ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ3(1) Шинэлам – 2-р бүлэг᠂Өлзийжаргал– гялалзсан нэг нас 3(1) ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ3(1) Шинэлам – 2-р бүлэг᠂Өлзийжаргал– гялалзсан нэг нас 3(1)

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ3(1) Шинэлам – 2-р бүлэг᠂Өлзийжаргал– гялалзсан нэг нас 3(1)

ᠠᠩᠭᠢᠯᠠᠯ:ᠲᠡᠦᠬᠡ ᠰᠣᠶᠣᠯ
2025-09-15

241

 ᠭᠤᠷᠪᠠ᠂ ᠦᠯᠵᠡᠢᠵᠢᠷᠭᠠᠯ — ᠰᠢᠨᠡᠯᠡᠮ᠎ᠡ  

 (ᠨᠢᠭᠡ) ᠂《ᠣᠯᠠᠨ ᠤ᠋ ᠵᠥᠪᠯᠡᠯ》 ᠢ᠋ ᠪᠠᠢᠭᠤᠯᠤᠭᠰᠠᠨ

   
       ᠴᠠᠭᠠᠭᠴᠢᠨ ᠭᠠᠬᠠᠢ ᠵᠢᠯ  ᠳᠠᠷᠤᠢ1911 ᠣᠨ ᠤ᠋ ᠵᠤᠨ ᠦᠯᠵᠡᠢᠵᠢᠷᠭᠠᠯ— ᠰᠢᠨᠡᠯᠡᠮ᠎ᠡ ᠠᠷᠪᠠᠨ ᠨᠢᠭᠡᠨ ᠳᠤᠭᠤᠢᠯᠠᠩ ᠤ᠋ᠨ ᠳᠣᠲᠣᠷ᠎ᠠ ᠠ᠋ᠴᠠ ᠢᠳᠡᠪᠬᠢᠲᠡᠨ ᠲᠥᠯᠥᠭᠡᠯᠡᠭᠴᠢᠳ ᠢ᠋ᠶ᠋ᠡᠨ ᠬᠠᠯᠢᠭᠤᠲᠤ ᠶ᠋ᠢᠨ ᠰᠦᠮ᠎ᠡ ᠳᠡᠭᠡᠷ᠎ᠡ ᠴᠤᠭᠯᠠᠭᠤᠯᠵᠤ ᠪᠦᠷᠢᠳᠬᠡᠭᠡᠳ ᠳᠠᠬᠢᠨ ᠬᠠᠯᠢᠭᠤᠲᠤ ᠶ᠋ᠢᠨ ᠰᠦᠮ᠎ᠡ ᠶ᠋ᠢᠨ ᠵᠡᠭᠦᠨ ᠬᠣᠢᠲᠠᠢ ᠪᠠᠭ᠎ᠠ ᠰᠡᠰᠡ ᠶ᠋ᠢᠨ ᠣᠷᠣᠢ ᠶ᠋ᠢᠨ ᠵᠡᠭᠦᠨ ᠲᠡᠢ ᠷᠠᠰᠢᠶᠠᠨ ᠪᠤᠯᠠᠭ(ᠬᠢᠲᠠᠳ ᠤ᠋ᠳ ᠪᠤᠷᠬᠠᠨ ᠤᠰᠤ ᠭᠡᠳᠡᠭ) ᠦ᠋ᠨ ᠴᠠᠢᠳᠠᠮ ᠤ᠋ᠨ《ᠨᠡᠮᠡᠬᠦ》 ᠭᠡᠰᠡᠨ ᠭᠠᠵᠠᠷ ᠲᠤ᠌ ᠳᠤᠭᠤᠢᠯᠠᠩ ᠤ᠋ᠨ ᠲᠥᠯᠥᠭᠡᠯᠡᠭᠴᠢᠳ ᠦ᠋ᠨ ᠬᠤᠷᠠᠯ ᠢ᠋ ᠬᠤᠷᠠᠯᠳᠤᠵᠤ᠂ ᠳᠤᠭᠤᠢᠯᠠᠩ ᠤ᠋ᠨ ᠤᠳᠤᠷᠢᠳᠬᠤ ᠪᠠᠢᠭᠤᠯᠤᠮᠵᠢ ᠶ᠋ᠢ ᠰᠣᠩᠭᠣᠵᠠᠢ᠃ ᠡᠨᠡ ᠬᠦ᠌ ᠪᠠᠢᠭᠤᠯᠤᠮᠵᠢ ᠪᠠᠨ《ᠣᠯᠠᠨ ᠤ᠋ ᠵᠥᠪᠯᠡᠯ》(ᠣᠯᠠᠨ ᠳᠠᠶᠠᠭᠠᠷ ᠢ᠋ᠶ᠋ᠠᠨ ᠵᠥᠪᠯᠡᠵᠦ ᠰᠣᠩᠭᠣᠭᠰᠠᠨ ᠠᠷᠠᠳᠴᠢᠯᠠᠯ ᠤ᠋ᠨ ᠴᠢᠨᠠᠷ ᠲᠠᠢ ᠵᠣᠬᠢᠶᠠᠨ ᠪᠠᠢᠭᠤᠯᠤᠯᠲᠠ ᠭᠡᠬᠦ ᠤᠳᠬ᠎ᠠ ᠲᠠᠢ) ᠭᠡᠵᠡᠢ᠃ ᠢᠩᠭᠢᠭᠡᠳ ᠰᠢᠨᠠᠯᠠᠮ᠎ᠠ《ᠣᠯᠠᠨ ᠤ᠋ ᠵᠥᠪᠯᠡᠯ》 ᠦ᠋ᠨ ᠲᠡᠷᠢᠭᠦᠯᠡᠭᠴᠢ ᠪᠡᠷ ᠰᠣᠩᠭᠣᠭᠳᠠᠵᠤ ᠬᠠᠯᠢᠭᠤᠲᠤ ᠶ᠋ᠢᠨ ᠰᠦᠮ᠎ᠡ ᠶ᠋ᠢ《ᠣᠯᠠᠨ ᠤ᠋ ᠵᠥᠪᠯᠡᠯ》 ᠦ᠋ᠨ ᠠᠵᠢᠯᠯᠠᠬᠤ ᠲᠥᠪ ᠪᠣᠯᠭᠠᠨ ᠨᠢᠵᠡᠭᠡᠳ ᠬᠥᠮᠦᠨ ᠢ᠋ ᠥᠪᠡᠷ ᠦ᠋ᠨ ᠤᠨᠤᠭ᠎ᠠ᠂ ᠬᠦᠨᠡᠰᠦ ᠲᠡᠢ ᠡᠭᠡᠯᠵᠢ ᠪᠡᠷ ᠲᠤᠰ ᠪᠠᠢᠭᠤᠯᠤᠮᠵᠢ ᠶ᠋ᠢᠨ ᠡᠳᠦᠷ ᠳᠣᠳᠣᠮ ᠤ᠋ᠨ ᠠᠵᠢᠯ ᠤ᠋ᠳ ᠢ᠋ ᠬᠠᠷᠢᠭᠤᠴᠠᠨ ᠠᠵᠢᠯᠯᠠᠭᠤᠯᠬᠤ ᠪᠠᠷ ᠲᠣᠭᠲᠠᠪᠠ᠃ ᠠᠷᠪᠠᠨ ᠨᠢᠭᠡᠨ ᠳᠤᠭᠤᠢᠯᠠᠩ ᠠ᠋ᠴᠠ ᠬᠠᠯᠢᠭᠤᠲᠤ ᠶ᠋ᠢᠨ ᠳᠤᠭᠤᠢᠯᠠᠩ ᠢ᠋《ᠣᠯᠠᠨ ᠤ᠋ ᠵᠥᠪᠯᠡᠯ》 ᠦ᠋ᠨ ᠠᠮᠤᠷ ᠲᠦᠪᠰᠢᠨ ᠢ᠋ ᠬᠠᠮᠠᠭᠠᠯᠠᠬᠤ ᠪᠠ ᠴᠢᠮᠡᠭᠡ ᠬᠣᠯᠪᠣᠭ᠎ᠠ ᠶ᠋ᠢᠨ ᠠᠵᠢᠯ ᠢ᠋ ᠬᠠᠪᠰᠤᠷᠬᠤ ᠪᠠᠷ ᠲᠣᠭᠲᠠᠭᠰᠠᠨ ᠪᠠᠢᠨ᠎ᠠ᠃ ᠡᠭᠦᠨ ᠳ᠋ᠦ᠍ ᠠᠷᠪᠠᠨ ᠨᠢᠭᠡᠨ ᠳᠤᠭᠤᠢᠯᠠᠩ ᠤ᠋ᠨ ᠰᠠᠬᠢᠬᠤ ᠳᠦᠷᠢᠮ ᠲᠣᠭᠲᠠᠭᠠᠯ ᠢ᠋ ᠴᠦ᠍ ᠶᠠᠷᠢᠯᠴᠠᠨ ᠲᠣᠭᠲᠠᠵᠠᠢ᠃ 
      ᠬᠣᠵᠢᠮ ᠡᠨᠡ ᠬᠦ᠌《ᠣᠯᠠᠨ ᠤ᠋ ᠵᠥᠪᠯᠡᠯ》 ᠨᠢ ᠦᠦᠰᠢᠨ ᠬᠤᠰᠢᠭᠤᠨ ᠤ᠋ ᠠᠯᠢᠪᠠ ᠣᠷᠣᠯᠭ᠎ᠠ ᠵᠠᠷᠤᠯᠭ᠎ᠠ᠂ ᠳᠠᠪᠤᠰᠤᠨ ᠨᠠᠭᠤᠷ᠂ ᠠᠨᠵᠢᠰᠤ ᠲᠠᠷᠢᠶᠠᠨ ᠤ᠋ ᠲᠠᠲᠠᠪᠤᠷᠢ᠂ ᠲᠡᠭᠡᠭᠡᠪᠦᠷᠢ᠂ ᠲᠡᠮᠡᠭᠡᠨ ᠦ᠌ ᠭᠠᠢᠯᠢ᠂ ᠪᠢᠴᠢᠭ ᠴᠡᠷᠢᠭ ᠦ᠋ᠨ ᠶᠠᠪᠤᠳᠠᠯ᠂ ᠠᠮᠤᠷ ᠲᠦᠪᠰᠢᠨ᠂ ᠱᠠᠰᠢᠨ ᠰᠢᠲᠦᠯᠭᠡ ᠵᠡᠷᠭᠡ ᠠᠯᠢᠪᠠ ᠡᠷᠬᠡ ᠶ᠋ᠢ ᠲᠥᠪᠯᠡᠷᠡᠭᠦᠯᠦᠨ ᠬᠣᠷᠢ ᠭᠠᠷᠤᠢ ᠵᠢᠯ ᠠᠳᠬᠤᠵᠤ ᠡᠭᠦᠷᠭᠡ ᠪᠡᠨ ᠭᠦᠢᠴᠡᠳᠬᠡᠭᠰᠡᠨ ᠶᠦᠮ᠃ ᠡᠨᠡ ᠨᠢ  ᠥᠨᠥ ᠶ᠋ᠢᠨ ᠬᠣᠰᠢᠭᠤ ᠵᠠᠰᠠᠭ ᠤ᠋ᠨ ᠣᠷᠳᠣᠨ ᠤ᠋ ᠠᠵᠢᠯ ᠲᠠᠢ ᠠᠳᠠᠯᠢᠪᠲᠤᠷ ᠪᠠᠢᠭᠰᠠᠨ ᠪᠣᠯᠤᠯᠲᠠᠢ᠃ ᠡᠨᠡ ᠵᠢᠯ ᠳ᠋ᠦ᠍ ᠰᠥᠩ ᠵᠦᠩ ᠱᠠᠨ ᠠᠪᠤᠭᠠᠢ ᠶ᠋ᠢᠨ ᠤᠳᠤᠷᠢᠳᠤᠭᠰᠠᠨ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠳᠤᠮᠳᠠᠳᠤ ᠤᠯᠤᠰ ᠤ᠋ᠨ ᠬᠡᠳᠦᠨ ᠮᠢᠩᠭᠠᠨ ᠵᠢᠯ ᠦ᠋ᠨ ᠹᠧᠣᠳᠠᠯ ᠤ᠋ᠨ ᠬᠠᠭᠠᠨᠲᠤ ᠲᠥᠷᠥ ᠶ᠋ᠢ ᠡᠴᠦᠰᠯᠡᠭᠦᠯᠵᠦ ᠢᠯᠠᠯᠲᠠ ᠣᠯᠪᠠ᠃ ᠲᠤᠰ ᠵᠢᠯ ᠰᠢᠨᠠᠯᠠᠮ᠎ᠠ ᠶ᠋ᠢᠨ ᠤᠳᠤᠷᠢᠳᠴᠤ ᠪᠠᠢᠭᠤᠯᠤᠭᠰᠠᠨ ᠠᠷᠪᠠᠨ ᠨᠢᠭᠡᠨ ᠳᠤᠭᠤᠢᠯᠠᠩ ᠤ᠋ᠨ ᠬᠥᠳᠡᠯᠭᠡᠭᠡᠨ ᠪᠣᠯᠤᠨ《ᠣᠯᠠᠨ ᠤ᠋ ᠵᠥᠪᠯᠡᠯ》 ᠦ᠋ᠨ ᠪᠠᠢᠭᠤᠯᠤᠮᠵᠢ ᠨᠢ ᠴᠦ᠍ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠤ᠋ᠨ ᠨᠢᠭᠡᠨ ᠪᠦᠷᠢᠯᠳᠦᠬᠦᠨ ᠬᠡᠰᠡᠭ ᠪᠣᠯᠵᠠᠢ᠃   

— — — —
                ᠵᠡᠭᠦᠯᠲᠡ      
1. ᠳᠤᠭᠤᠢᠯᠠᠩ ᠤ᠋ᠨ ᠬᠥᠳᠡᠯᠭᠡᠭᠡᠨ ᠦ᠌ ᠵᠠᠷᠢᠮ ᠵᠣᠬᠢᠶᠠᠯ ᠤ᠋ᠳ ᠲᠤ᠌《ᠨᠡᠮᠡᠬᠦ》 ᠭᠡᠰᠡᠨ ᠭᠠᠵᠠᠷ ᠤ᠋ᠨ ᠨᠡᠷ᠎ᠡ ᠶ᠋ᠢ ᠪᠣᠯ ᠰᠢᠨᠠᠯᠠᠮ᠎ᠠ ᠳᠠᠯᠠᠨ ᠠᠨᠳᠠ ᠶ᠋ᠢᠨ ᠳᠤᠭᠤᠢᠯᠠᠩ ᠢ᠋ ᠪᠠᠢᠭᠤᠯᠤᠭᠰᠠᠨ ᠤ᠋ ᠰᠡᠭᠦᠯᠡᠷ ᠳᠠᠬᠢᠨ ᠠᠨᠳᠠ ᠨᠠᠷ ᠢ᠋ᠶ᠋ᠠᠨ ᠨᠡᠮᠡᠵᠦ ᠥᠷᠭᠡᠳᠬᠡᠨ ᠪᠠᠢᠭᠤᠯᠤᠭᠰᠠᠨ ᠭᠠᠵᠠᠷ ᠪᠣᠯᠬᠣᠷ ᠬᠣᠵᠢᠮ ᠤ᠋ᠨ ᠬᠥᠮᠦᠰ《ᠨᠡᠮᠡᠬᠦ》 ᠭᠡᠵᠦ ᠨᠡᠷᠡᠯᠡᠭᠰᠡᠨ ᠭᠡᠳᠡᠭ᠃ ᠡᠨᠡ ᠨᠢ ᠪᠣᠳᠠᠲᠤ ᠪᠠᠢᠳᠠᠯ ᠲᠠᠢ ᠠᠪᠴᠠᠯᠳᠤᠬᠤ ᠦᠭᠡᠢ ᠪᠠᠢᠨ᠎ᠠ᠃ ᠤᠴᠢᠷ ᠨᠢ᠂ ᠳᠠᠯᠠᠨ ᠠᠨᠳᠠ ᠪᠠᠢᠭᠤᠯᠤᠭᠰᠠᠨ ᠭᠠᠵᠠᠷ ᠬᠢᠭᠡᠳ《 ᠣᠯᠠᠨ ᠤ᠋ ᠵᠥᠪᠯᠡᠯ》 ᠪᠠᠢᠭᠤᠯᠤᠭᠰᠠᠨ ᠭᠠᠵᠠᠷ ᠬᠣᠭᠣᠷᠣᠨᠳᠣ ᠪᠠᠨ ᠨᠠᠶᠠᠨ ᠭᠠᠵᠠᠷ ᠵᠠᠢ ᠲᠠᠢ᠃ ᠲᠡᠭᠡᠪᠡᠯ《ᠣᠯᠠᠨ ᠤ᠋ ᠵᠥᠪᠯᠡᠯ》 ᠪᠠᠢᠭᠤᠯᠤᠭᠳᠠᠭᠰᠠᠨ ᠨᠢ ᠳᠠᠯᠠᠨ ᠠᠨᠳᠠ ᠠ᠋ᠴᠠ ᠲᠠᠪᠤᠨ ᠵᠢᠯ ᠦ᠋ᠨ ᠡᠮᠦᠨᠡᠬᠢ ᠤᠴᠢᠷ ᠶᠤᠮ᠂ ᠪᠠᠰᠠ ᠳᠠᠬᠢᠪᠠᠯ ᠳᠠᠯᠠᠨ ᠠᠨᠳᠠ ᠶ᠋ᠢ ᠳᠠᠷᠠᠭ᠎ᠠ ᠨᠢ ᠳᠠᠬᠢᠨ ᠥᠷᠭᠡᠳᠬᠡᠨ ᠨᠡᠮᠡᠵᠦ ᠪᠠᠢᠭᠤᠯᠤᠯ᠎ᠠ ᠭᠡᠰᠡᠨ ᠲᠡᠦᠬᠡᠨ ᠲᠡᠮᠳᠡᠭᠯᠡᠯ ᠪᠤᠶᠤ ᠤᠯᠠᠮᠵᠢᠯᠠᠯ ᠶᠠᠷᠢᠶ᠎ᠠ  ᠶᠡᠷᠦ ᠦᠭᠡᠢ᠃    
2.《 ᠰᠢᠨᠠᠯᠠᠮ᠎ᠠ ᠶ᠋ᠢᠨ  ᠴᠢᠬᠤᠯᠠ ᠦᠢᠯᠡ ᠶᠠᠪᠤᠳᠠᠯ ᠤ᠋ᠨ ᠲᠣᠪᠴᠢᠶᠠᠨ》 ᠤ᠋28 ᠳ᠋ᠤᠭᠠᠷ ᠨᠢᠭᠤᠷ ᠲᠤ᠌《᠁ ᠭᠠᠯᠠᠭᠤᠲᠤ ᠶ᠋ᠢᠨ ᠰᠦᠮ᠎ᠡ ᠶ᠋ᠢᠨ ᠠᠷᠤ ᠳ᠋ᠠᠬᠢ(ᠨᠡᠮᠡᠬᠦ) ᠭᠡᠰᠡᠨ ᠭᠠᠵᠠᠷ ᠠᠷᠪᠠᠨ ᠨᠢᠭᠡᠨ ᠳᠤᠭᠤᠢᠯᠠᠩ ᠤ᠋ᠨ ᠲᠥᠯᠥᠭᠡᠯᠡᠭᠴᠢᠳ ᠦ᠋ᠨ ᠬᠤᠷᠠᠯ ᠢ᠋ ᠬᠤᠷᠠᠯᠳᠤᠭᠤᠯᠤᠭᠠᠳ᠁  》 ᠭᠡᠵᠦ ᠪᠢᠴᠢᠵᠦ ᠪᠣᠢ᠂ ᠬᠠᠯᠢᠭᠤᠲᠤ ᠶ᠋ᠢᠨ ᠰᠦᠮ᠎ᠡ ᠭᠡᠰᠡᠨ ᠢ᠋ ᠭᠠᠯᠠᠭᠤᠲᠤ ᠶ᠋ᠢᠨ ᠰᠦᠮ᠎ᠡ ᠭᠡᠵᠦ ᠲᠠᠰᠢᠶᠠᠷᠠᠭᠰᠠᠨ ᠪᠠᠢᠵᠤ ᠮᠡᠳᠡᠨ᠎ᠡ᠃  ᠤᠴᠢᠷ ᠨᠢ᠄ 
        (1) ᠰᠢᠨᠠᠯᠠᠮ᠎ᠠ ᠶ᠋ᠢᠨ  ᠳᠤᠭᠤᠢᠯᠠᠩ ᠤ᠋ᠨ ᠬᠥᠳᠡᠯᠭᠡᠭᠡᠨ ᠨᠢ ᠭᠣᠣᠯᠳᠠᠭᠤ1913  ᠣᠨ ᠠ᠋ᠴᠠ ᠡᠮᠦᠨ᠎ᠡ ᠠᠲᠠᠷ ᠬᠠᠭᠠᠯᠪᠤᠷᠢᠯᠠᠭᠰᠠᠨ᠂ ᠲᠦᠷᠢᠶᠡᠰᠦᠯᠡᠭᠰᠡᠨ ᠭᠠᠵᠠᠷ ᠢ᠋ᠶ᠋ᠠᠷ ᠪᠤᠶᠤ ᠡᠰᠡᠬᠦᠯ᠎ᠡ ᠬᠠᠯᠢᠭᠤᠲᠤ᠂ ᠱᠠᠷᠯᠢᠭ᠂ ᠰᠢᠨᠡᠰᠦᠢ᠍ᠮ᠎ᠡ᠂ ᠤᠷᠢᠳᠤ ᠪᠡᠶ᠎ᠡ᠂ ᠲᠣᠭᠣᠯᠲᠠᠢ ᠪᠠᠷ ᠬᠥᠳᠡᠯᠭᠡᠭᠡᠨ ᠬᠢᠵᠦ ᠪᠠᠢᠭᠰᠠᠨ᠂ ᠰᠡᠭᠦᠯᠳᠡᠵᠦ ᠳᠠᠯᠠᠨ ᠠᠨᠳᠠ ᠶ᠋ᠢᠨ ᠳᠤᠭᠤᠢᠯᠠᠩ ᠢ᠋ ᠪᠠᠢᠭᠤᠯᠤᠭᠰᠠᠨ ᠠ᠋ᠴᠠ ᠬᠣᠢᠰᠢ ᠰᠠᠶᠢ ᠭᠠᠯᠠᠭᠤᠲᠤ᠂ ᠮᠠᠩᠬᠠᠲᠤ᠂  ᠪᠤᠵᠠᠢ ᠪᠠᠷ ᠬᠥᠳᠡᠯᠭᠡᠭᠡᠨ ᠬᠢᠬᠦ ᠪᠣᠯᠤᠭᠰᠠᠨ᠃ ᠡᠢᠮᠦ ᠡᠴᠡ ᠡᠬᠢᠨ  ᠦ᠌ ᠦᠶ᠎ᠡ ᠨᠢ ᠬᠠᠯᠢᠭᠤᠲᠤ ᠶ᠋ᠢᠨ ᠰᠦᠮ᠎ᠡ ᠪᠡᠷ ᠪᠠᠢᠬᠤ ᠶᠣᠰᠣᠲᠠᠢ᠃  
       (2) ᠲᠤᠬᠠᠢ ᠶ᠋ᠢᠨ ᠦᠶ᠎ᠡ ᠳ᠋ᠦ᠍ ᠬᠠᠯᠢᠭᠤᠲᠤ ᠶ᠋ᠢᠨ ᠰᠦᠮ᠎ᠡ ᠶ᠋ᠢᠨ ᠭᠡᠨᠳᠦᠨᠯᠢᠭᠰᠣᠭ ᠱᠠᠪᠷᠤᠩ ᠤ᠋ᠨ ᠱᠠᠩ ᠤ᠋ᠨ ᠣᠲᠣᠷ ᠪᠣᠯ ᠥᠨᠥ ᠶ᠋ᠢᠨ ᠨᠡᠮᠡᠬᠦ ᠭᠡᠰᠡᠨ ᠴᠠᠢᠳᠠᠮ ᠤ᠋ᠨ ᠡᠮᠦᠨ᠎ᠡ ᠪᠢᠴᠢᠬᠠᠨ ᠪᠣᠷᠣᠯᠵᠢᠨ ᠳᠡᠭᠡᠷ᠎ᠡ ᠰᠡᠷᠡᠩᠷᠤᠯᠮ᠎ᠠ ᠶ᠋ᠢᠨ ᠭᠡᠷ ᠲᠦ᠍(ᠥᠨᠥ ᠶ᠋ᠢᠨ ᠪᠠᠶᠠᠨᠴᠠᠢᠳᠠᠮ ᠤ᠋ᠨ ᠲᠠᠪᠤᠳᠤᠭᠠᠷ ᠪᠠᠷᠢᠭᠠᠳᠠ ᠶ᠋ᠢᠨ ᠭᠠᠵᠠᠷ) ᠪᠣᠯᠤᠨ᠎ᠠ᠃ ᠭᠡᠨᠳᠦᠨᠯᠢᠭᠰᠣᠭ ᠱᠠᠪᠷᠤᠩ ᠪᠣᠯ ᠳᠤᠭᠤᠢᠯᠠᠩ ᠤ᠋ᠨ ᠭᠣᠣᠯ ᠢᠳᠡᠪᠬᠢᠲᠡᠨ ᠦ᠌ ᠨᠢᠭᠡ ᠪᠥᠭᠡᠳ《ᠣᠯᠠᠨ ᠤ᠋ ᠵᠥᠪᠯᠡᠯ》 ᠦ᠋ᠨ ᠪᠤᠷᠢᠯᠳᠤᠭᠦᠨ᠂ ᠬᠣᠵᠢᠮ ᠨᠢ ᠰᠡᠷᠡᠩᠷᠤᠯᠮ᠎ᠠ ᠶ᠋ᠢ ᠳᠠᠭᠠᠭᠤᠯᠵᠤ ᠬᠠᠯᠬ᠎ᠠ ᠳ᠋ᠤ᠌ ᠰᠤᠷᠤᠯᠴᠠᠵᠤ ᠪᠤᠴᠠᠵᠤ ᠢᠷᠡᠭᠰᠡᠨ ᠦ᠌ ᠰᠡᠭᠦᠯᠡᠷ ᠴᠡᠷᠢᠭ ᠪᠠᠢᠭᠤᠯᠬᠤ ᠳ᠋ᠤ᠌ ᠠᠷᠪᠠᠨ ᠬᠣᠶᠠᠳᠤᠭᠠᠷ ᠬᠣᠷᠢᠶᠠᠨ ᠤ᠋ ᠪᠠᠲ᠋ᠯᠢᠶᠤᠨ ᠤ᠋ ᠳᠠᠷᠤᠭ᠎ᠠ ᠪᠠᠷ ᠶᠠᠪᠤᠭᠰᠠᠨ ᠬᠥᠮᠦᠨ᠃ ᠡᠢᠮᠦ ᠡᠴᠡ ᠰᠡᠷᠡᠩᠷᠤᠯᠮ᠎ᠠ ᠶ᠋ᠢᠨ ᠭᠡᠷ ᠲᠦ᠍ ᠂ ᠱᠠᠩ ᠤ᠋ᠨ ᠣᠲᠣᠷ ᠤ᠋ᠨ ᠣᠷᠴᠢᠮ ᠬᠤᠷᠠᠯ ᠬᠤᠷᠠᠯᠳᠤᠭᠰᠠᠨ ᠪᠣᠯᠤᠯᠴᠠᠭ᠎ᠠ ᠶᠡᠬᠡ ᠪᠣᠢ᠃ 
       ᠡᠨᠡ ᠤᠴᠢᠷ ᠢ᠋ ᠭᠡᠨᠳᠦᠨᠯᠢᠭᠰᠣᠭ ᠱᠠᠪᠷᠤᠩ  ᠤ᠋ᠨ ᠠᠴᠢ ᠬᠦᠷᠭᠡᠨ ᠪᠦᠷᠢᠨᠵᠢᠷᠭᠠᠯ᠂ ᠲᠠᠷᠢᠶᠠᠯᠠᠩ ᠤ᠋ᠨ ᠪᠠᠩᠬᠢ ᠶ᠋ᠢᠨ ᠹᠦᠯᠵᠦᠭ ᠨᠠᠰᠤᠲᠠᠨ᠂ ᠨᠠᠮ ᠤ᠋ᠨ ᠰᠤᠷᠭᠠᠭᠤᠯᠢ ᠶ᠋ᠢᠨ ᠡᠷᠬᠡᠰᠡᠴᠡᠨ ᠨᠠᠷ ᠠ᠋ᠴᠠ ᠯᠠᠪᠯᠠᠨ ᠲᠣᠳᠣᠷᠬᠠᠢᠯᠠᠪᠠ᠃  

        ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠰᠠᠷᠠᠨᠲᠤᠶᠠᠭ᠎ᠠ 
              ᠬᠢᠨᠠᠭᠴᠢ᠄ ᠣᠳᠬᠣᠨᠴᠡᠴᠡᠭ᠂ ᠪᠠᠯ