ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ3(2) Шинэлам – 2-р бүлэг᠂Өлзийжаргал– гялалзсан нэг нас 3(2)
ᠭᠤᠷᠪᠠ᠂ ᠥᠯᠵᠡᠢᠵᠢᠷᠭᠠᠯ – ᠰᠢᠨᠡᠯᠠᠮ᠎ᠠ
( ᠬᠣᠶᠠᠷ )᠂ ᠰᠢᠨᠡᠯᠡᠮ᠎ᠡ《ᠳᠠᠯᠠᠨ ᠠᠨᠳᠠ》 ᠠᠬ᠎ᠠ ᠳᠡᠭᠦᠦ ᠪᠠᠷᠢᠯᠳᠤᠭᠰᠠᠨ ᠨᠢ
ᠰᠢᠨᠡᠯᠡᠮ᠎ᠡ ᠠᠷᠪᠠᠨ ᠨᠢᠭᠡᠨ ᠳᠤᠭᠤᠢᠯᠠᠩ ᠢ᠋ ᠵᠣᠬᠢᠶᠠᠨ ᠪᠠᠢᠭᠤᠯᠤᠭᠰᠠᠨ ᠤ᠋ ᠰᠡᠭᠦᠯᠡᠷ᠂ ᠲᠤᠬᠠᠢ ᠶ᠋ᠢᠨ ᠦᠶ᠎ᠡ ᠳ᠋ᠦ᠍ ᠳᠤᠭᠤᠢᠯᠠᠩ ᠤ᠋ᠨ ᠳᠣᠲᠣᠷᠠᠬᠢ ᠵᠠᠷᠢᠮ ᠬᠥᠮᠦᠰ ᠨᠢ ᠨᠡᠢᠭᠡᠮ ᠦ᠋ᠨ ᠬᠢᠵᠠᠭᠠᠷᠯᠠᠯ ᠠ᠋ᠴᠠ ᠪᠣᠯᠵᠤ ᠢᠲᠡᠭᠡᠯ ᠵᠣᠷᠢᠭ ᠰᠤᠯᠠᠷᠠᠵᠤ ᠳᠤᠭᠤᠢᠯᠠᠩ ᠠ᠋ᠴᠠ ᠤᠷᠪᠠᠬᠤ᠂ ᠵᠠᠷᠢᠮ ᠨᠢ ᠢᠳᠡᠪᠬᠢᠲᠡᠨ ᠢ᠋ᠶ᠋ᠡᠷ ᠣᠪᠯᠠᠨ ᠳᠤᠭᠤᠢᠯᠠᠩ ᠳ᠋ᠤ᠌ ᠰᠢᠷᠭᠤᠨ ᠣᠷᠣᠵᠤ ᠲᠠᠩᠨᠠᠬᠤ ᠵᠡᠷᠭᠡ ᠪᠠᠢᠳᠠᠯ ᠢᠯᠡᠷᠡᠪᠡ᠃ ᠢᠩᠭᠢᠭᠡᠳ ᠰᠢᠨᠡᠯᠡᠮ᠎ᠡ《ᠳᠤᠭᠲᠤᠷᠪᠠᠯ ᠬᠦᠴᠦ ᠨᠢᠭᠡᠲᠡᠢ᠂ ᠳᠤᠤᠭᠠᠷᠪᠠᠯ ᠳᠠᠭᠤ ᠨᠢᠭᠡᠲᠡᠢ》 ᠪᠠᠲᠤ ᠴᠢᠩᠭ᠎ᠠ ᠵᠣᠬᠢᠶᠠᠨ ᠪᠠᠢᠭᠤᠯᠤᠯᠲᠠ ᠶ᠋ᠢ ᠡᠭᠦᠰᠬᠡᠨ ᠪᠠᠢᠭᠤᠯᠬᠤ ᠪᠠᠷ ᠵᠣᠷᠢᠭ ᠰᠢᠭᠤᠳᠪᠠ᠃ ᠤᠯᠠᠭᠠᠨ ᠯᠤᠤ ᠵᠢᠯ ᠢᠷᠭᠡᠨ ᠤᠯᠤᠰ ᠤ᠋ᠨ ᠲᠠᠪᠤᠳᠤᠭᠠᠷ ᠣᠨ(1916) ᠳ᠋ᠤ᠌ ᠰᠢᠨᠡᠯᠡᠮ᠎ᠡ ᠥᠪᠡᠷ ᠦ᠋ᠨ ᠭᠡᠷ ᠦ᠋ᠨ ᠢ᠋ᠶ᠋ᠡᠨ ᠡᠮᠦᠨᠡᠬᠢ ᠶᠡᠬᠡ ᠪᠤᠷᠭᠠᠰᠤᠨ ᠳᠥᠭᠥᠮ ᠳ᠋ᠦ᠍(ᠲᠤᠬᠠᠢ ᠶ᠋ᠢᠨ ᠦᠶ᠎ᠡ ᠳ᠋ᠦ᠍ ᠬᠥᠮᠦᠨ ᠮᠠᠯ ᠦᠵᠡᠭᠳᠡᠬᠦ ᠦᠭᠡᠢ ᠪᠠᠯᠠᠷ ᠣᠢ ᠰᠢᠭ᠋ ᠭᠠᠵᠠᠷ ᠪᠠᠢᠵᠠᠢ) ᠳᠠᠯ᠎ᠠ ᠭᠠᠷᠤᠢ ᠢᠳᠡᠪᠬᠢᠲᠡᠨ ᠢ᠋ᠶ᠋ᠡᠨ ᠴᠤᠭᠯᠠᠭᠤᠯᠵᠤ᠂ ᠨᠢᠭᠡᠨ ᠬᠠᠷ᠎ᠠ ᠦᠬᠡᠷ ᠠᠯᠠᠵᠤ ᠲᠩᠷᠢ ᠳ᠋ᠦ᠍ ᠰᠠᠴᠤᠯᠭ᠎ᠠ ᠡᠷᠭᠦᠭᠡᠳ ᠭᠠᠳᠤᠷ᠎ᠠ ᠲᠠᠢ ᠡᠮᠲᠦ ᠤᠰᠤᠨ ᠳ᠋ᠤ᠌ ᠡᠭᠡᠯᠵᠢᠶ᠎ᠡ ᠪᠡᠷ ᠨᠢᠭᠤᠷ ᠭᠠᠷ ᠢ᠋ᠶ᠋ᠠᠨ ᠤᠬᠢᠶᠠᠵᠤ᠂《ᠡᠳᠦᠭᠡ ᠬᠤᠯᠠᠭᠠᠢ ᠳᠡᠭᠡᠷᠡᠮ ᠰᠠᠮᠠᠭᠤᠷᠠᠵᠤ ᠥᠪ ᠮᠠᠯ ᠢ᠋ ᠪᠤᠯᠢᠶᠠᠨ ᠳᠡᠭᠡᠷᠡᠮᠳᠡᠭᠡᠳ ᠬᠣᠪᠳᠣᠭ ᠨᠣᠶᠠᠳ ᠣᠯᠠᠰᠢᠷᠠᠵᠤ᠂ ᠬᠤᠰᠢᠭᠤᠨ ᠤ᠋ ᠥᠷᠭᠡᠨ ᠠᠭᠤᠳᠠᠮ ᠪᠡᠯᠴᠢᠭᠡᠷ ᠨᠤᠲᠤᠭ ᠢ᠋ ᠲᠠᠰᠤᠴᠢᠨ ᠬᠤᠳᠠᠯᠳᠤᠵᠤ᠂ ᠮᠠᠯᠴᠢᠨ ᠠᠷᠠᠳ ᠲᠦᠮᠡᠨ ᠢ᠋ ᠤᠤᠭᠤᠬᠤ ᠤᠰᠤ ᠦᠭᠡᠢ᠂ ᠰᠠᠭᠤᠬᠤ ᠭᠡᠷ ᠨᠤᠲᠤᠭ ᠦᠭᠡᠢ ᠪᠣᠯᠭᠠᠭᠰᠠᠨ ᠳ᠋ᠤ᠌ ᠪᠢᠳᠡ ᠨᠤᠲᠤᠭ ᠣᠷᠣᠨ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠨᠢᠭᠡᠨ ᠪᠡᠶ᠎ᠡ ᠶ᠋ᠢᠨ ᠭᠠᠷ ᠬᠥᠯ ᠮᠡᠲᠦ ᠨᠢᠭᠡᠳᠴᠦ ᠬᠠᠮᠲᠤ ᠪᠠᠷ ᠲᠠᠩᠭᠠᠷᠢᠭᠯᠠᠶ᠎ᠠ!》 ᠭᠡᠮᠡᠨ ᠲᠩᠷᠢ ᠳ᠋ᠦ᠍ ᠮᠥᠷᠭᠥᠨ ᠠᠨᠳᠠᠯᠠᠵᠤ ᠲᠠᠩᠭᠠᠷᠢᠭᠯᠠᠭᠰᠠᠨ ᠭᠡᠨ᠎ᠡ᠃ ᠡᠨᠡ ᠨᠢ ᠣᠷᠳᠣᠰ ᠤ᠋ᠨ ᠳᠤᠭᠤᠢᠯᠠᠩ ᠤ᠋ᠨ ᠬᠥᠳᠡᠯᠭᠡᠭᠡᠨ ᠳ᠋ᠡᠬᠢ ᠨᠡᠷ᠎ᠡ ᠠᠯᠳᠠᠷᠰᠢᠭᠰᠠᠨ《ᠳᠠᠯᠠᠨ ᠠᠨᠳᠠ》 ᠶ᠋ᠢᠨ ᠳᠤᠭᠤᠢᠯᠠᠩ ᠪᠣᠯᠬᠤ ᠶᠤᠮ᠃
ᠦᠰᠦᠭ ᠠᠮᠢᠯᠠᠭᠤᠯᠤᠭᠴᠢ᠄ ᠪᠠᠯ
ᠬᠢᠨᠠᠭᠴᠢ᠄ ᠲ ᠬᠦᠮᠦᠵᠢᠯᠳᠦ
