ᠳᠡᠷᠡᠢᠰᠤᠨ ᠬᠦᠳᠡᠩ ᠬᠠᠭᠠᠨ Daraisan khüden khaanДарайсан хүдэн хаан
ᠨᠠᠢᠷᠠᠭᠤᠯᠤᠭᠰᠠᠨ ᠨᠢ ᠄ ᠱ ·ᠴᠸᠶᠢᠨ — ᠣᠢᠳᠤᠪ
ᠪᠣᠳᠢ ᠠᠯᠠᠭ ᠬᠠᠭᠠᠨ ᠤ᠋ ᠬᠥᠪᠡᠭᠦᠨ ᠬᠢᠶᠠᠳ ᠪᠣᠷᠵᠢᠭᠢᠨ ᠣᠪᠣᠭᠲᠤ ᠳᠡᠷᠡᠢᠰᠤᠨ ᠬᠦᠳᠡᠩ1520 ᠣᠨ ᠳ᠋ᠤ᠌ ᠮᠡᠨᠳᠦᠯᠡᠵᠡᠢ᠃1548 ᠣᠨ ᠳ᠋ᠤ᠌28 ᠨᠠᠰᠤᠲᠠᠢ ᠳ᠋ᠤ᠌ ᠪᠠᠨ ᠬᠠᠭᠠᠨ ᠰᠢᠷᠡᠭᠡᠨ ᠳ᠋ᠦ᠍ ᠰᠠᠭᠤᠭᠰᠠᠨ ᠮᠣᠩᠭᠣᠯ ᠤᠯᠤᠰ ᠤ᠋ᠨ33 ᠬᠠᠭᠠᠨ ᠪᠢᠯᠡ᠃
ᠡᠴᠢᠭᠡ ᠶ᠋ᠢᠨ ᠦᠶ᠎ᠡ ᠳ᠋ᠦ᠍ ᠵᠡᠭᠦᠨ ᠮᠣᠩᠭᠣᠯ ᠤ᠋ᠨ ᠪᠠᠷᠠᠭᠤᠨ ᠭᠠᠷ ᠤ᠋ᠨ ᠳᠣᠲᠣᠷ᠎ᠠ ᠲᠦᠮᠡᠳ ᠲᠦᠮᠡᠨ ᠮᠠᠰᠢ ᠬᠦᠴᠦᠷᠬᠡᠭ ᠪᠠᠢᠭᠰᠠᠨ᠃ ᠰᠡᠭᠦᠯᠴᠢ ᠶ᠋ᠢᠨ ᠦᠶ᠎ᠡ ᠳ᠋ᠦ᠍ ᠲᠦᠮᠡᠳ ᠦ᠋ᠨ ᠠᠯᠲᠠᠨ ᠰᠣᠳᠣ ᠬᠠᠭᠠᠨ ᠥᠩᠭᠡᠨ ᠳᠡᠭᠡᠷ᠎ᠡ ᠪᠡᠨ ᠳᠠᠭᠠᠵᠤ᠂ ᠠᠵᠢᠯᠯᠠᠭ᠎ᠠ ᠳᠡᠭᠡᠷ᠎ᠡ ᠪᠡᠨ ᠲᠡᠷᠰᠯᠡᠵᠦ ᠪᠠᠢᠪᠠ᠃ ᠠᠯᠲᠠᠨ ᠰᠣᠳᠣ ᠬᠠᠭᠠᠨ ᠪᠣᠯ ᠳᠡᠷᠡᠢᠰᠤᠨ ᠬᠦᠳᠡᠩ ᠬᠠᠭᠠᠨ ᠤ᠋ ᠠᠪᠠᠭ᠎ᠠ ᠠᠬ᠎ᠠ ᠭᠡᠷᠪᠣᠯᠣᠳ ᠤ᠋ᠨ ᠳᠡᠭᠦᠦ ᠶᠤᠮ᠃
ᠳᠡᠷᠡᠢᠰᠤᠨ ᠬᠦᠳᠡᠩ ᠬᠠᠭᠠᠨ ᠰᠠᠭᠤᠭᠰᠠᠨ ᠤ᠋ ᠳᠠᠷᠠᠭ᠎ᠠ ᠠᠯᠲᠠᠨ ᠰᠣᠳᠣ ᠬᠠᠭᠠᠨ ᠮᠢᠩ ᠤᠯᠤᠰ ᠢ᠋ ᠳᠣᠪᠲᠣᠯᠬᠤ ᠭᠡᠰᠡᠨ ᠴᠡᠷᠢᠭ ᠦ᠋ᠨ ᠬᠡᠷᠡᠭ ᠦ᠋ᠨ ᠨᠢᠭᠤᠴᠠ ᠰᠠᠨᠠᠭᠤᠯᠭ᠎ᠠ ᠶ᠋ᠢ ᠮᠢᠩ ᠤᠯᠤᠰ ᠲᠤ᠌ ᠬᠡᠯᠡᠬᠦ ᠪᠡᠷ ᠪᠠᠷᠠᠬᠤ ᠦᠭᠡᠢ ᠮᠢᠩ ᠤᠯᠤᠰ ᠲᠠᠢ ᠬᠦᠴᠦ ᠬᠠᠮᠲᠤᠷᠠᠨ ᠳᠡᠷᠡᠢᠰᠤᠨ ᠬᠦᠳᠡᠩ ᠬᠠᠭᠠᠨ ᠢ᠋ ᠬᠠᠪᠴᠢᠨ ᠴᠣᠬᠢᠬᠤ ᠪᠠᠷ ᠲᠣᠬᠢᠷᠠᠭᠰᠠᠨ ᠪᠠᠢᠪᠠ᠃
ᠡᠨᠡᠬᠦ ᠰᠢᠬᠠᠯᠲᠠ ᠠ᠋ᠴᠠ1547 ᠣᠨ ᠤ᠋ ᠦᠶᠡᠰ ᠢ᠋ᠶ᠋ᠡᠷ ᠨᠤᠲᠤᠭ ᠠ᠋ᠴᠠ ᠪᠠᠨ ᠶᠡᠬᠡ ᠳᠡᠷᠡᠰᠦᠨ ᠡᠴᠡ ᠵᠡᠭᠦᠨ ᠲᠡᠢᠰᠢ ᠰᠢᠷ᠎ᠠ ᠮᠣᠷᠢᠨ ᠤ᠋ ᠰᠠᠪᠠ ᠭᠠᠵᠠᠷ ᠲᠤ᠌ ᠮᠠᠯ ᠮᠠᠯᠵᠢᠨ ᠰᠠᠭᠤᠵᠠᠢ᠃
ᠰᠡᠭᠦᠯᠡᠷ ᠨᠢ ᠮᠣᠩᠭᠣᠯ ᠤ᠋ᠨ ᠶᠡᠬᠡ ᠬᠠᠭᠠᠨ ᠤ᠋ ᠣᠷᠳᠣᠨ ᠵᠢᠷᠢᠮ ᠠᠢᠮᠠᠭ ᠤ᠋ᠨ ᠬᠦᠷᠢᠶ᠎ᠡ ᠬᠣᠰᠢᠭᠤ ᠶ᠋ᠢᠨ ᠣᠷᠴᠮ ᠭᠠᠵᠠᠷ ᠲᠤ᠌ ᠪᠠᠢᠭᠤᠯᠵᠤ᠂ ᠲᠡᠨᠳᠡ ᠪᠡᠨ ᠠᠯᠳᠠᠷᠰᠢᠵᠤ ᠲᠥᠷᠥ ᠪᠡᠨ ᠲᠦᠪᠰᠢᠳᠬᠡᠨ ᠤᠯᠤᠰ ᠢ᠋ᠶ᠋ᠠᠨ ᠡᠩᠬᠡᠵᠢᠭᠦᠯᠦᠭᠰᠡᠨ ᠶᠤᠮ᠃
ᠳᠠᠷᠠᠢᠰᠤᠨ ᠬᠦᠳᠡᠩ ᠬᠠᠭᠠᠨ1548—1557 ᠣᠨ ᠬᠦᠷᠲᠡᠯ᠎ᠡ11 ᠵᠢᠯ ᠬᠠᠭᠠᠨ ᠰᠢᠷᠡᠭᠡᠨ ᠳ᠋ᠦ᠍ ᠰᠠᠭᠤᠵᠤ1557 ᠣᠨ ᠳ᠋ᠤ᠌38 ᠨᠠᠰᠤᠲᠠᠢ ᠳ᠋ᠤ᠌ ᠪᠠᠨ ᠥᠭᠡᠳᠡ ᠪᠣᠯᠵᠠᠢ᠃
ᠢᠷᠡᠯᠲᠡ᠄《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠰᠣᠩᠭᠣᠪᠠ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
