ᠭᠤᠲᠤᠯᠳᠤ ᠮᠤᠤᠷГуталт муур _ Puss in the Boots
ᠭᠤᠲᠤᠯᠳᠤ ᠮᠤᠤᠷ
ᠠᠯᠤᠰ ᠬᠤᠯᠠ ᠵᠢᠨ ᠨᠢᠭᠡᠨ ᠨᠤᠲᠤᠭ ᠲᠤ ᠨᠢᠭᠡ ᠲᠡᠭᠡᠷᠮᠡᠴᠢᠨ
ᠭᠤᠷᠪᠠᠨ ᠬᠥᠥ ᠲᠠᠢ ᠪᠠᠨ ᠠᠮᠢᠳᠤᠷᠠᠳᠠᠭ ᠪᠠᠶ᠋ᠢᠪᠠ ᠃ ᠣᠳᠬᠠᠨ ᠬᠦᠦ ᠮᠠᠷᠺᠥ᠋ᠢᠰ ᠲᠤ ᠪᠠᠨ ᠢᠯᠡᠭᠦᠦ ᠬᠠᠶ᠋ᠢᠷᠠᠲᠠᠢ
ᠪᠠᠶ᠋ᠢᠯ᠎ᠠ᠂ᠭᠡᠪᠡᠴᠦ ᠲᠡᠭᠡᠷᠮᠡᠴᠢᠨ ᠨᠠᠰᠤ ᠪᠠᠷᠠᠬᠤ ᠳ᠋ᠤ᠌
ᠪᠠᠨ ᠲᠡᠭᠡᠷᠮ᠎ᠡ ᠪᠠᠨ ᠤᠤᠭᠠᠨ ᠬᠦᠦ ᠳ᠋ᠤ᠌ ᠪᠠᠨ ᠦᠯᠡᠳᠡᠭᠡᠪᠡ ᠃ ᠤᠳᠠᠭᠠᠬᠢ ᠬᠦᠦ ᠳ᠋ᠤ᠌ ᠪᠠᠨ ᠨᠢᠭᠡ ᠡᠯᠵᠢᠭᠡ
᠂ ᠣᠳᠬᠣᠨ ᠬᠦᠦ ᠳ᠋ᠤ᠌ ᠪᠠᠨ ᠨᠢᠭᠡᠨ ᠮᠤᠤᠷ ᠦᠯᠡᠳᠡᠭᠡᠵᠡᠢ ᠃ ᠤᠤᠭᠠᠨ ᠬᠥᠥ ᠮᠠᠷᠺᠥ᠋ᠢᠰ ᠊ᠢ ᠱᠣᠣᠯᠠᠵᠤ ᠂ ᠥᠪᠡᠷ
ᠥᠪᠡᠷ ᠊ᠢ ᠪᠡᠨ ᠪᠣᠯᠤᠭ ᠭᠡᠳ ᠣᠷᠬᠢᠪᠠ ᠃ ᠮᠠᠷᠺᠥ᠋ᠢᠰ ᠊ᠤᠨ ᠤᠷᠮ᠎ᠠ ᠬᠤᠭᠤᠷᠠᠵᠤ ᠠᠪᠤ ᠨᠢ ᠶᠠᠭᠠᠬᠢᠭᠠᠳ ᠮᠤᠤᠷ
ᠦᠯᠡᠳᠡᠭᠡᠭᠰᠡᠨ ᠶᠤᠮ ᠪᠣᠯ ᠡ ᠭᠡᠵᠦ ᠪᠣᠳᠣᠵᠠᠢ ᠃
— ᠮᠤᠤᠷ ᠮᠢᠨᠢ ᠳ᠋ᠠ᠂ ᠪᠢ ᠴᠢᠮ᠎ᠠ
ᠵᠢ ᠶᠠᠭᠠᠬᠢᠶ᠎ᠠ ᠳ᠋ᠠ᠂ ᠪᠠᠶ᠋ᠢᠵᠠ ᠂ ᠥᠪᠡᠷ ᠊ᠢ ᠪᠡᠨ ᠴᠦ᠍ ᠲᠡᠵᠢᠭᠡᠵᠦ ᠴᠢᠳᠠᠬᠤ ᠥᠬᠡᠢ ᠨᠠᠳᠠ ᠳ᠋ᠤ᠌ ᠲᠡᠭᠡᠷᠮ᠎ᠡ
᠂ ᠶᠠᠲᠠᠵᠤ ᠡᠯᠵᠢᠭᠡ ᠴᠦ᠍ ᠪᠠᠶ᠋ᠢᠬᠤ ᠥᠬᠡᠢ ᠂ ᠪᠢ ᠶᠠᠭᠠᠬᠢᠵᠤ ᠠᠮᠢᠳᠤᠷᠠᠬᠤ ᠶᠤᠮ ᠪᠣᠢ ?ᠳᠠᠷᠠᠭ᠎ᠠ ᠨᠢ ᠷᠢᠲᠢ ᠰᠢᠲᠢ ᠶ᠋ᠢᠨ ᠭᠡᠮᠡᠷ ᠶᠠᠭᠤᠮ᠎ᠠ
ᠪᠣᠯᠵᠤ ᠮᠠᠷᠺᠥ᠋ᠢᠰ ᠊ᠢ ᠠᠯᠮᠠᠶ᠋ᠢᠷᠠᠭᠤᠯᠪᠠ᠃
—ᠰᠠᠨᠠᠭ᠎ᠠ ᠪᠣᠤ ᠵᠣᠪᠠ ᠡᠵᠡᠨ
ᠮᠢᠨᠢ ᠂ ᠪᠢ ᠲᠠᠨ ᠳ᠋ᠤ᠌ ᠲᠤᠰᠠᠯᠠᠶ᠎ᠠ
— ᠮᠤᠤᠷ ᠠ᠋ ᠂ ᠴᠢ ᠶᠠᠷᠢᠳᠠᠭ
ᠶᠤᠮ ᠪᠠᠶ᠋ᠢᠨ᠎ᠠ ᠂ ᠮᠤᠤᠷ ᠨᠠᠳᠠ ᠲᠠᠢ ᠶᠠᠷᠢᠵᠤ ᠪᠠᠶ᠋ᠢᠨ᠎ᠠ᠃
— ᠪᠢ ᠥᠭᠡᠷ᠎ᠡ ᠣᠯᠠᠨ ᠶᠠᠭᠤᠮ᠎ᠠ
ᠴᠢᠳᠠᠨ᠎ᠠ ᠡᠵᠡᠨ ᠮᠢᠨᠢ ᠂ ᠨᠠᠳᠠ ᠳ᠋ᠤ᠌ ᠨᠢᠭᠡ ᠰᠢᠭᠤᠳᠠᠢ ᠪᠠᠰᠠ ᠨᠢᠭᠡ ᠭᠤᠲᠤᠯ ᠥᠭᠴᠢᠬᠡ ᠂ ᠲᠡᠭᠡᠭᠡᠳ ᠪᠢ
ᠶᠠᠭᠤ ᠴᠢᠳᠠᠳᠠᠭ ᠵᠢᠠᠨ ᠬᠠᠷᠠᠭᠤᠯᠤᠶ᠎ᠠ
ᠮᠠᠷᠺᠥ᠋ᠢᠰ ᠭᠠᠶ᠋ᠢᠬᠠᠭᠰᠠᠨ
ᠬᠡᠪ ᠵᠢᠠᠷ ᠂ ᠪᠠᠰᠠ ᠮᠤᠤᠷ ᠲᠤ ᠶᠠᠭᠠᠬᠢᠵᠤ ᠰᠢᠭᠤᠳᠠᠢ ᠭᠤᠲᠤᠯ ᠣᠯᠵᠤ ᠥᠭᠬᠦ ᠪᠣᠢ ᠭᠡᠵᠦ ᠪᠣᠳᠣᠯ᠎ᠠ ᠃ ᠭᠡᠪᠡᠴᠦ
ᠶᠠᠷᠢᠳᠠᠭ ᠮᠤᠤᠷ ᠵᠢᠠᠨ ᠬᠠᠷᠠᠭᠠᠳ ᠲᠡᠭᠦᠨ ᠳ᠋ᠤ᠌ ᠨᠠᠶ᠋ᠢᠳᠠᠪᠤᠷᠢ ᠲᠥᠷᠥᠵᠡᠢ ᠃
— ᠵᠠ ᠮᠤᠤᠷ ᠠ᠋ ᠂ ᠪᠢ ᠴᠢᠮ᠎ᠠ
ᠳ᠋ᠤ᠌ ᠰᠢᠭᠤᠳᠠᠢ ᠭᠤᠲᠤᠯ ᠣᠯᠵᠤ ᠥᠭᠭᠦᠶ᠎ᠡ ᠂ ᠴᠢᠨᠦ ᠶᠠᠭᠤ ᠬᠢᠵᠦ ᠴᠢᠳᠠᠳᠠᠭ ᠊ᠢ ᠬᠠᠷᠠᠶ᠎ᠠ ᠳ᠋ᠠ ᠂ ᠮᠠᠷᠺᠥ᠋ᠢᠰ
ᠥᠪᠡᠷ ᠲᠤ ᠪᠠᠶ᠋ᠢᠭᠰᠠᠨ ᠵᠢᠭᠠᠬᠠᠨ ᠮᠥᠩᠭᠥ ᠪᠠᠨ ᠠᠪᠴᠤ ᠭᠤᠲᠤᠯᠴᠢᠨ ᠤᠷᠤᠭᠤ ᠣᠴᠢᠯ᠎ᠠ ᠃
ᠭᠤᠲᠤᠯᠴᠢᠨ ᠡᠨᠡ ᠬᠠᠴᠢᠨ
ᠬᠦᠰᠡᠯ ᠊ᠢ ᠰᠣᠨᠣᠰᠤᠭᠠᠳ ᠭᠠᠶ᠋ᠢᠬᠠᠵᠠᠢ ᠃
—ᠮᠤᠤᠷ ᠲᠦ᠍ ᠴᠢᠨᠢ ᠭᠤᠲᠤᠯ
ᠭᠡᠨ᠎ᠡ᠂ ᠢᠲᠡᠭᠡᠯ ᠲᠡᠢ ᠪᠠᠶ᠋ᠢᠨ᠎ᠠ ᠊ᠦᠦ?
— ᠲᠡᠶ᠋ᠢᠮᠦ ᠡ ᠂ ᠭᠤᠶᠤᠵᠤ
ᠪᠠᠶ᠋ᠢᠨ᠎ᠠ ᠃ᠮᠤᠤᠷ ᠤᠳᠠᠬᠤ ᠦᠭᠡᠢ ᠭᠤᠲᠤᠯ ᠲᠠᠢ ᠪᠠᠰᠠ ᠲᠣᠮᠣ ᠰᠢᠭᠤᠳᠠᠢ ᠲᠠᠢ ᠪᠣᠯᠤᠯ᠎ᠠ᠃
—ᠵᠠ ᠂ ᠮᠤᠤᠷ ᠠ᠋ ᠴᠢ ᠬᠦᠰᠡᠭ᠍ᠰᠡᠨ ᠢᠶᠡᠨ
ᠠᠪᠤᠯ᠎ᠠ ᠂ ᠴᠢ ᠣᠳᠣ ᠶᠠᠭᠠᠬᠢᠬᠤ ᠭᠡᠵᠦ ᠪᠠᠶ᠋ᠢᠨ᠎ᠠ ᠳ᠋ᠠ᠃
—ᠡᠬᠢᠯᠡᠭᠡᠳ ᠬᠣᠶᠠᠭᠤᠯᠠ ᠪᠠᠨ
ᠬᠣᠭᠣᠯᠠ ᠢᠳᠡᠨ᠎ᠡ ᠃
ᠮᠤᠤᠷ ᠥᠪᠡᠷ ᠊ᠤᠨ ᠮᠡᠳᠡᠬᠦ
ᠲᠠᠤᠯᠠᠢ ᠪᠠᠷᠢᠵᠤ ᠪᠣᠯᠬᠤ ᠪᠠᠷ ᠭᠠᠵᠠᠷ ᠯᠠ ᠤᠷᠤᠭᠤ ᠶᠠᠪᠤᠪᠠ ᠃ ᠰᠢᠭᠤᠳᠠᠢ ᠳ᠋ᠤ᠌ ᠪᠠᠨ ᠬᠡᠳᠦᠨ ᠯᠤᠤᠪᠠᠩ
ᠪᠠᠢ ᠼᠠᠢ ᠬᠢᠭᠡᠳ ᠨᠡᠭᠡᠭᠡᠯᠲᠡ ᠲᠡᠢ ᠣᠷᠬᠢᠵᠠᠢ ᠃ ᠥᠪᠡᠷ ᠵᠢᠠᠨ ᠮᠣᠳᠣᠨ ᠊ᠤ ᠠᠷᠤ ᠳ᠋ᠤ᠌ ᠣᠷᠣᠵᠤ ᠬᠦᠯᠢᠶᠡᠪᠡ
᠃ ᠤᠳᠠᠬᠤ ᠦᠭᠡᠢ ᠬᠡᠳᠦᠨ ᠲᠠᠤᠯᠠᠢ ᠰᠢᠭᠤᠳᠠᠢ ᠶ᠋ᠢ ᠣᠯᠵᠤ ᠳᠣᠲᠣᠷᠠᠬᠢ ᠨᠣᠭᠣᠭ᠎ᠠ ᠶ᠋ᠢ ᠨᠢ ᠢᠳᠡᠬᠦ ᠪᠡᠷ ᠱᠤᠩᠭᠤᠯᠠ
᠃ ᠮᠤᠤᠷ ᠮᠣᠳᠣᠨ ᠊ᠤ ᠠᠷᠤ ᠠᠴᠠ ᠦᠰᠦᠷᠴᠦ ᠭᠠᠷᠴᠤ ᠢᠷᠡᠭᠡᠳ ᠳᠣᠣᠷ᠎ᠠ ᠨᠢ ᠠᠮᠠ ᠶ᠋ᠢ ᠲᠠᠭᠯᠠᠯᠠ ᠃
—ᠪᠠᠷᠢᠭᠰᠠᠨ ᠳ᠋ᠠ!
ᠲᠡᠷᠡ ᠲᠠᠤᠯᠠᠢᠪᠠᠨ ᠮᠠᠷᠺᠥ᠋ᠢᠰ
ᠲᠤ ᠠᠪᠠᠴᠢᠯ᠎ᠠ ᠃
—ᠡᠨᠡ ᠪᠢᠳᠡᠨ ᠊ᠤ ᠬᠣᠭᠣᠯᠠ
᠃
—ᠮᠤᠤᠷ ᠠ᠋ ᠂ ᠴᠢ ᠲᠠᠤᠯᠠᠢ
ᠠᠪᠤᠭᠠᠳ ᠢᠷᠡᠵᠡᠢ ᠂ ᠪᠠᠶᠠᠷᠯᠠᠯ᠎ᠠ !
ᠲᠡᠳᠡ ᠰᠠᠢᠬᠠᠨ ᠬᠣᠭᠣᠯᠠ
ᠬᠢᠵᠦ ᠢᠳᠡᠭᠰᠡᠨ ᠴᠦ᠍ ᠮᠠᠷᠭᠠᠰᠢ ᠨᠢ ᠢᠳᠡᠬᠦ ᠪᠡᠷ ᠦᠯᠡᠳᠡᠪᠡ ᠃ ᠭᠡᠪᠡᠴᠦ ᠮᠤᠤᠷ ᠮᠠᠷᠭᠠᠰᠢ ᠨᠢ ᠠᠮᠠᠷᠠᠭᠰᠠᠨ
ᠦᠭᠡᠢ ᠂ ᠳᠠᠬᠢᠨ ᠭᠠᠳᠠᠭᠰᠢ ᠭᠠᠷᠴᠤ ᠨᠥᠭᠦᠭᠡ ᠠᠷᠭ᠎ᠠ ᠪᠠᠷ ᠵᠢᠠᠨ ᠨᠡᠮᠡᠵᠦ ᠲᠠᠤᠯᠠᠢ ᠪᠠᠷᠢᠵᠠᠢ ᠃ ᠪᠤᠴᠠᠬᠤ
ᠵᠠᠮ ᠳ᠋ᠤ᠌ ᠪᠠᠨ ᠲᠡᠷᠡ ᠬᠠᠭᠠᠨ ᠊ᠤ ᠣᠷᠳᠣᠨ ᠵᠢᠠᠷ ᠣᠷᠣᠬᠤ ᠪᠠᠷ ᠰᠢᠢᠳᠪᠡ ᠃ ᠣᠷᠳᠣᠨ ᠊ᠤ ᠬᠠᠷᠠᠭᠤᠯ
᠊ᠤᠳ ᠵᠠᠮ ᠊ᠢ ᠨᠢ ᠬᠠᠭᠠᠯ᠎ᠠ ᠃
— ᠨᠠᠮ᠎ᠠ ᠶ᠋ᠢ ᠤᠷᠤᠭᠤᠯ ᠂
ᠡᠷᠬᠢᠮ ᠊ᠤᠳ ᠡ ! ᠪᠢ ᠬᠠᠭᠠᠨ ᠳ᠋ᠤ᠌ ᠪᠡᠯᠡᠭ ᠲᠡᠢ ᠢᠷᠡᠯ᠎ᠡ ᠃ ᠨᠠᠮ᠎ᠠ ᠶ᠋ᠢ ᠣᠷᠣᠭᠤᠯᠤᠭ᠎ᠠ ᠦᠭᠡᠢ ᠶ᠋ᠢ ᠴᠢᠨᠢ
ᠮᠡᠳᠡᠭᠡᠳ ᠪᠠᠶᠠᠷᠯᠠᠬᠤ ᠦᠭᠡᠢ ᠯᠡ ᠪᠠᠢᠬᠤ ᠳᠠ ᠃
—ᠭᠤᠲᠤᠯ ᠡᠮᠦᠰᠦᠭᠰᠡᠨ ᠶᠠᠷᠢᠳᠠᠭ
ᠮᠤᠤᠷ ᠪᠠᠢᠨ᠎ᠠ ᠂ ᠬᠠᠭᠠᠨ ᠊ᠤ ᠨᠢᠳᠦ ᠶ᠋ᠢ ᠪᠠᠶᠠᠰᠬᠠᠬᠤ ᠶᠤᠮ ᠪᠠᠢᠨ᠎ᠠ ᠃
—ᠣᠷᠣᠭᠤᠯᠴᠢᠬᠠ !
ᠲᠡᠳᠡ ᠮᠤᠤᠷ ᠊ᠢ ᠬᠠᠭᠠᠯᠭ᠎ᠠ
ᠪᠠᠷ ᠥᠩᠭᠡᠷᠡᠵᠦ ᠣᠷᠳᠣᠨ ᠣᠷᠣᠬᠤ ᠵᠢ ᠬᠠᠷᠠᠭᠰᠠᠭᠠᠷ ᠪᠠᠢᠪᠠ ᠃ ᠮᠤᠤᠷ ᠬᠠᠭᠠᠨ ᠬᠠᠲᠤᠨ ᠭᠦᠩᠵᠦ ᠭᠤᠷᠪᠠ ᠳᠡᠭᠡᠷ᠎ᠡ
ᠣᠴᠢᠵᠤ ᠲᠡᠳᠡᠨ ᠲᠡᠢ ᠶᠠᠷᠢᠵᠤ ᠠᠯᠮᠠᠶ᠋ᠢᠷᠠᠭᠤᠯᠪᠠ᠃
—ᠡᠷᠬᠢᠮ ᠳᠡᠭᠡᠳᠦᠰ ᠡ ! ᠮᠢᠨᠦ
ᠨᠡᠷ᠎ᠡ ᠮᠤᠤᠷ ᠂ ᠪᠢ ᠪᠣᠯ ᠮᠠᠷᠺᠥ᠋ᠢᠰ ᠺᠠᠷᠠᠪᠠᠽᠢ ᠵᠢᠨ ᠮᠤᠤᠷ ᠂ ᠡᠵᠡᠨ ᠮᠢᠨᠢ ᠲᠠᠨ ᠳ᠋ᠤ᠌ ᠡᠨᠡ ᠲᠠᠤᠯᠠᠢ
ᠪᠠᠷ ᠪᠡᠯᠡᠭ ᠪᠠᠷᠢᠵᠤ ᠪᠠᠢᠨ᠎ᠠ ᠂ ᠪᠡᠯᠡᠭ ᠊ᠢ ᠬᠦᠯᠢᠶᠡᠨ ᠠᠪᠤᠨ᠎ᠠ ᠤᠤ ?
—ᠥ ! ᠷᠢᠳᠢ ᠰᠢᠳᠢ ᠲᠡᠢ
ᠮᠤᠤᠷ ᠪᠠᠢᠨ᠎ᠠ ᠂ ᠡᠨᠳᠡ ᠢᠷᠡᠭᠰᠡᠨ ᠳ᠋ᠤ᠌ ᠴᠢᠨᠢ ᠲᠠᠯᠠᠷᠬᠠᠶ᠎ᠠ ᠂ —ᠡᠵᠡᠨ ᠳ᠋ᠤ᠌ ᠪᠡᠨ ᠪᠡᠯᠡᠭ ᠊ᠢ ᠨᠢ ᠠᠪᠴᠤ
ᠰᠠᠢᠬᠠᠨ ᠰᠡᠳᠬᠢᠯ ᠳ᠋ᠤ᠌ ᠨᠢ ᠲᠠᠯᠠᠷᠬᠠᠵᠤ ᠪᠠᠶ᠋ᠢᠭ᠎ᠠ ᠶ᠋ᠢ ᠳᠣᠭᠣᠯᠭᠠᠭᠠᠷᠠᠢ ! ᠵᠠ ᠶᠠᠭᠠᠬᠢᠬᠤᠪ
—ᠭᠢᠯᠠᠢᠯ᠎ᠠ ᠂ ᠳᠡᠭᠡᠳᠦᠰ
ᠮᠢᠨᠢ ! ᠭᠦᠩᠵᠦ ᠭᠤᠲᠤᠯ ᠡᠮᠦᠰᠦᠭᠰᠡᠨ ᠷᠢᠳᠢ ᠰᠢᠳᠢ ᠲᠡᠢ ᠮᠤᠤᠷ ᠊ᠢ ᠬᠠᠷᠠᠭᠠᠳ ᠶᠡᠬᠡᠳᠡ ᠪᠡᠶᠡᠰᠴᠡᠢ ᠃
— ᠴᠢᠮ᠎ᠠ ᠶ᠋ᠢ 《ᠭᠤᠲᠤᠯᠲᠤ ᠮᠤᠤᠷ 》 ᠭᠡᠵᠦ ᠨᠡᠷᠡᠯᠡᠶ᠎ᠡ ᠃ ᠹᠧᠷᠧᠭᠣ᠋ ᠭᠡᠳᠡᠰᠦ ᠶ᠋ᠢ ᠨᠢ ᠴᠠᠳᠬᠠᠭᠠᠳ ᠶᠠᠪᠤᠭᠤᠯᠤᠭᠠᠷᠠᠢ
! ᠬᠠᠮᠤᠭ ᠊ᠤᠨ ᠰᠠᠢᠨ ᠰᠦ ᠴᠥᠴᠥᠭᠡᠢ ᠶ᠋ᠢ ᠥᠭᠭᠦᠭᠡᠷᠡᠢ ᠃
ᠬᠠᠭᠠᠨ ᠊ᠤ ᠦᠢᠯᠡᠴᠢᠯᠡᠭᠴᠢ
ᠹᠧᠷᠧᠭᠣ᠋ ᠬᠡᠯᠡᠭᠰᠡᠨ ᠶᠣᠰᠣᠭᠠᠷ ᠬᠢᠵᠦ ᠂ ᠮᠤᠤᠷ ᠪᠦᠬᠦ ᠰᠦ ᠴᠥᠴᠥᠭᠡᠢ ᠶ᠋ᠢ ᠳᠣᠯᠢᠶᠠᠭᠠᠳ ᠣᠷᠳᠣᠨ ᠠᠴᠠ ᠶᠠᠪᠤᠯ᠎ᠠ
᠃ ᠮᠤᠤᠷ ᠮᠠᠷᠺᠥ᠋ᠢᠰ ᠳᠡᠭᠡᠷ᠎ᠡ ᠣᠴᠢᠭᠠᠳ ᠪᠣᠯᠤᠭᠰᠠᠨ ᠪᠦᠬᠦ ᠶᠠᠪᠤᠳᠠᠯ ᠊ᠢ ᠶᠠᠷᠢᠪᠠ ᠃
—ᠭᠤᠲᠤᠯᠲᠤ ᠮᠤᠤᠷ ᠠ᠋ ᠂ ᠬᠠ
ᠬᠠ ᠬᠠ ᠬᠠ — ᠴᠢ ᠬᠠᠭᠠᠨ ᠡᠵᠡᠨ ᠊ᠦ ᠭᠡᠷ ᠪᠦᠯᠢ ᠲᠡᠢ ᠲᠠᠨᠢᠯᠴᠠᠭᠰᠠᠨ ᠪᠠᠢᠨ᠎ᠠ ᠰᠢᠲᠠ ! ᠬᠡᠯᠡᠭᠡᠴᠢ ᠭᠦᠩᠵᠦ
ᠶᠠᠮᠠᠷ ᠬᠦ᠌ ᠶᠤᠮ ᠪᠤᠢ ?
—ᠥ ! ᠲᠡᠷᠡ ᠨᠠᠳᠠ ᠳ᠋ᠤ᠌
ᠬᠠᠢᠷᠠᠯᠠᠭᠰᠠᠨ ᠠᠶᠠᠭ᠎ᠠ ᠰᠦ ᠰᠢᠭ᠌ ᠢᠶᠡᠨ ᠰᠠᠢᠬᠠᠨ ᠪᠦᠰᠡᠭᠦᠢ ᠢᠯᠭᠤᠮ ᠬᠣᠭᠣᠯᠠᠢ ᠢᠯᠳᠠᠮ ᠰᠡᠳᠬᠢᠯ ᠲᠡᠢ
᠂ ᠲᠠ ᠲᠡᠭᠦᠨ ᠲᠡᠢ ᠭᠡᠷᠯᠡᠬᠦ ᠶᠣᠰᠣᠲᠠᠢ ᠃
—ᠪᠢ ᠦᠦ ? ᠪᠢ ᠴᠢᠨᠦ ᠡᠵᠡᠨ ᠪᠠᠢᠵᠤ ᠪᠣᠯᠪᠠᠴᠤ ᠬᠠᠨ ᠬᠦᠦ ᠪᠢᠰᠢ
ᠰᠢᠦ ᠳᠡ ᠃ ᠠᠪᠤᠷᠭᠤ ᠲᠣᠮᠣ ᠰᠢᠯᠲᠦᠭᠡᠨ ᠲᠡᠢ ᠬᠠᠨ ᠬᠦᠦ ᠪᠣᠯ ᠭᠦᠩᠵᠦ ᠲᠡᠢ ᠭᠡᠷᠯᠡᠨ᠎ᠡ ᠃
ᠮᠤᠤᠷ ᠨᠢᠭᠡ ᠴᠦ᠍ ᠦᠭᠡ ᠬᠡᠯᠡᠭᠰᠡᠨ
ᠦᠭᠡᠢ ᠶᠠᠪᠤᠵᠤ ᠂ ᠡᠳᠦᠷ ᠪᠦᠷᠢ ᠮᠤᠤᠷ ᠣᠷᠳᠣᠨ ᠳ᠋ᠤ᠌ ᠣᠴᠢᠵᠤ ᠬᠠᠭᠠᠨ ᠳ᠋ᠤ᠌ ᠭᠠᠭᠴᠠ ᠨᠢᠭᠡ ᠲᠠᠤᠯᠠᠢ ᠪᠡᠯᠡᠭᠯᠡᠳᠡᠭ
ᠪᠣᠯᠵᠠᠢ ᠃
ᠤᠳᠠᠯ ᠦᠭᠡᠢ ᠭᠤᠲᠤᠯᠲᠤ ᠮᠤᠤᠷ
᠊ᠤᠨ ᠲᠠᠯ᠎ᠠ ᠪᠠᠷ ᠦᠭᠡ ᠲᠠᠷᠠᠵᠠᠢ ᠃ ᠡᠵᠡᠨ ᠳ᠋ᠤ᠌ ᠪᠡᠨ ᠵᠣᠷᠢᠭᠤᠯᠵᠤ ᠠᠩ ᠬᠢᠳᠡᠭ ᠂ ᠬᠠᠭᠠᠨ ᠳ᠋ᠤ᠌ ᠪᠡᠯᠡᠭ
ᠠᠪᠴᠢᠷᠠᠵᠤ ᠥᠭᠳᠡᠭ ᠷᠢᠳᠢ ᠰᠢᠳᠢ ᠲᠡᠢ ᠶᠠᠷᠢᠳᠠᠭ ᠮᠤᠤᠷ ᠃ ᠲᠡᠨᠳᠡ ᠠᠴᠠ ᠬᠣᠯᠠ ᠦᠭᠡᠢ ᠠᠪᠤᠷᠭᠤ ᠲᠣᠮᠣ ᠰᠢᠲᠦᠯᠭᠡᠨ ᠳᠤ
ᠨᠢᠭᠡᠨ ᠠᠪᠤᠷᠭᠤ ᠪᠡᠶᠡᠲᠦ ᠠᠮᠢᠳᠤᠷᠠᠳᠠᠭ ᠃ ᠠᠪᠤᠷᠭᠤ
ᠪᠡᠶᠡᠲᠦ ᠵᠢᠨ ᠲᠣᠮᠣ ᠪᠡᠶ᠎ᠡ ᠠᠴᠠ ᠪᠣᠯᠤᠭᠠᠳ ᠬᠡᠨ ᠴᠦ᠍ ᠲᠡᠭᠦᠨ ᠊ᠦ ᠵᠠᠮ ᠳ᠋ᠤ᠌ ᠬᠥᠨᠳᠡᠯᠢᠰᠳᠡᠭ ᠦᠭᠡᠢ ᠪᠠᠢᠯ᠎ᠠ
᠃ ᠵᠠᠮ ᠳ᠋ᠤ᠌ ᠨᠢ ᠬᠥᠨᠳᠡᠯᠢᠰᠦᠭᠰᠡᠨ ᠬᠡᠨ ᠊ᠢ ᠴᠦ᠍ ᠢᠳᠡᠵᠦ ᠣᠷᠬᠢᠨ᠎ᠠ ᠃
ᠭᠡᠪᠡᠴᠦ ᠮᠤᠤᠷ ᠵᠣᠷᠢᠭ ᠭᠠᠷᠭᠠᠵᠤ
ᠲᠡᠭᠦᠨ ᠳᠡᠭᠡᠷ᠎ᠡ ᠣᠴᠢᠵᠤ ᠰᠢᠲᠦᠯᠭᠡᠨ ᠊ᠤ ᠬᠢᠨᠢ ᠬᠠᠭᠠᠯᠭ᠎ᠠ ᠶ᠋ᠢ ᠲᠣᠭᠰᠢᠪᠠ ᠃ ᠠᠪᠤᠷᠭᠤ ᠪᠡᠶᠡᠲᠦ ᠬᠠᠭᠠᠯᠭ᠎ᠠ ᠶ᠋ᠢ
ᠨᠡᠭᠡᠭᠡᠭᠡᠳ ᠡᠮᠦᠨ᠎ᠡ ᠨᠢ ᠭᠤᠲᠤᠯ ᠡᠮᠦᠰᠦᠭᠰᠡᠨ ᠮᠤᠤᠷ ᠪᠠᠢᠬᠤ ᠶ᠋ᠢ ᠬᠠᠷᠠᠭᠠᠳ ᠱᠣᠣᠯᠠᠵᠤ ᠢᠨᠢᠶᠡᠵᠡᠢ ᠭᠡᠨ᠎ᠡ
᠃ ᠬᠠ ᠬᠠ ᠬᠠ — ᠡᠨᠡ ᠶᠠᠭᠤ ᠪᠤᠢ ? ᠭᠤᠲᠤᠯ ᠡᠮᠦᠰᠦᠭᠰᠡᠨ ᠮᠤᠤᠷ ᠃
— ᠪᠠᠰᠠ ᠶᠠᠷᠢᠳᠠᠭ ᠮᠤᠤᠷ ᠂
ᠡᠷᠬᠢᠮ ᠡ !
— ᠥ ᠂ ᠶᠠᠷᠢᠵᠤ ᠪᠠᠢᠨ᠎ᠠ ᠂
ᠪᠠᠢᠵᠠ ᠂ ᠨᠥᠭᠦᠭᠡ ᠶᠠᠷᠢᠭᠠᠳ ᠪᠠᠢᠭ᠎ᠠ ᠭᠤᠲᠤᠯᠲᠤ ᠮᠤᠤᠷ ᠨᠢ ᠴᠢ ᠪᠠᠢᠬᠤ ᠨᠢ ᠡ ᠂ ᠲᠡᠢᠮᠦ ᠦᠦ ?
— ᠬᠠᠷᠢᠨ ᠲᠠ ᠡᠷᠬᠢᠮ ᠡ ᠂
ᠨᠥᠭᠦᠭᠡ ᠭᠠᠢᠬᠠᠮᠰᠢᠭᠲᠤ ᠬᠦᠴᠦ ᠲᠡᠢ ᠠᠪᠤᠷᠭᠤ ᠪᠡᠶᠡᠲᠦ ᠪᠠᠢᠬ᠎ᠠ ᠂ ᠬᠥᠮᠦᠨ ᠪᠦᠷᠢ ᠲᠠᠨ ᠠᠴᠠ ᠠᠶᠤᠳᠠᠭ ᠃
ᠠᠪᠤᠷᠭᠤ ᠪᠡᠶᠡᠲᠦ ᠠᠯᠳᠠᠷ
ᠨᠡᠷ᠎ᠡ ᠲᠡᠢ ᠭᠡᠳᠡᠭ ᠢᠶᠠᠨ ᠰᠣᠨᠣᠰᠤᠭᠠᠳ ᠪᠠᠶᠠᠷᠯᠠᠪᠠ ᠃
—ᠴᠢᠨᠦ ᠠᠵᠠ ᠪᠣᠯᠬᠤ ᠳ᠋ᠤ᠌
ᠪᠢ ᠮᠤᠤᠷ ᠢᠳᠡᠳᠡᠭ ᠦᠭᠡᠢ ᠂ ᠣᠷᠣᠭᠠᠳ ᠢᠷ᠎ᠡ !
ᠮᠤᠤᠷ ᠰᠢᠯᠲᠦᠭᠡᠨ ᠤᠷᠤᠭᠤ
ᠣᠷᠣᠯ᠎ᠠ ᠃ ᠪᠠᠶᠠᠰᠤᠭᠰᠠᠨ ᠠᠪᠤᠷᠭᠤ ᠪᠡᠶᠡᠲᠦ ᠮᠤᠤᠷ ᠊ᠢ ᠶᠠᠭᠠᠬᠢᠬᠤ ᠭᠡᠵᠦ ᠢᠷᠡᠭᠰᠡᠨ ᠶᠦ᠍ᠮ ᠪᠣᠯ ᠭᠡᠵᠦ ᠭᠠᠢᠬᠠᠨ
—ᠴᠢ ᠶᠠᠭᠠᠬᠢᠬᠤ ᠭᠡᠵᠦ ᠢᠷᠡᠭᠰᠡᠨ
ᠶᠦ᠍ᠮ ᠪᠤᠢ ?
— ᠪᠢ ᠲᠠᠨ ᠊ᠤ ᠰᠢᠳᠢᠲᠦ ᠬᠦᠴᠦ
ᠶᠢ ᠬᠠᠷᠠᠬᠤ ᠵᠢ ᠬᠦᠰᠡᠭᠰᠡᠨ ᠶᠦ᠍ᠮ ᠂ ᠲᠠᠨ ᠊ᠢ ᠬᠦᠰᠡᠭᠰᠡᠨ ᠠᠮᠢᠲᠠᠨ ᠳᠤ ᠪᠠᠨ ᠬᠤᠪᠢᠷᠠᠵᠤ ᠴᠢᠳᠠᠳᠠᠭ
ᠭᠡᠵᠦ ᠲᠤᠭᠤᠯᠤᠭᠰᠠᠨ ᠂ ᠡᠨᠡ ᠦᠨᠡᠨ ᠦᠦ ?
— ᠦᠨᠡᠨ ᠪᠠᠢᠯᠭᠦᠢ ᠶᠠᠭᠠᠬᠢᠬᠤᠪ
ᠳᠠ !
— ᠲᠠ ᠨᠠᠳᠠ ᠳ᠋ᠤ᠌ ᠬᠠᠷᠠᠭᠤᠯᠵᠤ ᠪᠣᠯᠬᠤ ᠦᠦ ? ᠪᠢ ᠬᠠᠷᠠᠮᠠᠷ ᠪᠠᠢᠨ᠎ᠠ ᠃
ᠲᠡᠭᠡᠲᠡᠯ᠎ᠡ ᠠᠪᠤᠷᠭᠤ ᠪᠡᠶᠡᠲᠦ
ᠲᠣᠮᠣ ᠪᠡᠶᠡᠲᠦ ᠬᠦᠴᠦᠲᠦ ᠠᠷᠰᠯᠠᠨ ᠪᠣᠯᠵᠤ ᠬᠤᠪᠢᠷᠠᠪᠠ ᠃ ᠬᠥᠭᠡᠷᠦᠬᠦᠢ ᠮᠤᠤᠷ ᠤᠷᠤᠭᠤ ᠠᠷᠬᠢᠷᠠᠵᠤ ᠨᠥᠭᠦᠭᠡ
ᠨᠢ ᠠᠶᠤᠭᠰᠠᠨ ᠳᠤ ᠪᠠᠨ ᠣᠭᠯᠣ ᠬᠠᠷᠠᠢᠪᠠ ᠃
— ᠵᠠ ᠵᠠ ᠂ ᠪᠢ ᠲᠠᠨ ᠳ᠋ᠤ᠌ ᠢᠲᠡᠭᠡᠯ᠎ᠡ ᠂ ᠪᠤᠴᠠᠭᠠᠳ
ᠬᠡᠪᠳ᠋ᠤ᠌ ᠪᠡᠨ ᠣᠷᠣᠭᠠᠴᠢ
— ᠬᠠ ᠬᠠ ᠂ ᠣᠳᠣ ᠨᠠᠳᠠ ᠳ᠋ᠤ᠌ ᠢᠲᠡᠭᠡᠪᠡ ᠦᠦ
— ᠲᠡᠢᠮᠦ ᠡ ᠂ ᠢᠲᠡᠭᠡᠵᠦ ᠪᠠᠢᠨ᠎ᠠ ᠯᠠ ᠳᠠ
— ᠲᠠ ᠵᠢᠵᠢᠭᠬᠡᠨ ᠠᠮᠢᠲᠠᠨ ᠴᠦ᠍ ᠪᠣᠯᠵᠤ ᠬᠤᠪᠢᠷᠠᠵᠤ ᠴᠢᠳᠠᠬᠤ
ᠦᠦ ᠂ ᠲᠠ ᠴᠢᠨᠢ ᠠᠪᠤᠷᠭᠤ ᠰᠢᠦ ᠳᠠ
— ᠪᠢ ᠶᠠᠭᠤ ᠴᠦ᠍ ᠪᠣᠯᠵᠤ ᠬᠤᠪᠢᠷᠠᠵᠤ ᠴᠢᠳᠠᠨ᠎ᠠ ᠂ ᠬᠠᠷᠠᠵᠤ
ᠪᠠᠢ !
ᠢᠩᠭᠢᠭᠡᠳ ᠨᠢᠳᠦ ᠢᠷᠮᠡᠬᠦ
ᠵᠠᠭᠤᠷ᠎ᠠ ᠳ᠋ᠤ᠌ ᠵᠢᠵᠢᠭᠬᠡᠨ ᠬᠤᠯᠤᠭᠠᠨ᠎ᠠ ᠪᠣᠯᠴᠢᠬᠠᠯ᠎ᠠ ᠃ ᠮᠤᠤᠷ ᠡᠨᠡ ᠮᠥᠴᠡ ᠵᠢ ᠬᠦᠯᠢᠶᠡᠵᠦ ᠪᠠᠢᠵᠠᠢ ᠃
ᠭᠠᠭᠴᠠᠬᠠᠨ ᠬᠠᠷᠠᠢᠵᠤ ᠪᠠᠷᠢᠵᠤ ᠠᠪᠤᠭᠠᠳ ᠢᠳᠡᠵᠦ ᠣᠷᠬᠢᠪᠠ ᠃
—ᠠ ᠂ ᠬᠦᠨᠳᠦ ᠬᠣᠭᠣᠯᠠ ᠪᠠᠢᠨ᠎ᠠ
ᠰᠢᠦ !
ᠮᠤᠤᠷ ᠲᠣᠯᠣᠭᠠᠢ ᠪᠠᠨ ᠥᠨᠳᠥᠷ
ᠲᠦ᠍ ᠡᠷᠭᠦᠨ ᠰᠢᠯᠲᠦᠭᠡᠨ ᠠᠴᠠ ᠭᠠᠷᠴᠤ ᠢᠷᠡᠯ᠎ᠡ ᠃ ᠪᠦᠬᠦ ᠵᠦᠢᠯ ᠲᠡᠭᠦᠨ ᠊ᠦ ᠲᠥᠯᠥᠪᠯᠡᠭᠰᠡᠨ ᠵᠢᠡᠷ ᠶᠠᠪᠤᠵᠤ
ᠪᠠᠢᠯ᠎ᠠ ᠃ ᠮᠤᠤᠷ ᠡᠵᠡᠨ ᠳᠡᠭᠡᠷ᠎ᠡ ᠪᠡᠨ ᠢᠷᠡᠯ᠎ᠡ ᠃
—ᠥᠨᠥᠳᠥᠷ ᠲᠠᠤᠯᠠᠢ ᠠᠪᠴᠢᠷᠠᠭ᠎ᠠ
ᠦᠭᠡᠢ ᠶᠤᠮ ᠤᠤ ?
—ᠡᠵᠡᠨ ᠮᠢᠨᠢ ᠨᠠᠭᠤᠷ ᠤᠷᠤᠭᠤ
ᠤᠰᠤᠨ ᠳ᠋ᠤ᠌ ᠣᠷᠣᠬᠤ ᠪᠠᠷ ᠶᠠᠪᠤᠶ᠎ᠠ
—ᠣᠳᠣ ᠦᠦ
—ᠲᠡᠢᠮᠦ ᠡ ᠂ ᠡᠵᠡᠨ ᠮᠢᠨᠢ
᠂ ᠶᠠᠭ ᠣᠳᠣ ᠨᠠᠳᠠ ᠳ᠋ᠤ᠌ ᠢᠲᠡᠭᠡ !
ᠮᠠᠷᠺᠥ᠋ᠢᠰ ᠭᠠᠢᠬᠠᠵᠤ ᠪᠠᠢᠭᠰᠠᠨ
ᠴᠦ᠍ ᠮᠤᠤᠷ ᠊ᠢ ᠳᠠᠭᠠᠵᠤ ᠨᠠᠭᠤᠷ ᠤᠷᠤᠭᠤ ᠶᠠᠪᠤᠯ᠎ᠠ ᠃ ᠬᠤᠪᠴᠠᠰᠤ ᠪᠠᠨ ᠲᠠᠢᠯᠤᠭᠠᠳ ᠪᠡᠶ᠎ᠡ ᠪᠡᠨ ᠤᠬᠢᠶᠠᠬᠤ
ᠪᠠᠷ ᠨᠠᠭᠤᠷ ᠣᠷᠣᠪᠠ ᠃ ᠮᠤᠤᠷ ᠲᠡᠷᠡ ᠳᠠᠷᠤᠢ ᠬᠤᠪᠴᠠᠰᠤ ᠵᠢ ᠨᠢ ᠠᠪᠴᠤ ᠴᠢᠯᠠᠭᠤᠨ ᠳᠣᠣᠷ᠎ᠠ ᠨᠢᠭᠤᠴᠢᠬᠠᠯᠠ
᠃
ᠣᠢᠷᠠᠯᠴᠠᠭ᠎ᠠ ᠵᠠᠮ ᠵᠢᠠᠷ ᠬᠠᠭᠠᠨ ᠪ ᠰᠡᠦᠬᠡ ᠲᠡᠷᠭᠡ ᠶᠠᠪᠤᠵᠤ ᠪᠠᠢᠪᠠ ᠃ ᠬᠠᠭᠠᠨ ᠪ ᠭᠡᠷ ᠪᠦᠯᠢ
ᠳᠣᠯᠣᠭ᠎ᠠ ᠬᠣᠨᠣᠭ ᠲᠦ᠍ ᠨᠢᠭᠡ ᠤᠳᠠᠭ᠎ᠠ ᠡᠨᠡ ᠵᠠᠮ ᠵᠢᠠᠷ ᠶᠠᠪᠤᠳᠠᠭ ᠊ᠢ ᠮᠤᠤᠷ ᠮᠡᠳᠡᠵᠡᠢ ᠃ ᠰᠡᠦᠬᠡ ᠵᠢᠨ ᠣᠢᠷᠠᠳᠬᠤᠶ᠋ᠢ
ᠬᠦᠯᠢᠶᠡᠵᠦ ᠪᠠᠢᠭᠠᠳ ᠬᠠᠰᠬᠢᠷᠴᠤ ᠡᠬᠢᠯᠡᠯ᠎ᠡ ᠃
ᠲᠤᠰᠠᠯᠠᠭᠠᠷᠠᠢ ! ᠲᠤᠰᠠᠯᠠᠭᠠᠷᠠᠢ !
ᠬᠠᠭᠠᠨ ᠲᠠᠨᠢᠯ ᠪᠣᠯᠤᠭᠰᠠᠨ ᠬᠣᠭᠣᠯᠠᠢ ᠵᠢ ᠰᠣᠨᠣᠰᠤᠭᠠᠳ ᠰᠡᠦᠬᠡ ᠲᠡᠷᠭᠡ ᠶ᠋ᠢ ᠵᠣᠭᠰᠣᠭᠠᠯ᠎ᠠ
᠃
—ᠮᠤᠤᠷ ᠠ᠋ ᠂ ᠡᠨᠳᠡ ᠶᠠᠭᠤ ᠬᠢᠵᠦ ᠪᠠᠢᠭ᠎ᠠ ᠶᠤᠮ ᠪᠤᠢ
?
—ᠡᠷᠬᠢᠮ ᠳᠡᠭᠡᠳᠦᠰ ᠮᠢᠨᠢ ᠂ ᠭᠤᠶᠤᠶ᠎ᠠ ! ᠮᠢᠨᠦ ᠡᠵᠡᠨ
ᠮᠠᠷᠺᠥ᠋ᠢᠰ ᠺᠠᠷᠠᠪᠠᠽᠢ ᠲᠦ᠍ ᠲᠤᠰᠠᠯᠠᠭᠠᠴᠢ ! ᠨᠠᠭᠤᠷ ᠲᠦ᠍ ᠤᠰᠤᠨ ᠳ᠋ᠤ᠌ ᠣᠷᠣᠵᠤ ᠪᠠᠢᠬᠤᠳ᠋ᠤ᠌ ᠨᠢ ᠬᠡᠨ ᠨᠢᠭᠡ
ᠨᠢ ᠬᠤᠪᠴᠠᠰᠤ ᠶ᠋ᠢ ᠨᠢ ᠠᠪᠤᠭᠠᠳ ᠵᠢᠭᠤᠲᠠᠴᠢᠬᠠᠯᠠ᠃ ᠬᠦᠢᠲᠡᠨ ᠪᠠᠢᠨ᠎ᠠ ᠂ ᠬᠡᠷᠪᠡ ᠬᠥᠮᠦᠨ ᠲᠤᠰᠠᠯᠠᠬᠤ ᠦᠭᠡᠢ
ᠪᠣᠯ ᠡᠵᠡᠨ ᠮᠢᠨᠢ ᠤᠳᠠᠬᠤ ᠦᠭᠡᠢ ᠡᠪᠡᠳᠴᠢᠬᠡᠨᠡ ᠰᠢᠦ ᠳᠡ ᠃ ( ᠮᠣᠷᠢᠨ ᠪ ᠢᠨᠴᠠᠭᠠᠬᠤ ᠳᠠᠭᠤᠨ )
ᠬᠠᠷᠠᠭᠤᠯ ᠠ᠋ ᠂ ᠬᠠᠮᠤᠭ ᠊ᠤᠨ ᠰᠠᠢᠨ ᠳᠡᠪᠡᠯ ᠬᠤᠪᠴᠠᠰᠤᠨ ᠡᠴᠡ ᠪᠠᠨ ᠠᠪᠤᠭᠠᠳ ᠮᠠᠷᠺᠥ᠋ᠢᠰ
ᠺᠠᠷᠠᠪᠠᠽᠢᠳ᠋ᠤ᠌ ᠠᠪᠠᠴᠢᠵᠤ ᠥᠭ ! ᠰᠠᠢᠲᠤᠷ ᠬᠠᠲᠠᠭᠠᠵᠤ ᠬᠤᠪᠴᠠᠰᠤᠯᠠᠭᠠᠳ ᠳᠤᠯᠠᠭᠠᠴᠠᠭᠤᠯᠤᠭᠠᠷᠠᠢ ! ᠬᠠᠷᠠᠭᠤᠯ
ᠦ᠋ᠳ ᠬᠠᠭᠠᠨ ᠪ ᠬᠤᠪᠴᠠᠰᠤᠨ ᠠᠴᠠ ᠠᠪᠴᠤ ᠨᠠᠭᠤᠷ ᠤᠷᠤᠭᠤ ᠶᠠᠭᠠᠷᠠᠨ ᠶᠠᠪᠤᠯ᠎ᠠ ᠃ ᠤᠳᠠᠯ ᠦᠭᠡᠢ ᠭᠤᠲᠤᠯᠲᠤ ᠮᠤᠤᠷ
ᠦ᠋ᠨ ᠡᠵᠡᠨ ᠬᠠᠷᠠᠭᠤᠯᠤᠳ ᠵᠢᠠᠷ ᠬᠠᠮᠠᠭᠠᠯᠠᠭᠤᠯᠤᠨ ᠢᠷᠡᠪᠡ ᠃ ᠬᠠᠭᠠᠨ ᠪ ᠬᠤᠪᠴᠠᠰᠤᠨ ᠡᠴᠡ ᠡᠮᠦᠰᠦᠭᠡᠳ ᠶᠠᠭ
ᠬᠠᠨ ᠬᠦᠦ ᠰᠢᠭ᠌ ᠬᠠᠷᠠᠭᠳᠠᠵᠤ ᠪᠠᠢᠯ᠎ᠠ ᠃ ᠭᠦᠩᠵᠦ ᠰᠡᠦᠬᠡ ᠠᠴᠠ ᠰᠡᠮ ᠬᠠᠷᠠᠬᠤ ᠳ᠋ᠤ᠌ ᠮᠠᠷᠺᠥ᠋ᠢᠰ ᠠᠩᠬ᠎ᠠ ᠤᠳᠠᠭ᠎ᠠ ᠭᠦᠩᠵᠦ ᠶ᠋ᠢ
ᠬᠠᠷᠠᠪᠠ ᠃
ᠥ ᠂ ᠮᠠᠷᠺᠥ᠋ᠢᠰ ᠺᠠᠷᠠᠪᠠᠽᠢ ᠴᠢᠷᠠᠢᠯᠢᠭ ᠬᠠᠨ ᠬᠦᠦ ᠪᠠᠢᠨ᠎ᠠ ᠃ ᠭᠦᠩᠵᠦ ᠪᠠᠢᠨ᠎ᠠ ᠂ ᠮᠢᠨᠦ
ᠲᠥᠰᠦᠪᠯᠡᠭᠰᠡᠨ ᠰᠢᠭ᠌ ᠰᠠᠢᠬᠠᠨ ᠪᠦᠰᠡᠭᠦᠢ ᠶᠤᠮ ᠡ ! ᠮᠠᠷᠺᠥ᠋ᠢᠰ ᠤᠬᠠᠭᠠᠨ ᠣᠷᠣᠵᠤ ᠬᠠᠭᠠᠨ ᠳ᠋ᠤ᠌ ᠮᠡᠬᠦᠢᠨ
ᠶᠣᠰᠣᠯᠠᠪᠠ ᠃ ᠲᠠᠨ ᠪ ᠰᠠᠢᠬᠠᠨ ᠰᠡᠳᠬᠢᠯ ᠳ᠋ᠤ᠌ ᠲᠠᠯᠠᠷᠬᠠᠶ᠎ᠠ ᠂ ᠬᠠᠭᠠᠨᠲᠠᠨ !
—ᠦᠭᠡᠢ ᠳᠡ ᠂ ᠴᠢᠮ᠎ᠠ ᠳ᠋ᠤ᠌
ᠪᠠᠶᠠᠷᠯᠠᠯ᠎ᠠ ᠂ ᠡᠴᠦᠰ ᠊ᠤᠨ ᠡᠴᠦᠰ ᠲᠦ᠍ ᠮᠠᠷᠺᠥ᠋ᠢᠰ ᠺᠠᠷᠠᠪᠠᠽᠢ ᠲᠠᠢ ᠠᠭᠤᠯᠵᠠᠬᠤ ᠲᠠᠭᠠᠲᠠᠢ ᠪᠠᠢᠨ᠎ᠠ ᠂ ᠡᠳᠦᠷ
ᠪᠦᠷᠢ ᠥᠭᠳᠡᠭ ᠪᠡᠯᠡᠭ ᠴᠢᠨᠢ ᠪᠢᠳᠡᠨ ᠳ᠋ᠤ᠌ ᠲᠠᠭᠠᠯᠠᠭᠳᠠᠭᠰᠠᠨ ᠰᠢᠦ ᠂ ᠪᠢᠳᠡᠨ ᠳ᠋ᠤ᠌ ᠶᠠᠷᠢᠬᠤ ᠶᠠᠭᠤᠮ᠎ᠠ ᠶᠡᠬᠡ
ᠪᠤᠢ ᠂ ᠭᠡᠬᠦ ᠳ᠋ᠤ᠌ ᠪᠡᠨ ᠡᠬᠢᠯᠡᠭᠡᠳ ᠪᠢᠳᠡ ᠲᠠᠨ ᠊ᠢ ᠭᠡᠷ ᠲᠦ᠍ ᠴᠢᠨᠢ ᠬᠦᠷᠭᠡᠵᠦ ᠥᠭᠭᠦᠶ᠎ᠡ ᠃
ᠡᠨᠡ ᠪᠦᠭᠦᠳᠡ ᠶ᠋ᠢ ᠬᠠᠷᠠᠵᠤ
ᠪᠠᠢᠭᠰᠠᠨ ᠮᠤᠤᠷ ᠭᠡᠨᠡᠳᠲᠡ ᠬᠠᠭᠠᠨ ᠳ᠋ᠤ᠌ ᠬᠠᠨᠳᠤᠨ ᠬᠡᠯᠡᠪᠡ ᠃
—ᠳᠡᠭᠡᠳᠦᠰ ᠮᠢᠨᠢ ᠪᠢᠳᠡ ᠲᠠᠨ
᠊ᠢ ᠡᠵᠡᠨ ᠊ᠦ ᠰᠢᠯᠲᠦᠭᠡᠨ ᠳ᠋ᠦ᠍ ᠬᠦᠯᠢᠶᠡᠵᠦ ᠠᠪᠤᠪᠠᠯ ᠲᠤᠢᠯ ᠦ᠋ᠨ ᠲᠠᠭᠠᠲᠠᠢ ᠪᠠᠢᠬᠤ ᠰᠠᠨ ᠂ ᠲᠡᠢᠮᠦ ᠪᠢᠵᠡ
ᠳ᠋ᠠ᠂ ᠡᠵᠡᠨ ᠮᠢᠨᠢ !
ᠮᠠᠷᠺᠥ᠋ᠢᠰ ᠮᠤᠤᠷ ᠤᠷᠤᠭᠤ
ᠭᠠᠢᠬᠠᠨ ᠬᠠᠷᠠᠯ᠎ᠠ ᠃
—ᠶᠠᠭᠤ ᠮᠠᠨ ᠤ ᠰᠢᠯᠲᠦᠭᠡᠨ
?
ᠮᠤᠤᠷ ᠲᠣᠯᠣᠭᠠᠢ ᠳᠣᠬᠢᠯ᠎ᠠ
᠃ ᠮᠠᠷᠺᠥ᠋ᠢᠰ ᠶᠠᠭᠠᠬᠢᠬᠤ ᠪᠠᠨ ᠮᠡᠳᠡᠬᠦ ᠦᠭᠡᠢ ᠪᠠᠢᠭᠰᠠᠨ ᠴᠦ᠍ ᠳᠠᠬᠢᠨ ᠮᠤᠤᠷᠲᠤ ᠢᠲᠡᠭᠡᠬᠦᠪᠡᠷ ᠰᠢᠢᠳᠦᠯ᠎ᠡ
᠃
—ᠲᠡᠢᠮᠦ ᠡ ᠂ ᠡᠷᠬᠢᠮ ᠳᠡᠭᠡᠳᠦᠰ
ᠡ ! ᠲᠠᠨ ᠊ᠢ ᠮᠠᠨ ᠊ᠤ ᠰᠢᠯᠲᠦᠭᠡᠨ ᠳ᠋ᠤ᠌ ᠬᠠᠮᠲᠤ ᠵᠣᠭᠣᠭ ᠪᠠᠷᠢᠭᠠᠴᠢ ᠭᠡᠵᠦ ᠤᠷᠢᠵᠤ ᠪᠠᠢᠨ᠎ᠠ ᠃
—ᠰᠠᠢᠨ ᠪᠠᠢᠨ᠎ᠠ ᠂ ᠶᠠᠪᠤᠵᠠᠭᠠᠶ᠎ᠠ
!
ᠮᠠᠷᠺᠥ᠋ᠢᠰ ᠰᠡᠦᠬᠡᠨ ᠳ᠋ᠦ᠍ ᠰᠠᠭᠤᠵᠤ ᠂ ᠬᠠᠷᠢᠨ ᠮᠤᠤᠷ ᠲᠦᠷᠦᠭᠦᠯᠡᠨ ᠭᠦᠶᠦᠯ᠎ᠡ ᠃ ᠲᠡᠳᠡ ᠠᠪᠤᠷᠭᠤ
ᠪᠡᠶᠡᠲᠦ ᠵᠢᠨ ᠮᠠᠲᠠᠯ ᠪᠠᠢᠭᠰᠠᠨ ᠭᠠᠵᠠᠷ ᠤᠷᠤᠭᠤ ᠶᠠᠪᠤᠵᠤ ᠪᠠᠢᠨ᠎ᠠ ᠃ ᠠᠪᠤᠷᠭᠤ ᠪᠡᠶᠡᠲᠦᠲᠠᠯᠠᠪᠠᠢ ᠳ᠋ᠤ᠌
ᠮᠠᠰᠢ ᠣᠯᠠᠨ ᠲᠠᠷᠢᠶᠠᠴᠢᠨ ᠠᠵᠢᠯᠯᠠᠭᠤᠯᠳᠠᠭ ᠪᠠᠢᠵᠠᠢ ᠃ ᠮᠤᠤᠷ ᠲᠠᠷᠢᠶᠠᠴᠢᠳ ᠳᠡᠭᠡᠷ᠎ᠡ ᠣᠴᠢᠵᠤ ᠠᠩᠬᠠᠷᠤᠭᠤᠯᠪᠠ
᠃
—ᠠᠩᠬᠠᠷ ᠬᠠᠭᠠᠨ ᠠᠢᠰᠤᠢ ᠂
ᠬᠠᠭᠠᠨ ᠬᠡᠷᠪᠡ ᠡᠨᠡ ᠭᠠᠵᠠᠷ ᠬᠡᠨ ᠊ᠦ ᠭᠠᠵᠠᠷ ᠪᠤᠢ ? ᠭᠡᠵᠦ ᠠᠰᠠᠭᠤᠪᠠᠯ ᠲᠠ ᠨᠠᠷ ᠮᠠᠷᠺᠥ᠋ᠢᠰ ᠺᠠᠷᠠᠪᠠᠽᠢ
ᠵᠢᠨ ᠬᠢ ᠭᠡᠵᠦ ᠬᠡᠯᠡᠭᠡᠷᠡᠢ ᠂ ᠲᠡᠭᠡᠵᠦ ᠬᠡᠯᠡᠬᠦ ᠦᠭᠡᠢ ᠪᠣᠯ ᠬᠠᠭᠠᠨ ᠲᠣᠯᠣᠭᠠᠢ ᠵᠢ ᠴᠢᠨᠢ ᠠᠪᠬᠤ ᠪᠣᠯᠤᠨ᠎ᠠ
᠃
ᠲᠠᠷᠢᠶᠠᠴᠢᠳ ᠠᠶᠤᠭᠰᠠᠨ ᠳᠤ
ᠪᠠᠨ ᠶᠠᠭᠠᠷᠠᠨ ᠲᠣᠯᠣᠭᠠᠢ ᠳᠣᠬᠢᠪᠠ ᠃ ᠬᠠᠭᠠᠨ ᠊ᠤ ᠰᠡᠦᠬᠡ ᠤᠳᠠᠬᠤ ᠦᠭᠡᠢ ᠡᠨᠡ ᠭᠠᠵᠠᠷ ᠵᠢᠠᠷ ᠶᠠᠪᠤᠯ᠎ᠠ ᠃
ᠬᠠᠭᠠᠨ ᠠᠵᠢᠯᠯᠠᠵᠤ ᠪᠠᠢᠭ᠎ᠠ ᠲᠠᠷᠢᠶᠠᠴᠢᠳ ᠊ᠢ ᠬᠠᠷᠠᠭᠠᠳ ᠳᠠᠭᠤᠳᠠᠪᠠ ᠃
— ᠡᠨᠡ ᠭᠠᠵᠠᠷ ᠬᠡᠨ ᠊ᠦ ᠭᠠᠵᠠᠷ ᠪᠤᠢ ? ᠲᠠ ᠨᠠᠷ ᠬᠡᠨ ᠳ᠋ᠦ᠍ ᠠᠵᠢᠯᠯᠠᠳᠠᠭ ᠶᠤᠮ ?
— ᠮᠠᠷᠺᠥ᠋ᠢᠰ ᠺᠠᠷᠠᠪᠠᠽᠢ ᠂ ᠡᠵᠡᠨ ᠮᠢᠨᠢ !
ᠬᠠᠭᠠᠨ ᠊ᠤ ᠭᠡᠷ ᠪᠦᠯᠢ ᠶᠡᠬᠡᠳᠡ ᠭᠠᠢᠬᠠᠪᠠ ᠃
— ᠺᠠᠷᠠᠪᠠᠰ᠊ᠤᠨ ᠭᠦᠩ ᠂ ᠲᠠ ᠶᠡᠬᠡ ᠰᠠᠢᠬᠠᠨ ᠭᠠᠵᠠᠷᠲᠠᠢ
ᠶᠤᠮ ᠠ᠋ !
—ᠭᠢᠯᠠᠢᠯ᠎ᠠ ᠂ ᠡᠵᠡᠨ ᠮᠢᠨᠢ
!
ᠰᠡᠦᠬᠡ ᠲᠡᠷᠭᠡ ᠠᠪᠤᠷᠭᠤ
ᠪᠡᠶᠡᠲᠦ ᠵᠢᠨ ᠰᠢᠯᠲᠦᠭᠡᠨ ᠳ᠋ᠦ᠍ ᠬᠦᠷᠬᠦ ᠳ᠋ᠤ᠌ ᠮᠤᠤᠷ ᠲᠡᠳᠡᠨ ᠊ᠢ ᠤᠭᠲᠤᠬᠤ ᠲᠦ᠍ ᠪᠡᠯᠡᠨ ᠪᠣᠯᠤᠭᠰᠠᠨ ᠪᠠᠢᠪᠠ
᠃ ᠮᠤᠤᠷ ᠪᠦᠭᠦᠳᠡ ᠶ᠋ᠢ ᠵᠣᠬᠢᠴᠠᠭᠤᠯᠵᠠᠢ ᠃ ᠬᠠᠭᠠᠨ ᠬᠠᠲᠤᠨ ᠭᠦᠩᠵᠦ ᠪᠠᠰᠠ ᠮᠠᠷᠺᠥ᠋ᠢᠰ ᠪᠦᠭᠦᠳᠡ ᠰᠡᠦᠬᠡ ᠠᠴᠠ
ᠪᠠᠭᠤᠵᠤ ᠢᠷᠡᠭᠡᠳ ᠰᠢᠯᠲᠦᠭᠡᠨ ᠊ᠢ ᠪᠢᠰᠢᠷᠡᠨ ᠬᠠᠷᠠᠪᠠ
᠃
— ᠬᠥᠭ ᠂ ᠶᠠᠮᠠᠷ ᠰᠦᠷᠯᠢᠭ
ᠰᠠᠢᠬᠠᠨ ᠰᠢᠯᠲᠦᠭᠡᠨ ᠪᠤᠢ !
— ᠲᠡᠢᠮᠦ ᠪᠠᠢᠨ᠎ᠠ ᠠ᠋ !
ᠮᠠᠷᠺᠥ᠋ᠢᠰ ᠤᠳᠠᠯ ᠦᠭᠡᠢ ᠥᠪᠡᠷ ᠊ᠤᠨ ᠵᠢᠠᠨ ᠰᠢᠯᠲᠦᠭᠡᠨ ᠭᠡᠰᠡᠨ ᠊ᠤ ᠤᠴᠢᠷ ᠊ᠢ ᠣᠢᠯᠠᠭᠠᠪᠠ
᠃
—ᠡᠵᠡᠨ ᠮᠢᠨᠢ ᠂ ᠮᠢᠨᠦ ᠺᠠᠷᠠᠪᠠᠽᠢᠵᠢᠨ
ᠰᠢᠯᠲᠦᠭᠡᠨ ᠳ᠋ᠦ᠍ ᠲᠠᠪᠠᠲᠠᠢ ᠮᠣᠷᠢᠯᠠ ᠂ ᠲᠤᠬᠠᠯᠠᠨ ᠰᠠᠭᠠᠲᠠᠵᠤ ᠪᠢᠳᠡᠨ ᠲᠡᠢ ᠵᠣᠭᠣᠭ ᠪᠠᠷᠢᠭᠠᠴᠢ !
ᠲᠡᠷᠡ ᠡᠳᠦᠷ ᠮᠠᠷᠺᠥ᠋ᠢᠰ ᠂ ᠭᠤᠲᠤᠯᠲᠤ ᠮᠤᠤᠷ ᠬᠣᠶᠠᠷ ᠲᠠᠩᠰᠤᠭ ᠠᠮᠲᠠᠲᠠᠨ ᠳᠦᠭᠦᠷᠡᠩ ᠂ ᠲᠣᠮᠣ
ᠰᠢᠷᠡᠭᠡᠨ ᠳ᠋ᠤ᠌ ᠬᠠᠭᠠᠨ ᠊ᠤ ᠭᠡᠷ ᠪᠦᠯᠢ ᠵᠢ ᠳᠠᠢᠯᠠᠵᠤ ᠴᠠᠢᠯᠠᠵᠠᠢ ᠃ ᠮᠤᠤᠷ ᠠᠪᠤᠷᠭᠤ ᠪᠡᠶᠡᠲᠦ ᠵᠢᠨ ᠵᠠᠷᠤᠴᠠ
ᠨᠠᠷ ᠵᠢᠠᠷ ᠲᠠᠩᠰᠤᠭ ᠵᠣᠭᠣᠭ ᠪᠡᠯᠡᠳᠦᠭᠦᠯᠦᠭᠰᠡᠨ ᠪᠠᠢᠪᠠ ᠃
ᠮᠠᠷᠺᠥ᠋ᠢᠰ ᠭᠦᠩᠵᠦ ᠬᠣᠶᠠᠷ
ᠨᠢᠭᠡ ᠨᠢᠭᠡᠨ ᠢᠶᠠᠨ ᠪᠠᠢᠩᠭᠤ ᠬᠠᠷᠠᠨ᠎ᠠ ᠃ ᠬᠠᠭᠠᠨ ᠬᠠᠲᠤᠨ ᠬᠣᠶᠠᠷ ᠴᠦ᠍ ᠪᠠᠰᠠ ᠲᠡᠳᠡ ᠥᠬᠢᠨ ᠳ᠋ᠤ᠌ ᠪᠡᠨ
ᠲᠣᠬᠢᠷᠠᠬᠤ ᠰᠠᠢᠨ ᠬᠥᠮᠦᠨ ᠣᠯᠤᠭᠰᠠᠨ ᠵᠢᠠᠨ ᠮᠡᠳᠡᠵᠡᠢ ᠃ ᠬᠠᠭᠠᠨ ᠮᠠᠷᠺᠥ᠋ᠢᠰ ᠲᠠᠢ ᠶᠠᠷᠢᠵᠤ ᠂ ᠮᠠᠷᠺᠥ᠋ᠢᠰ
ᠵᠢᠨ ᠰᠠᠨᠠᠭᠠᠨ ᠳ᠋ᠤ᠌ ᠣᠷᠣᠭ᠎ᠠ ᠦᠭᠡᠢ ᠦᠭᠡᠰ ᠊ᠢ ᠴᠦ᠍ ᠶᠠᠷᠢᠪᠠ ᠭᠡᠨ᠎ᠡ ᠃
—ᠮᠠᠷᠺᠥ᠋ᠢᠰ ᠪᠢ ᠲᠠᠨ ᠠᠴᠠ
ᠬᠠᠭᠠᠨ ᠊ᠤ ᠶᠣᠰᠣ ᠪᠠᠷ ᠪᠢᠰᠢ ᠂ ᠡᠴᠢᠭᠡ ᠵᠢᠨ ᠶᠣᠰᠣ ᠪᠠᠷ ᠠᠰᠠᠭᠤᠶ᠎ᠠ ᠂ ᠲᠠ ᠮᠢᠨᠦ ᠥᠬᠢᠨ ᠲᠡᠢ ᠭᠡᠷᠯᠡᠬᠦ
ᠦᠦ?
— ᠡᠵᠡᠨ ᠮᠢᠨᠢ ᠲᠤᠢᠯ ᠊ᠤᠨ ᠲᠠᠭᠠᠲᠠᠢ ᠪᠠᠢᠬᠤ ᠪᠣᠯᠤᠨ᠎ᠠ ᠃ ᠪᠠᠰᠠ ᠨᠡᠷ᠎ᠡ ᠲᠥᠷᠥᠵᠢᠨ ᠬᠡᠷᠡᠭ ᠃ ᠮᠠᠷᠺᠥ᠋ᠢᠰ ᠭᠦᠩᠵᠦ ᠬᠣᠶᠠᠷ ᠤᠳᠠᠯ ᠦᠭᠡᠢ ᠬᠤᠷᠢᠮᠯᠠᠵᠤ ᠲᠡᠭᠡᠷᠮᠡᠴᠢᠨ ᠊ᠤ ᠬᠦᠦ ᠬᠠᠨ ᠬᠦᠦ ᠪᠣᠯᠤᠭᠰᠠᠨ ᠶᠤᠮ ᠃ ᠮᠠᠷᠺᠥ᠋ᠢᠰ ᠲᠡᠷᠡ ᠦᠶ᠎ᠡ ᠳ᠋ᠤ᠌ ᠯᠡ ᠥᠪᠡᠷ ᠲᠦ᠍ ᠨᠢ ᠮᠤᠤᠷ ᠦᠯᠡᠳᠡᠭᠡᠭᠰᠡᠨ ᠡᠴᠢᠭᠡ ᠳ᠋ᠤ᠌ ᠪᠡᠨ ᠲᠠᠯᠠᠷᠬᠠᠵᠤ ᠭᠡᠨ᠎ᠡ ᠃ ᠭᠤᠲᠤᠯᠲᠤ ᠮᠤᠤᠷ ᠳᠠᠬᠢᠵᠤ ᠬᠡᠵᠢᠶ᠎ᠡ ᠴᠦ᠍ ᠲᠠᠤᠯᠠᠢ ᠠᠩᠨᠠᠭᠠ ᠦᠭᠡᠢ ᠶᠤᠮ ᠃ ᠬᠠᠨ ᠬᠦᠦ ᠭᠦᠩᠵᠦ ᠬᠣᠶᠠᠷᠲᠠᠢ ᠰᠢᠯᠲᠦᠭᠡᠨ ᠳ᠋ᠦ᠍ ᠬᠠᠭᠠᠨ ᠊ᠤ ᠶᠣᠰᠣᠭᠠᠷ ᠠᠮᠢᠳᠤᠷᠠᠭᠰᠠᠨ ᠪᠢᠯᠡ ᠃
