ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠲᠠᠪᠤ〕 Цаг төрийн үймээн – Д ᠂ Намдаг - Амьдралын зам ᠂ нэгдүгээр бүлэг - 25 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠲᠠᠪᠤ〕 Цаг төрийн үймээн – Д ᠂ Намдаг - Амьдралын зам ᠂ нэгдүгээр бүлэг - 25

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠲᠠᠪᠤ〕 Цаг төрийн үймээн – Д ᠂ Намдаг - Амьдралын зам ᠂ нэгдүгээр бүлэг - 25

ᠠᠩᠭᠢᠯᠠᠯ:ᠲᠤᠭᠤᠵᠢ ᠷᠣᠮᠠᠨ
2025-09-19

106

ᠲᠡᠷᠡ ᠡᠳᠦᠷ ᠦᠨ ᠪᠠᠶᠠᠷ


       ᠪᠠᠯᠳᠠᠨᠴᠡᠷᠢᠩ ᠪᠠᠷᠠᠭᠤᠨ ᠰᠡᠯᠪᠢ ᠶ᠋ᠢᠨ ᠠᠳᠠᠭ ᠬᠦᠷᠦᠯ᠎ᠡ᠃ ᠲᠡᠨᠳᠡ ᠣᠢᠷ᠎ᠠ ᠬᠠᠪᠢ ᠳ᠋ᠠᠭᠠᠨ ᠬᠠᠰᠢᠶ᠎ᠠ ᠬᠣᠷᠢᠶ᠎ᠠ ᠦᠭᠡᠢ᠃ ᠠᠢᠯ ᠤ᠋ᠳ ᠤ᠋ᠨ ᠬᠣᠭ ᠬᠠᠶᠠᠯᠭ᠎ᠠ ᠶ᠋ᠢᠨ ᠭᠠᠵᠠᠷ ᠪᠣᠯᠤᠭᠰᠠᠨ ᠨᠢᠭᠡᠨ ᠴᠢᠯᠥᠭᠡᠨ ᠳ᠋ᠦ᠍ ᠵᠢᠮ᠎ᠡ ᠡᠮᠡᠭᠡᠨ ᠦ᠌ ᠣᠷᠣᠴᠠ ᠣᠪᠣᠬᠠᠢ ᠭᠠᠭᠴᠠᠭᠠᠷ ᠢ᠋ᠶ᠋ᠠᠨ ᠳᠣᠪᠣᠢᠨ ᠪᠠᠢᠳᠠᠭ ᠪᠠᠢᠵᠠᠢ᠃ ᠭᠡᠲᠡᠯ᠎ᠡ ᠲᠡᠷᠡ ᠣᠪᠣᠬᠠᠢ ᠠᠯᠠᠭ᠎ᠠ᠃ ᠬᠠᠶᠠᠬᠠᠨ ᠳ᠋ᠤᠨᠢ ᠬᠡᠪᠲᠡᠳᠡᠭ ᠣᠯᠠᠨ ᠨᠣᠬᠠᠳ ᠨᠢ ᠴᠦ᠍ ᠦᠭᠡᠢ᠂ ᠦᠯᠡᠳᠡᠭᠰᠡᠨ ᠡᠴᠡ ᠲᠤᠯᠭᠠᠨ ᠤ᠋ ᠣᠷᠣᠨ ᠳ᠋ᠤ᠌ ᠬᠡᠷᠡᠭᠯᠡᠭᠳᠡᠵᠦ ᠪᠠᠢᠭᠰᠠᠨ ᠭᠤᠷᠪᠠᠨ ᠲᠣᠮᠣ ᠴᠢᠯᠠᠭᠤ᠂ ᠠᠷᠭᠠᠯ ᠤ᠋ᠨ ᠰᠠᠭᠠᠷᠠᠯ ᠦᠨᠡᠰᠦ ᠲᠠᠢ ᠯᠠ ᠦᠯᠡᠳᠡᠵᠡᠢ᠃ ᠬᠠᠪᠢ ᠣᠢᠷ᠎ᠠ ᠶ᠋ᠢᠨ ᠭᠠᠵᠠᠷ ᠰᠠᠢᠲᠤᠷ ᠴᠡᠪᠡᠷᠯᠡᠭᠰᠡᠨ ᠢ᠋ ᠦᠵᠡᠬᠦ ᠳ᠋ᠦ᠍ ᠵᠢᠮ᠎ᠡ ᠡᠮᠡᠭᠡᠨ ᠳ᠋ᠦ᠍ ᠶᠠᠮᠠᠷ ᠨᠢᠭᠡᠨ ᠭᠠᠢ ᠭᠠᠮᠰᠢᠭ ᠲᠣᠬᠢᠶᠠᠯᠳᠤᠭᠰᠠᠨ ᠪᠢᠰᠢ᠂ ᠬᠠᠷᠢᠨ ᠥᠭᠡᠳᠡᠯᠡᠨ᠂ ᠥᠭᠡᠷ᠎ᠡ ᠲᠠᠢᠰᠢ ᠨᠤᠲᠤᠭ ᠰᠡᠯᠭᠦᠬᠦ ᠪᠡᠷ ᠨᠡᠭᠦᠭᠰᠡᠨ ᠨᠢ ᠢᠯᠡᠷᠬᠡᠢ᠃  
       ᠡᠢᠮᠦ ᠳ᠋ᠦ᠍ ᠪᠠᠯᠳᠠᠨᠴᠡᠷᠢᠩ ᠵᠢᠮ᠎ᠡ ᠶ᠋ᠢ ᠭᠡᠷ ᠲᠡᠭᠡᠨ ᠡᠨᠡ ᠰᠢᠨ᠎ᠡ ᠶ᠋ᠢᠨ ᠨᠢᠭᠡᠨ ᠳ᠋ᠦ᠍ ᠪᠡᠨ ᠢᠷᠡᠬᠦ ᠪᠠᠢᠵᠤ ᠮᠠᠭᠠᠳ ᠦᠭᠡᠢ ᠭᠡᠵᠦ ᠪᠣᠳᠣᠨ ᠬᠣᠢᠰᠢ ᠪᠤᠴᠠᠯ᠎ᠠ᠃ ᠭᠡᠷ ᠲᠡᠭᠡᠨ ᠢᠷᠡᠬᠦ ᠳ᠋ᠦ᠍ ᠱᠠᠪᠢ ᠨᠢ ᠮᠥᠨ ᠯᠡ ᠦᠭᠡᠢ ᠪᠠᠢᠯ᠎ᠠ᠃ ᠭᠡᠪᠡᠴᠦ ᠭᠡᠷ ᠳᠤᠯᠠᠭᠠᠨ᠂ ᠵᠤᠤᠬ᠎ᠠ ᠳᠣᠲᠣᠷ᠎ᠠ ᠪᠠᠨ ᠴᠣᠭ ᠲᠠᠢ᠂ ᠳᠡᠭᠡᠷ᠎ᠡ ᠨᠢ ᠳᠠᠩᠬᠤ ᠲᠠᠢ ᠴᠠᠢ ᠲᠠᠯᠪᠢᠭᠰᠠᠨ ᠲᠠᠢ ᠪᠠᠢᠬᠤ ᠲᠤᠯᠠ ᠪᠠᠯᠳᠠᠨᠴᠡᠷᠢᠩ ᠱᠠᠪᠢ ᠶ᠋ᠢᠨ ᠢ᠋ᠶ᠋ᠡᠨ ᠲᠤᠩ ᠰᠠᠶᠢᠬᠠᠨ ᠶᠠᠪᠤᠭᠰᠠᠨ ᠢ᠋ ᠮᠡᠳᠡᠪᠡ᠃ ᠭᠡᠪᠡᠴᠦ ᠥᠪᠡᠷ ᠦ᠋ᠨ ᠪᠡᠶ᠎ᠡ ᠶ᠋ᠢ ᠭᠡᠷ ᠡᠴᠡ ᠭᠠᠷᠤᠮᠠᠭᠴᠠ ᠭᠡᠷ ᠣᠷᠣᠨ ᠢ᠋ᠶ᠋ᠠᠨ ᠡᠵᠡᠭᠦᠢ ᠬᠠᠶᠠᠨ ᠠᠯᠠᠭ᠎ᠠ ᠪᠣᠯᠳᠠᠭ ᠵᠠᠩᠰᠢᠯ ᠲᠠᠢ ᠪᠣᠯᠤᠭᠰᠠᠨ ᠢ᠋ ᠨᠢ ᠰᠠᠨᠠᠨ ᠠᠭᠤᠷ ᠬᠦᠷᠦᠭᠰᠡᠨ ᠢ᠋ᠶ᠋ᠡᠨ ᠣᠷᠣᠨ ᠨᠤᠲᠤᠭ ᠤᠷᠤᠭᠤ ᠨᠢ ᠶᠠᠪᠤᠭᠤᠯᠬᠤ ᠭᠡᠵᠦ ᠪᠠᠢᠭ᠎ᠠ ᠪᠠᠨ ᠰᠠᠨᠠᠨ ᠰᠡᠳᠬᠢᠯ ᠢ᠋ᠶ᠋ᠡᠨ ᠵᠠᠰᠠᠪᠠ᠃ 
       ᠡᠳᠦᠢ ᠪᠣᠯᠲᠠᠯ᠎ᠠ ᠪᠠᠯᠳᠠᠨᠴᠡᠷᠢᠩ᠂ ᠣᠶᠤᠨᠳᠠᠷᠢ ᠶ᠋ᠢᠨ ᠦᠨᠡᠲᠦ ᠰᠠᠢᠬᠠᠨ ᠶᠠᠭᠤᠮ᠎ᠠ ᠪᠡᠯᠡᠭᠯᠡᠭᠰᠡᠨ ᠢ᠋ ᠮᠡᠳᠡᠭᠡ ᠦᠭᠡᠢ ᠪᠠᠢᠵᠠᠢ᠃ ᠲᠡᠷᠭᠡᠨ ᠳ᠋ᠦ᠍ ᠶᠠᠪᠤᠵᠤ ᠪᠠᠢᠬᠤ ᠳ᠋ᠠᠭᠠᠨ ᠡᠪᠦᠷ ᠲᠦ᠋ᠨᠢ ᠬᠠᠨᠴᠤᠢ ᠲᠠᠢ ᠭᠠᠷ ᠢ᠋ᠶ᠋ᠠᠨ ᠵᠢᠳᠬᠦᠭᠦᠯᠦᠨ ᠬᠢᠭᠡᠳ ᠳᠠᠷᠤᠢ ᠨᠢᠳᠦ ᠠᠨᠢᠨ ᠤᠨᠲᠠᠬᠤ ᠳ᠋ᠤᠨᠢ ᠴᠢᠩ ᠰᠡᠳᠬᠢᠯ ᠡᠴᠡ ᠪᠡᠨ ᠡᠩᠬᠦᠷᠡᠢᠯᠡᠨ ᠬᠠᠢᠷᠠᠯᠠᠬᠤ ᠠ᠋ᠴᠠ ᠥᠭᠡᠷ᠎ᠡ ᠶᠠᠭᠤ ᠴᠦ᠍ ᠦᠭᠡᠢ ᠶᠠᠪᠤᠭᠰᠠᠨ ᠪᠠᠢᠵᠠᠢ᠃ ᠣᠳᠣ ᠡᠪᠦᠷ ᠲᠦ᠍ ᠨᠢᠭᠡ ᠶᠠᠭᠤᠮ᠎ᠠ ᠲᠣᠪᠣᠢᠨ ᠳᠣᠷᠣᠭᠰᠢ ᠳᠠᠷᠤᠨ ᠪᠠᠢᠭ᠎ᠠ ᠶ᠋ᠢ ᠭᠠᠷ ᠣᠷᠣᠭᠤᠯᠤᠨ ᠪᠠᠷᠢᠵᠤ ᠦᠵᠡᠭᠡᠳ᠂ ᠶᠡᠬᠡᠳᠡ ᠭᠠᠢᠬᠠᠨ ᠭᠠᠷᠭᠠᠨ ᠦᠵᠡᠯ᠎ᠡ᠃ ᠬᠠᠮᠤᠭ ᠤ᠋ᠨ ᠲᠦᠷᠦᠭᠦᠨ ᠲᠡᠯᠢᠩ ᠦ᠋ᠨ ᠨᠢᠭᠡᠳᠦᠭᠡᠷ ᠨᠢᠭᠤᠷ ᠤ᠋ᠨ ᠡᠭᠦᠯᠡ᠂ ᠡᠭᠦᠯᠡᠨ ᠳᠡᠭᠡᠷᠡᠬᠢ ᠪᠤᠭᠤ᠂ ᠰᠤᠭᠤ ᠬᠣᠶᠠᠷ ᠨᠢᠳᠦᠨ ᠳ᠋ᠦ᠍ ᠲᠤᠰᠤᠭᠰᠠᠨ ᠢ᠋ ᠬᠡᠯᠡᠬᠦ ᠤᠤ᠂ ᠤᠷᠠᠯᠠᠨ ᠬᠠᠳᠬᠤᠭᠰᠠᠨ ᠳ᠋ᠤᠨᠢ ᠨᠢᠳᠦ ᠨᠢ ᠤᠳᠬ᠎ᠠ ᠠᠭᠤᠯᠭ᠎ᠠ ᠶ᠋ᠢᠨ ᠬᠢᠨᠢ ᠭᠦᠨ ᠳ᠋ᠦ᠍ ᠰᠡᠳᠬᠢᠯ ᠬᠣᠶᠠᠷ ᠵᠡᠷᠭᠡ ᠪᠤᠯᠢᠶᠠᠭᠳᠠᠨ᠄《ᠦᠬᠦᠪᠡᠴᠦ ᠰᠡᠬᠡᠪᠡᠴᠦ ᠴᠢᠨᠦ ᠲᠥᠯᠥᠭᠡ》 ᠭᠡᠳᠡᠭ ᠠᠷᠢᠭᠤᠨ ᠪᠣᠳᠣᠯᠭ᠎ᠠ ᠪᠣᠳᠣᠭᠳᠠᠭᠤᠯᠤᠨ᠎ᠠ᠃ ᠲᠡᠭᠡᠭᠡᠳ ᠥᠪᠡᠷ ᠢ᠋ᠶ᠋ᠡᠨ ᠪᠡᠯᠡᠭ ᠳᠤᠷᠠᠰᠬᠠᠯ ᠤ᠋ᠨ ᠶᠠᠭᠤᠮ᠎ᠠ ᠪᠡᠯᠡᠳᠬᠡᠬᠦ ᠶ᠋ᠢ ᠣᠭᠲᠣᠬᠠᠨ ᠴᠦ᠍ ᠪᠣᠳᠣᠭ᠎ᠠ ᠦᠭᠡᠢ ᠪᠡᠨ ᠰᠠᠨᠠᠬᠤ ᠳ᠋ᠤ᠌ ᠦᠨᠡᠬᠡᠷ ᠬᠠᠷᠠᠮᠰᠠᠯᠲᠠᠢ ᠪᠣᠯᠤᠭᠠᠳ ᠢᠴᠢᠭᠦᠷᠢ ᠲᠡᠢ ᠠᠵᠢ᠃ ᠳᠠᠷᠠᠭ᠎ᠠ ᠨᠢ ᠬᠣᠶᠠᠳᠤᠭᠠᠷ ᠨᠢᠭᠤᠷ ᠤ᠋ᠨ《ᠬᠦᠰᠡᠯ ᠮᠥᠷᠥᠭᠡᠳᠦᠯ ᠪᠡᠶᠡᠯᠡᠬᠦ ᠶ᠋ᠢᠨ ᠴᠠᠭ ᠲᠤ ᠭᠠᠯ ᠭᠣᠯᠣᠮᠲᠠ ᠪᠠᠳᠠᠷᠠᠨ᠎ᠠ》 ᠭᠡᠵᠦ ᠳᠥᠷᠪᠡᠯᠵᠢᠨ ᠦᠰᠦᠭ ᠢ᠋ᠶ᠋ᠡᠷ ᠬᠠᠳᠬᠤᠭᠰᠠᠨ ᠢ᠋ ᠦᠵᠡᠵᠦ ᠠᠷᠠᠢᠬᠠᠨ ᠭᠠᠷᠭᠠᠵᠤ ᠤᠩᠰᠢᠭᠠᠳ《ᠶᠠᠭᠤᠲᠠᠢ ᠰᠠᠢᠬᠠᠨ ᠦᠭᠡ ᠪᠣᠢ?》 ᠭᠡᠵᠦ ᠪᠠᠬᠠᠳᠤᠨ ᠪᠠᠶᠠᠷᠯᠠᠬᠤ ᠶ᠋ᠢᠨ ᠢ᠋ᠶ᠋ᠡᠨ ᠵᠡᠷᠭᠡᠴᠡᠭᠡ ᠪᠡᠷ ᠠᠷᠠᠢᠬᠠᠨ ᠭᠠᠷᠭᠠᠨ ᠤᠩᠰᠢᠭᠰᠠᠨ ᠤ᠋ ᠪᠠᠨ ᠬᠤᠪᠢ ᠳ᠋ᠤ᠌ ᠠᠶ᠎ᠠ ᠦᠭᠡᠢ ᠪᠣᠯ ᠪᠢ ᠲᠡᠭᠦᠨ ᠡᠴᠡ ᠪᠡᠨ ᠳᠤᠲᠠᠭᠤ ᠮᠡᠳᠡᠯᠭᠡ ᠲᠡᠢ ᠪᠠᠢᠬᠤ ᠨᠢ ᠭᠡᠵᠦ ᠰᠡᠳᠬᠢᠯ ᠵᠣᠪᠠᠨ᠎ᠠ᠃  
       ᠭᠤᠷᠪᠠᠳᠠᠬᠢ ᠳᠠᠯᠢᠩ ᠳ᠋ᠠᠬᠢ ᠠᠷᠪᠠᠨ ᠨᠢᠭᠡᠨ ᠶᠠᠩᠴᠢᠶᠠᠨ ᠢ᠋ ᠠᠪᠴᠤ ᠦᠵᠡᠯ᠎ᠡ᠃ ᠡᠨᠡ ᠪᠣᠯ ᠪᠠᠯᠳᠠᠨᠴᠡᠷᠢᠩ ᠢ᠋ ᠶᠠᠳᠠᠭᠤ ᠬᠥᠮᠦᠨ ᠭᠡᠵᠦ ᠦᠵᠡᠨ ᠲᠤᠰᠠᠯᠠᠮᠵᠢ ᠦᠵᠡᠭᠦᠯᠦᠭᠰᠡᠨ ᠬᠡᠷᠡᠭ ᠮᠥᠨ ᠪᠣᠯᠬᠤ ᠲᠤᠯᠠ ᠭᠤᠨᠢᠨ ᠭᠤᠲᠤᠷᠠᠬᠤ ᠳ᠋ᠤ᠌ ᠬᠦᠷᠭᠡᠪᠡ᠃ 
       ᠡᠢᠨ ᠬᠦ᠌ ᠪᠠᠯᠳᠠᠨᠴᠡᠷᠢᠩ ᠠᠭᠱᠠᠨ ᠵᠠᠭᠤᠷ᠎ᠠ ᠶ᠋ᠢᠨ ᠳᠣᠲᠣᠷ᠎ᠠ ᠬᠡᠳᠦ ᠳᠠᠬᠢᠨ ᠰᠡᠳᠬᠢᠯ ᠳᠣᠩᠰᠣᠯᠬᠤ ᠪᠣᠯᠪᠠ᠃ ᠣᠶᠤᠨᠳᠠᠷᠢ ᠶ᠋ᠢ ᠬᠦᠰᠡᠨ ᠮᠥᠷᠥᠭᠡᠳᠬᠦ ᠡᠩᠬᠦᠷᠡᠢᠯᠡᠨ ᠬᠠᠢᠷᠠᠯᠠᠬᠤ ᠨᠢ ᠤᠯᠠᠮ ᠥᠰᠦᠭᠰᠡᠨ ᠪᠥᠭᠡᠳ《ᠵᠠ ᠣᠳᠣ ᠶᠠᠭᠠᠬᠢᠶ᠎ᠠ ᠭᠡᠬᠦ ᠪᠣᠢ? ᠨᠢᠭᠡᠨᠲᠡ ᠶᠣᠰᠣᠯᠠᠨ ᠳᠥᠷᠥᠯᠡᠵᠦ ᠠᠪᠬᠤ ᠪᠧᠨᠴᠢᠶᠠᠨ ᠦᠭᠡᠢ ᠡᠴᠡ ᠬᠣᠢᠰᠢ ᠭᠡᠷ ᠲᠦ᠋ᠨᠢ ᠬᠦᠷᠭᠡᠨ ᠣᠷᠣᠵᠤ ᠰᠠᠭᠤᠶ᠎ᠠ》 ᠭᠡᠳᠡᠭ ᠨᠢᠭᠡ ᠪᠣᠳᠣᠯ ᠲᠥᠷᠥᠯ᠎ᠡ᠃ ᠭᠡᠲᠡᠯ᠎ᠡ ᠬᠥᠨᠳᠡᠯᠡᠨ ᠡᠴᠡ ᠨᠢ《ᠴᠢ ᠶᠠᠭᠤ ᠪᠠᠨ ᠪᠣᠳᠣᠭ᠎ᠠ ᠪᠣᠢ? ᠪᠠᠶᠠᠴᠤᠳ ᠬᠠᠲᠠᠭᠤ ᠰᠢᠷᠦᠭᠦᠨ ᠠᠵᠢᠯ ᠳᠡᠭᠡᠷ᠎ᠡ ᠪᠡᠨ ᠬᠥᠮᠦᠨ ᠦ᠌ ᠬᠦᠴᠦ ᠬᠦᠷᠬᠦ ᠦᠭᠡᠢ ᠪᠣᠯᠬᠣᠷ ᠢ᠋ᠶ᠋ᠠᠨ ᠬᠡᠦᠬᠡᠨ ᠳᠡᠭᠡᠷ᠎ᠡ ᠪᠡᠨ ᠬᠦᠷᠭᠡᠨ ᠣᠷᠣᠭᠤᠯᠵᠤ ᠠᠪᠳᠠᠭ ᠪᠢᠰᠢ ᠤᠤ? ᠡᠨᠡ ᠴᠢᠨᠢ ᠳᠡᠮᠡᠢ ᠨᠡᠷ᠎ᠡ ᠨᠢᠭᠤᠷ ᠢ᠋ᠶ᠋ᠠᠨ ᠵᠡᠷᠭᠡ ᠵᠢᠩᠰᠡ ᠱᠠᠩᠨᠠᠭᠳᠠᠵᠤ ᠶᠠᠪᠤᠭᠰᠠᠨ ᠲᠠᠢ ᠪᠠᠨ ᠬᠠᠮᠲᠤᠷᠠᠭᠤᠯᠤᠨ ᠪᠣᠳᠣᠵᠤ᠂ ᠠᠢᠯ ᠤ᠋ᠨ ᠵᠠᠷᠤᠴᠠ ᠪᠣᠯᠬᠤ ᠭᠡᠵᠦ ᠪᠠᠢᠭ᠎ᠠ ᠪᠠᠨ ᠪᠣᠯᠢ!》 ᠭᠡᠵᠦ ᠰᠢᠪᠡᠭᠡᠨᠡᠬᠦ ᠰᠢᠭ ᠪᠣᠯᠪᠠ᠃ ᠢᠩᠭᠢᠭᠡᠳ ᠴᠣᠬᠣᠮ ᠶᠠᠭᠠᠬᠢᠬᠤ ᠤᠬᠠᠭᠠᠨ ᠢ᠋ᠶ᠋ᠠᠨ ᠣᠯᠬᠤ ᠦᠭᠡᠢ ᠮᠠᠩᠰᠢᠭᠤᠷᠠᠨ ᠰᠠᠭᠤᠵᠤ ᠪᠠᠢᠲᠠᠯ᠎ᠠ ᠭᠡᠨᠡᠳᠲᠡ ᠨᠢᠭᠡ ᠰᠠᠢᠬᠠᠨ ᠤᠬᠠᠭᠠᠨ ᠣᠷᠣᠭᠰᠠᠨ ᠨᠢ《ᠪᠣᠭᠳᠠ ᠳ᠋ᠤ᠌ ᠪᠠᠷᠠᠯᠬᠠᠨ ᠠᠢᠯᠠᠳᠬᠠᠵᠤ ᠵᠠᠷᠯᠢᠭ ᠪᠠᠭᠤᠯᠭᠠᠭᠤᠯᠪᠠᠯ ᠴᠢ ᠰᠦᠢ ᠪᠡᠯᠡᠭ ᠦ᠋ᠨ ᠵᠠᠷᠤᠳᠠᠯ ᠠ᠋ᠴᠠ ᠭᠡᠲᠦᠯᠬᠦ ᠪᠡᠷ ᠦᠯᠦ ᠪᠠᠷᠠᠮ᠂ ᠬᠤᠷᠢᠮ ᠨᠠᠢᠷ ᠢ᠋ ᠪᠣᠯᠪᠠᠴᠤ ᠬᠥᠩᠭᠡᠨ ᠢ᠋ᠶ᠋ᠡᠷ ᠥᠩᠭᠡᠷᠡᠭᠦᠯᠬᠦ ᠵᠠᠪᠰᠢᠶᠠᠨ ᠢ᠋ ᠣᠯᠬᠤ ᠪᠢᠰᠢ ᠤᠤ?》 ᠭᠡᠰᠡᠨ ᠪᠣᠳᠣᠯ ᠣᠷᠣᠵᠤ ᠢᠷᠡᠯ᠎ᠡ᠃ ᠡᠭᠦᠨ ᠳ᠋ᠡᠭᠡᠨ ᠪᠠᠯᠳᠠᠨᠴᠡᠷᠢᠩ ᠶᠣᠰᠣᠲᠠᠢ ᠮᠠᠩᠨᠠᠢ ᠲᠡᠨᠢᠢᠨ ᠪᠠᠶᠠᠷᠯᠠᠪᠠ᠃

            ᠦᠰᠦᠭ ᠠᠮᠢᠯᠠᠭᠤᠯᠤᠭᠰᠠᠨ ᠨᠢ᠄ ᠭᠠᠷᠮ᠎ᠠ