ᠲᠣᠪᠤᠤ ᠵᠠᠬᠢᠷᠤᠭᠴᠢ ᠶ᠋ᠢᠨ ᠳᠣᠮᠣᠭTovuu zakhiragchiin domogТовуу захирагчийн домог
ᠲᠣᠪᠤᠤ ᠵᠠᠬᠢᠷᠤᠭᠴᠢ ᠶ᠋ᠢᠨ ᠳᠣᠮᠣᠭ
ᠮᠠᠨᠵᠤ ᠡᠵᠡᠨ ᠬᠠᠭᠠᠨ ᠠ᠋ᠴᠠ ᠪᠠᠲᠤᠯᠠᠭᠰᠠᠨ ᠬᠠᠤᠯᠢ ᠶ᠋ᠢᠨ ᠲᠥᠰᠦᠯ ᠳ᠋ᠦ᠍᠄
ᠬᠥᠮᠦᠨ ᠢ᠋ ᠠᠯᠠᠪᠠᠯ᠂ ᠵᠠᠪᠠᠯ ᠠᠮᠢ ᠶ᠋ᠢ ᠠᠮᠢ ᠪᠠᠷ ᠰᠣᠯᠢᠨ᠎ᠠ ᠭᠡᠬᠦ ᠶᠠᠪᠤᠳᠠᠯ ᠦᠭᠡᠢ᠃ ᠠᠯᠠᠭᠳᠠᠭᠰᠠᠨ ᠬᠥᠮᠦᠨ ᠦ᠌ ᠠᠷᠤ ᠭᠡᠷ ᠠᠪᠠᠭᠠᠢ ᠬᠡᠦᠬᠡᠳ ᠢ᠋ ᠠᠰᠠᠷᠠᠨ ᠲᠡᠵᠢᠭᠡᠬᠦ᠂ ᠡᠳ᠋ ᠮᠥᠩᠭᠥ ᠪᠡᠷ ᠠᠮᠢ ᠶ᠋ᠢ ᠦᠨᠡᠯᠡᠨ ᠲᠥᠯᠥᠬᠦ ᠵᠡᠷᠭᠡ ᠪᠡᠷ ᠨᠥᠬᠥᠨ ᠲᠥᠯᠥᠵᠦ ᠪᠣᠯᠤᠨ᠎ᠠ ᠭᠡᠵᠡᠢ᠃
ᠡᠨᠡ ᠨᠢ ᠭᠠᠳᠠᠭᠠᠳᠤ ᠶ᠋ᠢᠨ ᠲᠦᠷᠢᠮᠡᠬᠡᠢᠯᠡᠭᠴᠢᠳ ᠦ᠋ᠨ ᠬᠦᠦᠯᠡᠭᠴᠢᠳ᠂ ᠬᠤᠳᠠᠯᠳᠤᠭᠠᠴᠢᠳ᠂ ᠳᠣᠲᠣᠭᠠᠳᠤ ᠶ᠋ᠢᠨ ᠪᠠᠶᠠᠳ ᠨᠣᠶᠠᠳ᠂ ᠢᠵᠠᠭᠤᠷᠲᠠᠨ᠂ ᠳᠡᠭᠡᠳᠦᠰ ᠨᠢ ᠶᠠᠯᠠᠲᠤ ᠬᠡᠷᠡᠭ ᠢ᠋ ᠬᠠᠭᠠᠴᠠᠶ᠋ᠢᠯᠠᠬᠤ ᠬᠡᠷᠡᠭᠯᠡᠭᠦᠷ ᠪᠣᠯᠵᠤ᠂ ᠤᠯᠠᠮ ᠢ᠋ᠶ᠋ᠠᠷ ᠡᠳ᠋ ᠬᠥᠷᠥᠩᠭᠡ᠂ ᠬᠠᠬᠤᠤᠯᠢ ᠪᠠᠷ ᠲᠥᠷᠥ ᠶ᠋ᠢ ᠪᠠᠷᠢᠵᠤ᠂ ᠠᠶᠤᠯᠲᠤ ᠠᠯᠠᠯᠭ᠎ᠠ᠂ ᠬᠢᠳᠤᠯᠭ᠎ᠠ ᠪᠣᠢ ᠪᠣᠯᠬᠤ ᠡᠷᠬᠡ ᠶ᠋ᠢᠨ ᠪᠠᠲᠤᠯᠠᠭ᠎ᠠ ᠶ᠋ᠢ ᠪᠣᠢ ᠪᠣᠯᠭᠠᠵᠤ ᠪᠠᠢᠯ᠎ᠠ᠃
ᠲᠣᠪᠤᠤ ᠵᠠᠬᠢᠷᠤᠭᠴᠢ ᠲᠡᠷᠢᠭᠦᠲᠡᠢ ᠮᠣᠩᠭᠣᠯ ᠢ᠋ᠶ᠋ᠠᠨ ᠭᠡᠰᠡᠨ ᠰᠡᠳᠬᠢᠯᠲᠡᠨ ᠨᠦ᠍ᠭᠦᠳ ᠂ ᠡᠭᠦᠨ ᠦ᠌ ᠡᠰᠡᠷᠭᠦᠦ᠂ ᠰᠦᠷᠡᠬᠡᠢ ᠡᠰᠡᠷᠭᠦᠴᠡᠭᠰᠡᠨ ᠪᠣᠯᠪᠠᠴᠤ ᠡᠰᠡ ᠲᠠᠢᠯᠤᠨ᠂ ᠤᠭ ᠬᠠᠤᠯᠢ ᠪᠠᠲᠤᠯᠠᠭᠳᠠᠵᠤ᠂ ᠬᠠᠮᠤᠭ ᠤ᠋ᠨ ᠦᠨᠡᠲᠡᠢ ᠬᠥᠮᠦᠨ ᠢ᠋ ᠮᠢᠩᠭᠠᠨ ᠯᠠᠩ ᠢ᠋ᠶ᠋ᠠᠷ ᠲᠣᠭᠲᠠᠭᠠᠨ ᠦᠨᠡᠯᠡᠵᠦ᠂ ᠠᠷᠤ ᠭᠡᠷ ᠡᠬᠡᠨᠡᠷ ᠬᠡᠦᠬᠡᠳ ᠢ᠋ ᠠᠰᠠᠷᠠᠨ ᠲᠡᠳᠬᠦᠬᠦ ᠪᠤᠶᠤ ᠥᠪᠡᠷᠲᠡᠭᠡᠨ ᠥᠮᠴᠢᠯᠡᠨ ᠠᠪᠴᠤ ᠡᠷᠭᠦᠵᠦ ᠪᠣᠯᠤᠨ᠎ᠠ ᠭᠡᠵᠦ ᠵᠢᠭᠠᠵᠠᠢ᠃ ᠲᠣᠪᠤᠤ ᠵᠠᠬᠢᠷᠤᠭᠴᠢ ᠡᠭᠦᠨ ᠢ᠋ ᠵᠠᠰᠠᠬᠤ ᠶ᠋ᠢᠨ ᠲᠤᠯᠠᠳᠠ ᠠᠷᠭ᠎ᠠ ᠰᠢᠳᠡᠨ ᠂ ᠨᠠᠢ᠍ᠮᠠᠨ ᠬᠥᠮᠦᠨ ᠢ᠋ᠶ᠋ᠡᠷ ᠳᠥᠷᠪᠡᠨ ᠢᠰᠡᠭᠡᠢ ᠬᠣᠪᠲᠣ ᠲᠠᠢ ᠶᠠᠭᠤᠮ᠎ᠠ ᠳᠠᠮᠵᠢᠯᠠᠭᠤᠯᠤᠨ ᠴᠢᠭᠤᠯᠭᠠᠨ ᠳ᠋ᠤ᠌ ᠣᠷᠣᠭᠤᠯᠵᠤ ᠭᠡᠨ᠎ᠡ ᠳ᠋ᠡ᠃ ᠪᠠᠶᠠᠳ ᠨᠣᠶᠠᠳ ᠠᠩᠭᠠᠰ ᠭᠡᠵᠦ᠂《ᠠᠢ! ᠪᠢᠳᠡᠨ ᠳ᠋ᠦ᠍ ᠪᠢᠯᠢᠭ ᠱᠠᠩ ᠡᠷᠭᠦᠬᠦ ᠨᠢ ᠭᠡᠵᠦ ᠪᠠᠶᠠᠷᠯᠠᠴᠢᠬᠠᠵᠤ᠂ ᠭᠣᠷᠢᠳᠠᠨ ᠭᠣᠷᠢᠳᠠᠨ ᠬᠠᠷᠠᠵᠤ᠂ ᠭᠠᠷᠳᠠᠨ ᠲᠤᠰᠬᠤ ᠳ᠋ᠤ᠌ ᠪᠡᠯᠡᠳᠬᠡᠨ᠂ ᠰᠢᠯᠵᠢᠨ ᠰᠠᠭᠤᠴᠢᠬᠠᠪᠠ ᠭᠡᠨ᠎ᠡ᠃ ᠲᠣᠪᠤᠤ ᠵᠠᠬᠢᠷᠤᠭᠴᠢ ᠬᠡᠩ ᠪᠣᠰᠴᠤ ᠠᠪᠤᠭᠰᠠᠨ ᠢ᠋ᠶ᠋ᠠᠨ ᠣᠯᠵᠠᠢ ᠠᠮᠪᠠᠨ ᠢ᠋ ᠵᠠᠭᠠᠮᠠᠳᠠᠨ ᠠᠪᠴᠤ ᠳᠠᠷᠤᠵᠤ ᠤᠨᠠᠭᠠᠭᠠᠳ᠂ ᠬᠢᠲᠤᠭ᠎ᠠ ᠪᠠᠨ ᠰᠤᠭᠤᠯᠤᠨ ᠠᠪᠴᠤ ᠬᠤᠷᠴᠠ ᠢᠷ ᠢ᠋ ᠬᠣᠭᠣᠯᠠᠢ ᠳᠡᠭᠡᠷ᠎ᠡ ᠨᠢ ᠲᠠᠯᠪᠢᠵᠤ᠂ ᠣᠭᠲᠣᠯᠬᠤ ᠳᠦᠷᠢ ᠦᠵᠡᠭᠦᠯᠪᠡ ᠭᠡᠨ᠎ᠡ ᠂ ᠠᠮᠪᠠᠨ ᠠᠷᠠᠢ ᠭᠡᠵᠦ ᠠᠮᠠ ᠠᠩᠭᠠᠢᠵᠤ《ᠠᠢ !ᠴᠢ ᠶᠠᠭᠠᠬᠢᠵᠤ ᠪᠠᠢᠨ᠎ᠠ 》ᠭᠡᠬᠦ ᠳ᠋ᠦ᠍ 《ᠪᠢ ᠴᠢᠮ᠎ᠠ ᠶ᠋ᠢ᠂ ᠪᠢ ᠲᠠ ᠨᠠᠷ ᠠᠯᠠᠨ᠎ᠠ᠃ ᠬᠠᠯᠬ᠎ᠠ ᠮᠣᠩᠭᠣᠯ ᠤ᠋ᠨ ᠬᠥᠷᠥᠩᠭᠡ᠂ ᠨᠢᠭᠡ ᠪᠠᠢᠲᠤᠭᠠᠢ ᠨᠡᠢᠲᠡ ᠲᠠ ᠨᠠᠷ ᠢ᠋ ᠨᠢᠭᠡ ᠬᠣᠶᠠᠷ ᠢ᠋ᠶ᠋ᠠᠷ ᠨᠢ ᠠᠯᠠᠭᠠᠳ᠂ ᠲᠥᠯᠥᠭᠡᠳ ᠪᠠᠢᠬᠤ ᠳ᠋ᠤ᠌ ᠬᠦᠷᠬᠦ ᠪᠡᠷ ᠪᠠᠢᠨ᠎ᠠ᠂ ᠲᠡᠷᠡ ᠬᠣᠪᠲᠣ ᠲᠠᠢ ᠮᠥᠩᠭᠥ ᠶ᠋ᠢ ᠬᠠᠷᠠᠪᠠ ᠤᠤ? ᠤᠯᠠᠭᠠᠨ ᠭᠣᠣᠯ ᠢ᠋ ᠴᠢᠨᠢ ᠲᠠᠰᠤᠯᠴᠢᠬᠠᠭᠠᠳ᠂ ᠵᠠᠯᠠᠭᠤ ᠬᠠᠲᠤᠨ ᠢ᠋ ᠴᠢᠨᠢ ᠠᠪᠤᠭᠠᠳ ᠶᠠᠪᠤᠯ᠎ᠠ 》ᠭᠡᠬᠦ ᠳ᠋ᠦ᠍ ᠠᠮᠪᠠᠨ《 ᠠᠢ!ᠴᠢ ᠪᠣᠯᠤᠨ᠎ᠠ᠂ ᠨᠠᠮ᠎ᠠ ᠶ᠋ᠢ ᠥᠷᠥᠰᠢᠶᠡ᠂ ᠬᠠᠤᠯᠢ ᠪᠠᠷ ᠴᠣᠭᠴᠠᠯᠠᠪᠠ!ᠴᠣᠭᠴᠠᠯᠠᠪᠠ! ᠬᠥᠮᠦᠨ ᠢ᠋ ᠠᠯᠠᠪᠠᠯ᠂ ᠠᠮᠢ ᠶ᠋ᠢ ᠠᠮᠢ ᠪᠠᠷ ᠲᠥᠯᠥᠨ᠎ᠡ 》ᠭᠡᠵᠦ ᠬᠠᠰᠬᠢᠷᠴᠠᠢ᠃ ᠡᠢᠨᠬᠦ ᠲᠣᠪᠤᠤ ᠵᠠᠬᠢᠷᠤᠭᠴᠢ ᠬᠠᠷᠭᠢᠰ ᠬᠠᠤᠯᠢ ᠶ᠋ᠢ ᠥᠭᠡᠷᠡᠴᠢᠯᠡᠨ ᠬᠠᠷᠠᠴᠤ ᠣᠯᠠᠨ ᠢ᠋ᠶ᠋ᠠᠨ ᠠᠪᠤᠷᠠᠭᠰᠠᠨ ᠭᠡᠳᠡᠭ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ᠂ ᠵᠢᠷᠠᠨᠲᠠᠢ