ᠮᠣᠩᠭᠣᠯ ᠢᠮᠠᠭ᠎ᠠ-ᠲᠠᠪᠤᠨ ᠬᠣᠰᠢᠭᠤ ᠮᠠᠯ ᠤ᠋ᠨ ᠲᠣᠪᠴᠢ ᠲᠠᠨᠢᠯᠴᠠᠭᠤᠯᠭ᠎ᠠ-ᠳᠣᠯᠣᠳ • ᠨᠠᠮᠵᠢᠯMongol yamaaМонгол ямаа-Таван хушуу малын товч танилчуулга
ᠬᠣᠶᠠᠷ ᠂ ᠮᠣᠩᠭᠣᠯ ᠢᠮᠠᠭ᠎ᠠ
ᠳᠣᠯᠣᠳ• ᠨᠠᠮᠵᠢᠯ
ᠮᠣᠩᠭᠣᠯ ᠢᠮᠠᠭ᠎ᠠ᠂ ᠢᠮᠠᠭᠠᠨ ᠤ᠋ ᠡᠭᠦᠯᠳᠡᠷ ᠦ᠋ᠨ ᠠᠩᠭᠢᠯᠠᠯ ᠳ᠋ᠤ᠌᠂ ᠮᠢᠬ᠎ᠠ᠂ ᠨᠣᠯᠤᠤᠷ᠂ ᠰᠦ ᠵᠡᠷᠭᠡ ᠶᠡᠷᠦᠩᠬᠡᠢᠯᠡᠭᠰᠡᠨ ᠭᠠᠷᠤᠯᠲᠠ ᠲᠠᠢ ᠭᠠᠵᠠᠷ ᠣᠷᠣᠨ ᠤ᠋ ᠡᠷᠲᠡᠨ ᠦ᠌ ᠡᠭᠦᠯᠳᠡᠷ ᠦ᠋ᠨ ᠬᠠᠷᠢᠶᠠᠨ ᠳ᠋ᠤ᠌ ᠬᠠᠷᠢᠶᠠᠯᠠᠭᠳᠠᠨ᠎ᠠ᠃
ᠮᠣᠩᠭᠣᠯ ᠢᠮᠠᠭ᠎ᠠ ᠪᠣᠯ ᠮᠣᠩᠭᠣᠯ ᠤ᠋ᠨ ᠥᠨᠳᠥᠷᠯᠢᠭ ᠦ᠋ᠨ ᠣᠷᠴᠢᠨ ᠳ᠋ᠠᠬᠢ ᠠᠭᠤᠷ ᠠᠮᠢᠰᠬᠤᠯ ᠡᠷᠡᠰ ᠳᠡᠰ ᠬᠤᠪᠢᠷᠠᠯᠲᠠ ᠶᠡᠬᠡᠲᠡᠢ ᠨᠥᠬᠥᠴᠡᠯ ᠪᠠᠢᠳᠠᠯ ᠪᠣᠯᠤᠨ ᠨᠡᠯᠢᠶᠡᠳ ᠬᠠᠲᠠᠭᠤ ᠪᠡᠷᠬᠡ ᠪᠠᠢᠭᠠᠯᠢ ᠶ᠋ᠢᠨ ᠣᠷᠴᠢᠨ ᠠᠬᠤᠢ ᠵᠢᠴᠢ ᠡᠪᠡᠰᠦ ᠤᠷᠭᠤᠮᠠᠯ ᠤ᠋ᠨ ᠲᠥᠷᠥᠯ ᠵᠦᠢᠯ᠂ ᠤᠷᠭᠤᠴᠠ ᠦᠰᠦᠳ ᠥᠭᠡᠷ᠎ᠡ ᠲᠡᠢ ᠪᠡᠯᠴᠢᠭᠡᠷ ᠨᠤᠲᠤᠭ ᠲᠤ᠌ ᠵᠢᠯ ᠲᠤᠷᠰᠢ ᠶ᠋ᠢᠨ ᠪᠡᠯᠴᠢᠭᠡᠷ ᠦ᠋ᠨ ᠬᠠᠷᠢᠭᠤᠯᠭ᠎ᠠ ᠮᠠᠯᠯᠠᠭ᠎ᠠ ᠳᠣᠣᠷ᠎ᠠ᠂ ᠤᠷᠲᠤ ᠤᠳᠠᠭᠠᠨ ᠬᠤᠭᠤᠴᠠᠭᠠᠨ ᠤ᠋ ᠪᠠᠢᠭᠠᠯᠢ ᠶ᠋ᠢᠨ ᠰᠢᠭᠰᠢᠯᠲᠡ ᠬᠢᠭᠡᠳ ᠮᠠᠯᠴᠢᠳ ᠤ᠋ᠨ ᠰᠠᠨᠠᠭᠠᠴᠢᠯᠭᠠᠲᠣ ᠰᠢᠯᠢᠯᠲᠡ ᠪᠡᠷ ᠳᠠᠮᠵᠢᠨ ᠪᠣᠢᠵᠢᠭᠰᠠᠨ ᠰᠢᠯᠢᠳᠡᠭ ᠰᠠᠢᠨ ᠴᠢᠨᠠᠷ ᠤ᠋ᠨ ᠮᠢᠬ᠎ᠠ᠂ ᠨᠣᠯᠤᠤᠷ᠂ ᠰᠦ ᠵᠡᠷᠭᠡ ᠭᠠᠷᠤᠯᠲᠠ ᠲᠠᠢ ᠡᠷᠲᠡᠨ ᠦ᠌ ᠡᠭᠦᠯᠳᠡᠷ ᠦ᠋ᠨ ᠢᠮᠠᠭ᠎ᠠ ᠶᠤᠮ ᠃
ᠮᠣᠩᠭᠣᠯ ᠢᠮᠠᠭᠠᠨ ᠤ᠋ ᠶᠡᠷᠦᠩᠬᠡᠢ ᠰᠢᠨᠵᠢ ᠪᠠᠢᠳᠠᠯ ᠄ ᠲᠣᠯᠣᠭᠠᠢ ᠨᠢ ᠳᠤᠮᠳᠠ ᠵᠡᠷᠭᠡ ᠂ ᠮᠠᠩᠨᠠᠢ ᠨᠢ ᠵᠢᠭᠠᠬᠠᠨ ᠲᠥᠪᠥᠭᠡᠷ᠂ ᠬᠣᠶᠠᠷ ᠲᠠᠯ᠎ᠠ ᠥᠭᠡᠳᠡ ᠪᠡᠨ ᠪᠣᠰᠤᠭᠰᠠᠨ ᠬᠤᠷᠴᠠᠯᠢᠭ ᠲᠡᠩᠴᠡᠭᠦᠬᠡᠨ ᠤᠷᠲᠤ ᠴᠢᠬᠢ ᠲᠡᠢ᠂ ᠪᠦᠯᠲᠡᠭᠡᠷ ᠴᠣᠭᠯᠢᠭ ᠨᠢᠳᠦ ᠲᠡᠢ᠂ ᠮᠠᠩᠨᠠᠢ ᠳᠡᠭᠡᠷ᠎ᠡ ᠪᠡᠨ ᠭᠣᠶᠣᠮᠰᠣᠭ ᠰᠠᠢᠬᠠᠨ ᠥᠷᠪᠡᠯᠭᠡ ᠲᠡᠢ ᠂ ᠣᠯᠠᠩᠬᠢ ᠤᠬᠤᠨ᠎ᠠ ᠨᠢ ᠠᠷᠤᠨᠰᠢ ᠪᠠᠨ ᠭᠠᠳᠠᠭᠰᠢ ᠳᠠᠷᠠᠭᠠᠷ ᠲᠣᠮᠣ ᠤᠷᠲᠤ ᠡᠪᠡᠷ ᠲᠡᠢ ᠂ ᠡᠮ᠎ᠡ ᠢᠮᠠᠭᠠᠨ ᠤ᠋ ᠡᠪᠡᠷ ᠨᠢ ᠵᠢᠭᠠᠬᠠᠨ ᠪᠣᠭᠣᠨᠢ ᠰᠢᠭ᠋ ᠂ ᠴᠥᠭᠡᠨ ᠲᠣᠭᠠᠨ ᠤ᠋ ᠬᠢᠨᠢ ᠲᠣᠢᠮᠣᠭ (ᠮᠤᠬᠤᠷ ) ᠪᠠᠢᠳᠠᠭ᠂ ᠤᠬᠤᠨ᠎ᠠ ᠶ᠋ᠢᠨ ᠰᠠᠨᠴᠢᠭ (ᠰᠠᠬᠠᠯ ) ᠨᠢ ᠥᠳᠬᠡᠨ ᠤᠷᠲᠤ ᠂ ᠣᠯᠠᠩᠬᠢ ᠤᠬᠤᠨ᠎ᠠ ᠨᠢ ᠨᠡᠯᠢᠶᠡᠳ ᠤᠷᠲᠤ ᠵᠣᠭᠳᠣᠷ ᠲᠠᠢ ᠂ ᠡᠮ᠎ᠡ ᠢᠮᠠᠭᠠᠨ ᠤ᠋ ᠰᠠᠨᠴᠢᠭ ( ᠰᠠᠬᠠᠯ ) ᠨᠢ ᠪᠣᠭᠣᠨᠢ ᠰᠢᠩᠭᠡᠨ᠂ ᠬᠦᠵᠦᠭᠦᠦ ᠨᠢ ᠲᠡᠩᠴᠡᠭᠦᠨ᠂ ᠴᠡᠭᠡᠵᠢ ᠨᠢ ᠭᠦᠨ ᠲᠡᠨᠢᠭᠦᠨ᠂ ᠶᠡᠬᠡ ᠪᠡᠶ᠎ᠡ ᠨᠢ ᠤᠷᠲᠤᠯᠢᠭ᠂ ᠨᠢᠷᠤᠭᠤ ᠲᠡᠭᠰᠢ ᠂ ᠳᠡᠭᠡᠭᠰᠢ ᠪᠡᠨ ᠡᠷᠲᠡᠢᠭᠰᠡᠨ ᠲᠡᠩᠴᠡᠭᠦᠬᠡᠨ ᠰᠡᠭᠦᠯ ᠲᠡᠢ ᠂ ᠳᠥᠷᠪᠡᠨ ᠬᠥᠯ ᠦ᠋ᠨ ᠭᠢᠰᠬᠢᠯᠲᠡ ᠨᠢ ᠲᠡᠭᠰᠢ ᠪᠥᠭᠡᠳ ᠬᠦᠴᠦᠯᠢᠭ᠂ ᠲᠤᠭᠤᠷᠠᠢ ᠨᠢ ᠪᠡᠬᠢᠯᠢᠭ ᠬᠠᠲᠠᠭᠤ᠂ ᠴᠠᠬᠢᠷᠠᠭ ᠪᠡᠶ᠎ᠡ ᠴᠣᠭᠴᠠᠰ ᠲᠠᠢ᠂ ᠪᠡᠶ᠎ᠡ ᠪᠡᠷ ᠳᠤᠮᠳᠠ ᠵᠡᠷᠭᠡ᠃ ᠮᠣᠩᠭᠣᠯ ᠢᠮᠠᠭ᠎ᠠ᠂ ᠮᠠᠯᠵᠢᠵᠤ ᠪᠠᠢᠭ᠎ᠠ ᠭᠠᠵᠠᠷ ᠤ᠋ᠨ ᠢ᠋ᠶ᠋ᠠᠨ ᠪᠠᠢᠭᠠᠯᠢ ᠶ᠋ᠢᠨ ᠨᠥᠬᠥᠴᠡᠯ ᠪᠠᠢᠳᠠᠯ ᠵᠢᠴᠢ ᠮᠠᠯᠵᠢᠯᠭ᠎ᠠ ᠶ᠋ᠢᠨ ᠠᠷᠭ᠎ᠠ ᠪᠠᠷᠢᠯ ᠠᠳᠠᠯᠢ ᠪᠤᠰᠤ ᠵᠡᠷᠭᠡ ᠰᠢᠯᠲᠠᠭᠠᠨ ᠠ᠋ᠴᠠ ᠪᠣᠯᠵᠤ᠂ ᠪᠡᠶ᠎ᠡ ᠪᠢᠯᠳᠠᠷ ᠤ᠋ᠨ ᠶᠡᠬᠡ ᠪᠠᠭ᠎ᠠ᠂ ᠵᠢᠰᠦ᠂ ᠠᠰᠢᠭ ᠰᠢᠮ᠎ᠡ ᠶ᠋ᠢᠨ ᠭᠠᠷᠤᠯᠲᠠ ᠵᠡᠷᠭᠡ ᠨᠢ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ ᠪᠣᠯᠵᠠᠢ᠃ ᠵᠢᠱ᠌ᠢᠶᠡᠯᠡᠪᠡᠯ᠂ ᠨᠣᠯᠤᠤᠷ ᠰᠠᠢᠲᠠᠢ ᠪᠥᠭᠡᠳ ᠨᠠᠷᠢᠨ ᠤᠷᠲᠤ ᠰᠤᠷ ᠢ᠋ᠶ᠋ᠠᠷ ᠢ᠋ᠶ᠋ᠠᠨ ᠣᠯᠠᠨ᠎ᠠ ᠠᠯᠳᠠᠷᠲᠠᠢ ᠠᠯᠠᠱᠠ ᠴᠠᠭᠠᠨ ᠢᠮᠠᠭ᠎ᠠ᠃ ᠠᠭᠤᠯᠠ ᠬᠠᠳᠠᠨ ᠤ᠋ ᠪᠡᠷᠬᠡ ᠶ᠋ᠢᠨ ᠪᠠᠷᠲᠠᠭᠠᠨ ᠳ᠋ᠤ᠌ ᠶᠠᠪᠤᠬᠤ ᠳ᠋ᠠᠭᠠᠨ ᠬᠥᠩᠭᠡᠨ ᠱᠠᠯᠠᠮᠠᠭᠠᠢ᠂ ᠬᠠᠳᠠ ᠴᠢᠯᠠᠭᠤᠨ ᠵᠠᠪᠰᠠᠷ ᠢ᠋ᠶ᠋ᠠᠷ ᠤᠷᠭᠤᠭᠰᠠᠨ ᠡᠪᠡᠰᠦ ᠤᠷᠭᠤᠮᠠᠯ ᠢ᠋ ᠲᠡᠭᠦᠨ ᠢᠳᠡᠵᠦ ᠪᠠᠷᠲᠠᠭᠠᠲᠤ ᠠᠭᠤᠯᠠᠨ ᠪᠡᠯᠴᠢᠭᠡᠷ ᠢ᠋ ᠴᠢᠳᠠᠮᠠᠭᠠᠢ ᠠᠰᠢᠭᠯᠠᠳᠠᠭ᠂ ᠨᠣᠯᠤᠤᠷ ᠤ᠋ᠨ ᠭᠠᠷᠴᠠ ᠨᠢ ᠶᠡᠬᠡ ᠪᠥᠭᠡᠳ ᠨᠠᠷᠢᠨ᠂ ᠤᠷᠲᠤ ᠰᠤᠷ ᠲᠠᠢ ᠠᠷᠪᠠᠰ ᠤ᠋ᠨ ᠴᠠᠭᠠᠨ ᠢᠮᠠᠭ᠎ᠠ᠃ ᠨᠣᠯᠤᠤᠷ ᠪᠣᠯᠤᠨ ᠰᠤᠷ ᠤ᠋ᠨ ᠤᠷᠲᠤ ᠪᠠᠷ ᠢ᠋ᠶ᠋ᠠᠨ ᠨᠡᠷ᠎ᠡ ᠠᠯᠳᠠᠷᠰᠢᠭᠰᠠᠨ ᠪᠠᠶᠠᠨᠨᠠᠭᠤᠷ ᠤ᠋ᠨ ᠴᠠᠭᠠᠨ ᠢᠮᠠᠭ᠎ᠠ ᠃ ᠪᠡᠶ᠎ᠡ ᠪᠦᠳᠦᠭᠦᠨ᠂ ᠮᠢᠬᠠᠨ ᠭᠠᠷᠴᠠ ᠶᠡᠬᠡ ᠪᠥᠭᠡᠳ ᠨᠣᠯᠤᠤᠷ ᠰᠠᠢᠲᠠᠢ ᠦᠵᠦᠮᠦᠴᠢᠨ ᠨᠣᠯᠤᠤᠷ ᠤ᠋ᠨ ᠴᠠᠭᠠᠨ ᠢᠮᠠᠭ᠎ᠠ᠃ ᠵᠢᠷᠢᠮ ᠦ᠋ᠨ ᠢᠮᠠᠭ᠎ᠠ ᠵᠡᠷᠭᠡ ᠭᠠᠵᠠᠷ ᠣᠷᠣᠨ ᠤ᠋ ᠰᠢᠨᠵᠢ ᠣᠨᠴᠠᠯᠢᠭ ᠪᠦᠬᠦᠢ ᠰᠢᠯᠢᠳᠡᠭ ᠴᠢᠨᠠᠷ ᠤ᠋ᠨ ᠢᠮᠠᠭ᠎ᠠ ᠨᠤᠭᠤᠳ ᠪᠣᠢ ᠃
ᠲᠠᠷᠬᠠᠯᠲᠠ ᠶ᠋ᠢᠨ ᠬᠡᠪᠴᠢᠶ᠎ᠡ᠄ ᠮᠣᠩᠭᠣᠯ ᠢᠮᠠᠭ᠎ᠠ ᠲᠠᠷᠬᠠᠯᠲᠠ ᠥᠷᠭᠡᠨ᠂ ᠲᠣᠭ᠎ᠠ ᠲᠣᠯᠣᠭᠠᠢ ᠪᠠᠷ ᠣᠯᠠᠨ ᠪᠠᠢᠳᠠᠭ ᠃ ᠮᠠᠨ ᠤ᠋ ᠤᠯᠤᠰ ᠲᠤ᠌᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠤ᠌ ᠮᠣᠩᠭᠣᠯ ᠢᠮᠠᠭ᠎ᠠ ᠶ᠋ᠢ ᠨᠡᠢᠳᠡᠮ ᠮᠠᠯᠵᠢᠵᠤ ᠪᠠᠢᠬᠤ ᠠ᠋ᠴᠠ ᠭᠠᠳᠠᠨ᠎ᠠ᠂ ᠰᠢᠨᠵᠢᠶᠠᠩ᠂ ᠬᠥᠬᠡᠨᠠᠭᠤᠷ ᠂ᠭᠠᠨᠰᠦ ᠂ ᠯᠢᠶᠣᠤᠨᠢᠩ᠂ ᠬᠢᠷᠢᠨ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠠᠳᠠᠯᠢ ᠦᠭᠡᠢ ᠬᠡᠮᠵᠢᠶ᠎ᠡ ᠪᠡᠷ ᠮᠠᠯᠵᠢᠵᠤ ᠪᠠᠢᠨ᠎ᠠ᠃ᠤᠯᠤᠰ ᠤ᠋ᠨ ᠭᠠᠳᠠᠭᠠᠳᠤ ᠳ᠋ᠤ᠌ ᠮᠣᠩᠭᠣᠯ ᠤᠯᠤᠰ ᠪᠣᠯᠤᠨ ᠣᠷᠣᠰ ᠵᠡᠷᠭᠡ ᠨᠡᠯᠢᠶᠡᠳ ᠬᠡᠳᠦᠨ ᠤᠯᠤᠰ ᠣᠷᠣᠨ ᠨᠤᠭᠤᠳ ᠲᠤ᠌ ᠮᠠᠯᠵᠢᠵᠤ ᠪᠠᠢᠨ᠎ᠠ᠃
ᠵᠢᠰᠦ᠄ ᠶᠡᠷᠦ ᠶ᠋ᠢᠨ ᠪᠠᠢᠳᠠᠯ ᠳ᠋ᠤ᠌ ᠮᠣᠩᠭᠣᠯ ᠢᠮᠠᠭ᠎ᠠ ᠴᠠᠭᠠᠨ᠂ ᠬᠥᠬᠡ ᠴᠡᠩᠬᠡᠷ᠂ ᠬᠠᠷ᠎ᠠ᠂ ᠬᠦᠷᠡᠩ ᠤᠯᠠᠭᠠᠨ ᠵᠡᠷᠭᠡ ᠵᠢᠰᠦᠲᠡᠢ ᠨᠢ ᠭᠣᠣᠯᠯᠠᠵᠤ᠂ ᠪᠤᠰᠤᠳ ᠵᠢᠰᠦᠮ ᠲᠡᠢ ᠨᠢ ᠪᠠᠰᠠ ᠨᠡᠯᠢᠶᠡᠳ ᠪᠣᠢ ᠃ ᠭᠡᠪᠡᠴᠦ ᠴᠠᠭᠠᠨ ᠵᠢᠰᠦᠮ ᠦ᠋ᠨ ᠲᠠᠯ᠎ᠠ ᠪᠠᠷ ᠬᠠᠷᠠᠯᠲᠠ ᠲᠠᠢ ᠰᠢᠯᠢᠯᠲᠡ ᠬᠢᠭᠰᠡᠨ ᠭᠠᠵᠠᠷ ᠤ᠋ᠨ ᠢᠮᠠᠭ᠎ᠠ ᠨᠢ ᠨᠡᠢᠳᠡᠮ ᠴᠠᠭᠠᠨ ᠵᠢᠰᠦᠲᠡᠢ ᠪᠣᠯᠤᠭᠰᠠᠨ ᠪᠠᠢᠳᠠᠭ᠃
ᠮᠣᠩᠭᠣᠯ ᠢᠮᠠᠭᠠᠨ ᠤ᠋ ᠪᠡᠶ᠎ᠡ ᠶ᠋ᠢᠨ ᠬᠡᠮᠵᠢᠯᠲᠡ ᠶ᠋ᠢᠨ ᠳᠤᠮᠳᠠᠴᠢᠯᠠᠭᠰᠠᠨ ᠬᠡᠮᠵᠢᠭᠳᠡᠯ ᠄
ᠪᠦᠳᠦᠭᠦᠨ ᠤᠬᠤᠨ᠎ᠠ᠄ ᠴᠡᠭᠡᠵᠢᠨ ᠬᠡᠰᠡᠭ ᠦ᠋ᠨ ᠥᠨᠳᠥᠷ 64.28 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 71.33 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 82.89 ᠰᠠᠨᠲ᠋ᠢᠮᠧᠲ᠋ᠷ ᠂ ᠠᠮᠢᠳᠤ ᠶ᠋ᠢᠨ ᠵᠢᠩ 64.9 ᠺᠢᠯᠣᠭ᠌ᠷᠠᠮ ︔
ᠪᠦᠳᠦᠭᠦᠨ ᠡᠮ᠎ᠡ ᠢᠮᠠᠭ᠎ᠠ ᠄ ᠴᠡᠭᠡᠵᠢᠨ ᠬᠡᠰᠡᠭ ᠦ᠋ᠨ ᠥᠨᠳᠥᠷ 59.36 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 64.63 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 74.53 ᠰᠠᠨᠲ᠋ᠢᠮᠧᠲ᠋ᠷ ᠂ ᠠᠮᠢᠳᠤ ᠶ᠋ᠢᠨ ᠵᠢᠩ 53.5 ᠺᠢᠯᠣᠭ᠌ᠷᠠᠮ ︔
ᠪᠦᠳᠦᠭᠦᠨ ᠰᠡᠷᠬᠡ ᠄ ᠴᠡᠭᠡᠵᠢᠨ ᠬᠡᠰᠡᠭ ᠦ᠋ᠨ ᠥᠨᠳᠥᠷ 65.75 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 67.32 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 81.07 ᠰᠠᠨᠲ᠋ᠢᠮᠧᠲ᠋ᠷ ᠂ ᠠᠮᠢᠳᠤ ᠶ᠋ᠢᠨ ᠵᠢᠩ 55.66 ᠺᠢᠯᠣᠭ᠌ᠷᠠᠮ ︔
ᠰᠢᠳᠦᠯᠡᠩ ᠤᠬᠤᠨ᠎ᠠ ᠄ ᠴᠡᠭᠡᠵᠢᠨ ᠬᠡᠰᠡᠭ ᠦ᠋ᠨ ᠥᠨᠳᠥᠷ 56.33 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 60.05 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 66.17 ᠰᠠᠨᠲ᠋ᠢᠮᠧᠲ᠋ᠷ ᠂ ᠠᠮᠢᠳᠤ ᠶ᠋ᠢᠨ ᠵᠢᠩ 43.8 ᠺᠢᠯᠣᠭ᠌ᠷᠠᠮ ︔
ᠡᠮ᠎ᠡ ᠰᠢᠳᠦᠯᠡᠩ ( ᠥᠬᠢᠨ ᠰᠢᠳᠦᠯᠡᠩ )᠄ ᠴᠡᠭᠡᠵᠢᠨ ᠬᠡᠰᠡᠭ ᠦ᠋ᠨ ᠥᠨᠳᠥᠷ 52.91 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 54.79 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 62.95 ᠰᠠᠨᠲ᠋ᠢᠮᠧᠲ᠋ᠷ ᠂ ᠠᠮᠢᠳᠤ ᠶ᠋ᠢᠨ ᠵᠢᠩ 39.6 ᠺᠢᠯᠣᠭ᠌ᠷᠠᠮ ︔
ᠡᠷ᠎ᠡ ᠰᠢᠳᠦᠯᠡᠩ᠄ ᠴᠡᠭᠡᠵᠢᠨ ᠬᠡᠰᠡᠭ ᠦ᠋ᠨ ᠥᠨᠳᠥᠷ 54.36 ᠰᠠᠨᠲ᠋ᠢᠮᠧᠲ᠋ᠷ ᠂ ᠪᠡᠶ᠎ᠡ ᠶ᠋ᠢᠨ ᠲᠠᠰᠢᠭᠤ ᠤᠷᠲᠤ 56.05 ᠰᠠᠨᠲ᠋ᠢᠮᠧᠲ᠋ᠷ ᠂ ᠴᠡᠭᠡᠵᠢᠨ ᠪᠦᠰᠡᠯᠡᠭᠦᠷ 63.90 ᠰᠠᠨᠲ᠋ᠢᠮᠧᠲ᠋ᠷ ︔
ᠰᠠᠶᠢ ᠭᠠᠷᠤᠭᠰᠠᠨ ᠨᠢᠯᠬ᠎ᠠ ᠡᠷ᠎ᠡ ᠢᠰᠢᠭᠡᠨ ᠦ᠌ ᠠᠮᠢᠳᠤ ᠶ᠋ᠢᠨ ᠵᠢᠩ᠄ 2.42 ᠺᠢᠯᠣᠭ᠌ᠷᠠᠮ ︔ ᠨᠢᠯᠬ᠎ᠠ ᠥᠬᠢᠨ ᠢᠰᠢᠭᠡᠨ ᠦ᠌ ᠠᠮᠢᠳᠤ ᠶ᠋ᠢᠨ ᠵᠢᠩ᠄ 2.21 ᠺᠢᠯᠣᠭ᠌ᠷᠠᠮ ᠃ ᠨᠢᠯᠬ᠎ᠠ ᠢᠰᠢᠭᠡᠨ ᠦ᠌ ᠪᠡᠶ᠎ᠡ ᠥᠰᠦᠯᠲᠡ ᠨᠢ ᠶᠡᠬᠡ ᠲᠦᠷᠭᠡᠨ ᠪᠠᠢᠳᠠᠭ᠃
ᠮᠢᠬᠠᠨ ᠭᠠᠷᠤᠯᠲᠠ᠄ ᠮᠣᠩᠭᠣᠯ ᠢᠮᠠᠭᠠᠨ ᠤ᠋ ᠮᠢᠬ᠎ᠠ ᠡᠯᠳᠡᠪ ᠵᠦᠢᠯ ᠦ᠋ᠨ ᠮᠠᠭᠤᠬᠠᠢ ᠰᠢᠩᠬᠡᠭ ᠦᠨᠦᠷ ᠠᠮᠲᠠ ᠦᠭᠡᠢ᠂ ᠰᠢᠮ᠎ᠡ ᠲᠡᠵᠢᠭᠡᠯ ᠦ᠋ᠨ ᠠᠭᠤᠯᠠᠭᠳᠠᠴᠠ ᠨᠢ ᠪᠦᠷᠢᠨ ᠲᠡᠭᠦᠯᠳᠡᠷ᠂ ᠢᠳᠡᠬᠦ ᠳ᠋ᠦ᠍ ᠠᠮᠲᠠᠲᠠᠢ ᠪᠥᠭᠡᠳ ᠵᠥᠭᠡᠯᠡᠨ᠂ ᠮᠢᠬ᠎ᠠ ᠥᠭᠡᠬᠦᠨ ᠦ᠌ ᠬᠠᠷᠢᠴᠠᠯ ᠨᠢ ᠲᠡᠩᠴᠡᠭᠦᠬᠡᠨ᠂ ᠮᠠᠨ ᠤ᠋ ᠣᠷᠣᠨ ᠤ᠋ ᠪᠠᠷᠠᠭᠤᠨ ᠬᠡᠰᠡᠭ ᠦ᠋ᠨ ᠬᠥᠮᠦᠰ ᠮᠣᠩᠭᠣᠯ ᠢᠮᠠᠭᠠᠨ ᠮᠢᠬ᠎ᠠ ᠶ᠋ᠢ ᠶᠡᠬᠡ ᠪᠠᠬᠠᠷᠬᠠᠨ ᠢᠳᠡᠳᠡᠭ᠃ ᠮᠢᠬᠠᠨ ᠭᠠᠷᠤᠯᠲᠠ ᠶ᠋ᠢᠨ ᠬᠡᠮᠵᠢᠶ᠎ᠡ ᠨᠢ ᠲᠡᠭᠦᠨ ᠦ᠌ ᠮᠠᠯᠵᠢᠭᠳᠠᠵᠣ ᠪᠠᠢᠭ᠎ᠠ ᠭᠠᠵᠠᠷ ᠣᠷᠣᠨ ᠤ᠋ ᠪᠠᠢᠭᠠᠯᠢ ᠣᠷᠴᠢᠨ ᠠᠬᠤᠢ ᠪᠣᠯᠤᠨ ᠲᠤᠬᠠᠢ ᠶ᠋ᠢᠨ ᠦᠶ᠎ᠡ ᠶ᠋ᠢᠨ ᠡᠪᠡᠰᠦ ᠪᠡᠯᠴᠢᠭᠡᠷ ᠦ᠋ᠨ ᠤᠷᠭᠤᠴᠠ ᠶ᠋ᠢᠨ ᠪᠠᠢᠳᠠᠯ ᠵᠢᠴᠢ ᠲᠠᠷᠭᠤ ᠠᠪᠤᠯᠲᠠ ᠬᠢᠷᠢ ᠵᠡᠷᠭᠡ ᠭᠡᠬᠦ ᠮᠡᠲᠦ ᠣᠯᠠᠨ ᠲᠠᠯ᠎ᠠ ᠶ᠋ᠢᠨ ᠨᠥᠬᠥᠴᠡᠯ ᠰᠢᠯᠲᠠᠭᠠᠨ ᠠ᠋ᠴᠠ ᠪᠣᠯᠵᠤ ᠬᠣᠭᠣᠷᠣᠨᠳᠣ ᠪᠠᠨ ᠶᠡᠬᠡ ᠵᠥᠷᠢᠶ᠎ᠡ ᠲᠡᠢ ᠪᠣᠯᠤᠭᠰᠠᠨ ᠪᠠᠢᠳᠠᠭ ᠃ ᠨᠢᠲᠤᠯᠭᠠ ᠶ᠋ᠢᠨ ᠭᠠᠷᠴᠠ ᠨᠢ ᠶᠡᠬᠡ ᠲᠥᠯᠥᠪ ᠲᠡᠭᠡᠨ 40-50% ᠣᠷᠴᠢᠮ ᠪᠠᠢᠳᠠᠭ ᠂ ᠲᠠᠷᠭᠤ ᠰᠠᠢᠲᠠᠢ ᠨᠢ 55% ᠬᠦᠷᠬᠦ ᠴᠦ᠍ ᠪᠣᠢ ᠃
ᠨᠣᠯᠤᠤᠷ ᠪᠣᠯᠤᠨ ᠰᠤᠷ︵ᠬᠢᠯᠭᠠᠰᠤ︶ ᠶ᠋ᠢᠨ ᠭᠠᠷᠤᠯᠲᠠ᠄ ᠮᠣᠩᠭᠣᠯ ᠢᠮᠠᠭᠠᠨ ᠤ᠋ ᠨᠣᠯᠤᠤᠷ ᠪᠣᠯᠤᠨ ᠰᠤᠷ ᠤ᠋ᠨ ᠭᠠᠷᠤᠯᠲᠠ ᠶ᠋ᠢᠨ ᠬᠡᠮᠵᠢᠶ᠎ᠡ ᠨᠢ ᠶᠡᠷᠦᠩᠬᠡᠢ ᠳ᠋ᠡᠭᠡᠨ ᠳᠤᠮᠳᠠ ᠵᠡᠷᠭᠡ ᠪᠠᠢᠳᠠᠭ ᠪᠣᠯᠪᠠᠴᠤ᠂ ᠥᠪᠥᠷ ᠮᠣᠩᠭᠣᠯ ᠤ᠋ᠨ ᠳᠤᠮᠳᠠ ᠪᠠᠷᠠᠭᠤᠨ ᠬᠡᠰᠡᠭ ᠦ᠋ᠨ ᠢᠮᠠᠭᠠᠨ ᠤ᠋ ᠨᠣᠯᠤᠤᠷ ᠨᠢ ᠬᠠᠷᠢᠴᠠᠩᠭᠤᠢ ᠪᠠᠷ ᠰᠢᠷᠬᠡᠭ ᠨᠢ ᠨᠠᠷᠢᠨ᠂ ᠰᠤᠷ ᠨᠢ ᠪᠠᠰᠠ ᠨᠡᠯᠢᠶᠡᠳ ᠨᠠᠷᠢᠪᠲᠤᠷ ᠪᠥᠭᠡᠳ ᠤᠷᠲᠤ᠂ ᠭᠠᠷᠴᠠ ᠶ᠋ᠢᠨ ᠬᠡᠮᠵᠢᠶ᠎ᠡ ᠨᠢ ᠥᠨᠳᠥᠷ ᠰᠢᠭ ᠪᠠᠢᠳᠠᠭ᠃
ᠨᠣᠯᠤᠤᠷ ᠤ᠋ᠨ ᠭᠠᠷᠴᠠ ᠶ᠋ᠢᠨ ᠳᠤᠮᠳᠠᠴᠢ ᠬᠡᠮᠵᠢᠭᠳᠡᠯ ᠄ ᠪᠦᠳᠦᠭᠦᠨ ᠤᠬᠤᠨ᠎ᠠ ᠄ 260 ᠭᠷᠠᠮ︔ ᠪᠦᠳᠦᠭᠦᠨ ᠡᠮ᠎ᠡ ᠢᠮᠠᠭ᠎ᠠ ᠄ 300 ᠭᠷᠠᠮ᠂ ᠪᠦᠳᠦᠭᠦᠨ ᠰᠡᠷᠬᠡ 525 ᠭᠷᠠᠮ ᠃ ᠴᠡᠪᠡᠷ ᠨᠣᠯᠤᠤᠷ ᠤ᠋ᠨ ᠨᠣᠷᠮ᠎ᠠ 65.61%᠃
ᠰᠤᠷ ᠤ᠋ᠨ ᠭᠠᠷᠴᠠ ᠶ᠋ᠢᠨ ᠬᠡᠮᠵᠢᠶ᠎ᠡ ᠄ ᠪᠦᠳᠦᠭᠦᠨ ᠡᠮ᠎ᠡ ᠢᠮᠠᠭ᠎ᠠ ᠄ 390 ᠭᠷᠠᠮ ᠃ 1988 ᠣᠨ ᠳ᠋ᠤ᠌᠂ ᠰᠢᠯᠢ ᠭᠣᠣᠯ ᠤ᠋ᠨ ᠡᠮᠦᠨ᠎ᠡ ᠬᠡᠰᠡᠭ ᠦ᠋ᠨ ᠢᠮᠠᠭᠠᠨ ᠳ᠋ᠤ᠌᠂ ᠨᠠᠮᠵᠢᠯ︵ᠥᠪᠥᠷ ᠮᠣᠩᠭᠣᠯ ᠤ᠋ᠨ ᠰᠢᠯᠢ ᠶ᠋ᠢᠨ ᠬᠣᠲᠠ ᠳ᠋ᠠᠬᠢ ᠮᠠᠯ ᠠᠵᠤ ᠠᠬᠤᠢ ᠶ᠋ᠢᠨ ᠰᠤᠷᠭᠠᠭᠤᠯᠢ ᠶ᠋ᠢᠨ ᠯᠧᠺᠲ᠋ᠣᠷ 讲师︶ ᠤ᠋ᠨ ᠬᠢᠭᠰᠡᠨ ᠮᠣᠩᠭᠣᠯ ᠢᠮᠠᠭᠠᠨ ᠤ᠋ ᠨᠣᠯᠤᠤᠷ ᠤ᠋ᠨ ᠶᠠᠰᠤ ᠴᠢᠨᠠᠷ ᠢ᠋ ᠰᠢᠯᠭᠠᠨ ᠬᠡᠮᠵᠢᠭᠰᠡᠨ ᠮᠠᠲ᠋ᠧᠷᠢᠶᠠᠯ ᠢ᠋ ᠦᠨᠳᠦᠰᠦᠯᠡᠪᠡᠯ᠄ ᠨᠣᠯᠤᠤᠷ ᠪᠣᠯᠤᠨ ᠰᠤᠷ ᠤ᠋ᠨ ᠨᠠᠷᠢᠨ ᠤ᠋ ᠬᠡᠮᠵᠢᠶ᠎ᠡ ᠲᠣᠰᠪᠣᠷᠢ ᠳᠤᠮᠳᠠᠴᠢ ᠪᠠᠷ᠄ ᠨᠣᠯᠤᠤᠷ ᠨᠢ 15.42 ᠮᠢᠺᠷᠣᠨ᠂ ᠰᠤᠷ ᠨᠢ 125.5 ᠮᠢᠺᠷᠣᠨ ᠃
ᠨᠣᠯᠤᠤᠷ ᠂ ᠰᠤᠷ ᠤ᠋ᠨ ᠨᠢᠭ ᠨᠢ᠄ ᠲᠠᠯᠤᠨ ᠤ᠋ ᠠᠷᠤ᠂ ᠴᠡᠭᠡᠵᠢᠨ ᠳᠤᠮᠳᠠ ᠬᠡᠰᠡᠭ ᠦ᠋ᠨ ᠨᠢᠭᠡ ᠲᠡᠭᠰᠢ ᠳᠥᠷᠪᠡᠯᠵᠢᠨ ᠰᠠᠨᠲ᠋ᠢᠮᠧᠲ᠋ᠷ ᠲᠠᠯᠠᠪᠠᠢ ᠳ᠋ᠤ᠌᠂ ᠨᠣᠯᠤᠤᠷ 2926 ᠰᠢᠷᠬᠡᠭ︵1524︱3919︶᠂ ᠰᠤᠷ 221 ᠰᠢᠷᠬᠡᠭ︵128︱353︶ᠪᠠᠢᠪᠠ᠃
ᠨᠣᠯᠤᠤᠷ ᠤ᠋ᠨ ᠲᠡᠨᠢᠢᠯᠭᠡᠭᠰᠡᠨ ᠤᠷᠲᠤ ᠨᠢ ᠳᠤᠮᠳᠠᠴᠢ ᠪᠠᠷ 5.16 ᠰᠠᠨᠲ᠋ᠢᠮᠧᠲ᠋ᠷ ᠂ ᠰᠤᠷ ᠤ᠋ᠨ ᠤᠷᠲᠤ ᠨᠢ 6.22 ᠰᠠᠨᠲ᠋ᠢᠮᠧᠲ᠋ᠷ ᠃ ᠨᠣᠯᠤᠤᠷ ᠂ ᠰᠤᠷ ᠤ᠋ᠨ ᠬᠦᠨᠳᠦ ᠶ᠋ᠢᠨ ᠬᠠᠷᠢᠴᠠᠯ ᠨᠢ᠄ 50.72᠄ 49.28 ᠪᠠᠢᠵᠠᠢ᠃
ᠰᠦᠨ ᠭᠠᠷᠤᠯᠲᠠ᠄ ᠮᠣᠩᠭᠣᠯ ᠢᠮᠠᠭ᠎ᠠ ᠰᠦᠨ ᠭᠠᠷᠴᠠ ᠪᠠᠷ ᠨᠡᠯᠢᠶᠡᠳ ᠰᠠᠢᠨ ᠃ ᠡᠯ᠎ᠡ ᠭᠠᠵᠠᠷ ᠢᠮᠠᠭ᠎ᠠ ᠪᠠᠨ ᠶᠡᠬᠡ ᠲᠥᠯᠥᠪ ᠵᠤᠨ ᠤ᠋ 5︱8 ᠳ᠋ᠤᠭᠠᠷ ᠰᠠᠷ᠎ᠠ ᠶ᠋ᠢᠨ ᠬᠤᠭᠤᠴᠠᠭᠠᠨ ᠳ᠋ᠤ᠌᠂ ᠦᠳᠡ ᠳ᠋ᠦ᠍ ᠨᠢᠭᠡ ᠤᠳᠠᠭ᠎ᠠ ᠰᠠᠭᠠᠬᠤ ᠪᠤᠶᠤ ᠥᠷᠯᠥᠭᠡ ᠦᠳᠡ ᠳ᠋ᠦ᠍ ᠲᠣᠰᠪᠣᠷᠢ ᠨᠢᠭᠡ ᠤᠳᠠᠭ᠎ᠠ ᠰᠠᠭᠠᠳᠠᠭ᠃ ᠰᠦᠨ ᠭᠠᠷᠴᠠ ᠪᠣᠯᠤᠨ ᠠᠰᠢᠭᠯᠠᠯᠲᠠ ᠶ᠋ᠢᠨ ᠪᠠᠢᠳᠠᠯ ᠨᠢ ᠡᠯ᠎ᠡ ᠭᠠᠵᠠᠷ ᠣᠷᠣᠨ ᠤ᠋ ᠬᠢ ᠬᠣᠭᠣᠷᠣᠨᠳᠣ ᠪᠠᠨ ᠨᠡᠯᠢᠶᠡᠳ ᠵᠥᠷᠢᠶ᠎ᠡ ᠲᠡᠢ᠂ ᠵᠢᠱ᠌ᠢᠶᠡᠯᠡᠪᠡᠯ᠂ ᠮᠠᠨ ᠤ᠋ ᠣᠷᠣᠨ ᠤ᠋ ᠠᠯᠠᠱᠠ ᠵᠡᠷᠭᠡ ᠪᠠᠷᠠᠭᠤᠨ ᠬᠡᠰᠡᠭ ᠦ᠋ᠨ ᠵᠠᠷᠢᠮ ᠭᠠᠵᠠᠷ ᠤ᠋ᠳ ᠲᠤ᠌ ᠢᠮᠠᠭᠠᠨ ᠰᠦ ᠶ᠋ᠢ ᠭᠣᠣᠯᠴᠢᠯᠠᠨ ᠠᠰᠢᠭᠯᠠᠵᠤ᠂ ᠣᠯᠠᠨ ᠵᠦᠢᠯ ᠦ᠋ᠨ ᠴᠠᠭᠠᠨ ᠢᠳᠡᠭᠡ ᠪᠣᠯᠪᠠᠰᠤᠷᠠᠭᠤᠯᠳᠠᠭ᠃ ᠢᠮᠠᠭ᠎ᠠ ᠶ᠋ᠢ ᠨᠢᠭᠡ ᠤᠳᠠᠭ᠎ᠠ ᠰᠠᠭᠠᠬᠤ ᠳ᠋ᠤ᠌ 150︱400 ᠭᠷᠠᠮ ᠰᠦ ᠭᠠᠷᠳᠠᠭ᠃ ᠮᠣᠩᠭᠣᠯ ᠢᠮᠠᠭᠠᠨ ᠰᠦ ᠰᠢᠩᠭᠡᠭᠡᠯᠲᠡ ᠰᠠᠢᠲᠠᠢ᠂ ᠨᠢᠯᠬᠠᠰ᠂ ᠨᠠᠰᠤᠲᠠᠢᠴᠤᠳ ᠪᠣᠯᠤᠨ ᠪᠡᠶ᠎ᠡ ᠪᠠᠭᠤᠷᠠᠢᠴᠤᠤᠯ ᠤᠤᠭᠤᠵᠤ ᠢᠳᠡᠬᠦ ᠳ᠋ᠦ᠍ ᠲᠤᠩ ᠲᠣᠬᠢᠷᠠᠮᠵᠢᠲᠠᠢ ᠢᠳᠡᠭᠡᠨ ᠤᠮᠳᠠᠭᠠᠨ ᠤ᠋ ᠵᠦᠢᠯ ᠶᠦᠮ᠃
ᠠᠷᠠᠰᠤ᠄ ᠮᠣᠩᠭᠣᠯ ᠢᠮᠠᠭᠠᠨ ᠤ᠋ ᠠᠷᠠᠰᠤ ᠨᠢᠮᠭᠡᠪᠲᠦᠷ ᠪᠣᠯᠪᠠᠴᠤ ᠬᠥᠷᠥᠰᠥ ᠰᠠᠢᠲᠠᠢ᠂ ᠮᠠᠰᠢ ᠪᠡᠬᠢᠯᠢᠭ ᠪᠣᠯᠬᠣᠷ ᠬᠡᠷᠡᠭᠴᠡᠭᠡ ᠪᠡᠷ ᠥᠷᠭᠡᠨ᠂ ᠣᠯᠠᠨ ᠵᠦᠢᠯ ᠲᠥᠷᠥᠯ ᠦ᠋ᠨ ᠭᠣᠶᠣᠮᠰᠣᠭ ᠠᠷᠠᠰᠤᠨ ᠡᠳ᠋ᠯᠡᠯ ᠬᠢᠬᠦ ᠳ᠋ᠦ᠍ ᠣᠬᠢ ᠰᠠᠢᠨ ᠲᠦᠭᠦᠬᠡᠢ
ᠮᠠᠲ᠋ᠧᠷᠢᠶᠠᠯ ᠨᠢ ᠪᠣᠯᠵᠤ ᠬᠡᠷᠡᠭᠯᠡᠭᠳᠡᠳᠡᠭ ᠃
ᠦᠷᠡᠵᠢᠯᠲᠡ ᠪᠣᠢᠵᠢᠯᠲᠠ᠄ ᠮᠣᠩᠭᠣᠯ ᠢᠮᠠᠭᠠᠨ ᠤ᠋ ᠦᠷᠡᠵᠢᠯᠲᠡ ᠶ᠋ᠢᠨ ᠨᠣᠷᠮ᠎ᠠ ᠳᠡᠮᠡᠢ ᠥᠨᠳᠥᠷ ᠪᠢᠰᠢ᠂ ᠶᠡᠷᠦ ᠶ᠋ᠢᠨ ᠵᠢᠯ ᠳ᠋ᠦ᠍᠂ ᠢᠬᠡᠷᠡᠯᠡᠬᠦ ᠡᠮ᠎ᠡ ᠢᠮᠠᠭ᠎ᠠ 10% ᠣᠷᠴᠢᠮ ᠠ᠋ᠴᠠ ᠳᠠᠪᠠᠳᠠᠭ ᠦᠭᠡᠢ ᠪᠣᠯᠪᠠᠴᠤ᠂ ᠪᠡᠯᠴᠢᠭᠡᠷ ᠡᠪᠡᠰᠦᠨ ᠦ᠌ ᠤᠷᠭᠤᠴᠠ ᠰᠠᠢᠨ ᠪᠤᠶᠤ ᠲᠠᠷᠭᠤ ᠬᠦᠴᠦ ᠨᠢ ᠰᠠᠢᠨ ᠵᠢᠯ ᠳ᠋ᠦ᠍ ᠢᠬᠡᠷᠡᠯᠡᠬᠦ ᠡᠮ᠎ᠡ ᠢᠮᠠᠭ᠎ᠠ ᠮᠡᠳᠡᠭᠳᠡᠮ᠎ᠡ ᠶᠡᠬᠡᠪᠡᠷ ᠨᠡᠮᠡᠭᠳᠡᠳᠡᠭ᠃ ᠪᠣᠢᠵᠢᠯᠲᠠ ᠶ᠋ᠢᠨ ᠨᠣᠷᠮ᠎ᠠ ᠶ᠋ᠢᠨ ᠥᠨᠳᠥᠷ ᠡᠰᠡᠬᠦ ᠨᠢ ᠪᠠᠢᠭᠠᠯᠢ ᠣᠷᠴᠢᠨ ᠠᠬᠤᠢ ᠶ᠋ᠢᠨ ᠨᠥᠬᠥᠴᠡᠯ ᠪᠣᠯᠤᠨ ᠡᠪᠡᠰᠦ ᠪᠡᠯᠴᠢᠭᠡᠷ᠂ ᠠᠷᠠᠴᠢᠯᠠᠯᠭ᠎ᠠ ᠮᠠᠯᠵᠢᠯᠭ᠎ᠠ ᠵᠡᠷᠭᠡ ᠣᠯᠠᠨ ᠲᠠᠯ᠎ᠠ ᠶ᠋ᠢᠨ ᠨᠥᠯᠥᠭᠡᠯᠡᠯ ᠢ᠋ ᠣᠯᠳᠠᠭ ᠪᠣᠯᠬᠣᠷ ᠠᠳᠠᠯᠢ ᠪᠤᠰᠤ ᠭᠠᠵᠠᠷ ᠪᠣᠯᠤᠨ ᠠᠳᠠᠯᠢ ᠦᠭᠡᠢ ᠣᠨ ᠵᠢᠯ ᠦ᠋ᠳ ᠲᠦ᠍ ᠬᠣᠭᠣᠷᠣᠨᠳᠣ ᠪᠠᠨ ᠶᠡᠬᠡ ᠵᠥᠷᠢᠶ᠎ᠡ ᠲᠡᠢ ᠪᠠᠢᠳᠠᠭ᠃
ᠮᠣᠩᠭᠣᠯ ᠢᠮᠠᠭ᠎ᠠ᠂ ᠪᠤᠰᠤᠳ ᠲᠥᠷᠥᠯ ᠦ᠋ᠨ ᠮᠠᠯ ᠤ᠋ᠨ ᠢᠳᠡᠵᠦ ᠠᠰᠢᠭᠯᠠᠳᠠᠭ ᠦᠭᠡᠢ ᠪᠡᠯᠴᠢᠭᠡᠷ ᠳᠠᠬᠢ ᠡᠪᠡᠰᠦ ᠤᠷᠭᠤᠮᠠᠯ ᠢ᠋ ᠢᠳᠡᠵᠦ ᠠᠰᠢᠭᠯᠠᠬᠤ ᠣᠨᠴᠠᠭᠠᠢ ᠳᠠᠪᠠᠭᠤᠯᠢᠭ ᠲᠠᠢ ᠪᠥᠭᠡᠳ ᠡᠯᠡᠰᠦ ᠮᠠᠩᠬᠠᠨ ᠨᠤᠲᠤᠭ ᠵᠢᠴᠢ ᠴᠥᠯᠡᠷᠬᠡᠭ ᠭᠠᠵᠠᠷ ᠣᠷᠣᠨ ᠤ᠋ ᠭᠠᠩᠳᠠᠮᠠᠯ ᠲᠠᠴᠢᠷ ᠨᠢᠮᠭᠡᠨ ᠪᠡᠯᠴᠢᠭᠡᠷ ᠲᠡᠢ ᠣᠷᠣᠨ ᠳ᠋ᠤ᠌ ᠰᠠᠢᠨ ᠵᠣᠬᠢᠴᠠᠵᠤ ᠴᠢᠳᠠᠬᠤ ᠪᠠᠷ ᠪᠠᠷᠠᠬᠤ ᠦᠭᠡᠢ ᠠᠭᠤᠯᠠᠷᠬᠠᠭ ᠣᠷᠣᠨ ᠳ᠋ᠤ᠌ ᠠᠭᠤᠯᠠ ᠬᠠᠳᠠ ᠠᠪᠠᠷᠢᠨ ᠬᠠᠳᠠ ᠴᠢᠯᠠᠭᠤᠨ ᠵᠠᠪᠰᠠᠷ ᠲᠤ᠌ ᠠᠷᠠᠤ ᠲᠠᠷᠠᠤ ᠤᠷᠭᠤᠭᠰᠠᠨ ᠪᠠᠷᠲᠠᠭᠠᠲᠤ ᠭᠠᠵᠠᠷ ᠤ᠋ᠨ ᠡᠪᠡᠰᠦ ᠤᠷᠭᠤᠮᠠᠯ ᠢ᠋ ᠴᠢᠳᠠᠮᠠᠭᠠᠢ ᠪᠠᠷ ᠲᠡᠭᠦᠨ ᠢᠳᠡᠰᠢᠯᠡᠵᠦ ᠴᠢᠳᠠᠳᠠᠭ᠂ ᠡᠨᠡ ᠮᠡᠲᠦ ᠬᠠᠲᠠᠭᠤ ᠪᠡᠷᠬᠡ ᠪᠠᠢᠭᠠᠯᠢ ᠣᠷᠴᠢᠨ ᠳ᠋ᠤ᠌ ᠬᠡᠪ ᠦ᠋ᠨ ᠪᠠᠢᠳᠠᠯ ᠢ᠋ᠶ᠋ᠠᠷ ᠵᠣᠬᠢᠴᠠᠨ᠂ ᠦᠰᠦᠨ ᠦᠷᠡᠵᠢᠵᠦ ᠴᠢᠳᠠᠬᠤ᠂ ᠪᠠᠢᠭᠠᠯᠢ ᠣᠷᠴᠢᠨ ᠤ᠋ ᠬᠤᠪᠢᠷᠠᠯᠲᠠ ᠳ᠋ᠤ᠌ ᠣᠨᠴᠠ ᠲᠡᠰᠪᠦᠷᠢ ᠳᠠᠭᠠᠭᠠᠴᠠ ᠰᠠᠢᠲᠠᠢ ᠪᠠᠢᠵᠤ ᠵᠢᠯ ᠲᠤᠷᠰᠢ ᠶ᠋ᠢᠨ ᠬᠠᠷᠢᠭᠤᠯᠭ᠎ᠠ ᠮᠠᠯᠵᠢᠯᠭ᠎ᠠ ᠳ᠋ᠤ᠌ ᠶᠡᠬᠡ ᠰᠠᠢᠨ ᠵᠣᠬᠢᠵᠠᠵᠣ ᠴᠢᠳᠠᠳᠠᠭ᠂ ᠡᠪᠡᠰᠦ ᠤᠷᠭᠤᠮᠠᠯ ᠤ᠋ᠨ ᠤᠷᠭᠤᠴᠠ ᠶ᠋ᠢᠨ ᠬᠤᠭᠤᠴᠠᠭᠠᠨ ᠳ᠋ᠤ᠌ ᠲᠠᠷᠭᠤ ᠠᠪᠤᠯᠲᠠ ᠨᠢ ᠲᠦᠷᠭᠡᠨ᠂ ᠲᠤᠢᠯ ᠤ᠋ᠨ ᠬᠣᠪᠣᠷ ᠴᠤᠬᠠᠭ ᠨᠢᠭᠡᠨ ᠲᠥᠷᠥᠯ ᠦ᠋ᠨ ᠢᠮᠠᠭᠠᠨ ᠤ᠋ ᠡᠭᠦᠯᠳᠡᠷ ᠶᠦᠮ᠃ ᠮᠣᠩᠭᠣᠯ ᠢᠮᠠᠭ᠎ᠠ ᠪᠤᠰᠤᠳ ᠲᠥᠷᠥᠯ ᠦ᠋ᠨ ᠮᠠᠯ ᠲᠠᠢ ᠬᠠᠮᠲᠤ ᠨᠢᠭᠡᠨ ᠪᠡᠯᠴᠢᠭᠡᠷ ᠲᠦ᠍ ᠢᠳᠡᠰᠢᠯᠡᠬᠦ ᠳ᠋ᠦ᠍ ᠥᠭᠡᠷ᠎ᠡ ᠪᠤᠰᠤᠳ ᠮᠠᠯ ᠲᠠᠢ ᠡᠪᠡᠰᠦ ᠲᠡᠵᠢᠭᠡᠯ ᠪᠤᠯᠢᠶᠠᠯᠳᠤᠬᠤ ᠦᠭᠡᠢ᠂ ᠬᠠᠷᠢᠨ ᠪᠤᠰᠤᠳ ᠮᠠᠯ ᠤ᠋ᠨ ᠳᠡᠮᠡᠢ ᠢᠳᠡᠵᠦ ᠠᠰᠢᠭᠯᠠᠬᠤ ᠦᠭᠡᠢ ᠡᠪᠡᠰᠦ ᠤᠷᠭᠤᠮᠠᠯ ᠤ᠋ᠨ ᠵᠦᠢᠯᠡᠰ ᠢ᠋ ᠨᠢ ᠢᠳᠡᠵᠦ ᠪᠠᠢᠳᠠᠭ᠃ ᠮᠣᠩᠭᠣᠯ ᠢᠮᠠᠭᠠᠨ ᠤ᠋ ᠨᠣᠯᠤᠤᠷ ᠨᠢ ᠨᠠᠷᠢᠨ᠂ ᠵᠥᠭᠡᠯᠡᠨ᠂ ᠤᠶᠠᠨ ᠬᠠᠳᠠᠨ᠂ ᠤᠷᠲᠤ ᠵᠡᠷᠭᠡ ᠲᠠᠯ᠎ᠠ ᠪᠠᠷ ᠢ᠋ᠶ᠋ᠠᠨ ᠣᠯᠠᠨ᠎ᠠ ᠨᠡᠷ᠎ᠡ ᠠᠯᠳᠠᠷᠰᠢᠭᠰᠠᠨ ᠶᠤᠮ᠂ ᠵᠠᠷᠢᠮ ᠨᠤᠲᠤᠭ ᠤ᠋ᠨ ᠮᠣᠩᠭᠣᠯ ᠢᠮᠠᠭᠠᠨ ᠤ᠋ ᠰᠤᠷ︵ᠬᠢᠯᠭᠠᠰᠤ︶ᠨᠢ ᠨᠠᠷᠢᠨ᠂ ᠤᠷᠲᠤ᠂ ᠪᠡᠬᠢᠯᠢᠭ ᠪᠠᠢᠳᠠᠭ ᠪᠣᠯᠬᠣᠷ ᠬᠡᠷᠡᠭᠯᠡᠭᠴᠢᠳ ᠦ᠋ᠨ ᠲᠠᠭᠠᠰᠢᠶᠠᠯ ᠢ᠋ ᠶᠡᠬᠡᠳᠡ ᠣᠯᠤᠭᠰᠠᠨ ᠶᠤᠮ᠃ ᠶᠡᠬᠡᠩᠬᠢ ᠭᠠᠵᠠᠷ ᠣᠷᠣᠨ ᠳ᠋ᠤ᠌ ᠮᠣᠩᠭᠣᠯ ᠢᠮᠠᠭ᠎ᠠ ᠶ᠋ᠢ ᠬᠣᠨᠢᠨ ᠰᠦᠷᠦᠭ ᠲᠡᠭᠡᠨ ᠵᠣᠬᠢᠬᠤ ᠲᠣᠭ᠎ᠠ ᠪᠠᠷ ᠨᠡᠢᠯᠡᠭᠦᠯᠦᠨ ᠮᠠᠯᠵᠢᠬᠤ ᠵᠠᠩᠰᠢᠯ ᠲᠠᠢ ᠪᠠᠢᠳᠠᠭ᠂ ᠤᠴᠢᠷ ᠨᠢ ᠢᠮᠠᠭ᠎ᠠ ᠡᠵᠡᠨ ᠦ᠌ ᠪᠡᠨ ᠵᠠᠯᠠᠯᠲᠠ ᠬᠠᠰᠢᠯᠲᠠ ᠶ᠋ᠢ ᠳᠠᠭᠠᠨ ᠬᠣᠨᠢᠨ ᠰᠦᠷᠦᠭ ᠲᠡᠭᠡᠨ ᠬᠣᠰᠢᠭᠤᠴᠢᠯᠠᠵᠤ ᠬᠣᠷᠣᠭ᠎ᠠ ᠬᠠᠰᠢᠶᠠᠨ ᠳ᠋ᠤ᠌ ᠣᠷᠣᠬᠤ᠂ ᠭᠣᠣᠯ ᠤᠰᠤ ᠭᠡᠲᠦᠯᠬᠦ᠂ ᠰᠠᠯᠬᠢ ᠰᠢᠭᠤᠷᠭᠠᠨ ᠢ᠋ ᠰᠥᠷᠴᠦ ᠭᠡᠷ ᠲᠡᠭᠡᠨ ᠪᠤᠴᠠᠵᠤ ᠢᠷᠡᠬᠦ ᠵᠡᠷᠭᠡ ᠳ᠋ᠦ᠍ ᠰᠦᠷᠦᠭ ᠦ᠋ᠨ ᠳᠠᠭᠠᠭᠤᠯᠤᠭᠴᠢ ᠨᠢ ᠪᠣᠯᠳᠠᠭ᠃
ᠣᠳᠣᠬᠠᠨ ᠳ᠋ᠤ᠌᠂ ᠡᠯᠡᠰᠦᠷᠬᠡᠭ᠂ ᠴᠥᠯᠡᠷᠬᠡᠭ ᠭᠠᠵᠠᠷ ᠣᠷᠣᠨ ᠪᠤᠶᠤ ᠭᠠᠩᠳᠠᠮᠠᠯ ᠬᠠᠭᠤᠷᠠᠢ ᠲᠠᠴᠢᠷ ᠨᠢᠮᠭᠡᠨ ᠪᠡᠯᠴᠢᠭᠡᠷ ᠲᠡᠢ ᠭᠠᠵᠠᠷ ᠣᠷᠣᠨ ᠳ᠋ᠤ᠌ ᠮᠠᠯᠵᠢᠵᠤ ᠪᠠᠢᠬᠤ ᠮᠠᠯ ᠤ᠋ᠨ ᠳᠣᠲᠣᠷ᠎ᠠ ᠮᠣᠩᠭᠣᠯ ᠢᠮᠠᠭᠠᠨ ᠤ᠋ ᠡᠵᠡᠯᠡᠬᠦ ᠲᠣᠭ᠎ᠠ ᠬᠠᠷᠢᠴᠠᠯ ᠨᠢ ᠬᠠᠷᠢᠴᠠᠩᠭᠤᠢ ᠪᠠᠷ ᠶᠡᠬᠡ ᠰᠢᠭ ᠪᠠᠢᠭ᠎ᠠ ᠪᠠᠢᠳᠠᠯ ᠢ᠋ ᠵᠠᠷᠢᠮ ᠬᠥᠮᠦᠰ ᠦᠵᠡᠭᠡᠳ᠂ ᠣᠷᠴᠢᠨ ᠠᠬᠤᠢ ᠡᠪᠳᠡᠭᠳᠡᠵᠦ᠂ ᠡᠪᠡᠰᠦ ᠤᠷᠭᠤᠮᠠᠯ ᠮᠠᠭᠤᠳᠠᠵᠤ ᠪᠠᠢᠬᠤ ᠨᠢ ᠢᠮᠠᠭᠠᠨ ᠤ᠋ ᠤᠷᠰᠢᠭ ᠠ᠋ᠴᠠ ᠪᠣᠯᠤᠯ᠎ᠠ ᠭᠡᠵᠦ ᠡᠨᠳᠡᠭᠦᠦ ᠪᠡᠷ ᠣᠢᠯᠠᠭᠠᠳᠠᠭ᠂ ᠦᠨᠡᠨᠳᠡᠭᠡᠨ ᠢᠮᠠᠭ᠎ᠠ ᠣᠷᠴᠢᠨ ᠠᠬᠤᠢ ᠶ᠋ᠢ ᠡᠪᠳᠡᠵᠦ᠂ ᠡᠪᠡᠰᠦ ᠤᠷᠭᠤᠮᠠᠯ ᠢ᠋ ᠮᠠᠭᠤᠳᠠᠭᠤᠯᠤᠭᠰᠠᠨ ᠪᠢᠰᠢ᠂ ᠬᠠᠷᠢᠨ ᠪᠤᠰᠤᠳ ᠮᠠᠯ ᠳᠡᠮᠡᠢ ᠰᠠᠢᠨ ᠵᠣᠬᠢᠴᠠᠵᠤ ᠴᠢᠳᠠᠬᠤ ᠦᠭᠡᠢ ᠡᠢᠮᠦᠷᠬᠦ ᠪᠠᠢᠭᠠᠯᠢ ᠣᠷᠴᠢᠨ ᠠᠬᠤᠢ ᠬᠠᠲᠠᠭᠤ ᠪᠡᠷᠬᠡ ᠭᠠᠵᠠᠷ᠂ ᠮᠣᠩᠭᠣᠯ ᠢᠮᠠᠭ᠎ᠠ ᠰᠠᠢᠨ ᠵᠣᠬᠢᠴᠠᠵᠤ ᠴᠢᠳᠠᠳᠠᠭ ᠪᠣᠯᠬᠣᠷ ᠶᠠᠪᠤᠭ᠎ᠠ ᠶᠠᠪᠤᠭ᠎ᠠ ᠳ᠋ᠠᠭᠠᠨ ᠲᠣᠭᠠᠨ ᠤ᠋ ᠲᠠᠯ᠎ᠠ ᠪᠠᠷ ᠳᠠᠪᠠᠭᠤᠯᠢᠭ ᠪᠠᠢᠷᠢᠨ ᠳ᠋ᠤ᠌ ᠣᠷᠣᠵᠠᠢ᠂ ᠪᠤᠰᠤᠳ ᠲᠥᠷᠥᠯ ᠦ᠋ᠨ ᠮᠠᠯ ᠮᠠᠯᠵᠢᠬᠤ ᠳ᠋ᠤ᠌ ᠣᠯᠵᠠᠪᠤᠷᠢ ᠮᠠᠭᠤᠲᠠᠢ ᠪᠣᠯᠤᠭᠰᠠᠨ ᠡᠨᠡ ᠮᠡᠲᠦ ᠭᠠᠵᠠᠷ ᠲᠤ᠌ ᠢᠮᠠᠭ᠎ᠠ ᠮᠠᠯᠵᠢᠪᠠᠯ᠂ ᠪᠡᠯᠴᠢᠭᠡᠷ ᠨᠤᠲᠤᠭ ᠢ᠋ᠶ᠋ᠠᠨ ᠵᠣᠬᠢᠰᠲᠠᠢ ᠰᠠᠢᠬᠠᠨ ᠠᠰᠢᠭᠯᠠᠵᠤ ᠪᠣᠯᠬᠤ ᠮᠥᠷᠲᠡᠭᠡᠨ ᠣᠷᠣᠯᠭ᠎ᠠ ᠪᠠᠨ ᠪᠠᠰᠠ ᠬᠠᠷᠢᠴᠠᠩᠭᠤᠢ ᠪᠠᠷ ᠨᠡᠮᠡᠭᠳᠡᠭᠦᠯᠵᠦ ᠴᠢᠳᠠᠬᠤ ᠲᠤᠯᠠ ᠮᠠᠯᠴᠢᠳ᠂ ᠢᠮᠠᠭᠠᠨ ᠤ᠋ ᠡᠨᠡ ᠲᠠᠯ᠎ᠠ ᠶ᠋ᠢᠨ ᠳᠠᠪᠠᠭᠤᠯᠢᠭ ᠢ᠋ ᠨᠢ ᠭᠦᠢᠴᠡᠳ ᠪᠠᠳᠠᠷᠠᠭᠤᠯᠤᠨ ᠮᠣᠩᠭᠣᠯ ᠢᠮᠠᠭ᠎ᠠ ᠶ᠋ᠢ ᠭᠣᠣᠯᠯᠠᠨ ᠥᠰᠬᠡᠨ ᠮᠠᠯᠵᠢᠵᠤ ᠪᠠᠢᠭ᠎ᠠ ᠨᠢ ᠡᠨᠡ ᠪᠠᠢᠵᠠᠢ ᠃
ᠬᠣᠢᠰᠢᠳᠠ᠂ᠮᠣᠩᠭᠣᠯ ᠢᠮᠠᠭᠠᠨ ᠤ᠋ ᠪᠦᠬᠦᠢ ᠳᠠᠪᠠᠭᠤᠯᠢᠭ ᠲᠠᠯ᠎ᠠ ᠶ᠋ᠢ ᠭᠠᠵᠠᠷ ᠣᠷᠣᠨ ᠤ᠋ ᠠᠬᠤᠢ ᠪᠠᠢᠳᠠᠯ ᠳ᠋ᠠᠭᠠᠨ ᠵᠣᠬᠢᠴᠠᠭᠤᠯᠤᠨ ᠤᠯᠠᠮ ᠰᠠᠢᠨ ᠢ᠋ᠶ᠋ᠠᠷ ᠪᠠᠳᠠᠷᠠᠭᠤᠯᠤᠨ ᠠᠰᠢᠭᠯᠠᠬᠤ ᠶ᠋ᠢ ᠠᠩᠬᠠᠷᠤᠯ ᠳ᠋ᠠᠭᠠᠨ ᠠᠪᠴᠤ᠂ ᠠᠷᠠᠴᠢᠯᠠᠭ᠎ᠠ ᠮᠠᠯᠵᠢᠯᠭ᠎ᠠ ᠪᠠᠨ ᠤᠯᠠᠮ ᠰᠠᠢᠵᠢᠷᠠᠭᠤᠯᠤᠨ᠂ ᠡᠭᠦᠯᠳᠡᠷ ᠦ᠋ᠨ ᠳᠣᠲᠣᠷ᠎ᠠ ᠨᠢ ᠰᠢᠯᠢᠨ ᠰᠣᠩᠭᠣᠵᠤ ᠪᠣᠢᠵᠢᠭᠤᠯᠤᠨ᠂ ᠮᠢᠬᠠᠨ ᠭᠠᠷᠴᠠ ᠪᠤᠶᠤ ᠨᠣᠯᠤᠤᠷ ᠤ᠋ᠨ ᠭᠠᠷᠴᠠ ᠵᠢᠴᠢ ᠶᠠᠰᠤ ᠴᠢᠨᠠᠷ ᠢ᠋ ᠨᠢ ᠤᠯᠠᠮ ᠰᠠᠢᠵᠢᠷᠠᠭᠤᠯᠤᠨ ᠰᠢᠯᠢᠳᠡᠭᠵᠢᠭᠦᠯᠵᠦ᠂ ᠲᠡᠭᠦᠨ ᠦ᠌ ᠰᠢᠯᠢᠳᠡᠭ ᠰᠠᠢᠨ ᠤᠳᠤᠮᠰᠢᠯ ᠤ᠋ᠨ ᠰᠢᠨᠵᠢ ᠴᠢᠨᠠᠷ ᠢ᠋ ᠨᠢ ᠴᠡᠪᠡᠷ ᠢ᠋ᠶ᠋ᠡᠷ ᠨᠢ ᠬᠠᠮᠠᠭᠠᠯᠠᠨ ᠬᠠᠳᠠᠭᠠᠯᠠᠬᠤ ᠶ᠋ᠢ ᠪᠠᠷᠢᠮᠲᠠᠯᠠᠪᠠᠯ ᠵᠣᠬᠢᠨ᠎ᠠ᠃
ᠮᠣᠩᠭᠣᠯ ᠢᠮᠠᠭ᠎ᠠ Монгол Ямаа
ᠬᠢᠲᠠᠳ ᠨᠡᠷ᠎ᠡ᠄ 蒙古羊
ᠦᠰᠦᠭ ᠠᠮᠢᠯᠠᠭᠤᠯᠤᠭᠴᠢ᠄ ᠳᠣᠯᠣᠳ•ᠨᠠᠮᠵᠢᠯ
ᠬᠢᠨᠠᠭᠴᠢ᠄ ᠣᠳᠬᠠᠨᠰᠣ᠎ᠠ