ᠪᠠᠲᠤᠮᠥ᠋ᠩᠬᠡ ᠲᠢᠶᠠᠨ ᠬᠠᠭᠠᠨBatmnkh dayaan khaanБатмнх даяан хаан
ᠪᠠᠲᠤᠮᠥ᠋ᠩᠬᠡ ᠲᠢᠶᠠᠨ ᠬᠠᠭᠠᠨ
ᠨᠠᠢᠷᠠᠭᠤᠯᠤᠭᠰᠠᠨ ᠨᠢ ᠄ ᠱ · ᠴᠸᠶᠢᠨ — ᠣᠢᠳᠤᠪ᠂ ᠬᠢᠶᠠᠳ ᠪᠣᠷᠵᠢᠭᠢᠨ
ᠪᠠᠲᠤᠮᠥ᠋ᠩᠬᠡ ᠶ᠋ᠢᠨ ᠥᠨᠳᠥᠷ ᠡᠪᠦᠭᠡ ᠠᠭᠪᠠᠷᠵᠢᠨ ᠵᠢᠨᠦᠩ᠂ ᠡᠪᠦᠭᠡ ᠨᠢ ᠬᠠᠷᠭᠤᠴᠠᠭ ᠲᠠᠢᠵᠢ᠂ ᠡᠴᠢᠭᠡ ᠨᠢ ᠪᠠᠶᠠᠨᠮᠦᠢ᠍ᠩᠭᠡ ᠪᠣᠯᠣᠬᠤ ᠵᠢᠨᠦᠩ ᠰᠢᠬᠢᠷ ᠬᠠᠲᠤᠨ ᠠ᠋ᠴᠠ1474 ᠣᠨ ᠮᠡᠨᠳᠦᠯᠡᠵᠡᠢ᠃1479 ᠣᠨ ᠳ᠋ᠤ᠌ ᠬᠠᠷ᠎ᠠ ᠨᠢᠯᠬ᠎ᠠ ᠳᠣᠯᠣᠭᠠᠨ ᠨᠠᠰᠤᠲᠠᠢ ᠳ᠋ᠤ᠌ ᠪᠠᠨ ᠬᠠᠭᠠᠨ ᠰᠢᠷᠡᠭᠡᠨ ᠳ᠋ᠦ᠍ ᠡᠷᠭᠦᠮᠵᠢᠯᠡᠭᠳᠡᠨ ᠰᠠᠭᠤᠭᠰᠠᠨ ᠶᠡᠬᠡ ᠮᠣᠩᠭᠣᠯ ᠤ᠋ᠨ30 ᠳ᠋ᠠᠬᠢ ᠬᠠᠭᠠᠨ ᠪᠢᠯᠡ᠃
ᠪᠠᠶᠠᠨᠮᠦᠢ᠍ᠩᠭᠡ ᠪᠣᠯᠣᠬᠤ ᠵᠢᠨᠦᠩ ᠪᠠᠲᠤᠮᠥ᠋ᠩᠬᠡ ᠶ᠋ᠢ ᠪᠠᠯᠠᠭᠴᠢᠨ ᠠᠪᠠᠬᠠᠢ ᠪᠠᠬᠠᠢ ᠳ᠋ᠤ᠌ ᠦᠯᠡᠳᠡᠭᠡᠵᠦ᠂ ᠬᠣᠵᠢᠮ ᠨᠢ ᠰᠠᠢᠨ ᠰᠠᠨᠠᠭᠠᠲᠤ ᠲᠡᠮᠦᠷ ᠬᠠᠳᠠᠭ ᠡᠪᠡᠳᠴᠢᠨ ᠢ᠋ ᠨᠢ ᠡᠳᠡᠭᠡᠭᠡᠳ ᠠᠪᠠᠭ᠎ᠠ ᠮᠠᠨᠳᠤᠭᠤᠯ ᠬᠠᠭᠠᠨ ᠤ᠋ ᠬᠠᠲᠤᠨ ᠮᠠᠨᠳᠤᠬᠠᠢ ᠶ᠋ᠢᠨ ᠳᠡᠷᠭᠡᠳᠡ ᠠᠪᠴᠢᠷᠠᠵᠤ ᠥᠭᠴᠡᠢ᠃1479 ᠣᠨ ᠳ᠋ᠤ᠌ ᠬᠠᠭᠠᠨ ᠡᠷᠭᠦᠮᠵᠢᠯᠡᠨ᠂ ᠴᠣᠯᠠ ᠶ᠋ᠢ ᠨᠢ ᠬᠠᠮᠤᠭ ᠮᠣᠩᠭᠣᠯ ᠤ᠋ᠨ ᠨᠢᠭᠡᠳᠬᠡᠬᠦ ᠶ᠋ᠢᠨ ᠪᠡᠯᠭᠡᠳᠡᠯ ᠪᠣᠯᠭᠠᠵᠤ《 ᠲᠢᠶᠠᠨ ᠬᠠᠭᠠᠨ》 ᠭᠡᠵᠡᠢ᠃
1505 ᠣᠨ ᠤ᠋ ᠵᠤᠨ ᠤ᠋ ᠳᠤᠮᠳᠠᠳᠤ ᠰᠠᠷ᠎ᠠ ᠳ᠋ᠤ᠌ ᠬᠡᠷᠦᠯᠦᠨ ᠭᠣᠣᠯ ᠤ᠋ᠨ ᠬᠥᠪᠡᠭᠡᠨ ᠳ᠋ᠦ᠍ ᠪᠦᠬᠦ ᠮᠣᠩᠭᠣᠯ ᠢ᠋ ᠨᠢᠭᠡᠳᠬᠡᠭᠰᠡᠨ ᠢ᠋ ᠪᠡᠨ ᠪᠡᠯᠭᠡᠳᠡᠵᠦ ᠦᠪᠡᠳᠡᠭᠰᠢ ᠬᠤᠷᠠᠯᠳᠤᠭᠠᠨ ᠬᠢᠵᠦ ᠲᠡᠮᠳᠡᠭᠯᠡᠪᠡ᠃ ᠪᠦᠬᠦ ᠮᠣᠩᠭᠣᠯ ᠢ᠋ ᠨᠢᠭᠡᠳᠬᠡᠭᠰᠡᠨ ᠦ᠌ ᠳᠠᠷᠠᠭ᠎ᠠ ᠲᠠᠢᠵᠢ᠂ ᠴᠢᠩᠰᠠᠩ ᠭᠡᠬᠦ ᠮᠡᠲᠦ ᠶ᠋ᠢᠨ ᠬᠢᠷᠢ ᠡᠴᠡ ᠬᠡᠲᠦᠷᠡᠭᠰᠡᠨ ᠳᠤᠷ᠎ᠠ ᠪᠠᠷ ᠠᠪᠤᠷᠢᠯᠠᠳᠠᠭ ᠪᠠᠢᠭᠰᠠᠨ ᠴᠣᠯᠠ ᠬᠡᠷᠬᠡᠮ ᠢ᠋ ᠬᠦᠴᠦᠨ ᠦᠭᠡᠢ ᠪᠣᠯᠭᠠᠵᠤ᠂ ᠰᠠᠢᠳ ᠨᠠᠷ ᠤ᠋ᠨ ᠡᠵᠡᠮᠰᠢᠯ ᠭᠠᠵᠠᠷ ᠢ᠋ ᠦᠨᠳᠦᠰᠦᠨ ᠳ᠋ᠦ᠍ ᠨᠢ ᠦᠭᠡᠢᠰᠬᠡᠵᠦ᠂ ᠵᠡᠭᠦᠨ ᠮᠣᠩᠭᠣᠯ ᠢ᠋ 6 ᠲᠦᠮᠡᠨ ᠪᠣᠯᠭᠠᠭᠠᠳ ᠳᠣᠲᠣᠷ᠎ᠠ ᠨᠢ ᠵᠡᠭᠦᠨ ᠪᠠᠷᠠᠭᠤᠨ ᠭᠠᠷ ᠭᠡᠵᠦ ᠬᠤᠪᠢᠶᠠᠭᠰᠠᠨ ᠡᠭᠦᠨ ᠳ᠋ᠦ᠍᠄ ᠵᠡᠭᠦᠨ ᠭᠠᠷ ᠤ᠋ᠨ ᠭᠤᠷᠪᠠᠨ ᠲᠦᠮᠡᠨ
ᠴᠠᠬᠠᠷ ᠲᠦᠮᠡᠨ᠂ ᠤᠷᠢᠶᠠᠩᠬᠠᠢ ᠲᠦᠮᠡᠨ᠂ ᠬᠠᠯᠬ᠎ᠠ ᠲᠦᠮᠡᠨ᠃ ᠪᠠᠷᠠᠭᠤᠨ ᠭᠠᠷ ᠤ᠋ᠨ ᠭᠤᠷᠪᠠᠨ ᠲᠦᠮᠡᠨ ᠣᠷᠳᠣᠰ ᠲᠦᠮᠡᠨ᠂ ᠲᠦᠮᠡᠳ ᠲᠦᠮᠡᠨ᠂ ᠶᠦᠩᠰᠢᠶᠠᠪᠦ ᠲᠦᠮᠡᠨ ᠭᠡᠵᠦ ᠬᠤᠪᠢᠶᠠᠵᠠᠢ᠃
ᠣᠷᠳᠣᠰ ᠲᠦᠮᠡᠨ ᠳ᠋ᠦ᠍ ᠵᠢᠨᠦᠩ ᠣᠷᠳᠣᠨ ᠢ᠋ ᠪᠠᠢᠭᠤᠯᠵᠤ᠂ ᠪᠠᠷᠠᠭᠤᠨ ᠭᠠᠷ ᠤ᠋ᠨ ᠲᠦᠮᠡᠨ ᠢ᠋ ᠥᠪᠡᠷ ᠦ᠋ᠨ ᠬᠦᠦ ᠪᠠᠷᠰᠪᠣᠯᠣᠳ ᠵᠢᠨᠦᠩ ᠢ᠋ᠶ᠋ᠡᠷ ᠵᠠᠬᠢᠷᠤᠭᠤᠯᠤᠭᠰᠠᠨ ᠪᠠᠢᠨ᠎ᠠ᠃
ᠪᠠᠲᠤᠮᠥ᠋ᠩᠬᠡ ᠲᠢᠶᠠᠨ ᠬᠠᠭᠠᠨ ᠤ᠋ ᠭᠤᠷᠪᠠᠨ ᠬᠠᠲᠤᠨ ᠲᠠᠢ᠄
ᠶᠡᠬᠡ ᠬᠠᠲᠤᠨ ᠮᠠᠨᠳᠤᠬᠠᠢ ᠰᠡᠴᠡᠨ᠄
① ᠲᠦᠷᠦᠪᠣᠯᠣᠳ
② ᠤᠯᠣᠰᠪᠣᠯᠣᠳ
③ ᠠᠷᠰᠤᠪᠣᠯᠣᠳ
④ ᠪᠠᠷᠰᠪᠣᠯᠣᠳ
⑤ ᠸᠴᠢᠷᠪᠣᠯᠣᠳ
⑥ ᠠᠯᠴᠣᠪᠣᠯᠣᠳ
⑦ ᠠᠯᠪᠣᠯᠣᠳ ᠵᠡᠷᠭᠡ ᠳᠣᠯᠣᠭᠠᠨ ᠬᠦᠦ ᠭᠤᠷᠪᠠ ᠨᠢ ᠵᠦᠢᠷᠡᠢ ᠭᠡᠳᠡᠭ᠃ ᠨᠢᠭᠡ ᠥᠬᠢᠨ ᠨᠢ᠄
⑧ᠭᠡᠭᠡᠨ ᠠᠪᠠᠬᠠᠢ
ᠬᠣᠶᠠᠳᠤᠭᠠᠷ ᠬᠠᠲᠤᠨ ᠵᠢᠮᠢᠰᠬᠡᠨ᠎ᠡ᠄
⑨ ᠳ᠋ᠡᠬᠢ ᠬᠥᠪᠡᠭᠦᠨ ᠬᠡᠷᠡᠰᠡᠨᠵᠨ
⑩ ᠳ᠋ᠡᠬᠢ ᠬᠥᠪᠡᠭᠦᠨ ᠭᠡᠷᠪᠣᠯᠣᠳ
ᠭᠤᠷᠪᠠᠳᠤᠭᠠᠷ ᠬᠠᠲᠤᠨ ᠭᠦᠦᠰᠢ᠄
⑪ ᠬᠥᠪᠡᠭᠦᠨ ᠬᠡᠷᠲᠦ
⑫ ᠴᠢᠩ ᠲᠠᠢᠵᠢ ᠵᠡᠷᠭᠡ ᠠᠷᠪᠠᠨ ᠨᠢᠭᠡᠨ ᠬᠥᠪᠡᠭᠦᠨ ᠨᠢᠭᠡ ᠥᠬᠢᠨ ᠪᠦᠷ ᠪᠠᠲᠤᠮᠥ᠋ᠩᠬᠡ ᠲᠢᠶᠠᠨ ᠬᠠᠭᠠᠨ ᠤ᠋ ᠦᠷᠡᠰ ᠪᠣᠯᠠᠢ᠃
ᠪᠠᠲᠤᠮᠥ᠋ᠩᠬᠡ ᠲᠢᠶᠠᠨ ᠬᠠᠭᠠᠨ ᠪᠦᠬᠦ ᠬᠦᠴᠦ ᠪᠡᠨ ᠲᠥᠪᠯᠡᠷᠡᠭᠦᠯᠦᠨ ᠮᠣᠩᠭᠣᠯ ᠤᠯᠤᠰ ᠢ᠋ᠶ᠋ᠠᠨ ᠨᠢᠭᠡᠳᠬᠡᠬᠦ ᠶ᠋ᠢᠨ ᠲᠥᠯᠥᠭᠡ ᠮᠢᠩ ᠤᠯᠤᠰ ᠲᠠᠢ ᠨᠠᠢᠷᠠᠮᠳᠠᠯ ᠤ᠋ᠨ ᠰᠠᠢᠨ ᠬᠠᠷᠢᠴᠠᠭ᠎ᠠ ᠲᠠᠢ ᠪᠠᠢᠭᠰᠠᠨ᠃1501 ᠣᠨ ᠳ᠋ᠤ᠌ ᠮᠢᠩ ᠤᠯᠤᠰ ᠣᠷᠳᠣᠰ ᠢ᠋ ᠭᠡᠨᠡᠳᠡᠭᠦᠯᠦᠨ ᠳᠣᠪᠲᠣᠯᠵᠤ ᠮᠢᠩᠭ᠎ᠠ ᠭᠠᠷᠤᠢ ᠠᠳᠤᠭᠤ ᠮᠠᠯ ᠳᠡᠭᠡᠷᠡᠮᠳᠡᠵᠡᠢ᠃ ᠲᠡᠭᠡᠬᠦ ᠪᠡᠷ ᠨᠢ ᠪᠠᠲᠤᠮᠥ᠋ᠩᠬᠡ ᠲᠢᠶᠠᠨ ᠬᠠᠭᠠᠨ ᠠᠷᠪᠠᠨ ᠲᠦᠮᠡᠨ ᠴᠡᠷᠢᠭ ᠳᠠᠢᠴᠢᠯᠠᠵᠤ ᠮᠢᠩ ᠤᠯᠤᠰ ᠤ᠋ᠨ ᠬᠤ᠌ ᠶᠤᠸᠠᠨ᠂ ᠨᠢᠩᠱᠠᠨ ᠢ᠋ ᠳᠣᠪᠲᠣᠯᠵᠠᠢ᠃ ᠲᠡᠭᠦᠨ ᠡᠴᠡ ᠬᠣᠢᠰᠢ ᠮᠣᠩᠭᠣᠯ ᠮᠢᠩ ᠤᠯᠤᠰ ᠤ᠋ᠨ ᠬᠣᠭᠣᠷᠣᠨᠳᠣ ᠠᠷᠠᠯᠵᠢᠶ᠎ᠠ ᠮᠠᠢᠮᠠᠢ ᠶ᠋ᠢᠨ ᠬᠠᠷᠢᠯᠴᠠᠭ᠎ᠠ ᠵᠣᠭᠰᠣᠵᠠᠢ᠃ ᠲᠢᠶᠠᠨ ᠬᠠᠭᠠᠨ ᠤ᠋ ᠠᠯᠳᠠᠷ ᠲᠡᠷᠡ ᠦᠶ᠎ᠡ ᠳ᠋ᠦ᠍ ᠮᠣᠩᠭᠣᠯ ᠳᠠᠶᠠᠭᠠᠷ ᠲᠠᠷᠬᠠᠵᠤ ᠪᠠᠢᠭᠰᠠᠨ ᠢ᠋ᠶ᠋ᠠᠷ ᠪᠠᠷᠠᠬᠤ ᠦᠭᠡᠢ ᠭᠠᠳᠠᠭᠠᠳᠤ ᠳ᠋ᠤ᠌ ᠥᠨᠳᠥᠷ ᠢ᠋ᠶ᠋ᠡᠷ ᠦᠨᠡᠯᠡᠭᠳᠡᠵᠦ᠂ ᠮᠢᠩ ᠤᠯᠤᠰ ᠤ᠋ᠨ ᠲᠥᠷᠥ ᠵᠠᠰᠠᠭ ᠤ᠋ᠨ ᠡᠷᠬᠡ ᠵᠡᠷᠭᠡ ᠲᠡᠢ ᠬᠥᠮᠦᠰ ᠬᠦᠷᠲᠡᠯ᠎ᠡ《ᠳᠠᠬᠢᠨ ᠮᠠᠨᠳᠤᠭᠰᠠᠨ ᠮᠣᠩᠭᠣᠯ ᠤ᠋ᠨ ᠭᠡᠭᠡᠨ ᠡᠵᠡᠨ》 ᠭᠡᠵᠦ ᠪᠠᠲᠤᠮᠥ᠋ᠩᠬᠡ ᠲᠢᠶᠠᠨ ᠬᠠᠭᠠᠨ ᠢ᠋ ᠪᠢᠰᠢᠷᠡᠨ ᠬᠦᠨᠳᠦᠳᠬᠡᠵᠦ ᠪᠠᠢᠭᠰᠠᠨ ᠪᠠᠢᠨ᠎ᠠ᠃
ᠪᠠᠲᠤᠮᠥ᠋ᠩᠬᠡ ᠲᠢᠶᠠᠨ ᠬᠠᠭᠠᠨ 1517 ᠣᠨ ᠳ᠋ᠤ᠌44 ᠨᠠᠰᠤᠲᠠᠢ ᠳ᠋ᠤ᠌ ᠪᠠᠨ ᠲᠩᠷᠢ ᠳ᠋ᠦ᠍ ᠬᠠᠯᠢᠭᠰᠠᠨ ᠪᠠᠢᠨ᠎ᠠ᠃1480—1517 ᠣᠨ ᠬᠦᠷᠲᠡᠯ᠎ᠡ37 ᠵᠢᠯ ᠮᠣᠩᠭᠣᠯ ᠤ᠋ᠨ ᠬᠠᠭᠠᠨ ᠰᠢᠷᠡᠭᠡᠨ ᠳ᠋ᠦ᠍ ᠰᠠᠭᠤᠭᠰᠠᠨ ᠴᠢᠩᠭᠢᠰ ᠬᠠᠭᠠᠨ ᠤ᠋ ᠠᠯᠲᠠᠨ ᠤᠷᠤᠭ ᠤ᠋ᠨ ᠤᠳᠤᠮᠲᠤ ᠰᠠᠢᠨ ᠬᠥᠪᠡᠭᠦᠳ ᠦ᠋ᠨ ᠨᠢᠭᠡ ᠶᠦᠮ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠪᠠ
ᠦᠰᠦᠭ ᠠᠮᠢᠯᠠᠭᠤᠯᠤᠭᠰᠠᠨ ᠨᠢ᠄ ᠴᠢ · ᠤᠷᠠᠨᠴᠡᠴᠡᠭ