ᠵᠦᠴᠢ – ᠣᠷᠣᠰ ᠤ᠋ᠨ ᠬᠤᠪᠢ ᠲᠠᠪᠢᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 21 Зүч – Оросын хувь тавилан - Чингис хаан оо нууц түүх 21 ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠴᠢ – ᠣᠷᠣᠰ ᠤ᠋ᠨ ᠬᠤᠪᠢ ᠲᠠᠪᠢᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 21 Зүч – Оросын хувь тавилан - Чингис хаан оо нууц түүх 21

ᠵᠦᠴᠢ – ᠣᠷᠣᠰ ᠤ᠋ᠨ ᠬᠤᠪᠢ ᠲᠠᠪᠢᠯᠠᠩ - ᠴᠢᠩᠭᠢᠰ ᠬᠠᠭᠠᠨ ᠊ᠤ᠌ ᠨᠢᠭᠤᠴᠠ ᠲᠡᠦᠬᠡ 21 Зүч – Оросын хувь тавилан - Чингис хаан оо нууц түүх 21

ᠠᠩᠭᠢᠯᠠᠯ:ᠲᠡᠥᠬᠡ ᠰᠣᠶᠣᠯ
2025-09-20

279

ᠵᠦᠴᠢ ——

ᠣᠷᠣᠰ ᠤ᠋ᠨ ᠬᠤᠪᠢ ᠲᠠᠪᠢᠯᠠᠩ


       ᠪᠠᠲᠤ ᠮᠣᠩᠭᠣᠯ ᠠ᠋ᠴᠠ 《ᠠᠯᠲᠠᠨ ᠣᠷᠳᠣᠨ 》 ᠳ᠋ᠤ᠌ ᠡᠷᠭᠢᠨ ᠢᠷᠡᠭᠰᠡᠨ ᠦ᠌ ᠪᠡᠨ ᠮᠠᠷᠭᠠᠰᠢ ᠨᠢ ᠪᠢᠴᠢᠯᠲᠡᠢ ᠶ᠋ᠢᠨ ᠲᠤᠬᠠᠢ ᠡᠴᠢᠭᠡ ᠳ᠋ᠡᠭᠡᠨ ᠬᠡᠯᠡᠵᠡᠢ᠃ ᠬᠠᠲᠤᠳ ᠬᠥᠪᠡᠭᠦᠳ ᠠᠯᠪᠠᠲᠤ ᠢᠷᠭᠡᠳ ᠨᠢ ᠮᠣᠩᠭᠣᠯ ᠠ᠋ᠴᠠ ᠢᠷᠡᠬᠦ ᠶ᠋ᠢ ᠰᠣᠨᠣᠰᠤᠭᠠᠳ ᠵᠥᠴᠢ ᠪᠡᠷᠬᠡ ᠶᠡᠬᠡ ᠪᠡᠷ ᠬᠥᠭᠡᠷᠦᠨ ᠳᠣᠭᠳᠣᠯᠤᠭᠰᠠᠨ ᠪᠠᠢᠪᠠ᠃ ᠡᠴᠢᠭᠡ ᠶ᠋ᠢᠨ ᠰᠡᠳᠬᠢᠯ ᠦ᠋ᠨ ᠳᠣᠭᠳᠣᠯᠤᠯ ᠢ᠋ ᠳᠠᠷᠤᠭᠳᠠᠬᠤ ᠶ᠋ᠢ ᠪᠠᠲᠤ ᠬᠦᠯᠢᠶᠡᠵᠦ ᠨᠢᠭᠡ ᠬᠣᠨᠣᠵᠠᠢ᠃ ᠪᠠᠲᠤ ᠺᠠᠰᠫᠢ ᠶ᠋ᠢᠨ ᠲᠠᠩᠭᠢᠰ ᠤ᠋ᠨ ᠵᠥᠭᠡᠯᠡᠨ ᠳᠣᠯᠭᠢᠶᠠᠯᠠᠬᠤ ᠶ᠋ᠢ ᠬᠠᠷᠠᠵᠤ ᠰᠠᠭᠤᠭᠠᠳ ᠡᠴᠢᠭᠡ ᠳ᠋ᠡᠭᠡᠨ ᠪᠥᠷᠲᠡ ᠡᠵᠢ ᠶ᠋ᠢᠨ ᠢ᠋ᠶ᠋ᠡᠨ ᠬᠡᠯᠡᠭᠰᠡᠨ ᠢ᠋ ᠪᠦᠭᠦᠳᠡ ᠶ᠋ᠢ ᠨᠢᠭᠡ ᠴᠦ᠍ ᠦᠭᠡ ᠭᠡᠭᠡᠵᠦ ᠣᠷᠬᠢᠬᠳᠠᠭᠤᠯᠤᠯ ᠦᠭᠡᠢ ᠬᠡᠯᠡᠪᠡ᠃ ᠪᠠᠰᠠ ᠵᠠᠮ ᠵᠠᠭᠤᠷ᠎ᠠ ᠪᠢᠴᠢᠯᠲᠡᠢ ᠲᠡᠭᠦᠨ ᠳ᠋ᠦ᠍ ᠶᠡᠬᠡ ᠯᠡ ᠳᠣᠲᠣᠨᠣ ᠰᠠᠢᠬᠠᠨ ᠰᠠᠨᠠᠭᠳᠠᠵᠤ᠂ ᠡᠴᠢᠭᠡ ᠨᠢ ᠲᠠᠲᠠᠭᠠᠯᠵᠠᠬᠤ ᠦᠭᠡᠢ ᠪᠣᠯ ᠥᠪᠡᠷ ᠦ᠋ᠨ ᠳᠡᠷᠭᠡᠳᠡ ᠠᠪᠴᠤ ᠰᠢᠳᠠᠷ ᠨᠥᠬᠥᠷ ᠦ᠋ᠨ ᠠᠳᠠᠯᠢ ᠦᠵᠡᠵᠦ ᠶᠠᠪᠤᠬᠤ ᠪᠠᠨ ᠴᠤ᠌ ᠬᠡᠯᠡᠵᠡᠢ᠃ ᠵᠥᠴᠢ ᠲᠠᠭ ᠳᠠᠭᠤ ᠦᠭᠡᠢ ᠰᠠᠭᠤᠭᠰᠠᠭᠠᠷ ᠪᠠᠢᠯ᠎ᠠ ᠃ ᠪᠢᠴᠢᠯᠲᠡᠢ ᠶ᠋ᠢᠨ ᠲᠤᠬᠠᠢ ᠰᠣᠨᠣᠰᠤᠭᠠᠳ ᠡᠴᠢᠭᠡ ᠨᠢ ᠬᠥᠭᠡᠷᠦᠨ ᠳᠣᠭᠳᠣᠯᠤᠨ᠎ᠠ ᠭᠡᠵᠦ ᠪᠠᠲᠤ ᠵᠠᠯᠠᠭᠤ ᠬᠥᠮᠦᠨ ᠦ᠌ ᠭᠡᠭᠡᠨ ᠳᠡᠪᠡᠷᠡᠭᠦᠨ ᠰᠡᠳᠬᠢᠯ ᠢ᠋ᠶ᠋ᠡᠷ ᠪᠣᠳᠣᠵᠤ ᠢᠲᠡᠭᠡᠭᠰᠡᠨ ᠲᠤᠯᠠ ᠡᠴᠢᠭᠡ ᠨᠢ ᠢᠩᠭᠢᠵᠦ ᠬᠦᠷᠡᠯ ᠴᠢᠷᠠᠢᠯᠠᠨ ᠰᠠᠭᠤᠬᠤ ᠶ᠋ᠢ ᠦᠵᠡᠭᠡᠳ ᠭᠠᠢᠬᠠᠵᠠᠢ᠃ ᠪᠢᠴᠢᠯᠲᠡᠢ ᠶ᠋ᠢᠨ ᠭᠡᠨᠡᠳᠲᠡ ᠭᠠᠷᠴᠤ ᠢᠷᠡᠭᠰᠡᠨ ᠨᠢ ᠵᠥᠴᠢ ᠶ᠋ᠢᠨ ᠳᠣᠲᠣᠷ᠎ᠠ ᠶᠠᠮᠠᠷ ᠭᠡᠭᠴᠢ ᠳᠣᠭᠰᠢᠨ ᠰᠢᠭᠤᠷᠭ᠎ᠠ ᠡᠭᠦᠰᠦᠭᠰᠡᠨ ᠢ᠋ ᠪᠠᠲᠤ ᠣᠯᠵᠤ ᠬᠠᠷᠠᠵᠤ ᠴᠢᠳᠠᠬᠤ ᠦᠭᠡᠢ ᠪᠠᠢᠪᠠ᠃ 
       | ᠪᠠᠲᠤ ᠴᠢ ᠶᠠᠭᠤᠨ ᠳ᠋ᠤᠨᠢ ᠢᠩᠭᠢᠲᠡᠯ᠎ᠡ ᠪᠡᠨ ᠪᠡᠶᠡᠰᠦᠨ ᠢᠨᠢᠶᠡᠳᠦ ᠠᠯᠳᠠᠨ᠎ᠠ? ᠴᠢ ᠡᠨᠡ ᠪᠢᠴᠢᠯᠲᠡᠢ ᠭᠡᠭᠴᠢ ᠶ᠋ᠢ ᠬᠡᠨ ᠭᠡᠵᠦ ᠰᠠᠨᠠᠪᠠ? ᠭᠡᠵᠦ ᠵᠥᠴᠢ ᠦᠭᠡ ᠪᠡᠨ ᠵᠥᠭᠡᠭᠡᠵᠦ᠂ ᠶᠠᠯ᠎ᠠ ᠠᠰᠠᠭᠤᠬᠤ ᠮᠡᠲᠦ ᠲᠣᠳᠣ ᠵᠠᠨᠤᠯᠲᠠᠢ ᠳᠠᠭᠤ ᠪᠠᠷ ᠭᠡᠨᠡᠳᠲᠡ ᠵᠠᠩᠳᠤᠷᠪᠠ᠃ ᠡᠴᠢᠭᠡ ᠶ᠋ᠢᠨ ᠢ᠋ᠶ᠋ᠡᠨ ᠬᠢᠯᠢᠩ ᠪᠠᠳᠠᠷᠠᠭᠰᠠᠨ ᠰᠢᠯᠲᠠᠭᠠᠨ ᠢ᠋ ᠪᠠᠲᠤ ᠣᠢᠯᠠᠭᠠᠭᠰᠠᠨ ᠦᠭᠡᠢ ᠲᠤᠯᠠ  
       | ᠠᠪᠤ ᠠ᠋᠂ ᠡᠨᠡ ᠪᠢᠴᠢᠯᠲᠡᠢ ᠮᠢᠨᠦ ᠦᠶᠡᠯᠢ ᠠᠬ᠎ᠠ ᠪᠢᠰᠢ ᠭᠡᠵᠦ ᠤᠤ? ᠭᠡᠵᠦ ᠬᠥᠭᠡᠷᠴᠦ ᠳᠣᠭᠳᠣᠯᠤᠭᠰᠠᠨ ᠬᠡᠪ ᠢ᠋ᠶ᠋ᠡᠷ ᠬᠡᠯᠡᠭᠡᠳ ᠡᠴᠢᠭᠡ ᠶ᠋ᠢ ᠪᠡᠨ ᠪᠣᠰᠤᠨ ᠬᠠᠷᠠᠢᠬᠤ ᠳ᠋ᠤ᠌ ᠠᠮᠠ ᠪᠠᠨ ᠬᠠᠮᠬᠢᠵᠤ ᠠᠮᠵᠢᠭᠰᠠᠨ ᠦᠭᠡᠢ ᠲᠠᠭ ᠪᠣᠯᠪᠠ᠃ ᠵᠥᠴᠢ ᠶ᠋ᠢᠨ ᠨᠢᠳᠦ ᠠᠶᠠᠭᠠᠨ ᠠ᠋ᠴᠠ ᠪᠦᠯᠲᠡ ᠦᠰᠦᠷᠬᠦ ᠨᠢ ᠤᠤ ᠭᠡᠮᠡᠷ ᠳᠦᠷᠯᠡᠢᠵᠦ ᠬᠥᠪᠡᠭᠦᠨ ᠢ᠋ᠶ᠋ᠡᠨ ᠬᠤᠷᠠᠭ᠎ᠠ ᠰᠢᠭᠦᠷᠡᠬᠦ ᠪᠦᠷᠭᠦᠳ ᠦ᠋ᠨ ᠠᠳᠠᠯᠢ ᠵᠠᠭᠠᠮᠠᠳᠠᠨ ᠠᠪᠤᠭᠠᠳ ᠰᠡᠭᠰᠦᠴᠢᠪᠡ᠃ ᠡᠴᠢᠭᠡ ᠪᠡᠨ ᠢᠩᠭᠢᠵᠦ ᠠᠭᠤᠷᠯᠠᠬᠤ ᠶ᠋ᠢ ᠪᠠᠰᠠ ᠲᠡᠭᠦᠨ ᠳ᠋ᠦ᠍ ᠢᠩᠭᠢᠵᠦ ᠭᠠᠷ ᠬᠦᠷᠬᠦ ᠶ᠋ᠢ ᠠᠩᠬ᠎ᠠ ᠤᠳᠠᠭ᠎ᠠ ᠦᠵᠡᠭᠰᠡᠨ ᠪᠠᠲᠤ ᠠᠶᠤᠵᠤ ᠪᠠᠰᠠ ᠭᠠᠢᠬᠠᠵᠠᠢ᠃ 
       | ᠴᠢᠮᠠᠶ᠋ᠢ ᠢᠩᠭᠢᠵᠦ ᠶᠠᠷᠢᠬᠤ ᠶ᠋ᠢ ᠪᠢ ᠬᠣᠷᠢᠭᠯᠠᠨ᠎ᠠ᠂ ᠶᠠᠭᠤᠨ ᠮᠡᠷᠭᠢᠳ᠂ ᠲᠡᠷᠡ ᠮᠡᠷᠭᠢᠳ ᠴᠢᠨᠢ ᠰᠦᠢᠷᠡᠵᠦ ᠰᠥᠨᠥᠭᠰᠡᠨ᠃ ᠣᠳᠣ ᠡᠨᠡ ᠶᠢᠷᠲᠢᠨᠴᠦ ᠳ᠋ᠦ᠍ ᠭᠠᠭᠴᠠᠬᠠᠨ ᠶᠡᠬᠡ ᠤᠯᠤᠰ ᠪᠠᠢᠭ᠎ᠠ᠃ ᠡᠨᠡ ᠪᠣᠯ ᠶᠡᠬᠡ ᠮᠣᠩᠭᠣᠯ ᠤᠯᠤᠰ᠃ ᠴᠢ ᠲᠡᠷᠡ ᠮᠡᠷᠭᠢᠳ ᠢ᠋ ᠮᠠᠷᠲᠠ᠃ ᠲᠡᠷᠡ ᠪᠢᠴᠢᠯᠲᠡᠢ ᠪᠢᠯᠡ ᠤᠤ ᠬᠡᠨ ᠭᠡᠨ᠎ᠡ ᠲᠡᠭᠦᠨ ᠢ᠋ ᠮᠠᠷᠲᠠ᠃ ᠴᠢ ᠪᠣᠯ ᠴᠢᠩᠭᠢᠰ ᠬᠠᠭᠠᠨ ᠤ᠋ ᠠᠴᠢ ᠬᠥᠪᠡᠭᠦᠨ ᠭᠡᠵᠦ ᠬᠠᠰᠬᠢᠷᠴᠤ ᠬᠥᠪᠡᠭᠦᠨ ᠢ᠋ᠶ᠋ᠡᠨ ᠲᠠᠩᠭᠢᠰ ᠤ᠋ᠨ ᠡᠷᠭᠢ ᠶ᠋ᠢᠨ ᠵᠥᠭᠡᠯᠡᠨ ᠳᠤᠯᠠᠭᠠᠨ ᠡᠯᠡᠰᠦᠨ ᠳᠡᠭᠡᠷ᠎ᠡ ᠰᠠᠪᠠᠵᠤ ᠤᠨᠠᠲᠠᠯ᠎ᠠ ᠠᠯᠠᠭᠠᠳᠠᠭᠠᠳ ᠮᠣᠷᠳᠠᠨ ᠳᠠᠪᠬᠢᠵᠤ ᠣᠳᠴᠠᠢ᠃ ᠡᠴᠢᠭᠡ ᠶ᠋ᠢᠨ ᠢ᠋ᠶ᠋ᠡᠨ ᠬᠢᠯᠢᠩᠨᠡᠭᠰᠡᠨ ᠤᠴᠢᠷ ᠢ᠋ ᠪᠠᠲᠤ ᠰᠠᠶᠢ ᠯᠠ ᠣᠢᠯᠠᠭᠠᠪᠠ᠃ ᠡᠴᠢᠭᠡ ᠨᠢ ᠥᠪᠡᠷ ᠢ᠋ ᠪᠡᠨ ᠴᠢᠩᠭᠢᠰ ᠬᠠᠭᠠᠨ ᠤ᠋ ᠬᠥᠪᠡᠭᠦᠨ ᠪᠠᠢᠯᠭᠠᠬᠤ ᠶ᠋ᠢ ᠬᠦᠰᠡᠭᠰᠡᠭᠡᠷ ᠠᠵᠢ᠃ ᠪᠠᠰᠠ ᠪᠠᠲᠤ ᠶ᠋ᠢ ᠴᠢᠩᠭᠢᠰ ᠬᠠᠭᠠᠨ ᠤ᠋ ᠠᠴᠢ ᠬᠦᠦ ᠭᠡᠵᠦ ᠪᠠᠲᠤᠯᠠᠬᠤ ᠶ᠋ᠢᠨ ᠲᠥᠯᠥᠭᠡ ᠡᠭᠦᠨ ᠢ᠋ ᠬᠡᠯᠡᠵᠡᠢ᠃ ᠪᠠᠲᠤ ᠢᠩᠭᠢᠵᠦ ᠡᠴᠢᠭᠡ ᠶ᠋ᠢᠨ ᠢ᠋ᠶ᠋ᠡᠨ ᠴᠢᠨᠠᠳᠤ ᠠᠯᠤᠰ ᠤ᠋ᠨ ᠵᠣᠷᠢᠯᠭ᠎ᠠ ᠶ᠋ᠢ ᠰᠠᠶᠢ ᠯᠠ ᠨᠢᠭᠡ ᠭᠦᠢᠴᠡᠳ ᠣᠢᠯᠠᠭᠠᠵᠤ ᠲᠤᠢᠯ ᠤ᠋ᠨ ᠬᠠᠯᠠᠭᠤᠨ ᠢ᠋ᠶ᠋ᠠᠷ ᠤᠶᠠᠷᠠᠨ ᠤᠬᠢᠯᠠᠪᠠ᠃ ᠡᠴᠢᠭᠡ ᠨᠢ ᠭᠠᠭᠴᠠᠬᠠᠨ ᠪᠠᠲᠤ ᠶ᠋ᠢ ᠴᠢᠩᠭᠢᠰ ᠬᠠᠭᠠᠨ ᠤ᠋ ᠠᠴᠢ ᠬᠦᠦ ᠭᠡᠳᠡᠭ ᠢ᠋ ᠨᠤᠲᠠᠯᠠᠬᠤ ᠶ᠋ᠢᠨ ᠲᠥᠯᠥᠭᠡ ᠦᠷᠦ ᠪᠡᠨ ᠡᠪᠡᠳᠬᠡᠨ ᠥᠪᠡᠷ ᠢ᠋ ᠪᠡᠨ ᠵᠣᠯᠢᠶᠠᠰᠤᠯᠠᠵᠤ ᠶᠠᠪᠤᠭ᠎ᠠ ᠪᠣᠯᠬᠤ ᠶ᠋ᠢ ᠰᠠᠶᠢ ᠯᠠ ᠣᠢᠯᠠᠭᠠᠪᠠ᠃ ᠲᠡᠢᠮᠦ ᠠ᠋᠃ ᠵᠥᠴᠢ ᠶᠠᠭ ᠢᠩᠭᠢᠵᠦ ᠪᠣᠳᠣᠭᠰᠠᠨ ᠶᠤᠮ᠃ ᠤᠷᠬᠧᠨ᠋ᠴᠠ ᠶ᠋ᠢᠨ ᠲᠥᠯᠦᠭᠡᠬᠢ ᠳᠣᠯᠣᠭᠠᠨ ᠳ᠋ᠤ᠌ ᠴᠡᠷᠢᠭ ᠢ᠋ᠶ᠋ᠡᠨ ᠲᠡᠭᠦᠨ ᠳ᠋ᠦ᠍ ᠥᠭᠭᠦᠭᠰᠡᠨ ᠤ ᠴᠠᠭᠠᠳᠤ ᠤᠴᠢᠷ ᠢ᠋ ᠴᠦ᠍ ᠣᠯᠪᠠ᠃ ᠪᠠᠲᠤ ᠡᠯᠡᠰᠦᠨ ᠳᠡᠭᠡᠷ᠎ᠡ ᠡᠴᠡ ᠪᠣᠰᠬᠤ ᠳ᠋ᠠᠭᠠᠨ ᠥᠭᠡᠷ᠎ᠡ ᠬᠥᠮᠦᠨ ᠪᠣᠯᠵᠠᠢ᠃ ᠲᠡᠭᠦᠨ ᠦ᠌ ᠵᠣᠷᠢᠯᠭ᠎ᠠ ᠳᠡᠩᠳᠡᠭᠦᠦ ᠲᠣᠳᠣ ᠣᠢᠯᠠᠭᠠᠮᠵᠢᠲᠠᠢ ᠠᠵᠢ᠃ ᠴᠢᠩᠭᠢᠰ ᠬᠠᠭᠠᠨ ᠪᠣᠯ ᠶᠢᠷᠲᠢᠨᠴᠦ ᠶ᠋ᠢᠨ ᠡᠵᠡᠨ ᠶᠦᠮ᠃ ᠭᠡᠲᠡᠯ᠎ᠡ ᠴᠢᠩᠭᠢᠰ ᠬᠠᠭᠠᠨ᠂ ᠡᠴᠢᠭᠡ ᠶ᠋ᠢ ᠨᠢ ᠥᠪᠡᠷ ᠦ᠋ᠨ ᠤᠤᠭᠠᠨ ᠬᠥᠪᠡᠭᠦᠨ ᠭᠡᠵᠦ ᠦᠵᠡᠵᠦ ᠬᠠᠭᠠᠨ ᠣᠷᠣ ᠪᠠᠨ ᠵᠠᠯᠭᠠᠮᠵᠢᠯᠠᠭᠤᠯᠤᠭᠰᠠᠨ ᠦᠭᠡᠢ ᠃ ᠲᠡᠭᠡᠪᠡᠯ ᠡᠨᠡ ᠠᠯᠳᠠᠭᠰᠠᠨ ᠰᠠᠭᠤᠳᠠᠯ ᠢ᠋ ᠪᠠᠲᠤ ᠯᠠ ᠣᠯᠵᠤ ᠠᠪᠬᠤ ᠶᠣᠰᠣᠲᠠᠢ ᠪᠢᠰᠢ ᠤᠤ? ᠡᠭᠦᠨ ᠦ᠌ ᠲᠤᠯᠠᠳᠠ ᠪᠠᠲᠤ ᠮᠡᠷᠭᠢᠳ ᠤᠳᠤᠮ ᠤ᠋ᠨ ᠢ᠋ᠶ᠋ᠠᠨ ᠲᠤᠬᠠᠢ ᠰᠠᠨᠠᠬᠤ ᠴᠤ᠌ ᠬᠡᠷᠡᠭ ᠦᠭᠡᠢ ᠶᠦᠮ᠃ ᠭᠠᠭᠴᠠ ᠪᠠᠲᠤ ᠴᠤ᠌ ᠪᠢᠰᠢ ᠪᠦᠭᠦᠳᠡ ᠮᠠᠷᠲᠠᠬᠤ ᠶᠣᠰᠣᠲᠠᠢ᠃ ᠪᠦᠷ ᠮᠠᠷᠲᠠᠭᠤᠯᠬᠤ ᠶᠣᠰᠣᠲᠠᠢ ᠶ᠋ᠢ ᠪᠠᠲᠤ ᠲᠣᠳᠣᠷᠬᠠᠢ ᠣᠢᠯᠠᠭᠠᠪᠠ᠃ ᠡᠴᠢᠭᠡ ᠶ᠋ᠢᠨ ᠬᠢᠯᠢᠩ ᠪᠠᠳᠠᠷᠠᠭᠰᠠᠨ ᠤ᠋ ᠤᠴᠢᠷ ᠡᠨᠡ ᠪᠠᠢᠵᠠᠢ᠃ 
       ᠪᠠᠲᠤ ᠥᠪᠡᠷ ᠢ᠋ ᠪᠡᠨ ᠶᠡᠬᠡᠳᠡ ᠭᠣᠯᠣᠵᠤ᠂ ᠪᠠᠰᠠ ᠡᠴᠢᠭᠡ ᠳ᠋ᠡᠭᠡᠨ ᠲᠠᠯᠠᠷᠬᠠᠪᠠ᠃ ᠭᠡᠪᠡᠴᠦ ᠪᠠᠲᠤ ᠥᠭᠡᠷ᠎ᠡ ᠣᠯᠠᠨ ᠵᠦᠢᠯ ᠦ᠋ᠨ ᠤᠴᠢᠷ ᠢ᠋ ᠣᠯᠵᠤ ᠬᠤᠵᠢᠷ ᠢ᠋ ᠲᠤᠩᠭᠠᠵᠤ ᠴᠢᠳᠠᠬᠤ ᠦᠭᠡᠢ ᠪᠠᠢᠯ᠎ᠠ᠃ ᠥᠪᠡᠷ ᠦ᠋ᠨ ᠮᠡᠷᠭᠢᠳ ᠴᠢᠰᠤᠲᠠᠢ ᠳ᠋ᠤ᠌ ᠪᠠᠲᠤ ᠡᠴᠢᠭᠡ ᠶ᠋ᠢᠨ ᠢ᠋ᠶ᠋ᠡᠨ ᠠᠳᠠᠯᠢ ᠬᠠᠷᠠᠮᠰᠠᠨ ᠭᠠᠰᠢᠭᠤᠳᠠᠵᠤ ᠭᠤᠳᠤᠷᠠᠳᠠᠭ ᠦᠭᠡᠢ ᠶᠦᠮ᠃ ᠶᠠᠭᠠᠬᠢᠭᠠᠳ ᠭᠡᠪᠡᠯ ᠡᠢᠮᠦ ᠴᠢᠰᠤᠲᠠᠢ ᠲᠥᠷᠥᠭᠰᠡᠨ ᠡᠴᠡ ᠪᠡᠨ ᠪᠣᠯᠵᠤ ᠠᠯᠳᠠᠭᠰᠠᠨ ᠶᠠᠭᠤᠮ᠎ᠠ ᠪᠠᠲᠤ ᠳ᠋ᠤ᠌ ᠦᠭᠡᠢ᠂ ᠶᠠᠳᠠᠵᠤ ᠥᠰᠬᠦ ᠳ᠋ᠦ᠍ᠨᠢ ᠬᠡᠨ ᠴᠦ᠍ ᠲᠡᠭᠦᠨ ᠢ᠋ ᠳᠠᠷᠤᠯᠠᠵᠤ ᠭᠠᠳᠠᠭᠤᠷᠬᠠᠵᠤ ᠵᠣᠪᠠᠭᠠᠭᠰᠠᠨ ᠦᠭᠡᠢ ᠪᠢᠯᠡ᠃ ᠭᠡᠪᠡᠴᠦ ᠡᠴᠢᠭᠡ ᠶ᠋ᠢ ᠪᠡᠨ ᠴᠢᠩᠭᠢᠰ ᠬᠠᠭᠠᠨ ᠤ᠋ ᠠᠷᠤ ᠳ᠋ᠤ᠌ ᠬᠠᠭᠠᠨ ᠣᠷᠣ ᠶ᠋ᠢ ᠵᠠᠯᠭᠠᠮᠵᠢᠯᠠᠬᠤ ᠶᠣᠰᠣᠲᠠᠢ ᠬᠥᠮᠦᠨ ᠭᠡᠵᠦ ᠦᠵᠡᠳᠡᠭ ᠴᠦ᠍ ᠨᠢᠭᠡᠨᠲᠡ ᠡᠴᠢᠭᠡ ᠨᠢ ᠮᠡᠷᠭᠢᠳ ᠴᠢᠰᠤᠲᠠᠢ ᠲᠤᠯᠠ ᠴᠢᠩᠭᠢᠰ ᠬᠠᠭᠠᠨ ᠥᠭᠡᠳᠡᠢ ᠶ᠋ᠢ ᠥᠪᠡᠷ ᠦ᠋ᠨ ᠵᠠᠯᠭᠠᠮᠵᠢᠯᠠᠭᠴᠢ ᠪᠠᠷ ᠰᠣᠩᠭᠣᠭᠰᠠᠨ ᠢ᠋ ᠵᠥᠪ ᠭᠡᠵᠦ ᠪᠠᠲᠤ ᠤᠬᠠᠭᠠᠷᠠᠨ ᠪᠣᠳᠣᠳᠠᠭ ᠪᠠᠢᠵᠠᠢ᠃ ᠬᠠᠷᠢᠨ ᠪᠠᠲᠤ ᠳ᠋ᠤ᠌ ᠴᠢᠩᠭᠢᠰ ᠬᠠᠭᠠᠨ ᠢ᠋ ᠵᠠᠯᠭᠠᠮᠵᠢᠯᠠᠨ ᠰᠠᠭᠤᠬᠤ ᠠ᠋ᠴᠠ ᠢᠯᠡᠭᠦᠦ ᠲᠡᠢ ᠥᠪᠡᠷ ᠦ᠋ᠨ ᠤᠯᠤᠰ ᠢ᠋ ᠡᠭᠦᠰᠬᠡᠨ ᠪᠠᠢᠭᠤᠯᠬᠤ ᠨᠢ ᠪᠠᠬᠠᠷᠬᠠᠯᠲᠠᠢ᠂ ᠭᠠᠭᠴᠠ ᠮᠥᠷᠥᠭᠡᠳᠦᠯ ᠪᠣᠯᠤᠭᠰᠠᠨ ᠦᠢᠯᠡ ᠬᠡᠷᠡᠭ ᠨᠢ ᠶᠦᠮ᠃ ᠪᠠᠲᠤ ᠬᠡᠵᠢᠶ᠎ᠡ ᠨᠢᠭᠡᠨ ᠴᠠᠭ ᠲᠤ᠌ ᠶᠡᠬᠡ ᠴᠡᠷᠢᠭ ᠢ᠋ᠶ᠋ᠡᠨ ᠤᠳᠤᠷᠢᠳᠤᠨ ᠳᠣᠪᠲᠣᠯᠵᠤ ᠭᠸᠷᠲ᠋ᠠ ᠪᠦᠰᠡᠭᠦᠢ ᠶ᠋ᠢᠨ ᠶᠠᠷᠢᠳᠠᠭ ᠣᠷᠣᠰ ᠤᠭᠰᠠᠭᠠᠲᠠᠨ ᠤ᠋ ᠣᠯᠠᠨ ᠬᠣᠲᠠ ᠨᠤᠭᠤᠳ ᠢ᠋ ᠡᠵᠡᠯᠡᠨ ᠠᠪᠴᠤ ᠳ᠋ᠨ᠋ᠸᠫᠷ᠂ ᠦᠷᠡᠯ᠂ ᠢᠵᠢᠯ ᠭᠤᠷᠪᠠᠨ ᠮᠥᠷᠡᠨ ᠡᠴᠡ ᠴᠠᠭᠠᠰᠢ ᠪᠦᠷ ᠪᠠᠷᠠᠭᠤᠨ ᠵᠦᠭ ᠲᠦ᠍ ᠪᠠᠢᠬᠤ ᠶᠡᠬᠡ ᠳᠠᠯᠠᠢ ᠳ᠋ᠤ᠌ ᠬᠦᠷᠬᠦ ᠶ᠋ᠢ ᠬᠦᠰᠡᠵᠦ ᠪᠠᠢᠪᠠ᠃ ᠲᠡᠢᠮᠦ ᠤᠴᠢᠷ ᠠ᠋ᠴᠠ ᠺᠠᠰᠫᠢ ᠶ᠋ᠢᠨ ᠲᠠᠩᠭᠢᠰ ᠤ᠋ᠨ ᠡᠷᠭᠢ ᠶ᠋ᠢᠨ ᠡᠨᠡ ᠨᠤᠲᠤᠭ ᠢ᠋ ᠡᠵᠡᠯᠡᠨ ᠬᠦᠴᠦᠷᠬᠡᠭᠵᠢᠨ ᠰᠠᠭᠤᠬᠤ ᠡᠴᠢᠭᠡ ᠶ᠋ᠢᠨ ᠪᠣᠳᠣᠯ ᠢ᠋ ᠲᠤᠢᠯ ᠢ᠋ᠶ᠋ᠠᠷ ᠳᠡᠮᠵᠢᠨ᠎ᠡ᠃ ᠡᠨᠡ ᠨᠤᠲᠤᠭ ᠪᠣᠯ ᠦᠷᠡᠯ᠂ ᠢᠵᠢᠯ᠂ ᠳ᠋ᠨ᠋ᠸᠫᠷ ᠮᠥᠷᠡᠨ ᠤ ᠰᠠᠪᠠ ᠭᠠᠵᠠᠷ ᠢ᠋ ᠳᠣᠪᠲᠣᠯᠬᠤ ᠳ᠋ᠤ᠌ ᠬᠠᠮᠤᠭ ᠤ᠋ᠨ ᠠᠰᠢᠭᠲᠠᠢ ᠪᠠᠢᠷᠢᠯᠠᠯ ᠶᠤᠮ᠃ ᠡᠢᠮᠦ ᠨᠤᠲᠤᠭ ᠢ᠋ ᠣᠯᠵᠤ ᠰᠠᠭᠤᠭᠰᠠᠨ ᠡᠴᠢᠭᠡ ᠶ᠋ᠢᠨ ᠠᠯᠤᠰ ᠤᠬᠠᠭᠠᠨ ᠢ᠋ ᠪᠢᠰᠢᠷᠡᠨ᠎ᠡ᠃ ᠡᠨᠡ ᠨᠤᠲᠤᠭ ᠪᠠᠲᠤ ᠶ᠋ᠢ ᠲᠣᠭᠲᠠᠭᠠᠨ ᠪᠠᠷᠢᠬᠤ ᠡᠴᠦᠰ ᠦ᠋ᠨ ᠭᠠᠵᠠᠷ ᠪᠢᠰᠢ ᠭᠡᠳᠡᠭ ᠢ᠋ ᠴᠦ᠍ ᠣᠢᠯᠠᠭᠠᠨ᠎ᠠ᠃ ᠪᠠᠲᠤ ᠭᠸᠷᠲ᠋ᠠ ᠪᠦᠰᠡᠭᠦᠢ ᠶ᠋ᠢᠨ ᠠᠳᠠᠯᠢ ᠥᠰᠬᠡᠯᠡᠭᠦᠨ ᠪᠡᠶ᠎ᠡ ᠲᠡᠢ᠂ ᠥᠨᠳᠥᠷ ᠬᠠᠮᠠᠷ ᠲᠠᠢ᠂ ᠥᠳᠬᠡᠨ ᠰᠢᠷᠭᠠᠯ ᠦᠰᠦᠲᠡᠢ ᠪᠦᠰᠡᠭᠦᠢᠴᠦᠦᠯ ᠰᠠᠭᠤᠳᠠᠭ ᠪᠠᠷᠠᠭᠤᠨ᠂ ᠬᠣᠢᠲᠤ ᠵᠦᠭ ᠲᠦ᠍ ᠰᠡᠳᠬᠢᠯ ᠲᠠᠲᠠᠭᠳᠠᠵᠤ ᠪᠠᠢᠯ᠎ᠠ᠃ ᠪᠠᠲᠤ ᠤᠷᠢᠳ ᠦᠵᠡᠭᠡ ᠦᠭᠡᠢ ᠰᠢᠨ᠎ᠡ ᠨᠤᠲᠤᠭ ᠢ᠋ ᠡᠵᠡᠯᠡᠨ ᠠᠪᠴᠤ ᠶᠡᠬᠡ ᠤᠯᠤᠰ ᠢ᠋ᠶ᠋ᠠᠨ ᠪᠠᠢᠭᠤᠯᠤᠨ ᠠᠯᠳᠠᠷ ᠨᠡᠷ᠎ᠡ ᠪᠡᠨ ᠴᠢᠩᠭᠢᠰ ᠬᠠᠭᠠᠨ ᠮᠡᠲᠦ ᠳᠠᠭᠤᠷᠢᠰᠬᠠᠬᠤ ᠶ᠋ᠢ ᠬᠦᠰᠡᠵᠦ ᠪᠠᠢᠪᠠ᠃ ᠲᠠᠩᠨᠠᠭᠤᠯ ᠲᠤᠷᠰᠢᠭᠤᠯ ᠤ᠋ᠨ ᠬᠥᠮᠦᠰ ᠦ᠋ᠨ ᠬᠡᠯᠡᠬᠦ ᠡᠴᠡ ᠦᠵᠡᠪᠡᠯ ᠣᠷᠣᠰ ᠤᠭᠰᠠᠭᠠᠲᠠᠨ ᠤ᠋ ᠬᠣᠲᠠ ᠨᠤᠭᠤᠳ ᠶᠠᠭ ᠡᠨᠡ ᠬᠤᠷᠽᠸᠮ ᠲᠠᠢ ᠠᠳᠠᠯᠢ ᠸᠠᠩ ᠨᠤᠭᠤᠳ ᠨᠢ ᠬᠣᠭᠣᠷᠣᠨᠳᠣ ᠪᠠᠨ ᠡᠪ ᠨᠢᠭᠡᠳᠦᠯ ᠦᠭᠡᠢ᠂ ᠦᠷᠭᠦᠯᠵᠢ ᠰᠠᠮᠠᠭᠤᠷᠠᠨ ᠲᠡᠮᠡᠴᠡᠯᠳᠦᠳᠡᠭ᠂ ᠨᠢᠭᠡ ᠬᠠᠭᠠᠨ ᠳ᠋ᠤ᠌ ᠵᠠᠬᠢᠷᠤᠭᠳᠠᠬᠤ ᠶᠠᠪᠤᠳᠠᠯ ᠦᠭᠡᠢ ᠨᠢ ᠪᠠᠲᠤ ᠳ᠋ᠤ᠌ ᠶᠡᠬᠡ ᠶ᠋ᠢ ᠪᠣᠳᠣᠭᠳᠠᠭᠤᠯᠳᠠᠭ ᠪᠣᠯᠵᠠᠢ᠃ ᠴᠢᠩᠭᠢᠰ ᠬᠠᠭᠠᠨ ᠡᠪᠦᠭᠡ ᠨᠢ ᠲᠠᠯ᠎ᠠ ᠬᠠᠩᠭᠠᠢ ᠨᠤᠲᠤᠭ ᠤ᠋ᠨ ᠣᠯᠠᠨ ᠠᠢᠮᠠᠭ ᠤᠯᠤᠰ ᠢ᠋ ᠨᠢᠭᠡᠳᠬᠡᠨ ᠶᠡᠬᠡ ᠮᠣᠩᠭᠣᠯ ᠤᠯᠤᠰ ᠢ᠋ᠶ᠋ᠠᠨ ᠪᠠᠢᠭᠤᠯᠤᠭᠰᠠᠨ ᠰᠢᠭ᠋ ᠲᠡᠷᠡ ᠺᠠᠰᠫᠢ ᠶ᠋ᠢᠨ ᠲᠠᠩᠭᠢᠰ ᠠ᠋ᠴᠠ ᠬᠣᠢᠰᠢ᠂ ᠵᠡᠭᠦᠨ ᠬᠣᠢᠲᠤ ᠵᠦᠭ ᠦ᠋ᠨ ᠣᠷᠣᠰ ᠤᠭᠰᠠᠭᠠᠲᠠᠨ ᠤ᠋ ᠣᠯᠠᠨ ᠬᠣᠲᠠ ᠤᠯᠤᠰ ᠢ᠋ ᠨᠢᠭᠡᠳᠬᠡᠨ ᠥᠪᠡᠷ ᠦ᠋ᠨ ᠶᠡᠬᠡ ᠤᠯᠤᠰ ᠢ᠋ ᠪᠠᠢᠭᠤᠯᠬᠤ ᠬᠦᠰᠡᠯ ᠳ᠋ᠦ᠍ ᠠᠪᠲᠠᠵᠠᠢ᠃ ᠡᠢᠮᠦ ᠬᠦᠰᠡᠯ ᠢ᠋ᠶ᠋ᠡᠨ ᠪᠡᠶᠡᠯᠡᠭᠦᠯᠬᠦ ᠰᠠᠨ ᠭᠡᠬᠦ ᠳ᠋ᠦ᠍ ᠴᠠᠭ ᠬᠤᠭᠤᠴᠠᠭ᠎ᠠ ᠳᠡᠩᠳᠡᠭᠦᠦ ᠤᠳᠠᠭᠠᠨ ᠥᠩᠭᠡᠷᠡᠵᠦ ᠲᠡᠰᠴᠦ ᠶᠠᠳᠠᠬᠤ ᠳ᠋ᠠᠭᠠᠨ ᠡᠴᠢᠭᠡ ᠨᠢ ᠴᠦ᠍ ᠰᠠᠭᠠᠳ ᠲᠠᠢ ᠰᠠᠨᠠᠭᠳᠠᠨ ᠡᠯᠳᠡᠪ ᠢ᠋ ᠪᠣᠳᠣᠭᠰᠠᠨ ᠤᠳᠠᠭ᠎ᠠ ᠲᠠᠢ᠃ ᠪᠠᠲᠤ ᠦᠨᠡᠬᠡᠷ ᠶᠠᠭᠠᠷᠠᠵᠤ ᠪᠠᠢᠯ᠎ᠠ᠃ ᠡᠨᠡ ᠶᠢᠷᠲᠢᠨᠴᠦ ᠶ᠋ᠢ ᠨᠢᠭᠡᠳᠬᠡᠨ ᠵᠢᠯᠣᠭᠣᠳᠬᠤ ᠨᠢ ᠴᠢᠩᠭᠢᠰ ᠬᠠᠭᠠᠨ ᠪᠣᠯᠤᠭᠠᠳ ᠲᠡᠭᠦᠨ ᠦ᠌ ᠬᠥᠪᠡᠭᠦᠳ ᠨᠠᠷ ᠲᠤ᠌ ᠲᠩᠷᠢ ᠡᠴᠡ ᠪᠠᠭᠤᠯᠭᠠᠭᠰᠠᠨ ᠵᠠᠷᠯᠢᠭ ᠭᠡᠳᠡᠭ ᠢ᠋ ᠬᠠᠮᠤᠭ ᠤ᠋ᠨ ᠭᠦᠨᠵᠡᠭᠡᠢ ᠤᠬᠠᠮᠰᠠᠷᠯᠠᠭᠰᠠᠨ ᠬᠥᠮᠦᠨ ᠪᠣᠯ ᠪᠠᠲᠤ ᠶᠤᠮ᠃ ᠲᠡᠢᠮᠦ ᠴᠦ᠍ ᠤᠴᠢᠷ ᠠ᠋ᠴᠠ ᠺᠠᠰᠫᠢ ᠶ᠋ᠢᠨ ᠲᠠᠩᠭᠢᠰ ᠤ᠋ᠨ ᠣᠷᠴᠢᠮ ᠨᠤᠲᠤᠭ ᠢ᠋ ᠡᠵᠡᠯᠡᠨ ᠰᠠᠭᠤᠷᠢᠰᠢᠬᠤ ᠭᠡᠰᠡᠨ ᠵᠥᠴᠢ ᠡᠴᠢᠭᠡ ᠶ᠋ᠢᠨ ᠢ᠋ᠶ᠋ᠡᠨ ᠬᠦᠰᠡᠯ ᠢ᠋ ᠲᠡᠷᠡ ᠴᠢᠮᠠᠯᠠᠵᠤ ᠭᠣᠯᠣᠵᠤ ᠪᠠᠢᠭᠰᠠᠨ ᠴᠤ᠌ ᠲᠡᠪᠴᠢᠨ ᠳᠠᠭᠤ ᠦᠭᠡᠢ ᠶᠠᠪᠤᠵᠠᠢ᠃ ᠬᠠᠷᠢᠨ ᠴᠢᠰᠤ ᠨᠢᠭᠡᠲᠡᠢ ᠦᠶᠡᠯᠢ ᠪᠢᠴᠢᠯᠲᠡᠢ ᠶ᠋ᠢᠨ ᠭᠠᠷᠴᠤ ᠢᠷᠡᠭᠰᠡᠨ ᠨᠢ ᠪᠠᠲᠤ ᠶ᠋ᠢ ᠡᠴᠢᠭᠡ ᠶ᠋ᠢ ᠪᠡᠨ ᠶᠡᠬᠡ ᠪᠡᠷ ᠬᠦᠨᠳᠦᠳᠬᠡᠬᠦ ᠳ᠋ᠦ᠍ ᠬᠦᠷᠭᠡᠪᠡ᠃ ᠲᠡᠢᠮᠦ ᠤᠴᠢᠷ ᠠ᠋ᠴᠠ ᠥᠨᠥᠳᠥᠷ ᠲᠡᠭᠦᠨ ᠦ᠌ ᠲᠥᠯᠥᠭᠡ ᠠᠮᠢ ᠪᠠᠨ ᠡᠷᠭᠦᠬᠦ ᠭᠠᠭᠴᠠ ᠬᠥᠮᠦᠨ ᠨᠢ ᠡᠴᠢᠭᠡ ᠶ᠋ᠢ ᠪᠡᠨ ᠭᠡᠳᠡᠭ ᠢ᠋ ᠴᠦ᠍ ᠭᠦᠨᠵᠡᠭᠡᠢ ᠣᠢᠯᠠᠭᠠᠪᠠ᠃ ᠡᠢᠨ ᠪᠣᠳᠣᠭᠠᠳ ᠲᠡᠷᠡ ᠳᠠᠷᠤᠢ ᠮᠣᠷᠳᠠᠨ ᠡᠴᠢᠭᠡ ᠶ᠋ᠢᠨ 《ᠠᠯᠲᠠᠨ ᠣᠷᠳᠣᠨ》 ᠤᠷᠤᠭᠤ ᠳᠠᠪᠬᠢᠵᠠᠢ᠃ ᠡᠢᠨ ᠪᠠᠬᠠᠷᠬᠠᠯᠲᠠᠢ ᠳᠠᠪᠬᠢᠵᠤ ᠶᠠᠪᠤᠬᠤ ᠳ᠋ᠠᠭᠠᠨ ᠬᠣᠵᠢᠮ ᠬᠣᠢᠨ᠎ᠠ ᠣᠷᠣᠰ ᠪᠣᠯᠤᠭᠠᠳ ᠪᠤᠰᠤᠳ ᠤᠭᠰᠠᠭᠠᠲᠠᠨ ᠢ᠋ ᠨᠢᠭᠡᠳᠬᠡᠨ ᠶᠡᠬᠡ ᠤᠯᠤᠰ ᠢ᠋ᠶ᠋ᠠᠨ ᠪᠠᠢᠭᠤᠯᠵᠤ᠂ ᠲᠡᠭᠦᠨ ᠢ᠋ ᠪᠡᠨ ᠰᠠᠢᠨ ᠡᠴᠢᠭᠡ ᠶ᠋ᠢᠨ ᠢ᠋ᠶ᠋ᠡᠨ ᠳᠤᠷᠠᠰᠬᠠᠯ ᠪᠣᠯᠭᠠᠨ《ᠠᠯᠲᠠᠨ ᠣᠷᠳᠣᠨ ᠤ᠋ ᠤᠯᠤᠰ》 ᠭᠡᠵᠦ ᠨᠠᠷᠠᠯᠠᠶ᠎ᠠ ᠭᠡᠵᠦ ᠪᠠᠲᠤ ᠪᠣᠳᠣᠵᠠᠢ᠃ ᠰᠠᠢᠨ ᠡᠴᠢᠭᠡ ᠶ᠋ᠢᠨ ᠢ᠋ᠶ᠋ᠡᠨ ᠠᠴᠢ ᠶ᠋ᠢ ᠬᠠᠷᠢᠭᠤᠯᠵᠤ᠂ ᠠᠯᠳᠠᠷ ᠨᠡᠷ᠎ᠡ ᠶ᠋ᠢ ᠨᠢ ᠶᠡᠬᠡ ᠬᠠᠭᠠᠨ ᠮᠡᠲᠦ ᠡᠭᠦᠷᠢᠳᠡ ᠳᠠᠭᠤᠷᠢᠰᠬᠠᠬᠤ ᠶ᠋ᠢᠨ ᠲᠤᠯᠠᠳᠠ ᠣᠷᠣᠰ ᠤᠭᠰᠠᠭᠠᠲᠠᠨ ᠢ᠋ ᠨᠢᠭᠡᠳᠬᠡᠨ ᠶᠡᠬᠡ ᠤᠯᠤᠰ ᠪᠠᠢᠭᠤᠯᠬᠤ ᠪᠠᠷ ᠲᠡᠷᠡ ᠢᠩᠭᠢᠵᠦ ᠪᠠᠲᠤ ᠲᠣᠭᠲᠠᠪᠠ᠃ ᠦᠷᠡᠯ ᠦ᠋ᠨ ᠨᠠᠭᠤᠷ ᠠ᠋ᠴᠠ ᠪᠠᠷᠠᠭᠤᠨ ᠲᠠᠢᠰᠢ ᠦᠷᠭᠦᠯᠵᠢᠯᠡᠭᠰᠡᠨ ᠵᠥᠭᠡᠯᠡᠨ ᠬᠥᠷᠥᠰᠥᠲᠦ ᠨᠠᠮ ᠳᠣᠣᠷ᠎ᠠ ᠭᠠᠵᠠᠷ ᠢ᠋ᠶ᠋ᠠᠷ ᠳᠠᠷᠬᠠᠨ ᠰᠠᠭᠤᠭᠰᠠᠨ ᠣᠷᠣᠰ ᠤᠭᠰᠠᠭᠠᠲᠠᠨ ᠤ᠋ ᠬᠣᠵᠢᠮ ᠤ᠋ᠨ ᠬᠤᠪᠢ ᠲᠠᠪᠢᠯᠠᠩ ᠢ᠋ ᠪᠠᠲᠤ ᠢᠩᠭᠢᠵᠦ ᠰᠢᠢᠳᠴᠡᠢ᠃ ᠢᠵᠢᠯ᠂ ᠦᠷᠡᠯ᠂ ᠳ᠋ᠨ᠋ᠸᠫᠷ᠂ ᠳ᠋ᠣᠨ᠂ ᠳ᠋ᠸᠢᠨ᠋ᠠ ᠭᠡᠬᠦ ᠣᠯᠠᠨ ᠮᠥᠷᠡᠨ ᠦ᠌ ᠣᠷᠣᠰ ᠤᠭᠰᠠᠭᠠᠲᠠᠨ ᠨᠤᠭᠤᠳ ᠤ᠋ᠨ ᠬᠣᠵᠢᠮ ᠤ᠋ᠨ ᠦᠷ᠎ᠡ ᠰᠡᠳᠦ᠂ ᠨᠢᠭᠡᠳᠦᠭᠰᠡᠨ ᠬᠦᠴᠦᠷᠬᠡᠭ ᠣᠷᠣᠰ ᠤᠯᠤᠰ ᠢ᠋ ᠪᠠᠢᠭᠤᠯᠵᠤ ᠦᠯᠡᠳᠡᠭᠡᠭᠰᠡᠨ ᠦ᠌ ᠬᠢᠨᠢ ᠲᠥᠯᠥᠭᠡ ᠪᠠᠲᠤ ᠳ᠋ᠤ᠌ ᠡᠭᠦᠷᠢᠳᠡ ᠪᠠᠶᠠᠷᠯᠠᠨ ᠲᠠᠯᠠᠷᠬᠠᠬᠤ ᠶᠣᠰᠣᠲᠠᠢ ᠤᠴᠢᠷ ᠢᠩᠭᠢᠵᠦ ᠡᠬᠢᠯᠡᠵᠡᠢ᠃ ᠬᠠᠷᠢᠨ ᠵᠥᠴᠢ ᠶ᠋ᠢᠨ ᠬᠦᠰᠡᠯ ᠨᠢ ᠡᠨᠳᠡ ᠺᠠᠰᠫᠢ ᠶ᠋ᠢᠨ ᠲᠠᠩᠭᠢᠰ ᠤ᠋ᠨ ᠬᠣᠢᠲᠤ ᠡᠷᠭᠢ ᠳᠡᠭᠡᠷ᠎ᠡ ᠥᠪᠡᠷ ᠦ᠋ᠨ 《ᠠᠯᠲᠠᠨ ᠣᠷᠳᠣᠨ》 ᠬᠡᠮᠡᠬᠦ ᠬᠣᠲᠠ ᠪᠤᠰᠬᠠᠬᠤ ᠶᠠᠪᠤᠳᠠᠯ ᠪᠠᠢᠯ᠎ᠠ᠃ ᠪᠠᠲᠤ ᠶ᠋ᠢᠨ ᠶᠡᠬᠡ ᠬᠦᠰᠡᠯ ᠦ᠋ᠨ ᠳᠡᠷᠭᠡᠳᠡ ᠡᠴᠢᠭᠡ ᠶ᠋ᠢᠨ ᠬᠦᠰᠡᠭᠰᠡᠨ ᠨᠢ ᠥᠴᠦᠬᠡᠨ ᠠᠵᠢ᠃ ᠭᠡᠪᠡᠴᠦ ᠪᠠᠲᠤ ᠵᠥᠴᠢ ᠡᠴᠢᠭᠡ ᠪᠡᠨ ᠪᠠᠬᠠᠷᠬᠠᠨ ᠬᠠᠢᠷᠠᠯᠠᠵᠤ ᠪᠠᠢᠪᠠ᠃
       ᠪᠥᠷᠲᠡ ᠡᠵᠢ ᠶ᠋ᠢᠨ ᠬᠢᠨᠢ ᠢᠯᠡᠭᠡᠭᠰᠡᠨ ᠪᠡᠯᠡᠭ ᠵᠥᠴᠢ ᠶ᠋ᠢᠨ ᠰᠡᠳᠬᠢᠯ ᠢ᠋ ᠦᠨᠡᠬᠡᠷ ᠳᠣᠭᠳᠣᠯᠤᠭᠤᠯᠤᠭᠰᠠᠨ ᠪᠢᠯᠡ᠃ ᠲᠡᠳᠡᠨ ᠳ᠋ᠦ᠍ ᠶᠡᠷᠦ ᠪᠠᠢᠬᠤ ᠦᠭᠡᠢ ᠶᠠᠭᠤᠮ᠎ᠠ ᠠᠯᠠᠭ᠎ᠠ᠃ ᠳᠤᠷᠠᠲᠠᠢ ᠠᠭᠠᠷᠤᠤᠯ᠂ ᠰᠡᠩᠭᠢᠨᠡᠭᠰᠡᠨ ᠠᠢᠷᠠᠭ᠂ ᠪᠠᠭᠠᠪᠠᠭᠠᠢ ᠶ᠋ᠢᠨ ᠲᠣᠨᠢᠲᠤ᠂ ᠪᠤᠭᠤ ᠶ᠋ᠢᠨ ᠵᠠᠭᠤᠯᠲᠤ ᠶᠠᠭᠤ ᠡᠰᠡ ᠪᠠᠢᠬᠤ ᠦᠭᠡᠢ ᠭᠡᠬᠦ ᠪᠢᠯᠡ᠃ ᠬᠠᠷᠢᠨ ᠵᠥᠴᠢ ᠶ᠋ᠢᠨ ᠰᠡᠪᠡᠯᠭᠡ ᠶ᠋ᠢ ᠠᠯᠲᠠᠨ ᠬᠠᠭᠤᠳᠠᠰᠤᠨ ᠳ᠋ᠤ᠌ ᠪᠣᠭᠣᠵᠤ ᠢᠯᠡᠭᠡᠭᠰᠡᠨ ᠢ᠋ ᠦᠵᠡᠭᠡᠳ ᠪᠦᠷ ᠴᠦ᠍ ᠤᠶᠠᠷᠠᠪᠠ᠃ ᠵᠥᠴᠢ ᠶ᠋ᠢ ᠲᠠᠪᠤᠨ ᠨᠠᠰᠤ ᠬᠦᠷᠬᠦ ᠳ᠋ᠦ᠍ ᠨᠠᠢᠷ ᠬᠢᠵᠦ ᠰᠡᠪᠡᠯᠭᠡ ᠶ᠋ᠢ ᠨᠢ ᠦᠷᠭᠡᠭᠡᠭᠰᠡᠨ ᠢ᠋ ᠰᠠᠨᠠᠯ᠎ᠠ᠃ ᠡᠨᠡ ᠪᠣᠯ ᠤᠨᠤᠨ ᠤ᠋ ᠡᠷᠭᠢ ᠳ᠋ᠦ᠍ ᠪᠣᠯᠤᠭᠰᠠᠨ ᠶᠠᠪᠤᠳᠠᠯ ᠶᠤᠮ᠃ ᠪᠠᠰᠠ ᠡᠨᠡ ᠨᠠᠢᠷ ᠲᠤ᠌ ᠵᠥᠷᠬᠢᠨ ᠠᠢᠮᠠᠭ ᠤ᠋ᠨ ᠶᠡᠬᠡᠰ ᠤᠷᠢᠭᠳᠠᠵᠤ ᠰᠥᠨᠢ ᠨᠢ ᠪᠥᠭᠡᠮ ᠬᠡᠷᠡᠭᠦᠯ ᠵᠣᠳᠣᠭᠠᠨ ᠪᠣᠯᠤᠭᠰᠠᠨ ᠢ᠋ ᠴᠦ᠍ ᠰᠠᠨᠠᠪᠠ᠃ ᠪᠥᠷᠲᠡ ᠡᠬᠡ ᠶ᠋ᠢᠨ ᠬᠢᠨᠢ ᠰᠦᠨ ᠦ᠌ ᠦᠨᠦᠷ ᠰᠡᠩᠭᠢᠨᠡᠬᠦ ᠰᠡᠪᠡᠯᠭᠡ ᠪᠡᠨ ᠦᠨᠦᠷᠯᠡᠨ ᠰᠠᠭᠤᠵᠤ ᠪᠠᠢᠬᠤ ᠳ᠋ᠤᠨᠢ ᠪᠠᠲᠤ ᠣᠷᠣᠵᠤ ᠢᠷᠡᠵᠡᠢ᠃ ᠡᠴᠢᠭᠡ ᠶ᠋ᠢᠨ ᠬᠢᠯᠢᠩ ᠳᠠᠷᠤᠭᠳᠠᠵᠤ ᠨᠢᠭᠡᠨᠲᠡ ᠲᠠᠢᠪᠤᠰᠢᠷᠠᠵᠠᠢ᠃ ᠦᠷᠭᠦᠭᠡᠨ ᠳ᠋ᠦ᠍ ᠲᠠᠯ᠎ᠠ ᠨᠤᠲᠤᠭ ᠤ᠋ᠨ ᠠᠭᠢ ᠭᠠᠩᠭ᠎ᠠ᠂ ᠠᠢᠷᠠᠭ ᠴᠠᠭ᠎ᠠ ᠶ᠋ᠢᠨ ᠦᠨᠦᠷ ᠬᠠᠩᠬᠤ ᠲᠠᠯᠪᠢᠵᠤ ᠪᠠᠢᠪᠠ᠃ 
       | ᠪᠢ ᠲᠠᠪᠤᠨ ᠨᠠᠰᠤᠲᠠᠢ ᠪᠠᠢᠵᠠᠢ ᠭᠡᠵᠦ ᠵᠥᠴᠢ ᠢᠨᠢᠶᠡᠮᠰᠦᠭᠯᠡᠪᠡ᠃ ᠡᠴᠢᠭᠡ ᠨᠢ ᠲᠠᠢᠪᠤᠰᠢᠷᠠᠵᠤ ᠢᠨᠢᠶᠡᠮᠰᠦᠭᠯᠡᠵᠦ ᠰᠠᠭᠤᠬᠤ ᠶ᠋ᠢ ᠠᠰᠢᠭᠯᠠᠨ ᠪᠠᠲᠤ ᠥᠪᠡᠷ ᠦ᠋ᠨ ᠠᠯᠳᠠᠭ᠎ᠠ ᠶ᠋ᠢ ᠵᠠᠰᠠᠵᠤ ᠠᠪᠬᠤ ᠶ᠋ᠢ ᠬᠢᠴᠢᠶᠡᠪᠡ᠃ 
       | ᠠᠪᠤ ᠠ᠋᠂ ᠲᠠ ᠨᠠᠮᠠᠶ᠋ᠢ ᠥᠷᠥᠰᠢᠶᠡ᠃ ᠪᠢ ᠪᠢᠴᠢᠯᠲᠡᠢ ᠶ᠋ᠢᠨ ᠲᠠᠯ᠎ᠠ ᠪᠠᠷ ᠳᠡᠮᠡᠢ ᠦᠭᠡ ᠬᠡᠯᠡᠵᠡᠢ᠃ᠪᠢ ᠶᠡᠬᠡ ᠪᠣᠳᠣᠯ᠎ᠠ᠃ ᠲᠠᠨ ᠤ᠋ ᠬᠡᠯᠡᠭᠰᠡᠨ ᠢ᠋ ᠵᠥᠪ ᠭᠡᠵᠦ ᠢᠲᠡᠭᠡᠪᠡ᠃ ᠪᠢ ᠴᠢᠩᠭᠢᠰ ᠬᠠᠭᠠᠨ ᠤ᠋ ᠠᠴᠢ ᠬᠦᠦ ᠶᠦ᠍ᠮ᠃ ᠪᠢ ᠡᠭᠦᠨ ᠢ᠋ ᠪᠠᠲᠤᠯᠠᠨ᠎ᠠ᠃ ᠲᠠ ᠪᠤᠤ ᠡᠷᠡᠭᠡᠯᠵᠡ ᠭᠡᠵᠦ ᠰᠥᠬᠥᠷᠡᠪᠡ ᠃ ᠵᠥᠴᠢ᠂ ᠪᠠᠲᠤ ᠬᠥᠪᠡᠭᠦᠨ ᠦ᠌ ᠪᠡᠨ ᠤᠬᠠᠭᠠᠨ ᠲᠠᠢ ᠦᠭᠡ ᠶ᠋ᠢ ᠶᠡᠬᠡᠳᠡ ᠣᠢᠰᠢᠶᠠᠨ ᠰᠡᠳᠬᠢᠯ ᠲᠡᠨᠢᠭᠡᠷ ᠰᠣᠨᠣᠰᠪᠠ᠃ ᠡᠴᠢᠭᠡ ᠬᠦᠦ ᠬᠣᠶᠠᠷ ᠪᠡᠶ᠎ᠡ ᠪᠠᠶᠠᠨ ᠤ᠋ ᠬᠦᠰᠡᠯ ᠢ᠋ ᠣᠢᠯᠠᠭᠠᠵᠤ ᠪᠠᠢᠯ᠎ᠠ᠃ ᠡᠢᠮᠦ ᠰᠠᠢᠨ ᠬᠥᠪᠡᠭᠦᠨ ᠲᠥᠷᠥᠭᠦᠯᠵᠦ ᠦᠭᠭᠦᠭᠰᠡᠨ ᠪᠠᠢᠲᠠᠯ᠎ᠠ ᠪᠢ ᠣᠬᠢ ᠬᠠᠲᠤᠨ ᠢ᠋ᠶ᠋ᠠᠨ ᠳᠡᠮᠡᠢ ᠵᠣᠪᠠᠭᠠᠵᠠᠢ ᠭᠡᠵᠦ ᠴᠦ᠍ ᠬᠠᠷᠠᠮᠰᠠᠨ ᠪᠣᠳᠣᠪᠠ᠃ ᠵᠥᠴᠢ ᠶ᠋ᠢ ᠠᠷᠪᠠᠨ ᠵᠢᠷᠭᠤᠭ᠎ᠠ ᠬᠦᠷᠬᠦ ᠳ᠋ᠦ᠍ ᠪᠥᠷᠲᠡ ᠡᠬᠡ ᠨᠢ ᠥᠪᠡᠷ ᠦ᠋ᠨ ᠲᠥᠷᠥᠯᠬᠢ ᠬᠣᠩᠭᠢᠷᠠᠳ ᠠᠢᠮᠠᠭ ᠠ᠋ᠴᠠ ᠣᠬᠢ ᠶ᠋ᠢ ᠬᠠᠲᠤᠨ ᠪᠣᠯᠭᠠᠨ ᠠᠪᠴᠤ ᠦᠭᠭᠦᠭᠰᠡᠨ ᠪᠢᠯᠡ᠃ ᠠᠩᠬ᠎ᠠ ᠦᠵᠡᠭᠡᠳ ᠯᠡ ᠲᠠᠷᠭᠤᠨ ᠴᠤᠯᠴᠠᠭᠠᠷ ᠣᠬᠢ ᠵᠥᠴᠢ ᠳ᠋ᠦ᠍ ᠲᠠᠭᠠᠰᠢᠶᠠᠭᠳᠠᠭᠰᠠᠨ ᠦᠭᠡᠢ᠃ ᠬᠠᠷᠢᠨ ᠬᠥᠪᠡᠭᠦᠨ ᠢ᠋ᠶ᠋ᠡᠨ ᠠᠢᠯ ᠪᠣᠯᠭᠠᠵᠤ ᠪᠡᠶ᠎ᠡ ᠳᠠᠭᠠᠭᠠᠯᠭᠠᠬᠤ ᠭᠡᠰᠡᠨ ᠡᠬᠡ ᠶ᠋ᠢᠨ ᠢ᠋ᠶ᠋ᠡᠨ ᠬᠦᠰᠡᠯ ᠢ᠋ ᠳᠠᠭᠠᠬᠤ ᠠ᠋ᠴᠠ ᠥᠭᠡᠷ᠎ᠡ ᠵᠠᠮ ᠵᠥᠴᠢ ᠳ᠋ᠦ᠍ ᠦᠭᠡᠢ ᠪᠢᠯᠡ᠃ ᠣᠬᠢ ᠳ᠋ᠤ᠌ ᠣᠬᠳᠤᠬᠠ ᠴᠤ᠌ ᠰᠡᠳᠬᠢᠯ ᠦᠭᠡᠢ ᠶ᠋ᠢᠨ ᠳᠡᠭᠡᠷ᠎ᠡ ᠬᠡᠦᠬᠡᠳ ᠲᠥᠷᠥᠭᠦᠯᠬᠦ ᠦᠭᠡᠢ ᠤᠳᠠᠭᠰᠠᠨ ᠨᠢ ᠵᠥᠴᠢ ᠶ᠋ᠢ ᠢᠩᠭᠢᠵᠦ ᠬᠦᠢᠲᠡᠨ ᠬᠥᠨᠳᠡᠢ ᠬᠠᠨᠳᠤᠬᠤ ᠳ᠋ᠤ᠌ ᠬᠦᠷᠭᠡᠵᠡᠢ᠃ ᠬᠠᠷᠢᠨ ᠵᠥᠴᠢ ᠶ᠋ᠢ ᠬᠣᠷᠢᠨ ᠵᠢᠷᠭᠤᠭᠠᠲᠠᠢ ᠪᠠᠢᠬᠤ ᠳ᠋ᠤ᠌ ᠣᠬᠢ ᠠᠰᠢᠭᠦᠢ ᠬᠥᠪᠡᠭᠦᠨ ᠲᠥᠷᠥᠭᠦᠯᠦᠭᠰᠡᠨ ᠳ᠋ᠦ᠍ ᠪᠥᠷᠲᠡ ᠣᠬᠢ ᠠ᠋ᠴᠠ ᠪᠠᠷᠤᠭ ᠯᠠ ᠪᠤᠯᠢᠶᠠᠨ ᠠᠪᠤᠭᠰᠠᠨ ᠶᠤᠮ᠃ ᠪᠠᠲᠤ ᠶ᠋ᠢ ᠬᠠᠢᠷᠠᠯᠠᠬᠤ ᠬᠠᠯᠠᠮᠵᠢᠯᠠᠬᠤ ᠬᠥᠮᠦᠨ ᠨᠢ ᠭᠠᠭᠴᠠ ᠪᠥᠷᠲᠡ ᠪᠣᠯᠤᠭᠠᠳ ᠣᠬᠢ ᠡᠬᠡ ᠨᠢ ᠭᠡᠳᠡᠭ ᠨᠢ ᠪᠠᠷᠤᠭ ᠮᠠᠷᠲᠠᠭᠳᠠᠬᠤ ᠰᠢᠬᠠᠵᠤ ᠪᠠᠲᠤ ᠡᠬᠡ ᠶ᠋ᠢ ᠪᠡᠨ ᠲᠡᠳᠦᠢᠯᠡ ᠣᠢᠰᠢᠶᠠᠵᠤ ᠦᠵᠡᠯ ᠦᠭᠡᠢ ᠥᠰᠦᠭᠰᠡᠨ ᠪᠢᠯᠡ᠃ ᠪᠠᠲᠤ ᠬᠥᠪᠡᠭᠦᠨ ᠨᠢ ᠵᠥᠴᠢ ᠶ᠋ᠢ ᠰᠦᠷᠡᠬᠡᠢ ᠳᠠᠭᠤᠷᠢᠶᠠᠭᠰᠠᠨ᠂ ᠡᠭᠴᠡ ᠥᠨᠳᠥᠷ ᠨᠢᠷᠤᠭᠤ ᠲᠠᠢ᠂ ᠰᠡᠷᠭᠦᠯᠡᠩ ᠭᠠᠪᠰᠢᠭᠠᠢ ᠡᠷ᠎ᠡ ᠪᠣᠯᠤᠨ ᠥᠰᠦᠭᠰᠡᠨ ᠨᠢ ᠦᠵᠡᠲᠡᠯ᠎ᠡ ᠴᠢᠩᠭᠢᠰ ᠬᠠᠭᠠᠨ ᠤ᠋ ᠠᠴᠢ ᠨᠠᠷ ᠤ᠋ᠨ ᠰᠤᠷ ᠨᠢ ᠪᠣᠯᠵᠠᠢ᠃ᠬᠠᠷᠢᠨ ᠣᠬᠢ ᠶ᠋ᠢᠨ ᠬᠣᠢᠨ᠎ᠠ ᠵᠥᠴᠢ᠂ ᠨᠠᠢ᠍ᠮᠠᠨ ᠤ᠋ ᠪᠥᠢᠷᠤᠭ᠋ ᠬᠠᠨ ᠤ᠋ ᠤᠳᠤᠮ ᠤ᠋ᠨ ᠡᠮ᠎ᠡ ᠠᠪᠴᠤ ᠪᠠᠰᠠ ᠠᠯᠲᠠᠨ ᠤᠯᠤᠰ ᠤ᠋ᠨ ᠬᠠᠭᠠᠨ ᠤ᠋ ᠠᠭᠴᠢ ᠭᠦᠩᠵᠦ ᠶ᠋ᠢ ᠴᠢᠩᠭᠢᠰ ᠬᠠᠭᠠᠨ ᠲᠡᠭᠦᠨ ᠳ᠋ᠦ᠍ ᠥᠭᠴᠡᠢ᠃ ᠬᠠᠷᠢᠨ ᠡᠨᠳᠡ ᠺᠠᠰᠫᠢ ᠶ᠋ᠢᠨ ᠲᠠᠩᠭᠢᠰ ᠤ᠋ᠨ ᠵᠡᠭᠦᠨ ᠡᠷᠭᠢ ᠶ᠋ᠢᠨ ᠠᠯᠲᠠᠨ ᠣᠷᠳᠣᠨ ᠳ᠋ᠤ᠌ ᠲᠡᠭᠦᠨ ᠦ᠌ ᠳᠡᠷᠭᠡᠳᠡ ᠲᠦᠷᠺ ᠤᠭᠰᠠᠭᠠᠨ ᠤ᠋ ᠪᠠᠭ᠎ᠠ ᠬᠠᠲᠤᠨ ᠲᠣᠳᠣ ᠬᠠᠨᠤᠮ ᠪᠠᠢᠪᠠ᠃ ᠲᠣᠳᠣ ᠬᠠᠨᠤᠮ ᠪᠣᠯ ᠳᠥᠷᠪᠡᠨ ᠵᠢᠯ ᠦ᠋ᠨ ᠡᠮᠦᠨ᠎ᠡ ᠴᠢᠩᠭᠢᠰ ᠬᠠᠭᠠᠨ ᠤ᠋ ᠴᠡᠷᠢᠭ ᠲᠦ᠍ ᠪᠠᠭᠤᠨ ᠦᠭᠭᠦᠭᠰᠡᠨ ᠬᠣᠷᠽᠸᠮ ᠤ᠋ᠨ ᠵᠡᠭᠦᠨ ᠬᠢᠯᠢ ᠶ᠋ᠢᠨ ᠬᠣᠲᠠ ᠬᠣᠵᠸᠨ᠋ᠲ᠋ ᠪᠠᠯᠭᠠᠰᠤ ᠶ᠋ᠢᠨ ᠵᠠᠬᠢᠷᠤᠭᠴᠢ ᠮᠤᠬᠠᠲ᠋ᠤᠷ ᠣᠵᠣ ᠶ᠋ᠢᠨ ᠥᠬᠢᠨ ᠶᠦ᠍ᠮ᠃ ᠮᠤᠬᠠᠲ᠋ᠤᠷ ᠣᠵᠣ ᠲᠦᠷᠺ ᠤᠭᠰᠠᠭᠠᠲᠠᠨ ᠲᠤᠯᠠ ᠴᠢᠩᠭᠢᠰ ᠬᠠᠭᠠᠨ ᠤ᠋ ᠢᠯᠡᠭᠡᠭᠰᠡᠨ ᠡᠯᠴᠢ ᠶ᠋ᠢᠨ ᠦᠭᠡᠨ ᠳ᠋ᠦ᠍ ᠣᠷᠣᠵᠤ ᠬᠣᠲᠠ ᠪᠠᠨ ᠡᠰᠡᠷᠭᠦᠴᠡᠯ ᠦᠭᠡᠢ ᠪᠡᠷ ᠥᠭᠴᠦ ᠪᠠᠭ᠎ᠠ ᠥᠬᠢᠨ ᠠᠷᠪᠠᠨ ᠲᠠᠪᠤᠨ ᠨᠠᠰᠤᠲᠠᠢ ᠲᠣᠳᠣ ᠬᠠᠨᠤᠮ ᠢ᠋ᠶ᠋ᠠᠨ ᠴᠢᠩᠭᠢᠰ ᠬᠠᠭᠠᠨ ᠤ᠋ ᠤᠤᠭᠠᠨ ᠬᠥᠪᠡᠭᠦᠨ ᠵᠥᠴᠢ ᠳ᠋ᠦ᠍ ᠪᠡᠯᠡᠭᠯᠡᠨ ᠤᠷᠤᠭ ᠪᠠᠷᠢᠯᠳᠤᠵᠠᠢ᠃ ᠣᠳᠣ ᠲᠣᠳᠣ ᠬᠠᠨᠤᠮ ᠪᠡᠶ᠎ᠡ ᠲᠤᠯᠭᠠᠷ ᠲᠤᠯᠠ ᠡᠳᠦᠷ ᠢ᠋ ᠠᠰᠠᠷᠠᠭᠴᠢ ᠨᠠᠷ ᠤ᠋ᠨ ᠬᠠᠯᠠᠮᠵᠢᠨ ᠳ᠋ᠤ᠌ ᠥᠩᠭᠡᠷᠡᠭᠡᠵᠦ ᠪᠠᠢᠪᠠ᠃ ᠮᠤᠬᠠᠲ᠋ᠤᠷ ᠣᠵᠣ ᠬᠣᠷᠽᠸᠮ ᠤ᠋ᠨ ᠡᠵᠡᠯᠡᠭᠳᠡᠭᠰᠡᠨ ᠨᠤᠲᠤᠭ ᠠ᠋ᠴᠠ ᠳᠠᠢᠴᠢᠯᠠᠭᠳᠠᠭᠰᠠᠨ ᠴᠡᠷᠢᠭ ᠢ᠋ ᠵᠠᠬᠢᠷᠬᠤ ᠪᠣᠯᠵᠠᠢ᠃  ᠬᠠᠷᠢᠨ ᠵᠥᠴᠢ ᠶ᠋ᠢᠨ ᠪᠤᠰᠤᠳ ᠬᠠᠲᠤᠳ ᠦᠷ᠎ᠡ ᠬᠡᠦᠬᠡᠳ ᠨᠢ ᠮᠣᠩᠭᠣᠯ ᠠ᠋ᠴᠠ ᠨᠡᠭᠦᠵᠦ ᠣᠳᠣ ᠨᠢᠭᠡᠨᠲᠡ ᠢᠯᠢ᠂ ᠴᠦᠢ ᠮᠥᠷᠡᠨ ᠢ᠋ ᠭᠠᠲᠤᠯᠵᠤ ᠵᠠᠮ ᠵᠠᠭᠤᠷ᠎ᠠ ᠮᠣᠩᠭᠣᠯ ᠤ᠋ᠨ ᠶᠡᠬᠡ ᠴᠡᠷᠢᠭ ᠦ᠋ᠨ ᠡᠮᠦᠨ᠎ᠡ ᠪᠠᠭᠤᠨ ᠥᠭᠴᠦ ᠳᠠᠭᠠᠷ᠎ᠠ ᠣᠷᠣᠭᠰᠠᠨ ᠬᠠᠷ᠎ᠠ ᠬᠢᠳᠠᠨ ᠤᠯᠤᠰ ᠤ᠋ᠨ ᠬᠠᠭᠤᠴᠢᠨ ᠨᠡᠢᠰᠯᠡᠯ ᠬᠣᠣᠰ ᠪᠠᠯᠭᠠᠰᠤ ᠳ᠋ᠤ᠌ ᠠᠮᠤᠰᠬᠢᠵᠦ ᠪᠠᠢᠯ᠎ᠠ᠃ ᠲᠡᠳᠡ ᠡᠨᠳᠡ ᠢᠷᠡᠲᠡᠯ᠎ᠡ ᠳᠠᠬᠢᠭᠠᠳ ᠳᠠᠷᠤᠢ ᠭᠤᠷᠪᠠᠨ ᠰᠠᠷ᠎ᠠ ᠶ᠋ᠢᠨ ᠶᠠᠪᠤᠳᠠᠯ ᠪᠣᠢ᠃ ᠵᠥᠴᠢ ᠣᠳᠣ ᠲᠡᠳᠡᠨ ᠳ᠋ᠦ᠍ ᠪᠢᠰᠢ ᠪᠥᠷᠲᠡ ᠡᠬᠡ ᠶ᠋ᠢᠨ ᠢ᠋ᠶ᠋ᠡᠨ ᠢᠯᠡᠭᠡᠭᠰᠡᠨ ᠪᠢᠴᠢᠯᠲᠡᠢ ᠶ᠋ᠢ ᠬᠡᠷᠬᠢᠬᠦ ᠪᠢᠯᠡ ᠭᠡᠵᠦ ᠤᠬᠠᠭᠠᠨ ᠢ᠋ᠶ᠋ᠠᠨ ᠠᠭᠤᠳᠠᠯᠵᠤ ᠬᠣᠯᠠ ᠣᠢᠷ᠎ᠠ ᠶ᠋ᠢ ᠪᠣᠳᠣᠵᠤ ᠰᠠᠭᠤᠪᠠ᠃ ᠪᠢᠴᠢᠯᠲᠡᠢ ᠶ᠋ᠢ ᠢᠯᠡᠭᠡᠵᠦ ᠪᠦᠬᠦ ᠤᠴᠢᠷ ᠢ᠋ ᠪᠠᠲᠤ ᠠ᠋ᠴᠠ ᠨᠢᠭᠤᠯ ᠦᠭᠡᠢ ᠪᠡᠷ ᠥᠴᠢᠭᠰᠡᠨ ᠡᠬᠡ ᠶ᠋ᠢᠨ ᠢ᠋ᠶ᠋ᠡᠨ ᠡᠨᠡ ᠬᠠᠴᠢᠨ ᠠᠪᠤᠷᠢ ᠳ᠋ᠤ᠌ ᠡᠬᠢᠯᠡᠭᠡᠳ ᠭᠠᠢᠬᠠᠭᠰᠠᠨ ᠪᠢᠯᠡ᠃ ᠭᠠᠢᠬᠠᠭᠠᠳ ᠴᠤ᠌ ᠵᠣᠭᠰᠣᠭᠰᠠᠨ ᠦᠭᠡᠢ ᠬᠠᠮᠤᠭ ᠤ᠋ᠨ ᠡᠮᠵᠡᠭ ᠨᠢᠭᠤᠴᠠ ᠶ᠋ᠢ ᠪᠠᠲᠤ ᠬᠥᠪᠡᠭᠦᠨ ᠳ᠋ᠦ᠍ᠨᠢ ᠲᠣᠭᠠᠴᠢᠭᠰᠠᠨ ᠳ᠋ᠤ᠌ ᠬᠢᠯᠢᠩ ᠪᠠᠳᠠᠷᠠᠭᠰᠠᠨ ᠶᠤᠮ᠃ ᠵᠥᠴᠢ ᠪᠥᠷᠲᠡ ᠡᠬᠡ ᠳ᠋ᠡᠭᠡᠨ ᠭᠠᠷᠭᠠᠭᠰᠠᠨ ᠠᠭᠤᠷ ᠢ᠋ᠶ᠋ᠠᠨ ᠪᠠᠲᠤ ᠬᠥᠪᠡᠭᠦᠨ ᠳ᠋ᠡᠭᠡᠨ ᠭᠠᠷᠭᠠᠭᠰᠠᠨ ᠪᠠᠢᠵᠠᠢ᠃ ᠬᠠᠢᠷᠠᠲᠠᠢ ᠬᠥᠪᠡᠭᠦᠨ ᠳ᠋ᠡᠭᠡᠨ ᠭᠠᠷ ᠬᠦᠷᠴᠦ ᠣᠷᠬᠢᠨ ᠲᠡᠪᠴᠢᠵᠦ ᠣᠳᠤᠭᠰᠠᠨ ᠳ᠋ᠠᠭᠠᠨ ᠰᠡᠭᠦᠯ ᠳ᠋ᠦ᠍ᠨᠢ ᠶᠡᠬᠡᠳᠡ ᠬᠠᠷᠠᠮᠰᠠᠭᠰᠠᠨ ᠴᠤ᠌ ᠰᠠᠶᠢ ᠪᠠᠲᠤ ᠢᠷᠡᠵᠦ ᠥᠷᠥᠰᠢᠶᠡᠯ ᠡᠷᠢᠭᠰᠡᠨ ᠳ᠋ᠦ᠍ ᠲᠠᠢᠳᠬᠤᠷᠠᠭᠠᠳ ᠳᠠᠬᠢᠭᠠᠳ ᠬᠥᠪᠡᠭᠦᠨ ᠢ᠋ᠶ᠋ᠡᠨ ᠭᠣᠮᠣᠳᠠᠭᠠᠬᠤ ᠦᠭᠡᠢ ᠭᠡᠵᠦ ᠳᠣᠲᠣᠷ᠎ᠠ ᠪᠠᠨ ᠲᠠᠩᠭᠠᠷᠢᠭᠯᠠᠵᠤ ᠰᠠᠭᠤᠪᠠ᠃ ᠡᠬᠡ ᠨᠢ ᠪᠢᠴᠢᠯᠲᠡᠢ ᠶ᠋ᠢ ᠢᠯᠡᠭᠡᠬᠦ ᠳ᠋ᠡᠭᠡᠨ ᠪᠠᠲᠤ ᠪᠠᠷ ᠬᠡᠯᠡᠭᠦᠯᠦᠭᠰᠡᠨ ᠦᠭᠡ ᠶ᠋ᠢ ᠳᠠᠬᠢᠨ ᠰᠠᠨᠠᠪᠠ᠃ ᠴᠢᠩᠭᠢᠰ ᠬᠠᠭᠠᠨ ᠤ᠋ ᠡᠴᠢᠭᠡ ᠨᠢᠭᠡᠲᠡᠢ ᠡᠬᠡ ᠥᠭᠡᠷ᠎ᠡ ᠲᠡᠢ ᠳᠡᠭᠦᠦ ᠪᠡᠯᠭᠦᠳᠡᠢ ᠶ᠋ᠢᠨ ᠲᠤᠬᠠᠢ ᠳᠤᠷᠠᠳᠤᠭᠰᠠᠨ ᠨᠢ ᠪᠢᠴᠢᠯᠲᠡᠢ ᠶ᠋ᠢ ᠪᠠᠲᠤ ᠳ᠋ᠤ᠌ ᠥᠭᠬᠦ ᠶ᠋ᠢ ᠱᠠᠭᠠᠷᠳᠠᠭᠰᠠᠨ ᠬᠡᠷᠡᠭ ᠶᠦᠮ᠃ ᠪᠠᠲᠤ ᠴᠤ᠌ ᠪᠢᠴᠢᠯᠲᠡᠢ ᠶ᠋ᠢ ᠳᠡᠷᠭᠡᠳᠡ ᠪᠡᠨ ᠠᠪᠬᠤ ᠠ᠋ᠴᠠ ᠲᠠᠲᠠᠭᠠᠯᠵᠠᠬᠤ ᠦᠭᠡᠢ ᠭᠡᠵᠡᠢ᠃ ᠴᠢᠯᠭᠡᠷ ᠪᠥᠬᠡ ᠶ᠋ᠢᠨ ᠪᠠᠰᠠ ᠨᠢᠭᠡ ᠤᠳᠤᠮ ᠭᠠᠷᠴᠤ ᠢᠷᠡᠭᠰᠡᠨ ᠢ᠋ ᠢᠯᠡᠭᠡᠭᠰᠡᠨ ᠨᠢ ᠡᠬᠡ ᠨᠢ ᠵᠥᠴᠢ ᠶ᠋ᠢᠨ ᠮᠡᠷᠭᠢᠳ ᠤᠳᠤᠮ ᠢ᠋ ᠨᠢᠭᠡᠨᠲᠡ ᠬᠦᠯᠢᠶᠡᠨ ᠵᠥᠪᠰᠢᠶᠡᠷᠡᠵᠦ ᠪᠠᠢᠭ᠎ᠠ ᠪᠠᠰᠠ ᠢᠪᠡᠭᠡᠯ ᠳ᠋ᠡᠭᠡᠨ ᠠᠪᠬᠤ ᠶ᠋ᠢ ᠳᠠᠭᠠᠭᠠᠯᠭᠠᠭᠰᠠᠨ ᠲᠠᠢ ᠠᠳᠠᠯᠢ ᠪᠠᠢᠪᠠ᠃ ᠡᠬᠡ ᠨᠢ ᠬᠥᠭᠰᠢᠷᠡᠵᠦ ᠵᠠᠯᠠᠭᠤ ᠽᠠᠨᠳᠠᠨ ᠦᠶ᠎ᠡ ᠶ᠋ᠢᠨ ᠲᠡᠪᠴᠢᠶᠡᠷᠢ ᠵᠣᠷᠢᠭ ᠦᠭᠡᠢ ᠪᠣᠯᠤᠭᠰᠠᠨ ᠢ᠋ ᠵᠥᠴᠢ ᠣᠢᠯᠠᠭᠠᠪᠠ᠃ ᠬᠡᠳᠦᠨ ᠵᠢᠯ ᠦ᠋ᠨ ᠡᠮᠦᠨ᠎ᠡ ᠬᠡᠨ ᠨᠢᠭᠡᠨ ᠪᠢ ᠮᠡᠷᠭᠢᠳ ᠦ᠋ᠨ ᠴᠢᠯᠭᠡᠷ ᠪᠥᠬᠡ ᠶ᠋ᠢᠨ ᠬᠥᠪᠡᠭᠦᠨ᠂ ᠲᠡᠭᠦᠨ ᠦ᠌ ᠦᠷ᠎ᠡ ᠭᠡᠪᠡᠯ ᠴᠣᠬᠣᠮ ᠲᠡᠷᠡ ᠬᠥᠮᠦᠨ ᠢ᠋ ᠡᠬᠡ ᠨᠢ ᠤᠯᠠᠭᠠᠨ ᠭᠠᠷ ᠢ᠋ᠶ᠋ᠠᠷ ᠲᠠᠰᠤᠴᠢᠨ ᠬᠠᠶᠠᠬᠤ ᠪᠠᠢᠭᠰᠠᠨ ᠪᠢᠵᠡ᠃ ᠬᠠᠷᠢᠨ ᠣᠳᠣ ᠲᠡᠭᠡᠭᠰᠡᠨ ᠦᠭᠡᠢ᠃ ᠡᠬᠡ ᠶ᠋ᠢᠨ ᠢ᠋ᠶ᠋ᠡᠨ ᠡᠨᠡ ᠦᠢᠯᠡᠳᠦᠯ ᠦ᠋ᠨ ᠴᠠᠭᠠᠳᠤ ᠰᠠᠨᠠᠭ᠎ᠠ ᠶ᠋ᠢ ᠣᠢᠯᠠᠭᠠᠬᠤ ᠭᠡᠵᠦ ᠵᠥᠴᠢ ᠶᠡᠬᠡᠳᠡ ᠬᠢᠴᠢᠶᠡᠪᠡ᠃ ᠴᠢᠩᠭᠢᠰ ᠬᠠᠭᠠᠨ ᠡᠴᠢᠭᠡ ᠡᠴᠡ ᠪᠡᠨ ᠲᠤᠰ ᠲᠠᠭᠠᠨ ᠰᠠᠭᠤᠬᠤ ᠳ᠋ᠤ᠌ ᠵᠥᠴᠢ ᠳ᠋ᠦ᠍ ᠴᠢᠩ ᠦᠨᠡᠨᠴᠢ ᠬᠥᠮᠦᠨ ᠬᠡᠷᠡᠭᠲᠡᠢ ᠭᠡᠳᠡᠭ ᠢ᠋ ᠡᠬᠡ ᠨᠢ ᠬᠡᠯᠡᠵᠡᠢ᠃ ᠴᠢᠰᠤᠨ ᠭᠠᠷᠤᠯ ᠨᠢᠭᠡᠲᠡᠢ ᠪᠢᠴᠢᠯᠲᠡᠢ ᠶ᠋ᠢ ᠦᠨᠡᠨᠴᠢ ᠵᠢᠳᠬᠦᠭᠦᠯᠬᠦ ᠳ᠋ᠦ᠍ ᠳᠥᠭᠥᠮ ᠭᠡᠰᠡᠨ ᠦᠭᠡ ᠶᠦᠮ᠃ ᠪᠠᠰᠠ ᠴᠢᠯᠭᠡᠷ ᠪᠥᠬᠡ ᠶ᠋ᠢᠨ ᠦᠷ᠎ᠡ ᠤᠳᠤᠮ ᠦᠷᠡᠵᠢᠵᠦ᠂ ᠠᠮᠢᠳᠤᠷᠠᠭᠠᠰᠠᠢ ᠭᠡᠵᠦ ᠬᠦᠰᠡᠭᠰᠡᠨ ᠮᠡᠲᠦ᠃ ᠦᠭᠡᠢ ᠪᠣᠯ ᠵᠥᠴᠢ ᠶ᠋ᠢᠨ ᠠᠳᠠᠯᠢ ᠠᠯᠳᠠᠷᠰᠢᠵᠤ ᠮᠥᠩᠬᠡᠷᠡᠭᠡᠰᠡᠢ ᠭᠡᠰᠡᠨ ᠮᠡᠲᠦ᠃ ᠪᠢᠴᠢᠯᠲᠡᠢ ᠶ᠋ᠢ ᠢᠯᠡᠭᠡᠭᠰᠡᠨ ᠨᠢ ᠵᠥᠴᠢ ᠶ᠋ᠢ ᠨᠢᠭᠡᠨᠲᠡ ᠪᠦᠬᠦᠨ ᠳ᠋ᠦ᠍ ᠢᠯᠡ ᠪᠣᠯᠤᠭᠰᠠᠨ ᠥᠪᠡᠷ ᠦ᠋ᠨ ᠮᠡᠷᠭᠢᠳ ᠴᠢᠰᠤᠨ ᠠ᠋ᠴᠠ ᠪᠦᠦ ᠢᠴᠢᠵᠦ ᠡᠮᠢᠶᠡ ᠭᠡᠰᠡᠨ ᠵᠠᠬᠢᠶᠠᠰᠤ ᠴᠤ᠌ ᠶᠤᠮ ᠰᠢᠭ᠋ ᠣᠢᠯᠠᠭᠠᠭᠳᠠᠬᠤ ᠪᠠᠷ ᠠᠵᠢ᠃ ᠪᠣᠳᠣᠵᠤ ᠦᠵᠡᠭᠡᠳ ᠪᠢᠴᠢᠯᠲᠡᠢ ᠶ᠋ᠢ ᠢᠯᠡᠭᠡᠭᠰᠡᠨ ᠨᠢ ᠲᠡᠭᠦᠨ ᠢ᠋ ᠴᠢᠩᠭᠢᠰ ᠬᠠᠭᠠᠨ ᠠ᠋ᠴᠠ ᠨᠢᠭᠡᠨᠲᠡ ᠬᠠᠷᠢᠶᠠᠲᠤ ᠪᠢᠰᠢ᠂ ᠲᠤᠰᠠᠭᠠᠷ ᠶᠠᠪᠤᠬᠤ ᠶ᠋ᠢ ᠰᠢᠭᠤᠳ ᠰᠠᠢᠰᠢᠶᠠᠭᠰᠠᠨ ᠶᠠᠪᠤᠳᠠᠯ ᠭᠡᠵᠦ ᠵᠥᠴᠢ ᠣᠢᠯᠠᠭᠠᠵᠠᠢ᠃ ᠪᠥᠷᠲᠡ ᠡᠬᠡ ᠶ᠋ᠢᠨ ᠢ᠋ᠶ᠋ᠡᠨ ᠴᠢᠩ ᠰᠠᠨᠠᠭ᠎ᠠ ᠶ᠋ᠢ ᠵᠥᠴᠢ ᠵᠥᠪ ᠮᠡᠳᠡᠵᠡᠢ᠃ ᠪᠥᠷᠲᠡ ᠬᠡᠳᠦᠢ ᠪᠠᠲᠤ ᠳ᠋ᠤ᠌ ᠬᠡᠯᠡᠭᠡ ᠦᠭᠡᠢ ᠴᠦ᠍ ᠳᠣᠲᠣᠷ᠎ᠠ ᠪᠠᠨ ᠶᠠᠭ ᠢᠩᠭᠢᠵᠦ ᠪᠣᠳᠣᠭᠰᠠᠨ ᠪᠢᠯᠡ᠃ ᠵᠥᠴᠢ ᠬᠥᠪᠡᠭᠦᠨ ᠨᠢ ᠨᠢᠭᠡᠨᠲᠡ ᠥᠪᠡᠷ ᠦ᠋ᠨ ᠲᠤᠰᠠᠭᠠᠷ ᠤᠯᠤᠰ ᠢ᠋ ᠪᠠᠢᠭᠤᠯᠬᠤ ᠴᠠᠭ ᠪᠣᠯᠤᠭᠰᠠᠨ ᠭᠡᠵᠦ ᠦᠵᠡᠭᠰᠡᠨ ᠤᠴᠢᠷ ᠠ᠋ᠴᠠ ᠪᠡᠯᠭᠦᠳᠡᠢ ᠶ᠋ᠢᠨ ᠲᠤᠬᠠᠢ ᠳᠤᠷᠠᠳᠤᠨ ᠪᠢᠴᠢᠯᠲᠡᠢ ᠶ᠋ᠢ ᠦᠨᠡᠨᠴᠢ ᠵᠢᠳᠬᠦᠭᠦᠯ ᠭᠡᠵᠦ ᠬᠡᠯᠡᠵᠡᠢ᠃ ᠵᠥᠴᠢ ᠨᠢᠭᠡᠨᠲᠡ ᠴᠢᠩᠭᠢᠰ ᠬᠠᠭᠠᠨ ᠤ᠋ ᠲᠥᠷᠥᠭᠰᠡᠨ ᠦᠷ᠎ᠡ ᠪᠢᠰᠢ ᠤᠴᠢᠷ ᠠ᠋ᠴᠠ ᠣᠳᠣ ᠴᠢᠩᠭᠢᠰ ᠬᠠᠭᠠᠨ ᠠ᠋ᠴᠠ ᠲᠤᠰᠠᠭᠠᠷᠯᠠᠬᠤ ᠳ᠋ᠤ᠌ ᠰᠠᠭᠠᠳ ᠪᠣᠯᠬᠤ ᠵᠦᠢᠯ ᠦᠭᠡᠢ ᠪᠣᠯᠵᠠᠢ᠃ ᠪᠥᠷᠲᠡ ᠡᠬᠡ ᠨᠢ ᠲᠡᠭᠦᠨ ᠢ᠋ ᠣᠯᠠᠨ ᠵᠢᠯ ᠥᠮᠥᠭᠯᠡᠵᠦ ᠬᠠᠮᠠᠭᠠᠯᠠᠵᠤ ᠢᠷᠡᠭᠰᠡᠨ ᠪᠥᠭᠡᠳ ᠣᠳᠣ ᠴᠠᠭᠠᠰᠢᠳᠠ ᠬᠡᠷᠬᠢᠬᠦ ᠶ᠋ᠢ ᠥᠪᠡᠷ ᠢ᠋ᠶ᠋ᠡᠨ ᠮᠡᠳᠡ ᠭᠡᠵᠦ ᠪᠢᠴᠢᠯᠲᠡᠢ ᠶ᠋ᠢ ᠥᠪᠡᠷ ᠦ᠋ᠨ ᠪᠡᠶ᠎ᠡ ᠶ᠋ᠢᠨ ᠠᠮᠢᠳᠤ ᠭᠡᠷᠢᠶᠡᠰ ᠮᠡᠲᠦ ᠦᠵᠡᠵᠦ ᠢᠯᠡᠭᠡᠵᠡᠢ᠃ ᠵᠥᠴᠢ ᠡᠬᠡ ᠲᠡᠢ ᠪᠡᠨ ᠠᠭᠤᠯᠵᠠᠯ ᠦᠭᠡᠢ ᠳᠠᠷᠤᠢ ᠲᠠᠪᠤᠨ ᠵᠢᠯ ᠳᠥᠭᠥᠵᠡᠢ᠃ ᠡᠨᠡ ᠨᠢ ᠮᠣᠩᠭᠣᠯ ᠤ᠋ᠨ ᠶᠡᠬᠡ ᠴᠡᠷᠢᠭ ᠬᠤᠷᠽᠸᠮ ᠤᠯᠤᠰ ᠲᠠᠢ ᠳᠠᠢᠳᠤᠬᠤ ᠪᠠᠷ ᠭᠠᠷᠤᠭᠰᠠᠨ ᠠ᠋ᠴᠠ ᠬᠣᠢᠰᠢ ᠶᠤᠮ᠃ ᠪᠠᠲᠤ ᠶ᠋ᠢᠨ ᠦᠭᠡ ᠪᠡᠷ ᠪᠣᠯ ᠡᠬᠡ ᠨᠢ ᠶᠡᠬᠡ ᠯᠡ ᠥᠲᠡᠯᠵᠦ ᠪᠡᠶ᠎ᠡ ᠨᠢ ᠴᠦ᠍ ᠪᠠᠰᠠ ᠰᠠᠢᠨ ᠦᠭᠡᠢ ᠪᠣᠯᠤᠯᠲᠠᠢ᠃ ᠪᠣᠯᠳᠠᠭ ᠰᠠᠨ ᠪᠣᠯ ᠵᠥᠴᠢ ᠡᠬᠡ ᠨᠤᠲᠤᠭ ᠤᠷᠤᠭᠤ ᠪᠠᠨ ᠥᠨᠥ ᠴᠦ᠍ ᠬᠠᠮᠢᠶ᠎ᠠ ᠦᠭᠡᠢ ᠳᠠᠪᠬᠢᠨ ᠣᠴᠢᠮᠠᠷ ᠠᠵᠢ᠃ ᠭᠡᠪᠡᠴᠦ ᠡᠵᠡᠯᠡᠨ ᠰᠠᠭᠤᠭᠰᠠᠨ ᠨᠤᠲᠤᠭ ᠤ᠋ᠨ ᠪᠦᠬᠦ ᠬᠣᠲᠠ ᠲᠡᠢᠨ ᠦ᠌ ᠬᠥᠯ ᠳ᠋ᠦ᠍ ᠡᠪᠳᠡᠷᠡᠨ ᠨᠤᠷᠠᠭᠰᠠᠨ᠂ ᠠᠵᠤ ᠠᠬᠤᠢ᠂ ᠠᠷᠠᠳ ᠤ᠋ᠨ ᠠᠮᠢᠳᠤᠷᠠᠯ᠂ ᠮᠥᠷᠭᠥᠯ ᠦ᠋ᠨ ᠦᠢᠯᠡ ᠶ᠋ᠢ ᠰᠡᠷᠭᠦᠭᠡᠨ ᠬᠠᠭᠤᠴᠢᠨ ᠬᠡᠪ ᠲᠤᠨᠢ ᠣᠷᠣᠭᠤᠯᠬᠤ ᠭᠡᠳ ᠳᠣᠣᠷ᠎ᠠ ᠳᠣᠣᠷ᠎ᠠ ᠠ᠋ᠴᠠ ᠤᠨᠳᠤᠷᠬᠤ ᠶᠡᠬᠡ ᠠᠵᠢᠯ ᠢ᠋ᠶ᠋ᠠᠨ ᠬᠠᠶᠠᠵᠤ ᠶᠠᠭᠠᠬᠢᠨ ᠣᠳᠬᠤ ᠪᠢᠯᠡ᠃ ᠪᠠᠰᠠ ᠵᠠᠷᠢᠮ ᠨᠢᠭᠡ ᠬᠣᠲᠠ ᠪᠠᠯᠭᠠᠰᠤ ᠳ᠋ᠤ᠌ ᠲᠡᠭᠦᠨ ᠦ᠌ ᠴᠡᠷᠢᠭ ᠢ᠋ ᠡᠰᠡᠷᠭᠦᠴᠡᠨ ᠲᠡᠮᠡᠴᠡᠵᠦ ᠪᠣᠰᠤᠯᠭ᠎ᠠ ᠰᠠᠮᠠᠭᠤᠨ ᠭᠠᠷᠬᠤ ᠨᠢ ᠡᠯᠪᠡᠭ ᠲᠤᠯᠠ ᠬᠠᠷ᠎ᠠ ᠨᠢᠳᠦ ᠬᠠᠮᠬᠢᠵᠤ ᠪᠣᠯᠬᠤ ᠦᠭᠡᠢ ᠪᠠᠢᠯ᠎ᠠ᠃ 
       ᠨᠤᠲᠤᠭ ᠤ᠋ᠨ ᠢᠷᠭᠡᠳ ᠡᠴᠡ ᠳᠠᠢᠴᠢᠯᠠᠭᠰᠠᠨ ᠴᠡᠷᠢᠭ ᠦᠨᠡᠨᠴᠢ ᠰᠡᠳᠬᠢᠯ ᠦᠭᠡᠢ᠂ ᠨᠤᠲᠤᠭ ᠤ᠋ᠨ ᠠᠷᠠᠳ ᠤ᠋ᠨ ᠡᠰᠡᠷᠭᠦ ᠬᠥᠳᠡᠯᠭᠡᠬᠦ ᠳ᠋ᠦ᠍ ᠬᠠᠭᠤᠷᠮᠠᠭᠴᠢ ᠬᠠᠭᠤᠮᠠᠭᠠᠢ ᠬᠠᠨᠳᠤᠵᠤ᠂ ᠬᠤᠤᠪᠢᠯᠳᠤᠨ ᠦᠭᠡᠰᠬᠦ ᠠᠶᠤᠯ ᠲᠠᠢ ᠨᠢ ᠴᠥᠭᠡᠨ ᠮᠣᠩᠭᠣᠯ ᠴᠡᠷᠢᠭ ᠦ᠋ᠨ ᠬᠦᠴᠦ ᠶ᠋ᠢ ᠲᠠᠷᠠᠮᠳᠠᠭᠤᠯᠤᠨ᠎ᠠ᠃ ᠶᠠᠭ ᠡᠢᠮᠦ ᠶᠠᠪᠤᠳᠠᠯ ᠡᠵᠡᠯᠡᠨ ᠠᠪᠤᠭᠰᠠᠨ ᠲᠡᠭᠡᠷᠮᠡᠲᠦ ᠪᠠᠯᠭᠠᠰᠤ ᠳ᠋ᠤ᠌ ᠪᠣᠯᠵᠤ᠂ ᠲᠡᠨᠳᠡ ᠪᠠᠢᠭᠰᠠᠨ ᠮᠣᠩᠭᠣᠯ ᠴᠡᠷᠢᠭ ᠦ᠋ᠨ ᠵᠠᠩᠵᠤᠨ ᠢ᠋ ᠳᠠᠢᠴᠢᠯᠠᠭᠰᠠᠨ ᠴᠡᠷᠢᠭ ᠦ᠋ᠳ ᠰᠠᠮᠠᠭᠤᠷᠠᠨ ᠠᠯᠠᠭᠰᠠᠨ ᠬᠡᠷᠡᠭ ᠮᠠᠨᠳᠤᠭᠰᠠᠨ ᠨᠢ ᠵᠥᠴᠢ ᠶ᠋ᠢ ᠲᠦᠭᠰᠢᠭᠦᠯᠦᠭᠰᠡᠨ ᠪᠢᠯᠡ᠃ ᠬᠡᠷᠪᠡ ᠵᠥᠴᠢ ᠮᠥᠴᠡ ᠠᠯᠲᠠᠨ ᠠᠯᠮᠠᠢᠷᠠᠪᠠᠯ ᠬᠤᠷᠽᠸᠮ ᠤ᠋ᠨ ᠢᠷᠭᠡᠳ ᠲᠡᠭᠦᠨ ᠢ᠋ ᠡᠰᠡᠷᠭᠦᠴᠡᠨ ᠪᠣᠰᠬᠤ ᠳ᠋ᠤ᠌ ᠪᠡᠯᠡᠨ ᠪᠠᠢᠭ᠎ᠠ ᠨᠢ ᠶᠠᠭ ᠯᠠ ᠰᠢᠲᠠᠳᠠᠭ ᠲᠣᠰᠣ ᠲᠠᠢ ᠲᠣᠷᠬᠠᠨ(ᠰᠡᠪᠡᠭ) ᠳᠡᠭᠡᠷ᠎ᠡ ᠰᠠᠭᠤᠭᠰᠠᠨ ᠮᠡᠲᠦ ᠪᠣᠯᠭᠠᠨ᠎ᠠ᠃
       ᠨᠤᠲᠤᠭ ᠤ᠋ᠨ ᠢᠷᠭᠡᠳ ᠪᠦᠭᠦᠳᠡᠭᠡᠷ ᠵᠥᠴᠢ ᠶ᠋ᠢ ᠪᠤᠯᠢᠶᠠᠨ ᠡᠵᠡᠯᠡᠭᠴᠢ ᠭᠡᠵᠦ ᠦᠵᠡᠬᠦ ᠠᠵᠢ᠃ ᠬᠠᠷᠢᠨ ᠵᠥᠴᠢ ᠲᠡᠭᠡᠵᠦ ᠪᠣᠳᠣᠭᠰᠠᠨ ᠦᠭᠡᠢ ᠲᠤᠯᠠ ᠲᠠᠲᠠᠪᠤᠷᠢ ᠪᠠᠨ ᠪᠠᠭᠤᠷᠠᠭᠤᠯᠬᠤ᠂ ᠯᠠᠯᠤ ᠪᠣᠯᠤᠭᠠᠳ ᠵᠠᠭᠠᠯᠮᠠᠢ ᠶ᠋ᠢᠨ ᠰᠢᠲᠦᠯᠭᠡᠲᠡᠨ ᠨᠦ᠍ᠭᠦᠳ ᠦ᠋ᠨ ᠮᠥᠷᠭᠥᠯ ᠬᠢᠬᠦ ᠶ᠋ᠢ ᠴᠢᠯᠥᠭᠡᠲᠡᠢ ᠪᠣᠯᠭᠠᠬᠤ ᠵᠡᠷᠭᠡ ᠠᠯᠢ ᠪᠣᠯᠬᠤ ᠨᠤᠲᠤᠭ ᠤ᠋ᠨ ᠠᠷᠠᠳ ᠢᠷᠭᠡᠳ ᠲᠦ᠍ ᠲᠠᠭᠠᠯᠠᠭᠳᠠᠬᠤ ᠠᠷᠭ᠎ᠠ ᠰᠡᠳᠦᠵᠦ ᠪᠠᠢᠪᠠ᠃ ᠶᠠᠮᠠᠷ ᠲᠠᠢ ᠴᠤ᠌ ᠡᠵᠡᠯᠡᠨ ᠰᠠᠭᠤᠭᠰᠠᠨ ᠨᠤᠲᠤᠭ ᠤ᠋ᠨ ᠬᠡᠮᠵᠢᠶᠡᠨ ᠳ᠋ᠦ᠍ ᠬᠢᠯᠢ ᠶ᠋ᠢᠨ ᠬᠠᠷᠠᠭᠤᠯ ᠪᠠᠢᠭᠤᠯᠵᠤ᠂ ᠬᠣᠲᠠ ᠨᠤᠭᠤᠳ ᠲᠤ᠌ ᠲᠤᠰ ᠲᠤᠰ ᠤ᠋ᠨ ᠬᠣᠲᠠ ᠠ᠋ᠴᠠ ᠣᠯᠠᠨ ᠤ᠋ ᠬᠦᠨᠳᠦᠯᠡᠯ ᠬᠦᠯᠢᠶᠡᠭᠰᠡᠨ ᠠᠬᠠᠮᠠᠳ ᠤ᠋ᠳ ᠠ᠋ᠴᠠ ᠰᠢᠯᠢᠵᠦ ᠵᠠᠬᠢᠷᠤᠭᠴᠢ ᠲᠣᠮᠢᠯᠠᠭᠰᠠᠨ ᠨᠢ ᠬᠠᠮᠤᠭ ᠤ᠋ᠨ ᠵᠥᠪ ᠠᠯᠬᠤᠮ ᠪᠣᠯᠵᠠᠢ᠃ ᠵᠥᠴᠢ ᠶ᠋ᠢᠨ ᠲᠤᠰᠠᠭᠠᠷ ᠤᠯᠤᠰ ᠪᠠᠢᠭᠤᠯᠬᠤ ᠬᠡᠷᠡᠭ ᠪᠠᠭ᠎ᠠ ᠪᠣᠯᠪᠠᠴᠤ ᠠᠬᠢᠵᠤ ᠤᠷᠤᠭᠰᠢᠯᠠᠭᠰᠠᠭᠠᠷ᠂ ᠨᠤᠲᠤᠭ ᠤ᠋ᠨ ᠢᠷᠭᠡᠳ ᠵᠥᠴᠢ ᠶ᠋ᠢ ᠥᠪᠡᠷ ᠦ᠋ᠨ ᠬᠠᠭᠠᠨ ᠭᠡᠵᠦ ᠦᠵᠡᠬᠦ ᠨᠢ ᠣᠯᠠᠰᠢᠷᠠᠭᠰᠠᠭᠠᠷ ᠪᠠᠢᠵᠠᠢ᠃ ᠡᠨᠡ ᠪᠣᠯ 1224 ᠣᠨ ᠤ᠋ ᠡᠪᠦᠯ ᠦ᠋ᠨ ᠡᠬᠢᠨ ᠰᠠᠷ᠎ᠠ ᠶᠤᠮ᠃ ᠬᠠᠷᠢᠨ ᠵᠥᠴᠢ ᠪᠢᠴᠢᠯᠲᠡᠢ ᠶ᠋ᠢ ᠬᠠᠷᠠᠬᠤ ᠶ᠋ᠢ ᠴᠦ᠍ ᠬᠦᠰᠡᠭᠰᠡᠨ ᠦᠭᠡᠢ᠃ ᠤᠴᠢᠷ ᠨᠢ ᠵᠥᠴᠢ ᠥᠪᠡᠷ ᠦ᠋ᠨ ᠤᠳᠤᠮ ᠢ᠋ ᠳᠠᠬᠢᠨ ᠰᠠᠨᠠᠬᠤ᠂ ᠲᠡᠷᠡ ᠲᠤᠬᠠᠢ ᠬᠡᠨ ᠨᠢᠭᠡᠨ ᠮᠡᠳᠡᠬᠦ ᠶ᠋ᠢ ᠣᠭᠲᠣ ᠬᠦᠰᠡᠭᠰᠡᠨ ᠦᠭᠡᠢ᠃ ᠪᠠᠲᠤ ᠶ᠋ᠢ ᠳᠠᠭᠤᠳᠠᠵᠤ ᠲᠡᠭᠦᠨ ᠳ᠋ᠦ᠍ ᠬᠠᠲᠠᠭᠤ ᠲᠤᠰᠢᠶᠠᠪᠠ᠃ 
       | ᠪᠠᠲᠤ᠂ ᠴᠢ ᠪᠢᠴᠢᠯᠲᠡᠢ ᠶ᠋ᠢ ᠥᠪᠡᠷ ᠦ᠋ᠨ ᠭᠠᠷ ᠢ᠋ᠶ᠋ᠠᠷ ᠬᠡᠨ ᠳ᠋ᠦ᠍ ᠴᠦ᠍ ᠮᠡᠳᠡᠭᠳᠡᠯ ᠦᠭᠡᠢ ᠦᠬᠦᠭᠦᠯ᠃ 
       ᠵᠥᠴᠢ ᠶ᠋ᠢᠨ ᠡᠨᠡ ᠬᠠᠲᠠᠭᠤ ᠦᠭᠡ ᠶ᠋ᠢ ᠰᠣᠨᠣᠰᠤᠭᠠᠳ ᠪᠠᠲᠤ ᠳᠠᠭᠤ ᠦᠭᠡᠢ ᠰᠠᠭᠤᠭᠰᠠᠭᠠᠷ ᠪᠠᠢᠯ᠎ᠠ᠃ ᠨᠢᠳᠦᠨ ᠳ᠋ᠦ᠍ ᠳᠤᠯᠠᠭᠠᠬᠠᠨ ᠲᠡᠷᠡ ᠵᠠᠯᠠᠭᠤ ᠪᠠᠲᠤ ᠳ᠋ᠤ᠌ ᠲᠠᠭᠠᠯᠠᠭᠳᠠᠬᠤ ᠲᠤᠯᠠ ᠡᠴᠢᠭᠡ ᠶ᠋ᠢᠨ ᠡᠨᠡ ᠲᠤᠰᠢᠶᠠᠯ ᠢ᠋ ᠪᠡᠶᠡᠯᠡᠭᠦᠯᠬᠦ ᠳ᠋ᠦ᠍ ᠬᠡᠴᠡᠭᠦᠦ ᠪᠠᠢᠪᠠ᠃ ᠭᠡᠪᠡᠴᠦ ᠡᠴᠢᠭᠡ ᠶ᠋ᠢᠨ ᠲᠤᠰᠢᠶᠠᠯ ᠢ᠋ ᠵᠥᠷᠢᠴᠡᠬᠦ ᠡᠷᠬᠡ ᠦᠭᠡᠢ᠃  
       | ᠪᠠᠲᠤ ᠴᠢ ᠶᠠᠭᠤᠨ ᠳ᠋ᠤ᠌ ᠡᠰᠡᠷᠭᠦᠴᠡᠬᠦ ᠮᠡᠲᠦ ᠳᠠᠭᠤ ᠦᠭᠡᠢ ᠰᠠᠭᠤᠨ᠎ᠠ? ᠭᠡᠵᠦ ᠵᠥᠴᠢ ᠵᠠᠩᠳᠤᠷᠪᠠ᠃ 
       | ᠪᠢ ᠡᠰᠡᠷᠭᠦᠴᠡᠬᠦ ᠪᠣᠳᠣᠯ ᠣᠭᠲᠣ ᠦᠭᠡᠢ᠃ ᠬᠠᠷᠢᠨ ᠶᠠᠭᠠᠬᠢᠵᠤ ᠠᠯᠠᠶ᠎ᠠ ᠭᠡᠵᠦ ᠪᠣᠳᠣᠵᠤ ᠪᠠᠢᠨ᠎ᠠ᠃ 
       | ᠴᠢᠮᠠᠲᠤ ᠶᠠᠭᠠᠬᠢᠵᠤ ᠴᠤ᠌ ᠬᠠᠢᠷᠠᠨ ᠰᠠᠨᠠᠭᠳᠠᠭᠰᠠᠨ ᠴᠤ᠌ ᠴᠢ ᠲᠡᠭᠦᠨ ᠢ᠋ ᠠᠯᠠᠭᠲᠤᠨ᠃ ᠡᠨᠡ ᠪᠣᠯ ᠭᠠᠭᠴᠠᠬᠠᠨ ᠪᠠᠲᠤ ᠴᠢᠨᠦ ᠲᠥᠯᠥᠭᠡ ᠶᠦᠮ᠃ ᠬᠣᠵᠢᠮ ᠬᠣᠢᠨ᠎ᠠ ᠮᠢᠨᠦ ᠦᠬᠦᠭᠰᠡᠨ ᠦ᠌ ᠳᠠᠷᠠᠭ᠎ᠠ ᠴᠢᠮᠠᠲᠤ ᠭᠡᠨᠡᠳᠲᠡ ᠶ᠋ᠢᠨ ᠳᠠᠢᠰᠤᠨ ᠳᠡᠷᠭᠡᠳᠡ ᠡᠴᠡ ᠭᠠᠷᠬᠤ ᠶ᠋ᠢ ᠪᠢ ᠦᠯᠦ ᠬᠦᠰᠡᠨ᠎ᠡ᠃ 
       ᠵᠥᠴᠢ ᠶ᠋ᠢᠨ ᠡᠨᠡ ᠦᠭᠡ ᠶ᠋ᠢ ᠵᠥᠪᠰᠢᠶᠡᠷᠡᠬᠦ ᠦᠭᠡᠢ ᠪᠠᠢᠬᠤ ᠶ᠋ᠢᠨ ᠠᠷᠭ᠎ᠠ ᠦᠭᠡᠢ ᠶᠦᠮ᠃ ᠡᠴᠢᠭᠡ ᠨᠢ ᠦᠨᠡᠬᠡᠷ ᠲᠡᠭᠦᠨ ᠦ᠌ ᠲᠥᠯᠥᠭᠡ ᠯᠡ ᠡᠭᠦᠨ ᠢ᠋ ᠬᠡᠯᠡᠵᠦ᠂ ᠬᠢᠵᠦ ᠪᠣᠢ ᠪᠥᠯᠥᠭᠡ᠃ 
       | ᠵᠠ ᠪᠢ ᠲᠡᠷᠡ ᠪᠢᠴᠢᠯᠲᠡᠢ ᠶ᠋ᠢᠨ ᠲᠣᠯᠣᠭᠠᠢ ᠶ᠋ᠢ ᠲᠠᠨ ᠳ᠋ᠤ᠌ ᠠᠪᠴᠢᠷᠠᠵᠤ ᠦᠵᠡᠭᠦᠯᠦᠶ᠎ᠡ᠃ 
       ᠪᠠᠲᠤ ᠶᠠᠭ ᠯᠠ ᠢᠩᠭᠢᠵᠦ ᠪᠣᠳᠣᠵᠠᠢ᠃ ᠪᠣᠳᠣᠭᠰᠠᠨ ᠢ᠋ᠶ᠋ᠠᠨ ᠦᠨᠡᠨ ᠢ᠋ᠶ᠋ᠡᠷ ᠬᠡᠯᠡᠪᠡ᠃ 
       | ᠪᠢ ᠲᠡᠷᠡ ᠴᠢᠯᠭᠡᠷ ᠪᠥᠬᠡ ᠶ᠋ᠢᠨ ᠦᠷ᠎ᠡ ᠶ᠋ᠢᠨ ᠲᠣᠯᠣᠭᠠᠢ ᠶ᠋ᠢ ᠦᠵᠡᠬᠦ ᠶ᠋ᠢ ᠬᠦᠰᠡᠬᠦ ᠦᠭᠡᠢ᠃ ᠴᠢ ᠲᠡᠭᠦᠨ ᠢ᠋ ᠠᠯᠠᠵᠤ ᠴᠢᠨᠣ᠎ᠠ᠂ ᠨᠣᠬᠠᠢ ᠤᠬᠤᠵᠤ ᠭᠠᠷᠭᠠᠵᠤ ᠴᠢᠳᠠᠬᠤ ᠪᠠᠷ ᠦᠭᠡᠢ ᠭᠦᠨ ᠳ᠋ᠦ᠍ ᠪᠤᠯᠠ᠃ ᠡᠰᠡᠪᠡᠯ ᠬᠡᠭᠦᠷ ᠢ᠋ ᠨᠢ ᠰᠢᠲᠠᠭ᠎ᠠ ᠭᠡᠵᠦ ᠵᠥᠴᠢ ᠪᠤᠬᠢᠨᠢᠳᠤᠨ ᠬᠠᠰᠬᠢᠷᠪᠠ ᠃ 
       | ᠵᠠ ᠁  ᠪᠢ ᠲᠠᠨ ᠤ᠋ ᠬᠡᠯᠡᠭᠰᠡᠨ ᠢ᠋ᠶ᠋ᠡᠷ ᠬᠢᠶ᠎ᠡ᠃ 
       ᠡᠴᠢᠭᠡ ᠶ᠋ᠢᠨ ᠠᠭᠤᠷ ᠬᠢᠯᠢᠩ ᠡᠴᠡ ᠳᠠᠢᠵᠢᠨ ᠲᠦᠷᠭᠡᠨ ᠵᠠᠢᠯᠠᠬᠤ ᠠ᠋ᠴᠠ ᠥᠭᠡᠷ᠎ᠡ ᠠᠷᠭ᠎ᠠ ᠪᠠᠲᠤ ᠳ᠋ᠤ᠌ ᠪᠠᠢᠭᠰᠠᠨ ᠦᠭᠡᠢ᠃ 
       | ᠪᠠᠢᠵᠠ᠂ ᠴᠢ ᠬᠦᠯᠢᠶᠡ ᠭᠡᠵᠦ ᠵᠥᠴᠢ ᠪᠠᠲᠤ ᠶ᠋ᠢ ᠭᠠᠷᠬᠤ ᠶ᠋ᠢᠨ ᠳᠠᠪᠠᠭᠠᠨ ᠳᠡᠭᠡᠷ᠎ᠡ ᠬᠠᠰᠬᠢᠷᠴᠠᠢ᠃ 
       ᠵᠥᠴᠢ ᠬᠦᠦ ᠶ᠋ᠢᠨ ᠢ᠋ᠶ᠋ᠡᠨ ᠳᠡᠷᠭᠡᠳᠡ ᠦᠰᠦᠷᠦᠨ ᠢᠷᠡᠵᠦ ᠲᠡᠭᠦᠨ ᠢ᠋ ᠪᠠᠭᠠᠯᠵᠠᠭᠤᠷᠳᠠᠨ ᠠᠯᠠᠬᠤ ᠨᠢ ᠤᠤ ᠭᠡᠮᠡᠷ ᠨᠢᠭᠤᠷ ᠲᠤᠯᠤᠨ ᠠᠮᠢᠰᠬᠤᠭᠠᠳᠠᠨ ᠵᠣᠭᠰᠣᠪᠠ᠃ 
       | ᠪᠠᠢᠵᠠ᠂ ᠪᠢ ᠲᠡᠷᠡ ᠪᠢᠴᠢᠯᠲᠡᠢ ᠶ᠋ᠢ ᠥᠪᠡᠷ ᠦ᠋ᠨ ᠭᠠᠷ ᠢ᠋ᠶ᠋ᠠᠷ ᠬᠥᠨᠥᠭᠡᠶ᠎ᠡ᠃ ᠴᠢ ᠡᠭᠦᠨ ᠢ᠋ ᠪᠤᠤ ᠬᠢ᠃ ᠲᠡᠭᠷᠢ ᠴᠢᠮᠠᠲᠤ ᠬᠢᠯᠢᠩᠨᠡᠵᠦ ᠮᠡᠳᠡᠨ᠎ᠡ᠃ ᠬᠠᠷᠢᠨ ᠪᠢ ᠶᠠᠭᠤᠨ ᠠ᠋ᠴᠠ ᠠᠶᠤᠨ᠎ᠠ᠃ ᠴᠢ ᠶᠠᠪᠤ᠃ 
       ᠪᠠᠲᠤ ᠲᠣᠪ ᠳᠤᠭᠤᠢ ᠭᠠᠷᠴᠤ ᠶᠠᠪᠤᠯ᠎ᠠ᠃ ᠵᠥᠴᠢ ᠦᠨᠡᠬᠡᠷ ᠪᠠᠲᠤ ᠳ᠋ᠤ᠌ ᠮᠠᠭᠤ ᠶᠠᠭᠤᠮ᠎ᠠ ᠪᠣᠯᠬᠤ ᠠ᠋ᠴᠠ ᠡᠮᠢᠶᠡᠵᠡᠢ᠃ ᠠᠭᠤᠷ ᠬᠢᠯᠢᠩ᠂ ᠦᠵᠡᠨ ᠶᠠᠳᠠᠬᠤ ᠶ᠋ᠢᠨ ᠭᠠᠯ ᠳ᠋ᠤ᠌ ᠰᠢᠲᠠᠭᠰᠠᠨ ᠳ᠋ᠠᠭᠠᠨ ᠬᠥᠪᠡᠭᠦᠨ ᠳ᠋ᠡᠭᠡᠨ ᠭᠠᠢ ᠴᠢᠷᠬᠦ ᠰᠢᠬᠠᠭᠰᠠᠨ ᠢ᠋ᠶ᠋ᠠᠨ ᠲᠡᠷᠡ ᠠᠮᠵᠢᠵᠤ ᠤᠬᠠᠭᠠᠷᠠᠵᠠᠢ᠃ ᠦᠨᠡᠬᠡᠷ ᠪᠠᠲᠤ ᠪᠢᠴᠢᠯᠲᠡᠢ ᠶ᠋ᠢ ᠠᠯᠠᠭᠰᠠᠨ ᠪᠣᠯ ᠪᠠᠲᠤ ᠳ᠋ᠤ᠌ ᠭᠠᠷᠴᠠᠭ᠎ᠠ ᠦᠭᠡᠢ ᠮᠠᠭᠤ ᠶᠠᠭᠤᠮ᠎ᠠ ᠲᠣᠬᠢᠶᠠᠬᠤ ᠪᠠᠢᠵᠠᠢ᠃ ᠡᠴᠦᠰ ᠦ᠋ᠨ ᠮᠥᠴᠡ ᠳ᠋ᠦ᠍ ᠵᠥᠴᠢ ᠡᠭᠦᠨ ᠢ᠋ ᠤᠬᠠᠭᠠᠷᠠᠵᠤ ᠬᠥᠪᠡᠭᠦᠨ ᠢ᠋ᠶ᠋ᠡᠨ ᠬᠠᠢᠷᠠᠯᠠᠭᠰᠠᠨ ᠰᠡᠳᠬᠢᠯ ᠨᠢ ᠲᠡᠭᠦᠨ ᠢ᠋ ᠠᠪᠤᠷᠠᠵᠤ ᠲᠤᠰᠠ ᠪᠣᠯᠪᠠ᠃ ᠪᠥᠷᠲᠡ ᠡᠬᠡ ᠶ᠋ᠢᠨ ᠢ᠋ᠶ᠋ᠡᠨ ᠦᠭᠡ᠂ ᠭᠡᠷᠢᠶᠡᠰ ᠢ᠋ ᠵᠥᠷᠢᠴᠡᠨ ᠲᠡᠷᠡ ᠰᠥᠨᠢ ᠵᠥᠴᠢ᠂ ᠪᠢᠴᠢᠯᠲᠡᠢ ᠶ᠋ᠢ ᠴᠠᠪᠴᠢᠨ ᠠᠯᠠᠭᠠᠳ ᠠᠭᠤᠯᠠ ᠶ᠋ᠢᠨ ᠵᠢᠯᠠᠭ᠎ᠠ ᠳ᠋ᠤ᠌ ᠪᠤᠯᠠᠵᠤ ᠣᠷᠬᠢᠪᠠ᠃ ᠪᠢᠴᠢᠯᠲᠡᠢ ᠶ᠋ᠢ ᠠᠯᠠᠭᠰᠠᠨ ᠴᠤ᠌ ᠵᠥᠴᠢ ᠶ᠋ᠢᠨ ᠰᠡᠳᠬᠢᠯ ᠲᠠᠢᠪᠤᠰᠢᠷᠠᠭᠰᠠᠨ ᠦᠭᠡᠢ ᠠᠭᠤᠷ ᠴᠢᠬᠤᠯ ᠢ᠋ᠶ᠋ᠠᠷ ᠳᠦᠭᠦᠷᠦᠭᠰᠡᠭᠡᠷ ᠠᠵᠢ᠃ ᠡᠴᠦᠰ ᠲᠦ᠋ᠨᠢ ᠦᠳᠡᠰᠢ ᠥᠷᠭᠡᠨ ᠨᠠᠢᠷ᠂ ᠪᠥᠵᠢᠭ ᠴᠡᠩᠭᠡᠭᠡᠨ ᠡᠭᠦᠰᠬᠡᠪᠡ᠃ ᠲᠦᠷᠺ᠂ ᠫᠧᠷᠰ ᠡᠮᠡᠰ ᠦ᠋ᠨ ᠨᠢᠴᠦᠭᠦᠨ ᠪᠥᠵᠢᠭᠯᠡᠬᠦ ᠶ᠋ᠢ ᠲᠣᠪ ᠳᠤᠭᠤᠢ ᠭᠥᠯᠢᠷᠡᠨ ᠰᠢᠷᠳᠡᠵᠦ ᠰᠠᠭᠤᠬᠤ ᠡᠴᠢᠭᠡ ᠪᠡᠨ ᠬᠠᠷᠠᠭᠠᠳ ᠪᠠᠲᠤ ᠭᠣᠣᠯ ᠢ᠋ᠶ᠋ᠠᠨ ᠲᠠᠰᠤᠷᠠᠲᠠᠯ᠎ᠠ ᠦᠷᠦ ᠡᠪᠡᠳᠦᠨ ᠬᠠᠢᠷᠠᠯᠠᠵᠤ ᠪᠠᠢᠯ᠎ᠠ᠃ ᠰᠢᠷᠦᠭᠦᠨ ᠣᠭᠵᠣᠮ ᠵᠠᠩ ᠲᠠᠢ ᠴᠤ᠌ ᠭᠠᠢᠬᠠᠯᠲᠠᠢ ᠲᠡᠪᠴᠢᠶᠡᠷᠢᠲᠡᠢ ᠡᠴᠢᠭᠡ ᠨᠢ ᠲᠡᠭᠦᠨ ᠳ᠋ᠦ᠍ ᠶᠠᠮᠠᠷ ᠶᠡᠬᠡ ᠬᠠᠢᠷ᠎ᠠ᠂ ᠬᠠᠯᠠᠭᠤᠨ ᠢᠲᠡᠭᠡᠯ ᠢ᠋ᠶ᠋ᠡᠨ ᠵᠣᠷᠢᠭᠤᠯᠵᠤ ᠪᠠᠢᠳᠠᠭ ᠢ᠋ ᠲᠡᠷᠡ ᠦᠵᠡᠪᠡ᠃ ᠶᠠᠮᠠᠷ ᠴᠤ᠌ ᠭᠡᠮ ᠦᠭᠡᠢ ᠪᠢᠴᠢᠯᠲᠡᠢ ᠶ᠋ᠢ ᠠᠯᠠᠭᠰᠠᠨ ᠳ᠋ᠠᠭᠠᠨ ᠡᠴᠢᠭᠡ ᠨᠢ ᠬᠠᠷᠠᠮᠰᠠᠨ ᠭᠠᠰᠢᠭᠤᠳᠠᠵᠤ ᠪᠠᠢᠭ᠎ᠠ ᠶ᠋ᠢ ᠭᠠᠭᠴᠠᠬᠠᠨ ᠬᠥᠪᠡᠭᠦᠨ ᠪᠠᠲᠤ ᠨᠢ ᠮᠡᠳᠡᠵᠦ ᠪᠠᠢᠪᠠ᠃ ᠮᠠᠭᠠᠳ ᠦᠭᠡᠢ ᠡᠴᠢᠭᠡ ᠨᠢ ᠪᠢᠴᠢᠯᠲᠡᠢ ᠶ᠋ᠢ ᠠᠯᠠᠬᠤ ᠶ᠋ᠢ ᠣᠭᠲᠣᠬᠠᠨ ᠴᠤ᠌ ᠬᠦᠰᠡᠭᠡ ᠦᠭᠡᠢ ᠪᠠᠢᠵᠤ ᠮᠠᠭᠠᠳ᠃ ᠭᠠᠭᠴᠠᠬᠠᠨ ᠲᠡᠭᠦᠨ ᠦ᠌ ᠢᠷᠡᠭᠡᠳᠦᠢ ᠶ᠋ᠢᠨ ᠰᠠᠢᠨ ᠰᠠᠢᠬᠠᠨ ᠤ᠋ ᠲᠥᠯᠥᠭᠡ ᠥᠪᠡᠷ ᠦ᠋ᠨ ᠰᠡᠳᠬᠢᠯ ᠢ᠋ ᠵᠣᠯᠢᠶᠠᠰᠤᠯᠠᠪᠠ ᠭᠡᠵᠦ ᠪᠠᠲᠤ ᠦᠷᠦ ᠡᠪᠡᠳᠦᠨ ᠪᠣᠳᠣᠵᠤ ᠰᠠᠭᠤᠪᠠ᠃ ᠡᠴᠢᠭᠡ ᠶ᠋ᠢᠨ ᠰᠡᠳᠬᠢᠯ ᠦ᠋ᠨ ᠨᠢᠭᠤᠴᠠ ᠰᠢᠨᠠᠯᠤᠯ ᠬᠢᠮᠤᠷᠠᠯ ᠪᠠᠲᠤ ᠶ᠋ᠢ ᠴᠦ᠍ ᠡᠵᠡᠮᠳᠡᠪᠡ᠃ ᠲᠣᠷᠭᠠᠨ ᠴᠡᠷᠢᠭ ᠦ᠋ᠨ ᠬᠠᠷᠠᠭᠤᠯ ᠭᠦᠶᠦᠨ ᠢᠷᠡᠵᠦ ᠴᠢᠩᠭᠢᠰ ᠬᠠᠭᠠᠨ ᠤ᠋ ᠡᠯᠴᠢ ᠢᠷᠡᠭᠰᠡᠨ ᠢ᠋ ᠢᠯᠡᠳᠬᠡᠬᠦ ᠬᠦᠷᠲᠡᠯ᠎ᠡ ᠵᠥᠴᠢ ᠢᠩᠭᠢᠵᠦ ᠲᠦᠳᠡᠭ ᠦ᠋ᠨ ᠭᠠᠯ ᠰᠢᠷᠲᠡᠨ ᠰᠠᠭᠤᠭᠰᠠᠭᠠᠷ ᠪᠠᠢᠯ᠎ᠠ᠃ 
       ᠲᠡᠷᠡ ᠶᠠᠭᠤᠨ ᠳ᠋ᠤ᠌ ᠢᠩᠭᠢᠵᠦ ᠬᠠᠷᠠᠮᠰᠠᠵᠤ᠂ ᠬᠠᠢᠷᠠᠲᠠᠢ ᠬᠥᠮᠦᠨ ᠢ᠋ᠶ᠋ᠡᠨ ᠦᠬᠦᠭᠦᠯᠦᠭᠰᠡᠨ ᠮᠡᠲᠦ ᠭᠤᠨᠢᠭ ᠲᠤ᠌ ᠠᠪᠲᠠᠨ ᠰᠠᠭᠤᠭ᠎ᠠ ᠪᠠᠨ ᠥᠪᠡᠷ ᠢ᠋ᠶ᠋ᠡᠨ ᠴᠦ᠍ ᠣᠢᠯᠠᠭᠠᠭᠰᠠᠨ ᠦᠭᠡᠢ᠃ 
       ᠰᠡᠯᠡᠮᠡᠨ ᠦ᠌ ᠬᠤᠷᠴᠠ ᠢᠷ ᠦ᠋ᠨ ᠳᠣᠣᠷ᠎ᠠ ᠭᠤᠯᠵᠠᠰᠬᠢᠨ ᠮᠡᠳᠡᠷᠡᠭᠳᠡᠭᠰᠡᠨ ᠢᠳᠡᠷ ᠵᠠᠯᠠᠭᠤ ᠪᠢᠴᠢᠯᠲᠡᠢ ᠶ᠋ᠢᠨ ᠵᠥᠭᠡᠯᠡᠨ ᠴᠣᠭᠴᠠᠰ ᠣᠳᠣ ᠪᠣᠯᠲᠠᠯ᠎ᠠ ᠠᠳᠬᠤᠭᠰᠠᠨ ᠭᠠᠷ ᠤ᠋ᠨ ᠬᠤᠷᠤᠭᠤᠨ ᠳ᠋ᠤ᠌ ᠮᠡᠳᠡᠷᠡᠭᠳᠡᠭᠡᠳ ᠪᠣᠯᠤᠭᠰᠠᠨ ᠦᠭᠡᠢ᠃ ᠲᠡᠷᠡ ᠬᠥᠪᠡᠭᠦᠨ ᠳᠥᠩᠭᠡᠵᠦ ᠠᠷᠪᠠᠨ ᠨᠠᠢ᠍ᠮᠠᠲᠠᠢ ᠪᠠᠢᠵᠠᠢ᠃ ᠶᠠᠭᠤᠨ ᠳ᠋ᠤ᠌ ᠲᠡᠷᠡ ᠠᠮᠢᠲᠠᠨ ᠢ᠋ ᠬᠥᠨᠥᠭᠡᠪᠡ ᠭᠡᠵᠦ ᠥᠩᠭᠡᠷᠡᠭᠰᠡᠨ ᠬᠣᠢᠨ᠎ᠠ ᠭᠠᠰᠠᠯᠤᠨ ᠪᠣᠳᠣᠭᠰᠠᠭᠠᠷ ᠰᠠᠭᠤᠪᠠ᠃ 
       | ᠴᠢᠩᠭᠢᠰ ᠬᠠᠭᠠᠨ ᠤ᠋ ᠡᠯᠴᠢ ᠭᠡᠵᠦ ᠦᠷᠭᠦᠭᠡᠨ ᠦ᠌ ᠳᠠᠭᠠᠭᠠᠮᠠᠯ ᠬᠦᠨᠳᠦᠳᠬᠡᠯ ᠲᠡᠢ ᠪᠡᠷ ᠵᠠᠯᠠᠷᠠᠬᠤ ᠳ᠋ᠤ᠌ ᠯᠠ ᠰᠠᠶᠢ ᠵᠥᠴᠢ ᠲᠣᠯᠣᠭᠠᠢ ᠡᠷᠭᠦᠨ ᠬᠠᠷᠠᠯ᠎ᠠ᠃ ᠲᠡᠭᠦᠨ ᠡᠴᠡ ᠲᠠᠪᠤᠨ ᠠᠯᠬᠤᠮ ᠤ᠋ᠨ ᠴᠠᠭᠠᠨ᠎ᠠ ᠶᠡᠬᠡ ᠲᠦᠳᠡᠭ ᠦ᠋ᠨ ᠭᠡᠷᠡᠯ ᠳ᠋ᠦ᠍ ᠨᠢᠭᠡᠨ ᠦᠯᠡᠮᠵᠢ ᠪᠡᠶᠡᠲᠡᠢ ᠡᠷ᠎ᠡ ᠵᠣᠭᠰᠣᠨ᠎ᠠ᠃ 
       | ᠵᠥᠴᠢ ᠲᠠᠨ ᠤ᠋ ᠠᠮᠤᠷ ᠢ᠋ ᠠᠢᠯᠠᠳᠬᠠᠶ᠎ᠠ᠃ ᠪᠢ ᠶᠡᠬᠡ ᠴᠢᠩᠭᠢᠰ ᠬᠠᠭᠠᠨ ᠤ᠋ ᠵᠠᠷᠯᠢᠭ ᠢ᠋ ᠲᠠᠨ ᠳ᠋ᠤ᠌ ᠬᠦᠷᠭᠡᠵᠦ ᠢᠷᠡᠯ᠎ᠡ᠃ ᠢᠩᠭᠢᠵᠦ ᠬᠡᠯᠡᠭᠡᠳ ᠡᠯᠴᠢ ᠦᠭᠡᠨ ᠦ᠌ ᠪᠡᠨ ᠪᠠᠲᠤᠯᠠᠭ᠎ᠠ ᠪᠣᠯᠭᠠᠨ ᠴᠢᠩᠭᠢᠰ ᠬᠠᠭᠠᠨ ᠤ᠋ ᠲᠠᠮᠠᠭ᠎ᠠ ᠲᠠᠢ ᠲᠣᠬᠣᠢ ᠤᠷᠲᠤ ᠴᠣᠯ ᠠᠯᠲᠠᠨ ᠬᠡᠷᠡᠭᠡ ᠪᠡᠨ ᠭᠠᠯ ᠤ᠋ᠨ ᠭᠡᠷᠡᠯ ᠳ᠋ᠦ᠍ ᠳᠡᠭᠡᠭᠰᠢ ᠡᠷᠭᠦᠪᠡ᠃ 
       | ᠶᠢᠰᠦᠨᠲᠡᠢ ᠭᠡᠳ ᠵᠥᠴᠢ ᠥᠨᠳᠡᠢᠪᠡ᠃ ᠡᠨᠡ ᠪᠣᠯ ᠴᠢᠩᠭᠢᠰ ᠬᠠᠭᠠᠨ ᠤ᠋ ᠶᠡᠬᠡ ᠰᠢᠳᠠᠷ ᠤᠷᠢᠶᠠᠩᠬᠠᠢ ᠶ᠋ᠢᠨ ᠵᠡᠯᠮ᠎ᠡ ᠶ᠋ᠢᠨ ᠬᠥᠪᠡᠭᠦᠨ ᠶᠢᠰᠦᠨᠲᠡᠢ ᠪᠠᠢᠪᠠ᠃ ᠶᠢᠰᠦᠨᠲᠡᠢ ᠢᠷᠡᠭᠰᠡᠨ ᠨᠢ ᠵᠥᠴᠢ ᠶ᠋ᠢᠨ ᠬᠤᠪᠢ ᠳ᠋ᠤ᠌ ᠪᠠᠶᠠᠷᠲᠠᠢ ᠬᠡᠷᠡᠭ ᠪᠣᠯᠵᠠᠢ᠃ ᠵᠥᠴᠢ ᠶᠢᠰᠦᠨᠲᠡᠢ ᠡᠴᠡ ᠳᠥᠷᠪᠡ ᠠᠬ᠎ᠠ ᠴᠤ᠌ ᠲᠡᠳᠡ ᠴᠣᠬᠣᠮ ᠨᠢᠳᠦ ᠨᠡᠭᠡᠭᠡᠬᠦ ᠡᠴᠡ ᠴᠣᠭ ᠥᠰᠦᠭᠰᠡᠨ ᠪᠢᠯᠡ᠃ ᠲᠡᠮᠦᠵᠢᠨ ᠦ᠌ ᠬᠦᠷᠢᠶᠡᠨ ᠳ᠋ᠦ᠍ ᠵᠥᠴᠢ ᠶ᠋ᠢᠨ ᠬᠠᠮᠤᠭ ᠤ᠋ᠨ ᠳᠣᠲᠣᠨᠣ ᠦᠶᠡᠷᠬᠡᠨ ᠨᠥᠬᠥᠷᠯᠡᠭᠰᠡᠨ ᠠᠨᠳᠠ ᠨᠢ ᠶᠢᠰᠦᠨᠲᠡᠢ ᠪᠠᠢᠯ᠎ᠠ᠃ ᠲᠡᠳᠡ ᠵᠥᠴᠢ ᠶ᠋ᠢ ᠠᠷᠪᠠᠨ ᠵᠢᠷᠭᠤᠭ᠎ᠠ ᠬᠦᠷᠴᠦ ᠴᠡᠷᠢᠭ ᠠᠬᠠᠯᠠᠨ ᠮᠣᠷᠳᠠᠬᠤ ᠬᠦᠷᠲᠡᠯ᠎ᠡ ᠬᠠᠮᠲᠤ ᠪᠠᠢᠵᠠᠢ᠃ ᠶᠢᠰᠦᠨᠲᠡᠢ ᠨᠠᠰᠤ ᠪᠡᠶ᠎ᠡ ᠭᠦᠢᠴᠡᠮᠡᠭᠴᠡ ᠴᠢᠩᠭᠢᠰ ᠬᠠᠭᠠᠨ ᠤ᠋ ᠲᠣᠷᠭᠠᠨ ᠴᠡᠷᠢᠭ ᠲᠦ᠍ ᠣᠷᠣᠵᠤ 1206 ᠣᠨ ᠳ᠋ᠤ᠌ ᠰᠢᠳᠠᠷ ᠲᠣᠷᠭᠠᠨ ᠴᠡᠷᠢᠭ ᠦ᠋ᠨ ᠮᠢᠩᠭᠠᠨ ᠤ᠋ ᠨᠣᠶᠠᠨ ᠢ᠋ᠶ᠋ᠠᠷ ᠲᠣᠮᠢᠯᠠᠭᠳᠠᠨ ᠠᠯᠲᠠᠨ ᠤᠯᠤᠰ ᠪᠣᠯᠤᠭᠠᠳ ᠬᠠᠷᠯᠠᠭ ᠢ᠋ ᠳᠠᠷᠤᠬᠤ ᠳ᠋ᠤ᠌ ᠣᠷᠣᠯᠴᠠᠭᠰᠠᠨ ᠪᠠᠭᠠᠲᠤᠷ ᠡᠷ᠎ᠡ ᠪᠢᠯᠡ᠃ ᠵᠥᠴᠢ ᠶ᠋ᠢᠨ ᠠᠮᠢᠳᠤᠷᠠᠯ ᠤ᠋ᠨ ᠪᠡᠷᠬᠡ ᠨᠢᠭᠤᠴᠠ ᠶ᠋ᠢ ᠬᠠᠷ᠎ᠠ ᠨᠢᠯᠬ᠎ᠠ ᠠ᠋ᠴᠠ ᠵᠡᠯᠮ᠎ᠡ ᠡᠴᠢᠭᠡ ᠶ᠋ᠢᠨ ᠢ᠋ᠶ᠋ᠡᠨ ᠠᠮᠠᠨ ᠠ᠋ᠴᠠ ᠰᠣᠨᠣᠰᠴᠤ ᠮᠡᠳᠡᠭᠰᠡᠨ ᠨᠢ ᠲᠡᠭᠦᠨ ᠢ᠋ ᠵᠥᠴᠢ ᠳ᠋ᠦ᠍ ᠢᠩᠭᠢᠵᠦ ᠳᠣᠲᠣᠨᠣ ᠨᠥᠬᠥᠷᠰᠡᠭ ᠢ᠋ᠶ᠋ᠡᠷ ᠬᠠᠨᠳᠤᠬᠤ ᠪᠣᠯᠭᠠᠵᠠᠢ᠃ ᠪᠠᠭ᠎ᠠ ᠳ᠋ᠠᠭᠠᠨ ᠲᠡᠷᠡ ᠵᠥᠴᠢ ᠶ᠋ᠢ ᠭᠠᠳᠠᠭᠤᠷᠬᠠᠭᠳᠠᠵᠤ ᠵᠣᠪᠠᠬᠤ ᠶ᠋ᠢ ᠨᠢ ᠦᠵᠡᠵᠦ ᠢᠮᠠᠭᠲᠠ ᠲᠡᠭᠦᠨ ᠳ᠋ᠦ᠍ ᠲᠤᠰᠠᠯᠠᠬᠤ ᠶ᠋ᠢ ᠬᠢᠴᠢᠶᠡᠭᠰᠡᠭᠡᠷ ᠢᠷᠡᠭᠰᠡᠨ ᠶᠦᠮ᠃ ᠡᠴᠢᠭᠡ ᠵᠡᠯᠮ᠎ᠡ ᠨᠢ ᠢᠩᠭᠢᠬᠦ ᠶ᠋ᠢ ᠶᠢᠰᠦᠨᠲᠡᠢ ᠳ᠋ᠦ᠍ ᠰᠤᠷᠭᠠᠭᠰᠠᠨ ᠪᠢᠯᠡ᠃ ᠶᠡᠷᠦ ᠨᠢ ᠲᠡᠮᠦᠵᠢᠨ ᠡᠴᠡ ᠪᠤᠰᠤᠳ ᠪᠦᠬᠦ ᠬᠥᠮᠦᠰ ᠪᠦᠷ ᠬᠠᠰᠠᠷ ᠬᠦᠷᠲᠡᠯ᠎ᠡ ᠵᠥᠴᠢ ᠳ᠋ᠦ᠍ ᠦᠷᠭᠦᠯᠵᠢ ᠨᠠᠢᠷᠲᠠᠢ ᠰᠡᠳᠬᠢᠯ ᠢ᠋ᠶ᠋ᠡᠷ ᠬᠠᠨᠳᠤᠵᠤ ᠦᠷᠭᠦᠯᠵᠢ ᠲᠤᠰᠠᠯᠠᠵᠤ ᠳᠡᠮᠵᠢᠬᠦ ᠶ᠋ᠢ ᠬᠦᠰᠡᠳᠡᠭ ᠪᠠᠢᠭᠰᠠᠨ ᠨᠢ ᠪᠥᠷᠲᠡ ᠶ᠋ᠢᠨ ᠤᠬᠠᠭᠠᠨ᠂ ᠲᠡᠪᠴᠢᠶᠡᠷᠢ ᠶ᠋ᠢ ᠬᠦᠨᠳᠦᠳᠬᠡᠵᠦ ᠪᠠᠢᠳᠠᠭ ᠤ᠋ᠨ ᠢᠯᠡᠷᠡᠯ ᠪᠠᠢᠪᠠ᠃ ᠵᠣᠪᠠᠭᠰᠠᠨ ᠶᠠᠳᠠᠷᠠᠭᠰᠠᠨ ᠳ᠋ᠤ᠌ ᠲᠤᠰᠠᠯᠠᠬᠤ ᠨᠢ ᠶᠡᠷᠦ ᠡᠴᠡ ᠪᠡᠨ ᠮᠣᠩᠭᠣᠯ ᠬᠥᠮᠦᠨ ᠦ᠌ ᠲᠥᠷᠥᠯᠬᠢ ᠰᠢᠨᠵᠢ ᠪᠢᠵᠡ ᠠ᠋᠃ ᠬᠠᠷᠢᠨ ᠬᠤᠷᠽᠸᠮ ᠳ᠋ᠤ᠌ ᠢᠷᠡᠭᠰᠡᠨ ᠡᠴᠡ ᠬᠣᠢᠰᠢ ᠲᠡᠳᠡ ᠠᠭᠤᠯᠵᠠᠯ ᠦᠭᠡᠢ ᠭᠤᠷᠪᠠᠨ ᠵᠢᠯ ᠭᠠᠷᠤᠢ ᠪᠣᠯᠵᠠᠢ᠃ ᠲᠡᠳᠡᠨ ᠳ᠋ᠦ᠍ ᠶᠠᠷᠢᠬᠤ ᠶᠠᠭᠤᠮ᠎ᠠ ᠳᠠᠩᠴᠤ ᠶᠡᠬᠡ ᠪᠠᠢᠯ᠎ᠠ᠃ ᠪᠥᠵᠢᠭ ᠨᠠᠢᠷ ᠢ᠋ᠶ᠋ᠠᠨ ᠣᠷᠬᠢᠨ ᠵᠥᠴᠢ ᠶ᠋ᠢᠨ ᠦᠷᠭᠦᠭᠡᠨ ᠳ᠋ᠦ᠍ ᠣᠷᠣᠵᠠᠭᠠᠵᠠᠢ᠃ ᠴᠢᠩᠭᠢᠰ ᠬᠠᠭᠠᠨ ᠤ᠋ ᠡᠯᠴᠢ ᠶ᠋ᠢ ᠢᠳᠡᠭᠡ ᠪᠤᠳᠠᠭ᠎ᠠ ᠳᠡᠯᠭᠡᠨ ᠳᠠᠢᠯᠠᠬᠤ ᠨᠢ ᠵᠦᠢ ᠶ᠋ᠢᠨ ᠬᠡᠷᠡᠭ ᠶᠦ᠍ᠮ᠃ ᠤᠷᠭᠧᠨ᠋ᠴᠡ ᠶ᠋ᠢᠨ ᠳᠡᠷᠭᠡᠳᠡ ᠪᠠᠢᠬᠤ ᠳ᠋ᠤ᠌ ᠴᠢᠩᠭᠢᠰ ᠬᠠᠭᠠᠨ ᠡᠯᠴᠢ ᠢᠯᠡᠭᠡᠵᠦ ᠤᠷᠭᠧᠨ᠋ᠴᠡ ᠶ᠋ᠢ ᠠᠪᠤᠮᠠᠭᠴᠠ ᠴᠡᠷᠢᠭ ᠢ᠋ᠶ᠋ᠡᠨ ᠲᠡᠳᠡᠨ ᠢᠷᠡᠵᠦ ᠨᠡᠢᠯᠡᠬᠦ ᠶ᠋ᠢ ᠵᠠᠷᠯᠢᠭ ᠪᠣᠯᠭᠠᠭᠰᠠᠨ ᠴᠤ᠌ ᠵᠥᠴᠢ ᠡᠵᠡᠯᠡᠭᠰᠡᠨ ᠨᠤᠲᠤᠭ ᠢ᠋ᠶ᠋ᠠᠨ ᠲᠣᠬᠣᠨᠢᠭᠤᠯᠬᠤ ᠶᠡᠬᠡ ᠠᠵᠢᠯ ᠪᠠᠢᠭᠰᠠᠨ ᠲᠤᠯᠠ ᠶᠠᠪᠤᠭ᠎ᠠ ᠦᠭᠡᠢ ᠪᠢᠯᠡ᠃ ᠲᠡᠭᠦᠨ ᠡᠴᠡ ᠬᠣᠢᠰᠢ ᠴᠢᠩᠭᠢᠰ ᠬᠠᠭᠠᠨ ᠴᠡᠷᠢᠭ ᠢ᠋ᠶ᠋ᠡᠨ ᠠᠪᠴᠤ ᠢᠨᠳᠢ ᠮᠥᠷᠡᠨ ᠢ᠋ ᠤᠷᠤᠭᠤᠳᠠᠨ ᠳᠠᠢᠯᠠᠷ᠎ᠠ ᠶᠠᠪᠤᠭᠠᠳ ᠬᠣᠶᠠᠷ ᠵᠢᠯ ᠰᠢᠬᠠᠮ ᠪᠣᠯᠵᠤ ᠰᠠᠶᠢ ᠯᠠ ᠫᠸᠷᠸᠡᠨ ᠦ᠌ ᠬᠥᠨᠳᠡᠢ ᠳ᠋ᠦ᠍ ᠡᠷᠭᠢᠨ ᠢᠷᠡᠭᠰᠡᠨ ᠢ᠋ ᠶᠢᠰᠣᠨᠳᠠᠢ ᠵᠥᠴᠢ ᠳ᠋ᠦ᠍ ᠮᠡᠳᠡᠭᠳᠡᠪᠡ᠃ ᠣᠳᠣ ᠫᠸᠷᠸᠡᠨ ᠦ᠌ ᠬᠥᠨᠳᠡᠢ ᠳ᠋ᠦ᠍ ᠮᠣᠩᠭᠣᠯ ᠤ᠋ᠨ ᠶᠡᠬᠡ ᠴᠡᠷᠢᠭ ᠴᠤᠭᠯᠠᠵᠤ ᠪᠠᠢᠭ᠎ᠠ ᠠᠵᠢ᠃ ᠴᠡᠷᠢᠭ ᠢ᠋ᠶ᠋ᠡᠨ ᠠᠪᠴᠤ ᠢᠷᠡᠵᠦ ᠨᠡᠢᠯᠡᠭᠲᠦᠨ ᠭᠡᠰᠡᠨ ᠴᠥᠭᠡᠨ ᠦᠭᠡ ᠲᠡᠢ ᠵᠠᠷᠯᠢᠭ ᠲᠤ᠌ ᠶᠡᠬᠡ ᠬᠠᠭᠠᠨ ᠤ᠋ ᠲᠠᠮᠠᠭ᠎ᠠ ᠳᠠᠷᠤᠭᠰᠠᠨ ᠪᠠᠢᠪᠠ᠃ 
       | ᠨᠠᠳᠠ ᠠ᠋ᠴᠠ ᠥᠭᠡᠷ᠎ᠡ ᠬᠡᠨ ᠣᠴᠢᠭ᠎ᠠ ᠦᠭᠡᠢ ᠪᠠᠢᠨ᠎ᠠ? 
       | ᠰᠦᠪᠡᠭᠡᠳᠡᠢ ᠵᠡᠪᠡ ᠬᠣᠶᠠᠷ ᠨᠠᠭᠠᠰᠢ ᠡᠷᠭᠢᠭᠡ ᠦᠭᠡᠢ ᠪᠣᠯᠤᠯᠲᠠᠢ᠃ ᠪᠠᠰᠠ ᠪᠠᠭᠳᠠᠳ᠋ ᠤ᠋ᠨ ᠬᠠᠯᠢᠹ ᠲᠤ᠌ ᠶᠠᠪᠤᠭᠰᠠᠨ ᠴᠣᠷᠮᠣᠭᠣᠨ ᠬᠣᠷᠴᠢ᠂ ᠡᠨᠡᠳᠬᠡᠭ ᠤᠷᠤᠭᠤ ᠲᠠᠪᠰᠢᠭᠰᠠᠨ ᠪᠡᠯᠡ ᠨᠣᠶᠠᠨ ᠢᠷᠡᠭᠡ ᠦᠭᠡᠢ ᠪᠠᠢᠨ᠎ᠠ᠃ ᠪᠦᠭᠦᠳᠡ ᠳ᠋ᠦ᠍ ᠡᠯᠴᠢ ᠢᠯᠡᠭᠡᠭᠰᠡᠨ᠃ 
       | ᠶᠡᠬᠡ ᠴᠡᠷᠢᠭ ᠢ᠋ ᠨᠢᠭᠡ ᠳᠣᠣᠷ᠎ᠠ ᠴᠤᠭᠯᠠᠭᠤᠯᠵᠤ ᠶᠠᠭᠠᠬᠢᠨ᠎ᠠ? ᠡᠰᠡᠪᠡᠯ ᠥᠭᠡᠷ᠎ᠡ ᠵᠦᠭ ᠲᠡᠢᠨ ᠳ᠋ᠦ᠍ ᠮᠣᠷᠳᠠᠬᠤ ᠪᠣᠯᠪᠠ ᠤᠤ? 
       | ᠮᠢᠨᠦ ᠰᠣᠨᠣᠰᠤᠭᠰᠠᠨ ᠢ᠋ᠶ᠋ᠠᠷ ᠶᠡᠬᠡ ᠴᠡᠷᠢᠭ ᠮᠣᠩᠭᠣᠯ ᠨᠤᠲᠤᠭ ᠲᠠᠭᠠᠨ ᠪᠤᠴᠠᠨ᠎ᠠ ᠭᠡᠨ᠎ᠡ᠃ 
       | ᠬᠡᠵᠢᠶ᠎ᠡ? ᠭᠡᠵᠦ ᠵᠥᠴᠢ ᠠᠶᠤᠭᠰᠠᠨ ᠮᠡᠲᠦ ᠰᠡᠷᠳᠡᠰᠭᠢᠪᠡ᠃ 
       | ᠴᠢ ᠶᠠᠭᠤᠨ ᠳ᠋ᠤ᠌ ᠴᠣᠴᠢᠪᠠ? ᠴᠢ ᠪᠤᠴᠠᠬᠤ ᠬᠦᠰᠡᠯ ᠦᠭᠡᠢ ᠪᠠᠢᠨ᠎ᠠ ᠤᠤ ᠭᠡᠵᠦ ᠶᠢᠰᠣᠨᠳᠠᠢ ᠶ᠋ᠢ ᠠᠰᠠᠭᠤᠬᠤ ᠳ᠋ᠤ᠌ ᠵᠥᠴᠢ ᠲᠡᠷᠡ ᠳᠣᠣᠷ᠎ᠠ ᠪᠠᠨ ᠬᠠᠷᠢᠭᠤ ᠬᠡᠯᠡᠵᠦ ᠲᠥᠪᠳᠡᠭᠰᠡᠨ ᠦᠭᠡᠢ᠃ ᠴᠢᠩᠭᠢᠰ ᠬᠠᠭᠠᠨ ᠮᠣᠩᠭᠣᠯ ᠳ᠋ᠠᠭᠠᠨ ᠪᠤᠴᠠᠬᠤ ᠵᠠᠷᠯᠢᠭ ᠪᠠᠭᠤᠯᠭᠠᠪᠠᠯ ᠬᠡᠷᠬᠢᠬᠦ ᠪᠢᠯᠡ ᠭᠡᠵᠦ ᠪᠣᠳᠣᠵᠠᠢ᠃ 
       | ᠪᠢ ᠴᠦ᠍ ᠪᠤᠰᠢᠭᠤᠬᠠᠨ ᠯᠠ ᠨᠤᠲᠤᠭ ᠲᠠᠭᠠᠨ ᠪᠤᠴᠠᠬᠤ ᠮᠢᠨᠢ᠃ ᠡᠨᠡ ᠡᠯᠡᠰᠦᠨ ᠳᠤᠮᠳᠠ ᠠᠭᠤᠰᠬᠢ ᠮᠢᠨᠢ ᠰᠢᠲᠠᠵᠤ ᠳᠠᠭᠤᠰᠪᠠ᠃ ᠪᠤᠯᠠᠭ ᠤ᠋ᠨ ᠴᠡᠩᠭᠡᠭ ᠤᠰᠤ ᠵᠠᠯᠭᠢᠯᠠᠵᠤ ᠮᠣᠳᠣᠨ ᠤ᠋ ᠰᠡᠭᠦᠳᠡᠷ ᠲᠦ᠍ ᠨᠠᠮ ᠤᠨᠲᠠᠬᠤ ᠰᠠᠨ ᠭᠡᠵᠦ ᠬᠦᠰᠡᠨ᠎ᠡ ᠭᠡᠵᠦ ᠶᠢᠰᠤᠨᠳᠠᠢ ᠵᠥᠴᠢ ᠶ᠋ᠢᠨ ᠪᠣᠳᠣᠯ ᠳ᠋ᠤ᠌ ᠰᠠᠭᠠᠳ ᠬᠢᠬᠦ ᠦᠭᠡᠢ ᠭᠡᠰᠡᠨ ᠮᠡᠲᠦ ᠰᠢᠪᠡᠨᠡᠪᠡ᠃ ᠵᠥᠴᠢ ᠲᠡᠭᠦᠨ ᠦ᠌ ᠡᠨᠡ ᠦᠭᠡ ᠶ᠋ᠢ ᠰᠣᠨᠣᠰᠬᠤ ᠦᠭᠡᠢ ᠮᠡᠲᠦ ᠰᠠᠭᠤᠨ᠎ᠠ᠃ 
       | ᠴᠢ ᠶᠠᠭᠤ ᠪᠣᠳᠣᠪᠠ ᠠ᠋? 
       | ᠪᠢ ᠶᠠᠭ ᠴᠢᠮ᠎ᠠ ᠲᠠᠢ ᠠᠳᠠᠯᠢ ᠬᠦᠰᠡᠨ᠎ᠡ᠃ 
       ᠡᠨᠡ ᠪᠣᠯ ᠵᠥᠴᠢ ᠶ᠋ᠢᠨ ᠠᠮᠠ ᠳᠠᠭᠠᠭᠤᠯᠤᠭᠰᠠᠨ ᠦᠭᠡ ᠪᠠᠢᠪᠠ᠃ ᠤᠭ ᠨᠢ ᠲᠡᠷᠡ ᠪᠢ ᠡᠨᠡ ᠨᠤᠲᠤᠭ ᠲᠠᠭᠠᠨ ᠰᠠᠭᠤᠬᠤ ᠶ᠋ᠢ ᠬᠦᠰᠡᠨ᠎ᠡ ᠭᠡᠵᠦ ᠰᠢᠭᠤᠳ ᠬᠡᠯᠡᠮᠡᠷ ᠪᠠᠢᠪᠠᠴᠤ ᠠᠷᠠᠢ ᠯᠡ ᠵᠢᠷᠦᠬᠡᠯᠡᠭᠰᠡᠨ ᠦᠭᠡᠢ᠃ ᠤᠴᠢᠷ ᠨᠢ ᠲᠡᠷᠡ ᠶᠢᠰᠦᠨᠲᠠᠢ ᠳ᠋ᠤ᠌ ᠢᠲᠡᠭᠡᠵᠦ ᠥᠭᠬᠦ ᠦᠭᠡᠢ ᠪᠠᠢᠪᠠ᠃ ᠶᠢᠰᠦᠨᠲᠠᠢ ᠪᠣᠯ ᠴᠢᠩᠭᠢᠰ ᠬᠠᠭᠠᠨ ᠤ᠋ ᠬᠠᠮᠤᠭ ᠤ᠋ᠨ ᠦᠨᠡᠨᠴᠢ ᠨᠥᠬᠥᠷ ᠵᠠᠯᠮ᠎ᠠ ᠶ᠋ᠢᠨ ᠬᠥᠪᠡᠭᠦᠨ᠂ ᠳᠡᠭᠡᠷ᠎ᠡ ᠨᠢ ᠴᠢᠩᠭᠢᠰ ᠬᠠᠭᠠᠨ ᠤ᠋ ᠠᠮᠢ ᠰᠠᠬᠢᠭᠴᠢ ᠲᠣᠷᠭᠠᠨ ᠴᠡᠷᠢᠭ ᠦ᠋ᠨ ᠮᠢᠩᠭᠠᠨ ᠤ᠋ ᠨᠣᠶᠠᠨ ᠬᠥᠮᠦᠨ ᠲᠤᠯᠠ ᠢᠯᠡᠭᠦᠦ ᠶᠡᠬᠡ ᠶ᠋ᠢ ᠴᠠᠯᠴᠢᠬᠤ ᠶ᠋ᠢ ᠬᠦᠰᠡᠭᠰᠡᠨ ᠦᠭᠡᠢ᠃ ᠭᠡᠪᠡᠴᠦ ᠶᠢᠰᠦᠨᠲᠠᠢ ᠪᠣᠯ ᠨᠢᠯᠪᠤᠰᠤ ᠶ᠋ᠢ ᠨᠢ ᠠᠷᠴᠢᠵᠤ᠂ ᠨᠢᠭᠤᠴᠠ ᠭᠣᠮᠣᠳᠠᠯ ᠢ᠋ ᠨᠢ ᠬᠤᠪᠢᠶᠠᠯᠴᠠᠭᠰᠠᠨ ᠪᠠᠭ᠎ᠠ ᠶ᠋ᠢᠨ ᠠᠨᠳᠠ ᠨᠢ ᠪᠠᠢᠪᠠ᠃ ᠡᠢᠮᠦ ᠬᠣᠶᠠᠷ ᠰᠠᠯᠠᠭ᠎ᠠ ᠪᠣᠳᠣᠯ ᠤ᠋ᠨ ᠳᠤᠮᠳᠠ ᠵᠥᠴᠢ ᠳᠡᠯᠡᠭᠡ ᠬᠤᠷᠠᠭ᠎ᠠ ᠰᠢᠭ᠋ ᠲᠡᠯᠡᠭᠳᠡᠵᠡᠢ᠃ ᠶᠢᠰᠦᠨᠲᠠᠢ ᠶ᠋ᠢ ᠢᠷᠡᠨ᠎ᠡ ᠭᠡᠵᠦ ᠰᠠᠨᠠᠭ᠎ᠠ ᠦᠭᠡᠢ ᠴᠦ᠍ ᠭᠡᠨᠡ ᠭᠡᠨᠡ ᠲᠡᠭᠦᠨ ᠢ᠋ ᠳᠡᠷᠭᠡᠳᠡ ᠪᠡᠨ ᠪᠠᠢᠭᠰᠠᠨ ᠪᠣᠯᠤᠭᠠᠰᠠᠢ ᠭᠡᠵᠦ ᠵᠥᠴᠢ ᠬᠦᠰᠡᠳᠡᠭ ᠪᠠᠢᠯ᠎ᠠ᠃ ᠢᠩᠭᠢᠬᠦ ᠤᠴᠢᠷ ᠪᠣᠢ ᠶᠤᠮ᠃ ᠥᠪᠡᠷ ᠦ᠋ᠨ ᠤᠯᠤᠰ ᠢ᠋ ᠪᠠᠢᠭᠤᠯᠬᠤ ᠶ᠋ᠢᠨ ᠬᠠᠮᠤᠭ ᠤ᠋ᠨ ᠭᠣᠣᠯ ᠦᠨᠳᠦᠰᠦ ᠨᠢ ᠬᠦᠴᠦᠷᠬᠡᠭ ᠴᠡᠷᠢᠭ ᠪᠢᠯᠡ᠃ ᠨᠤᠲᠤᠭ ᠤ᠋ᠨ ᠢᠷᠭᠡᠳ ᠡᠴᠡ ᠳᠠᠢᠴᠢᠯᠠᠭᠰᠠᠨ ᠴᠡᠷᠢᠭ ᠢ᠋ ᠶᠠᠭ ᠥᠪᠡᠷ ᠦ᠋ᠨ ᠮᠣᠩᠭᠣᠯ ᠴᠡᠷᠢᠭ ᠲᠡᠢ ᠠᠳᠠᠯᠢ ᠲᠡᠢᠨ ᠪᠠᠢᠯᠳᠤᠭᠠᠨ ᠳ᠋ᠤ᠌ ᠰᠤᠷᠭᠠᠬᠤ ᠦᠭᠡᠢ ᠪᠡᠷ ᠶᠠᠭᠤ ᠴᠤ᠌ ᠬᠢᠵᠦ ᠦᠯᠦ ᠴᠢᠳᠠᠨ᠎ᠠ᠃ ᠡᠨᠡ ᠬᠡᠷᠡᠭ ᠢ᠋ ᠬᠡᠷᠡᠭᠵᠢᠭᠦᠯᠬᠦ ᠳ᠋ᠦ᠍ ᠴᠣᠬᠣᠮ ᠶᠢᠰᠦᠨᠲᠠᠢ ᠰᠢᠭ᠋ ᠠᠪᠢᠶᠠᠰᠲᠠᠢ ᠴᠡᠷᠢᠭ ᠦ᠋ᠨ ᠡᠷᠳᠡᠮ ᠳ᠋ᠦ᠍ ᠰᠤᠷᠤᠯᠴᠠᠭᠰᠠᠨ ᠢᠲᠡᠭᠡᠯᠲᠡᠢ ᠠᠨᠳᠠ ᠬᠡᠷᠡᠭ ᠪᠣᠯᠤᠨ᠎ᠠ᠃ ᠶᠢᠰᠦᠨᠲᠠᠢ ᠶ᠋ᠢ ᠳᠡᠷᠭᠡᠳᠡ ᠪᠡᠨ ᠠᠪᠴᠤ ᠴᠡᠷᠢᠭ ᠦ᠋ᠨ ᠬᠡᠷᠡᠭ ᠢ᠋ ᠵᠠᠬᠢᠷᠤᠭᠤᠯᠤᠨ ᠬᠥᠪᠡᠭᠦᠨ ᠪᠠᠲᠤ ᠳ᠋ᠠᠭᠠᠨ ᠬᠠᠪᠰᠤᠷᠤᠭᠤᠯᠬᠤ ᠬᠦᠰᠡᠯ ᠵᠥᠴᠢ ᠶ᠋ᠢᠨ ᠰᠡᠳᠬᠢᠯ ᠳ᠋ᠦ᠍ ᠲᠦᠷᠦᠭᠰᠡᠭᠡᠷ ᠤᠳᠠᠭᠰᠠᠨ ᠶᠤᠮ᠃ ᠭᠡᠲᠡᠯ᠎ᠡ ᠳᠡᠭᠡᠳᠦ ᠲᠩᠷᠢ ᠲᠡᠭᠦᠨ ᠢ᠋ ᠮᠡᠳᠡᠭᠰᠡᠨ ᠮᠡᠲᠦ ᠶᠢᠰᠦᠨᠲᠠᠢ ᠬᠦᠷᠴᠦ ᠢᠷᠡᠪᠡ᠃ 
       | ᠶᠢᠰᠦᠨᠲᠠᠢ᠂ ᠴᠢ ᠥᠪᠡᠷ ᠢ᠋ᠶ᠋ᠡᠨ ᠨᠠᠭᠠᠰᠢ ᠢᠷᠡᠨ᠎ᠡ ᠭᠡᠪᠡ ᠤᠤ? 
       ᠶᠢᠰᠦᠨᠲᠠᠢ ᠵᠥᠴᠢ ᠶ᠋ᠢᠨ ᠦᠭᠡ ᠶ᠋ᠢᠨ ᠤᠳᠬ᠎ᠠ ᠶ᠋ᠢ ᠰᠢᠭᠤᠳ ᠣᠢᠯᠠᠭᠠᠪᠠ᠃ 
       | ᠵᠥᠴᠢ᠂ ᠪᠢ ᠤᠭ ᠨᠢ ᠢᠷᠡᠬᠦ ᠶ᠋ᠢ ᠬᠦᠰᠡᠪᠡ᠃ ᠭᠡᠪᠡᠴᠦ ᠮᠢᠨᠦ ᠮᠢᠩᠭᠠᠲᠤ ᠣᠳᠣ ᠴᠢᠩᠭᠢᠰ ᠬᠠᠭᠠᠨ ᠤ᠋ ᠪᠡᠶ᠎ᠡ᠂ ᠥᠷᠭᠥᠭᠡ ᠶ᠋ᠢ ᠬᠠᠮᠠᠭᠠᠯᠠᠳᠠᠭ ᠪᠣᠯᠤᠭᠰᠠᠨ ᠲᠤᠯᠠ ᠪᠢ ᠪᠠᠢᠯᠳᠤᠬᠤ ᠴᠤ᠌ ᠡᠷᠬᠡ ᠦᠭᠡᠢ ᠤᠢᠳᠬᠠᠷᠯᠠᠬᠤ ᠪᠣᠯᠤᠭᠰᠠᠨ᠃ ᠬᠠᠷᠢᠨ ᠰᠠᠶᠢ ᠴᠢᠩᠭᠢᠰ ᠬᠠᠭᠠᠨ ᠶᠠᠭᠤ ᠪᠣᠳᠣᠭᠰᠠᠨ ᠢ᠋ ᠪᠦᠦ ᠮᠡᠳᠡ᠃ ᠭᠡᠨᠡᠳᠲᠡ ᠨᠠᠮᠠᠶ᠋ᠢ ᠴᠢᠮᠠᠲᠤ ᠢᠯᠡᠭᠡᠬᠦ ᠵᠠᠷᠯᠢᠭ ᠪᠠᠭᠤᠯᠭᠠᠵᠠᠢ᠃ ᠪᠣᠳᠣᠪᠠᠯ ᠬᠠᠭᠠᠨᠲᠠᠨ ᠴᠢ ᠪᠢᠳᠡ ᠬᠣᠶᠠᠷ ᠢ᠋ ᠠᠭᠤᠯᠵᠠᠬᠤ ᠰᠠᠨ ᠭᠡᠰᠡᠨ ᠢ᠋ ᠮᠡᠳᠡᠭᠰᠡᠨ ᠪᠢᠵᠡ ᠠ᠋ ᠭᠡᠵᠦ ᠶᠢᠰᠦᠨᠲᠠᠢ ᠢᠨᠢᠶᠡᠨ ᠬᠡᠯᠡᠪᠡ᠃ 
       ᠦᠨᠡᠨ ᠳ᠋ᠡᠭᠡᠨ ᠴᠢᠩᠭᠢᠰ ᠬᠠᠭᠠᠨ ᠫᠸᠷᠸᠡᠨ ᠦ᠌ ᠬᠥᠨᠳᠡᠢ ᠳ᠋ᠦ᠍ ᠢᠷᠡᠮᠡᠭᠴᠡ ᠵᠥᠴᠢ ᠳ᠋ᠦ᠍ ᠡᠯᠴᠢ ᠢᠯᠡᠭᠡᠬᠦ ᠪᠡᠷ ᠰᠢᠢᠳᠦᠭᠰᠡᠨ ᠶᠦᠮ᠃ ᠬᠠᠷᠢᠨ ᠬᠡᠨ ᠢ᠋ ᠢᠯᠡᠭᠡᠬᠦ ᠪᠡᠨ ᠣᠯᠠᠨ ᠡᠳᠦᠷ ᠪᠣᠳᠣᠵᠠᠢ᠃ ᠵᠥᠴᠢ ᠵᠠᠷᠯᠢᠭ ᠢ᠋ ᠳᠠᠭᠠᠵᠤ ᠤᠷᠬᠧᠨ᠋ᠴᠡ ᠡᠴᠡ ᠴᠡᠷᠢᠭ ᠢ᠋ᠶ᠋ᠡᠨ ᠠᠪᠴᠤ ᠢᠷᠡᠬᠦ ᠦᠭᠡᠢ ᠶ᠋ᠢ ᠴᠢᠩᠭᠢᠰ ᠬᠠᠭᠠᠨ ᠥᠩᠭᠡᠨ ᠳᠡᠭᠡᠷ᠎ᠡ ᠪᠡᠨ ᠦᠯᠦ ᠲᠣᠭᠣᠮᠰᠠᠷᠯᠠᠬᠤ ᠮᠡᠲᠦ ᠪᠠᠢᠭᠰᠠᠨ ᠴᠤ᠌ ᠡᠨᠡ ᠬᠡᠷᠡᠭ ᠢ᠋ ᠨᠢᠭᠡ ᠴᠦ᠍ ᠮᠥᠴᠡ ᠮᠠᠷᠲᠠᠭ᠎ᠠ ᠦᠭᠡᠢ ᠪᠢᠯᠡ᠃ ᠡᠵᠡᠯᠡᠭᠰᠡᠨ ᠨᠤᠲᠤᠭ ᠢ᠋ᠶ᠋ᠠᠨ ᠲᠥᠪᠬᠢᠨᠡᠭᠦᠯᠬᠦ ᠭᠡᠰᠡᠨ ᠵᠥᠴᠢ ᠶ᠋ᠢᠨ ᠦᠭᠡ ᠶ᠋ᠢ ᠲᠡᠷᠡ ᠪᠠᠰᠠ ᠣᠢᠯᠠᠭᠠᠵᠤ ᠬᠦᠨᠳᠦᠳᠬᠡᠵᠡᠢ᠃ ᠡᠨᠡ ᠨᠢ ᠰᠢᠨ᠎ᠡ ᠨᠤᠲᠤᠭ ᠣᠷᠣᠨ ᠢ᠋ ᠡᠵᠡᠯᠡᠬᠦ ᠡᠴᠡ ᠴᠦ᠍ ᠳᠤᠲᠠᠬᠤ ᠦᠭᠡᠢ ᠲᠦᠪᠡᠭᠲᠡᠢ ᠶ᠋ᠢ ᠲᠡᠷᠡ ᠮᠡᠳᠡᠨ᠎ᠡ᠃ ᠭᠡᠪᠡᠴᠦ ᠢᠩᠭᠢᠵᠦ ᠵᠥᠴᠢ ᠶ᠋ᠢᠨ ᠬᠢᠭᠰᠡᠨ ᠢ᠋ ᠵᠥᠪᠰᠢᠶᠡᠷᠡᠭᠰᠡᠨ ᠮᠡᠲᠦ ᠪᠣᠯᠪᠠᠴᠤ ᠵᠠᠷᠯᠢᠭ ᠢ᠋ ᠵᠥᠷᠢᠴᠡᠨ ᠲᠣᠮᠣ ᠲᠣᠯᠣᠭᠠᠢ ᠭᠠᠷᠭᠠᠵᠤ ᠢᠷᠡᠬᠦ ᠦᠭᠡᠢ ᠳ᠋ᠦ᠍ᠨᠢ ᠡᠭᠳᠡᠭᠦᠴᠡᠨ ᠬᠢᠯᠢᠩᠨᠡᠭᠰᠡᠭᠡᠷ ᠪᠠᠢᠵᠠᠢ᠃ ᠴᠢᠩᠭᠢᠰ ᠬᠠᠭᠠᠨ ᠤ᠋ ᠡᠨᠡ ᠪᠢᠲᠡᠭᠦᠦ ᠪᠤᠬᠢᠨᠢᠳᠤᠯ ᠢ᠋ ᠪᠤᠭᠤᠷᠴᠢ ᠪᠠᠰᠠ ᠴᠠᠭᠠᠲᠠᠢ᠂ ᠥᠭᠡᠳᠡᠢ᠂ ᠲᠤᠯᠤᠢ ᠨᠠᠷ ᠠ᠋ᠴᠠ ᠥᠭᠡᠷ᠎ᠡ ᠬᠡᠨ ᠴᠦ᠍ ᠮᠡᠳᠡᠭᠰᠡᠨ ᠦᠭᠡᠢ᠃ 
       | ᠵᠠ ᠶᠠᠭᠠᠬᠢᠬᠤ ᠪᠣᠢ? ᠵᠥᠴᠢ ᠬᠦᠰᠡᠭᠰᠡᠨ ᠵᠦᠭ ᠲᠡᠭᠡᠨ ᠶᠠᠪᠤᠭ᠃ ᠭᠡᠪᠡᠴᠦ ᠨᠢᠭᠡ ᠡᠳᠦᠷ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠵᠠᠮ ᠳ᠋ᠠᠭᠠᠨ ᠰᠢᠷᠣᠢ ᠲᠡᠭᠡᠭᠡᠨ᠎ᠡ ᠭᠡᠳᠡᠭ ᠪᠣᠯᠬᠤ ᠪᠣᠢ ᠭᠡᠵᠦ ᠵᠠᠨᠤᠯᠲᠠᠢ ᠰᠢᠪᠡᠭᠡᠨᠡᠭᠰᠡᠨ ᠢ᠋ ᠲᠡᠷᠡ ᠳᠥᠷᠪᠡ ᠰᠣᠨᠣᠰᠤᠭᠰᠠᠨ ᠪᠢᠯᠡ᠃ ᠭᠡᠪᠡᠴᠦ ᠬᠡᠨ ᠨᠢ ᠴᠦ᠍ ᠵᠥᠴᠢ ᠶ᠋ᠢ ᠬᠠᠮᠠᠭᠠᠯᠠᠬᠤ ᠶᠤᠮ ᠤᠤ ᠪᠤᠷᠤᠭᠤᠰᠢᠶᠠᠬᠤ ᠦᠭᠡ ᠳᠤᠤᠭᠠᠷᠤᠭᠰᠠᠨ ᠦᠭᠡᠢ᠃ ᠤᠴᠢᠷ ᠨᠢ ᠲᠡᠷᠡ ᠡᠳᠦᠷ ᠴᠢᠩᠭᠢᠰ ᠬᠠᠭᠠᠨ ᠲᠤᠢᠯ ᠤ᠋ᠨ ᠬᠢᠯᠢᠩ ᠲᠡᠢ ᠪᠠᠢᠵᠠᠢ᠃ 
       | ᠴᠢᠩᠭᠢᠰ ᠬᠠᠭᠠᠨᠲᠠᠨ ᠤ᠋ ᠪᠡᠶ᠎ᠡ ᠯᠠᠭᠱᠠᠨ ᠲᠤᠩᠭᠠᠯᠠᠭ ᠰᠠᠢᠨ ᠪᠣᠢ ᠵ᠎ᠠ? ᠭᠡᠵᠦ ᠵᠥᠴᠢ ᠠᠰᠠᠭᠤᠪᠠ᠃ ᠢᠩᠭᠢᠵᠦ ᠶᠣᠰᠣ ᠶ᠋ᠢ ᠪᠣᠳᠣᠨ ᠠᠰᠠᠭᠤᠬᠤ ᠳ᠋ᠠᠭᠠᠨ ᠵᠥᠴᠢ ᠴᠠᠭᠠᠨ᠎ᠠ ᠪᠠᠨ ᠶᠠᠭᠤ ᠪᠣᠳᠣᠵᠤ ᠪᠠᠢᠭ᠎ᠠ ᠶ᠋ᠢ ᠶᠢᠰᠦᠨᠲᠡᠢ ᠭᠠᠳᠠᠷᠯᠠᠭᠰᠠᠨ ᠲᠤᠯᠠ ᠲᠡᠭᠦᠨ ᠦ᠌ ᠬᠦᠰᠡᠵᠦ ᠪᠠᠢᠭᠰᠠᠨ ᠬᠠᠷᠢᠭᠤ ᠶ᠋ᠢ ᠬᠡᠯᠡᠪᠡ᠃ 
       | ᠴᠢᠩᠭᠢᠰ ᠬᠠᠭᠠᠨ ᠣᠢᠷ᠎ᠠ ᠳ᠋ᠤ᠌ ᠶᠡᠬᠡ ᠬᠢᠯᠢᠩ ᠲᠡᠢ ᠪᠠᠢᠭ᠎ᠠ᠃ ᠬᠤᠯᠠᠨ ᠬᠠᠲᠤᠨ ᠤ᠋ ᠦᠬᠦᠯ ᠡᠴᠡ ᠬᠣᠢᠰᠢ ᠪᠡᠶ᠎ᠡ ᠰᠡᠳᠬᠢᠯ ᠨᠢ ᠪᠠᠭᠠᠬᠠᠨ ᠬᠢᠮᠤᠷᠠᠵᠤ ᠪᠣᠢ ᠪᠣᠯᠤᠯᠲᠠᠢ᠃ ᠨᠢᠭᠡ ᠯᠡ ᠲᠠᠢᠪᠤᠩ ᠪᠢᠰᠢ ᠪᠣᠯᠤᠭᠰᠠᠨ᠃ ᠬᠣᠯᠠ ᠭᠠᠵᠠᠷ ᠡᠨᠡ ᠬᠠᠷ᠎ᠠ ᠬᠠᠯᠠᠭᠤᠨ ᠳ᠋ᠤ᠌ ᠡᠴᠡᠵᠦ ᠶᠠᠳᠠᠷᠠᠭ᠎ᠠ ᠴᠤ᠌ ᠪᠢᠵᠡ ᠳᠡ᠃ 
       | ᠬᠤᠯᠠᠨ ᠬᠠᠲᠤᠨ ᠢ᠋ ᠲᠡᠭᠷᠢ ᠳ᠋ᠦ᠍ ᠬᠠᠯᠢᠭᠰᠠᠨ ᠳ᠋ᠤ᠌ ᠨᠠᠮ᠎ᠠ ᠶ᠋ᠢ ᠣᠴᠢᠭᠰᠠᠨ ᠦᠭᠡᠢ ᠭᠡᠵᠦ ᠴᠢᠩᠭᠢᠰ ᠬᠠᠭᠠᠨ ᠯᠠᠪ ᠶᠡᠬᠡ ᠬᠢᠯᠢᠩᠨᠡᠭᠰᠡᠨ ᠪᠠᠢᠬᠤ ᠳᠠ ᠭᠡᠵᠦ ᠵᠥᠴᠢ ᠬᠡᠯᠡᠬᠦ ᠳ᠋ᠦ᠍ ᠶᠢᠰᠦᠨᠲᠡᠢ 
       | ᠴᠢ ᠡᠨᠡ ᠤᠳᠠᠭ᠎ᠠ ᠵᠠᠪᠠᠯ ᠣᠴᠢᠬᠤ ᠦᠭᠡᠢ ᠪᠣᠯ ᠪᠣᠯᠬᠤ ᠦᠭᠡᠢ ᠪᠢᠵᠡ ᠭᠡᠵᠦ ᠠᠩᠬᠠᠷᠤᠭᠤᠯᠪᠠ᠃ ᠡᠨᠡ ᠨᠢ ᠶᠢᠰᠦᠨᠲᠡᠢ ᠥᠪᠡᠷ ᠦ᠋ᠨ ᠮᠡᠳᠡᠬᠦ ᠶ᠋ᠢᠨ ᠬᠢᠷᠢ ᠪᠡᠷ ᠢᠷᠡᠬᠦ ᠠᠶᠤᠯ ᠢ᠋ ᠤᠷᠢᠳᠴᠢᠯᠠᠨ ᠰᠠᠨᠠᠭᠤᠯᠬᠤ ᠭᠡᠰᠡᠨ ᠰᠠᠢᠬᠠᠨ ᠰᠡᠳᠬᠢᠯ ᠦ᠋ᠨ ᠦᠭᠡ ᠪᠠᠢᠪᠠ᠃ ᠵᠠᠷᠯᠢᠭ ᠢ᠋ ᠳᠠᠭᠠᠨ ᠣᠴᠢᠭ᠎ᠠ ᠦᠭᠡᠢ ᠳ᠋ᠦ᠍ ᠴᠢᠩᠭᠢᠰ ᠬᠠᠭᠠᠨ ᠲᠡᠭᠦᠨ ᠳ᠋ᠦ᠍ ᠬᠢᠯᠢᠩᠨᠡᠭᠰᠡᠭᠡᠷ ᠪᠠᠢᠭ᠎ᠠ ᠨᠢ ᠨᠢᠭᠡᠨᠲᠡ ᠲᠣᠳᠣᠷᠬᠠᠢ ᠪᠣᠯᠵᠠᠢ᠃ ᠵᠥᠴᠢ ᠤᠭ ᠨᠢ ᠪᠦᠬᠦ ᠵᠦᠢᠯ ᠮᠠᠷᠲᠠᠭᠳᠠᠨ ᠥᠩᠭᠡᠷᠡᠭᠰᠡᠨ ᠭᠡᠵᠦ ᠪᠣᠳᠣᠵᠤ᠂ ᠢᠩᠭᠢᠵᠦ ᠢᠲᠡᠭᠡᠬᠦ ᠶ᠋ᠢ ᠣᠷᠣᠯᠳᠣᠭᠰᠠᠭᠠᠷ ᠪᠠᠢᠭᠰᠠᠨ ᠪᠢᠯᠡ᠃ ᠭᠡᠲᠡᠯ᠎ᠡ ᠬᠡᠷᠡᠭ ᠲᠡᠭᠦᠨ ᠦ᠌ ᠪᠣᠳᠣᠭᠰᠠᠨ ᠰᠢᠭ᠋ ᠲᠡᠢᠮᠦ ᠴᠦ᠍ ᠠᠮᠠᠷ ᠬᠢᠯᠪᠠᠷ ᠪᠢᠰᠢ ᠪᠣᠯᠤᠯᠲᠠᠢ᠃ ᠪᠠᠰᠠ ᠡᠭᠦᠨ ᠡᠴᠡ ᠢᠯᠡᠭᠦᠦ ᠶᠡᠬᠡ ᠶ᠋ᠢ ᠶᠢᠰᠦᠨᠲᠡᠢ ᠡᠴᠡ ᠠᠰᠠᠭᠤᠵᠤ ᠪᠣᠯᠬᠤ ᠦᠭᠡᠢ ᠭᠡᠵᠦ ᠰᠢᠢᠳᠪᠡ᠃ 
       | ᠵᠠ ᠴᠢ ᠥᠨᠥᠳᠥᠷ ᠲᠤᠬᠠᠯᠠᠵᠤ ᠠᠯᠵᠢᠶᠠᠯ ᠢ᠋ᠶ᠋ᠠᠨ ᠲᠠᠢᠯᠵᠤ ᠦᠵᠡ᠃ ᠪᠢ ᠴᠢᠮᠠᠶ᠋ᠢ ᠴᠢᠯᠡᠭᠡᠬᠦ ᠪᠡᠨ ᠪᠣᠯᠢᠶ᠎ᠠ ᠭᠡᠵᠦ ᠵᠥᠴᠢ ᠬᠡᠯᠡᠬᠦ ᠳ᠋ᠦ᠍ 
       | ᠴᠢᠨᠦ ᠬᠡᠯᠡᠭᠰᠡᠨ ᠢ᠋ᠶ᠋ᠡᠷ ᠪᠣᠯᠤᠶ᠎ᠠ᠃ ᠬᠠᠷᠢᠨ ᠴᠢ ᠶᠠᠭᠠᠬᠢᠵᠤ ᠮᠢᠨᠦ ᠠᠯᠵᠢᠶᠠᠯ ᠢ᠋ ᠳᠡᠢᠯᠦᠨ᠎ᠡ? ᠭᠡᠪᠡ᠃ ᠡᠨᠡ ᠶᠠᠭᠤ ᠭᠡᠰᠡᠨ ᠦᠭᠡ ᠪᠣᠯᠬᠤ ᠶ᠋ᠢ ᠵᠥᠴᠢ ᠣᠢᠯᠠᠭᠠᠪᠠ᠃ 
       | ᠪᠢ ᠵᠥᠴᠢ ᠴᠢᠨᠦ ᠡᠨᠡ ᠭᠠᠵᠠᠷ ᠲᠤ᠌ ᠰᠢᠭᠢᠳᠦᠨ ᠰᠠᠭᠤᠭᠰᠠᠨ ᠤ᠋ ᠤᠴᠢᠷ ᠢ᠋ ᠣᠯᠬᠤ ᠭᠡᠵᠦ ᠬᠦᠰᠡᠨ᠎ᠡ᠃ ᠯᠠᠪ ᠪᠦᠰᠡᠭᠦᠢᠴᠦᠳ ᠨᠢ ᠠᠮᠲᠠᠲᠠᠢ ᠪᠢᠵᠡ? 
       | ᠴᠢ ᠬᠡᠯᠡ᠂ ᠶᠠᠮᠠᠷ ᠪᠦᠰᠡᠭᠦᠢ ᠶ᠋ᠢ ᠴᠢ ᠬᠦᠰᠡᠨ᠎ᠡ? 
       | ᠣᠷᠣᠰ ᠭᠡᠵᠦ ᠶᠢᠰᠦᠨᠲᠡᠢ ᠡᠷᠡᠭᠡᠯᠵᠡᠵᠦ ᠪᠣᠳᠣᠭᠰᠠᠨ ᠦᠭᠡᠢ ᠥᠴᠢᠪᠡ᠃ 
       | ᠴᠢ ᠣᠷᠣᠰ ᠡᠮ᠎ᠡ ᠡᠯᠪᠡᠭ ᠭᠡᠵᠦ ᠰᠠᠨᠠᠪᠠ ᠤᠤ? ᠭᠡᠬᠦ ᠳ᠋ᠡᠭᠡᠨ ᠥᠭᠪᠡᠯ ᠭᠠᠭᠴᠠ ᠠ᠋ᠴᠠ ᠪᠠᠨ ᠭᠡᠳᠡᠭ ᠪᠢᠯᠡ ᠤᠤ? ᠪᠢ ᠪᠠᠭ᠎ᠠ ᠶ᠋ᠢᠨ ᠭᠠᠭᠴᠠ ᠨᠥᠬᠥᠷ ᠴᠢᠮᠠᠲᠤ ᠥᠪᠡᠷ ᠦ᠋ᠨ ᠣᠷᠣᠰ ᠡᠮ᠎ᠡ ᠶ᠋ᠢ ᠪᠡᠯᠡᠭᠯᠡᠶ᠎ᠡ᠃ ᠴᠢ ᠪᠤᠴᠠᠬᠤ ᠳ᠋ᠠᠭᠠᠨ ᠠᠪᠴᠤ ᠶᠠᠪᠤᠭᠠᠷᠠᠢ᠃ ᠨᠤᠲᠤᠭ ᠲᠠᠭᠠᠨ ᠠᠪᠠᠴᠢᠵᠤ ᠭᠠᠢᠬᠠᠭᠤᠯ ᠭᠡᠵᠦ ᠵᠥᠴᠢ ᠪᠠᠶᠠᠰᠬᠤᠯᠠᠩ ᠲᠠᠢ ᠬᠥᠬᠥᠷᠡᠪᠡ᠃ ᠲᠡᠷᠡ ᠦᠨᠡᠬᠡᠷ ᠲᠠᠲᠠᠪᠤᠷᠢ ᠣᠷᠣᠰ ᠡᠮ᠎ᠡ ᠪᠡᠨ ᠶᠢᠰᠦᠨᠲᠡᠢ ᠳ᠋ᠦ᠍ ᠪᠡᠯᠡᠭᠯᠡᠬᠦ ᠪᠡᠷ ᠰᠢᠢᠳᠦᠭᠰᠡᠨ ᠪᠢᠯᠡ᠃ ᠶᠢᠰᠦᠨᠲᠡᠢ ᠶ᠋ᠢ ᠣᠷᠣᠰ ᠡᠮ᠎ᠡ ᠡᠳ᠋ᠯᠡᠨ᠂ ᠲᠠᠴᠢᠶᠠᠯ ᠰᠠᠷᠠᠯ ᠳ᠋ᠤᠨᠢ ᠠᠪᠲᠠᠭᠰᠠᠨ ᠲᠡᠷᠡ ᠰᠥᠨᠢ ᠵᠥᠴᠢ ᠤᠨᠲᠠᠵᠤ ᠴᠢᠳᠠᠭᠰᠠᠨ ᠦᠭᠡᠢ᠃ ᠰᠥᠨᠢ ᠳᠤᠮᠳᠠ ᠥᠩᠭᠡᠷᠡᠭᠰᠡᠨ ᠡᠴᠡ ᠬᠣᠢᠰᠢ ᠪᠠᠲᠤ ᠶ᠋ᠢ ᠳᠠᠭᠤᠳᠠᠨ ᠰᠡᠷᠡᠭᠡᠪᠡ᠃ ᠪᠠᠲᠤ ᠴᠤ᠌ ᠳᠠᠷᠤᠢ ᠢᠷᠡᠵᠡᠢ᠃ 
       | ᠴᠢᠩᠭᠢᠰ ᠬᠠᠭᠠᠨ ᠤ᠋ ᠡᠯᠴᠢ ᠮᠠᠷᠭᠠᠰᠢ ᠪᠤᠴᠠᠬᠤ ᠲᠤᠯᠠ ᠪᠢ ᠴᠢᠮ᠎ᠠ ᠲᠠᠢ ᠵᠥᠪᠯᠡᠬᠦ ᠬᠡᠷᠡᠭ ᠭᠠᠷᠤᠯ᠎ᠠ᠃ 
       ᠡᠴᠢᠭᠡ ᠨᠢ ᠢᠩᠭᠢᠵᠦ ᠰᠥᠨᠢ ᠳᠦᠯᠢ ᠪᠡᠷ ᠴᠢᠬᠤᠯᠠ ᠬᠡᠷᠡᠭ ᠵᠥᠪᠯᠡᠬᠦ ᠪᠡᠷ ᠳᠠᠭᠤᠳᠠᠭᠰᠠᠨ ᠨᠢ ᠪᠠᠲᠤ ᠳ᠋ᠤ᠌ ᠪᠠᠬᠠᠲᠠᠢ ᠰᠠᠢᠬᠠᠨ ᠰᠠᠨᠠᠭᠳᠠᠵᠠᠢ᠃ ᠰᠢᠳᠠᠷ ᠤ᠋ᠳ ᠠ᠋ᠴᠠ ᠪᠠᠨ ᠬᠡᠨ ᠢ᠋ ᠨᠢ ᠴᠦ᠍ ᠳᠠᠭᠤᠳᠠᠭᠰᠠᠨ ᠦᠭᠡᠢ᠃ 
       | ᠪᠠᠲᠤ᠂ ᠬᠦᠦ ᠮᠢᠨᠢ᠃ ᠴᠢ ᠠᠩᠬᠠᠷᠤᠯᠲᠠᠢ ᠰᠣᠨᠣᠰ᠃ ᠰᠣᠨᠣᠰᠤᠭᠰᠠᠨ ᠢ᠋ᠶ᠋ᠠᠨ ᠴᠠᠭᠠᠰᠢ ᠨᠢ ᠬᠡᠨ ᠳ᠋ᠦ᠍ ᠴᠦ᠍ ᠪᠦᠦ ᠮᠡᠳᠡᠭᠳᠡ᠃ ᠡᠨᠡ ᠬᠡᠷᠡᠭ ᠢ᠋ ᠵᠥᠪᠬᠡᠨ ᠴᠢ ᠪᠢᠳᠡ ᠬᠣᠶᠠᠷ ᠯᠠ ᠮᠡᠳᠡᠬᠦ ᠶᠣᠰᠣᠲᠠᠢ ᠶᠤᠮ᠃ 
       | ᠵᠠ᠂ ᠠᠪᠤ ᠠ᠋᠃ 
       | ᠴᠢᠩᠭᠢᠰ ᠬᠠᠭᠠᠨ ᠶᠢᠰᠦᠨᠲᠠᠢ ᠶ᠋ᠢ ᠡᠯᠴᠢ ᠪᠣᠯᠭᠠᠨ ᠢᠯᠡᠭᠡᠵᠡᠢ ᠭᠡᠵᠦ ᠴᠢᠩᠭᠢᠰ ᠬᠠᠭᠠᠨ ᠤ᠋ ᠴᠥᠭᠡᠨ ᠦᠭᠡ ᠲᠡᠢ ᠵᠠᠬᠢᠳᠠᠯ ᠢ᠋ ᠥᠭᠪᠡ᠃ ᠪᠠᠲᠤ ᠭᠦᠶᠦᠯᠭᠡᠨ ᠤᠩᠰᠢᠭᠠᠳ 
       | ᠴᠡᠷᠢᠭ ᠢ᠋ᠶ᠋ᠡᠨ ᠠᠪᠴᠤ ᠢᠷ᠎ᠡ ᠭᠡᠨ᠎ᠡ ᠭᠡᠵᠦ ᠭᠠᠢᠬᠠᠭᠰᠠᠨ ᠳ᠋ᠠᠭᠠᠨ ᠨᠢᠳᠦ ᠨᠢ ᠲᠣᠮᠣᠷᠠᠪᠠ᠃ 
       | ᠲᠡᠢᠮᠦ ᠠ᠋᠃ ᠨᠠᠮᠠᠶ᠋ᠢ ᠴᠡᠷᠢᠭ ᠢ᠋ᠶ᠋ᠡᠨ ᠠᠪᠴᠤ ᠢᠷ᠎ᠡ ᠭᠡᠵᠡᠢ᠃ ᠪᠠᠰᠠ ᠺᠢᠶᠧᠹ ᠦ᠋ᠨ ᠵᠦᠭ ᠶᠠᠪᠤᠭᠰᠠᠨ ᠰᠥᠪᠡᠭᠡᠳᠡᠢ᠂ ᠪᠠᠭᠳᠠᠳ᠋ ᠠ᠋ᠴᠠ ᠴᠣᠷᠮᠤᠭᠤᠨ᠂ ᠡᠨᠡᠳᠬᠡᠭ ᠡᠴᠡ ᠪᠡᠯᠡ ᠶ᠋ᠢ ᠴᠦ᠍ ᠳᠠᠭᠤᠳᠠᠵᠠᠢ᠃ 
       | ᠶᠠᠭᠤ ᠪᠣᠯᠪᠠ᠃ 
       | ᠶᠡᠬᠡ ᠴᠡᠷᠢᠭ ᠢ᠋ᠶ᠋ᠡᠨ ᠠᠪᠴᠤ ᠮᠣᠩᠭᠣᠯ ᠨᠤᠲᠤᠭ ᠲᠠᠭᠠᠨ ᠪᠤᠴᠠᠬᠤ ᠭᠡᠨ᠎ᠡ᠃ 
       | ᠲᠡᠢᠮᠦ ᠤᠤ? ᠲᠡᠭᠡᠪᠡᠯ ᠪᠢᠳᠡ ᠨᠠᠭᠠᠰᠢ ᠪᠠᠨ ᠳᠡᠮᠡᠢ ᠨᠡᠭᠦᠳᠡᠯ ᠬᠢᠵᠡᠢ᠃ ᠣᠳᠣ ᠪᠤᠴᠠᠨ᠎ᠠ᠃ 
       | ᠴᠢ ᠬᠦᠯᠢᠶᠡ᠃ ᠲᠡᠳᠡ ᠢᠷᠡᠳᠡᠭ ᠢ᠋ᠶ᠋ᠡᠷ ᠢ᠋ᠶ᠋ᠡᠨ ᠢᠷᠡᠭ᠃ ᠪᠢ ᠮᠣᠩᠭᠣᠯ ᠳ᠋ᠤ᠌ ᠪᠤᠴᠠᠬᠤ ᠦᠭᠡᠢ ᠪᠡᠷ ᠰᠢᠢᠳᠦᠯ᠎ᠡ᠃ ᠡᠨᠳᠡ ᠰᠠᠭᠤᠵᠤ᠂ ᠥᠪᠡᠷ ᠦ᠋ᠨ ᠤᠯᠤᠰ ᠢ᠋ ᠪᠠᠢᠭᠤᠯᠤᠨ᠎ᠠ᠃ ᠪᠢ ᠡᠳᠦᠢ ᠪᠣᠯᠲᠠᠯ᠎ᠠ ᠴᠢᠩᠭᠢᠰ ᠬᠠᠭᠠᠨ ᠡᠴᠢᠭᠡ ᠳ᠋ᠦ᠍ ᠵᠢᠳᠬᠦᠵᠦ᠂ ᠶᠡᠬᠡ ᠤᠯᠤᠰ ᠢ᠋ ᠪᠠᠢᠭᠤᠯᠬᠤ ᠳ᠋ᠤ᠌ ᠬᠦᠴᠦ ᠪᠡᠨ ᠥᠭᠭᠦᠯ᠎ᠡ᠃ ᠣᠳᠣ ᠦᠯᠡᠳᠡᠭᠰᠡᠨ ᠨᠠᠰᠤ ᠪᠠᠨ ᠥᠪᠡᠷ ᠦ᠋ᠨ ᠤᠯᠤᠰ ᠢ᠋ ᠪᠠᠢᠭᠤᠯᠬᠤ ᠳ᠋ᠤ᠌ ᠵᠣᠷᠢᠭᠤᠯᠤᠨ᠎ᠠ᠃ ᠨᠠᠮᠠᠶ᠋ᠢ ᠵᠥᠴᠢ ᠬᠠᠭᠠᠨ ᠭᠡᠵᠦ ᠡᠷᠭᠦᠮᠵᠢᠯᠡᠭᠡᠰᠡᠢ ᠭᠡᠵᠦ ᠪᠢ ᠬᠦᠰᠡᠨ᠎ᠡ᠃ ᠬᠥᠪᠡᠭᠦᠨ ᠴᠢ ᠶᠠᠭᠤ ᠭᠡᠵᠦ ᠪᠣᠳᠣᠵᠤ ᠪᠠᠢᠨ᠎ᠠ? ᠵᠥᠴᠢ ᠶᠠᠭᠠᠷᠠᠵᠤ ᠶᠠᠭᠤᠮᠠᠨ ᠳ᠋ᠤ᠌ ᠬᠥᠭᠡᠭᠡᠭᠳᠡᠭᠰᠡᠨ ᠮᠡᠲᠦ ᠠᠮᠢᠰᠬᠤᠭᠠᠳᠠᠨ ᠠᠰᠠᠭᠤᠪᠠ᠃ ᠲᠡᠭᠦᠨ ᠦ᠌ ᠰᠡᠳᠬᠢᠯ ᠬᠥᠪᠴᠢᠷᠡᠨ ᠳᠣᠩᠰᠣᠯᠵᠠᠢ᠃ 
       | ᠪᠢ ᠲᠠᠨ ᠤ᠋ ᠲᠥᠯᠥᠭᠡ ᠠᠭᠤᠯᠠ ᠶ᠋ᠢ ᠳᠠᠪᠠᠵᠤ ᠤᠰᠤ ᠶ᠋ᠢ ᠭᠠᠲᠤᠯᠤᠨ᠎ᠠ᠃ ᠪᠢ ᠲᠠᠨ ᠲᠠᠢ ᠬᠠᠮᠲᠤ ᠦᠷᠡᠯ ᠦ᠋ᠨ ᠨᠢᠷᠤᠭᠤᠨ ᠠ᠋ᠴᠠ ᠴᠠᠭᠠᠰᠢ᠂ ᠺᠠᠤᠺᠡᠰ ᠦ᠋ᠨ ᠨᠢᠷᠤᠭᠤᠨ ᠠ᠋ᠴᠠ ᠬᠣᠢᠰᠢᠬᠢ ᠨᠤᠲᠤᠭ ᠢ᠋ ᠬᠣᠷᠢᠶᠠᠨ ᠠᠪᠬᠤ ᠶ᠋ᠢ ᠬᠦᠰᠡᠨ᠎ᠡ᠃ ᠪᠢ ᠭ᠌ᠧᠷᠲ᠋ᠨ᠋ ᠦ᠌ ᠤᠤᠭᠠᠯ ᠨᠤᠲᠤᠭ ᠲᠤ᠌ ᠣᠴᠢᠬᠤ ᠶ᠋ᠢ ᠬᠦᠰᠡᠨ᠎ᠡ ᠭᠡᠵᠦ ᠪᠠᠲᠤ ᠰᠡᠳᠬᠢᠯ ᠬᠥᠳᠡᠯᠦᠨ ᠢᠲᠡᠭᠡᠯ ᠲᠡᠭᠦᠰ ᠬᠡᠯᠡᠪᠡ᠃ ᠭᠧᠷᠲ᠋ᠨ᠋ ᠭᠦᠩᠵᠦ ᠪᠣᠯ ᠡᠬᠡ ᠶ᠋ᠢᠨ ᠲᠠᠯ᠎ᠠ ᠶ᠋ᠢᠨ ᠤᠳᠤᠮ ᠢ᠋ ᠬᠥᠭᠡᠭᠡᠪᠡᠯ ᠡᠷᠢᠶᠡᠨ ᠮᠥᠷᠡᠨ ᠣ ᠫᠷᠤᠰᠰ ᠦᠨᠳᠦᠰᠦᠲᠡᠨ ᠠᠵᠢ᠃ ᠭᠧᠷᠲ᠋ᠨ᠋ ᠦ᠌ ᠬᠡᠯᠡᠭᠰᠡᠨ ᠢ᠋ᠶ᠋ᠡᠷ ᠲᠡᠷᠡ ᠬᠣᠯᠠ ᠶ᠋ᠢᠨ ᠨᠤᠲᠤᠭ ᠴᠠᠭ ᠠᠭᠠᠷ ᠵᠥᠭᠡᠯᠡᠨ ᠪᠠᠰᠠ ᠪᠡᠯᠲ᠋ᠨ᠋ ᠦ᠌ ᠲᠠᠩᠭᠢᠰ ᠬᠡᠮᠡᠬᠦ ᠶᠡᠬᠡ ᠤᠰᠤ ᠪᠠᠢᠳᠠᠭ ᠭᠡᠬᠦ ᠶ᠋ᠢ ᠪᠠᠲᠤ ᠮᠡᠳᠡᠭᠰᠡᠨ ᠲᠤᠯᠠ ᠡᠢᠨ ᠬᠡᠯᠡᠵᠡᠢ᠃ 
       | ᠬᠥᠪᠡᠭᠦᠨ ᠴᠢᠨᠦᠬᠢ ᠪᠡᠨ ᠦᠭᠡ ᠶ᠋ᠢ ᠰᠣᠨᠣᠰᠤᠭᠠᠳ ᠪᠢ ᠰᠡᠳᠬᠢᠯ ᠬᠠᠨᠤᠯ᠎ᠠ᠃ 
       | ᠬᠠᠷᠢᠨ ᠴᠢᠩᠭᠢᠰ ᠬᠠᠭᠠᠨ ᠤ᠋ ᠵᠠᠷᠯᠢᠭ ᠲᠤ᠌ ᠶᠠᠭᠤ ᠭᠡᠵᠦ ᠬᠡᠯᠡᠨ᠎ᠡ? ᠶᠠᠭᠠᠬᠢᠭᠠᠳ ᠣᠴᠢᠬᠤ ᠦᠭᠡᠢ ᠭᠡᠵᠦ ᠬᠡᠯᠡᠬᠦ ᠪᠣᠢ? ᠭᠡᠵᠦ ᠪᠠᠲᠤ ᠰᠡᠷᠡᠮᠵᠢᠯᠡᠨ ᠠᠰᠠᠭᠤᠪᠠ᠃ 
       ᠬᠠᠮᠤᠭ ᠤ᠋ᠨ ᠵᠣᠪᠠᠯᠠᠩ ᠲᠠᠢ ᠨᠢ ᠡᠨᠡ ᠬᠡᠷᠡᠭ ᠶᠦ᠍ᠮ᠃ ᠨᠤᠲᠤᠭ ᠪᠤᠴᠠᠬᠤ ᠦᠭᠡᠢ ᠰᠢᠯᠲᠠᠭᠠᠨ ᠢ᠋ᠶ᠋ᠠᠨ ᠵᠥᠪ ᠣᠢᠯᠠᠭᠠᠭᠤᠯᠵᠤ ᠬᠡᠯᠡᠬᠦ ᠦᠭᠡᠢ ᠪᠣᠯ ᠴᠢᠩᠭᠢᠰ ᠬᠠᠭᠠᠨ ᠤ᠋ ᠠᠭᠤᠷ ᠬᠢᠯᠢᠩ ᠢ᠋ ᠪᠠᠳᠠᠷᠠᠭᠠᠵᠤ ᠪᠦᠬᠦ ᠬᠡᠷᠡᠭ ᠨᠤᠷᠠᠵᠤ ᠦᠬᠦᠯ ᠳ᠋ᠦ᠍ ᠴᠦ᠍ ᠬᠦᠷᠴᠦ ᠮᠡᠳᠡᠬᠦ ᠪᠢᠯᠡ᠃ ᠡᠴᠢᠭᠡ ᠬᠦᠦ ᠬᠣᠶᠠᠷ ᠡᠭᠦᠨ ᠢ᠋ ᠣᠢᠯᠠᠭᠠᠵᠤ ᠪᠠᠢᠯ᠎ᠠ᠃ ᠲᠤᠰᠠᠭᠠᠷ ᠤᠯᠤᠰ ᠪᠠᠢᠭᠤᠯᠬᠤ ᠲᠤᠬᠠᠢ ᠰᠢᠭᠤᠳ ᠳᠤᠷᠠᠳᠴᠤ ᠪᠣᠯᠬᠤ ᠦᠭᠡᠢ᠃ ᠴᠢᠩᠭᠢᠰ ᠬᠠᠭᠠᠨ ᠡᠭᠦᠨ ᠢ᠋ ᠲᠠᠯᠠᠷᠬᠠᠨ ᠳᠡᠮᠵᠢᠬᠦ ᠦᠭᠡᠢ ᠭᠡᠵᠦ ᠰᠡᠵᠢᠭᠯᠡᠵᠦ ᠪᠠᠢᠯ᠎ᠠ᠃ ᠪᠠᠰᠠ ᠵᠠᠷᠯᠢᠭ ᠢ᠋ ᠵᠥᠷᠢᠴᠡᠨ ᠣᠴᠢᠬᠤ ᠦᠭᠡᠢ ᠭᠡᠬᠦ ᠳ᠋ᠦ᠍ ᠲᠡᠭᠦᠨ ᠡᠴᠡ ᠴᠦ᠍ ᠢᠯᠡᠭᠦᠦ ᠠᠶᠤᠯᠲᠠᠢ᠃ ᠵᠥᠴᠢ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠤᠴᠢᠷ ᠪᠠᠲᠤ ᠶ᠋ᠢ ᠳᠠᠭᠤᠳᠠᠭᠰᠠᠨ ᠪᠢᠯᠡ᠃ ᠮᠠᠷᠭᠠᠰᠢ ᠶᠢᠰᠤᠨᠳᠠᠢ ᠶ᠋ᠢ ᠪᠤᠴᠠᠬᠤ ᠳ᠋ᠤ᠌ ᠵᠠᠪᠠᠯ ᠨᠢᠭᠡ ᠤᠴᠢᠷ ᠬᠡᠯᠡᠵᠦ ᠵᠠᠬᠢᠳᠠᠯ ᠢᠯᠡᠭᠡᠬᠦ ᠬᠡᠷᠡᠭᠲᠡᠢ ᠪᠣᠯᠵᠠᠢ᠃ ᠲᠤᠰᠠᠭᠠᠷ ᠤᠯᠤᠰ ᠪᠠᠢᠭᠤᠯᠬᠤ ᠬᠦᠰᠡᠯ ᠬᠡᠴᠢᠨᠡᠨ ᠠᠮᠲᠠᠲᠠᠢ ᠴᠤ᠌ ᠡᠭᠦᠨ ᠢ᠋ ᠪᠡᠶᠡᠯᠡᠭᠦᠯᠬᠦ ᠳ᠋ᠦ᠍ ᠬᠡᠴᠢᠨᠡᠨ ᠬᠡᠴᠡᠭᠦᠦ ᠪᠣᠯᠬᠤ ᠶ᠋ᠢ ᠲᠡᠳᠡ ᠣᠢᠯᠠᠭᠠᠵᠤ ᠪᠠᠢᠯ᠎ᠠ᠃ ᠴᠡᠷᠢᠭ ᠬᠥᠳᠡᠯᠭᠡᠵᠦ ᠬᠠᠷᠢ ᠶ᠋ᠢᠨ ᠤᠯᠤᠰ ᠠᠢᠮᠠᠭ ᠢ᠋ ᠡᠵᠡᠯᠡᠨ ᠠᠪᠬᠤ ᠬᠢᠯᠪᠠᠷ ᠠᠵᠢ᠃ ᠬᠠᠷᠢᠨ ᠴᠢᠩᠭᠢᠰ ᠬᠠᠭᠠᠨ ᠤ᠋ ᠶᠡᠬᠡ ᠨᠡᠷ᠎ᠡ ᠰᠦᠷ᠂ ᠬᠦᠴᠦᠨ ᠡᠴᠡ ᠠᠩᠭᠢᠵᠢᠷᠠᠵᠤ ᠰᠠᠯᠤᠨ᠎ᠠ ᠭᠡᠳᠡᠭ ᠪᠦᠲᠦᠰᠢ ᠦᠭᠡᠢ ᠪᠡᠷᠬᠡ ᠪᠣᠯᠬᠤ ᠨᠢ ᠲᠣᠪ ᠲᠣᠳᠣᠷᠬᠠᠢ ᠪᠣᠯᠵᠠᠢ᠃ ᠮᠣᠩᠭᠣᠯ ᠠ᠋ᠴᠠ ᠶᠡᠬᠡ ᠨᠡᠭᠦᠳᠡᠯ ᠨᠢᠭᠡᠨᠲᠡ ᠬᠥᠳᠡᠯᠦᠭᠰᠡᠨ ᠢ᠋ ᠴᠢᠩᠭᠢᠰ ᠬᠠᠭᠠᠨ ᠰᠣᠨᠣᠰᠴᠤ ᠮᠡᠳᠡᠬᠦ ᠦᠭᠡᠢ ᠪᠠᠢᠬᠤ ᠭᠡᠵᠦ ᠦᠭᠡᠢ᠃ ᠵᠥᠴᠢ ᠶ᠋ᠢᠨ ᠡᠮᠦᠨ᠎ᠡ ᠬᠣᠶᠠᠷ ᠵᠠᠮ ᠦᠯᠡᠳᠡᠪᠡ᠃ ᠨᠢᠭᠡ ᠪᠣᠯ ᠴᠢᠩᠭᠢᠰ ᠬᠠᠭᠠᠨ ᠤ᠋ ᠵᠠᠷᠯᠢᠭ ᠢ᠋ ᠦᠭᠡ ᠦᠭᠡᠢ ᠳᠠᠭᠠᠵᠤ ᠠᠮᠢᠳᠤᠷᠠᠬᠤ᠂ ᠦᠭᠡᠢ ᠪᠣᠯ ᠲᠤᠰᠠᠭᠠᠷ ᠤᠯᠤᠰ ᠢ᠋ᠶ᠋ᠠᠨ ᠪᠠᠢᠭᠤᠯᠬᠤ ᠶ᠋ᠢᠨ ᠲᠥᠯᠥᠭᠡ ᠡᠴᠦᠰ ᠢ᠋ᠶ᠋ᠡᠨ ᠬᠦᠷᠲᠡᠯ᠎ᠡ ᠵᠢᠳᠬᠦᠬᠦ ᠬᠣᠶᠠᠷ ᠤ᠋ᠨ ᠠᠯᠢ ᠨᠢᠭᠡ ᠶ᠋ᠢ ᠰᠣᠩᠭᠣᠬᠤ ᠪᠣᠯᠵᠠᠢ᠃ ᠵᠥᠴᠢ ᠶᠡᠬᠡ ᠰᠣᠩᠭᠣᠯᠲᠠ ᠶ᠋ᠢᠨ ᠡᠮᠦᠨ᠎ᠡ ᠢᠷᠡᠵᠡᠢ᠃ ᠡᠨᠡ ᠮᠥᠴᠡ ᠶ᠋ᠢ ᠦᠵᠡᠲᠡᠯ᠎ᠡ ᠲᠡᠷᠡ ᠳᠥᠴᠢᠨ ᠬᠣᠶᠠᠷ ᠵᠢᠯ ᠦ᠋ᠨ ᠵᠣᠪᠠᠯᠠᠩ ᠲᠠᠢ᠂ ᠪᠠᠬᠠᠷᠬᠠᠯᠲᠠᠢ ᠠᠮᠢᠳᠤᠷᠠᠯ ᠳᠣᠭᠣᠯᠵᠠᠢ᠃ ᠳᠡᠷᠭᠡᠳᠡ ᠨᠢ ᠵᠥᠴᠢ ᠶ᠋ᠢᠨ ᠢᠷᠡᠭᠡᠳᠦᠢ ᠶ᠋ᠢᠨ ᠭᠡᠷᠡᠯ ᠭᠡᠭᠡ ᠪᠣᠯᠤᠭᠰᠠᠨ ᠪᠠᠲᠤ ᠬᠥᠪᠡᠭᠦᠨ ᠨᠢ ᠲᠡᠭᠦᠨ ᠦ᠌ ᠰᠢᠢᠳᠪᠦᠷᠢ ᠶ᠋ᠢ ᠬᠦᠯᠢᠶᠡᠨ ᠢᠳᠡᠷ ᠵᠠᠯᠠᠭᠤ ᠨᠠᠰᠤᠨ ᠤ᠋ ᠬᠠᠯᠠᠭᠤᠨ ᠬᠦᠰᠡᠯ ᠭᠡᠷᠡᠯᠲᠦᠭᠦᠯᠦᠨ ᠵᠣᠭᠰᠣᠨ᠎ᠠ᠃ ᠴᠢᠩᠭᠢᠰ ᠬᠠᠭᠠᠨ ᠪᠥᠷᠲᠡ ᠡᠬᠡ ᠶ᠋ᠢᠨ ᠬᠡᠯᠡᠭᠰᠡᠨ ᠢ᠋ᠶ᠋ᠡᠷ ᠵᠥᠴᠢ ᠳ᠋ᠦ᠍ ᠠᠮᠢ ᠠᠮᠢᠳᠤᠷᠠᠯ ᠢ᠋ ᠰᠣᠶᠣᠷᠬᠠᠨ ᠦᠭᠭᠦᠭᠰᠡᠨ ᠴᠦ᠍ ᠬᠠᠭᠠᠨ ᠠᠯᠳᠠᠷ ᠢ᠋ ᠪᠤᠯᠢᠶᠠᠨ ᠠᠪᠤᠭᠰᠠᠨ ᠪᠢᠯᠡ᠃ ᠵᠥᠴᠢ ᠳ᠋ᠦ᠍ ᠡᠨᠡ ᠶᠡᠬᠡ ᠠᠯᠳᠠᠷ ᠢ᠋ ᠥᠪᠡᠷ ᠦ᠋ᠨ ᠬᠦᠴᠦ ᠪᠡᠷ ᠪᠤᠯᠢᠶᠠᠨ ᠠᠪᠬᠤ ᠭᠠᠭᠴᠠ ᠵᠠᠮ ᠦᠯᠡᠳᠡᠭᠡᠵᠡᠢ᠃ ᠣᠳᠣ ᠵᠥᠴᠢ ᠶᠠᠭ ᠡᠨᠡ ᠬᠦᠰᠡᠯ ᠪᠣᠯᠤᠭᠰᠠᠨ ᠵᠠᠮ ᠤ᠋ᠨ ᠢ᠋ᠶ᠋ᠠᠨ ᠡᠬᠢᠨ ᠳ᠋ᠦ᠍ ᠬᠡᠨ ᠴᠦ᠍ ᠪᠤᠯᠢᠶᠠᠨ ᠠᠪᠴᠤ ᠦᠯᠦ ᠴᠢᠳᠠᠬᠤ ᠭᠠᠭᠴᠠ ᠵᠠᠯᠭᠠᠮᠵᠢᠯᠠᠭᠴᠢ᠂ ᠥᠮᠥᠭ ᠲᠦᠰᠢᠭ ᠪᠣᠯᠤᠭᠰᠠᠨ ᠪᠠᠲᠤ ᠬᠥᠪᠡᠭᠦᠨ ᠦ᠌ ᠪᠡᠨ ᠬᠠᠮᠲᠤ ᠵᠣᠭᠰᠣᠵᠤ ᠪᠠᠢᠪᠠ᠃ ᠲᠡᠭᠦᠨ ᠦ᠌ ᠣᠳᠣ ᠭᠠᠷᠭᠠᠬᠤ ᠰᠢᠢᠳᠪᠦᠷᠢ᠂ ᠰᠣᠩᠭᠣᠬᠤ ᠵᠠᠮ ᠢ᠋ᠶ᠋ᠠᠷ ᠪᠠᠲᠤ ᠬᠥᠪᠡᠭᠦᠨ ᠨᠢ ᠶᠠᠪᠤᠬᠤ ᠪᠣᠯᠤᠨ᠎ᠠ᠃ 
       | ᠪᠠᠲᠤ ᠬᠥᠪᠡᠭᠦᠨ ᠮᠢᠨᠢ᠂ ᠴᠢ ᠶᠠᠭᠤ ᠬᠦᠰᠡᠨ᠎ᠡ? 
       ᠡᠴᠢᠭᠡ ᠶ᠋ᠢᠨ ᠡᠨᠡ ᠭᠡᠨᠡᠳᠲᠡ ᠶ᠋ᠢᠨ ᠪᠠ ᠤᠴᠢᠷ ᠨᠢ ᠲᠣᠳᠣᠷᠬᠠᠢ ᠦᠭᠡᠢ ᠠᠰᠠᠭᠤᠯᠲᠠ ᠪᠠᠲᠤ ᠶ᠋ᠢ ᠴᠣᠴᠢᠷᠳᠠᠭᠤᠯᠪᠠ᠃ ᠪᠠᠲᠤ ᠳ᠋ᠤ᠌ ᠬᠦᠰᠡᠯ ᠣᠯᠠᠨ ᠪᠣᠢ᠃ ᠭᠡᠪᠡᠴᠦ ᠪᠣᠳᠣᠭᠰᠠᠨ ᠤ᠋ ᠡᠴᠦᠰ ᠲᠦ᠍ ᠡᠴᠢᠭᠡ ᠨᠢ ᠲᠡᠭᠦᠨ ᠡᠴᠡ ᠶᠠᠮᠠᠷ ᠬᠠᠷᠢᠭᠤ ᠬᠦᠯᠢᠶᠡᠵᠦ ᠪᠠᠢᠭ᠎ᠠ ᠶ᠋ᠢ ᠣᠢᠯᠠᠭᠠᠪᠠ᠃ 
       | ᠪᠢ ᠣᠷᠣᠰ ᠠᠢᠮᠠᠭ ᠤ᠋ᠳ ᠢ᠋ ᠨᠢᠭᠡᠳᠬᠡᠨ ᠥᠪᠡᠷ ᠦ᠋ᠨ ᠤᠯᠤᠰ ᠢ᠋ ᠪᠠᠢᠭᠤᠯᠵᠤ ᠶᠡᠬᠡ ᠬᠠᠭᠠᠨ ᠰᠠᠭᠤᠬᠤ ᠶ᠋ᠢ ᠬᠦᠰᠡᠨ᠎ᠡ ᠭᠡᠵᠦ ᠡᠷᠡᠭᠡᠯᠵᠡᠭᠡ ᠦᠭᠡᠢ ᠲᠣᠳᠣ ᠬᠡᠯᠡᠪᠡ᠃ ᠪᠠᠲᠤ ᠶ᠋ᠢᠨ ᠦᠭᠡ ᠵᠥᠴᠢ ᠶ᠋ᠢᠨ ᠬᠦᠰᠡᠭᠰᠡᠨ ᠬᠠᠷᠢᠭᠤ ᠮᠥᠨ ᠪᠠᠢᠯ᠎ᠠ᠃ ᠵᠥᠴᠢ ᠲᠠᠭᠠᠲᠠᠢ ᠪᠠᠷ ᠢᠨᠢᠶᠡᠵᠦ ᠬᠥᠪᠡᠭᠦᠨ ᠢ᠋ᠶ᠋ᠡᠨ ᠲᠡᠪᠡᠷᠢᠪᠡ᠃ ᠵᠥᠴᠢ ᠶᠠᠭᠤ ᠬᠢᠬᠦ᠂ ᠶᠠᠭᠤ ᠬᠡᠯᠡᠬᠦ ᠪᠡᠨ ᠰᠠᠢᠨ ᠮᠡᠳᠡᠵᠦ ᠠᠪᠴᠠᠢ᠃ 
       ᠥᠷᠯᠥᠭᠡ ᠪᠣᠯᠣᠮᠠᠭᠴᠠ ᠵᠥᠴᠢ ᠴᠢᠩᠭᠢᠰ ᠬᠠᠭᠠᠨ ᠤ᠋ ᠡᠯᠴᠢ ᠶᠢᠰᠤᠨᠳᠠᠢ ᠶ᠋ᠢ ᠬᠦᠯᠢᠶᠡᠵᠦ ᠰᠠᠭᠤᠪᠠ᠃ ᠴᠢᠩᠭᠢᠰ ᠬᠠᠭᠠᠨ ᠤ᠋ ᠰᠢᠳᠠᠷ ᠶᠢᠰᠤᠨᠳᠠᠢ ᠶ᠋ᠢᠨ ᠡᠴᠢᠭᠡ ᠵᠡᠯᠮ᠎ᠡ ᠰᠠ ᠡᠪᠡᠳᠴᠢᠨ ᠳ᠋ᠦ᠍ ᠨᠡᠷᠪᠡᠭᠳᠡᠭᠡᠳ ᠣᠳᠣ ᠴᠡᠷᠢᠭ ᠳᠠᠢᠰᠤᠨ ᠠ᠋ᠴᠠ ᠠᠯᠤᠰ ᠬᠣᠯᠠ ᠥᠪᠡᠷ ᠦ᠋ᠨ ᠬᠤᠪᠢᠶᠠᠷᠢᠲᠤ ᠨᠤᠲᠤᠭ ᠪᠠᠷᠠᠭᠤᠨ ᠬᠢᠩᠭᠠᠨ ᠤ᠋ ᠨᠢᠷᠤᠭᠤᠨ ᠤ᠋ ᠠᠢᠷᠠᠭ ᠭᠡᠭᠴᠢ ᠵᠢᠵᠢᠭ ᠨᠠᠭᠤᠷ ᠤ᠋ᠨ ᠬᠥᠪᠡᠭᠡᠨ ᠳ᠋ᠦ᠍ ᠦᠮᠡᠬᠡᠢ ᠰᠢᠪᠠᠷ ᠢ᠋ᠶ᠋ᠠᠷ ᠪᠡᠶ᠎ᠡ ᠪᠡᠨ ᠡᠮᠴᠢᠯᠡᠵᠦ ᠰᠠᠭᠤᠭ᠎ᠠ ᠪᠢᠯᠡ᠃ ᠡᠴᠢᠭᠡ ᠵᠠᠯᠮ᠎ᠠ ᠶ᠋ᠢᠨ ᠵᠢᠳᠬᠦᠯ᠂ ᠭᠠᠪᠢᠶ᠎ᠠ ᠶ᠋ᠢ ᠥᠪᠯᠡᠵᠦ ᠠᠪᠤᠭᠰᠠᠨ ᠶᠢᠰᠦᠨᠲᠠᠢ ᠪᠣᠯ ᠴᠢᠩᠭᠢᠰ ᠬᠠᠭᠠᠨ ᠤ᠋ ᠢᠲᠡᠭᠡᠯᠲᠡᠢ ᠬᠥᠮᠦᠰ ᠦ᠋ᠨ ᠨᠢᠭᠡ ᠶᠠᠭᠠᠬᠢᠬᠤ ᠠᠷᠭ᠎ᠠ ᠦᠭᠡᠢ ᠮᠥᠨ ᠪᠥᠭᠡᠳ ᠨᠡᠷ᠎ᠡ ᠨᠥᠯᠥᠭᠡ ᠨᠢ ᠴᠦ᠍ ᠴᠡᠷᠢᠭ ᠦ᠋ᠨ ᠳᠣᠲᠣᠷ᠎ᠠ ᠪᠠᠭ᠎ᠠ ᠦᠭᠡᠢ ᠶᠦᠮ᠃ ᠵᠠᠯᠮ᠎ᠠ ᠶ᠋ᠢ ᠡᠢᠨ ᠨᠤᠲᠤᠭ ᠪᠤᠴᠠᠭᠰᠠᠨ ᠠ᠋ᠴᠠ ᠬᠣᠢᠰᠢ ᠴᠢᠩᠭᠢᠰ ᠬᠠᠭᠠᠨ ᠪᠣᠯᠤᠭᠠᠳ ᠪᠤᠭᠤᠷᠴᠢ ᠪᠤᠰᠤᠳ ᠠᠬᠠᠮᠠᠳ ᠬᠥᠮᠦᠰ ᠶᠢᠰᠦᠨᠲᠠᠢ ᠶ᠋ᠢ ᠵᠠᠯᠮ᠎ᠠ ᠶ᠋ᠢᠨ ᠣᠷᠣ ᠪᠠᠷ ᠦᠵᠡᠵᠦ ᠲᠡᠭᠦᠨ ᠳ᠋ᠦ᠍ ᠶᠡᠬᠡᠳᠡ ᠠᠩᠬᠠᠷᠤᠯ ᠬᠦᠨᠳᠦᠳᠬᠡᠯ ᠲᠡᠢ ᠬᠠᠨᠳᠤᠬᠤ ᠪᠣᠯᠤᠭᠰᠠᠨ ᠢ᠋ᠶ᠋ᠠᠷ ᠬᠠᠭᠤᠴᠢᠨ ᠪᠠᠭ᠎ᠠ ᠶ᠋ᠢᠨ ᠠᠨᠳᠠ ᠶᠢᠰᠦᠨᠲᠠᠢ ᠶ᠋ᠢᠨ ᠰᠡᠳᠬᠢᠯ ᠳ᠋ᠦ᠍ ᠶᠠᠮᠠᠷ ᠥᠭᠡᠷᠡᠴᠢᠯᠡᠯᠲᠡ ᠣᠷᠣᠭᠰᠠᠨ ᠢ᠋ ᠵᠥᠴᠢ ᠠᠩᠵᠠᠭᠠᠷᠠᠵᠤ ᠮᠡᠳᠡᠭᠰᠡᠨ ᠦᠭᠡᠢ᠃ ᠪᠣᠳᠣᠵᠤ ᠪᠣᠳᠣᠵᠤ ᠶᠢᠰᠦᠨᠲᠠᠢ ᠳ᠋ᠤ᠌ ᠢᠲᠡᠭᠡᠬᠦ ᠬᠡᠷᠡᠭᠲᠡᠢ ᠭᠡᠵᠦ ᠰᠢᠢᠳᠪᠡ᠃ ᠲᠤᠰᠠᠭᠠᠷ ᠤᠯᠤᠰ ᠪᠠᠢᠭᠤᠯᠬᠤ ᠳ᠋ᠤ᠌ ᠶᠢᠰᠦᠨᠲᠠᠢ ᠶ᠋ᠢᠨ ᠬᠦᠴᠦ ᠴᠢᠬᠤᠯᠠ ᠶᠤᠮ᠃ ᠶᠡᠷᠦ ᠨᠢ ᠭᠠᠭᠴᠠ ᠶᠢᠰᠦᠨᠲᠠᠢ ᠴᠤ᠌ ᠪᠢᠰᠢ ᠣᠳᠣ ᠴᠢᠩᠭᠢᠰ ᠬᠠᠭᠠᠨ ᠤ᠋ ᠳᠡᠷᠭᠡᠳᠡ ᠠᠯᠪᠠ ᠬᠠᠰᠢᠵᠤ ᠪᠣᠢ ᠬᠡᠳᠦ ᠬᠡᠳᠦᠨ ᠬᠥᠮᠦᠨ ᠢ᠋ ᠥᠪᠡᠷ ᠲᠡᠭᠡᠨ ᠤᠷᠪᠠᠭᠤᠯᠤᠨ ᠳᠠᠭᠠᠭᠤᠯᠬᠤ ᠬᠡᠷᠡᠭᠲᠡᠢ ᠪᠠᠢᠪᠠ᠃ ᠡᠨᠡ ᠬᠡᠷᠡᠭ ᠢ᠋ ᠭᠦᠢᠴᠡᠯᠳᠦᠭᠦᠯᠵᠦ ᠴᠢᠳᠠᠬᠤ ᠭᠠᠭᠴᠠ ᠬᠥᠮᠦᠨ ᠨᠢ ᠠᠨᠳᠠ ᠶᠢᠰᠦᠨᠲᠠᠢ ᠶ᠋ᠢ ᠭᠡᠵᠦ ᠵᠥᠴᠢ ᠦᠵᠡᠵᠡᠢ᠃ ᠶᠢᠰᠦᠨᠲᠠᠢ ᠴᠢᠩᠭᠢᠰ ᠬᠠᠭᠠᠨ ᠳ᠋ᠤ᠌ ᠵᠢᠳᠬᠦᠭᠡᠳ ᠮᠢᠩᠭᠠᠨ ᠤ᠋ ᠨᠣᠶᠠᠨ ᠠ᠋ᠴᠠ ᠶᠡᠬᠡ ᠳᠡᠭᠡᠭᠰᠢ ᠲᠠᠪᠰᠢᠬᠤ ᠪᠣᠯᠤᠮᠵᠢ ᠪᠠᠭ᠎ᠠ ᠤᠴᠢᠷ ᠠ᠋ᠴᠠ ᠵᠥᠴᠢ ᠶ᠋ᠢᠨ ᠳᠡᠷᠭᠡᠳᠡ ᠢᠷᠡᠵᠦ ᠲᠡᠭᠦᠨ ᠦ᠌ ᠤᠯᠤᠰ ᠤ᠋ᠨ ᠴᠡᠷᠢᠭ ᠦ᠋ᠨ ᠪᠦᠬᠦ ᠬᠡᠷᠡᠭ ᠢ᠋ ᠡᠷᠬᠢᠯᠡᠬᠦ ᠶ᠋ᠢ ᠶᠠᠭᠠᠬᠢᠪᠠᠴᠤ ᠬᠦᠰᠡᠨ᠎ᠡ ᠭᠡᠵᠦ ᠲᠣᠭᠠᠴᠠᠪᠠ᠃ ᠡᠨᠡ ᠨᠢ ᠪᠠᠲᠤ ᠬᠥᠪᠡᠭᠦᠨ ᠦ᠌ ᠬᠢᠨᠢ ᠳᠠᠷᠠᠭᠠᠬᠢ ᠡᠷᠬᠡᠲᠡᠨ ᠪᠣᠯᠤᠨ᠎ᠠ ᠭᠡᠰᠡᠨ ᠦᠭᠡ ᠶᠦᠮ᠃ ᠪᠠᠰᠠ ᠶᠢᠰᠦᠨᠲᠠᠢ ᠪᠠᠷ ᠤᠯᠠᠮᠵᠢᠯᠠᠭᠤᠯᠤᠨ ᠳᠠᠯᠠᠢᠭᠴᠢ ᠬᠤᠢᠯᠳᠠᠷ ᠤ᠋ᠨ ᠬᠥᠪᠡᠭᠦᠨ ᠣᠭᠣᠳᠠᠷ᠂ ᠪᠤᠭᠤᠷᠴᠢ ᠶ᠋ᠢᠨ ᠳᠡᠭᠦᠦ ᠥᠭᠡᠯᠦᠨ ᠴᠡᠷᠪᠢ ᠶ᠋ᠢ ᠥᠪᠡᠷ ᠦ᠋ᠨ ᠳᠡᠷᠭᠡᠳᠡ ᠠᠪᠴᠢᠷᠠᠵᠤ ᠴᠢᠳᠠᠪᠠᠯ ᠡᠨᠡ ᠰᠠᠢᠨ ᠭᠡᠵᠦ ᠪᠣᠳᠣᠪᠠ᠃ ᠪᠠᠰᠠ ᠰᠦᠪᠡᠭᠡᠳᠡᠢ ᠪᠠᠭᠠᠲᠤᠷ ᠤ᠋ᠨ ᠲᠤᠰᠠ ᠶ᠋ᠢ ᠣᠯᠬᠤ ᠨᠢ ᠴᠦ᠍ ᠴᠢᠬᠤᠯᠠ ᠪᠠᠢᠪᠠ᠃ ᠰᠦᠪᠡᠭᠡᠳᠡᠢ ᠪᠣᠯ ᠦᠯᠦ ᠲᠠᠨᠢᠬᠤ ᠪᠠᠷᠠᠭᠤᠨ ᠵᠦᠭ ᠦ᠋ᠨ ᠤᠯᠤᠰ ᠠᠢᠮᠠᠭ ᠲᠤ᠌ ᠬᠠᠮᠤᠭ ᠤ᠋ᠨ ᠬᠣᠯᠠ ᠳᠣᠪᠲᠣᠯᠤᠨ ᠣᠳᠤᠭᠰᠠᠨ᠂ ᠲᠡᠷᠡ ᠭᠠᠵᠠᠷ ᠢ᠋ ᠬᠠᠮᠤᠭ ᠤ᠋ᠨ ᠰᠠᠢᠨ ᠮᠡᠳᠡᠬᠦ ᠬᠥᠮᠦᠨ ᠶᠦᠮ᠃ ᠵᠥᠴᠢ ᠴᠡᠷᠢᠭ ᠢ᠋ᠶ᠋ᠡᠨ ᠵᠠᠰᠠᠵᠤ ᠪᠡᠬᠢᠯᠡᠭᠡᠳ ᠣᠷᠣᠰ ᠤᠭᠰᠠᠭᠠᠲᠠᠨ ᠨᠤᠭᠤᠳ ᠤ᠋ᠨ ᠨᠤᠲᠤᠭ ᠤ᠋ᠨ ᠤᠷᠢᠳᠤ ᠬᠢᠵᠠᠭᠠᠷ ᠢ᠋ ᠰᠠᠬᠢᠨ ᠰᠠᠭᠤᠭᠴᠢ ᠠᠰᠤ ᠠᠢᠮᠠᠭ ᠢ᠋ ᠳᠣᠪᠲᠣᠯᠤᠨ ᠡᠵᠡᠯᠡᠬᠦ ᠪᠡᠷ ᠲᠥᠯᠥᠪᠯᠡᠵᠦ ᠪᠠᠢᠵᠠᠢ᠃ ᠠᠰᠤ ᠠᠢᠮᠠᠭ ᠪᠣᠯ ᠰᠠᠭᠤᠷᠢᠨ ᠠᠮᠢᠳᠤᠷᠠᠭᠴᠢ ᠢᠷᠭᠡᠳ ᠪᠥᠭᠡᠳ ᠦᠷᠡᠯ ᠦ᠋ᠨ ᠨᠢᠷᠤᠭᠤᠨ ᠤ᠋ ᠪᠠᠷᠠᠭᠤᠨ ᠲᠠᠯ᠎ᠠ ᠳ᠋ᠤ᠌ ᠦᠷᠡᠯ ᠮᠥᠷᠡᠨ ᠦ᠌ ᠳᠤᠮᠳᠠ ᠪᠡᠶ᠎ᠡ ᠪᠡᠷ ᠨᠤᠲᠤᠭᠯᠠᠨ ᠰᠠᠭᠤᠳᠠᠭ ᠶᠤᠮ᠃ ᠠᠰᠤ ᠠᠢᠮᠠᠭ ᠢ᠋ ᠡᠵᠡᠯᠡᠨ ᠠᠪᠤᠪᠠᠯ ᠬᠢᠪᠴᠠᠭ ᠪᠣᠯᠤᠭᠠᠳ ᠣᠷᠣᠰ ᠤᠭᠰᠠᠭᠠᠲᠠᠨ ᠤ᠋ ᠣᠯᠠᠨ ᠠᠢᠮᠠᠭ ᠤ᠋ᠳ ᠲᠠᠢ ᠰᠢᠭᠤᠳ ᠬᠢᠯᠢ ᠵᠠᠯᠭᠠᠨ᠎ᠠ᠃ ᠠᠰᠤ ᠠᠢᠮᠠᠭ ᠤ᠋ᠨ ᠬᠦᠴᠦ ᠶ᠋ᠢ ᠠᠪᠴᠤ ᠴᠡᠷᠢᠭ ᠢ᠋ᠶ᠋ᠡᠨ ᠰᠡᠯᠪᠢᠪᠡᠯ ᠣᠷᠣᠰ ᠠᠢᠮᠠᠭ ᠤ᠋ᠳ ᠲᠠᠢ ᠳᠠᠢᠳᠤᠬᠤ ᠬᠦᠴᠦᠨ ᠪᠦᠷᠢᠳᠬᠦ ᠪᠢᠯᠡ᠃ 
       ᠶᠢᠰᠦᠨᠲᠠᠢ ᠶ᠋ᠢ ᠣᠷᠣᠵᠤ ᠢᠷᠡᠬᠦ ᠡᠴᠡ ᠡᠮᠦᠨ᠎ᠡ ᠵᠥᠴᠢ ᠰᠦᠪᠡᠭᠡᠳᠡᠢ ᠪᠠᠭᠠᠲᠤᠷ ᠲᠤ᠌ ᠥᠪᠡᠷ ᠦ᠋ᠨ ᠡᠯᠴᠢ ᠪᠣᠯᠭᠠᠨ ᠲᠦᠷᠦᠯᠴᠢ ᠬᠦᠷᠭᠡᠨ ᠢ᠋ᠶ᠋ᠡᠨ ᠢᠯᠡᠭᠡᠶ᠎ᠡ ᠭᠡᠵᠦ ᠰᠢᠢᠳᠴᠡᠢ᠃ ᠴᠢᠩᠭᠢᠰ ᠬᠠᠭᠠᠨ ᠨᠤᠲᠤᠭ ᠪᠤᠴᠠᠯ᠎ᠠ ᠴᠤ᠌ ᠰᠦᠪᠡᠭᠡᠳᠡᠢ ᠡᠵᠡᠯᠡᠭᠰᠡᠨ ᠨᠤᠲᠤᠭ ᠢ᠋ᠶ᠋ᠠᠨ ᠰᠠᠬᠢᠨ ᠲᠣᠬᠣᠨᠢᠭᠤᠯᠵᠤ ᠦᠯᠡᠳᠡᠨ᠎ᠡ ᠭᠡᠵᠦ ᠵᠥᠴᠢ ᠢᠲᠡᠭᠡᠵᠦ ᠪᠠᠢᠪᠠ᠃ ᠨᠢᠭᠡ ᠤᠯᠤᠰ ᠣᠷᠣᠨ ᠢ᠋ ᠡᠵᠡᠯᠡᠨ ᠠᠪᠤᠮᠠᠭᠴᠠ ᠲᠡᠯᠡᠵᠦ ᠳᠡᠭᠡᠷᠡᠮᠳᠡᠭᠡᠳ ᠪᠤᠴᠠᠳᠠᠭ ᠴᠢᠩᠭᠢᠰ ᠬᠠᠭᠠᠨ ᠤ᠋ ᠡᠨᠡ ᠨᠡᠭᠦᠳᠡᠯᠴᠢᠨ ᠦ᠌ ᠳᠠᠢᠳᠤᠬᠤ ᠠᠷᠭ᠎ᠠ ᠶ᠋ᠢ ᠵᠥᠴᠢ ᠲᠠᠭᠠᠰᠢᠶᠠᠬᠤ ᠦᠭᠡᠢ ᠪᠣᠯᠤᠭᠰᠠᠭᠠᠷ ᠤᠳᠠᠵᠠᠢ᠃ ᠢᠩᠭᠢᠵᠦ ᠳᠤᠷ᠎ᠠ ᠦᠭᠡᠢᠴᠡᠬᠦ ᠨᠢ ᠭᠠᠭᠴᠠ ᠵᠥᠴᠢ ᠪᠢᠰᠢ ᠶᠦᠮ᠃ ᠵᠠᠯᠠᠭᠤ ᠢᠳᠡᠷ ᠵᠠᠩᠵᠤᠳ ᠴᠥᠮ ᠯᠡ ᠡᠵᠡᠯᠡᠨ ᠠᠪᠤᠭᠰᠠᠨ ᠨᠤᠲᠤᠭ ᠢ᠋ ᠵᠠᠬᠢᠷᠤᠨ ᠰᠠᠭᠤᠬᠤ ᠶ᠋ᠢ ᠬᠦᠰᠡᠵᠦ ᠪᠠᠢᠪᠠ᠃ ᠴᠢᠩᠭᠢᠰ ᠬᠠᠭᠠᠨ ᠤ᠋ ᠴᠡᠷᠢᠭ ᠬᠦᠴᠦᠷᠬᠡᠭᠵᠢᠨ ᠨᠡᠷ᠎ᠡ ᠰᠦᠷ ᠳᠡᠯᠭᠡᠷᠡᠬᠦ ᠬᠢᠷᠢ ᠪᠡᠷ ᠲᠡᠭᠦᠨ ᠦ᠌ ᠶᠡᠬᠡ ᠶ᠋ᠢ ᠪᠦᠲᠦᠭᠡᠭᠴᠢ᠂ ᠵᠣᠷᠢᠭᠲᠤ ᠪᠠᠭᠠᠲᠤᠷ ᠤ᠋ᠳ ᠲᠤ᠌ ᠰᠢᠨ᠎ᠡ ᠰᠢᠨ᠎ᠡ ᠭᠠᠵᠠᠷ ᠨᠤᠲᠤᠭ ᠨᠡᠭᠡᠭᠡᠭᠳᠡᠬᠦ ᠠᠵᠢ᠃ ᠡᠨᠡ ᠪᠣᠯ ᠨᠡᠭᠦᠳᠡᠯᠴᠢᠨ ᠠᠢᠮᠠᠭ ᠤ᠋ᠨ ᠤᠳᠤᠷᠢᠳᠤᠭᠴᠢ ᠠ᠋ᠴᠠ ᠪᠠᠨ ᠰᠠᠯᠤᠨ ᠲᠤᠰᠠᠭᠠᠷᠯᠠᠬᠤ ᠶ᠋ᠢ ᠢᠮᠠᠭᠲᠠ ᠡᠷᠡᠮᠡᠯᠵᠡᠵᠦ ᠪᠠᠢᠬᠤ ᠢᠵᠠᠭᠤᠷ ᠰᠢᠨᠵᠢ ᠶᠦᠮ᠃ ᠡᠨᠡ ᠰᠠᠯᠤᠨ ᠲᠤᠰᠠᠭᠠᠷᠯᠠᠬᠤ ᠦᠵᠡᠯ ᠵᠥᠴᠢ ᠳ᠋ᠦ᠍ ᠪᠤᠰᠤᠳ ᠠ᠋ᠴᠠ ᠢᠯᠡᠭᠦᠦ ᠬᠦᠴᠦᠲᠡᠢ ᠪᠣᠯᠵᠠᠢ᠃ ᠤᠴᠢᠷ ᠨᠢ ᠲᠡᠷᠡ ᠴᠢᠩᠭᠢᠰ ᠬᠠᠭᠠᠨ ᠲᠠᠢ ᠴᠢᠰᠤ ᠪᠠᠷ ᠬᠣᠯᠪᠣᠭᠳᠠᠭ᠎ᠠ ᠦᠭᠡᠢ᠂ ᠴᠢᠩᠭᠢᠰ ᠬᠠᠭᠠᠨ ᠪᠣᠯᠤᠭᠠᠳ ᠵᠥᠴᠢ ᠬᠣᠶᠠᠷ ᠤ᠋ᠨ ᠬᠣᠯᠪᠣᠭ᠎ᠠ᠂ ᠴᠠᠭᠠᠲᠠᠢ᠂ ᠥᠭᠡᠳᠡᠢ᠂ ᠲᠤᠯᠤᠢ ᠬᠥᠪᠡᠭᠦᠳ ᠢ᠋ ᠨᠢ ᠪᠣᠳᠣᠪᠠᠯ ᠶᠣᠰᠣ ᠲᠡᠳᠦᠢ ᠰᠤᠯᠠ ᠪᠠᠢᠯ᠎ᠠ᠃ ᠪᠥᠷᠲᠡ ᠬᠠᠲᠤᠨ ᠤ᠋ ᠪᠡᠶ᠎ᠡ ᠰᠡᠳᠬᠢᠯ᠂ ᠤᠬᠠᠭᠠᠨ ᠵᠣᠷᠢᠭ ᠤ᠋ᠨ ᠬᠦᠴᠦ ᠪᠡᠷ ᠲᠣᠭᠲᠠᠵᠤ ᠪᠠᠢᠭᠰᠠᠨ ᠴᠢᠩᠭᠢᠰ ᠬᠠᠭᠠᠨ ᠵᠥᠴᠢ ᠬᠣᠶᠠᠷ ᠤ᠋ᠨ ᠡᠴᠢᠭᠡ ᠬᠦᠦ ᠶ᠋ᠢᠨ ᠬᠠᠭᠤᠷᠮᠠᠭ᠂ ᠦᠵᠡᠮᠵᠢ ᠶ᠋ᠢᠨ ᠲᠡᠳᠦᠢ ᠬᠣᠯᠪᠣᠭ᠎ᠠ ᠲᠠᠰᠤᠷᠠᠬᠤ ᠴᠠᠭ ᠢᠷᠡᠪᠡ᠃ ᠣᠳᠣ ᠡᠬᠡ ᠨᠢ ᠨᠢᠭᠡᠨᠲᠡ ᠥᠪᠡᠷ ᠦ᠋ᠨ ᠦᠭᠡ ᠶ᠋ᠢ ᠬᠡᠯᠡᠵᠦ ᠴᠢᠯᠭᠡᠷ ᠪᠥᠬᠡ ᠶ᠋ᠢᠨ ᠤᠳᠤᠮ ᠴᠢᠰᠤ ᠨᠢᠭᠡᠲᠡᠢ ᠪᠢᠴᠢᠯᠲᠡᠢ ᠶ᠋ᠢ ᠢᠯᠡᠭᠡᠭᠰᠡᠨ ᠨᠢ ᠵᠥᠴᠢ ᠶ᠋ᠢ ᠡᠢᠮᠦ ᠠᠯᠬᠤᠮ ᠬᠢᠬᠦ ᠳ᠋ᠦ᠍ ᠵᠣᠷᠢᠭᠵᠢᠭᠤᠯᠪᠠ᠃ ᠴᠢᠩᠭᠢᠰ ᠬᠠᠭᠠᠨ ᠠ᠋ᠴᠠ ᠲᠤᠰᠠᠭᠠᠷᠯᠠᠨ ᠰᠠᠯᠬᠤ ᠳ᠋ᠤ᠌ ᠡᠬᠡ ᠨᠢ ᠶᠠᠭᠠᠬᠢᠪᠠᠴᠤ ᠡᠰᠡᠷᠭᠦᠴᠡᠨ ᠵᠢᠮᠡᠯᠡᠬᠦ ᠦᠭᠡᠢ ᠠᠵᠢ᠃ ᠭᠡᠪᠡᠴᠦ ᠰᠢᠯᠲᠠᠭᠠᠨ ᠲᠦᠪᠡᠭ ᠶᠡᠬᠡ ᠪᠠᠢᠪᠠ᠃ ᠴᠢᠩᠭᠢᠰ ᠬᠠᠭᠠᠨ ᠬᠢᠯᠢᠩᠨᠡᠪᠡᠯ ᠲᠡᠳᠡᠨ ᠦ᠌ ᠬᠣᠭᠣᠷᠣᠨᠳᠣ ᠲᠡᠢᠨ ᠰᠠᠮᠠᠭᠤᠨ ᠳᠡᠭᠳᠡᠬᠦ ᠶ᠋ᠢ ᠴᠦ᠍ ᠵᠥᠴᠢ ᠮᠡᠳᠡᠵᠦ ᠡᠭᠦᠨ ᠡᠴᠡ ᠬᠠᠮᠤᠭ ᠤ᠋ᠨ ᠶᠡᠬᠡ ᠠᠶᠤᠨ ᠪᠣᠯᠭᠣᠮᠵᠢᠯᠠᠪᠠ᠃ ᠴᠢᠩᠭᠢᠪᠡᠯ ᠵᠥᠴᠢ ᠴᠦ᠍᠂ ᠪᠠᠲᠤ ᠴᠤ᠌ ᠦᠬᠦᠬᠦ ᠶᠦᠮ᠃ ᠡᠢᠮᠦ ᠤᠴᠢᠷ ᠠ᠋ᠴᠠ ᠵᠥᠴᠢ ᠬᠦᠰᠡᠭᠰᠡᠨ ᠬᠡᠷᠡᠭ ᠢ᠋ᠶ᠋ᠡᠨ ᠭᠦᠢᠴᠡᠭᠡᠬᠦ ᠶ᠋ᠢᠨ ᠲᠤᠯᠠᠳᠠ ᠵᠠᠯᠢ ᠬᠡᠷᠡᠭᠯᠡᠨ ᠴᠠᠭ ᠬᠣᠨᠵᠢᠬᠤ ᠨᠢ ᠵᠥᠪ ᠭᠡᠵᠦ ᠦᠵᠡᠵᠡᠢ᠃ ᠶᠠᠭᠠᠬᠢᠵᠤ ᠪᠣᠳᠣᠭᠰᠠᠨ ᠴᠤ᠌ ᠴᠢᠩᠭᠢᠰ ᠬᠠᠭᠠᠨ ᠡᠨᠡ ᠨᠤᠲᠤᠭ ᠲᠤ᠌ ᠤᠳᠠᠭᠠᠨ ᠰᠠᠭᠤᠵᠤ ᠲᠡᠰᠬᠦ ᠦᠭᠡᠢ ᠨᠢ ᠲᠣᠳᠣᠷᠬᠠᠢ ᠲᠤᠯᠠ ᠡᠭᠦᠨ ᠡᠴᠡ ᠰᠠᠢᠨ ᠠᠷᠭ᠎ᠠ ᠣᠯᠬᠤ ᠦᠭᠡᠢ ᠪᠢᠵᠡ᠃ ᠴᠢᠩᠭᠢᠰ ᠬᠠᠭᠠᠨ ᠮᠣᠩᠭᠣᠯ ᠨᠤᠲᠤᠭ ᠲᠠᠭᠠᠨ ᠪᠤᠴᠠᠪᠠᠯ ᠵᠥᠴᠢ ᠳ᠋ᠦ᠍ ᠬᠡᠨ ᠴᠦ᠍ ᠰᠠᠭᠠᠳ ᠬᠢᠵᠦ ᠴᠢᠳᠠᠬᠤ ᠦᠭᠡᠢ ᠪᠢᠯᠡ᠃ ᠢᠩᠭᠢᠵᠦ ᠪᠣᠳᠣᠭᠠᠳ ᠲᠠᠢᠪᠤᠰᠢᠷᠠᠵᠤ ᠦᠷ ᠢ᠋ᠶ᠋ᠡᠷ ᠲᠤᠭ ᠬᠢᠭᠡᠳ ᠰᠡᠷᠡᠬᠦ ᠳ᠋ᠡᠭᠡᠨ ᠦᠵᠡᠭᠰᠡᠨ ᠵᠡᠭᠦᠳᠦᠨ ᠡᠴᠡ ᠪᠡᠨ ᠶᠡᠬᠡ ᠯᠡ ᠰᠡᠵᠢᠭᠯᠡᠵᠡᠢ᠃ ᠵᠡᠭᠦᠳᠦᠨ ᠳ᠋ᠦ᠍ ᠥᠨᠥ ᠪᠢᠴᠢᠯᠲᠡᠢ ᠬᠥᠪᠡᠭᠦᠨ ᠣᠷᠣᠵᠤ᠂ ᠲᠣᠯᠣᠭᠠᠢ ᠦᠭᠡᠢ ᠪᠡᠶ᠎ᠡ 《ᠮᠢᠨᠦ ᠲᠣᠯᠣᠭᠠᠢ ᠶ᠋ᠢ ᠥᠭᠭᠦᠭᠡᠴᠢ》 ᠭᠡᠵᠦ ᠬᠠᠰᠬᠢᠷᠤᠨ ᠬᠥᠭᠡᠭᠡᠵᠦ᠂ ᠬᠠᠷᠢᠨ ᠪᠢᠴᠢᠯᠲᠡᠢ ᠶ᠋ᠢᠨ ᠲᠣᠯᠣᠭᠠᠢ ᠶ᠋ᠢ ᠪᠠᠲᠤ ᠬᠥᠪᠡᠭᠦᠨ ᠨᠢ ᠴᠢᠩᠭᠢᠰ ᠬᠠᠭᠠᠨ ᠳ᠋ᠤ᠌ ᠡᠷᠭᠦᠨ ᠪᠠᠷᠢᠵᠤ ᠪᠠᠢᠨ᠎ᠠ ᠭᠡᠵᠦ ᠵᠡᠭᠦᠳᠦᠯᠡᠵᠡᠢ᠃ ᠡᠨᠡ ᠪᠣᠯ ᠶᠠᠭᠠᠬᠢᠬᠤ ᠠᠷᠭ᠎ᠠ ᠦᠭᠡᠢ ᠮᠠᠭᠤ ᠢᠷᠣ᠎ᠠ ᠶᠤᠮ᠃ ᠲᠡᠷᠡ ᠬᠥᠪᠡᠭᠦᠨ ᠢ᠋ ᠳᠡᠮᠡᠢ ᠠᠯᠠᠪᠠ ᠭᠡᠵᠦ ᠶᠡᠬᠡ ᠬᠠᠷᠠᠮᠰᠠᠭᠰᠠᠭᠠᠷ ᠪᠠᠢᠭᠰᠠᠨ ᠴᠤ᠌ ᠣᠳᠣ ᠨᠢᠭᠡᠨᠲᠡ ᠣᠷᠣᠢᠲᠠᠵᠠᠢ᠃ ᠵᠥᠴᠢ ᠰᠡᠯᠡᠮ᠎ᠡ ᠳᠠᠯᠠᠢᠨ ᠪᠢᠴᠢᠯᠲᠡᠢ ᠶ᠋ᠢᠨ ᠬᠦᠵᠦᠭᠦᠨ ᠳ᠋ᠦ᠍ ᠪᠠᠭᠤᠯᠭᠠᠬᠤ ᠶ᠋ᠢᠨ ᠡᠮᠦᠨ᠎ᠡ ᠶᠠᠭ ᠢᠩᠭᠢᠵᠦ ᠡᠷᠡᠭᠡᠯᠵᠡᠨ ᠪᠣᠳᠣᠭᠰᠠᠨ ᠴᠤ᠌ ᠳᠠᠯᠠᠢᠭᠰᠠᠨ ᠭᠠᠷ ᠢ᠋ᠶ᠋ᠠᠨ ᠲᠠᠲᠠᠭ᠎ᠠ ᠦᠭᠡᠢ ᠪᠢᠯᠡ᠃ ᠬᠠᠷᠢᠨ ᠰᠡᠯᠡᠮ᠎ᠡ ᠶ᠋ᠢᠨ ᠢᠷ ᠲᠦ᠍ ᠪᠢᠴᠢᠯᠲᠡᠢ ᠶ᠋ᠢᠨ ᠬᠦᠵᠦᠭᠦᠨ ᠦ᠌ ᠶᠠᠰᠤ ᠣᠢᠷᠠᠨ ᠬᠤᠭᠤᠷᠠᠬᠤ ᠶ᠋ᠢ ᠰᠣᠨᠣᠰᠴᠤ ᠦᠬᠦᠯ ᠦ᠋ᠨ ᠠᠶᠤᠮᠰᠢᠭᠲᠤ ᠴᠣᠬᠢᠯᠲᠠ ᠶ᠋ᠢ ᠭᠠᠷ ᠪᠡᠶ᠎ᠡ ᠪᠡᠷ ᠢ᠋ᠶ᠋ᠡᠨ ᠮᠡᠳᠡᠷᠡᠬᠦ ᠳ᠋ᠡᠭᠡᠨ ᠳᠠᠪ ᠬᠢᠨ ᠦᠰᠦ ᠨᠢ ᠠᠷᠵᠠᠢᠵᠤ 《ᠳᠡᠮᠡᠢ ᠶᠠᠭᠤᠮ᠎ᠠ ᠬᠢᠪᠡ》 ᠭᠡᠵᠦ ᠬᠣᠵᠢᠮᠳᠠᠨ ᠪᠣᠳᠣᠵᠠᠢ᠃ ᠲᠡᠷᠡ ᠨᠢᠯᠬ᠎ᠠ ᠬᠥᠪᠡᠭᠦᠨ ᠢ᠋ ᠶᠠᠭᠤᠨ ᠳ᠋ᠤ᠌ ᠠᠯᠠᠪᠠ? ᠶᠠᠳᠠᠵᠤ ᠥᠭᠡᠷ᠎ᠡ ᠬᠥᠮᠦᠨ ᠢ᠋ᠶ᠋ᠡᠷ ᠴᠦ᠍ ᠠᠯᠠᠭᠤᠯᠬᠤ ᠳ᠋ᠤ᠌ ᠶᠠᠭᠠᠬᠢᠬᠤ ᠪᠣᠢ ᠭᠡᠵᠦ ᠰᠢᠨᠠᠯᠤᠨ ᠪᠣᠳᠣᠳᠠᠭ ᠪᠠᠢᠯ᠎ᠠ᠃ ᠵᠥᠴᠢ ᠬᠥᠮᠦᠨ ᠠᠯᠠᠴᠢᠬᠠᠭᠠᠳ ᠢᠩᠭᠢᠵᠦ ᠬᠠᠷᠠᠮᠰᠠᠨ ᠰᠢᠨᠠᠯᠤᠭᠰᠠᠨ ᠤᠳᠠᠭ᠎ᠠ ᠦᠭᠡᠢ ᠪᠢᠯᠡ᠃ ᠡᠨᠡ ᠪᠣᠯ ᠦᠨᠡᠬᠡᠷ ᠮᠠᠭᠤ ᠢᠷᠣ᠎ᠠ ᠪᠠᠢᠭᠰᠠᠨ ᠪᠥᠭᠡᠳ ᠵᠥᠴᠢ ᠪᠢᠴᠢᠯᠲᠡᠢ ᠶ᠋ᠢ ᠠᠯᠠᠭᠰᠠᠨ ᠢ᠋ᠶ᠋ᠠᠷ ᠥᠪᠡᠷ ᠦ᠋ᠨ ᠦᠬᠦᠯ ᠢ᠋ ᠳᠠᠯᠠᠯᠤᠨ ᠳᠠᠭᠤᠳᠠᠭᠰᠠᠨ ᠢ᠋ᠶ᠋ᠠᠨ ᠮᠡᠳᠡᠭᠰᠡᠨ ᠦᠭᠡᠢ᠃ ᠶᠢᠰᠦᠨᠳᠡᠢ ᠶ᠋ᠢ ᠣᠷᠣᠵᠤ ᠢᠷᠡᠬᠦ ᠳ᠋ᠦ᠍ ᠵᠥᠴᠢ ᠪᠣᠳᠣᠯ ᠳ᠋ᠤ᠌ ᠳᠠᠷᠤᠭᠳᠠᠨ ᠰᠠᠭᠤᠵᠤ ᠪᠠᠢᠪᠠ᠃ ᠭᠡᠪᠡᠴᠦ ᠲᠡᠷᠡ ᠬᠣᠶᠠᠷ ᠦᠭᠡ ᠰᠣᠯᠢᠵᠤ ᠠᠮᠵᠢᠭᠰᠠᠨ ᠦᠭᠡᠢ᠃ ᠤᠴᠢᠷ ᠨᠢ ᠪᠠᠲᠤ ᠡᠴᠢᠭᠡ ᠶ᠋ᠢᠨ ᠢ᠋ᠶ᠋ᠡᠨ ᠦᠷᠭᠦᠭᠡᠨ ᠳ᠋ᠦ᠍ ᠵᠥᠪᠰᠢᠶᠡᠷᠡᠯ ᠦᠭᠡᠢ ᠪᠡᠷ ᠦᠰᠦᠷᠦᠨ ᠣᠷᠣᠵᠤ ᠢᠷᠡᠵᠡᠢ᠃ 
       | ᠠᠪᠤ ᠠ᠋᠂ ᠲᠡᠳᠦ᠂ ᠲᠡᠳᠦ ᠡᠷᠭᠢᠭᠡᠳ ᠢᠷᠡᠵᠡᠢ᠃ ᠠᠮᠢᠳᠤ᠂ ᠠᠮᠢᠳᠤ ᠡᠷᠭᠢᠭᠡᠳ ᠢᠷᠡᠵᠡᠢ ᠭᠡᠵᠦ ᠪᠠᠲᠤ ᠢᠨᠢᠶᠡᠨ ᠬᠠᠰᠬᠢᠷᠴᠤ ᠪᠠᠢᠪᠠ᠃ ᠬᠡᠨ ᠴᠦ᠍ ᠬᠠᠷᠢᠭᠤ ᠬᠡᠯᠡᠭᠰᠡᠨ ᠦᠭᠡᠢ᠃ ᠵᠥᠴᠢ ᠤᠬᠤᠰᠬᠢᠨ ᠭᠠᠷᠴᠠᠢ᠃ ᠶᠢᠰᠦᠨᠳᠡᠢ ᠴᠦ᠍ ᠭᠠᠢᠬᠠᠨ ᠭᠠᠷᠪᠠ᠃ ᠶᠠᠭᠤ ᠪᠣᠯᠤᠭᠠᠳ ᠪᠠᠢᠭ᠎ᠠ ᠶ᠋ᠢ ᠲᠡᠷᠡ ᠣᠢᠯᠠᠭᠠᠬᠤ ᠪᠠᠨ ᠪᠣᠯᠢᠵᠠᠢ᠃ ᠬᠠᠷᠢᠨ ᠪᠥᠭᠡᠮ ᠪᠠᠶᠠᠷ ᠪᠣᠯᠤᠭᠰᠠᠨ ᠲᠡᠳᠡᠨ ᠢ᠋ ᠬᠠᠷᠠᠵᠤ ᠵᠣᠭᠰᠣᠬᠤ ᠳ᠋ᠠᠭᠠᠨ ᠨᠠᠭᠠᠰᠢ ᠭᠠᠷᠬᠤ ᠳ᠋ᠤᠨᠢ ᠪᠤᠭᠤᠷᠴᠢ ᠶ᠋ᠢᠨ ᠬᠡᠯᠡᠭᠰᠡᠨ ᠢ᠋ ᠪᠣᠳᠣᠵᠠᠢ᠃ 《ᠴᠢ ᠵᠥᠴᠢ ᠡᠴᠡ ᠶᠠᠭᠤ ᠴᠤ᠌ ᠪᠢᠲᠡᠭᠡᠢ ᠠᠰᠠᠭᠤᠵᠤ ᠰᠢᠯᠭᠠᠭᠠᠷᠠᠢ᠃ ᠲᠡᠭᠡᠪᠡᠯ ᠴᠠᠭᠠᠳᠤᠬᠢ ᠴᠢᠨᠢ ᠴᠢᠮᠠᠲᠤ ᠶᠠᠭᠤ ᠴᠤ᠌ ᠬᠡᠯᠡᠬᠦ ᠦᠭᠡᠢ ᠰᠢᠦ᠃ ᠲᠡᠪᠴᠢᠶᠡᠷᠢ ᠲᠡᠢ ᠬᠦᠯᠢᠶᠡ᠃ ᠥᠪᠡᠷ ᠢ᠋ᠶ᠋ᠡᠨ ᠬᠡᠯᠡᠬᠦ ᠶ᠋ᠢ ᠨᠢ ᠬᠦᠯᠢᠶᠡᠭᠡᠷᠡᠢ 》 ᠭᠡᠵᠦ ᠪᠤᠭᠤᠷᠴᠢ ᠶᠢᠰᠦᠨᠲᠡᠢ ᠶ᠋ᠢ ᠮᠣᠷᠳᠠᠬᠤ ᠶ᠋ᠢᠨ ᠡᠮᠦᠨ᠎ᠡ ᠦᠷᠭᠦᠭᠡᠨ ᠳ᠋ᠡᠭᠡᠨ ᠳᠠᠭᠤᠳᠠᠨ ᠵᠠᠬᠢᠵᠠᠢ᠃ ᠪᠤᠭᠤᠷᠴᠢ ᠶ᠋ᠢᠨ ᠵᠥᠴᠢ ᠳ᠋ᠦ᠍ ᠬᠡᠷᠬᠢᠨ ᠰᠠᠢᠨ ᠢ᠋ᠶ᠋ᠠᠷ ᠬᠠᠨᠳᠤᠳᠠᠭ ᠢ᠋ ᠶᠢᠰᠦᠨᠲᠡᠢ ᠮᠡᠳᠡᠬᠦ ᠪᠢᠯᠡ᠃ ᠬᠠᠷᠢᠨ ᠴᠢᠩᠭᠢᠰ ᠬᠠᠭᠠᠨ ᠶᠠᠭᠠᠬᠢᠬᠤ ᠭᠡᠵᠦ ᠲᠡᠭᠦᠨ ᠢ᠋ ᠵᠥᠴᠢ ᠶ᠋ᠢᠨ ᠬᠦᠷᠢᠶᠡᠨ ᠳ᠋ᠦ᠍ ᠢᠯᠡᠭᠡᠭᠰᠡᠨ ᠢ᠋ ᠶᠢᠰᠦᠨᠲᠡᠢ ᠭᠠᠳᠠᠷᠯᠠᠵᠤ᠂ ᠪᠠᠰᠠ ᠢᠩᠭᠢᠵᠦ ᠶᠡᠬᠡ ᠢᠲᠡᠭᠡᠯ ᠥᠭᠭᠦᠭᠰᠡᠨ ᠳ᠋ᠦ᠍ᠨᠢ ᠪᠠᠬᠠᠷᠬᠠᠭᠠᠳ ᠪᠠᠷᠠᠬᠤ ᠦᠭᠡᠢ ᠪᠠᠢᠭᠰᠠᠨ ᠪᠢᠯᠡ᠃ ᠣᠳᠣ ᠣᠴᠢᠭᠠᠳ ᠲᠡᠭᠦᠨ ᠦ᠌ ᠬᠡᠯᠡᠬᠦ ᠦᠭᠡᠨ ᠡᠴᠡ ᠵᠥᠴᠢ ᠶ᠋ᠢᠨ ᠠᠮᠢ ᠨᠠᠰᠤ ᠶ᠋ᠢ ᠬᠠᠮᠢᠶᠠᠷᠬᠤ ᠪᠣᠯᠤᠭᠰᠠᠨ ᠢ᠋ ᠶᠢᠰᠦᠨᠲᠡᠢ ᠰᠠᠢᠨ ᠣᠢᠯᠠᠭᠠᠵᠤ ᠪᠠᠢᠪᠠ᠃ ᠪᠠᠰᠠ ᠡᠭᠦᠨ ᠢ᠋ ᠮᠡᠳᠡᠵᠦ ᠪᠠᠢᠭᠰᠠᠨ ᠤᠴᠢᠷ ᠠ᠋ᠴᠠ ᠪᠤᠭᠤᠷᠴᠢ ᠶᠢᠰᠦᠨᠲᠡᠢ ᠳ᠋ᠦ᠍ ᠳᠡᠭᠡᠷᠡᠬᠢ ᠦᠭᠡ ᠶ᠋ᠢ ᠬᠡᠯᠡᠵᠡᠢ᠃ ᠴᠣᠬᠣᠮ ᠶᠠᠭᠤᠨ ᠤ᠋ ᠤᠴᠢᠷ ᠬᠡᠯᠡᠭᠰᠡᠨ ᠢ᠋ ᠶᠢᠰᠦᠨᠲᠡᠢ ᠤᠬᠠᠵᠤ ᠣᠢᠯᠠᠭᠠᠭᠰᠠᠨ ᠦᠭᠡᠢ᠃ ᠶᠡᠬᠡ ᠴᠢᠩᠭᠢᠰ ᠬᠠᠭᠠᠨ ᠤ᠋ ᠢᠲᠡᠭᠡᠯ᠂ ᠵᠠᠷᠯᠢᠭ ᠢ᠋ ᠪᠡᠶᠡᠯᠡᠭᠦᠯᠬᠦ ᠡᠴᠡ ᠥᠭᠡᠷ᠎ᠡ ᠡᠷᠬᠢᠮ ᠬᠦᠰᠡᠯ ᠲᠡᠭᠦᠨ ᠳ᠋ᠦ᠍ ᠪᠠᠢᠬᠤ ᠦᠭᠡᠢ ᠪᠢᠯᠡ᠃ ᠡᠨᠡ ᠪᠣᠯ ᠲᠡᠭᠦᠨ ᠳ᠋ᠦ᠍ ᠡᠴᠢᠭᠡ ᠡᠴᠡ ᠨᠢ ᠥᠪᠯᠡᠭᠳᠡᠭᠰᠡᠨ ᠪᠠᠲᠤ ᠬᠥᠮᠦᠵᠢᠯ ᠪᠠᠢᠪᠠ᠃ ᠵᠠᠯᠮ᠎ᠠ ᠶ᠋ᠢᠨ ᠬᠥᠪᠡᠭᠦᠨ ᠶᠢᠰᠦᠨᠲᠡᠢ ᠡᠴᠡ ᠢᠯᠡᠭᠦᠦ ᠦᠨᠡᠨᠴᠢ ᠬᠥᠮᠦᠨ ᠣᠯᠬᠤ ᠳ᠋ᠤ᠌ ᠦᠨᠡᠬᠡᠷ ᠬᠡᠴᠡᠭᠦᠦ ᠪᠢᠵᠡ ᠠ᠋᠃ ᠪᠤᠭᠤᠷᠴᠢ ᠶᠢᠰᠦᠨᠲᠡᠢ ᠶ᠋ᠢ ᠦᠨᠡᠨᠴᠢ ᠡᠴᠡ ᠭᠠᠳᠠᠨ᠎ᠠ ᠶᠡᠬᠡ ᠰᠢᠳᠤᠷᠭᠤ ᠬᠥᠮᠦᠨ ᠭᠡᠵᠦ ᠲᠣᠭᠣᠳᠠᠭ ᠪᠥᠯᠥᠭᠡ᠃ ᠬᠠᠷᠢᠨ ᠲᠡᠳᠦ ᠶ᠋ᠢᠨ ᠢᠩᠭᠢᠵᠦ ᠭᠡᠨᠡᠳᠲᠡ ᠠᠮᠢᠳᠤ ᠮᠡᠨᠳᠦ ᠡᠷᠭᠢᠨ ᠢᠷᠡᠭᠰᠡᠨ ᠢ᠋ ᠵᠥᠴᠢ ᠲᠡᠭᠷᠢ ᠶ᠋ᠢᠨ ᠵᠠᠷᠯᠢᠭ ᠢ᠋ᠶ᠋ᠠᠷ ᠪᠣᠯᠪᠠ ᠭᠡᠵᠦ ᠢᠲᠡᠭᠡᠵᠡᠢ᠃ ᠲᠡᠳᠦ ᠶ᠋ᠢ ᠪᠤᠴᠠᠭᠠᠨ ᠢᠯᠡᠭᠡᠭᠰᠡᠨ ᠨᠢ ᠲᠡᠭᠷᠢ ᠵᠥᠴᠢ ᠶ᠋ᠢᠨ ᠬᠦᠰᠡᠯ ᠢ᠋ ᠰᠠᠢᠰᠢᠶᠠᠨ ᠳᠡᠮᠵᠢᠭᠰᠡᠨ ᠦ᠌ ᠳᠣᠬᠢᠶ᠎ᠠ ᠪᠠᠢᠪᠠ᠃ ᠲᠡᠢᠮᠦ ᠤᠴᠢᠷ ᠠ᠋ᠴᠠ ᠵᠥᠴᠢ ᠶᠢᠰᠦᠨᠲᠡᠢ ᠳ᠋ᠦ᠍ ᠡᠷᠡᠭᠡᠯᠵᠡᠭᠡ ᠦᠭᠡᠢ ᠢᠲᠡᠭᠡᠵᠦ ᠲᠡᠭᠦᠨ ᠳ᠋ᠦ᠍ ᠥᠪᠡᠷ ᠦ᠋ᠨ ᠨᠢᠭᠤᠴᠠ ᠪᠣᠳᠣᠯ ᠢ᠋ᠶ᠋ᠠᠨ ᠰᠢᠭᠤᠳ ᠬᠡᠯᠡᠵᠡᠢ᠃ ᠶᠢᠰᠦᠨᠲᠡᠢ ᠨᠢᠭᠡ ᠴᠦ᠍ ᠦᠭᠡ ᠳᠤᠤᠭᠠᠷᠤᠯ ᠦᠭᠡᠢ ᠰᠠᠭᠤᠵᠤ ᠵᠥᠴᠢ ᠶ᠋ᠢᠨ ᠦᠭᠡ ᠶ᠋ᠢ ᠰᠣᠨᠣᠰᠴᠠᠢ᠃ 

            ᠦᠰᠦᠭ ᠠᠮᠢᠯᠠᠭᠤᠯᠤᠭᠴᠢ᠄ ᠠᠯᠲᠠᠨᠴᠢᠮᠡᠭ᠂ ᠨᠠᠷᠠᠨᠭᠡᠷᠡᠯ᠂ ᠰᠡᠴᠡᠨᠴᠢᠮᠡᠭ᠂ ᠠᠯᠲᠠᠨᠴᠡᠴᠡᠭ᠂ 
                                         ᠬᠡᠷᠡᠢᠳ·ᠮᠥᠩᠬᠡᠨᠠᠰᠤᠨ᠂ ᠬᠡᠯᠡᠰᠣᠶᠣᠯ(ᠪᠤᠤ ᠸᠸᠨ ᠬᠤᠸᠠ)᠂ ᠱᠠᠭᠰᠠᠯ  
                      ᠬᠢᠨᠠᠭᠴᠢ᠄ ᠨᠠᠷᠠᠨ᠂ ᠰᠡᠬᠡᠭᠡᠷᠡᠯ᠂ ᠣᠳᠬᠠᠨᠰᠣ᠎ᠠ᠂  ᠲ· ᠬᠦᠮᠦᠵᠢᠯᠲᠦ᠂  ᠮᠣᠩᠭᠣᠯ ᠰᠦᠨᠡᠰᠦ