ᠠᠵᠤ ᠠᠬᠤᠢᠯᠠᠯ ᠳ᠋ᠤ᠌ ᠠᠰᠢᠭ ᠣᠷᠣᠯᠭ᠎ᠠ ᠡᠭᠦᠳᠬᠦ ᠭᠤᠷᠪᠠᠨ ᠲᠥᠷᠥᠯAj akhuilalt ashig orlogo üüdekh guravan törölАж ахуйлалт ашиг орлого үүдэх гураван төрөл-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠵᠤ ᠠᠬᠤᠢᠯᠠᠯ ᠳ᠋ᠤ᠌ ᠠᠰᠢᠭ ᠣᠷᠣᠯᠭ᠎ᠠ ᠡᠭᠦᠳᠬᠦ ᠭᠤᠷᠪᠠᠨ ᠲᠥᠷᠥᠯAj akhuilalt ashig orlogo üüdekh guravan törölАж ахуйлалт ашиг орлого үүдэх гураван төрөл-ᠬᠣᠨᠢᠴᠢᠨ ᠦᠯᠵᠡᠢᠰᠦ᠋ᠷᠥᠩ

ᠠᠵᠤ ᠠᠬᠤᠢᠯᠠᠯ ᠳ᠋ᠤ᠌ ᠠᠰᠢᠭ ᠣᠷᠣᠯᠭ᠎ᠠ ᠡᠭᠦᠳᠬᠦ ᠭᠤᠷᠪᠠᠨ ᠲᠥᠷᠥᠯAj akhuilalt ashig orlogo üüdekh guravan törölАж ахуйлалт ашиг орлого үүдэх гураван төрөл-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-15

266

    ᠨᠢᠭᠡ ᠠᠵᠤ ᠠᠬᠤᠢᠯᠠᠯ ᠳ᠋ᠤ᠌ ᠭᠤᠷᠪᠠᠨ ᠲᠥᠷᠥᠯ ᠦ᠋ᠨ ᠠᠵᠢᠯ ᠰᠢᠭᠤᠳ ᠠᠰᠢᠭ ᠣᠷᠣᠯᠭ᠎ᠠ ᠡᠭᠦᠳᠳᠡᠭ᠃ ᠡᠨᠡ ᠨᠢ ᠰᠤᠳᠤᠯᠤᠨ ᠪᠦᠲᠦᠭᠡᠵᠦ ᠰᠢᠨ᠎ᠡ ᠶ᠋ᠢ ᠡᠭᠦᠳᠬᠦ ᠂ ᠦᠢᠯᠡᠳᠪᠦᠷᠢᠯᠡᠬᠦ ᠪᠣᠯᠤᠨ ᠪᠣᠷᠣᠯᠠᠭᠤᠯᠤᠯᠲᠠ ᠭᠤᠷᠪᠠ ᠪᠣᠯᠤᠨ᠎ᠠ᠃ ᠬᠡᠷᠪᠡ ᠡᠨᠡ ᠭᠤᠷᠪᠠ ᠶ᠋ᠢᠨ ᠠᠯᠢ ᠨᠢᠭᠡ ᠨᠢ ᠵᠣᠭᠰᠤᠩᠭᠤᠶᠢᠷᠠᠬᠤ ᠳ᠋ᠤ᠌ ᠬᠦᠷᠪᠡᠯ ᠠᠵᠤ ᠠᠬᠤᠢᠯᠠᠯ ᠪᠣᠯᠤᠨ ᠺᠣᠮᠫᠠᠨᠢ ᠳ᠋ᠤ᠌ ᠰᠢᠭᠤᠳ ᠬᠣᠬᠢᠷᠠᠯ ᠠᠪᠴᠢᠷᠠᠵᠤ᠂ ᠴᠢᠨᠠᠭᠰᠢᠳᠠ ᠣᠷᠣᠰᠢᠨ ᠲᠣᠭᠲᠠᠨᠢᠬᠤ ᠶ᠋ᠢᠨ ᠠᠷᠭ᠎ᠠ ᠦᠭᠡᠢ ᠪᠣᠯᠭᠠᠳᠠᠭ᠃ 
    ᠬᠣᠷᠸ᠎ᠠ ᠲᠠᠯ᠎ᠠ ᠠ᠋ᠴᠠ ᠠᠪᠴᠤ ᠬᠡᠯᠡᠪᠡᠯ ᠺᠣᠮᠫᠠᠨᠢ ᠳ᠋ᠤ᠌ ᠰᠢᠭᠤᠳ ᠠᠰᠢᠭ ᠡᠭᠦᠳᠴᠦ ᠪᠠᠢᠭ᠎ᠠ ᠭᠤᠷᠪᠠᠨ ᠲᠥᠷᠥᠯ ᠦ᠋ᠨ ᠠᠵᠢᠯ ᠶᠠᠪᠤᠭᠳᠠᠳᠠᠭ ᠣᠷᠴᠢᠨ ᠢ᠋ ᠠᠵᠢᠯ ᠤ᠋ᠨ ᠣᠷᠴᠢᠨ (ᠲᠤᠬᠠᠢ ᠶ᠋ᠢᠨ ᠲᠠᠯᠠᠪᠤᠷ ) ᠭᠡᠨ᠎ᠡ᠃ ᠬᠠᠷᠢᠨ ᠬᠤᠮᠬᠢ ᠲᠠᠯ᠎ᠠ ᠠ᠋ᠴᠠ ᠠᠵᠢᠯ ᠤ᠋ᠨ ᠣᠷᠴᠢᠨ ᠭᠡᠳᠡᠭ ᠨᠢ ᠲᠠᠸᠠᠷ ᠦᠢᠯᠡᠳᠪᠦᠷᠢᠯᠡᠬᠦ ᠦᠢᠯᠡᠴᠢᠯᠡᠭᠡ ᠶᠠᠪᠤᠭᠳᠠᠬᠤ ᠲᠠᠯᠠᠪᠤᠷ ᠢ᠋ ᠬᠡᠯᠡᠨ᠎ᠡ᠃ 
ᠨᠢᠭᠡ ᠠᠵᠤ ᠠᠬᠤᠢᠯᠠᠯ ᠪᠤᠶᠤ ᠺᠣᠮᠫᠠᠨᠢ ᠳ᠋ᠤ᠌ ᠬᠠᠮᠢᠶᠠᠷᠤᠯᠲᠠ  ᠶ᠋ᠢᠨ ᠬᠡᠯᠲᠡᠰ ᠦ᠋ᠨ ᠬᠥᠮᠦᠰ ᠡᠮᠦᠨ᠎ᠡ ᠹᠷᠠᠨᠲ ᠲᠤ᠌ ᠠᠰᠢᠭ ᠡᠭᠦᠳᠴᠦ  ᠪᠠᠢᠭ᠎ᠠ ᠠᠵᠢᠯ ᠤ᠋ᠨ ᠣᠷᠴᠢᠨ ᠢ᠋ ᠬᠥᠩᠭᠡᠪᠴᠢᠯᠡᠨ ᠦᠵᠡᠵᠦ᠂ ᠭᠣᠣᠯ ᠬᠦᠴᠦ ᠪᠡᠨ ᠰᠠᠩᠬᠦᠦ᠂ ᠵᠠᠬ᠎ᠠ ᠳᠡᠯᠭᠡᠭᠦᠷ ᠦ᠋ᠨ ᠬᠡᠯᠲᠡᠰ᠂ ᠬᠥᠮᠥᠷᠭᠡ᠂ ᠮᠡᠷᠭᠡᠵᠢᠯ ᠵᠡᠷᠭᠡ ᠳ᠋ᠦ᠍ ᠲᠠᠯᠪᠢᠳᠠᠭ᠃ ᠬᠡᠷᠪᠡ ᠠᠵᠢᠯ ᠤ᠋ᠨ ᠣᠷᠴᠢᠨ ᠳ᠋ᠤ᠌ ᠭᠦᠨᠵᠡᠭᠡᠢᠷᠡᠨ᠂ ᠠᠵᠢᠯ ᠤ᠋ᠨ ᠣᠷᠴᠢᠨ ᠤ᠋ ᠠᠰᠠᠭᠤᠳᠠᠯ ᠢ᠋ ᠲᠦᠷᠭᠡᠨ ᠮᠥᠷᠲᠡᠭᠡᠨ ᠣᠨᠣᠪᠴᠢᠲᠠᠢ ᠰᠢᠢᠳᠪᠦᠷᠢᠯᠡᠵᠦ ᠴᠢᠳᠠᠬᠤ ᠳ᠋ᠤ᠌ ᠬᠦᠷᠪᠡᠯ ᠡᠨᠡ ᠺᠣᠮᠫᠠᠨᠢ᠂ ᠡᠨᠡ ᠠᠵᠤ ᠠᠬᠤᠢᠯᠠᠯ ᠨᠢ ᠲᠦᠷᠭᠡᠨ ᠢ᠋ᠶ᠋ᠡᠷ ᠬᠥᠭᠵᠢᠨ ᠪᠤᠵᠠᠭᠠᠢᠷᠠᠵᠤ ᠠᠮᠵᠢᠯᠲᠠ ᠳ᠋ᠤ᠌ ᠬᠦᠷᠬᠦ ᠪᠣᠯᠤᠨ᠎ᠠ᠃
ᠠᠵᠢᠯ ᠤ᠋ᠨ ᠣᠷᠴᠢᠨ ᠳ᠋ᠤ᠌ ᠪᠢᠳᠡ ᠵᠠᠪᠠᠯ ᠵᠣᠴᠢᠳ ᠤ᠋ᠨ ᠰᠠᠨᠠᠯ ᠰᠢᠭᠦᠮᠵᠢ ᠂ ᠠᠪᠬᠤ ᠭᠡᠵᠦ ᠪᠠᠢᠭ᠎ᠠ ᠥᠷᠲᠡᠭ ᠵᠡᠷᠭᠡ ᠶ᠋ᠢ ᠰᠤᠳᠤᠯᠵᠤ᠂ ᠲᠠᠸᠠᠷ ᠪᠣᠯᠤᠨ ᠦᠢᠯᠡᠴᠢᠯᠡᠭᠡ ᠳ᠋ᠦ᠍ ᠪᠡᠨ ᠰᠢᠩᠭᠡᠵᠦ ᠴᠢᠳᠠᠭᠰᠠᠨ ᠪᠠᠢᠬᠤ ᠬᠡᠷᠡᠭᠲᠡᠢ᠃ ᠵᠢᠷᠤᠭ ᠲᠤ᠌ ᠠᠵᠢᠯ ᠤ᠋ᠨ ᠣᠷᠴᠢᠨ ᠵᠣᠬᠢᠶᠠᠨ ᠪᠠᠢᠭᠤᠯᠤᠯᠲᠠ ᠶ᠋ᠢᠨ ᠣᠷᠣᠢ ᠶ᠋ᠢᠨ ᠬᠡᠰᠡᠭ ᠲᠦ᠍ ᠪᠠᠢᠷᠢᠰᠢᠵᠤ ᠪᠠᠢᠭ᠎ᠠ ᠬᠠᠮᠢᠶᠠᠷᠤᠯᠲᠠ ᠶ᠋ᠢᠨ ᠬᠡᠯᠲᠡᠰ᠂ ᠮᠡᠷᠭᠡᠵᠢᠯ᠂ ᠰᠠᠩᠬᠦᠦ ᠨᠢ ᠠᠵᠢᠯ ᠤ᠋ᠳ ᠣᠷᠴᠢᠨ ᠳ᠋ᠤ᠌ ᠦᠢᠯᠡᠴᠢᠯᠡᠵᠦ᠂ ᠠᠰᠠᠭᠤᠳᠠᠯ ᠢ᠋ ᠬᠠᠮᠵᠢᠨ ᠰᠢᠢᠳᠪᠦᠷᠢᠯᠡᠵᠦ᠂ ᠳᠡᠮᠵᠢᠯᠭᠡ ᠦᠵᠡᠭᠦᠯᠬᠦ ᠶ᠋ᠢᠨ ᠲᠥᠯᠥᠭᠡ ᠣᠷᠣᠰᠢᠵᠤ ᠪᠠᠢᠳᠠᠭ᠃ ᠡᠢᠮᠦ ᠡᠴᠡ ᠠᠵᠢᠯ ᠤ᠋ᠨ ᠣᠷᠴᠢᠨ ᠪᠣᠯ ᠬᠠᠯᠠᠨ ᠰᠠᠢᠵᠢᠷᠠᠭᠤᠯᠬᠤ ᠶᠠᠪᠤᠴᠠ ᠶᠠᠪᠤᠭᠳᠠᠬᠤ ᠣᠷᠴᠢᠨ ᠢ᠋ᠶ᠋ᠠᠷ ᠪᠠᠷᠠᠬᠤ ᠦᠭᠡᠢ᠂ ᠮᠥᠨ ᠴᠦ᠍ ᠪᠦᠬᠦ ᠮᠡᠳᠡᠭᠡ ᠵᠠᠩᠭᠢ ᠶ᠋ᠢᠨ ᠡᠬᠢ ᠰᠤᠷᠪᠤᠯᠵᠢ ᠪᠣᠯᠤᠨ᠎ᠠ᠃ ᠠᠵᠢᠯ ᠤ᠋ᠨ ᠣᠷᠴᠢᠨ ᠳ᠋ᠤ᠌ ᠡᠭᠦᠰᠴᠦ ᠪᠠᠢᠭ᠎ᠠ ᠶᠡᠬᠡ ᠪᠠᠭ᠎ᠠ ᠠᠰᠠᠭᠤᠳᠠᠯ ᠤ᠋ᠳ ᠢ᠋ ᠰᠢᠢᠳᠪᠦᠷᠢᠯᠡᠬᠦ ᠶ᠋ᠢᠨ ᠲᠥᠯᠥᠭᠡ ᠬᠠᠮᠢᠶᠠᠷᠤᠯᠲᠠ ᠨᠢ ᠵᠠᠪᠠᠯ ᠠᠬᠤᠢ ᠲᠠᠯᠠᠪᠠᠢ ᠶ᠋ᠢ ᠨᠠᠷᠢᠨ ᠪᠣᠳᠠᠲᠠᠢ ᠪᠠᠷ ᠣᠢᠯᠭᠠᠭᠰᠠᠨ ᠪᠠᠢᠬᠤ ᠬᠡᠷᠡᠭᠲᠡᠢ᠃ ᠠᠯᠢᠪᠠ ᠰᠢᠢᠳᠪᠦᠷᠢ ᠡᠭᠦᠨ ᠦ᠌ ᠲᠣᠭᠣᠷᠢᠨ ᠳ᠋ᠤ᠌ ᠪᠠᠢᠵᠤ᠂ ᠬᠡᠷᠪᠡ ᠵᠠᠢᠳᠠᠪᠠᠯ ᠠᠵᠢᠯ ᠤ᠋ᠨ ᠶᠠᠪᠤᠴᠠ ᠳ᠋ᠤ᠌ ᠠᠯᠳᠠᠭᠳᠠᠯ ᠭᠠᠷᠬᠤ ᠨᠣᠷᠮ᠎ᠠ ᠥᠨᠳᠥᠷ ᠪᠣᠯᠬᠤ ᠨᠢ ᠮᠡᠳᠡᠭᠡᠵᠢ ᠃ 
ᠠᠵᠢᠯ ᠤ᠋ᠨ ᠣᠷᠴᠢᠨ ᠤ᠋ ᠬᠠᠮᠢᠶᠠᠷᠤᠯᠲᠠ ᠵᠠᠪᠠᠯ QCD ᠪᠣᠯᠬᠤ ᠴᠢᠨᠠᠷ ᠂ ᠥᠪᠡᠷ ᠦ᠋ᠨ ᠥᠷᠲᠡᠭ ᠂ ᠲᠠᠸᠠᠷ ᠤ᠋ᠨ ᠭᠦᠢᠯᠭᠡᠭᠡᠨ ᠳ᠋ᠦ᠍ ᠬᠦᠷᠲᠡᠯᠡᠬᠢ ᠴᠠᠭ ᠭᠤᠷᠪᠠ ᠳ᠋ᠤ᠌ ᠬᠠᠷᠢᠭᠤᠴᠠᠬᠤ ᠬᠡᠷᠡᠭᠲᠡᠢ᠃ QCD ᠳᠡᠭᠡᠨ ᠵᠣᠷᠢᠯᠭ᠎ᠠ ᠲᠣᠭᠲᠠᠭᠠᠵᠤ ᠪᠠᠷᠢᠮᠵᠢᠶᠠᠯᠠᠭᠰᠠᠨ ᠪᠠᠢᠬᠤ ᠬᠡᠷᠡᠭᠲᠡᠢ᠃ ᠪᠠᠷᠢᠮᠵᠢᠶᠠᠯᠠᠬᠤ ᠨᠢ ᠠᠯᠳᠠᠭ᠎ᠠ ᠭᠠᠷᠬᠤ ᠶ᠋ᠢ ᠰᠡᠷᠭᠡᠢᠯᠡᠵᠦ᠂ ᠠᠯᠳᠠᠭ᠎ᠠ ᠪᠠᠨ ᠵᠠᠰᠠᠬᠤ᠂ ᠬᠠᠯᠠᠨ ᠰᠠᠢᠵᠢᠷᠠᠭᠤᠯᠬᠤ  ᠳ᠋ᠤ᠌ ᠰᠠᠭᠤᠷᠢ ᠪᠣᠯᠳᠠᠭ ᠃ ᠬᠡᠷᠪᠡ ᠬᠠᠯᠠᠨ ᠰᠠᠢᠵᠢᠷᠠᠭᠤᠯᠬᠤ ᠶ᠋ᠢ ᠵᠥᠪ ᠣᠨᠣᠪᠴᠢᠲᠠᠢ ᠪᠠᠷ ᠬᠡᠷᠡᠭᠯᠡᠵᠦ ᠴᠢᠳᠠᠪᠠᠯ ᠳᠣᠣᠷ᠎ᠠ ᠥᠷᠲᠡᠭ ᠢ᠋ᠶ᠋ᠡᠷ ᠵᠣᠴᠢᠳ ᠤ᠋ᠨ ᠠᠪᠬᠤ ᠭᠡᠵᠦ ᠬᠦᠰᠡᠵᠦ ᠪᠠᠢᠭ᠎ᠠ ᠵᠦᠢᠯ ᠢ᠋ ᠪᠡᠶᠡᠯᠡᠭᠦᠯᠵᠦ ᠳᠡᠢᠯᠦᠨ᠎ᠡ᠃ ᠬᠠᠯᠠᠨ ᠰᠠᠢᠵᠢᠷᠠᠭᠤᠯᠬᠤ ᠶᠠᠪᠤᠴᠠ ᠪᠠᠷᠢᠮᠵᠢᠶᠠᠯᠠᠭᠰᠠᠨ ᠰᠠᠭᠤᠷᠢ ᠳᠡᠭᠡᠷ᠎ᠡ ᠶᠠᠪᠤᠭᠳᠠᠳᠠᠭ᠃ 
ᠠᠵᠢᠯ ᠤ᠋ᠨ ᠣᠷᠴᠢᠨ ᠢ᠋ ᠬᠠᠯᠠᠨ ᠰᠠᠢᠵᠢᠷᠠᠭᠤᠯᠬᠤ ᠶᠠᠪᠤᠴᠠ  ᠳ᠋ᠤ᠌ ᠭᠤᠷᠪᠠᠨ ᠶᠡᠬᠡ ᠲᠤᠯᠭᠠᠭᠤᠷᠢ ᠪᠣᠯᠳᠠᠭ ᠵᠦᠢᠯ ᠪᠣᠯ ᠪᠠᠷᠢᠮᠵᠢᠶᠠᠯᠠᠭᠰᠠᠨ ᠰᠢᠰᠲ᠋ᠧᠮ 5s ᠪᠠ ᠰᠦᠢᠳᠦᠯ ᠢ᠋ ᠦᠭᠡᠢᠰᠬᠡᠬᠦ ᠃ ᠡᠨᠡ ᠭᠤᠷᠪᠠ ᠨᠢ QCD  ᠶ᠋ᠢᠨ ᠵᠣᠷᠢᠯᠭ᠎ᠠ ᠳ᠋ᠤ᠌ ᠪᠠᠨ ᠬᠦᠷᠬᠦ ᠳ᠋ᠦ᠍ ᠦᠢᠯᠡᠴᠢᠯᠡᠨ᠎ᠡ᠃ ᠬᠠᠷᠢᠨ 5s ᠪᠣᠯ ᠬᠠᠯᠠᠨ ᠰᠠᠢᠵᠢᠷᠠᠭᠤᠯᠬᠤ ᠳ᠋ᠤ᠌ ᠶᠠᠪᠤᠭᠳᠠᠬᠤ ᠨᠢᠭᠡᠳᠦᠭᠡᠷ ᠠᠯᠬᠤᠮ ᠪᠣᠯᠤᠨ᠎ᠠ᠃ 
ᠠᠵᠤ ᠠᠬᠤᠢᠯᠠᠯ ᠂ ᠺᠣᠮᠫᠠᠨᠢ ᠳ᠋ᠤ᠌ 5s ᠪᠣᠯ ᠳᠤᠲᠠᠭᠳᠠᠵᠤ ᠪᠣᠯᠣᠰᠢ ᠦᠭᠡᠢ ᠪᠠᠷᠢᠮᠲᠠᠯᠠᠵᠤ ᠶᠠᠪᠤᠭᠳᠠᠭᠤᠯᠳᠠᠭ ᠠᠵᠢᠯᠯᠠᠭ᠎ᠠ ᠪᠣᠯᠤᠨ᠎ᠠ᠃ ᠬᠡᠷᠪᠡ 5s ᠶᠠᠪᠤᠭᠳᠠᠵᠤ ᠪᠠᠢᠭ᠎ᠠ ᠦᠭᠡᠢ ᠪᠣᠯ ᠠᠵᠢᠯ ᠤ᠋ᠨ ᠶᠠᠪᠤᠴᠠ ᠳ᠋ᠤ᠌ ᠦᠷ᠎ᠡ ᠠᠰᠢᠭ ᠳᠣᠣᠷ᠎ᠠ ᠂ ᠪᠦᠷᠢᠯᠭᠡᠨ ᠰᠣᠶᠢᠡᠠᠯ ᠶᠡᠬᠡ ᠂ ᠳᠠᠳᠬᠠᠯ ᠪᠣᠯᠭᠠᠬᠠᠰᠠᠨ ᠵᠦᠢᠯ ᠪᠠᠭ᠎ᠠ ᠂ ᠴᠢᠨᠠᠷ ᠴᠢᠨᠰᠠᠭ᠎ᠠ ᠳᠣᠣᠷ᠎ᠠ ᠵᠡᠷᠭᠡ ᠠᠰᠠᠭᠤᠳᠠᠯ ᠭᠠᠷᠳᠠᠭ᠃ 
ᠵᠠᠷᠢᠮ ᠬᠥᠮᠦᠨ ᠨᠢᠭᠡ ᠺᠣᠮᠫᠠᠨᠢ ᠲᠠᠢ ᠬᠠᠮᠲᠤᠷᠠᠵᠤ ᠬᠣᠷᠰᠢᠨ ᠠᠵᠢᠯᠯᠠᠬᠤ ᠶ᠋ᠢ ᠭᠤᠷᠪᠠᠨ ᠵᠦᠢᠯ ᠢ᠋ᠶ᠋ᠡᠷ ᠰᠢᠯᠭᠠᠵᠤ ᠰᠣᠩᠭᠣᠯᠲᠠ ᠪᠠᠨ ᠬᠢᠳᠡᠭ᠃ ᠶᠠᠮᠠᠷ ᠴᠤ᠌ ᠰᠠᠢᠬᠠᠨ PPT ᠬᠢᠵᠦ᠂ ᠶᠠᠮᠠᠷ ᠴᠤ᠌ ᠰᠠᠢᠬᠠᠨ ᠲᠥᠰᠥᠪ ᠲᠥᠯᠥᠪᠯᠡᠭᠡ ᠶᠠᠷᠢᠯ᠎ᠠ ᠴᠤ᠌ ᠦᠢᠯᠡᠳᠪᠦᠷᠢ ᠶ᠋ᠢᠨ ᠲᠠᠰᠤᠭ ᠂ ᠵᠣᠷᠯᠣᠩ᠂ ᠰᠠᠮᠪᠠᠷ᠎ᠠ ᠵᠡᠷᠭᠡ ᠶ᠋ᠢ ᠨᠢ ᠦᠵᠡᠨ᠂ ᠳᠠᠷᠠᠭ᠎ᠠ ᠠᠯᠬᠤᠮ ᠳ᠋ᠤ᠌ ᠬᠤᠷᠰᠢᠬᠤ ᠡᠰᠡᠬᠦ ᠪᠡᠨ ᠲᠣᠭᠲᠠᠭᠠᠳᠠᠭ ᠃ ᠦᠢᠯᠡᠳᠪᠦᠷᠢ ᠳ᠋ᠦ᠍ ᠂ ᠪᠠᠷᠢᠮᠵᠢᠶᠠᠯᠠᠭᠰᠠᠨ ᠶᠠᠪᠤᠴᠠ ᠪᠦᠷᠢᠯᠭᠡᠨ ᠰᠦᠢᠳᠬᠡᠬᠦ ᠶ᠋ᠢ ᠬᠣᠷᠢᠭᠯᠠᠬᠤ ᠶᠠᠪᠤᠴᠠ ᠶᠠᠪᠤᠭᠳᠠᠵᠤ ᠪᠠᠢᠬᠤ ᠡᠰᠡᠬᠦ ᠨᠢ ᠵᠣᠷᠯᠣᠩ ᠨᠢ ᠴᠡᠪᠡᠷᠬᠡᠨ ᠡᠰᠡᠬᠦ᠂ ᠰᠠᠮᠪᠠᠷ᠎ᠠ ᠪᠠᠨ ᠰᠠᠢᠨ ᠠᠰᠢᠭᠯᠠᠵᠤ ᠪᠠᠢᠬᠤ ᠡᠰᠡᠬᠦ ᠡᠴᠡ ᠦᠵᠡᠨ᠂ ᠡᠨᠡ ᠺᠣᠮᠫᠠᠨᠢ ᠲᠠᠢ ᠴᠢᠨᠠᠭᠰᠢᠳᠠ ᠨᠠᠷᠢᠨ ᠵᠦᠢᠯ ᠢ᠋ ᠶᠠᠷᠢᠵᠤ ᠲᠣᠭᠲᠠᠬᠤ ᠡᠰᠡᠬᠦ ᠪᠡᠨ ᠲᠣᠭᠲᠠᠳᠠᠭ᠃ ᠦᠢᠯᠡᠳᠪᠦᠷᠢ ᠶ᠋ᠢᠨ ᠰᠢᠰᠲ᠋ᠧᠮ᠂ ᠵᠣᠷᠯᠣᠩ ᠤ᠋ᠨ ᠴᠡᠪᠡᠷᠯᠡᠭᠡ ᠡᠴᠡ ᠡᠨᠡ ᠺᠣᠮᠫᠠᠨᠢ ᠶ᠋ᠢᠨ ᠢᠷᠡᠭᠡᠳᠦᠢ ᠶ᠋ᠢ ᠮᠠᠭᠠᠳᠯᠠᠵᠤ᠂ ᠰᠠᠮᠪᠠᠷ᠎ᠠ ᠨᠢ ᠴᠡᠪᠡᠷᠬᠡᠨ ᠪᠠᠢᠪᠠᠯ ᠡᠨᠡ ᠺᠣᠮᠫᠠᠨᠢ ᠨᠢ ᠥᠪᠡᠷ ᠦ᠋ᠨ ᠠᠵᠢᠯ ᠢ᠋ᠶ᠋ᠠᠨ ᠭᠦᠨᠵᠡᠭᠡᠢ ᠶᠠᠷᠢᠯᠴᠠᠵᠤ ᠰᠤᠳᠤᠯᠵᠤ ᠪᠠᠢᠬᠤ ᠦᠭᠡᠢ ᠶ᠋ᠢᠨ ᠲᠡᠮᠳᠡᠭ ᠭᠡᠮᠡᠨ ᠦᠵᠡᠳᠡᠭ᠃ 
5s ᠶ᠋ᠢ ᠶᠠᠪᠤᠭᠳᠠᠭᠤᠯᠬᠤ ᠳ᠋ᠤ᠌ ᠬᠣᠶᠠᠷ ᠠᠰᠠᠭᠤᠯᠲᠠ ᠶ᠋ᠢᠨ ᠲᠣᠭᠣᠷᠢᠨ ᠳ᠋ᠤ᠌ ᠶᠠᠪᠤᠭᠳᠠᠨ᠎ᠠ᠃ 
1 ᠂ ᠠᠵᠢᠯ ᠤ᠋ᠨ ᠣᠷᠴᠢᠨ ᠳ᠋ᠤ᠌ ᠪᠠᠢᠬᠤ ᠵᠦᠢᠯ ᠪᠦᠬᠦᠨ ᠮᠠᠨ ᠳ᠋ᠤ᠌ ᠬᠡᠷᠡᠭᠲᠡᠢ ᠡᠰᠡᠬᠦ᠃ 
2 ᠂ ᠠᠵᠢᠯ ᠤ᠋ᠨ ᠣᠷᠴᠢᠨ ᠳ᠋ᠤ᠌ ᠮᠠᠨ ᠳ᠋ᠤ᠌ ᠬᠡᠷᠡᠭᠲᠡᠢ ᠵᠦᠢᠯ ᠪᠦᠬᠦᠨ ᠢ᠋ᠶ᠋ᠡᠷ ᠢ᠋ᠶ᠋ᠡᠨ ᠪᠠᠢᠬᠤ ᠡᠰᠡᠬᠦ᠃
ᠬᠡᠷᠪᠡ ᠡᠨᠡ ᠬᠣᠶᠠᠷ ᠤ᠋ᠨ ᠠᠯᠢ ᠨᠢᠭᠡ ᠠᠰᠠᠭᠤᠯᠲᠠ ᠳ᠋ᠤ᠌ ᠨᠢ ᠦᠭᠡᠢᠰᠬᠡᠬᠦ ᠬᠠᠷᠢᠭᠤᠯᠲᠠ ᠪᠠᠢᠪᠠᠯ ᠪᠢᠳᠡ ᠵᠠᠪᠠᠯ ᠬᠠᠯᠠᠨ ᠰᠠᠢᠵᠢᠷᠠᠭᠤᠯᠬᠤ ᠬᠡᠷᠡᠭᠲᠡᠢ᠃ 
5s ᠦ᠋ᠨ ᠲᠠᠪᠤᠨ ᠠᠯᠬᠤᠮ ᠪᠣᠯ ᠳᠠᠷᠤᠢ 
ᠨᠢᠭᠡ ᠨᠢ ᠲᠢᠭᠯᠡᠬᠦ᠃ ᠳᠠᠷᠤᠢ ᠢᠯᠭᠠᠵᠤ ᠲᠠᠯᠪᠢᠬᠤ᠃ ᠠᠵᠢᠯ  ᠤ᠋ᠨ ᠣᠷᠴᠢᠨ ᠳ᠋ᠤ᠌ ᠬᠡᠷᠡᠭᠲᠡᠢ ᠵᠦᠢᠯ᠂ ᠬᠡᠷᠡᠭ ᠦᠭᠡᠢ ᠵᠦᠢᠯ ᠢ᠋ ᠢᠯᠭᠠᠨ ᠰᠠᠯᠭᠠᠵᠤ ᠂ ᠬᠡᠷᠡᠭ ᠦᠭᠡᠢ ᠵᠦᠢᠯ ᠢ᠋ ᠬᠠᠶᠠᠵᠤ ᠤᠰᠠᠳᠬᠠᠬᠤ᠃ 
ᠬᠣᠶᠠᠷ ᠨᠢ ᠴᠡᠭᠴᠡᠯᠡᠬᠦ᠃ ᠳᠢᠭᠯᠡᠭᠡᠳ ᠬᠡᠷᠡᠭᠲᠡᠢ ᠭᠡᠮᠡᠨ ᠦᠯᠡᠳᠡᠭᠰᠡᠨ ᠵᠦᠢᠯ ᠢ᠋ᠶ᠋ᠡᠨ ᠥᠪᠡᠷ ᠦ᠋ᠨ ᠠᠵᠢᠯᠯᠠᠬᠤ ᠶᠠᠪᠤᠴᠠ ᠳ᠋ᠤ᠌ ᠬᠠᠮᠤᠭ ᠦᠷ᠎ᠡ ᠠᠰᠢᠭ ᠲᠠᠢ ᠭᠠᠵᠠᠷ ᠲᠤ᠌ ᠨᠢ ᠡᠮᠬᠢ ᠳᠠᠷᠠᠭ᠎ᠠ ᠲᠠᠢ ᠪᠠᠢᠷᠢᠯᠠᠭᠤᠯᠵᠤ ᠲᠠᠯᠪᠢᠬᠤ᠃ 
ᠭᠤᠷᠪᠠ ᠨᠢ ᠠᠷᠴᠢᠵᠤ ᠴᠡᠪᠡᠷᠯᠡᠬᠦ᠃ ᠲᠢᠭᠯᠡᠵᠦ ᠲᠠᠯᠪᠢᠭᠰᠠᠨ ᠲᠣᠨᠣᠭ ᠲᠥᠬᠥᠭᠡᠷᠡᠮᠵᠢ ᠪᠡᠨ ᠠᠷᠴᠢᠵᠤ ᠴᠡᠪᠡᠷᠯᠡᠵᠦ ᠂ ᠣᠷᠴᠢᠨ ᠲᠣᠭᠣᠷᠢᠨ ᠢ᠋ ᠪᠡᠨ ᠴᠡᠪᠡᠷ ᠪᠣᠯᠭᠠᠬᠤ᠃ 
ᠳᠥᠷᠪᠡ ᠨᠢ ᠰᠢᠰᠲ᠋ᠧᠮ ᠪᠣᠯᠭᠠᠭᠠᠬᠤ᠃ ᠠᠵᠢᠯᠴᠢᠳ ᠳᠡᠭᠡᠷᠡᠬᠢ ᠭᠤᠷᠪᠠᠨ ᠶᠠᠪᠤᠴᠠ ᠶ᠋ᠢ ᠬᠤᠪᠢ ᠪᠡᠶ᠎ᠡ ᠡᠴᠡ ᠪᠡᠨ ᠡᠬᠢᠯᠡᠨ ᠬᠡᠷᠡᠭᠵᠢᠭᠦᠯᠵᠦ ᠨᠢᠭᠡ ᠰᠢᠰᠲ᠋ᠧᠮ ᠪᠣᠯᠭᠠᠨ ᠶᠠᠪᠤᠭᠳᠠᠭᠤᠯᠬᠤ᠃ 
ᠲᠠᠪᠤ ᠨᠢ ᠳᠠᠳᠬᠠᠯ ᠪᠣᠯᠭᠠᠭᠠᠬᠤ᠃ ᠲᠣᠭᠲᠠᠭᠰᠠᠨ ᠵᠦᠢᠯ ᠢ᠋ᠶ᠋ᠡᠨ ᠪᠠᠷᠢᠮᠵᠢᠶᠠᠯᠠᠵᠤ ᠰᠢᠰᠲ᠋ᠧᠮ ᠪᠣᠯᠭᠠᠨ ᠶᠠᠪᠤᠭᠳᠠᠭᠤᠯᠵᠤ᠂ ᠬᠥᠮᠦᠨ ᠪᠦᠬᠦᠨ ᠳᠠᠳᠬᠠᠯ ᠪᠣᠯᠭᠠᠬᠤ ᠃ 5s ᠢ᠋ ᠥᠪᠡᠷ ᠥᠪᠡᠷ ᠦ᠋ᠨ ᠪᠠᠢᠳᠠᠯ ᠳ᠋ᠤ᠌ ᠪᠠᠨ ᠲᠣᠬᠢᠷᠠᠭᠤᠯᠵᠤ ᠲᠠᠢᠯᠪᠤᠷᠢᠯᠠᠭᠰᠠᠨ ᠵᠦᠢᠯ ᠣᠯᠠᠨ ᠪᠠᠢᠳᠠᠭ᠃
    ᠢᠯᠭᠠᠬᠤ ᠶᠠᠪᠤᠴᠠ ᠳ᠋ᠠᠭᠠᠨ ᠨᠢᠭᠡ ᠭᠠᠷᠠᠭ ᠤ᠋ᠨ ᠳᠣᠲᠣᠷ᠎ᠠ ᠬᠡᠷᠡᠭᠯᠡᠬᠦ ᠦᠭᠡᠢ ᠵᠦᠢᠯ ᠢ᠋ ᠪᠦᠬᠦᠨ ᠢ᠋ ᠢᠯᠭᠠᠵᠤ ᠭᠠᠷᠭᠠᠨ᠎ᠠ᠃ ᠡᠨᠡ ᠶᠠᠪᠤᠴᠠ ᠳ᠋ᠤ᠌ ᠪᠢᠳᠡᠨ ᠳ᠋ᠦ᠍ ᠬᠡᠷᠡᠭ ᠦᠭᠡᠢ ᠵᠦᠢᠯᠡᠰ ᠮᠠᠰᠢ ᠠᠷᠪᠢᠨ ᠪᠠᠢᠬᠤ ᠶ᠋ᠢ ᠣᠯᠵᠤ ᠮᠡᠳᠡᠳᠡᠭ ᠃ 
ᠡᠮᠬᠢ ᠲᠡᠭ ᠲᠡᠢ ᠲᠠᠯᠪᠢᠵᠤ ᠴᠡᠭᠴᠡᠯᠡᠬᠦ ᠳ᠋ᠡᠭᠡᠨ ᠥᠪᠡᠷ ᠦ᠋ᠨ ᠠᠵᠢᠯᠯᠠᠬᠤ ᠳ᠋ᠤ᠌ ᠬᠠᠮᠤᠭ ᠤ᠋ᠨ ᠦᠷ᠎ᠡ ᠠᠰᠢᠭ ᠲᠠᠢ ᠡᠭᠦᠳᠡᠨ ᠡᠴᠡ ᠪᠣᠳᠣᠯᠬᠢᠯᠠᠵᠤ᠂ ᠬᠠᠮᠤᠭ ᠪᠠᠭ᠎ᠠ ᠴᠠᠭ᠂ ᠬᠠᠮᠤᠭ ᠠᠶᠤᠯ ᠦᠭᠡᠢ ᠪᠡᠷ ᠬᠠᠮᠤᠭ ᠬᠢᠯᠪᠠᠷ᠂ ᠪᠤᠰᠤᠳ ᠵᠦᠢᠯ ᠢ᠋ ᠬᠠᠷᠰᠢᠯᠳᠤᠬᠤ ᠦᠭᠡᠢ ᠡᠭᠦᠳᠡᠨ  ᠡᠴᠡ ᠪᠣᠳᠣᠯᠬᠢᠯᠠᠵᠤ ᠪᠦᠬᠦ ᠵᠦᠢᠯ ᠢ᠋ ᠣᠷᠣ ᠣᠷᠣᠨ ᠢ᠋ ᠨᠢ ᠣᠯᠵᠤ ᠲᠠᠯᠪᠢᠨ᠎ᠠ᠃
ᠴᠡᠭᠴᠡᠯᠡᠭᠰᠡᠨ ᠦ᠌ ᠰᠡᠭᠦᠯᠡᠷ ᠬᠡᠷᠴᠢᠵᠦ ᠴᠡᠪᠡᠷᠯᠡᠬᠦ ᠡᠨᠡ ᠶᠠᠪᠤᠴᠠ ᠳ᠋ᠤ᠌ ᠠᠶᠤᠯ ᠲᠠᠢ ᠵᠦᠢᠯ ᠢ᠋ ᠣᠯᠵᠤ ᠬᠠᠷᠠᠨ᠂ ᠲᠤᠬᠠᠢ ᠶ᠋ᠢᠨ ᠦᠶ᠎ᠡ ᠳ᠋ᠦ᠍ ᠨᠢ ᠰᠢᠢᠳᠪᠦᠷᠢᠯᠡᠨ ᠠᠶᠤᠯ ᠠ᠋ᠴᠠ ᠤᠷᠢᠳᠴᠢᠯᠠᠨ ᠰᠡᠷᠭᠡᠢᠯᠡᠵᠦ ᠴᠢᠳᠠᠳᠠᠭ᠃ 
ᠳᠡᠭᠡᠷᠡᠬᠢ ᠭᠤᠷᠪᠠ ᠵᠦᠢᠯ ᠢ᠋ ᠪᠡᠶᠡᠯᠡᠭᠦᠯᠬᠦ ᠳ᠋ᠦ᠍ ᠪᠣᠳᠠᠲᠠᠢ ᠬᠢᠬᠦ ᠵᠦᠢᠯ ᠢ᠋ ᠰᠢᠰᠲ᠋ᠧᠮ ᠪᠣᠯᠭᠠᠨ ᠨᠠᠷᠢᠨ ᠲᠣᠭᠲᠠᠵᠤ᠂ ᠠᠵᠢᠯᠴᠢᠨ ᠪᠦᠬᠦᠨ ᠵᠤᠷᠰᠢᠯ ᠪᠣᠯᠭᠠᠨ ᠵᠢᠷᠤᠮᠯᠠᠬᠤ ᠬᠡᠷᠡᠭᠲᠡᠢ᠃ ᠡᠨᠡᠬᠦ ᠪᠠᠷᠢᠮᠲᠠᠯᠠᠬᠤ ᠶᠣᠰᠣᠲᠠᠢ ᠰᠢᠰᠲ᠋ᠧᠮ ᠢ᠋ᠶ᠋ᠡᠨ ᠭᠤᠷᠪᠠ ᠪᠤᠶᠤ ᠭᠤᠷᠪᠠ ᠠ᠋ᠴᠠ ᠳᠡᠭᠡᠭᠰᠢ ᠰᠠᠷ᠎ᠠ ᠪᠠᠷᠢᠮᠲᠠᠯᠠᠪᠠᠯ ᠂ ᠪᠦᠬᠦ ᠵᠦᠢᠯ ᠡᠳᠦᠷ ᠳᠣᠳᠣᠮ ᠤ᠋ᠨ ᠳᠠᠳᠬᠠᠯ ᠂ ᠵᠤᠷᠰᠢᠭᠰᠠᠨ ᠵᠦᠢᠯ ᠪᠣᠯᠤᠨ ᠬᠤᠪᠢᠷᠠᠵᠤ ᠂ ᠬᠥᠮᠦᠨ ᠪᠦᠬᠦᠨ ᠳ᠋ᠦ᠍ ᠠᠵᠢᠯ ᠤ᠋ᠨ ᠰᠠᠢᠨ ᠰᠠᠢᠬᠠᠨ ᠳᠠᠳᠬᠠᠯ ᠰᠢᠩᠭᠡᠵᠦ ᠴᠢᠳᠠᠬᠤ ᠪᠣᠯᠤᠨ᠎ᠠ ᠃  

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ