ᠰᠠᠢᠨ ᠠᠯᠠᠭ ᠬᠠᠭᠠᠨ ᠪᠠᠷᠰᠪᠣᠯᠣᠳ Сайн алаг хаан барболдСайн алаг хаан барболд
ᠰᠠᠢᠨ ᠠᠯᠠᠭ ᠬᠠᠭᠠᠨ ᠪᠠᠷᠰᠪᠣᠯᠣᠳ
ᠨᠠᠢᠷᠠᠭᠤᠯᠤᠭᠰᠠᠨ ᠨᠢ ᠄ ᠱ ·ᠴᠸᠶᠢᠨ — ᠣᠢᠳᠤᠪ
1488 ᠣᠨ ᠳ᠋ᠤ᠌ ᠪᠠᠲᠤᠮᠥ᠋ᠩᠬᠡ ᠲᠢᠶᠠᠨ ᠬᠠᠭᠠᠨ ᠤ᠋14 ᠨᠠᠰᠤᠲᠠᠢ ᠪᠠᠢᠬᠤ ᠳ᠋ᠤ᠌ ᠮᠠᠨᠳᠤᠬᠠᠢ ᠰᠡᠴᠡᠨ ᠬᠠᠲᠤᠨ ᠠᠴᠠ ᠮᠡᠨᠳᠦᠯᠡᠭᠰᠡᠨ ᠳᠥᠷᠪᠡᠳᠦᠭᠡᠷ ᠬᠦᠦ ᠨᠢ ᠶᠦᠮ᠃ ᠪᠠᠲᠤᠮᠥ᠋ᠩᠬᠡ ᠲᠢᠶᠠᠨ ᠬᠠᠭᠠᠨ ᠨᠠᠰᠤ ᠪᠠᠷᠠᠭᠰᠠᠨ ᠠ᠋ᠴᠠ ᠬᠣᠢᠰᠢ1519 ᠣᠨ ᠳ᠋ᠤ᠌ ᠡᠴᠢᠭᠡ ᠶ᠋ᠢᠨ ᠢ᠋ᠶ᠋ᠡᠨ ᠬᠠᠭᠠᠨ ᠰᠢᠷᠡᠭᠡᠨ᠎ᠡ ᠵᠠᠯᠭᠠᠮᠵᠢᠯᠠᠨ ᠰᠠᠭᠤᠭᠰᠠᠨ ᠪᠠᠢᠨ᠎ᠠ᠃ ᠵᠢᠩᠬᠢᠨᠢ ᠨᠡᠷ᠎ᠡ ᠨᠢ ᠪᠠᠷᠰᠪᠣᠯᠣᠳ ᠭᠡᠳᠡᠭ ᠪᠣᠯᠪᠠᠴᠤ《 ᠰᠠᠢᠨ ᠠᠯᠠᠭ》 ᠭᠡᠮᠡᠨ ᠳᠠᠭᠤᠳᠠᠳᠠᠭ ᠲᠤᠯᠠ ᠰᠠᠢᠨ ᠠᠯᠠᠭ ᠬᠠᠭᠠᠨ ᠭᠡᠳᠡᠭ ᠮᠣᠩᠭᠣᠯ ᠤ᠋ᠨ31ᠳᠠᠬᠢ ᠬᠠᠭᠠᠨ ᠪᠢᠯᠡ᠃
ᠪᠠᠲᠤᠮᠥ᠋ᠩᠬᠡ ᠲᠢᠶᠠᠨ ᠬᠠᠭᠠᠨ ᠤ᠋ ᠤᠤᠭᠠᠨ ᠬᠦᠦ ᠲᠦᠷᠦᠪᠣᠯᠣᠳ ᠡᠴᠢᠭᠡ ᠡᠴᠡ ᠪᠡᠨ ᠡᠮᠦᠨ᠎ᠡ ᠨᠠᠰᠤ ᠪᠠᠷᠠᠭᠰᠠᠨ ᠪᠣᠯᠬᠣᠷ ᠲᠦᠷᠦᠪᠣᠯᠣᠳ ᠤ᠋ᠨ ᠤᠤᠭᠠᠨ ᠬᠦᠦ ᠪᠣᠳᠢ ᠲᠠᠢᠵᠢ ᠬᠠᠭᠠᠨ ᠰᠢᠷᠡᠭᠡ ᠵᠠᠯᠭᠠᠮᠵᠢᠯᠠᠬᠤ ᠤᠴᠢᠷ ᠲᠠᠢ ᠪᠣᠯᠪᠠᠴᠤ ᠲᠡᠷᠡ ᠦᠶ᠎ᠡ ᠳ᠋ᠦ᠍ ᠨᠠᠰᠤ ᠪᠠᠯᠴᠢᠷ ᠲᠤᠯᠠ ᠪᠠᠷᠰᠪᠣᠯᠣᠳ ᠲᠤᠰᠢᠶᠠᠯ ᠢ᠋ᠶ᠋ᠠᠨ ᠠᠰᠢᠭᠯᠠᠭᠠᠳ ᠬᠠᠭᠠᠨ ᠣᠷᠣ ᠰᠠᠭᠤᠵᠠᠢ᠃ ᠮᠥᠨ ᠲᠡᠷᠡ ᠵᠢᠯ ᠳ᠋ᠦ᠍ ᠪᠣᠳᠢ ᠲᠠᠢᠵᠢ ᠵᠡᠭᠦᠨ ᠭᠤᠷᠪᠠᠨ ᠲᠦᠮᠡᠨ ᠦ᠌ ᠲᠣᠮᠣ ᠲᠦᠰᠢᠮᠡᠯ ᠢ᠋ᠶ᠋ᠡᠨ ᠳᠠᠭᠠᠭᠤᠯᠵᠤ ᠣᠷᠳᠣᠰ ᠲᠤ᠌ ᠣᠴᠢᠨ ᠡᠵᠡᠨ ᠴᠢᠩᠭᠢᠰ ᠦ᠋ᠨ ᠰᠦᠯᠳᠡ ᠲᠠᠬᠢᠯᠭ᠎ᠠ ᠶ᠋ᠢ ᠬᠦᠨᠳᠦᠳᠬᠡᠨ ᠰᠢᠲᠦᠵᠦ᠂ ᠨᠠᠢ᠍ᠮᠠᠨ ᠴᠠᠭᠠᠨ ᠣᠷᠳᠣᠨ ᠳ᠋ᠤ᠌ ᠮᠥᠷᠭᠥᠯ ᠦ᠋ᠨ ᠶᠣᠰᠣᠯᠠᠯ ᠢ᠋ᠶ᠋ᠠᠨ ᠭᠦᠢᠴᠡᠳᠬᠡᠭᠡᠳ ᠪᠠᠷᠰᠪᠣᠯᠣᠳ ᠤ᠋ᠨ ᠳᠡᠷᠭᠡᠳᠡ《 ᠴᠢ ᠨᠠᠳᠠ ᠮᠥᠷᠭᠥᠬᠦ ᠤᠴᠢᠷ ᠲᠠᠢ᠂ ᠡᠰᠡ ᠮᠥᠷᠭᠥᠪᠡᠰᠦ ᠳᠠᠢᠰᠤᠩᠨᠠᠯᠴᠠᠨᠠᠮ》 ᠭᠡᠬᠦ ᠳ᠋ᠦ᠍ ᠡᠨᠡᠬᠦ ᠬᠠᠲᠠᠭᠤ ᠱᠠᠭᠠᠷᠳᠠᠯᠭ᠎ᠠ ᠠ᠋ᠴᠠ ᠠᠶᠤᠵᠤ ᠰᠦᠷᠳᠡᠭᠡᠳ ᠪᠣᠳᠢ ᠲᠠᠢᠵᠢ ᠳ᠋ᠤ᠌ ᠮᠥᠷᠭᠥᠵᠦ᠂ ᠪᠣᠳᠢ ᠲᠠᠢᠵᠢ ᠶ᠋ᠢ ᠴᠢᠩᠭᠢᠰ ᠬᠠᠭᠠᠨ ᠢ᠋ ᠳᠠᠢᠯᠠᠵᠤ ᠳᠠᠬᠢᠳᠠᠭ ᠨᠠᠢ᠍ᠮᠠᠨ ᠴᠠᠭᠠᠨ ᠭᠡᠷ ᠲᠦ᠍ ᠮᠥᠷᠭᠥᠭᠦᠯᠦᠭᠡᠳ ᠮᠣᠩᠭᠣᠯ ᠤᠯᠤᠰ ᠤ᠋ᠨ ᠬᠠᠭᠠᠨ ᠰᠠᠭᠤᠷᠢᠨ ᠳ᠋ᠤ᠌ ᠰᠠᠭᠤᠵᠠᠢ᠃ ᠪᠠᠷᠰᠪᠣᠯᠣᠳ ᠰᠠᠢᠨ ᠠᠯᠠᠭ ᠥᠪᠡᠷ ᠦ᠋ᠨ ᠬᠠᠭᠠᠨ ᠰᠢᠷᠡᠭᠡ ᠶ᠋ᠢ ᠡᠷᠭᠢᠭᠦᠯᠵᠦ ᠥᠭᠭᠦᠭᠰᠡᠨ ᠲᠡᠦᠬᠡ ᠡᠢᠮᠦ ᠪᠤᠶᠤ ᠲᠡᠭᠦᠨ ᠦ᠌ ᠬᠠᠭᠠᠨ ᠰᠠᠭᠤᠭᠰᠠᠨ ᠬᠤᠭᠤᠴᠠᠭ᠎ᠠ ᠡᠢᠮᠦ ᠠᠬᠠᠷ ᠪᠣᠭᠣᠨᠢ ᠪᠢᠯᠡ᠃
1519 ᠣᠨ ᠳ᠋ᠤ᠌ ᠬᠠᠭᠠᠨ ᠰᠠᠭᠤᠷᠢᠨ ᠳ᠋ᠤ᠌ ᠰᠠᠭᠤᠭᠰᠠᠨ ᠲᠡᠷᠡ ᠵᠢᠯ ᠳ᠋ᠦ᠍ ᠪᠡᠨ ᠪᠠᠰᠠ ᠬᠠᠭᠠᠨ ᠰᠠᠭᠤᠷᠢ ᠪᠠᠨ ᠡᠭᠡᠭᠦᠯᠦᠨ ᠥᠭᠴᠦ᠂ ᠮᠥᠨ ᠲᠡᠷᠡ ᠵᠢᠯ ᠳ᠋ᠦ᠍ ᠪᠡᠨ ᠳᠥᠩᠭᠡᠵᠦ32 ᠨᠠᠰᠤᠨ ᠳ᠋ᠤ᠌ ᠪᠠᠨ ᠨᠠᠰᠤ ᠪᠠᠷᠠᠭᠰᠠᠨ ᠪᠠᠢᠨ᠎ᠠ᠃
ᠢᠷᠡᠯᠲᠡ᠄《 ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠪᠠ᠃
ᠦᠰᠦᠭ ᠠᠮᠢᠯᠠᠭᠤᠯᠤᠭᠰᠠᠨ ᠨᠢ᠄ ᠴᠢ · ᠤᠷᠠᠨᠴᠡᠴᠡᠭ
ᠬᠢᠨᠠᠯᠲᠠ ᠄ ᠭᠠᠷᠮ᠎ᠠ
