ᠮᠠᠨᠳᠤᠭᠤᠯ ᠬᠠᠭᠠᠨManduul khaanМандуул хаан
ᠮᠠᠨᠳᠤᠭᠤᠯ ᠬᠠᠭᠠᠨ
ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
ᠬᠢᠶᠠᠳ ᠪᠣᠷᠵᠢᠭᠢᠨ ᠣᠪᠣᠭᠲᠤ ᠮᠠᠨᠳᠤᠭᠤᠯ ᠪᠣᠯ ᠠᠵᠠᠢ ᠲᠠᠢᠵᠢ ᠶ᠋ᠢᠨ ᠭᠤᠷᠪᠠᠳᠤᠭᠠᠷ ᠬᠦᠦ ᠲᠠᠢᠽᠦᠢ᠍ᠩ ᠬᠠᠭᠠᠨ ᠲᠣᠳᠣᠪᠣᠬ᠎ᠠ ᠠᠭᠪᠠᠷᠵᠢᠨ ᠵᠢᠨᠦᠩ ᠤᠤᠭᠠᠨ ᠳᠡᠭᠦᠦ ᠨᠢ ᠶᠦᠮ᠃ ᠮᠠᠨᠳᠤᠭᠤᠯ1472 ᠣᠨ ᠳ᠋ᠤ᠌46 ᠨᠠᠰᠤᠲᠠᠢ ᠳ᠋ᠤ᠌ ᠪᠠᠨ ᠬᠠᠭᠠᠨ ᠣᠷᠣ ᠰᠠᠭᠤᠷᠢᠨ ᠳ᠋ᠤ᠌ ᠰᠠᠭᠤᠭᠰᠠᠨ ᠶᠡᠬᠡ ᠮᠣᠩᠭᠣᠯ ᠤᠯᠤᠰ ᠤ᠋ᠨ ᠠᠯᠲᠠᠨ ᠤᠷᠤᠭ ᠤ᠋ᠨ ᠬᠢᠨ ᠦ᠌29ᠳᠠᠬᠢ ᠬᠠᠭᠠᠨ ᠪᠢᠯᠡ᠃
ᠲᠠᠢᠽᠦᠢ᠍ᠩ ᠬᠠᠭᠠᠨ ᠲᠣᠳᠣᠪᠣᠬ᠎ᠠ ᠶ᠋ᠢᠨ ᠬᠣᠶᠠᠷ ᠬᠦᠦ ᠮᠠᠬᠠᠭᠦᠢ᠍ᠷᠭᠢᠰ ᠬᠠᠭᠠᠨ᠂ ᠮᠣᠯᠣᠨ ᠬᠠᠭᠠᠨ ᠬᠣᠶᠠᠷ ᠥᠪᠡᠷ ᠦ᠋ᠨ ᠰᠢᠳᠠᠷ ᠳᠣᠣᠷᠠᠲᠤ ᠬᠥᠮᠦᠰ ᠲᠦ᠍ ᠠᠯᠠᠭᠳᠠᠭᠰᠠᠨ ᠪᠥᠭᠡᠳ ᠠᠯᠢ ᠠᠯᠢ ᠴᠣ ᠬᠡᠦᠬᠡᠳ ᠦᠭᠡᠢ ᠪᠠᠢᠭᠰᠠᠨ ᠤᠴᠢᠷ ᠶᠦᠩᠰᠢᠶᠠᠪᠣ ᠶ᠋ᠢᠨ ᠨᠣᠶᠠᠨ ᠪᠡᠷᠬᠡᠰᠠᠨ᠂ ᠡᠰᠤᠳ ᠭᠠᠵᠠᠷ ᠠ᠋ᠴᠠ ᠠᠯᠲᠠᠨ ᠤᠷᠤᠭ ᠤ᠋ᠨ ᠬᠣᠢᠴᠢᠰ ᠪᠣᠯᠬᠤ ᠮᠠᠨᠳᠤᠭᠤᠯ ᠢ᠋ ᠵᠠᠯᠠᠵᠤ ᠠᠪᠴᠢᠷᠠᠨ1472 ᠣᠨ ᠳ᠋ᠤ᠌ ᠶᠡᠬᠡ ᠬᠠᠭᠠᠨ ᠤ᠋ ᠣᠷᠣ ᠰᠠᠭᠤᠷᠢᠨ ᠳ᠋ᠤ᠌ ᠡᠷᠭᠦᠮᠵᠢᠯᠡᠨ ᠰᠠᠭᠤᠯᠭᠠᠭᠠᠳ ᠪᠡᠷᠬᠡᠰᠡᠨ ᠥᠪᠡᠷ ᠢ᠋ᠶ᠋ᠡᠨ ᠲᠠᠢᠰᠢ ᠪᠣᠯᠤᠭᠰᠠᠨ ᠪᠠᠢᠨ᠎ᠠ᠃
ᠮᠠᠨᠳᠤᠭᠤᠯ ᠬᠠᠭᠠᠨ ᠬᠣᠶᠠᠷ ᠬᠠᠲᠤᠨ ᠲᠠᠢ ᠨᠢᠭᠡ ᠨᠢ ᠲᠦᠮᠡᠳ ᠦ᠋ᠨ ᠴᠣᠷᠣᠰᠪᠠᠢ ᠲᠡᠮᠦᠷ ᠴᠢᠩᠰᠠᠩ ᠤ᠋ᠨ ᠥᠬᠢᠨ ᠮᠠᠨᠳᠤᠬᠠᠢ᠂ ᠨᠥᠭᠦᠭᠡ ᠨᠢ ᠣᠢᠷᠠᠳ ᠤ᠋ᠨ ᠪᠡᠷᠬᠡᠰᠡᠨ ᠲᠡᠢᠰᠢ ᠶ᠋ᠢᠨ ᠥᠬᠢᠨ ᠶᠡᠬᠡ ᠬᠠᠮᠠᠷᠲᠤ ᠶᠦᠩᠬᠡᠨ ᠬᠠᠲᠤᠨ ᠪᠢᠯᠡ᠃
ᠬᠠᠭᠠᠨ ᠣᠷᠣ ᠰᠠᠭᠤᠭᠰᠠᠨ ᠤ᠋ ᠳᠠᠷᠠᠭ᠎ᠠ ᠮᠣᠩᠭᠣᠯ ᠣᠷᠣᠨ ᠤ᠋ ᠰᠠᠮᠠᠭᠤᠨ ᠪᠠᠢᠳᠠᠯ ᠢ᠋ ᠲᠣᠭᠲᠠᠨᠢᠭᠤᠯᠬᠤ ᠶ᠋ᠢᠨ ᠲᠥᠯᠥᠭᠡ ᠬᠠᠮᠤᠭ ᠲᠡᠷᠢᠭᠦᠨ ᠳ᠋ᠦ᠍ ᠮᠠᠬᠠᠭᠦᠢ᠍ᠷᠭᠢᠰ ᠬᠠᠭᠠᠨ ᠢ᠋ ᠬᠥᠨᠥᠭᠡᠭᠰᠡᠨ ᠳᠣᠯᠣᠭᠠᠨ ᠲᠦᠮᠡᠳ ᠦ᠋ᠨ ᠪᠦᠯᠦᠭᠯᠡᠭᠴᠢ ᠲᠠᠢᠵᠢ ᠲᠡᠷᠢᠭᠦᠲᠡᠨ ᠢ᠋ ᠬᠥᠨᠥᠭᠡᠵᠦ ᠡᠷᠬᠡᠰᠢᠶᠡᠯ ᠳ᠋ᠦ᠍ ᠪᠡᠨ ᠣᠷᠣᠭᠤᠯᠵᠤ ᠠᠪᠤᠭᠰᠠᠨ ᠪᠠᠢᠨ᠎ᠠ᠃ ᠡᠨᠡ ᠦᠶ᠎ᠡ ᠳ᠋ᠦ᠍ ᠣᠢᠷᠠᠳ ᠤ᠋ᠨ ᠳᠥᠷᠪᠡᠨ ᠪᠠᠭᠠᠲᠤᠷ᠂ ᠰᠢᠭᠦᠰᠦᠲᠠᠢ ᠪᠠᠭᠠᠲᠤᠷ ᠲᠠᠪᠤᠭᠤᠯᠠ ᠮᠠᠨᠳᠤᠭᠤᠯ ᠬᠠᠭᠠᠨ ᠤ᠋ ᠠᠴᠢ ᠪᠠᠶᠠᠨᠮᠦᠢ᠍ᠩᠭᠡ ᠶ᠋ᠢ ᠰᠢᠬᠢᠷ ᠬᠠᠲᠤᠨ ᠲᠠᠢ ᠨᠢ ᠠᠪᠴᠢᠷᠠᠵᠤ ᠥᠭᠭᠦᠭᠰᠡᠨ ᠪᠠᠢᠨ᠎ᠠ᠃
ᠪᠠᠶᠠᠨᠮᠦᠢ᠍ᠩᠭᠡ ᠪᠣᠯ ᠮᠠᠨᠳᠤᠭᠤᠯ ᠬᠠᠭᠠᠨ ᠤ᠋ ᠬᠣᠶᠠᠳᠤᠭᠠᠷ ᠠᠬ᠎ᠠ ᠠᠭᠪᠠᠷᠵᠢᠨ ᠬᠠᠭᠠᠨ ᠤ᠋ ᠬᠦᠦ ᠬᠠᠭᠤᠷᠴᠠᠭ ᠲᠠᠢᠵᠢ ᠶ᠋ᠢᠨ ᠬᠦᠦ ᠶᠦᠮ᠃
ᠮᠠᠨᠳᠤᠭᠤᠯ ᠬᠠᠭᠠᠨ ᠢᠰᠮᠡᠨ ᠲᠡᠢᠰᠢ ᠶ᠋ᠢᠨ ᠬᠣᠪ ᠦᠭᠡ ᠶ᠋ᠢ ᠦᠨᠡᠮᠰᠢᠭᠰᠡᠨ ᠡᠴᠡ ᠢᠰᠮᠡᠨ᠂ᠪᠠᠶᠠᠨᠮᠦᠢ᠍ᠩᠭᠡ ᠪᠣᠯᠣᠬᠤ ᠵᠢᠨᠦᠩ ᠦ᠋ᠨ ᠰᠢᠬᠢᠷ ᠬᠠᠲᠤᠨ ᠢ᠋ ᠣᠯᠵᠠᠯᠠᠨ ᠥᠪᠡᠷ ᠦ᠋ᠨ ᠭᠡᠷᠭᠡᠢ ᠪᠣᠯᠭᠠᠵᠤ᠂ᠪᠠᠶᠠᠨᠮᠦᠢ᠍ᠩᠭᠡ ᠵᠢᠭᠤᠲᠠᠬᠤ ᠵᠠᠮ ᠵᠠᠭᠤᠷ᠎ᠠ ᠪᠠᠨ ᠶᠦᠩᠰᠢᠶᠠᠪᠣ ᠶ᠋ᠢᠨ ᠬᠠᠷ᠎ᠠ ᠪᠠᠳᠠᠢ ᠨᠠᠷ ᠲᠤ᠌ ᠠᠯᠠᠭᠳᠠᠵᠠᠢ᠃ ᠡᠭᠦᠨ ᠡᠴᠡ ᠪᠣᠯᠵᠤ ᠮᠠᠨᠳᠤᠭᠤᠯ ᠬᠠᠭᠠᠨ ᠤ᠋ ᠰᠦᠷ ᠬᠦᠴᠦᠨ ᠪᠠᠭᠤᠷᠠᠵᠤ᠂ ᠢᠰᠮᠡᠨ ᠲᠠᠢᠰᠢ ᠶ᠋ᠢᠨ ᠰᠦᠷ ᠬᠦᠴᠦᠨ ᠨᠡᠮᠡᠭᠳᠡᠭᠰᠡᠨ ᠪᠠᠢᠨ᠎ᠠ᠃
ᠡᠨᠡ ᠦᠶ᠎ᠡ ᠳ᠋ᠦ᠍ ᠮᠠᠨᠳᠤᠭᠤᠯ ᠬᠠᠭᠠᠨ ᠤ᠋ ᠬᠠᠭᠤᠴᠢᠨ ᠡᠪᠡᠳᠴᠢᠨ ᠬᠦᠨᠳᠦᠷᠡᠵᠦ1479 ᠣᠨ ᠳ᠋ᠤ᠌ ᠨᠠᠰᠤ ᠪᠠᠷᠠᠵᠠᠢ᠃ ᠮᠠᠨᠳᠤᠭᠤᠯ ᠬᠠᠭᠠᠨ1472—1479 ᠣᠨ ᠬᠦᠷᠲᠡᠯ᠎ᠡ 8 ᠵᠢᠯ ᠬᠠᠭᠠᠨ ᠰᠢᠷᠡᠭᠡᠨ ᠳ᠋ᠦ᠍ ᠰᠠᠭᠤᠭᠠᠳ54 ᠨᠠᠰᠤᠲᠠᠢ ᠲᠩᠷᠢ ᠳ᠋ᠦ᠍ ᠬᠠᠯᠢᠭᠰᠠᠨ ᠪᠠᠢᠨ᠎ᠠ᠃
ᠬᠠᠷᠢᠨ ᠲᠡᠭᠦᠨ ᠦ᠌ ᠪᠠᠭ᠎ᠠ ᠬᠠᠲᠤᠨ ᠮᠠᠨᠳᠤᠬᠠᠢ ᠵᠡᠭᠦᠨ ᠪᠠᠷᠠᠭᠤᠨ ᠮᠣᠩᠭᠣᠯ ᠢ᠋ ᠨᠢᠭᠡᠳᠬᠡᠵᠦ ᠨᠢᠭᠡᠳᠦᠮᠡᠯ ᠤᠯᠤᠰ ᠪᠣᠯᠭᠠᠨ ᠰᠡᠷᠭᠦᠭᠡᠨ ᠮᠠᠨᠳᠤᠭᠤᠯᠬᠤ ᠶ᠋ᠢᠨ ᠲᠥᠯᠥᠭᠡ ᠭᠠᠢᠬᠠᠮᠰᠢᠭᠲᠠᠢ ᠦᠢᠯᠡᠰ ᠪᠦᠲᠦᠭᠡᠭᠰᠡᠨ ᠦ᠌ ᠨᠢᠭᠡᠨ ᠶᠦᠮ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠵᠤ ᠨᠠᠢᠷᠠᠭᠤᠯᠤᠨ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ