ᠪᠤᠷᠬᠠᠨ ᠥᠷᠥᠰᠢᠶᠡᠭ ᠭᠡᠵᠦ ᠬᠡᠯᠡᠳᠡᠭ ᠦ᠋ᠨ ᠤᠴᠢᠷ ᠳᠣᠮᠣᠭBurkhan örshöög gej kheldgiin uchir _DomogБурхан өршөөг гэж хэлдгийн учир Домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠥᠷᠥᠰᠢᠶᠡᠭ ᠭᠡᠵᠦ ᠬᠡᠯᠡᠳᠡᠭ ᠦ᠋ᠨ ᠤᠴᠢᠷ ᠳᠣᠮᠣᠭBurkhan örshöög gej kheldgiin uchir _DomogБурхан өршөөг гэж хэлдгийн учир Домог

ᠪᠤᠷᠬᠠᠨ ᠥᠷᠥᠰᠢᠶᠡᠭ ᠭᠡᠵᠦ ᠬᠡᠯᠡᠳᠡᠭ ᠦ᠋ᠨ ᠤᠴᠢᠷ ᠳᠣᠮᠣᠭBurkhan örshöög gej kheldgiin uchir _DomogБурхан өршөөг гэж хэлдгийн учир Домог

ᠠᠩᠭᠢᠯᠠᠯ:ᠳᠣᠮᠣᠭ ᠦᠯᠢᠭᠡᠷ
2025-09-19

629

ᠪᠤᠷᠬᠠᠨ ᠥᠷᠥᠰᠢᠶᠡᠭ ᠭᠡᠵᠦ ᠬᠡᠯᠡᠳᠡᠭ ᠦ᠋ᠨ ᠤᠴᠢᠷ ᠳᠣᠮᠣᠭ

     ᠡᠷᠲᠡ ᠴᠠᠭ ᠲᠤ᠌ ᠨᠢᠭᠡᠨ ᠬᠤᠪᠢᠯᠭᠠᠨ ᠬᠥᠮᠦᠨ ᠬᠣᠯᠠ ᠶ᠋ᠢᠨ ᠵᠠᠮ ᠳ᠋ᠤ᠌ ᠶᠠᠪᠤᠵᠤ ᠪᠠᠢᠭᠠᠳ᠂ ᠣᠭᠵᠣᠮ ᠴᠢᠳᠬᠥᠷ ᠲᠡᠢ ᠲᠠᠭᠠᠷᠠᠯᠳᠤᠵᠤ ᠭᠡᠨ᠎ᠡ᠃ ᠭᠡᠲᠡᠯ᠎ᠡ ᠲᠡᠷᠡ ᠴᠢᠳᠬᠥᠷ ᠨᠢ ᠨᠢᠭᠡᠨ ᠠᠢᠯ ᠤ᠋ᠨ ᠭᠤᠷᠪᠠᠨ ᠨᠠᠰᠤᠲᠠᠢ ᠬᠦᠦ ᠶ᠋ᠢᠨ ᠰᠦᠨᠡᠰᠦ ᠶ᠋ᠢ ᠠᠪᠬᠤ ᠪᠠᠷ ᠵᠣᠷᠢᠵᠤ ᠪᠠᠢᠭ᠎ᠠ ᠶ᠋ᠢ ᠮᠡᠳᠡᠵᠡᠢ᠃ 
ᠬᠤᠪᠢᠯᠭᠠᠨ ᠥᠨᠥᠬᠢ ᠴᠢᠳᠬᠥᠷ ᠲᠡᠢ ᠬᠠᠮᠲᠤ ᠶᠠᠪᠤᠬᠤ ᠪᠠᠷ ᠰᠢᠢᠳᠵᠦ᠂ ᠵᠠᠮ ᠵᠠᠭᠤᠷ᠎ᠠ ᠡᠯᠳᠡᠪ ᠶᠠᠷᠢᠶ᠎ᠠ ᠳᠡᠯᠭᠡᠨ ᠶᠠᠪᠤᠲᠠᠯ᠎ᠠ ᠴᠢᠳᠬᠥᠷ ᠬᠤᠪᠢᠯᠭᠠᠨ ᠠ᠋ᠴᠠ 《ᠴᠢ ᠶᠠᠭᠤᠨ ᠠ᠋ᠴᠠ ᠠᠶᠤᠳᠠᠭ ᠪᠣᠢ?》 ᠭᠡᠮᠡᠨ ᠠᠰᠠᠭᠤᠪᠠ᠃ ᠬᠤᠪᠢᠯᠭᠠᠨ《ᠪᠢ ᠬᠠᠭᠳᠠ ᠴᠠᠢ᠂ ᠲᠠᠷᠭᠤᠨ ᠬᠣᠨᠢᠨ ᠤ᠋ ᠮᠢᠬᠠᠨ ᠠ᠋ᠴᠠ ᠯᠠ ᠠᠶᠤᠳᠠᠭ ᠳᠠ!》 ᠬᠠᠷᠢᠨ ᠴᠢ ᠶᠠᠭᠤᠨ ᠠ᠋ᠴᠠ ᠠᠶᠤᠳᠠᠭ ᠪᠣᠢ ᠭᠡᠮᠡᠨ ᠴᠢᠳᠬᠥᠷ ᠡᠴᠡ ᠠᠰᠠᠭᠤᠬᠤ ᠳ᠋ᠤ᠌《ᠪᠢ ᠠᠯᠲᠠᠨ ᠬᠠᠷᠭᠠᠨ᠎ᠠ ᠠ᠋ᠴᠠ ᠠᠶᠤᠳᠠᠭ》 ᠭᠡᠵᠦ ᠬᠠᠷᠢᠭᠤᠯᠵᠠᠢ᠃ ᠡᠢᠨᠬᠦ ᠶᠠᠪᠤᠭᠰᠠᠭᠠᠷ ᠥᠨᠥᠬᠢ ᠠᠢᠯ ᠤ᠋ᠨ ᠭᠠᠳᠠᠭ᠎ᠠ ᠢᠷᠡᠬᠦ ᠳ᠋ᠦ᠍ ᠴᠢᠳᠬᠥᠷ 《ᠡᠨᠡ ᠠᠢᠯ ᠳ᠋ᠤ᠌ ᠰᠠᠭᠤᠵᠤ ᠪᠠᠢᠬᠤ ᠵᠠᠭᠤᠷ᠎ᠠ ᠬᠡᠦᠬᠡᠳ ᠨᠢ ᠨᠠᠢᠳᠠᠵᠤ ᠮᠠᠭᠠᠳ ᠦᠭᠡᠢ᠂ ᠲᠡᠭᠡᠪᠡᠯ ᠴᠢ ᠴᠢᠳᠬᠥᠷ ᠥᠷᠥᠰᠢᠶᠡᠭ ᠭᠡᠳ ᠬᠡᠯᠡᠴᠢᠭᠡᠷᠡᠢ!》ᠭᠡᠵᠦ ᠬᠤᠪᠢᠯᠭᠠᠨ ᠳ᠋ᠤ᠌ ᠵᠠᠬᠢᠵᠠᠢ᠃ 
     ᠬᠤᠪᠢᠯᠭᠠᠨ ᠂ ᠴᠢᠳᠬᠥᠷ ᠬᠣᠶᠠᠷ ᠬᠣᠭᠣᠯᠠ ᠴᠠᠢ ᠪᠠᠷ ᠲᠠᠢᠯᠠᠭᠤᠯᠤᠨ ᠪᠠᠢᠬᠤ ᠵᠠᠭᠤᠷ᠎ᠠ᠂ ᠭᠡᠷ ᠦ᠋ᠨ ᠬᠣᠢᠮᠣᠷ ᠲᠤ᠌ ᠠᠪᠤ ᠶ᠋ᠢᠨ ᠢ᠋ᠶ᠋ᠡᠨ ᠡᠪᠦᠷ ᠳᠡᠭᠡᠷ᠎ᠡ ᠰᠠᠭᠤᠵᠤ ᠪᠠᠢᠭᠰᠠᠨ ᠬᠦᠦ ᠶ᠋ᠢᠨ ᠴᠢᠷᠠᠢ ᠨᠢ ᠪᠠᠷᠤᠢᠵᠤ ᠢᠷᠡᠭᠰᠡᠨ ᠢ᠋ᠶ᠋ᠡᠨ ᠨᠠᠢᠳᠠᠵᠤ ᠣᠷᠬᠢᠪᠠ ᠭᠡᠨ᠎ᠡ᠃ ᠬᠤᠪᠢᠯᠭᠠᠨ ᠰᠠᠮᠪᠠᠭᠠᠴᠢᠯᠠᠨ《ᠪᠤᠷᠬᠠᠨ ᠥᠷᠥᠰᠢᠶᠡᠭ》 ᠭᠡᠳ ᠬᠡᠯᠡᠴᠢᠬᠡᠪᠡ᠃ ᠴᠢᠳᠬᠥᠷ ᠤᠴᠠᠭᠠᠷᠯᠠᠩᠭᠤᠢ ᠳᠦᠷᠢ ᠭᠠᠷᠭᠠᠨ ᠰᠠᠭᠤᠵᠤ ᠪᠠᠢᠲᠠᠯ᠎ᠠ ᠬᠦᠦ ᠳᠠᠬᠢᠨ ᠨᠢᠭᠡ ᠨᠠᠢᠳᠠᠬᠤ ᠨᠢ ᠲᠡᠷᠡ᠂ ᠶᠠᠭ ᠡᠨᠡ ᠦᠶ᠎ᠡ ᠳ᠋ᠦ᠍ ᠬᠤᠪᠢᠯᠭᠠᠨ ᠠᠮᠠᠨ ᠳ᠋ᠠᠭᠠᠨ ᠴᠠᠢ ᠪᠠᠯᠭᠤᠴᠢᠭᠰᠠᠨ ᠰᠠᠭᠤᠭᠰᠠᠨ ᠲᠤᠯᠠ ᠴᠢᠳᠬᠥᠷ ᠲᠦ᠍ ᠪᠣᠯᠤᠮᠵᠢ ᠣᠯᠳᠠᠵᠤ《ᠴᠢᠳᠬᠥᠷ ᠥᠷᠥᠰᠢᠶᠡᠭ》 ᠭᠡᠮᠡᠨ ᠬᠡᠯᠡᠵᠦ ᠣᠷᠬᠢᠲᠠᠯ᠎ᠠ᠂ ᠠᠪᠤ ᠶ᠋ᠢᠨ ᠢ᠋ᠶ᠋ᠡᠨ ᠡᠪᠦᠷ ᠳᠡᠭᠡᠷ᠎ᠡ ᠰᠠᠭᠤᠵᠤ ᠪᠠᠢᠭᠰᠠᠨ ᠬᠦᠦ ᠤᠬᠠᠭᠠᠨ ᠠᠯᠳᠠᠵᠤ ᠤᠨᠠᠵᠤ ᠰᠦᠨᠡᠰᠦ ᠨᠢ ᠴᠢᠳᠬᠥᠷ ᠦ᠋ᠨ ᠮᠠᠲᠠᠯ ᠳ᠋ᠤ᠌ ᠢᠷᠡᠵᠡᠢ᠃ 
      ᠴᠢᠳᠬᠥᠷ ᠥᠨᠥᠬᠢ ᠠᠢᠯ ᠠ᠋ᠴᠠ ᠤᠬᠤᠰᠬᠢᠨ ᠭᠠᠷᠬᠤ ᠳ᠋ᠤ᠌᠂ ᠬᠤᠪᠢᠯᠭᠠᠨ ᠮᠥᠨ ᠠᠳᠠᠯᠢ ᠲᠡᠭᠦᠨ  ᠢ᠋ ᠳᠠᠭᠠᠨ ᠭᠠᠷᠤᠭᠠᠳ《ᠰᠦᠨᠡᠰᠦ ᠶ᠋ᠢ ᠨᠢ ᠠᠪᠴᠤ ᠴᠢᠳᠠᠪᠠ ᠤᠤ ?》 ᠭᠡᠬᠦ ᠳ᠋ᠦ᠍ ᠴᠢᠳᠬᠥᠷ《ᠠᠪᠬᠤ ᠨᠢ ᠠᠪᠤᠯ᠎ᠠ᠂ ᠴᠢ ᠬᠠᠷᠢᠨ ᠲᠡᠷᠢᠭᠦᠨ ᠶᠠᠭᠠᠬᠢᠭᠠᠳ ᠪᠤᠷᠬᠠᠨ ᠥᠷᠥᠰᠢᠶᠡᠭ ᠭᠡᠳ ᠬᠡᠯᠡᠴᠢᠬᠡᠪᠡ ᠠ᠋᠂ ᠲᠡᠭᠦᠨ ᠡᠴᠡ ᠴᠢᠨᠢ ᠪᠣᠯᠵᠤ ᠣᠯᠠᠨ ᠪᠤᠷᠬᠠᠨ ᠬᠡᠦᠬᠡᠳ ᠲᠣᠭᠣᠷᠢᠵᠤ ᠰᠠᠭᠤᠴᠢᠬᠠᠭᠠᠳ ᠰᠦᠨᠡᠰᠦ ᠶ᠋ᠢ ᠨᠢ ᠥᠭᠬᠦ ᠦᠭᠡᠢ ᠨᠡᠯᠢᠶᠡᠳ ᠵᠣᠪᠠᠭᠠᠯ᠎ᠠ》 ᠭᠡᠪᠡ᠃ ᠬᠤᠪᠢᠯᠭᠠᠨ ᠠᠷᠭ᠎ᠠ ᠰᠡᠳᠦᠵᠦ《ᠠᠯᠢ ! ᠬᠦᠦ ᠶ᠋ᠢᠨ ᠰᠦᠨᠡᠰᠦ ᠶ᠋ᠢ ᠬᠠᠷᠠᠶ᠎ᠠ》 ᠭᠡᠬᠦ ᠳ᠋ᠦ᠍ ᠂ᠴᠢᠳᠬᠥᠷ ᠲᠡᠭᠦᠨ ᠳ᠋ᠦ᠍  ᠬᠠᠷᠠᠭᠤᠯᠵᠤ ᠭᠡᠨ᠎ᠡ᠃ ᠬᠤᠪᠢᠯᠭᠠᠨ ᠪᠣᠯᠤᠮᠵᠢ ᠶ᠋ᠢ ᠠᠰᠢᠭᠯᠠᠨ ᠬᠦᠦ ᠶ᠋ᠢᠨ ᠰᠦᠨᠡᠰᠦ ᠶ᠋ᠢ ᠪᠤᠯᠢᠶᠠᠵᠤ ᠠᠪᠤᠭᠠᠳ ᠥᠨᠥᠬᠢ ᠠᠢᠯ ᠤ᠋ᠨ ᠬᠠᠵᠠᠭᠤᠬᠠᠨ ᠳ᠋ᠤ᠌ ᠪᠠᠢᠭᠰᠠᠨ ᠪᠤᠲᠠᠨ ᠳᠤᠮᠳᠠ ᠣᠷᠣᠭᠠᠳ ᠰᠠᠭᠤᠴᠢᠪᠠ᠃ ᠴᠢᠳᠬᠥᠷ ᠥᠪᠡᠷ ᠦ᠋ᠨ ᠠᠶᠤᠵᠤ ᠶᠠᠪᠤᠳᠠᠭ ᠵᠦᠢᠯ ᠢ᠋ᠶ᠋ᠡᠨ ᠬᠤᠪᠢᠯᠭᠠᠨ ᠳ᠋ᠤ᠌ ᠬᠡᠯᠡᠴᠢᠬᠡᠭᠰᠡᠨ ᠲᠤᠯᠠ ᠬᠤᠪᠢᠯᠭᠠᠨ ᠰᠢᠳᠢ ᠦᠵᠡᠭᠦᠯᠦᠨ ᠥᠨᠥᠬᠢ ᠪᠤᠲᠠ ᠨᠤᠭᠤᠳ  ᠢ᠋ ᠠᠯᠲᠠᠨ ᠬᠠᠷᠭᠠᠨ᠎ᠠ ᠮᠡᠲᠦ ᠬᠠᠷᠠᠭᠳᠠᠭᠤᠯᠬᠤ ᠳ᠋ᠤ᠌ ᠴᠢᠳᠬᠥᠷ ᠣᠢᠷᠠᠳᠠᠵᠤ ᠴᠢᠳᠠᠯ ᠦᠭᠡᠢ ᠂ᠬᠡᠢᠳ ᠦ᠋ᠨ ᠬᠦᠴᠦᠨ ᠳ᠋ᠦ᠍ ᠠᠭᠤᠷᠯᠠᠵᠤ᠂ ᠪᠤᠲᠠ ᠶ᠋ᠢ ᠲᠠᠷᠭᠤᠨ ᠬᠣᠨᠢᠨ ᠮᠢᠬ᠎ᠠ᠂ ᠬᠠᠭᠳᠠ ᠴᠠᠢ ᠶ᠋ᠢᠨ ᠢᠳᠡᠭᠡ ᠪᠡᠷ ᠪᠤᠯᠠᠵᠤ ᠣᠷᠬᠢᠭᠠᠳ᠂ ᠬᠤᠪᠢᠯᠭᠠᠨ  ᠢ᠋ ᠭᠠᠷᠴᠤ ᠢᠷᠡᠬᠦ ᠶ᠋ᠢ ᠨᠢ ᠬᠦᠯᠢᠶᠡᠵᠦ ᠰᠠᠭᠤᠨ᠎ᠠ᠃ ᠲᠡᠭᠡᠲᠡᠯ᠎ᠡ ᠬᠤᠪᠢᠯᠭᠠᠨ ᠭᠠᠯ ᠠᠰᠠᠭᠠᠨ ᠲᠠᠷᠭᠤᠨ ᠬᠣᠨᠢᠨ ᠤ᠋ ᠮᠢᠬ᠎ᠠ ᠶ᠋ᠢ ᠰᠢᠷᠠᠭᠠᠳ᠂ ᠬᠠᠵᠠᠭᠤᠬᠠᠨ ᠳ᠋ᠤ᠌ ᠪᠠᠢᠭᠰᠠᠨ ᠲᠣᠭᠲᠠᠭᠠᠯ ᠤᠰᠤᠨ ᠠ᠋ᠴᠠ ᠰᠢᠭᠦᠷᠡᠵᠦ ᠠᠪᠤᠭᠠᠳ ᠴᠠᠢ ᠶ᠋ᠢᠨ ᠢᠳᠡᠭᠡ ᠶ᠋ᠢ ᠪᠤᠴᠠᠯᠭᠠᠵᠤ᠂ ᠴᠠᠢ ᠴᠢᠨᠠᠵᠤ ᠤᠤᠭᠤᠭᠠᠳ ᠠᠷᠤ ᠥᠪᠥᠷ ᠲᠠᠯ᠎ᠠ ᠪᠠᠷ ᠨᠡᠯᠢᠶᠡᠳ ᠵᠠᠢ ᠲᠠᠢ ᠪᠣᠯᠭᠠᠭᠠᠳ ᠤᠨᠲᠠᠭᠠᠳ ᠥᠭᠪᠡ᠃ 
     ᠴᠢᠳᠬᠥᠷ ᠬᠦᠯᠢᠶᠡᠵᠦ ᠲᠡᠰᠬᠡᠯ ᠦᠭᠡᠢ ᠶᠠᠪᠤᠭᠰᠠᠨ ᠲᠤᠯᠠ ᠰᠡᠴᠡᠨ ᠮᠡᠷᠭᠡᠨ ᠬᠤᠪᠢᠯᠭᠠᠨ ᠥᠨᠥᠬᠢ ᠠᠢᠯ ᠳ᠋ᠤ᠌ ᠣᠷᠣᠵᠤ ᠬᠦᠦ ᠶ᠋ᠢᠨ ᠬᠢᠨᠢ ᠰᠦᠨᠡᠰᠦ ᠶ᠋ᠢ ᠪᠡᠶ᠎ᠡ ᠳ᠋ᠦ᠍ᠨᠢ ᠪᠤᠴᠠᠭᠠᠨ ᠣᠷᠣᠭᠤᠯᠪᠠ᠃ ᠠᠪᠤ ᠡᠵᠢ ᠳ᠋ᠦ᠍ᠨᠢ ᠪᠣᠯᠤᠭᠰᠠᠨ ᠶᠠᠪᠤᠳᠠᠯ  ᠢ᠋ ᠥᠭᠦᠯᠡᠵᠦ᠂ ᠬᠦᠦ ᠶ᠋ᠢᠨ ᠰᠦᠨᠡᠰᠦ ᠭᠡᠷᠭᠡᠨ ᠪᠡᠶ᠎ᠡ ᠡᠴᠡ ᠨᠢ ᠭᠠᠷᠤᠭᠰᠠᠨ  ᠢ᠋ ᠲᠠᠢᠯᠪᠤᠷᠢᠯᠠᠨ ᠥᠭᠭᠦᠭᠰᠡᠨ ᠪᠥᠭᠡᠳ ᠡᠭᠦᠨ ᠡᠴᠡ ᠬᠣᠢᠰᠢ ᠬᠥᠮᠦᠨ  ᠢ᠋ ᠨᠠᠢᠳᠠᠬᠤ ᠳ᠋ᠤ᠌《ᠪᠤᠷᠬᠠᠨ ᠥᠷᠥᠰᠢᠶᠡᠭ》 ᠭᠡᠮᠡᠨ ᠳᠠᠭᠤ ᠨᠢᠭᠡᠲᠡᠢ ᠬᠡᠯᠡᠳᠡᠭ ᠪᠣᠯᠤᠭᠰᠠᠨ ᠭᠡᠨ᠎ᠡ᠃

ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ᠂ ᠵᠢᠷᠠᠨᠲᠠᠢ