ᠪᠣᠷᠣᠯᠠᠭᠤᠯᠤᠯᠲᠠBorluulaltБорлуулалт-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠯᠠᠭᠤᠯᠤᠯᠲᠠBorluulaltБорлуулалт-ᠬᠣᠨᠢᠴᠢᠨ ᠦᠯᠵᠡᠢᠰᠦ᠋ᠷᠥᠩ

ᠪᠣᠷᠣᠯᠠᠭᠤᠯᠤᠯᠲᠠBorluulaltБорлуулалт-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-16

218

    ᠳ᠋ᠣᠺᠲ᠋ᠣᠷ ᠬᠣᠨᠢᠴᠢᠨ ᠦᠯᠵᠡᠢᠰᠦ᠋ᠷᠥᠩ 
ᠪᠣᠷᠣᠯᠠᠭᠤᠯᠤᠯᠲᠠ ᠭᠡᠬᠦ ᠪᠡᠷ ᠪᠢᠳᠡ ᠶᠠᠮᠠᠷ ᠨᠢᠭᠡᠨ ᠪᠣᠳᠠᠲᠠᠢ ᠲᠠᠸᠠᠷ ᠪᠦᠲᠦᠭᠡᠭᠳᠡᠬᠦᠨ ᠦ᠌ ᠯᠡ ᠪᠣᠷᠣᠯᠠᠭᠤᠯᠤᠯᠲᠠ ᠮᠡᠲᠦ ᠪᠡᠷ ᠣᠢᠯᠭᠠᠳᠠᠭ᠃ ᠭᠡᠲᠡᠯ᠎ᠡ ᠠᠵᠤ ᠠᠬᠤᠢ ᠶ᠋ᠢᠨ ᠬᠥᠭᠵᠢᠯᠲᠡ ᠶ᠋ᠢ ᠳᠠᠭᠠᠯᠳᠤᠨ ᠨᠡᠢᠭᠡᠮ ᠦ᠋ᠨ ᠠᠵᠤ ᠠᠬᠤᠢ ᠶ᠋ᠢᠨ ᠪᠦᠲᠦᠴᠡ ᠨᠢᠭᠡ ᠬᠣᠶᠠᠳᠤᠭᠠᠷ ᠠᠵᠤ ᠣᠢᠯᠠᠰ ᠢ᠋ᠶ᠋ᠠᠷ ᠭᠣᠣᠯᠯᠠᠵᠤ ᠪᠠᠢᠭᠰᠠᠨ ᠠ᠋ᠴᠠ ᠪᠠᠨ ᠭᠤᠷᠪᠠᠳᠤᠭᠠᠷ ᠠᠵᠤ ᠦᠢᠯᠡᠰ ᠢ᠋ᠶ᠋ᠡᠷ ᠭᠣᠣᠯᠯᠠᠬᠤ ᠲᠡᠰᠢ ᠬᠥᠭᠵᠢᠭᠰᠡᠨ ᠡᠴᠡ᠂ ᠪᠣᠷᠣᠯᠠᠭᠤᠯᠤᠯᠲᠠ ᠶ᠋ᠢᠨ ᠠᠭᠤᠯᠭ᠎ᠠ ᠳ᠋ᠤ᠌ ᠬᠤᠪᠢᠷᠠᠯᠲᠠ ᠭᠠᠷᠴᠤ ᠤᠤᠯ ᠤ᠋ᠨ ᠲᠠᠸᠠᠷ ᠪᠦᠲᠦᠭᠡᠭᠳᠡᠬᠦᠨ ᠢ᠋ᠶ᠋ᠡᠷ ᠭᠣᠣᠯᠯᠠᠵᠤ ᠪᠠᠢᠭᠰᠠᠨ ᠠ᠋ᠴᠠ ᠪᠠᠨ ᠶᠠᠮᠠᠷ ᠨᠢᠭᠡᠨ ‍ᠢᠯᠠᠴᠢᠯᠡᠭᠡ ᠪᠡᠷ ᠭᠣᠣᠯᠯᠠᠬᠤ ᠪᠣᠯᠵᠤ ᠬᠤᠪᠢᠷᠠᠵᠤ ᠪᠠᠢᠨ᠎ᠠ᠃ ᠡᠨᠡ ᠪᠠᠢᠳᠠᠯ ᠳ᠋ᠤ᠌ ᠤᠤᠯ ᠤ᠋ᠨ ᠲᠠᠸᠠᠷ ᠤ᠋ᠨ ᠪᠣᠷᠣᠯᠠᠭᠤᠯᠤᠯᠲᠠ ᠳ᠋ᠤ᠌ ᠬᠠᠨᠳᠤᠭᠤᠯᠤᠭᠰᠠᠨ 41 ᠪᠣᠷᠣᠯᠠᠭᠤᠯᠤᠯᠲᠠ ᠶ᠋ᠢᠨ ᠠᠷᠭ᠎ᠠ ᠪᠣᠯᠬᠤ ᠲᠠᠸᠠᠷ᠂ ᠦᠨ᠎ᠡ ᠬᠠᠩᠰᠢ᠂ ᠭᠦᠢᠯᠭᠡᠭᠡ᠂ ᠵᠠᠷ ᠰᠤᠷᠲᠠᠯᠴᠢᠯᠠᠭ᠎ᠠ ᠨᠢ ᠣᠳᠣ ᠦᠶ᠎ᠡ ᠶ᠋ᠢᠨ ᠭᠣᠣᠯᠯᠠᠭᠴᠢ ᠦᠢᠯᠡᠴᠢᠯᠡᠭᠡᠨ  ᠦ᠌ ᠦᠢᠯᠡᠰ ᠦ᠋ᠨ ᠪᠣᠷᠣᠯᠠᠭᠤᠯᠤᠯᠲᠠ ᠶ᠋ᠢ ᠠᠬᠢᠭᠤᠯᠬᠤ ᠳ᠋ᠤ᠌ ᠳᠤᠲᠠᠭᠳᠠᠯ  ᠲᠠᠢ ᠪᠣᠯᠵᠤ ᠡᠬᠢᠯᠡᠭᠰᠡᠨ ᠪᠠᠢᠨ᠎ᠠ ᠃ 
ᠤᠯᠠᠮᠵᠢᠯᠠᠯᠲᠤ ᠨᠢᠭᠡ ᠬᠣᠶᠠᠳᠤᠭᠠᠷ ᠠᠵᠤ ᠦᠢᠯᠡᠰ ᠢ᠋ᠶ᠋ᠡᠷ ᠭᠣᠣᠯ ᠪᠣᠯᠭᠠᠭᠠᠭᠰᠠᠨ ᠠᠵᠤ ᠠᠬᠤᠢ ᠶ᠋ᠢᠨ ᠪᠦᠲᠦᠴᠡ ᠳ᠋ᠦ᠍ ᠠᠵᠤ ᠠᠬᠤᠢᠯᠠᠯ ᠤ᠋ᠨ ᠣᠷᠣᠯᠭ᠎ᠠ ᠰᠢᠭᠤᠳ ᠲᠠᠸᠠᠷ ᠤ᠋ᠨ ᠪᠣᠷᠣᠯᠠᠭᠤᠯᠤᠯᠲᠠ  ᠠ᠋ᠴᠠ ᠢᠷᠡᠳᠡᠭ ᠡᠴᠡ4p ᠪᠣᠷᠣᠯᠠᠭᠤᠯᠤᠯᠲᠠ ᠶ᠋ᠢᠨ ᠠᠷᠭ᠎ᠠ ᠨᠢ ᠴᠦ᠍ ᠬᠡᠷᠬᠢᠨ ᠶᠠᠭᠠᠬᠢᠵᠤ ᠨᠢᠭᠡᠴᠢ ᠲᠠᠸᠠᠷ ᠠ᠋ᠴᠠ ᠣᠯᠬᠤ ᠣᠷᠣᠯᠭ᠎ᠠ ᠶ᠋ᠢ ᠨᠡᠮᠡᠭᠳᠡᠭᠦᠯᠬᠦ ᠳ᠋ᠦ᠍ ᠵᠣᠷᠢᠭᠤᠯᠤᠭᠰᠠᠨ ᠪᠠᠢᠳᠠᠭ᠃  ᠵᠢᠱ᠌ᠢᠶ᠎ᠡ ᠨᠢ᠂ ᠪᠣᠷᠣᠯᠠᠭᠤᠯᠵᠤ ᠪᠠᠢᠭ᠎ᠠ ᠲᠠᠸᠠᠷ ᠤ᠋ᠨ ᠦᠨ᠎ᠡ ᠬᠠᠩᠰᠢ ᠶ᠋ᠢ ᠬᠡᠷᠬᠢᠨ ᠲᠣᠭᠲᠠᠭᠠᠬᠤ᠂ ᠭᠦᠢᠯᠭᠡᠭᠡ ᠪᠡᠨ ᠬᠡᠷᠬᠢᠨ ᠰᠠᠢᠵᠢᠷᠠᠭᠤᠯᠬᠤ᠂ ᠵᠠᠷ ᠰᠤᠷᠲᠠᠯᠴᠢᠯᠠᠭ᠎ᠠ ᠪᠠᠨ ᠬᠡᠷᠬᠢᠨ ᠥᠷᠭᠡᠵᠢᠭᠦᠯᠬᠦ ᠨᠢ ᠪᠦᠭᠦᠳᠡ ᠲᠠᠸᠠᠷ ‍ᠤᠨ ᠪᠣᠷᠣᠯᠠᠭᠤᠯᠲᠠ ᠪᠠᠨ ᠥᠷᠭᠡᠳᠬᠡᠵᠦ᠂ ᠣᠷᠣᠯᠭ᠎ᠠ ᠪᠠᠨ ᠨᠡᠮᠡᠭᠳᠡᠭᠦᠯᠬᠦ ᠶᠠᠪᠤᠳᠠᠯ ᠪᠣᠯᠣᠨ᠎ᠠ᠃ 
ᠭᠡᠲᠡᠯ᠎ᠡ ᠣᠳᠣᠬᠢ ᠦᠢᠯᠡᠴᠢᠯᠡᠭᠡᠨ ᠦ᠌ ᠠᠵᠤ ᠦᠢᠯᠡᠰ ᠢ᠋ᠶ᠋ᠡᠷ ᠲᠥᠪ ᠪᠣᠯᠭᠠᠬᠠᠭᠰᠠᠨ ᠭᠤᠷᠪᠠᠳᠤᠭᠠᠷ ᠠᠵᠤ ᠦᠢᠯᠡᠰ ᠦ᠋ᠨ ᠡᠵᠡᠯᠡᠬᠦ ᠬᠠᠷᠢᠴᠠᠯ ᠤᠯᠠᠮ ᠶᠠᠪᠤᠬᠤ ᠳᠣᠳᠣᠮ ᠶᠡᠬᠡᠰᠦᠭᠰᠡᠨ ᠡᠴᠡ ᠭᠠᠭᠴᠠ ᠪᠣᠳᠠᠲᠤ ᠲᠠᠸᠠᠷ ᠲᠤ᠌ ᠴᠢᠭᠯᠡᠭᠳᠡᠭᠰᠡᠨ ᠪᠣᠷᠣᠯᠠᠭᠤᠯᠤᠯᠲᠠ ᠶ᠋ᠢᠨ ᠠᠷᠭ᠎ᠠ ᠨᠢ ᠳᠤᠲᠠᠭᠳᠠᠯ ᠳ᠋ᠤ᠌ ᠤᠴᠠᠷᠠᠭᠰᠠᠨ ᠪᠠᠢᠨ᠎ᠠ᠃ ᠤᠴᠢᠷ ᠨᠢ ᠦᠢᠯᠡᠴᠢᠯᠡᠭᠡᠨ ᠦ᠌ ᠠᠵᠤ ᠦᠢᠯᠡᠰ ᠦ᠋ᠨ ᠭᠣᠣᠯ ᠵᠣᠷᠢᠯᠭ᠎ᠠ ᠨᠢ ᠦᠢᠯᠡᠴᠢᠯᠡᠭᠡ ᠦᠵᠡᠭᠦᠯᠬᠦ ᠶᠠᠪᠤᠳᠠᠯ ᠪᠣᠯᠤᠨ᠎ᠠ᠃ ᠲᠡᠢᠮᠦ ᠡᠴᠡ ᠦᠢᠯᠡᠴᠢᠯᠡᠭᠡᠨ ᠠᠵᠢᠯ ᠦᠢᠯᠡᠰ ᠦ᠋ᠨ ᠳᠤᠮᠳᠠ ᠲᠠᠸᠠᠷ ᠨᠢ ᠦᠢᠯᠡᠴᠢᠯᠡᠭᠡ ᠪᠡᠨ ᠢᠯᠡᠷᠬᠡᠢᠯᠡᠬᠦ ᠲᠠᠪᠴᠠᠩ ᠪᠣᠯᠵᠤ᠂ ᠤᠤᠯ ᠤ᠋ᠨ ᠲᠠᠸᠠᠷ ᠤ᠋ᠨ ᠪᠣᠷᠣᠯᠠᠭᠤᠯᠤᠯᠲᠠ ᠶ᠋ᠢᠨ 4p ᠪᠡᠷ ᠣᠴᠢᠵᠤ ᠦᠢᠯᠡᠴᠢᠯᠡᠭᠡᠨ ᠦ᠌ ᠠᠵᠢᠯ ᠦᠢᠯᠡᠰ ᠢ᠋ ᠠᠬᠢᠭᠤᠯᠬᠤ ᠳ᠋ᠤ᠌ ᠲᠣᠬᠢᠷᠠᠮᠵᠢ ᠮᠠᠭᠤᠲᠠᠢ ᠪᠣᠯᠳᠠᠭ᠃ 
ᠣᠳᠣ ᠮᠠᠰᠢ ᠣᠯᠠᠨ ᠬᠥᠮᠦᠰ ᠦᠢᠯᠡᠴᠢᠯᠡᠭᠡᠨ ᠦ᠌ ᠠᠵᠤ ᠦᠢᠯᠡᠰ ᠡᠷᠬᠢᠯᠡᠵᠦ ᠪᠠᠢᠭ᠎ᠠ ᠡᠨᠡ ᠦᠶ᠎ᠡ ᠳ᠋ᠦ᠍ ᠦᠢᠯᠡᠴᠢᠯᠡᠭᠡᠨ ᠦ᠌ ᠪᠣᠷᠣᠯᠠᠭᠤᠯᠤᠯᠲᠠ ᠶ᠋ᠢ ᠬᠡᠷᠬᠢᠨ ᠠᠬᠢᠭᠤᠯᠬᠤ ᠶ᠋ᠢ ᠮᠡᠳᠡᠵᠦ ᠠᠪᠬᠤ ᠨᠢ ᠪᠢᠳᠡᠨ ᠳ᠋ᠦ᠍ ᠪᠠᠭ᠎ᠠ ᠴᠤ᠌ ᠭᠡᠰᠡᠨ ᠲᠤᠰᠠ ᠪᠣᠯᠬᠤ ᠨᠢ ᠳᠠᠮᠵᠢᠭ ᠦᠭᠡᠢ᠃ ᠡᠢᠮᠦ ᠎ᠡᠡᠴᠠ ᠠᠳᠠ ᠦᠢᠯᠡᠴᠢᠯᠡᠭᠡᠨ ᠦ᠌ ᠠᠵᠤ ᠦᠢᠯᠡᠰ ᠲᠦ᠍ ᠵᠣᠷᠢᠭᠤᠯᠤᠭᠳᠠᠭᠰᠠᠨ 3p ᠪᠣᠷᠣᠯᠠᠭᠤᠯᠤᠯᠲᠠ ᠶ᠋ᠢᠨ ᠠᠷᠭ᠎ᠠ ᠶ᠋ᠢᠨ ᠲᠤᠬᠠᠢ ᠳᠥᠭᠥᠮ ᠳᠤᠷᠠᠳᠤᠨ᠎ᠠ᠃ ᠡᠨᠡ ᠨᠢ ᠲᠤᠰ ᠲᠤᠰ ᠪᠣᠳᠠᠲᠠᠢ ᠪᠠᠷ ᠢᠯᠡᠷᠬᠡᠢᠯᠡᠬᠦ᠂ ᠬᠥᠮᠦᠨ ᠦ᠌ ᠨᠥᠯᠥᠭᠡᠯᠡᠬᠦ ᠬᠦᠴᠦᠨ ᠪᠣᠯᠤᠨ ᠶᠠᠪᠤᠴᠠ ᠭᠡᠬᠦ ᠭᠤᠷᠪᠠ ᠪᠣᠯᠤᠨ᠎ᠠ᠃ 
ᠦᠢᠯᠡᠴᠢᠯᠡᠭᠡ ᠨᠢ ᠣᠯᠠᠨ ᠲᠠᠯ᠎ᠠ ᠪᠠᠢᠵᠤ ᠂ ᠬᠥᠮᠦᠰ ᠲᠦ᠍ ᠶᠠᠮᠠᠷ ᠨᠢᠭᠡᠨ ᠲᠠᠯ᠎ᠠ ᠶ᠋ᠢᠨ ᠬᠡᠷᠡᠭᠴᠡᠭᠡᠨ ᠳ᠋ᠦ᠍ ᠳᠥᠭᠥᠮ ᠦᠵᠡᠭᠦᠯᠬᠦ ᠵᠣᠷᠢᠭᠤᠯᠤᠯᠲᠠ ᠲᠠᠢ ᠪᠠᠢᠳᠠᠭ᠃ ᠲᠡᠢᠮᠦ ᠡᠴᠡ ᠦᠢᠯᠡᠴᠢᠯᠡᠭᠡ ᠶ᠋ᠢ ᠪᠣᠳᠠᠲᠠᠢ ᠲᠠᠸᠠᠷ ᠪᠦᠲᠦᠭᠡᠭᠳᠡᠬᠦᠨ ᠰᠢᠭ ᠨᠢᠳᠦ ᠪᠡᠷ ᠦᠵᠡᠭᠡᠳ ᠰᠠᠢᠨ ᠮᠠᠭᠤ ᠭᠡᠵᠦ ᠦᠨᠡᠯᠡᠬᠦ ᠳ᠋ᠦ᠍ ᠬᠡᠴᠡᠭᠦᠦ ᠪᠠᠢᠳᠠᠭ᠃ ᠡᠨᠡ ᠪᠠᠢᠳᠠᠯ ᠳ᠋ᠤ᠌ ᠡᠷᠬᠡᠪᠰᠢ ᠪᠢᠳᠡ ᠦᠢᠯᠡᠴᠢᠯᠡᠭᠡ ᠪᠡᠨ ᠪᠣᠳᠠᠲᠠᠢ ᠪᠠᠷ ᠢᠯᠡᠷᠬᠡᠢᠯᠡᠬᠦ ᠶ᠋ᠢ ᠰᠤᠷᠬᠤ ᠬᠡᠷᠡᠭᠲᠡᠢ᠃ ᠢᠩᠭᠢᠵᠦ ᠪᠠᠢᠵᠤ ᠪᠢᠳᠡ ᠥᠪᠡᠷ ᠦ᠋ᠨ ᠦᠢᠯᠡᠴᠢᠯᠡᠭᠡ ᠪᠡᠨ ᠬᠡᠷᠡᠭᠯᠡᠭᠴᠢ ᠶ᠋ᠢᠨ ᠨᠢᠳᠦᠨ ᠳ᠋ᠦ᠍ ᠲᠣᠰᠠᠬᠠᠵᠤ᠂ ᠣᠨᠴᠠᠭᠠᠢᠯᠠᠵᠤ᠂ ᠥᠷᠲᠡᠭ ᠢ᠋ ᠨᠢ ᠦᠵᠡᠭᠦᠯᠵᠦ ᠴᠢᠳᠠᠨ᠎ᠠ᠃ ᠡᠭᠦᠨ  ᠲᠠᠢ ᠠᠳᠠᠯᠢᠬᠠᠨ ᠢ᠋ᠶ᠋ᠠᠷ ᠦᠢᠯᠡᠴᠢᠯᠡᠭᠡ ᠦᠵᠡᠭᠦᠯᠬᠦ ᠳ᠋ᠦ᠍ ᠪᠢᠳᠡ ᠵᠠᠪᠠᠯ ᠥᠪᠡᠷ ᠦ᠋ᠨ ᠶᠠᠪᠤᠴᠠ ᠪᠠᠨ ᠬᠥᠮᠦᠨ ᠳ᠋ᠦ᠍ ᠲᠠᠨᠢᠭᠤᠯᠬᠤ ᠴᠢᠬᠤᠯᠠ ᠲᠠᠢ᠃ ᠬᠥᠮᠦᠰ ᠡᠨᠡᠬᠦ ᠶᠠᠪᠤᠴᠠ ᠶ᠋ᠢ ᠣᠢᠯᠭᠠᠬᠤ ᠪᠠᠷ ᠳᠡᠮᠵᠢᠵᠦ ᠲᠠ ᠶ᠋ᠢᠨ ᠦᠢᠯᠡᠴᠢᠯᠡᠭᠡ ᠶ᠋ᠢᠨ ᠴᠢᠨᠠᠷ ᠴᠢᠨᠰᠠᠭ᠎ᠠ᠂ ᠦᠨ᠎ᠡ ᠥᠷᠲᠡᠭ ᠢ᠋ ᠢᠯᠡᠭᠦᠦ ᠮᠡᠳᠡᠷᠡᠬᠦ ᠪᠣᠯᠤᠮᠵᠢ ᠲᠠᠢ ᠪᠣᠯᠤᠨ᠎ᠠ᠃ ᠬᠠᠷᠢᠨ ᠦᠢᠯᠡᠴᠢᠯᠡᠭᠡᠨ  ᠦ᠌ ᠠᠵᠤ ᠦᠢᠯᠡᠰ ᠦ᠋ᠨ ᠲᠤᠰ ᠪᠡᠶ᠎ᠡ ᠨᠢ ᠦᠢᠯᠡᠴᠢᠯᠡᠭᠡ ᠦᠵᠡᠭᠦᠯᠦᠭᠴᠢ ᠡᠴᠡ ᠦᠢᠯᠡᠴᠢᠯᠡᠭᠡ ᠬᠦᠷᠲᠡᠭᠴᠢ ᠲᠡᠢ ᠬᠠᠷᠢᠴᠠᠬᠤ ᠶᠠᠪᠤᠴᠠ ᠪᠠᠢᠳᠠᠭ ᠠ᠋ᠴᠠ ᠪᠦᠬᠦ ᠠᠵᠢᠯ ᠨᠢ ᠬᠥᠮᠦᠰ ᠦ᠋ᠨ ᠬᠣᠭᠣᠷᠣᠨᠳᠣᠬᠢ ᠬᠠᠷᠢᠴᠠᠭ᠎ᠠ ᠪᠣᠯᠤᠨ᠎ᠠ᠃ ᠲᠡᠢᠮᠦ ᠡᠴᠡ ᠦᠢᠯᠡᠴᠢᠯᠡᠭᠡ ᠶ᠋ᠢᠨ ᠠᠵᠤ ᠦᠢᠯᠡᠰ ᠡᠷᠬᠢᠯᠡᠬᠦ ᠳ᠋ᠡᠭᠡᠨ ᠶᠠᠭᠤᠨ ᠤ᠋ ᠲᠡᠷᠢᠭᠦᠨ ᠳ᠋ᠦ᠍ ᠬᠥᠮᠦᠰ ᠦ᠋ᠨ ᠬᠣᠭᠣᠷᠣᠨᠳᠣᠬᠢ ᠬᠠᠷᠢᠴᠠᠭ᠎ᠠ ᠶ᠋ᠢ ᠰᠠᠢᠲᠤᠷ ᠵᠣᠬᠢᠴᠠᠭᠤᠯᠵᠤ᠂ ᠵᠥᠪ ᠰᠢᠢᠳᠪᠦᠷᠢᠯᠡᠬᠦ ᠬᠡᠷᠡᠭᠲᠡᠢ᠃ ᠪᠢᠳᠡ ᠬᠥᠮᠦᠨ  ᠢ᠋ᠶ᠋ᠡᠨ ᠬᠡᠷᠡᠭᠯᠡᠬᠦ ᠡᠴᠡ ᠡᠬᠢᠯᠡᠭᠡᠳ ᠶᠠᠮᠠᠷ ᠬᠡᠷᠡᠭᠯᠡᠭᠴᠢ ᠶ᠋ᠢ ᠰᠣᠩᠭᠣᠬᠤ ᠨᠢ ᠪᠦᠷ ᠬᠥᠮᠦᠨ ᠦ᠌ ᠬᠦᠴᠦᠨ ᠵᠦᠢᠯ ᠪᠣᠯᠤᠨ᠎ᠠ᠃ 
ᠪᠣᠷᠣᠯᠠᠭᠤᠯᠤᠯᠲᠠ ᠪᠣᠯ ᠨᠢᠭᠡ ᠶᠣᠰᠣᠨ ᠳ᠋ᠠᠭᠠᠨ ᠥᠪᠡᠷ ᠦ᠋ᠨ ᠲᠠᠸᠠᠷ ᠪᠦᠲᠦᠭᠡᠭᠳᠡᠬᠦᠨ ᠵᠢᠴᠢ ᠦᠢᠯᠡᠴᠢᠯᠡᠭᠡ ᠶ᠋ᠢᠨ ᠢ᠋ᠶ᠋ᠡᠨ ᠥᠷᠲᠡᠭ ᠢ᠋ ᠬᠡᠷᠡᠭᠯᠡᠭᠴᠢ ᠳ᠋ᠦ᠍ ᠲᠠᠨᠢᠭᠤᠯᠵᠤ ᠮᠡᠳᠡᠷᠡᠭᠦᠯᠬᠦ ᠪᠡᠷ ᠳᠠᠮᠵᠢᠨ ᠬᠡᠷᠡᠭᠯᠡᠭᠦᠯᠬᠦ ᠵᠣᠷᠢᠯᠭ᠎ᠠ ᠳ᠋ᠠᠭᠠᠨ ᠬᠦᠷᠬᠦ ᠶᠠᠪᠤᠴᠠ ᠪᠣᠯᠤᠨ᠎ᠠ᠃ ᠦᠢᠯᠡᠴᠢᠯᠡᠭᠡᠨ ᠦ᠌ ᠠᠵᠤ ᠦᠢᠯᠡᠰ ᠲᠦ᠍ ᠬᠡᠷᠡᠭᠯᠡᠭᠴᠢ ᠡᠴᠡ ᠦᠢᠯᠡᠴᠢᠯᠡᠭᠡᠨ ᠦ᠌ ᠦᠨ᠎ᠡ ᠥᠷᠲᠡᠭ ᠢ᠋ ᠵᠥᠪᠬᠡᠨ ᠦᠢᠯᠡᠴᠢᠯᠡᠭᠡᠨ ᠳᠤᠮᠳᠠᠬᠢ ᠲᠠᠸᠠᠷ ᠪᠦᠲᠦᠭᠡᠭᠳᠡᠬᠦᠨ ᠢ᠋ᠶ᠋ᠡᠷ ᠲᠥᠪ ᠪᠣᠯᠭᠠᠨ ᠦᠨᠡᠯᠡᠵᠦ᠂ ᠵᠢᠩᠬᠢᠨᠢ ᠦᠢᠯᠡᠴᠢᠯᠡᠭᠡ ᠭᠡᠬᠦ ᠤᠳᠬ᠎ᠠ ᠠ᠋ᠴᠠ ᠨᠢ ᠳᠤᠲᠠᠭᠤ ᠦᠨᠡᠯᠡᠳᠡᠭ ᠡᠴᠡ ᠦᠢᠯᠡᠴᠢᠯᠡᠭᠡᠨ ᠦ᠌ ᠥᠷᠲᠡᠭ ᠢ᠋ ᠳᠤᠣᠷᠡᠳᠤᠭᠤᠯᠳᠠᠭ᠃ ᠲᠡᠢᠮᠦ ᠡᠴᠡ ᠪᠢᠳᠡ ᠳᠡᠭᠡᠷ᠎ᠡ ᠶᠠᠷᠢᠭᠰᠠᠨ ᠭᠤᠷᠪᠠᠨ ᠵᠦᠢᠯ ᠦ᠋ᠨ ᠠᠷᠭ᠎ᠠ ᠪᠠᠷ ᠦᠢᠯᠡᠴᠢᠯᠡᠭᠡᠨ ᠦ᠌ ᠠᠵᠤ ᠦᠢᠯᠡᠰ ᠦ᠋ᠨ ᠦᠢᠯᠡᠴᠢᠯᠡᠭᠡᠨ ᠦ᠌ ᠦᠨ᠎ᠡ ᠥᠷᠲᠡᠭ ᠢ᠋ ᠬᠡᠷᠡᠭᠯᠡᠭᠴᠢ ᠳ᠋ᠦ᠍ ᠵᠥᠪ ᠮᠡᠳᠡᠷᠡᠭᠦᠯᠵᠦ᠂ ᠬᠦᠯᠢᠶᠡᠨ ᠠᠪᠤᠭᠤᠯᠵᠤ ᠴᠢᠳᠠᠪᠠᠯ ᠮᠠᠨ ᠤ᠋ ᠪᠣᠷᠣᠯᠠᠭᠤᠯᠤᠯᠲᠠ ᠶ᠋ᠢᠨ ᠵᠣᠷᠢᠯᠭ᠎ᠠ ᠪᠡᠶᠡᠯᠡᠭᠰᠡᠨ ᠳ᠋ᠦ᠍ ᠲᠣᠭᠠᠴᠢᠭᠳᠠᠨ᠎ᠠ᠃

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ