ᠲᠠᠮᠠᠭ᠎ᠠ - ᠥᠭᠦᠯᠡᠯᠭᠡ- ᠳ ∙ ᠴᠢᠩᠳᠠᠵᠠᠪ Tamga - ögüülleg. D.TsendjavТамга - өгүүллэг. Д.Цэнджав
ᠳᠣᠯᠭᠠᠷ ᠤ᠋ᠨ ᠴᠢᠩᠳᠠᠵᠠᠪ (1954) ᠨᠢ ᠮᠣᠩᠭᠣᠯ ᠤᠯᠤᠰ ᠤ᠋ᠨ ᠰᠣᠶᠣᠯ ᠤ᠋ᠨ ᠭᠠᠪᠢᠶᠠᠲᠤ ᠵᠢᠳᠬᠦᠯᠲᠡᠨ᠂ ᠳ ∙ ᠨᠠᠴᠤᠭᠳᠣᠷᠵᠢ ᠶ᠋ᠢᠨ ᠱᠠᠩᠨᠠᠯᠲᠤ ᠵᠣᠬᠢᠶᠠᠯᠴᠢ᠂ ᠤᠳᠬ᠎ᠠ ᠵᠣᠬᠢᠶᠠᠯ ᠤ᠋ᠨ ᠰᠤᠳᠤᠯᠤᠭᠠᠴᠢ᠂ ᠰᠢᠭᠦᠮᠵᠢᠯᠡᠭᠴᠢ᠂ ᠰᠡᠳᠬᠦᠯᠴᠢ᠂ ᠳ᠋ᠣᠺᠲ᠋ᠣᠷ᠂ ᠫᠷᠣᠹᠧᠰᠰᠣᠷ ᠪᠥᠭᠡᠳ ᠳ ᠴᠢᠩᠳᠠᠵᠠᠪ ᠨᠡᠷ᠎ᠡ ᠪᠡᠷ ᠣᠯᠠᠨ ᠳ᠋ᠤ᠌ ᠲᠠᠨᠢᠭᠳᠠᠭᠰᠠᠨ᠃ ᠲᠡᠷᠡᠪᠡᠷ ᠷᠣᠮᠠᠨ ᠠ᠋ᠴᠠ ᠡᠬᠢᠯᠡᠭᠡᠳ ᠲᠣᠭᠣᠵᠢ᠂ ᠥᠭᠦᠯᠡᠯᠭᠡ᠂ ᠵᠦᠵᠦᠭᠡ᠂ ᠰᠢᠯᠦᠭ᠂ ᠰᠤᠳᠤᠯᠭ᠎ᠠ᠂ ᠬᠡᠦᠬᠡᠳ ᠦ᠋ᠨ ᠵᠣᠬᠢᠶᠠᠯ ᠬᠦᠷᠲᠡᠯ᠎ᠡ ᠤᠷᠠᠨ ᠪᠦᠲᠦᠭᠡᠯ ᠦ᠋ᠨ ᠪᠦᠬᠦᠢ ᠯᠡ ᠲᠥᠷᠥᠯ ᠳ᠋ᠦ᠍ ᠬᠦᠴᠦᠨ ᠵᠢᠳᠬᠦᠵᠦ᠂ 40 ᠭᠠᠷᠤᠢ ᠪᠦᠲᠦᠭᠡᠯ ᠲᠤᠭᠤᠷᠪᠢᠭᠰᠠᠨ᠃
《ᠴᠡᠪᠳᠡᠭ ᠵᠢᠷᠠᠨ》᠂ 《ᠪᠣᠰᠤᠭ᠎ᠠ ᠵᠢᠷᠠᠨ》᠂ 《ᠴᠠᠭᠠᠭᠴᠢᠨ ᠭᠠᠬᠠᠢ ᠵᠢᠯ》᠂ 《ᠪᠥᠮᠪᠥᠭᠡᠷ ᠨᠣᠭᠣᠭᠠᠨ》 ᠵᠡᠷᠭᠡ ᠷᠣᠮᠠᠨ ᠢ᠋ᠶ᠋ᠠᠷ ᠠᠷᠠᠳ ᠤ᠋ᠨ ᠬᠤᠪᠢᠰᠬᠠᠯ ᠤ᠋ᠨ 100 ᠵᠢᠯ ᠦ᠋ᠨ ᠣᠢ ᠶ᠋ᠢᠨ ᠰᠢᠯᠢᠳᠡᠭ ᠪᠦᠲᠦᠭᠡᠯ ᠰᠢᠯᠭᠠᠷᠠᠭᠤᠯᠬᠤ ᠤᠷᠤᠯᠳᠤᠭᠠᠨ ᠳ᠋ᠤ᠌ ᠲᠡᠷᠢᠭᠦᠨ ᠪᠠᠢᠷᠢ ᠡᠵᠡᠯᠡᠵᠦ᠂ 《ᠬᠥᠬᠡ ᠵᠢᠪᠠᠷ》 ᠲᠣᠭᠣᠵᠢ ᠪᠠᠷ ᠢ᠋ᠶ᠋ᠠᠨ ᠳ ∙ ᠨᠠᠴᠤᠭᠳᠣᠷᠵᠢ ᠶ᠋ᠢᠨ ᠨᠡᠷᠡᠮᠵᠢᠲᠦ ᠱᠠᠩᠨᠠᠯ ᠬᠦᠷᠲᠡᠭᠰᠡᠨ᠃ ᠮᠥᠨ ᠰᠤᠳᠤᠯᠭᠠᠨ ᠤ᠋ ᠪᠦᠲᠦᠭᠡᠯ ᠦ᠋ᠳ ᠢ᠋ᠶ᠋ᠡᠷ ᠢ᠋ᠶ᠋ᠡᠨ ᠰ ∙ ᠪᠤᠶᠠᠨᠨᠡᠮᠡᠬᠦ ᠶ᠋ᠢᠨ ᠱᠠᠩᠨᠠᠯ᠂ ᠨᠡᠢᠲᠡᠯᠡᠯ ᠦ᠋ᠨ ᠪᠦᠲᠦᠭᠡᠯ ᠢ᠋ᠶ᠋ᠡᠷ ᠢ᠋ᠶ᠋ᠡᠨ ᠳ ∙ ᠪᠣᠳᠣ ᠶ᠋ᠢᠨ ᠱᠠᠩᠨᠠᠯ ᠢ᠋ ᠬᠦᠷᠲᠡᠭᠰᠡᠨ᠃
《ᠤᠳᠬ᠎ᠠ ᠶ᠋ᠢᠨ ᠴᠢᠮᠡᠭ-2023》 ᠪᠣᠭᠣᠨᠢ ᠥᠭᠦᠯᠡᠯᠭᠡ ᠶ᠋ᠢᠨ ᠨᠠᠭᠠᠳᠤᠮ ᠳ᠋ᠤ᠌ 《ᠲᠠᠮᠠᠭ᠎ᠠ》 ᠪᠦᠲᠦᠭᠡᠯ ᠢ᠋ᠶ᠋ᠡᠷ ᠢ᠋ᠶ᠋ᠡᠨ ᠲᠡᠷᠢᠭᠦᠨ ᠪᠠᠢᠷᠢ ᠡᠵᠡᠯᠡᠭᠰᠡᠨ ᠨᠢ ᠲᠡᠭᠦᠨ ᠦ᠌ ᠤᠷᠠᠨ ᠪᠦᠲᠦᠭᠡᠯ ᠦ᠋ᠨ ᠣᠷᠭᠢᠯ ᠤ᠋ᠨ ᠨᠢᠭᠡᠨ ᠲᠣᠳᠣ ᠵᠢᠱ᠌ᠢᠶ᠎ᠡ ᠪᠣᠯᠤᠭᠰᠠᠨ ᠶᠤᠮ᠃ ᠵᠣᠬᠢᠶᠠᠯ ᠪᠦᠲᠦᠭᠡᠯ ᠨᠢ ᠠᠩᠭ᠌ᠯᠢ᠂ ᠣᠷᠣᠰ᠂ ᠬᠢᠲᠠᠳ᠂ ᠶᠠᠫᠣᠨ᠂ ᠹᠷᠠᠨᠼᠢ᠂ ᠰᠣᠯᠣᠩᠭᠣᠰ᠂ ᠭᠧᠷᠮᠠᠨ᠂ ᠬᠠᠰᠠᠭ ᠵᠡᠷᠭᠡ ᠣᠯᠠᠨ ᠬᠡᠯᠡ ᠪᠡᠷ ᠣᠷᠴᠢᠭᠤᠯᠤᠭᠳᠠᠭᠰᠠᠨ᠃ ᠮᠣᠩᠭᠣᠯ ᠤ᠋ᠨ ᠤᠷᠠᠨ ᠵᠣᠬᠢᠶᠠᠯ ᠤ᠋ᠨ ᠬᠥᠭᠵᠢᠯ᠂ ᠰᠤᠳᠤᠯᠤᠯ᠂ ᠰᠢᠭᠦᠮᠵᠢ ᠶ᠋ᠢᠨ ᠰᠠᠯᠪᠤᠷᠢ ᠳ᠋ᠤ᠌ ᠦᠨᠡᠲᠡᠢ ᠬᠤᠪᠢ ᠨᠡᠮᠡᠷᠢ ᠣᠷᠣᠭᠤᠯᠤᠭᠰᠠᠨ ᠬᠣᠪᠣᠷ ᠰᠤᠤ ᠪᠢᠯᠢᠭᠲᠡᠨ ᠨᠦ᠍ᠭᠦᠳ ᠦ᠋ᠨ ᠨᠢᠭᠡ ᠪᠢᠯᠡ᠃
