ᠵᠦᠴᠢ – ᠨᠢᠭᠤᠴᠠ ᠡᠯᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 20 Зүч – Нууц элч - Чингис хаан оо нууц түүх 20 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠴᠢ – ᠨᠢᠭᠤᠴᠠ ᠡᠯᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 20 Зүч – Нууц элч - Чингис хаан оо нууц түүх 20

ᠵᠦᠴᠢ – ᠨᠢᠭᠤᠴᠠ ᠡᠯᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 20 Зүч – Нууц элч - Чингис хаан оо нууц түүх 20

ᠠᠩᠭᠢᠯᠠᠯ:ᠲᠡᠦᠬᠡ ᠰᠣᠶᠣᠯ
2025-09-14

514

ᠵᠦᠴᠢ –

ᠨᠢᠭᠤᠴᠠ ᠡᠯᠴᠢ


       ᠪᠦᠲᠦᠨ ᠳᠣᠯᠣᠭᠠᠨ ᠰᠠᠷ᠎ᠠ ᠦᠷᠭᠦᠯᠵᠢᠯᠡᠵᠦ ᠴᠢᠩᠭᠢᠰ ᠬᠠᠭᠠᠨ ᠤ᠋ ᠬᠢᠯᠢᠩ ᠢ᠋ ᠪᠠᠳᠠᠷᠠᠭᠠᠭᠰᠠᠨ ᠣᠷᠭᠧᠨ᠋ᠴᠠ ᠬᠣᠲᠠ ᠶ᠋ᠢᠨ ᠲᠥᠯᠦᠭᠡᠬᠢ ᠲᠡᠢᠨ ᠣᠯᠠᠨ ᠮᠢᠩᠭᠠᠨ ᠮᠣᠩᠭᠣᠯ ᠴᠡᠷᠢᠭ ᠦ᠋ᠨ ᠠᠮᠢ ᠶ᠋ᠢ ᠵᠣᠯᠢᠶᠠᠰᠤᠯᠠᠭᠰᠠᠨ ᠤ᠋ ᠬᠦᠴᠦᠨ ᠳ᠋ᠦ᠍ ᠮᠣᠩᠭᠣᠯᠴᠤᠳ ᠤ᠋ᠨ ᠪᠦᠷᠢᠨ ᠢᠯᠠᠯᠲᠠ ᠪᠠᠷ ᠲᠡᠭᠦᠰᠦᠭᠰᠡᠨ ᠴᠦ᠍ ᠠᠷᠤ ᠳ᠋ᠠᠭᠠᠨ ᠣᠯᠠᠨ ᠰᠠᠨᠠᠭᠠᠨ ᠳ᠋ᠤ᠌ ᠦᠭᠡᠢ ᠬᠡᠷᠡᠭ ᠢ᠋ ᠡᠭᠦᠰᠬᠡᠪᠡ᠃ ᠡᠮᠡᠭᠡᠯ ᠦ᠋ᠨ ᠬᠣᠶᠠᠷ ᠪᠦᠭᠦᠷᠭᠡ ᠰᠢᠭ ᠥᠭᠡᠳᠡ ᠥᠭᠡᠳᠡ ᠡᠴᠡ ᠦᠯᠦ ᠬᠠᠷᠠᠯᠴᠠᠬᠤ᠂ ᠦᠯᠦ ᠡᠪᠯᠡᠷᠡᠬᠦ ᠬᠣᠶᠠᠷ ᠠᠬ᠎ᠠ ᠶ᠋ᠢᠨ ᠢ᠋ᠶ᠋ᠡᠨ ᠠᠷᠭ᠎ᠠ ᠡᠪ ᠢ᠋ ᠣᠯᠵᠤ᠂ ᠭᠠᠢᠬᠠᠮᠠᠷ ᠠᠮᠢ ᠬᠠᠢᠷ᠎ᠠ ᠦᠭᠡᠢ ᠰᠢᠷᠦᠭᠦᠨ ᠲᠤᠯᠤᠯᠳᠤᠭᠰᠠᠨ ᠣᠷᠭᠧᠨ᠋ᠴᠠ ᠶ᠋ᠢᠨ ᠬᠢᠨ ᠦ᠌ ᠡᠰᠡᠷᠭᠦᠴᠡᠯ ᠦ᠋ᠨ ᠬᠦᠴᠦ ᠶ᠋ᠢ ᠳᠠᠷᠤᠵᠤ ᠬᠠᠮᠤᠭ ᠤ᠋ᠨ ᠤᠳᠠᠭᠠᠨ ᠤᠵᠢᠭᠷᠠᠨ ᠰᠤᠨᠵᠢᠷᠠᠭᠰᠠᠨ ᠲᠤᠯᠤᠯᠳᠤᠭᠠᠨ ᠢ᠋ ᠶᠡᠷᠦ ᠳ᠋ᠡᠭᠡᠨ ᠳᠣᠯᠣᠭᠠᠨ ᠡᠳᠦᠷ ᠳᠣᠯᠣᠭᠠᠨ ᠰᠥᠨᠢ ᠶ᠋ᠢᠨ ᠳᠣᠲᠣᠷ᠎ᠠ ᠢᠯᠠᠯᠲᠠ ᠪᠠᠷ ᠳᠠᠭᠤᠰᠬᠠᠵᠤ ᠴᠢᠳᠠᠭᠰᠠᠨ ᠨᠢ ᠥᠭᠡᠳᠡᠢ ᠶ᠋ᠢᠨ ᠨᠡᠷ᠎ᠡ ᠰᠦᠷ ᠢ᠋ ᠬᠡᠮᠵᠢᠶᠡᠯᠡᠰᠢ ᠦᠭᠡᠢ ᠶᠡᠬᠡ ᠪᠡᠷ ᠡᠷᠭᠦᠭᠰᠡᠨ ᠶᠠᠪᠤᠳᠠᠯ ᠪᠣᠯᠪᠠ᠃ ᠡᠨᠡ ᠨᠢ ᠴᠣᠬᠣᠮ ᠥᠭᠡᠳᠡᠢ ᠶ᠋ᠢ ᠰᠢᠯᠢᠵᠦ ᠥᠪᠡᠷ ᠦ᠋ᠨ ᠬᠣᠢᠨ᠎ᠠ ᠬᠠᠭᠠᠨ ᠰᠠᠭᠤᠷᠢᠨ ᠳ᠋ᠤ᠌ ᠡᠷᠭᠦᠮᠵᠢᠯᠡᠭᠰᠡᠨ ᠴᠢᠩᠭᠢᠰ ᠬᠠᠭᠠᠨ ᠤ᠋ ᠵᠠᠷᠯᠢᠭ ᠤ᠋ᠨ ᠵᠥᠪ ᠢ᠋ ᠳᠠᠪᠬᠤᠷ ᠪᠠᠲᠤᠯᠠᠵᠠᠢ᠃ ᠴᠣᠬᠣᠮ ᠢᠩᠭᠢᠬᠦ ᠭᠡᠵᠦ ᠥᠭᠡᠳᠡᠢ ᠤᠬᠠᠭᠠᠨ ᠵᠠᠯᠢ ᠵᠣᠷᠢᠭ ᠭᠤᠷᠪᠠ ᠪᠠᠨ ᠰᠢᠪᠬᠠᠭᠰᠠᠨ ᠪᠢᠯᠡ᠃ ᠪᠦᠬᠦ ᠶᠠᠭᠤᠮ᠎ᠠ ᠰᠠᠨᠠᠭᠰᠠᠨ ᠢ᠋ᠶ᠋ᠠᠷ ᠪᠣᠯᠵᠤ ᠬᠠᠮᠤᠭ ᠤ᠋ᠨ ᠠᠩᠬ᠎ᠠ ᠣᠯᠳᠠᠭᠰᠠᠨ ᠪᠣᠯᠤᠮᠵᠢ ᠶ᠋ᠢ ᠥᠭᠡᠳᠡᠢ ᠳᠦᠭᠦᠷᠡᠩ ᠠᠰᠢᠭᠯᠠᠵᠤ ᠣᠯᠠᠨ ᠬᠥᠮᠦᠨ ᠦ᠌ ᠰᠡᠳᠬᠢᠯ ᠳ᠋ᠦ᠍ ᠢᠷᠡᠭᠡᠳᠦᠢ ᠶ᠋ᠢᠨ ᠶᠡᠬᠡ ᠬᠠᠭᠠᠨ ᠰᠠᠭᠤᠷᠢ ᠶ᠋ᠢ ᠡᠵᠡᠯᠡᠵᠦ ᠴᠢᠳᠠᠪᠠ᠃ ᠥᠪᠡᠷ ᠲᠦ᠍ ᠵᠠᠷᠯᠢᠭ ᠢ᠋ᠶ᠋ᠠᠷ ᠣᠨᠣᠭᠳᠠᠭᠰᠠᠨ ᠣᠷᠭᠧᠨ᠋ᠴᠠ ᠶ᠋ᠢ ᠡᠪᠳᠡᠬᠦ ᠦᠭᠡᠢ ᠡᠵᠡᠯᠡᠨ ᠠᠪᠬᠤ ᠭᠡᠰᠡᠨ ᠳ᠋ᠡᠭᠡᠨ ᠴᠠᠭ ᠠᠯᠲᠠᠨ ᠠᠯᠭᠤᠷᠯᠠᠵᠤ ᠪᠠᠢᠭᠰᠠᠨ ᠠ᠋ᠴᠠ ᠪᠣᠯᠵᠤ ᠵᠥᠴᠢ ᠥᠪᠡᠷ ᠦ᠋ᠨ ᠨᠡᠷ᠎ᠡ ᠬᠦᠨᠳᠦ ᠶ᠋ᠢ ᠪᠠᠬᠠᠨ ᠤᠨᠠᠭᠠᠭᠰᠠᠨ ᠳ᠋ᠠᠭᠠᠨ ᠬᠠᠷᠠᠮᠰᠠᠭᠠᠳ ᠴᠤ᠌ ᠪᠠᠷᠠᠬᠤ ᠦᠭᠡᠢ ᠪᠣᠯᠵᠠᠢ᠃ ᠭᠡᠪᠡᠴᠦ ᠵᠥᠴᠢ ᠡᠴᠡ ᠢᠯᠡᠭᠦᠦ ᠬᠠᠷᠠᠮᠰᠠᠵᠤ ᠭᠠᠰᠢᠭᠤᠳᠠᠭᠰᠠᠨ ᠬᠥᠮᠦᠨ ᠨᠢ ᠪᠠᠲᠤ ᠪᠠᠢᠯ᠎ᠠ᠃ 
       ᠴᠢᠩᠭᠢᠰ ᠬᠠᠭᠠᠨ ᠣᠷᠭᠧᠨ᠋ᠴᠠ ᠶ᠋ᠢ ᠡᠵᠡᠯᠡᠭᠦᠯᠬᠦ ᠪᠡᠷ ᠴᠠᠭᠠᠲᠠᠢ ᠥᠭᠡᠳᠡᠢ ᠬᠣᠶᠠᠷ ᠢ᠋ ᠴᠡᠷᠢᠭ ᠦ᠋ᠨ ᠬᠠᠮᠲᠤ ᠢᠯᠡᠭᠡᠭᠰᠡᠨ ᠢ᠋ ᠰᠣᠨᠣᠰᠤᠮᠠᠭᠴᠠ ᠯᠠ ᠪᠠᠲᠤ ᠳᠠᠭᠤ ᠪᠠᠨ ᠬᠣᠷᠢᠶᠠᠨ ᠲᠦᠩᠰᠦᠢᠭᠰᠡᠨ ᠢ᠋ ᠵᠥᠴᠢ ᠬᠠᠷᠠᠵᠤ ᠪᠠᠢᠪᠠ᠃ ᠬᠣᠷᠽᠸᠮ ᠤ᠋ᠨ ᠡᠨᠡ ᠦᠵᠡᠰᠬᠦᠯᠡᠩᠲᠦ ᠬᠣᠲᠠ ᠤᠳᠠᠬᠤ ᠦᠭᠡᠢ ᠡᠴᠢᠭᠡ ᠶ᠋ᠢᠨ ᠬᠢᠨᠢ ᠮᠠᠲᠠᠯ ᠤ᠋ᠨ ᠬᠢ ᠪᠣᠯᠤᠨ᠎ᠠ ᠭᠡᠵᠦ ᠪᠣᠳᠣᠬᠤ ᠠ᠋ᠴᠠ ᠪᠠᠲᠤ ᠶ᠋ᠢᠨ ᠨᠣᠢᠷ ᠬᠦᠷᠬᠦ ᠦᠭᠡᠢ ᠪᠠᠢᠵᠠᠢ᠃ ᠥᠷᠯᠥᠭᠡ ᠪᠦᠷᠢ ᠣᠷᠭᠧᠨ᠋ᠴᠠ ᠶ᠋ᠢᠨ ᠳᠡᠷᠭᠡᠳᠡᠬᠢ ᠥᠨᠳᠥᠷᠯᠢᠭ ᠲᠦ᠍ ᠭᠠᠷᠴᠤ ᠬᠣᠲᠠ ᠶ᠋ᠢ ᠰᠢᠷᠳᠡᠨ ᠬᠣᠯᠠ ᠶ᠋ᠢᠨ ᠮᠥᠷᠥᠭᠡᠳᠦᠯ ᠳ᠋ᠦ᠍ ᠠᠪᠲᠠᠨ ᠵᠣᠭᠰᠣᠳᠠᠭ ᠪᠠᠢᠯ᠎ᠠ᠃ ᠵᠥᠴᠢ ᠴᠦ᠍ ᠪᠠᠲᠤ ᠬᠥᠪᠡᠭᠦᠨ ᠦ᠌ ᠪᠡᠨ ᠰᠡᠳᠬᠢᠯ ᠢ᠋ ᠣᠢᠯᠠᠭᠠᠨ ᠡᠢᠨ ᠵᠣᠭᠰᠣᠬᠤ ᠶ᠋ᠢ ᠨᠢ ᠬᠠᠷᠠᠭᠠᠳ ᠶᠡᠬᠡᠳᠡ ᠪᠡᠶᠡᠰᠦᠨ ᠬᠠᠭᠤᠴᠢᠨ ᠭᠣᠮᠣᠳᠠᠯ ᠢ᠋ᠶ᠋ᠠᠨ ᠮᠠᠷᠲᠠᠳᠠᠭ ᠠᠵᠢ᠃ ᠵᠥᠴᠢ᠂ ᠪᠠᠲᠤ ᠬᠥᠪᠡᠭᠦᠨ ᠳ᠋ᠡᠭᠡᠨ ᠵᠢᠷᠦᠬᠡᠨ ᠦ᠌ ᠤᠭ ᠠ᠋ᠴᠠ ᠬᠠᠢᠷᠠᠲᠠᠢ ᠶᠤᠮ᠃ ᠪᠤᠰᠤᠳ ᠬᠡᠦᠬᠡᠳ ᠦ᠋ᠳ ᠲᠡᠭᠡᠨ ᠭᠠᠷᠭᠠᠳᠠᠭ ᠦᠭᠡᠢ ᠥᠭᠭᠢᠶᠡᠮᠦᠷ ᠬᠠᠯᠠᠭᠤᠨ᠂ ᠪᠦᠷ ᠬᠡᠲᠦᠷᠬᠡᠢ ᠭᠡᠮ ᠢ᠋ᠶ᠋ᠡᠷ ᠬᠠᠢᠷ᠎ᠠ ᠬᠠᠯᠠᠮᠵᠢ ᠶ᠋ᠢ ᠪᠠᠲᠤ ᠳ᠋ᠤ᠌ ᠦᠵᠡᠭᠦᠯᠦᠨ᠎ᠡ᠃ ᠡᠭᠦᠨ ᠢ᠋ ᠨᠢ ᠪᠥᠷᠲᠡ ᠬᠠᠲᠤᠨ ᠡᠬᠡ ᠨᠢ ᠢᠯᠡᠷᠬᠡᠢ ᠳᠠᠮᠵᠢᠨ ᠪᠠᠲᠤ ᠶ᠋ᠢ ᠠᠴᠢ ᠨᠠᠷ ᠤ᠋ᠨ ᠢ᠋ᠶ᠋ᠠᠨ ᠳᠤᠮᠳᠠ ᠠ᠋ᠴᠠ ᠣᠨᠴᠠᠭᠠᠢ ᠦᠵᠡᠨ ᠡᠷᠬᠡᠯᠡᠭᠦᠯᠦᠭᠰᠡᠨ ᠪᠢᠯᠡ᠃ ᠤᠴᠢᠷ ᠨᠢ ᠪᠠᠲᠤ ᠪᠣᠯ ᠪᠥᠷᠲᠡ ᠶ᠋ᠢᠨ ᠤᠳᠤᠮ ᠤ᠋ᠨ ᠣᠬᠢ ᠬᠠᠲᠤᠨ ᠠ᠋ᠴᠠ ᠲᠥᠷᠥᠭᠰᠡᠨ ᠶᠦᠮ᠃ ᠥᠭᠡᠳᠡᠢ ᠨᠢᠭᠡᠨᠲᠡ ᠬᠠᠭᠠᠨ ᠡᠴᠢᠭᠡ ᠶ᠋ᠢ ᠵᠠᠯᠭᠠᠮᠵᠢᠯᠠᠬᠤ ᠨᠢ ᠲᠣᠳᠣᠷᠬᠠᠢ ᠪᠣᠯᠤᠭᠰᠠᠨ ᠦᠶ᠎ᠡ ᠳ᠋ᠦ᠍ ᠥᠭᠡᠳᠡᠢ ᠶ᠋ᠢ ᠬᠡᠨ ᠵᠠᠯᠭᠠᠮᠵᠢᠯᠠᠬᠤ ᠶ᠋ᠢ ᠪᠣᠳᠣᠬᠤ ᠬᠡᠷᠡᠭᠲᠡᠢ ᠪᠠᠢᠯ᠎ᠠ᠃ ᠥᠭᠡᠳᠡᠢ ᠶ᠋ᠢᠨ ᠲᠦᠷᠭᠡᠨ᠎ᠡ ᠬᠠᠲᠤᠨ ᠠ᠋ᠴᠠ ᠲᠥᠷᠥᠭᠰᠡᠨ ᠬᠥᠪᠡᠭᠦᠨ ᠨᠢ ᠬᠥᠶᠦᠭ ᠪᠥᠭᠡᠳ ᠪᠠᠲᠤ ᠠ᠋ᠴᠠ ᠬᠣᠶᠠᠷ ᠠᠬ᠎ᠠ ᠪᠠᠢᠯ᠎ᠠ᠃ ᠴᠢᠩᠭᠢᠰ ᠬᠠᠭᠠᠨ ᠤ᠋ ᠵᠠᠷᠯᠢᠭ ᠲᠤ᠌ 《ᠬᠡᠷᠪᠡ ᠥᠭᠡᠳᠡᠢ ᠶ᠋ᠢᠨ ᠬᠥᠪᠡᠭᠦᠳ ᠡᠪᠡᠰᠦᠨ ᠳ᠋ᠦ᠍ ᠣᠷᠢᠶᠠᠪᠠᠴᠤ ᠦᠬᠡᠷ ᠲᠣᠭᠣᠵᠤ ᠢᠳᠡᠬᠦ ᠦᠭᠡᠢ ᠥᠭᠡᠬᠦᠨ ᠳ᠋ᠦ᠍ ᠣᠷᠢᠶᠠᠪᠠᠴᠤ ᠦᠨᠡᠭᠡ ᠲᠣᠭᠣᠵᠤ ᠰᠢᠩᠰᠢᠯᠡᠬᠦ ᠦᠭᠡᠢ ᠠᠪᠠᠰᠤ ᠮᠢᠨᠦ ᠠᠯᠲᠠᠨ ᠤᠷᠤᠭ ᠤ᠋ᠨ ᠳᠣᠲᠣᠷ᠎ᠠ ᠰᠡᠷᠭᠦᠯᠡᠩ ᠭᠠᠪᠰᠢᠭᠠᠢ ᠬᠥᠪᠡᠭᠦᠨ ᠡᠷᠬᠡᠪᠰᠢ ᠣᠯᠳᠠᠨ᠎ᠠ᠃ ᠲᠡᠢᠮᠦ ᠦᠶ᠎ᠡ ᠳ᠋ᠦ᠍ ᠲᠡᠭᠦᠨ ᠢ᠋ ᠣᠯᠵᠤ ᠡᠷᠭᠦᠮᠵᠢᠯᠡᠭᠲᠦᠨ》 ᠭᠡᠵᠡᠢ᠃ ᠡᠢᠮᠦ ᠤᠴᠢᠷ ᠰᠢᠯᠲᠠᠭᠠᠨ ᠤ᠋ ᠡᠭᠦᠳᠡᠨ ᠡᠴᠡ ᠪᠠᠲᠤ ᠬᠥᠪᠡᠭᠦᠨ ᠢ᠋ᠶ᠋ᠡᠨ ᠴᠢᠩᠭᠢᠰ ᠬᠠᠭᠠᠨ ᠤ᠋ ᠠᠴᠢ ᠬᠥᠪᠡᠭᠦᠳ ᠦ᠋ᠨ ᠮᠠᠩᠯᠠᠢ ᠨᠢ ᠪᠣᠯᠭᠠᠬᠤ ᠶ᠋ᠢ ᠵᠥᠴᠢ ᠬᠦᠰᠡᠵᠦ ᠪᠠᠢᠯ᠎ᠠ᠃ ᠵᠥᠴᠢ ᠶ᠋ᠢᠨ ᠠᠯᠳᠠᠭᠰᠠᠨ ᠨᠡᠷ᠎ᠡ ᠲᠥᠷᠥ᠂ ᠡᠷᠬᠡ ᠶᠠᠮᠪᠠ ᠶ᠋ᠢ ᠪᠤᠴᠠᠭᠠᠨ ᠠᠪᠴᠤ ᠪᠠᠰᠠ ᠬᠦᠰᠡᠯ ᠮᠥᠷᠥᠭᠡᠳᠦᠯ ᠢ᠋ ᠭᠦᠢᠴᠡᠯᠳᠦᠭᠦᠯᠬᠦ ᠶᠣᠰᠣᠲᠠᠢ ᠬᠥᠮᠦᠨ ᠨᠢ ᠪᠠᠲᠤ ᠬᠥᠪᠡᠭᠦᠨ ᠢ᠋ᠶ᠋ᠡᠨ ᠭᠡᠵᠦ ᠵᠥᠴᠢ ᠥᠪᠡᠷ ᠦ᠋ᠨ ᠣᠯᠠᠨ ᠬᠥᠪᠡᠭᠦᠳ ᠦ᠋ᠨ ᠳᠣᠲᠣᠷ᠎ᠠ ᠠ᠋ᠴᠠ ᠲᠡᠭᠦᠨ ᠢ᠋ ᠰᠣᠩᠭᠣᠵᠠᠢ᠃ ᠴᠢᠩᠭᠢᠰ ᠬᠠᠭᠠᠨ ᠤ᠋ ᠵᠠᠷᠯᠢᠭ ᠢ᠋ᠶ᠋ᠠᠷ ᠣᠯᠭᠣᠭᠰᠠᠨ ᠤᠷᠬᠧᠨ᠋᠊ᠴᠡ ᠪᠣᠯᠤᠭᠠᠳ ᠲᠡᠷᠡ ᠬᠠᠪᠢ ᠶ᠋ᠢᠨ ᠨᠤᠲᠤᠭ ᠬᠡᠳᠦᠢ ᠱᠠᠰᠢᠨ᠂ ᠬᠡᠯᠡ ᠥᠭᠡᠷ᠎ᠡ ᠴᠦ᠍ ᠶᠠᠭᠠᠬᠢᠬᠤ ᠠᠷᠭ᠎ᠠ ᠦᠭᠡᠢ ᠵᠥᠴᠢ ᠶ᠋ᠢᠨ ᠥᠪᠡᠷ ᠦ᠋ᠨ ᠪᠡᠶ᠎ᠡ ᠳᠠᠭᠠᠭᠠᠭᠰᠠᠨ ᠤᠯᠤᠰ ᠤ᠋ᠨ ᠡᠬᠢ ᠦᠨᠳᠦᠰᠦ ᠢᠷᠡᠭᠡᠳᠦᠢ ᠳ᠋ᠦ᠍ ᠬᠥᠪᠡᠭᠦᠨ ᠪᠠᠲᠤ ᠶ᠋ᠢᠨ ᠰᠠᠭᠤᠷᠢᠰᠢᠨ ᠨᠤᠲᠤᠭᠯᠠᠵᠤ ᠵᠠᠬᠢᠷᠤᠨ ᠰᠠᠭᠤᠬᠤ ᠶᠡᠬᠡ ᠤᠯᠤᠰ ᠤ᠋ᠨ ᠡᠭᠦᠰᠦᠯ ᠪᠣᠯᠤᠨ᠎ᠠ ᠭᠡᠵᠦ ᠰᠡᠳᠬᠢᠯ ᠦ᠋ᠨ ᠮᠤᠬᠤᠷ ᠲᠤ᠌ ᠰᠢᠶ᠋ᠲᠥᠨ ᠪᠣᠳᠣᠭᠰᠠᠨ ᠲᠤᠯᠠ ᠵᠥᠴᠢ ᠤᠷᠬᠧᠨ᠋᠊ᠴᠡ ᠶ᠋ᠢ ᠡᠪᠳᠡᠬᠦ ᠦᠭᠡᠢ ᠪᠠᠭᠤᠯᠭᠠᠨ ᠠᠪᠬᠤ ᠶ᠋ᠢ ᠬᠢᠴᠢᠶᠡᠭᠰᠡᠨ ᠪᠢᠯᠡ᠃ ᠤᠤᠭᠠᠨ ᠬᠥᠪᠡᠭᠦᠨ ᠤᠷᠲᠤ ᠶ᠋ᠢ ᠪᠡᠨ ᠰᠢᠭ᠌ᠨᠠᠬ᠎ᠠ ᠬᠣᠲᠠ ᠶ᠋ᠢ ᠵᠠᠬᠢᠷᠤᠭᠤᠯᠤᠨ ᠰᠠᠭᠤᠯᠭᠠᠵᠤ ᠦᠯᠡᠳᠡᠭᠡᠭᠰᠡᠨ ᠨᠢ ᠴᠦ᠍ ᠡᠭᠦᠨ ᠲᠡᠢ ᠬᠣᠯᠪᠣᠭ᠎ᠠ ᠲᠠᠢ ᠪᠠᠢᠪᠠ᠃ ᠠᠷᠪᠠᠨ ᠳᠥᠷᠪᠡᠨ ᠨᠠᠰᠤ ᠠᠷᠠᠢ ᠬᠦᠷᠦᠭᠡ ᠦᠭᠡᠢ ᠴᠦ᠍ ᠪᠠᠲᠤ ᠡᠴᠢᠭᠡ ᠶ᠋ᠢᠨ ᠢ᠋ᠶ᠋ᠡᠨ ᠠᠯᠤᠰ ᠳᠠᠯᠳᠠ ᠶ᠋ᠢᠨ ᠬᠦᠰᠡᠯ ᠢ᠋ ᠠᠯᠢ ᠡᠷᠲᠡ ᠣᠢᠯᠠᠭᠠᠵᠤ ᠭᠠᠳᠠᠷᠯᠠᠭᠰᠠᠨ ᠲᠡᠳᠦᠢ ᠦᠭᠡᠢ ᠤᠷᠬᠧᠨ᠋᠊ᠴᠡ ᠳ᠋ᠦ᠍ ᠡᠵᠡᠨ ᠰᠠᠭᠤᠬᠤ ᠶ᠋ᠢ ᠲᠡᠰᠴᠦ ᠶᠠᠳᠠᠨ ᠬᠦᠯᠢᠶᠡᠵᠦ ᠪᠠᠢᠵᠠᠢ᠃ 
       ᠴᠢᠩᠭᠢᠰ ᠬᠠᠭᠠᠨ ᠤ᠋ ᠵᠠᠷᠯᠢᠭ ᠢ᠋ ᠬᠡᠨ ᠴᠦ᠍ ᠵᠥᠷᠢᠴᠡᠨ ᠡᠪᠳᠡᠵᠦ ᠴᠢᠳᠠᠬᠤ ᠦᠭᠡᠢ ᠲᠤᠯᠠ ᠵᠥᠴᠢ᠂ ᠥᠭᠡᠳᠡᠢ ᠳᠡᠭᠦᠦ ᠶ᠋ᠢᠨ ᠢ᠋ᠶ᠋ᠡᠨ ᠦᠭᠡ ᠶ᠋ᠢ ᠬᠠᠭᠠᠨ ᠡᠴᠢᠭᠡ ᠶ᠋ᠢᠨ ᠵᠠᠷᠯᠢᠭ ᠰᠢᠭ᠋ ᠯᠡ ᠳᠠᠭᠠᠵᠤ ᠤᠷᠬᠧᠨ᠋᠊ᠴᠡ ᠶ᠋ᠢ ᠥᠭᠴᠡᠢ᠃ ᠤᠷᠬᠧᠨ᠋᠊ᠴᠡ ᠶ᠋ᠢ ᠡᠵᠡᠯᠡᠨ ᠠᠪᠬᠤ ᠳ᠋ᠤ᠌ ᠬᠦᠴᠦ ᠬᠠᠮᠲᠤᠷᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠴᠤ᠌ ᠪᠠᠶᠠᠨ ᠲᠠᠩᠰᠤᠭ ᠡᠨᠡ ᠬᠣᠲᠠ ᠠ᠋ᠴᠠ ᠣᠯᠬᠤ ᠣᠯᠵᠠ ᠶ᠋ᠢ ᠬᠡᠨ ᠲᠡᠢ ᠴᠦ᠍ ᠬᠤᠪᠢᠶᠠᠬᠤ ᠬᠦᠰᠡᠯ ᠪᠠᠢᠭᠰᠠᠨ ᠦᠭᠡᠢ᠃ ᠬᠠᠷᠢᠨ ᠥᠭᠡᠳᠡᠢ ᠬᠡᠯᠡᠭᠰᠡᠨ ᠳ᠋ᠡᠭᠡᠨ ᠬᠦᠷᠴᠦ ᠤᠷᠬᠧᠨ᠋᠊ᠴᠡ ᠶ᠋ᠢ ᠪᠤᠯᠢᠶᠠᠨ ᠠᠪᠤᠮᠠᠭᠴᠠ ᠴᠡᠷᠢᠭ ᠢ᠋ᠶ᠋ᠡᠨ ᠲᠡᠳᠡᠨ ᠬᠣᠲᠠ ᠠ᠋ᠴᠠ ᠭᠠᠳᠠᠭᠰᠢ ᠭᠠᠷᠴᠠᠢ᠃ ᠴᠠᠭᠠᠲᠠᠢ ᠴᠤ᠌ ᠮᠥᠨ ᠠᠳᠠᠯᠢ ᠴᠡᠷᠢᠭ ᠢ᠋ᠶ᠋ᠡᠨ ᠲᠠᠲᠠᠪᠠ᠃ ᠥᠭᠡᠳᠡᠢ ᠶ᠋ᠢ ᠬᠡᠯᠡᠭᠰᠡᠨ ᠦᠭᠡᠨ ᠳ᠋ᠡᠭᠡᠨ ᠬᠦᠷᠳᠡᠭ ᠬᠥᠮᠦᠨ ᠪᠣᠯᠬᠤ ᠶ᠋ᠢ ᠵᠥᠴᠢ ᠢᠩᠭᠢᠵᠦ ᠦᠵᠡᠵᠡᠢ᠃ ᠣᠳᠣ ᠬᠣᠲᠠ ᠳ᠋ᠤ᠌ ᠪᠠᠲᠤ ᠶ᠋ᠢᠨ ᠲᠣᠯᠣᠭᠠᠢᠯᠠᠭᠰᠠᠨ ᠵᠥᠴᠢ ᠶ᠋ᠢᠨ ᠴᠡᠷᠢᠭ ᠦᠯᠡᠳᠡᠪᠡ᠃ ᠤᠷᠬᠧᠨ᠋᠊ᠴᠡ ᠶ᠋ᠢ ᠠᠯᠳᠠᠭᠰᠠᠨ ᠳ᠋ᠠᠭᠠᠨ ᠭᠤᠨᠢᠵᠤ ᠬᠣᠷᠣᠰᠤᠭᠰᠠᠨ ᠪᠠᠲᠤ ᠬᠥᠪᠡᠭᠦᠨ ᠢ᠋ᠶ᠋ᠡᠨ ᠲᠠᠢᠳᠬᠤᠷᠠᠭᠤᠯᠬᠤ ᠶ᠋ᠢᠨ ᠲᠤᠯᠠᠳᠠ ᠵᠥᠴᠢ ᠤᠷᠬᠧᠨ᠋᠊ᠴᠡ ᠶ᠋ᠢ ᠳᠠᠭᠠᠷᠢᠬᠤ ᠥᠪᠡᠷ ᠦ᠋ᠨ ᠴᠡᠷᠢᠭ ᠢ᠋ ᠪᠠᠲᠤ ᠪᠠᠷ ᠤᠳᠤᠷᠢᠳᠤᠭᠤᠯᠤᠭᠰᠠᠨ ᠪᠢᠯᠡ᠃ ᠤᠭ ᠨᠢ ᠡᠨᠡ ᠬᠡᠷᠡᠭ ᠢ᠋ ᠵᠥᠴᠢ ᠥᠪᠡᠷ ᠢ᠋ᠶ᠋ᠡᠨ ᠤᠳᠤᠷᠢᠳᠬᠤ ᠪᠠᠢᠯ᠎ᠠ᠃ ᠭᠡᠪᠡᠴᠦ ᠵᠠᠯᠠᠭᠤ ᠬᠥᠪᠡᠭᠦᠨ ᠢ᠋ᠶ᠋ᠡᠨ ᠬᠠᠷᠠᠮᠨᠠᠵᠤ ᠬᠠᠷᠠᠮᠰᠠᠭᠰᠠᠨ ᠳ᠋ᠠᠭᠠᠨ ᠪᠣᠳᠣᠯ ᠴᠠᠯᠠᠭᠠᠷ ᠪᠣᠯᠤᠭᠤᠵᠠᠢ ᠭᠡᠵᠦ ᠰᠡᠷᠭᠡᠢᠯᠡᠬᠦ ᠳ᠋ᠡᠭᠡᠨ᠂ ᠭᠤᠨᠢᠵᠤ ᠭᠣᠮᠣᠳᠠᠭᠰᠠᠨ ᠰᠡᠳᠬᠢᠯ ᠢ᠋ ᠨᠢ ᠲᠠᠢᠳᠬᠤᠷᠠᠭᠤᠯᠬᠤ ᠭᠡᠰᠡᠨ ᠳ᠋ᠡᠭᠡᠨ ᠶᠡᠬᠡ ᠴᠡᠷᠢᠭ ᠢ᠋ᠶ᠋ᠡᠨ ᠠᠩᠬ᠎ᠠ ᠤᠳᠠᠭ᠎ᠠ ᠪᠡᠶ᠎ᠡ ᠳᠠᠭᠠᠭᠠᠨ ᠤᠳᠤᠷᠢᠳᠬᠤ ᠶ᠋ᠢ ᠵᠥᠪᠰᠢᠶᠡᠷᠡᠵᠡᠢ᠃ ᠡᠨᠡ ᠪᠣᠯ ᠠᠷᠪᠠᠨ ᠳᠥᠷᠪᠡᠨ ᠨᠠᠰᠤᠲᠠᠢ ᠪᠠᠲᠤ ᠶ᠋ᠢᠨ ᠬᠤᠪᠢ ᠳ᠋ᠤ᠌ ᠠᠮᠢᠳᠤᠷᠠᠯ ᠳ᠋ᠠᠭᠠᠨ ᠪᠡᠶ᠎ᠡ ᠳᠠᠭᠠᠭᠠᠨ ᠬᠠᠮᠤᠭ ᠤ᠋ᠨ ᠲᠣᠮᠣ ᠲᠤᠯᠤᠯᠳᠤᠭᠠᠨ ᠢ᠋ ᠤᠳᠤᠷᠢᠳᠬᠤ ᠪᠣᠯᠤᠭᠰᠠᠨ ᠬᠡᠷᠡᠭ ᠶᠦ᠍ᠮ᠃ ᠡᠴᠢᠭᠡ ᠶ᠋ᠢᠨ ᠡᠨᠡ ᠦᠭᠡ ᠶ᠋ᠢ ᠰᠣᠨᠣᠰᠤᠮᠠᠭᠴᠠ ᠪᠠᠲᠤ ᠶ᠋ᠢᠨ ᠬᠠᠷᠠᠭᠤᠰᠤᠯᠲᠤ ᠬᠠᠷᠠᠴᠠ ᠠᠬᠢᠭᠠᠳ ᠯᠠ ᠴᠣᠭ ᠬᠡᠢ ᠮᠣᠷᠢ ᠪᠠᠷ ᠳᠦᠭᠦᠷᠡᠩ ᠬᠡᠷᠡᠯᠳᠦᠬᠦ ᠶ᠋ᠢ ᠦᠵᠡᠭᠡᠳ ᠥᠪᠡᠷ ᠦ᠋ᠨ ᠰᠢᠢᠳᠪᠦᠷᠢ ᠶ᠋ᠢ ᠵᠥᠪ ᠭᠡᠳᠡᠭ ᠲᠦ᠍ ᠡᠷᠡᠭᠡᠯᠵᠡᠬᠦ ᠦᠭᠡᠢ ᠪᠣᠯᠵᠠᠢ᠃ ᠵᠥᠴᠢ ᠠᠩᠬ᠎ᠠ ᠣᠢ ᠶ᠋ᠢᠨ ᠢᠷᠭᠡᠳ ᠢ᠋ ᠳᠠᠢᠯᠠᠬᠤ ᠪᠠᠷ ᠮᠣᠷᠳᠠᠬᠤ ᠵᠠᠷᠯᠢᠭ ᠢ᠋ ᠰᠣᠨᠣᠰᠤᠮᠠᠭᠴᠠ ᠯᠠ ᠶᠠᠭ ᠪᠠᠲᠤ ᠶ᠋ᠢᠨ ᠠᠳᠠᠯᠢ ᠪᠡᠶᠡᠰᠦᠨ ᠪᠠᠬᠠᠳᠤᠵᠤ ᠵᠣᠷᠢᠭ ᠬᠡᠢ ᠮᠣᠷᠢ ᠨᠢ ᠳᠦᠷᠡᠯᠵᠡᠭᠰᠡᠨ ᠢ᠋ᠶ᠋ᠡᠨ ᠰᠠᠨᠠᠵᠠᠢ᠃ ᠭᠡᠪᠡᠴᠦ ᠪᠠᠲᠤ ᠬᠥᠪᠡᠭᠦᠨ ᠨᠢ ᠡᠴᠢᠭᠡ ᠰᠢᠭ ᠢ᠋ᠶ᠋ᠡᠨ ᠭᠠᠳᠠᠭᠤᠷᠬᠠᠭᠳᠠᠨ ᠳᠣᠷᠣᠮᠵᠢᠯᠠᠭᠳᠠᠬᠤ ᠶ᠋ᠢ ᠦᠵᠡᠭᠡ ᠦᠭᠡᠢ ᠴᠦ᠍ ᠬᠣᠵᠢᠮ ᠬᠣᠢᠨ᠎ᠠ ᠴᠠᠭᠠᠲᠠᠢ᠂ ᠥᠭᠡᠳᠡᠢ᠂ ᠲᠤᠯᠤᠢ ᠨᠠᠷ ᠤ᠋ᠨ ᠬᠥᠪᠡᠭᠦᠳ ᠲᠦ᠍ ᠳᠠᠷᠤᠯᠠᠭᠳᠠᠬᠤ ᠶ᠋ᠢ ᠵᠥᠴᠢ ᠲᠡᠪᠴᠢᠬᠦ ᠦᠭᠡᠢ ᠪᠠᠢᠯ᠎ᠠ᠃ ᠲᠡᠢᠮᠦ ᠤᠴᠢᠷ ᠠ᠋ᠴᠠ ᠯᠠ ᠪᠠᠲᠤ ᠬᠥᠪᠡᠭᠦᠨ ᠢ᠋ᠶ᠋ᠡᠨ ᠠᠷᠪᠠᠨ ᠳᠥᠷᠪᠡᠨ ᠨᠠᠰᠤᠲᠠᠢ ᠠᠩᠭᠢᠷ ᠬᠣᠩᠭᠣᠷ ᠵᠢᠰᠦᠲᠡᠢ ᠳ᠋ᠦ᠍ᠨᠢ ᠡᠨᠡ ᠪᠡᠷᠬᠡ ᠲᠣᠮᠣ ᠳᠣᠯᠣᠭᠠᠨ ᠢ᠋ ᠤᠳᠤᠷᠢᠳᠬᠤ ᠡᠷᠬᠡ ᠣᠯᠭᠤᠵᠠᠢ᠃ ᠠᠩᠬ᠎ᠠ ᠮᠢᠩᠭᠠᠨ ᠴᠡᠷᠢᠭ ᠠᠬᠠᠯᠠᠨ ᠲᠠᠢᠴᠢᠭᠤᠳ ᠲᠠᠢ ᠳᠠᠢᠳᠤᠬᠤ ᠠ᠋ᠴᠠ ᠡᠬᠢᠯᠡᠨ ᠵᠥᠴᠢ ᠳ᠋ᠦ᠍ ᠵᠢᠳᠬᠦᠭᠰᠡᠨ ᠬᠤᠨᠠᠨ᠂ ᠮᠥᠩᠬᠡᠭᠦᠷ᠂ ᠬᠡᠲᠡ ᠭᠤᠷᠪᠠᠨ ᠨᠣᠶᠠᠨ ᠢᠯᠡ ᠳᠠᠯᠳᠠ ᠡᠰᠡᠷᠭᠦᠴᠡᠵᠦ ᠡᠯᠳᠡᠪ ᠲᠠᠢᠯᠪᠤᠷᠢ ᠬᠡᠯᠡᠭᠰᠡᠨ ᠴᠦ᠍ ᠵᠥᠴᠢ ᠦᠭᠡᠨ ᠡᠴᠡ ᠪᠡᠨ ᠤᠬᠤᠷᠢᠭᠰᠠᠨ ᠦᠭᠡᠢ᠃ ᠴᠢᠩᠭᠢᠰ ᠬᠠᠭᠠᠨ ᠤ᠋ ᠵᠠᠷᠯᠢᠭ ᠢ᠋ᠶ᠋ᠠᠷ ᠵᠥᠴᠢ ᠳ᠋ᠦ᠍ ᠬᠤᠪᠢᠶᠠᠭᠳᠠᠨ ᠢᠷᠡᠵᠦ ᠰᠢᠳᠠᠷᠯᠠᠭᠰᠠᠨ ᠬᠥᠮᠦᠰ ᠲᠤᠯᠠ ᠡᠨᠡ ᠭᠤᠷᠪᠠ ᠬᠡᠵᠢᠶᠡᠳᠡ ᠦᠨᠡᠨ ᠦᠭᠡ ᠪᠡᠨ ᠢᠯᠡ ᠬᠡᠯᠡᠳᠡᠭ ᠪᠢᠯᠡ᠃ 
       | ᠲᠠ ᠭᠤᠷᠪᠠ ᠥᠪᠡᠷᠰᠡᠳ ᠦ᠋ᠨ ᠴᠡᠷᠢᠭ ᠢ᠋ ᠤᠳᠤᠷᠢᠳᠴᠤ ᠪᠠᠲᠤ ᠬᠥᠪᠡᠭᠦᠨ ᠦ᠌ ᠮᠢᠨᠢ ᠲᠤᠰᠢᠶᠠᠯ ᠢ᠋ ᠬᠢᠴᠢᠶᠡᠨ ᠪᠡᠶᠡᠯᠡᠭᠦᠯᠦᠭᠲᠦᠨ ᠭᠡᠬᠦ ᠡᠴᠡ ᠥᠭᠡᠷ᠎ᠡ ᠦᠭᠡ ᠵᠥᠴᠢ ᠬᠡᠯᠡᠭᠰᠡᠨ ᠦᠭᠡᠢ᠃ ᠵᠥᠴᠢ ᠶ᠋ᠢ ᠨᠢᠭᠡ ᠦᠭᠡ ᠪᠡᠨ ᠣᠯᠠᠨ ᠳᠠᠬᠢᠨ ᠳᠠᠪᠲᠠᠳᠠᠭ ᠦᠭᠡᠢ ᠵᠠᠩᠲᠠᠢ ᠶ᠋ᠢ ᠮᠡᠳᠡᠬᠦ ᠲᠡᠳᠡ ᠳᠠᠬᠢᠨ ᠳᠤᠤᠭᠠᠷᠤᠭᠰᠠᠨ ᠦᠭᠡᠢ ᠲᠤᠰ ᠲᠤᠰ ᠤ᠋ᠨ ᠬᠦᠷᠢᠶᠡᠨ ᠳ᠋ᠦ᠍ ᠣᠳᠴᠠᠢ᠃ ᠴᠡᠷᠢᠭ ᠦ᠋ᠨ ᠡᠷᠳᠡᠮ ᠳ᠋ᠦ᠍ ᠨᠡᠪᠲᠡᠷᠡᠭᠰᠡᠨ ᠰᠢᠳᠠᠷ ᠵᠠᠩᠵᠤᠨ ᠨᠤᠭᠤᠳ ᠲᠠᠢ ᠪᠠᠨ ᠵᠥᠷᠢᠵᠦ ᠪᠠᠲᠤ ᠬᠥᠪᠡᠭᠦᠨ ᠢ᠋ᠶ᠋ᠡᠨ ᠡᠢᠮᠦ ᠬᠡᠷᠡᠭ ᠲᠦ᠍ ᠲᠣᠮᠢᠯᠠᠭᠰᠠᠨ ᠳ᠋ᠠᠭᠠᠨ ᠵᠥᠴᠢ ᠳᠣᠲᠣᠷ᠎ᠠ ᠪᠠᠨ ᠡᠷᠡᠭᠡᠯᠵᠡᠭᠰᠡᠭᠡᠷ ᠪᠠᠢᠭᠰᠠᠨ ᠴᠤ᠌ ᠭᠠᠳᠠᠨ᠎ᠠ ᠪᠠᠨ ᠡᠯ᠎ᠡ ᠪᠠᠢᠳᠠᠯ ᠢ᠋ᠶ᠋ᠠᠨ ᠮᠡᠳᠡᠭᠳᠡᠭᠰᠡᠨ ᠦᠭᠡᠢ᠃ ᠲᠡᠭᠡᠭᠡᠳ ᠴᠦ᠍ ᠣᠳᠣ ᠯᠠ ᠪᠠᠲᠤ ᠶ᠋ᠢ ᠪᠡᠶ᠎ᠡ ᠶ᠋ᠢ ᠳᠠᠭᠠᠭᠠᠯᠭᠠᠨ ᠴᠡᠷᠢᠭ ᠵᠠᠬᠢᠷᠤᠭᠤᠯᠵᠤ ᠶᠡᠬᠡ ᠲᠤᠯᠤᠯᠳᠤᠭᠠᠨ ᠳ᠋ᠤ᠌ ᠣᠷᠣᠭᠤᠯᠵᠤ ᠰᠤᠷᠭᠠᠬᠤ ᠦᠭᠡᠢ ᠪᠣᠯ ᠣᠷᠣᠢᠳᠠᠨ᠎ᠠ ᠭᠡᠵᠦ ᠪᠣᠳᠣᠭᠰᠠᠨ ᠠ᠋ᠴᠠ ᠭᠠᠳᠠᠨ᠎ᠠ ᠬᠠᠮᠤᠭ ᠤ᠋ᠨ ᠭᠣᠣᠯ ᠨᠢ ᠪᠠᠲᠤ ᠶ᠋ᠢᠨ ᠤᠷᠮ᠎ᠠ ᠬᠤᠭᠤᠷᠠᠨ ᠴᠢᠩᠭᠢᠰ ᠬᠠᠭᠠᠨ ᠪᠣᠯᠤᠭᠠᠳ ᠠᠪᠠᠭ᠎ᠠ ᠠᠬ᠎ᠠ ᠨᠠᠷ ᠲᠠᠭᠠᠨ ᠬᠣᠨᠵᠢᠩ ᠰᠠᠨᠠᠬᠤ ᠪᠣᠢ ᠭᠡᠵᠦ ᠪᠣᠯᠭᠣᠮᠵᠢᠯᠠᠭᠰᠠᠨ ᠪᠢᠯᠡ᠃ ᠵᠥᠴᠢ ᠶ᠋ᠢᠨ ᠢᠩᠭᠢᠵᠦ ᠪᠣᠳᠣᠭᠰᠠᠨ ᠵᠥᠪ ᠪᠠᠢᠯ᠎ᠠ᠃ ᠪᠠᠲᠤ ᠦᠨᠡᠬᠡᠷ ᠳᠣᠲᠣᠷ᠎ᠠ ᠪᠠᠨ ᠠᠭᠤᠷᠰᠠᠨ ᠬᠣᠷᠣᠰᠤᠭᠰᠠᠭᠠᠷ ᠪᠠᠢᠭᠰᠠᠨ ᠴᠤ᠌ ᠥᠭᠡᠳᠡᠢ ᠠᠪᠠᠭ᠎ᠠ ᠳ᠋ᠠᠭᠠᠨ ᠲᠤᠢᠯ ᠤ᠋ᠨ ᠬᠦᠨᠳᠦᠳᠬᠡᠯ ᠲᠡᠢ ᠬᠠᠨᠳᠤᠬᠤ ᠲᠤᠯᠠ ᠶᠡᠷᠦ ᠮᠠᠭᠤ ᠦᠭᠡ ᠬᠡᠯᠡᠵᠦ ᠮᠠᠭᠤᠬᠠᠢ ᠠᠭᠠᠰᠢ ᠭᠠᠷᠭᠠᠭᠰᠠᠨ ᠦᠭᠡᠢ ᠲᠡᠪᠴᠢᠵᠡᠢ᠃ 
       ᠵᠥᠴᠢ᠂ ᠴᠠᠭᠠᠲᠠᠢ᠂ ᠥᠭᠡᠳᠡᠢ ᠭᠤᠷᠪᠠ ᠶ᠋ᠢᠨ ᠴᠡᠷᠢᠭ ᠣᠷᠬᠧᠨ᠋ᠴᠡ ᠶ᠋ᠢ ᠭᠤᠷᠪᠠᠨ ᠲᠠᠯ᠎ᠠ ᠠ᠋ᠴᠠ ᠵᠡᠷᠭᠡ ᠳᠣᠪᠲᠣᠯᠬᠤ ᠪᠠᠷ ᠲᠣᠬᠢᠷᠠᠵᠤ ᠥᠭᠡᠳᠡᠢ ᠴᠠᠭ ᠢ᠋ ᠲᠣᠪᠯᠠᠵᠠᠢ᠃ ᠲᠣᠬᠢᠷᠠᠭᠰᠠᠨ ᠶᠣᠰᠣᠭᠠᠷ ᠳᠣᠪᠲᠣᠯᠭᠠᠨ ᠡᠬᠢᠯᠡᠬᠦ ᠳ᠋ᠦ᠍ ᠪᠠᠲᠤ ᠥᠪᠡᠷ ᠦ᠋ᠨ ᠴᠡᠷᠢᠭ ᠢ᠋ ᠬᠥᠳᠡᠯᠭᠡᠬᠦ ᠦᠭᠡᠢ ᠵᠣᠭᠰᠣᠭᠰᠠᠭᠠᠷ ᠦᠯᠡᠳᠡᠭᠰᠡᠨ ᠨᠢ ᠵᠥᠴᠢ ᠶ᠋ᠢ ᠭᠠᠢᠬᠠᠰᠢᠷᠠᠭᠤᠯᠵᠤ ᠲᠡᠰᠴᠦ ᠴᠢᠳᠠᠬᠤ ᠦᠭᠡᠢ ᠥᠨᠳᠥᠷᠯᠢᠭ ᠲᠦ᠍ ᠡᠵᠡᠯᠡᠭᠰᠡᠨ ᠪᠠᠢᠷᠢᠨ ᠡᠴᠡ ᠪᠡᠨ ᠪᠠᠭᠤᠵᠤ ᠴᠡᠷᠢᠭ ᠦ᠋ᠨ ᠢ᠋ᠶ᠋ᠡᠨ ᠲᠡᠷᠢᠭᠦᠨ ᠳ᠋ᠦ᠍ ᠳᠠᠪᠬᠢᠨ ᠣᠴᠢᠬᠤ ᠳ᠋ᠤ᠌ ᠬᠦᠷᠭᠡᠵᠡᠢ᠃ ᠪᠠᠲᠤ ᠬᠥᠪᠡᠭᠦᠨ ᠢ᠋ᠶ᠋ᠡᠨ ᠴᠠᠯᠠᠭᠠᠷᠳᠠᠵᠤ ᠣᠰᠣᠯᠳᠠᠪᠠ ᠭᠡᠵᠦ ᠡᠮᠢᠶᠡᠭᠰᠡᠨ ᠪᠢᠯᠡ᠃ ᠭᠡᠲᠡᠯ᠎ᠡ ᠪᠠᠲᠤ ᠴᠡᠷᠢᠭ ᠦ᠋ᠨ ᠮᠠᠩᠯᠠᠢ ᠳ᠋ᠤ᠌ ᠡᠷᠡᠭᠡᠯᠵᠡᠬᠦ ᠦᠭᠡᠢ ᠳᠣᠬᠢ ᠵᠣᠭᠰᠣᠵᠤ 《ᠦᠬᠦᠯ ᠦ᠋ᠨ ᠴᠡᠷᠢᠭ》 ᠦ᠋ᠳ ᠲᠦ᠍ ᠣᠷᠬᠧᠨ᠋ᠴᠡ ᠶ᠋ᠢᠨ ᠵᠡᠭᠦᠨ ᠬᠡᠷᠡᠮ ᠢ᠋ ᠳᠠᠭᠠᠷᠢᠬᠤ ᠶ᠋ᠢ ᠬᠥᠮᠥᠰᠬᠡ ᠵᠠᠩᠭᠢᠳᠤᠨ ᠬᠠᠷᠠᠬᠤ ᠠᠵᠢ᠃ ᠵᠥᠴᠢ ᠶ᠋ᠢᠨ ᠴᠡᠷᠢᠭ ᠡᠨᠡ ᠦᠶ᠎ᠡ ᠳ᠋ᠦ᠍ ᠣᠷᠬᠧᠨ᠋ᠴᠡ ᠶ᠋ᠢᠨ ᠪᠠᠷᠠᠭᠤᠨ ᠲᠠᠯ᠎ᠠ ᠳ᠋ᠤ᠌ ᠪᠠᠢᠷᠢᠯᠠᠵᠤ ᠪᠠᠢᠯ᠎ᠠ᠃ ᠡᠴᠢᠭᠡ ᠶ᠋ᠢᠨ ᠢ᠋ᠶ᠋ᠡᠨ ᠶᠠᠭᠤᠨ ᠤ᠋ ᠤᠴᠢᠷ ᠰᠠᠨᠳᠤᠷᠤᠭᠰᠠᠨ ᠢ᠋ ᠪᠠᠲᠤ ᠣᠢᠯᠠᠭᠠᠵᠠᠢ ᠃ ᠵᠥᠴᠢ ᠶ᠋ᠢ ᠳᠠᠪᠬᠢᠨ ᠣᠴᠢᠬᠤ ᠳ᠋ᠤ᠌ ᠲᠡᠭᠦᠨ ᠦ᠌ ᠠᠮᠠ ᠨᠡᠭᠡᠭᠡᠬᠦ ᠡᠴᠡ ᠤᠷᠢᠲᠠᠨ 
       | ᠣᠷᠬᠧᠨ᠋ᠴᠡ ᠶ᠋ᠢ ᠡᠵᠡᠯᠡᠨ ᠠᠪᠬᠤ ᠶ᠋ᠢ ᠨᠠᠳᠠᠳᠤ ᠳᠠᠭᠠᠭᠠᠯᠭᠠᠭᠰᠠᠨ ᠪᠢᠰᠢ ᠤᠤ ᠭᠡᠵᠦ ᠬᠠᠰᠬᠢᠷᠴᠠᠢ᠃ ᠪᠠᠲᠤ ᠶ᠋ᠢᠨ ᠳᠠᠭᠤᠨ ᠳ᠋ᠤ᠌ ᠬᠣᠭᠣᠯᠠ ᠪᠠᠨ ᠪᠤᠯᠢᠶᠠᠯᠭᠠᠭᠰᠠᠨ ᠵᠠᠯᠠᠭᠤ ᠨᠣᠬᠠᠢ ᠶ᠋ᠢᠨ ᠬᠣᠷᠣᠰᠤᠯ ᠲᠣᠳᠣ ᠰᠣᠨᠣᠰᠳᠠᠪᠠ᠃ 
       | ᠲᠡᠢᠮᠦ ᠠ᠋᠃ ᠪᠢ ᠬᠡᠯᠡᠭᠰᠡᠨ ᠡᠴᠡ ᠪᠡᠨ ᠦᠯᠦ ᠪᠤᠴᠠᠨ᠎ᠠ᠃ ᠭᠠᠭᠴᠠᠬᠠᠨ ᠴᠢᠮᠠᠶ᠋ᠢ ᠶᠠᠭᠤ ᠬᠢᠬᠦ ᠶ᠋ᠢ ᠳᠡᠷᠭᠡᠳᠡ ᠡᠴᠡ ᠴᠢᠨᠢ ᠬᠠᠷᠠᠬᠤ ᠶ᠋ᠢ ᠬᠦᠰᠡᠨ᠎ᠡ ᠭᠡᠵᠦ ᠵᠥᠴᠢ ᠬᠥᠪᠡᠭᠦᠨ ᠢ᠋ᠶ᠋ᠡᠨ ᠲᠠᠢᠪᠤᠰᠢᠷᠠᠭᠤᠯᠤᠨ ᠢᠨᠢᠶᠡᠪᠡ᠃ ᠬᠥᠪᠡᠭᠦᠨ ᠨᠢ ᠢᠩᠭᠢᠵᠦ ᠥᠪᠡᠷ ᠲᠡᠭᠡᠨ ᠢᠲᠡᠭᠡᠯᠲᠡᠢ ᠪᠠᠢᠬᠤ ᠶ᠋ᠢ ᠦᠵᠡᠬᠦ ᠵᠥᠴᠢ ᠳ᠋ᠦ᠍ ᠲᠤᠢᠯ ᠤ᠋ᠨ ᠲᠠᠭᠠᠰᠢᠶᠠᠯᠲᠠᠢ ᠪᠠᠢᠯ᠎ᠠ᠃ ᠠᠷᠪᠠᠨ ᠲᠠᠪᠤᠨ ᠨᠠᠰᠤᠲᠠᠢ ᠳ᠋ᠠᠭᠠᠨ ᠵᠥᠴᠢ ᠡᠢᠮᠦ ᠪᠠᠢᠵᠤ ᠴᠢᠳᠠᠭ᠎ᠠ ᠦᠭᠡᠢ ᠲᠤᠯᠠ ᠪᠠᠲᠤ ᠬᠥᠪᠡᠭᠦᠨ ᠢ᠋ᠶ᠋ᠡᠷ ᠢ᠋ᠶ᠋ᠡᠨ ᠪᠠᠬᠠᠷᠬᠠᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠵᠥᠴᠢ ᠥᠪᠡᠷ ᠦ᠋ᠨ ᠠᠮᠢᠳᠤᠷᠠᠯ ᠳ᠋ᠤ᠌ ᠦᠵᠡᠵᠦ ᠡᠳ᠋ᠯᠡᠭᠡ ᠦᠭᠡᠢ ᠪᠦᠬᠦᠨ ᠢ᠋ ᠬᠥᠪᠡᠭᠦᠨ ᠳ᠋ᠡᠭᠡᠨ ᠡᠳ᠋ᠯᠡᠭᠦᠯᠬᠦ ᠭᠡᠬᠦ ᠳ᠋ᠦ᠍ ᠶᠠᠭᠤ ᠴᠤ᠌ ᠬᠢᠬᠦ ᠡᠴᠡ ᠪᠤᠴᠠᠬᠤ ᠦᠭᠡᠢ ᠪᠣᠯᠵᠠᠢ᠃ ᠪᠠᠲᠤ ᠶᠠᠭᠤ ᠬᠢᠬᠦ ᠪᠡᠨ ᠰᠠᠢᠨ ᠮᠡᠳᠡᠵᠦ ᠪᠠᠢᠯ᠎ᠠ᠃ ᠪᠦᠷᠢᠨ ᠪᠦᠲᠦᠨ ᠬᠡᠪ ᠢ᠋ᠶ᠋ᠡᠷ ᠨᠢ ᠪᠠᠭᠤᠯᠭᠠᠨ ᠠᠪᠬᠤ ᠶ᠋ᠢ ᠬᠦᠰᠡᠵᠦ ᠪᠠᠢᠭᠰᠠᠨ ᠣᠷᠬᠧᠨ᠋ᠴᠡ ᠬᠣᠲᠠ ᠣᠳᠣ ᠵᠡᠭᠦᠨ ᠬᠣᠢᠲᠤ ᠲᠠᠯ᠎ᠠ ᠠ᠋ᠴᠠ ᠪᠠᠨ ᠰᠢᠲᠠᠵᠤ ᠡᠬᠢᠯᠡᠪᠡ᠃ ᠡᠨᠡ ᠨᠢ ᠥᠭᠡᠳᠡᠢ ᠶ᠋ᠢᠨ ᠴᠡᠷᠢᠭ ᠦ᠋ᠨ ᠬᠠᠷᠪᠤᠭᠰᠠᠨ ᠰᠢᠲᠠᠭᠠᠭᠴᠢ ᠰᠤᠮᠤ ᠠ᠋ᠴᠠ ᠡᠭᠦᠳᠦᠭᠰᠡᠨ ᠪᠠᠢᠯ᠎ᠠ᠃ ᠭᠠᠯ ᠤ᠋ᠨ ᠲᠥᠯᠥᠨ ᠳ᠋ᠦ᠍ ᠲᠡᠭᠷᠢ ᠤᠬᠢᠯᠠᠵᠤ ᠰᠥᠨᠢ ᠪᠣᠯᠤᠭᠰᠠᠨ ᠴᠤ᠌ ᠲᠤᠯᠤᠯᠳᠤᠭᠰᠠᠭᠠᠷ ᠪᠠᠢᠵᠠᠢ᠃ ᠥᠭᠡᠳᠡᠢ ᠶᠠᠮᠠᠷ ᠴᠤ᠌ ᠦᠨ᠎ᠡ ᠪᠡᠷ ᠬᠠᠮᠢᠶ᠎ᠠ ᠦᠭᠡᠢ ᠣᠷᠬᠧᠨ᠋ᠴᠡ ᠶ᠋ᠢ ᠡᠵᠡᠯᠡᠨ ᠠᠪᠬᠤ ᠪᠠᠷ ᠤᠯᠠᠢᠷᠠᠨ ᠴᠡᠷᠢᠭ ᠦ᠋ᠨ ᠢ᠋ᠶ᠋ᠡᠨ ᠦᠬᠦᠯ ᠰᠦᠢᠷᠡᠯ ᠢ᠋ ᠦᠯᠦ ᠲᠣᠭᠣᠨ ᠳᠣᠪᠲᠣᠯᠤᠨ᠎ᠠ᠃ ᠬᠠᠷᠢᠨ 《ᠦᠬᠦᠯ ᠦ᠋ᠨ ᠴᠡᠷᠢᠭ》 ᠦ᠋ᠨ ᠠᠷᠤ ᠠ᠋ᠴᠠ ᠵᠥᠴᠢ ᠥᠪᠡᠷ ᠦ᠋ᠨ ᠴᠥᠭᠡᠨ ᠲᠣᠭᠠᠨ ᠤ᠋ ᠴᠡᠷᠢᠭ ᠶᠠᠪᠤᠭᠤᠯᠤᠭᠠᠳ ᠬᠠᠷᠢᠨ ᠭᠣᠣᠯ ᠴᠡᠷᠢᠭ ᠢ᠋ᠶ᠋ᠡᠨ ᠬᠦᠯᠢᠶᠡᠯᠭᠡᠨ ᠪᠦᠲᠦᠨ ᠡᠳᠦᠷ ᠥᠩᠭᠡᠷᠡᠭᠡᠪᠡ᠃ ᠥᠭᠡᠳᠡᠢ ᠡᠨᠡ ᠪᠠᠢᠳᠠᠯ ᠳ᠋ᠤ᠌ ᠭᠠᠢᠬᠠᠨ ᠡᠯᠴᠢ ᠳᠠᠪᠬᠢᠭᠤᠯᠵᠤ ᠵᠥᠴᠢ ᠶ᠋ᠢ ᠴᠡᠷᠢᠭ ᠢ᠋ᠶ᠋ᠡᠨ ᠣᠷᠣᠭᠤᠯᠬᠤ ᠶ᠋ᠢ ᠲᠤᠰᠢᠶᠠᠵᠠᠢ᠃ ᠮᠠᠷᠭᠠᠰᠢ ᠥᠷᠯᠥᠭᠡ ᠨᠢ ᠪᠠᠢᠳᠠᠯ ᠶᠠᠭ ᠬᠡᠪ ᠢ᠋ᠶ᠋ᠡᠷ ᠪᠠᠲᠤ ᠭᠣᠣᠯ ᠴᠡᠷᠢᠭ ᠢ᠋ᠶ᠋ᠡᠨ ᠬᠥᠳᠡᠯᠭᠡᠭᠰᠡᠨ ᠦᠭᠡᠢ ᠲᠤᠯᠠ ᠵᠥᠴᠢ ᠬᠤᠨᠠᠨ᠂ ᠮᠥᠩᠬᠡᠭᠥᠷ᠂ ᠬᠡᠲᠡ ᠭᠤᠷᠪᠠ ᠶ᠋ᠢᠨ ᠬᠠᠮᠲᠤ ᠴᠡᠷᠢᠭ ᠢ᠋ᠶ᠋ᠡᠨ ᠳᠣᠪᠲᠣᠯᠭᠠᠨ ᠳ᠋ᠤ᠌ ᠣᠷᠣᠭᠤᠯᠬᠤ ᠠ᠋ᠴᠠ ᠥᠭᠡᠷ᠎ᠡ ᠦᠭᠡ ᠦᠭᠡᠢ ᠳ᠋ᠦ᠍ ᠬᠦᠷᠴᠡᠢ᠃ ᠪᠠᠲᠤ ᠶ᠋ᠢᠨ ᠡᠨᠡ ᠬᠠᠴᠢᠨ ᠠᠪᠤᠷᠢ ᠡᠴᠦᠰ ᠲᠦ᠋ᠨᠢ ᠶᠠᠭᠤᠨ ᠳ᠋ᠤ᠌ ᠴᠤ᠌ ᠬᠦᠷᠭᠡᠵᠦ ᠪᠣᠯᠬᠤ ᠠᠶᠤᠯᠲᠠᠢ ᠶ᠋ᠢ ᠪᠦᠭᠦᠳᠡ ᠮᠡᠳᠡᠵᠦ ᠪᠠᠢᠯ᠎ᠠ᠃ ᠥᠭᠡᠳᠡᠢ ᠶ᠋ᠢᠨ ᠡᠯᠴᠢ ᠳᠠᠬᠢᠨ ᠢᠷᠡᠵᠦ ᠴᠢᠩᠭᠢᠰ ᠬᠠᠭᠠᠨ ᠤ᠋ ᠵᠠᠷᠯᠢᠭ ᠢ᠋ ᠰᠠᠨᠠᠭᠤᠯᠪᠠ᠃ ᠪᠠᠢᠳᠠᠯ ᠤᠯᠠᠮ ᠴᠤ᠌ ᠬᠤᠷᠴᠠ ᠪᠣᠯᠤᠯ᠎ᠠ᠃ ᠵᠥᠴᠢ ᠲᠡᠰᠦᠭᠰᠡᠨ ᠦᠭᠡᠢ ᠴᠡᠷᠢᠭ ᠢ᠋ᠶ᠋ᠡᠨ ᠥᠪᠡᠷ ᠢ᠋ᠶ᠋ᠡᠨ ᠤᠳᠤᠷᠢᠳᠬᠤ ᠪᠠᠷ ᠰᠢᠢᠳᠪᠡ᠃ ᠭᠡᠪᠡᠴᠦ ᠪᠠᠲᠤ ᠬᠥᠪᠡᠭᠦᠨ ᠢ᠋ᠶ᠋ᠡᠨ ᠭᠣᠮᠣᠳᠠᠭᠠᠬᠤ ᠶ᠋ᠢ ᠲᠡᠷᠡ ᠬᠦᠰᠡᠭᠰᠡᠨ ᠦᠭᠡᠢ᠃ ᠵᠥᠴᠢ ᠶ᠋ᠢ ᠬᠡᠭᠡᠷ᠎ᠡ ᠶ᠋ᠢᠨ ᠠᠰᠠᠷ ᠲᠤ᠌ ᠣᠴᠢᠬᠤ ᠳ᠋ᠤ᠌ ᠪᠠᠲᠤ ᠣᠷᠬᠧᠨ᠋ᠴᠡ ᠶ᠋ᠢᠨ ᠵᠦᠭ ᠰᠢᠷᠳᠡᠨ ᠳᠣᠪᠣᠴᠠᠭ ᠤ᠋ᠨ ᠳᠡᠭᠡᠷ᠎ᠡ ᠮᠣᠷᠢᠲᠠᠢ ᠵᠣᠭᠰᠣᠵᠤ ᠪᠠᠢᠯ᠎ᠠ᠃ ᠴᠢᠩᠭᠢᠰ ᠬᠠᠭᠠᠨ ᠤ᠋ ᠵᠠᠷᠯᠢᠭ ᠢ᠋ ᠢᠩᠭᠢᠵᠦ ᠰᠠᠨᠠᠭ᠎ᠠ ᠲᠠᠢ ᠪᠠᠷ ᠵᠥᠷᠢᠭᠰᠡᠨ ᠶᠠᠪᠤᠳᠠᠯ ᠡᠮᠦᠨ᠎ᠡ ᠨᠢ ᠶᠡᠷᠦ ᠭᠠᠷᠴᠤ ᠪᠠᠢᠭᠰᠠᠨ ᠦᠭᠡᠢ᠃ ᠵᠥᠴᠢ ᠶ᠋ᠢᠨ ᠬᠥᠪᠡᠭᠦᠨ ᠢ᠋ᠶ᠋ᠡᠨ ᠭᠡᠰᠡᠨ ᠵᠥᠭᠡᠯᠡᠨ ᠵᠠᠩ ᠣᠳᠣ ᠠᠮᠢ ᠨᠠᠰᠤ ᠪᠠᠨ ᠠᠯᠳᠠᠬᠤ ᠠᠶᠤᠯᠲᠠᠢ ᠪᠠᠢᠳᠠᠯ ᠢ᠋ ᠡᠭᠦᠰᠬᠡᠵᠡᠢ᠃ ᠥᠭᠡᠳᠡᠢ ᠶᠠᠭᠠᠬᠢᠪᠠᠴᠤ ᠡᠨᠡ ᠬᠡᠷᠡᠭ ᠢ᠋ ᠬᠠᠭᠠᠴᠠᠢᠯᠠᠨ ᠥᠩᠭᠡᠷᠡᠭᠡᠬᠦ ᠦᠭᠡᠢ ᠨᠢ ᠮᠡᠳᠡᠭᠡᠵᠢ᠃ ᠪᠠᠭ᠎ᠠ ᠪᠠᠯᠴᠢᠷ ᠬᠥᠪᠡᠭᠦᠨ ᠨᠢ ᠭᠡᠨᠡᠨ ᠲᠣᠮᠣᠭ᠎ᠠ ᠦᠭᠡᠢ ᠡᠴᠡ ᠪᠡᠨ ᠪᠣᠯᠵᠤ ᠶᠠᠭᠤ ᠴᠤ᠌ ᠬᠢᠵᠦ ᠮᠡᠳᠡᠬᠦ ᠪᠣᠯᠵᠠᠢ᠃ ᠡᠴᠦᠰ ᠦ᠋ᠨ ᠡᠴᠦᠰ ᠲᠦ᠍ ᠡᠨᠡ ᠬᠡᠷᠡᠭ ᠵᠥᠴᠢ ᠶ᠋ᠢᠨ ᠪᠤᠷᠤᠭᠤ ᠠ᠋ᠴᠠ ᠪᠣᠯᠤᠭᠰᠠᠨ ᠲᠤᠯᠠ ᠴᠢᠩᠭᠢᠰ ᠬᠠᠭᠠᠨ ᠲᠡᠭᠦᠨ ᠳ᠋ᠦ᠍ ᠬᠡᠷᠬᠢᠨ ᠬᠠᠨᠳᠤᠬᠤ ᠶ᠋ᠢ ᠬᠡᠨ ᠴᠦ᠍ ᠦᠯᠦ ᠮᠡᠳᠡᠨ᠎ᠡ᠃ ᠰᠢᠳᠠᠷ ᠤ᠋ᠳ ᠨᠢ ᠶᠠᠭ ᠢᠩᠭᠢᠵᠦ ᠬᠡᠯᠡᠭᠰᠡᠨ ᠪᠢᠯᠡ᠃ 
       | ᠬᠥᠪᠡᠭᠦᠨ ᠮᠢᠨᠢ᠂ ᠥᠭᠡᠳᠡᠢ ᠪᠢᠳᠡᠨ ᠢ᠋ ᠴᠡᠷᠢᠭ ᠢ᠋ᠶ᠋ᠡᠨ ᠣᠷᠣᠭᠤᠯᠬᠤ ᠶ᠋ᠢ ᠱᠠᠭᠠᠷᠳᠠᠵᠤ ᠪᠠᠢᠨ᠎ᠠ ᠭᠡᠵᠦ ᠵᠥᠴᠢ ᠠᠯᠢ ᠪᠣᠯᠬᠤ ᠵᠥᠭᠡᠯᠡᠨ ᠬᠡᠯᠡᠬᠦ ᠶ᠋ᠢ ᠬᠢᠴᠢᠶᠡᠪᠡ᠃ 
       | ᠣᠳᠣᠬᠠᠨ ᠪᠢ ᠴᠡᠷᠢᠭ ᠢ᠋ᠶ᠋ᠡᠨ ᠣᠷᠣᠭᠤᠯᠤᠨ᠎ᠠ᠂ ᠲᠦᠷ ᠬᠦᠯᠢᠶᠡᠵᠦ ᠪᠠᠢᠭ ᠭᠡᠵᠦ ᠪᠠᠲᠤ ᠤᠨᠲᠤᠭᠤᠴᠠᠪᠠ᠃ 
       | ᠴᠢ ᠶᠠᠭᠤ ᠬᠦᠯᠢᠶᠡᠨ᠎ᠡ? ᠭᠡᠵᠦ ᠵᠥᠴᠢ ᠣᠪᠣᠯᠵᠠᠵᠤ ᠢᠷᠡᠭᠰᠡᠨ ᠠᠭᠤᠷ ᠬᠢᠯᠢᠩ ᠢ᠋ᠶ᠋ᠡᠨ ᠠᠷᠠᠢᠬᠠᠨ ᠪᠠᠷᠢᠵᠤ ᠰᠢᠪᠡᠨᠡᠪᠡ᠃ 
       | ᠲᠡᠨᠳᠡ ᠬᠣᠲᠠ ᠶ᠋ᠢᠨ ᠵᠡᠭᠦᠨ ᠲᠠᠯ᠎ᠠ ᠳ᠋ᠤ᠌ ᠮᠣᠩᠭᠣᠯ ᠴᠡᠷᠢᠭ ᠶᠡᠬᠡ ᠪᠡᠷ ᠰᠦᠢᠷᠡᠵᠦ ᠪᠠᠢᠭ᠎ᠠ ᠶ᠋ᠢ ᠴᠢ ᠬᠠᠷᠠᠬᠤ ᠦᠭᠡᠢ ᠪᠠᠢᠨ᠎ᠠ ᠤᠤ? ᠡᠨᠳᠡ ᠲᠡᠢᠨ ᠪᠣᠯᠵᠤ ᠪᠠᠢᠨ᠎ᠠ᠃ 
       | ᠴᠡᠷᠢᠭ ᠢ᠋ᠶ᠋ᠡᠨ ᠳᠠᠷᠤᠢ ᠬᠥᠳᠡᠯᠭᠡ᠃ ᠪᠢᠳᠡᠨ ᠦ᠌ ᠢᠩᠭᠢᠵᠦ ᠪᠠᠢᠭ᠎ᠠ ᠶ᠋ᠢ ᠴᠢᠩᠭᠢᠰ ᠬᠠᠭᠠᠨ ᠶᠠᠭᠤ ᠭᠡᠵᠦ ᠦᠵᠡᠬᠦ ᠶ᠋ᠢ ᠮᠡᠳᠡᠵᠦ ᠪᠠᠢᠨ᠎ᠠ ᠤᠤ? ᠴᠢ ᠭᠡᠵᠦ ᠲᠡᠰᠴᠦ ᠴᠢᠳᠠᠭᠰᠠᠨ ᠦᠭᠡᠢ ᠵᠠᠩᠳᠤᠷᠪᠠ᠃ 
       | ᠪᠢ ᠲᠡᠮᠦᠷ ᠮᠡᠯᠢᠭ ᠢ᠋ ᠴᠡᠷᠢᠭ ᠢ᠋ᠶ᠋ᠡᠨ ᠵᠡᠭᠦᠨ ᠲᠠᠢᠰᠢ ᠥᠭᠡᠳᠡᠢ᠂ ᠴᠠᠭᠠᠲᠠᠢ ᠶ᠋ᠢᠨ ᠴᠡᠷᠢᠭ ᠦ᠋ᠨ ᠵᠦᠭ ᠲᠠᠲᠠᠬᠤ ᠶ᠋ᠢ ᠬᠦᠯᠢᠶᠡᠵᠦ ᠪᠠᠢᠨ᠎ᠠ᠃ ᠲᠡᠭᠡᠪᠡᠯ ᠮᠢᠨᠦ ᠴᠡᠷᠢᠭ ᠶᠠᠮᠠᠷ ᠴᠤ᠌ ᠭᠠᠷᠤᠵᠠ ᠦᠭᠡᠢ ᠪᠡᠷ ᠬᠣᠲᠠ ᠳ᠋ᠤ᠌ ᠣᠷᠣᠨ᠎ᠠ ᠭᠡᠵᠦ ᠪᠠᠲᠤ ᠬᠥᠮᠦᠨ ᠢᠲᠡᠭᠡᠬᠦ ᠶ᠋ᠢᠨ ᠠᠷᠭ᠎ᠠ ᠦᠭᠡᠢ ᠬᠡᠦᠬᠡᠳ ᠦ᠋ᠨ ᠭᠡᠨᠡᠨ ᠦᠭᠡ ᠬᠡᠯᠡᠬᠦ ᠳ᠋ᠦ᠍ ᠵᠥᠴᠢ ᠭᠡᠨᠡᠳᠲᠡ ᠲᠦᠷᠡᠰᠬᠢᠨ ᠠᠭᠤᠷᠯᠠᠪᠠ᠃ ᠡᠴᠢᠭᠡ ᠬᠦᠦ ᠬᠣᠶᠠᠷ ᠤ᠋ᠨ ᠶᠠᠭᠤ ᠬᠡᠯᠡᠯᠴᠡᠬᠦ ᠶ᠋ᠢ ᠣᠳᠣ ᠡᠨᠳᠡ ᠬᠡᠨ ᠴᠦ᠍ ᠰᠣᠨᠣᠰᠬᠤ ᠦᠭᠡᠢ᠂ ᠠᠮᠢ ᠰᠠᠬᠢᠭᠴᠢ ᠴᠡᠷᠢᠭ ᠦ᠋ᠳ ᠬᠡᠳᠦᠨ ᠠᠯᠬᠤᠮ ᠤ᠋ᠨ ᠵᠠᠢᠲᠠᠢ ᠪᠠᠢᠯ᠎ᠠ᠃ ᠪᠠᠲᠤ ᠤᠭ ᠤ᠋ᠨ ᠭᠠᠪᠰᠢᠭᠠᠢ ᠰᠡᠷᠭᠦᠯᠡᠩ ᠬᠥᠮᠦᠨ ᠲᠤᠯᠠ ᠡᠨᠡ ᠤᠳᠠᠭ᠎ᠠ ᠴᠤ᠌ ᠡᠴᠢᠭᠡ ᠶ᠋ᠢᠨ ᠢ᠋ᠶ᠋ᠡᠨ ᠠᠭᠤᠷᠲᠠᠢ ᠳᠣᠭᠰᠢᠨ ᠦᠭᠡ ᠬᠡᠯᠡᠵᠦ ᠬᠢᠯᠢᠩᠨᠡᠬᠦ ᠡᠴᠡ ᠪᠠᠰᠠ ᠤᠷᠢᠲᠠᠪᠠ᠃ 
       | ᠲᠠ ᠰᠣᠨᠣᠰ ᠭᠡᠵᠦ ᠪᠠᠲᠤ ᠶ᠋ᠢᠨ ᠰᠢᠪᠡᠨᠡᠨ ᠬᠡᠯᠡᠭᠰᠡᠨ ᠨᠢ ᠵᠥᠴᠢ ᠶ᠋ᠢ ᠬᠡᠯᠡᠨ ᠦ᠌ ᠦᠵᠦᠭᠦᠷ ᠲᠦ᠍ ᠭᠠᠷᠴᠤ ᠢᠷᠡᠭᠰᠡᠨ ᠰᠢᠷᠦᠭᠦᠨ ᠦᠭᠡ ᠪᠡᠨ ᠪᠤᠴᠠᠭᠠᠨ ᠵᠠᠯᠭᠢᠬᠤ ᠳ᠋ᠤ᠌ ᠬᠦᠷᠭᠡᠪᠡ᠃ ᠪᠠᠲᠤ ᠬᠥᠪᠡᠭᠦᠨ ᠨᠢ ᠶᠡᠷᠦ ᠨᠢ ᠳᠡᠮᠡᠢ ᠰᠤᠯᠠ ᠦᠭᠡ ᠶᠠᠷᠢᠳᠠᠭ ᠦᠭᠡᠢ ᠶ᠋ᠢ ᠲᠡᠷᠡ ᠮᠡᠳᠡᠨ᠎ᠡ᠃ ᠭᠡᠪᠡᠴᠦ ᠲᠦᠷᠦᠭᠦᠴᠢ ᠶ᠋ᠢᠨ ᠬᠡᠯᠡᠭᠰᠡᠨ ᠦᠭᠡᠰ ᠳᠠᠩᠴᠤ ᠭᠡᠨᠡᠨ ᠲᠣᠮᠣᠭ᠎ᠠ ᠦᠭᠡᠢ ᠰᠠᠨᠠᠭᠳᠠᠭᠰᠠᠨ ᠲᠤᠯᠠ ᠲᠡᠪᠴᠢᠭᠡ ᠦᠭᠡᠢ ᠪᠢᠯᠡ᠃ ᠪᠠᠲᠤ ᠢᠩᠭᠢᠵᠦ ᠰᠡᠷᠡᠮᠵᠢᠯᠡᠨ ᠤᠷᠢᠲᠠᠵᠤ ᠳᠤᠤᠭᠠᠷᠤᠭ᠎ᠠ ᠦᠭᠡᠢ ᠪᠣᠯ ᠡᠴᠢᠭᠡ ᠶ᠋ᠢᠨ ᠠᠮᠠᠨ ᠠ᠋ᠴᠠ ᠭᠠᠷᠬᠤ ᠵᠢᠮᠡᠯᠡᠯ ᠦ᠋ᠨ ᠦᠭᠡ ᠲᠡᠳᠡᠨ ᠦ᠌ ᠬᠣᠭᠣᠷᠣᠨᠳᠣ ᠶᠠᠮᠠᠷ ᠤᠷᠰᠢᠭ ᠲᠠᠷᠢᠬᠤ ᠶ᠋ᠢ ᠬᠡᠨ ᠴᠦ᠍ ᠳᠠᠭᠠᠬᠤ ᠶ᠋ᠢᠨ ᠠᠷᠭ᠎ᠠ ᠦᠭᠡᠢ ᠶᠦᠮ᠃ ᠴᠠᠭᠠᠲᠠᠢ ᠪᠣᠯᠤᠭᠠᠳ ᠥᠭᠡᠳᠡᠢ ᠶ᠋ᠢᠨ ᠴᠡᠷᠢᠭ ᠣᠷᠬᠧᠨ᠋ᠴᠡ ᠶ᠋ᠢᠨ ᠬᠡᠷᠡᠮ ᠦ᠋ᠨ ᠵᠡᠭᠦᠨ ᠲᠠᠯ᠎ᠠ ᠠ᠋ᠴᠠ ᠳᠠᠪᠠᠬᠤ ᠭᠡᠳ ᠡᠳᠦᠷ ᠰᠥᠨᠢ ᠬᠣᠶᠠᠷ ᠬᠡᠴᠢᠨᠡᠨ ᠬᠣᠬᠢᠷᠠᠯ ᠦᠵᠡᠭᠡᠳ ᠪᠠᠢᠭ᠎ᠠ ᠨᠢ ᠪᠦᠬᠦᠨ ᠳ᠋ᠦ᠍ ᠢᠯᠡ ᠡᠨᠡ ᠦᠶ᠎ᠡ ᠳ᠋ᠦ᠍ ᠵᠥᠴᠢ ᠶ᠋ᠢᠨ ᠴᠡᠷᠢᠭ ᠬᠥᠳᠡᠯᠬᠦ ᠦᠭᠡᠢ ᠵᠣᠭᠰᠣᠬᠤ ᠶ᠋ᠢ ᠬᠡᠨ ᠴᠦ᠍ ᠪᠠᠢᠭᠰᠠᠨ ᠲᠠᠢᠯᠪᠤᠷᠢᠯᠠᠨ ᠵᠦᠪᠳᠡᠭᠡᠵᠦ ᠴᠢᠳᠠᠬᠤ ᠦᠭᠡᠢ ᠪᠢᠵᠡ᠃ ᠴᠢᠩᠭᠢᠰ ᠬᠠᠭᠠᠨ ᠡᠭᠦᠨ ᠢ᠋ ᠮᠡᠳᠡᠬᠦ ᠦᠭᠡᠢ ᠥᠩᠭᠡᠷᠡᠭᠡᠨ᠎ᠡ ᠭᠡᠵᠦ ᠪᠣᠳᠣᠬᠤ ᠨᠢ ᠬᠠᠮᠤᠭ ᠤ᠋ᠨ ᠭᠡᠨᠡᠨ ᠬᠡᠷᠡᠭ ᠶᠦᠮ᠃ ᠣᠳᠣ ᠵᠥᠴᠢ ᠳ᠋ᠦ᠍ ᠶᠠᠮᠠᠷ ᠶᠠᠯ᠎ᠠ ᠣᠨᠣᠭᠳᠠᠬᠤ ᠨᠢ ᠲᠣᠳᠣᠷᠬᠠᠢ᠃ ᠭᠡᠨᠡᠨ ᠪᠠᠯᠴᠢᠷ ᠬᠥᠪᠡᠭᠦᠨ ᠨᠢ ᠶᠠᠭᠤ ᠰᠡᠳᠦᠵᠦ ᠲᠡᠷᠡ ᠡᠴᠦᠰ ᠲᠦ᠋ᠨᠢ ᠶᠠᠮᠠᠷ ᠶᠠᠯ᠎ᠠ ᠳ᠋ᠤ᠌ ᠤᠨᠠᠬᠤ ᠪᠣᠯ ᠭᠡᠵᠦ ᠵᠥᠴᠢ ᠡᠮᠢᠶᠡᠵᠦ ᠪᠠᠢᠯ᠎ᠠ᠃ ᠭᠡᠪᠡᠴᠦ ᠲᠡᠷᠡ ᠬᠥᠪᠡᠭᠦᠨ ᠦ᠌ ᠪᠡᠨ ᠦᠭᠡ ᠶ᠋ᠢ ᠲᠡᠪᠴᠢᠨ ᠬᠦᠯᠢᠶᠡᠪᠡ᠃ 
       | ᠲᠠ ᠰᠣᠨᠣᠰ ᠭᠡᠵᠦ ᠪᠠᠲᠤ ᠡᠴᠢᠭᠡ ᠳ᠋ᠡᠭᠡᠨ ᠳᠥᠭᠥᠨ ᠢᠷᠡᠵᠦ ᠳᠠᠪᠲᠠᠨ ᠰᠢᠪᠡᠨᠡᠪᠡ᠃ ᠪᠠᠲᠤ ᠳᠠᠬᠢᠨ ᠠᠮᠠ ᠨᠡᠭᠡᠭᠡᠬᠦ ᠶ᠋ᠢᠨ ᠡᠮᠦᠨ᠎ᠡ ᠣᠷᠬᠧᠨ᠋ᠴᠡ ᠶ᠋ᠢᠨ ᠬᠡᠷᠡᠮ ᠦ᠋ᠨ ᠵᠦᠭ ᠤᠳᠠᠭᠠᠨ ᠰᠢᠷᠲᠡᠪᠡ᠃ ᠪᠠᠲᠤ ᠶ᠋ᠢᠨ ᠢᠳᠡᠷ ᠴᠢᠷᠠᠢ ᠭᠡᠨᠡᠳᠲᠡ ᠳᠤᠭᠤᠯᠠᠭᠠᠨ ᠳᠣᠣᠷ᠎ᠠ ᠠ᠋ᠴᠠ ᠢᠨᠢᠶᠡᠮᠰᠦᠭᠯᠡᠵᠦ ᠦᠵᠡᠭᠳᠡᠬᠦ ᠳ᠋ᠦ᠍ ᠵᠥᠴᠢ ᠭᠠᠢᠬᠠᠯ᠎ᠠ᠃ ᠡᠨᠡ ᠬᠥᠪᠡᠭᠦᠨ ᠶᠡᠷᠦ ᠨᠢ ᠤᠬᠠᠭᠠᠨ ᠰᠠᠨᠠᠭ᠎ᠠ ᠡᠷᠡᠭᠦᠯ ᠪᠢᠵᠡ ᠭᠡᠰᠡᠨ ᠪᠣᠳᠣᠯ ᠲᠥᠷᠥᠬᠦ ᠰᠢᠭ᠃ 
       | ᠠᠪᠤ ᠲᠠ ᠬᠠᠷᠠᠵᠤ ᠪᠠᠢᠨ᠎ᠠ ᠤᠤ? ᠲᠡᠷᠡ ᠲᠡᠮᠦᠷ ᠮᠡᠯᠢᠭ ᠴᠡᠷᠢᠭ ᠢ᠋ᠶ᠋ᠡᠨ ᠵᠡᠭᠦᠨ ᠬᠡᠷᠡᠮ ᠲᠡᠢᠰᠢ ᠲᠠᠲᠠᠵᠤ ᠪᠠᠢᠨ᠎ᠠ ᠭᠡᠵᠦ ᠪᠠᠲᠤ ᠳᠣᠭᠳᠣᠯᠤᠨ ᠬᠠᠰᠬᠢᠷᠤᠯ᠎ᠠ᠃ 
       | ᠴᠢ ᠶᠠᠭᠤ ᠶᠠᠷᠢᠨ᠎ᠠ ᠪᠣᠢ? 
       | ᠲᠠ ᠬᠠᠷᠠᠭᠠᠴᠢ ᠳᠠ᠃ ᠲᠡᠳᠡᠨ ᠦ᠌ ᠡᠮᠦᠨ᠎ᠡ ᠬᠥᠨᠳᠡᠯᠢᠳᠬᠦ ᠬᠡᠷᠡᠮ ᠦ᠋ᠨ ᠳᠣᠲᠣᠷ᠎ᠠ ᠪᠣᠯᠵᠤ ᠪᠣᠢ ᠶᠠᠪᠤᠳᠠᠯ ᠥᠨᠳᠥᠷ ᠳᠡᠭᠡᠷ᠎ᠡ ᠡᠴᠡ ᠢᠯᠡ ᠦᠵᠡᠭᠳᠡᠨ᠎ᠡ᠃ ᠨᠡᠭᠡᠷᠡᠨ ᠲᠡᠮᠦᠷ ᠮᠡᠯᠢᠭ ᠦ᠋ᠨ ᠬᠠᠮᠠᠭᠠᠯᠠᠯᠲᠠ ᠶ᠋ᠢᠨ ᠴᠡᠷᠢᠭ ᠦ᠋ᠨ ᠬᠡᠰᠡᠭ ᠨᠢ ᠵᠡᠭᠦᠨ ᠲᠡᠢᠰᠢ ᠴᠤᠪᠤᠷᠠᠨ ᠶᠠᠪᠤᠵᠠᠭᠠᠵᠤ ᠪᠠᠢᠪᠠ᠃ ᠲᠡᠷᠡ ᠳᠠᠷᠤᠢ ᠬᠠᠭᠠᠰ ᠲᠦᠮᠡᠨ ᠴᠡᠷᠢᠭ ᠪᠣᠢ ᠪᠢᠵᠡ᠃ 
       | ᠵᠠ ᠬᠠᠷᠠ ᠳᠠ᠃ ᠪᠢ ᠲᠠᠨ ᠳ᠋ᠤ᠌ ᠬᠡᠯᠡᠭᠰᠡᠨ ᠪᠢᠰᠢ ᠤᠤ? ᠲᠡᠮᠦᠷ ᠮᠡᠯᠢᠭ ᠴᠡᠷᠢᠭ ᠢ᠋ᠶ᠋ᠡᠨ ᠵᠡᠭᠦᠨ ᠲᠡᠢᠰᠢ ᠲᠠᠲᠠᠬᠤ ᠶ᠋ᠢ ᠬᠦᠯᠢᠶᠡᠶ᠎ᠡ ᠭᠡᠵᠢ᠃ 
       | ᠴᠢ ᠶᠠᠭᠤ ᠭᠡᠭᠴᠢ ᠶ᠋ᠢ ᠰᠡᠳᠦᠪᠡ? ᠭᠡᠵᠦ ᠵᠥᠴᠢ ᠬᠠᠷᠠᠭᠰᠠᠨ ᠳ᠋ᠠᠭᠠᠨ ᠢᠲᠡᠭᠡᠵᠦ ᠶᠠᠳᠠᠨ ᠠᠰᠠᠭᠤᠵᠠᠢ᠃ 
       | ᠪᠢ ᠲᠡᠮᠦᠷ ᠮᠡᠯᠢᠭ ᠲᠦ᠍ ᠲᠠᠨ ᠤ᠋ ᠨᠡᠷ᠎ᠡ ᠪᠡᠷ ᠡᠯᠴᠢ ᠢᠯᠡᠭᠡᠵᠦ 《ᠣᠷᠬᠧᠨ᠋ᠴᠡ ᠬᠣᠲᠠ ᠪᠣᠯ ᠴᠢᠩᠭᠢᠰ ᠬᠠᠭᠠᠨ ᠤ᠋ ᠵᠠᠷᠯᠢᠭ ᠢ᠋ᠶ᠋ᠠᠷ ᠵᠥᠴᠢ ᠨᠠᠳᠠᠳᠤ ᠨᠣᠭᠳᠠᠭᠰᠠᠨ ᠭᠠᠵᠠᠷ ᠶᠤᠮ᠃ ᠲᠡᠢᠮᠦ ᠪᠣᠯᠬᠣᠷ ᠣᠷᠬᠧᠨ᠋ᠴᠡ ᠶ᠋ᠢ ᠪᠢ ᠪᠦᠷᠢᠨ ᠪᠦᠲᠦᠨ ᠡᠵᠡᠮᠰᠢᠵᠦ ᠠᠪᠬᠤ ᠶ᠋ᠢ ᠬᠦᠰᠡᠬᠦ ᠲᠤᠯᠠ ᠴᠢᠮᠠᠶ᠋ᠢ ᠪᠠᠭᠤᠵᠤ ᠥᠭᠬᠦ ᠶ᠋ᠢ ᠱᠠᠭᠠᠷᠳᠠᠭᠰᠠᠨ ᠦᠭᠡ ᠪᠡᠨ ᠪᠠᠲᠤᠯᠠᠬᠤ ᠭᠡᠵᠦ ᠳᠠᠷᠤᠢ ᠬᠠᠭᠠᠰ ᠵᠢᠯ ᠪᠦᠰᠡᠯᠡᠨ ᠰᠠᠭᠤᠭᠰᠠᠨ ᠪᠢᠯᠡ᠃ ᠬᠠᠷᠢᠨ ᠴᠢ ᠮᠢᠨᠦ ᠦᠭᠡ ᠶ᠋ᠢ ᠦᠯᠦ ᠳᠠᠭᠠᠵᠤ ᠣᠳᠣ ᠨᠢᠭᠡᠨᠲᠡ ᠴᠢᠩᠭᠢᠰ ᠬᠠᠭᠠᠨ ᠤ᠋ ᠶᠡᠬᠡ ᠴᠡᠷᠢᠭ ᠳᠣᠪᠲᠣᠯᠤᠨ ᠢᠷᠡᠯ᠎ᠡ᠃ ᠴᠢᠨᠦ ᠦᠬᠦᠯ ᠦ᠋ᠨ ᠡᠳᠦᠷ ᠪᠣᠯᠵᠠᠢ᠃ ᠨᠢᠭᠡᠨᠲᠡ ᠣᠷᠬᠧᠨ᠋ᠴᠡ ᠬᠣᠲᠠ᠂ ᠲᠡᠭᠦᠨ ᠦ᠌ ᠢᠷᠭᠡᠳ ᠴᠢᠨᠦ ᠮᠤᠯᠭᠤ ᠲᠡᠨᠡᠭ ᠡᠴᠡ ᠪᠣᠯᠵᠤ ᠦᠭᠡᠢ ᠪᠣᠯᠬᠤ ᠴᠠᠭ ᠢᠷᠡᠯ᠎ᠡ᠃ ᠡᠪᠳᠡᠵᠦ ᠰᠦᠢᠷᠡᠭᠰᠡᠨ ᠣᠷᠬᠧᠨ᠋ᠴᠡ ᠨᠢᠭᠡᠨᠲᠡ ᠨᠠᠳᠠᠳᠤ ᠬᠡᠷᠡᠭ ᠦᠭᠡᠢ ᠲᠤᠯᠠ ᠣᠳᠣ ᠬᠡᠷᠬᠢᠬᠦ ᠶ᠋ᠢ ᠮᠢᠨᠦ ᠳᠡᠭᠦᠦ ᠴᠠᠭᠠᠲᠠᠢ ᠥᠭᠡᠳᠡᠢ ᠬᠣᠶᠠᠷ ᠮᠡᠳᠡᠬᠦ ᠪᠣᠯᠤᠯ᠎ᠠ᠃ ᠴᠢ ᠶᠠᠮᠠᠷ ᠵᠠᠩᠵᠤᠨ ᠪᠣᠯᠬᠤ ᠪᠠᠨ ᠦᠵᠡᠭᠦᠯᠵᠦ ᠲᠡᠳᠡᠨ ᠲᠡᠢ ᠲᠤᠯᠤᠯᠳᠤᠭᠲᠤᠨ᠃ ᠬᠠᠷᠢᠨ ᠪᠢ ᠴᠡᠷᠢᠭ ᠢ᠋ᠶ᠋ᠡᠨ ᠦᠯᠦ ᠬᠥᠳᠡᠯᠭᠡᠨ ᠴᠢᠮᠠᠶ᠋ᠢ ᠬᠡᠷᠬᠢᠨ ᠲᠤᠯᠤᠯᠳᠤᠬᠤ ᠶ᠋ᠢ ᠬᠠᠷᠠᠵᠤ ᠪᠠᠢᠶ᠎ᠠ᠃ ᠴᠢ ᠮᠢᠨᠦ ᠡᠮᠦᠨᠡᠬᠢ ᠪᠠᠷᠠᠭᠤᠨ ᠬᠡᠷᠡᠮ ᠢ᠋ ᠰᠠᠬᠢᠭᠴᠢ ᠴᠡᠷᠢᠭ ᠢ᠋ᠶ᠋ᠡᠨ ᠡᠷᠡᠭᠡᠯᠵᠡᠬᠦ ᠶᠠᠭᠤᠮ᠎ᠠ ᠦᠭᠡᠢ ᠲᠠᠲᠠᠵᠤ ᠴᠠᠭᠠᠲᠠᠢ ᠥᠭᠡᠳᠡᠢ ᠨᠠᠷ ᠤ᠋ᠨ ᠡᠰᠡᠷᠭᠦ ᠪᠠᠢᠯᠳᠤᠭᠲᠤᠨ》 ᠭᠡᠰᠡᠨ ᠪᠢᠴᠢᠭ ᠬᠦᠷᠭᠡᠬᠦᠯᠦᠭᠰᠡᠨ ᠪᠢᠯᠡ᠃ ᠣᠳᠣ ᠲᠡᠷᠡ ᠴᠡᠷᠢᠭ ᠢ᠋ᠶ᠋ᠡᠨ ᠲᠠᠲᠠᠵᠤ ᠪᠠᠢᠨ᠎ᠠ᠃ ᠲᠡᠮᠦᠷ ᠮᠡᠯᠢᠭ ᠨᠠᠳᠠᠳᠤ ᠢᠲᠡᠭᠡᠵᠡᠢ᠃ ᠭᠡᠭᠡ ᠲᠠᠰᠤᠷᠠᠲᠠᠯ᠎ᠠ ᠬᠦᠯᠢᠶᠡᠭᠡᠳ ᠪᠢ ᠴᠡᠷᠢᠭ ᠢ᠋ᠶ᠋ᠡᠨ ᠬᠥᠳᠡᠯᠭᠡᠵᠦ ᠣᠷᠬᠧᠨ᠋ᠴᠡ ᠳ᠋ᠦ᠍ ᠣᠷᠣᠨ᠎ᠠ᠃ ᠪᠠᠲᠤ ᠶ᠋ᠢᠨ ᠡᠨᠡ ᠦᠭᠡ ᠶ᠋ᠢ ᠵᠥᠪ ᠭᠡᠵᠦ ᠰᠠᠢᠰᠢᠶᠠᠬᠤ ᠳ᠋ᠤ᠌ ᠪᠡᠷᠬᠡ ᠠᠵᠢ᠃ ᠠᠲᠠᠭᠠᠲᠤ ᠳᠠᠢᠰᠤᠨ ᠤ᠋ ᠪᠠᠨ ᠦᠭᠡᠨ ᠳ᠋ᠦ᠍ ᠢᠳᠡᠭᠡᠨ ᠨᠡᠭᠡᠷᠡᠨ ᠦᠵᠡᠲᠡᠯ᠎ᠡ ᠴᠡᠷᠢᠭ ᠢ᠋ᠶ᠋ᠡᠨ ᠲᠡᠳᠡᠨ ᠪᠠᠷᠠᠭᠤᠨ ᠬᠠᠮᠠᠭᠠᠯᠠᠯᠲᠠ ᠪᠠᠨ ᠬᠠᠶᠠᠵᠤ ᠪᠣᠢ ᠲᠡᠮᠦᠷ ᠮᠡᠯᠢᠭ ᠢ᠋ ᠴᠦ᠍ ᠣᠢᠯᠠᠭᠠᠵᠤ ᠶᠠᠳᠠᠨ᠎ᠠ᠃ ᠤᠬᠠᠭᠠᠨ ᠵᠣᠷᠢᠭ ᠢ᠋ᠶ᠋ᠠᠷ ᠢ᠋ᠶ᠋ᠠᠨ ᠬᠣᠷᠽᠸᠮ ᠤᠯᠤᠰ ᠲᠠᠭᠠᠨ ᠴᠤᠤᠲᠠᠢ ᠲᠡᠮᠦᠷ ᠮᠡᠯᠢᠭ ᠵᠠᠩᠵᠤᠨ ᠪᠠᠲᠤ ᠬᠥᠪᠡᠭᠦᠨ ᠦ᠌ ᠡᠨᠡ ᠲᠣᠮᠣᠭ᠎ᠠ ᠦᠭᠡᠢ ᠦᠭᠡᠨ ᠳ᠋ᠦ᠍ ᠬᠠᠭᠤᠷᠲᠠᠨ᠎ᠠ ᠭᠡᠬᠦ ᠳ᠋ᠦ᠍ ᠶᠠᠭᠠᠬᠢᠭᠠᠳ ᠴᠤ᠌ ᠢᠲᠡᠭᠡᠬᠦ ᠠᠷᠭ᠎ᠠ ᠦᠭᠡᠢ ᠪᠠᠢᠯ᠎ᠠ᠃ ᠪᠠᠲᠤ ᠡᠭᠦᠨ ᠢ᠋ ᠳᠠᠬᠢᠨ ᠲᠠᠢᠯᠪᠤᠷᠢᠯᠠᠵᠤ ᠬᠡᠯᠡᠭᠡ ᠦᠭᠡᠢ ᠤᠴᠢᠷ ᠵᠥᠴᠢ ᠬᠠᠷᠠᠭᠰᠠᠨ ᠳ᠋ᠠᠭᠠᠨ ᠢᠲᠡᠭᠡᠬᠦ ᠡᠴᠡ ᠥᠭᠡᠷ᠎ᠡ ᠠᠷᠭ᠎ᠠ ᠦᠭᠡᠢ ᠪᠣᠯᠪᠠ᠃ ᠠᠷᠤ ᠲᠠᠯ᠎ᠠ ᠪᠠᠨ ᠬᠠᠮᠠᠭᠠᠯᠠᠯᠲᠠ ᠦᠭᠡᠢ ᠰᠢᠬᠠᠮ ᠦᠯᠡᠳᠡᠭᠡᠵᠦ ᠴᠠᠭᠠᠲᠠᠢ ᠥᠭᠡᠳᠡᠢ ᠬᠣᠶᠠᠷ ᠤ᠋ᠨ ᠡᠰᠡᠷᠭᠦ ᠪᠦᠬᠦ ᠴᠡᠷᠢᠭ ᠢ᠋ᠶ᠋ᠡᠨ ᠬᠥᠳᠡᠯᠭᠡᠭᠰᠡᠨ ᠲᠡᠮᠦᠷ ᠮᠡᠯᠢᠭ ᠦ᠋ᠨ ᠦᠬᠦᠯ ᠢᠷᠡᠵᠦ ᠪᠣᠢ ᠶ᠋ᠢ ᠵᠥᠴᠢ ᠣᠢᠯᠠᠭᠠᠵᠤ᠂ ᠬᠥᠪᠡᠭᠦᠨ ᠢ᠋ᠶ᠋ᠡᠨ ᠶᠠᠭᠠᠬᠢᠵᠤ ᠢᠩᠭᠢᠵᠦ ᠴᠢᠳᠠᠭᠰᠠᠨ ᠳ᠋ᠤ᠌ ᠭᠠᠢᠬᠠᠭᠠᠳ ᠪᠠᠷᠠᠭᠰᠠᠨ ᠦᠭᠡᠢ᠃ ᠪᠠᠲᠤ ᠶ᠋ᠢ ᠬᠡᠷᠬᠢᠨ ᠴᠢᠳᠠᠪᠠ ᠭᠡᠵᠦ ᠭᠠᠢᠬᠠᠬᠤ ᠶ᠋ᠢᠨ ᠣᠭᠲᠣ ᠬᠡᠷᠡᠭ ᠦᠭᠡᠢ ᠪᠠᠢᠭᠰᠠᠨ ᠪᠥᠭᠡᠳ ᠪᠠᠲᠤ ᠬᠥᠪᠡᠭᠦᠨ ᠨᠢ ᠴᠢᠩᠭᠢᠰ ᠬᠠᠭᠠᠨ ᠤ᠋ ᠳᠡᠭᠡᠳᠦ ᠤᠳᠤᠮ ᠳᠣᠪᠣ ᠮᠡᠷᠭᠡᠨ ᠦ᠌ ᠳᠡᠭᠦᠦ ᠳᠤᠸᠠ ᠰᠣᠬᠣᠷ ᠤ᠋ᠨ ᠰᠦᠨᠡᠰᠦ ᠪᠠᠢᠭᠰᠠᠨ ᠳ᠋ᠤ᠌ ᠬᠡᠷᠡᠭ ᠦ᠋ᠨ ᠤᠴᠢᠷ ᠪᠠᠢᠭᠰᠠᠨ ᠪᠢᠯᠡ᠃               
       ᠲᠡᠭᠦᠨ ᠡᠴᠡ ᠭᠠᠳᠠᠨ᠎ᠠ ᠪᠠᠲᠤ ᠡᠯᠴᠢ ᠪᠣᠯᠭᠠᠨ ᠢᠯᠡᠭᠡᠭᠰᠡᠨ ᠥᠪᠡᠷ ᠦ᠋ᠨ ᠪᠣᠭᠣᠯ ᠲᠡᠳᠦ ᠪᠡᠷ ᠲᠡᠮᠦᠷ ᠮᠡᠯᠢᠭ ᠲᠦ᠍ ᠥᠭᠡᠷ᠎ᠡ ᠶᠠᠭᠤ ᠭᠡᠵᠦ ᠬᠡᠯᠡᠭᠦᠯᠦᠭᠰᠡᠨ ᠢ᠋ᠶ᠋ᠡᠨ ᠡᠴᠢᠭᠡ ᠳ᠋ᠡᠭᠡᠨ ᠬᠡᠯᠡᠭᠰᠡᠨ ᠦᠭᠡᠢ᠃ ᠣᠷᠬᠧᠨ᠋ᠴᠡ ᠶ᠋ᠢᠨ ᠴᠡᠷᠢᠭ ᠦ᠋ᠨ ᠤᠳᠤᠷᠢᠳᠤᠭᠴᠢ ᠵᠣᠷᠢᠭᠲᠤ ᠲᠡᠮᠦᠷ ᠮᠡᠯᠢᠭ ᠪᠠᠲᠤ ᠶ᠋ᠢᠨ ᠡᠨᠡ ᠨᠢᠭᠤᠴᠠ ᠦᠭᠡ᠂ ᠲᠡᠳᠦ ᠶ᠋ᠢᠨ ᠬᠣᠪᠰᠤᠨ ᠳ᠋ᠤ᠌ ᠠᠪᠲᠠᠭᠰᠠᠨ ᠤ᠋ ᠤᠴᠢᠷ ᠡᠢᠨ ᠴᠡᠷᠢᠭ ᠢ᠋ᠶ᠋ᠡᠨ ᠬᠣᠲᠠ ᠶ᠋ᠢᠨ ᠵᠡᠭᠦᠨ ᠬᠡᠷᠡᠮ ᠤᠷᠤᠭᠤ ᠰᠢᠯᠵᠢᠭᠦᠯᠵᠡᠢ᠃ ᠡᠰᠡᠷᠭᠦ ᠡᠲᠡᠭᠡᠳ ᠦ᠋ᠨ ᠴᠡᠷᠢᠭ ᠢ᠋ ᠬᠣᠪᠰᠤᠨ ᠳ᠋ᠠᠭᠠᠨ ᠣᠷᠣᠭᠤᠯᠤᠨ ᠤᠬᠠᠭᠠᠨ ᠢ᠋ ᠰᠠᠮᠠᠭᠤᠷᠠᠭᠤᠯᠵᠤ ᠳᠤᠷᠠᠲᠠᠢ ᠵᠦᠭ ᠲᠡᠭᠡᠨ ᠤᠬᠤᠷᠢᠭᠠᠵᠤ᠂ ᠪᠤᠴᠠᠭᠠᠵᠤ ᠪᠣᠯᠬᠤ ᠠᠷᠭ᠎ᠠ ᠶ᠋ᠢ ᠪᠠᠲᠤ᠂ ᠭᠦᠸᠧ ᠸᠠᠩ ᠮᠤᠬᠤᠯᠠᠢ ᠶ᠋ᠢᠨ ᠳᠡᠷᠭᠡᠳᠡ ᠠᠯᠲᠠᠨ ᠤᠯᠤᠰ ᠲᠤ᠌ ᠵᠢᠯ ᠪᠣᠯᠬᠤ ᠳ᠋ᠠᠭᠠᠨ ᠰᠠᠮ ᠦᠵᠡᠵᠦ ᠮᠡᠳᠡᠭᠰᠡᠨ ᠪᠢᠯᠡ᠃ ᠮᠤᠬᠤᠯᠠᠢ ᠸᠠᠩ ᠥᠪᠡᠷ ᠦ᠋ᠨ ᠳᠡᠷᠭᠡᠳᠡ ᠨᠠᠩᠭᠢ ᠬᠡᠮᠡᠬᠦ ᠠᠯᠳᠠᠷᠲᠠᠢ ᠬᠤᠪᠰᠤᠴᠢᠨ ᠪᠠᠢᠳᠠᠭ ᠢ᠋ ᠬᠡᠨ ᠳ᠋ᠦ᠍ ᠴᠦ᠍ ᠬᠡᠯᠡᠳᠡᠭ ᠦᠭᠡᠢ ᠴᠢᠩᠳᠠᠯᠠᠨ ᠨᠢᠭᠤᠴᠠᠯᠠᠵᠤ ᠪᠠᠢᠵᠠᠢ᠃ ᠨᠠᠩᠭᠢ ᠤᠭ ᠨᠢ ᠬᠠᠷᠯᠤᠳ ᠣᠪᠣᠭ ᠤ᠋ᠨ ᠬᠥᠮᠦᠨ ᠪᠥᠭᠡᠳ ᠮᠤᠬᠤᠯᠠᠢ ᠳ᠋ᠤ᠌ ᠠᠯᠢ ᠳᠣᠯᠣᠭᠠᠨ ᠨᠠᠰᠤᠨ ᠠ᠋ᠴᠠ ᠡᠬᠢᠯᠡᠨ ᠵᠢᠳᠬᠦᠭᠰᠡᠨ ᠪᠠᠢᠵᠠᠢ᠃ ᠨᠠᠩᠭᠢ ᠵᠥᠴᠢ ᠶ᠋ᠢᠨ ᠬᠥᠪᠡᠭᠦᠨ ᠪᠠᠲᠤ ᠶ᠋ᠢ ᠳᠠᠭᠠᠵᠤ ᠢᠷᠡᠭᠰᠡᠨ ᠲᠡᠳᠦ ᠶ᠋ᠢ ᠬᠠᠷᠠᠮᠠᠭᠴᠠ ᠲᠡᠭᠦᠨ ᠦ᠌ ᠳᠠᠯᠳᠠ ᠴᠢᠳᠠᠯ ᠢ᠋ ᠮᠡᠳᠡᠵᠦ ᠮᠤᠬᠤᠯᠠᠢ ᠡᠵᠡᠨ ᠳ᠋ᠡᠭᠡᠨ ᠬᠡᠯᠡᠵᠡᠢ᠃ ᠭᠡᠪᠡᠴᠦ ᠪᠠᠲᠤ ᠥᠪᠡᠷ ᠦ᠋ᠨ ᠪᠣᠭᠣᠯ ᠢ᠋ ᠮᠤᠬᠤᠯᠠᠢ ᠳ᠋ᠤ᠌ ᠬᠤᠳᠠᠯᠳᠤᠭᠰᠠᠨ ᠦᠭᠡᠢ᠃ 
       | ᠡᠨᠡ ᠲᠡᠳᠦ ᠪᠣᠯ ᠵᠥᠴᠢ ᠡᠴᠢᠭᠡ ᠶ᠋ᠢᠨ ᠮᠢᠨᠢ ᠵᠢᠷᠦᠬᠡ ᠶᠦᠮ ᠭᠡᠰᠡᠨ ᠶᠢᠰᠦᠨ ᠨᠠᠰᠤᠲᠠᠢ ᠪᠠᠲᠤ ᠶ᠋ᠢᠨ ᠰᠠᠨᠠᠭᠠᠨ ᠳ᠋ᠤ᠌ ᠦᠭᠡᠢ ᠬᠤᠷᠴᠠ ᠦᠭᠡ ᠶ᠋ᠢ ᠰᠣᠨᠣᠰᠤᠭᠠᠳ ᠮᠤᠬᠤᠯᠠᠢ ᠳᠠᠬᠢᠨ ᠠᠮᠠ ᠨᠡᠭᠡᠭᠡᠭᠰᠡᠨ ᠦᠭᠡᠢ᠃ ᠵᠥᠴᠢ ᠲᠡᠳᠦ ᠶ᠋ᠢᠨ ᠴᠢᠳᠠᠯ ᠢ᠋ ᠮᠡᠳᠡᠬᠦ ᠤᠴᠢᠷ ᠠ᠋ᠴᠠ ᠲᠡᠭᠦᠨ ᠢ᠋ ᠬᠥᠪᠡᠭᠦᠨ ᠳ᠋ᠡᠭᠡᠨ ᠥᠭᠭᠥᠭᠰᠡᠨ ᠪᠢᠵᠡ ᠭᠡᠵᠦ ᠲᠠᠭᠠᠮᠠᠭᠯᠠᠭᠰᠠᠨ ᠮᠤᠬᠤᠯᠠᠢ ᠥᠪᠡᠷ ᠦ᠋ᠨ ᠪᠣᠳᠣᠯ ᠠ᠋ᠴᠠ ᠤᠬᠤᠷᠢᠵᠤ ᠬᠠᠷᠢᠨ ᠬᠣᠪᠰᠣᠴᠢᠨ ᠪᠣᠭᠣᠯ ᠢ᠋ᠶ᠋ᠠᠨ ᠬᠡᠷᠬᠢᠨ ᠠᠰᠢᠭᠯᠠᠬᠤ ᠶ᠋ᠢ ᠪᠠᠲᠤ ᠳ᠋ᠤ᠌ ᠰᠠᠢᠲᠤᠷ ᠰᠤᠷᠭᠠᠭᠰᠠᠨ ᠪᠢᠯᠡ᠃ ᠬᠠᠷᠢᠨ ᠲᠡᠳᠦ ᠬᠡᠮᠡᠬᠦ ᠲᠡᠷᠡ ᠬᠡᠳᠦᠨ ᠨᠠᠰᠤᠲᠠᠢ ᠨᠢ ᠦᠯᠦ ᠮᠡᠳᠡᠭᠳᠡᠬᠦ ᠵᠢᠭᠠᠰᠤ ᠮᠡᠲᠦ ᠦᠯᠦ ᠠᠨᠢᠪᠴᠢᠬᠤ ᠨᠢᠳᠦ ᠲᠡᠢ ᠡᠷ᠎ᠡ ᠶ᠋ᠢᠨ ᠬᠣᠪᠰᠣᠳᠠᠬᠤ ᠡᠷᠳᠡᠮ ᠦ᠋ᠨ ᠲᠤᠬᠠᠢ ᠡᠨᠳᠡ ᠵᠥᠪᠬᠡᠨ ᠪᠠᠲᠤ ᠯᠠ ᠮᠡᠳᠡᠬᠦ ᠪᠢᠯᠡ᠃ ᠲᠡᠳᠦ ᠥᠪᠡᠷ ᠦ᠋ᠨ ᠡᠨᠡ ᠳᠠᠯᠳᠠ ᠴᠢᠳᠠᠯ ᠢ᠋ ᠣᠭᠲᠣ ᠮᠡᠳᠡᠭᠳᠡᠬᠦ ᠦᠭᠡᠢ ᠪᠠᠢᠭᠰᠠᠨ ᠪᠥᠭᠡᠳ ᠪᠠᠲᠤ ᠶ᠋ᠢ ᠳᠠᠭᠠᠵᠤ ᠠᠯᠲᠠᠨ ᠤᠯᠤᠰ ᠲᠤ᠌ ᠣᠴᠢᠭᠠᠳ ᠯᠠ ᠰᠠᠶᠢ ᠭᠠᠳᠠᠷᠯᠠᠭᠰᠠᠨ ᠠᠵᠢ᠃ ᠮᠤᠬᠤᠯᠠᠢ ᠸᠠᠩ ᠤ᠋ᠨ ᠳᠡᠷᠭᠡᠳᠡ ᠶ᠋ᠢᠨ ᠬᠣᠪᠰᠣᠴᠢᠨ ᠨᠠᠩᠭᠢ ᠲᠡᠳᠦ ᠳ᠋ᠦ᠍ ᠣᠯᠠᠨ ᠵᠦᠢᠯ ᠵᠢᠭᠠᠵᠤ ᠲᠡᠭᠦᠨ ᠦ᠌ ᠳᠠᠯᠳᠠ ᠴᠢᠳᠠᠯ ᠢ᠋ ᠢᠯᠡᠷᠡᠭᠦᠯᠵᠦ ᠥᠭᠴᠡᠢ᠃ ᠬᠠᠷᠢᠨ ᠡᠭᠦᠨ ᠢ᠋ ᠮᠡᠳᠡᠭᠰᠡᠨ ᠪᠠᠲᠤ ᠬᠡᠵᠢᠶ᠎ᠡ ᠴᠦ᠍ ᠬᠡᠨ ᠳ᠋ᠦ᠍ ᠴᠦ᠍ ᠬᠡᠯᠡᠬᠦ ᠦᠭᠡᠢ ᠪᠠᠢᠬᠤ ᠲᠠᠩᠭᠠᠷᠢᠭ ᠢ᠋ ᠲᠡᠳᠦ ᠡᠴᠡ ᠠᠪᠴᠠᠢ᠃ ᠵᠥᠴᠢ ᠡᠵᠡᠨ ᠨᠢ ᠬᠥᠪᠡᠭᠦᠨ ᠢ᠋ᠶ᠋ᠡᠨ ᠲᠥᠷᠥᠬᠦ ᠳ᠋ᠦ᠍ ᠥᠪᠡᠷ ᠦ᠋ᠨ ᠪᠣᠭᠣᠯ ᠲᠡᠳᠦ ᠶ᠋ᠢ ᠪᠠᠲᠤ ᠳ᠋ᠤ᠌ ᠦᠭᠭᠦᠭᠰᠡᠨ ᠡᠴᠡ ᠬᠣᠢᠰᠢ ᠲᠡᠳᠡ ᠨᠢᠭᠡ ᠴᠦ᠍ ᠡᠳᠦᠷ ᠰᠠᠯᠤᠭᠰᠠᠨ ᠦᠭᠡᠢ ᠠᠷᠪᠠᠨ ᠲᠠᠪᠤᠨ ᠵᠢᠯ ᠳᠥᠭᠥᠵᠦ ᠥᠨᠥᠳᠥᠷ ᠢ᠋ ᠬᠦᠷᠴᠡᠢ᠃ ᠢᠩᠭᠢᠵᠦ ᠭᠠᠭᠴᠠ ᠡᠵᠡᠨ ᠳ᠋ᠦ᠍ ᠵᠠᠬᠢᠷᠤᠭᠳᠠᠬᠤ ᠨᠢ ᠬᠣᠪᠰᠣᠴᠢᠳ ᠤ᠋ᠨ ᠮᠥᠷᠳᠡᠬᠦ ᠬᠠᠤᠯᠢ ᠶᠤᠮ᠃ ᠲᠡᠳᠦ ᠶ᠋ᠢᠨ ᠡᠨᠡ ᠬᠣᠪᠰᠣᠳᠠᠬᠤ ᠨᠢᠭᠤᠴᠠ ᠶ᠋ᠢ ᠵᠥᠴᠢ ᠴᠦ᠍ ᠮᠡᠳᠡᠬᠦ ᠦᠭᠡᠢ ᠪᠢᠯᠡ᠃ ᠬᠡᠷᠪᠡ ᠬᠣᠪᠰᠣᠳᠠᠬᠤ ᠡᠷᠳᠡᠮ ᠨᠢ ᠣᠯᠠᠨ ᠳ᠋ᠤ᠌ ᠢᠯᠡ ᠪᠣᠯᠪᠠᠯ ᠲᠡᠷᠡ ᠪᠦᠭᠦᠳᠡ ᠶ᠋ᠢᠨ ᠳᠠᠢᠰᠤᠨ ᠪᠣᠯᠵᠤ ᠠᠮᠢ ᠪᠠᠨ ᠠᠯᠳᠠᠬᠤ ᠨᠢ ᠡᠨᠡᠭᠦᠬᠡᠨ ᠳ᠋ᠦ᠍ ᠲᠤᠯᠠ ᠲᠡᠳᠦ ᠶ᠋ᠢᠨ ᠡᠷᠳᠡᠮ ᠢ᠋ ᠭᠠᠭᠴᠠᠬᠠᠨ ᠪᠠᠲᠤ ᠮᠡᠳᠡᠵᠦ᠂ ᠲᠡᠭᠦᠨ ᠦ᠌ ᠵᠠᠷᠯᠢᠭ ᠢ᠋ᠶ᠋ᠠᠷ ᠯᠠ ᠶᠧᠯᠸᠢ ᠰᠢᠳᠢ ᠪᠡᠨ ᠦᠵᠡᠭᠦᠯᠬᠦ ᠶᠣᠰᠣᠲᠠᠢ ᠠᠵᠢ᠃ ᠡᠭᠦᠨ ᠦ᠌ ᠬᠢᠨᠢ ᠲᠥᠯᠥᠭᠡ ᠪᠠᠲᠤ᠂ ᠲᠡᠳᠦ ᠶ᠋ᠢᠨ ᠠᠮᠢ ᠨᠠᠰᠤ ᠶ᠋ᠢ ᠳᠠᠭᠠᠭᠠᠨ᠎ᠠ᠃ ᠬᠥᠨᠳᠡᠯᠡᠨ ᠦ᠌ ᠬᠥᠮᠦᠨ ᠳ᠋ᠦ᠍ ᠲᠡᠳᠦ ᠪᠣᠯ ᠪᠠᠲᠤ ᠶ᠋ᠢᠨ ᠰᠢᠳᠠᠷ ᠮᠡᠲᠦ ᠦᠵᠡᠭᠳᠡᠨ᠎ᠡ᠃ ᠵᠥᠴᠢ ᠶ᠋ᠢᠨ ᠴᠡᠷᠢᠭ ᠣᠷᠭᠧᠨ᠋ᠴᠡ ᠶ᠋ᠢᠨ ᠵᠠᠬ᠎ᠠ ᠳ᠋ᠤ᠌ ᠢᠷᠡᠵᠦ ᠪᠠᠭᠤᠬᠤ ᠠ᠋ᠴᠠ ᠶᠠᠭ ᠬᠣᠷᠢᠨ ᠨᠠᠢ᠍ᠮᠠᠨ ᠵᠢᠯ ᠦ᠋ᠨ ᠡᠮᠦᠨ᠎ᠡ ᠲᠡᠮᠦᠵᠢᠨ ᠦ᠌ ᠬᠦᠷᠢᠶᠡᠨ ᠳ᠋ᠦ᠍ ᠨᠢᠭᠡᠨ ᠬᠡᠷᠡᠭ ᠮᠠᠨᠳᠤᠭᠰᠠᠨ ᠨᠢ ᠲᠡᠮᠦᠵᠢᠨ ᠳᠡᠭᠦᠦ ᠥᠬᠢᠨ ᠲᠡᠮᠦᠯᠦᠨ ᠢ᠋ᠶ᠋ᠡᠨ ᠢᠬᠢᠷᠡᠰ ᠠᠢᠮᠠᠭ ᠤ᠋ᠨ ᠪᠣᠳᠣ ᠭᠡᠭᠴᠢ ᠳ᠋ᠦ᠍ ᠨᠠᠢᠷᠠᠮᠳᠠᠨ ᠳᠠᠭᠠᠭᠰᠠᠨ ᠤ᠋ ᠬᠢᠨᠢ ᠱᠠᠩ ᠳ᠋ᠤ᠌ ᠡᠬᠡᠨᠡᠷ ᠪᠣᠯᠭᠠᠨ ᠦᠭᠭᠦᠭᠰᠡᠨ ᠶᠠᠪᠤᠳᠠᠯ ᠪᠠᠢᠯ᠎ᠠ᠃ ᠲᠡᠮᠦᠯᠦᠨ ᠡᠨᠡ ᠦᠶ᠎ᠡ ᠳ᠋ᠦ᠍ ᠲᠡᠮᠦᠵᠢᠨ ᠦ᠌ ᠲᠣᠷᠭᠠᠨ ᠴᠡᠷᠢᠭ ᠲᠡᠳᠦ ᠭᠡᠭᠴᠢ ᠵᠠᠯᠠᠭᠤ ᠡᠷ᠎ᠡ ᠳ᠋ᠦ᠍ ᠰᠡᠳᠬᠢᠯ ᠲᠡᠢ ᠪᠣᠯᠤᠭᠰᠠᠨ ᠪᠠᠢᠪᠠ᠃ ᠲᠡᠳᠦ ᠪᠣᠯ ᠬᠠᠰᠠᠷ ᠤ᠋ᠨ ᠶᠡᠬᠡ ᠬᠠᠲᠤᠨ ᠪᠣᠷᠣᠭᠴᠢᠨ ᠤ᠋ ᠳᠡᠭᠦᠦ ᠲᠤᠯᠠ ᠲᠡᠮᠦᠯᠦᠨ ᠦ᠌ ᠢᠩᠭᠢᠵᠦ ᠰᠡᠳᠬᠢᠯ ᠠᠯᠳᠠᠷᠠᠭᠰᠠᠨ ᠢ᠋ ᠪᠠᠰᠠ ᠪᠤᠷᠤᠭᠤᠳᠬᠠᠬᠤ ᠦᠨᠳᠦᠰᠦ ᠦᠭᠡᠢ ᠠᠵᠢ᠃ ᠲᠡᠳᠦ ᠴᠦ᠍ ᠲᠡᠮᠦᠵᠢᠨ ᠦ᠌ ᠳᠡᠭᠦᠦ ᠲᠡᠮᠦᠯᠦᠨ ᠥᠬᠢᠨ ᠳ᠋ᠦ᠍ ᠳᠤᠷᠠᠯᠠᠵᠠᠢ᠃ ᠭᠡᠪᠡᠴᠦ ᠲᠡᠳᠡ ᠠᠮᠠᠷᠠᠭᠯᠠᠨ ᠠᠮᠢᠳᠤᠷᠠᠬᠤ ᠬᠤᠪᠢ ᠦᠭᠡᠢ ᠪᠠᠢᠭᠰᠠᠨ ᠶᠤᠮ᠃ ᠲᠡᠮᠦᠯᠦᠨ ᠲᠡᠳᠦ ᠶ᠋ᠢᠨ ᠲᠤᠬᠠᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠭᠡᠰᠡᠨ ᠥᠭᠡᠯᠦᠨ ᠡᠬᠡ ᠶ᠋ᠢᠨ ᠢ᠋ᠶ᠋ᠡᠨ ᠬᠠᠰᠢᠷᠯᠠᠨ ᠵᠠᠬᠢᠭᠰᠠᠨ ᠢ᠋ ᠳᠠᠭᠠᠯ ᠦᠭᠡᠢ᠂ ᠲᠡᠮᠦᠵᠢᠨ ᠠᠬ᠎ᠠ ᠨᠢ ᠡᠴᠦᠰ ᠦ᠋ᠨ ᠡᠴᠦᠰ ᠲᠦ᠍ ᠲᠡᠭᠦᠨ ᠦ᠌ ᠬᠠᠢᠷ᠎ᠠ ᠰᠡᠳᠬᠢᠯ ᠢ᠋ ᠨᠢ ᠣᠢᠯᠠᠭᠠᠨ ᠰᠢᠢᠳᠪᠦᠷᠢ ᠪᠡᠨ ᠪᠤᠴᠠᠭᠠᠨ᠎ᠠ ᠭᠡᠮᠡᠨ ᠭᠣᠷᠢᠳᠠᠯᠭ᠎ᠠ ᠲᠠᠰᠤᠷᠠᠬᠤ ᠦᠭᠡᠢ ᠲᠤᠯᠠ ᠥᠪᠡᠷ ᠦ᠋ᠨ ᠰᠡᠳᠬᠢᠯ ᠦ᠋ᠨ ᠨᠠᠨᠳᠢᠨ ᠨᠢᠭᠤᠴᠠ ᠪᠠᠨ ᠪᠥᠷᠲᠡ ᠳ᠋ᠦ᠍ ᠳᠡᠯᠭᠡᠵᠦ ᠲᠤᠰᠠᠯᠠᠬᠤ ᠶ᠋ᠢ ᠭᠤᠶᠤᠭᠰᠠᠨ ᠪᠢᠯᠡ᠃ ᠪᠥᠷᠲᠡ ᠲᠡᠮᠦᠯᠦᠨ ᠦ᠌ ᠲᠣᠯᠣᠭᠠᠢ ᠶ᠋ᠢ ᠡᠩᠭᠡᠷ ᠲᠡᠭᠡᠨ ᠨᠠᠭᠠᠵᠤ ᠤᠳᠠᠭᠠᠨ ᠰᠠᠭᠤᠵᠠᠢ᠃ ᠭᠡᠲᠡᠯ᠎ᠡ ᠭᠠᠳᠠᠭ᠎ᠠ ᠲᠡᠮᠦᠵᠢᠨ ᠦ᠌ ᠢᠷᠡᠬᠦ ᠰᠣᠨᠣᠰᠳᠠᠭᠰᠠᠨ ᠲᠤᠯᠠ ᠲᠡᠮᠦᠯᠦᠨ ᠭᠣᠳ ᠬᠢᠨ ᠭᠠᠷᠴᠤ ᠭᠦᠶᠦᠵᠡᠢ᠃ ᠲᠡᠮᠦᠵᠢᠨ ᠲᠡᠳᠡᠨ ᠦ᠌ ᠶᠠᠭᠤ ᠶᠠᠷᠢᠯᠴᠠᠭᠰᠠᠨ ᠢ᠋ ᠰᠢᠭᠤᠳ ᠮᠡᠳᠡᠪᠡ᠃ 
       | ᠪᠥᠷᠲᠡ᠂ ᠴᠢ ᠪᠠᠰᠠ ᠡᠵᠢ ᠰᠢᠭ ᠲᠡᠮᠦᠯᠦᠨ ᠢ᠋ ᠪᠣᠳᠣ ᠳ᠋ᠤ᠌ ᠪᠦᠦ ᠥᠭ ᠭᠡᠵᠦ ᠨᠠᠮᠠᠶ᠋ᠢ ᠢᠳᠬᠠᠬᠤ ᠨᠢ ᠤᠤ ᠭᠡᠪᠡᠯ ᠪᠥᠷᠲᠡ ᠴᠠᠢ ᠠᠶᠠᠭᠠᠯᠠᠵᠤ ᠥᠭᠭᠦᠭᠡᠳ ᠳᠡᠷᠭᠡᠳᠡ ᠨᠢ ᠳᠥᠭᠥᠨ ᠰᠠᠭᠤᠵᠤ 
       | ᠲᠡᠮᠦᠵᠢᠨ᠂ ᠴᠢ ᠲᠡᠮᠦᠯᠦᠨ ᠦ᠌ ᠬᠡᠷᠡᠭ ᠢ᠋ ᠳᠡᠮᠡᠢ ᠨᠢᠭᠡ ᠬᠢᠯᠪᠠᠷ ᠶᠠᠪᠤᠳᠠᠯ ᠭᠡᠵᠦ ᠪᠦᠦ ᠦᠵᠡ᠃ ᠲᠡᠮᠦᠯᠦᠨ ᠪᠣᠳᠣ ᠳ᠋ᠤ᠌ ᠣᠴᠢᠬᠤ ᠦᠭᠡᠢ ᠤᠷᠭᠤᠨ ᠵᠠᠢᠯᠠᠬᠤ ᠭᠡᠨ᠎ᠡ ᠭᠡᠪᠡ᠃ 
       | ᠴᠢ ᠢᠨᠢᠶᠡᠳᠦ ᠪᠦᠦ ᠬᠦᠷᠭᠡ᠂ ᠲᠡᠷᠡ ᠶᠠᠭᠠᠬᠢᠵᠤ ᠢᠩᠭᠢᠵᠦ ᠴᠢᠳᠠᠨ᠎ᠠ᠃ ᠬᠠᠷᠢᠨ ᠴᠢ ᠴᠠᠭᠠᠳᠤ ᠬᠥᠮᠦᠨ ᠨᠢ ᠬᠡᠨ ᠪᠣᠯᠬᠤ ᠶ᠋ᠢ ᠮᠡᠳᠡ᠃ 
       | ᠪᠢ ᠮᠡᠳᠡᠵᠦ ᠪᠠᠢᠨ᠎ᠠ᠃  
       | ᠬᠡᠨ ᠪᠣᠢ? 
       | ᠦᠭᠡᠢ ᠠ᠋᠃ ᠴᠢ ᠨᠠᠮᠠᠶ᠋ᠢ ᠲᠡᠭᠦᠨ ᠦ᠌ ᠨᠡᠷ᠎ᠡ ᠶ᠋ᠢ ᠬᠡᠯᠡᠬᠦ ᠶ᠋ᠢᠨ ᠡᠮᠦᠨ᠎ᠡ ᠨᠢᠭᠡ ᠵᠦᠢᠯ ᠠᠮᠠᠯᠠ᠃ 
       | ᠴᠢ ᠬᠡᠯᠡ᠃ 
       | ᠴᠢ ᠲᠡᠭᠦᠨ ᠢ᠋ ᠥᠨᠥ ᠰᠥᠨᠢ ᠦᠬᠦᠭᠦᠯᠦᠨ᠎ᠡ ᠭᠡᠪᠡᠯ ᠪᠢ ᠬᠡᠯᠡᠶ᠎ᠡ᠃ ᠪᠥᠷᠲᠡ ᠶ᠋ᠢᠨ ᠡᠨᠡ ᠦᠭᠡ ᠲᠡᠮᠦᠵᠢᠨ ᠢ᠋ ᠶᠡᠬᠡᠳᠡ ᠰᠣᠴᠢᠭᠠᠪᠠ᠃ 
       | ᠴᠢ ᠲᠡᠭᠦᠨ ᠢ᠋ ᠥᠨᠥ ᠰᠥᠨᠢ ᠦᠬᠦᠭᠦᠯᠬᠦ ᠦᠭᠡᠢ ᠪᠣᠯ ᠲᠡᠳᠡ ᠮᠠᠷᠭᠠᠰᠢ ᠤᠷᠭᠤᠨ ᠵᠠᠢᠯᠠᠬᠤ ᠪᠣᠯᠤᠨ᠎ᠠ᠃ ᠢᠩᠭᠢᠪᠡᠯ ᠴᠢᠨᠦ ᠨᠡᠷ᠎ᠡ ᠰᠦᠷ ᠲᠦ᠍ ᠬᠠᠷ᠎ᠠ ᠲᠣᠯᠪᠣ ᠪᠣᠯᠬᠤ ᠪᠢᠰᠢ ᠤᠤ? ᠲᠡᠷᠡ ᠬᠥᠮᠦᠨ ᠨᠢ ᠴᠢᠨᠦ ᠠᠮᠢ ᠰᠠᠬᠢᠭᠴᠢ ᠴᠡᠷᠢᠭ ᠲᠡᠳᠦ ᠭᠡᠨ᠎ᠡ᠃ 
       | ᠪᠣᠷᠣᠭᠴᠢᠨ ᠤ᠋ ᠳᠡᠭᠦᠦ ᠲᠡᠳᠦ ᠭᠡᠵᠦ ᠤᠤ? 
       ᠲᠡᠮᠦᠵᠢᠨ ᠪᠣᠳᠣᠯ ᠳ᠋ᠤ᠌ ᠤᠨᠠᠪᠠ᠃ ᠲᠡᠷᠡ ᠲᠡᠳᠦ ᠳ᠋ᠦ᠍ ᠬᠠᠢᠷᠠᠲᠠᠢ ᠶᠤᠮ᠃ ᠲᠡᠳᠦ ᠪᠣᠯ ᠥᠪᠡᠷ ᠢ᠋ᠶ᠋ᠡᠨ ᠰᠠᠢᠨ ᠳᠤᠷ᠎ᠠ ᠪᠠᠷ ᠵᠢᠳᠬᠦᠵᠦ ᠲᠣᠷᠭᠠᠨ ᠴᠡᠷᠢᠭ ᠲᠦ᠍ ᠰᠢᠯᠢᠭᠳᠡᠨ ᠲᠡᠩᠴᠡᠭᠰᠡᠨ ᠰᠤᠯᠠ ᠠᠷᠠᠳ ᠭᠠᠷᠤᠯᠲᠠᠢ ᠴᠥᠭᠡᠨ ᠡᠷᠡᠰ ᠦ᠋ᠨ ᠨᠢᠭᠡ ᠪᠢᠯᠡ᠃ ᠲᠣᠷᠭᠠᠨ ᠴᠡᠷᠢᠭ ᠲᠦ᠍ ᠵᠥᠪᠬᠡᠨ ᠨᠣᠶᠠᠳ ᠤ᠋ᠨ ᠬᠥᠪᠡᠭᠦᠳ ᠣᠷᠣᠬᠤ ᠪᠥᠭᠡᠲᠡᠯ᠎ᠡ ᠲᠡᠮᠦᠵᠢᠨ ᠦ᠌ ᠲᠤᠰᠢᠶᠠᠯ ᠢ᠋ᠶ᠋ᠠᠷ ᠵᠢᠷ ᠦ᠋ᠨ ᠠᠷᠠᠳ ᠤ᠋ᠨ ᠬᠡᠦᠬᠡᠳ ᠡᠴᠡ ᠬᠦᠰᠡᠯᠲᠡᠢ᠂ ᠤᠬᠠᠭᠠᠯᠢᠭ᠂ ᠭᠠᠪᠰᠢᠭᠠᠢ ᠶ᠋ᠢ ᠨᠢ ᠰᠣᠩᠭᠣᠨ ᠠᠪᠬᠤ ᠪᠣᠯᠤᠭᠰᠠᠨ ᠪᠠᠢᠪᠠ᠃ ᠲᠡᠮᠦᠵᠢᠨ ᠢ᠋ ᠬᠠᠮᠠᠭᠠᠯᠠᠬᠤ ᠭᠡᠵᠦ ᠦᠨᠡᠨ ᠰᠡᠳᠬᠢᠯ ᠢ᠋ᠶ᠋ᠡᠷ ᠵᠣᠷᠢᠵᠤ ᠢᠷᠡᠭᠰᠡᠳ ᠢ᠋ ᠲᠡᠷᠡ ᠣᠨᠴᠠᠭᠠᠢᠯᠠᠨ ᠦᠵᠡᠨ᠎ᠡ᠃ ᠲᠡᠳᠦ ᠪᠣᠯ ᠬᠠᠮᠤᠭ ᠤ᠋ᠨ ᠰᠢᠯᠢᠳᠡᠭ ᠴᠡᠷᠢᠭ ᠪᠠᠢᠪᠠ᠂ ᠭᠤᠷᠪᠠᠨ ᠡᠳᠦᠷ ᠰᠥᠨᠢ ᠨᠣᠢᠷ ᠬᠣᠭᠣᠯᠠ ᠦᠭᠡᠢ ᠶᠠᠪᠤᠵᠤ᠂ ᠵᠣᠭᠰᠣᠵᠤ ᠴᠢᠳᠠᠬᠤ ᠬᠥᠮᠦᠨ ᠭᠠᠭᠴᠠᠬᠠᠨ ᠲᠡᠳᠦ ᠪᠢᠯᠡ᠃ ᠲᠠᠢᠴᠢᠭᠤᠳ ᠲᠠᠢ ᠬᠢᠭᠰᠡᠨ ᠲᠤᠯᠤᠯᠳᠤᠭᠠᠨ ᠳ᠋ᠤ᠌ ᠲᠡᠳᠦ ᠲᠡᠮᠦᠵᠢᠨ ᠦ᠌ ᠳᠡᠷᠭᠡᠳᠡ ᠡᠴᠡ ᠣᠭᠲᠣ ᠬᠣᠯᠠᠳᠬᠤ ᠦᠭᠡᠢ ᠭᠤᠷᠪᠠ ᠬᠣᠨᠣᠭᠰᠠᠨ ᠪᠥᠭᠡᠳ ᠪᠣᠷᠣᠭᠠᠨ ᠠ᠋ᠴᠠ ᠲᠡᠭᠦᠨ ᠢ᠋ ᠬᠠᠮᠠᠭᠠᠯᠠᠨ ᠬᠠᠯᠬ᠎ᠠ ᠪᠠᠷᠢᠵᠤ ᠰᠥᠨᠢᠵᠢᠨ ᠵᠣᠭᠰᠣᠬᠤ ᠳ᠋ᠠᠭᠠᠨ ᠭᠠᠭᠴᠠᠬᠠᠨ ᠤᠳᠠᠭ᠎ᠠ ᠬᠥᠯ ᠢ᠋ᠶ᠋ᠡᠨ ᠰᠣᠯᠢᠵᠤ ᠭᠢᠰᠬᠢᠭᠰᠡᠨ ᠡᠴᠡ ᠥᠭᠡᠷ᠎ᠡ ᠬᠥᠳᠡᠯᠦᠭᠡ ᠦᠭᠡᠢ ᠶ᠋ᠢ ᠲᠡᠮᠦᠵᠢᠨ ᠨᠣᠢᠲᠠᠨ ᠭᠠᠵᠠᠷ ᠳᠡᠭᠡᠷ᠎ᠡ ᠡᠴᠡ ᠦᠵᠡᠭᠰᠡᠨ ᠶᠦᠮ᠃ ᠲᠡᠳᠦ ᠪᠣᠯ ᠦᠨᠡᠬᠡᠷ ᠰᠢᠳᠢᠲᠡᠢ᠂ ᠲᠡᠪᠴᠢᠶᠡᠷᠢ ᠲᠡᠢ ᠬᠥᠮᠦᠨ ᠶᠦᠮ᠃ ᠪᠤᠰᠤᠳ ᠨᠢ ᠨᠣᠢᠷᠮᠤᠭᠯᠠᠨ ᠤᠨᠠᠵᠤ ᠪᠠᠢᠬᠤ ᠳ᠋ᠤ᠌ ᠲᠡᠳᠦ ᠭᠠᠭᠴᠠᠭᠠᠷ ᠨᠢᠳᠦ ᠴᠠᠪᠴᠢᠬᠤ ᠦᠭᠡᠢ ᠵᠣᠭᠰᠣᠵᠤ ᠪᠠᠢᠳᠠᠭ ᠪᠠᠢᠪᠠ᠃ ᠣᠴᠢᠵᠤ ᠣᠴᠢᠵᠤ ᠬᠠᠮᠤᠭ ᠤ᠋ᠨ ᠬᠠᠢᠷᠠᠲᠠᠢ ᠲᠣᠷᠭᠠᠨ ᠴᠡᠷᠢᠭ ᠨᠢ ᠲᠡᠮᠦᠯᠦᠨ ᠳᠡᠭᠦᠦ ᠲᠡᠢ ᠨᠢ ᠰᠡᠳᠬᠢᠯ ᠦ᠋ᠨ ᠬᠣᠯᠪᠣᠭ᠎ᠠ ᠲᠠᠢ ᠪᠣᠯᠤᠭᠰᠠᠨ ᠢ᠋ ᠮᠡᠳᠡᠮᠡᠭᠴᠡ ᠲᠡᠮᠦᠵᠢᠨ ᠭᠠᠢᠬᠠᠨ ᠲᠡᠭᠡᠨᠡᠭᠡᠯᠵᠡᠵᠦ ᠡᠬᠢᠯᠡᠪᠡ᠃ ᠬᠡᠷᠪᠡ ᠢᠬᠢᠷᠡᠰ ᠠᠢᠮᠠᠭ ᠤ᠋ᠨ ᠪᠣᠳᠣ ᠠᠯᠪᠠᠲᠤ ᠨᠤᠭᠤᠳ ᠢ᠋ᠶ᠋ᠠᠨ ᠳᠠᠭᠠᠭᠤᠯᠤᠨ ᠲᠡᠭᠦᠨ ᠳ᠋ᠦ᠍ ᠳᠠᠭᠠᠵᠤ ᠣᠷᠣᠭᠰᠠᠨ ᠤ᠋ ᠪᠠᠨ ᠱᠠᠩ ᠳ᠋ᠤ᠌ ᠲᠡᠮᠦᠯᠦᠨ ᠢ᠋ ᠭᠣᠶᠣᠭ᠎ᠠ ᠦᠭᠡᠢ ᠪᠣᠯ ᠬᠡᠳᠦᠢ ᠠᠷᠠᠳ ᠤ᠋ᠨ ᠬᠡᠦᠬᠡᠳ ᠴᠦ᠍ ᠲᠡᠳᠦ ᠳ᠋ᠦ᠍ ᠳᠡᠭᠦᠦ ᠲᠡᠮᠦᠯᠦᠨ ᠢ᠋ᠶ᠋ᠡᠨ ᠥᠭᠬᠦ ᠳ᠋ᠦ᠍ ᠲᠠᠲᠠᠭᠠᠯᠵᠠᠬᠤ ᠶᠠᠭᠤᠮ᠎ᠠ ᠦᠭᠡᠢ ᠰᠠᠨᠠᠭᠳᠠᠨ᠎ᠠ᠃ ᠭᠡᠪᠡᠴᠦ ᠬᠡᠷᠡᠭ ᠨᠢᠭᠡᠨᠲᠡ ᠡᠢᠮᠦ ᠳ᠋ᠦ᠍ ᠬᠦᠷᠴᠡᠢ᠃ ᠴᠡᠷᠢᠭ ᠬᠥᠮᠦᠨ ᠬᠡᠳᠦᠢ ᠵᠣᠷᠢᠭ ᠲᠡᠪᠴᠢᠶᠡᠷᠢ ᠶᠡᠬᠡᠲᠡᠢ᠂ ᠦᠨᠡᠨᠴᠢ ᠰᠡᠳᠬᠢᠯ ᠲᠡᠢ ᠴᠦ᠍ ᠪᠦᠬᠦᠯᠢ ᠪᠦᠲᠦᠨ ᠠᠢᠮᠠᠭ ᠲᠠᠢ ᠳ᠋ᠦᠢᠴᠡᠬᠦ ᠭᠡᠵᠦ ᠤᠤ? ᠡᠢᠨ ᠰᠠᠨᠠᠬᠤ ᠳ᠋ᠤ᠌ ᠪᠥᠷᠲᠡ ᠶ᠋ᠢᠨ ᠱᠠᠭᠠᠷᠳᠠᠭᠰᠠᠨ ᠢ᠋ᠶ᠋ᠠᠷ ᠲᠡᠳᠦ ᠶ᠋ᠢ ᠳᠠᠷᠤᠢ ᠦᠬᠦᠭᠦᠯᠬᠦ ᠨᠢ ᠵᠥᠪ ᠰᠠᠨᠠᠭᠳᠠᠵᠠᠢ᠃ ᠪᠥᠷᠲᠡ ᠯᠡ ᠢᠩᠭᠢᠵᠦ ᠰᠡᠢᠷᠡᠭ ᠤᠬᠠᠭᠠᠨ ᠲᠠᠢ ᠵᠠᠩᠨᠠᠭ᠎ᠠ ᠦᠭᠡᠢ ᠪᠣᠯ ᠵᠣᠷᠢᠭ ᠶᠡᠬᠡᠲᠦ ᠲᠡᠳᠦ ᠶᠠᠭᠠᠬᠢᠵᠤ ᠴᠤ᠌ ᠮᠡᠳᠡᠬᠦ ᠪᠢᠯᠡ᠃ ᠲᠡᠳᠦ ᠨᠢᠭᠡᠨᠲᠡ ᠯᠡ ᠵᠣᠷᠢᠭᠯᠠᠨ ᠵᠢᠳᠬᠦᠪᠡᠯ ᠬᠡᠨ ᠢ᠋ ᠴᠦ᠍ ᠬᠥᠨᠥᠭᠡᠵᠦ ᠮᠡᠳᠡᠨ᠎ᠡ᠃ ᠪᠦᠷ ᠲᠡᠮᠦᠵᠢᠨ ᠢ᠋ ᠥᠪᠡᠷ ᠢ᠋ ᠨᠢ ᠴᠦ᠍ ᠬᠣᠣᠷᠯᠠᠵᠤ ᠳᠥᠩᠭᠡᠬᠦ ᠪᠢᠯᠡ᠃ ᠡᠢᠨ ᠰᠠᠨᠠᠭᠠᠳ ᠲᠡᠮᠦᠵᠢᠨ ᠪᠣᠰᠤᠨ ᠬᠠᠷᠠᠢᠪᠠ᠃ 
       | ᠴᠢᠨᠦ ᠵᠥᠪ ᠰᠠᠨᠠᠭᠳᠠᠨ᠎ᠠ᠃ ᠪᠢ ᠣᠳᠣᠬᠠᠨ ᠪᠤᠭᠤᠷᠴᠢ ᠶ᠋ᠢ ᠶᠠᠪᠤᠭᠤᠯᠵᠤ ᠲᠡᠭᠦᠨ ᠢ᠋ ᠰᠠᠮ ᠪᠠᠷᠢᠭᠤᠯᠤᠶ᠎ᠠ ᠭᠡᠳ ᠭᠠᠷᠬᠤ ᠭᠡᠲᠡᠯ᠎ᠡ ᠪᠥᠷᠲᠡ ᠳᠠᠭᠤᠳᠠᠵᠤ ᠲᠡᠭᠦᠨ ᠢ᠋ ᠵᠣᠭᠰᠣᠭᠠᠪᠠ᠃ 
       | ᠲᠡᠮᠦᠵᠢᠨ᠂ ᠴᠢ ᠪᠤᠭᠤᠷᠴᠢ ᠶ᠋ᠢ ᠪᠦᠦ ᠶᠠᠪᠤᠭᠤᠯ᠃ ᠪᠤᠭᠤᠷᠴᠢ ᠶ᠋ᠢᠨ ᠬᠡᠷᠡᠭ ᠦ᠋ᠨ ᠤᠴᠢᠷ ᠢ᠋ ᠮᠡᠳᠡᠪᠡᠯ ᠴᠢᠮᠠᠲᠤ ᠥᠰᠢᠷᠡᠬᠦ ᠪᠢᠰᠢ ᠤᠤ? ᠪᠤᠭᠤᠷᠴᠢ ᠲᠡᠷᠡ ᠲᠡᠢ ᠲᠡᠷᠡ ᠦᠭᠡᠢ ᠴᠢᠮ᠎ᠠ ᠲᠠᠢ ᠨᠡᠷ᠎ᠡ ᠨᠢᠭᠡ᠃ ᠡᠢᠮᠦ ᠬᠡᠷᠡᠭ ᠲᠦ᠍ ᠬᠠᠰᠠᠷ ᠢ᠋ ᠵᠠᠷᠤᠪᠠᠯ ᠵᠣᠬᠢᠨ᠎ᠠ᠃ ᠪᠣᠷᠣᠭᠴᠢᠨ ᠮᠡᠳᠡᠯ᠎ᠡ ᠴᠦ᠍ ᠬᠠᠰᠠᠷ ᠲᠤ᠌ ᠥᠰᠢᠷᠡᠬᠦ ᠦᠭᠡᠢ ᠪᠢᠵᠡ᠃ ᠲᠡᠷᠡ ᠲᠡᠳᠦ ᠶ᠋ᠢ ᠥᠴᠢᠭ ᠦᠭᠡᠢ ᠦᠬᠦᠭᠦᠯ᠃ ᠡᠢᠮᠦ ᠬᠣᠯᠠ ᠶ᠋ᠢᠨ ᠨᠠᠷᠢᠨ ᠤᠬᠠᠭᠠᠨ ᠭᠠᠷᠭᠠᠬᠤ ᠬᠥᠮᠦᠨ ᠪᠥᠷᠲᠡ ᠡᠴᠡ ᠥᠭᠡᠷ᠎ᠡ ᠦᠭᠡᠢ ᠪᠢᠯᠡ᠃ ᠪᠥᠷᠲᠡ ᠶ᠋ᠢᠨ ᠬᠡᠯᠡᠭᠰᠡᠨ ᠦᠭᠡᠨ ᠦ᠌ ᠴᠠᠭᠠᠳᠤ ᠭᠦᠨᠵᠡᠭᠡᠢ ᠰᠠᠨᠠᠭ᠎ᠠ ᠶ᠋ᠢ ᠣᠢᠯᠠᠭᠠᠭᠠᠳ ᠲᠡᠮᠦᠵᠢᠨ ᠪᠠᠬᠠᠳᠤᠯᠲᠠᠢ ᠪᠠᠷ ᠢᠨᠢᠶᠡᠵᠦ 
       | ᠪᠥᠷᠲᠡ᠂ ᠪᠢ ᠴᠢᠨᠦ ᠬᠡᠯᠡᠭᠰᠡᠨ ᠢ᠋ᠶ᠋ᠡᠷ ᠬᠢᠶ᠎ᠡ᠃ ᠴᠢ ᠪᠢᠳᠡ ᠬᠣᠶᠠᠷ ᠨᠢᠭᠡ ᠬᠥᠮᠦᠨ ᠪᠣᠯᠵᠠᠢ ᠭᠡᠵᠦ ᠰᠢᠪᠡᠨᠡᠭᠡᠳ ᠭᠠᠷᠴᠠᠢ᠃ ᠲᠡᠷᠡ ᠰᠥᠨᠢ ᠬᠠᠢᠷᠠᠲᠠᠢ ᠲᠡᠮᠦᠯᠦᠨ ᠢ᠋ᠶ᠋ᠡᠨ ᠠᠪᠴᠤ ᠤᠷᠭᠤᠬᠤ ᠪᠠᠷ ᠰᠢᠢᠳᠦᠭᠰᠡᠨ ᠲᠡᠳᠦ ᠶ᠋ᠢ ᠬᠠᠰᠠᠷ ᠣᠴᠢᠵᠤ ᠪᠠᠷᠢᠵᠤ ᠬᠣᠷᠢᠵᠠᠢ᠃ ᠲᠡᠮᠦᠵᠢᠨ ᠲᠡᠭᠦᠨ ᠢ᠋ ᠠᠷᠠᠢ ᠴᠤ᠌ ᠠᠯᠠᠵᠤ ᠵᠢᠷᠦᠬᠡᠯᠡᠭᠰᠡᠨ ᠦᠭᠡᠢ ᠬᠠᠢᠷᠠᠯᠠᠭᠰᠠᠨ ᠪᠢᠯᠡ᠃ ᠲᠡᠮᠦᠯᠦᠨ ᠢ᠋ ᠪᠣᠳᠣ ᠢᠬᠢᠷᠡᠰ ᠠᠢᠮᠠᠭ ᠤᠷᠤᠭᠤ ᠪᠠᠨ ᠠᠪᠴᠤ ᠶᠠᠪᠤᠭᠰᠠᠨ ᠠ᠋ᠴᠠ ᠬᠣᠢᠨ᠎ᠠ ᠲᠡᠳᠦ ᠶ᠋ᠢ ᠠᠪᠴᠢᠷᠠ ᠭᠡᠵᠦ ᠲᠡᠮᠦᠵᠢᠨ ᠬᠡᠯᠡᠵᠡᠢ᠃ ᠲᠡᠮᠦᠵᠢᠨ ᠲᠡᠳᠦ ᠶ᠋ᠢ ᠦᠭᠡ ᠪᠡᠷ ᠦᠬᠦᠭᠦᠯᠵᠦ ᠥᠪᠡᠷ ᠲᠡᠭᠡᠨ ᠵᠢᠳᠬᠦᠭᠦᠯᠵᠦ ᠴᠢᠳᠠᠨ᠎ᠠ ᠭᠡᠵᠦ ᠪᠣᠳᠣᠵᠠᠢ᠃ ᠭᠡᠲᠡᠯ᠎ᠡ ᠲᠡᠷᠡ ᠳᠠᠩᠴᠤ ᠬᠣᠯᠠ ᠠᠨᠳᠠᠭᠤᠷᠠᠭᠰᠠᠨ ᠪᠠᠢᠯ᠎ᠠ᠃ ᠲᠡᠳᠦ ᠬᠠᠷᠠᠭᠠᠯᠵᠠᠭᠴᠢ ᠴᠡᠷᠢᠭ ᠦ᠋ᠳ ᠡᠴᠡ ᠬᠣᠶᠠᠷ ᠢ᠋ ᠨᠢ ᠤᠯᠠᠭᠠᠨ ᠭᠠᠷ ᠢ᠋ᠶ᠋ᠠᠷ ᠬᠥᠨᠥᠭᠡᠵᠦ ᠭᠠᠯᠵᠠᠭᠤ ᠪᠠᠷᠰ ᠰᠢᠭ᠋ ᠠᠭᠠᠰᠢᠯᠠᠵᠠᠢ᠃ ᠨᠢᠭᠡᠨᠲᠡ ᠡᠨᠡ ᠬᠡᠷᠡᠭ ᠡᠢᠮᠦ ᠳᠤᠤᠯᠢᠶᠠᠨ ᠲᠠᠢ ᠪᠣᠯᠤᠭᠰᠠᠨ ᠲᠤᠯᠠ ᠲᠡᠳᠦ ᠶ᠋ᠢ ᠪᠤᠰᠤᠳ ᠲᠤᠨᠢ ᠰᠤᠷᠭᠠᠮᠵᠢ ᠪᠣᠯᠭᠠᠬᠤ ᠡᠭᠦᠳᠡᠨ ᠡᠴᠡ ᠣᠯᠠᠨ ᠤ᠋ ᠨᠢᠳᠦᠨ ᠳᠡᠭᠡᠷ᠎ᠡ ᠢᠯᠡ ᠴᠠᠭᠠᠵᠠᠯᠠᠬᠤ ᠶ᠋ᠢ ᠲᠡᠮᠦᠵᠢᠨ ᠲᠤᠰᠢᠶᠠᠪᠠ᠃ ᠬᠦᠷᠢᠶᠡᠨ ᠦ᠌ ᠵᠠᠬ᠎ᠠ ᠳ᠋ᠤ᠌ ᠴᠠᠭᠠᠵᠠ ᠶ᠋ᠢᠨ ᠲᠠᠪᠴᠠᠩ ᠵᠠᠰᠠᠵᠤ ᠴᠡᠷᠢᠭ ᠢ᠋ ᠵᠢᠭᠰᠠᠭᠠᠵᠤ ᠠᠷᠠᠳ ᠢ᠋ ᠴᠤᠭᠯᠠᠭᠤᠯᠪᠠ᠃ ᠲᠡᠳᠦ ᠢᠲᠡᠭᠡᠵᠦ ᠵᠢᠳᠬᠦᠭᠰᠡᠨ ᠡᠵᠡᠨ ᠦ᠌ ᠪᠡᠨ ᠢᠯᠳᠦᠨ ᠳ᠋ᠦ᠍ ᠦᠬᠦᠬᠦ ᠪᠣᠯᠪᠠ᠃ ᠲᠡᠮᠦᠵᠢᠨ ᠦ᠌ ᠴᠠᠭᠠᠵᠠ ᠠ᠋ᠴᠠ ᠣᠳᠣ ᠲᠡᠭᠦᠨ ᠢ᠋ ᠬᠡᠨ ᠴᠦ᠍ ᠠᠪᠤᠷᠠᠬᠤ ᠦᠭᠡᠢ ᠪᠣᠯᠤᠭᠰᠠᠨ ᠢ᠋ ᠮᠡᠳᠡᠮᠡᠭᠴᠡ ᠳᠡᠮᠡᠢ ᠶᠠᠭᠤᠮ᠎ᠠ ᠬᠢᠭᠰᠡᠨ ᠳ᠋ᠡᠭᠡᠨ ᠲᠤᠢᠯ ᠦᠭᠡᠢ ᠭᠡᠮᠰᠢᠵᠦ ᠬᠠᠷᠠᠭᠤᠰᠴᠠᠢ᠃ ᠠᠮᠢᠳᠤ ᠶᠠᠪᠤᠬᠤ ᠭᠡᠳᠡᠭ ᠬᠡᠴᠢᠨᠡᠨ ᠦᠨᠡᠲᠡᠢ᠂ ᠬᠦᠰᠡᠯᠡᠩ ᠲᠡᠢ ᠪᠣᠯᠬᠤ ᠶ᠋ᠢ ᠰᠠᠶᠢ ᠯᠠ ᠣᠢᠯᠠᠭᠠᠪᠠ᠃ ᠠᠮᠢᠳᠤ ᠯᠠ ᠶᠠᠪᠤᠪᠠᠯ ᠬᠡᠴᠢᠨᠡᠨ ᠴᠦ᠍ ᠪᠦᠰᠡᠭᠦᠢ ᠳ᠋ᠦ᠍ ᠳᠤᠷᠠᠯᠠᠵᠤ᠂ ᠬᠡᠴᠢᠨᠡᠨ ᠴᠦ᠍ ᠪᠦᠰᠡᠭᠦᠢ ᠲᠡᠢ ᠤᠴᠠᠷᠠᠵᠤ ᠪᠣᠯᠬᠤ ᠶ᠋ᠢ ᠮᠡᠳᠡᠪᠡ᠃ ᠬᠠᠢᠷᠠᠨ ᠰᠠᠢᠬᠠᠨ ᠵᠠᠯᠠᠭᠤ ᠨᠠᠰᠤ ᠠᠮᠢᠳᠤᠷᠠᠯ ᠢ᠋ᠶ᠋ᠠᠨ ᠭᠡᠨᠡᠨ ᠪᠣᠯᠴᠢᠮ ᠦᠭᠡᠢ ᠦᠢᠯᠡᠳᠦᠯ ᠡᠴᠡ ᠪᠡᠨ ᠪᠣᠯᠵᠤ ᠠᠯᠳᠠᠬᠤ ᠪᠣᠯᠵᠠᠢ᠃ ᠥᠲᠡᠯ᠎ᠡ ᠮᠠᠭᠤ ᠪᠣᠭᠣᠯ ᠠᠲᠠᠯ᠎ᠠ ᠥᠨᠳᠥᠷ ᠢᠵᠠᠭᠤᠷᠲᠤ ᠪᠦᠰᠡᠭᠦᠢ ᠳ᠋ᠦ᠍ ᠰᠡᠳᠬᠢᠯ ᠠᠯᠳᠠᠷᠠᠭᠰᠠᠨ ᠨᠢ ᠲᠡᠭᠦᠨ ᠦ᠌ ᠦᠬᠦᠯ ᠦ᠋ᠨ ᠦᠷ᠎ᠡ ᠪᠣᠯᠵᠠᠢ᠃ ᠡᠭᠦᠨ ᠰᠢᠭ ᠬᠠᠷᠠᠮᠰᠠᠯ ᠪᠠᠢᠬᠤ ᠦᠭᠡᠢ ᠪᠢᠯᠡ᠃ ᠭᠡᠷ ᠦ᠋ᠨ ᠡᠭᠦᠳᠡ ᠪᠡᠷ ᠲᠡᠮᠦᠵᠢᠨ ᠦ᠌ ᠳᠡᠷᠭᠡᠳᠡ ᠲᠠᠨᠢᠯ ᠬᠥᠮᠦᠰ ᠡᠩᠨᠡᠵᠦ ᠲᠡᠳᠡᠨ ᠦ᠌ ᠳᠤᠮᠳᠠ ᠡᠵᠢ ᠶ᠋ᠢᠨ ᠢ᠋ᠶ᠋ᠡᠨ ᠳᠡᠷᠭᠡᠳᠡ ᠵᠣᠭᠰᠣᠬᠤ ᠵᠢᠷᠭᠤᠭᠠᠨ ᠨᠠᠰᠤᠲᠠᠢ ᠵᠥᠴᠢ ᠶ᠋ᠢ ᠣᠯᠵᠤ ᠬᠠᠷᠠᠪᠠ᠃ ᠲᠡᠳᠦ ᠠᠮᠢᠳᠤ ᠦᠯᠡᠳᠡᠬᠦ ᠰᠠᠨ ᠭᠡᠬᠦ ᠳ᠋ᠦ᠍ ᠲᠡᠮᠦᠵᠢᠨ ᠤ ᠡᠨᠡ ᠬᠥᠪᠡᠭᠦᠨ ᠭᠦᠶᠦᠵᠦ ᠢᠷᠡᠭᠡᠳ 
       | ᠲᠡᠳᠦ ᠠᠬ᠎ᠠ ᠶ᠋ᠢ ᠪᠢᠲᠡᠭᠡᠢ ᠠᠯᠠᠭᠠᠴᠢ᠃ ᠨᠠᠳᠠᠳᠤ ᠥᠭᠭᠦᠭᠡᠴᠢ ᠭᠡᠵᠦ ᠣᠷᠢᠯᠠᠵᠤ ᠤᠬᠢᠯᠠᠵᠤ ᠲᠡᠪᠡᠷᠢᠨ ᠠᠪᠤᠭᠠᠰᠠᠢ ᠭᠡᠵᠦ ᠰᠢᠨᠠᠯᠤᠨ ᠪᠣᠳᠣᠵᠤ ᠵᠥᠴᠢ ᠶ᠋ᠢ ᠰᠢᠷᠳᠡᠵᠦ ᠪᠠᠢᠵᠠᠢ᠃ ᠤᠴᠢᠷ ᠨᠢ ᠣᠯᠠᠨ ᠬᠡᠦᠬᠡᠳ ᠦ᠋ᠨ ᠳᠤᠮᠳᠠ ᠠ᠋ᠴᠠ ᠲᠡᠳᠦ ᠵᠥᠴᠢ ᠳ᠋ᠦ᠍ ᠶᠡᠬᠡᠳᠡ ᠳᠣᠲᠣᠨᠣ ᠪᠠᠷ ᠬᠠᠨᠳᠤᠨ ᠬᠠᠢᠷᠠᠯᠠᠳᠠᠭ ᠪᠠᠢᠵᠠᠢ᠃ ᠡᠨᠡ ᠨᠢ ᠲᠡᠮᠦᠯᠦᠨ ᠵᠥᠴᠢ ᠶ᠋ᠢ ᠬᠠᠢᠷᠠᠯᠠᠳᠠᠭ ᠪᠠᠢᠭᠰᠠᠨ ᠠ᠋ᠴᠠ ᠪᠣᠯᠤᠭᠰᠠᠨ ᠪᠢᠵᠡ᠃ ᠭᠡᠲᠡᠯ᠎ᠡ ᠲᠡᠭᠦᠨ ᠢ᠋ ᠭᠠᠢᠬᠠᠭᠤᠯᠤᠭᠰᠠᠨ ᠬᠡᠷᠡᠭ ᠪᠣᠯᠵᠤ ᠵᠥᠴᠢ ᠭᠡᠨᠡᠳᠲᠡ ᠤᠬᠤᠰᠬᠢᠨ ᠲᠡᠭᠦᠨ ᠤᠷᠤᠭᠤ ᠭᠦᠶᠦᠵᠦ ᠢᠷᠡᠬᠦ ᠨᠢ ᠲᠡᠷᠡ᠃ ᠪᠥᠷᠲᠡ ᠬᠠᠰᠬᠢᠷᠪᠠ᠃ 
       | ᠵᠥᠴᠢ ᠠ᠋᠂ ᠮᠢᠨᠦ ᠬᠦᠦ᠃ 
       ᠵᠥᠴᠢ ᠭᠦᠶᠦᠨ ᠢᠷᠡᠵᠦ ᠰᠥᠬᠥᠷᠡᠨ ᠰᠠᠭᠤᠭᠰᠠᠨ ᠲᠡᠳᠦ ᠶ᠋ᠢᠨ ᠡᠮᠦᠨ᠎ᠡ ᠢᠷᠡᠵᠦ ᠵᠣᠭᠰᠣᠭᠠᠳ ᠡᠷᠭᠢᠵᠦ 
       | ᠠᠪᠤ ᠠ᠋᠂ ᠲᠠ ᠡᠨᠡ ᠬᠥᠮᠦᠨ ᠢ᠋ ᠪᠢᠲᠡᠭᠡᠢ ᠠᠯᠠᠭᠠᠴᠢ᠃ ᠲᠠ ᠡᠨᠡ ᠬᠥᠮᠦᠨ ᠢ᠋ ᠨᠠᠳᠠᠳᠤ ᠥᠭᠭᠦᠭᠡᠴᠢ᠃ ᠲᠠ ᠲᠡᠭᠡᠭᠡᠴᠢ ᠳᠡ᠃ ᠨᠠᠳᠠᠳᠤ ᠡᠨᠡ ᠬᠥᠮᠦᠨ ᠢ᠋ ᠥᠭᠭᠦᠭᠡᠴᠢ ᠳᠡ ᠭᠡᠵᠦ ᠰᠢᠩᠭᠡᠨ ᠬᠣᠭᠣᠯᠠᠢ ᠪᠠᠷ ᠴᠠᠩᠭᠢᠨᠠᠭᠤᠯᠤᠨ ᠬᠠᠰᠬᠢᠷᠴᠤ ᠭᠠᠷᠴᠠᠢ᠃ ᠪᠦᠭᠦᠳᠡ ᠴᠣᠴᠢᠨ ᠪᠠᠯᠠᠮᠠᠭᠳᠠᠵᠤ ᠪᠥᠷᠲᠡ ᠭᠦᠶᠦᠨ ᠢᠷᠡᠵᠦ ᠵᠥᠴᠢ ᠶ᠋ᠢ ᠭᠡᠳᠡᠷᠭᠦ ᠲᠠᠲᠠᠪᠠ᠃ ᠭᠡᠪᠡᠴᠦ ᠵᠥᠴᠢ ᠡᠬᠡ ᠲᠡᠢ ᠪᠡᠨ ᠨᠣᠴᠣᠯᠳᠤᠵᠤ ᠲᠡᠳᠦ ᠶ᠋ᠢᠨ ᠲᠣᠯᠣᠭᠠᠢ ᠶ᠋ᠢ ᠲᠡᠪᠡᠷᠢᠭᠡᠳ ᠥᠨᠥᠬᠢ ᠦᠭᠡ ᠪᠡᠨ ᠬᠠᠰᠬᠢᠷᠤᠭᠰᠠᠭᠠᠷ ᠠᠵᠢ᠃ ᠲᠡᠮᠦᠵᠢᠨ ᠲᠡᠳᠡᠨ ᠳ᠋ᠦ᠍ ᠣᠢᠷᠠᠲᠤᠵᠤ ᠢᠷᠡᠪᠡ᠃ ᠡᠷᠭᠢᠨ ᠲᠣᠭᠣᠷᠢᠨ ᠳ᠋ᠤ᠌ ᠭᠠᠭᠴᠠᠬᠠᠨ ᠵᠥᠴᠢ ᠶ᠋ᠢᠨ ᠬᠠᠰᠬᠢᠷᠬᠤ ᠰᠣᠨᠣᠰᠳᠠᠨ᠎ᠠ᠃ ᠪᠥᠷᠲᠡ ᠤᠬᠠᠭᠠᠨ ᠠᠯᠳᠠᠲᠠᠯ᠎ᠠ ᠪᠠᠨ ᠠᠶᠤᠵᠠᠢ᠃ ᠲᠣᠮᠣᠭ᠎ᠠ ᠦᠭᠡᠢ ᠬᠥᠪᠡᠭᠦᠨ ᠨᠢ ᠶᠠᠭᠤ ᠬᠢᠬᠦ ᠨᠢ ᠡᠨᠡ ᠪᠣᠢ? ᠲᠡᠮᠦᠵᠢᠨ ᠢ᠋ ᠬᠢᠯᠢᠩᠨᠡᠨ᠎ᠡ ᠭᠡᠵᠦ ᠵᠢᠷᠦᠬᠡ ᠨᠢ ᠲᠦᠭ ᠲᠦᠭ ᠴᠣᠬᠢᠯᠤᠨ ᠬᠥᠪᠡᠭᠦᠨ ᠢ᠋ᠶ᠋ᠡᠨ ᠬᠠᠮᠠᠭᠠᠯᠠᠬᠤ ᠮᠡᠲᠦ ᠲᠡᠪᠡᠷᠢᠵᠦ ᠠᠷᠭᠠᠳᠠᠪᠠ᠃ ᠭᠡᠲᠡᠯ᠎ᠡ ᠨᠣᠮᠣᠬᠠᠨ ᠲᠣᠮᠣᠭ᠎ᠠ ᠲᠠᠢ ᠵᠥᠴᠢ ᠦᠭᠡᠨ ᠳ᠋ᠦ᠍ᠨᠢ ᠣᠷᠣᠭᠰᠠᠨ ᠦᠭᠡᠢ᠃ ᠲᠡᠮᠦᠵᠢᠨ ᠢ᠋ ᠣᠢᠷᠠᠲᠤᠨ ᠣᠴᠢᠮᠠᠭᠴᠠ ᠵᠥᠴᠢ ᠲᠠᠭ ᠳᠠᠭᠤ ᠦᠭᠡᠢ ᠪᠣᠯᠪᠠ᠃ ᠭᠡᠪᠡᠴᠦ ᠡᠴᠢᠭᠡ ᠶ᠋ᠢᠨ ᠥᠭᠡᠳᠡ ᠡᠴᠡ ᠰᠢᠷᠳᠡᠭᠰᠡᠭᠡᠷ ᠪᠠᠢᠬᠤ ᠳ᠋ᠤ᠌ ᠪᠥᠷᠲᠡ ᠬᠦᠦ ᠪᠡᠨ ᠬᠠᠮᠠᠭᠠᠯᠠᠨ ᠠᠷᠤ ᠳ᠋ᠠᠭᠠᠨ ᠬᠢᠵᠡᠢ᠃ 
       | ᠠᠪᠤ ᠠ᠋᠂ ᠲᠠ ᠲᠡᠳᠦ ᠶ᠋ᠢ ᠪᠢᠲᠡᠭᠡᠢ ᠠᠯᠠᠭᠠᠴᠢ ᠭᠡᠵᠦ ᠵᠥᠴᠢ ᠨᠢᠯᠪᠤᠰᠤ ᠪᠠᠨ ᠤᠷᠤᠰᠬᠠᠨ ᠰᠢᠪᠡᠨᠡᠪᠡ᠃ 
       | ᠵᠥᠴᠢ ᠨᠠᠭᠠᠰᠢ ᠢᠷ᠎ᠡ ᠭᠡᠵᠦ ᠲᠡᠮᠦᠵᠢᠨ ᠳᠠᠭᠤᠳᠠᠪᠠ᠃ ᠲᠡᠮᠦᠵᠢᠨ ᠠᠩᠬ᠎ᠠ ᠤᠳᠠᠭ᠎ᠠ ᠵᠥᠴᠢ ᠬᠥᠪᠡᠭᠦᠨ ᠢ᠋ᠶ᠋ᠡᠨ ᠪᠠᠬᠠᠷᠬᠠᠨ ᠰᠢᠷᠲᠡᠵᠦ ᠪᠠᠢᠪᠠ᠃ ᠲᠡᠮᠦᠵᠢᠨ ᠳ᠋ᠦ᠍ ᠲᠡᠳᠦ ᠶ᠋ᠢ ᠠᠯᠠᠬᠤ ᠬᠦᠰᠡᠯ ᠦᠨᠡᠨ ᠳ᠋ᠡᠭᠡᠨ ᠪᠠᠢᠭᠰᠠᠨ ᠦᠭᠡᠢ ᠪᠣᠯᠪᠠᠴᠤ ᠲᠡᠳᠦ ᠶ᠋ᠢᠨ ᠦᠢᠯᠡᠳᠦᠭᠰᠡᠨ ᠬᠡᠷᠡᠭ ᠨᠢᠭᠡᠨᠲᠡ ᠲᠡᠭᠦᠨ ᠢ᠋ ᠥᠷᠥᠰᠢᠶᠡᠵᠦ ᠪᠣᠯᠬᠤ ᠦᠭᠡᠢ ᠳ᠋ᠦ᠍ ᠬᠦᠷᠭᠡᠭᠰᠡᠨ ᠪᠢᠯᠡ᠃ ᠭᠡᠲᠡᠯ᠎ᠡ ᠵᠥᠴᠢ ᠬᠥᠪᠡᠭᠦᠨ ᠨᠢ ᠲᠡᠭᠦᠨ ᠦ᠌ ᠡᠨᠡ ᠳᠠᠯᠳᠠ ᠬᠦᠰᠡᠯ ᠢ᠋ ᠳᠠᠭᠠᠭᠰᠠᠨ ᠮᠡᠲᠦ ᠬᠡᠯᠡᠭᠰᠡᠨ ᠨᠢ ᠲᠡᠮᠦᠵᠢᠨ ᠳ᠋ᠦ᠍ ᠬᠠᠴᠢᠨ ᠳᠣᠲᠣᠨᠣ ᠪᠦᠷ ᠪᠠᠬᠠᠳᠤᠯᠲᠠᠢ ᠰᠠᠨᠠᠭᠳᠠᠵᠠᠢ᠃ 
       | ᠲᠡᠳᠦ ᠴᠢ ᠰᠣᠨᠣᠰ᠃ ᠪᠢ ᠴᠢᠮᠠᠶ᠋ᠢ ᠠᠯᠠᠬᠤ ᠶᠣᠰᠣᠲᠠᠢ ᠶᠤᠮ᠃ ᠭᠡᠪᠡᠴᠦ ᠵᠥᠴᠢ ᠬᠥᠪᠡᠭᠦᠨ ᠮᠢᠨᠢ ᠠᠮᠢᠳᠤ ᠦᠯᠡᠳᠡᠭᠡᠬᠦ ᠶ᠋ᠢ ᠬᠦᠰᠡᠵᠡᠢ ᠃ ᠴᠢ ᠮᠢᠨᠦ ᠬᠥᠪᠡᠭᠦᠨ ᠳ᠋ᠦ᠍ ᠡᠭᠦᠷᠢᠳᠡ ᠦᠨᠡᠨᠴᠢ ᠵᠢᠳᠬᠦᠨ᠎ᠡ ᠭᠡᠵᠦ ᠲᠠᠩᠭᠠᠷᠢᠭᠯᠠᠪᠠᠯ ᠪᠢ ᠴᠢᠮᠠᠶ᠋ᠢ ᠥᠷᠥᠰᠢᠶᠡᠶ᠎ᠡ᠃ 
       | ᠪᠢ ᠲᠠᠩᠭᠠᠷᠢᠭᠯᠠᠵᠤ ᠪᠠᠢᠨ᠎ᠠ ᠭᠡᠵᠦ ᠲᠡᠳᠦ ᠠᠮᠢᠳᠤ ᠦᠯᠡᠳᠡᠭᠰᠡᠨ ᠳ᠋ᠡᠭᠡᠨ ᠢᠲᠡᠭᠡᠵᠦ ᠶᠠᠳᠠᠨ ᠵᠥᠴᠢ ᠶ᠋ᠢᠨ ᠥᠯᠮᠡᠢ ᠳ᠋ᠦ᠍ ᠮᠥᠷᠭᠥᠵᠡᠢ᠃ 
       | ᠲᠡᠳᠦ ᠴᠢ ᠰᠣᠨᠣᠰ᠂ ᠬᠥᠪᠡᠭᠦᠨ ᠮᠢᠨᠢ ᠪᠠᠯᠴᠢᠷ ᠪᠠᠢᠨ᠎ᠠ᠃ ᠴᠢ ᠣᠳᠣ ᠠ᠋ᠴᠠ ᠡᠬᠢᠯᠡᠨ ᠵᠥᠴᠢ ᠶ᠋ᠢᠨ ᠪᠣᠭᠣᠯ ᠪᠣᠯᠤᠯ᠎ᠠ᠃ ᠪᠢ ᠴᠢᠮᠠᠶ᠋ᠢ ᠵᠥᠴᠢ ᠬᠥᠪᠡᠭᠦᠨ ᠳ᠋ᠡᠭᠡᠨ ᠥᠭᠭᠦᠶ᠎ᠡ᠃ ᠠᠮᠢ ᠴᠢᠨᠢ ᠵᠥᠴᠢ ᠶ᠋ᠢᠨ ᠭᠠᠷ ᠲᠤ᠌ ᠭᠡᠳᠡᠭ ᠢ᠋ ᠪᠦᠦ ᠮᠠᠷᠲᠠ᠃ ᠲᠡᠳᠦ ᠡᠬᠡᠷ ᠲᠡᠳᠡᠨ ᠤᠬᠢᠯᠠᠵᠤ ᠪᠠᠢᠪᠠ᠃ ᠲᠡᠮᠦᠵᠢᠨ ᠵᠥᠴᠢ ᠬᠥᠪᠡᠭᠦᠨ ᠢ᠋ᠶ᠋ᠡᠨ ᠲᠡᠪᠡᠷᠢᠨ ᠥᠨᠳᠥᠷ ᠲᠦ᠍ ᠡᠷᠭᠦᠪᠡ᠃ ᠣᠯᠠᠨ ᠪᠦᠭᠦᠳᠡᠭᠡᠷ ᠳᠦᠷᠬᠢᠷᠡᠨ ᠰᠠᠢᠰᠢᠶᠠᠵᠤ ᠵᠥᠴᠢ ᠶ᠋ᠢᠨ ᠵᠣᠷᠢᠭ ᠤᠬᠠᠭᠠᠨ ᠢ᠋ ᠪᠢᠰᠢᠷᠡᠵᠡᠢ᠃ ᠡᠨᠡ ᠪᠣᠯ ᠵᠥᠴᠢ ᠶ᠋ᠢᠨ ᠦᠶ᠎ᠡ ᠶ᠋ᠢᠨ ᠬᠢᠨ ᠳᠤᠮᠳᠠ ᠠ᠋ᠴᠠ ᠣᠨᠴᠠᠭᠠᠢᠷᠠᠨ ᠢᠯᠭᠠᠷᠠᠬᠤ ᠶ᠋ᠢᠨ ᠡᠬᠢᠯᠡᠯ ᠪᠣᠯᠵᠠᠢ᠃ ᠦᠨᠡᠬᠡᠷ ᠲᠡᠳᠦ ᠶ᠋ᠢ ᠪᠦᠦ ᠦᠬᠦᠭᠡᠰᠡᠢ ᠭᠡᠰᠡᠨ ᠬᠥᠮᠦᠨ ᠣᠯᠠᠨ ᠪᠠᠢᠵᠠᠢ᠃ ᠵᠥᠴᠢ ᠶᠠᠭᠠᠬᠢᠭᠠᠳ ᠢᠩᠭᠢᠭᠰᠡᠨ ᠢ᠋ᠶ᠋ᠡᠨ ᠶᠡᠷᠦ ᠣᠢᠯᠠᠭᠠᠭ᠎ᠠ ᠦᠭᠡᠢ ᠪᠥᠭᠡᠳ ᠲᠡᠷᠡ ᠦᠶ᠎ᠡ ᠳ᠋ᠦ᠍ ᠲᠡᠳᠦ ᠴᠦ᠍ ᠵᠥᠴᠢ ᠶ᠋ᠢ ᠬᠣᠪᠰᠣᠳᠠᠭᠰᠠᠨ ᠢ᠋ᠶ᠋ᠠᠨ ᠮᠡᠳᠡᠭᠡ ᠦᠭᠡᠢ ᠪᠢᠯᠡ᠃ ᠲᠡᠷᠡ ᠮᠥᠴᠡ ᠡᠴᠡ ᠬᠣᠢᠰᠢ ᠲᠡᠳᠦ ᠬᠡᠯᠡᠭᠰᠡᠨ ᠳ᠋ᠡᠭᠡᠨ ᠬᠦᠷᠴᠦ ᠲᠡᠮᠡᠦᠯᠦᠨ ᠢ᠋ ᠡᠭᠦᠷᠢᠳᠡ ᠮᠠᠷᠲᠠᠵᠤ ᠵᠥᠴᠢ ᠶ᠋ᠢᠨ ᠳᠡᠷᠭᠡᠳᠡ ᠰᠡᠭᠦᠳᠡᠷ ᠮᠡᠲᠦ ᠶᠠᠪᠤᠬᠤ ᠪᠣᠯᠵᠠᠢ᠃ ᠪᠠᠲᠤ ᠶ᠋ᠢ ᠲᠥᠷᠥᠭᠰᠡᠨ ᠡᠳᠦᠷ ᠵᠥᠴᠢ ᠲᠡᠳᠦ ᠶ᠋ᠢ ᠳᠠᠭᠤᠳᠠᠨ 
       | ᠡᠨᠡ ᠡᠳᠦᠷ ᠡᠴᠡ ᠡᠬᠢᠯᠡᠨ ᠪᠢ ᠴᠢᠮᠠᠶ᠋ᠢ ᠪᠠᠲᠤ ᠬᠥᠪᠡᠭᠦᠨ ᠳ᠋ᠡᠭᠡᠨ ᠥᠭᠭᠦᠶ᠎ᠡ᠃ ᠴᠢ ᠲᠡᠭᠦᠨ ᠦ᠌ ᠳᠡᠷᠭᠡᠳᠡ ᠡᠴᠡ ᠠᠯᠬᠤᠮ ᠴᠤ᠌ ᠪᠦᠦ ᠬᠣᠯᠠᠳ᠃ ᠳᠡᠷ᠎ᠡ ᠶ᠋ᠢᠨ ᠬᠢᠨᠢ ᠳᠡᠷᠭᠡᠳᠡ ᠭᠡᠷ ᠦ᠋ᠨ ᠬᠢᠨᠢ ᠡᠭᠦᠳᠡᠨ ᠳ᠋ᠦ᠍ ᠬᠠᠳᠠ ᠮᠡᠲᠦ ᠵᠣᠭᠰᠣᠵᠤ ᠬᠠᠯᠬᠠᠪᠴᠢ ᠮᠡᠲᠦ ᠶᠠᠪᠤ ᠭᠡᠵᠦ ᠲᠤᠰᠢᠶᠠᠵᠠᠢ᠃ ᠵᠥᠴᠢ ᠶ᠋ᠢᠨ ᠬᠡᠯᠡᠭᠰᠡᠨ ᠦᠭᠡ ᠲᠡᠳᠦ ᠶ᠋ᠢᠨ ᠬᠤᠪᠢ ᠳ᠋ᠤ᠌ ᠲᠩᠷᠢ ᠶ᠋ᠢᠨ ᠵᠠᠷᠯᠢᠭ ᠶᠤᠮ᠃ ᠢᠩᠭᠢᠵᠦ ᠲᠡᠳᠦ ᠵᠥᠴᠢ ᠶ᠋ᠢ ᠬᠠᠢᠷᠠᠯᠠᠨ ᠥᠰᠬᠡᠭᠰᠡᠨ ᠰᠢᠭ ᠢ᠋ᠶ᠋ᠡᠨ ᠪᠠᠲᠤ ᠶ᠋ᠢ ᠶᠠᠭ ᠲᠥᠷᠥᠭᠰᠡᠨ ᠡᠬᠡ ᠰᠢᠭ ᠨᠢ ᠮᠠᠯᠯᠠᠵᠤ ᠥᠰᠬᠡᠵᠡᠢ᠃ ᠲᠡᠳᠦ ᠪᠣᠯ ᠪᠠᠲᠤ ᠶ᠋ᠢᠨ ᠬᠤᠪᠢ ᠳ᠋ᠤ᠌ ᠡᠴᠢᠭᠡ ᠶ᠋ᠢᠨ ᠬᠢᠨᠢ ᠤᠳᠠᠭᠠᠬᠢ ᠢᠲᠡᠭᠡᠯᠲᠦ ᠨᠥᠬᠥᠷ ᠨᠢ ᠪᠢᠯᠡ᠃ ᠬᠠᠷᠢᠨ ᠲᠡᠳᠦ ᠥᠪᠡᠷ ᠦ᠋ᠨ ᠬᠣᠪᠰᠣᠳᠠᠬᠤ ᠴᠢᠳᠠᠪᠤᠷᠢ ᠶ᠋ᠢ ᠮᠡᠳᠡᠬᠦ ᠦᠭᠡᠢ ᠪᠠᠢᠭᠰᠠᠨ ᠪᠥᠭᠡᠳ ᠵᠥᠴᠢ ᠶ᠋ᠢ ᠲᠡᠭᠦᠨ ᠳ᠋ᠦ᠍ ᠲᠩᠷᠢ ᠢᠯᠡᠭᠡᠭᠰᠡᠨ ᠭᠡᠵᠦ ᠢᠲᠡᠭᠡᠵᠦ ᠪᠢᠰᠢᠷᠡᠵᠦ ᠶᠠᠪᠤᠵᠠᠢ᠃ ᠵᠠᠮᠤᠬ᠎ᠠ ᠶ᠋ᠢᠨ ᠰᠢᠳᠠᠷ ᠬᠠᠨᠳᠠᠮᠦᠷ ᠢ᠋ ᠤᠨᠲᠠᠭᠤᠯᠵᠤ ᠵᠥᠴᠢ ᠴᠠᠭᠠᠲᠠᠢ ᠬᠣᠶᠠᠷ ᠢ᠋ ᠤᠷᠭᠤᠭᠤᠯᠤᠨ ᠠᠪᠴᠢᠷᠠᠭᠰᠠᠨ᠂ ᠨᠠᠢ᠍ᠮᠠᠨ ᠲᠠᠢ ᠬᠢᠭᠰᠡᠨ ᠲᠤᠯᠤᠯᠳᠤᠭᠠᠨ ᠳ᠋ᠤ᠌ ᠵᠥᠴᠢ ᠶ᠋ᠢ ᠭᠠᠷᠴᠠᠭ᠎ᠠ ᠦᠭᠡᠢ ᠦᠬᠦᠯ ᠡᠴᠡ ᠠᠪᠤᠷᠠᠭᠰᠠᠨ ᠭᠡᠳ ᠲᠡᠭᠦᠨ ᠦ᠌ ᠬᠤᠪᠰᠤᠨ ᠤ ᠬᠦᠴᠦ ᠪᠡᠷ ᠪᠣᠯᠤᠭᠰᠠᠨ ᠣᠯᠠᠨ ᠬᠡᠷᠡᠭ ᠢ᠋ ᠲᠡᠷᠡ ᠲᠠᠭᠠᠮᠠᠭᠯᠠᠭᠰᠠᠨ ᠦᠭᠡᠢ ᠢᠷᠡᠵᠡᠢ᠃ ᠬᠡᠳᠦᠢ ᠥᠪᠡᠷ ᠦ᠋ᠨ ᠨᠢᠭᠤᠴᠠ ᠴᠢᠳᠠᠯ ᠢ᠋ ᠮᠡᠳᠡᠭᠰᠡᠨ ᠴᠦ᠍ ᠲᠡᠳᠦ ᠪᠠᠲᠤ ᠳ᠋ᠤ᠌ ᠦᠨᠡᠨᠴᠢ ᠵᠢᠳᠬᠦᠬᠦ ᠰᠡᠳᠬᠢᠯ ᠢ᠋ᠶ᠋ᠡᠨ ᠬᠤᠪᠢᠷᠠᠭᠠᠭ᠎ᠠ ᠦᠭᠡᠢ ᠶᠦᠮ᠃ ᠤᠭ ᠠ᠋ᠴᠠ ᠲᠡᠷᠡ ᠵᠥᠴᠢ ᠳ᠋ᠦ᠍ ᠦᠨᠡᠨᠴᠢ ᠵᠢᠳᠬᠦᠬᠦ ᠲᠠᠩᠭᠠᠷᠢᠭ ᠲᠠᠢ ᠪᠠᠰᠠ ᠡᠨᠡ ᠲᠠᠩᠭᠠᠷᠢᠭ ᠢ᠋ᠶ᠋ᠠᠨ ᠪᠠᠲᠤ ᠳ᠋ᠤ᠌ ᠥᠭᠭᠦᠭᠰᠡᠨ ᠪᠢᠯᠡ᠃ ᠲᠡᠳᠦ ᠶ᠋ᠢᠨ ᠬᠤᠪᠰᠤᠨ ᠳ᠋ᠤ᠌ ᠬᠡᠨ ᠢ᠋ ᠣᠷᠣᠭᠤᠯᠵᠤ ᠶᠠᠭᠠᠬᠢᠵᠤ ᠠᠰᠢᠭᠯᠠᠭᠰᠠᠨ ᠨᠢ ᠵᠥᠪᠬᠡᠨ ᠪᠠᠲᠤ ᠲᠡᠷᠡ ᠬᠣᠶᠠᠷ ᠤ᠋ᠨ ᠯᠠ ᠨᠢᠭᠤᠴᠠ ᠪᠣᠯᠵᠤ ᠦᠯᠡᠳᠡᠵᠡᠢ᠃ ᠲᠡᠳᠦ ᠪᠠᠲᠤ ᠶ᠋ᠢ ᠬᠡᠯᠡᠭᠡ ᠦᠭᠡᠢ ᠪᠣᠯ ᠬᠡᠨ ᠢ᠋ ᠴᠦ᠍ ᠬᠡᠵᠢᠶ᠎ᠡ ᠴᠦ᠍ ᠦᠯᠦ ᠬᠣᠪᠰᠣᠳᠠᠨ᠎ᠠ᠃ ᠪᠠᠲᠤ ᠶ᠋ᠢᠨ ᠦᠭᠡ ᠲᠡᠳᠦ ᠶ᠋ᠢᠨ ᠬᠤᠪᠢ ᠳ᠋ᠤ᠌ ᠲᠩᠷᠢ ᠶ᠋ᠢᠨ ᠴᠠᠭᠠᠵᠠ ᠶᠤᠮ᠃ ᠪᠠᠲᠤ ᠡᠬᠢᠨ ᠦ᠌ ᠦᠶ᠎ᠡ ᠳ᠋ᠦ᠍ ᠬᠡᠦᠬᠡᠳ ᠦ᠋ᠨ ᠲᠣᠮᠣᠭ᠎ᠠ ᠦᠭᠡᠢ ᠠᠭᠠᠰᠢ ᠪᠠᠷ ᠣᠯᠠᠨ ᠪᠣᠯᠬᠤ ᠦᠭᠡᠢ ᠭᠡᠳᠡᠭ ᠢ᠋ ᠲᠡᠳᠦ ᠪᠡᠷ ᠬᠢᠯᠭᠡᠵᠡᠢ᠃ ᠠᠵᠠ ᠪᠣᠯᠬᠤ ᠳ᠋ᠤ᠌ ᠬᠣᠪᠰᠤᠳᠠᠭᠤᠯᠤᠬᠰᠠᠨ ᠬᠥᠮᠦᠨ ᠡᠭᠦᠨ ᠢ᠋ ᠪᠡᠨ ᠦᠯᠦ ᠮᠡᠳᠡᠳᠡᠭ ᠨᠢ ᠪᠠᠲᠤ ᠲᠡᠷᠡ ᠬᠣᠶᠠᠷ ᠲᠤ᠌ ᠵᠠᠪᠰᠢᠶᠠᠨ ᠪᠣᠯᠵᠠᠢ᠃ ᠪᠠᠰᠠ ᠲᠡᠳᠦ ᠬᠠᠰᠢᠷᠴᠢ ᠤᠬᠠᠭᠠᠵᠢᠭᠰᠠᠨ ᠬᠥᠮᠦᠨ ᠲᠤᠯᠠ ᠨᠢᠯᠬ᠎ᠠ ᠬᠡᠦᠬᠡᠳ ᠦ᠋ᠨ ᠦᠭᠡ ᠪᠡᠷ ᠶᠠᠭᠤᠨ ᠳ᠋ᠤ᠌ ᠪᠦᠭᠦᠳᠡ ᠶ᠋ᠢ ᠬᠢᠬᠦ ᠪᠢᠯᠡ᠃ ᠬᠡᠨ ᠨᠢᠭᠡᠨ ᠲᠡᠳᠦ ᠶ᠋ᠢᠨ ᠬᠣᠪᠰᠤᠨ ᠳ᠋ᠤ᠌ ᠣᠷᠣᠬᠤ ᠦᠭᠡᠢ ᠪᠣᠯ ᠪᠠᠲᠤ ᠶᠡᠬᠡᠳᠡ ᠠᠭᠤᠷᠯᠠᠳᠠᠭ ᠪᠠᠢᠯ᠎ᠠ᠃ ᠬᠣᠷᠽᠸᠮ ᠳ᠋ᠤ᠌ ᠮᠣᠷᠳᠠᠬᠤ ᠶ᠋ᠢᠨ ᠡᠮᠦᠨ᠎ᠡ ᠪᠣᠯᠤᠭᠰᠠᠨ ᠨᠠᠢᠷ ᠳᠡᠭᠡᠷ᠎ᠡ ᠲᠡᠳᠦ ᠥᠪᠡᠷ ᠦ᠋ᠨ ᠴᠢᠳᠠᠯ ᠢ᠋ ᠦᠵᠡᠮᠡᠷ ᠰᠠᠨᠠᠭᠳᠠᠭᠰᠠᠨ ᠳ᠋ᠤ᠌ ᠠᠩᠬ᠎ᠠ ᠤᠳᠠᠭ᠎ᠠ ᠥᠪᠡᠷ ᠦ᠋ᠨ ᠬᠦᠰᠡᠯ ᠢ᠋ᠶ᠋ᠡᠷ ᠬᠢᠵᠡᠢ᠃ ᠴᠢᠩᠭᠢᠰ ᠬᠠᠭᠠᠨ ᠥᠪᠡᠷ ᠦ᠋ᠨ ᠶᠡᠬᠡ ᠬᠤᠯᠤ ᠳ᠋ᠤ᠌ ᠠᠢᠷᠠᠭ ᠳᠦᠭᠦᠷᠭᠡᠭᠡᠳ ᠥᠷᠭᠥᠭᠡ ᠳᠦᠭᠦᠷᠡᠩ ᠰᠠᠭᠤᠭᠰᠠᠨ ᠶᠡᠬᠡᠰ ᠳᠡᠭᠡᠳᠦᠰ ᠦ᠋ᠨ ᠳᠡᠷᠭᠡᠳᠡ ᠪᠠᠲᠤ ᠶ᠋ᠢ ᠳᠠᠭᠤᠳᠠᠨ ᠦᠭᠭᠦᠭᠰᠡᠨ ᠨᠢ ᠴᠣᠬᠣᠮ ᠭᠠᠢᠬᠠᠮᠰᠢᠭᠲᠠᠢ ᠶᠠᠪᠤᠳᠠᠯ ᠪᠣᠯᠤᠭᠰᠠᠨ ᠪᠢᠯᠡ᠃ ᠴᠢᠩᠭᠢᠰ ᠬᠠᠭᠠᠨ ᠬᠡᠵᠢᠶ᠎ᠡ ᠴᠦ᠍ ᠬᠡᠨ ᠢ᠋ ᠴᠦ᠍ ᠢᠩᠭᠢᠵᠦ ᠣᠨᠴᠠᠭᠠᠢᠯᠠᠨ ᠦᠵᠡᠵᠦ ᠪᠠᠢᠭᠰᠠᠨ ᠦᠭᠡᠢ ᠲᠤᠯᠠ ᠪᠥᠷᠲᠡ ᠨᠢᠳᠦᠨ ᠳ᠋ᠡᠭᠡᠨ ᠢᠲᠡᠭᠡᠭᠰᠡᠨ ᠦᠭᠡᠢ᠃ ᠵᠥᠴᠢ ᠪᠠᠲᠤ ᠬᠣᠶᠠᠷ ᠤ᠋ᠨ ᠪᠠᠶᠠᠷ ᠪᠠᠬᠠᠳᠤᠯ ᠬᠢᠵᠠᠭᠠᠷ ᠦᠭᠡᠢ ᠪᠣᠯᠵᠠᠢ᠃ ᠬᠠᠢᠷᠠᠲᠠᠢ ᠬᠣᠶᠠᠷ ᠡᠵᠡᠨ ᠢ᠋ᠶ᠋ᠡᠨ ᠢᠩᠭᠢᠵᠦ ᠪᠠᠶᠠᠷᠯᠠᠭᠤᠯᠤᠭᠰᠠᠨ ᠳ᠋ᠠᠭᠠᠨ ᠲᠡᠳᠦ ᠶᠡᠬᠡ ᠵᠢᠷᠭᠠᠯᠲᠠᠢ ᠪᠠᠢᠯ᠎ᠠ᠃ ᠬᠠᠷᠢᠨ ᠥᠪᠡᠷ ᠦ᠋ᠨ ᠡᠨᠡ ᠦᠢᠯᠡᠳᠦᠯ ᠢ᠋ᠶ᠋ᠡᠨ ᠴᠢᠩᠭᠢᠰ ᠬᠠᠭᠠᠨ ᠣᠢᠯᠠᠭᠠᠭᠰᠠᠨ ᠦᠭᠡᠢ ᠤᠳᠠᠵᠠᠢ᠃ ᠶᠠᠭᠤᠨ ᠤ᠋ ᠤᠴᠢᠷ ᠪᠠᠲᠤ ᠶ᠋ᠢ ᠣᠯᠠᠨ ᠤ᠋ ᠡᠮᠦᠨ᠎ᠡ ᠣᠨᠴᠠᠭᠠᠢᠯᠠᠬᠤ ᠪᠣᠯᠤᠭᠰᠠᠨ ᠢ᠋ᠶ᠋ᠠᠨ ᠤᠳᠠᠲᠠᠯ᠎ᠠ ᠪᠣᠳᠣᠵᠠᠢ᠃ ᠲᠡᠭᠡᠭᠡᠳ ᠵᠥᠴᠢ ᠶ᠋ᠢᠨ ᠡᠮᠦᠨ᠎ᠡ ᠥᠪᠡᠷ ᠢ᠋ ᠪᠡᠨ ᠪᠤᠷᠤᠭᠤ ᠲᠠᠢ ᠭᠡᠵᠦ ᠪᠣᠳᠣᠭᠰᠠᠨ ᠠ᠋ᠴᠠ ᠢᠩᠭᠢᠪᠡ ᠭᠡᠵᠦ ᠣᠢᠯᠠᠭᠠᠵᠠᠢ᠃ ᠠᠴᠢ ᠨᠠᠷ ᠳᠣᠲᠣᠷ᠎ᠠ ᠠ᠋ᠴᠠ ᠪᠠᠨ ᠪᠠᠲᠤ ᠶ᠋ᠢ ᠣᠨᠴᠠᠭᠠᠢᠯᠠᠨ ᠦᠵᠡᠭᠰᠡᠨ ᠨᠢ ᠬᠠᠷᠢᠨ ᠴᠤ᠌ ᠠᠶᠠᠲᠠᠢ ᠵᠦᠢᠲᠡᠢ ᠬᠡᠷᠡᠭ ᠪᠣᠯᠪᠠ ᠭᠡᠵᠦ ᠪᠠᠶᠠᠷᠲᠠᠢ ᠪᠠᠢᠵᠠᠢ᠃ ᠴᠣᠬᠣᠮ ᠢᠩᠭᠢᠵᠦ ᠪᠠᠲᠤ ᠶ᠋ᠢ ᠣᠯᠠᠨ ᠤ᠋ ᠡᠮᠦᠨ᠎ᠡ ᠡᠷᠭᠦᠮᠵᠢᠯᠡᠭᠰᠡᠨ ᠨᠢ ᠲᠡᠭᠷᠢ ᠶ᠋ᠢᠨ ᠵᠠᠷᠯᠢᠭ ᠪᠢᠵᠡ ᠭᠡᠵᠦ ᠢᠲᠡᠭᠡᠭᠡᠳ ᠪᠠᠲᠤ ᠶ᠋ᠢ ᠶᠡᠬᠡᠳᠡ ᠲᠣᠭᠣᠬᠤ ᠪᠣᠯᠵᠠᠢ᠃ ᠲᠡᠳᠦ ᠶ᠋ᠢᠨ ᠠᠩᠬ᠎ᠠ ᠤᠳᠠᠭ᠎ᠠ ᠥᠪᠡᠷ ᠦ᠋ᠨ ᠬᠦᠰᠡᠯ ᠢ᠋ᠶ᠋ᠡᠷ ᠬᠢᠭᠰᠡᠨ ᠡᠨᠡ ᠬᠣᠪᠰᠣ ᠬᠣᠵᠢᠮ ᠬᠣᠢᠨ᠎ᠠ ᠪᠠᠲᠤ ᠶ᠋ᠢᠨ ᠠᠮᠢᠳᠤᠷᠠᠯ ᠳ᠋ᠤ᠌ ᠶᠠᠮᠠᠷ ᠢ᠋ᠶ᠋ᠠᠷ ᠨᠥᠯᠥᠭᠡᠯᠡᠬᠦ ᠶ᠋ᠢ ᠳᠠᠭᠠᠬᠤ ᠠᠷᠭ᠎ᠠ ᠦᠭᠡᠢ ᠪᠢᠯᠡ᠃ 
       ᠬᠠᠷᠢᠨ ᠡᠨᠡ ᠤᠳᠠᠭ᠎ᠠ ᠣᠷᠭᠧᠨ᠋ᠴᠡ ᠶ᠋ᠢ ᠬᠠᠮᠠᠭᠠᠯᠠᠭᠴᠢ ᠬᠣᠷᠽᠸᠮ ᠤ᠋ᠨ ᠵᠠᠩᠵᠤᠨ ᠲᠡᠮᠦᠷ ᠮᠡᠯᠢᠭ ᠤᠷᠤᠭᠤ ᠲᠡᠳᠦ ᠶ᠋ᠢ ᠶᠠᠪᠤᠭᠤᠯᠤᠭᠰᠠᠨ ᠨᠢ ᠪᠠᠲᠤ ᠶ᠋ᠢᠨ ᠰᠠᠨᠠᠭ᠎ᠠ ᠪᠥᠭᠡᠳ ᠳᠠᠢᠰᠤᠨ ᠤ᠋ ᠬᠦᠷᠢᠶᠡᠨ ᠳ᠋ᠦ᠍ ᠢᠯᠡᠭᠡᠭᠰᠡᠨ ᠦ᠌ ᠠᠩᠬᠠᠨ ᠤ᠋ ᠬᠢ ᠪᠣᠯᠵᠠᠢ᠃ ᠴᠠᠭᠠᠲᠠᠢ ᠥᠭᠡᠳᠡᠢ ᠨᠠᠷ ᠴᠢᠩᠭᠢᠰ ᠬᠠᠭᠠᠨ ᠤ᠋ ᠵᠠᠷᠯᠢᠭ ᠢ᠋ᠶ᠋ᠠᠷ ᠴᠡᠷᠢᠭᠯᠡᠨ ᠢᠷᠡᠵᠦ ᠲᠡᠳᠡᠨ ᠡᠴᠡ ᠣᠷᠭᠧᠨ᠋ᠴᠡ ᠶ᠋ᠢ ᠪᠤᠯᠢᠶᠠᠨ ᠠᠪᠤᠭᠰᠠᠨ ᠢ᠋ ᠡᠰᠡᠷᠭᠦᠴᠡᠬᠦ ᠰᠡᠳᠬᠢᠯ ᠪᠠᠲᠤ ᠶ᠋ᠢᠨ ᠡᠢᠮᠦ ᠠᠯᠬᠤᠮ ᠬᠢᠬᠦ ᠳ᠋ᠦ᠍ ᠬᠦᠷᠭᠡᠪᠡ᠃ ᠡᠴᠢᠭᠡ ᠨᠢ ᠣᠷᠭᠧᠨ᠋ᠴᠡ ᠶ᠋ᠢ ᠳᠠᠢᠯᠠᠬᠤ ᠴᠡᠷᠢᠭ ᠢ᠋ᠶ᠋ᠡᠨ ᠵᠠᠰᠠᠬᠤ ᠶ᠋ᠢ ᠲᠡᠭᠦᠨ ᠳ᠋ᠦ᠍ ᠵᠥᠪᠰᠢᠶᠡᠷᠡᠭᠰᠡᠨ ᠢ᠋ ᠡᠴᠢᠭᠡ ᠨᠢ ᠲᠡᠭᠦᠨ ᠡᠴᠡ ᠠᠪᠤᠷᠠᠯ ᠡᠷᠢᠭᠰᠡᠨ ᠬᠡᠷᠡᠭ ᠭᠡᠵᠦ ᠪᠠᠲᠤ ᠦᠵᠡᠵᠡᠢ᠃ ᠬᠠᠢᠷᠠᠲᠠᠢ ᠡᠴᠢᠭᠡ ᠨᠢ ᠶᠠᠮᠠᠷ ᠭᠠᠷᠤᠯ ᠴᠢᠰᠤᠲᠠᠢ᠂ ᠶᠠᠭᠠᠬᠢᠵᠤ ᠵᠣᠪᠠᠵᠤ ᠰᠢᠨᠠᠯᠵᠤ ᠠᠮᠢᠳᠤᠷᠠᠭᠰᠠᠨ᠂ ᠡᠴᠦᠰ ᠲᠦ᠋ᠨᠢ ᠶᠠᠭᠠᠬᠢᠵᠤ ᠳᠣᠷᠣᠮᠵᠢᠯᠠᠭᠳᠠᠨ ᠭᠤᠲᠤᠭᠠᠭᠳᠠᠭᠰᠠᠨ ᠢ᠋ ᠪᠠᠲᠤ ᠰᠢᠭ᠋ ᠭᠦᠨᠵᠡᠭᠡᠢ ᠣᠢᠯᠠᠭᠠᠵᠤ᠂ ᠭᠤᠨᠢᠵᠤ ᠪᠤᠬᠢᠨᠢᠳᠤᠭᠰᠠᠨ ᠬᠥᠮᠦᠨ ᠦᠭᠡᠢ ᠪᠠᠢᠪᠠ᠃ ᠬᠡᠯᠡᠭᠰᠡᠨ ᠦᠭᠡ ᠬᠢᠭᠰᠡᠨ ᠦᠢᠯᠡ ᠶ᠋ᠢᠨ ᠬᠢᠨᠢ ᠲᠥᠯᠥᠭᠡ ᠴᠢᠩᠭᠢᠰ ᠬᠠᠭᠠᠨ ᠢ᠋᠂ ᠴᠠᠭᠠᠲᠠᠢ ᠶ᠋ᠢ ᠴᠦ᠍ ᠲᠡᠷᠡ ᠦᠵᠡᠨ ᠶᠠᠳᠠᠵᠤ ᠪᠠᠢᠪᠠ᠃ ᠭᠡᠪᠡᠴᠦ ᠲᠡᠷᠡ ᠶᠠᠭᠤ ᠴᠤ᠌ ᠬᠢᠵᠦ ᠦᠯᠦ ᠴᠢᠳᠠᠨ᠎ᠠ᠃ ᠬᠠᠷᠢᠨ ᠣᠳᠣ ᠤᠷᠭᠧᠨ᠋ᠴᠡ ᠶ᠋ᠢ ᠪᠤᠰᠤᠳ ᠲᠤ᠌ ᠠᠯᠳᠠᠬᠤ ᠶ᠋ᠢ ᠬᠦᠰᠡᠭᠰᠡᠨ ᠦᠭᠡᠢ᠃ ᠣᠷᠭᠧᠨ᠋ᠴᠡ ᠶ᠋ᠢ ᠪᠤᠰᠤᠳ ᠲᠤ᠌ ᠠᠯᠳᠠᠭᠰᠠᠨ ᠳ᠋ᠤ᠌ ᠣᠷᠣᠪᠠᠯ ᠶᠠᠭᠤ ᠴᠤ᠌ ᠦᠯᠡᠳᠡᠭᠡᠬᠦ ᠦᠭᠡᠢ ᠪᠡᠷ ᠰᠦᠢᠷᠡᠭᠦᠯᠬᠦ ᠨᠢ ᠳᠡᠭᠡᠷ᠎ᠡ ᠭᠡᠵᠦ ᠦᠵᠡᠵᠡᠢ᠃ ᠪᠠᠰᠠ ᠴᠠᠭᠠᠲᠠᠢ᠂ ᠥᠭᠡᠳᠡᠢ ᠶ᠋ᠢᠨ ᠴᠡᠷᠢᠭ ᠴᠦ᠍ ᠬᠣᠬᠢᠷᠠᠬᠤ ᠶ᠋ᠢ ᠶᠠᠭᠤᠮᠠᠨ ᠳ᠋ᠤ᠌ ᠦᠯᠦ ᠲᠣᠭᠣᠪᠠ᠃ ᠲᠡᠳᠦ ᠶ᠋ᠢ ᠲᠡᠮᠦᠷ ᠮᠡᠯᠢᠭ ᠲᠦ᠍ ᠢᠯᠡᠭᠡᠭᠰᠡᠨ ᠨᠢ ᠪᠠᠲᠤ ᠶ᠋ᠢᠨ ᠬᠢᠭᠰᠡᠨ ᠬᠠᠮᠤᠭ ᠤ᠋ᠨ ᠠᠩᠬᠠᠨ ᠤ᠋ ᠣᠰᠤᠯᠲᠠᠢ ᠰᠢᠢᠳᠪᠦᠷᠢ ᠪᠠᠢᠪᠠ᠃ ᠲᠡᠮᠦᠷ ᠮᠡᠯᠢᠭ ᠲᠡᠳᠦ ᠶ᠋ᠢᠨ ᠬᠣᠪᠰᠣᠨ ᠳ᠋ᠤ᠌ ᠠᠪᠲᠠᠬᠤ ᠦᠭᠡᠢ ᠪᠣᠯ ᠲᠡᠳᠦ ᠦᠬᠦᠬᠦ ᠨᠢ ᠭᠠᠷᠴᠠᠭ᠎ᠠ ᠦᠭᠡᠢ᠃ ᠪᠠᠢᠳᠠᠯ᠂ ᠦᠷ᠎ᠡ ᠳᠠᠭᠠᠪᠤᠷᠢ ᠨᠢ ᠠᠶᠤᠯᠲᠠᠢ ᠬᠡᠳᠦᠢ ᠴᠦ᠍ ᠪᠠᠲᠤ ᠵᠣᠷᠢᠵᠤ ᠰᠢᠢᠳᠦᠭᠰᠡᠨ ᠡᠴᠡ ᠪᠡᠨ ᠤᠬᠤᠷᠢᠭᠰᠠᠨ ᠦᠭᠡᠢ᠃ ᠪᠠᠲᠤ ᠤᠭ ᠠ᠋ᠴᠠ ᠬᠥᠮᠦᠨ ᠦ᠌ ᠰᠠᠨᠠᠭ᠎ᠠ ᠦᠭᠡᠢ ᠶ᠋ᠢ ᠰᠠᠨᠠᠵᠤ ᠬᠢᠭᠡ ᠦᠭᠡᠢ ᠶ᠋ᠢ ᠬᠢᠬᠦ ᠳᠤᠷᠠᠲᠠᠢ ᠬᠥᠪᠡᠭᠦᠨ ᠪᠠᠢᠯ᠎ᠠ᠃ ᠡᠨᠡ ᠴᠢᠨᠠᠷ ᠨᠢ ᠡᠢᠮᠦ ᠬᠡᠴᠡᠭᠦᠦ ᠣᠰᠤᠯᠲᠠᠢ ᠬᠠᠲᠠᠭᠤ ᠰᠢᠢᠳᠪᠦᠷᠢ ᠭᠠᠷᠭᠠᠬᠤ ᠳ᠋ᠤ᠌ ᠬᠦᠷᠭᠡᠪᠡ᠃ ᠪᠦᠬᠦ ᠶᠠᠭᠤᠮ᠎ᠠ ᠰᠠᠨᠠᠭᠰᠠᠨ ᠢ᠋ᠶ᠋ᠠᠷ ᠪᠣᠯᠵᠤ ᠲᠡᠮᠦᠷ ᠮᠡᠯᠢᠭ ᠪᠠᠲᠤ ᠶ᠋ᠢᠨ ᠢᠯᠡᠭᠡᠭᠰᠡᠨ ᠡᠯᠴᠢ ᠶ᠋ᠢᠨ ᠦᠭᠡ ᠪᠣᠯᠤᠭᠠᠳ ᠵᠠᠬᠢᠳᠠᠯ ᠳ᠋ᠤ᠌ ᠢᠲᠡᠭᠡᠪᠡ᠃ ᠵᠠᠬᠢᠶᠠᠨ ᠳ᠋ᠤ᠌ ᠳᠤᠷᠠᠳᠤᠭᠰᠠᠨ ᠠ᠋ᠴᠠ ᠭᠠᠳᠠᠨ᠎ᠠ ᠲᠡᠳᠦ ᠭᠠᠭᠴᠠ ᠲᠡᠮᠦᠷ ᠮᠡᠯᠢᠭ ᠲᠦ᠍ ᠰᠣᠨᠣᠰᠳᠠᠬᠤ ᠪᠠᠷ ᠬᠡᠳᠦᠨ ᠦᠭᠡ ᠨᠡᠮᠡᠵᠦ ᠬᠡᠯᠡᠵᠡᠢ᠃ 
       | ᠴᠠᠭᠠᠲᠠᠢ ᠥᠭᠡᠳᠡᠢ ᠨᠠᠷ ᠬᠡᠳᠦᠢ ᠮᠢᠨᠦ ᠳᠡᠭᠦᠦ ᠴᠦ᠍ ᠭᠡᠯ᠎ᠡ ᠨᠠᠳᠠ ᠲᠠᠢ ᠥᠷᠢᠰᠦᠯᠳᠦᠨ ᠲᠡᠮᠡᠴᠡᠯᠳᠦᠭᠴᠢᠳ ᠶᠦᠮ᠃ ᠡᠢᠮᠦ ᠳ᠋ᠦ᠍ ᠪᠢ ᠥᠪᠡᠷ ᠦ᠋ᠨ ᠬᠣᠲᠠ ᠶ᠋ᠢ ᠲᠡᠳᠡᠨ ᠳ᠋ᠦ᠍ ᠥᠭᠬᠦ ᠶ᠋ᠢ ᠦᠯᠦ ᠬᠦᠰᠡᠨ᠎ᠡ᠃ ᠴᠢ ᠠᠷᠤ ᠲᠠᠯ᠎ᠠ ᠳ᠋ᠠᠭᠠᠨ ᠰᠠᠨᠠᠭ᠎ᠠ ᠵᠣᠪᠠᠬᠤ ᠶᠠᠭᠤᠮ᠎ᠠ ᠦᠭᠡᠢ ᠲᠡᠳᠡᠨ ᠦ᠌ ᠡᠰᠡᠷᠭᠦ ᠪᠠᠢᠯᠳᠤᠭᠲᠤᠨ᠃ ᠴᠢ ᠲᠡᠳᠡᠨ ᠢ᠋ ᠤᠬᠤᠷᠢᠭᠠᠵᠤ ᠴᠢᠳᠠᠪᠠᠯ ᠠᠵᠠ ᠴᠢᠨᠢ ᠪᠣᠯᠤᠭ᠃ ᠲᠡᠳᠡᠨ ᠢ᠋ ᠤᠬᠤᠷᠢᠭᠰᠠᠨ ᠤ᠋ ᠬᠣᠢᠨ᠎ᠠ ᠴᠢ ᠨᠠᠳᠠᠳᠤ ᠪᠠᠭᠤᠵᠤ ᠥᠭᠪᠡᠯ ᠪᠢ ᠴᠢᠮᠠᠲᠤ ᠬᠠᠭᠤᠴᠢᠨ ᠡᠷᠬᠡ ᠶᠠᠮᠪᠠ ᠬᠠᠷᠢᠶᠠᠲᠤ ᠴᠡᠷᠢᠭ ᠢ᠋ ᠴᠢᠨᠢ ᠦᠯᠡᠳᠡᠭᠡᠵᠦ ᠳᠡᠷᠭᠡᠳᠡ ᠪᠡᠨ ᠠᠪᠤᠶ᠎ᠠ᠃ ᠡᠰᠡ ᠲᠡᠭᠡᠪᠡᠯ ᠴᠢᠮᠠᠲᠤ ᠬᠡᠨ ᠦ᠌ ᠰᠡᠯᠡᠮᠡᠨ ᠳ᠋ᠦ᠍ ᠦᠬᠦᠬᠦ ᠴᠢᠨᠢ ᠬᠠᠮᠢᠶ᠎ᠠ ᠦᠭᠡᠢ ᠪᠢᠵᠡ᠃ ᠪᠢ ᠥᠪᠡᠷ ᠦ᠋ᠨ ᠦᠭᠡᠨ ᠦ᠌ ᠪᠠᠲᠤᠯᠠᠭ᠎ᠠ ᠪᠣᠯᠭᠠᠵᠤ ᠳᠣᠲᠣᠨᠣ ᠰᠢᠳᠠᠷ ᠢ᠋ᠶ᠋ᠠᠨ ᠴᠢᠮᠠᠲᠤ ᠢᠯᠡᠭᠡᠪᠡ᠃ ᠪᠢ ᠬᠡᠷᠪᠡ ᠴᠡᠷᠢᠭ ᠬᠥᠳᠡᠯᠭᠡᠨ ᠴᠢᠮᠠᠶ᠋ᠢ ᠳᠣᠪᠲᠣᠯᠪᠠᠯ ᠮᠢᠨᠦ ᠡᠯᠴᠢ ᠶ᠋ᠢ ᠴᠠᠪᠴᠢᠨ ᠠᠯᠠᠭᠲᠤᠨ ᠭᠡᠰᠡᠨ ᠪᠠᠲᠤ ᠶ᠋ᠢᠨ ᠦᠭᠡ ᠶ᠋ᠢ ᠵᠥᠴᠢ ᠶ᠋ᠢᠨ ᠨᠡᠷ᠎ᠡ ᠶ᠋ᠢᠨ ᠡᠮᠦᠨ᠎ᠡ ᠡᠴᠡ ᠲᠡᠳᠦ ᠲᠡᠮᠦᠷ ᠮᠡᠯᠢᠭ ᠲᠦ᠍ ᠥᠭᠴᠡᠢ᠃ ᠡᠬᠢᠨ ᠦ᠌ ᠡᠳᠦᠷ ᠵᠥᠴᠢ ᠨᠡᠭᠡᠷᠡᠨ ᠴᠡᠷᠢᠭ ᠢ᠋ᠶ᠋ᠡᠨ ᠬᠥᠳᠡᠯᠭᠡᠵᠦ ᠤᠷᠬᠧᠨ᠋ᠴᠠ ᠶ᠋ᠢ ᠪᠠᠷᠠᠭᠤᠨ ᠲᠠᠯ᠎ᠠ ᠠ᠋ᠴᠠ ᠳᠣᠪᠲᠣᠯᠤᠭ᠎ᠠ ᠦᠭᠡᠢ ᠨᠢ ᠢᠲᠡᠭᠡᠬᠦ ᠳ᠋ᠦ᠍ ᠬᠦᠷᠭᠡᠭᠰᠡᠨ ᠴᠦ᠍ ᠳᠠᠢᠰᠤᠨ ᠳ᠋ᠠᠭᠠᠨ ᠢᠲᠡᠭᠡᠨ᠎ᠡ ᠭᠡᠳᠡᠭ ᠦᠬᠦᠯ ᠲᠡᠢ ᠠᠳᠠᠯᠢ ᠭᠡᠳᠡᠭ ᠢ᠋ ᠬᠠᠰᠢᠷ ᠲᠡᠮᠦᠷ ᠮᠡᠯᠢᠭ ᠶᠠᠭᠤ ᠡᠰᠡ ᠠᠨᠳᠠᠬᠤ ᠪᠢᠯᠡ᠃ ᠲᠡᠮᠦᠷ ᠮᠡᠯᠢᠭ ᠵᠥᠴᠢ ᠶ᠋ᠢᠨ ᠡᠯᠴᠢ ᠲᠡᠳᠦ ᠶ᠋ᠢ ᠳᠡᠷᠭᠡᠳᠡ ᠡᠴᠡ ᠪᠡᠨ ᠦᠯᠦ ᠬᠣᠯᠠᠳᠤᠭᠤᠯᠪᠠ᠃ ᠵᠥᠴᠢ ᠶ᠋ᠢᠨ ᠵᠦᠭ ᠡᠴᠡ ᠭᠠᠭᠴᠠ ᠴᠡᠷᠢᠭ ᠴᠦ᠍ ᠪᠣᠯᠪᠠ ᠳᠣᠪᠲᠣᠯᠤᠨ ᠢᠷᠡᠪᠡᠯ ᠲᠡᠭᠦᠨ ᠢ᠋ ᠠᠯᠠᠬᠤ ᠶ᠋ᠢ ᠲᠤᠰᠢᠶᠠᠵᠠᠢ᠃ ᠵᠡᠭᠦᠨ ᠲᠠᠯ᠎ᠠ ᠠ᠋ᠴᠠ ᠴᠠᠭᠠᠲᠠᠢ ᠥᠭᠡᠳᠡᠢ ᠨᠠᠷ ᠤ᠋ᠨ ᠳᠣᠪᠲᠣᠯᠬᠤ ᠳᠡᠢᠯᠦᠭᠳᠡᠰᠢ ᠦᠭᠡᠢ ᠪᠣᠯᠤᠭᠠᠳ ᠴᠡᠷᠢᠭ ᠦ᠋ᠨ ᠬᠠᠭᠠᠰ ᠢ᠋ ᠬᠣᠲᠠ ᠶ᠋ᠢᠨ ᠪᠠᠷᠠᠭᠤᠨ ᠵᠢᠭᠦᠷ ᠲᠦ᠍ ᠪᠠᠷᠢᠬᠤ ᠨᠢ ᠪᠠᠢᠳᠠᠯ ᠢ᠋ ᠬᠦᠨᠳᠦᠷᠡᠭᠦᠯᠵᠦ ᠴᠡᠷᠢᠭ ᠦ᠋ᠨ ᠡᠰᠡᠷᠭᠦᠴᠡᠯ ᠦ᠋ᠨ ᠬᠦᠴᠦ ᠶ᠋ᠢ ᠰᠤᠯᠠᠷᠠᠭᠤᠯᠤᠭᠰᠠᠭᠠᠷ ᠪᠠᠢᠪᠠ᠃ ᠭᠡᠲᠡᠯ᠎ᠡ ᠲᠡᠷᠡ ᠫᠸᠷᠢᠲᠦᠨ ᠬᠥᠷ ᠵᠠᠩᠵᠤᠨ ᠢ᠋ᠶ᠋ᠠᠨ ᠡᠰᠡᠷᠭᠦᠴᠡᠭᠰᠡᠭᠡᠷ ᠪᠠᠢᠲᠠᠯ᠎ᠠ ᠪᠠᠷᠠᠭᠤᠨ ᠴᠡᠷᠢᠭ ᠢ᠋ᠶ᠋ᠡᠨ ᠲᠠᠲᠠᠵᠤ ᠥᠭᠡᠳᠡᠢ ᠶ᠋ᠢᠨ ᠥᠭᠡᠳᠡ ᠡᠴᠡ ᠲᠤᠯᠤᠯᠳᠤᠬᠤ ᠶ᠋ᠢ ᠲᠤᠰᠢᠶᠠᠪᠠ᠃ ᠡᠨᠡ ᠨᠢ ᠲᠡᠮᠦᠷ ᠮᠡᠯᠢᠭ ᠲᠡᠳᠦ ᠶ᠋ᠢᠨ ᠬᠣᠪᠰᠣᠨ ᠳ᠋ᠤ᠌ ᠣᠷᠣᠭᠰᠠᠨ ᠤ᠋ ᠬᠢ ᠪᠠᠢᠯ᠎ᠠ᠃ 
       ᠡᠨᠡ ᠪᠦᠬᠦ ᠨᠢᠭᠤᠴᠠ ᠶ᠋ᠢ ᠪᠠᠲᠤ ᠡᠴᠢᠭᠡ ᠳ᠋ᠡᠭᠡᠨ ᠳᠤᠷᠠᠰᠤᠭᠰᠠᠨ ᠦᠭᠡᠢ᠃ ᠦᠨᠡᠬᠡᠷ ᠤᠷᠬᠧᠨ᠋ᠴᠠ ᠶ᠋ᠢᠨ ᠪᠠᠷᠠᠭᠤᠨ ᠬᠡᠷᠡᠮ ᠡᠵᠡᠭᠦᠢᠷᠡᠵᠦ ᠴᠥᠭᠡᠨ ᠴᠡᠷᠢᠭ ᠡᠴᠡ ᠥᠭᠡᠷ᠎ᠡ ᠬᠠᠮᠠᠭᠠᠯᠠᠯᠲᠠ ᠦᠯᠡᠳᠡᠭᠰᠡᠨ ᠦᠭᠡᠢ᠃ ᠬᠦᠴᠦ ᠨᠡᠮᠡᠭᠳᠡᠭᠰᠡᠨ ᠳᠠᠢᠰᠤᠨ ᠤ᠋ ᠡᠰᠡᠷᠭᠦᠴᠡᠯ ᠲᠡᠢ ᠲᠤᠯᠤᠭᠰᠠᠨ ᠥᠭᠡᠳᠡᠢ ᠶ᠋ᠢᠨ ᠴᠡᠷᠢᠭ ᠶᠡᠬᠡ ᠪᠡᠷ ᠰᠦᠢᠷᠡᠬᠦ ᠪᠣᠯᠤᠯ᠎ᠠ᠃ ᠪᠠᠲᠤ ᠰᠥᠨᠢ ᠪᠣᠯᠬᠤ ᠶ᠋ᠢ ᠲᠡᠪᠴᠢᠶᠡᠷᠢ ᠲᠡᠢ ᠬᠦᠯᠢᠶᠡᠨ᠎ᠡ᠃ ᠵᠥᠴᠢ ᠴᠦ᠍ ᠬᠥᠪᠡᠭᠦᠨ ᠦ᠌ ᠪᠡᠨ ᠡᠨᠡ ᠵᠠᠯᠢᠲᠤ ᠠᠷᠭ᠎ᠠ ᠶ᠋ᠢ ᠰᠠᠢᠰᠢᠶᠠᠪᠠ᠃ ᠰᠥᠨᠢ ᠳᠤᠮᠳᠠ ᠥᠩᠭᠡᠷᠡᠵᠦ ᠰᠠᠷᠠ ᠵᠢᠷᠭᠠᠬᠤ ᠳ᠋ᠤ᠌ ᠵᠥᠴᠢ ᠪᠠᠲᠤ ᠬᠣᠶᠠᠷ ᠤ᠋ᠨ ᠴᠡᠷᠢᠭ ᠤᠷᠬᠧᠨ᠋ᠴᠠ ᠶ᠋ᠢᠨ ᠬᠡᠷᠡᠮ ᠢ᠋ ᠲᠦᠪᠡᠭ ᠦᠭᠡᠢ ᠡᠪᠳᠡᠨ ᠣᠩᠭᠣᠢᠯᠭᠠᠭᠠᠳ ᠰᠠᠮ ᠤᠷᠤᠰᠤᠨ ᠣᠷᠣᠯ᠎ᠠ᠃ ᠬᠣᠲᠠ ᠶ᠋ᠢᠨ ᠲᠠᠯ᠎ᠠ ᠨᠢ ᠳᠠᠷᠤᠢ ᠡᠵᠡᠯᠡᠭᠳᠡᠵᠦ ᠬᠠᠷᠢᠨ ᠲᠡᠮᠦᠷ ᠮᠡᠯᠢᠭ ᠦ᠋ᠨ ᠴᠡᠷᠢᠭ ᠰᠢᠪᠡᠭᠡᠯᠡᠭᠰᠡᠨ ᠬᠣᠲᠠ ᠶ᠋ᠢᠨ ᠵᠡᠭᠦᠨ ᠲᠡᠭᠦᠷᠭᠡ ᠶ᠋ᠢ ᠪᠠᠲᠤ ᠪᠦᠬᠦᠯᠢ ᠳ᠋ᠦ᠍ᠨᠢ ᠭᠠᠯᠳᠠᠨ ᠰᠢᠲᠠᠭᠠᠬᠤ ᠶ᠋ᠢ ᠲᠤᠰᠢᠶᠠᠪᠠ᠃ ᠭᠠᠯ ᠳ᠋ᠤ᠌ ᠬᠤᠢᠬᠠᠯᠠᠭᠳᠠᠵᠤ ᠦᠬᠦᠬᠦ ᠡᠴᠡ ᠵᠢᠭᠤᠲᠠᠭᠰᠠᠨ ᠣᠯᠠᠨ ᠴᠡᠷᠢᠭ ᠬᠡᠷᠡᠮ ᠡᠴᠡ ᠭᠠᠳᠠᠭᠰᠢ ᠦᠶᠡᠷ ᠮᠡᠲᠦ ᠳᠣᠪᠲᠣᠯᠤᠭᠰᠠᠨ ᠳ᠋ᠤ᠌ ᠥᠭᠡᠳᠡᠢ᠂ ᠴᠠᠭᠠᠲᠠᠢ ᠶ᠋ᠢᠨ ᠴᠡᠷᠢᠭ ᠬᠣᠷᠢᠭᠯᠠᠵᠤ ᠡᠰᠡ ᠴᠢᠳᠠᠭᠠᠳ ᠬᠣᠢᠰᠢ ᠤᠬᠤᠷᠢᠬᠤ ᠳ᠋ᠤ᠌ ᠬᠦᠷᠪᠡ᠃ ᠭᠡᠪᠡᠴᠦ ᠥᠭᠡᠳᠡᠢ 《ᠦᠬᠦᠯ ᠦ᠋ᠨ ᠴᠡᠷᠢᠭ 》 ᠨᠡᠮᠡᠵᠦ ᠣᠷᠣᠭᠤᠯᠤᠭᠰᠠᠨ ᠲᠤᠯᠠ ᠬᠤᠷᠽᠸᠮᠴᠤᠳ ᠳᠠᠷᠤᠢ ᠬᠣᠭᠣᠷᠣᠨᠳᠣ ᠪᠠᠨ ᠠᠯᠠᠯᠳᠤᠨ ᠰᠦᠢᠷᠡᠵᠡᠢ᠃ ᠡᠨᠡ ᠭᠠᠯ᠂ ᠴᠢᠰᠤᠨ ᠤ᠋ ᠳᠣᠯᠣᠭᠠᠨ ᠳᠣᠯᠣᠭᠠᠨ ᠡᠳᠦᠷ ᠳᠣᠯᠣᠭᠠᠨ ᠰᠥᠨᠢ ᠦᠷᠭᠦᠯᠵᠢᠯᠡᠵᠦ ᠤᠷᠬᠧᠨ᠋ᠴᠠ ᠶ᠋ᠢᠨ ᠦᠯᠡᠳᠡᠭᠰᠡᠨ ᠴᠡᠷᠢᠭ ᠪᠠᠭᠤᠵᠤ ᠥᠭᠪᠡ᠃ ᠤᠷᠠᠴᠤᠳ ᠳᠠᠷᠬᠠᠴᠤᠳ᠂ ᠡᠮᠡᠰ ᠬᠡᠦᠬᠡᠳ ᠡᠴᠡ ᠪᠤᠰᠤᠳ ᠢ᠋ ᠨᠢ ᠬᠢᠳᠤᠵᠤ᠂ ᠪᠠᠲᠤ ᠤᠷᠬᠧᠨ᠋ᠴᠠ ᠬᠣᠲᠠ ᠶ᠋ᠢᠨ ᠤᠰᠤᠨ ᠤ᠋ ᠳᠠᠯᠠᠩ ᠢ᠋ ᠡᠪᠳᠡᠨ ᠠᠮᠥ᠋ ᠳ᠋ᠠᠷᠢᠶᠠ ᠮᠥᠷᠡᠨ ᠦ᠌ ᠤᠰᠤ ᠶ᠋ᠢ ᠬᠣᠲᠠ ᠳ᠋ᠤ᠌ ᠣᠷᠣᠭᠤᠯᠤᠭᠰᠠᠨ ᠢ᠋ᠶ᠋ᠠᠷ ᠦᠯᠡᠳᠡᠭᠰᠡᠳ ᠪᠦᠭᠦᠳᠡ ᠵᠢᠪᠴᠦ ᠦᠬᠦᠵᠡᠢ᠃ ᠤᠷᠬᠧᠨ᠋ᠴᠠ ᠶ᠋ᠢ ᠬᠡᠨ ᠳ᠋ᠦ᠍ ᠴᠦ᠍ ᠥᠭᠬᠦ ᠦᠭᠡᠢ ᠭᠡᠰᠡᠨ ᠠᠮᠠᠨ ᠳ᠋ᠠᠭᠠᠨ ᠪᠠᠲᠤ ᠡᠢᠨ ᠬᠦᠷᠪᠡ᠃ ᠲᠡᠮᠦᠷ ᠮᠡᠯᠢᠭ ᠵᠥᠴᠢ ᠳ᠋ᠦ᠍ ᠬᠠᠭᠤᠷᠲᠠᠭᠰᠠᠨ ᠳ᠋ᠠᠭᠠᠨ ᠥᠪᠡᠷ ᠢ᠋ ᠪᠡᠨ ᠬᠠᠷᠢᠶᠠᠭᠰᠠᠭᠠᠷ ᠦᠬᠦᠵᠡᠢ᠃ ᠦᠬᠦᠬᠦ ᠶ᠋ᠢᠨ ᠡᠮᠦᠨ᠎ᠡ ᠵᠥᠴᠢ ᠶ᠋ᠢᠨ ᠡᠯᠴᠢ ᠲᠡᠳᠦ ᠶ᠋ᠢ ᠰᠢᠲᠠᠭᠠᠭᠰᠠᠨ ᠢ᠋ ᠲᠡᠮᠦᠷ ᠮᠡᠯᠢᠭ ᠦ᠋ᠨ ᠣᠯᠵᠠᠯᠠᠭᠳᠠᠭᠰᠠᠨ ᠴᠡᠷᠢᠭ ᠦ᠋ᠳ ᠬᠡᠯᠡᠵᠡᠢ᠃ ᠬᠡᠳᠦ ᠬᠣᠨᠣᠭ ᠤ᠋ᠨ ᠲᠤᠷᠰᠢ ᠬᠠᠢᠯᠭᠠᠭᠰᠠᠨ ᠪᠣᠯᠪᠠᠴᠤ ᠬᠥᠭᠡᠷᠦᠬᠦᠢ ᠦᠨᠡᠨᠴᠢ ᠲᠡᠳᠦ ᠶ᠋ᠢᠨ ᠶᠠᠰᠤ ᠦᠰᠦ ᠴᠦ᠍ ᠣᠯᠳᠠᠭᠰᠠᠨ ᠦᠭᠡᠢ ᠨᠢ ᠡᠨᠡ ᠤᠳᠠᠭ᠎ᠠ ᠲᠡᠭᠦᠨ ᠦ᠌ ᠬᠣᠪᠰᠣ ᠠᠮᠢ ᠶ᠋ᠢ ᠨᠢ ᠠᠪᠤᠷᠠᠵᠤ ᠴᠢᠳᠠᠭᠰᠠᠨ ᠦᠭᠡᠢ ᠦᠬᠦᠭᠰᠡᠨ ᠪᠣᠯᠤᠯᠲᠠᠢ᠃ ᠵᠥᠴᠢ ᠪᠠᠲᠤ ᠬᠣᠶᠠᠷ ᠡᠴᠢᠭᠡ ᠶ᠋ᠢ ᠪᠡᠨ ᠠᠯᠳᠠᠭᠰᠠᠨ ᠮᠡᠲᠦ ᠥᠨᠥᠴᠢᠷᠡᠨ ᠭᠠᠰᠢᠭᠤᠳᠠᠵᠠᠢ᠃ ᠭᠡᠪᠡᠴᠦ ᠪᠠᠲᠤ ᠲᠡᠳᠦ ᠶ᠋ᠢᠨ ᠦᠬᠦᠭᠰᠡᠨ ᠳ᠋ᠦ᠍ ᠢᠲᠡᠭᠡᠭᠡ ᠦᠭᠡᠢ ᠪᠡᠷ ᠪᠠᠷᠠᠬᠤ ᠦᠭᠡᠢ ᠴᠥᠬᠥᠷᠡᠯ ᠦᠭᠡᠢ ᠡᠷᠢᠵᠦ ᠬᠠᠢᠭᠰᠠᠭᠠᠷ ᠪᠠᠢᠵᠠᠢ᠃ 
       ᠤᠷᠬᠧᠨ᠋ᠴᠠ ᠶ᠋ᠢ ᠠᠪᠤᠭᠰᠠᠨ ᠳᠣᠯᠣᠭᠠᠨ ᠡᠨᠡ ᠮᠡᠲᠦ ᠳᠤᠤᠯᠢᠶᠠᠨ᠂ ᠬᠡᠷᠡᠭᠦᠯ ᠳᠠᠭᠠᠭᠤᠯᠵᠤ᠂ ᠮᠣᠩᠭᠣᠯ ᠤ᠋ᠨ ᠣᠯᠠᠨ ᠮᠢᠩᠭᠠᠨ ᠴᠡᠷᠢᠭ ᠦ᠋ᠨ ᠠᠮᠢ ᠶ᠋ᠢ ᠠᠪᠴᠤ ᠥᠨᠳᠥᠷᠯᠡᠪᠡ᠃ ᠭᠡᠲᠡᠯ᠎ᠡ ᠤᠷᠬᠧᠨ᠋ᠴᠠ ᠶ᠋ᠢ ᠠᠪᠤᠭᠰᠠᠨ ᠳᠣᠯᠣᠭᠠᠨ ᠢᠩᠭᠢᠭᠡᠳ ᠳᠠᠭᠤᠰᠤᠭᠰᠠᠨ ᠦᠭᠡᠢ᠃ ᠤᠷᠬᠧᠨ᠋ᠴᠠ ᠶ᠋ᠢ ᠠᠪᠤᠮᠠᠭᠴᠠ ᠴᠡᠷᠢᠭ ᠢ᠋ᠶ᠋ᠡᠨ ᠲᠡᠳᠡᠨ ᠢᠷᠡᠵᠦ ᠨᠡᠢᠯᠡᠬᠦ ᠲᠤᠬᠠᠢ ᠴᠢᠩᠭᠢᠰ ᠬᠠᠭᠠᠨ ᠤ᠋ ᠵᠠᠷᠯᠢᠭ ᠢ᠋ ᠡᠬᠢᠯᠡᠭᠡᠳ ᠥᠭᠡᠳᠡᠢ ᠳᠠᠷᠠᠭ᠎ᠠ ᠨᠢ ᠴᠠᠭᠠᠲᠠᠢ ᠳ᠋ᠠᠭᠠᠨ ᠡᠮᠦᠨ᠎ᠡ ᠵᠦᠭ ᠬᠥᠳᠡᠯᠵᠡᠢ᠃ ᠬᠠᠷᠢᠨ ᠵᠥᠴᠢ 《ᠥᠪᠡᠷ ᠦ᠋ᠨ ᠡᠵᠡᠮᠰᠢᠯ ᠨᠤᠲᠤᠭ ᠣᠷᠣᠨ᠂ ᠬᠣᠲᠠ ᠭᠠᠵᠠᠷ ᠢ᠋ ᠲᠣᠬᠣᠨᠢᠭᠤᠯᠤᠨ᠎ᠠ》 ᠭᠡᠵᠦ ᠬᠡᠯᠡ ᠥᠭᠭᠦᠭᠡᠳ ᠤᠷᠬᠧᠨ᠋ᠴᠠ ᠠ᠋ᠴᠠ ᠬᠣᠢᠲᠤ ᠵᠦᠭ ᠺᠠᠰᠫᠢ ᠶ᠋ᠢᠨ ᠲᠠᠩᠭᠢᠰ ᠤ᠋ᠨ ᠵᠡᠭᠦᠨ ᠪᠡᠶ᠎ᠡ ᠪᠡᠷ ᠬᠥᠳᠡᠯᠵᠦ ᠵᠠᠮ ᠳ᠋ᠤ᠌ ᠲᠠᠭᠠᠷᠠᠭᠰᠠᠨ ᠵᠢᠵᠢᠭ ᠬᠣᠲᠠ ᠪᠠᠯᠭᠠᠰᠤ ᠶ᠋ᠢ ᠡᠵᠡᠯᠡᠨ ᠶᠠᠪᠤᠵᠠᠢ᠃ ᠬᠡᠳᠦᠢ ᠤᠷᠬᠧᠨ᠋ᠴᠠ ᠶ᠋ᠢ ᠪᠠᠲᠤ ᠡᠵᠡᠯᠡᠨ ᠠᠪᠤᠭᠰᠠᠨ ᠴᠤ᠌ ᠣᠨᠣᠭᠳᠠᠬᠤ ᠨᠡᠷ᠎ᠡ ᠭᠠᠪᠢᠶ᠎ᠠ ᠨᠢ ᠥᠭᠡᠳᠡᠢ ᠳ᠋ᠦ᠍ ᠣᠴᠢᠭᠰᠠᠨ ᠳ᠋ᠤ᠌ ᠵᠥᠴᠢ ᠲᠤᠢᠯ ᠤ᠋ᠨ ᠶᠡᠬᠡ ᠬᠠᠷᠠᠮᠰᠠᠵᠢ᠃ ᠪᠠᠰᠠ ᠪᠠᠲᠤ ᠶ᠋ᠢᠨ ᠤᠴᠢᠷ ᠨᠢ ᠦᠯᠦ ᠣᠢᠯᠠᠭᠠᠭᠳᠠᠬᠤ ᠬᠠᠴᠢᠨ ᠰᠢᠢᠳᠪᠦᠷᠢ ᠡᠴᠡ ᠪᠣᠯᠵᠤ ᠥᠭᠡᠳᠡᠢ ᠴᠠᠭᠠᠲᠠᠢ ᠨᠠᠷ ᠤ᠋ᠨ ᠵᠦᠭ ᠡᠴᠡ ᠭᠣᠮᠣᠳᠠᠯ ᠰᠠᠨᠠᠯ ᠭᠠᠷᠬᠤ ᠶ᠋ᠢ ᠴᠦ᠍ ᠲᠡᠷᠡ ᠮᠡᠳᠡᠵᠦ ᠪᠠᠢᠪᠠ᠃ ᠦᠨᠡᠬᠡᠷ ᠥᠭᠡᠳᠡᠢ ᠴᠠᠭᠠᠲᠠᠢ ᠬᠣᠶᠠᠷ ᠠᠭᠤᠷ ᠬᠢᠯᠢᠩ ᠳᠦᠭᠦᠷᠡᠩ ᠪᠤᠴᠠᠵᠠᠢ᠃ ᠵᠥᠴᠢ᠂ ᠪᠠᠯᠴᠢᠷ ᠬᠥᠪᠡᠭᠦᠨ ᠪᠠᠲᠤ ᠳ᠋ᠠᠭᠠᠨ ᠴᠡᠷᠢᠭ ᠢ᠋ᠶ᠋ᠡᠨ ᠤᠳᠤᠷᠢᠳᠤᠭᠤᠯᠵᠤ ᠬᠣᠲᠠ ᠶ᠋ᠢᠨ ᠭᠤᠷᠪᠠᠨ ᠲᠠᠯ᠎ᠠ ᠠ᠋ᠴᠠ ᠵᠡᠷᠭᠡ ᠳᠣᠪᠲᠣᠯᠬᠤ ᠰᠢᠢᠳᠪᠦᠷᠢ ᠶ᠋ᠢ ᠵᠥᠷᠢᠴᠡᠨ ᠠᠯᠭᠤᠷᠯᠠᠭᠰᠠᠨ ᠠ᠋ᠴᠠ ᠪᠣᠯᠵᠤ ᠣᠯᠠᠨ ᠴᠡᠷᠢᠭ ᠦ᠋ᠨ ᠠᠮᠢ ᠰᠦᠢᠳᠦᠭᠰᠡᠨ ᠭᠡᠵᠦ ᠲᠡᠳᠡ ᠦᠵᠡᠵᠡᠢ᠃ ᠲᠡᠳᠡ ᠡᠭᠦᠨ ᠳ᠋ᠦ᠍ ᠪᠠᠲᠤ ᠶ᠋ᠢ ᠪᠢᠰᠢ ᠵᠥᠴᠢ ᠶ᠋ᠢ ᠪᠤᠷᠤᠭᠤᠳᠬᠠᠨ᠎ᠠ᠃ ᠡᠨᠡ ᠪᠣᠯ ᠴᠢᠩᠭᠢᠰ ᠬᠠᠭᠠᠨ ᠤ᠋ ᠵᠠᠷᠯᠢᠭ ᠢ᠋ ᠵᠥᠷᠢᠴᠡᠭᠰᠡᠨ ᠲᠡᠢ ᠠᠳᠠᠯᠢ ᠶᠠᠪᠤᠳᠠᠯ ᠪᠣᠯᠵᠠᠢ᠃ ᠬᠥᠪᠡᠭᠦᠳ ᠦ᠋ᠨ ᠬᠣᠭᠣᠷᠣᠨᠳᠣᠬᠢ ᠵᠥᠷᠢᠴᠡᠯ ᠡᠴᠡ ᠡᠭᠦᠳᠦᠨ ᠤᠷᠬᠧᠨ᠋ᠴᠠ ᠳ᠋ᠤ᠌ ᠶᠠᠭᠤ ᠭᠡᠭᠴᠢ ᠪᠣᠯᠤᠭᠰᠠᠨ ᠢ᠋ ᠥᠭᠡᠳᠡᠢ ᠶ᠋ᠢ ᠣᠴᠢᠬᠤ ᠠ᠋ᠴᠠ ᠡᠮᠦᠨ᠎ᠡ ᠵᠥᠴᠢ ᠶ᠋ᠢᠨ ᠳᠡᠷᠭᠡᠳᠡ ᠪᠠᠢᠭᠰᠠᠨ ᠲᠠᠩᠨᠠᠭᠤᠯ ᠨᠢᠭᠤᠴᠠ ᠡᠯᠴᠢ ᠢᠯᠡᠬᠡᠨ ᠴᠢᠩᠭᠢᠰ ᠬᠠᠭᠠᠨ ᠤ᠋ ᠰᠣᠨᠣᠷ ᠲᠤ᠌ ᠬᠦᠷᠭᠡᠭᠰᠡᠨ ᠪᠠᠢᠯ᠎ᠠ᠃ 
       ᠴᠢᠩᠭᠢᠰ ᠬᠠᠭᠠᠨ᠂ ᠬᠥᠪᠡᠭᠦᠳ ᠲᠡᠭᠡᠨ ᠲᠡᠷᠡ ᠳᠤᠮᠳᠠ ᠪᠠᠨ ᠵᠥᠴᠢ ᠳ᠋ᠦ᠍ ᠶᠡᠷᠦ ᠢᠩᠭᠢᠵᠦ ᠬᠢᠯᠢᠩᠨᠡᠵᠦ ᠪᠠᠢᠭᠰᠠᠨ ᠦᠭᠡᠢ᠃ ᠨᠢᠭᠡ ᠮᠠᠭᠤ ᠥᠴᠦᠬᠡᠨ ᠥᠨᠥᠴᠢᠨ ᠪᠠᠯᠭᠠᠰᠤ ᠶ᠋ᠢ ᠰᠠᠨᠠᠯ ᠨᠢᠭᠡᠳᠦᠨ ᠡᠵᠡᠯᠡᠵᠦ ᠠᠪᠴᠤ ᠴᠢᠳᠠᠯ ᠦᠭᠡᠢ ᠣᠯᠠᠨ ᠴᠡᠷᠢᠭ ᠦ᠋ᠨ ᠠᠮᠢ ᠶ᠋ᠢ ᠰᠦᠢᠷᠡᠭᠦᠯᠦᠭᠰᠡᠨ ᠳ᠋ᠦ᠍ ᠬᠢᠯᠢᠩᠨᠡᠵᠦ ᠥᠭᠡᠳᠡᠢ ᠴᠠᠭᠠᠲᠠᠢ ᠬᠣᠶᠠᠷ ᠢ᠋ ᠪᠠᠷᠠᠯᠬᠠᠭᠤᠯᠬᠤ ᠦᠭᠡᠢ ᠬᠡᠳᠦ ᠬᠣᠨᠣᠪᠠ᠃ ᠴᠢᠩᠭᠢᠰ ᠬᠠᠭᠠᠨ ᠤ᠋ ᠳᠡᠷᠭᠡᠳᠡ ᠪᠠᠢᠬᠤ ᠪᠤᠭᠤᠷᠴᠢ᠂ ᠰᠢᠭᠢᠬᠤᠲᠤᠭ ᠪᠣᠯᠤᠭᠠᠳ ᠰᠢᠳᠠᠷ᠂ ᠬᠣᠷᠴᠢᠨ ᠨᠤᠭᠤᠳ ᠢᠳᠬᠠᠵᠤ ᠶᠠᠳᠠᠭᠠᠳ ᠦᠭᠡ ᠪᠡᠨ ᠪᠠᠷᠠᠵᠠᠢ᠃ ᠴᠢᠩᠭᠢᠰ ᠬᠠᠭᠠᠨ ᠬᠥᠪᠡᠭᠦᠳ ᠲᠡᠭᠡᠨ ᠬᠢᠯᠢᠩᠨᠡᠬᠦ ᠡᠴᠡ ᠢᠯᠡᠭᠦᠦ ᠲᠡᠳᠡᠨ ᠢ᠋ ᠶᠠᠭᠠᠬᠢᠵᠤ ᠭᠡᠰᠬᠡᠬᠦ ᠠᠷᠭ᠎ᠠ ᠪᠠᠨ ᠣᠯᠬᠤ ᠦᠭᠡᠢ ᠳ᠋ᠡᠭᠡᠨ ᠢᠩᠭᠢᠵᠦ ᠣᠯᠠᠨ ᠬᠣᠨᠣᠭ ᠬᠢᠯᠢᠩᠨᠡᠭᠰᠡᠨ ᠳᠦᠷᠢ ᠲᠡᠢ ᠰᠠᠭᠤᠭᠰᠠᠨ ᠪᠢᠯᠡ᠃ ᠪᠣᠳᠣᠵᠤ ᠪᠣᠳᠣᠵᠤ ᠬᠡᠷᠡᠭ ᠦ᠋ᠨ ᠤᠴᠢᠷ ᠢ᠋ ᠨᠠᠷᠢᠪᠴᠢᠯᠠᠨ ᠰᠣᠨᠣᠰᠤᠭᠠᠳ ᠭᠣᠣᠯ ᠪᠤᠷᠤᠭᠤᠲᠠᠨ ᠨᠢ ᠵᠥᠴᠢ ᠶ᠋ᠢ ᠭᠡᠵᠦ ᠦᠵᠡᠭᠡᠳ ᠥᠭᠡᠳᠡᠢ ᠴᠠᠭᠠᠲᠠᠢ ᠬᠣᠶᠠᠷ ᠢ᠋ ᠥᠷᠥᠰᠢᠶᠡᠵᠡᠢ᠃ ᠲᠡᠳᠡ ᠴᠦ᠍ ᠥᠪᠡᠷᠰᠡᠳ ᠢ᠋ ᠪᠡᠨ ᠴᠠᠭᠠᠳᠬᠠᠬᠤ ᠶ᠋ᠢᠨ ᠲᠤᠯᠠᠳᠠ ᠮᠠᠭᠤ ᠦᠭᠡ ᠬᠠᠢᠷᠠᠯᠠᠭᠰᠠᠨ ᠦᠭᠡᠢ ᠃ ᠥᠪᠡᠷ ᠦ᠋ᠨ ᠪᠤᠷᠤᠭᠤᠲᠠᠨ ᠭᠡᠳᠡᠭ ᠢ᠋ᠶ᠋ᠡᠨ ᠪᠠᠲᠤᠯᠠᠬᠤ ᠭᠡᠰᠡᠨ ᠮᠡᠲᠦ ᠵᠥᠴᠢ ᠲᠡᠭᠦᠨ ᠦ᠌ ᠵᠠᠷᠯᠢᠭ ᠢ᠋ ᠳᠠᠭᠠᠵᠤ ᠴᠡᠷᠢᠭ ᠲᠡᠢ ᠪᠡᠨ ᠢᠷᠡᠵᠦ ᠨᠡᠢᠯᠡᠭᠰᠡᠨ ᠦᠭᠡᠢ ᠵᠤᠨ ᠥᠩᠭᠡᠷᠡᠵᠦ ᠨᠠᠮᠤᠷ ᠪᠣᠯᠵᠠᠢ᠃ ᠴᠢᠩᠭᠢᠰ ᠬᠠᠭᠠᠨ ᠵᠥᠴᠢ ᠶ᠋ᠢ ᠮᠠᠷᠲᠠᠭᠰᠠᠨ ᠮᠡᠲᠦ ᠪᠣᠯᠤᠭᠠᠳ ᠰᠡᠷᠢᠭᠦᠦ ᠣᠷᠣᠮᠠᠭᠴᠠ ᠴᠡᠷᠢᠭ ᠢ᠋ᠶ᠋ᠡᠨ ᠬᠣᠶᠠᠷ ᠬᠤᠪᠢᠶᠠᠨ ᠢᠨᠳ᠋ ᠮᠥᠷᠡᠨ ᠦ᠌ ᠪᠠᠷᠠᠭᠤᠨ ᠵᠡᠭᠦᠨ ᠡᠷᠭᠢ ᠪᠡᠷ ᠤᠷᠤᠭᠰᠢᠯᠠᠭᠤᠯᠵᠤ ᠬᠤᠷᠽᠸᠮ ᠤ᠋ᠨ ᠦᠯᠡᠳᠡᠭᠰᠡᠨ ᠴᠡᠷᠢᠭ ᠰᠦᠢᠷᠡᠭᠰᠡᠨ ᠬᠠᠭᠠᠨ ᠵᠠᠯᠠᠯᠲᠢᠨ ᠢ᠋ ᠨᠡᠬᠡᠨ ᠡᠨᠡᠳᠬᠡᠭ ᠭᠠᠵᠠᠷ ᠤ᠋ᠨ ᠭᠦᠨ ᠤᠷᠤᠭᠤ ᠳᠣᠪᠲᠣᠯᠵᠤ ᠣᠳᠪᠠ᠃ ᠬᠠᠷᠢᠨ ᠵᠥᠴᠢ ᠨᠤᠲᠤᠭ ᠤ᠋ᠨ ᠪᠠᠭᠤᠵᠤ ᠥᠭᠭᠦᠭᠰᠡᠨ ᠴᠡᠷᠢᠭ ᠢ᠋ᠶ᠋ᠡᠷ ᠬᠦᠴᠦ ᠪᠡᠨ ᠰᠡᠯᠪᠢᠵᠦ ᠳᠠᠷᠤᠢ ᠵᠢᠷᠭᠤᠭᠠᠨ ᠲᠦᠮᠡᠨ ᠴᠡᠷᠢᠭ ᠲᠡᠢ ᠪᠣᠯᠵᠤ ᠺᠠᠰᠫᠢ ᠶ᠋ᠢᠨ ᠲᠠᠩᠭᠢᠰ ᠤ᠋ᠨ ᠵᠡᠭᠦᠨ᠂ ᠵᠡᠭᠦᠨ ᠡᠮᠦᠨ᠎ᠡ ᠲᠠᠯ᠎ᠠ ᠶ᠋ᠢᠨ ᠨᠤᠲᠤᠭ ᠢ᠋ ᠪᠦᠬᠦᠯᠢ ᠳ᠋ᠦ᠍ᠨᠢ ᠡᠵᠡᠯᠡᠨ ᠠᠪᠬᠤ ᠪᠠᠷ ᠳᠣᠪᠲᠣᠯᠵᠤ ᠡᠬᠢᠯᠡᠪᠡ᠃ ᠡᠨᠡ ᠪᠣᠯ ᠲᠡᠭᠦᠨ ᠦ᠌ ᠥᠪᠡᠷ ᠦ᠋ᠨ ᠳᠤᠷ᠎ᠠ ᠬᠦᠰᠡᠯ ᠢ᠋ᠶ᠋ᠡᠷ ᠬᠢᠵᠦ ᠪᠣᠢ ᠲᠡᠢᠨ ᠪᠠᠢᠯ᠎ᠠ᠃ ᠡᠨᠡ ᠪᠣᠯ ᠵᠥᠴᠢ ᠦᠨᠳᠦᠰᠦᠨ ᠳ᠋ᠡᠭᠡᠨ ᠴᠢᠩᠭᠢᠰ ᠬᠠᠭᠠᠨ ᠠ᠋ᠴᠠ ᠲᠤᠰᠠᠭᠠᠷ ᠶᠠᠪᠤᠬᠤ ᠪᠣᠯᠤᠭᠰᠠᠨ ᠢ᠋ᠶ᠋ᠠᠨ ᠪᠠᠲᠤᠯᠠᠭᠰᠠᠨ ᠬᠡᠷᠡᠭ ᠶᠦᠮ᠃ ᠢᠩᠭᠢᠭᠰᠡᠨ ᠦ᠌ ᠪᠡᠨ ᠲᠥᠯᠥᠭᠡ ᠶᠠᠮᠠᠷ ᠴᠤ᠌ ᠬᠡᠰᠭᠡᠭᠡᠯ ᠴᠠᠭᠠᠵᠠᠨ ᠳ᠋ᠤ᠌ ᠤᠨᠠᠬᠤ ᠠ᠋ᠴᠠ ᠲᠡᠷᠡ ᠡᠮᠢᠶᠡᠭᠰᠡᠨ ᠦᠭᠡᠢ᠃ ᠤᠴᠢᠷ ᠨᠢ ᠵᠥᠴᠢ ᠳ᠋ᠦ᠍ ᠠᠩᠬ᠎ᠠ ᠤᠳᠠᠭ᠎ᠠ ᠥᠪᠡᠷ ᠦ᠋ᠨ ᠡᠵᠡᠯᠡᠵᠦ ᠠᠪᠤᠭᠰᠠᠨ ᠨᠤᠲᠤᠭ ᠢ᠋ᠶ᠋ᠠᠨ ᠵᠠᠬᠢᠷᠤᠨ ᠥᠪᠡᠷ ᠦ᠋ᠨ ᠤᠯᠤᠰ ᠢ᠋ ᠪᠠᠢᠭᠤᠯᠬᠤ ᠪᠣᠯᠤᠮᠵᠢ ᠣᠯᠳᠠᠭᠰᠠᠨ ᠨᠢ ᠡᠨᠡ ᠶᠦᠮ᠃ ᠡᠭᠦᠨ ᠦ᠌ ᠲᠥᠯᠥᠭᠡ ᠠᠮᠢ ᠪᠠᠨ ᠦᠷᠡᠬᠦ ᠳ᠋ᠦ᠍ ᠪᠡᠯᠡᠨ ᠪᠠᠢᠪᠠ᠃ ᠵᠢᠯ ᠭᠠᠷᠤᠢ ᠪᠣᠯᠬᠤ ᠳ᠋ᠤ᠌ ᠵᠥᠴᠢ ᠶ᠋ᠢᠨ ᠡᠵᠡᠯᠡᠨ ᠠᠪᠤᠭᠰᠠᠨ ᠨᠤᠲᠤᠭ ᠳᠠᠷᠤᠢ ᠬᠣᠶᠠᠷ ᠳᠠᠬᠢᠨ ᠨᠡᠮᠡᠭᠳᠡᠪᠡ᠃ ᠭᠡᠪᠡᠴᠦ ᠲᠡᠷᠡ ᠡᠭᠦᠨ ᠳ᠋ᠦ᠍ ᠰᠡᠳᠬᠢᠯ ᠬᠠᠨᠤᠭᠰᠠᠨ ᠦᠭᠡᠢ᠃ ᠬᠠᠷᠢᠨ ᠴᠤ᠌ ᠪᠠᠲᠤ ᠬᠥᠪᠡᠭᠦᠨ ᠨᠢ ᠺᠡᠦᠺᠡᠰ ᠦ᠋ᠨ ᠨᠢᠷᠤᠭᠤ ᠶ᠋ᠢ ᠳᠠᠪᠠᠵᠤ ᠰᠦᠪᠡᠭᠡᠲᠡᠢ ᠶ᠋ᠢᠨ ᠬᠠᠮᠲᠤ ᠪᠠᠷᠠᠭᠤᠨ ᠵᠦᠭ ᠳᠣᠪᠲᠣᠯᠬᠤ ᠶ᠋ᠢ ᠬᠦᠰᠡᠵᠡᠢ᠃ ᠬᠠᠷᠢᠨ ᠵᠥᠴᠢ ᠵᠡᠷᠭᠡᠯᠡᠳᠡᠭᠡᠬᠢ ᠬᠢᠪᠴᠠᠭ ᠠᠢᠮᠠᠭ ᠢ᠋ ᠡᠵᠡᠯᠡᠨ ᠦᠷᠡᠯ ᠦ᠋ᠨ ᠨᠢᠷᠤᠭᠤᠨ ᠠ᠋ᠴᠠ ᠪᠠᠷᠠᠭᠤᠨ ᠲᠠᠢᠰᠢ ᠣᠷᠣᠰᠢᠬᠤ ᠣᠷᠣᠰ ᠤ᠋ᠨ ᠬᠣᠲᠠ ᠨᠤᠭᠤᠳ ᠢ᠋ ᠨᠢᠭᠡᠳᠬᠡᠨ ᠠᠪᠬᠤ ᠪᠠᠷ ᠲᠥᠯᠥᠪᠯᠡᠵᠦ ᠪᠠᠢᠯ᠎ᠠ᠃ 
       ᠺᠠᠰᠫᠢ ᠶ᠋ᠢᠨ ᠲᠠᠩᠭᠢᠰ ᠤ᠋ᠨ ᠵᠡᠭᠦᠨ ᠬᠡᠰᠡᠭ ᠦ᠋ᠨ ᠨᠤᠲᠤᠭ ᠢ᠋ ᠡᠵᠡᠯᠡᠨ ᠠᠪᠴᠤ ᠳᠠᠭᠤᠰᠬᠠᠭᠰᠠᠨ ᠨᠢ 1223 ᠣᠨ ᠤ᠋ ᠡᠪᠦᠯ ᠪᠣᠯᠵᠠᠢ᠃ ᠡᠵᠡᠯᠡᠨ ᠠᠪᠤᠭᠰᠠᠨ ᠨᠤᠲᠤᠭ ᠤ᠋ᠨ ᠬᠢᠯᠢ ᠬᠢᠵᠠᠭᠠᠷ ᠲᠤ᠌ ᠬᠠᠷᠠᠭᠤᠯ ᠲᠣᠮᠢᠯᠠᠨ ᠰᠠᠭᠤᠯᠭᠠᠵᠤ ᠨᠤᠲᠤᠭ ᠤ᠋ᠨ ᠬᠣᠲᠠ ᠨᠤᠭᠤᠳ ᠲᠤ᠌ ᠬᠠᠤᠯᠢ ᠴᠠᠭᠠᠵᠠ ᠂ ᠭᠠᠢᠯᠢ ᠲᠠᠲᠠᠪᠤᠷᠢ ᠶ᠋ᠢᠨ ᠵᠢᠷᠤᠮ ᠲᠣᠭᠲᠠᠭᠠᠨ ᠨᠢᠭᠡᠳᠦᠭᠰᠡᠨ ᠤᠯᠤᠰ ᠤ᠋ᠨ ᠬᠡᠯᠪᠡᠷᠢ ᠳ᠋ᠦ᠍ ᠣᠷᠣᠭᠤᠯᠬᠤ ᠠᠵᠢᠯ ᠳ᠋ᠠᠭᠠᠨ ᠵᠥᠴᠢ ᠨᠤᠲᠤᠭ ᠤ᠋ᠨ ᠢᠷᠭᠡᠳ ᠡᠴᠡ ᠳᠠᠭᠠᠵᠤ ᠣᠷᠣᠭᠰᠠᠨ ᠬᠥᠮᠦᠰ ᠡᠴᠡ ᠰᠢᠯᠢᠵᠦ ᠰᠣᠩᠭᠣᠨ ᠬᠡᠷᠡᠭᠯᠡᠵᠦ ᠪᠠᠢᠯ᠎ᠠ᠃ ᠲᠤᠰᠠᠭᠠᠷ ᠤᠯᠤᠰ ᠪᠣᠯᠤᠨ ᠰᠠᠭᠤᠬᠤ ᠶ᠋ᠢ ᠬᠦᠰᠡᠭᠴᠢᠳ ᠲᠡᠭᠦᠨ ᠦ᠌ ᠳᠡᠷᠭᠡᠳᠡ ᠨᠡᠩ ᠣᠯᠠᠨ ᠪᠣᠯᠤᠭᠰᠠᠨ ᠨᠢ ᠵᠥᠴᠢ ᠶ᠋ᠢᠨ ᠰᠡᠳᠬᠢᠯ ᠢ᠋ ᠪᠠᠳᠠᠷᠠᠭᠠᠵᠤ ᠢᠲᠡᠭᠡᠯᠲᠡᠢ ᠪᠣᠯᠭᠠᠨ᠎ᠠ᠃ ᠵᠥᠴᠢ ᠣᠳᠣ ᠴᠢᠩᠭᠢᠰ ᠬᠠᠭᠠᠨ ᠠ᠋ᠴᠠ ᠲᠤᠰ ᠲᠠᠭᠠᠨ ᠰᠠᠭᠤᠬᠤ ᠪᠠᠷ ᠡᠷᠭᠢᠯᠲᠡ ᠪᠤᠴᠠᠯᠲᠠ ᠦᠭᠡᠢ ᠰᠢᠢᠳᠴᠡᠢ᠃ ᠴᠣᠬᠣᠮ ᠢᠩᠭᠢᠵᠦ ᠰᠠᠭᠤ ᠭᠡᠮᠡᠨ ᠴᠢᠩᠭᠢᠰ ᠬᠠᠭᠠᠨ ᠲᠡᠭᠦᠨ ᠳ᠋ᠦ᠍ ᠨᠤᠲᠤᠭ ᠬᠣᠲᠠ ᠵᠢᠭᠠᠵᠤ ᠥᠭᠭᠦᠭᠰᠡᠨ ᠪᠢᠵᠡ ᠭᠡᠮᠡᠨ ᠥᠪᠡᠷ ᠦ᠋ᠨ ᠵᠣᠷᠢᠭ ᠢ᠋ᠶ᠋ᠠᠷ ᠦᠢᠯᠡᠳᠦᠯ ᠢ᠋ ᠵᠥᠪᠳᠡᠭᠡᠨ ᠪᠣᠳᠣᠵᠤ ᠪᠠᠰᠠ ᠥᠪᠡᠷ ᠢ᠋ ᠪᠡᠨ ᠵᠣᠷᠢᠭᠵᠢᠭᠤᠯᠵᠤ ᠪᠠᠢᠪᠠ᠃ ᠴᠢᠩᠭᠢᠰ ᠬᠠᠭᠠᠨ ᠤ᠋ ᠵᠦᠭ ᠡᠴᠡ ᠰᠠᠢᠨ ᠮᠠᠭᠤ ᠬᠡᠯᠡ ᠠᠯᠢ ᠨᠢ ᠴᠦ᠍ ᠢᠷᠡᠭᠰᠡᠨ ᠦᠭᠡᠢ ᠬᠡᠰᠡᠭ ᠵᠠᠭᠤᠷ᠎ᠠ ᠲᠠᠭ ᠴᠢᠭ ᠪᠣᠯᠤᠭᠰᠠᠨ ᠨᠢ ᠵᠥᠴᠢ ᠶ᠋ᠢ ᠰᠠᠨᠠᠭᠰᠠᠨ ᠢ᠋ᠶ᠋ᠠᠨ ᠲᠠᠢᠪᠤᠩ ᠭᠦᠢᠴᠡᠯᠳᠦᠭᠦᠯᠬᠦ ᠰᠠᠢᠬᠠᠨ ᠪᠣᠯᠤᠮᠵᠢ ᠣᠯᠭᠤᠵᠠᠢ ᠃ ᠭᠡᠪᠡᠴᠦ ᠲᠡᠭᠦᠨ ᠦ᠌ ᠢᠲᠡᠭᠡᠯᠲᠦ ᠰᠢᠳᠠᠷ ᠬᠤᠨᠠᠨ ᠰᠠᠷ᠎ᠠ ᠪᠦᠷᠢ ᠨᠢᠭᠤᠴᠠ ᠡᠯᠴᠢ ᠵᠠᠷᠤᠵᠤ ᠵᠥᠴᠢ ᠶ᠋ᠢᠨ ᠬᠦᠷᠢᠶᠡᠨ ᠳ᠋ᠦ᠍ ᠶᠠᠭᠤ ᠪᠣᠯᠵᠤ ᠪᠠᠢᠭ᠎ᠠ ᠶ᠋ᠢ ᠴᠢᠩᠭᠢᠰ ᠬᠠᠭᠠᠨ ᠳ᠋ᠤ᠌ ᠢᠯᠡᠳᠬᠡᠵᠦ ᠪᠠᠢᠭ᠎ᠠ ᠶ᠋ᠢ ᠲᠡᠷᠡ ᠲᠠᠭᠠᠮᠠᠭᠯᠠᠬᠤ ᠦᠭᠡᠢ ᠪᠠᠢᠪᠠ᠃ ᠥᠪᠡᠷ ᠦ᠋ᠨ ᠦᠢᠯᠡᠳᠦᠯ ᠢ᠋ ᠰᠠᠮ ᠢᠯᠡᠳᠬᠡᠬᠦ ᠲᠠᠩᠨᠠᠭᠤᠯ ᠳᠡᠷᠭᠡᠳᠡ ᠪᠡᠨ ᠪᠠᠢᠭ᠎ᠠ ᠶ᠋ᠢ ᠵᠥᠴᠢ ᠭᠠᠳᠠᠷᠯᠠᠵᠤ ᠪᠠᠢᠭᠰᠠᠨ ᠴᠤ᠌ ᠬᠠᠮᠤᠭ ᠤ᠋ᠨ ᠢᠲᠡᠭᠡᠯᠲᠦ ᠠᠬᠠᠮᠠᠳ ᠵᠠᠩᠵᠤᠨ ᠬᠤᠨᠠᠨ ᠢ᠋ ᠪᠠᠢᠨ᠎ᠠ ᠭᠡᠵᠦ ᠣᠭᠲᠣᠬᠠᠨ ᠴᠤ᠌ ᠰᠡᠵᠢᠭᠯᠡᠭᠰᠡᠨ ᠦᠭᠡᠢ᠃ ᠲᠡᠭᠡᠭᠡᠳ ᠴᠢᠩᠭᠢᠰ ᠬᠠᠭᠠᠨ ᠮᠡᠳᠡᠯ᠎ᠡ ᠴᠦ᠍ ᠵᠥᠴᠢ ᠠᠶᠤᠵᠤ ᠨᠡᠷᠡᠯᠬᠡᠬᠦ ᠦᠭᠡᠢ ᠪᠣᠯᠵᠠᠢ᠃ ᠺᠠᠰᠫᠢ ᠶ᠋ᠢᠨ ᠲᠠᠩᠭᠢᠰ ᠤ᠋ᠨ ᠵᠡᠭᠦᠨ ᠡᠮᠦᠨᠡᠲᠦ ᠡᠷᠭᠢ ᠶ᠋ᠢᠨ ᠠᠪᠤᠷᠠᠯᠲᠤ ᠪᠤᠯᠤᠩ ᠠ᠋ᠴᠠ ᠠᠷᠪᠠᠨ ᠪᠠᠷ᠎ᠠ ᠵᠠᠢᠲᠠᠢ ᠦᠵᠡᠰᠬᠦᠯᠡᠩᠲᠦ ᠰᠠᠢᠬᠠᠨ ᠠᠯᠠᠭᠳᠦᠦ ᠠᠭᠤᠯᠠ ᠶ᠋ᠢᠨ ᠠᠭᠤᠵᠢᠮ ᠪᠠᠯ ᠢ᠋ ᠠᠪᠠᠷᠢᠭᠤᠯᠤᠨ ᠬᠠᠷᠠᠭ᠎ᠠ ᠪᠠᠷᠠᠭ᠎ᠠ ᠰᠠᠢᠲᠠᠢ ᠥᠨᠳᠥᠷ ᠭᠠᠵᠠᠷ ᠰᠣᠩᠭᠣᠨ ᠠᠪᠴᠤ ᠥᠷᠭᠥᠭᠡ ᠪᠡᠨ ᠪᠣᠰᠬᠠᠨ ᠰᠠᠭᠤᠪᠠ᠃ ᠵᠥᠴᠢ ᠡᠨᠳᠡ ᠥᠪᠡᠷ ᠦ᠋ᠨ ᠬᠠᠭᠠᠨ ᠤᠷᠲᠤ ᠶ᠋ᠢ ᠪᠠᠢᠭᠤᠯᠬᠤ ᠪᠠᠷ ᠨᠤᠲᠤᠭ ᠤ᠋ᠨ ᠤᠷᠠᠴᠤᠳ ᠢ᠋ ᠳᠠᠢᠴᠢᠯᠠᠨ ᠠᠪᠴᠢᠷᠠᠵᠠᠢ᠃ ᠰᠢᠲᠠᠭᠠᠵᠤ ᠰᠦᠢᠷᠡᠭᠦᠯᠦᠭᠰᠡᠨ ᠣᠷᠭᠧᠨ᠋ᠴᠡ ᠡᠴᠡ ᠳᠤᠲᠠᠬᠤ ᠦᠭᠡᠢ ᠦᠵᠡᠰᠬᠦᠯᠡᠩ ᠲᠡᠢ ᠰᠠᠢᠬᠠᠨ ᠬᠣᠲᠠ ᠪᠣᠰᠬᠠᠬᠤ ᠬᠦᠰᠡᠯ ᠳ᠋ᠦ᠍ ᠵᠥᠴᠢ ᠪᠠᠲᠤ ᠬᠣᠶᠠᠭᠤᠯᠠ ᠠᠳᠠᠯᠢᠬᠠᠨ ᠠᠪᠲᠠᠵᠠᠢ᠃
       ᠬᠠᠷᠢᠨ ᠪᠠᠲᠤ ᠶ᠋ᠢ ᠮᠣᠩᠭᠣᠯ ᠳ᠋ᠤ᠌ ᠢᠯᠡᠭᠡᠬᠦ ᠪᠡᠷ ᠰᠢᠢᠳᠪᠡ᠃ ᠮᠣᠩᠭᠣᠯ ᠳ᠋ᠤ᠌ ᠦᠯᠡᠳᠡᠭᠰᠡᠨ ᠬᠠᠲᠤᠳ ᠬᠡᠦᠬᠡᠳ ᠦ᠋ᠳ ᠨᠠᠭᠠᠰᠢ ᠢᠷᠡᠬᠦ ᠬᠦᠰᠡᠯ ᠲᠡᠢ ᠴᠢᠳᠠᠯ ᠲᠠᠢ ᠠᠯᠪᠠᠲᠤ ᠨᠤᠭᠤᠳ ᠢ᠋ᠶ᠋ᠠᠨ ᠨᠡᠭᠦᠯᠭᠡᠨ ᠠᠪᠴᠢᠷᠠᠬᠤ ᠠᠵᠢᠯ ᠢ᠋ ᠲᠡᠭᠦᠨ ᠳ᠋ᠦ᠍ ᠳᠠᠭᠠᠭᠠᠯᠭᠠᠬᠤ ᠪᠠᠷ ᠲᠣᠭᠲᠠᠪᠠ᠃ ᠪᠠᠰᠠ ᠪᠥᠷᠲᠡ ᠡᠬᠡ ᠳ᠋ᠡᠭᠡᠨ ᠬᠡᠷᠡᠭ ᠦ᠋ᠨ ᠤᠴᠢᠷ ᠢ᠋ ᠳᠣᠭᠣᠯᠭᠠᠵᠤ ᠦᠭᠡ ᠶ᠋ᠢ ᠨᠢ ᠰᠣᠨᠣᠰᠬᠤ ᠶ᠋ᠢ ᠴᠦ᠍ ᠬᠦᠰᠡᠪᠡ᠃ ᠪᠠᠲᠤ ᠨᠤᠲᠤᠭ ᠲᠠᠭᠠᠨ ᠣᠴᠢᠬᠤ ᠬᠦᠰᠡᠯ ᠶᠡᠬᠡ ᠪᠠᠢᠭᠰᠠᠨ ᠴᠤ᠌ ᠪᠠᠰᠠ ᠡᠨᠳᠡ ᠬᠣᠷᠭᠣᠳᠠᠨ ᠦᠯᠡᠳᠡᠬᠦ ᠰᠡᠳᠬᠢᠯ ᠲᠥᠷᠥᠵᠦ ᠪᠠᠢᠭᠰᠠᠨ ᠳ᠋ᠤ᠌ ᠨᠢᠭᠡ ᠤᠴᠢᠷ ᠪᠣᠢ ᠪᠢᠯᠡ᠃ ᠺᠠᠰᠫᠢ ᠲᠠᠩᠭᠢᠰ ᠠ᠋ᠴᠠ ᠴᠠᠭᠠᠰᠢ ᠨᠤᠲᠤᠭᠯᠠᠨ ᠰᠠᠭᠤᠬᠤ ᠬᠢᠪᠴᠠᠭ ᠠᠢᠮᠠᠭ ᠤ᠋ᠨ ᠬᠠᠨ ᠬᠤᠲᠢᠶᠠᠨ᠂ ᠺᠠᠣᠺᠠᠰ ᠤ᠋ᠨ ᠨᠢᠷᠤᠭᠤ ᠶ᠋ᠢ ᠳᠠᠪᠠᠨ ᠬᠦᠷᠰᠢ ᠠᠰᠤ ᠠᠢᠮᠠᠭ ᠲᠤ᠌ ᠴᠥᠮᠥᠷᠡᠨ ᠣᠷᠣᠭᠰᠠᠨ ᠰᠦᠪᠡᠭᠡᠲᠡᠢ ᠶ᠋ᠢᠨ ᠴᠡᠷᠢᠭ ᠡᠴᠡ ᠠᠶᠤᠬᠤ ᠳ᠋ᠠᠭᠠᠨ ᠵᠥᠴᠢ ᠲᠡᠢ ᠨᠠᠢᠷᠠᠮᠳᠠᠬᠤ ᠶ᠋ᠢ ᠬᠦᠰᠡᠵᠦ ᠦᠵᠡᠰᠬᠦᠯᠡᠩᠲᠦ ᠭᠧᠷᠲᠨ ᠭᠦᠩᠵᠦ ᠪᠡᠨ ᠶᠡᠬᠡ ᠪᠡᠯᠡᠭ᠂ ᠠᠷᠠᠪ ᠡᠭᠦᠯᠳᠡᠷ ᠦ᠋ᠨ ᠠᠭᠲᠠ ᠮᠣᠷᠢᠳ ᠤ᠋ᠨ ᠬᠠᠮᠲᠤ ᠡᠯᠴᠢ ᠪᠡᠷ ᠬᠥᠷᠭᠡᠭᠦᠯᠦᠭᠰᠠᠨ ᠠ᠋ᠴᠠ ᠬᠧᠷᠲᠨ ᠭᠦᠩᠵᠦ ᠶ᠋ᠢ ᠨᠢ ᠵᠥᠴᠢ ᠪᠠᠲᠤ ᠬᠥᠪᠡᠭᠦᠨ ᠳ᠋ᠡᠭᠡᠨ ᠥᠭᠭᠦᠭᠰᠡᠨ ᠪᠠᠢᠪᠠ᠃ ᠲᠡᠷᠡ ᠬᠡᠵᠢᠶ᠎ᠡ ᠴᠦ᠍ ᠡᠢᠮᠦ ᠦᠨᠡᠲᠦ ᠪᠡᠯᠡᠭ ᠠᠪᠴᠤ ᠪᠠᠢᠭᠰᠠᠨ ᠦᠭᠡᠢ᠃ ᠺᠧᠷᠲᠨ ᠪᠣᠯ ᠤᠭ ᠭᠠᠷᠤᠯ ᠨᠢ ᠬᠣᠢᠲᠤ ᠣᠷᠣᠰ ᠤ᠋ᠨ ᠨᠢᠭᠡᠨ ᠠᠢᠮᠠᠭ ᠤ᠋ᠨ ᠡᠵᠡᠨ ᠲᠤᠯᠭᠤᠷᠤᠺᠡᠢ ᠸᠠᠩ ᠤ᠋ᠨ ᠤᠳᠤᠮ ᠪᠥᠭᠡᠳ ᠲᠡᠭᠦᠨ ᠦ᠌ ᠡᠬᠡ ᠶ᠋ᠢ ᠠᠷᠪᠠᠨ ᠵᠢᠷᠭᠤᠭᠠᠨ ᠨᠠᠰᠤᠲᠠᠢ ᠳ᠋ᠤᠨᠢ ᠣᠷᠣᠰ ᠵᠠᠩᠵᠤᠨ ᠮᠧᠰᠲ᠋ᠰᠯᠡᠪ ᠭᠡᠭᠴᠢ ᠬᠢᠪᠴᠠᠭ ᠨᠤᠭᠤᠳ ᠲᠠᠢ ᠨᠠᠢᠷᠠᠮᠳᠠᠬᠤ ᠳ᠋ᠠᠭᠠᠨ ᠪᠡᠯᠡᠭ ᠪᠣᠯᠭᠠᠵᠠᠢ᠃ ᠺᠧᠷᠲᠨ ᠬᠢᠪᠴᠠᠭ ᠠᠢᠮᠠᠭ ᠲᠤ᠌ ᠲᠥᠷᠥᠭᠰᠡᠨ᠂ ᠣᠷᠣᠰ ᠲᠦᠷᠺ ᠴᠢᠰᠤ ᠬᠣᠯᠢᠯᠳᠤᠭᠰᠠᠨ ᠠᠯᠲᠠᠨ ᠰᠢᠷᠭᠠᠯ ᠦᠰᠦᠲᠡᠢ᠂ ᠠᠯᠠᠭ ᠴᠡᠩᠬᠡᠷ ᠨᠢᠳᠦᠲᠡᠢ᠂ ᠨᠢᠷᠤᠭᠤ ᠥᠨᠳᠥᠷ᠂ ᠬᠥᠬᠥ ᠲᠣᠮᠣ᠂ ᠭᠤᠶ᠎ᠠ ᠵᠤᠵᠠᠭᠠᠨ ᠴᠣᠬᠣᠮ ᠰᠢᠮ᠎ᠡ ᠰᠢᠭᠦᠰᠦ ᠨᠢ ᠨᠡᠪᠲᠡ ᠭᠡᠷᠡᠯᠲᠦᠭᠰᠡᠨ ᠪᠦᠰᠡᠭᠦᠢ ᠪᠠᠢᠪᠠ᠃ ᠬᠣᠶᠠᠷ ᠨᠠᠰᠤ ᠪᠠᠷ ᠠᠬ᠎ᠠ ᠢᠨᠠᠭᠯᠠᠬᠤ ᠡᠷᠳᠡᠮ ᠳ᠋ᠦ᠍ ᠭᠠᠷᠭᠠᠭᠤᠳ ᠺᠧᠷᠲᠨ ᠭᠦᠩᠵᠦ ᠪᠠᠲᠤ ᠶ᠋ᠢᠨ ᠪᠡᠶ᠎ᠡ ᠰᠡᠳᠬᠢᠯ ᠢ᠋ ᠡᠵᠡᠮᠳᠡᠨ ᠪᠤᠯᠢᠶᠠᠵᠠᠢ᠃ ᠡᠢᠮᠦ ᠠᠮᠠᠷᠠᠭ ᠪᠦᠰᠡᠭᠦᠢ ᠡᠴᠡ ᠬᠠᠭᠠᠴᠠᠨ᠎ᠠ ᠭᠡᠬᠦ ᠳ᠋ᠦ᠍ ᠪᠠᠲᠤ ᠳ᠋ᠤ᠌ ᠶᠡᠬᠡ ᠯᠡ ᠭᠠᠴᠢᠯᠠᠩᠲᠠᠢ ᠪᠠᠢᠬᠤ ᠶ᠋ᠢ ᠵᠥᠴᠢ ᠮᠡᠳᠡᠷᠡᠵᠡᠢ᠃ ᠵᠥᠴᠢ ᠳᠠᠬᠢᠭᠠᠳ ᠯᠠ ᠬᠥᠪᠡᠭᠦᠨ ᠦ᠌ ᠪᠡᠨ ᠠᠶ᠎ᠠ ᠶ᠋ᠢ ᠳᠠᠭᠠᠪᠠ᠃ ᠮᠣᠩᠭᠣᠯ ᠤ᠋ᠨ ᠨᠤᠲᠤᠭ ᠲᠤ᠌ ᠶᠡᠷᠦ ᠦᠵᠡᠭᠳᠡᠭᠡ ᠦᠭᠡᠢ ᠥᠩᠭᠡ ᠲᠥᠷᠬᠦ ᠲᠡᠢ ᠡᠮ᠎ᠡ ᠳᠠᠭᠠᠭᠤᠯᠤᠨ ᠶᠠᠪᠤᠬᠤ ᠶ᠋ᠢ ᠵᠥᠴᠢ ᠵᠥᠪᠰᠢᠶᠡᠷᠡᠭᠰᠡᠨ ᠨᠢ ᠵᠠᠯᠠᠭᠤ ᠪᠠᠲᠤ ᠳ᠋ᠤ᠌ ᠴᠣᠬᠣᠮ ᠲᠩᠷᠢ ᠶ᠋ᠢᠨ ᠬᠡᠰᠢᠭ ᠰᠢᠭ ᠰᠠᠨᠠᠭᠳᠠᠵᠠᠢ᠃ ᠬᠥᠪᠡᠭᠦᠨ ᠢ᠋ᠶ᠋ᠡᠨ ᠪᠠᠶᠠᠷᠯᠠᠬᠤ ᠶ᠋ᠢ ᠦᠵᠡᠭᠡᠳ ᠵᠥᠴᠢ ᠳ᠋ᠦ᠍ ᠦᠨᠡᠬᠡᠷ ᠵᠢᠷᠭᠠᠯᠲᠠᠢ ᠪᠠᠢᠯ᠎ᠠ᠃ ᠪᠠᠭ᠎ᠠ ᠳ᠋ᠠᠭᠠᠨ ᠦᠵᠡᠵᠦ ᠡᠳ᠋ᠯᠡᠭᠡ ᠦᠭᠡᠢ ᠠᠵᠠ ᠵᠢᠷᠭᠠᠯ ᠢ᠋ ᠨᠢ ᠪᠠᠲᠤ ᠬᠥᠪᠡᠭᠦᠨ ᠨᠢ ᠳᠦᠭᠦᠷᠡᠩ ᠡᠳ᠋ᠯᠡᠬᠦ ᠶᠣᠰᠣᠲᠠᠢ ᠭᠡᠵᠦ ᠵᠥᠴᠢ ᠲᠠᠩᠳᠠ ᠪᠠᠨ ᠬᠢᠴᠢᠶᠡᠬᠦ ᠪᠥᠯᠥᠭᠡ᠃ ᠪᠠᠲᠤ ᠶ᠋ᠢᠨ ᠲᠡᠮᠦᠷ ᠳᠤᠭᠤᠢ ᠲᠠᠢ ᠰᠡᠦᠬᠡ ᠪᠣᠯᠤᠭᠠᠳ ᠬᠠᠮᠠᠭᠠᠯᠠᠬᠤ ᠲᠠᠪᠤᠨ ᠵᠠᠭᠤᠨ ᠴᠡᠷᠢᠭ ᠪᠡᠯᠡᠨ ᠪᠣᠯᠵᠤ ᠨᠤᠲᠤᠭ ᠤ᠋ᠨ ᠵᠦᠭ ᠰᠦᠷ ᠪᠠᠷ᠎ᠠ ᠲᠠᠢ ᠦᠳᠡᠭᠦᠯᠦᠨ ᠬᠥᠳᠡᠯᠦᠯ᠎ᠡ᠃ ᠵᠠᠮ ᠬᠣᠯᠠ ᠪᠠᠷᠲᠠᠭ᠎ᠠ ᠲᠠᠢ ᠯᠠᠪ ᠬᠡᠳᠦᠨ ᠰᠠᠷ᠎ᠠ ᠶ᠋ᠢᠨ ᠶᠠᠪᠤᠳᠠᠯ ᠪᠣᠯᠬᠤ ᠪᠢᠵᠡ᠃ ᠬᠡᠳᠦ ᠬᠣᠨᠣᠭ ᠤ᠋ᠨ ᠡᠮᠦᠨ᠎ᠡ ᠵᠥᠴᠢ ᠶ᠋ᠢᠨ ᠪᠥᠷᠲᠡ ᠡᠬᠡ ᠳ᠋ᠡᠭᠡᠨ ᠥᠭᠬᠦ ᠪᠡᠯᠡᠭ ᠢ᠋ ᠠᠴᠢᠭᠰᠠᠨ ᠬᠥᠰᠬᠡ ᠮᠣᠩᠭᠣᠯ ᠤ᠋ᠨ ᠵᠦᠭ ᠬᠥᠳᠡᠯᠦᠭᠰᠡᠨ ᠶᠦᠮ᠃ 
       ᠪᠠᠲᠤ᠂ ᠮᠣᠩᠭᠣᠯ ᠨᠤᠲᠤᠭ ᠲᠠᠭᠠᠨ ᠣᠴᠢᠭᠠᠳ ᠶᠠᠭᠤ ᠬᠢᠬᠦ᠂ ᠬᠡᠨ ᠢ᠋ ᠨᠡᠭᠦᠯᠭᠡᠨ ᠠᠪᠴᠢᠷᠠᠬᠤ ᠶ᠋ᠢ ᠵᠥᠪᠬᠡᠨ ᠡᠴᠢᠭᠡ ᠬᠦᠦ ᠬᠣᠶᠠᠷ ᠯᠠ ᠮᠡᠳᠡᠵᠦ ᠪᠠᠢᠪᠠ᠃ ᠢᠩᠭᠢᠬᠦ ᠨᠢ ᠵᠥᠪ ᠭᠡᠵᠦ ᠲᠡᠳᠡ ᠦᠵᠡᠭᠰᠡᠨ ᠪᠢᠯᠡ᠃ ᠬᠥᠪᠡᠭᠦᠨ ᠢ᠋ᠶ᠋ᠡᠨ ᠶᠠᠪᠤᠭᠤᠯᠵᠤ ᠨᠢᠭᠡ ᠴᠢᠬᠤᠯᠠ ᠬᠡᠷᠡᠭ ᠪᠦᠲᠦᠭᠡᠭᠡᠳ ᠵᠥᠴᠢ ᠦᠷᠭᠦᠭᠡᠨ ᠳ᠋ᠡᠭᠡᠨ ᠰᠠᠶᠢ ᠯᠠ ᠨᠢᠭᠡ ᠲᠤᠬᠠᠯᠠᠨ ᠠᠮᠠᠷᠠᠬᠤ ᠰᠢᠭ᠋ ᠪᠣᠯᠵᠠᠢ᠃ ᠥᠪᠡᠷ ᠦ᠋ᠨ ᠪᠠᠢᠳᠠᠯ ᠭᠠᠷᠭᠠᠭᠰᠠᠨ ᠰᠢᠢᠳᠪᠦᠷᠢ ᠴᠠᠭᠠᠰᠢᠳᠠ ᠬᠡᠷᠬᠢᠬᠦ ᠪᠡᠨ ᠲᠠᠢᠪᠤᠩ ᠲᠤᠩᠭᠠᠨ ᠪᠣᠳᠣᠬᠤ ᠴᠠᠭ ᠡᠮᠦᠨ᠎ᠡ ᠨᠢ ᠶᠠᠭ ᠣᠯᠳᠠᠭ᠎ᠠ ᠦᠭᠡᠢ ᠮᠡᠲᠦ᠃ ᠣᠳᠣ ᠵᠥᠴᠢ ᠪᠠᠭ᠎ᠠ ᠪᠢᠰᠢ ᠨᠤᠲᠤᠭ ᠢ᠋ ᠡᠵᠡᠯᠡᠨ ᠠᠪᠴᠠᠢ᠃ ᠪᠠᠷᠠᠭᠤᠨ ᠵᠦᠭ ᠲᠦ᠍ ᠺᠡᠤᠺᠡᠰ ᠦ᠋ᠨ ᠨᠢᠷᠤᠭᠤ ᠠᠷᠠᠯ ᠲᠠᠩᠭᠢᠰ ᠤ᠋ᠨ ᠬᠣᠢᠭᠤᠷ ᠳᠠᠪᠰᠢᠪᠠᠯ ᠰᠢᠭᠤᠳ ᠺᠢᠶᠸᠹ ᠦ᠋ᠨ ᠣᠷᠣᠰ ᠤᠯᠤᠰ ᠲᠤ᠌ ᠴᠥᠮᠥᠷᠡᠨ ᠣᠷᠣᠵᠤ᠂ ᠭᠠᠵᠠᠷ ᠳᠤᠮᠳᠠ ᠶ᠋ᠢᠨ ᠲᠠᠩᠭᠢᠰ ᠬᠦᠷᠬᠦ ᠵᠠᠮ ᠰᠢᠯᠤᠭᠤᠨ ᠠᠵᠢ᠃ ᠮᠥᠨ ᠬᠣᠢᠲᠤ ᠵᠦᠭ ᠦᠷᠡᠯ ᠮᠥᠷᠡᠨ ᠢ᠋ ᠭᠠᠲᠤᠯᠤᠨ ᠦᠷᠡᠯ ᠦ᠋ᠨ ᠨᠢᠷᠤᠭᠤ ᠠ᠋ᠴᠠ ᠪᠠᠷᠠᠭᠤᠨ ᠲᠠᠯ᠎ᠠ ᠪᠠᠷ ᠲᠠᠪᠰᠢᠪᠠᠯ ᠣᠷᠣᠰ ᠤ᠋ᠨ ᠣᠯᠠᠨ ᠲᠤᠰᠠᠭᠠᠷ ᠬᠣᠲᠠ ᠨᠤᠭᠤᠳ ᠢ᠋ ᠡᠵᠡᠯᠡᠨ ᠬᠣᠢᠲᠤ ᠬᠦᠢᠲᠡᠨ ᠲᠠᠩᠭᠢᠰ ᠴᠤ᠌ ᠬᠦᠷᠴᠦ ᠪᠣᠯᠬᠤ ᠵᠠᠮ ᠨᠡᠭᠡᠭᠡᠯᠲᠡ ᠲᠡᠢ᠃ ᠡᠢᠮᠦ ᠤᠴᠢᠷ ᠠ᠋ᠴᠠ ᠵᠥᠴᠢ ᠥᠨᠥᠳᠥᠷ ᠦ᠋ᠨ ᠪᠠᠢᠳᠠᠯ ᠢ᠋ᠶ᠋ᠠᠷ ᠬᠠᠮᠤᠭ ᠤ᠋ᠨ ᠠᠰᠢᠭᠲᠠᠢ ᠨᠤᠲᠤᠭ ᠣᠷᠣᠨ ᠢ᠋ ᠡᠵᠡᠯᠡᠨ ᠠᠪᠴᠠᠢ᠃ ᠲᠡᠢᠮᠦ ᠤᠴᠢᠷ ᠠ᠋ᠴᠠ ᠬᠡᠳᠦᠨ ᠵᠢᠯ ᠳ᠋ᠡᠭᠡᠨ ᠥᠪᠡᠷ ᠦ᠋ᠨ ᠬᠦᠴᠦ ᠶ᠋ᠢ ᠪᠡᠬᠢᠯᠡᠨ ᠨᠤᠲᠤᠭ ᠤ᠋ᠨ ᠴᠡᠷᠢᠭ ᠦ᠋ᠳ ᠢ᠋ ᠰᠤᠷᠭᠠᠭᠤᠯᠢᠯᠠᠵᠤ ᠪᠡᠯᠡᠳᠬᠦ᠂ ᠥᠪᠡᠷ ᠦ᠋ᠨ ᠴᠡᠷᠢᠭ ᠢ᠋ ᠠᠮᠠᠷᠠᠭᠠᠬᠤ᠂ ᠣᠯᠵᠠ ᠣᠮᠣᠭ ᠢ᠋ᠶ᠋ᠠᠨ ᠬᠤᠪᠢᠶᠠᠵᠤ ᠲᠡᠳᠡᠨ ᠦ᠌ ᠤᠷᠮ᠎ᠠ ᠶ᠋ᠢ ᠰᠡᠷᠭᠦᠭᠡᠬᠦ ᠪᠣᠯᠣᠮᠵᠢᠲᠠᠢ᠂ ᠢᠷᠭᠡᠳ ᠬᠠᠷᠢᠶᠠᠲᠤ ᠪᠠᠨ ᠮᠣᠩᠭᠣᠯ ᠠ᠋ᠴᠠ ᠨᠡᠭᠦᠯᠭᠡᠨ ᠠᠪᠴᠢᠷᠠᠵᠤ ᠰᠠᠭᠤᠷᠢᠰᠢᠭᠤᠯᠬᠤ ᠭᠡᠳ ᠬᠢᠪᠡᠯ ᠵᠣᠬᠢᠬᠤ ᠣᠯᠠᠨ ᠠᠵᠢᠯ ᠣᠪᠣᠭᠠᠷᠠᠵᠠᠢ᠃ ᠭᠡᠪᠡᠴᠦ ᠵᠥᠴᠢ ᠴᠤᠴᠠᠵᠤ ᠶᠠᠳᠠᠷᠠᠭᠰᠠᠨ ᠦᠭᠡᠢ᠃ ᠲᠡᠭᠦᠨ ᠢ᠋ ᠥᠪᠡᠷ ᠦ᠋ᠨ ᠲᠤᠰᠠᠭᠠᠷ ᠤᠯᠤᠰ ᠢ᠋ ᠪᠠᠢᠭᠤᠯᠬᠤ ᠶᠡᠬᠡ ᠬᠦᠰᠡᠯ  ᠬᠥᠲᠥᠯᠵᠦ᠂ ᠲᠡᠷᠡ ᠨᠣᠢᠷ ᠬᠣᠭᠣᠯᠠ ᠶ᠋ᠢ ᠤᠮᠠᠷᠲᠠᠭᠰᠠᠨ ᠮᠡᠲᠦ ᠡᠵᠡᠯᠡᠭᠰᠡᠨ ᠨᠤᠲᠤᠭ ᠢ᠋ᠶ᠋ᠠᠷ ᠢ᠋ᠶ᠋ᠠᠨ ᠳᠥᠷᠥᠭᠡ ᠮᠤᠯᠲᠤᠯᠬᠤ ᠦᠭᠡᠢ ᠶᠠᠪᠤᠵᠤ ᠬᠡᠷᠡᠭ ᠵᠠᠷᠭᠤ ᠶ᠋ᠢ ᠰᠢᠭᠦᠵᠦ ᠬᠡᠷᠡᠮ ᠬᠣᠲᠠ ᠶ᠋ᠢ ᠲᠥᠪᠬᠢᠨᠡᠭᠦᠯᠵᠦ ᠰᠢᠨ᠎ᠡ ᠠᠮᠢᠳᠤᠷᠠᠯ ᠢ᠋ ᠲᠥᠯᠥᠪᠰᠢᠭᠦᠯᠵᠦ ᠪᠠᠢᠯ᠎ᠠ᠃ 
       ᠡᠨᠡ ᠵᠠᠭᠤᠷ᠎ᠠ ᠮᠣᠩᠭᠣᠯ ᠤ᠋ᠨ ᠶᠡᠬᠡ ᠴᠡᠷᠢᠭ ᠡᠨᠡᠳᠬᠡᠭ ᠤᠷᠤᠭᠤ ᠴᠥᠮᠥᠷᠡᠭᠡᠳ ᠪᠤᠴᠠᠵᠤ ᠡᠷᠭᠢᠭᠡ ᠦᠭᠡᠢ ᠪᠠᠢᠭᠰᠠᠨ ᠲᠤᠯᠠ ᠵᠥᠴᠢ ᠳ᠋ᠦ᠍ ᠲᠠᠢᠪᠤᠩ ᠠᠮᠤᠷ ᠥᠪᠡᠷ ᠦ᠋ᠨ ᠤᠯᠤᠰ ᠢ᠋ ᠪᠡᠬᠢᠯᠡᠬᠦ ᠴᠠᠭ ᠣᠯᠳᠠᠵᠠᠢ᠃ ᠵᠥᠴᠢ ᠥᠪᠡᠷ ᠦ᠋ᠨ ᠰᠢᠨ᠎ᠡ ᠬᠣᠲᠠ ᠳ᠋ᠤ᠌ 《ᠠᠯᠲᠠᠨ ᠣᠷᠳᠣᠨ》 ᠭᠡᠵᠦ ᠨᠡᠷ᠎ᠡ ᠦᠭᠭᠦᠭᠰᠡᠨ ᠪᠥᠭᠡᠳ ᠲᠡᠭᠦᠨ ᠦ᠌ ᠤᠯᠤᠰ 《ᠠᠯᠲᠠᠨ ᠣᠷᠳᠣᠨ ᠤ᠋ ᠤᠯᠤᠰ》 ᠭᠡᠵᠦ ᠲᠠᠭᠤᠷᠢᠰᠣᠬᠳᠠᠬᠤ ᠪᠣᠯᠤᠨ᠎ᠠ ᠭᠡᠵᠦ ᠰᠢᠢᠳᠴᠡᠢ᠃ ᠭᠡᠬᠦ ᠳ᠋ᠡᠭᠡᠨ ᠡᠭᠦᠨ ᠢ᠋ ᠪᠡᠨ ᠬᠠᠷᠠᠬᠠᠨ ᠵᠠᠷᠯᠠᠭ᠎ᠠ ᠦᠭᠡᠢ ᠬᠦᠯᠢᠶᠡᠭᠰᠡᠭᠡᠷ ᠪᠠᠢᠭ᠎ᠠ ᠪᠥᠭᠡᠳ ᠢᠩᠭᠢᠬᠦ ᠨᠢ ᠴᠢᠩᠭᠢᠰ ᠬᠠᠭᠠᠨ ᠤ᠋ ᠵᠦᠭ ᠡᠴᠡ ᠲᠡᠭᠦᠨ ᠦ᠌ ᠲᠤᠰᠠᠭᠠᠷ ᠤᠯᠤᠰ ᠪᠠᠢᠭᠤᠯᠬᠤ ᠶ᠋ᠢ ᠶᠠᠭᠤ ᠭᠡᠵᠦ ᠦᠵᠡᠬᠦ ᠨᠢ ᠲᠣᠳᠣᠷᠬᠠᠢ ᠦᠭᠡᠢ ᠲᠡᠢ ᠬᠣᠯᠪᠣᠭ᠎ᠠ ᠲᠠᠢ ᠪᠢᠯᠡ᠃ ᠴᠢᠩᠭᠢᠰ ᠬᠠᠭᠠᠨ ᠤ᠋ ᠳᠠᠭᠤᠳᠠᠭᠰᠠᠨ ᠵᠠᠷᠯᠢᠭ ᠢ᠋ ᠬᠡᠷᠡᠭᠰᠡᠬᠦ ᠦᠭᠡᠢ ᠣᠷᠬᠢᠵᠤ ᠣᠷᠭᠧᠨ᠋ᠴᠡ ᠬᠣᠲᠠ ᠶ᠋ᠢᠨ ᠳᠡᠷᠭᠡᠳᠡ ᠡᠴᠡ ᠥᠪᠡᠷ ᠦ᠋ᠨ ᠵᠠᠮ ᠢ᠋ ᠬᠥᠭᠡᠭᠡᠭᠰᠡᠨ ᠡᠴᠡ ᠬᠣᠢᠰᠢ ᠵᠥᠴᠢ ᠡᠴᠢᠭᠡ ᠲᠡᠢ ᠪᠡᠨ ᠠᠭᠤᠯᠵᠠᠯ ᠦᠭᠡᠢ ᠳᠠᠷᠤᠢ ᠬᠣᠶᠠᠷ ᠵᠢᠯ ᠪᠣᠯᠵᠤ 1224 ᠣᠨ ᠤ᠋ ᠬᠠᠪᠤᠷ ᠪᠠᠲᠤ ᠡᠬᠡ ᠨᠤᠲᠤᠭ ᠠ᠋ᠴᠠ ᠢᠨᠢᠶᠡᠳᠦ ᠬᠥᠷ ᠳᠦᠭᠦᠷᠡᠩ ᠡᠷᠭᠢᠨ ᠢᠷᠡᠵᠡᠢ᠃ ᠪᠠᠲᠤ ᠠ᠋ᠴᠠ ᠲᠠᠯ᠎ᠠ ᠶ᠋ᠢᠨ ᠰᠡᠷᠢᠭᠦᠨ ᠰᠠᠯᠬᠢ ᠳᠠᠭᠠᠨ᠎ᠠ ᠠᠢᠷᠠᠭ ᠬᠠᠩᠬᠤᠯᠵᠤ ᠪᠠᠢᠪᠠ᠃ ᠮᠣᠩᠭᠣᠯ ᠠ᠋ᠴᠠ ᠢᠷᠡᠬᠦ ᠨᠡᠭᠦᠳᠡᠯ ᠬᠥᠮᠦᠨ ᠦ᠌ ᠲᠣᠭ᠎ᠠ ᠲᠣᠳᠣᠷᠬᠠᠢ ᠪᠣᠯᠵᠤ ᠲᠡᠳᠡᠨ ᠳ᠋ᠦ᠍ ᠰᠠᠭᠤᠬᠤ ᠨᠤᠲᠤᠭ ᠭᠠᠵᠠᠷ ᠢ᠋ ᠪᠡᠯᠡᠳᠬᠦ ᠠᠵᠢᠯ ᠪᠠᠲᠤ ᠶ᠋ᠢᠨ ᠢᠷᠡᠭᠰᠡᠨ ᠦ᠌ ᠮᠠᠷᠭᠠᠰᠢ ᠠ᠋ᠴᠠ ᠣᠨᠳᠣᠷᠴᠤ ᠡᠬᠢᠯᠡᠪᠡ᠃ ᠭᠡᠪᠡᠴᠦ ᠡᠴᠢᠭᠡ ᠬᠦᠦ ᠬᠣᠶᠠᠷ ᠬᠠᠮᠤᠭ ᠤ᠋ᠨ ᠭᠣᠣᠯ ᠶᠠᠭᠤᠮ᠎ᠠ ᠪᠠᠨ ᠶᠠᠷᠢᠭ᠎ᠠ ᠦᠭᠡᠢ ᠪᠠᠢᠪᠠ᠃ ᠪᠥᠷᠲᠡ ᠡᠬᠡ ᠨᠢ ᠶᠠᠭᠤ ᠭᠡᠵᠦ ᠬᠠᠷᠢᠭᠤ ᠬᠡᠯᠡᠭᠰᠡᠨ ᠪᠣᠯ ᠭᠡᠬᠦ ᠡᠴᠡ ᠵᠥᠴᠢ ᠰᠡᠳᠬᠢᠯ ᠲᠦᠭᠰᠢᠨ ᠠᠰᠠᠭᠤᠵᠤ ᠡᠰᠡ ᠲᠥᠪᠳᠡᠨ᠎ᠡ᠃ ᠪᠠᠲᠤ ᠳ᠋ᠤ᠌ ᠴᠤ᠌ ᠭᠡᠰᠡᠨ ᠰᠢᠭᠤᠳ ᠠᠮᠠ ᠨᠡᠭᠡᠭᠡᠨ ᠶᠠᠷᠢᠬᠤ ᠳ᠋ᠤ᠌ ᠲᠡᠢᠮᠦ ᠴᠦ᠍ ᠬᠢᠯᠪᠠᠷ ᠪᠤᠰᠤ ᠪᠠᠢᠯ᠎ᠠ᠃ 
       ᠪᠠᠲᠤ ᠶ᠋ᠢᠨ ᠴᠤᠪᠤᠭ᠎ᠠ ᠴᠢᠩᠭᠢᠰ ᠬᠠᠭᠠᠨ ᠤ᠋ ᠶᠡᠬᠡ ᠥᠷᠭᠥᠭᠡ ᠰᠠᠭᠤᠷᠢᠨ ᠬᠦᠷᠢᠶ᠎ᠡ ᠪᠠᠢᠷᠢᠯᠠᠬᠤ ᠲᠤᠤᠯᠠ ᠶ᠋ᠢᠨ ᠬᠥᠨᠳᠡᠢ ᠳ᠋ᠦ᠍ ᠣᠴᠢᠬᠤ ᠳ᠋ᠤ᠌ ᠤᠷᠲᠤ ᠡᠳᠦᠷ ᠨᠢ ᠲᠤᠯᠤᠢ ᠶ᠋ᠢᠨ ᠢᠷᠡᠨ ᠡᠴᠡ ᠢᠯᠡᠭᠡᠭᠰᠡᠨ ᠡᠯᠴᠢ ᠳᠥᠩᠭᠡᠵᠢ ᠢᠷᠡᠭᠡᠳ ᠬᠥᠯ ᠬᠥᠳᠡᠯᠭᠡᠭᠡᠨ ᠶᠡᠬᠡᠲᠡᠢ ᠪᠠᠢᠵᠠᠢ᠃ ᠨᠤᠲᠤᠭ ᠠ᠋ᠴᠠ ᠭᠠᠷᠤᠭᠰᠠᠨ ᠠ᠋ᠴᠠ ᠬᠣᠢᠰᠢ ᠲᠠᠪᠤᠨ ᠵᠢᠯ ᠰᠢᠬᠠᠬᠤ ᠳ᠋ᠤ᠌ ᠮᠣᠩᠭᠣᠯ ᠤ᠋ᠨ ᠲᠠᠯ᠎ᠠ ᠨᠤᠲᠤᠭ ᠬᠡᠷᠦᠯᠦᠨ᠂ ᠲᠤᠤᠯᠠ᠂ ᠣᠷᠬᠣᠨ ᠭᠣᠣᠯ ᠤ᠋ᠳ ᠤ᠋ᠨ ᠬᠥᠨᠳᠡᠢ ᠳ᠋ᠦ᠍ ᠣᠯᠠᠨ ᠵᠦᠢᠯ ᠥᠭᠡᠷᠡᠴᠢᠯᠡᠭᠳᠡᠵᠡᠢ᠃ ᠠᠩᠬ᠎ᠠ ᠬᠤᠷᠽᠸᠮ ᠳ᠋ᠤ᠌ ᠣᠳᠬᠤ ᠳ᠋ᠤ᠌ ᠣᠷᠣ ᠦᠭᠡᠢ ᠬᠣᠭᠣᠰᠣᠨ ᠪᠠᠢᠭᠰᠠᠨ ᠭᠠᠵᠠᠷ ᠲᠤ᠌ ᠣᠳᠣ ᠲᠦᠮᠡ ᠢᠯᠡᠭᠦᠦ ᠬᠥᠮᠦᠨ ᠪᠠᠢᠩᠭᠤ ᠰᠠᠭᠤᠬᠤ ᠬᠣᠲᠠ ᠲᠤᠤᠯᠠ ᠭᠣᠣᠯ ᠤ᠋ᠨ ᠬᠥᠮᠦᠨ ᠴᠢᠯᠠᠭᠤᠨ ᠤ᠋ ᠬᠥᠨᠳᠡᠢ ᠳ᠋ᠦ᠍ ᠪᠣᠰᠴᠠᠢ᠃ ᠠᠢᠯ ᠪᠣᠯᠭᠠᠨ ᠤ᠋ ᠡᠭᠦᠳᠡᠨ ᠳ᠋ᠦ᠍ ᠬᠠᠷ᠎ᠠ ᠨᠥᠮᠥᠷᠭᠡ ᠪᠢᠲᠡᠭᠦᠦ ᠡᠮᠦᠰᠦᠭᠰᠡᠨ ᠵᠠᠷᠤᠴᠠ ᠪᠣᠭᠣᠯ ᠪᠥᠬᠥᠯᠵᠡᠵᠦ᠂ ᠮᠤᠵᠢᠶᠠᠩ ᠳᠠᠷᠬᠠᠴᠤᠤᠯ ᠠᠵᠢᠯᠯᠠᠬᠤ ᠨᠢ ᠬᠤᠷᠽᠸᠮ ᠠ᠋ᠴᠠ ᠢᠯᠡᠭᠡᠭᠰᠡᠨ ᠣᠯᠵᠠᠨ ᠤ᠋ ᠬᠥᠮᠦᠰ ᠠᠵᠢ᠃ ᠫᠧᠷᠰ ᠭᠠᠵᠠᠷ ᠤ᠋ᠨ ᠦᠨᠡᠲᠦ ᠬᠡᠪᠢᠰ ᠡᠳ᠋ᠯᠡᠯ ᠭᠠᠵᠠᠷ ᠢ᠋ᠶ᠋ᠠᠷ ᠬᠥᠭᠯᠡᠷᠡᠵᠦ ᠮᠣᠷᠢ ᠮᠠᠯ ᠤ᠋ᠨ ᠲᠣᠬᠣᠮ ᠪᠣᠯᠵᠠᠢ᠃ ᠪᠠᠲᠤ ᠶ᠋ᠢᠨ ᠪᠡᠯᠡᠭ ᠮᠣᠩᠭᠣᠯᠴᠤᠳ ᠲᠤ᠌ ᠲᠡᠳᠦᠢ ᠯᠡ ᠰᠣᠨᠢᠨ ᠪᠢᠰᠢ᠂ ᠲᠡᠳᠡ ᠤᠭ ᠠ᠋ᠴᠠ ᠪᠠᠷᠠᠭᠤᠨ ᠵᠦᠭ ᠦ᠋ᠨ ᠪᠠᠶᠠᠯᠢᠭ ᠲᠤ᠌ ᠪᠢᠯᠬᠠᠷᠠᠭᠠᠳ ᠪᠠᠢᠵᠠᠢ᠃ ᠬᠠᠷᠢᠨ ᠪᠠᠲᠤ ᠶ᠋ᠢᠨ ᠳᠠᠭᠠᠭᠤᠯᠤᠨ ᠢᠷᠡᠭᠰᠡᠨ ᠬᠤᠯᠤᠰᠤᠨ ᠰᠢᠷ᠎ᠠ ᠦᠰᠦᠲᠡᠢ ᠂ ᠴᠡᠩᠬᠡᠷ ᠨᠢᠳᠦᠲᠡᠢ ᠭᠧᠷᠲ᠋ᠡ ᠭᠦᠩᠵᠦ ᠶ᠋ᠢ ᠪᠠᠷᠢᠵᠤ ᠦᠵᠡᠬᠦ ᠨᠢ ᠬᠣᠯᠠ ᠦᠭᠡᠢ᠂ ᠮᠣᠷᠢᠲᠠᠢ ᠶᠠᠪᠠᠭᠠᠨ ᠬᠣᠰᠢᠭᠤᠷᠠᠨ ᠳᠠᠭᠠᠵᠤ᠂ ᠴᠡᠷᠢᠭ ᠬᠠᠮᠠᠭᠠᠯᠠᠯᠲᠠ ᠳ᠋ᠤ᠌ ᠰᠠᠭᠠᠳ ᠤᠴᠠᠷᠠᠭᠤᠯᠪᠠ᠃ ᠪᠠᠲᠤ ᠶ᠋ᠢ ᠬᠠᠮᠤᠭ ᠤ᠋ᠨ ᠶᠡᠬᠡ ᠬᠦᠯᠢᠶᠡᠭᠰᠡᠨ ᠬᠥᠮᠦᠨ ᠨᠢ ᠪᠥᠷᠲᠡ ᠪᠠᠢᠯ᠎ᠠ᠃ ᠪᠠᠲᠤ ᠡᠷᠴᠢᠰ ᠮᠥᠷᠡᠨ ᠦ᠌ ᠬᠥᠪᠡᠭᠡᠨ ᠳ᠋ᠡᠬᠢ ᠡᠴᠢᠭᠡ ᠶ᠋ᠢᠨ ᠬᠦᠷᠢᠶᠡᠨ ᠳ᠋ᠦ᠍ ᠣᠴᠢᠵᠤ ᠣᠬᠢ ᠬᠠᠲᠤᠨ ᠡᠵᠢ ᠳ᠋ᠡᠭᠡᠨ ᠵᠤᠯᠭᠠᠯ ᠦᠭᠡᠢ ᠰᠢᠭᠤᠳ ᠴᠢᠩᠭᠢᠰ ᠬᠠᠭᠠᠨ ᠤ᠋ ᠦᠷᠭᠦᠭᠡᠨ ᠳ᠋ᠦ᠍ ᠢᠷᠡᠭᠰᠡᠨ ᠪᠢᠯᠡ᠃ ᠣᠬᠢ ᠪᠣᠯ ᠪᠥᠷᠲᠡ ᠥᠪᠡᠷ ᠦ᠋ᠨ ᠬᠦᠰᠡᠯ ᠢ᠋ᠶ᠋ᠡᠷ ᠵᠥᠴᠢ ᠬᠥᠪᠡᠭᠦᠨ ᠳ᠋ᠡᠭᠡᠨ ᠰᠣᠩᠭᠣᠨ ᠠᠪᠴᠤ ᠥᠭᠭᠦᠭᠰᠡᠨ ᠬᠣᠩᠭᠢᠷᠠᠳ ᠤ᠋ᠨ ᠡᠯᠴᠢ ᠨᠣᠶᠠᠨ ᠤ᠋ ᠥᠬᠢᠨ᠂ ᠪᠥᠷᠲᠡ ᠬᠠᠲᠤᠨ ᠤ᠋ ᠣᠢᠷ᠎ᠠ ᠶ᠋ᠢᠨ ᠬᠠᠮᠢᠶᠠᠲᠠᠨ ᠤ᠋ ᠤᠳᠤᠮ ᠪᠢᠯᠡ᠃ ᠲᠡᠢᠮᠦ ᠤᠴᠢᠷ ᠠ᠋ᠴᠠ ᠠᠯᠢ ᠲᠠᠯ᠎ᠠ ᠪᠠᠷ ᠪᠣᠳᠣᠭᠰᠠᠨ ᠴᠤ᠌ ᠡᠬᠢᠯᠡᠭᠡᠳ ᠪᠥᠷᠲᠡ ᠡᠮᠡᠭᠡ ᠳ᠋ᠡᠭᠡᠨ ᠣᠴᠢᠵᠤ ᠵᠣᠯᠭᠠᠬᠤ ᠨᠢ ᠪᠠᠲᠤ ᠶ᠋ᠢᠨ ᠵᠥᠪ ᠪᠠᠢᠪᠠ᠃ ᠢᠩᠭᠢᠬᠦ ᠶ᠋ᠢ ᠨᠢ ᠵᠥᠴᠢ ᠵᠠᠬᠢᠭᠰᠠᠨ ᠶᠤᠮ᠃ ᠴᠢᠩᠭᠢᠰ ᠬᠠᠭᠠᠨ ᠤ᠋ ᠲᠥᠪ ᠬᠦᠷᠢᠶ᠎ᠡ᠂ ᠭᠣᠣᠯ ᠤᠯᠤᠰ ᠢ᠋ᠶ᠋ᠠᠨ ᠰᠠᠬᠢᠨ ᠰᠠᠭᠤᠬᠤ ᠲᠡᠮᠦᠭᠡ ᠨᠣᠶᠠᠨ ᠪᠠᠲᠤ ᠶ᠋ᠢ ᠬᠠᠮᠤᠭ ᠤ᠋ᠨ ᠳᠡᠭᠡᠳᠦ ᠬᠦᠨᠳᠦᠯᠡᠯ ᠢ᠋ᠶ᠋ᠡᠷ ᠤᠭᠲᠤᠨ ᠲᠣᠰᠴᠤ ᠠᠪᠬᠤ ᠪᠠᠷ ᠪᠡᠯᠡᠳᠦᠭᠰᠡᠨ ᠠᠵᠢ᠃ ᠪᠠᠷᠠᠭᠤᠨ ᠵᠦᠭ ᠲᠦ᠍ ᠪᠠᠢᠭᠤᠯᠤᠭᠰᠠᠨ ᠶᠡᠬᠡ ᠢᠯᠠᠯᠲᠠ ᠶ᠋ᠢᠨ ᠠᠮᠢᠳᠤ ᠭᠡᠷᠡᠴᠢ ᠪᠣᠯᠤᠨ ᠢᠷᠡᠵᠦ ᠪᠣᠢ ᠪᠠᠲᠤ᠂ ᠴᠢᠩᠭᠢᠰ ᠬᠠᠭᠠᠨ ᠶᠡᠬᠡ ᠲᠡᠢᠨ ᠳ᠋ᠦ᠍ ᠮᠣᠷᠳᠠᠭᠰᠠᠨ ᠠ᠋ᠴᠠ ᠬᠣᠢᠰᠢ ᠳᠥᠷᠪᠡᠨ ᠵᠢᠯ ᠭᠠᠷᠤᠢ ᠶ᠋ᠢᠨ ᠬᠤᠭᠤᠴᠠᠭᠠᠨ ᠳ᠋ᠤ᠌ ᠲᠡᠢᠨ ᠦ᠌ ᠲᠠᠯᠠᠪᠤᠷ ᠠ᠋ᠴᠠ ᠨᠤᠲᠤᠭ ᠲᠠᠭᠠᠨ ᠡᠷᠭᠢᠨ ᠢᠷᠡᠵᠦ ᠪᠣᠢ ᠬᠠᠮᠤᠭ ᠤ᠋ᠨ ᠲᠣᠮᠣ ᠵᠣᠴᠢᠨ ᠪᠠᠢᠯ᠎ᠠ᠃ ᠲᠡᠮᠦᠭᠡ ᠨᠣᠶᠠᠨ ᠥᠪᠡᠷ ᠦ᠋ᠨ ᠲᠣᠷᠭᠠᠨ ᠴᠡᠷᠢᠭ ᠢ᠋ᠶ᠋ᠡᠨ ᠭᠤᠷᠪᠠᠨ ᠥᠷᠲᠡᠭᠡ ᠭᠠᠵᠠᠷ ᠠ᠋ᠴᠠ ᠤᠭᠲᠤᠭᠤᠯᠤᠨ ᠵᠢᠭᠰᠠᠭᠠᠭᠠᠳ ᠲᠣᠰᠴᠤ ᠪᠠᠢᠪᠠ᠃ ᠶᠠᠭ ᠯᠠ ᠵᠥᠴᠢ ᠥᠪᠡᠷ ᠢ᠋ᠶ᠋ᠡᠨ ᠡᠷᠭᠢᠨ ᠢᠷᠡᠭᠰᠡᠨ ᠮᠡᠲᠦ ᠲᠥᠪ ᠨᠤᠲᠤᠭ ᠳᠠᠶᠠᠭᠠᠷ ᠤᠭᠲᠤᠨ ᠠᠪᠤᠭᠰᠠᠨ ᠨᠢ ᠪᠠᠲᠤ ᠶ᠋ᠢ ᠲᠤᠢᠯ ᠤ᠋ᠨ ᠶᠡᠬᠡ ᠪᠡᠷ ᠳᠣᠭᠳᠣᠯᠤᠭᠤᠯᠵᠠᠢ᠃ ᠥᠩᠭᠡᠷᠡᠭᠰᠡᠨ ᠳᠥᠷᠪᠡᠨ ᠵᠢᠯ ᠭᠠᠷᠤᠢ ᠶ᠋ᠢᠨ ᠬᠤᠭᠤᠴᠠᠭᠠᠨ ᠳ᠋ᠤ᠌ ᠪᠠᠲᠤ ᠲᠠᠨᠢᠭᠳᠠᠬᠤ ᠶ᠋ᠢᠨ ᠠᠷᠭ᠎ᠠ ᠦᠭᠡᠢ ᠥᠭᠡᠷᠡᠴᠢᠯᠡᠭᠳᠡᠭᠡᠳ ᠵᠣᠭᠰᠣᠭᠰᠠᠨ ᠦᠭᠡᠢ ᠳᠡᠷᠭᠡᠳᠡ ᠪᠡᠨ ᠬᠠᠷᠢ ᠴᠢᠰᠤᠨ ᠤ᠋ ᠬᠠᠲᠤᠨ ᠳᠠᠭᠠᠭᠤᠯᠤᠭᠰᠠᠨ ᠵᠠᠯᠠᠭᠤ ᠭᠠᠴᠤᠷ᠎ᠠ ᠰᠢᠭ᠋ ᠭᠤᠸᠠᠯᠢᠭ ᠰᠠᠢᠬᠠᠨ ᠡᠷ᠎ᠡ ᠪᠣᠯᠤᠭᠰᠠᠨ ᠨᠢ ᠲᠦᠮᠡᠨ ᠦ᠌ ᠨᠢᠳᠦ ᠪᠤᠯᠢᠶᠠᠵᠤ ᠪᠠᠢᠪᠠ᠃ ᠬᠠᠷᠢᠨ ᠪᠠᠲᠤ ᠶ᠋ᠢ ᠳᠠᠭᠠᠯᠳᠤᠭᠰᠠᠨ ᠶᠡᠬᠡ ᠬᠦᠨᠳᠦᠯᠡᠯ᠂ ᠲᠠᠯ᠎ᠠ ᠶ᠋ᠢᠨ ᠨᠡᠭᠦᠳᠡᠯᠴᠢᠨ ᠮᠣᠩᠭᠣᠯᠴᠤᠳ ᠤ᠋ᠨ ᠰᠣᠨᠢᠨ ᠠᠬᠤᠢ ᠲᠥᠷᠬᠦ ᠭᠸᠷᠲ᠋ᠡ ᠭᠦᠩᠵᠦ ᠶ᠋ᠢ ᠭᠠᠢᠬᠠᠰᠢᠷᠠᠭᠤᠯᠤᠨ ᠪᠠᠶᠠᠷᠯᠠᠭᠤᠯᠵᠠᠢ᠃ ᠬᠠᠲᠠᠭᠤ ᠲᠠᠪᠢᠯᠠᠩ ᠤ᠋ᠨ ᠡᠷᠬᠡ ᠪᠡᠷ ᠲᠡᠭᠦᠨ ᠳ᠋ᠦ᠍ ᠵᠠᠶᠠᠭᠠᠭᠳᠠᠭᠰᠠᠨ ᠡᠷ᠎ᠡ ᠨᠥᠬᠥᠷ ᠨᠢ ᠠᠩᠬᠠᠯᠠᠨ ᠰᠠᠨᠠᠭᠰᠠᠨᠴᠢᠯᠠᠨ ᠲᠠᠯ᠎ᠠ ᠶ᠋ᠢᠨ ᠵᠡᠷᠯᠢᠭ ᠲᠣᠭᠰᠢᠨ ᠤᠳᠤᠮ ᠤ᠋ᠨ ᠪᠠᠯᠴᠢᠷ ᠬᠥᠪᠡᠭᠦᠨ ᠪᠢᠰᠢ ᠬᠠᠷᠢᠨ ᠶᠡᠬᠡ ᠬᠠᠭᠠᠨ ᠤ᠋ ᠠᠴᠢ ᠬᠦᠦ ᠭᠡᠳᠡᠭ ᠢ᠋ ᠰᠠᠶᠢ ᠯᠠ ᠨᠢᠭᠡ ᠨᠢᠳᠦ ᠪᠡᠷ ᠦᠵᠡᠵᠦ ᠮᠡᠳᠡᠭᠡᠳ ᠭᠸᠷᠲ᠋ᠡ ᠳᠠᠬᠢᠨ ᠥᠪᠡᠷ ᠦ᠋ᠨ ᠠᠮᠢᠳᠤᠷᠠᠯ ᠳ᠋ᠠᠭᠠᠨ ᠬᠠᠷᠠᠮᠰᠠᠨ ᠭᠤᠨᠢᠬᠤ ᠦᠭᠡᠢ ᠭᠡᠵᠦ ᠡᠷᠡᠰ ᠰᠢᠢᠳᠴᠡᠢ᠃ ᠲᠡᠮᠦᠭᠡ ᠨᠣᠶᠠᠨ ᠤ᠋ ᠬᠢᠭᠰᠡᠨ ᠶᠡᠬᠡ ᠨᠠᠢᠷ ᠤ᠋ᠨ ᠳᠠᠷᠠᠭ᠎ᠠ ᠯᠠ ᠪᠠᠲᠤ ᠳ᠋ᠤ᠌ ᠡᠮᠡᠭᠡ ᠡᠬᠡ ᠲᠡᠢ ᠪᠡᠨ ᠲᠤᠬᠠᠲᠠᠢ ᠶᠠᠷᠢᠬᠤ ᠴᠠᠭ ᠣᠯᠳᠠᠵᠠᠢ᠃ ᠪᠠᠲᠤ ᠶ᠋ᠢᠨ ᠦᠭᠡ ᠪᠦᠷᠢ ᠪᠥᠷᠲᠡ ᠳ᠋ᠦ᠍ ᠰᠣᠨᠢᠨ ᠪᠠᠰᠠ ᠠᠶᠤᠮᠰᠢᠭᠲᠠᠢ ᠰᠣᠨᠣᠰᠤᠭᠳᠠᠨ᠎ᠠ᠃ ᠬᠥᠪᠡᠭᠦᠳ ᠨᠢ ᠡᠴᠢᠭᠡ ᠶ᠋ᠢᠨ ᠢ᠋ᠶ᠋ᠡᠨ ᠬᠠᠮᠲᠤ ᠶᠡᠬᠡ ᠢᠯᠠᠯᠲᠠ ᠶ᠋ᠢ ᠣᠯᠵᠠᠢ᠃ ᠬᠠᠷᠢᠨ ᠡᠬᠢᠯᠡᠭᠡᠳ ᠵᠥᠴᠢ ᠬᠥᠪᠡᠭᠦᠨ ᠢ᠋ᠶ᠋ᠡᠨ ᠴᠢᠩᠭᠢᠰ ᠬᠠᠭᠠᠨ ᠤ᠋ ᠵᠠᠷᠯᠢᠭ ᠢ᠋ ᠵᠥᠷᠢᠴᠡᠨ ᠬᠣᠢᠰᠢ ᠦᠯᠡᠳᠡᠵᠦ ᠲᠤᠰ ᠲᠠᠭᠠᠨ ᠰᠠᠭᠤᠭ᠎ᠠ ᠶ᠋ᠢ ᠨᠢ ᠵᠥᠪᠳᠡᠭᠡᠵᠦ ᠴᠢᠳᠠᠭᠰᠠᠨ ᠦᠭᠡᠢ᠃ ᠪᠠᠰᠠ ᠴᠢᠩᠭᠢᠰ ᠬᠠᠭᠠᠨ ᠢᠩᠭᠢᠯ᠎ᠡ ᠭᠡᠵᠦ ᠵᠥᠴᠢ ᠳ᠋ᠦ᠍ ᠬᠢᠯᠢᠩᠨᠡᠨ ᠪᠤᠬᠢᠨᠢᠳᠤᠭ᠎ᠠ ᠦᠭᠡᠢ ᠳ᠋ᠦ᠍ ᠶᠡᠬᠡᠳᠡ ᠰᠡᠵᠢᠭᠯᠡᠨ ᠭᠠᠢᠬᠠᠵᠠᠢ᠃ ᠡᠢᠮᠦ ᠬᠡᠷᠡᠭ ᠢ᠋ ᠴᠢᠩᠭᠢᠰ ᠬᠠᠭᠠᠨ ᠵᠦᠭᠡᠷ ᠥᠩᠭᠡᠷᠡᠭᠡᠨ᠎ᠡ ᠭᠡᠬᠦ ᠳ᠋ᠦ᠍ ᠳᠠᠩᠴᠤ ᠰᠠᠨᠠᠭᠠᠨ ᠳ᠋ᠤ᠌ ᠪᠠᠭᠲᠠᠮ᠎ᠠ ᠦᠭᠡᠢ ᠠᠵᠢ᠃ ᠲᠡᠮᠦᠵᠢᠨ ᠴᠣᠬᠣᠮ ᠶᠠᠭᠤ ᠰᠡᠳᠦᠭᠰᠡᠨ ᠢ᠋ ᠬᠡᠨ ᠴᠦ᠍ ᠳᠠᠭᠠᠬᠤ ᠶ᠋ᠢᠨ ᠠᠷᠭ᠎ᠠ ᠦᠭᠡᠢ ᠪᠢᠯᠡ᠃ ᠵᠥᠴᠢ ᠬᠥᠪᠡᠭᠦᠨ ᠨᠢ ᠦᠵᠡᠵᠦ ᠬᠠᠷᠠᠭ᠎ᠠ ᠦᠭᠡᠢ ᠬᠥᠮᠦᠨ ᠦ᠌ ᠨᠤᠲᠤᠭ ᠲᠤ᠌ ᠺᠠᠰᠫᠢ ᠬᠡᠮᠡᠬᠦ ᠶᠡᠬᠡ ᠲᠠᠩᠭᠢᠰ ᠤ᠋ᠨ ᠬᠥᠪᠡᠭᠡᠨ ᠳ᠋ᠦ᠍ ᠡᠭᠦᠷᠢᠳᠡ ᠰᠠᠭᠤᠬᠤ ᠪᠠᠷ ᠬᠠᠲᠠᠭᠤ ᠰᠢᠢᠳᠦᠭᠰᠡᠨ ᠢ᠋ ᠪᠥᠷᠲᠡ ᠪᠠᠲᠤ ᠶ᠋ᠢᠨ ᠦᠭᠡᠨ ᠡᠴᠡ ᠣᠯᠵᠤ ᠮᠡᠳᠡᠵᠡᠢ᠃ ᠵᠥᠴᠢ ᠡᠨᠡ ᠦᠭᠡ ᠶ᠋ᠢ ᠬᠡᠯᠡᠭᠦᠯᠬᠦ ᠳ᠋ᠡᠭᠡᠨ ᠡᠬᠡ ᠡᠴᠡ ᠪᠡᠨ ᠵᠥᠪᠰᠢᠶᠡᠷᠡᠯ᠂ ᠲᠤᠰᠠᠯᠠᠮᠵᠢ ᠡᠷᠢᠭᠰᠡᠨ ᠦᠭᠡᠢ᠂ ᠵᠦᠭᠡᠷ ᠯᠡ ᠬᠦᠨᠳᠦᠳᠬᠡᠬᠦ ᠰᠡᠳᠬᠢᠯ ᠦ᠋ᠨ ᠡᠭᠦᠳᠡᠨ ᠡᠴᠡ ᠡᠷᠲᠡᠯᠡᠨ ᠳᠣᠭᠣᠯᠭᠠᠵᠤ ᠪᠠᠢᠭ᠎ᠠ ᠶ᠋ᠢ ᠴᠦ᠍ ᠣᠢᠯᠠᠭᠠᠪᠠ᠃ ᠪᠥᠷᠲᠡ ᠶᠠᠭᠤ ᠭᠡᠬᠦ ᠪᠡᠨ ᠮᠡᠳᠡᠬᠦ ᠦᠭᠡᠢ ᠪᠠᠢᠪᠠ᠃ ᠶᠡᠷᠦ ᠨᠢ ᠶᠠᠭᠤ ᠴᠤ᠌ ᠭᠡᠬᠦ ᠪᠢᠯᠡ? ᠣᠳᠣ ᠵᠥᠴᠢ ᠳ᠋ᠦ᠍ ᠶᠠᠭᠤ ᠬᠢᠶ᠎ᠡ ᠭᠡᠨ᠎ᠡ ᠲᠡᠭᠦᠨ ᠦ᠌ ᠳᠤᠷ᠎ᠠ ᠶ᠋ᠢᠨ ᠬᠡᠷᠡᠭ ᠪᠣᠯᠵᠠᠢ᠃ ᠵᠥᠴᠢ ᠶ᠋ᠢᠨ ᠪᠡᠶ᠎ᠡ ᠳᠠᠭᠠᠭᠠᠨ ᠤᠯᠤᠰ ᠵᠠᠰᠠᠬᠤ ᠡᠷᠬᠡ ᠲᠡᠢ ᠶ᠋ᠢᠨ ᠪᠠᠲᠤᠯᠠᠭ᠎ᠠ ᠪᠣᠯᠤᠭᠰᠠᠨ ᠪᠠᠲᠤ ᠬᠥᠪᠡᠭᠦᠨ ᠡᠮᠦᠨ᠎ᠡ ᠨᠢ ᠰᠠᠭᠤᠵᠤ ᠪᠠᠢᠬᠤ ᠶ᠋ᠢ ᠪᠥᠷᠲᠡ ᠬᠠᠷᠠᠵᠤ ᠪᠠᠢᠪᠠ᠃ ᠡᠢᠮᠦ ᠬᠥᠪᠡᠭᠦᠨ ᠦ᠌ ᠲᠥᠯᠥᠭᠡ ᠳᠠᠯᠠᠢ ᠶ᠋ᠢ ᠴᠦ᠍ ᠪᠣᠯᠪᠠ ᠭᠠᠲᠤᠯᠵᠤ ᠠᠭᠤᠯᠠ ᠶ᠋ᠢ ᠴᠦ᠍ ᠪᠣᠯᠪᠠ ᠨᠦᠬᠡᠯᠡᠬᠦ ᠪᠠᠭᠠᠳᠠᠨ᠎ᠠ᠃ ᠵᠥᠴᠢ ᠬᠥᠪᠡᠭᠦᠨ ᠢ᠋ᠶ᠋ᠡᠨ ᠥᠪᠡᠷ ᠦ᠋ᠨ ᠤᠯᠤᠰ ᠢ᠋ ᠪᠠᠢᠭᠤᠯᠵᠤ ᠴᠢᠩᠭᠢᠰ ᠬᠠᠭᠠᠨ ᠡᠴᠢᠭᠡ ᠶ᠋ᠢᠨ ᠠᠳᠠᠯᠢ ᠨᠡᠷ᠎ᠡ ᠠᠯᠳᠠᠷ ᠢ᠋ᠶ᠋ᠠᠨ ᠳᠠᠭᠤᠷᠢᠰᠬᠠᠭᠠᠰᠠᠢ ᠭᠡᠵᠦ ᠪᠥᠷᠲᠡ ᠬᠦᠰᠡᠵᠡᠢ᠃ ᠵᠥᠴᠢ ᠶ᠋ᠢᠨ ᠦᠭᠡ ᠶ᠋ᠢᠨ ᠤᠴᠢᠷ ᠢ᠋᠂ ᠲᠡᠭᠦᠨ ᠦ᠌ ᠠᠯᠤᠰ ᠴᠠᠭᠠᠳᠤ ᠪᠣᠳᠣᠯ ᠢ᠋ ᠮᠡᠳᠡᠮᠡᠭᠴᠡ ᠪᠥᠷᠲᠡ ᠠᠩᠬ᠎ᠠ ᠤᠳᠠᠭ᠎ᠠ ᠵᠥᠴᠢ ᠬᠥᠪᠡᠭᠦᠨ ᠳ᠋ᠡᠭᠡᠨ ᠰᠡᠳᠬᠢᠯ ᠵᠣᠪᠠᠨᠢᠬᠤ ᠦᠭᠡᠢ ᠪᠣᠯᠪᠠ᠃ ᠵᠥᠴᠢ ᠬᠥᠪᠡᠭᠦᠨ ᠨᠢ ᠥᠪᠡᠷ ᠦ᠋ᠨ ᠶᠡᠬᠡ ᠴᠡᠷᠢᠭ ᠲᠡᠢ ᠢᠷᠭᠡᠨ ᠤᠯᠤᠰ ᠲᠠᠢ ᠥᠮᠥᠭᠯᠡᠵᠦ ᠬᠠᠮᠠᠭᠠᠯᠠᠬᠤ ᠵᠣᠷᠢᠭ ᠬᠦᠴᠦ ᠲᠡᠭᠦᠰ ᠬᠥᠪᠡᠭᠦᠨ ᠲᠡᠢ ᠪᠣᠯᠵᠠᠢ᠃ ᠵᠥᠴᠢ ᠶ᠋ᠢᠨ ᠬᠥᠪᠡᠭᠦᠳ ᠦ᠋ᠨ ᠰᠤᠷ ᠪᠣᠯᠤᠭᠰᠠᠨ ᠪᠠᠲᠤ ᠶ᠋ᠢ ᠬᠠᠷᠠᠭᠠᠳ ᠪᠥᠷᠲᠡ ᠪᠠᠬᠠᠷᠬᠠᠵᠤ ᠬᠠᠩᠬᠤ ᠦᠭᠡᠢ ᠪᠠᠢᠯ᠎ᠠ᠃ ᠴᠢᠩᠭᠢᠰ ᠬᠠᠭᠠᠨ ᠵᠥᠴᠢ ᠶ᠋ᠢ ᠵᠢᠮᠡᠯᠡᠵᠦ ᠪᠤᠷᠤᠭᠤᠳᠬᠠᠬᠤ ᠦᠭᠡᠢ ᠴᠢᠮᠡᠭᠡ ᠦᠭᠡᠢ ᠪᠠᠢᠭ᠎ᠠ ᠨᠢ ᠯᠠᠪ ᠲᠡᠭᠦᠨ ᠢ᠋ ᠲᠤᠰᠠᠭᠠᠷ ᠤᠯᠤᠰ ᠢ᠋ᠶ᠋ᠠᠨ ᠪᠠᠢᠭᠤᠯᠬᠤ ᠶ᠋ᠢ ᠪᠢᠲᠡᠭᠦᠦ ᠳ᠋ᠡᠭᠡᠨ ᠳᠡᠮᠵᠢᠭᠰᠡᠨ ᠬᠡᠷᠡᠭ ᠭᠡᠵᠦ ᠡᠴᠦᠰ ᠲᠦ᠋ᠨᠢ ᠪᠥᠷᠲᠡ ᠢᠲᠡᠭᠡᠪᠡ᠃ ᠲᠡᠮᠦᠵᠢᠨ ᠬᠡᠷᠪᠡ ᠳᠡᠷᠭᠡᠳᠡ ᠪᠠᠢᠭᠰᠠᠨ ᠪᠣᠯ ᠪᠥᠷᠲᠡ ᠳ᠋ᠦ᠍ ᠬᠡᠯᠡᠵᠦ ᠶᠠᠷᠢᠬᠤ ᠶᠠᠭᠤᠮ᠎ᠠ ᠬᠡᠴᠢᠨᠡᠨ ᠶᠡᠬᠡ ᠪᠠᠢᠨ᠎ᠠ ᠭᠡᠬᠦ ᠪᠣᠢ? ᠭᠡᠪᠡᠴᠦ ᠣᠳᠣ ᠲᠡᠭᠦᠨ ᠳ᠋ᠦ᠍ ᠥᠪᠡᠷ ᠲᠡᠭᠡᠨ ᠪᠠᠰᠠ ᠵᠥᠴᠢ ᠳ᠋ᠦ᠍ ᠢᠲᠡᠭᠡᠬᠦ ᠯᠡ ᠦᠯᠡᠳᠡᠵᠡᠢ᠃ ᠪᠣᠳᠣᠭᠠᠳ ᠪᠣᠳᠣᠭᠠᠳ ᠴᠢᠩᠭᠢᠰ ᠬᠠᠭᠠᠨ ᠵᠥᠴᠢ ᠶ᠋ᠢ ᠪᠤᠷᠤᠭᠤᠳᠬᠠᠬᠤ ᠦᠨᠳᠦᠰᠦ ᠦᠭᠡᠢ ᠳ᠋ᠦ᠍ ᠢᠳᠡᠭᠡᠨ ᠰᠡᠳᠬᠢᠯ ᠢ᠋ᠶ᠋ᠡᠨ ᠠᠮᠠᠷᠠᠭᠠᠪᠠ᠃ 
       | ᠬᠥᠪᠡᠭᠦᠨ ᠮᠢᠨᠢ ᠶᠠᠭᠤ ᠬᠢᠨ᠎ᠡ᠂ ᠥᠪᠡᠷ ᠢ᠋ᠶ᠋ᠡᠨ ᠮᠡᠳᠡᠭ᠃ ᠴᠢᠩᠭᠢᠰ ᠬᠠᠭᠠᠨ ᠡᠴᠢᠭᠡ ᠨᠢ ᠴᠦ᠍ ᠰᠠᠢᠰᠢᠶᠠᠨ ᠳᠡᠮᠵᠢᠬᠦ ᠪᠢᠵᠡ ᠭᠡᠵᠦ ᠪᠥᠷᠲᠡ ᠪᠠᠶᠠᠰᠬᠤᠯᠠᠩ ᠲᠠᠢ ᠬᠡᠯᠡᠵᠡᠢ᠃ ᠤᠴᠢᠷ ᠨᠢ ᠥᠭᠡᠳᠡᠢ ᠶ᠋ᠢ ᠬᠠᠭᠠᠨ ᠰᠠᠭᠤᠷᠢᠨ ᠳ᠋ᠤ᠌ ᠵᠠᠯᠭᠠᠮᠵᠢᠯᠠᠨ ᠰᠠᠭᠤᠯᠭᠠᠬᠤ ᠪᠠᠷ ᠰᠣᠩᠭᠣᠭᠰᠠᠨ ᠠ᠋ᠴᠠ ᠬᠣᠢᠰᠢ ᠪᠥᠷᠲᠡ ᠶ᠋ᠢᠨ ᠰᠡᠳᠬᠢᠯ ᠦ᠋ᠨ ᠳᠣᠲᠣᠷ᠎ᠠ ᠬᠤᠷᠠᠮᠳᠤᠯᠠᠭᠳᠠᠨ ᠵᠣᠪᠠᠭᠠᠵᠤ ᠪᠠᠢᠭᠰᠠᠨ ᠲᠦᠭᠰᠢᠭᠦᠷᠢᠲᠦ ᠪᠣᠳᠣᠯ ᠤ᠋ᠳ ᠪᠠᠲᠤ ᠶ᠋ᠢ ᠦᠵᠡᠮᠡᠭᠴᠡ ᠵᠠᠮᠬᠠᠷᠠᠵᠤ ᠬᠠᠪᠤᠷ ᠴᠠᠭ ᠤ᠋ᠨ ᠰᠢᠨ᠎ᠡ ᠰᠣᠶᠣᠭᠠᠯᠠᠬᠤ ᠨᠣᠭᠣᠭ᠎ᠠ ᠰᠢᠭ᠋ ᠢᠳᠡᠷ ᠵᠠᠯᠠᠭᠤ᠂ ᠢᠳᠡ ᠬᠠᠪᠤᠲᠠᠢ ᠠᠴᠢ ᠬᠥᠪᠡᠭᠦᠳ ᠢ᠋ᠶ᠋ᠡᠨ ᠥᠰᠴᠦ ᠲᠣᠮᠣᠷᠠᠭᠰᠠᠨ ᠢ᠋ ᠦᠵᠡᠬᠦ ᠳ᠋ᠦ᠍ ᠴᠢᠩᠭᠢᠰ ᠬᠠᠭᠠᠨ ᠪᠣᠯᠤᠭᠠᠳ ᠵᠥᠴᠢ᠂ ᠴᠠᠭᠠᠲᠠᠢ᠂ ᠥᠭᠡᠳᠡᠢ᠂ ᠲᠤᠯᠤᠢ ᠬᠥᠪᠡᠭᠦᠳ ᠦ᠋ᠨ ᠬᠢᠨᠢ ᠵᠠᠯᠭᠠᠮᠵᠢ ᠬᠠᠯᠠᠭ᠎ᠠ ᠨᠢᠭᠡᠨᠲᠡ ᠬᠦᠴᠦ ᠪᠡᠨ ᠠᠪᠴᠤ᠂ ᠤᠷᠢᠳ ᠤ᠋ᠨ ᠵᠣᠪᠠᠯᠠᠩ ᠲᠦᠭᠰᠢᠭᠦᠷᠢ ᠤᠯᠠ ᠪᠣᠯᠤᠨ ᠡᠯᠡᠭᠳᠡᠭᠰᠡᠨ ᠢ᠋ ᠮᠡᠳᠡᠵᠡᠢ᠃ ᠣᠳᠣ ᠪᠥᠷᠲᠡ ᠳ᠋ᠦ᠍ ᠶᠡᠷᠦ ᠰᠠᠨᠠᠭ᠎ᠠ ᠵᠣᠪᠠᠬᠤ ᠶᠠᠭᠤᠮ᠎ᠠ ᠦᠭᠡᠢ ᠮᠡᠲᠦ ᠰᠠᠨᠠᠭᠳᠠᠨ᠎ᠠ᠃ ᠵᠣᠪᠠᠯᠠᠩᠲᠤ ᠠᠮᠢᠳᠤᠷᠠᠯ ᠤ᠋ᠨ ᠡᠴᠦᠰ ᠲᠦ᠍ ᠬᠥᠪᠡᠭᠦᠳ ᠨᠢ ᠲᠤᠰ ᠲᠤᠰ ᠤ᠋ᠨ ᠶᠡᠬᠡ ᠤᠯᠤᠰ ᠢ᠋ ᠪᠠᠢᠭᠤᠯᠤᠨ ᠰᠠᠭᠤᠬᠤ ᠶ᠋ᠢ ᠦᠵᠡᠬᠦ ᠬᠤᠪᠢ ᠲᠠᠢ ᠳ᠋ᠠᠭᠠᠨ ᠪᠡᠶᠡᠰᠦᠨ᠎ᠡ᠃ 
       ᠡᠢᠮᠦ ᠶᠡᠬᠡ ᠬᠤᠪᠢ ᠵᠠᠶᠠᠭ᠎ᠠ ᠡᠬᠡ ᠬᠥᠮᠦᠨ ᠪᠦᠷᠢ ᠳ᠋ᠦ᠍ ᠣᠯᠳᠠᠬᠤ ᠦᠭᠡᠢ ᠪᠢᠵᠡ᠃ ᠪᠥᠷᠲᠡ ᠡᠨᠡ ᠵᠢᠯ ᠵᠢᠷᠠᠨ ᠨᠢᠭᠡᠨ ᠨᠠᠰᠤ ᠬᠦᠷᠴᠦ ᠪᠠᠢᠯ᠎ᠠ᠃ ᠭᠡᠪᠡᠴᠦ ᠶᠡᠬᠡ ᠬᠠᠭᠠᠨ ᠤ᠋ ᠡᠵᠡᠭᠦᠢ ᠳ᠋ᠦ᠍ ᠳᠠᠷᠤᠢ ᠲᠠᠪᠤᠨ ᠵᠢᠯ ᠰᠢᠬᠠᠮ ᠬᠠᠭᠠᠨ ᠤ᠋ ᠣᠷᠳᠣᠨ ᠤ᠋ ᠳᠣᠲᠣᠷᠠᠬᠢ ᠡᠷᠬᠡ ᠶ᠋ᠢ ᠪᠠᠷᠢᠵᠤ ᠲᠡᠮᠦᠵᠢᠨ ᠦ᠌ ᠤᠳᠬᠤᠨ ᠳᠡᠭᠦᠦ ᠲᠡᠮᠦᠭᠡ ᠶ᠋ᠢᠨ ᠬᠠᠮᠲᠤ ᠶᠡᠷᠦ ᠠᠵᠠᠷᠠᠬᠤ ᠰᠠᠨᠳᠤᠷᠬᠤ ᠵᠦᠢᠯ ᠦᠭᠡᠢ ᠲᠥᠪ ᠤᠯᠤᠰ ᠢ᠋ᠶ᠋ᠠᠨ ᠵᠠᠬᠢᠷᠤᠨ ᠰᠠᠭᠤᠭᠰᠠᠭᠠᠷ ᠪᠠᠢᠵᠠᠢ᠃ ᠪᠥᠷᠲᠡ ᠶ᠋ᠢ ᠠᠷᠤ ᠳ᠋ᠤ᠌ ᠦᠯᠡᠳᠡᠭᠰᠡᠨ ᠳ᠋ᠦ᠍ ᠴᠢᠩᠭᠢᠰ ᠬᠠᠭᠠᠨ ᠴᠤ᠌ ᠰᠠᠨᠠᠭ᠎ᠠ ᠰᠡᠳᠬᠢᠯ ᠲᠠᠢᠪᠤᠩ ᠪᠠᠢᠬᠤ ᠪᠢᠯᠡ᠃ ᠬᠤᠯᠠᠨ ᠬᠠᠲᠤᠨ ᠢ᠋ ᠬᠣᠷᠽᠸᠮ ᠤ᠋ᠨ ᠨᠤᠲᠤᠭ ᠲᠤ᠌ ᠲᠠᠩᠰᠤᠭ ᠣᠷᠳᠣᠨ ᠳ᠋ᠤ᠌ ᠰᠠᠭᠤᠬᠤ ᠪᠣᠯᠤᠭᠰᠠᠨ ᠢ᠋ ᠮᠡᠳᠡᠵᠦ ᠪᠠᠢᠭᠰᠠᠨ ᠴᠤ᠌ ᠲᠡᠭᠦᠨ ᠦ᠌ ᠲᠤᠬᠠᠢ ᠶᠣᠰᠣ ᠶ᠋ᠢ ᠪᠣᠳᠣᠨ ᠠᠰᠠᠭᠤᠭᠰᠠᠨ ᠠ᠋ᠴᠠ ᠬᠡᠲᠦᠷᠡᠭᠰᠡᠨ ᠦᠭᠡᠢ᠃ ᠪᠠᠰᠠ ᠤᠷᠬᠧᠨ᠋ᠴᠠ ᠶ᠋ᠢ ᠡᠵᠡᠯᠡᠨ ᠠᠪᠬᠤ ᠪᠣᠯᠤᠭᠠᠳ ᠬᠥᠪᠡᠭᠦᠳ ᠦ᠋ᠨ ᠢ᠋ᠶ᠋ᠡᠨ ᠳᠤᠮᠳᠠ ᠡᠭᠦᠰᠦᠭᠰᠡᠨ ᠬᠡᠷᠡᠭᠦᠯ ᠢ᠋ ᠭᠠᠳᠠᠷᠯᠠᠵᠤ ᠪᠠᠢᠭᠰᠠᠨ ᠴᠤ᠌ ᠤᠬᠠᠵᠤ ᠰᠣᠨᠢᠷᠬᠠᠭᠰᠠᠨ ᠦᠭᠡᠢ᠃ ᠤᠴᠢᠷ ᠨᠢ ᠴᠢᠩᠭᠢᠰ ᠬᠠᠭᠠᠨ《ᠬᠡᠭᠡᠷ᠎ᠡ ᠶ᠋ᠢᠨ ᠦᠢᠯᠡ ᠶ᠋ᠢ ᠬᠡᠭᠡᠷ᠎ᠡ ᠰᠢᠢᠳᠬᠡ᠂ ᠭᠡᠷ ᠦ᠋ᠨ ᠦᠢᠯᠡ ᠶ᠋ᠢ ᠭᠡᠷ ᠲᠦ᠍ ᠰᠢᠢᠳᠬᠡ》ᠭᠡᠵᠦ ᠰᠤᠷᠭᠠᠭᠰᠠᠨ ᠲᠤᠯᠠ ᠡᠨᠡ ᠬᠡᠷᠡᠭ ᠢ᠋ ᠨᠢᠭᠡᠨᠲᠡ ᠪᠣᠯᠤᠭᠠᠳ ᠥᠩᠭᠡᠷᠡᠭᠰᠡᠨ ᠶᠠᠪᠤᠳᠠᠯ ᠭᠡᠵᠦ ᠦᠵᠡᠵᠡᠢ᠃ ᠬᠠᠷᠢᠨ ᠵᠥᠴᠢ ᠶ᠋ᠢ ᠥᠷᠥᠰᠢᠶᠡᠨ ᠴᠢᠩᠭᠢᠰ ᠬᠠᠭᠠᠨ ᠳ᠋ᠤ᠌ ᠶᠡᠬᠡᠳᠡ ᠲᠠᠯᠠᠷᠬᠠᠵᠠᠢ᠃ ᠵᠥᠴᠢ ᠬᠥᠪᠡᠭᠦᠨ ᠢ᠋ᠶ᠋ᠡᠨ ᠲᠤᠰᠠᠭᠠᠷ ᠤᠯᠤᠰ ᠪᠠᠢᠭᠤᠯᠤᠨ ᠰᠠᠭᠤᠬᠤ ᠶ᠋ᠢ ᠳᠡᠮᠵᠢᠵᠦ ᠥᠳᠥᠭᠡᠭᠰᠡᠨ ᠢ᠋ᠶ᠋ᠡᠷ ᠶᠠᠭᠤᠨ ᠳ᠋ᠤ᠌ ᠬᠦᠷᠭᠡᠵᠦ ᠪᠣᠯᠬᠤ ᠪᠠᠨ ᠪᠥᠷᠲᠡ ᠲᠡᠷᠡ ᠦᠶ᠎ᠡ ᠳ᠋ᠦ᠍ ᠤᠬᠠᠭᠠᠷᠠᠭᠰᠠᠨ ᠦᠭᠡᠢ᠃ 
       ᠬᠠᠷᠢᠨ ᠪᠠᠲᠤ ᠶ᠋ᠢᠨ ᠥᠭᠭᠦᠭᠰᠡᠨ ᠪᠣᠯᠤᠭᠠᠳ ᠵᠥᠴᠢ ᠬᠥᠪᠡᠭᠦᠨ ᠦ᠌ ᠬᠢᠨᠢ ᠢᠯᠡᠭᠡᠭᠰᠡᠨ ᠪᠡᠯᠡᠭ ᠳᠣᠲᠣᠷ᠎ᠠ ᠠ᠋ᠴᠠ ᠬᠢᠪᠴᠠᠭ ᠠᠢᠮᠠᠭ ᠤ᠋ᠨ ᠪᠡᠶ᠎ᠡ ᠥᠨᠳᠥᠷ᠂ ᠪᠥᠭᠰᠡ ᠲᠣᠮᠣ ᠠᠷᠪᠠᠨ ᠵᠠᠯᠠᠭᠤ ᠥᠬᠢᠨ ᠬᠠᠮᠤᠭ ᠤ᠋ᠨ ᠶᠡᠬᠡ ᠪᠡᠷ ᠪᠠᠶᠠᠷᠯᠠᠭᠤᠯᠵᠠᠢ᠃ ᠤᠴᠢᠷ ᠨᠢ ᠪᠥᠷᠲᠡ ᠡᠮ᠎ᠡ ᠪᠡᠶ᠎ᠡ ᠨᠢ ᠬᠥᠭᠰᠢᠷᠡᠵᠦ ᠳᠤᠷ᠎ᠠ ᠲᠠᠴᠢᠶᠠᠯ ᠪᠠᠭᠤᠷᠠᠭᠰᠠᠨ ᠴᠤ᠌ ᠪᠤᠰᠤᠳ ᠢ᠋ ᠲᠡᠷᠡ ᠳᠤᠮᠳᠠ ᠪᠠᠨ ᠵᠠᠯᠠᠭᠤ ᠡᠮᠡᠰ ᠥᠬᠢᠳ ᠢ᠋ ᠥᠪᠡᠷ ᠦ᠋ᠨ ᠨᠢᠳᠦᠨ ᠦ᠌ ᠡᠮᠦᠨ᠎ᠡ ᠡᠷᠡᠴᠦᠦᠯ ᠳ᠋ᠦ᠍ ᠡᠳ᠋ᠯᠡᠭᠦᠯᠦᠨ ᠬᠠᠷᠠᠵᠤ ᠳᠤᠷ᠎ᠠ ᠪᠠᠨ ᠲᠠᠢᠯᠬᠤ ᠲᠤᠩ ᠳ᠋ᠤ᠌ ᠠᠪᠲᠠᠬᠤ ᠪᠣᠯᠵᠠᠢ᠃ ᠲᠡᠢᠮᠦ ᠤᠴᠢᠷ ᠠ᠋ᠴᠠ ᠥᠪᠡᠷ ᠦ᠋ᠨ ᠣᠷᠳᠣᠨ ᠤ᠋ ᠳᠡᠷᠭᠡᠳᠡ ᠵᠠᠯᠠᠭᠤ ᠰᠢᠪᠡᠭᠴᠢᠳ ᠢ᠋ ᠣᠯᠠᠨ ᠢ᠋ᠶ᠋ᠠᠷ ᠪᠠᠢᠯᠭᠠᠵᠤ ᠰᠥᠨᠢ ᠳ᠋ᠦ᠍ᠨᠢ ᠳᠣᠲᠣᠭᠠᠳᠤ ᠦᠷᠭᠦᠭᠡᠨ ᠳ᠋ᠡᠭᠡᠨ ᠠᠪᠴᠢᠷᠠᠨ᠂ ᠰᠢᠯᠢᠭᠰᠡᠨ ᠢᠳᠡᠷ ᠡᠷᠡᠴᠦᠦᠯ ᠳ᠋ᠦ᠍ ᠥᠭᠴᠦ ᠡᠳ᠋ᠯᠡᠭᠦᠯᠦᠨ ᠴᠡᠩᠭᠡᠳᠡᠭ ᠪᠠᠢᠪᠠ᠃ ᠬᠡᠷᠪᠡ ᠳᠤᠷ᠎ᠠ ᠦᠭᠡᠢᠴᠡᠭᠰᠡᠨ ᠶᠦᠮ ᠤᠤ᠂ ᠡᠨᠡ ᠶᠠᠪᠤᠳᠠᠯ ᠢ᠋ ᠢᠯᠡ ᠲᠣᠳᠣ ᠢᠯᠡᠴᠢᠯᠡᠬᠦ ᠶ᠋ᠢ ᠣᠷᠣᠯᠳᠤᠭᠰᠠᠳ ᠢ᠋ ᠵᠦᠭᠡᠷ ᠯᠡ ᠠᠯᠠᠭᠤᠯᠵᠤ ᠣᠷᠬᠢᠳᠠᠭ ᠲᠤᠯᠠ ᠡᠮᠡᠰ᠂ ᠵᠠᠯᠠᠭᠤᠰ ᠪᠥᠷᠲᠡ ᠶ᠋ᠢᠨ ᠦᠭᠡ ᠬᠠᠷᠠᠴᠠ ᠪᠠᠷ ᠪᠠᠢᠬᠤ ᠪᠥᠯᠥᠭᠡ᠃ ᠡᠵᠡᠯᠡᠭᠰᠡᠨ ᠳᠠᠢᠯᠠᠭᠰᠠᠨ ᠤᠯᠤᠰ ᠤ᠋ᠳ ᠠ᠋ᠴᠠ ᠦᠰᠦ ᠵᠢᠰᠦ ᠥᠭᠡᠷ᠎ᠡ᠂ ᠬᠠᠷᠢ ᠴᠢᠰᠤᠨ ᠤ᠋ ᠪᠦᠰᠡᠭᠦᠢᠴᠦᠳ ᠢ᠋ ᠠᠪᠴᠢᠷᠠᠭᠤᠯᠤᠨ ᠬᠡᠷᠬᠢᠨ ᠢᠨᠠᠭᠯᠠᠬᠤ ᠶ᠋ᠢ ᠬᠠᠷᠠᠵᠤ ᠳᠠᠷᠠᠰᠤ ᠰᠢᠮᠡᠵᠦ ᠰᠠᠭᠤᠬᠤ ᠨᠢ ᠪᠥᠷᠲᠡ ᠶ᠋ᠢᠨ ᠬᠠᠮᠤᠭ ᠤ᠋ᠨ ᠳᠤᠷᠠᠲᠠᠢ ᠴᠡᠩᠭᠡᠯ ᠶᠦᠮ᠃ ᠴᠢᠩᠭᠢᠰ ᠬᠠᠭᠠᠨ ᠴᠤ᠌ ᠪᠥᠷᠲᠡ ᠬᠠᠲᠤᠨ ᠤ᠋ ᠪᠠᠨ ᠡᠨᠡ ᠴᠡᠩᠭᠡᠯ ᠢ᠋ ᠰᠠᠢᠰᠢᠶᠠᠨ ᠬᠥᠬᠢᠭᠦᠯᠬᠦ ᠲᠤᠯᠠ ᠲᠡᠭᠦᠨ ᠳ᠋ᠦ᠍ ᠬᠠᠷᠢ ᠶ᠋ᠢᠨ ᠨᠤᠲᠤᠭ ᠠ᠋ᠴᠠ ᠡᠮᠡᠰ ᠥᠬᠢᠳ ᠢᠯᠡᠭᠡᠬᠦ ᠪᠡᠨ ᠮᠠᠷᠲᠠᠳᠠᠭ ᠦᠭᠡᠢ ᠪᠠᠢᠪᠠ᠃
       ᠪᠥᠷᠲᠡ ᠡᠮᠡᠭᠡ ᠲᠡᠢ ᠪᠡᠨ ᠠᠭᠤᠯᠵᠠᠭᠰᠠᠨ ᠤ᠋ ᠮᠠᠷᠭᠠᠰᠢ ᠨᠢ ᠪᠠᠲᠤ ᠥᠪᠡᠷ ᠦ᠋ᠨ ᠬᠦᠷᠢᠶᠡᠨ ᠳ᠋ᠦ᠍ ᠪᠤᠴᠠᠵᠠᠢ᠃ ᠵᠥᠴᠢ ᠡᠵᠡᠨ ᠨᠢ ᠬᠣᠯᠠ ᠭᠠᠵᠠᠷ ᠬᠠᠷᠢ ᠶ᠋ᠢᠨ ᠨᠤᠲᠤᠭ ᠢ᠋ ᠡᠵᠡᠯᠡᠨ ᠰᠠᠭᠤᠵᠤ ᠠᠯᠪᠠᠲᠤ ᠢᠷᠭᠡᠳ ᠢ᠋ᠶ᠋ᠡᠨ ᠨᠡᠭᠦᠨ ᠢᠷᠡᠬᠦ ᠶ᠋ᠢ ᠲᠤᠰᠢᠶᠠᠭᠰᠠᠨ ᠢ᠋ ᠨᠡᠭᠦᠳᠡᠯ ᠦ᠋ᠨ ᠠᠶ᠎ᠠ ᠳᠠᠭᠠᠭᠠᠬᠤ ᠦᠭᠡᠢ ᠬᠥᠭᠰᠢᠳ ᠡᠴᠡ ᠪᠤᠰᠤᠳ ᠨᠢ ᠲᠠᠯᠠᠷᠬᠠᠨ ᠤᠭᠲᠤᠵᠤ ᠶᠡᠬᠡ ᠨᠡᠭᠦᠳᠡᠯ ᠳ᠋ᠦ᠍ ᠪᠡᠯᠡᠳᠴᠦ ᠬᠥᠯ ᠲᠡᠢ ᠨᠢ ᠬᠦᠯᠬᠦᠵᠦ ᠬᠥᠯ ᠦᠭᠡᠢ ᠨᠢ ᠮᠥᠯᠬᠥᠵᠦ ᠡᠬᠢᠯᠡᠵᠡᠢ᠃ ᠢᠳᠡᠷ᠂ ᠳᠡᠯᠭᠡᠷᠮᠦ᠋ᠷᠡᠨ᠂ ᠡᠭ᠂ ᠰᠢᠰᠢᠭᠡᠳ ᠭᠣᠣᠯ ᠤ᠋ᠨ ᠰᠠᠪᠠ ᠨᠤᠲᠤᠭ ᠢ᠋ᠶ᠋ᠠᠷ ᠰᠠᠭᠤᠷᠢᠰᠢᠬᠤ ᠵᠥᠴᠢ ᠶ᠋ᠢᠨ ᠤᠨᠠᠭᠠᠨ ᠠᠯᠪᠠᠲᠤ ᠶ᠋ᠢᠨ ᠴᠢᠳᠠᠯ ᠲᠠᠢ ᠬᠥᠯ ᠲᠡᠢ ᠨᠢ ᠺᠠᠰᠫᠢ ᠶ᠋ᠢᠨ ᠲᠠᠩᠭᠢᠰ ᠤ᠋ᠨ ᠵᠦᠭ ᠨᠡᠭᠦᠬᠦ ᠳ᠋ᠦ᠍ ᠪᠡᠯᠡᠨ ᠪᠣᠯᠵᠠᠢ᠃ ᠨᠡᠭᠦᠳᠡᠯ ᠦ᠋ᠨ ᠲᠦᠷᠦᠭᠦᠴᠢ ᠬᠥᠳᠡᠯᠬᠦ ᠡᠴᠡ ᠡᠮᠦᠨ᠎ᠡ ᠪᠠᠲᠤ ᠪᠤᠴᠠᠬᠤ ᠪᠠᠷ ᠪᠡᠯᠡᠳᠬᠡᠪᠡ᠃ ᠪᠤᠴᠠᠬᠤ ᠶ᠋ᠢᠨ ᠡᠮᠦᠨ᠎ᠡ ᠡᠮᠡᠭᠡ ᠡᠬᠡ ᠲᠡᠢ ᠪᠡᠨ ᠵᠠᠪᠠᠯ ᠠᠭᠤᠯᠵᠠᠬᠤ ᠶᠣᠰᠣᠲᠠᠢ ᠲᠤᠯᠠ ᠪᠥᠷᠲᠡ ᠶ᠋ᠢᠨ ᠦᠷᠭᠦᠭᠡᠨ ᠳ᠋ᠦ᠍ ᠣᠴᠢᠵᠠᠢ᠃ ᠪᠠᠲᠤ ᠮᠣᠩᠭᠣᠯ ᠳ᠋ᠤ᠌ ᠢᠷᠡᠭᠡᠳ ᠰᠠᠷ᠎ᠠ ᠪᠣᠯᠬᠤ ᠬᠤᠭᠤᠴᠠᠭᠠᠨ ᠳ᠋ᠤ᠌ ᠪᠥᠷᠲᠡ ᠶ᠋ᠢᠨ ᠰᠡᠳᠬᠢᠯ ᠳ᠋ᠦ᠍ ᠨᠡᠩ ᠶᠡᠬᠡ ᠥᠭᠡᠷᠡᠴᠢᠯᠡᠯᠲᠡ ᠣᠷᠣᠵᠠᠢ᠃ ᠵᠥᠴᠢ ᠶ᠋ᠢᠨ ᠢᠷᠭᠡᠳ ᠠᠯᠤᠰ ᠬᠣᠯᠠ ᠬᠢᠪᠴᠠᠭ ᠠᠢᠮᠠᠭ᠂ ᠻᠠᠰᠫᠢ ᠶ᠋ᠢᠨ ᠲᠠᠩᠭᠢᠰ ᠬᠡᠮᠡᠬᠦ ᠶᠡᠬᠡ ᠤᠰᠤᠨ ᠤ᠋ ᠵᠦᠭ ᠨᠡᠭᠦᠬᠦ ᠴᠢᠮᠡᠭᠡ ᠲᠥᠪ ᠮᠣᠩᠭᠣᠯ ᠤ᠋ᠨ ᠨᠤᠲᠤᠭ ᠢ᠋ᠶ᠋ᠠᠷ ᠨᠢᠭᠡ ᠲᠠᠷᠬᠠᠵᠤ ᠬᠠᠮᠤᠭ ᠤᠯᠤᠰ ᠤ᠋ᠨ ᠴᠢᠬᠢ ᠶ᠋ᠢ ᠳᠡᠯᠳᠡᠢᠯᠭᠡᠵᠦ ᠨᠢᠳᠦ ᠶ᠋ᠢ ᠪᠦᠯᠲᠡᠢᠯᠭᠡᠵᠡᠢ᠃ ᠠᠯᠪᠠᠲᠤ ᠢᠷᠭᠡᠳ ᠢ᠋ᠶ᠋ᠡᠨ ᠨᠡᠭᠦᠯᠭᠡᠨ ᠠᠪᠠᠴᠢᠬᠤ ᠲᠤᠬᠠᠢ ᠠᠭᠤᠯᠵᠠᠬᠤ ᠳ᠋ᠠᠭᠠᠨ ᠳᠤᠷᠠᠳᠤᠭᠰᠠᠨ ᠦᠭᠡᠢ ᠳ᠋ᠦ᠍ ᠪᠥᠷᠲᠡ ᠨᠢᠭᠡ ᠶᠡᠬᠡ ᠪᠣᠳᠣᠭᠰᠠᠨ ᠦᠭᠡᠢ᠃ ᠵᠥᠴᠢ ᠬᠥᠪᠡᠭᠦᠨ ᠨᠢ ᠰᠠᠨᠠᠭᠰᠠᠨ ᠳ᠋ᠠᠭᠠᠨ ᠬᠦᠷᠴᠦ ᠥᠪᠡᠷ ᠦ᠋ᠨ ᠲᠤᠰᠠᠭᠠᠷ ᠤᠯᠤᠰ ᠢ᠋ ᠪᠠᠢᠭᠤᠯᠤᠨ ᠰᠠᠭᠤᠬᠤ ᠪᠠᠷ ᠰᠡᠳᠬᠢᠯ ᠵᠣᠷᠢᠭ ᠰᠢᠯᠤᠭᠤᠳᠤᠭᠰᠠᠨ ᠳ᠋ᠤ᠌ ᠪᠥᠷᠲᠡ ᠲᠤᠢᠯ ᠤ᠋ᠨ ᠪᠠᠶᠠᠷᠲᠠᠢ ᠪᠣᠯᠵᠠᠢ᠃ ᠬᠠᠷᠢᠨ ᠡᠨᠡ ᠪᠠᠶᠠᠷ ᠤ᠋ᠨ ᠰᠡᠳᠬᠢᠯ ᠢ᠋ ᠴᠣᠴᠢᠷᠳᠠᠭᠤᠯᠤᠭᠰᠠᠨ ᠨᠢᠭᠡ ᠶᠠᠪᠤᠳᠠᠯ ᠪᠣᠯᠪᠠ᠃ ᠴᠢᠩᠭᠢᠰ ᠬᠠᠭᠠᠨ ᠤ᠋ ᠡᠵᠡᠭᠦᠢ ᠳ᠋ᠦ᠍ ᠠᠬᠤᠢ ᠠᠮᠢᠳᠤᠷᠠᠯ ᠤ᠋ᠨ ᠣᠯᠠᠨ ᠬᠡᠷᠡᠭ ᠢ᠋ ᠪᠥᠷᠲᠡ᠂ ᠤᠯᠤᠰ ᠤ᠋ᠨ ᠶᠡᠬᠡ ᠬᠠᠲᠤᠨ ᠤ᠋ ᠬᠤᠪᠢ ᠳ᠋ᠤ᠌ ᠰᠢᠢᠳᠪᠦᠷᠢᠯᠡᠵᠦ ᠵᠣᠪᠠᠭᠰᠠᠨ ᠭᠠᠴᠢᠭᠳᠠᠭᠰᠠᠨ ᠢᠷᠭᠡᠳ ᠠᠯᠪᠠᠲᠤ ᠪᠠᠷᠠᠯᠬᠠᠨ ᠲᠤᠰᠠ ᠠᠪᠤᠷᠠᠯ ᠡᠷᠢᠬᠦ ᠨᠢ ᠡᠯᠪᠡᠭ ᠪᠢᠯᠡ᠃ ᠡᠨᠡ ᠪᠣᠯ ᠪᠥᠷᠲᠡ ᠶ᠋ᠢᠨ ᠲᠣᠯᠣᠭᠠᠢ ᠳᠠᠭᠠᠭᠠᠨ ᠰᠢᠢᠳᠳᠡᠭ ᠣᠯᠠᠨ ᠬᠡᠷᠡᠭ ᠲᠦ᠍ ᠬᠠᠮᠢᠶᠠᠷᠬᠤ ᠲᠤᠯᠠ ᠠᠯᠢ ᠣᠯᠠᠨ ᠵᠢᠯ ᠦ᠋ᠨ ᠡᠮᠦᠨ᠎ᠡ ᠶᠢᠰᠦᠭᠡᠢ ᠶ᠋ᠢᠨ ᠭᠡᠷ ᠲᠦ᠍ ᠢᠷᠡᠭᠰᠡᠨ ᠡᠴᠡ ᠬᠣᠢᠰᠢ ᠬᠢᠵᠦ ᠳᠠᠳᠤᠭᠰᠠᠨ ᠠᠵᠢᠯ ᠪᠠᠢᠪᠠ᠃ ᠶᠡᠬᠡ ᠬᠠᠲᠤᠨ ᠪᠥᠷᠲᠡ ᠳ᠋ᠦ᠍ ᠪᠠᠷᠠᠯᠬᠠᠨ᠎ᠠ ᠭᠡᠳᠡᠭ ᠬᠢᠷᠢ ᠪᠠᠷᠤᠭ ᠤ᠋ᠨ ᠬᠥᠮᠦᠨ ᠳ᠋ᠦ᠍ ᠲᠡᠢᠮᠦ ᠴᠦ᠍ ᠠᠮᠠᠷ ᠲᠣᠬᠢᠶᠠᠬᠤ ᠬᠤᠪᠢ ᠪᠢᠰᠢ ᠶᠦᠮ᠃ ᠣᠷᠳᠣᠨ ᠤ᠋ ᠳᠠᠭᠠᠭᠠᠮᠠᠯ ᠤ᠋ᠳ ᠣᠯᠠᠨ ᠲᠦᠰᠢᠮᠡᠯ ᠴᠸᠷᠪᠢ ᠶ᠋ᠢᠨ ᠳᠠᠪᠠᠭ᠎ᠠ ᠶ᠋ᠢ ᠳᠠᠪᠠᠵᠤ ᠣᠨᠴᠠᠭᠠᠢ ᠬᠦᠨᠳᠦᠳᠬᠡᠬᠦ ᠰᠢᠯᠲᠠᠭᠠᠨ ᠲᠠᠢ ᠴᠥᠭᠡᠨ ᠢᠷᠭᠡᠳ ᠯᠡ ᠪᠥᠷᠲᠡ ᠬᠠᠲᠤᠨ ᠤ᠋ ᠶᠡᠬᠡ ᠦᠷᠭᠦᠭᠡᠨ ᠦ᠌ ᠪᠣᠱᠣᠭ᠎ᠠ ᠶ᠋ᠢ ᠠᠯᠬᠤᠬᠤ ᠪᠥᠯᠥᠭᠡ᠃ ᠪᠠᠰᠠ ᠲᠡᠮᠦᠭᠡ ᠨᠣᠶᠠᠨ ᠶᠡᠬᠡᠩᠬᠢ ᠬᠡᠷᠡᠭ ᠢ᠋ ᠬᠠᠮᠢᠶᠠᠷᠬᠤ ᠲᠤᠯᠠ ᠲᠡᠭᠦᠨ ᠳ᠋ᠦ᠍ ᠬᠠᠨᠳᠤᠭᠰᠠᠳ ᠪᠦᠷ ᠴᠦ᠍ ᠣᠯᠠᠨ ᠠᠵᠢ᠃ ᠡᠢᠮᠦ ᠨᠢᠭᠡ ᠬᠤᠪᠢᠶᠠᠷᠢᠲᠤ ᠡᠳᠦᠷ ᠪᠥᠷᠲᠡ ᠳ᠋ᠦ᠍ ᠪᠢᠴᠢᠯᠲᠡᠢ ᠭᠡᠭᠴᠢ ᠵᠠᠯᠠᠭᠤ ᠴᠡᠷᠢᠭ ᠪᠠᠷᠠᠯᠬᠠᠬᠤ ᠪᠣᠯᠵᠠᠢ᠃ ᠦᠷᠭᠦᠭᠡᠨ ᠦ᠌ ᠶᠡᠬᠡ ᠳᠠᠭᠠᠭᠠᠮᠠᠯ ᠢᠯᠡᠳᠬᠡᠭᠰᠡᠨ ᠡᠴᠡ ᠦᠵᠡᠪᠡᠯ ᠡᠨᠡ ᠪᠢᠴᠢᠯᠲᠡᠢ ᠨᠢ ᠪᠥᠷᠲᠡ ᠬᠠᠲᠤᠨ ᠳ᠋ᠤ᠌ ᠪᠠᠷᠠᠯᠬᠠᠬᠤ ᠪᠠᠷ ᠣᠯᠠᠨ ᠬᠣᠨᠣᠭ ᠬᠦᠰᠡᠮᠵᠢᠯᠡᠭᠰᠡᠨ᠂ ᠣᠷᠳᠣᠨ ᠤ᠋ ᠭᠠᠳᠠᠭᠤᠷ ᠬᠠᠷᠠᠭᠤᠯ ᠴᠡᠷᠢᠭ ᠠᠵᠢ᠃ ᠭᠠᠵᠠᠷ ᠳᠡᠭᠡᠷ᠎ᠡ ᠴᠣᠷ ᠭᠠᠭᠴᠠᠭᠠᠷ ᠥᠨᠥᠴᠢᠨ ᠪᠠᠰᠠ ᠪᠥᠷᠲᠡ ᠬᠠᠲᠤᠨ ᠳ᠋ᠤ᠌ ᠬᠤᠪᠢ ᠶ᠋ᠢᠨ ᠵᠦᠭ ᠡᠴᠡ ᠡᠷᠭᠦᠬᠦ ᠠᠢᠯᠠᠳᠬᠠᠯ ᠬᠦᠰᠡᠯᠲᠡ ᠪᠣᠢ ᠭᠡᠰᠡᠨ ᠢ᠋ ᠰᠣᠨᠣᠰᠤᠭᠠᠳ ᠪᠥᠷᠲᠡ ᠪᠠᠷᠠᠯᠬᠠᠬᠤ ᠶ᠋ᠢ ᠵᠥᠪᠰᠢᠶᠡᠷᠡᠵᠡᠢ᠃ ᠠᠯᠤᠰ ᠭᠠᠵᠠᠷ ᠶᠡᠬᠡ ᠲᠡᠢᠨ ᠳ᠋ᠦ᠍ ᠣᠳᠴᠤ ᠣᠯᠵᠠ ᠣᠯᠵᠤ ᠪᠠᠶᠠᠵᠢᠵᠤ᠂ ᠭᠠᠪᠢᠶ᠎ᠠ ᠪᠠᠢᠭᠤᠯᠵᠤ ᠮᠥᠩᠬᠡᠷᠡᠬᠦ ᠶ᠋ᠢ ᠬᠦᠰᠡᠭᠴᠢᠳ ᠣᠷᠳᠣᠨ ᠤ᠋ ᠬᠠᠮᠠᠭᠠᠯᠠᠯᠲᠠ᠂ ᠡᠬᠡ ᠨᠤᠲᠤᠭ ᠢ᠋ᠶ᠋ᠠᠨ ᠰᠠᠬᠢᠨ ᠦᠯᠡᠳᠡᠭᠰᠡᠨ ᠴᠡᠷᠢᠭ ᠡᠷᠡᠰ ᠦ᠋ᠨ ᠳᠣᠲᠣᠷ᠎ᠠ ᠣᠯᠠᠨ ᠪᠠᠢᠳᠠᠭ ᠪᠥᠭᠡᠳ ᠲᠡᠢᠮᠦ ᠯᠡ ᠣᠷᠭᠢᠯᠤᠭᠤᠨ ᠰᠡᠳᠬᠢᠯᠲᠡᠨ ᠦ᠌ ᠨᠢᠭᠡ ᠪᠢᠵᠡ ᠭᠡᠵᠦ ᠪᠥᠷᠲᠡ ᠲᠠᠭᠠᠪᠤᠷᠢᠯᠠᠵᠤ ᠪᠣᠳᠣᠵᠠᠢ᠃ ᠣᠷᠣᠵᠤ ᠢᠷᠡᠬᠦ ᠶ᠋ᠢ ᠦᠵᠡᠪᠡᠯ ᠥᠨᠳᠥᠷ ᠨᠢᠷᠤᠭᠤ ᠲᠠᠢ ᠮᠥᠷᠥ ᠲᠡᠭᠰᠢ ᠴᠣᠬᠣᠮ ᠯᠠ ᠲᠣᠷᠭᠠᠨ ᠴᠡᠷᠢᠭ ᠲᠦ᠍ ᠲᠠᠭᠠᠷᠠᠭᠰᠠᠨ ᠵᠠᠯᠠᠭᠤ ᠪᠠᠢᠪᠠ ᠃ ᠬᠡᠦᠬᠡᠳ ᠨᠢᠯᠬ᠎ᠠ ᠲᠥᠷᠬᠦ ᠪᠡᠨ ᠠᠯᠳᠠᠭ᠎ᠠ ᠦᠭᠡᠢ ᠴᠢᠷᠠᠢ ᠨᠢ ᠨᠢᠳᠦᠨ ᠳ᠋ᠦ᠍ ᠳᠤᠯᠠᠭᠠᠨ ᠶᠠᠭᠠᠬᠢᠭᠠᠳ ᠴᠤ᠌ ᠶᠤᠮ ᠪᠣᠯ ᠨᠢᠭᠡ ᠯᠡ ᠲᠠᠨᠢᠯ ᠲᠥᠷᠬᠦ ᠲᠡᠢ ᠲᠤᠯᠠ ᠬᠡᠨ ᠦ᠌ ᠬᠦᠦ ᠪᠠᠢᠬᠤ ᠪᠣᠢ ᠭᠡᠵᠦ ᠪᠣᠳᠣᠭᠰᠠᠨ ᠪᠢᠯᠡ᠃ ᠵᠠᠯᠠᠭᠤ ᠴᠡᠷᠢᠭ ᠳᠣᠣᠷ᠎ᠠ ᠰᠥᠬᠥᠷᠡᠨ ᠮᠥᠷᠭᠥᠵᠦ 
       | ᠨᠠᠮᠠᠶ᠋ᠢ ᠪᠢᠴᠢᠯᠲᠡᠢ ᠭᠡᠳᠡᠭ᠃ ᠪᠢ ᠣᠷᠳᠣᠨ ᠤ᠋ ᠭᠠᠳᠠᠨ᠎ᠠ ᠬᠠᠷᠠᠭᠤᠯ ᠤ᠋ᠨ ᠠᠯᠪᠠᠨ ᠤ᠋ ᠴᠡᠷᠢᠭ ᠶᠦᠮ᠃ ᠶᠡᠬᠡ ᠬᠠᠲᠤᠨ ᠲᠠᠨ ᠳ᠋ᠤ᠌ ᠠᠮᠢᠨᠴᠢᠯᠠᠨ ᠬᠡᠯᠡᠬᠦ ᠦᠭᠡ ᠪᠠᠢᠨ᠎ᠠ ᠭᠡᠵᠦ ᠦᠷᠭᠦᠭᠡᠨ ᠳ᠋ᠦ᠍ ᠪᠠᠢᠬᠤ ᠶᠡᠬᠡ ᠳᠠᠭᠠᠭᠠᠮᠠᠯ ᠰᠢᠪᠡᠭᠴᠢᠨ ᠪᠦᠰᠡᠭᠦᠢ ᠶ᠋ᠢᠨ ᠵᠦᠭ ᠬᠢᠯᠡᠮᠬᠢᠭᠰᠡᠨ ᠨᠢ ᠬᠡᠯᠡᠬᠦ ᠦᠭᠡ ᠪᠡᠨ ᠬᠡᠨ ᠳ᠋ᠦ᠍ ᠴᠦ᠍ ᠰᠣᠨᠣᠰᠬᠠᠬᠤ ᠦᠭᠡᠢ ᠭᠡᠰᠡᠨ ᠦ᠌ ᠬᠢ ᠶᠦᠮ᠃ ᠪᠥᠷᠲᠡ ᠡᠷᠡᠭᠡᠯᠵᠡᠪᠡ᠃ ᠵᠢᠰᠦ ᠦᠵᠡᠭᠡ ᠦᠭᠡᠢ ᠣᠭᠲᠣ ᠲᠠᠨᠢᠬᠤ ᠦᠭᠡᠢ ᠡᠨᠡ ᠵᠠᠯᠠᠭᠤ ᠶᠠᠭᠠᠬᠢᠬᠤ ᠶ᠋ᠢ ᠬᠡᠨ ᠮᠡᠳᠡᠯ᠎ᠡ᠃ 
       | ᠴᠢ ᠰᠠᠨᠠᠭ᠎ᠠ ᠪᠦᠦ ᠵᠣᠪᠠ᠃ ᠬᠡᠯᠡᠬᠦ ᠦᠭᠡ ᠪᠡᠨ ᠬᠡᠯᠡ᠃ ᠡᠨᠡ ᠤᠯᠤᠰ ᠠ᠋ᠴᠠ ᠪᠦᠦ ᠨᠡᠷᠡᠯᠭᠡ᠃ ᠡᠳᠡ ᠠᠯᠪᠠ ᠪᠠᠨ ᠭᠦᠢᠴᠡᠯᠳᠦᠭᠦᠯᠵᠦ ᠪᠠᠢᠨ᠎ᠠ ᠭᠡᠵᠦ ᠪᠥᠷᠲᠡ ᠬᠡᠯᠡᠪᠡ᠃ 
       | ᠮᠢᠨᠦ ᠡᠨᠡ ᠦᠭᠡ ᠶ᠋ᠢ ᠶᠡᠬᠡ ᠬᠠᠲᠤᠨ ᠲᠠᠨ ᠠ᠋ᠴᠠ ᠥᠭᠡᠷ᠎ᠡ ᠬᠥᠮᠦᠨ ᠰᠣᠨᠣᠰᠬᠤ ᠶᠣᠰᠣ ᠦᠭᠡᠢ ᠶᠦᠮ ᠠ᠋᠃ ᠲᠠ ᠪᠣᠯᠭᠣᠭ᠎ᠠ ᠭᠡᠵᠦ ᠪᠢᠴᠢᠯᠲᠡᠢ ᠲᠤᠢᠯᠪᠤᠷᠢᠲᠠᠢ ᠱᠠᠭᠠᠷᠳᠠᠪᠠ᠃ ᠪᠥᠷᠲᠡ ᠶ᠋ᠢᠨ ᠰᠣᠨᠢᠭᠤᠴᠢ ᠵᠠᠩ ᠭᠡᠨᠡᠳᠲᠡ ᠬᠥᠳᠡᠯᠪᠡ᠃ ᠪᠥᠷᠲᠡ ᠶ᠋ᠢᠨ ᠵᠠᠩᠭᠠᠬᠤ ᠳ᠋ᠤ᠌ ᠶᠡᠬᠡ ᠳᠠᠭᠠᠭᠠᠮᠠᠯ ᠬᠡᠳᠦᠢ ᠳᠤᠷ᠎ᠠ ᠦᠭᠡᠢ ᠴᠦ᠍ ᠰᠢᠪᠡᠭᠴᠢᠨ ᠢ᠋ ᠳᠠᠭᠠᠭᠤᠯᠤᠨ ᠭᠠᠷᠴᠠᠢ᠃ ᠪᠢᠴᠢᠯᠲᠡᠢ ᠡᠭᠦᠳᠡ ᠤᠷᠤᠭᠤ ᠴᠢᠩᠨᠠᠵᠤ ᠬᠥᠮᠦᠨ ᠦ᠌ ᠬᠥᠯ ᠦ᠋ᠨ ᠴᠢᠮᠡᠭᠡ ᠠᠯᠳᠠᠷᠠᠬᠤ ᠶ᠋ᠢ ᠰᠣᠨᠣᠰᠴᠤ ᠮᠡᠳᠡᠭᠡᠳ ᠪᠥᠷᠲᠡ ᠳ᠋ᠦ᠍ ᠳᠥᠭᠥᠬᠦ ᠪᠡᠷ ᠤᠷᠤᠭᠰᠢᠯᠠᠪᠠ᠃ 
       | ᠬᠦᠯᠢᠶᠡ᠂ ᠴᠢ ᠨᠠᠭᠠᠨ᠎ᠠ ᠠ᠋ᠴᠠ ᠪᠠᠨ ᠬᠡᠯᠡᠬᠦ ᠪᠡᠨ ᠬᠡᠯᠡ ᠭᠡᠵᠦ ᠪᠥᠷᠲᠡ ᠰᠡᠷᠡᠮᠵᠢᠯᠡᠪᠡ᠃ 
       | ᠵᠠ ᠵᠠᠯᠠᠭᠤ ᠪᠢᠴᠢᠯᠲᠡᠢ ᠪᠥᠷᠲᠡ ᠶ᠋ᠢᠨ ᠦᠭᠡ ᠶ᠋ᠢ ᠳᠠᠭᠠᠪᠠ᠃ 
       | ᠪᠢ ᠴᠢᠮᠠᠶ᠋ᠢ ᠰᠣᠨᠣᠰᠴᠤ ᠪᠠᠢᠨ᠎ᠠ᠂ ᠶᠠᠭᠤ ᠪᠣᠯᠪᠠ? ᠬᠡᠯᠡᠭᠲᠦᠨ᠃ 
       | ᠶᠡᠬᠡ ᠬᠠᠳᠤᠨᠳᠠᠨ᠂ ᠪᠢ ᠪᠣᠯ ᠮᠡᠷᠭᠢᠳ ᠬᠥᠮᠦᠨ ᠶᠦ᠍ᠮ᠃ 
       ᠡᠨᠡ ᠦᠭᠡᠨ ᠳ᠋ᠦ᠍ ᠪᠥᠷᠲᠡ ᠭᠡᠨᠡᠳᠲᠡ ᠰᠡᠷ ᠬᠢᠨ ᠴᠣᠴᠢᠯ᠎ᠠ᠃ ᠴᠣᠬᠣᠮ ᠶᠠᠭᠠᠬᠢᠭᠠᠳ ᠢᠩᠭᠢᠲᠡᠯ᠎ᠡ ᠪᠡᠨ ᠰᠣᠴᠢᠵᠤ ᠰᠡᠳᠬᠢᠯ ᠲᠥᠭᠰᠢᠭᠥᠷᠢᠯᠡᠭᠰᠡᠨ ᠢ᠋ᠶ᠋ᠡᠨ ᠲᠡᠷᠡ ᠳᠠᠷᠤᠢ ᠳ᠋ᠠᠭᠠᠨ ᠣᠢᠯᠠᠭᠠᠭᠰᠠᠨ ᠦᠭᠡᠢ ᠴᠦ᠍ ᠳᠤᠤᠭᠠᠷᠤᠭᠰᠠᠨ ᠦᠭᠡᠢ᠃ 
       | ᠪᠢ ᠮᠡᠷᠭᠢᠳ ᠠᠢᠮᠠᠭ ᠤ᠋ᠨ ᠬᠥᠮᠦᠨ᠃ ᠪᠢ ᠮᠡᠷᠭᠢᠳ ᠦ᠋ᠨ ᠴᠢᠯᠭᠡᠷ ᠪᠥᠬᠡ ᠭᠡᠭᠴᠢ ᠶ᠋ᠢᠨ ᠠᠴᠢ ᠬᠥᠪᠡᠭᠦᠨ ᠶᠦ᠍ᠮ᠃ 
       ᠡᠢᠮᠦ ᠦᠭᠡ ᠰᠣᠨᠣᠰᠤᠭᠠᠳ ᠪᠥᠷᠲᠡ ᠰᠠᠭᠤᠳᠠᠯ ᠠ᠋ᠴᠠ ᠪᠠᠨ ᠥᠨᠳᠡᠰᠬᠢᠯ᠎ᠡ᠃ ᠡᠢᠮᠦ ᠪᠠᠢᠬᠤ ᠶᠣᠰᠣ ᠦᠭᠡᠢ᠃ ᠮᠡᠷᠭᠢᠳ ᠦ᠋ᠨ ᠡᠷᠡᠴᠦᠳ ᠲᠡᠷᠡ ᠳᠤᠮᠳᠠ ᠪᠠᠨ ᠴᠢᠯᠭᠡᠷ ᠪᠥᠬᠡ ᠶ᠋ᠢᠨ ᠤᠳᠤᠮ ᠪᠦᠭᠦᠳᠡ ᠰᠦᠢᠷᠡᠭᠰᠡᠨ ᠪᠠᠢᠬᠤ ᠳ᠋ᠤ᠌ ᠡᠨᠡ ᠵᠠᠯᠠᠭᠤ ᠶᠠᠭᠤᠨ ᠳᠡᠮᠡᠢ ᠦᠭᠡ ᠬᠡᠯᠡᠪᠡ᠃ ᠪᠥᠷᠲᠡ ᠠᠭᠤᠷᠯᠠᠬᠤ᠂ ᠤᠴᠢᠷᠯᠠᠬᠤ ᠶ᠋ᠢᠨ ᠠᠯᠢᠨ ᠢ᠋ ᠴᠦ᠍ ᠣᠯᠵᠤ ᠴᠢᠳᠠᠭᠰᠠᠨ ᠦᠭᠡᠢ᠃ 
       | ᠴᠢ ᠶᠠᠭᠤ᠁ ᠶᠠᠷᠢᠨ᠎ᠠ? ᠴᠢᠮᠠᠶ᠋ᠢ ᠴᠢᠯᠭᠡᠷ ᠪᠥᠬᠡ ᠶ᠋ᠢᠨ ᠠᠴᠢ ᠭᠡᠵᠦ ᠬᠡᠨ ᠢᠲᠡᠭᠡᠨ᠎ᠡ? ᠡᠢᠮᠦ ᠳᠡᠮᠡᠢ ᠦᠭᠡ ᠪᠤᠤ ᠴᠠᠯᠴᠢ ᠭᠡᠵᠦ ᠪᠥᠷᠲᠡ ᠦᠨᠡᠨ ᠰᠠᠨᠠᠭᠠᠨ ᠠ᠋ᠴᠠ ᠪᠠᠨ ᠬᠢᠯᠢᠩᠨᠡᠨ ᠬᠠᠰᠬᠢᠷᠪᠠ᠃ ᠭᠡᠰᠡᠨ ᠴᠦ᠍ ᠦᠭᠡ ᠪᠡᠨ ᠳᠠᠭᠤᠰᠬᠠᠯ ᠦᠭᠡᠢ ᠳᠠᠭᠤ ᠪᠠᠨ ᠨᠠᠮᠠᠰᠬᠠᠪᠠ᠃ ᠲᠡᠷᠡ ᠳᠡᠩᠳᠡᠭᠦᠦ ᠲᠦᠷᠭᠡᠳᠡᠵᠦ ᠪᠠᠢᠭ᠎ᠠ ᠪᠠᠨ ᠣᠢᠯᠠᠭᠠᠵᠠᠢ᠃ 
       | ᠲᠠ ᠨᠠᠮᠠᠶ᠋ᠢ ᠶᠠᠭᠠᠬᠢᠵᠤ ᠲᠠᠨᠢᠬᠤ ᠪᠢᠯᠡ᠃ ᠶᠡᠬᠡ ᠬᠠᠲᠤᠨ ᠲᠠᠨ ᠢ᠋ ᠮᠡᠷᠭᠢᠳ ᠠᠢᠮᠠᠭ ᠠ᠋ᠴᠠ ᠪᠤᠴᠠᠭᠠᠨ ᠠᠪᠬᠤ ᠳ᠋ᠤ᠌ ᠡᠴᠢᠭᠡ ᠮᠢᠨᠢ ᠳᠥᠷᠥᠭᠡ ᠦᠭᠡᠢ ᠪᠠᠢᠵᠠᠢ᠃ ᠮᠢᠨᠦ ᠡᠮᠡᠭᠡ ᠪᠣᠯ ᠴᠢᠯᠭᠡᠷ ᠪᠥᠬᠡ ᠶ᠋ᠢᠨ ᠭᠡᠷ ᠲᠦ᠍ ᠵᠠᠷᠤᠴᠠᠯᠠᠭᠳᠠᠵᠤ ᠪᠠᠢᠭᠰᠠᠨ ᠰᠢᠪᠡᠭᠴᠢᠨ ᠰᠢᠭᠦᠷ ᠶᠦ᠍ᠮ᠃ ᠵᠠᠯᠠᠭᠤ ᠬᠥᠪᠡᠭᠦᠨ ᠦ᠌ ᠠᠮᠠᠨ ᠠ᠋ᠴᠠ ᠭᠠᠷᠤᠭᠰᠠᠨ ᠡᠨᠡ ᠨᠡᠷ᠎ᠡ ᠪᠥᠷᠲᠡ ᠳ᠋ᠦ᠍ ᠲᠠᠨᠢᠯ ᠪᠠᠢᠭᠰᠠᠨ ᠨᠢ ᠪᠢᠴᠢᠯᠲᠡᠢ ᠶ᠋ᠢᠨ ᠦᠭᠡ ᠶ᠋ᠢ ᠠᠩᠬᠠᠷᠤᠨ ᠰᠣᠨᠣᠰᠬᠤ ᠳ᠋ᠤ᠌ ᠬᠦᠷᠭᠡᠪᠡ᠃ ᠲᠡᠢᠮᠦ ᠠ᠋᠂ ᠥᠷᠦᠪᠴᠢ ᠰᠠᠢᠬᠠᠨ ᠰᠡᠳᠬᠢᠯ ᠲᠡᠢ ᠰᠢᠪᠡᠭᠴᠢᠨ ᠰᠢᠭᠦᠷ ᠢ᠋ ᠪᠥᠷᠲᠡ ᠮᠠᠷᠲᠠᠬᠤ ᠶ᠋ᠢᠨ ᠠᠷᠭ᠎ᠠ ᠦᠭᠡᠢ ᠪᠢᠯᠡ᠃ ᠰᠢᠬᠦᠷ ᠪᠣᠯ ᠪᠥᠷᠲᠡ ᠶ᠋ᠢ ᠮᠡᠷᠭᠢᠳ ᠦ᠋ᠨ ᠴᠢᠯᠭᠡᠷ ᠪᠥᠬᠡ ᠶ᠋ᠢᠨ ᠭᠡᠷ ᠲᠦ᠍ ᠪᠤᠯᠢᠶᠠᠭᠳᠠᠨ ᠣᠴᠢᠬᠤ ᠳ᠋ᠤ᠌ ᠡᠮᠡᠭᠲᠡᠢ ᠬᠥᠮᠦᠨ ᠦ᠌ ᠥᠷᠦᠪᠴᠢ ᠰᠡᠳᠬᠢᠯ ᠢ᠋ᠶ᠋ᠡᠷ ᠤᠭᠲᠤᠨ ᠠᠰᠠᠷᠠᠵᠤ ᠲᠣᠢᠯᠠᠵᠤ᠂ ᠤᠬᠢᠯᠠᠬᠤ ᠳ᠋ᠤᠨᠢ ᠦᠷᠦ ᠡᠪᠡᠳᠦᠨ ᠬᠠᠮᠲᠤ ᠨᠢᠯᠪᠤᠰᠤ ᠤᠨᠠᠭᠠᠭᠰᠠᠨ ᠵᠥᠭᠡᠯᠡᠨ ᠰᠡᠳᠬᠢᠯᠲᠦ ᠪᠦᠰᠡᠭᠦᠢ ᠶᠦ᠍ᠮ᠃ 
       | ᠡᠮᠡᠭᠡ ᠡᠬᠡ ᠰᠢᠬᠦᠷ ᠡᠵᠡᠨ ᠴᠢᠯᠭᠡᠷ ᠪᠥᠬᠡ ᠡᠴᠡ ᠬᠡᠦᠬᠡᠳ ᠣᠯᠤᠭᠰᠠᠨ ᠨᠢ ᠮᠢᠨᠦ ᠡᠴᠢᠭᠡ ᠪᠦᠷᠭᠢ ᠪᠠᠢᠵᠠᠢ᠃ ᠬᠠᠷᠢᠨ ᠡᠴᠢᠭᠡ ᠮᠢᠨᠢ ᠨᠠᠮᠠᠶ᠋ᠢ ᠵᠢᠷᠭᠤᠭᠠᠨ ᠨᠠᠰᠤᠲᠠᠢ ᠪᠠᠢᠬᠤ ᠳ᠋ᠤ᠌ ᠠᠯᠲᠠᠨ ᠤᠯᠤᠰ ᠲᠤ᠌ ᠠᠯᠠᠭᠳᠠᠭᠰᠠᠨ᠃ ᠡᠮᠡᠭᠡ ᠡᠬᠡ ᠶ᠋ᠢ ᠬᠡᠷᠡᠢᠳ ᠦ᠋ᠨ ᠵᠠᠬ᠎ᠠ ᠬᠠᠮᠪᠤ ᠡᠵᠡᠨ ᠣᠯᠵᠠᠯᠠᠵᠤ ᠠᠪᠤᠭᠰᠠᠨ ᠲᠤᠯᠠ ᠡᠴᠢᠭᠡ ᠮᠢᠨᠢ ᠲᠡᠨᠳᠡ ᠲᠥᠷᠥᠵᠦ ᠲᠡᠭᠦᠨ ᠦ᠌ ᠪᠣᠭᠣᠯ ᠪᠣᠯᠤᠭᠰᠠᠨ᠃ ᠪᠢ ᠴᠦ᠍ ᠮᠥᠨ ᠲᠡᠨᠳᠡ ᠲᠥᠷᠥᠵᠦ ᠰᠡᠭᠦᠯ ᠳ᠋ᠦ᠍ ᠵᠠᠬ᠎ᠠ ᠬᠠᠮᠪᠤ ᠡᠵᠡᠨ ᠢ᠋ᠶ᠋ᠡᠨ ᠴᠢᠩᠭᠢᠰ ᠬᠠᠭᠠᠨ ᠳ᠋ᠤ᠌ ᠳᠠᠭᠠᠵᠤ ᠣᠷᠣᠬᠤ ᠳ᠋ᠤ᠌ ᠬᠠᠮᠲᠤ ᠢᠷᠡᠭᠰᠡᠨ ᠪᠢᠯᠡ᠃ ᠨᠠᠮᠠᠶ᠋ᠢ ᠣᠳᠣ ᠬᠡᠷᠡᠢᠳ ᠬᠥᠮᠦᠨ ᠭᠡᠵᠦ ᠣᠯᠠᠨ ᠢ᠋ᠶ᠋ᠠᠷ ᠲᠣᠭᠠᠴᠠᠵᠤ ᠪᠣᠢ᠃ ᠬᠠᠷᠢᠨ ᠨᠠᠮᠠᠶ᠋ᠢ ᠶᠠᠰᠤ ᠤᠭᠰᠠᠭ᠎ᠠ ᠪᠠᠨ ᠪᠦᠦ ᠮᠠᠷᠲᠠᠭᠠᠷᠠᠢ ᠭᠡᠵᠦ ᠡᠮᠡᠭᠡ ᠡᠬᠡ ᠮᠢᠨᠢ ᠰᠤᠷᠭᠠᠭᠰᠠᠨ ᠶᠤᠮ᠃ 
       ᠡᠨᠡ ᠲᠠᠨᠢᠬᠤ ᠦᠭᠡᠢ ᠵᠠᠯᠠᠭᠤ ᠶ᠋ᠢᠨ ᠦᠭᠡᠨ ᠳ᠋ᠦ᠍ ᠢᠲᠡᠭᠡᠬᠦ ᠦᠭᠡᠢ ᠪᠠᠢᠬᠤ ᠠᠷᠭ᠎ᠠ ᠦᠭᠡᠢ ᠮᠡᠲᠦ ᠪᠥᠷᠲᠡ ᠳ᠋ᠦ᠍ ᠰᠠᠨᠠᠭᠳᠠᠭᠠᠳ ᠲᠡᠷᠡ ᠪᠣᠳᠣᠯ ᠳ᠋ᠤ᠌ ᠤᠨᠠᠪᠠ᠃ ᠲᠣᠭᠣᠷᠢᠯ ᠬᠠᠨ᠂ ᠵᠠᠮᠤᠬ᠎ᠠ ᠨᠠᠷ ᠤ᠋ᠨ ᠲᠤᠰᠠᠯᠠᠮᠵᠢᠲᠠᠢ ᠪᠠᠷ ᠲᠡᠮᠦᠵᠢᠨ ᠪᠥᠷᠲᠡ ᠶ᠋ᠢ ᠮᠡᠷᠭᠢᠳ ᠡᠴᠡ ᠪᠤᠴᠠᠭᠠᠨ ᠠᠪᠤᠭᠰᠠᠨ ᠠ᠋ᠴᠠ ᠬᠣᠢᠰᠢ ᠰᠢᠬᠦᠷ ᠦ᠋ᠨ ᠬᠡᠷᠬᠢᠭᠰᠡᠨ᠂ ᠠᠮᠢᠳᠤ ᠦᠬᠦᠭᠰᠡᠨ ᠪᠣᠯᠬᠤ ᠶ᠋ᠢ ᠪᠥᠷᠲᠡ ᠡᠳᠦᠢ ᠪᠣᠯᠲᠠᠯ᠎ᠠ ᠮᠡᠳᠡᠭᠡ ᠦᠭᠡᠢ ᠶᠠᠪᠤᠵᠠᠢ᠃ ᠪᠥᠷᠲᠡ ᠳ᠋ᠦ᠍ ᠲᠡᠢᠮᠦ ᠪᠣᠯᠤᠮᠵᠢ ᠣᠯᠳᠠᠭ᠎ᠠ ᠦᠭᠡᠢ ᠪᠢᠯᠡ᠃ ᠬᠠᠷᠢᠨ ᠰᠢᠭᠦᠷ ᠠᠮᠢᠳᠤ ᠦᠯᠡᠳᠡᠭᠰᠡᠨ᠂ ᠲᠡᠷᠡ ᠪᠦᠦ ᠬᠡᠯᠡ ᠠᠴᠢ ᠬᠥᠪᠡᠭᠦᠨ ᠨᠢ ᠡᠨᠡ ᠪᠢᠴᠢᠯᠲᠡᠢ ᠭᠡᠳᠡᠭ ᠢ᠋ ᠮᠡᠳᠡᠮᠡᠭᠴᠡ ᠰᠡᠳᠬᠢᠯ ᠬᠥᠳᠡᠯᠦᠨ ᠳᠣᠭᠳᠣᠯᠵᠠᠢ᠃ ᠪᠢᠴᠢᠯᠲᠡᠢ ᠶ᠋ᠢᠨ ᠬᠡᠯᠡᠭᠰᠡᠨ ᠳ᠋ᠦ᠍ ᠪᠥᠷᠲᠡ ᠶᠠᠭ ᠯᠠ ᠭᠡᠨᠡᠨ ᠪᠠᠯᠴᠢᠷ ᠥᠬᠢᠨ ᠰᠢᠭ ᠢᠲᠡᠭᠡᠵᠦ ᠣᠷᠬᠢᠪᠠ᠃ 
       | ᠴᠢ ᠶᠠᠭᠤ ᠭᠡᠨ᠎ᠡ ᠠ᠋? ᠪᠦᠬᠦᠨ ᠢ᠋ ᠨᠠᠳᠠᠳᠤ ᠰᠠᠢᠲᠤᠷ ᠶᠠᠷᠢᠵᠤ ᠥᠭ ᠭᠡᠵᠦ ᠪᠥᠷᠲᠡ ᠵᠠᠯᠠᠭᠤ ᠬᠥᠪᠡᠭᠦᠨ ᠳ᠋ᠦ᠍ ᠲᠠᠯ᠎ᠠ ᠥᠭᠭᠦᠨ ᠳᠡᠭᠡᠭᠰᠢ ᠨᠢ ᠳᠡᠷᠭᠡᠳᠡ ᠪᠡᠨ ᠰᠠᠭᠤᠯᠭᠠᠪᠠ᠃ 
       ᠬᠡᠷᠡᠢᠳ ᠦ᠋ᠨ ᠴᠡᠷᠢᠭ ᠳᠣᠪᠲᠣᠯᠤᠨ ᠢᠷᠡᠬᠦ ᠳ᠋ᠦ᠍ ᠴᠢᠯᠭᠡᠷ ᠪᠥᠬᠡ ᠳ᠋ᠦ᠍ ᠬᠠᠶᠠᠭᠳᠠᠭᠰᠠᠨ ᠡᠷᠦᠬᠡ ᠭᠡᠷ ᠴᠥᠭᠡᠨ ᠠᠯᠪᠠᠲᠤ ᠵᠠᠷᠤᠴᠠ ᠨᠢ ᠬᠡᠷᠡᠢᠳ ᠦ᠋ᠨ ᠵᠠᠬ᠎ᠠ ᠬᠠᠮᠪᠤ ᠶ᠋ᠢᠨ ᠣᠯᠵᠠ ᠪᠣᠯᠵᠠᠢ᠃ ᠴᠢᠯᠭᠡᠷ ᠪᠥᠬᠡ ᠶ᠋ᠢᠨ ᠨᠢᠯᠬ᠎ᠠ ᠬᠥᠪᠡᠭᠦᠳ᠂ ᠠᠪᠠᠯᠢ ᠡᠮᠡᠰ ᠢ᠋ ᠬᠦᠢᠰᠦ ᠲᠡᠮᠲᠡᠷᠢᠵᠦ ᠬᠠᠷᠢᠨ ᠵᠠᠷᠤᠴᠠ ᠰᠢᠪᠡᠭᠴᠢᠳ ᠨᠢ ᠵᠠᠬ᠎ᠠ ᠬᠠᠮᠪᠤ ᠶ᠋ᠢᠨ ᠭᠡᠷ ᠲᠦ᠍ ᠬᠦᠷᠭᠡᠭᠳᠡᠵᠡᠢ᠃ ᠵᠠᠬ᠎ᠠ ᠬᠠᠮᠪᠤ ᠳ᠋ᠤ᠌ ᠣᠯᠵᠠᠯᠠᠭᠳᠠᠭᠰᠠᠨ ᠠ᠋ᠴᠠ ᠬᠣᠢᠰᠢ ᠵᠢᠷᠭᠤᠭᠠᠨ ᠰᠠᠷ᠎ᠠ ᠶ᠋ᠢᠨ ᠬᠣᠢᠨ᠎ᠠ ᠰᠢᠭᠦᠷ ᠪᠦᠰᠡᠭᠦᠢ ᠬᠥᠪᠡᠭᠦᠨ ᠲᠥᠷᠥᠭᠦᠯᠦᠭᠰᠡᠨ ᠨᠢ ᠦᠨᠡᠬᠡᠷ ᠴᠢᠯᠭᠡᠷ ᠪᠥᠬᠡ ᠶ᠋ᠢᠨ ᠦᠷ᠎ᠡ ᠮᠥᠨ ᠪᠠᠢᠪᠠ᠃ ᠴᠢᠯᠭᠡᠷ ᠪᠥᠬᠡ ᠭᠡᠷ ᠦ᠋ᠨ ᠳᠣᠲᠣᠷ᠎ᠠ ᠶᠣᠰᠣᠯᠠᠵᠤ ᠠᠪᠤᠭᠰᠠᠨ ᠬᠣᠶᠠᠷ ᠡᠮ᠎ᠡ ᠲᠡᠢ᠂ ᠳᠡᠭᠡᠷ᠎ᠡ ᠨᠢ ᠪᠤᠯᠢᠶᠠᠭᠳᠠᠭᠰᠠᠨ ᠪᠥᠷᠲᠡ ᠶ᠋ᠢ ᠠᠪᠴᠢᠷᠠᠭᠰᠠᠨ ᠴᠤ᠌ ᠵᠢᠰᠦ ᠴᠡᠪᠡᠷ ᠰᠢᠪᠡᠭᠴᠢᠨ ᠰᠢᠭᠦᠷ ᠢ᠋ ᠬᠦᠴᠦᠷᠬᠡᠢᠯᠡᠨ ᠡᠳ᠋ᠯᠡᠵᠦ ᠪᠠᠢᠭᠰᠠᠨ ᠢ᠋ ᠪᠠᠲᠤᠯᠠᠨ ᠪᠢᠴᠢᠯᠲᠡᠢ ᠶ᠋ᠢᠨ ᠡᠴᠢᠭᠡ ᠪᠦᠷᠭᠢ ᠲᠥᠷᠥᠵᠡᠢ᠃ ᠵᠠᠬ᠎ᠠ ᠬᠠᠮᠪᠤ ᠥᠪᠡᠷ ᠦ᠋ᠨ ᠴᠡᠷᠢᠭ ᠦ᠋ᠨ ᠵᠠᠭᠤᠲᠤ ᠶ᠋ᠢᠨ ᠨᠣᠶᠠᠨ ᠭᠡᠷᠰᠡᠨ ᠳ᠋ᠦ᠍ ᠰᠢᠭᠦᠷ ᠢ᠋ ᠱᠠᠩᠨᠠᠨ ᠥᠭᠴᠡᠢ᠃ ᠭᠡᠷᠰᠡᠨ ᠦ᠌ ᠢᠪᠡᠭᠡᠯ ᠳ᠋ᠦ᠍ ᠣᠷᠣᠭᠰᠠᠨ ᠰᠢᠭᠦᠷ ᠠᠵᠠ ᠦᠭᠡᠢ ᠲᠥᠷᠥᠭᠰᠡᠨ ᠡᠮ᠎ᠡ ᠶ᠋ᠢᠨ ᠶᠣᠰᠣᠭᠠᠷ ᠦᠢᠯᠡ ᠪᠡᠨ ᠳᠠᠭᠠᠪᠠ᠃ ᠭᠡᠷᠰᠡᠨ ᠲᠣᠭᠰᠢᠨ ᠰᠦᠷᠲᠡᠢ ᠴᠦ᠍ ᠵᠥᠭᠡᠯᠡᠨ ᠰᠡᠳᠬᠢᠯ ᠲᠡᠢ ᠶ᠋ᠢᠨ ᠳᠡᠭᠡᠷ᠎ᠡ ᠵᠠᠯᠠᠭᠤ᠂ ᠴᠢᠷᠠᠢ ᠵᠢᠰᠦ ᠴᠡᠪᠡᠷ ᠰᠢᠬᠦᠷ ᠢ᠋ ᠳᠠᠭᠠᠯᠠᠵᠠᠢ᠃ ᠪᠦᠷᠭᠢ ᠬᠥᠪᠡᠭᠦᠨ ᠳ᠋ᠦ᠍ᠨᠢ ᠭᠡᠷᠰᠡᠨ ᠶᠡᠷᠦ ᠬᠠᠲᠠᠭᠤ ᠰᠡᠳᠬᠢᠯ ᠭᠠᠷᠭᠠᠭᠰᠠᠨ ᠦᠭᠡᠢ ᠬᠠᠷᠠᠭᠠᠯᠵᠠᠨ ᠥᠰᠬᠡᠪᠡ᠃ ᠰᠢᠬᠦᠷ᠂ ᠪᠦᠷᠭᠢ ᠬᠥᠪᠡᠭᠦᠨ ᠢ᠋ᠶ᠋ᠡᠨ ᠮᠡᠷᠭᠢᠳ ᠦ᠋ᠨ ᠴᠢᠯᠭᠡᠷ ᠪᠥᠬᠡ ᠶ᠋ᠢᠨ ᠦᠷ᠎ᠡ ᠭᠡᠳᠡᠭ ᠢ᠋ ᠲᠠᠰᠤ ᠨᠢᠭᠤᠪᠠ᠃ ᠡᠰᠡ ᠨᠢᠭᠤᠪᠠᠯ ᠨᠢᠯᠬ᠎ᠠ ᠦᠷ᠎ᠡ ᠳ᠋ᠦ᠍ᠨᠢ ᠦᠬᠦᠯ ᠢᠷᠡᠨ᠎ᠡ ᠭᠡᠳᠡᠭ ᠢ᠋ ᠰᠠᠢᠨ ᠮᠡᠳᠡᠨ᠎ᠡ᠃ ᠶᠡᠷᠦ ᠡᠴᠡ ᠪᠦᠷᠭᠢ ᠬᠥᠪᠡᠭᠦᠨ ᠨᠢ ᠮᠡᠷᠭᠢᠳ ᠤᠳᠤᠮ ᠲᠠᠢ ᠪᠠᠨ ᠴᠤ᠌ ᠮᠠᠷᠲᠠᠭᠠᠰᠠᠢ ᠭᠡᠵᠦ ᠬᠦᠰᠡᠵᠡᠢ᠃ ᠬᠠᠷᠢᠨ ᠪᠦᠷᠭᠢ ᠬᠥᠪᠡᠭᠦᠨ ᠨᠢ ᠭᠡᠷᠰᠡᠨ ᠦ᠌ ᠠᠴᠢ ᠪᠠᠷ ᠮᠡᠷᠭᠢᠳ ᠭᠡᠵᠦ ᠠᠳᠠ ᠦᠵᠡᠭᠳᠡᠯ ᠦᠭᠡᠢ ᠥᠰᠴᠦ ᠤᠳᠠᠯ ᠦᠭᠡᠢ ᠲᠤᠭᠤᠷᠢᠯ ᠬᠠᠨ ᠳᠠᠷᠤᠭᠳᠠᠬᠤ ᠳ᠋ᠤ᠌ ᠲᠡᠳᠡ ᠪᠦᠭᠦᠳᠡᠭᠡᠷ ᠵᠠᠬ᠎ᠠ ᠬᠠᠮᠪᠤ ᠡᠵᠡᠨ ᠦ᠌ ᠪᠡᠨ ᠬᠠᠮᠲᠤ ᠴᠢᠩᠭᠢᠰ ᠬᠠᠭᠠᠨ ᠳ᠋ᠤ᠌ ᠳᠠᠭᠠᠵᠤ ᠢᠷᠡᠵᠡᠢ᠃ ᠡᠨᠡ ᠦᠶ᠎ᠡ ᠡᠴᠡ ᠰᠢᠭᠦᠷ ᠬᠣᠯᠠ ᠠ᠋ᠴᠠ ᠴᠤ᠌ ᠪᠣᠯᠪᠠ ᠪᠥᠷᠲᠡ ᠶ᠋ᠢᠨ ᠪᠡᠶ᠎ᠡ ᠶ᠋ᠢ ᠬᠠᠷᠠᠬᠤ ᠪᠣᠯᠪᠠ᠃ ᠪᠠᠰᠠ ᠴᠢᠯᠭᠡᠷ ᠪᠥᠬᠡ ᠶ᠋ᠢᠨ ᠦᠷ᠎ᠡ ᠵᠥᠴᠢ ᠭᠠᠷᠮᠠᠭᠠᠢ ᠪᠠᠭᠠᠲᠤᠷ ᠡᠷ᠎ᠡ ᠪᠣᠯᠤᠭᠰᠠᠨ ᠢ᠋ ᠴᠦ᠍ ᠦᠵᠡᠪᠡ᠃ ᠰᠢᠭᠦᠷ ᠬᠡᠳᠦᠢ ᠪᠡᠷ ᠬᠠᠷᠠᠴᠤ ᠰᠢᠪᠡᠭᠴᠢᠨ ᠵᠠᠶᠠᠭᠠᠲᠠᠢ᠂ ᠭᠡᠷᠰᠡᠨ ᠦ᠌ ᠲᠠᠲᠠᠪᠤᠷᠢ ᠡᠮ᠎ᠡ ᠪᠣᠯᠤᠭᠰᠠᠨ ᠴᠤ᠌ ᠭᠡᠯ᠎ᠡ ᠲᠡᠢᠮᠦ ᠴᠦ᠍ ᠠᠮᠠᠷ ᠬᠢᠯᠪᠠᠷ᠂ ᠠᠯᠮᠠᠢ ᠨᠠᠵᠠᠭᠠᠢ ᠬᠥᠮᠦᠨ ᠪᠢᠰᠢ ᠪᠠᠢᠵᠠᠢ᠃ ᠲᠡᠷᠡ ᠠᠯᠢᠪᠠ ᠳ᠋ᠤ᠌ ᠤᠬᠠᠭᠠᠨ ᠰᠡᠷᠭᠡᠭ ᠬᠠᠨᠳᠤᠵᠤ ᠡᠭᠦᠰᠴᠦ ᠪᠣᠢ ᠪᠣᠯᠤᠭᠰᠠᠨ ᠨᠥᠬᠥᠴᠡᠯ ᠳ᠋ᠦ᠍ ᠲᠦᠷᠭᠡᠨ ᠲᠡᠰᠴᠦ ᠵᠣᠬᠢᠴᠠᠳᠠᠭ ᠪᠦᠰᠡᠭᠦᠢ ᠶᠦᠮ᠃ ᠲᠡᠢᠮᠦ ᠴᠦ᠍ ᠤᠴᠢᠷ ᠠ᠋ᠴᠠ ᠥᠪᠡᠷ ᠦ᠋ᠨ ᠡᠵᠡᠨ ᠴᠢᠯᠭᠡᠷ ᠪᠥᠬᠡ ᠲᠡᠢ ᠬᠣᠷᠮᠣᠢ ᠬᠣᠲᠠ ᠪᠠᠷ ᠬᠣᠯᠪᠣᠭᠳᠠᠵᠤ᠂ ᠲᠡᠭᠦᠨ ᠢ᠋ ᠲᠡᠮᠦᠵᠢᠨ ᠳ᠋ᠦ᠍ ᠠᠯᠠᠭᠤᠯᠤᠭᠰᠠᠨ ᠤ᠋ ᠬᠣᠢᠨ᠎ᠠ ᠣᠯᠵᠠᠯᠠᠨ ᠠᠪᠤᠭᠰᠠᠨ ᠬᠡᠷᠡᠢᠳ ᠦ᠋ᠨ ᠵᠠᠬ᠎ᠠ ᠬᠠᠮᠪᠤ ᠨᠣᠶᠠᠨ ᠤ᠋ ᠠᠯᠪᠠᠲᠤ ᠭᠡᠷᠰᠡᠨ ᠦ᠌ ᠰᠡᠳᠬᠢᠯ ᠢ᠋ ᠲᠡᠳᠡᠨ ᠢᠲᠡᠭᠡᠯ ᠢ᠋ ᠠᠪᠴᠤ ᠲᠠᠲᠠᠪᠤᠷᠢ ᠡᠮ᠎ᠡ ᠶ᠋ᠢᠨ ᠡᠷᠬᠡ ᠶ᠋ᠢ ᠣᠯᠤᠭᠠᠳ ᠬᠡᠷᠰᠡᠨ ᠦ᠌ ᠬᠦᠦ ᠥᠬᠢᠨ ᠬᠣᠶᠠᠷ ᠢ᠋ ᠲᠥᠷᠥᠭᠦᠯᠵᠦ ᠡᠷᠦᠬᠡ ᠭᠡᠷ᠂ ᠥᠮᠴᠢ ᠮᠠᠯ ᠲᠠᠢ ᠴᠦ᠍ ᠪᠣᠯᠵᠠᠢ᠃ ᠰᠢᠭᠦᠷ ᠬᠡᠦᠬᠡᠳ ᠦ᠋ᠳ ᠳᠤᠮᠳᠠ ᠠ᠋ᠴᠠ ᠪᠠᠨ ᠴᠢᠯᠭᠡᠷ ᠪᠥᠬᠡ ᠶ᠋ᠢᠨ ᠦᠷ᠎ᠡ ᠪᠦᠷᠭᠢ ᠬᠥᠪᠡᠭᠦᠨ ᠢ᠋ᠶ᠋ᠡᠨ ᠠᠮᠢ ᠪᠠᠨ ᠲᠠᠯᠪᠢᠨ ᠬᠠᠢᠷᠠᠯᠠᠵᠤ ᠲᠡᠭᠦᠨ ᠢ᠋ ᠮᠡᠷᠭᠢᠳ ᠭᠡᠵᠦ ᠠᠳᠠ ᠦᠵᠡᠭᠳᠡᠬᠦ ᠪᠣᠢ ᠭᠡᠵᠦ ᠠᠯᠠᠯᠳᠤᠬᠤ ᠠ᠋ᠴᠠ ᠪᠤᠰᠤᠳ ᠢ᠋ ᠦᠵᠡᠭᠰᠡᠨ ᠨᠢ ᠶᠠᠭ ᠯᠠ ᠪᠥᠷᠲᠡ ᠵᠥᠴᠢ ᠬᠥᠪᠡᠭᠦᠨ ᠢ᠋ᠶ᠋ᠡᠨ ᠬᠠᠢᠷᠠᠯᠠᠬᠤ ᠲᠠᠢ ᠡᠭᠡᠭᠡ ᠠᠳᠠᠯᠢ ᠪᠠᠢᠪᠠ᠃ ᠢᠩᠭᠢᠵᠦ ᠪᠡᠶ᠎ᠡ ᠪᠠᠶᠠᠨ ᠢ᠋ᠶ᠋ᠠᠨ ᠮᠡᠳᠡᠬᠦ ᠦᠭᠡᠢ ᠬᠣᠶᠠᠷ ᠬᠥᠪᠡᠭᠦᠨ ᠦᠢᠯᠡᠲᠦ ᠴᠢᠯᠭᠡᠷ ᠪᠥᠬᠡ ᠶ᠋ᠢᠨ ᠬᠣᠶᠠᠷ ᠦᠷ᠎ᠡ ᠴᠢᠩᠭᠢᠰ ᠬᠠᠭᠠᠨ ᠤ᠋ ᠤᠯᠤᠰ ᠲᠤ᠌ ᠥᠰᠴᠦ᠂ ᠦᠷᠡᠵᠢᠨ ᠥᠨᠥ ᠬᠦᠷᠴᠡᠢ᠃ ᠵᠥᠴᠢ ᠶ᠋ᠢᠨ ᠠᠯᠳᠠᠷ ᠨᠡᠷ᠎ᠡ ᠲᠦᠭᠡᠬᠦ ᠪᠦᠷᠢ ᠰᠢᠬᠦᠷ ᠪᠦᠷᠭᠢ ᠬᠥᠪᠡᠭᠦᠨ ᠦ᠌ ᠪᠡᠨ ᠲᠥᠯᠥᠭᠡ ᠰᠠᠨᠠᠭ᠎ᠠ ᠵᠣᠪᠠᠨ ᠲᠦᠭᠰᠢᠬᠦ᠂ ᠠᠲᠠᠭᠠᠷᠬᠠᠬᠤ ᠨᠢ ᠨᠡᠮᠡᠭᠳᠡᠳᠡᠭ ᠪᠠᠢᠵᠠᠢ᠃ ᠤᠴᠢᠷ ᠨᠢ ᠪᠦᠷᠭᠢ ᠬᠡᠳᠦᠢ ᠵᠣᠷᠢᠭ ᠲᠠᠢ ᠰᠠᠢᠨ ᠡᠷ᠎ᠡ ᠪᠣᠯᠤᠭᠰᠠᠨ ᠴᠤ᠌ ᠠᠰᠠᠷᠠᠭᠰᠠᠨ ᠡᠴᠢᠭᠡ ᠬᠡᠷᠰᠡᠨ ᠦ᠌ ᠳᠣᠣᠷ᠎ᠠ ᠵᠠᠭᠤᠲᠤ ᠶ᠋ᠢᠨ ᠵᠠᠬᠢᠷᠤᠭᠴᠢ ᠠ᠋ᠴᠠ ᠦᠯᠦ ᠬᠡᠲᠦᠷᠡᠨ᠎ᠡ᠃ ᠭᠡᠲᠡᠯ᠎ᠡ ᠪᠦᠷᠭᠢ ᠲᠡᠢ ᠶᠠᠭ ᠠᠳᠠᠯᠢ ᠴᠢᠯᠭᠡᠷ ᠪᠥᠬᠡ ᠶ᠋ᠢᠨ ᠦᠷ᠎ᠡ ᠵᠥᠴᠢ ᠶᠡᠬᠡ ᠴᠢᠩᠭᠢᠰ ᠬᠠᠭᠠᠨ ᠤ᠋ ᠠᠬᠠᠮᠠᠳ ᠬᠥᠪᠡᠭᠦᠨ ᠭᠡᠭᠳᠡᠵᠦ᠂ ᠠᠯᠳᠠᠷ ᠨᠢ ᠴᠤᠤᠷᠢᠶᠠᠲᠤᠭᠰᠠᠨ ᠶᠡᠬᠡ ᠵᠠᠩᠵᠤᠨ ᠪᠠᠢᠬᠤ ᠨᠢ ᠳᠡᠩᠳᠡᠭᠦᠦ ᠰᠢᠳᠤᠷᠭᠤ ᠪᠢᠰᠢ ᠰᠠᠨᠠᠭᠳᠠᠳᠠᠭ ᠪᠠᠢᠪᠠ᠃ ᠭᠡᠲᠡᠯ᠎ᠡ ᠥᠴᠦᠬᠡᠨ ᠮᠠᠭᠤ ᠡᠮ᠎ᠡ ᠰᠢᠭᠦᠷ ᠶᠠᠭᠤ ᠬᠢᠵᠦ ᠴᠢᠳᠠᠬᠤ ᠪᠢᠯᠡ᠃ ᠶᠡᠬᠡ ᠬᠠᠲᠤᠨ ᠪᠥᠷᠲᠡ ᠳ᠋ᠦ᠍ ᠣᠢᠷᠠᠲᠤᠵᠤ ᠪᠠᠷᠠᠯᠬᠠᠨ᠎ᠠ ᠭᠡᠳᠡᠭ ᠰᠢᠭᠦᠷ ᠲᠦ᠍ ᠨᠠᠷᠠᠨ ᠳ᠋ᠤ᠌ ᠬᠦᠷᠴᠦ᠂ ᠰᠠᠷᠠᠨ ᠳ᠋ᠤ᠌ ᠰᠠᠷᠪᠠᠢᠬᠤ ᠲᠠᠢ ᠠᠳᠠᠯᠢ᠃ ᠪᠠᠰᠠ ᠬᠡᠷᠰᠡᠨ ᠦ᠌ ᠨᠤᠲᠤᠭ ᠲᠤᠤᠯᠠ᠂ ᠣᠷᠬᠣᠨ ᠤ᠋ ᠪᠠᠯᠴᠢᠷ ᠲᠤ᠌ ᠲᠤᠯᠠ ᠭᠡᠷ ᠦ᠋ᠨ ᠡᠮ᠎ᠡ ᠰᠢᠬᠦᠷ ᠲᠦ᠍ ᠳᠡᠩᠳᠡᠭᠦᠦ ᠠᠯᠤᠰ ᠪᠠᠢᠵᠠᠢ᠃ ᠲᠡᠮᠦᠵᠢᠨ ᠢ᠋ ᠶᠡᠬᠡ ᠬᠠᠭᠠᠨ ᠳ᠋ᠤ᠌ ᠡᠷᠭᠦᠮᠵᠢᠯᠡᠬᠦ ᠥᠷᠭᠡᠨ ᠶᠣᠰᠣᠯᠠᠯ ᠤ᠋ᠨ ᠦᠶ᠎ᠡ ᠪᠡᠷ ᠪᠥᠷᠲᠡ ᠬᠠᠲᠤᠨ ᠢ᠋ ᠲᠡᠷᠲᠡᠭᠡ ᠠᠯᠤᠰ ᠠ᠋ᠴᠠ ᠭᠠᠭᠴᠠ ᠤᠳᠠᠭ᠎ᠠ ᠪᠠᠷ᠎ᠠ ᠶ᠋ᠢ ᠨᠢ ᠣᠯᠵᠤ ᠬᠠᠷᠠᠭᠰᠠᠨ ᠪᠢᠯᠡ᠃ ᠪᠥᠷᠲᠡ ᠬᠠᠲᠤᠨ ᠲᠡᠭᠦᠨ ᠳ᠋ᠦ᠍ ᠶᠠᠭᠠᠬᠢᠪᠠᠴᠤ ᠮᠠᠭᠤ ᠪᠠᠷ ᠬᠠᠨᠳᠤᠬᠤ ᠦᠭᠡᠢ ᠭᠡᠵᠦ ᠲᠡᠷᠡ ᠪᠣᠳᠣᠨ᠎ᠠ᠃ ᠭᠡᠪᠡᠴᠦ ᠰᠢᠬᠦᠷ ᠢ᠋ ᠴᠢᠯᠭᠡᠷ ᠪᠥᠬᠡ ᠶ᠋ᠢᠨ ᠦᠷ᠎ᠡ ᠶ᠋ᠢ ᠲᠥᠷᠥᠭᠦᠯᠦᠭᠰᠡᠨ ᠢ᠋ ᠪᠥᠷᠲᠡ ᠬᠠᠲᠤᠨ ᠮᠡᠳᠡᠪᠡᠯ ᠬᠡᠷᠬᠢᠨ ᠬᠦᠯᠢᠶᠡᠨ ᠠᠪᠬᠤ ᠨᠢ ᠰᠡᠵᠢᠭᠲᠡᠢ ᠲᠤᠯᠠ ᠡᠷᠡᠭᠡᠯᠵᠡᠵᠦ ᠪᠠᠢᠵᠠᠢ᠃ ᠣᠰᠣᠯᠳᠠᠪᠠᠯ ᠪᠦᠷᠭᠢ ᠬᠥᠪᠡᠭᠦᠨ ᠨᠢ ᠠᠮᠢ ᠦᠭᠡᠢ ᠴᠦ᠍ ᠪᠣᠯᠵᠤ ᠮᠡᠳᠡᠨ᠎ᠡ᠃ ᠪᠦᠷᠭᠢ ᠶ᠋ᠢ ᠴᠢᠯᠭᠡᠷ ᠪᠥᠬᠡ ᠶ᠋ᠢᠨ ᠦᠷ᠎ᠡ ᠭᠡᠳᠡᠭ ᠢ᠋ ᠮᠡᠳᠡᠪᠡᠯ ᠪᠥᠷᠲᠡ ᠶᠠᠭᠠᠬᠢᠵᠤ ᠴᠤ᠌ ᠮᠡᠳᠡᠬᠦ ᠪᠢᠯᠡ᠃ ᠡᠨᠡ ᠪᠣᠳᠣᠯ ᠠ᠋ᠴᠠ ᠪᠣᠯᠵᠤ ᠰᠢᠬᠦᠷ ᠶᠠᠭᠠᠬᠢᠬᠤ ᠪᠠᠨ ᠴᠤ᠌ ᠮᠡᠳᠡᠬᠦ ᠦᠭᠡᠢ ᠪᠣᠯᠤᠭᠠᠳ ᠣᠢ ᠳ᠋ᠤ᠌ ᠲᠥᠭᠡᠷᠢᠭᠰᠡᠨ ᠮᠡᠲᠦ ᠶᠠᠪᠤᠲᠠᠯ᠎ᠠ ᠭᠠᠢ ᠢᠷᠡᠵᠦ ᠪᠦᠷᠭᠢ ᠬᠥᠪᠡᠭᠦᠨ ᠨᠢ ᠠᠯᠲᠠᠨ ᠤᠯᠤᠰ ᠲᠤ᠌ ᠶᠠᠪᠤᠭᠠᠳ ᠠᠮᠢ ᠪᠠᠨ ᠠᠯᠳᠠᠪᠠ᠃ ᠪᠦᠷᠭᠢ ᠶ᠋ᠢᠨ ᠬᠥᠪᠡᠭᠦᠨ ᠪᠢᠴᠢᠯᠲᠡᠢ ᠶ᠋ᠢ ᠰᠢᠭᠦᠷ ᠥᠰᠬᠡᠵᠦ ᠬᠥᠮᠦᠨ ᠪᠣᠯᠭᠠᠭᠰᠠᠨ ᠪᠢᠯᠡ᠃ ᠲᠡᠭᠡᠭᠡᠳ ᠬᠡᠳᠦᠨ ᠰᠠᠷ᠎ᠠ ᠶ᠋ᠢᠨ ᠡᠮᠦᠨ᠎ᠡ ᠦᠬᠦᠬᠦ ᠳ᠋ᠡᠭᠡᠨ ᠪᠢᠴᠢᠯᠲᠡᠢ ᠠᠴᠢ ᠳ᠋ᠠᠭᠠᠨ ᠡᠨᠡ ᠪᠦᠬᠦ ᠶᠠᠪᠤᠳᠠᠯ ᠢ᠋ ᠶᠠᠷᠢᠵᠤ ᠪᠥᠷᠲᠡ ᠬᠠᠲᠤᠨ ᠳ᠋ᠤ᠌ ᠣᠴᠢᠵᠤ ᠮᠥᠷᠭᠥᠬᠦ ᠶ᠋ᠢ ᠭᠡᠷᠢᠶᠡᠰᠦᠯᠡᠵᠡᠢ᠃ ᠡᠨᠡ ᠶᠣᠰᠣᠭᠠᠷ ᠪᠢᠴᠢᠯᠲᠡᠢ ᠥᠨᠥᠳᠥᠷ ᠪᠥᠷᠲᠡ ᠳ᠋ᠦ᠍ ᠪᠠᠷᠠᠯᠬᠠᠵᠠᠢ᠃ ᠰᠢᠭᠦᠷ ᠦᠬᠦᠪᠡᠯ ᠪᠢᠴᠢᠯᠲᠡᠢ ᠶᠢᠷᠲᠢᠨᠴᠦ ᠳᠡᠭᠡᠷ᠎ᠡ ᠤᠷᠢ ᠭᠠᠭᠴᠠᠭᠠᠷ ᠦᠯᠡᠳᠡᠬᠦ ᠶᠦᠮ᠃ ᠭᠡᠪᠡᠴᠦ ᠲᠡᠭᠦᠨ ᠦ᠌ ᠴᠢᠰᠤ ᠨᠢᠭᠡᠲᠡᠢ ᠠᠪᠠᠭ᠎ᠠ ᠨᠢ ᠭᠠᠭᠴᠠ ᠵᠥᠴᠢ ᠲᠤᠯᠠ ᠦᠬᠦᠭᠰᠡᠨ ᠴᠦ᠍᠂ ᠰᠡᠬᠡᠭᠰᠡᠨ ᠴᠦ᠍ ᠲᠡᠭᠦᠨ ᠢ᠋ ᠳᠠᠭᠠᠬᠤ ᠶ᠋ᠢ ᠡᠮᠡᠭᠡ ᠡᠬᠡ ᠨᠢ ᠱᠠᠭᠠᠷᠳᠠᠵᠠᠢ᠃ ᠦᠨᠡᠨ ᠢ᠋ᠶ᠋ᠡᠨ ᠬᠡᠯᠡᠵᠦ ᠣᠴᠢᠪᠠᠯ ᠪᠥᠷᠲᠡ ᠡᠷᠬᠡᠪᠰᠢ ᠡᠮ᠎ᠡ ᠬᠥᠮᠦᠨ ᠤᠴᠢᠷ ᠠᠴᠢ ᠬᠥᠪᠡᠭᠦᠨ ᠢ᠋ ᠨᠢ ᠬᠠᠢᠷᠠᠯᠠᠬᠤ ᠪᠢᠵᠡ ᠭᠡᠵᠦ ᠪᠣᠳᠣᠭᠰᠠᠨ ᠳ᠋ᠠᠭᠠᠨ ᠰᠢᠭᠦᠷ ᠢᠩᠭᠢᠵᠡᠢ᠃ ᠡᠴᠢᠭᠡ ᠡᠴᠡ ᠥᠨᠥᠴᠢᠷᠡᠵᠦ ᠪᠠᠰᠠ ᠲᠦᠰᠢᠭ ᠲᠤᠯᠭᠤᠷ ᠡᠮᠡᠭᠡ ᠡᠬᠡ ᠨᠢ ᠦᠬᠦᠭᠰᠡᠨ ᠳ᠋ᠦ᠍ ᠦᠨᠡᠰᠦᠨ ᠳ᠋ᠦ᠍ ᠬᠠᠶᠠᠭᠳᠠᠭᠰᠠᠨ ᠱᠠᠯᠵᠠ ᠰᠢᠭ᠋ ᠪᠣᠯᠤᠭᠰᠠᠨ ᠪᠢᠴᠢᠯᠲᠡᠢ ᠳ᠋ᠦ᠍ ᠡᠮᠡᠭᠡ ᠡᠬᠡ ᠶ᠋ᠢᠨ ᠦᠨᠡᠮᠰᠢᠯ ᠦᠭᠡᠢ ᠪᠣᠯᠪᠠᠴᠤ ᠦᠭᠡ ᠳᠠᠭᠠᠬᠤ ᠠ᠋ᠴᠠ ᠥᠭᠡᠷ᠎ᠡ ᠠᠷᠭ᠎ᠠ ᠦᠯᠡᠳᠡᠭᠰᠡᠨ ᠦᠭᠡᠢ᠃ ᠡᠮᠦᠨ᠎ᠡ ᠪᠡᠨ ᠰᠠᠭᠤᠭ᠎ᠠ᠂ ᠪᠠᠲᠤ ᠶ᠋ᠢᠨ ᠦᠶ᠎ᠡ ᠶ᠋ᠢᠨ ᠢᠳᠡᠷ ᠬᠥᠪᠡᠭᠦᠨ ᠪᠢᠴᠢᠯᠲᠡᠢ ᠶ᠋ᠢᠨ ᠦᠭᠡ ᠶ᠋ᠢ ᠲᠡᠭᠦᠰ ᠢᠲᠡᠭᠡᠬᠦ ᠳ᠋ᠦ᠍ ᠪᠡᠷᠬᠡ ᠴᠦ᠍ ᠪᠠᠰᠠ ᠬᠤᠳᠠᠯ ᠭᠡᠵᠦ ᠨᠢᠴᠤᠭᠠᠬᠤ ᠬᠦᠰᠡᠯ ᠪᠥᠷᠲᠡ ᠳ᠋ᠦ᠍ ᠬᠦᠴᠦᠲᠡᠢ ᠳᠥᠷᠥᠭᠡ ᠦᠭᠡᠢ ᠪᠠᠢᠯ᠎ᠠ᠃ ᠪᠢᠴᠢᠯᠲᠡᠢ ᠶ᠋ᠢᠨ ᠤᠷᠲᠤ ᠶᠠᠷᠢᠶᠠᠨ ᠤ᠋ ᠳᠠᠷᠠᠭ᠎ᠠ ᠪᠥᠷᠲᠡ ᠳᠠᠭᠤ ᠦᠭᠡᠢ ᠬᠡᠰᠡᠭ ᠰᠠᠭᠤᠪᠠ᠃ 
       | ᠰᠢᠭᠦᠷ ᠨᠠᠳᠠᠳᠤ ᠥᠭᠡᠷ᠎ᠡ ᠶᠠᠭᠤ ᠬᠡᠯᠡᠪᠡ? 
       | ᠪᠥᠷᠲᠡ ᠬᠠᠲᠤᠨ ᠨᠠᠳᠠᠳᠤ ᠯᠠᠪ ᠰᠠᠢᠨ ᠢ᠋ᠶ᠋ᠠᠷ ᠬᠠᠨᠳᠤᠵᠤ᠂ ᠳᠤᠷᠠᠰᠤᠨ ᠰᠠᠨᠠᠬᠤ ᠪᠢᠵᠡ? ᠪᠢ ᠪᠥᠷᠲᠡ ᠬᠠᠲᠤᠨ ᠢ᠋ ᠮᠡᠷᠭᠢᠳ ᠲᠦ᠍ ᠪᠤᠯᠢᠶᠠᠭᠳᠠᠵᠤ ᠢᠷᠡᠬᠦ ᠳ᠋ᠦ᠍ ᠡᠬᠢᠨ ᠦ᠌ ᠬᠡᠳᠦᠨ ᠰᠥᠨᠢ ᠲᠠᠩᠳᠠ ᠴᠣᠭ ᠬᠣᠨᠣᠳᠠᠭ ᠪᠠᠢᠯ᠎ᠠ᠃ ᠪᠥᠷᠲᠡ ᠬᠠᠲᠤᠨ ᠭᠠᠭᠴᠠᠬᠠᠨ ᠮᠢᠨᠦ ᠳᠡᠷᠭᠡᠳᠡ ᠯᠡ ᠨᠢᠯᠪᠤᠰᠤ ᠪᠠᠨ ᠤᠷᠤᠰᠬᠠᠨ ᠤᠬᠢᠯᠠᠳᠠᠭ᠂ ᠥᠭᠡᠷ᠎ᠡ ᠬᠥᠮᠦᠨ ᠦ᠌ ᠳᠡᠷᠭᠡᠳᠡ ᠤᠬᠢᠯᠠᠳᠠᠭ ᠦᠭᠡᠢ ᠬᠠᠲᠠᠭᠤ ᠵᠣᠷᠢᠭᠲᠠᠢ ᠬᠥᠮᠦᠨ ᠪᠠᠢᠭᠰᠠᠨ ᠶᠤᠮ᠃ ᠪᠢ ᠪᠥᠷᠲᠡ ᠬᠠᠲᠤᠨ ᠤ᠋ ᠨᠢᠯᠪᠤᠰᠤ ᠶ᠋ᠢ ᠦᠵᠡᠭᠡᠳ ᠳᠠᠰᠤᠯ ᠦᠭᠡᠢ ᠤᠬᠢᠯᠠᠳᠠᠭ ᠰᠠᠨ᠃ ᠬᠥᠮᠦᠨ ᠢᠷᠡᠬᠦ ᠴᠢᠮᠡᠭᠡ ᠪᠡᠷ ᠪᠢᠳᠡ ᠬᠣᠶᠠᠷ ᠨᠢᠯᠪᠤᠰᠤ ᠪᠠᠨ ᠠᠷᠴᠢᠵᠤ ᠨᠢᠭᠤᠷ ᠢ᠋ᠶ᠋ᠠᠨ ᠶᠠᠭᠠᠷᠠᠨ ᠴᠡᠪᠡᠷᠯᠡᠳᠡᠭ ᠰᠠᠨ᠃ ᠢᠩᠭᠢᠵᠦ ᠪᠠᠢᠬᠤ ᠳ᠋ᠠᠭᠠᠨ ᠪᠠᠰᠠ ᠪᠣᠯᠤᠭ᠎ᠠ ᠦᠭᠡᠢ ᠪᠡᠶ᠎ᠡ ᠪᠡᠶ᠎ᠡ ᠪᠡᠨ ᠱᠣᠣᠯᠠᠨ ᠢᠨᠢᠶᠡᠵᠦ ᠴᠢᠳᠠᠳᠠᠭ ᠪᠠᠢᠯ᠎ᠠ᠃ ᠮᠥᠨ ᠴᠦ᠍ ᠵᠠᠯᠠᠭᠤ ᠭᠡᠨᠡᠨ ᠲᠡᠨᠡᠭ ᠪᠠᠢᠵᠠᠢ᠃ ᠡᠨᠡ ᠶᠠᠪᠤᠳᠠᠯ ᠢ᠋ ᠭᠠᠭᠴᠠᠬᠠᠨ ᠪᠥᠷᠲᠡ ᠬᠠᠲᠤᠨ ᠪᠢᠳᠡ ᠬᠣᠶᠠᠷ ᠯᠠ ᠮᠡᠳᠡᠬᠦ ᠶᠦᠮ᠃ ᠬᠡᠷᠪᠡ ᠪᠥᠷᠲᠡ ᠬᠠᠲᠤᠨ ᠴᠢᠨᠦ ᠦᠭᠡᠨ ᠳ᠋ᠦ᠍ ᠦᠯᠦ ᠢᠳᠡᠭᠡᠨ ᠡᠷᠡᠭᠡᠯᠵᠡᠪᠡᠯ ᠴᠢ ᠡᠨᠡ ᠦᠭᠡ ᠶ᠋ᠢ ᠬᠡᠯᠡᠭᠡᠷᠡᠢ ᠭᠡᠰᠡᠨ ᠳᠡ ᠭᠡᠵᠦ ᠪᠢᠴᠢᠯᠲᠡᠢ ᠭᠦᠨ ᠰᠠᠨᠠᠭ᠎ᠠ ᠠᠯᠳᠠᠵᠠᠢ᠃ ᠡᠢᠮᠦ ᠦᠭᠡ ᠰᠣᠨᠣᠰᠤᠮᠠᠭᠴᠠ ᠪᠥᠷᠲᠡ᠂ ᠪᠢᠴᠢᠯᠲᠡᠢ ᠶ᠋ᠢᠨ ᠶᠠᠷᠢᠭᠰᠠᠨ ᠳ᠋ᠤ᠌ ᠡᠷᠡᠭᠡᠯᠵᠡᠬᠦ ᠦᠭᠡᠢ ᠢᠲᠡᠭᠡᠪᠡ᠃ ᠡᠨᠡ ᠶᠠᠪᠤᠳᠠᠯ ᠢ᠋ ᠭᠠᠭᠴᠠᠬᠠᠨ ᠰᠢᠭᠦᠷ ᠯᠡ ᠮᠡᠳᠡᠬᠦ ᠪᠢᠯᠡ᠃ ᠣᠳᠣ ᠴᠤ᠌ ᠲᠡᠷᠡ ᠴᠠᠭ ᠨᠢᠳᠦᠨ ᠳ᠋ᠦ᠍ ᠬᠠᠷᠠᠭᠳᠠᠬᠤ ᠰᠢᠭ᠋ ᠪᠣᠯᠵᠤ ᠵᠢᠷᠦᠬᠡ ᠨᠢ ᠳᠣᠭᠳᠣᠯᠤᠨ ᠴᠡᠴᠡᠷᠡᠯ᠎ᠡ᠃ ᠰᠢᠭᠦᠷ ᠢ᠋ ᠭᠡᠨᠡᠳᠲᠡ ᠦᠷᠦ ᠡᠪᠡᠳᠦᠨ ᠬᠠᠷᠠᠮᠰᠠᠵᠤ ᠨᠢᠯᠪᠤᠰᠤ ᠨᠢ ᠴᠠᠢᠯᠠᠯᠵᠠᠨ ᠨᠢᠳᠦ ᠳᠦᠭᠦᠷᠪᠡ᠃ 
       | ᠰᠢᠭᠦᠷ ᠡᠷᠲᠡᠬᠡᠨ ᠨᠠᠳᠠᠳᠤ ᠢᠷᠡᠬᠦ ᠦᠭᠡᠢ ᠶᠠᠭᠠᠬᠢᠪᠠ? ᠪᠢ ᠲᠡᠭᠦᠨ ᠢ᠋ ᠠᠰᠠᠷᠠᠵᠤ ᠬᠠᠮᠠᠭᠠᠯᠠᠬᠤ ᠪᠠᠢᠪᠠ᠃ ᠪᠢ ᠰᠢᠭᠦᠷ ᠲᠦ᠍ ᠥᠷᠢ ᠲᠡᠢ ᠬᠣᠴᠣᠷᠴᠠᠢ ᠭᠡᠵᠦ ᠪᠥᠷᠲᠡ ᠭᠤᠨᠢᠭᠯᠠᠨ ᠬᠡᠯᠡᠵᠡᠢ᠃ 
       | ᠡᠮᠡᠭᠡ ᠡᠬᠡ ᠥᠪᠡᠷ ᠢ᠋ ᠪᠡᠨ ᠦᠬᠦᠨ᠎ᠡ ᠭᠡᠵᠦ ᠪᠣᠳᠣᠭ᠎ᠠ ᠦᠭᠡᠢ ᠪᠢᠵᠡ᠃ ᠡᠮᠨᠢᠭ ᠭᠡᠭᠦᠦ ᠰᠠᠭᠠᠬᠤ ᠭᠡᠳ ᠢᠰᠬᠦᠯᠦᠭᠦᠯᠵᠦ ᠦᠬᠦᠭᠰᠡᠨ᠃ ᠬᠠᠷᠢᠨ ᠦᠬᠦᠬᠦ ᠶ᠋ᠢᠨ ᠡᠮᠦᠨ᠎ᠡ ᠨᠠᠳᠠᠳᠤ ᠡᠨᠡ ᠪᠦᠭᠦᠳᠡ ᠶ᠋ᠢ ᠶᠠᠷᠢᠭᠰᠠᠨ ᠶᠤᠮ᠃ 
       | ᠪᠢ ᠣᠳᠣ ᠴᠢᠮᠠᠲᠤ ᠶᠠᠭᠠᠬᠢᠵᠤ ᠲᠤᠰᠠᠯᠠᠨ᠎ᠠ? ᠪᠢ ᠰᠠᠢᠨ ᠡᠮᠡᠭᠡ ᠡᠬᠡ ᠶ᠋ᠢᠨ ᠴᠢᠨᠢ ᠠᠴᠢ ᠶ᠋ᠢ ᠰᠠᠨᠠᠵᠤ ᠴᠢᠮᠠᠲᠤ ᠲᠤᠰᠠᠯᠠᠶ᠎ᠠ ᠭᠡᠵᠦ ᠪᠥᠷᠲᠡ ᠡᠷᠡᠭᠡᠯᠵᠡᠬᠦ ᠶᠠᠭᠤᠮ᠎ᠠ ᠦᠭᠡᠢ ᠬᠡᠯᠡᠯ᠎ᠡ᠃ ᠪᠥᠷᠲᠡ ᠡᠨᠡ ᠥᠨᠥᠴᠢᠨ ᠬᠥᠪᠡᠭᠦᠨ ᠳ᠋ᠦ᠍ ᠲᠤᠰᠠᠯᠠᠶ᠎ᠠ ᠭᠡᠵᠦ ᠦᠨᠡᠨ ᠰᠠᠨᠠᠭᠠᠨ ᠠ᠋ᠴᠠ ᠬᠦᠰᠡᠪᠡ᠃ ᠴᠢᠯᠭᠡᠷ ᠪᠥᠬᠡ ᠶ᠋ᠢᠨ ᠦᠷ᠎ᠡ ᠪᠣᠯᠵᠤ ᠲᠥᠷᠥᠭᠰᠡᠨ ᠨᠢ ᠶᠠᠭᠤᠨ ᠤ᠋ ᠪᠤᠷᠤᠭᠤ ᠪᠢᠯᠡ᠃ 
       | ᠬᠦᠦ ᠮᠢᠨᠢ᠂ ᠴᠢ ᠶᠠᠭᠤ ᠬᠦᠰᠡᠨ᠎ᠡ? ᠨᠠᠳᠠᠳᠤ ᠬᠡᠯᠡ᠃ 
       | ᠪᠥᠷᠲᠡ ᠬᠠᠲᠤᠨ ᠡᠵᠢ ᠠ᠋ ᠭᠡᠵᠦ ᠪᠢᠴᠢᠯᠲᠡᠢ ᠢᠲᠡᠭᠡᠯᠲᠡᠢ ᠪᠡᠷ ᠬᠡᠯᠡᠪᠡ᠃ ᠡᠨᠡ ᠦᠭᠡ ᠪᠥᠷᠲᠡ ᠶ᠋ᠢ ᠳᠣᠭᠳᠣᠯᠤᠭᠤᠯᠪᠠ᠃  
       | ᠪᠢᠴᠢᠯᠲᠡᠢ ᠪᠤᠤ ᠡᠷᠢᠶᠡᠯᠡ᠃ ᠴᠢ ᠣᠳᠣ ᠨᠠᠮᠠᠶ᠋ᠢ ᠡᠮᠡᠭᠡ ᠡᠬᠡ ᠰᠢᠭᠦᠷ ᠢ᠋ ᠪᠡᠨ ᠭᠡᠵᠦ ᠪᠣᠳᠣ᠃ 
       | ᠪᠢ ᠡᠮᠡᠭᠡ ᠡᠬᠡ ᠶ᠋ᠢᠨ ᠢ᠋ᠶ᠋ᠡᠨ ᠬᠦᠰᠡᠭᠰᠡᠨ ᠢ᠋ᠶ᠋ᠡᠷ ᠵᠥᠴᠢ ᠠᠪᠠᠭ᠎ᠠ ᠶ᠋ᠢᠨ ᠳᠡᠷᠭᠡᠳᠡ ᠰᠢᠳᠠᠷᠯᠠᠨ ᠵᠢᠳᠬᠦᠵᠦ ᠨᠢᠭᠡ ᠤᠳᠤᠮ ᠤᠭᠰᠠᠭ᠎ᠠ ᠪᠠᠨ ᠪᠠᠲᠤᠯᠠᠨ ᠶᠠᠪᠤᠬᠤ ᠶ᠋ᠢ ᠬᠦᠰᠡᠨ᠎ᠡ᠃  ᠪᠢ ᠡᠪᠡᠰᠦᠨ ᠳᠤᠮᠳᠠ ᠬᠠᠶᠠᠵᠤ ᠣᠷᠬᠢᠭᠰᠠᠨ ᠥᠨᠥᠴᠢᠨ ᠲᠡᠪᠡᠨᠡ ᠰᠢᠭ ᠮᠠᠷᠲᠠᠭᠳᠠᠵᠤ ᠦᠷᠡᠭᠳᠡᠬᠦ ᠶ᠋ᠢ ᠦᠯᠦ ᠬᠦᠰᠡᠨ᠎ᠡ᠃ 
       ᠪᠢᠴᠢᠯᠲᠡᠢ ᠶ᠋ᠢ ᠢᠩᠭᠢᠵᠦ ᠬᠡᠯᠡᠨ᠎ᠡ ᠭᠡᠵᠦ ᠳᠠᠩᠴᠤ ᠰᠠᠨᠠᠭ᠎ᠠ ᠦᠭᠡᠢ ᠳ᠋ᠡᠭᠡᠨ ᠪᠥᠷᠲᠡ ᠥᠪᠡᠷ ᠢ᠋ ᠪᠡᠨ ᠶᠡᠬᠡᠳᠡ ᠭᠣᠯᠣᠪᠠ᠃ ᠬᠥᠮᠦᠨ ᠦ᠌ ᠬᠦᠰᠡᠯ ᠳ᠋ᠦ᠍ ᠬᠢᠵᠠᠭᠠᠷ ᠭᠡᠵᠦ ᠦᠭᠡᠢ ᠪᠣᠯᠬᠤ ᠶ᠋ᠢ᠂ ᠬᠦᠰᠡᠵᠦ ᠮᠥᠷᠥᠭᠡᠳᠬᠦ ᠳ᠋ᠦ᠍ ᠠᠶᠤᠵᠤ ᠢᠴᠢᠬᠦ ᠵᠦᠢᠯ ᠥᠴᠦᠬᠡᠨ ᠴᠦ᠍ ᠦᠭᠡᠢ ᠪᠣᠯᠬᠤ ᠶ᠋ᠢ ᠪᠥᠷᠲᠡ ᠦᠵᠡᠪᠡ᠃ ᠢᠳᠡᠷ ᠪᠢᠴᠢᠯᠲᠡᠢ ᠶ᠋ᠢᠨ ᠡᠨᠡ ᠬᠦᠰᠡᠯ ᠢ᠋ ᠪᠤᠷᠤᠭᠤᠰᠢᠶᠠᠨ ᠰᠢᠭᠦᠮᠵᠢᠯᠡᠭᠡ ᠦᠭᠡᠢ ᠴᠦ᠍ ᠰᠢᠭᠤᠳ ᠳᠠᠮᠵᠢᠨ ᠠᠮᠠ ᠠᠯᠳᠠᠵᠤ ᠴᠢᠳᠠᠭᠰᠠᠨ ᠦᠭᠡᠢ᠃ 
       | ᠴᠢ ᠡᠨᠡ ᠦᠭᠡ ᠪᠡᠨ᠂ ᠥᠪᠡᠷ ᠦ᠋ᠨ ᠮᠡᠷᠭᠢᠳ ᠭᠠᠷᠤᠯ ᠢ᠋ᠶ᠋ᠠᠨ ᠨᠠᠳᠠ ᠠ᠋ᠴᠠ ᠥᠭᠡᠷ᠎ᠡ ᠬᠡᠨ ᠳ᠋ᠦ᠍ ᠴᠦ᠍ ᠪᠤᠤ ᠬᠡᠯᠡᠭᠲᠦᠨ᠃ ᠪᠢ ᠴᠢᠮᠠᠶ᠋ᠢ ᠰᠡᠭᠦᠯ ᠳ᠋ᠦ᠍ ᠳᠠᠭᠤᠳᠠᠵᠤ ᠠᠭᠤᠯᠵᠠᠨ᠎ᠠ ᠭᠡᠬᠦ ᠡᠴᠡ ᠥᠭᠡᠷ᠎ᠡ ᠦᠭᠡ ᠳᠠᠬᠢᠨ ᠬᠡᠯᠡᠵᠦ ᠲᠥᠪᠳᠡᠭᠰᠡᠨ ᠦᠭᠡᠢ ᠭᠠᠷᠭᠠᠪᠠ᠃ ᠵᠥᠴᠢ ᠬᠥᠪᠡᠭᠦᠨ ᠦ᠌ ᠬᠢᠨᠢ ᠴᠢᠰᠤ ᠨᠢᠭᠡᠲᠡᠢ ᠲᠥᠷᠥᠯ ᠭᠡᠨᠡᠳᠲᠡ ᠭᠠᠷᠴᠤ ᠢᠷᠡᠭᠰᠡᠨ ᠨᠢ ᠪᠥᠷᠲᠡ ᠶ᠋ᠢ ᠡᠬᠢᠯᠡᠭᠡᠳ ᠦᠷᠦ ᠡᠪᠡᠳᠬᠦ ᠰᠡᠳᠬᠢᠯ ᠳ᠋ᠦ᠍ ᠠᠪᠲᠠᠭᠤᠯᠵᠤ ᠡᠴᠦᠰ ᠲᠦ᠋ᠨᠢ ᠠᠶᠤᠯᠭᠠᠬᠤ ᠶᠤᠮ ᠭᠡᠵᠦ ᠰᠠᠨᠠᠭᠰᠠᠨ ᠦᠭᠡᠢ᠃ ᠴᠢᠰᠤᠨ ᠲᠥᠷᠥᠯ ᠭᠠᠷᠴᠤ ᠢᠷᠡᠭᠰᠡᠨ ᠡᠴᠡ ᠢᠯᠡᠭᠦᠦ ᠲᠡᠷᠡ ᠪᠢᠴᠢᠯᠲᠡᠢ ᠥᠪᠡᠷ ᠢ᠋ ᠪᠡᠨ ᠵᠥᠴᠢ ᠪᠣᠯᠤᠭᠠᠳ ᠪᠠᠲᠤ ᠶ᠋ᠢᠨ ᠠᠳᠠᠯᠢ ᠦᠵᠡᠵᠦ᠂ ᠵᠡᠷᠭᠡᠴᠡᠨ ᠰᠠᠭᠤᠬᠤ ᠬᠦᠰᠡᠯ ᠢ᠋ᠶ᠋ᠡᠷ ᠳᠦᠭᠦᠷᠡᠩ ᠪᠠᠢᠭ᠎ᠠ ᠨᠢ ᠪᠥᠭᠡᠮ ᠡᠷᠡᠭᠡᠯᠵᠡᠭᠡ᠂ ᠪᠠᠷᠠᠭᠠᠨ ᠪᠣᠳᠣᠯ ᠳ᠋ᠤ᠌ ᠣᠷᠣᠭᠤᠯᠵᠠᠢ᠃ ᠴᠣᠬᠣᠮ ᠶᠠᠭᠤᠨ ᠳ᠋ᠤ᠌ ᠲᠦᠭᠰᠢᠵᠦ᠂ ᠰᠡᠳᠬᠢᠯ ᠵᠣᠪᠠᠭᠰᠠᠨ ᠢ᠋ᠶ᠋ᠠᠨ ᠰᠠᠢᠨ ᠣᠢᠯᠠᠭᠠᠵᠤ ᠮᠡᠳᠡᠭᠰᠡᠨ ᠦᠭᠡᠢ᠃ ᠠᠮᠢᠳᠤᠷᠠᠯ ᠳ᠋ᠠᠭᠠᠨ ᠦᠵᠡᠭᠰᠡᠨ ᠭᠤᠨᠢᠭᠲᠤ ᠲᠡᠦᠬᠡ ᠶ᠋ᠢ ᠰᠡᠬᠦᠵᠦ᠂ ᠨᠢᠭᠤᠴᠠ ᠰᠢᠷᠬ᠎ᠠ ᠶ᠋ᠢ ᠳᠠᠬᠢᠨ ᠰᠡᠳᠡᠷᠡᠭᠡᠭᠰᠡᠨ ᠡᠨᠡ ᠶᠠᠪᠤᠳᠠᠯ ᠳ᠋ᠤ᠌ ᠪᠥᠷᠲᠡ ᠢᠩᠭᠢᠵᠦ ᠴᠣᠴᠢᠷᠳᠠᠨ ᠰᠢᠨᠠᠯᠤᠨ᠎ᠠ ᠭᠡᠵᠦ ᠪᠣᠳᠣᠭᠰᠠᠨ ᠦᠭᠡᠢ᠃ ᠲᠥᠷᠥᠭᠰᠡᠨ ᠡᠬᠡ ᠶ᠋ᠢᠨ ᠳ᠋ᠡᠭᠡᠨ ᠣᠴᠢᠭᠠᠳ ᠢᠷᠡᠭᠰᠡᠨ ᠪᠠᠲᠤ᠂ ᠪᠥᠷᠲᠡ ᠡᠮᠡᠭᠡ ᠶ᠋ᠢᠨ ᠢ᠋ᠶ᠋ᠡᠨ ᠴᠢᠷᠠᠢ ᠶ᠋ᠢ ᠦᠵᠡᠮᠡᠭᠴᠡ ᠳᠠᠭᠤ ᠠᠯᠳᠠᠪᠠ᠃ 
       | ᠲᠠ ᠡᠪᠡᠳᠴᠢᠨ ᠲᠣᠰᠤᠭ᠎ᠠ ᠤᠤ? ᠭᠡᠵᠦ ᠪᠠᠲᠤ ᠲᠦᠭᠰᠢᠪᠡ᠃ ᠪᠢᠴᠢᠯᠲᠡᠢ ᠶ᠋ᠢᠨ ᠲᠤᠬᠠᠢ ᠪᠥᠷᠲᠡ ᠬᠡᠨ ᠳ᠋ᠦ᠍ ᠶᠠᠷᠢᠬᠤ ᠪᠢᠯᠡ᠃ ᠭᠠᠭᠴᠠ ᠥᠪᠡᠷ ᠦ᠋ᠨ ᠰᠡᠳᠬᠢᠯ ᠳ᠋ᠡᠭᠡᠨ ᠬᠣᠷᠢᠶᠠᠨ ᠬᠤᠷᠠᠮᠳᠤᠭᠤᠯᠤᠭᠰᠠᠨ ᠪᠣᠳᠣᠯ ᠡᠷᠡᠭᠡᠯᠵᠡᠭᠡ ᠨᠢ ᠲᠤᠢᠯᠳᠠᠭᠤᠯᠵᠤ ᠪᠠᠲᠤ ᠶ᠋ᠢ ᠦᠵᠡᠮᠡᠭᠴᠡ ᠲᠡᠩᠴᠡᠪᠦᠷᠢ ᠠᠯᠳᠠᠪᠠ᠃ 
       | ᠬᠥᠪᠡᠭᠦᠨ ᠮᠢᠨᠢ᠂ ᠴᠢ ᠰᠣᠨᠣᠰ᠃ 
       ᠪᠥᠷᠲᠡ ᠶ᠋ᠢᠨ ᠳᠠᠭᠤ ᠬᠥᠮᠦᠨ ᠲᠠᠨᠢᠬᠤ ᠶ᠋ᠢᠨ ᠠᠷᠭ᠎ᠠ ᠦᠭᠡᠢ ᠥᠭᠡᠷ᠎ᠡ ᠰᠣᠨᠣᠰᠳᠠᠵᠠᠢ᠃ 
       ᠪᠠᠲᠤ ᠡᠮᠡᠭᠡ ᠶ᠋ᠢᠨ ᠢ᠋ᠶ᠋ᠡᠨ ᠡᠯ᠎ᠡ ᠬᠠᠴᠢᠨ ᠪᠠᠢᠳᠠᠯ ᠳ᠋ᠤ᠌ ᠰᠠᠨᠳᠤᠷᠴᠤ ᠰᠣᠴᠢᠪᠠ᠃ ᠪᠥᠷᠲᠡ ᠡᠮᠡᠭᠡ ᠨᠢ ᠬᠡᠵᠢᠶ᠎ᠡ ᠴᠦ᠍ ᠡᠢᠮᠦ ᠶᠠᠳᠠᠷᠠᠭᠤ ᠳᠣᠷᠣᠢ ᠪᠠᠢᠭᠰᠠᠨ ᠢ᠋ ᠲᠡᠷᠡ ᠦᠵᠡᠭᠰᠡᠨ ᠦᠭᠡᠢ᠃ 
       | ᠲᠠ ᠶᠠᠭᠤ ᠪᠣᠯᠪᠠ? ᠬᠡᠯᠡᠭᠡᠴᠢ! 
       ᠬᠠᠷ᠎ᠠ ᠪᠠᠭ᠎ᠠ ᠠ᠋ᠴᠠ ᠥᠯᠥᠭᠡᠢᠳᠡᠵᠦ ᠡᠪᠦᠷᠲᠦᠯᠡᠵᠦ ᠥᠰᠬᠡᠭᠰᠡᠨ ᠲᠤᠯᠠ ᠪᠥᠷᠲᠡ ᠪᠠᠲᠤ ᠬᠣᠶᠠᠷ ᠪᠦᠬᠦᠨ ᠡᠴᠡ ᠢᠯᠡᠭᠦᠦ ᠳᠣᠲᠣᠨᠣ᠂ ᠥᠪᠡᠷᠦᠮᠰᠦᠭ ᠬᠠᠷᠢᠴᠠᠭ᠎ᠠ ᠲᠠᠢ ᠶᠤᠮ᠃ ᠪᠥᠷᠲᠡ ᠪᠣᠯ ᠪᠠᠲᠤ ᠶ᠋ᠢᠨ ᠬᠤᠪᠢ ᠳ᠋ᠤ᠌ ᠬᠠᠮᠤᠭ ᠤ᠋ᠨ ᠬᠠᠢᠷᠠᠲᠠᠢ᠂ ᠡᠷᠬᠡᠯᠡᠵᠦ ᠥᠰᠦᠭᠰᠡᠨ ᠬᠥᠮᠦᠨ ᠨᠢ ᠪᠢᠯᠡ᠃ ᠬᠠᠢᠷᠠᠲᠠᠢ ᠡᠮᠡᠭᠡ ᠡᠬᠡ ᠨᠢ ᠡᠢᠨ ᠭᠤᠨᠢᠭ ᠵᠣᠪᠠᠯᠠᠩ ᠳ᠋ᠤ᠌ ᠤᠴᠠᠷᠠᠭᠰᠠᠨ ᠢ᠋ ᠦᠵᠡᠭᠡᠳ ᠪᠠᠲᠤ ᠦᠨᠡᠨ ᠰᠡᠳᠬᠢᠯ ᠡᠴᠡ ᠰᠠᠨᠳᠤᠷᠴᠤ ᠠᠶᠤᠵᠠᠢ᠃  
       | ᠬᠥᠪᠡᠭᠦᠨ ᠮᠢᠨᠢ᠂ ᠪᠦᠦ ᠰᠠᠨᠠᠭ᠎ᠠ ᠵᠣᠪᠠ᠃ ᠨᠠᠳᠠᠳᠤ ᠶᠠᠮᠠᠷ ᠨᠢᠭᠡ ᠵᠣᠪᠠᠯᠠᠩ ᠤᠴᠠᠷᠠᠭᠰᠠᠨ ᠦᠭᠡᠢ᠂ ᠬᠠᠷᠢᠨ ᠴᠢᠮᠠᠶ᠋ᠢ ᠪᠤᠴᠠᠬᠤ ᠶ᠋ᠢ ᠪᠣᠳᠣᠬᠤ ᠪᠠᠷ ᠴᠢᠮ᠎ᠠ ᠲᠠᠢ ᠪᠠᠰᠠ ᠡᠴᠢᠭᠡ ᠲᠡᠢ ᠴᠢᠨᠢ ᠳᠠᠬᠢᠨ ᠠᠭᠤᠯᠵᠠᠬᠤ ᠦᠭᠡᠢ ᠮᠡᠲᠦ ᠰᠠᠨᠠᠭᠳᠠᠭᠠᠳ᠁ 
       | ᠪᠥᠷᠲᠡ ᠡᠵᠢ ᠠ᠋᠂ ᠲᠠ ᠶᠠᠭᠤᠨ ᠣᠢᠷᠠᠬᠠᠨ ᠶᠠᠭᠤᠮ᠎ᠠ ᠪᠣᠳᠣᠨ᠎ᠠ? ᠪᠢ ᠲᠠᠨ ᠢ᠋ ᠥᠪᠡᠷ ᠦ᠋ᠨ ᠤᠯᠤᠰ ᠲᠤ᠌ ᠠᠪᠠᠴᠢᠨ᠎ᠠ᠃ ᠪᠦᠷ ᠺᠠᠰᠫᠢ ᠶ᠋ᠢᠨ ᠲᠠᠩᠭᠢᠰ ᠤ᠋ᠨ ᠵᠥᠭᠡᠯᠡᠨ ᠰᠠᠯᠬᠢᠨ ᠳ᠋ᠤ᠌ ᠰᠠᠭᠤᠯᠭᠠᠵᠤ ᠲᠠᠩᠭᠢᠰ ᠤ᠋ᠨ ᠤᠰᠤᠨ ᠳ᠋ᠤ᠌ ᠬᠥᠪᠦᠭᠦᠯᠦᠨ᠎ᠡ᠃ ᠲᠠ ᠶᠡᠷᠦ ᠨᠢ ᠲᠡᠢᠮᠦ ᠶᠡᠬᠡ ᠤᠰᠤ ᠦᠵᠡᠭᠡ ᠦᠭᠡᠢ ᠪᠢᠵᠡ᠃ ᠠᠪᠤ ᠴᠤ᠌ ᠤᠳᠠᠬᠤ ᠦᠭᠡᠢ ᠪᠠᠰᠠ ᠢᠷᠡᠨ᠎ᠡ᠃ ᠲᠠ ᠡᠢᠮᠦ ᠶᠠᠯᠢᠬᠤ ᠦᠭᠡᠢ ᠣᠯᠢᠭ ᠦᠭᠡᠢ ᠪᠣᠳᠣᠯ ᠳ᠋ᠤ᠌ ᠪᠤᠤ ᠠᠪᠲᠠ ᠭᠡᠵᠦ ᠪᠠᠲᠤ ᠡᠩ ᠦ᠋ᠨ ᠬᠥᠬᠦᠭᠡᠨ ᠢ᠋ᠶ᠋ᠡᠷ ᠢᠨᠢᠶᠡᠵᠡᠢ᠃ ᠨᠡᠭᠡᠷᠡᠨ ᠵᠥᠴᠢ ᠬᠥᠪᠡᠭᠦᠨ ᠲᠡᠢ ᠪᠡᠨ ᠳᠠᠬᠢᠨ ᠠᠭᠤᠯᠵᠠᠬᠤ ᠦᠭᠡᠢ ᠭᠡᠵᠦ ᠮᠠᠭᠤ ᠢᠷᠤᠯᠠᠭᠠᠳ ᠭᠡᠵᠦ ᠪᠥᠷᠲᠡ ᠥᠪᠡᠷ ᠢ᠋ ᠪᠡᠨ ᠵᠢᠮᠡᠯᠡᠪᠡ᠃ ᠤᠢᠳᠬᠠᠷᠯᠠᠵᠤ᠂ ᠲᠦᠭᠰᠢᠭᠰᠡᠨ ᠢ᠋ᠶ᠋ᠡᠨ ᠨᠢᠭᠤᠬᠤ ᠭᠡᠰᠡᠨ ᠳ᠋ᠡᠭᠡᠨ᠂ ᠪᠠᠰᠠ ᠥᠪᠡᠷ ᠦ᠋ᠨ ᠢ᠋ᠶ᠋ᠡᠨ ᠡᠨᠡ ᠤᠷᠤᠭᠤ ᠳᠣᠷᠣᠢ ᠪᠠᠢᠭ᠎ᠠ ᠶ᠋ᠢ ᠵᠥᠪᠲᠥᠭᠡᠬᠦ ᠭᠡᠰᠡᠨ ᠳ᠋ᠡᠭᠡᠨ ᠬᠡᠯᠡᠭᠰᠡᠨ ᠡᠨᠡ ᠦᠭᠡ ᠨᠢ ᠳᠡᠮᠡᠢ ᠬᠡᠷᠡᠭ ᠪᠣᠯᠵᠠᠢ᠃ ᠴᠢᠩᠭᠢᠰ ᠬᠠᠭᠠᠨ ᠬᠣᠷᠽᠸᠮ ᠢ᠋ ᠳᠠᠭᠠᠭᠤᠯᠵᠤ ᠳᠠᠭᠤᠰᠤᠭᠠᠳ ᠡᠷᠭᠢᠨ ᠢᠷᠡᠬᠦ ᠳ᠋ᠦ᠍ ᠯᠠᠪ ᠵᠥᠴᠢ ᠢᠷᠡᠨ᠎ᠡ᠃ ᠬᠠᠷᠢᠨ ᠪᠠᠲᠤ ᠳ᠋ᠤ᠌ ᠪᠢᠴᠢᠯᠲᠡᠢ ᠶ᠋ᠢᠨ ᠲᠤᠬᠠᠢ ᠬᠡᠯᠡᠬᠦ ᠤᠤ᠂ ᠦᠭᠡᠢ ᠤᠤ ᠭᠡᠳᠡᠭ ᠢ᠋ ᠪᠠᠨ ᠯᠠ ᠰᠢᠢᠳᠴᠦ ᠶᠠᠳᠠᠨ ᠪᠣᠳᠣᠭᠰᠠᠭᠠᠷ ᠪᠠᠢᠵᠠᠢ᠃ ᠡᠴᠦᠰ ᠲᠦ᠋ᠨᠢ ᠬᠡᠯᠡᠬᠦ ᠪᠡᠷ ᠰᠢᠢᠳᠪᠡ᠃ ᠡᠨᠡ ᠪᠣᠯ ᠶᠠᠪᠤᠵᠤ ᠶᠠᠪᠤᠵᠤ ᠪᠥᠷᠲᠡ ᠶ᠋ᠢᠨ ᠮᠡᠳᠡᠵᠦ ᠰᠢᠢᠳᠬᠦ ᠴᠦ᠍ ᠬᠡᠷᠡᠭ ᠪᠢᠰᠢ᠂ ᠵᠥᠴᠢ ᠶ᠋ᠢᠨ ᠯᠡ ᠮᠡᠳᠡᠬᠦ ᠬᠡᠷᠡᠭ ᠶᠦ᠍ᠮ᠃ ᠲᠡᠭᠡᠭᠡᠳ ᠡᠨᠡ ᠲᠤᠬᠠᠢ ᠬᠡᠯᠡᠭᠦᠯᠬᠦ ᠢᠲᠡᠭᠡᠯ ᠲᠡᠢ ᠰᠠᠢᠨ ᠡᠯᠴᠢ ᠪᠠᠲᠤ ᠠ᠋ᠴᠠ ᠥᠭᠡᠷ᠎ᠡ ᠬᠡᠨ ᠪᠠᠢᠬᠤ ᠪᠢᠯᠡ᠃ ᠭᠠᠳᠠᠨ᠎ᠠ ᠬᠥᠨᠳᠡᠯᠡᠨ ᠦ᠌ ᠬᠥᠮᠦᠨ ᠳ᠋ᠦ᠍ ᠶᠠᠭᠠᠬᠢᠵᠤ ᠪᠢᠴᠢᠯᠲᠡᠢ ᠶ᠋ᠢᠨ ᠲᠤᠬᠠᠢ ᠬᠡᠯᠡᠵᠦ ᠪᠣᠯᠤᠨ᠎ᠠ᠃ ᠪᠠᠲᠤ ᠳ᠋ᠤ᠌ ᠤᠴᠢᠷ ᠢ᠋ ᠰᠠᠢᠲᠤᠷ ᠬᠡᠯᠡᠬᠦ ᠨᠢ ᠵᠥᠪ ᠪᠠᠢᠯ᠎ᠠ᠃ ᠪᠠᠲᠤ ᠢᠳᠡᠭᠡ ᠪᠤᠳᠠᠭ᠎ᠠ ᠪᠠᠷ ᠳᠠᠢᠯᠠᠭᠤᠯᠵᠤ ᠡᠴᠢᠭᠡ ᠶ᠋ᠢᠨ ᠣᠷᠣᠨ ᠠ᠋ᠴᠠ ᠬᠦᠨᠳᠦᠯᠡᠭᠦᠯᠵᠦ ᠰᠠᠭᠤᠬᠤ ᠵᠠᠭᠤᠷ᠎ᠠ ᠪᠥᠷᠲᠡ ᠬᠡᠯᠡᠬᠦ ᠦᠭᠡ ᠪᠡᠨ ᠰᠠᠢᠲᠤᠷ ᠲᠤᠩᠭᠠᠨ ᠪᠣᠳᠣᠵᠤ ᠠᠪᠴᠠᠢ᠃ ᠪᠠᠲᠤ ᠰᠠᠶᠢ ᠢᠷᠡᠬᠦ ᠳ᠋ᠡᠭᠡᠨ ᠭᠸᠷᠲ᠋ᠠ ᠶ᠋ᠢ ᠣᠬᠢ ᠬᠠᠲᠤᠨ ᠡᠬᠡ ᠶ᠋ᠢᠨ ᠢ᠋ᠶ᠋ᠡᠨ ᠳᠡᠷᠭᠡᠳᠡ ᠦᠯᠡᠳᠡᠭᠡᠵᠡᠢ᠃ ᠣᠯᠠᠨ ᠬᠣᠨᠣᠭ ᠤ᠋ᠨ ᠶᠠᠪᠤᠳᠠᠯ ᠤ᠋ᠨ ᠠᠶ᠎ᠠ ᠶ᠋ᠢ ᠲᠡᠷᠡ ᠪᠦᠰᠡᠭᠦᠢ ᠶᠠᠭᠠᠬᠢᠨ ᠲᠡᠰᠴᠦ ᠴᠢᠳᠠᠬᠤ ᠪᠢᠯᠡ᠃ 
       | ᠪᠠᠲᠤ ᠮᠢᠨᠢ᠂ ᠬᠦᠦ ᠴᠢ ᠰᠣᠨᠣᠰ᠃ ᠴᠢ ᠪᠣᠯ ᠵᠥᠴᠢ ᠡᠴᠢᠭᠡ ᠶ᠋ᠢᠨ ᠢ᠋ᠶ᠋ᠡᠨ ᠬᠠᠮᠤᠭ ᠤ᠋ᠨ ᠬᠠᠢᠷᠠᠲᠠᠢ ᠬᠥᠪᠡᠭᠦᠨ᠃ ᠴᠢᠩᠭᠢᠰ ᠬᠠᠭᠠᠨ ᠤ᠋ ᠣᠨᠴᠠᠯᠠᠨ ᠲᠣᠭᠣᠳᠠᠭ ᠠᠴᠢ ᠬᠦᠦ ᠰᠢᠦ᠃ 
       ᠡᠮᠡᠭᠡ ᠡᠬᠡ ᠶ᠋ᠢᠨ ᠡᠨᠡ ᠲᠣᠭᠣᠷᠢᠭᠤ ᠬᠣᠯᠠ ᠶ᠋ᠢᠨ ᠦᠭᠡ ᠨᠢᠭᠡ ᠴᠢᠬᠤᠯᠠ ᠵᠦᠢᠯ ᠶᠠᠷᠢᠬᠤ ᠶ᠋ᠢ ᠣᠢᠯᠠᠭᠠᠭᠤᠯᠪᠠ᠃ ᠲᠡᠢᠮᠦ ᠪᠣᠯᠬᠣᠷ ᠡᠮᠡᠭᠡ ᠡᠬᠡ ᠶ᠋ᠢᠨ ᠢ᠋ᠶ᠋ᠡᠨ ᠳᠠᠷᠠᠭᠠᠬᠢ ᠶ᠋ᠢᠨ ᠦᠭᠡ ᠶ᠋ᠢ ᠪᠠᠲᠤ ᠠᠩᠬᠠᠷᠤᠨ ᠬᠦᠯᠢᠶᠡᠪᠡ᠃ 
       | ᠪᠢ ᠴᠢᠮᠠᠲᠤ ᠨᠢᠭᠡᠨ ᠵᠦᠢᠯ ᠬᠡᠯᠡᠶ᠎ᠡ᠃ ᠴᠢ ᠰᠠᠢᠨ ᠲᠣᠭᠲᠠᠭᠠᠵᠤ ᠠᠪ᠃ ᠪᠠᠰᠠ ᠭᠠᠳᠠᠭᠰᠢ ᠪᠤᠤ ᠵᠠᠳᠠᠷᠠᠭᠤᠯ᠃ ᠨᠢᠭᠡ ᠴᠦ᠍ ᠦᠭᠡ ᠬᠡᠭᠡᠯ ᠦᠭᠡᠢ ᠪᠡᠷ ᠡᠴᠢᠭᠡ ᠳ᠋ᠡᠭᠡᠨ ᠬᠡᠯᠡᠭᠡᠷᠡᠢ᠃ 
       ᠪᠢᠴᠢᠯᠲᠡᠢ ᠶ᠋ᠢᠨ ᠲᠤᠬᠠᠢ ᠶᠠᠷᠢᠶ᠎ᠠ ᠶ᠋ᠢ ᠪᠠᠲᠤ ᠲᠠᠭ ᠳᠠᠭᠤ ᠦᠭᠡᠢ ᠰᠠᠭᠤᠵᠤ ᠰᠣᠨᠣᠰᠪᠠ᠃ ᠡᠴᠢᠭᠡ ᠨᠢ᠂ ᠲᠡᠭᠦᠨ ᠡᠴᠡ ᠡᠭᠦᠳᠦᠭᠡᠳ ᠪᠠᠲᠤ ᠥᠪᠡᠷ ᠢ᠋ᠶ᠋ᠡᠨ ᠶᠠᠮᠠᠷ ᠭᠠᠷᠤᠯ᠂ ᠴᠢᠰᠤᠲᠠᠢ ᠪᠠᠨ ᠲᠡᠷᠡ ᠰᠠᠢᠨ ᠮᠡᠳᠡᠨ᠎ᠡ᠃ ᠬᠡᠨ ᠴᠦ᠍ ᠲᠡᠭᠦᠨ ᠢ᠋ ᠮᠡᠷᠭᠢᠳ ᠭᠡᠵᠦ ᠳᠤᠷᠠᠳᠴᠤ᠂ ᠠᠳᠠ ᠰᠢᠭ᠋ ᠦᠵᠡᠳᠡᠭ ᠦᠭᠡᠢ ᠴᠦ᠍ ᠡᠴᠢᠭᠡ ᠵᠥᠴᠢ ᠪᠣᠯᠤᠭᠠᠳ ᠪᠠᠲᠤ ᠥᠪᠡᠷ ᠢ᠋ᠶ᠋ᠡᠨ ᠶᠡᠬᠡ ᠮᠣᠩᠭᠣᠯ ᠤᠯᠤᠰ ᠤ᠋ᠨ ᠶᠡᠬᠡ ᠬᠠᠭᠠᠨ ᠳ᠋ᠤ᠌ ᠡᠷᠭᠦᠮᠵᠢᠯᠡᠭᠳᠡᠬᠦ ᠡᠷᠬᠡ ᠦᠭᠡᠢ ᠪᠣᠯᠤᠭᠰᠠᠨ ᠢ᠋ᠶ᠋ᠠᠨ ᠴᠤ᠌ ᠮᠡᠳᠡᠨ᠎ᠡ᠃ ᠲᠡᠢᠮᠦ ᠪᠣᠯᠬᠣᠷ ᠡᠨᠡ ᠲᠤᠬᠠᠢ ᠶᠠᠷᠢᠶ᠎ᠠ ᠪᠠᠲᠤ ᠶ᠋ᠢ ᠨᠢᠭᠡ ᠶᠡᠬᠡ ᠴᠣᠴᠢᠭᠠᠭᠰᠠᠨ ᠦᠭᠡᠢ᠃ ᠬᠠᠷᠢᠨ ᠴᠢᠰᠤ ᠨᠢᠭᠡᠲᠡᠢ ᠦᠶᠡᠯᠡ ᠠᠬ᠎ᠠ ᠭᠠᠷᠴᠤ ᠢᠷᠡᠭᠰᠡᠨ ᠳ᠋ᠦ᠍ ᠪᠠᠶᠠᠷᠯᠠᠬᠤ᠂ ᠪᠤᠬᠢᠨᠢᠳᠤᠬᠤ ᠶ᠋ᠢᠨ ᠠᠯᠢ ᠨᠢ ᠪᠣᠯᠬᠤ ᠶ᠋ᠢ ᠮᠡᠳᠡᠭᠡ ᠦᠭᠡᠢ ᠴᠦ᠍ ᠰᠡᠳᠬᠢᠯ ᠦ᠋ᠨ ᠳᠣᠲᠣᠷ᠎ᠠ ᠦᠯᠦ ᠮᠡᠳᠡᠭᠳᠡᠬᠦ ᠤᠲᠠᠰᠤ ᠳᠣᠷᠭᠢᠵᠤ᠂ ᠵᠢᠷᠦᠬᠡ ᠨᠢ ᠲᠦᠷᠭᠡᠨ᠎ᠡ ᠲᠦᠭ ᠲᠦᠭ ᠴᠣᠬᠢᠯᠠᠬᠤ ᠶ᠋ᠢ ᠮᠡᠳᠡᠷᠡᠪᠡ᠃ ᠦᠶᠡᠯᠡ ᠠᠬ᠎ᠠ ᠲᠠᠢ ᠭᠡᠳᠡᠭ ᠢ᠋ᠶ᠋ᠡᠨ ᠮᠡᠳᠡᠬᠦ ᠨᠢ ᠲᠤᠩ ᠴᠤ᠌ ᠰᠣᠨᠣᠰᠬᠤᠯᠠᠩ ᠲᠠᠢ ᠪᠥᠭᠡᠳ ᠶᠠᠮᠠᠷ ᠬᠥᠮᠦᠨ ᠪᠠᠢᠭ᠎ᠠ ᠪᠣᠯ ᠭᠡᠰᠡᠨ ᠰᠣᠨᠢᠭᠤᠴᠢ ᠪᠣᠳᠣᠯ ᠬᠦᠴᠦᠲᠡᠢ ᠲᠥᠷᠥᠵᠡᠢ᠃ ᠴᠢᠰᠤᠨ ᠲᠥᠷᠥᠯ ᠦ᠋ᠨ ᠬᠥᠪᠡᠭᠦᠨ ᠪᠣᠢ ᠶ᠋ᠢ ᠰᠣᠨᠣᠰᠤᠭᠠᠳ ᠪᠠᠲᠤ ᠪᠥᠷᠲᠡ ᠶ᠋ᠢᠨ ᠪᠣᠳᠣᠭᠰᠠᠨ ᠰᠢᠭ᠋ ᠴᠣᠴᠢᠷᠳᠠᠵᠤ ᠭᠠᠢᠬᠠᠭ᠎ᠠ ᠦᠭᠡᠢ ᠨᠢ ᠪᠥᠷᠲᠡ ᠶ᠋ᠢ ᠬᠠᠷᠢᠨ ᠲᠠᠢᠪᠤᠰᠢᠷᠠᠭᠤᠯᠵᠠᠢ᠃ ᠥᠪᠡᠷ ᠦ᠋ᠨ ᠴᠢᠰᠤᠨ ᠭᠠᠷᠤᠯ ᠢ᠋ ᠪᠠᠲᠤ᠂ ᠵᠥᠴᠢ ᠡᠴᠢᠭᠡ ᠶ᠋ᠢᠨ ᠢ᠋ᠶ᠋ᠡᠨ ᠠᠳᠠᠯᠢ ᠡᠮᠵᠡᠭ ᠭᠦᠨᠵᠡᠭᠡᠢ ᠠᠪᠴᠤ ᠦᠵᠡᠳᠡᠭ ᠦᠭᠡᠢ ᠪᠣᠯᠬᠤ ᠶ᠋ᠢ ᠡᠨᠡ ᠶᠠᠪᠤᠳᠠᠯ ᠭᠡᠷᠡᠴᠢᠯᠡᠵᠡᠢ᠃ ᠶᠡᠷᠦ ᠨᠢ ᠴᠠᠭᠠᠰᠢᠳᠠ ᠪᠠᠨ ᠵᠥᠴᠢ ᠶ᠋ᠢᠨ ᠡᠨᠡ ᠭᠠᠷᠤᠯ ᠪᠠᠲᠤ ᠶ᠋ᠢᠨ ᠦᠷ᠎ᠡ ᠬᠡᠦᠬᠡᠳ ᠦ᠋ᠨ ᠦᠶ᠎ᠡ ᠳ᠋ᠦ᠍ ᠪᠦᠷ ᠴᠦ᠍ ᠮᠠᠷᠲᠠᠭᠳᠠᠬᠤ ᠮᠡᠲᠦ ᠰᠠᠨᠠᠭᠳᠠᠭᠰᠠᠨ ᠨᠢ ᠪᠥᠷᠲᠡ ᠪᠢᠴᠢᠯᠲᠡᠢ ᠶ᠋ᠢ ᠬᠡᠷᠬᠢᠬᠦ ᠪᠡᠨ ᠰᠢᠢᠳᠬᠦ ᠳ᠋ᠦ᠍ ᠲᠤᠰᠠᠯᠠᠪᠠ᠃ 
       | ᠪᠠᠲᠤ᠂ ᠪᠢ ᠴᠢᠮᠠᠲᠤ ᠲᠡᠷᠡ ᠪᠢᠴᠢᠯᠲᠡᠢ ᠶ᠋ᠢ ᠥᠭᠴᠦ ᠶᠠᠪᠤᠭᠤᠯᠤᠶ᠎ᠠ᠃ ᠴᠢ ᠡᠴᠢᠭᠡ ᠳ᠋ᠡᠭᠡᠨ ᠠᠪᠠᠴᠢᠵᠤ ᠥᠭ᠃ ᠬᠡᠷᠬᠢᠬᠦ ᠶ᠋ᠢ ᠵᠥᠴᠢ ᠰᠢᠢᠳᠦᠭ ᠭᠡᠪᠡ᠃ 
       | ᠬᠠᠷᠢᠨ ᠲᠠ ᠶᠠᠭᠤ ᠭᠡᠵᠦ ᠪᠣᠳᠣᠨ᠎ᠠ? ᠪᠢᠴᠢᠯᠲᠡᠢ ᠶ᠋ᠢ ᠶᠠᠭᠠᠬᠢᠬᠤ ᠨᠢ ᠵᠥᠪ ᠪᠣᠯ? ᠭᠡᠵᠦ ᠤᠭ ᠤ᠋ᠨ ᠰᠡᠷᠭᠦᠯᠡᠩ ᠪᠠᠲᠤ ᠠᠰᠠᠭᠤᠪᠠ᠃
       ᠪᠥᠷᠲᠡ ᠶ᠋ᠢᠨ ᠦᠭᠡ ᠵᠥᠴᠢ ᠡᠴᠢᠭᠡ ᠳ᠋ᠦ᠍ᠨᠢ ᠯᠠᠪ ᠬᠦᠴᠦᠲᠡᠢ ᠨᠥᠯᠥᠭᠡᠯᠡᠨ᠎ᠡ ᠭᠡᠳᠡᠭ ᠢ᠋ ᠪᠠᠲᠤ ᠮᠡᠳᠡᠬᠦ ᠲᠤᠯᠠ ᠢᠩᠭᠢᠵᠦ ᠠᠰᠠᠭᠤᠵᠠᠢ᠃ ᠲᠡᠭᠦᠨ ᠢ᠋ ᠪᠤᠴᠠᠵᠤ ᠣᠴᠢᠭᠠᠳ ᠪᠢᠴᠢᠯᠲᠡᠢ ᠶ᠋ᠢᠨ ᠲᠤᠬᠠᠢ ᠬᠡᠯᠡᠬᠦ ᠳ᠋ᠦ᠍ ᠬᠠᠮᠤᠭ ᠤ᠋ᠨ ᠲᠦᠷᠦᠭᠦᠨ ᠳ᠋ᠦ᠍ 
       | ᠪᠥᠷᠲᠡ ᠡᠵᠢ ᠶᠠᠭᠤ ᠭᠡᠪᠡ? ᠭᠡᠵᠦ ᠡᠴᠢᠭᠡ ᠨᠢ ᠠᠰᠠᠭᠤᠬᠤ ᠨᠢ ᠭᠠᠷᠴᠠᠭ᠎ᠠ ᠦᠭᠡᠢ ᠪᠢᠯᠡ᠃ 
       | ᠴᠢᠨᠦ ᠬᠠᠭᠠᠨ ᠡᠪᠦᠭᠡ᠂ ᠪᠡᠯᠭᠦᠳᠡᠢ ᠠᠪᠠᠭ᠎ᠠ ᠬᠣᠶᠠᠷ ᠴᠢᠨᠢ ᠡᠬᠡ ᠥᠭᠡᠷ᠎ᠡ ᠲᠡᠢ ᠡᠴᠢᠭᠡ ᠨᠢᠭᠡᠲᠡᠢ ᠠᠬ᠎ᠠ ᠳᠡᠭᠦᠦᠰ ᠶᠦᠮ᠃ ᠪᠡᠯᠭᠦᠳᠡᠢ ᠠᠪᠠᠭ᠎ᠠ ᠴᠢᠨᠢ ᠴᠢᠩᠭᠢᠰ ᠬᠠᠭᠠᠨ ᠳ᠋ᠤ᠌ ᠶᠠᠭᠠᠬᠢᠵᠤ ᠵᠢᠳᠬᠦᠭᠰᠡᠨ ᠢ᠋ ᠲᠠ ᠨᠠᠷ ᠯᠠᠪ ᠮᠡᠳᠡᠬᠦ ᠪᠢᠵᠡ᠃ ᠶᠠᠭ ᠡᠭᠦᠨ ᠦ᠌ ᠠᠳᠠᠯᠢ ᠡᠨᠡ ᠪᠢᠴᠢᠯᠲᠡᠢ ᠪᠣᠯ ᠴᠢᠨᠦ ᠡᠴᠢᠭᠡ ᠨᠢᠭᠡᠲᠡᠢ ᠡᠬᠡ ᠥᠭᠡᠷ᠎ᠡ ᠲᠡᠢ ᠠᠬ᠎ᠠ ᠴᠢᠨᠢ ᠪᠣᠯᠤᠨ᠎ᠠ᠃ ᠪᠢᠴᠢᠯᠲᠡᠢ ᠴᠢᠮᠠᠲᠤ ᠶᠠᠭ ᠪᠡᠯᠭᠦᠳᠡᠢ᠂ ᠴᠢᠩᠭᠢᠰ ᠬᠠᠭᠠᠨ ᠳ᠋ᠤ᠌ ᠵᠢᠳᠬᠦᠭᠰᠡᠨ ᠰᠢᠭ ᠵᠢᠳᠬᠦᠭᠡᠰᠡᠢ ᠭᠡᠵᠦ ᠪᠢ ᠬᠦᠰᠡᠵᠦ ᠪᠠᠢᠨ᠎ᠠ᠃ ᠪᠢᠴᠢᠯᠲᠡᠢ ᠴᠢᠰᠤ ᠨᠢᠭᠡᠲᠡᠢ ᠤᠴᠢᠷ ᠬᠡᠨ ᠬᠥᠮᠦᠨ ᠡᠴᠡ ᠢᠯᠡᠭᠦᠦ ᠦᠨᠡᠨᠴᠢ ᠵᠢᠳᠬᠦᠬᠦ ᠪᠢᠵᠡ᠃ ᠪᠢ ᠲᠡᠭᠦᠨ ᠳ᠋ᠦ᠍ ᠢᠩᠭᠢᠵᠦ ᠬᠡᠯᠡᠨ᠎ᠡ᠃ ᠲᠡᠷᠡ ᠴᠢᠮᠠᠲᠤ ᠶᠠᠭ ᠯᠠ ᠲᠡᠳᠦ ᠰᠢᠭ ᠵᠢᠳᠬᠦᠭ᠃ ᠡᠮᠡᠭᠡ ᠡᠬᠡ ᠶ᠋ᠢᠨ ᠡᠨᠡ ᠦᠭᠡ ᠪᠠᠲᠤ ᠳ᠋ᠤ᠌ ᠲᠤᠢᠯ ᠤ᠋ᠨ ᠳᠣᠲᠣᠨᠣ᠂ ᠢᠲᠡᠭᠡᠯᠲᠡᠢ ᠰᠠᠨᠠᠭᠳᠠᠪᠠ᠃ ᠲᠡᠳᠦ ᠣᠷᠭᠧᠨ᠋ᠴᠠ ᠳ᠋ᠤ᠌ ᠦᠷᠡᠭᠳᠡᠭᠰᠡᠨ ᠢ᠋ ᠪᠠᠲᠤ ᠬᠡᠯᠡᠭᠡ ᠦᠭᠡᠢ ᠶᠦᠮ᠃ ᠦᠨᠡᠨᠴᠢ ᠪᠣᠭᠣᠯ ᠲᠡᠳᠦ ᠦᠬᠦᠭᠰᠡᠨ ᠮᠡᠲᠦ ᠶᠠᠰᠤ ᠦᠰᠦ ᠴᠦ᠍ ᠣᠯᠳᠠᠬᠤ ᠦᠭᠡᠢ ᠪᠣᠯᠤᠭᠰᠠᠨ ᠳ᠋ᠤ᠌ ᠪᠠᠲᠤ ᠣᠳᠣ ᠴᠤ᠌ ᠬᠠᠷᠠᠮᠰᠠᠭᠰᠠᠭᠠᠷ ᠪᠠᠰᠠ ᠲᠡᠭᠦᠨ ᠢ᠋ ᠦᠬᠦᠯ ᠳ᠋ᠦ᠍ ᠢᠯᠡᠭᠡᠪᠡ ᠭᠡᠵᠦ ᠥᠪᠡᠷ ᠢ᠋ ᠪᠡᠨ ᠪᠤᠷᠤᠭᠤᠳᠬᠠᠭᠰᠠᠭᠠᠷ ᠪᠠᠢᠭᠰᠠᠨ ᠲᠤᠯᠠ ᠪᠢᠴᠢᠯᠲᠡᠢ ᠶ᠋ᠢ ᠦᠨᠡᠨᠴᠢ ᠵᠢᠳᠬᠦᠭᠦᠯᠬᠦ ᠭᠡᠰᠡᠨ ᠡᠮᠡᠭᠡ ᠡᠬᠡ ᠶ᠋ᠢᠨ ᠤᠬᠠᠭᠠᠨ ᠢ᠋ ᠰᠢᠭᠤᠳ ᠳᠠᠮᠵᠢᠨ ᠵᠥᠪᠰᠢᠶᠡᠷᠡᠪᠡ᠃ ᠦᠨᠡᠨᠴᠢ ᠨᠥᠬᠥᠷ ᠳᠡᠷᠭᠡᠳᠡ ᠪᠠᠢᠬᠤ ᠬᠡᠴᠢᠨᠡᠨ ᠬᠡᠷᠡᠭᠲᠡᠢ ᠶ᠋ᠢ ᠪᠠᠲᠤ ᠰᠠᠢᠨ ᠮᠡᠳᠡᠬᠦ ᠪᠢᠯᠡ᠃ ᠰᠠᠢᠨ ᠨᠥᠬᠥᠷ᠂ ᠦᠨᠡᠨᠴᠢ ᠪᠣᠭᠣᠯ ᠲᠡᠳᠦ ᠪᠡᠨ ᠠᠯᠳᠠᠵᠤ ᠥᠨᠥᠴᠢᠷᠡᠭᠰᠡᠨ ᠪᠠᠲᠤ ᠳ᠋ᠤ᠌ ᠪᠢᠴᠢᠯᠲᠡᠢ ᠶ᠋ᠢ ᠥᠪᠡᠷ ᠦ᠋ᠨ ᠨᠥᠬᠥᠷ ᠪᠣᠯᠭᠠᠬᠤ ᠬᠦᠰᠡᠯ ᠣᠷᠭᠢᠯᠵᠠᠢ᠃ ᠦᠵᠡᠵᠦ ᠲᠠᠨᠢᠬᠤ ᠦᠭᠡᠢ ᠴᠦ᠍ ᠡᠨᠡ ᠪᠢᠴᠢᠯᠲᠡᠢ ᠲᠡᠳᠦ ᠰᠢᠭ ᠦᠨᠡᠨᠴᠢ ᠵᠢᠳᠬᠦᠭᠡᠰᠡᠢ ᠭᠡᠵᠦ ᠪᠠᠲᠤ ᠬᠦᠰᠡᠪᠡ᠃ ᠲᠡᠢᠮᠦ ᠤᠴᠢᠷ ᠠ᠋ᠴᠠ
       | ᠪᠢ ᠪᠢᠴᠢᠯᠲᠡᠢ ᠲᠡᠢ ᠬᠡᠵᠢᠶ᠎ᠡ ᠠᠭᠤᠯᠵᠠᠨ᠎ᠠ? ᠶᠠᠮᠠᠷ ᠬᠥᠮᠦᠨ ᠪᠣᠯᠬᠤ ᠶ᠋ᠢ ᠪᠢ ᠦᠵᠡᠮᠡᠷ ᠪᠠᠢᠨ᠎ᠠ ᠭᠡᠵᠦ ᠪᠠᠲᠤ ᠶᠠᠭᠠᠷᠠᠨ ᠳᠣᠭᠳᠣᠯᠪᠠ᠃
       | ᠪᠢ ᠲᠡᠭᠦᠨ ᠢ᠋ ᠳᠠᠭᠤᠳᠠᠭᠤᠯᠤᠭᠰᠠᠨ᠃ ᠣᠳᠣ ᠢᠷᠡᠨ᠎ᠡ᠃
       ᠨᠢᠭᠡᠨᠲᠡ ᠯᠡ ᠴᠢᠰᠤ ᠨᠢᠭᠡᠲᠡᠢ ᠶ᠋ᠢᠨ ᠤᠴᠢᠷ ᠪᠠᠲᠤ ᠪᠢᠴᠢᠯᠲᠡᠢ ᠬᠣᠶᠠᠷ ᠬᠠᠷᠠᠪᠠᠰᠤ ᠯᠠ ᠠᠳᠠᠯᠢ ᠲᠥᠰᠲᠡᠢ ᠦᠵᠡᠭᠳᠡᠬᠦ ᠨᠢ ᠲᠡᠳᠡᠨ ᠢ᠋ ᠲᠤᠩ ᠴᠤ᠌ ᠶᠡᠬᠡ ᠳᠣᠭᠳᠣᠯᠤᠭᠤᠯᠵᠠᠢ᠃
       ᠬᠠᠷᠢᠨ ᠪᠢᠴᠢᠯᠲᠡᠢ ᠪᠡᠶ᠎ᠡ ᠪᠡᠨ ᠪᠠᠷᠢᠵᠤ ᠴᠢᠳᠠᠭᠠᠳ ᠡᠭᠴᠡ ᠰᠢᠷᠲᠡᠨ ᠵᠣᠭᠰᠣᠬᠤ ᠨᠢ ᠪᠠᠲᠤ ᠳ᠋ᠤ᠌ ᠴᠤ᠌᠂ ᠪᠥᠷᠲᠡ ᠳ᠋ᠦ᠍ ᠴᠦ᠍ ᠲᠠᠭᠠᠯᠠᠭᠳᠠᠵᠠᠢ ᠃ ᠪᠢᠴᠢᠯᠲᠡᠢ ᠪᠠᠲᠤ ᠠ᠋ᠴᠠ ᠬᠣᠶᠠᠷ ᠨᠠᠰᠤ ᠪᠠᠷ ᠠᠬ᠎ᠠ ᠠᠵᠢ᠃

                ᠦᠰᠦᠭ ᠠᠮᠢᠯᠠᠭᠤᠯᠤᠭᠴᠢ᠄ ᠠᠯᠲᠠᠨᠴᠢᠮᠡᠭ᠂ ᠬᠡᠷᠡᠢᠳ·ᠮᠥᠩᠬᠡᠨᠠᠰᠤᠨ᠂ ᠨᠠᠷᠠᠨᠲᠤᠶᠠᠭ᠎ᠠ᠂ 
                                           ᠮᠥᠩᠭᠥᠨ᠂ ᠰᠡᠴᠡᠨᠴᠢᠮᠡᠭ᠂ ᠱᠠᠭᠰᠠᠯ᠂ ᠠᠯᠲᠠᠨᠴᠡᠴᠡᠭ᠂ 
                                            ᠪᠠᠶᠠᠨᠴᠡᠴᠡᠭ᠂  ᠴᠡᠴᠡᠭ᠂  ᠵᠢᠩᠯᠢᠬᠤᠸᠠᠷ
                       ᠬᠢᠨᠠᠭᠴᠢ᠄ ᠣᠳᠬᠠᠨᠰᠣ᠎ᠠ᠂ ᠨᠠᠷᠠᠨ᠂ ᠲ· ᠬᠦᠮᠦᠵᠢᠯᠲᠦ᠂ ᠰᠡᠬᠡᠭᠡᠷᠡᠯ᠂  
                                   ᠭᠠᠷᠮ᠎ᠠ᠂ ᠮᠣᠩᠭᠣᠯ ᠰᠦᠨᠡᠰᠦ᠂ ᠠᠯᠲᠠᠨᠴᠡᠴᠡᠭ