ᠱᠠᠭ᠎ᠠ ᠶ᠋ᠢᠨ ᠨᠠᠭᠠᠳᠤᠮ -ᠲᠤᠭᠴᠢ ᠯᠤᠪᠰᠠᠩ Shagaagiin naadam-Tugch LuvsanШагаагийн наадам-Тугч Лувсан
ᠱᠠᠭ᠎ᠠ ᠶ᠋ᠢᠨ ᠨᠠᠭᠠᠳᠤᠮ
ᠵᠣᠬᠢᠶᠠᠭᠴᠢ᠄ ᠲᠤᠭᠴᠢ ᠯᠤᠪᠰᠠᠩ
ᠤᠶᠠᠩᠭᠠᠯᠠᠭᠴᠢ᠄ ᠢᠯᠭᠤᠮ
ᠶᠠᠰᠤᠨ ᠡᠷᠳᠡᠨᠢ ᠱᠠᠭ᠎ᠠ ᠪᠠᠨ
ᠢᠮᠠᠭ᠎ᠠ ᠪᠣᠰᠬᠠᠨ ᠣᠷᠬᠢᠯ᠎ᠠ
ᠪᠠᠯᠠᠷ ᠳᠦᠭᠦᠷᠡᠩ ᠪᠡᠯᠴᠢᠭᠡᠨ
ᠪᠠᠬ᠎ᠠ ᠰᠠᠢᠲᠠᠢ ᠨᠠᠭᠠᠳᠤᠯ᠎ᠠ
ᠬᠣᠪᠣᠷ ᠡᠷᠳᠡᠨᠢ ᠱᠠᠭ᠎ᠠ ᠪᠠᠨ
ᠬᠣᠨᠢ ᠪᠤᠰᠬᠠᠨ ᠣᠷᠬᠢᠯ᠎ᠠ
ᠵᠤᠰᠠᠯᠠᠩ ᠳᠦᠭᠥᠷᠡᠨᠭ ᠪᠡᠯᠴᠢᠭᠡᠨ
ᠵᠤᠭ᠎ᠠ ᠴᠡᠩᠭᠡᠯ ᠲᠡᠢ ᠨᠠᠭᠠᠳᠤᠯ᠎ᠠ
ᠦᠨᠡᠨ ᠡᠷᠳᠡᠨᠢ ᠱᠠᠭ᠎ᠠ ᠪᠠᠨ
ᠦᠬᠡᠷ ᠪᠣᠰᠬᠠᠨ ᠣᠷᠬᠢᠯ᠎ᠠ
ᠬᠥᠳᠡᠭᠡ ᠳᠦᠭᠦᠷᠡᠩ ᠪᠡᠯᠴᠢᠭᠡᠨ
ᠬᠥᠷ ᠬᠥᠭᠵᠢᠶᠡᠨ ᠲᠡᠢ ᠨᠠᠭᠠᠳᠤᠯ᠎ᠠ
ᠮᠣᠯᠣᠷ ᠡᠷᠳᠡᠨᠢ ᠱᠠᠭ᠎ᠠ ᠪᠠᠨ
ᠮᠣᠷᠢ ᠪᠣᠰᠬᠠᠨ ᠣᠷᠬᠢᠯ᠎ᠠ
ᠲᠠᠯ᠎ᠠ ᠳᠦᠭᠦᠷᠡᠩ ᠪᠡᠯᠴᠢᠭᠡᠨ
ᠳᠠᠭ᠎ᠠ ᠪᠠᠬ᠎ᠠ ᠲᠠᠢ ᠨᠠᠭᠠᠳᠤᠯ᠎ᠠ
ᠳᠡᠭᠡᠳᠦ ᠡᠷᠳᠡᠨᠢ ᠱᠠᠭ᠎ᠠ ᠪᠠᠨ
ᠲᠡᠮᠡᠭᠡ ᠪᠣᠰᠬᠠᠨ ᠣᠷᠬᠢᠯ᠎ᠠ
ᠭᠣᠪᠢ ᠳᠦᠭᠦᠷᠡᠩ ᠪᠡᠯᠴᠢᠭᠡᠨ
ᠭᠣᠶᠣ ᠰᠠᠢᠬᠠᠨ ᠨᠠᠭᠠᠳᠤᠯ᠎ᠠ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ
