ᠨᠣᠮ ᠤ᠋ᠨ ᠴᠡᠩᠭᠡᠯ -ᠠᠷᠭᠠᠲᠤNomyn tsengel-ArgatНомын цэнгэл-Аргат ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠮ ᠤ᠋ᠨ ᠴᠡᠩᠭᠡᠯ -ᠠᠷᠭᠠᠲᠤNomyn tsengel-ArgatНомын цэнгэл-Аргат

ᠨᠣᠮ ᠤ᠋ᠨ ᠴᠡᠩᠭᠡᠯ -ᠠᠷᠭᠠᠲᠤNomyn tsengel-ArgatНомын цэнгэл-Аргат

2025-09-16

10982

ᠨᠣᠮ ᠤ᠋ᠨ ᠴᠡᠩᠭᠡᠯ

   ᠦᠭᠡ᠄ ᠲᠤᠭᠴᠢ ᠯᠤᠪᠰᠠᠩ  
   ᠠᠶ᠎ᠠ᠄ ᠳᠠᠯᠠᠨᠪᠠᠶᠠᠷ  
   ᠪᠢᠴᠢᠬᠠᠨ ᠳᠠᠭᠤᠴᠢᠨ᠄ ᠠᠷᠭᠠᠲᠤ  

ᠬᠠᠷᠢᠶᠠᠴᠠᠢ ᠰᠢᠪᠠᠭᠤ ᠵᠢᠷᠭᠢᠭᠰᠡᠨ  
ᠬᠠᠨᠭᠪᠤᠨ ᠨᠣᠭᠣᠭᠠᠨ ᠬᠠᠪᠤᠷ  
ᠬᠠᠪᠤ ᠴᠡᠩᠭᠡᠯ ᠰᠣᠶᠣᠷᠬᠠᠭᠰᠠᠨ  
ᠬᠠᠮᠤᠭ ᠤ᠋ᠨ ᠭᠣᠶᠣᠬᠠᠨ ᠨᠣᠮ ᠮᠢᠨᠢ  
ᠬᠤᠯᠤᠰᠤ ᠵᠡᠭᠡᠰᠦ ᠱᠤᠤᠭᠢᠭᠰᠠᠨ 
ᠬᠣᠨᠳᠣ ᠨᠠᠭᠤᠷ ᠲᠠᠢ ᠵᠤᠨ 
ᠬᠤᠸᠠᠷ ᠴᠡᠴᠡᠭ ᠮᠢᠷᠠᠯᠵᠠᠭᠰᠠᠨ 
ᠬᠣᠪᠣᠷ ᠨᠠᠨᠳᠢᠨ ᠨᠣᠮ ᠮᠢᠨᠢ 
ᠠᠮᠲᠠᠯᠠᠨ ᠠᠮᠲᠠᠯᠠᠨ ᠰᠢᠮᠡᠭᠡᠳ 
ᠨᠣᠮ ᠤ᠋ᠨ ᠰᠢᠮ᠎ᠡ ᠶ᠋ᠢ ᠭᠥᠷᠳᠡᠶ᠎ᠡ
ᠠᠮᠲᠠᠷᠬᠠᠨ ᠠᠮᠲᠠᠷᠬᠠᠨ ᠤᠩᠰᠢᠭᠠᠳ
ᠨᠣᠮ ᠤ᠋ᠨ ᠨᠢᠭᠤᠴᠠ ᠶ᠋ᠢ ᠬᠠᠢᠶ᠎ᠠ

ᠪᠣᠷᠣᠭᠠᠨ ᠬᠤᠷ᠎ᠠ ᠰᠢᠪᠡᠷᠡᠭᠰᠡᠨ
ᠪᠣᠳᠣᠯ ᠤ᠋ᠨ ᠰᠠᠢᠬᠠᠨ ᠨᠠᠮᠤᠷ
ᠪᠤᠷᠠᠮ ᠰᠢᠬᠢᠷ ᠦᠨᠦᠷᠲᠦᠭᠰᠡᠨ
ᠪᠤᠮᠠᠨ ᠡᠷᠳᠡᠮ ᠦ᠋ᠨ ᠨᠣᠮ ᠮᠢᠨᠢ
ᠠᠮᠲᠠᠯᠠᠨ ᠠᠮᠲᠠᠯᠠᠨ ᠰᠢᠮᠡᠭᠡᠳ
ᠨᠣᠮ ᠤ᠋ᠨ ᠰᠢᠮ᠎ᠡ ᠶ᠋ᠢ ᠭᠥᠷᠳᠡᠶ᠎ᠡ
ᠠᠮᠲᠠᠷᠬᠠᠨ ᠠᠮᠲᠠᠷᠬᠠᠨ ᠤᠩᠰᠢᠭᠠᠳ
ᠨᠣᠮ ᠤ᠋ᠨ ᠨᠢᠭᠤᠴᠠ ᠶ᠋ᠢ ᠬᠠᠢᠶ᠎ᠠ
ᠠᠮᠲᠠᠷᠬᠠᠨ ᠠᠮᠲᠠᠷᠬᠠᠨ ᠤᠩᠰᠢᠭᠠᠳ
ᠨᠣᠮ ᠤ᠋ᠨ ᠨᠢᠭᠤᠴᠠ ᠶ᠋ᠢ ᠬᠠᠢᠶ᠎ᠠ

  ᠦᠰᠦᠭ ᠠᠮᠢᠯᠠᠭᠤᠯᠤᠭᠴᠢ᠄ ᠲᠤᠭᠴᠢ ᠯᠤᠪᠰᠠᠩ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ ᠪᠠᠭᠰᠢ᠄ ᠲᠤᠭᠴᠢ ᠯᠤᠪᠰᠠᠩ