ᠮᠣᠩᠭᠣᠯ ᠴᠡᠭᠡᠷ ᠶᠣᠰᠣᠨMongol tsekher yosonМонгол цэхэр ёсон
ᠡᠷᠡᠦ ᠲᠤᠯᠵᠤ ᠰᠠᠭᠤᠳᠠᠭ ᠦᠭᠡᠢ
ᠡᠩᠭᠡᠷ ᠵᠠᠳᠠᠭᠠᠢ ᠵᠣᠯᠭᠠᠳᠠᠭ ᠦᠭᠡᠢ
ᠡᠪᠴᠢᠭᠦᠦ ᠪᠡᠨ ᠲᠡᠪᠡᠷᠢᠵᠦ ᠵᠣᠭᠰᠣᠳᠠᠭ ᠦᠭᠡᠢ
ᠡᠯᠢᠭᠡ ᠲᠦᠷᠦᠭᠦᠯᠡᠵᠦ ᠬᠡᠪᠲᠡᠳᠡᠭ ᠦᠭᠡᠢ
ᠪᠣᠯᠤᠭᠰᠠᠨ ᠢᠳᠡᠭᠡᠨ ᠡᠴᠡ ᠵᠠᠢᠯᠠᠳᠠᠭ ᠦᠭᠡᠢ
ᠪᠤᠷᠬᠠᠨ ᠢ᠋ ᠬᠤᠷᠤᠭᠤ ᠪᠠᠷ ᠵᠢᠭᠠᠳᠠᠭ ᠦᠭᠡᠢ
ᠪᠣᠱᠣᠭ᠎ᠠ ᠠᠯᠳᠠᠯᠠᠵᠤ ᠵᠣᠭᠰᠣᠳᠠᠭ ᠦᠭᠡᠢ
ᠪᠤᠷᠤᠭᠤ ᠬᠠᠷᠠᠵᠤ ᠮᠣᠷᠢ ᠤᠨᠤᠳᠠᠭ ᠦᠭᠡᠢ
ᠳᠠᠪᠬᠤᠷ ᠮᠠᠯᠠᠭᠠᠢ ᠡᠮᠦᠰᠳᠡᠭ ᠦᠭᠡᠢ
ᠲᠠᠰᠢᠭᠤᠷ ᠲᠤᠯᠵᠤ ᠵᠣᠭᠰᠣᠳᠠᠭ ᠦᠭᠡᠢ
ᠳᠠᠯᠤ ᠶ᠋ᠢᠨ ᠮᠢᠬ᠎ᠠ ᠶ᠋ᠢ ᠭᠠᠭᠴᠠᠭᠠᠷ ᠢᠲᠡᠳᠡᠭ ᠦᠭᠡᠢ
ᠳᠠᠪᠬᠢᠭ᠎ᠠ ᠮᠣᠷᠢ ᠲᠠᠢ ᠠᠢᠯ ᠳ᠋ᠤ᠌ ᠪᠠᠭᠤᠳᠠᠭ ᠦᠭᠡᠢ
ᠭᠠᠷ ᠬᠣᠭᠣᠰᠣᠨ ᠠᠢᠯ ᠳ᠋ᠤ᠌ ᠣᠷᠣᠳᠠᠭ ᠦᠭᠡᠢ
ᠭᠠᠳᠠᠨ᠎ᠠ ᠶ᠋ᠢᠨ ᠬᠥᠮᠦᠨ ᠢ᠋ᠶ᠋ᠡᠷ ᠭᠠᠯ ᠢ᠋ᠶ᠋ᠠᠨ ᠳᠠᠬᠢᠭᠤᠯᠳᠠᠭ ᠦᠭᠡᠢ
ᠭᠠᠷ ᠢ᠋ᠶ᠋ᠠᠨ ᠲᠤᠯᠵᠤ ᠰᠠᠭᠤᠳᠠᠭ ᠦᠭᠡᠢ
ᠭᠠᠯ ᠳ᠋ᠤ᠌ ᠰᠦ ᠲᠣᠰᠣᠭᠠᠳᠠᠭ ᠦᠭᠡᠢ
ᠡᠪᠦᠷ ᠳᠣᠲᠣᠷ᠎ᠠ ᠪᠠᠨ ᠤᠬᠢᠯᠠᠳᠠᠭ ᠦᠭᠡᠢ
ᠦᠳᠡᠰᠢ ᠣᠷᠣᠢ ᠭᠢᠩᠰᠢᠳᠡᠭ ᠦᠭᠡᠢ
ᠦᠯᠢᠭᠡᠷ ᠳᠤᠲᠠᠭᠤ ᠰᠣᠨᠣᠰᠳᠠᠭ ᠦᠭᠡᠢ
ᠥᠷᠥᠭᠡᠰᠦᠨ ᠰᠠᠪᠬ᠎ᠠ ᠪᠠᠷ ᠢᠳᠡᠳᠡᠭ ᠦᠭᠡᠢ
ᠪᠡᠯᠡᠨ ᠬᠣᠭᠣᠯᠠᠨ ᠡᠴᠡ ᠵᠠᠢᠯᠠᠳᠠᠭ ᠦᠭᠡᠢ
ᠪᠡᠯᠡᠭ ᠦ᠋ᠨ ᠮᠣᠷᠢᠨ ᠤ᠋ ᠰᠢᠲᠦ ᠶ᠋ᠢ ᠲᠠᠲᠠᠳᠠᠭ ᠦᠭᠡᠢ
ᠪᠡᠷᠭᠡᠨ ᠬᠥᠮᠦᠨ ᠦ᠌ ᠣᠷᠣ ᠶ᠋ᠢ ᠰᠡᠬᠦᠳᠡᠭ ᠦᠭᠡᠢ
ᠪᠡᠷᠢ ᠬᠥᠮᠦᠨ ᠬᠠᠳᠠᠮ ᠤ᠋ᠨ ᠨᠡᠷ᠎ᠡ ᠶ᠋ᠢ ᠳᠠᠭᠤᠳᠠᠳᠠᠭ ᠦᠭᠡᠢ
ᠠᠯᠤᠰ ᠤ᠋ᠨ ᠵᠠᠮ ᠢ᠋ ᠲᠣᠪᠯᠠᠳᠠᠭ ᠦᠭᠡᠢ
ᠠᠢᠷᠠᠭ ᠤ᠋ᠨ ᠠᠶᠠᠭ᠎ᠠ ᠳᠣᠯᠢᠶᠠᠳᠠᠭ ᠦᠭᠡᠢ
ᠠᠰᠠᠭᠤᠵᠤ ᠬᠡᠯᠡᠵᠦ ᠠᠶᠠᠭᠠᠯᠠᠳᠠᠭ ᠦᠭᠡᠢ
ᠠᠷᠢᠬᠢᠨ ᠤ᠋ ᠢᠷᠣᠭᠠᠷ ᠬᠣᠭᠣᠰᠣᠯᠠᠳᠠᠭ ᠦᠭᠡᠢ
ᠬᠥᠮᠦᠨ ᠦ᠌ ᠮᠥᠷᠥ ᠳᠡᠭᠡᠷ᠎ᠡ ᠭᠠᠷ ᠲᠠᠯᠪᠢᠳᠠᠭ ᠦᠭᠡᠢ
ᠬᠦᠯᠦᠭ ᠦ᠋ᠨ ᠲᠣᠯᠣᠭᠠᠢ ᠳᠡᠭᠡᠷ᠎ᠡ ᠲᠠᠰᠢᠭᠤᠷ ᠣᠷᠣᠭᠤᠯᠳᠠᠭ ᠦᠭᠡᠢ
ᠬᠥᠷᠥᠰᠥ ᠭᠠᠵᠠᠷ ᠬᠥᠨᠳᠡᠢᠯᠡᠳᠡᠭ ᠦᠭᠡᠢ
ᠬᠥᠯ ᠳᠡᠪᠰᠡᠵᠦ ᠭᠠᠰᠠᠯᠳᠠᠭ ᠦᠭᠡᠢ
ᠵᠠᠵᠢᠯᠤᠭᠰᠠᠨ ᠪᠤᠳᠠᠭ᠎ᠠ ᠪᠠᠨ ᠳᠤᠤᠭᠠᠷᠭᠠᠳᠠᠭ ᠦᠭᠡᠢ
ᠵᠠᠯᠭᠢᠭᠰᠠᠨ ᠬᠣᠭᠣᠯᠠ ᠪᠠᠨ ᠪᠤᠴᠠᠭᠠᠳᠠᠭ ᠦᠭᠡᠢ
ᠵᠠᠮ ᠬᠡᠷᠦᠵᠦ ᠵᠣᠭᠰᠣᠳᠠᠭ ᠦᠭᠡᠢ
ᠵᠠᠪᠰᠠᠷ ᠤ᠋ᠨ ᠶᠠᠪᠤᠳᠠᠯ ᠳ᠋ᠤ᠌ ᠣᠷᠣᠳᠠᠭ ᠦᠭᠡᠢ
ᠪᠢᠲᠡᠭᠦᠨ ᠪᠣᠯᠲᠠᠯ᠎ᠠ ᠥᠷᠢᠲᠦᠳᠡᠭ ᠦᠭᠡᠢ
ᠪᠡᠯᠪᠡᠰᠦᠨ ᠭᠣᠣᠨᠢ ᠥᠬᠢᠨ ᠬᠦᠷᠭᠡᠬᠦ ᠳ᠋ᠦ᠍ ᠶᠠᠪᠤᠳᠠᠭ ᠦᠭᠡᠢ
ᠪᠡᠯᠡᠭ ᠦ᠋ᠨ ᠰᠠᠪᠠ ᠬᠣᠭᠣᠰᠣᠨ ᠪᠤᠴᠠᠭᠠᠳᠠᠭ ᠦᠭᠡᠢ
ᠪᠥᠰᠨ ᠢ᠋ᠶ᠋ᠡᠨ ᠨᠠᠷᠠ ᠪᠤᠷᠤᠭᠤ ᠣᠷᠢᠶᠠᠳᠠᠭ ᠦᠭᠡᠢ
ᠰᠢᠷᠡᠭᠡ ᠥᠨᠴᠥᠭᠯᠡᠵᠦ ᠰᠠᠭᠤᠳᠠᠭ ᠦᠭᠡᠢ
ᠰᠢᠨᠠᠭ᠎ᠠ ᠬᠤᠰᠤᠭᠤᠷ ᠳᠣᠯᠢᠶᠠᠳᠠᠭ ᠦᠭᠡᠢ
ᠰᠢᠨ᠎ᠡ ᠪᠡᠷᠢ ᠶ᠋ᠢ ᠰᠢᠷᠣᠢ ᠳᠡᠭᠡᠷ᠎ᠡ ᠪᠠᠭᠤᠯᠭᠠᠳᠠᠭ ᠦᠭᠡᠢ
ᠰᠢᠨ᠎ᠡ ᠶ᠋ᠢᠨ ᠨᠢᠭᠡᠨ ᠳ᠋ᠦ᠍ ᠤᠬᠢᠯᠠᠳᠠᠭ ᠦᠭᠡᠢ
ᠬᠠᠭᠠᠯᠭ᠎ᠠ ᠬᠠᠯᠬᠠᠯᠠᠵᠤ ᠵᠣᠭᠰᠣᠳᠠᠭ ᠦᠭᠡᠢ
ᠬᠠᠨᠴᠤᠢ ᠰᠢᠭᠤᠵᠤ ᠠᠷᠢᠬᠢ ᠪᠠᠷᠢᠳᠠᠭ ᠦᠭᠡᠢ
ᠬᠠᠩᠰᠢ ᠶ᠋ᠢᠨ ᠡᠳᠦᠷ ᠣᠶᠣᠳᠠᠯ ᠣᠶᠣᠳᠠᠭ ᠦᠭᠡᠢ
ᠬᠠᠪᠤᠷ ᠴᠠᠭ ᠱᠠᠭ᠎ᠠ ᠬᠠᠷᠪᠤᠳᠠᠭ ᠦᠭᠡᠢ
ᠡᠳᠦᠷ ᠢ᠋ᠶ᠋ᠡᠷ ᠡᠷᠦᠬᠡ ᠪᠦᠲᠦᠭᠡᠳᠡᠭ ᠦᠭᠡᠢ
ᠡᠳᠦᠷ ᠤᠨᠠᠭᠰᠠᠨ ᠮᠢᠬ᠎ᠠ ᠶ᠋ᠢ ᠠᠪᠳᠠᠭ ᠦᠭᠡᠢ
ᠡᠪᠡᠳᠴᠢᠲᠡᠢ ᠬᠥᠮᠦᠨ ᠲᠣᠯᠢᠳᠠᠳᠠᠭ ᠦᠭᠡᠢ
ᠦᠳᠡ ᠥᠩᠭᠡᠷᠡᠭᠰᠡᠨ ᠦ᠌ ᠳᠠᠷᠠᠭ᠎ᠠ ᠪᠣᠯᠭᠣᠭᠠᠳᠠᠭ ᠦᠭᠡᠢ
ᠲᠣᠭᠣᠭ᠎ᠠ ᠬᠠᠵᠠᠭᠠᠢ ᠲᠠᠯᠪᠢᠳᠠᠭ ᠦᠭᠡᠢ
ᠲᠣᠯᠣᠭᠠᠢ ᠨᠢᠴᠦᠭᠦᠨ ᠠᠢᠯ ᠳ᠋ᠤ᠌ ᠣᠷᠣᠳᠠᠭ ᠦᠭᠡᠢ
ᠲᠣᠮᠣ ᠬᠥᠮᠦᠨ ᠦ᠌ ᠶᠠᠷᠢᠶᠠᠨ ᠳ᠋ᠤ᠌ ᠣᠷᠣᠯᠴᠠᠳᠠᠭ ᠦᠭᠡᠢ
ᠲᠤᠯᠭ᠎ᠠ ᠳᠡᠭᠡᠷ᠎ᠡ ᠲᠠᠮᠠᠬᠢᠨ ᠦᠨᠡᠰᠦ ᠭᠦᠪᠢᠳᠡᠭ ᠦᠭᠡᠢ
ᠠᠷᠤ ᠪᠠᠷ ᠢ᠋ᠶ᠋ᠠᠨ ᠵᠠᠮ ᠲᠠᠢ ᠭᠠᠵᠠᠷ ᠨᠤᠲᠤᠭᠯᠠᠳᠠᠭ ᠦᠭᠡᠢ
ᠠᠶᠠᠨ ᠳ᠋ᠤ᠌ ᠶᠠᠪᠤᠭᠰᠠᠳ ᠵᠠᠮ ᠳᠠᠯᠠᠯᠠᠵᠤ ᠰᠢᠭᠡᠳᠡᠭ ᠦᠭᠡᠢ
ᠠᠳᠤᠭᠤᠨ ᠤ᠋ ᠮᠤᠨᠳᠠᠭ᠎ᠠ ᠳᠡᠯᠯᠡᠳᠡᠭ ᠦᠭᠡᠢ
ᠠᠵᠢᠷᠭᠠᠨ ᠤ᠋ ᠳᠡᠯ ᠰᠡᠭᠦᠯ ᠭᠦᠨᠳᠡᠳᠡᠭ ᠦᠭᠡᠢ
ᠮᠣᠷᠢ ᠲᠠᠢ ᠴᠤᠪᠤᠵᠤ ᠶᠠᠪᠤᠳᠠᠭ ᠦᠭᠡᠢ
ᠮᠣᠷᠳᠠᠬᠤ ᠳ᠋ᠤ᠌ ᠪᠤᠷᠤᠭᠤ ᠲᠠᠯ᠎ᠠ ᠠ᠋ᠴᠠ ᠭᠠᠷᠳᠠᠭ ᠦᠭᠡᠢ
ᠮᠣᠭᠠᠢ ᠡᠳᠦᠷ ᠬᠤᠷᠢᠮ ᠬᠢᠳᠡᠭ ᠦᠭᠡᠢ
ᠮᠣᠷᠳᠠᠬᠤ ᠥᠬᠢᠨ ᠢᠨᠢᠶᠡᠳᠡᠭ ᠦᠭᠡᠢ
ᠵᠣᠭᠰᠣᠭ᠎ᠠ ᠪᠠᠷ ᠠᠷᠢᠬᠢ ᠤᠤᠭᠤᠳᠠᠭ ᠦᠭᠡᠢ
ᠵᠣᠪᠠᠯᠭ᠎ᠠ ᠶ᠋ᠢᠨ ᠮᠢᠬ᠎ᠠ ᠢᠳᠡᠳᠡᠭ ᠦᠭᠡᠢ
ᠵᠣᠴᠢᠨ ᠤ᠋ ᠡᠮᠦᠨ᠎ᠡ ᠲᠣᠭᠣᠭ᠎ᠠ ᠰᠢᠨᠠᠭ᠎ᠠ ᠬᠠᠩᠭᠢᠨᠠᠭᠤᠯᠳᠠᠭ ᠦᠭᠡᠢ
ᠵᠢᠷᠮᠦᠰᠦᠨ ᠡᠴᠡ ᠶᠠᠭᠤᠮ᠎ᠠ ᠬᠠᠷᠠᠮᠯᠠᠳᠠᠭ ᠦᠭᠡᠢ
ᠳᠠᠯᠤ ᠶ᠋ᠢᠨ ᠶᠠᠰᠤ ᠪᠠᠭᠤᠴᠠᠨ ᠳ᠋ᠤ᠌ ᠬᠠᠶᠠᠳᠠᠭ ᠦᠭᠡᠢ
ᠳᠠᠯᠤ ᠬᠡᠮᠡᠯᠢᠵᠦ ᠢᠳᠡᠳᠡᠭ ᠦᠭᠡᠢ
ᠳᠠᠭᠤᠲᠤ ᠪᠣᠷᠣᠭᠠᠨ ᠳ᠋ᠤ᠌ ᠠᠢᠷᠠᠭ ᠪᠦᠯᠢᠳᠡᠭ ᠦᠭᠡᠢ
ᠲᠡᠰᠢᠶ᠎ᠡ ᠲᠤᠯᠵᠤ ᠵᠣᠭᠰᠣᠳᠠᠭ ᠦᠭᠡᠢ
ᠠᠰᠠᠭᠤᠬᠤ ᠨᠢᠷᠤᠭᠤ ᠳᠠᠭᠤ ᠦᠭᠡᠢ ᠡᠪᠳᠡᠳᠡᠭ ᠦᠭᠡᠢ
ᠠᠷᠢᠬᠢᠨ ᠬᠤᠨᠳᠠᠭ᠎ᠠ ᠰᠡᠭᠰᠦᠷᠳᠡᠭ ᠦᠭᠡᠢ
ᠠᠬᠠᠮᠠᠳ ᠠ᠋ᠴᠠ ᠤᠷᠢᠳ ᠤᠤᠭᠤᠵᠤ ᠢᠳᠡᠳᠡᠭ ᠦᠭᠡᠢ
ᠠᠮᠠᠷ ᠮᠡᠨᠳᠦ ᠦᠭᠡᠢ ᠵᠥᠷᠢᠴᠦ ᠭᠠᠷᠳᠠᠭ ᠦᠭᠡᠢ
ᠬᠥᠮᠦᠨ ᠦ᠌ ᠥᠭᠡᠳᠡ ᠬᠢᠲᠤᠭᠠᠨ ᠢᠷ ᠬᠠᠷᠠᠭᠤᠯᠳᠠᠭ ᠦᠭᠡᠢ
ᠬᠦᠵᠦᠭᠦᠨ ᠦ᠌ ᠮᠢᠬ᠎ᠠ ᠳᠠᠩ ᠢ᠋ᠶ᠋ᠠᠷ ᠵᠣᠴᠢᠨ ᠳ᠋ᠤ᠌ ᠭᠠᠷᠭᠠᠳᠠᠭ ᠦᠭᠡᠢ
ᠬᠦᠯᠦᠭ ᠦ᠋ᠨ ᠨᠢᠷᠤᠭᠤᠨ ᠳ᠋ᠤ᠌ ᠰᠦᠪᠡᠭᠡ ᠲᠤᠯᠳᠠᠭ ᠦᠭᠡᠢ
ᠬᠦᠢᠲᠡᠨ ᠬᠣᠰᠢᠭᠤᠲᠤ ᠲᠠᠬᠢᠯ ᠳ᠋ᠤ᠌ ᠡᠷᠭᠦᠳᠡᠭ ᠦᠭᠡᠢ
ᠬᠣᠭᠣᠰᠣᠨ ᠰᠠᠪᠠ ᠪᠠᠷᠢᠵᠤ ᠵᠣᠴᠢᠨ ᠤᠭᠲᠤᠳᠠᠭ ᠦᠭᠡᠢ
ᠬᠣᠷᠮᠣᠢ ᠰᠢᠭᠤᠵᠤ ᠠᠮᠤᠷ ᠠᠰᠠᠭᠤᠳᠠᠭ ᠦᠭᠡᠢ
ᠬᠤᠪᠴᠠᠰᠤ ᠬᠤᠨᠠᠷ ᠡᠯᠢᠭᠡᠳᠡᠭᠦᠯᠵᠦ ᠲᠠᠯᠪᠢᠳᠠᠭ ᠦᠭᠡᠢ
ᠬᠣᠨᠢᠨ ᠤ᠋ ᠬᠣᠭᠣᠯᠠᠢ ᠶ᠋ᠢ ᠣᠭᠲᠣᠯᠵᠤ ᠨᠢᠲᠤᠯᠳᠠᠭ ᠦᠭᠡᠢ
ᠭᠡᠭᠡᠭᠰᠡᠨ ᠮᠠᠯᠠᠭᠠᠢ ᠠᠪᠳᠠᠭ ᠦᠭᠡᠢ
ᠭᠡᠷ ᠦ᠋ᠨ ᠣᠢᠷᠬᠠᠨ ᠮᠣᠷᠢ ᠬᠠᠷᠠᠳᠠᠭ ᠦᠭᠡᠢ
ᠭᠡᠯᠦᠩ ᠬᠥᠮᠦᠨ ᠳᠠᠭᠤᠤ ᠳᠠᠭᠤᠯᠠᠳᠠᠭ ᠦᠭᠡᠢ
ᠭᠡᠷᠭᠡᠢ ᠨᠥᠬᠥᠷ ᠬᠣᠶᠠᠷ ᠰᠢᠨᠡᠯᠡᠳᠡᠭ ᠦᠭᠡᠢ
ᠥᠯᠥᠭᠡᠢ ᠲᠡᠢ ᠬᠡᠦᠬᠡᠳ ᠢ᠋ ᠠᠰ ᠬᠠᠷᠠᠳᠠᠭ ᠦᠭᠡᠢ
ᠦᠭᠡᠨ ᠳ᠋ᠦ᠍ ᠣᠷᠣᠭ᠎ᠠ ᠦᠭᠡᠢ ᠬᠡᠦᠬᠡᠳ ᠢ᠋ ᠭᠡᠳᠡᠭᠡᠯᠡᠳᠡᠭ ᠦᠭᠡᠢ
ᠦᠬᠡᠷ ᠦ᠋ᠨ ᠡᠪᠡᠷ ᠢ᠋ ᠴᠣᠬᠢᠳᠠᠭ ᠦᠭᠡᠢ
ᠦᠨᠢᠶ᠎ᠡ ᠶ᠋ᠢ ᠪᠤᠷᠤᠭᠤ ᠲᠠᠯ᠎ᠠ ᠠ᠋ᠴᠠ ᠰᠠᠭᠠᠳᠠᠭ ᠦᠭᠡᠢ
ᠬᠠᠷ᠎ᠠ ᠤᠰᠤ ᠰᠠᠮᠤᠷᠳᠠᠭ ᠦᠭᠡᠢ
ᠬᠠᠨᠴᠤᠢ ᠪᠠᠨ ᠳᠣᠲᠣᠭᠰᠢ ᠨᠤᠭᠤᠯᠳᠠᠭ ᠦᠭᠡᠢ
ᠬᠠᠢᠴᠢ ᠠᠩᠭᠠᠢᠯᠠᠭᠠᠴᠤ ᠲᠠᠯᠪᠢᠳᠠᠭ ᠦᠭᠡᠢ
ᠬᠠᠭᠤᠷᠠᠢ ᠬᠤᠳᠳᠤᠭ ᠥᠩᠭᠡᠢᠳᠡᠭ ᠦᠭᠡᠢ
ᠭᠣᠯᠣᠮᠲᠠ ᠳᠡᠭᠡᠷ᠎ᠡ ᠤᠰᠤ ᠴᠢᠳᠬᠤᠳᠠᠭ ᠦᠭᠡᠢ
ᠭᠣᠣᠯ ᠤ᠋ᠨ ᠤᠰᠤᠨ ᠳ᠋ᠤ᠌ ᠪᠡᠶ᠎ᠡ ᠤᠬᠢᠶᠠᠳᠠᠭ ᠦᠭᠡᠢ
ᠭᠤᠲᠤᠯ ᠤ᠋ᠨ ᠲᠦᠷᠡᠢ ᠡᠷᠭᠢᠭᠦᠯᠳᠡᠭ ᠦᠭᠡᠢ
ᠭᠠᠭᠴᠠ ᠬᠤᠷᠤᠭᠤ ᠪᠠᠷ ᠵᠢᠭᠠᠵᠤ ᠲᠣᠭᠠᠯᠠᠳᠠᠭ ᠦᠭᠡᠢ
ᠬᠤᠷᠢᠮ ᠳ᠋ᠤ᠌ ᠰᠠᠭᠤᠳᠠᠯ ᠰᠣᠯᠢᠳᠠᠭ ᠦᠭᠡᠢ
ᠬᠤᠳᠳᠤᠭ ᠤ᠋ᠨ ᠣᠩᠭᠣᠴᠠ ᠬᠣᠭᠣᠰᠣᠨ ᠪᠠᠢᠯᠭᠠᠳᠠᠭ ᠦᠭᠡᠢ
ᠬᠣᠷᠭᠣᠯ ᠬᠡᠢᠰᠬᠡᠨ ᠨᠠᠭᠠᠳᠳᠠᠭ ᠦᠭᠡᠢ
ᠬᠣᠨᠢᠨ ᠤ᠋ ᠲᠣᠯᠣᠭᠠᠢ ᠡᠮᠦᠨᠡᠰᠢ ᠬᠠᠨᠳᠤᠭᠤᠯᠵᠤ ᠨᠢᠲᠤᠯᠳᠠᠭ ᠦᠭᠡᠢ
ᠡᠪᠡᠰᠦ ᠨᠣᠭᠣᠭ᠎ᠠ ᠥᠭᠲᠡᠭᠡᠳᠡᠭ ᠦᠭᠡᠢ
ᠡᠮᠡᠭᠡᠯ ᠳᠡᠷᠡᠯᠡᠵᠦ ᠬᠡᠪᠲᠡᠳᠡᠭ ᠦᠭᠡᠢ
ᠡᠬᠡᠨᠡᠷ ᠬᠥᠮᠦᠨ ᠭᠠᠭᠴᠠ ᠭᠡᠵᠢᠭᠡ ᠲᠠᠯᠪᠢᠳᠠᠭ ᠦᠭᠡᠢ
ᠡᠷ᠎ᠡ ᠬᠥᠮᠦᠨ ᠪᠦᠰᠡ ᠦᠭᠡᠢ ᠶᠠᠪᠤᠳᠠᠭ ᠦᠭᠡᠢ
ᠠᠯᠠᠭᠠᠨ ᠳᠡᠭᠡᠷ᠎ᠡ ᠦᠰᠦᠭ ᠪᠢᠴᠢᠳᠡᠭ ᠦᠭᠡᠢ
ᠠᠶᠠᠭ᠎ᠠ ᠰᠠᠪᠠ ᠬᠥᠮᠥᠷᠢᠵᠦ ᠲᠠᠯᠪᠢᠳᠠᠭ ᠦᠭᠡᠢ
ᠠᠭᠲᠠ ᠮᠣᠷᠢᠨ ᠳᠡᠭᠡᠷ᠎ᠡ ᠰᠠᠨᠳᠠᠢᠯᠠᠵᠤ ᠰᠠᠭᠤᠳᠠᠭ ᠦᠭᠡᠢ
ᠷᠠᠰᠢᠶᠠᠨ ᠤᠰᠤ ᠪᠠᠷ ᠮᠠᠯ ᠤᠰᠤᠯᠠᠳᠠᠭ ᠦᠭᠡᠢ
ᠲᠡᠮᠡᠭᠡ ᠪᠡᠨ ᠪᠤᠷᠠᠨᠲᠠᠭ ᠲᠠᠢ ᠨᠢ ᠬᠤᠳᠠᠯᠳᠤᠳᠠᠭ ᠦᠭᠡᠢ
ᠳᠡᠩᠨᠡᠭᠡ ᠠᠴᠢᠶ᠎ᠠ ᠴᠢᠩᠭ᠎ᠠ ᠲᠠᠲᠠᠳᠠᠭ ᠦᠭᠡᠢ
ᠳᠡᠪᠦᠷ᠎ᠡ ᠶ᠋ᠢᠨ ᠴᠣᠷᠭᠣ ᠡᠭᠦᠳᠡᠨ ᠬᠠᠨᠳᠤᠭᠤᠯᠴᠤ ᠲᠠᠯᠪᠢᠳᠠᠭ ᠦᠭᠡᠢ
ᠲᠡᠭᠷᠢ ᠥᠭᠡᠳᠡ ᠬᠠᠷᠠᠵᠤ ᠰᠢᠭᠡᠳᠡᠭ ᠦᠭᠡᠢ
ᠰᠦ ᠨᠠᠭᠠᠯᠳᠤᠭᠰᠠᠨ ᠰᠢᠨᠠᠭ᠎ᠠ ᠭᠣᠣᠯ ᠳ᠋ᠤ᠌ ᠬᠢᠳᠡᠭ ᠦᠭᠡᠢ
ᠰᠦᠷᠦᠭ ᠲᠠᠰᠤᠯᠠᠵᠤ ᠠᠪᠠᠯᠠᠵᠤ ᠬᠠᠷᠪᠤᠳᠠᠭ ᠦᠭᠡᠢ
ᠰᠦᠮ᠎ᠡ ᠬᠡᠢᠳ ᠲᠦ᠍ ᠦᠢᠮᠡᠵᠦ ᠬᠡᠯᠡᠯᠴᠡᠳᠡᠭ ᠦᠭᠡᠢ
ᠰᠥᠨᠢ ᠣᠷᠣᠢ ᠭᠡᠵᠢᠭᠡ ᠰᠠᠮᠨᠠᠳᠠᠭ ᠦᠭᠡᠢ
ᠤᠷᠭ᠎ᠠ ᠬᠡᠪᠲᠡᠭᠦᠯᠵᠤ ᠲᠠᠯᠪᠢᠳᠠᠭ ᠦᠭᠡᠢ
ᠤᠰᠤᠨ ᠳ᠋ᠠᠬᠢ ᠠᠳᠤᠭᠤ ᠶ᠋ᠢ ᠦᠷᠭᠦᠭᠡᠳᠡᠭ ᠦᠭᠡᠢ
ᠤᠨᠤᠭ᠎ᠠ ᠬᠦᠯᠦᠭ ᠢ᠋ᠶ᠋ᠡᠨ ᠮᠠᠭᠤᠯᠠᠳᠠᠭ ᠦᠭᠡᠢ
ᠤᠷᠭᠤᠭ᠎ᠠ ᠮᠣᠳ᠋ᠳ ᠲᠤ᠌ ᠬᠥᠯᠥᠰᠥ ᠲᠡᠢ ᠮᠣᠷᠢ ᠤᠶᠠᠳᠠᠭ ᠦᠭᠡᠢ
ᠨᠣᠬᠠᠢ ᠵᠠᠢᠳᠠᠯᠠᠵᠤ ᠲᠣᠭᠯᠠᠳᠠᠭ ᠦᠭᠡᠢ
ᠨᠣᠭᠲᠣ ᠪᠠᠷ ᠮᠣᠷᠢ ᠵᠣᠳᠣᠳᠠᠭ ᠦᠭᠡᠢ
ᠨᠣᠣᠷᠬᠠᠢ ᠳᠡᠪᠡᠯ ᠲᠡᠢ ᠰᠢᠨᠡᠯᠡᠳᠡᠭ ᠦᠭᠡᠢ
ᠨᠤᠭᠤᠯᠤᠭᠤᠷ ᠢ᠋ ᠭᠡᠷᠯᠡᠭᠡ ᠦᠭᠡᠢ ᠬᠡᠦᠬᠡᠨ ᠳ᠋ᠦ᠍ ᠢᠳᠡᠭᠦᠯᠳᠡᠭ ᠦᠭᠡᠢ
ᠳᠡᠷᠡ ᠳᠡᠭᠡᠷ᠎ᠡ ᠪᠡᠨ ᠳᠠᠭᠤᠯᠠᠳᠠᠭ ᠦᠭᠡᠢ
ᠳᠡᠯᠢᠭᠦᠦ ᠮᠢᠬ᠎ᠠ ᠬᠡᠦᠬᠡᠳ ᠲᠦ᠍ ᠢᠳᠡᠭᠦᠯᠳᠡᠭ ᠦᠭᠡᠢ
ᠲᠠᠰᠢᠭᠤᠷ ᠪᠠᠷᠢᠵᠤ ᠠᠢᠯ ᠳ᠋ᠤ᠌ ᠣᠷᠣᠳᠠᠭ ᠦᠭᠡᠢ
ᠲᠠᠢᠵᠢ ᠨᠠᠷ ᠬᠣᠭᠣᠷᠣᠨᠳᠣ ᠪᠠᠨ ᠤᠷᠤᠭᠯᠠᠳᠠᠭ ᠦᠭᠡᠢ
ᠨᠠᠰᠤᠲᠠᠨ ᠤ᠋ ᠳᠡᠷᠭᠡᠳᠡ ᠨᠢᠷᠤᠭᠤ ᠡᠭᠦᠷᠳᠡᠭ ᠦᠭᠡᠢ
ᠨᠠᠷᠠ ᠰᠠᠷᠠᠨ ᠤ᠋ ᠡᠰᠡᠷᠭᠦ ᠬᠠᠨᠳᠤᠵᠤ ᠪᠡᠶ᠎ᠡ ᠵᠠᠰᠠᠳᠠᠭ ᠦᠭᠡᠢ
ᠨᠠᠶᠠ ᠬᠡᠲᠦᠷᠡᠭᠰᠡᠨ ᠬᠥᠮᠦᠨ ᠦ᠌ ᠨᠠᠰᠤ ᠶ᠋ᠢ ᠠᠰᠠᠭᠤᠳᠠᠭ ᠦᠭᠡᠢ
ᠨᠠᠢᠷ ᠬᠤᠷᠢᠮ ᠳ᠋ᠤ᠌ ᠨᠠᠭᠠᠴᠤ ᠨᠠᠷ ᠤ᠋ᠨ ᠳᠡᠭᠡᠲᠡᠢ ᠰᠠᠭᠤᠳᠠᠭ ᠦᠭᠡᠢ
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
