ᠠᠷᠢᠬᠢᠨ ᠤ᠋ ᠳᠠᠭᠤᠤ-ᠴᠠᠭᠠᠨᠪᠠᠷᠰArkhny duu-TsagaanbarАрхны дуу-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠢᠬᠢᠨ ᠤ᠋ ᠳᠠᠭᠤᠤ-ᠴᠠᠭᠠᠨᠪᠠᠷᠰArkhny duu-TsagaanbarАрхны дуу-Цагаанбар

ᠠᠷᠢᠬᠢᠨ ᠤ᠋ ᠳᠠᠭᠤᠤ-ᠴᠠᠭᠠᠨᠪᠠᠷᠰArkhny duu-TsagaanbarАрхны дуу-Цагаанбар

2025-09-16

431

ᠠᠷᠢᠬᠢᠨ ᠤ᠋ ᠳᠠᠭᠤᠤ

   ᠴᠠᠭᠠᠨᠪᠠᠷᠰ ᠳᠠᠭᠤᠯᠠᠪᠠ 
      ᠬᠣᠷᠴᠢᠨ ᠠᠷᠠᠳ ᠤ᠋ᠨ ᠳᠠᠭᠤᠤ 

ᠵᠦᠩᠰᠡᠨ ᠳ᠋ᠦ᠍ ᠪᠡᠨ ᠬᠢᠭᠰᠡᠨ ᠵᠦᠷᠵᠢ ᠪᠡᠨ ᠪᠣᠯᠪᠠᠴᠤ 
ᠵᠦᠢᠷᠡᠢ ᠭᠠᠷ ᠢ᠋ᠶ᠋ᠠᠷ ᠢ᠋ᠶ᠋ᠠᠨ ᠳᠡᠪᠰᠢᠭᠦᠯᠦᠶ᠎ᠡ ᠬᠦᠢ 
ᠵᠢᠷᠤᠮ ᠤ᠋ᠨ ᠬᠥᠮᠦᠨ ᠦ᠌ ᠰᠡᠳᠬᠢᠯ ᠶᠦ᠍ᠭᠡᠨ ᠳᠡ 
ᠵᠢᠷᠦᠬᠡᠨ ᠤᠭ ᠠ᠋ᠴᠠ ᠪᠠᠨ ᠢᠯᠡᠳᠬᠡᠶ᠎ᠡ ᠬᠦᠢ 
ᠬᠤᠨᠳᠠᠭᠠᠨ ᠳ᠋ᠤ᠌ ᠪᠠᠨ ᠬᠢᠭᠰᠡᠨ ᠬᠣᠣᠷᠠᠵᠠ ᠶᠤᠭᠠᠨ ᠠ᠋ ᠬᠦᠢ  
ᠬᠣᠶᠠᠷ ᠭᠠᠷ ᠢ᠋ᠶ᠋ᠠᠷ ᠢ᠋ᠶ᠋ᠠᠨ ᠳᠡᠪᠰᠢᠭᠦᠯᠦᠶ᠎ᠡ ᠬᠦᠢ 
ᠬᠣᠷᠴᠢᠨ ᠬᠥᠮᠦᠨ ᠦ᠌ ᠰᠡᠳᠬᠢᠯ ᠶᠦ᠍ᠭᠡᠨ ᠳᠡ 
ᠬᠤᠨᠳᠠᠭᠠᠨ ᠳ᠋ᠤ᠌ ᠪᠠᠨ ᠰᠢᠩᠭᠡᠭᠡᠳ ᠢᠯᠡᠳᠬᠡᠶ᠎ᠡ ᠬᠦᠢ 
ᠠᠯᠠᠭᠴᠢ ᠦᠨᠢᠶᠡᠨ ᠦ᠌ ᠰᠢᠮ᠎ᠡ ᠶᠦ᠍ᠭᠡᠨ ᠳᠡ 
ᠠᠯᠠᠭᠠᠨ ᠤ᠋ ᠳᠡᠭᠡᠷ᠎ᠡ ᠪᠡᠨ ᠪᠠᠷᠢᠵᠤ ᠪᠠᠢᠨ᠎ᠠ ᠬᠦᠢ
ᠠᠯᠤᠰ ᠠ᠋ᠴᠠ ᠪᠠᠨ ᠢᠷᠡᠭᠰᠡᠨ ᠵᠣᠴᠢᠳ ᠲᠠᠨ ᠲᠠᠢ ᠪᠠᠨ
ᠠᠶᠠᠰ ᠢ᠋ᠶ᠋ᠠᠨ ᠡᠷᠭᠦᠭᠡᠳ ᠨᠠᠷᠭᠢᠶ᠎ᠠ ᠬᠦᠢ
ᠬᠦᠷᠡᠭᠴᠢ ᠦᠨᠢᠶᠡᠨ ᠦ᠌ ᠰᠢᠮ᠎ᠡ ᠶᠦ᠍ᠭᠡᠨ ᠳᠡ
ᠬᠣᠶᠠᠷ ᠭᠠᠷ ᠢ᠋ᠶ᠋ᠠᠷ ᠢ᠋ᠶ᠋ᠠᠨ ᠪᠠᠷᠢᠵᠤ ᠪᠠᠢᠨ᠎ᠠ ᠬᠦᠢ
ᠬᠣᠯᠠ ᠠ᠋ᠴᠠ ᠪᠠᠨ ᠢᠷᠡᠭᠰᠡᠨ ᠭᠡᠢᠴᠢᠨ ᠲᠠᠨ ᠲᠠᠢ ᠪᠠᠨ
ᠬᠣᠭᠣᠯᠠᠢ ᠪᠠᠨ ᠲᠡᠩᠨᠡᠭᠦᠯᠦᠭᠡᠳ ᠨᠠᠷᠭᠢᠶ᠎ᠠ ᠬᠦᠢ !

  ᠦᠰᠦᠭ  ᠠᠮᠢᠯᠠᠭᠤᠯᠤᠭᠰᠠᠨ ᠨᠢ᠄ ᠭᠠᠸᠠ
  ᠦᠰᠦᠭ  ᠬᠠᠲᠠᠭᠰᠠᠨ ᠨᠢ᠄ ᠭᠠᠸᠠ
  ᠬᠢᠨᠠᠭᠴᠢ ᠪᠠᠭᠰᠢ᠄ ᠢᠷᠡᠭᠡᠳᠦᠢ