ᠢᠲᠡᠭᠡᠯ ᠪᠣᠯ ᠠᠮᠵᠢᠯᠲᠠ ᠶ᠋ᠢᠨ ᠰᠠᠭᠤᠷᠢItgel bol amjiltyn suuriИтгэл бол амжилтын суурь-ᠰᠠᠴᠠᠨᠳᠠᠯᠠᠢ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯ ᠪᠣᠯ ᠠᠮᠵᠢᠯᠲᠠ ᠶ᠋ᠢᠨ ᠰᠠᠭᠤᠷᠢItgel bol amjiltyn suuriИтгэл бол амжилтын суурь-ᠰᠠᠴᠠᠨᠳᠠᠯᠠᠢ

ᠢᠲᠡᠭᠡᠯ ᠪᠣᠯ ᠠᠮᠵᠢᠯᠲᠠ ᠶ᠋ᠢᠨ ᠰᠠᠭᠤᠷᠢItgel bol amjiltyn suuriИтгэл бол амжилтын суурь-ᠰᠠᠴᠠᠨᠳᠠᠯᠠᠢ

2025-09-14

541

                   ᠰᠠᠴᠠᠨᠳᠠᠯᠠᠢ 
ᠬᠥᠮᠦᠰ ᠠᠮᠵᠢᠯᠲᠠ ᠣᠯᠤᠭᠠᠳ ᠪᠠᠢᠳᠠᠭ ᠤ᠋ᠨ ᠨᠢᠭᠡᠨ ᠴᠢᠬᠤᠯᠠ ᠰᠢᠯᠲᠠᠭᠠᠨ ᠨᠢ ᠲᠡᠳᠡ ᠥᠪᠡᠷ ᠦ᠋ᠨ ᠪᠡᠶ᠎ᠡ ᠳ᠋ᠦ᠍  ᠪᠡᠨ ᠲᠤᠢᠯ ᠤ᠋ᠨ ᠶᠡᠬᠡ ᠢᠲᠡᠭᠡᠯ ᠲᠡᠢ ᠪᠠᠢᠳᠠᠭ ᠠ᠋ᠴᠠ ᠪᠣᠯᠳᠠᠭ᠃ ᠬᠠᠷᠢᠨ ᠵᠠᠷᠢᠮ ᠬᠥᠮᠦᠨ ᠶᠠᠭᠤ ᠬᠢᠭᠰᠡᠨ ᠴᠦ᠍ ᠢᠯᠠᠭᠳᠠᠭᠠᠳ ᠪᠠᠢᠳᠠᠭ ᠨᠢ ᠮᠥᠨ ᠴᠦ᠍ ᠲᠡᠳᠡ ᠥᠪᠡᠷ ᠦ᠋ᠨ ᠪᠡᠶ᠎ᠡ ᠳ᠋ᠦ᠍  ᠪᠡᠨ ᠳᠠᠩᠴᠤ ᠢᠲᠡᠭᠡᠯ ᠦᠭᠡᠢ ᠡᠴᠡ ᠪᠣᠯᠳᠠᠭ ᠠᠵᠠᠢ! ᠡᠢᠮᠦ  ᠡᠴᠡ ᠶᠠᠮᠠᠷ ᠴᠤ᠌ ᠨᠢᠭᠡᠨ ᠠᠵᠢᠯ ᠦᠢᠯᠡᠰ ᠢ᠋ ᠬᠢᠵᠦ ᠪᠦᠲᠦᠭᠡᠬᠦ  ᠳ᠋ᠦ᠍ ᠢᠲᠡᠭᠡᠯ ᠲᠡᠢ ᠪᠠᠢᠬᠤ ᠨᠢ ᠲᠤᠢᠯ ᠤ᠋ᠨ ᠴᠢᠬᠤᠯᠠ ᠪᠢᠯᠡ᠃ 
ᠢᠲᠡᠭᠡᠯ ᠭᠡᠵᠦ ᠨᠢᠳᠦᠨ ᠳ᠋ᠦ᠍ ᠦᠵᠡᠭᠳᠡᠬᠦ ᠦᠭᠡᠢ᠂ ᠭᠠᠷ ᠲᠤ᠌ ᠪᠠᠷᠢᠭᠳᠠᠬᠤ ᠦᠭᠡᠢ᠂ ᠬᠥᠮᠦᠨ ᠦ᠌ ᠣᠶᠤᠨ ᠲᠠᠷᠢᠬᠢᠨ  ᠳ᠋ᠤ᠌ ᠣᠷᠣᠰᠢᠵᠤ᠂ ᠦᠢᠯᠡ ᠠᠵᠢᠯᠯᠠᠭ᠎ᠠ ᠳ᠋ᠤ᠌ ᠢᠯᠡᠷᠡᠨ ᠬᠤᠪᠢ ᠵᠠᠶᠠᠭ᠎ᠠ ᠶ᠋ᠢ ᠥᠭᠡᠷᠡᠴᠢᠯᠡᠳᠡᠭ ᠮᠤᠨᠳᠠᠭ ᠶᠡᠬᠡ ᠬᠦᠴᠦᠨ ᠴᠢᠳᠠᠯ ᠲᠠᠢ ᠳᠣᠲᠣᠭᠠᠳᠤ ᠡᠨᠧᠷᠭᠢ ᠪᠣᠯᠤᠨ᠎ᠠ᠃ 
ᠠᠯᠢᠪᠠ ᠤᠴᠢᠷ ᠶᠠᠪᠤᠳᠠᠯ ᠢ᠋ ᠪᠡᠶᠡᠯᠡᠭᠦᠯᠬᠦ ᠳ᠋ᠦ᠍ ᠳᠣᠲᠣᠭᠠᠳᠤ ᠭᠠᠳᠠᠭᠠᠳᠤ ᠨᠥᠬᠥᠴᠡᠯ ᠪᠦᠷᠢᠯᠳᠦᠬᠦ ᠶᠣᠰᠣᠲᠠᠢ ᠭᠡᠪᠡᠴᠦ ᠬᠠᠮᠤᠭ  ᠤ᠋ᠨ ᠴᠢᠬᠤᠯᠠ ᠨᠢ ᠳᠣᠲᠣᠭᠠᠳᠤ ᠨᠥᠬᠥᠴᠡᠯ ᠪᠥᠭᠡᠳ ᠲᠡᠭᠦᠨ ᠦ᠌  ᠳᠣᠲᠣᠷᠠᠬᠢ ᠬᠠᠮᠤᠭ ᠴᠢᠬᠤᠯᠠ ᠨᠢ ᠢᠲᠡᠭᠡᠯ ᠪᠣᠯᠤᠨ᠎ᠠ᠃  ᠳᠣᠲᠣᠭᠠᠳᠤ ᠨᠥᠬᠥᠴᠡᠯ ᠭᠡᠳᠡᠭ ᠨᠢ ᠳᠠᠷᠤᠢ ᠴᠢᠨᠦ ᠬᠤᠪᠢ ᠪᠡᠶ᠎ᠡ ᠶ᠋ᠢᠨ ᠰᠢᠯᠲᠠᠭᠠᠨ ᠢ᠋ ᠬᠡᠯᠡᠵᠦ ᠪᠠᠢᠨ᠎ᠠ᠃ ᠡᠨᠡ ᠳᠣᠲᠣᠭᠠᠳᠤ ᠨᠥᠬᠥᠴᠡᠯ ᠢ᠋ ᠵᠥᠪᠬᠡᠨ ᠴᠢ ᠥᠪᠡᠷ ᠢ᠋ᠶ᠋ᠡᠨ ᠯᠡ ᠪᠡᠶᠡᠯᠡᠭᠦᠯᠵᠦ ᠳᠡᠢᠯᠬᠦ ᠮᠥᠷᠲᠡᠭᠡᠨ᠂ ᠡᠨᠡ ᠳᠣᠲᠣᠭᠠᠳᠤ ᠨᠥᠬᠥᠴᠡᠯ  ᠢ᠋ ᠪᠡᠶᠡᠯᠡᠭᠦᠯᠬᠦ ᠳ᠋ᠦ᠍ ᠴᠢᠨᠦ ᠬᠢᠷᠢ ᠵᠡᠷᠭᠡ ᠢᠳᠡᠪᠬᠢᠲᠡᠢ ᠠᠵᠢᠯᠯᠠᠵᠤ᠂ ᠪᠣᠳᠣᠵᠤ ᠰᠡᠳᠬᠢᠬᠦ ᠲᠡᠢ ᠨᠢᠭᠲᠠ ᠬᠣᠯᠪᠣᠭ᠎ᠠ ᠲᠠᠢ ᠶᠤᠮ ᠠ᠋᠃
ᠡᠢᠮᠦ ᠡᠴᠡ ᠬᠠᠮᠤᠭ ᠤ᠋ᠨ ᠲᠣᠮᠣ ᠳᠠᠢᠰᠤᠨ ᠪᠣᠯ ᠲᠡᠭᠦᠨ ᠦ᠌ ᠥᠪᠡᠷ ᠦ᠋ᠨ ᠪᠡᠶ᠎ᠡ ᠪᠣᠯᠳᠠᠭ ᠪᠠᠢᠨ᠎ᠠ᠃ ᠶᠠᠮᠠᠷ ᠨᠢᠭᠡᠨ ᠠᠵᠢᠯ ᠦᠢᠯᠡᠰ ᠲᠦ᠍ ᠵᠠᠪᠠᠯ ᠥᠪᠡᠷ ᠦ᠋ᠨ ᠪᠡᠶ᠎ᠡ ᠳ᠋ᠦ᠍ ᠪᠡᠨ ᠢᠲᠡᠭᠡᠯ ᠲᠡᠢ ᠪᠠᠢᠬᠤ ᠬᠡᠷᠡᠭᠲᠡᠢ᠃ ᠵᠠᠷᠢᠮ ᠬᠥᠮᠦᠨ ᠪᠤᠷᠬᠠᠨ ᠲᠡᠭᠷᠢ ᠳ᠋ᠦ᠍ ᠢᠲᠡᠭᠡᠵᠦ᠂ ᠬᠤᠪᠢ ᠵᠠᠶᠠᠭᠠᠨ ᠳ᠋ᠤ᠌ ᠪᠠᠨ ᠨᠠᠢᠳᠠᠳᠠᠭ᠃ 
ᠮᠠᠨ ᠤ᠋ ᠤᠯᠤᠰ ᠤ᠋ᠨ ᠨᠢᠭᠡᠨ ᠴᠧᠨ ᠵᠧᠦ ᠭᠡᠰᠡᠨ ᠬᠦᠦ ᠠᠷᠪᠠᠨ ᠬᠡᠳᠦᠨ ᠨᠠᠰᠤᠲᠠᠢ ᠳᠡᠭᠡᠷ᠎ᠡ ᠪᠡᠨ ᠲᠡᠮᠦᠷ ᠵᠠᠮ ᠳᠡᠭᠡᠷ᠎ᠡ ᠨᠠᠭᠠᠳᠴᠤ ᠪᠠᠢᠭᠠᠳ ᠬᠣᠶᠠᠷ ᠬᠥᠯ ᠢ᠋ᠶ᠋ᠡᠨ ᠲᠠᠰᠤ ᠬᠡᠷᠴᠢᠭᠦᠯᠵᠡᠢ᠃ ᠬᠡᠳᠦᠢ ᠪᠡᠷ ᠬᠣᠶᠠᠷ ᠬᠥᠯ ᠦᠭᠡᠢ ᠵᠡᠮᠳᠡᠭ ᠪᠣᠯᠤᠭᠰᠠᠨ ᠴᠤ᠌ ᠦᠬᠦᠬᠦ ᠪᠡᠨ ᠬᠦᠯᠢᠶᠡᠵᠦ ᠵᠦᠭᠡᠷ ᠬᠡᠪᠲᠡᠭᠰᠡᠨ ᠦᠭᠡᠢ᠂ ᠪᠤᠰᠤᠳ ᠤ᠋ᠨ ᠴᠢᠷᠠᠢ ᠶ᠋ᠢ ᠬᠠᠷᠠᠵᠤ ᠠᠮᠢᠳᠤᠷᠠᠭᠰᠠᠨ ᠦᠭᠡᠢ ᠬᠠᠷᠢᠨ ᠥᠪᠡᠷ ᠦ᠋ᠨ ᠭᠡᠰᠡᠨ ᠵᠠᠮ ᠢ᠋ᠶ᠋ᠠᠨ ᠵᠣᠷᠢᠭᠲᠠᠢ ᠰᠣᠩᠭᠣᠵᠤ᠂ ᠣᠳᠣ ᠪᠣᠯᠲᠠᠯ᠎ᠠ 2000 ᠭᠠᠷᠤᠢ ᠬᠣᠲᠠ ᠪᠠᠷ ᠲᠣᠭᠣᠷᠢᠨ ᠲᠣᠭᠯᠠᠯᠲᠠ ᠭᠠᠷᠭᠠᠵᠤ᠂ ᠪᠦᠬᠦᠯᠢ ᠪᠦᠲᠦᠨ ᠭᠡᠷ ᠪᠦᠯᠢ ᠲᠡᠢ ᠪᠣᠯᠵᠤ᠂ ᠲᠠᠢᠱᠠᠨ ᠠᠭᠤᠯᠠ ᠶ᠋ᠢ ᠬᠣᠶᠠᠷ ᠭᠠᠷ ᠢ᠋ᠶ᠋ᠠᠷ ᠮᠠᠴᠤᠨ ᠭᠠᠷᠤᠭᠰᠠᠨ ᠠᠩᠬᠠᠭᠳᠠᠭᠴᠢ ᠬᠥᠮᠦᠨ ᠪᠣᠯᠤᠭᠰᠠᠨ ᠭᠡᠨ᠎ᠠ᠃ ᠪᠡᠶ᠎ᠡ ᠵᠡᠮᠳᠡᠭ ᠪᠠᠢᠭᠰᠠᠨ ᠴᠤ᠌ ᠤᠬᠠᠭᠠᠨ ᠰᠠᠷᠠᠭᠤᠯ ᠪᠠᠢᠵᠤ ᠂ ᠪᠡᠶ᠎ᠡ ᠳ᠋ᠦ᠍ ᠪᠡᠨ ᠢᠲᠡᠭᠡᠯ ᠲᠡᠢ ᠲᠡᠮᠡᠴᠡᠳᠡᠭ ᠶᠦᠮ ᠪᠣᠯ ᠬᠤᠪᠢ ᠵᠠᠶᠠᠭ᠎ᠠ ᠪᠠᠨ ᠥᠭᠡᠷᠡᠴᠢᠯᠡᠵᠦ ᠪᠣᠯᠤᠨ᠎ᠠ ᠭᠡᠰᠡᠨ ᠢ᠋ ᠦᠵᠡᠵᠦ ᠭᠠᠷᠤᠨ᠎ᠠ᠃
 ᠪᠢᠳᠡᠨ ᠦ᠌ ᠠᠵᠢᠯ ᠠᠮᠢᠳᠤᠷᠠᠯ ᠤ᠋ᠨ ᠥᠭᠡᠳᠡ ᠡᠰᠡᠷᠡᠭ ᠤᠷᠤᠭᠰᠢᠲᠠᠢ ᠪᠠᠢᠬᠤ ᠶ᠋ᠢ ᠥᠭᠡᠷ᠎ᠡ ᠬᠥᠮᠦᠨ ᠲᠣᠭᠲᠠᠭᠠᠵᠤ ᠳᠡᠢᠯᠬᠦ ᠦᠭᠡᠢ᠂ ᠵᠥᠪᠬᠡᠨ ᠴᠢᠨᠦ ᠥᠪᠡᠷ ᠦ᠋ᠨ ᠪᠡᠶ᠎ᠡ ᠯᠡ ᠪᠠᠢᠵᠤ ᠲᠠᠭᠠᠷᠠᠨ᠎ᠠ᠃ ᠬᠥᠮᠦᠰ ᠠ᠋᠂ ᠥᠪᠡᠷ ᠦ᠋ᠨ ᠪᠡᠶ᠎ᠡ ᠳ᠋ᠤ᠌ ᠪᠠᠨ ᠢᠲᠡᠭᠡᠯ ᠲᠡᠢ ᠪᠠᠢᠭᠠᠷᠠᠢ! ᠬᠦᠴᠢᠷᠲᠡᠢ ᠭᠡᠳᠡᠭ ᠪᠣᠯ ᠵᠥᠪᠬᠡᠨ ᠴᠢᠨᠦ ᠪᠣᠳᠣᠯ ᠳ᠋ᠤ᠌ ᠪᠠᠢᠭ᠎ᠠ ᠵᠦᠢᠯ ᠰᠢᠦ᠂ ᠨᠠᠷᠢᠯᠢᠭ ᠰᠡᠳᠬᠢᠵᠦ᠂ ᠢᠳᠡᠪᠬᠢᠲᠡᠢ ᠬᠢᠳᠡᠭ ᠯᠡ ᠪᠣᠯ ᠠᠮᠵᠢᠯᠲᠠ ᠴᠢᠨᠦᠬᠢ ᠪᠣᠯᠤᠨ᠎ᠠ᠃ 

   ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ