠯᠬᠤ ᠨᠣᠶᠠᠨ ᠠᠯᠪᠠᠲᠤ ᠶ᠋ᠢᠨ ᠨᠤᠲᠤᠭ ᠣᠷᠣᠨ ᠢ᠋ ᠴᠢᠬᠤᠯᠠ ᠪᠣᠯᠭᠠᠭᠰᠠᠨ ᠪᠠ ᠰᠠᠮᠠᠭᠤᠨ ᠮᠠᠭᠤ ᠶ᠋ᠢ ᠪᠠᠢᠨ ᠪᠠᠢᠨ ᠢᠯᠡᠷᠬᠡᠢ ᠲᠣᠳᠣᠷᠬᠠᠢ ᠪᠠᠷ ᠶᠠᠪᠤᠵᠤ ᠣᠯᠠᠨ ᠪᠢᠳᠡᠨ ᠦ᠌ ᠰᠦᠰᠦᠭ ᠢ᠋ ᠠᠯᠳᠠᠷᠠᠭᠤᠯᠤᠭᠰᠠᠨ ᠠ᠋ᠴᠠ ᠪᠠᠢᠲᠤᠭᠠᠢ᠂ ᠬᠣᠰᠢᠭᠤᠪᠴᠢ ᠨᠣᠶᠠᠨ ᠨᠢ ᠢᠷᠭᠡᠨ ᠦ᠌ ᠬᠥᠪᠡᠭᠦᠨ ᠬᠡᠮᠡᠭᠰᠡᠨ ᠪᠠ ᠨᠢᠭᠦᠯ ᠦ᠋ᠨ ᠰᠠᠪᠠ ᠳᠦᠭᠦᠷᠴᠦ ᠥᠪᠡᠷ ᠢ᠋ᠶ᠋ᠡᠨ ᠬᠡᠷᠡᠭ ᠢ᠋ᠶ᠋ᠡᠨ ᠴᠣᠭᠣᠯᠵᠤ ᠪᠠᠷᠢᠭᠳᠠᠨ ᠬᠦᠷᠭᠡᠭᠳᠡᠭᠰᠡᠨ ᠶᠠᠯᠠᠲᠤ ᠡᠷᠳᠡᠨᠢᠰᠠᠩ ᠢ᠋ ᠵᠠᠯᠠᠨ ᠵᠡᠷᠭᠡ ᠨᠡᠮᠺᠠᠢ ᠶ᠋ᠢ ᠵᠠᠷᠤᠵᠤ ᠲᠦᠮᠡᠨᠲᠡᠢ ᠶ᠋ᠢᠨ ᠬᠣᠲᠠᠨ ᠤ᠋ ᠬᠡᠭᠡᠷ ᠮᠣᠷᠢ ᠶ᠋ᠢ ᠥᠬᠢᠨ ᠭᠠᠯᠴᠢ ᠳ᠋ᠤ᠌ ᠥᠭᠴᠦ ᠲᠡᠭᠦᠨ ᠢ᠋ᠶ᠋ᠡᠷ ᠵᠠᠰᠠᠭ ᠲᠤ᠌ ᠮᠥᠩᠭᠥᠨ ᠠᠮᠠᠯᠠᠨ ᠥᠭᠴᠦ ᠡᠷᠳᠡᠨᠢᠰᠠᠩ ᠢ᠋ ᠬᠤᠯᠠᠭᠤᠨ ᠠᠪᠤᠭᠠᠳ᠂ ᠬᠥᠯᠭᠡ ᠶ᠋ᠢᠨ ᠰᠢᠷ᠎ᠠ ᠴᠣᠬᠣᠷ ᠮᠣᠷᠢ ᠶ᠋ᠢ ᠤᠨᠤᠭᠤᠯᠵᠤ ᠨᠡᠮᠺᠠᠢ ᠶ᠋ᠢᠨ ᠬᠠᠮᠲᠤ ᠶ᠋ᠢ ᠵᠠᠯᠠᠨ ᠵᠡᠷᠭᠡ ᠵᠠᠩᠭᠢ ᠠᠷᠪᠢᠨᠰᠠᠩ ᠢ᠋ᠶ᠋ᠠᠷ ᠴᠠᠬᠠᠷ ᠵᠠᠯᠠᠨ ᠪᠠ ᠭᠠᠷᠮ᠎ᠠ ᠲᠠᠢᠵᠢ ᠨᠠᠷ ᠲᠤ᠌ ᠲᠤᠰᠢᠶᠠᠵᠤ ᠨᠢᠭᠤᠯᠭᠠᠭᠰᠠᠨ ᠤ᠋ ᠣᠴᠢᠷ᠎ᠠ᠂ ᠥᠴᠦᠬᠡᠨ ᠪᠢᠳᠡᠨ ᠦ᠌ ᠰᠡᠳᠬᠢᠯ ᠳ᠋ᠦ᠍ᠷ ᠦᠯᠦ ᠲᠦᠪᠳᠡᠨ ᠭᠣᠮᠣᠳᠠᠬᠤ ᠳ᠋ᠠᠭᠠᠨ ᠥᠴᠦᠬᠡᠨ ᠪᠢᠳᠡᠨ ᠦ᠌ ᠪᠡᠶ᠎ᠡ ᠶ᠋ᠢ ᠰᠢᠷᠣᠢ ᠬᠣᠭ ᠲᠤᠷ ᠠᠳᠠᠯᠢ ᠪᠣᠳᠣᠵᠤ ᠠᠶᠤᠮᠰᠢᠭ ᠦᠭᠡᠢ ᠡᠨᠡ ᠮᠡᠲᠦ ᠬᠡᠷᠡᠭ ᠭᠠᠷᠭᠠᠵᠤ ᠡᠵᠡᠨ ᠲᠩᠷᠢ ᠨᠣᠶᠠᠨ ᠵᠠᠬ᠎ᠠ ᠠ᠋ᠴᠠ ᠭᠤᠲᠤᠮᠰᠢᠭᠲᠤ ᠬᠠᠲᠤᠨ ᠢ᠋ ᠣᠯᠠᠨ ᠤ᠋ ᠳᠤᠮᠳᠠ ᠰᠢᠭᠦᠯᠭᠡᠬᠦ ᠪᠡᠷ ᠠᠪᠤᠭᠰᠠᠨ ᠤᠴᠢᠷ ᠢ᠋ ᠵᠠᠩᠵᠤᠨ᠂ ᠵᠠᠰᠠᠭ ᠸᠠᠩ ᠨᠣᠶᠠᠨ ᠭᠡᠭᠡᠨ᠎ᠡ ᠮᠡᠳᠡᠭᠦᠯᠦᠭᠰᠡᠨ ᠳ᠋ᠦ᠍ᠷ ᠨᠣᠶᠠᠨ ᠭᠡᠭᠡᠨ ᠲᠦᠰᠢᠮᠡᠳ ᠰᠠᠢᠳ ᠢ᠋ ᠠᠪᠴᠤ ᠥᠪᠡᠷ ᠳᠣᠲᠣᠷ᠎ᠠ ᠪᠠᠨ ᠡᠪ ᠢ᠋ᠶ᠋ᠡᠷ ᠰᠢᠢᠳᠬᠡᠶ᠎ᠡ ᠭᠡᠮᠡᠨ ᠣᠯᠠᠨ ᠪᠢᠳᠡᠨ ᠦ᠌ ᠶᠠᠪᠤᠬᠤ ᠶ᠋ᠢ ᠵᠤᠭᠰᠤᠭᠠᠯᠭᠠᠰᠤᠭᠠᠢ᠃ ᠡᠭᠦᠨ ᠢ᠋ᠶ᠋ᠡᠷ ᠲᠤᠰᠠᠯᠠᠭᠴᠢ ᠲᠦᠰᠢᠮᠡᠳ ᠲᠣᠷ ᠬᠥᠮᠦᠨ ᠶᠠᠪᠤᠭᠤᠯᠵᠤ ᠲᠦᠷᠭᠡᠯᠡᠨ ᠣᠴᠢᠭᠤᠯᠵᠤ ᠰᠢᠢᠳᠬᠡᠶ᠎ᠡ᠂ ᠲᠡᠭᠦᠨ ᠢ᠋ᠶ᠋ᠡᠷ ᠣᠯᠠᠨ ᠠ᠋ᠴᠠ ᠪᠠᠰᠠ ᠴᠤ᠌ ᠬᠥᠮᠦᠨ ᠢᠷᠡᠭᠦᠯᠵᠦ ᠲᠤᠰᠠᠯᠠᠭᠴᠢ ᠲᠦᠰᠢᠮᠡᠳ ᠢ᠋ ᠢᠷᠡᠭᠦᠯ ᠬᠡᠮᠡᠭᠰᠡᠨ ᠦ᠌ ᠤᠴᠢᠷ᠂ ᠡᠯ᠎ᠡ ᠤᠴᠢᠷ ᠢ᠋ ᠭᠠᠷᠭᠠᠨ ᠡᠷᠭᠦᠨ ᠮᠡᠳᠡᠭᠦᠯᠦᠶ᠎ᠡ᠂ ᠣᠯᠳᠠᠪᠠᠰᠤ ᠭᠤᠶᠤᠬᠤ ᠠᠨᠤ᠃ ᠬᠦᠩ ᠲᠤᠰᠠᠯᠠᠭᠴᠢ ᠨᠣᠶᠠᠨ ᠭᠡᠭᠡᠨ ᠥᠷᠥᠰᠢᠶᠡᠨ ᠲᠣᠯᠢᠳᠠᠵᠤ ᠡᠷᠬᠡᠪᠰᠢ ᠳᠠᠷᠤᠢ ᠬᠤᠷᠳᠤᠬᠠᠨ᠎ᠠ ᠮᠣᠷᠢᠯᠠᠨ ᠰᠠᠭᠠᠲᠠᠵᠤ ᠥᠴᠦᠬᠡᠨ ᠪᠢᠳᠡ ᠨᠠᠷ ᠤ᠋ᠨ ᠤᠴᠢᠷ ᠭᠣᠮᠣᠳᠠᠯ ᠢ᠋ ᠬᠤᠰᠢᠭᠤᠨ ᠤ᠋ ᠳᠣᠲᠣᠷ᠎ᠠ ᠴᠠᠭᠠᠳᠬᠠᠨ ᠰᠢᠭᠦᠵᠦ  ᠪᠠᠰᠠ ᠴᠤ᠌ ᠶᠡᠬᠡ ᠴᠡᠷᠢᠭ ᠦ᠋ᠨ ᠬᠥᠯ ᠳ᠋ᠦ᠍ᠷ ᠬᠢᠯᠢᠰ ᠦᠭᠡᠢ ᠣᠯᠠᠨ ᠪᠢᠳᠡᠨ ᠢ᠋ ᠳᠠᠭᠠᠷᠢᠬᠳᠠᠭᠤᠯᠤᠨ ᠠᠷᠢᠯᠭᠠᠬᠤ ᠠᠶᠤᠯ ᠠ᠋ᠴᠠ ᠨᠢᠭᠦᠯᠡᠭᠡᠳ ᠠᠪᠤᠷᠠᠬᠤ ᠶ᠋ᠢᠨ ᠥᠷᠥᠰᠢᠶᠡᠯ ᠢ᠋ ᠠᠵᠢᠶᠠᠮᠤ᠃ 
                  ᠬᠥᠬᠡ ᠪᠠᠷᠰ ᠵᠢᠯ ᠦ᠋ᠨ ᠬᠠᠪᠤᠷ ᠤ᠋ᠨ ᠳᠤᠮᠳᠠᠳᠤ 
                         ᠰᠠᠷ᠎ᠠ ᠶ᠋ᠢᠨ ᠠᠷᠪᠠᠨ ᠨᠡᠢ᠍ᠮᠠᠨ᠎ᠡ      

② ᠡᠷᠳᠡᠨᠢᠰᠠᠩ ᠢ᠋  ᠰᠢᠢᠳᠬᠡᠬᠦ ᠲᠤᠬᠠᠢ ᠡᠷᠭᠦᠨ ᠪᠠᠷᠢᠭᠰᠠᠨ ᠪᠢᠴᠢᠭ᠄ 
       ᠭᠢᠨᠵᠢ ᠳᠥᠩᠭᠡ ᠠᠪᠴᠢᠷᠠᠵᠤ ᠡᠷᠳᠡᠨᠢᠰᠠᠩ ᠢ᠋ ᠪᠠᠷᠢᠭᠠᠳ ᠲᠡᠭᠦᠨ ᠦ᠌ ᠥᠴᠢᠭᠰᠡᠨ ᠢ᠋ ᠪᠢᠴᠢᠭᠦᠯᠵᠦ ᠪᠠᠷᠠᠭᠤᠨ ᠭᠠᠷ ᠤ᠋ᠨ ᠡᠷᠡᠬᠡᠢ ᠬᠤᠷᠤᠭᠤ ᠶ᠋ᠢᠨ ᠵᠢᠷᠤᠭ ᠢ᠋ ᠲᠠᠯᠪᠢᠭᠤᠯᠵᠤ ᠠᠪᠤᠭᠠᠳ᠂ ᠡᠷᠳᠡᠨᠢᠰᠠᠩ ᠶᠠᠮᠤᠨ ᠳ᠋ᠤᠷ ᠬᠠᠳᠠᠭᠠᠯᠠᠬᠤ ᠬᠥᠮᠦᠨ ᠦᠭᠡᠢ ᠲᠤᠯᠠ ᠣᠯᠠᠨ ᠲᠠᠨ ᠳ᠋ᠤᠷ ᠲᠤᠰᠢᠶᠠᠶ᠎ᠠ᠂ ᠰᠠᠢᠲᠤᠷ ᠬᠢᠴᠢᠶᠡᠨ ᠬᠠᠳᠠᠭᠠᠯᠠᠨ ᠳᠠᠷᠤᠢ ᠵᠤᠨ ᠤ᠋ ᠳᠤᠮᠳᠠᠳᠤ ᠰᠠᠷ᠎ᠠ ᠶ᠋ᠢᠨ ᠠᠷᠪᠠᠨ ᠭᠤᠷᠪᠠᠨ ᠢ᠋ᠶ᠋ᠠᠷ ᠲᠠᠨ ᠳ᠋ᠤ᠌ ᠮᠡᠳᠡᠭᠦᠯᠵᠦ ᠪᠣᠢ᠃ ᠭᠣᠮᠣᠳᠠᠯ ᠤ᠋ᠨ ᠬᠠᠮᠲᠤ ᠶ᠋ᠢ ᠰᠢᠭᠦᠨ ᠰᠢᠢᠳᠬᠡᠶ᠎ᠡ ᠭᠡᠮᠡᠨ ᠵᠠᠬᠢᠭᠰᠠᠨ ᠳ᠋ᠤᠷ᠂ ᠪᠢᠳᠡ ᠠᠷᠪᠠᠨ ᠨᠢᠭᠡᠨ ᠴᠠᠭᠳᠠᠭ᠎ᠠ ᠶ᠋ᠢᠨ ᠣᠯᠠᠨ ᠪᠠᠰᠠ ᠡᠷᠳᠡᠨᠢᠰᠠᠩ ᠤ᠋ᠨ ᠥᠴᠢᠭ ᠢ᠋ ᠪᠢᠴᠢᠭᠦᠯᠵᠦ ᠭᠠᠷ ᠤ᠋ᠨ ᠵᠢᠷᠤᠭ ᠢ᠋ ᠠᠨᠤ ᠲᠠᠯᠪᠢᠭᠤᠯᠵᠤ ᠲᠣᠰᠪᠣᠷᠢ ᠨᠢᠭᠡ ᠨᠢᠭᠡ ᠠᠪᠤᠭᠠᠳ ᠴᠠᠭᠳᠠᠭ᠎ᠠ ᠭᠡᠰᠦᠭᠦᠯᠦᠨ ᠬᠠᠳᠠᠭᠠᠯᠠᠭᠰᠠᠭᠠᠷ ᠵᠤᠨ ᠤ᠋ ᠰᠡᠭᠦᠯ ᠰᠠᠷ᠎ᠠ ᠶ᠋ᠢᠨ ᠠᠷᠪᠠᠨ ᠲᠠᠪᠤᠨ ᠥᠩᠭᠡᠷᠡᠲᠡᠯ᠎ᠡ ᠬᠦᠯᠢᠶᠡᠪᠡᠴᠦ᠂ ᠨᠣᠶᠠᠳ ᠲᠦᠰᠢᠮᠡᠳ ᠡᠴᠡ ᠪᠡᠨ ᠠᠰᠠᠭᠤᠬᠤ ᠦᠭᠡᠢ ᠳ᠋ᠦ᠍ᠷ᠂ ᠪᠢᠳᠡ ᠣᠯᠠᠨ ᠠ᠋ᠴᠠ ᠬᠣᠶᠠᠷ ᠲᠤᠰᠠᠯᠠᠭᠴᠢ ᠨᠣᠶᠠᠨ ᠤ᠋ ᠭᠠᠵᠠᠷ᠎ᠡ ᠡᠷᠬᠡ ᠦᠭᠡᠢ ᠡᠨᠡ ᠪᠣᠯᠵᠣᠭ᠎ᠠ ᠪᠠᠷ ᠮᠠᠨ ᠤ᠋ ᠮᠡᠳᠡᠭᠦᠯᠦᠯ ᠢ᠋ ᠴᠠᠭᠠᠳᠬᠠᠨ ᠲᠠᠰᠤᠯᠵᠤ ᠬᠠᠢᠷᠠᠯᠠ ᠭᠡᠮᠡᠨ ᠳᠠᠬᠢᠨ ᠮᠡᠳᠡᠭᠦᠯᠦᠭᠰᠡᠨ ᠪᠢᠯᠡ᠃ ᠥᠴᠦᠬᠡᠨ ᠪᠢᠳᠡ ᠨᠠᠷ ᠤᠴᠢᠷ ᠭᠣᠮᠣᠳᠠᠯ ᠢ᠋ᠶ᠋ᠠᠨ ᠭᠠᠷᠭᠠᠵᠤ ᠡᠷᠭᠦᠭᠰᠡᠨ ᠡᠴᠡ ᠬᠣᠢᠰᠢ ᠡᠳᠦᠷ ᠤᠳᠠᠲᠠᠯ᠎ᠠ ᠭᠣᠮᠣᠳᠠᠯ ᠢ᠋ᠶ᠋ᠠᠨ ᠰᠢᠭᠦᠯᠭᠡᠨ ᠴᠠᠭᠠᠳᠬᠠᠭᠤᠯᠤᠭᠠᠳ ᠠᠯᠪᠠᠨ ᠢ᠋ᠶ᠋ᠠᠨ ᠦᠢᠯᠡᠳᠴᠢᠯᠡᠵᠤ ᠠᠮᠢᠵᠢᠭᠤᠯ ᠢ᠋ᠶ᠋ᠠᠨ ᠦᠢᠯᠡᠳᠬᠦᠢ ᠶ᠋ᠢ ᠳᠠᠬᠢᠨ ᠭᠤᠶᠤᠵᠤ ᠡᠷᠭᠦᠨ ᠮᠡᠳᠡᠭᠦᠯᠦᠨ ᠬᠦᠯᠢᠶᠡᠭᠰᠡᠭᠡᠷ᠂ ᠡᠳᠦᠭᠡ ᠠᠯᠪᠠᠨ ᠪᠠ ᠠᠮᠢᠵᠢᠭᠤᠯ ᠠᠯᠢᠨ ᠳ᠋ᠤᠷ ᠴᠤ᠌ ᠠᠮᠵᠢᠭᠰᠠᠨ ᠦᠭᠡᠢ ᠣᠰᠣᠯᠳᠠᠭᠰᠠᠨ ᠠ᠋ᠴᠠ ᠭᠠᠳᠠᠨ᠎ᠠ᠂ ᠡᠵᠡᠨ ᠵᠠᠰᠠᠭ ᠤ᠋ᠨ ᠬᠠᠲᠤᠨ ᠬᠠᠳᠠᠮ ᠡᠬᠡ ᠯᠦ᠍ᠭᠡ ᠪᠡᠨ ᠶᠠᠪᠤᠯᠳᠤᠭᠰᠠᠨ ᠲᠠᠢᠵᠢ ᠡᠷᠳᠡᠨᠢᠰᠠᠩ ᠢ᠋ ᠲᠦᠰᠢᠮᠡᠳ ᠦ᠋ᠨ ᠵᠠᠬᠢᠶ᠎ᠠ ᠶ᠋ᠢ ᠳᠠᠭᠠᠵᠤ ᠠᠪᠴᠤ ᠬᠠᠳᠠᠭᠤᠯᠤᠭᠰᠠᠨ ᠴᠠᠭᠳᠠᠭ᠎ᠠ ᠶ᠋ᠢᠨ ᠣᠯᠠᠨ ᠪᠢᠳᠡᠨ ᠢ᠋ ᠶᠡᠬᠡ ᠬᠡᠢᠳ ᠡᠴᠡ ᠱ᠍ᠢᠤᠽᠢ ᠬᠠᠳᠠᠨ ᠵᠠᠪᠰᠢᠶᠠᠨ ᠢ᠋ ᠠᠪᠤᠭᠰᠠᠨ ᠴᠠᠭᠳᠠᠭ᠎ᠠ ᠶ᠋ᠢᠨ ᠣᠯᠠᠨ ᠤ᠋ ᠵᠠᠷᠢᠮ ᠶᠡᠬᠡᠮᠡᠳ ᠡᠴᠡ ᠠᠯᠠᠬᠤ ᠪᠠ ᠪᠠᠷᠢᠬᠤ ᠬᠢᠯᠭᠡᠬᠦ ᠭᠡᠮᠡᠨ ᠥᠴᠦᠬᠡᠨ ᠪᠢᠳᠡᠨ ᠢ᠋ ᠠᠶᠤᠯᠭᠠᠨ ᠰᠢᠬᠠᠵᠤ ᠴᠢᠬᠤᠯᠳᠠᠭᠤᠯᠬᠤᠢ ᠳ᠋ᠤᠷ ᠠᠷᠭ᠎ᠠ ᠮᠣᠬᠣᠬᠤ ᠳ᠋ᠠᠭᠠᠨ ᠤᠲᠠᠰᠤᠨ ᠠᠳᠠᠯᠢ ᠥᠴᠦᠬᠡᠨ ᠠᠮᠢᠨ ᠢ᠋ᠶ᠋ᠠᠨ ᠬᠡᠯᠲᠦᠷᠢᠨ ᠭᠠᠷᠭᠠᠬᠤ ᠶ᠋ᠢ ᠰᠠᠨᠠᠵᠤ ᠡᠳᠦᠭᠡ ᠠᠰᠠᠷᠠᠯᠲᠤ ᠭᠠᠵᠠᠷ ᠢ᠋ ᠡᠷᠢᠵᠦ ᠶᠠᠪᠤᠭᠰᠠᠨ ᠤᠴᠢᠷ ᠢ᠋ᠶ᠋ᠠᠨ ᠭᠠᠷᠭᠠᠨ ᠡᠭᠦᠨ ᠦ᠌ ᠲᠤᠯᠠ ᠡᠷᠭᠦᠨ ᠪᠠᠷᠢᠪᠠ᠃  
                 ᠬᠠᠷᠠᠭᠴᠢᠨ ᠦᠬᠡᠷ ᠵᠢᠯ ᠦ᠋ᠨ ᠨᠠᠮᠤᠷ ᠤ᠋ᠨ ᠲᠡᠷᠢᠭᠦᠨ ᠰᠠᠷ᠎ᠠ ᠶ᠋ᠢᠨ ᠬᠣᠷᠢᠨ ᠬᠣᠶᠠᠷ᠎ᠡ         

③ ᠶᠡᠬᠡ ᠵᠣᠣ ᠠᠢᠮᠠᠭ ᠤ᠋ᠨ ᠳᠠᠩᠰᠠ ᠡᠪᠬᠡᠮᠡᠯ ᠦ᠋ᠨ ᠰᠠᠩ ᠠ᠋ᠴᠠ ᠨᠠᠢᠷᠠᠭᠤᠯᠤᠭᠰᠠᠨ《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠮᠠᠲ᠋ᠧᠷᠢᠶᠠᠯ ᠤ᠋ᠨ ᠡᠮᠬᠢᠳᠬᠡᠯ》 ᠦ᠋ᠨ10 ᠳᠡᠪᠲᠡᠷ ᠡᠴᠡ ᠰᠡᠢᠷᠡᠭᠦᠯᠪᠡ᠃ 


          ᠦᠰᠦᠭ ᠠᠮᠢᠯᠠᠭᠤᠯᠤᠭᠴᠢ᠄  ᠪᠠᠳᠮᠠᠰᠡᠴᠡᠨ  
             ᠬᠢᠨᠠᠭᠴᠢ᠄  ᠴᠤᠯᠮᠤᠨᠭᠡᠷᠡᠯ