ᠵᠦᠴᠢ – ᠰᠠᠮᠠᠷᠺᠠᠨᠳ᠋ ᠲᠤ ᠳᠡᠭᠳᠡᠭᠰᠡᠨ ᠲᠦᠢᠮᠡᠷ - ᠴᠢᠩᠭᠢᠰ ᠬᠠᠭᠠᠨ ᠊ᠤ᠌ ᠨᠢᠭᠤᠴᠠ ᠲᠡᠦᠬᠡ 19 Зүч – Самаркандад дэгдсэн түймэр - Чингис хаан оо нууц түүх 19
ᠰᠡᠮᠡᠷᠺᠡᠨᠳ᠋ ᠲᠦ᠍ ᠳᠡᠭᠳᠡᠭᠰᠡᠨ ᠲᠦᠢᠮᠡᠷ
ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠡᠨᠡ ᠰᠢᠢᠳᠪᠦᠷᠢ ᠳ᠋ᠦ᠍ ᠵᠥᠴᠢ ᠲᠤᠢᠯ ᠤ᠋ᠨ ᠪᠠᠶᠠᠷᠲᠠᠢ ᠪᠠᠢᠯ᠎ᠠ᠃ ᠥᠪᠡᠷ ᠦ᠋ᠨ ᠲᠤᠰᠠᠭᠠᠷ ᠤᠯᠤᠰ ᠢ᠋ ᠪᠠᠢᠭᠤᠯᠤᠨ ᠰᠠᠭᠤᠬᠤ ᠨᠢ ᠵᠥᠴᠢ ᠶ᠋ᠢᠨ ᠭᠠᠭᠴᠠ ᠳᠠᠯᠳᠠ ᠬᠦᠰᠡᠯ ᠮᠥᠷᠥᠭᠡᠳᠦᠯ ᠪᠣᠯᠤᠭᠠᠳ ᠪᠠᠢᠪᠠ᠃ ᠪᠠᠰᠠ ᠰᠡᠳᠬᠢᠯ ᠦ᠋ᠨ ᠭᠦᠨ ᠳ᠋ᠡᠬᠢ ᠠᠷᠢᠯᠤᠰᠢ ᠦᠭᠡᠢ ᠭᠣᠮᠣᠳᠠᠯ᠂ ᠭᠦᠨᠵᠡᠭᠡᠢ ᠬᠠᠷᠠᠭᠤᠰᠤᠯ ᠢ᠋ᠶ᠋ᠠᠨ ᠲᠠᠢᠯᠬᠤ ᠭᠠᠭᠴᠠ ᠠᠷᠭ᠎ᠠ ᠨᠢ ᠴᠦ᠍ ᠡᠨᠡ ᠶᠦᠮ᠃ ᠥᠪᠡᠷ ᠦ᠋ᠨ ᠲᠤᠰᠠᠭᠠᠷ ᠤᠯᠤᠰ ᠢ᠋ ᠪᠠᠢᠭᠤᠯᠵᠤ ᠬᠡᠨ ᠡᠴᠡ ᠴᠦ᠍ ᠬᠠᠷᠢᠶᠠᠲᠤ ᠪᠤᠰᠤ ᠰᠠᠭᠤᠬᠤ ᠪᠠᠷ ᠵᠥᠴᠢ ᠬᠠᠲᠠᠭᠤ ᠰᠢᠢᠳᠦᠭᠰᠡᠨ ᠪᠠᠢᠯ᠎ᠠ᠃ ᠲᠡᠷᠡ ᠢᠩᠭᠢᠵᠦ ᠡᠷᠭᠢᠯᠲᠡ ᠪᠤᠴᠠᠯᠲᠠ ᠦᠭᠡᠢ ᠬᠠᠲᠠᠭᠤ ᠴᠢᠩᠭ᠎ᠠ ᠪᠠᠷ ᠵᠣᠷᠢᠭᠯᠠᠨ ᠰᠢᠢᠳᠦᠭᠰᠡᠨ ᠨᠢ ᠥᠭᠡᠳᠡᠢ ᠶ᠋ᠢ ᠬᠠᠭᠠᠨ ᠰᠠᠭᠤᠷᠢ ᠵᠠᠯᠭᠠᠮᠵᠢᠯᠠᠭᠤᠯᠬᠤ ᠪᠠᠷ ᠰᠣᠩᠭᠣᠬᠤ ᠳ᠋ᠤ᠌ ᠪᠣᠯᠤᠭᠰᠠᠨ ᠬᠡᠷᠡᠭᠦᠯ ᠦ᠋ᠨ ᠳᠠᠷᠠᠭ᠎ᠠ ᠶᠤᠮ᠃ ᠲᠡᠷᠡ ᠡᠳᠦᠷ ᠢ᠋ ᠬᠦᠷᠲᠡᠯ᠎ᠡ ᠬᠡᠷᠬᠢᠨ ᠬᠠᠭᠤᠷᠲᠠᠵᠤ ᠬᠡᠢ ᠬᠣᠭᠣᠰᠣᠨ ᠵᠡᠷᠭᠡᠯᠭᠡᠨ ᠳᠤᠮᠳᠠ ᠠᠮᠢᠳᠤᠷᠠᠵᠤ ᠪᠠᠢᠭᠰᠠᠨ ᠢ᠋ᠶ᠋ᠠᠨ ᠵᠥᠴᠢ ᠲᠡᠭᠡᠬᠦ ᠳ᠋ᠦ᠍ ᠶᠠᠰᠤ ᠮᠢᠬᠠᠨ ᠳ᠋ᠠᠭᠠᠨ ᠰᠢᠩᠭᠡᠭᠡᠵᠦ᠂ ᠣᠢ ᠲᠣᠢᠨ ᠳ᠋ᠠᠭᠠᠨ ᠣᠷᠣᠲᠠᠯ᠎ᠠ ᠮᠡᠳᠡᠷᠡᠵᠦ ᠭᠠᠰᠢᠭᠤᠨ ᠢ᠋ᠶ᠋ᠠᠷ ᠬᠠᠷᠠᠮᠰᠠᠨ ᠤᠬᠢᠯᠠᠵᠤ ᠪᠢᠯᠡ᠃ ᠴᠢᠩᠭᠢᠰ ᠬᠠᠭᠠᠨ ᠤ᠋ ᠦᠷᠭᠦᠭᠡᠨ ᠳ᠋ᠦ᠍ ᠪᠣᠯᠤᠭᠰᠠᠨ ᠶᠡᠬᠡ ᠵᠥᠪᠯᠡᠯᠭᠡᠨ ᠥᠨᠳᠥᠷᠯᠡᠵᠦ ᠥᠭᠡᠳᠡᠢ ᠶ᠋ᠢ ᠬᠠᠭᠠᠨ ᠰᠠᠭᠤᠷᠢᠨ ᠳ᠋ᠤ᠌ ᠵᠠᠯᠭᠠᠮᠵᠢᠯᠠᠭᠤᠯᠤᠨ ᠰᠠᠭᠤᠯᠭᠠᠬᠤ ᠪᠠᠷ ᠵᠠᠷᠯᠢᠭ ᠪᠠᠭᠤᠯᠭᠠᠭᠰᠠᠨ ᠨᠢ ᠵᠥᠴᠢ ᠶ᠋ᠢᠨ ᠰᠡᠳᠬᠢᠯ ᠦ᠋ᠨ ᠳᠣᠲᠣᠷ᠎ᠠ ᠪᠣᠭᠰᠢᠨ ᠬᠤᠷᠠᠮᠳᠤᠯᠠᠭᠳᠠᠭᠰᠠᠨ ᠣᠯᠠᠨ ᠵᠥᠷᠢᠴᠡᠯ ᠭᠣᠮᠣᠳᠠᠯ ᠢ᠋ ᠵᠠᠳᠠ ᠲᠠᠲᠠᠵᠤ ᠢᠯᠳᠦ ᠰᠡᠯᠡᠮ᠎ᠡ᠂ ᠢᠷᠲᠦ ᠮᠡᠰᠡᠨ ᠦ᠌ ᠡᠳᠡᠭᠡᠷᠡᠰᠢ ᠦᠭᠡᠢ ᠢᠯᠡ ᠰᠢᠷᠬ᠎ᠠ ᠮᠡᠲᠦ ᠰᠢᠨᠠᠯᠭᠠᠨ ᠲᠡᠭᠦᠨ ᠦ᠌ ᠳᠥᠴᠢ ᠰᠢᠬᠠᠮ ᠵᠢᠯ ᠦ᠋ᠨ ᠦᠢᠯᠡᠲᠦ ᠠᠮᠢᠳᠤᠷᠠᠯ ᠤ᠋ᠨ ᠪᠦᠬᠦ ᠵᠣᠷᠢᠯᠭ᠎ᠠ ᠤᠳᠬ᠎ᠠ ᠶ᠋ᠢ ᠰᠠᠷᠨᠢᠭᠤᠯᠤᠨ ᠬᠠᠶᠠᠵᠠᠢ᠃ ᠴᠢᠩᠭᠢᠰ ᠬᠠᠭᠠᠨ ᠤ᠋ ᠬᠦᠷᠢᠶᠡᠨ ᠡᠴᠡ ᠬᠥᠳᠡᠯᠵᠦ ᠰᠡᠯᠡᠩᠭᠡ ᠮᠥᠷᠡᠨ ᠦ᠌ ᠪᠠᠷᠠᠭᠤᠨ ᠴᠢᠳᠬᠤᠯᠠᠩ ᠢᠳᠡᠷ ᠦ᠋ᠨ ᠭᠣᠣᠯ ᠤ᠋ᠨ ᠬᠥᠪᠡᠭᠡᠨ ᠳ᠋ᠦ᠍ ᠪᠠᠢᠬᠤ ᠥᠪᠡᠷ ᠦ᠋ᠨ ᠬᠦᠷᠢᠶ᠎ᠡ ᠤᠷᠤᠭᠤ ᠮᠣᠷᠳᠠᠬᠤ ᠳ᠋ᠠᠭᠠᠨ ᠬᠡᠷᠡᠭ ᠪᠣᠯᠭᠠᠵᠤ ᠪᠥᠷᠲᠡ ᠡᠬᠡ ᠲᠡᠢ ᠪᠡᠨ ᠴᠦ᠍ ᠠᠭᠤᠯᠵᠠᠭᠰᠠᠨ ᠦᠭᠡᠢ ᠨᠢ ᠲᠡᠭᠦᠨ ᠦ᠌ ᠰᠡᠳᠬᠢᠯ ᠦ᠋ᠨ ᠵᠣᠪᠠᠯᠠᠩ ᠬᠢᠮᠤᠷᠠᠯ ᠬᠡᠴᠢᠨᠡᠨ ᠭᠦᠨᠵᠡᠭᠡᠢ ᠪᠣᠯᠤᠭᠰᠠᠨ ᠢ᠋ ᠢᠯᠡᠳᠬᠡᠨ᠎ᠡ᠃ ᠲᠡᠷᠡ ᠬᠡᠵᠢᠶ᠎ᠡ ᠴᠦ᠍ ᠢᠩᠭᠢᠵᠦ ᠡᠬᠡ ᠳ᠋ᠡᠭᠡᠨ ᠬᠠᠢᠷ᠎ᠠ ᠬᠠᠯᠠᠮᠵᠢ ᠦᠭᠡᠢ ᠬᠠᠨᠳᠤᠵᠤ ᠪᠠᠢᠭ᠎ᠠ ᠦᠭᠡᠢ ᠪᠥᠭᠡᠳ ᠴᠣᠬᠣᠮ ᠢᠩᠭᠢᠭᠰᠡᠨ ᠨᠢ ᠪᠦᠬᠦ ᠪᠣᠯᠤᠭᠰᠠᠨ ᠬᠡᠷᠡᠭ ᠦ᠋ᠨ ᠤᠴᠢᠷ ᠲᠤ᠌ ᠡᠬᠡ ᠶ᠋ᠢ ᠪᠡᠨ ᠪᠤᠷᠤᠭᠤᠳᠬᠠᠨ ᠪᠣᠳᠣᠭᠰᠠᠨ ᠤ᠋ ᠬᠢ ᠪᠠᠢᠪᠠ᠃ ᠶᠡᠬᠡ ᠤᠯᠤᠰ ᠤ᠋ᠨ ᠪᠦᠬᠦ ᠶᠡᠬᠡᠰ ᠳᠡᠭᠡᠳᠦᠰ ᠦ᠋ᠨ ᠡᠮᠦᠨ᠎ᠡ 《ᠮᠡᠷᠭᠢᠳ ᠦ᠋ᠨ ᠣᠷᠬᠢᠳᠠᠰᠤ》 ᠬᠡᠮᠡᠭᠳᠡᠨ ᠭᠤᠲᠤᠭᠠᠨ ᠳᠣᠷᠣᠮᠵᠢᠯᠠᠭᠳᠠᠵᠤ ᠣᠯᠠᠨ ᠪᠦᠭᠦᠳᠡᠭᠡᠷ ᠡᠭᠦᠨ ᠢ᠋ ᠢᠯᠡᠳᠲᠡ ᠬᠦᠯᠢᠶᠡᠨ ᠵᠥᠪᠰᠢᠶᠡᠷᠡᠵᠦ ᠪᠠᠢᠭᠰᠠᠨ ᠲᠡᠳᠦᠢ ᠦᠭᠡᠢ ᠪᠦᠷ ᠴᠢᠩᠭᠢᠰ ᠬᠠᠭᠠᠨ᠂ ᠴᠠᠭᠠᠲᠠᠢ ᠶ᠋ᠢᠨ ᠭᠠᠰᠢᠭᠤᠨ ᠦᠭᠡ ᠶ᠋ᠢ ᠰᠣᠨᠣᠰᠤᠭᠠᠳ ᠣᠭᠲᠣ ᠬᠢᠯᠢᠩᠨᠡᠭᠰᠡᠨ ᠦᠭᠡᠢ ᠪᠡᠷ ᠪᠠᠷᠠᠬᠤ ᠦᠭᠡᠢ ᠬᠠᠷᠢᠨ ᠪᠢᠲᠡᠭᠦᠦ ᠳᠡᠮᠵᠢᠵᠦ ᠵᠥᠭᠡᠯᠡᠨ ᠢ᠋ᠶ᠋ᠡᠷ ᠬᠠᠨᠳᠤᠨ
| ᠡᠭᠦᠨ ᠡᠴᠡ ᠬᠣᠢᠰᠢ ᠵᠥᠴᠢ ᠶ᠋ᠢ ᠢᠩᠭᠢᠵᠦ ᠪᠤᠤ ᠡᠨᠳᠡ ᠦᠵᠡ ᠭᠡᠰᠡᠨ ᠲᠡᠳᠦᠢ ᠦᠭᠡ ᠬᠡᠯᠡᠭᠰᠡᠨ ᠨᠢ ᠵᠥᠴᠢ ᠶ᠋ᠢᠨ ᠠᠭᠤᠷ ᠬᠢᠯᠢᠩ ᠢ᠋ ᠬᠠᠮᠤᠭ ᠠ᠋ᠴᠠ ᠶᠡᠬᠡ ᠪᠡᠷ ᠣᠪᠣᠯᠵᠠᠭᠤᠯᠵᠠᠢ᠃ ᠡᠨᠡ ᠨᠢ ᠴᠢᠩᠭᠢᠰ ᠬᠠᠭᠠᠨ ᠲᠡᠭᠦᠨ ᠢ᠋ ᠥᠪᠡᠷ ᠦ᠋ᠨ ᠠᠯᠲᠠᠨ ᠤᠷᠤᠭ ᠢ᠋ ᠳᠠᠭᠠᠭᠰᠠᠨ ᠵᠣᠯᠪᠢᠩ ᠨᠣᠬᠠᠢ ᠮᠡᠲᠦ ᠦᠵᠡᠵᠦ ᠪᠣᠢ ᠬᠡᠷᠡᠭ ᠭᠡᠵᠦ ᠵᠥᠴᠢ ᠭᠣᠮᠣᠳᠠᠨ ᠭᠤᠳᠤᠷᠠᠵᠠᠢ᠃ ᠮᠠᠷᠭᠤᠭᠠᠨ ᠦᠭᠡᠢ ᠦᠨᠡᠨ ᠪᠣᠯᠵᠤ ᠪᠠᠲᠤᠯᠠᠭᠳᠠᠭᠰᠠᠨ᠂ ᠪᠦᠷ ᠣᠯᠠᠨ ᠤ᠋ ᠡᠮᠦᠨ᠎ᠡ ᠢᠯᠡ ᠵᠠᠷᠯᠠᠭᠳᠠᠭᠰᠠᠨ᠂ ᠴᠢᠩᠭᠢᠰ ᠬᠠᠭᠠᠨ ᠬᠦᠯᠢᠶᠡᠨ ᠵᠥᠪᠰᠢᠶᠡᠷᠡᠭᠰᠡᠨ ᠮᠡᠷᠭᠢᠳ ᠭᠠᠷᠤᠯ ᠨᠢ ᠵᠥᠴᠢ ᠶ᠋ᠢ᠂ ᠲᠡᠭᠦᠨ ᠦ᠌ ᠦᠷ᠎ᠡ ᠬᠡᠦᠬᠡᠳ ᠢ᠋ ᠬᠡᠵᠢᠶ᠎ᠡ ᠴᠦ᠍ ᠠᠯᠲᠠᠨ ᠤᠷᠤᠭ ᠲᠤ᠌ ᠪᠠᠭᠲᠠᠭᠠᠨ ᠲᠣᠭᠠᠴᠠᠵᠤ ᠦᠵᠡᠬᠦ ᠦᠭᠡᠢ ᠭᠡᠳᠡᠭ ᠢ᠋ ᠲᠣᠳᠣᠷᠠᠭᠤᠯᠵᠤ ᠪᠠᠰᠠ ᠵᠥᠴᠢ ᠶ᠋ᠢᠨ ᠤᠳᠤᠮ ᠬᠡᠵᠢᠶ᠎ᠡ ᠴᠦ᠍ ᠶᠡᠬᠡ ᠬᠠᠭᠠᠨ ᠳ᠋ᠤ᠌ ᠡᠷᠭᠦᠮᠵᠢᠯᠡᠭᠳᠡᠬᠦ ᠡᠷᠬᠡ ᠦᠭᠡᠢ ᠶ᠋ᠢ ᠦᠨᠡᠬᠡᠷ ᠲᠣᠳᠣᠷᠬᠠᠢ ᠪᠣᠯᠭᠠᠵᠤ ᠥᠭᠴᠡᠢ᠃ ᠡᠢᠮᠦ ᠬᠡᠷᠡᠭ ᠪᠣᠯᠬᠤ ᠶ᠋ᠢ ᠵᠥᠴᠢ ᠪᠣᠳᠣᠭ᠎ᠠ ᠦᠭᠡᠢ ᠪᠢᠰᠢ ᠪᠣᠳᠣᠭᠰᠠᠨ ᠶᠤᠮ᠃ ᠲᠡᠢᠮᠦ ᠴᠦ᠍ ᠤᠴᠢᠷ ᠠ᠋ᠴᠠ ᠬᠠᠭᠠᠨ ᠣᠷᠣ ᠶ᠋ᠢ ᠵᠠᠯᠭᠠᠮᠵᠢᠯᠠᠨ ᠰᠠᠭᠤᠬᠤ ᠢᠲᠡᠭᠡᠯ ᠬᠦᠰᠡᠯ ᠵᠥᠴᠢ ᠳ᠋ᠦ᠍ ᠤᠭ ᠠ᠋ᠴᠠ ᠬᠦᠴᠦᠲᠡᠢ ᠪᠠᠢᠭᠰᠠᠨ ᠦᠭᠡᠢ᠃ ᠴᠠᠭᠠᠲᠠᠢ ᠲᠠᠢ ᠥᠷᠢᠰᠦᠯᠳᠦᠨ ᠲᠡᠮᠡᠴᠡᠯᠳᠦᠬᠦ ᠦᠭᠡᠢ ᠪᠠᠢᠬᠤ ᠶ᠋ᠢ ᠪᠥᠷᠲᠡ ᠡᠬᠡ ᠨᠢ ᠬᠠᠷ᠎ᠠ ᠪᠠᠭ᠎ᠠ ᠠ᠋ᠴᠠ ᠨᠢ ᠬᠠᠲᠠᠭᠤ ᠰᠤᠷᠭᠠᠨ ᠬᠥᠮᠦᠵᠢᠭᠦᠯᠦᠭᠰᠡᠨ ᠪᠢᠯᠡ᠃ ᠬᠠᠢᠷᠠᠲᠠᠢ ᠪᠥᠷᠲᠡ ᠡᠬᠡ ᠶ᠋ᠢᠨ ᠢ᠋ᠶ᠋ᠡᠨ ᠰᠡᠳᠬᠢᠯ ᠢ᠋ ᠪᠣᠳᠣᠭᠠᠳ ᠲᠡᠷᠡ ᠴᠠᠭᠠᠲᠠᠢ ᠶ᠋ᠢ ᠡᠷᠭᠦᠮᠵᠢᠯᠡᠬᠦ ᠳ᠋ᠦ᠍ ᠣᠭᠲᠣ ᠲᠠᠲᠠᠭᠠᠯᠵᠠᠬᠤ ᠦᠭᠡᠢ ᠭᠡᠳᠡᠭ ᠢ᠋ᠶ᠋ᠡᠨ ᠡᠬᠡ ᠳ᠋ᠡᠭᠡᠨ ᠠᠮᠠᠯᠠᠭᠰᠠᠨ ᠪᠠᠢᠪᠠ᠃ ᠴᠠᠭᠠᠲᠠᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠦᠭᠡᠢ ᠶ᠋ᠢᠨ ᠲᠤᠯᠠᠳᠠ ᠵᠥᠴᠢ ᠶ᠋ᠢᠨ ᠨᠡᠷ᠎ᠡ ᠨᠢᠭᠤᠷ ᠢ᠋ ᠨᠢᠭᠡᠮᠦᠰᠦᠨ ᠪᠠᠷᠠᠵᠤ᠂ ᠦᠨᠡᠨ ᠬᠡᠷᠡᠭ ᠲᠡᠭᠡᠨ ᠲᠡᠭᠦᠨ ᠢ᠋ ᠵᠣᠯᠢᠶᠠᠰᠤᠯᠠᠵᠤ ᠪᠠᠢᠵᠤ ᠥᠭᠡᠳᠡᠢ ᠶ᠋ᠢ ᠡᠷᠭᠦᠮᠵᠢᠯᠡᠬᠦ ᠪᠡᠷ ᠴᠢᠩᠭᠢᠰ ᠬᠠᠭᠠᠨ ᠰᠢᠢᠳᠦᠭᠰᠡᠨ ᠳ᠋ᠦ᠍ ᠵᠥᠴᠢ ᠢᠩᠭᠢᠵᠦ ᠶᠡᠬᠡ ᠪᠡᠷ ᠭᠣᠮᠣᠳᠠᠵᠤ ᠬᠣᠷᠣᠰᠤᠭᠰᠠᠨ ᠪᠠᠢᠵᠠᠢ᠃ ᠵᠥᠴᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠦᠭᠡᠢ ᠶ᠋ᠢᠨ ᠲᠤᠯᠠᠳᠠ ᠴᠠᠭᠠᠲᠠᠢ ᠥᠪᠡᠷ ᠢ᠋ᠶ᠋ᠡᠨ ᠴᠦ᠍ ᠬᠠᠭᠠᠨ ᠰᠠᠭᠤᠷᠢᠨ ᠠ᠋ᠴᠠ ᠲᠠᠲᠠᠭᠠᠯᠵᠠᠬᠤ ᠪᠣᠯᠤᠨ᠎ᠠ ᠭᠡᠳᠡᠭ ᠢ᠋ ᠴᠢᠩᠭᠢᠰ ᠬᠠᠭᠠᠨ ᠲᠣᠭᠠᠴᠠᠵᠠᠢ᠃ ᠴᠣᠬᠣᠮ ᠴᠠᠭᠠᠲᠠᠢ ᠶ᠋ᠢᠨ ᠠᠮᠠ ᠪᠠᠷ ᠥᠭᠡᠳᠡᠢ ᠶ᠋ᠢ ᠡᠷᠭᠦᠮᠵᠢᠯᠡᠭᠦᠯᠬᠦ ᠨᠢ ᠴᠢᠩᠭᠢᠰ ᠬᠠᠭᠠᠨ ᠤ᠋ ᠵᠣᠷᠢᠯᠭ᠎ᠠ ᠪᠠᠢᠭᠰᠠᠨ ᠢ᠋ ᠵᠥᠴᠢ ᠣᠢᠯᠠᠭᠠᠪᠠ᠃ ᠲᠡᠨᠡᠭ ᠴᠠᠭᠠᠲᠠᠢ ᠴᠢᠩᠭᠢᠰ ᠬᠠᠭᠠᠨ ᠤ᠋ ᠬᠠᠶᠠᠭᠰᠠᠨ ᠥᠭᠡᠰᠢᠨ ᠳ᠋ᠦ᠍ ᠬᠠᠭᠤᠷᠲᠠᠨ ᠵᠥᠴᠢ ᠶ᠋ᠢᠨ ᠨᠡᠷ᠎ᠡ ᠶ᠋ᠢ ᠰᠣᠨᠣᠰᠤᠭᠰᠠᠨ ᠳᠠᠷᠤᠢ ᠣᠪᠣᠯᠵᠠᠨ ᠠᠭᠤᠷᠯᠠᠭᠠᠳ ᠥᠪᠡᠷ ᠢ᠋ ᠪᠡᠨ ᠴᠦ᠍ ᠲᠡᠭᠦᠨ ᠢ᠋ ᠴᠦ᠍ ᠪᠠᠯᠠᠯᠵᠤ ᠣᠷᠬᠢᠵᠠᠢ᠃ ᠴᠢᠩᠭᠢᠰ ᠬᠠᠭᠠᠨ ᠴᠣᠬᠣᠮ ᠢᠩᠭᠢᠬᠦ ᠶ᠋ᠢ ᠯᠡ ᠬᠦᠯᠢᠶᠡᠵᠦ ᠪᠠᠢᠵᠠᠢ᠃ ᠡᠢᠮᠦ ᠵᠠᠮ ᠢ᠋ ᠰᠣᠩᠭᠣᠨ ᠠᠪᠤᠭᠰᠠᠨ ᠨᠢ ᠴᠢᠩᠭᠢᠰ ᠬᠠᠭᠠᠨ ᠲᠡᠭᠦᠨ ᠢ᠋ ᠬᠠᠷ᠎ᠠ ᠢᠯᠠᠭᠠᠨ ᠠ᠋ᠴᠠ ᠳᠣᠣᠷ᠎ᠠ ᠳ᠋ᠤ᠌ ᠦᠵᠡᠭᠰᠡᠨ ᠦ᠌ ᠪᠠᠲᠤᠯᠠᠭ᠎ᠠ ᠭᠡᠵᠦ ᠵᠥᠴᠢ ᠢᠲᠡᠭᠡᠭᠰᠡᠨ ᠨᠢ ᠲᠡᠭᠦᠨ ᠦ᠌ ᠭᠣᠮᠣᠳᠠᠯ ᠬᠣᠷᠣᠰᠤᠯ ᠤ᠋ᠨ ᠡᠬᠢ ᠪᠣᠯᠪᠠ᠃ ᠡᠨᠡ ᠪᠦᠬᠦ ᠭᠦᠨᠵᠡᠭᠡᠢ ᠭᠣᠮᠣᠳᠠᠯ ᠬᠣᠷᠣᠰᠤᠯ ᠤ᠋ᠨ ᠳᠤᠮᠳᠠ ᠬᠠᠮᠤᠭ ᠤ᠋ᠨ ᠠᠩᠬᠠᠯᠠᠨ ᠲᠥᠷᠥᠭᠰᠡᠨ ᠪᠣᠳᠣᠯ ᠨᠢ ᠡᠬᠡ ᠶ᠋ᠢ ᠪᠡᠨ ᠦᠵᠡᠨ ᠶᠠᠳᠠᠬᠤ ᠰᠡᠳᠬᠢᠯ ᠪᠠᠢᠪᠠ᠃ ᠡᠢᠮᠦ ᠭᠠᠰᠢᠭᠤᠨ ᠳᠣᠷᠣᠮᠵᠢᠯᠠᠯ ᠠᠮᠰᠠᠭᠰᠠᠨ ᠳ᠋ᠤ᠌ ᠣᠷᠣᠪᠠᠯ ᠶᠡᠷᠦ ᠡᠴᠡ ᠶᠢᠷᠲᠢᠨᠴᠦ ᠳ᠋ᠦ᠍ ᠬᠥᠮᠦᠨ ᠪᠣᠯᠵᠤ ᠳᠥᠷᠥᠭᠡ ᠦᠭᠡᠢ ᠨᠢ ᠰᠢᠯᠤᠭᠤᠨ ᠮᠡᠲᠦ᠃ ᠲᠥᠷᠥᠬᠦ ᠳ᠋ᠦ᠍ ᠮᠢᠨᠢ ᠬᠠᠶᠠᠵᠤ ᠣᠷᠬᠢᠬᠤ ᠦᠭᠡᠢ ᠶᠠᠭᠠᠬᠢᠪᠠ ᠭᠡᠵᠦ ᠵᠥᠴᠢ ᠭᠤᠳᠤᠷᠠᠨ ᠪᠣᠳᠣᠵᠤ ᠶᠠᠪᠤᠯ᠎ᠠ᠃ ᠡᠢᠮᠦ ᠪᠣᠳᠣᠯ ᠳ᠋ᠤ᠌ ᠲᠦᠦᠷᠲᠦᠨ ᠠᠪᠲᠠᠭᠰᠠᠨ ᠤ᠋ ᠤᠯᠠᠮ ᠠ᠋ᠴᠠ ᠡᠬᠡ ᠶ᠋ᠢᠨ ᠢ᠋ᠶ᠋ᠡᠨ ᠭᠡᠷ ᠲᠦ᠍ ᠣᠷᠤᠯ ᠦᠭᠡᠢ ᠥᠪᠡᠷ ᠦ᠋ᠨ ᠬᠦᠷᠢᠶ᠎ᠡ ᠶ᠋ᠢ ᠵᠣᠷᠢᠭᠰᠠᠨ ᠪᠢᠯᠡ᠃ ᠭᠡᠪᠡᠴᠦ ᠡᠨᠡ ᠨᠢ ᠦᠢᠯᠡ ᠶ᠋ᠢᠨ ᠦᠷ᠎ᠡ ᠡᠴᠡ ᠵᠢᠭᠤᠲᠠᠭᠠᠬᠤ ᠭᠡᠰᠡᠨ ᠭᠡᠨᠡᠨ ᠣᠷᠣᠯᠳᠣᠯᠭ᠎ᠠ ᠲᠡᠳᠦᠢ ᠪᠣᠯᠬᠤ ᠶ᠋ᠢ ᠵᠠᠮ ᠵᠠᠭᠤᠷ᠎ᠠ ᠪᠠᠨ ᠣᠢᠯᠠᠭᠠᠪᠠ᠃ ᠲᠦᠷ ᠵᠠᠭᠤᠷ᠎ᠠ ᠶ᠋ᠢᠨ ᠬᠢᠮᠤᠷᠠᠯ ᠰᠡᠳᠬᠢᠯ ᠦ᠋ᠨ ᠬᠥᠭᠡᠷᠦᠯ ᠠᠭᠤᠷ ᠪᠤᠬᠢᠨᠢᠳᠤᠯ ᠨᠢ ᠮᠣᠷᠢᠨ ᠤ᠋ ᠶᠠᠪᠤᠳᠠᠯ ᠳᠤᠮᠳᠠ ᠳᠠᠷᠤᠭᠳᠠᠬᠤ ᠳ᠋ᠤ᠌
| ᠣᠳᠣ ᠶᠠᠭᠠᠬᠢᠬᠤ ᠪᠣᠢ ᠭᠡᠰᠡᠨ ᠭᠠᠭᠴᠠᠬᠠᠨ ᠠᠰᠠᠭᠤᠯᠲᠠ ᠰᠡᠳᠬᠢᠯ ᠳ᠋ᠦ᠍ ᠨᠢ ᠡᠷᠭᠢᠯᠳᠦᠵᠦ ᠪᠠᠢᠯ᠎ᠠ᠃ ᠲᠡᠭᠦᠨ ᠳ᠋ᠦ᠍ ᠣᠳᠣ ᠴᠢᠩᠭᠢᠰ ᠬᠠᠭᠠᠨ ᠢ᠋ ᠳᠠᠭᠠᠬᠤ ᠠ᠋ᠴᠠ ᠥᠭᠡᠷ᠎ᠡ ᠶᠠᠮᠠᠷ ᠴᠤ᠌ ᠠᠮᠢᠳᠤᠷᠠᠯ ᠵᠣᠷᠢᠯᠭ᠎ᠠ ᠪᠠᠢᠭᠰᠠᠨ ᠦᠭᠡᠢ᠃ ᠪᠠᠰᠠ ᠬᠠᠢᠷᠠᠯᠠᠵᠤ ᠥᠰᠬᠡᠭᠰᠡᠨ ᠡᠬᠡ ᠶ᠋ᠢ ᠪᠡᠨ ᠶᠠᠭᠠᠬᠢᠪᠠᠴᠤ ᠭᠣᠮᠣᠳᠠᠭᠠᠨ ᠣᠷᠬᠢᠵᠤ ᠪᠣᠯᠬᠤ ᠦᠭᠡᠢ ᠶ᠋ᠢ ᠤᠬᠠᠭᠠᠷᠠᠵᠠᠢ᠃ ᠴᠢᠩᠭᠢᠰ ᠬᠠᠭᠠᠨ ᠤ᠋ ᠶᠡᠬᠡ ᠬᠦᠷᠢᠶᠡᠨ ᠡᠴᠡ ᠮᠣᠷᠳᠠᠭᠰᠠᠨ ᠴᠠᠭ ᠠ᠋ᠴᠠ ᠬᠣᠢᠰᠢ ᠳᠡᠷᠭᠡᠳᠡ ᠨᠢ ᠰᠡᠭᠦᠳᠡᠷ ᠰᠢᠭ ᠳᠠᠭᠠᠵᠤ ᠡᠴᠢᠭᠡ ᠶ᠋ᠢᠨ ᠢ᠋ᠶ᠋ᠡᠨ ᠰᠢᠨᠠᠯᠤᠩᠲᠤ ᠴᠢᠷᠠᠢ ᠶ᠋ᠢ ᠴᠣᠭᠲᠠᠢ ᠬᠠᠷ᠎ᠠ ᠨᠢᠳᠦ ᠪᠡᠷ ᠭᠢᠷᠠᠬᠠᠢ ᠠᠵᠢᠭᠯᠠᠵᠤ ᠶᠠᠪᠤᠭᠰᠠᠨ ᠠᠷᠪᠠᠨ ᠨᠢᠭᠡᠨ ᠨᠠᠰᠤᠲᠠᠢ ᠪᠠᠲᠤ ᠬᠥᠪᠡᠭᠦᠨ ᠦ᠌ ᠬᠢᠨᠢ ᠰᠢᠪᠡᠨᠡᠨ ᠬᠡᠯᠡᠭᠰᠡᠨ ᠭᠠᠭᠴᠠ ᠦᠭᠡ ᠲᠡᠭᠦᠨ ᠦ᠌ ᠨᠢᠳᠦ ᠶ᠋ᠢ ᠨᠡᠭᠡᠭᠡᠵᠦ ᠵᠢᠷᠦᠬᠡ ᠶ᠋ᠢ ᠠᠮᠢᠯᠠᠭᠤᠯᠬᠤ ᠰᠢᠭ᠋ ᠪᠣᠯᠵᠠᠢ᠃ ᠲᠡᠷᠡ ᠦᠶ᠎ᠡ ᠳ᠋ᠦ᠍ ᠵᠥᠴᠢ ᠶ᠋ᠢᠨ ᠪᠠᠭ ᠴᠡᠷᠢᠭ ᠲᠤᠤᠯᠠ ᠭᠣᠣᠯ ᠢ᠋ ᠭᠠᠲᠤᠯᠵᠤ ᠠᠮᠠᠷᠠᠵᠤ ᠬᠣᠨᠣᠬᠤ ᠪᠠᠷ ᠪᠠᠭᠤᠭᠠᠳ ᠪᠠᠢᠵᠠᠢ᠃ ᠬᠡᠭᠡᠷ᠎ᠡ ᠶ᠋ᠢᠨ ᠬᠥᠩᠭᠡᠨ ᠠᠰᠠᠷ ᠤ᠋ᠨ ᠳᠣᠣᠷ᠎ᠠ ᠵᠥᠴᠢ ᠲᠡᠷᠡᠢᠨ ᠬᠡᠪᠲᠡᠵᠦ ᠤᠨᠲᠠᠬᠤ ᠴᠤ᠌ ᠪᠢᠰᠢ᠂ ᠵᠡᠭᠦᠳᠦᠯᠡᠬᠦ ᠴᠦ᠍ ᠪᠢᠰᠢ ᠶ᠋ᠢᠨ ᠳᠤᠮᠳᠠ ᠬᠦᠪᠦᠷᠡᠭᠰᠡᠨ ᠪᠣᠳᠣᠯ ᠳ᠋ᠤ᠌ ᠤᠮᠪᠠᠵᠠᠢ᠃ ᠰᠥᠨᠢ ᠳᠤᠮᠳᠠ ᠥᠩᠭᠡᠷᠡᠵᠦ ᠪᠡᠶ᠎ᠡ ᠴᠢᠯᠡᠭᠰᠡᠨ ᠲᠤᠯᠠ ᠥᠨᠳᠡᠢᠨ ᠦᠵᠡᠪᠡᠯ ᠭᠠᠳᠠᠭ᠎ᠠ ᠭᠠᠯ ᠤ᠋ᠨ ᠳᠡᠷᠭᠡᠳᠡ ᠪᠠᠲᠤ ᠬᠥᠪᠡᠭᠦᠨ ᠨᠢ ᠰᠥᠨᠢ ᠶ᠋ᠢᠨ ᠬᠡᠪᠲᠡᠭᠦᠯ ᠮᠠᠨᠠᠭ᠎ᠠ ᠰᠢᠭ᠋ ᠭᠠᠭᠴᠠᠭᠠᠷ ᠲᠣᠷᠣᠢᠨ ᠭᠦᠨ ᠪᠣᠳᠣᠯ ᠳ᠋ᠤ᠌ ᠠᠪᠲᠠᠨ ᠰᠠᠭᠤᠬᠤ ᠶ᠋ᠢ ᠬᠠᠷᠠᠵᠠᠢ᠃ ᠬᠥᠪᠡᠭᠦᠨ ᠦ᠌ ᠪᠡᠨ ᠡᠨᠡ ᠡᠮᠭᠡᠨᠢᠯᠲᠦ ᠲᠥᠷᠬᠦ ᠶ᠋ᠢ ᠦᠵᠡᠮᠡᠭᠴᠡ ᠭᠡᠨᠡᠳᠲᠡ ᠭᠣᠣᠯ ᠨᠢ ᠬᠠᠷᠠᠯᠠᠨ ᠦᠷᠦ ᠡᠪᠡᠳᠴᠡᠢ᠃ ᠨᠢᠯᠬ᠎ᠠ ᠪᠠᠯᠴᠢᠷ ᠬᠥᠪᠡᠭᠦᠨ ᠦ᠌ ᠪᠡᠨ ᠰᠡᠳᠬᠢᠯ ᠦ᠋ᠨ ᠳᠣᠲᠣᠷᠠᠬᠢ ᠬᠢᠮᠤᠷᠠᠯ ᠡᠭᠳᠡᠭᠦᠴᠡᠯ ᠢ᠋ ᠵᠥᠴᠢ ᠵᠦᠩ ᠢ᠋ᠶ᠋ᠡᠷ ᠢ᠋ᠶ᠋ᠡᠨ ᠮᠡᠳᠡᠭᠡᠳ ᠤᠶᠠᠷᠠᠨ ᠨᠢᠯᠪᠤᠰᠤ ᠤᠷᠤᠰᠬᠠᠪᠠ᠃ ᠭᠠᠰᠢᠭᠤᠳᠠᠯᠲᠤ ᠰᠡᠳᠬᠢᠯ ᠦ᠋ᠨ ᠬᠢᠨᠢ ᠭᠠᠭᠴᠠ ᠭᠡᠷᠡᠯ ᠭᠡᠭᠡ ᠢᠷᠡᠭᠡᠳᠦᠢ ᠶ᠋ᠢᠨ ᠢᠲᠡᠭᠡᠯ ᠨᠢ ᠡᠨᠡ ᠬᠥᠪᠡᠭᠦᠨ ᠮᠥᠨ ᠪᠣᠯᠬᠤ ᠶ᠋ᠢ ᠠᠶᠤᠩᠭ᠎ᠠ ᠴᠠᠬᠢᠯᠭᠠᠨ ᠭᠢᠯᠪᠠᠭᠠᠨ ᠨᠦᠷᠭᠢᠬᠦ ᠰᠢᠭ ᠬᠣᠷᠣᠮ ᠤ᠋ᠨ ᠳᠣᠲᠣᠷ᠎ᠠ ᠤᠬᠠᠭᠠᠷᠠᠨ ᠣᠢᠯᠠᠭᠠᠮᠠᠭᠴᠠ ᠤᠬᠤᠰᠬᠢᠨ ᠪᠣᠰᠴᠤ ᠣᠴᠢᠭᠠᠳ ᠪᠠᠲᠤ ᠶ᠋ᠢᠨ ᠲᠣᠯᠣᠭᠠᠢ ᠶ᠋ᠢ ᠡᠩᠭᠡᠷ ᠲᠡᠭᠡᠨ ᠨᠠᠭᠠᠵᠤ ᠢᠴᠢᠵᠦ ᠵᠣᠪᠠᠬᠤ ᠶᠠᠭᠤᠮ᠎ᠠ ᠦᠭᠡᠢ ᠮᠡᠭᠰᠢᠨ ᠤᠬᠢᠯᠠᠵᠠᠢ᠃ ᠬᠠᠲᠠᠭᠤ ᠴᠢᠩᠭ᠎ᠠ ᠵᠣᠷᠢᠭᠲᠠᠢ᠂ ᠪᠠᠭᠠᠲᠤᠷ ᠡᠷᠡᠰ ᠦ᠋ᠨ ᠮᠠᠩᠯᠠᠢ᠂ ᠣᠯᠠᠨ ᠤ᠋ ᠦᠯᠢᠭᠡᠷ ᠳᠠᠭᠤᠷᠢᠶᠠᠯ ᠪᠣᠯᠤᠭᠰᠠᠨ ᠡᠴᠢᠭᠡ ᠨᠢ ᠡᠢᠨ ᠬᠡᠦᠬᠡᠳ ᠠᠳᠠᠯᠢ ᠭᠣᠮᠣᠳᠠᠨ ᠤᠬᠢᠯᠠᠬᠤ ᠶ᠋ᠢ ᠦᠵᠡᠭᠡᠳ ᠪᠠᠲᠤ ᠬᠡᠷᠡᠭ ᠦ᠋ᠨ ᠴᠠᠭᠠᠳᠤ ᠤᠴᠢᠷ ᠢ᠋ ᠲᠣᠳᠣᠷᠬᠠᠢ ᠰᠠᠢᠨ ᠮᠡᠳᠡᠬᠦ ᠦᠭᠡᠢ ᠴᠦ᠍ ᠬᠣᠶᠠᠷ ᠨᠢᠳᠤᠷᠭ᠎ᠠ ᠪᠠᠨ ᠲᠠᠰᠤ ᠵᠠᠩᠭᠢᠳᠤᠨ ᠣᠯᠠᠨ ᠥᠭᠡᠲᠦ ᠴᠠᠭᠠᠲᠠᠢ ᠠᠪᠠᠭ᠎ᠠ ᠪᠠᠨ ᠦᠵᠡᠨ ᠶᠠᠳᠠᠵᠤ ᠦᠰ ᠠᠪᠬᠤ ᠬᠠᠯᠠᠭᠤᠨ ᠬᠦᠰᠡᠯ ᠳ᠋ᠦ᠍ ᠰᠢᠳᠡᠵᠦ ᠰᠠᠭᠤᠵᠠᠢ᠃ ᠵᠥᠴᠢ ᠶ᠋ᠢᠨ ᠭᠠᠭᠴᠠ ᠲᠠᠢᠳᠬᠤᠷᠠᠯ ᠪᠠᠲᠤ ᠬᠥᠪᠡᠭᠦᠨ ᠨᠢ ᠪᠣᠯᠪᠠ᠃ ᠵᠥᠴᠢ ᠶ᠋ᠢᠨ ᠨᠢᠯᠪᠤᠰᠤᠲᠤ ᠨᠢᠳᠦ ᠬᠠᠷᠠᠩᠭᠤᠢ ᠳ᠋ᠤ᠌ ᠭᠠᠯ ᠮᠡᠲᠦ ᠰᠢᠲᠠᠵᠤ
| ᠬᠥᠪᠡᠭᠦᠨ ᠮᠢᠨᠢ᠂ ᠪᠠᠲᠤ ᠮᠢᠨᠢ ᠰᠣᠨᠣᠰ᠃ ᠡᠴᠢᠭᠡ ᠴᠢᠨᠢ ᠶᠡᠬᠡ ᠬᠠᠭᠠᠨ ᠨᠡᠷ᠎ᠡ ᠵᠡᠭᠦᠬᠦ ᠬᠤᠪᠢ ᠦᠭᠡᠢ ᠲᠥᠷᠥᠵᠡᠢ᠃ ᠬᠠᠷᠢᠨ ᠴᠢ ᠪᠦᠦ ᠣᠰᠤᠯᠳᠤ᠃ ᠡᠴᠢᠭᠡ ᠶ᠋ᠢᠨ ᠣᠯᠤᠭ᠎ᠠ ᠦᠭᠡᠢ ᠨᠡᠷ᠎ᠡ ᠶ᠋ᠢ ᠬᠥᠪᠡᠭᠦᠨ ᠴᠢ ᠪᠦᠦ ᠠᠯᠲᠠ᠃ ᠴᠢᠮᠠᠶ᠋ᠢ ᠶᠡᠬᠡ ᠬᠠᠭᠠᠨ ᠪᠣᠯᠬᠤ ᠦᠭᠡᠢ ᠪᠣᠯ ᠮᠢᠨᠦ ᠰᠦᠨᠡᠰᠦ ᠴᠦ᠍ ᠠᠮᠠᠷᠠᠬᠤ ᠦᠭᠡᠢ ᠭᠡᠵᠦ ᠵᠠᠨᠤᠯ ᠬᠣᠷᠣᠰᠤᠯ ᠳᠦᠭᠦᠷᠡᠩ ᠰᠢᠪᠡᠭᠡᠨᠡᠵᠡᠢ᠃
ᠡᠨᠡ ᠪᠣᠯ ᠵᠥᠴᠢ ᠶ᠋ᠢᠨ ᠭᠡᠷᠢᠶᠡᠰᠯᠡᠯ ᠮᠡᠲᠦ ᠦᠭᠡ ᠪᠠᠢᠭᠰᠠᠨ ᠶᠤᠮ᠃ ᠪᠠᠲᠤ ᠴᠤ᠌ ᠡᠴᠢᠭᠡ ᠶ᠋ᠢᠨ ᠦᠭᠡᠨ ᠦ᠌ ᠡᠴᠦᠰ ᠦ᠋ᠨ ᠦᠨ᠎ᠡ ᠴᠠᠨ᠎ᠠ ᠶ᠋ᠢ ᠦᠵᠡᠵᠦ ᠰᠣᠨᠣᠰᠤᠭᠰᠠᠨ ᠬᠡᠮᠵᠢᠶᠡᠨ ᠳ᠋ᠡᠭᠡᠨ ᠰᠡᠳᠬᠢᠯ ᠦ᠋ᠨ ᠢ᠋ᠶ᠋ᠡᠨ ᠬᠢᠷᠢ ᠪᠡᠷ ᠣᠢᠯᠠᠭᠠᠪᠠ᠃ ᠬᠠᠷᠢᠨ ᠴᠤ᠌ ᠡᠴᠢᠭᠡ ᠶ᠋ᠢᠨ ᠢᠲᠡᠭᠡᠯ ᠢ᠋ ᠳᠠᠭᠠᠭᠠᠵᠤ ᠶᠡᠬᠡ ᠬᠡᠷᠡᠭ ᠢ᠋ ᠭᠦᠢᠴᠡᠯᠳᠦᠭᠦᠯᠬᠦ ᠬᠠᠲᠠᠭᠤ ᠬᠦᠰᠡᠯ ᠳ᠋ᠦ᠍ ᠪᠢᠴᠢᠬᠠᠨ ᠵᠢᠷᠦᠬᠡ ᠨᠢ ᠬᠠᠭᠠᠷᠠᠬᠤ ᠰᠢᠬᠠᠨ ᠴᠣᠬᠢᠯᠠᠵᠤ ᠪᠠᠢᠪᠠ᠃
| ᠲᠠ ᠪᠦᠦ ᠰᠠᠨᠠᠭ᠎ᠠ ᠪᠠᠨ ᠵᠤᠪᠠᠭ᠎ᠠ᠃ ᠪᠢ ᠲᠠᠨ ᠤ᠋ ᠦᠭᠡ ᠶ᠋ᠢ ᠣᠰᠣᠯᠳᠠᠬᠤ ᠦᠭᠡᠢ ᠳᠠᠭᠠᠨ᠎ᠠ᠃ ᠪᠢ ᠶᠡᠬᠡ ᠬᠠᠭᠠᠨ ᠪᠣᠯᠤᠨ᠎ᠠ᠃ ᠪᠠᠲᠤ ᠬᠥᠪᠡᠭᠦᠨ ᠦ᠌ ᠨᠢᠯᠪᠤᠰᠤ ᠴᠠᠢᠯᠠᠯᠵᠠᠭᠰᠠᠨ ᠭᠡᠷᠡᠯᠲᠦ ᠬᠠᠷ᠎ᠠ ᠨᠢᠳᠦ ᠥᠪᠡᠷ ᠦ᠋ᠨ ᠬᠢᠨᠢ ᠦᠭᠡᠨ ᠦ᠌ ᠪᠠᠲᠤᠯᠠᠭ᠎ᠠ ᠪᠣᠯᠤᠨ ᠭᠢᠯᠠᠯᠵᠠᠬᠤ ᠶ᠋ᠢ ᠵᠥᠴᠢ ᠦᠵᠡᠭᠡᠳ ᠰᠡᠳᠬᠢᠯ ᠠᠭᠤᠵᠢᠷᠠᠵᠠᠢ᠃ ᠠᠯᠲᠠᠨ ᠤᠯᠤᠰ ᠲᠤ᠌ ᠭᠠᠷᠤᠭᠰᠠᠨ ᠦᠢᠮᠡᠭᠡᠨ ᠰᠠᠮᠠᠭᠤᠨ ᠢ᠋ ᠳᠠᠷᠤᠬᠤ ᠪᠠᠷ ᠶᠠᠪᠤᠭᠰᠠᠨ ᠰᠦᠪᠡᠭᠡᠳᠡᠢ ᠪᠠᠭᠠᠲᠤᠷ ᠤ᠋ᠨ ᠬᠠᠮᠲᠤ ᠵᠢᠯ ᠪᠣᠯᠤᠭᠠᠳ ᠢᠷᠡᠭᠰᠡᠨ ᠪᠠᠲᠤ ᠬᠡᠳᠦᠢ ᠨᠢᠯᠬ᠎ᠠ ᠪᠠᠯᠴᠢᠷ ᠴᠦ᠍ ᠡᠨᠡ ᠪᠦᠬᠦᠨ ᠢ᠋ ᠬᠡᠯᠡᠵᠦ ᠬᠢᠬᠦ ᠬᠦᠰᠡᠯ᠂ ᠴᠢᠳᠠᠪᠤᠷᠢ ᠳᠦᠭᠦᠷᠡᠩ ᠪᠣᠯᠤᠭᠰᠠᠨ ᠪᠢᠯᠡ᠃ ᠪᠠᠲᠤ ᠶ᠋ᠢᠨ ᠡᠴᠢᠭᠡ ᠡᠴᠡ ᠪᠡᠨ ᠳᠤᠲᠠᠬᠤ ᠦᠭᠡᠢ ᠡᠷᠡᠮᠡᠬᠡᠢ ᠪᠠᠭᠠᠲᠤᠷ ᠪᠣᠯᠬᠤ ᠰᠢᠨᠵᠢ ᠨᠢ ᠬᠠᠷ᠎ᠠ ᠪᠠᠭ᠎ᠠ ᠠ᠋ᠴᠠ ᠪᠠᠨ ᠲᠣᠳᠣᠷᠠᠭᠰᠠᠨ ᠪᠠᠢᠪᠠ᠃ ᠵᠥᠴᠢ᠂ ᠪᠠᠲᠤ ᠬᠥᠪᠡᠭᠦᠨ ᠢ᠋ᠶ᠋ᠡᠨ ᠡᠯᠢᠭᠡᠨ ᠳ᠋ᠡᠭᠡᠨ ᠲᠡᠪᠡᠷᠢᠭᠡᠳ ᠦᠷ ᠴᠠᠢᠲᠠᠯ᠎ᠠ ᠰᠠᠭᠤᠭᠰᠠᠨ ᠪᠢᠯᠡ᠃ ᠬᠠᠷᠢᠨ ᠪᠣᠭᠣᠯ ᠲᠡᠳᠦ᠂ ᠡᠴᠢᠭᠡ ᠬᠦᠦ ᠬᠣᠶᠠᠷ ᠤ᠋ᠨ ᠳᠠᠪ ᠲᠤᠬ᠎ᠠ ᠶ᠋ᠢ ᠠᠯᠳᠠᠭᠳᠠᠭᠤᠯᠬᠤ ᠦᠭᠡᠢ ᠶ᠋ᠢᠨ ᠲᠤᠯᠠᠳᠠ ᠬᠣᠯᠠ ᠳ᠋ᠤ᠌ ᠮᠣᠳᠣᠨ ᠤ᠋ ᠳᠣᠣᠷ᠎ᠠ ᠬᠣᠨᠣᠵᠠᠢ᠃ ᠡᠴᠢᠭᠡ ᠬᠦᠦ ᠬᠣᠶᠠᠷ ᠡᠵᠡᠨ ᠦ᠌ ᠪᠡᠨ ᠰᠡᠳᠬᠢᠯ ᠦ᠋ᠨ ᠬᠢᠮᠤᠷᠠᠯ ᠢ᠋ ᠲᠡᠳᠦ ᠬᠡᠨ ᠡᠴᠡ ᠴᠦ᠍ ᠢᠯᠡᠭᠦᠦ ᠣᠢᠯᠠᠭᠠᠳᠠᠭ ᠪᠠᠢᠪᠠ᠃
ᠶᠡᠬᠡ ᠵᠥᠪᠯᠡᠯᠭᠡᠨ ᠳᠡᠭᠡᠷ᠎ᠡ ᠬᠠᠭᠠᠨ ᠬᠥᠪᠡᠭᠦᠳ ᠦ᠋ᠨ ᠬᠣᠭᠣᠷᠣᠨᠳᠣ ᠪᠣᠯᠤᠭᠰᠠᠨ ᠬᠡᠷᠡᠭᠦᠯ ᠱᠤᠤᠭᠢᠶᠠᠨ ᠤ᠋ ᠳᠤᠤᠯᠢᠶᠠᠨ ᠬᠦᠷᠢᠶ᠎ᠡ ᠳᠠᠶᠠᠭᠠᠷ ᠲᠠᠷᠬᠠᠭᠰᠠᠨ ᠠ᠋ᠴᠠ ᠪᠣᠯᠤᠭᠠᠳ ᠪᠥᠷᠲᠡ ᠶ᠋ᠢᠨ ᠰᠡᠳᠬᠢᠯ ᠬᠢᠮᠤᠷᠠᠵᠠᠢ᠃ ᠭᠡᠲᠡᠯ᠎ᠡ ᠵᠥᠴᠢ ᠬᠥᠪᠡᠭᠦᠨ ᠨᠢ ᠲᠡᠭᠦᠨ ᠲᠡᠢ ᠠᠭᠤᠯᠵᠠᠯ ᠦᠭᠡᠢ ᠵᠢᠭᠤᠲᠠᠬᠤ ᠮᠡᠲᠦ ᠣᠳᠤᠭᠰᠠᠨ ᠢ᠋ ᠰᠣᠨᠣᠰᠤᠭᠠᠳ ᠪᠥᠷᠲᠡ ᠦᠬᠦᠯ ᠦᠵᠡᠭᠰᠡᠨ ᠶᠦᠮ ᠰᠢᠭ ᠴᠢᠷᠠᠢ ᠵᠢᠪᠡᠬᠡᠢᠨ᠂ ᠵᠢᠷᠦᠬᠡ ᠨᠢ ᠲᠦᠭᠰᠢᠨ ᠶᠡᠬᠡᠳᠡ ᠰᠢᠨᠠᠯᠵᠤ ᠪᠦᠷ ᠬᠡᠪᠲᠡᠷᠢ ᠳ᠋ᠦ᠍ ᠣᠷᠣᠵᠠᠢ᠃ ᠵᠥᠴᠢ ᠶ᠋ᠢᠨ ᠢᠩᠭᠢᠭᠰᠡᠨ ᠨᠢ ᠠᠶᠤᠮᠰᠢᠭᠲᠤ ᠠᠶᠤᠯ ᠤ᠋ᠨ ᠳᠣᠬᠢᠶ᠎ᠠ ᠮᠡᠲᠦ ᠰᠠᠨᠠᠭᠳᠠᠨ᠎ᠠ᠃ ᠡᠨᠡ ᠪᠣᠯ ᠪᠥᠷᠲᠡ ᠡᠳᠦᠢ ᠪᠣᠯᠲᠠᠯ᠎ᠠ ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠳ᠋ᠠᠭᠠᠨ ᠬᠦᠯᠢᠶᠡᠵᠦ ᠪᠠᠢᠭᠰᠠᠨ ᠬᠠᠮᠤᠭ ᠤ᠋ᠨ ᠠᠶᠤᠮᠰᠢᠭᠲᠤ ᠮᠥᠴᠡ ᠪᠠᠢᠯ᠎ᠠ᠃ ᠨᠡᠷ᠎ᠡ ᠨᠢᠭᠤᠷ ᠪᠦᠲᠦᠨ ᠠᠵᠠ ᠵᠢᠷᠭᠠᠯᠲᠠᠢ ᠠᠮᠢᠳᠤᠷᠠᠯ ᠳ᠋ᠤᠨᠢ ᠨᠢᠭᠤᠭᠳᠠᠨ ᠪᠠᠢᠭᠰᠠᠨ ᠳᠠᠯᠳᠠ ᠵᠥᠷᠢᠴᠡᠯ ᠭᠠᠭᠴᠠ ᠬᠣᠷᠣᠮ ᠤ᠋ᠨ ᠳᠣᠲᠣᠷ᠎ᠠ ᠡᠢᠨ ᠬᠦ᠌ ᠵᠠᠳᠠᠷᠠᠨ ᠭᠠᠷᠴᠠᠢ᠃ ᠪᠥᠷᠲᠡ ᠶ᠋ᠢᠨ ᠪᠡᠶ᠎ᠡ ᠰᠡᠳᠬᠢᠯ ᠢ᠋ᠶ᠋ᠡᠷ ᠢ᠋ᠶ᠋ᠡᠨ ᠬᠠᠮᠠᠭᠠᠯᠠᠨ ᠥᠰᠬᠡᠭᠰᠡᠨ ᠬᠥᠪᠡᠭᠦᠨ ᠨᠢ ᠥᠪᠡᠷ ᠡᠴᠡ ᠨᠢ ᠵᠢᠭᠤᠲᠠᠨ ᠣᠳᠴᠠᠢ᠃ ᠪᠦᠬᠦ ᠶᠠᠭᠤᠮ᠎ᠠ ᠪᠥᠷᠲᠡ ᠶ᠋ᠢᠨ ᠰᠠᠨᠠᠭᠰᠠᠨ ᠤ᠋ ᠡᠰᠡᠷᠭᠦ ᠪᠣᠯᠪᠠ᠃ ᠴᠢᠩᠭᠢᠰ ᠬᠠᠭᠠᠨ ᠲᠡᠭᠦᠨ ᠦ᠌ ᠬᠡᠯᠡᠭᠰᠡᠨ ᠢ᠋ᠶ᠋ᠡᠷ ᠥᠪᠡᠷ ᠦ᠋ᠨ ᠤᠤᠭᠠᠨ ᠬᠥᠪᠡᠭᠦᠨ ᠴᠠᠭᠠᠲᠠᠢ ᠶ᠋ᠢ ᠪᠢᠰᠢ ᠥᠭᠡᠳᠡᠢ ᠶ᠋ᠢ ᠡᠷᠭᠦᠮᠵᠢᠯᠡᠭᠰᠡᠨ ᠨᠢ ᠪᠥᠷᠲᠡ ᠶ᠋ᠢᠨ ᠰᠢᠨᠠᠯᠤᠯ ᠢ᠋ ᠳᠠᠷᠤᠢ ᠬᠣᠶᠠᠷ ᠳᠠᠬᠢᠨ ᠨᠡᠮᠡᠭᠳᠡᠭᠦᠯᠦᠨ ᠴᠤᠴᠠᠷᠠᠭᠠᠭᠰᠠᠨ ᠨᠢ ᠡᠪᠡᠳᠴᠢᠨ ᠬᠥᠳᠡᠯᠬᠦ ᠶ᠋ᠢ ᠲᠦᠷᠭᠡᠳᠬᠡᠪᠡ᠃ ᠣᠳᠣ ᠪᠥᠷᠲᠡ ᠬᠥᠪᠡᠭᠦᠳ ᠢ᠋ᠶ᠋ᠡᠨ ᠬᠣᠭᠣᠷᠣᠨᠳᠣ ᠪᠠᠨ ᠲᠡᠷᠰᠯᠡᠳᠦᠨ ᠲᠡᠮᠡᠴᠡᠯᠳᠦᠬᠦ ᠡᠴᠡ ᠲᠦᠭᠰᠢᠨ ᠠᠶᠤᠵᠠᠢ᠃ ᠡᠴᠢᠭᠡ ᠶ᠋ᠢᠨ ᠬᠣᠢᠨ᠎ᠠ ᠬᠠᠭᠠᠨ ᠰᠠᠭᠤᠷᠢᠨ ᠳ᠋ᠤ᠌ ᠰᠠᠭᠤᠬᠤ ᠨᠢ ᠶᠠᠭᠠᠬᠢᠬᠤ ᠶ᠋ᠢᠨ ᠠᠷᠭ᠎ᠠ ᠦᠭᠡᠢ ᠴᠠᠭᠠᠲᠠᠢ ᠶᠤᠮ᠃ ᠪᠥᠷᠲᠡ ᠡᠭᠦᠨ ᠢ᠋ ᠬᠦᠰᠡᠵᠦ ᠪᠠᠢᠪᠠ᠃ ᠭᠡᠲᠡᠯ᠎ᠡ ᠴᠢᠩᠭᠢᠰ ᠬᠠᠭᠠᠨ ᠵᠥᠪᠰᠢᠶᠡᠷᠡᠭᠰᠡᠨ ᠮᠡᠲᠦ ᠪᠠᠢᠲᠠᠯ᠎ᠠ ᠪᠠᠨ ᠭᠡᠨᠡᠳᠲᠡ ᠥᠪᠡᠷ ᠡᠴᠡ ᠨᠢ ᠳᠠᠯᠳᠠ ᠵᠥᠪᠯᠡᠭᠡᠨ ᠬᠢᠵᠦ ᠥᠭᠡᠳᠡᠢ ᠶ᠋ᠢ ᠡᠷᠭᠦᠮᠵᠢᠯᠡᠭᠰᠡᠨ ᠨᠢ᠂ ᠪᠠᠰᠠ ᠲᠡᠷᠡ ᠬᠤᠷᠠᠭᠰᠠᠨ ᠣᠯᠠᠨ ᠤ᠋ ᠡᠮᠦᠨ᠎ᠡ ᠴᠠᠭᠠᠲᠠᠢ ᠢᠯᠡᠷᠬᠡᠢ ᠳᠡᠭᠡᠷᠡᠩᠭᠦᠢ ᠳᠣᠷᠣᠮᠵᠢᠯᠠᠬᠤ ᠦᠭᠡ ᠵᠥᠴᠢ ᠳ᠋ᠦ᠍ ᠬᠡᠯᠡᠭᠰᠡᠨ ᠨᠢ ᠪᠥᠷᠲᠡ ᠶ᠋ᠢᠨ ᠡᠨᠡ ᠮᠥᠴᠡ ᠳ᠋ᠦ᠍ ᠦᠬᠦᠬᠦ ᠡᠴᠡ ᠥᠭᠡᠷ᠎ᠡ ᠮᠡᠬᠡ ᠦᠭᠡᠢ ᠮᠡᠲᠦ ᠪᠣᠯᠭᠠᠪᠠ᠃ ᠵᠥᠴᠢ ᠪᠣᠯ ᠲᠡᠷᠡ ᠲᠡᠢ ᠲᠡᠷᠡ ᠦᠭᠡᠢ ᠬᠠᠭᠠᠨ ᠤᠳᠤᠮ ᠢ᠋ ᠵᠠᠯᠭᠠᠮᠵᠢᠯᠠᠬᠤ ᠶᠣᠰᠣ ᠦᠭᠡᠢ ᠭᠡᠵᠦ ᠪᠥᠷᠲᠡ ᠦᠵᠡᠵᠦ ᠪᠠᠢᠭᠰᠠᠨ ᠲᠤᠯᠠ ᠲᠡᠭᠦᠨ ᠳ᠋ᠦ᠍ ᠲᠡᠭᠡᠲᠡᠯ᠎ᠡ ᠪᠡᠨ ᠰᠠᠨᠠᠭ᠎ᠠ ᠵᠤᠪᠠᠭ᠎ᠠ ᠦᠭᠡᠢ ᠪᠢᠯᠡ᠃ ᠲᠡᠢᠮᠦ ᠴᠦ᠍ ᠤᠴᠢᠷ ᠠ᠋ᠴᠠ
| ᠴᠢᠩᠭᠢᠰ ᠬᠠᠭᠠᠨ ᠡᠴᠢᠭᠡ ᠴᠢᠨᠢ ᠶᠠᠭᠤ ᠭᠡᠨ᠎ᠡ᠂ ᠴᠢ ᠲᠡᠭᠦᠨ ᠢ᠋ ᠯᠡ ᠬᠢᠬᠦ ᠶᠣᠰᠣᠲᠠᠢ᠃ ᠴᠢᠩᠭᠢᠰ ᠬᠠᠭᠠᠨ ᠴᠢᠨᠦ ᠠᠮᠢ ᠶ᠋ᠢ ᠰᠣᠶᠣᠷᠬᠠᠨ ᠥᠭᠭᠦᠭᠰᠡᠨ ᠶᠦᠮ᠃ ᠴᠢ ᠬᠡᠵᠢᠶ᠎ᠡ ᠴᠢᠩᠭᠢᠰ ᠬᠠᠭᠠᠨ ᠦᠬᠦ ᠭᠡᠨ᠎ᠡ᠂ ᠲᠡᠷᠡ ᠦᠶ᠎ᠡ ᠳ᠋ᠦ᠍ᠨᠢ ᠥᠴᠢᠭ ᠦᠭᠡᠢ ᠦᠬᠦᠬᠦ ᠬᠡᠷᠡᠭᠲᠡᠢ ᠭᠡᠵᠦ ᠬᠠᠲᠠᠭᠤ ᠴᠢᠩᠭ᠎ᠠ ᠪᠠᠷ ᠰᠤᠷᠭᠠᠵᠤ ᠬᠥᠮᠦᠵᠢᠭᠦᠯᠦᠭᠰᠡᠨ ᠲᠤᠯᠠ ᠵᠥᠴᠢ ᠳ᠋ᠦ᠍ ᠡᠷᠭᠢᠯᠲᠡ ᠦᠭᠡᠢ ᠢᠲᠡᠭᠡᠵᠦ ᠪᠠᠢᠵᠠᠢ᠃ ᠭᠡᠲᠡᠯ᠎ᠡ ᠰᠡᠭᠦᠯ ᠦ᠋ᠨ ᠬᠡᠳᠦᠨ ᠵᠢᠯ ᠬᠡᠨ ᠴᠦ᠍ ᠰᠡᠬᠦᠵᠦ ᠬᠡᠯᠡᠭᠡ ᠦᠭᠡᠢ᠂ ᠲᠡᠷᠡ ᠪᠤᠤ ᠬᠡᠯᠡ ᠴᠠᠭᠠᠲᠠᠢ ᠥᠪᠡᠷ ᠢ᠋ᠶ᠋ᠡᠨ ᠴᠦ᠍ ᠮᠠᠷᠲᠠᠭᠰᠠᠨ ᠮᠡᠲᠦ ᠲᠠᠢᠪᠤᠰᠢᠷᠠᠭᠰᠠᠨ ᠲᠡᠷᠡ ᠶᠠᠪᠤᠳᠠᠯ ᠢ᠋ ᠶᠡᠬᠡᠰ ᠳᠡᠭᠡᠳᠦᠰ ᠦ᠋ᠨ ᠡᠮᠦᠨ᠎ᠡ ᠲᠥᠷᠥ ᠶ᠋ᠢᠨ ᠵᠥᠪᠯᠡᠭᠡᠨ ᠳᠡᠭᠡᠷ᠎ᠡ ᠭᠠᠷᠭᠠᠨ ᠳᠤᠷᠠᠳᠴᠤ ᠵᠥᠴᠢ ᠶ᠋ᠢᠨ ᠮᠡᠷᠭᠢᠳ ᠭᠠᠷᠤᠯᠲᠠᠢ ᠪᠠᠷ ᠨᠢ ᠭᠤᠲᠤᠭᠠᠨ ᠳᠣᠷᠣᠮᠵᠢᠯᠠᠭᠰᠠᠨ ᠴᠠᠭᠠᠲᠠᠢ ᠶ᠋ᠢᠨ ᠪᠣᠯᠴᠢᠮ ᠦᠭᠡᠢ ᠵᠠᠩ ᠢ᠋ ᠪᠥᠷᠲᠡ ᠥᠷᠥᠰᠢᠶᠡᠵᠦ ᠴᠢᠳᠠᠬᠤ ᠦᠭᠡᠢ ᠪᠠᠢᠯ᠎ᠠ᠃ ᠢᠩᠭᠢᠵᠦ ᠲᠦᠷᠭᠡᠨ ᠭᠣᠣᠮᠠᠢ ᠬᠡᠯᠡᠭᠰᠡᠨ ᠦᠭᠡᠨ ᠦ᠌ ᠪᠡᠨ ᠵᠣᠯᠢᠶᠠᠰᠤᠨ ᠳ᠋ᠤ᠌ ᠲᠡᠷᠡ ᠥᠪᠡᠷ ᠢ᠋ᠶ᠋ᠡᠨ ᠴᠦ᠍ ᠬᠠᠭᠠᠨ ᠰᠠᠭᠤᠳᠠᠯ ᠵᠠᠯᠭᠠᠮᠵᠢᠯᠠᠬᠤ ᠡᠷᠬᠡ ᠪᠡᠨ ᠠᠯᠳᠠᠵᠠᠢ᠃ ᠬᠡᠪᠲᠡᠷᠢ ᠳ᠋ᠦ᠍ ᠪᠠᠢᠬᠤ ᠲᠡᠷᠡ ᠦᠶ᠎ᠡ ᠳ᠋ᠡᠭᠡᠨ ᠴᠠᠭᠠᠲᠠᠢ ᠶ᠋ᠢ ᠳᠠᠭᠤᠳᠠᠨ ᠢᠷᠡᠭᠦᠯᠵᠦ᠂ ᠤᠬᠢᠯᠠᠵᠤ ᠵᠠᠩᠨᠠᠪᠠ᠃ ᠴᠠᠭᠠᠲᠠᠢ ᠲᠡᠷᠡ ᠲᠡᠢ ᠲᠡᠷᠡ ᠦᠭᠡᠢ ᠭᠡᠮᠰᠢᠵᠦ ᠭᠤᠲᠤᠷᠠᠬᠤ ᠨᠢ ᠬᠡᠮᠵᠢᠶ᠎ᠡ ᠦᠭᠡᠢ ᠪᠠᠢᠭ᠎ᠠ ᠶ᠋ᠢ ᠦᠵᠡᠭᠡᠳ ᠪᠥᠷᠲᠡ ᠬᠥᠪᠡᠭᠦᠨ ᠢ᠋ᠶ᠋ᠡᠨ ᠦᠷᠦ ᠡᠪᠡᠳᠦᠨ ᠬᠡᠯᠡᠬᠦ ᠪᠡᠷ ᠵᠡᠬᠡᠭᠰᠡᠨ ᠬᠠᠲᠠᠭᠤ ᠦᠭᠡ ᠪᠡᠨ ᠲᠠᠲᠠᠵᠠᠢ᠃ ᠴᠠᠭᠠᠲᠠᠢ ᠶ᠋ᠢᠨ ᠲᠣᠭᠰᠢᠨ ᠰᠦᠷᠯᠢᠭ ᠣᠪᠣᠷ ᠳᠠᠷᠤᠭᠳᠠᠭᠠᠳ ᠰᠦᠨᠡᠰᠦ ᠰᠦᠯᠳᠡ ᠨᠢ ᠵᠠᠢᠯᠠᠭᠰᠠᠨ ᠮᠡᠲᠦ ᠴᠢᠷᠠᠢ ᠠᠯᠳᠠᠵᠠᠢ᠃ ᠭᠡᠪᠡᠴᠦ ᠭᠣᠮᠤᠳᠠᠯᠲᠤ ᠬᠠᠷᠠᠴᠠᠨ ᠤ᠋ ᠬᠢᠨᠢ ᠭᠦᠨ ᠳ᠋ᠦ᠍ ᠠᠶᠤᠮᠰᠢᠭᠲᠤ ᠬᠤᠨᠵᠢᠩ ᠨᠢᠭᠤᠭᠳᠠᠬᠤ ᠶ᠋ᠢ ᠪᠥᠷᠲᠡ ᠣᠯᠵᠤ ᠬᠠᠷᠠᠪᠠ᠃ ᠲᠡᠭᠡᠭᠡᠵᠦ ᠲᠥᠷᠥᠭᠦᠯᠵᠦ ᠲᠡᠪᠡᠷᠢᠵᠦ ᠥᠰᠬᠡᠭᠰᠡᠨ ᠦᠷ᠎ᠡ ᠶ᠋ᠢᠨ ᠢ᠋ᠶ᠋ᠡᠨ ᠰᠡᠳᠬᠢᠯ ᠢ᠋ ᠡᠬᠡ ᠨᠢ ᠪᠢᠰᠢ ᠪᠣᠯ ᠥᠭᠡᠷ᠎ᠡ ᠬᠡᠨ ᠮᠡᠳᠡᠬᠦ ᠪᠢᠯᠡ᠃ ᠶᠡᠬᠡ ᠡᠷᠬᠡ ᠮᠠᠲᠠᠯ᠂ ᠡᠵᠡᠨ ᠬᠠᠭᠠᠨ ᠤ᠋ ᠰᠠᠭᠤᠳᠠᠯ ᠭᠣᠣᠯ ᠢ᠋ᠶ᠋ᠠᠨ ᠲᠠᠰᠤᠯᠵᠤ ᠲᠥᠷᠥᠭᠦᠯᠦᠭᠰᠡᠨ ᠬᠠᠢᠷᠠᠲᠠᠢ ᠬᠥᠪᠡᠭᠦᠳ ᠢ᠋ ᠨᠢ ᠬᠡᠷᠬᠢᠨ ᠳᠠᠢᠰᠤᠨ ᠪᠣᠯᠭᠠᠵᠤ ᠥᠭᠡᠷᠡᠴᠢᠯᠡᠨ ᠬᠥᠨᠥᠭᠡᠬᠦ ᠶ᠋ᠢ ᠥᠨᠥ ᠪᠥᠷᠲᠡ ᠥᠪᠡᠷ ᠦ᠋ᠨ ᠨᠢᠳᠦ ᠪᠡᠷ ᠦᠵᠡᠵᠦ ᠪᠠᠢᠪᠠ᠃ ᠡᠴᠢᠭᠡ ᠶ᠋ᠢᠨ ᠰᠠᠭᠤᠷᠢ ᠶ᠋ᠢ ᠵᠠᠯᠭᠠᠨ ᠶᠡᠬᠡ ᠬᠠᠭᠠᠨ ᠰᠠᠭᠤᠬᠤ ᠶ᠋ᠢᠨ ᠲᠤᠯᠠᠳᠠ ᠬᠢᠴᠢᠶᠡᠵᠦ ᠴᠢᠷᠮᠠᠢᠬᠤ ᠶ᠋ᠢ ᠬᠡᠴᠢᠨᠡᠨ ᠤᠳᠠᠭ᠎ᠠ ᠴᠠᠭᠠᠲᠠᠢ ᠳ᠋ᠤ᠌ ᠵᠥᠪᠯᠡᠵᠦ ᠰᠤᠷᠭᠠᠵᠤ
| ᠵᠥᠴᠢ ᠠᠬ᠎ᠠ ᠴᠢᠨᠢ ᠴᠢᠮᠠᠲᠤ ᠬᠡᠵᠢᠶ᠎ᠡ ᠴᠦ᠍ ᠰᠠᠭᠠᠳ ᠲᠣᠳᠬᠠᠷ ᠪᠣᠯᠬᠤ ᠦᠭᠡᠢ᠃ ᠴᠢ ᠡᠬᠡ ᠳ᠋ᠡᠭᠡᠨ ᠢᠳᠡᠭᠡ᠃ ᠬᠠᠭᠠᠨ ᠡᠴᠢᠭᠡ ᠪᠡᠨ ᠵᠠᠯᠭᠠᠮᠵᠢᠯᠠᠬᠤ ᠭᠠᠭᠴᠠ ᠬᠥᠮᠦᠨ ᠪᠣᠯ ᠴᠢ ᠶᠦᠮ᠃ ᠬᠦᠦ ᠮᠢᠨᠢ ᠬᠢᠴᠢᠶᠡ ᠭᠡᠵᠦ ᠬᠡᠯᠡᠭᠰᠡᠨ ᠢ᠋ᠶ᠋ᠡᠨ ᠰᠠᠨᠠᠬᠤ ᠳ᠋ᠤ᠌ ᠪᠥᠷᠲᠡ ᠣᠳᠣ ᠴᠠᠭᠠᠲᠠᠢ ᠬᠥᠪᠡᠭᠦᠨ ᠦ᠌ ᠪᠡᠨ ᠡᠮᠦᠨ᠎ᠡ ᠥᠪᠡᠷ ᠢ᠋ᠶ᠋ᠡᠨ ᠶᠠᠯ᠎ᠠ ᠳ᠋ᠤ᠌ ᠤᠨᠠᠭᠰᠠᠨ ᠮᠡᠲᠦ ᠰᠠᠨᠠᠭᠳᠠᠨ᠎ᠠ᠃ ᠴᠠᠭᠠᠲᠠᠢ ᠶ᠋ᠢ ᠡᠷᠭᠦᠮᠵᠢᠯᠡᠬᠦ ᠶ᠋ᠢ ᠴᠢᠩᠭᠢᠰ ᠬᠠᠭᠠᠨ ᠵᠥᠪᠰᠢᠶᠡᠷᠡᠭᠰᠡᠨ ᠮᠡᠲᠦ ᠪᠠᠢᠭᠰᠠᠨ ᠲᠤᠯᠠ ᠪᠥᠷᠲᠡ ᠪᠠᠲᠤ ᠢᠲᠡᠭᠡᠭᠰᠡᠨ ᠪᠢᠯᠡ᠃ ᠶᠡᠬᠡ ᠢᠲᠡᠭᠡᠯ ᠬᠥᠰᠡᠷᠳᠡᠬᠦ ᠳ᠋ᠦ᠍ ᠲᠡᠭᠦᠨ ᠦ᠌ ᠣᠷᠣᠨ ᠳ᠋ᠤ᠌ ᠬᠣᠷᠣᠰᠤᠯ ᠭᠣᠮᠣᠳᠠᠯ ᠦᠯᠡᠳᠡᠳᠡᠭ ᠢ᠋ ᠲᠡᠷᠡ ᠭᠣᠣᠯ ᠳ᠋ᠠᠭᠠᠨ ᠣᠷᠣᠲᠠᠯ᠎ᠠ ᠮᠡᠳᠡᠷᠡᠵᠦ ᠪᠠᠢᠯ᠎ᠠ᠃ ᠭᠡᠪᠡᠴᠦ ᠣᠳᠣ ᠡᠬᠡ ᠬᠦᠦ ᠬᠣᠶᠠᠷ ᠶᠠᠭᠤ ᠶ᠋ᠢ ᠴᠦ᠍ ᠥᠭᠡᠷᠡᠴᠢᠯᠡᠨ ᠬᠤᠪᠢᠷᠠᠭᠠᠵᠤ ᠴᠢᠳᠠᠬᠤ ᠦᠭᠡᠢ ᠪᠣᠯᠵᠠᠢ᠃
| ᠴᠢ ᠭᠠᠭᠴᠠ ᠬᠣᠷᠣᠮ ᠲᠡᠪᠴᠢᠵᠦ ᠥᠭᠡᠳᠡᠢ ᠶ᠋ᠢᠨ ᠨᠡᠷ᠎ᠡ ᠶ᠋ᠢ ᠳᠤᠷᠠᠳᠬᠤ ᠦᠭᠡᠢ ᠥᠩᠭᠡᠷᠡᠵᠦ ᠴᠢᠳᠠᠭᠰᠠᠨ ᠦᠭᠡᠢ ᠤᠤ ᠭᠡᠵᠦ ᠰᠢᠪᠡᠨᠡᠬᠦ ᠳ᠋ᠡᠭᠡᠨ ᠪᠥᠷᠲᠡ᠂ ᠥᠭᠡᠳᠡᠢ ᠶ᠋ᠢ ᠠᠳᠠᠯᠢᠬᠠᠨ ᠯᠠ ᠥᠪᠡᠷ ᠦ᠋ᠨ ᠬᠥᠪᠡᠭᠦᠨ ᠮᠡᠲᠦ ᠰᠠᠨᠠᠬᠤ ᠦᠭᠡᠢ ᠪᠠᠢᠪᠠ᠃
| ᠮᠡᠳᠡᠬᠦ ᠦᠭᠡᠢ᠂ ᠡᠵᠢ ᠠ᠋ ᠁ ᠨᠢᠭᠡ ᠯᠡ ᠮᠡᠳᠡᠬᠦ ᠳ᠋ᠦ᠍ ᠡᠢᠮᠦ ᠶᠠᠪᠤᠳᠠᠯ ᠪᠣᠯᠵᠠᠢ᠃ ᠪᠢ ᠡᠵᠢ ᠲᠠᠨ ᠤ᠋ ᠵᠠᠬᠢᠵᠤ ᠰᠤᠷᠭᠠᠭᠰᠠᠨ ᠢ᠋ᠶ᠋ᠠᠷ ᠶᠠᠪᠤᠵᠤ ᠴᠢᠳᠠᠭᠰᠠᠨ ᠦᠭᠡᠢ᠂ ᠥᠷᠥᠰᠢᠶᠡ᠃
ᠴᠠᠭᠠᠲᠠᠢ ᠶ᠋ᠢᠨ ᠡᠨᠡ ᠦᠭᠡ ᠲᠤᠢᠯ ᠦᠭᠡᠢ ᠶᠡᠬᠡ ᠭᠡᠮᠰᠢᠯ ᠬᠠᠷᠠᠮᠰᠠᠯ ᠬᠢᠭᠡᠳ ᠰᠡᠳᠬᠢᠯ ᠦ᠋ᠨ ᠰᠢᠨᠠᠯᠤᠯ ᠳᠦᠭᠦᠷᠡᠩ ᠰᠣᠨᠣᠰᠤᠭᠳᠠᠨ᠎ᠠ᠃
| ᠨᠠᠭᠠᠰᠢ ᠢᠷ᠎ᠡ ᠬᠦᠦ ᠮᠢᠨᠢ᠃
ᠴᠠᠭᠠᠲᠠᠢ ᠶ᠋ᠢᠨ ᠭᠤᠴᠢᠨ ᠳᠣᠯᠣᠭᠠᠨ ᠤ᠋ ᠵᠢᠯ ᠣᠷᠣᠵᠤ ᠪᠠᠢᠭ᠎ᠠ ᠶ᠋ᠢ ᠬᠥᠪᠡᠭᠦᠨ ᠦ᠌ ᠪᠡᠨ ᠡᠩᠬᠦᠷᠡᠢ ᠦᠨᠦᠷ ᠨᠢ ᠠᠷᠢᠯᠤᠭ᠎ᠠ ᠦᠭᠡᠢ ᠲᠣᠯᠣᠭᠠᠢ ᠶ᠋ᠢ ᠡᠯᠢᠭᠡᠨ ᠳ᠋ᠡᠭᠡᠨ ᠲᠡᠪᠡᠷᠢᠬᠦ ᠳ᠋ᠡᠭᠡᠨ ᠪᠥᠷᠲᠡ ᠰᠠᠨᠠᠪᠠ᠃
| ᠬᠦᠦ ᠮᠢᠨᠢ ᠵᠢᠯ ᠴᠢᠨᠢ ᠣᠷᠣᠵᠤ ᠪᠠᠢᠭ᠎ᠠ᠃ ᠪᠣᠯᠭᠣᠮᠵᠢᠲᠠᠢ ᠶᠠᠪᠤᠵᠤ ᠦᠵᠡ᠃
| ᠵᠠ᠂ ᠡᠵᠢ ᠠ᠋᠃
ᠴᠠᠭᠠᠲᠠᠢ ᠪᠣᠯ ᠪᠥᠷᠲᠡ ᠶ᠋ᠢᠨ ᠳᠥᠷᠪᠡᠨ ᠬᠥᠪᠡᠭᠦᠳ ᠳᠣᠲᠣᠷ᠎ᠠ ᠠ᠋ᠴᠠ ᠡᠬᠡ ᠳ᠋ᠡᠭᠡᠨ ᠬᠠᠮᠤᠭ ᠤ᠋ᠨ ᠶᠡᠬᠡ ᠡᠷᠬᠡᠯᠡᠵᠦ ᠥᠰᠦᠭᠰᠡᠨ ᠨᠢ ᠪᠢᠯᠡ᠃
| ᠬᠠᠭᠠᠨ ᠡᠴᠢᠭᠡ ᠳ᠋ᠡᠭᠡᠨ ᠪᠤᠤ ᠭᠣᠮᠣᠳᠠ᠃ ᠤᠯᠠᠮ ᠬᠢᠴᠢᠶᠡᠵᠦ ᠵᠢᠳᠬᠦ᠃ ᠪᠢ ᠵᠥᠴᠢ ᠠᠬ᠎ᠠ ᠳ᠋ᠤ᠌ ᠴᠢᠨᠢ ᠰᠠᠨᠠᠭ᠎ᠠ ᠶᠡᠬᠡ ᠵᠣᠪᠠᠨ᠎ᠠ᠃ ᠴᠢ ᠪᠣᠯ ᠡᠴᠢᠭᠡ ᠲᠡᠢ ᠬᠥᠮᠦᠨ᠃ ᠬᠠᠷᠢᠨ ᠵᠥᠴᠢ ᠠᠬ᠎ᠠ ᠳ᠋ᠤ᠌ ᠴᠢᠨᠢ ᠨᠠᠳᠠ ᠠ᠋ᠴᠠ ᠥᠭᠡᠷ᠎ᠡ ᠬᠡᠨ ᠴᠦ᠍ ᠪᠠᠢᠬᠤ ᠦᠭᠡᠢ ᠶᠦᠮ᠃ ᠴᠢ ᠡᠭᠦᠨ ᠢ᠋ ᠦᠷᠭᠦᠯᠵᠢ ᠰᠠᠨᠠᠵᠤ ᠶᠠᠪᠤ᠃
| ᠵᠠ᠂ ᠡᠵᠢ ᠠ᠋᠃
ᠲᠣᠭᠰᠢᠨ ᠲᠦᠷᠢᠮᠡᠬᠡᠢ᠂ ᠬᠤᠷᠴᠠ ᠬᠠᠯᠠᠭᠤᠨ ᠵᠠᠩ ᠲᠠᠢ ᠴᠠᠭᠠᠲᠠᠢ ᠬᠡᠵᠢᠶ᠎ᠡ ᠴᠦ᠍ ᠡᠢᠮᠦ ᠳᠤᠭᠤᠯᠭᠠᠪᠤᠷᠢᠲᠠᠢ ᠵᠥᠭᠡᠯᠡᠨ ᠪᠠᠢᠭᠰᠠᠨ ᠦᠭᠡᠢ᠃ ᠴᠢᠩᠭᠢᠰ ᠬᠠᠭᠠᠨ ᠤ᠋ ᠭᠠᠷᠭᠠᠭᠰᠠᠨ ᠵᠠᠷᠯᠢᠭ ᠢ᠋ ᠡᠷᠭᠢᠭᠦᠯᠦᠨ ᠥᠭᠡᠷᠡᠴᠢᠯᠡᠵᠦ ᠴᠢᠳᠠᠬᠤ ᠭᠠᠭᠴᠠ ᠬᠥᠮᠦᠨ᠂ ᠡᠴᠢᠭᠡ ᠶ᠋ᠢᠨ ᠨᠠᠢᠳᠠᠯᠭ᠎ᠠ ᠪᠣᠯ ᠡᠬᠡ ᠨᠢ ᠭᠡᠳᠡᠭ ᠢ᠋ ᠴᠠᠭᠠᠲᠠᠢ ᠮᠡᠳᠡᠬᠦ ᠤᠴᠢᠷ ᠡᠢᠮᠦ ᠲᠣᠷᠭ᠎ᠠ ᠮᠡᠲᠦ ᠠᠭᠠᠰᠢᠯᠠᠵᠤ ᠪᠠᠢᠵᠠᠢ᠃ ᠬᠠᠷᠢᠨ ᠪᠥᠷᠲᠡ ᠬᠥᠪᠡᠭᠦᠨ ᠢ᠋ᠶ᠋ᠡᠨ ᠠᠯᠳᠠᠭᠠᠨ ᠳ᠋ᠠᠭᠠᠨ ᠭᠡᠮᠰᠢᠵᠦ ᠤᠬᠠᠭᠠᠷᠠᠵᠤ ᠪᠠᠢᠨ᠎ᠠ ᠭᠡᠵᠦ ᠤᠶᠠᠷᠠᠵᠤ ᠶᠠᠮᠠᠷ ᠴᠤ᠌ ᠪᠣᠯᠪᠠ ᠴᠢᠩᠭᠢᠰ ᠬᠠᠭᠠᠨ ᠲᠠᠢ ᠡᠨᠡ ᠲᠤᠬᠠᠢ ᠡᠪᠲᠡᠢ ᠴᠠᠭ ᠣᠯᠵᠤ ᠶᠠᠷᠢᠨ᠎ᠠ ᠭᠡᠵᠦ ᠪᠣᠳᠣᠵᠤ ᠬᠡᠪᠲᠡᠭᠰᠡᠨ ᠪᠢᠯᠡ᠃ ᠭᠡᠪᠡᠴᠦ ᠡᠨᠡ ᠪᠣᠯ ᠰᠠᠨᠠᠭ᠎ᠠ ᠮᠤᠬᠤᠷᠳᠠᠭᠰᠠᠨ ᠡᠮ᠎ᠡ ᠬᠥᠮᠦᠨ ᠦ᠌ ᠳᠡᠮᠡᠢ ᠪᠣᠳᠣᠯ ᠲᠡᠳᠦᠢ ᠶᠦᠮ᠃ ᠣᠳᠣ ᠪᠥᠷᠲᠡ ᠦᠭᠡ ᠦᠭᠡᠢ ᠮᠤᠬᠤᠷᠳᠠᠭᠰᠠᠨ ᠵᠥᠴᠢ ᠬᠥᠪᠡᠭᠦᠨ ᠳ᠋ᠡᠭᠡᠨ ᠢᠯᠡᠭᠦᠦ ᠲᠡᠢ ᠶᠡᠬᠡ ᠪᠡᠷ ᠰᠠᠨᠠᠭ᠎ᠠ ᠵᠣᠪᠠᠵᠤ ᠪᠠᠢᠪᠠ᠃
ᠬᠠᠷᠢᠨ ᠪᠥᠷᠲᠡ ᠪᠣᠯᠤᠭᠠᠳ ᠪᠤᠰᠤᠳ ᠪᠦᠬᠦ ᠬᠥᠮᠦᠨ ᠢ᠋ ᠭᠠᠢᠬᠠᠭᠤᠯᠤᠭᠰᠠᠨ ᠨᠢᠭᠡ ᠬᠡᠷᠡᠭ ᠮᠠᠷᠭᠠᠰᠢ ᠥᠷᠯᠥᠭᠡ ᠨᠢ ᠪᠣᠯᠪᠠ᠃ ᠭᠡᠨᠡᠳᠲᠡ ᠣᠳᠤᠭᠰᠠᠨ ᠵᠥᠴᠢ ᠪᠥᠷᠲᠡ ᠶ᠋ᠢᠨ ᠦᠷᠭᠦᠭᠡᠨ ᠦ᠌ ᠭᠠᠳᠠᠨᠠᠬᠢ ᠤᠶᠠᠭᠠᠨ ᠳᠡᠭᠡᠷ᠎ᠡ ᠳᠠᠪᠬᠢᠨ ᠢᠷᠡᠵᠦ ᠪᠠᠭᠤᠭᠰᠠᠨ ᠳ᠋ᠤ᠌ ᠪᠦᠭᠦᠳᠡ ᠰᠣᠴᠢᠨ ᠲᠦᠭᠰᠢᠵᠡᠢ᠃ ᠣᠯᠠᠨ ᠤ᠋ ᠡᠮᠦᠨ᠎ᠡ ᠢᠯᠡ ᠲᠣᠳᠣ ᠪᠠᠷ 《ᠮᠡᠷᠭᠢᠳ ᠦ᠋ᠨ ᠣᠷᠬᠢᠳᠠᠰᠤ》 ᠭᠡᠵᠦ ᠳᠣᠷᠣᠮᠵᠢᠯᠠᠭᠳᠠᠭᠰᠠᠨ ᠵᠥᠴᠢ ᠶᠠᠭᠠᠬᠢᠵᠤ ᠴᠤ᠌ ᠮᠡᠳᠡᠨ᠎ᠡ ᠭᠡᠰᠡᠨ ᠲᠦᠭᠰᠢᠭᠦᠷᠢ ᠠᠢᠳᠠᠰ ᠪᠦᠭᠦᠳᠡ ᠳ᠋ᠦ᠍ ᠲᠥᠷᠥᠪᠡ᠃ ᠢᠩᠭᠢᠬᠦ ᠨᠢ ᠠᠷᠭ᠎ᠠ ᠦᠭᠡᠢ ᠪᠠᠢᠪᠠ᠃ ᠶᠠᠭᠠᠬᠢᠵᠤ ᠴᠤ᠌ ᠨᠢᠭᠤᠵᠤ ᠬᠠᠭᠠᠭᠰᠠᠨ ᠵᠥᠴᠢ ᠴᠠᠭᠠᠲᠠᠢ ᠨᠠᠷ ᠤ᠋ᠨ ᠬᠡᠷᠡᠭᠦᠯ ᠦ᠋ᠨ ᠳᠤᠤᠯᠢᠶᠠᠨ ᠠᠯᠢ ᠡᠷᠲᠡ ᠴᠢᠩᠭᠢᠰ ᠬᠠᠭᠠᠨ ᠤ᠋ ᠬᠦᠷᠢᠶᠡᠨ ᠡᠴᠡ ᠬᠠᠯᠢᠨ ᠭᠠᠷᠴᠤ ᠰᠢᠨᠤᠭᠤᠴᠢ ᠬᠥᠮᠦᠰ ᠦ᠋ᠨ ᠬᠡᠯᠡ ᠴᠢᠬᠢᠨ ᠦ᠌ ᠵᠤᠭ᠎ᠠ ᠪᠣᠯᠵᠠᠢ᠃ ᠬᠥᠮᠦᠨ ᠦ᠌ ᠮᠠᠭᠤ ᠳ᠋ᠤ᠌ ᠳᠤᠷᠠᠲᠠᠢ ᠵᠠᠷᠢᠮ ᠨᠢ ᠡᠨᠡ ᠬᠡᠷᠡᠭᠦᠯ ᠦ᠋ᠨ ᠳᠠᠷᠠᠭ᠎ᠠ ᠴᠢᠰᠤ ᠦᠬᠦᠯ ᠭᠠᠷᠬᠤ ᠶ᠋ᠢ ᠵᠥᠩᠨᠡᠨ ᠬᠦᠯᠢᠶᠡᠵᠦ ᠰᠠᠭᠤᠭᠰᠠᠨ ᠴᠤ᠌ ᠪᠠᠢᠵᠤ ᠮᠡᠳᠡᠨ᠎ᠡ᠃ ᠵᠥᠴᠢ ᠪᠣᠯᠤᠭᠠᠳ ᠴᠠᠭᠠᠲᠠᠢ ᠶ᠋ᠢᠨ ᠵᠠᠩ ᠠᠭᠠᠰᠢ ᠢᠩᠭᠢᠬᠦ ᠦᠭᠡᠢ ᠭᠡᠬᠦ ᠶ᠋ᠢᠨ ᠠᠷᠭ᠎ᠠ ᠦᠭᠡᠢ᠃ ᠶᠡᠬᠡ ᠠᠭᠠᠳᠠᠷ ᠤ᠋ᠨ ᠡᠮᠦᠨᠡᠬᠢ ᠰᠢᠭ ᠲᠦᠭᠰᠢᠭᠦᠷᠢᠲᠦ ᠨᠠᠮ ᠭᠦᠮ ᠡᠷᠭᠢᠨ ᠲᠣᠭᠣᠷᠢᠨ ᠢ᠋ ᠡᠵᠡᠯᠡᠵᠦ ᠵᠥᠴᠢ ᠶ᠋ᠢᠨ ᠭᠡᠨᠡᠳᠲᠡ ᠡᠷᠭᠢᠨ ᠢᠷᠡᠭᠰᠡᠨ ᠮᠡᠳᠡᠭᠡ ᠴᠢᠩᠭᠢᠰ ᠬᠠᠭᠠᠨ ᠤ᠋ ᠦᠷᠭᠦᠭᠡᠨ ᠳ᠋ᠦ᠍ ᠲᠡᠷᠡ ᠳᠠᠷᠤᠢ ᠬᠦᠷᠴᠡᠢ᠃ ᠡᠨᠡ ᠦᠶ᠎ᠡ ᠳ᠋ᠦ᠍ ᠴᠢᠩᠭᠢᠰ ᠬᠠᠭᠠᠨ ᠪᠤᠭᠤᠷᠴᠢ᠂ ᠮᠤᠬᠤᠯᠠᠢ᠂ ᠵᠠᠯᠮ᠎ᠠ᠂ ᠬᠠᠰᠠᠷ᠂ ᠰᠥᠪᠡᠭᠡᠳᠡᠢ᠂ ᠵᠡᠪᠡ ᠨᠠᠷ ᠤ᠋ᠨ ᠬᠠᠮᠲᠤ ᠬᠣᠷᠽᠸᠮ ᠳ᠋ᠤ᠌ ᠮᠣᠷᠳᠠᠬᠤ ᠶ᠋ᠢᠨ ᠡᠮᠦᠨ᠎ᠡ ᠠᠯᠲᠠᠨ ᠤᠯᠤᠰ ᠢ᠋ ᠬᠡᠷᠬᠢᠬᠦ ᠲᠤᠬᠠᠢ ᠵᠥᠪᠯᠡᠵᠦ ᠰᠠᠭᠤᠵᠠᠢ᠃ ᠬᠡᠷᠡᠭᠦᠯ ᠦ᠋ᠨ ᠳᠠᠷᠠᠭ᠎ᠠ ᠴᠢᠩᠭᠢᠰ ᠬᠠᠭᠠᠨ ᠬᠥᠪᠡᠭᠦᠳ ᠢ᠋ᠶ᠋ᠡᠨ ᠰᠡᠯᠡᠮ᠎ᠡ ᠰᠤᠭᠤᠯᠤᠨ ᠴᠢᠰᠤ ᠪᠠᠨ ᠤᠷᠤᠰᠬᠠᠬᠤ ᠪᠣᠢ ᠭᠡᠵᠦ ᠦᠨᠡᠨ ᠳ᠋ᠡᠭᠡᠨ ᠡᠮᠢᠶᠡᠵᠦ ᠡᠢᠮᠦ ᠶᠠᠪᠤᠳᠠᠯ ᠬᠡᠷᠬᠢᠪᠡᠴᠦ ᠭᠠᠷᠭᠠᠭᠤᠯᠵᠤ ᠪᠣᠯᠬᠤ ᠦᠭᠡᠢ ᠶ᠋ᠢ ᠪᠤᠭᠤᠷᠴᠢ ᠮᠤᠬᠤᠯᠠᠢ ᠬᠣᠶᠠᠷ ᠲᠤ᠌ ᠬᠠᠲᠠᠭᠤ ᠲᠤᠰᠢᠶᠠᠵᠠᠢ᠃ ᠭᠡᠲᠡᠯ᠎ᠡ ᠣᠭᠲᠣ ᠰᠠᠨᠠᠭ᠎ᠠ ᠦᠭᠡᠢ ᠬᠡᠷᠡᠭ ᠪᠣᠯᠵᠤ ᠵᠥᠴᠢ ᠰᠢᠭᠤᠳ ᠭᠡᠷ ᠦ᠋ᠨ ᠵᠦᠭ ᠪᠤᠴᠠᠭᠰᠠᠨ ᠪᠢᠯᠡ᠃ ᠬᠠᠷᠢᠨ ᠵᠥᠴᠢ ᠭᠡᠨᠡᠳᠲᠡ ᠡᠷᠭᠢᠨ ᠢᠷᠡᠵᠡᠢ᠃ ᠵᠠᠮ ᠤ᠋ᠨ ᠳᠤᠮᠳᠠ ᠠ᠋ᠴᠠ ᠶᠠᠭᠠᠬᠢᠬᠤ ᠭᠡᠵᠦ ᠡᠷᠭᠢᠨ ᠢᠷᠡᠭᠰᠡᠨ ᠢ᠋᠂ ᠢᠷᠡᠭᠡᠳ ᠰᠢᠭᠤᠳ ᠡᠬᠡ ᠶ᠋ᠢᠨ ᠢ᠋ᠶ᠋ᠡᠨ ᠦᠷᠭᠦᠭᠡᠨ ᠳ᠋ᠦ᠍ ᠣᠷᠣᠭᠰᠠᠨ ᠤ᠋ ᠤᠴᠢᠷ ᠢ᠋ ᠲᠡᠷᠡ ᠳᠣᠣᠷ᠎ᠠ ᠨᠢ ᠳᠠᠭᠠᠬᠤ ᠳ᠋ᠤ᠌ ᠪᠡᠷᠬᠡ ᠪᠠᠢᠯ᠎ᠠ᠃ ᠲᠡᠢᠮᠦ ᠴᠦ᠍ ᠤᠴᠢᠷ ᠠ᠋ᠴᠠ ᠴᠢᠩᠭᠢᠰ ᠬᠠᠭᠠᠨ ᠴᠢᠬᠤᠯᠠ ᠵᠥᠪᠯᠡᠭᠡᠨ ᠢ᠋ᠶ᠋ᠡᠨ ᠰᠢᠭᠤᠳ ᠲᠠᠰᠤᠯᠤᠨ ᠪᠣᠭᠣᠷᠴᠢ ᠶ᠋ᠢ ᠶᠠᠪᠤᠭᠤᠯᠵᠤ ᠤᠴᠢᠷ ᠢ᠋ ᠮᠡᠳᠡᠬᠦ ᠶ᠋ᠢ ᠳᠠᠭᠠᠭᠠᠯᠭᠠᠪᠠ᠃ ᠢᠩᠭᠢᠬᠦ ᠨᠢ ᠵᠥᠪ ᠪᠠᠢᠪᠠ᠃ ᠪᠤᠭᠤᠷᠴᠢ ᠪᠣᠯ ᠵᠥᠴᠢ ᠶ᠋ᠢᠨ ᠬᠡᠷᠡᠭ ᠢ᠋ ᠲᠥᠷᠥᠬᠦ ᠡᠴᠡ ᠨᠢ ᠡᠬᠢᠯᠡᠭᠡᠳ ᠴᠢᠩᠭᠢᠰ ᠬᠠᠭᠠᠨ ᠤ᠋ ᠡᠮᠦᠨ᠎ᠡ ᠬᠠᠷᠢᠭᠤᠴᠠᠭᠰᠠᠨ ᠬᠥᠮᠦᠨ ᠶᠦᠮ᠃ ᠬᠣᠶᠠᠭᠤᠯᠠᠬᠠᠨ ᠢ᠋ᠶ᠋ᠠᠨ ᠦᠶ᠎ᠡ ᠳ᠋ᠦ᠍ ᠵᠥᠴᠢ ᠶ᠋ᠢᠨ ᠲᠠᠯ᠎ᠠ ᠪᠠᠷ ᠦᠭᠡ ᠬᠡᠯᠡᠬᠦ ᠪᠦᠷᠢ ᠳ᠋ᠡᠭᠡᠨ
| ᠪᠤᠭᠤᠷᠴᠢ᠂ ᠴᠢ ᠮᠢᠨᠦ ᠵᠠᠷᠯᠢᠭ ᠢ᠋ ᠵᠥᠷᠢᠴᠡᠵᠦ ᠵᠥᠴᠢ ᠶ᠋ᠢ ᠠᠮᠢᠳᠤ ᠦᠯᠡᠳᠡᠭᠡᠭᠰᠡᠨ ᠬᠥᠮᠦᠨ ᠭᠡᠵᠦ ᠵᠠᠪᠠᠯ ᠳᠤᠷᠠᠰᠤᠨ ᠬᠡᠯᠡᠳᠡᠭ ᠪᠢᠯᠡ᠃ ᠪᠤᠭᠤᠷᠴᠢ ᠴᠤ᠌ ᠡᠭᠦᠨ ᠢ᠋ ᠣᠢᠯᠠᠭᠠᠨ᠎ᠠ᠃ ᠢᠩᠭᠢᠵᠦ ᠬᠡᠯᠡᠬᠦ ᠳ᠋ᠡᠭᠡᠨ ᠴᠢᠩᠭᠢᠰ ᠬᠠᠭᠠᠨ ᠵᠢᠮᠡᠯᠡᠨ ᠪᠤᠷᠤᠭᠤᠰᠢᠶᠠᠬᠤ ᠥᠩᠭᠡ ᠶᠡᠷᠦ ᠦᠵᠡᠭᠦᠯᠳᠡᠭ ᠦᠭᠡᠢ ᠶᠦᠮ᠃ ᠬᠠᠷᠢᠨ ᠡᠨᠡ ᠤᠳᠠᠭ᠎ᠠ ᠣᠯᠠᠨ ᠤ᠋ ᠳᠡᠷᠭᠡᠳᠡ ᠵᠦᠭᠡᠷ ᠯᠡ
| ᠪᠤᠭᠤᠷᠴᠢ᠂ ᠴᠢ ᠣᠴᠢᠵᠤ ᠦᠵᠡ ᠭᠡᠵᠡᠢ᠃
ᠴᠢᠩᠭᠢᠰ ᠬᠠᠭᠠᠨ ᠪᠤᠭᠤᠷᠴᠢ ᠬᠣᠶᠠᠷ ᠤ᠋ᠨ ᠬᠣᠭᠣᠷᠣᠨᠳᠣ ᠪᠠᠢᠬᠤ ᠵᠥᠴᠢ ᠶ᠋ᠢᠨ ᠲᠤᠬᠠᠢ ᠡᠯ᠎ᠡ ᠨᠢᠭᠤᠴᠠ ᠶ᠋ᠢ ᠪᠥᠷᠲᠡ ᠵᠥᠴᠢ ᠬᠣᠶᠠᠷ ᠮᠥᠨ ᠯᠡ ᠥᠪᠡᠷᠰᠡᠳ ᠦ᠋ᠨ ᠬᠢ ᠪᠡᠷ ᠢ᠋ᠶ᠋ᠡᠨ ᠣᠢᠯᠠᠭᠠᠬᠤ ᠠᠵᠢ᠃ ᠪᠥᠷᠲᠡ ᠴᠦ᠍ ᠵᠥᠴᠢ ᠴᠦ᠍ ᠪᠤᠭᠤᠷᠴᠢ ᠳ᠋ᠤ᠌ ᠶᠡᠬᠡ ᠳᠣᠲᠣᠨᠣ ᠰᠠᠢᠬᠠᠨ ᠬᠠᠨᠳᠤᠨ᠎ᠠ᠃ ᠤᠬᠠᠭᠠᠨ ᠣᠷᠣᠭᠰᠠᠨ ᠴᠠᠭ ᠠ᠋ᠴᠠ ᠵᠥᠴᠢ ᠦᠷᠭᠦᠯᠵᠢ ᠯᠡ ᠪᠤᠭᠤᠷᠴᠢ ᠶ᠋ᠢᠨ ᠠᠰᠠᠷᠠᠮᠵᠢ ᠬᠠᠯᠠᠮᠵᠢ ᠳ᠋ᠤ᠌ ᠶᠠᠪᠤᠵᠠᠢ᠃ ᠪᠠᠰᠠ ᠪᠤᠭᠤᠷᠴᠢ ᠪᠣᠯ ᠰᠦᠪᠡᠭᠡᠳᠡᠢ ᠪᠠᠭᠠᠲᠤᠷ ᠤ᠋ᠨ ᠨᠢᠭᠡᠨ ᠠᠳᠠᠯᠢ ᠵᠥᠴᠢ ᠶ᠋ᠢ ᠪᠠᠢᠯᠳᠤᠬᠤ ᠳᠠᠢᠳᠤᠬᠤ᠂ ᠴᠡᠷᠢᠭ ᠵᠠᠰᠠᠬᠤ ᠡᠷᠳᠡᠮ ᠦ᠋ᠨ ᠪᠠᠭᠰᠢ ᠨᠢ ᠪᠠᠢᠪᠠ᠃ ᠲᠡᠢᠮᠦ ᠡᠴᠡ ᠴᠦ᠍ ᠵᠥᠴᠢ᠂ ᠪᠤᠭᠤᠷᠴᠢ ᠶ᠋ᠢ ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠳᠠᠷᠠᠭ᠎ᠠ ᠪᠠᠷ ᠦᠵᠡᠵᠦ ᠬᠦᠨᠳᠦᠳᠬᠡᠨ᠎ᠡ᠃ ᠡᠭᠦᠨ ᠢ᠋ ᠮᠡᠳᠡᠬᠦ ᠤᠴᠢᠷ ᠠ᠋ᠴᠠ ᠴᠢᠩᠭᠢᠰ ᠬᠠᠭᠠᠨ ᠪᠤᠭᠤᠷᠴᠢ ᠶ᠋ᠢ ᠵᠥᠴᠢ ᠶ᠋ᠢᠨ ᠪᠣᠯᠬᠤ ᠪᠣᠯᠬᠤ ᠦᠭᠡᠢ ᠦᠭᠡ᠂ ᠦᠢᠯᠡᠳᠦᠯ ᠡᠴᠡ ᠰᠡᠷᠭᠡᠢᠯᠡᠬᠦ ᠭᠡᠵᠦ ᠶᠠᠭᠠᠷᠠᠯᠲᠠᠢ ᠶᠠᠪᠤᠭᠤᠯᠵᠠᠢ᠃ ᠪᠤᠭᠤᠷᠴᠢ ᠶ᠋ᠢ ᠭᠠᠷᠬᠤ ᠳ᠋ᠤ᠌ ᠲᠣᠷᠭᠠᠨ ᠴᠡᠷᠢᠭ ᠦ᠋ᠳ ᠥᠷᠭᠥᠭᠡ ᠶ᠋ᠢ ᠲᠣᠭᠣᠷᠢᠨ ᠵᠣᠭᠰᠣᠭᠠᠳ ᠬᠦᠯᠢᠶᠡᠵᠦ ᠪᠠᠢᠪᠠ᠃ ᠲᠣᠷᠭᠠᠨ ᠴᠡᠷᠢᠭ ᠦ᠋ᠨ ᠮᠢᠩᠭᠠᠲᠤ ᠶ᠋ᠢᠨ ᠨᠣᠶᠠᠨ ᠡᠭᠦᠯᠡᠨ ᠴᠡᠷᠪᠢ ᠵᠥᠴᠢ ᠶ᠋ᠢᠨ ᠪᠠᠷ᠎ᠠ ᠪᠠᠷ ᠰᠡᠷᠡᠮᠵᠢᠯᠡᠨ ᠴᠡᠷᠢᠭ ᠢ᠋ᠶ᠋ᠡᠨ ᠵᠠᠰᠠᠭᠰᠠᠨ ᠨᠢ ᠡᠨᠡ ᠶᠦᠮ᠃ ᠢᠩᠭᠢᠵᠦ ᠬᠡᠳᠦ ᠪᠣᠯᠭᠣᠮᠵᠢᠯᠠᠨ ᠰᠦᠷ ᠦᠵᠡᠭᠦᠯᠬᠦ ᠨᠢ ᠭᠣᠮᠣᠳᠠᠭᠰᠠᠨ ᠵᠥᠴᠢ ᠳ᠋ᠦ᠍ ᠶᠠᠭᠠᠬᠢᠪᠠᠴᠤ ᠠᠶᠠᠲᠠᠢ ᠰᠠᠨᠠᠭᠳᠠᠬᠤ ᠦᠭᠡᠢ ᠭᠡᠵᠦ ᠪᠤᠭᠤᠷᠴᠢ ᠪᠣᠳᠣᠭᠠᠳ ᠲᠣᠷᠭᠠᠨ ᠴᠡᠷᠢᠭ ᠦ᠋ᠳ ᠢ᠋ ᠪᠠᠢᠷᠢᠨ ᠳ᠋ᠤᠨᠢ ᠪᠤᠴᠠᠭᠠᠵᠤ ᠡᠳᠦᠷ ᠦ᠋ᠨ ᠬᠡᠰᠢᠭᠲᠡᠨ ᠴᠡᠷᠢᠭ ᠢ᠋ ᠶᠡᠷᠦᠳᠡ ᠶ᠋ᠢᠨ ᠵᠢᠷᠤᠮ ᠢ᠋ᠶ᠋ᠠᠷ ᠦᠯᠡᠳᠡᠭᠡᠬᠦ ᠶ᠋ᠢ ᠲᠤᠰᠢᠶᠠᠵᠠᠢ᠃ ᠵᠥᠴᠢ ᠶ᠋ᠢᠨ ᠰᠡᠳᠬᠢᠯ ᠦ᠋ᠨ ᠭᠣᠮᠣᠳᠠᠯ ᠢ᠋ ᠰᠡᠳᠡᠷᠡᠭᠡᠬᠦ ᠥᠴᠦᠬᠡᠨ ᠴᠦ᠍ ᠰᠡᠵᠢᠭ ᠬᠠᠷ᠎ᠠ ᠡᠭᠦᠰᠬᠡᠵᠦ ᠪᠣᠯᠬᠤ ᠦᠭᠡᠢ ᠶ᠋ᠢ ᠪᠤᠭᠤᠷᠴᠢ ᠣᠢᠯᠠᠭᠠᠨ᠎ᠠ᠃ ᠵᠥᠴᠢ ᠶᠠᠭᠤ ᠴᠤ᠌ ᠪᠣᠯᠤᠯ᠎ᠠ ᠭᠡᠰᠡᠨ ᠡᠴᠢᠭᠡ ᠶ᠋ᠢᠨ ᠢ᠋ᠶ᠋ᠡᠨ ᠡᠰᠡᠷᠭᠦ ᠬᠡᠷᠡᠭᠦᠯ ᠵᠠᠷᠭᠤ ᠡᠭᠦᠰᠬᠡᠬᠦ ᠬᠥᠮᠦᠨ ᠪᠢᠰᠢ ᠭᠡᠳᠡᠭ ᠢ᠋ ᠪᠤᠭᠤᠷᠴᠢ ᠮᠡᠳᠡᠵᠦ ᠪᠠᠢᠪᠠ᠃ ᠡᠬᠡ ᠶ᠋ᠢᠨ ᠢ᠋ᠶ᠋ᠡᠨ ᠬᠡᠪᠲᠡᠷᠢ ᠳ᠋ᠦ᠍ ᠣᠷᠣᠭᠰᠠᠨ ᠢ᠋ ᠦᠵᠡᠭᠡᠳ ᠵᠥᠴᠢ ᠶᠡᠬᠡ ᠰᠠᠨᠳᠤᠷᠪᠠ᠃ ᠢᠩᠭᠢᠨ᠎ᠡ ᠭᠡᠵᠦ ᠰᠠᠨᠠᠭ᠎ᠠ ᠦᠭᠡᠢ ᠲᠤᠯᠠ ᠬᠡᠯᠡ ᠰᠤᠷᠠᠭ ᠦᠭᠡᠢ ᠶᠠᠪᠤᠭᠰᠠᠨ ᠠ᠋ᠴᠠ ᠨᠢ ᠪᠣᠯᠪᠠ ᠭᠡᠵᠦ ᠥᠪᠡᠷ ᠢ᠋ ᠪᠡᠨ ᠪᠤᠷᠤᠭᠤᠳᠬᠠᠪᠠ᠃ ᠬᠠᠷᠢᠨ ᠪᠥᠷᠲᠡ ᠵᠥᠴᠢ ᠬᠥᠪᠡᠭᠦᠨ ᠳ᠋ᠡᠭᠡᠨ ᠶᠠᠭᠤ ᠭᠡᠵᠦ ᠬᠡᠯᠡᠬᠦ ᠦᠭᠡ ᠪᠡᠨ ᠣᠯᠬᠤ ᠦᠭᠡᠢ ᠪᠠᠢᠪᠠ᠃ ᠵᠥᠴᠢ ᠡᠬᠡ ᠶ᠋ᠢ ᠪᠡᠨ ᠦᠵᠡᠭᠡᠳ ᠰᠡᠳᠬᠢᠯ ᠬᠢᠮᠤᠷᠠᠵᠤ ᠬᠠᠷ᠎ᠠ ᠴᠠᠭᠠᠨ ᠲᠠᠭ ᠳᠠᠭᠤ ᠦᠭᠡᠢ ᠰᠠᠭᠤᠭᠰᠠᠭᠠᠷ ᠪᠠᠢᠵᠠᠢ᠃ ᠬᠠᠷᠢᠨ ᠪᠥᠷᠲᠡ ᠳᠣᠲᠣᠷ᠎ᠠ ᠪᠠᠨ ᠣᠩᠭᠣᠢᠲᠠᠯ᠎ᠠ ᠤᠬᠢᠯᠠᠵᠤ ᠠᠪᠴᠠᠢ᠃
| ᠬᠦᠦ ᠮᠢᠨᠢ᠃ ᠴᠢ ᠨᠠᠳᠠ ᠠ᠋ᠴᠠ ᠪᠣᠯᠵᠤ ᠡᠢᠮᠦ ᠵᠣᠪᠠᠯᠠᠩ ᠳᠣᠷᠣᠮᠵᠢᠯᠠᠯ ᠠᠮᠰᠠᠬᠤ ᠪᠣᠯᠵᠠᠢ᠃ ᠪᠣᠯᠤᠭᠰᠠᠨ ᠬᠡᠷᠡᠭ ᠲᠦ᠍ ᠭᠠᠭᠴᠠᠬᠠᠨ ᠡᠬᠡ ᠶ᠋ᠢ ᠪᠡᠨ ᠯᠡ ᠪᠤᠷᠤᠭᠤᠳᠬᠠᠵᠤ ᠭᠣᠮᠣᠳᠠ᠃ ᠥᠭᠡᠷ᠎ᠡ ᠬᠡᠨ ᠳ᠋ᠦ᠍ ᠴᠦ᠍ ᠬᠠᠷ᠎ᠠ ᠪᠤᠷᠤᠭᠤ ᠪᠦᠦ ᠰᠠᠨᠠ᠃ ᠴᠢᠩᠭᠢᠰ ᠬᠠᠭᠠᠨ ᠡᠴᠢᠭᠡ ᠳ᠋ᠡᠭᠡᠨ᠂ ᠴᠠᠭᠠᠲᠠᠢ ᠳᠡᠭᠦᠦ ᠳ᠋ᠡᠭᠡᠨ ᠮᠠᠭᠤ ᠰᠠᠨᠠᠬᠤ ᠶ᠋ᠢ ᠴᠢᠨᠢ ᠪᠢ ᠬᠣᠷᠢᠭᠯᠠᠵᠤ ᠪᠠᠢᠨ᠎ᠠ ᠭᠡᠵᠦ ᠡᠬᠡ ᠨᠢ ᠬᠠᠯᠠᠭᠤᠨ ᠨᠢᠯᠪᠤᠰᠤ ᠪᠠᠨ ᠠᠰᠬᠠᠷᠠᠭᠤᠯᠤᠨ ᠬᠡᠯᠡᠬᠦ ᠳ᠋ᠦ᠍ ᠡᠬᠡ ᠶ᠋ᠢᠨ ᠢ᠋ᠶ᠋ᠡᠨ ᠬᠠᠳᠠᠨ ᠵᠣᠷᠢᠭ ᠢ᠋ ᠮᠡᠳᠡᠭᠰᠡᠨ ᠵᠥᠴᠢ ᠵᠦᠢᠷᠯᠡᠰᠢ ᠦᠭᠡᠢ ᠶᠡᠬᠡ ᠪᠡᠷ ᠤᠶᠠᠷᠠᠵᠤ ᠭᠡᠮᠰᠢᠵᠡᠢ᠃ ᠡᠬᠡ ᠶ᠋ᠢᠨ ᠢ᠋ᠶ᠋ᠡᠨ ᠶᠠᠭᠤᠨ ᠳ᠋ᠤ᠌ ᠰᠠᠨᠠᠭ᠎ᠠ ᠨᠢ ᠵᠣᠪᠠᠵᠤ ᠪᠠᠢᠭ᠎ᠠ ᠶ᠋ᠢ ᠵᠥᠴᠢ ᠰᠠᠢᠨ ᠣᠢᠯᠠᠭᠠᠵᠤ ᠪᠠᠢᠪᠠ᠃ ᠲᠥᠷᠥᠭᠦᠯᠦᠭᠰᠡᠨ ᠬᠥᠪᠡᠭᠦᠳ ᠨᠢ ᠬᠡᠷᠡᠭᠦᠯ ᠲᠡᠮᠡᠴᠡᠯ ᠬᠢᠵᠦ ᠠᠯᠠᠯᠳᠤᠬᠤ ᠠ᠋ᠴᠠ ᠯᠠ ᠠᠶᠤᠵᠤ ᠪᠣᠢ᠃ ᠡᠬᠡ ᠶ᠋ᠢ ᠪᠡᠨ ᠲᠠᠢᠪᠤᠰᠢᠷᠠᠭᠤᠯᠤᠨ ᠠᠮᠤᠷᠯᠢᠭᠤᠯᠬᠤ ᠨᠢ ᠴᠢᠬᠤᠯᠠ ᠪᠠᠢᠭᠰᠠᠨ ᠲᠤᠯᠠ ᠬᠡᠯᠡᠬᠦ ᠦᠭᠡ ᠪᠡᠨ ᠰᠠᠢᠲᠤᠷ ᠪᠣᠳᠣᠵᠤ ᠣᠯᠪᠠ᠃
| ᠡᠵᠢ ᠮᠢᠨᠢ᠂ ᠲᠠ ᠠᠮᠤᠷ ᠪᠠᠢ᠃ ᠪᠢ ᠬᠡᠵᠢᠶᠡᠳᠡ ᠲᠠᠨ ᠤ᠋ ᠬᠡᠯᠡᠭᠰᠡᠨ ᠢ᠋ ᠮᠠᠷᠲᠠᠬᠤ ᠦᠭᠡᠢ ᠰᠠᠨᠠᠵᠤ ᠶᠠᠪᠤᠬᠤ ᠶᠤᠮ᠃ ᠪᠢ ᠴᠢᠩᠭᠢᠰ ᠬᠠᠭᠠᠨ ᠡᠴᠢᠭᠡ ᠶ᠋ᠢᠨ ᠵᠠᠷᠯᠢᠭ ᠢ᠋ ᠶᠣᠰᠣᠴᠢᠯᠠᠨ ᠳᠠᠭᠠᠬᠤ ᠪᠣᠯᠤᠨ᠎ᠠ᠃ ᠲᠠ ᠲᠠᠢᠪᠤᠩ ᠪᠠᠢᠵᠤ ᠪᠡᠶ᠎ᠡ ᠪᠡᠨ ᠪᠣᠳᠣ ᠭᠡᠵᠡᠢ᠃ ᠪᠥᠷᠲᠡ ᠵᠥᠴᠢ ᠶ᠋ᠢᠨ ᠦᠭᠡ ᠶ᠋ᠢ ᠦᠨᠡᠮᠰᠢᠵᠦ ᠢᠲᠡᠭᠡᠭᠡᠳ ᠤᠶᠠᠷᠠᠨ ᠤᠬᠢᠯᠠᠵᠠᠢ᠃ ᠲᠡᠢᠮᠦ ᠠ᠋᠂ ᠲᠡᠭᠦᠨ ᠦ᠌ ᠵᠥᠴᠢ ᠬᠥᠪᠡᠭᠦᠨ ᠡᠬᠡ ᠶ᠋ᠢᠨ ᠢ᠋ᠶ᠋ᠡᠨ ᠦᠭᠡᠨ ᠡᠴᠡ ᠭᠠᠵᠢᠵᠤ ᠵᠥᠷᠢᠭᠰᠡᠨ ᠤᠳᠠᠭ᠎ᠠ ᠦᠭᠡᠢ ᠪᠢᠯᠡ᠃ ᠵᠥᠴᠢ ᠪᠣᠯ ᠡᠬᠡ ᠶ᠋ᠢᠨ ᠢ᠋ᠶ᠋ᠡᠨ ᠦᠭᠡ᠂ ᠤᠬᠠᠭᠠᠨ ᠢ᠋ᠶ᠋ᠠᠷ ᠶᠠᠷᠢᠵᠤ ᠰᠡᠳᠬᠢᠵᠦ ᠬᠥᠮᠦᠵᠢᠭᠰᠡᠨ ᠬᠥᠮᠦᠨ ᠶᠦᠮ᠃ ᠭᠡᠪᠡᠴᠦ ᠡᠨᠡ ᠤᠳᠠᠭ᠎ᠠ ᠵᠥᠴᠢ ᠬᠥᠪᠡᠭᠦᠨ ᠨᠢ ᠨᠢᠭᠡ ᠶ᠋ᠢ ᠬᠡᠯᠡᠵᠦ ᠨᠥᠭᠦᠭᠡ ᠶ᠋ᠢ ᠪᠣᠳᠣᠵᠤ ᠪᠠᠢᠭ᠎ᠠ ᠶ᠋ᠢ ᠪᠥᠷᠲᠡ ᠳᠠᠩᠴᠤ ᠮᠡᠳᠡᠭᠰᠡᠨ ᠦᠭᠡᠢ᠃ ᠥᠭᠡᠳᠡᠢ ᠶ᠋ᠢ ᠬᠠᠭᠠᠨ ᠰᠠᠭᠤᠷᠢᠨ ᠳ᠋ᠤ᠌ ᠵᠠᠯᠭᠠᠮᠵᠢᠯᠠᠭᠤᠯᠬᠤ ᠪᠠᠷ ᠰᠣᠩᠭᠣᠵᠤ᠂ ᠵᠥᠴᠢ ᠶ᠋ᠢ ᠮᠡᠷᠭᠢᠳ ᠦ᠋ᠨ ᠴᠢᠰᠤᠲᠠᠢ ᠶ᠋ᠢ ᠣᠯᠠᠨ ᠳ᠋ᠤ᠌ ᠲᠤᠩᠬᠠᠭᠯᠠᠭᠰᠠᠨ ᠬᠡᠷᠡᠭᠦᠯ ᠡᠴᠡ ᠬᠣᠢᠰᠢ ᠥᠩᠭᠡᠷᠡᠭᠰᠡᠨ ᠬᠣᠶᠠᠷ ᠬᠣᠨᠣᠭ ᠳᠤᠭᠤᠯᠭᠠᠪᠤᠷᠢᠲᠠᠢ ᠤᠬᠠᠭᠠᠨ ᠲᠠᠢ ᠵᠥᠴᠢ ᠬᠥᠪᠡᠭᠦᠨ ᠨᠢ ᠨᠢᠭᠡᠨᠲᠡ ᠣᠭᠲᠣ ᠥᠭᠡᠷ᠎ᠡ ᠬᠥᠮᠦᠨ ᠪᠣᠯᠤᠨ ᠬᠤᠪᠢᠷᠠᠭᠰᠠᠨ ᠢ᠋ ᠪᠥᠷᠲᠡ ᠲᠠᠭᠠᠮᠠᠭᠯᠠᠭᠰᠠᠨ ᠦᠭᠡᠢ᠃ ᠵᠥᠴᠢ ᠴᠦ᠍ ᠳᠣᠲᠣᠭᠠᠳᠤ ᠰᠠᠨᠠᠭ᠎ᠠ ᠪᠠᠨ ᠰᠠᠢᠲᠤᠷ ᠨᠢᠭᠤᠵᠤ ᠬᠠᠭᠤᠴᠢᠨ ᠬᠡᠪ ᠲᠥᠷᠬᠦ ᠪᠡᠨ ᠦᠵᠡᠭᠦᠯᠦᠨ᠎ᠡ᠃ ᠡᠨᠡ ᠠᠮᠢᠳᠤᠷᠠᠯ᠂ ᠬᠥᠪᠡᠭᠦᠳ ᠦ᠋ᠨ ᠢ᠋ᠶ᠋ᠡᠨ ᠪᠣᠳᠣᠯ ᠬᠦᠰᠡᠯ ᠢ᠋ ᠨᠢᠭᠡᠨᠲᠡ ᠲᠠᠭᠠᠮᠠᠭᠯᠠᠨ ᠮᠡᠳᠡᠬᠦ ᠡᠴᠡ ᠥᠩᠭᠡᠷᠡᠵᠦ᠂ ᠬᠥᠪᠡᠭᠦᠳ ᠨᠢ ᠡᠬᠡ ᠶ᠋ᠢᠨ ᠮᠠᠲᠠᠯ ᠠ᠋ᠴᠠ ᠡᠭᠦᠷᠢᠳᠡ ᠰᠠᠯᠵᠤ ᠣᠳᠤᠭᠰᠠᠨ ᠢ᠋ ᠪᠥᠷᠲᠡ ᠮᠡᠳᠡᠬᠦ ᠦᠭᠡᠢ᠂ ᠮᠡᠳᠡᠬᠦ ᠴᠦ᠍ ᠠᠷᠭ᠎ᠠ ᠦᠭᠡᠢ ᠠᠵᠢ᠃ ᠶᠡᠷᠦ ᠪᠦᠬᠦ ᠡᠬᠡ ᠬᠥᠮᠦᠨ ᠪᠥᠷᠲᠡ ᠶ᠋ᠢᠨ ᠠᠳᠠᠯᠢ ᠶᠤᠮ᠃ ᠡᠬᠡ ᠬᠥᠮᠦᠨ ᠪᠦᠷ ᠲᠥᠷᠥᠭᠦᠯᠦᠭᠰᠡᠨ ᠦᠷ᠎ᠡ ᠪᠡᠨ ᠡᠪᠦᠭᠡᠨ ᠪᠣᠯᠤᠭᠰᠠᠨ ᠴᠤ᠌ ᠨᠢᠯᠬ᠎ᠠ ᠭᠡᠵᠦ ᠰᠠᠨᠠᠭᠰᠠᠭᠠᠷ ᠪᠠᠢᠳᠠᠭ ᠪᠢᠵᠡ᠃ ᠬᠠᠷᠢᠨ ᠦᠷᠡᠰ ᠨᠢ ᠥᠪᠡᠷ ᠥᠪᠡᠷ ᠦ᠋ᠨ ᠬᠦᠰᠡᠯ ᠵᠣᠷᠢᠭ ᠢ᠋ ᠳᠠᠭᠠᠨ ᠡᠭᠦᠷ ᠢ᠋ᠶ᠋ᠡᠨ ᠣᠷᠬᠢᠵᠤ ᠰᠢᠪᠠᠭᠤ ᠠᠳᠠᠯᠢ ᠲᠠᠷᠠᠵᠤ ᠣᠳᠬᠤ ᠪᠥᠯᠥᠭᠡ᠃ ᠪᠥᠷᠲᠡ ᠶᠠᠭ ᠯᠠ ᠢᠩᠭᠢᠵᠦ ᠡᠷ᠎ᠡ ᠶ᠋ᠢᠨ ᠴᠡᠭᠡᠯ ᠳ᠋ᠦ᠍ ᠬᠦᠷᠴᠦ ᠡᠷᠳᠡᠮ ᠴᠢᠳᠠᠯ ᠨᠢ ᠵᠢᠭᠰᠠᠭᠰᠠᠨ ᠬᠥᠪᠡᠭᠦᠳ ᠢ᠋ᠶ᠋ᠡᠨ ᠡᠭᠡᠭᠡ ᠯᠡ ᠡᠮᠵᠡᠭ ᠨᠢᠯᠬ᠎ᠠ ᠰᠢᠭ᠋ ᠰᠠᠨᠠᠭᠰᠠᠭᠠᠷ ᠪᠠᠢᠪᠠ᠃ ᠬᠡᠳᠦᠢ ᠪᠡᠷ ᠵᠥᠴᠢ ᠴᠠᠭᠠᠲᠠᠢ ᠨᠠᠷ ᠤ᠋ᠨ ᠬᠡᠷᠡᠭᠦᠯ ᠪᠤᠭᠤᠷᠴᠢ ᠶ᠋ᠢᠨ ᠬᠦᠰᠡᠭᠰᠡᠨ ᠢ᠋ᠶ᠋ᠡᠷ ᠡᠯᠳᠡᠪ ᠬᠡᠯᠡ ᠠᠮᠠ ᠦᠭᠡᠢ ᠨᠠᠮᠵᠢᠬᠤ ᠰᠢᠭ᠋ ᠪᠣᠯᠤᠭᠰᠠᠨ ᠴᠤ᠌ ᠤᠷᠰᠢᠭ ᠨᠢ ᠬᠠᠭᠤᠷᠠᠢ ᠭᠦᠪᠳᠦᠨ ᠳ᠋ᠦ᠍ ᠠᠯᠳᠠᠭᠰᠠᠨ ᠲᠦᠢᠮᠡᠷ ᠰᠢᠭ ᠪᠢᠲᠡᠭᠦᠦ ᠳᠣᠲᠣᠭᠤᠷ ᠤᠭᠤᠭᠢᠨ ᠠᠰᠠᠭᠰᠠᠭᠠᠷ ᠪᠠᠢᠭ᠎ᠠ ᠶ᠋ᠢ ᠴᠢᠩᠭᠢᠰ ᠬᠠᠭᠠᠨ ᠲᠠᠭᠠᠪᠤᠷᠢᠯᠠᠵᠤ ᠪᠠᠢᠯ᠎ᠠ᠃ ᠡᠨᠡ ᠲᠦᠢᠮᠡᠷ ᠬᠠᠮᠢᠭ᠎ᠠ ᠬᠡᠵᠢᠶ᠎ᠡ ᠢᠯᠡᠷᠡᠵᠦ ᠳᠦᠷᠡᠯᠵᠡᠨ ᠠᠰᠠᠬᠤ ᠶ᠋ᠢ ᠳᠠᠭᠠᠬᠤ ᠶ᠋ᠢᠨ ᠠᠷᠭ᠎ᠠ ᠦᠭᠡᠢ ᠠᠵᠢ᠃ ᠪᠤᠴᠠᠵᠤ ᠢᠷᠡᠭᠰᠡᠨ ᠳᠠᠷᠤᠢ ᠳ᠋ᠠᠭᠠᠨ ᠵᠥᠴᠢ ᠬᠥᠪᠡᠭᠦᠨ ᠨᠢ ᠪᠠᠷᠠᠭᠠᠯᠠᠬᠤ ᠵᠥᠪᠰᠢᠶᠡᠷᠡᠯ ᠬᠦᠰᠡᠭᠰᠡᠨ ᠨᠢ ᠴᠢᠩᠭᠢᠰ ᠬᠠᠭᠠᠨ ᠢ᠋ ᠶᠡᠬᠡᠳᠡ ᠲᠦᠭᠰᠢᠭᠡᠪᠡ᠃ ᠶᠡᠷᠦ ᠢᠩᠭᠢᠵᠦ ᠶᠣᠰᠣᠷᠬᠠᠳᠠᠭ ᠦᠭᠡᠢ ᠪᠠᠢᠭᠰᠠᠨ ᠵᠥᠴᠢ ᠬᠠᠷᠠᠴᠤ ᠠᠯᠪᠠᠲᠤ᠂ ᠬᠠᠷᠢ ᠶ᠋ᠢᠨ ᠡᠯᠴᠢ ᠮᠡᠲᠦ ᠵᠥᠪᠰᠢᠶᠡᠷᠡᠯ ᠡᠷᠢᠭᠰᠡᠨ ᠨᠢ ᠲᠡᠷᠡ ᠥᠪᠡᠷ ᠢ᠋ ᠪᠡᠨ ᠨᠢᠭᠡᠨᠲᠡ ᠴᠢᠩᠭᠢᠰ ᠬᠠᠭᠠᠨ ᠳ᠋ᠤ᠌ ᠬᠠᠮᠢᠶ᠎ᠠ ᠦᠭᠡᠢ ᠬᠥᠮᠦᠨ ᠮᠡᠲᠦ ᠦᠵᠡᠵᠦ ᠪᠣᠢ ᠪᠠᠨ ᠢᠯᠡᠷᠬᠡᠢᠯᠡᠵᠦ᠂ ᠪᠠᠰᠠ ᠢᠩᠭᠢᠵᠦ ᠦᠵᠡᠵᠦ ᠪᠠᠢᠭ᠎ᠠ ᠶ᠋ᠢ ᠡᠰᠡᠷᠭᠦᠴᠡᠵᠦ ᠪᠠᠢᠭ᠎ᠠ ᠶᠤᠮ ᠰᠢᠭ᠋ ᠰᠠᠨᠠᠭᠳᠠᠨ᠎ᠠ᠃ ᠵᠥᠴᠢ ᠶ᠋ᠢᠨ ᠪᠠᠷᠠᠯᠬᠠᠬᠤ ᠭᠡᠰᠡᠨ ᠢ᠋ ᠪᠤᠭᠤᠷᠴᠢ ᠲᠡᠭᠦᠨ ᠳ᠋ᠦ᠍ ᠤᠯᠠᠮᠵᠢᠯᠠᠵᠠᠢ᠃
| ᠴᠢᠮᠠᠲᠤ ᠶᠠᠭᠤ ᠭᠡᠵᠦ ᠬᠡᠯᠡᠪᠡ? ᠭᠡᠮᠡᠨ ᠴᠢᠩᠭᠢᠰ ᠬᠠᠭᠠᠨ ᠪᠤᠭᠤᠷᠴᠢ ᠶ᠋ᠢ ᠶᠠᠭᠤ ᠭᠡᠵᠦ ᠬᠠᠷᠢᠭᠤᠯᠬᠤ ᠶ᠋ᠢ ᠮᠡᠳᠡᠭᠰᠡᠭᠡᠷ ᠠᠲᠠᠯ᠎ᠠ ᠳᠡᠮᠡᠢ ᠠᠰᠠᠭᠤᠪᠠ᠃ ᠢᠩᠭᠢᠵᠦ ᠢᠯᠡᠭᠦᠦ ᠰᠤᠯᠠ ᠦᠭᠡ ᠬᠡᠯᠡᠭᠰᠡᠨ ᠨᠢ ᠴᠢᠩᠭᠢᠰ ᠬᠠᠭᠠᠨ ᠤ᠋ ᠤᠬᠠᠭᠠᠨ ᠮᠤᠬᠤᠷᠳᠠᠨ ᠰᠠᠨᠳᠤᠷᠤᠭᠰᠠᠨ ᠢ᠋ ᠢᠯᠡᠳᠬᠡᠨ᠎ᠡ᠃
| ᠲᠡᠷᠡ ᠬᠥᠪᠡᠭᠦᠨ ᠨᠠᠳᠠᠳᠤ ᠶᠠᠭᠤ ᠴᠤ᠌ ᠲᠣᠳᠣᠷᠬᠠᠢᠯᠠᠨ ᠬᠡᠯᠡᠭᠰᠡᠨ ᠦᠭᠡᠢ ᠭᠡᠵᠦ ᠪᠤᠭᠤᠷᠴᠢ ᠥᠴᠢᠪᠡ᠃
| ᠵᠥᠴᠢ ᠶᠠᠭᠤ ᠭᠡᠵᠦ ᠰᠡᠳᠬᠢᠪᠡ? ᠭᠡᠰᠡᠨ ᠴᠢᠩᠭᠢᠰ ᠬᠠᠭᠠᠨ ᠤ᠋ ᠦᠭᠡ ᠶ᠋ᠢ ᠪᠤᠭᠤᠷᠴᠢ ᠬᠠᠷᠢᠭᠤ ᠦᠭᠡᠢ ᠣᠷᠬᠢᠪᠠ᠃ ᠲᠡᠷᠡ ᠦᠨᠡᠬᠡᠷ ᠵᠥᠴᠢ ᠶ᠋ᠢᠨ ᠶᠠᠭᠤ ᠬᠦᠰᠡᠭᠰᠡᠨ ᠢ᠋ ᠲᠠᠭᠠᠮᠠᠭᠯᠠᠵᠤ ᠴᠢᠳᠠᠭᠰᠠᠨ ᠦᠭᠡᠢ᠃ ᠬᠠᠷᠢᠭᠤ ᠳᠤᠤᠭᠠᠷᠤᠭ᠎ᠠ ᠦᠭᠡᠢ ᠳ᠋ᠦ᠍ᠨᠢ ᠴᠢᠩᠭᠢᠰ ᠬᠠᠭᠠᠨ ᠬᠢᠯᠢᠩᠨᠡᠭᠰᠡᠨ ᠦᠭᠡᠢ᠃ ᠦᠨᠡᠬᠡᠷ ᠶᠠᠭᠤ ᠭᠡᠬᠦ ᠶ᠋ᠢ ᠬᠡᠨ ᠴᠦ᠍ ᠳᠠᠭᠠᠭᠰᠠᠨ ᠦᠭᠡᠢ᠃ ᠵᠥᠴᠢ ᠶᠡᠷᠦ ᠨᠢ ᠢᠩᠭᠢᠵᠦ ᠠᠯᠪᠠᠷᠬᠠᠵᠤ ᠪᠠᠢᠭᠰᠠᠨ ᠤᠳᠠᠭ᠎ᠠ ᠦᠭᠡᠢ ᠤᠴᠢᠷ ᠡᠨᠡ ᠶᠠᠪᠤᠳᠠᠯ ᠪᠤᠭᠤᠷᠴᠢ ᠳ᠋ᠤ᠌ ᠴᠤ᠌ ᠭᠡᠰᠡᠨ ᠬᠠᠴᠢᠷᠬᠠᠯᠲᠠᠢ ᠪᠠᠢᠪᠠ᠃
| ᠬᠠᠭᠠᠨ ᠲᠠ ᠵᠥᠴᠢ ᠶ᠋ᠢ ᠪᠠᠯᠴᠢᠷ ᠬᠡᠦᠬᠡᠳ ᠰᠢᠭ ᠪᠤᠤ ᠪᠣᠳᠣ᠃ ᠪᠠᠰᠠ ᠪᠠᠯᠠᠮᠠᠳ ᠳᠠᠢᠰᠤᠨ ᠰᠢᠭ᠋ ᠴᠦ᠍ ᠪᠤᠤ ᠰᠠᠨᠠ᠃ ᠵᠥᠴᠢ ᠪᠣᠯ ᠪᠥᠷᠲᠡ ᠬᠠᠲᠤᠨ ᠤ᠋ ᠠᠮᠢᠨ ᠦᠷ᠎ᠡ ᠨᠢ ᠶᠦᠮ᠃ ᠪᠠᠰᠠ ᠬᠠᠭᠠᠨ ᠲᠠᠨ ᠤ᠋ ᠬᠠᠷᠪᠤᠭᠰᠠᠨ ᠰᠤᠮᠤ ᠰᠢᠭ᠋ ᠬᠠᠪᠤᠲᠠᠢ ᠵᠠᠩᠵᠤᠨ ᠶᠤᠮ᠃ ᠲᠠ ᠢᠩᠭᠢᠵᠦ ᠪᠤᠳᠤᠭᠲᠤᠨ᠃ ᠲᠠ ᠢᠯᠡᠭᠦᠦ ᠶ᠋ᠢ ᠰᠡᠳᠬᠢᠵᠦ ᠶᠡᠬᠡ ᠶ᠋ᠢ ᠪᠤᠤ ᠲᠠᠭᠠᠮᠠᠭᠯᠠᠨ ᠥᠪᠡᠷ ᠢ᠋ ᠪᠡᠨ ᠪᠦᠦ ᠵᠣᠪᠠᠭ᠎ᠠ᠃ ᠵᠥᠴᠢ ᠬᠡᠵᠢᠶ᠎ᠡ ᠴᠦ᠍ ᠬᠠᠭᠠᠨ ᠡᠴᠢᠭᠡ ᠶ᠋ᠢᠨ ᠢ᠋ᠶ᠋ᠡᠨ ᠡᠰᠡᠷᠭᠦ ᠬᠠᠷ᠎ᠠ ᠰᠠᠨᠠᠬᠤ ᠦᠭᠡᠢ᠃ ᠪᠢ ᠡᠭᠦᠨ ᠢ᠋ ᠪᠠᠲᠤᠯᠠᠨ᠎ᠠ᠃ ᠪᠠᠰᠠ ᠪᠥᠷᠲᠡ ᠡᠬᠡ ᠨᠢ ᠴᠦ᠍ ᠪᠠᠲᠤᠯᠠᠬᠤ ᠪᠢᠵᠡ᠃ ᠪᠤᠭᠤᠷᠴᠢ ᠶ᠋ᠢᠨ ᠡᠨᠡ ᠤᠬᠠᠭᠠᠨᠲᠤ ᠦᠭᠡ ᠪᠠᠰᠠ ᠳᠡᠭᠡᠷ᠎ᠡ ᠨᠢ ᠪᠥᠷᠲᠡ ᠶ᠋ᠢ ᠳᠤᠷᠠᠳᠬᠠᠨ ᠬᠡᠯᠡᠭᠰᠡᠨ ᠨᠢ ᠴᠢᠩᠭᠢᠰ ᠬᠠᠭᠠᠨ ᠤ᠋ ᠡᠷᠡᠭᠡᠯᠵᠡᠭᠡ ᠶ᠋ᠢ ᠠᠷᠢᠯᠭᠠᠵᠤ ᠡᠭᠡᠳᠡᠭᠰᠡᠨ ᠰᠡᠳᠬᠢᠯ ᠢ᠋ ᠠᠮᠤᠷᠯᠢᠭᠤᠯᠪᠠ᠃ ᠪᠤᠭᠤᠷᠴᠢ ᠬᠡᠷᠡᠭᠲᠡᠢ ᠦᠭᠡ ᠶ᠋ᠢ ᠶᠠᠭ ᠴᠠᠭ ᠲᠤᠨᠢ ᠣᠯᠵᠤ ᠬᠡᠯᠡᠵᠡᠢ᠃ ᠬᠡᠷᠪᠡ ᠪᠤᠭᠤᠷᠴᠢ ᠦᠭᠡᠢ ᠪᠠᠢᠭᠰᠠᠨ ᠪᠣᠯ ᠴᠢᠩᠭᠢᠰ ᠬᠠᠭᠠᠨ ᠳ᠋ᠤ᠌ ᠵᠥᠴᠢ ᠥᠪᠡᠷ ᠢ᠋ ᠨᠢ ᠬᠣᠣᠷᠯᠠᠬᠤ ᠭᠡᠵᠦ ᠪᠣᠢ ᠮᠡᠲᠦ ᠰᠡᠵᠢᠭ ᠲᠥᠷᠥᠭᠡᠳ ᠪᠠᠷᠠᠯᠬᠠᠭᠤᠯᠬᠤ ᠦᠭᠡᠢ ᠪᠡᠷ ᠪᠤᠴᠠᠭᠠᠬᠤ᠂ ᠪᠦᠷ ᠠᠯᠠᠬᠤ ᠳ᠋ᠤ᠌ ᠴᠤ᠌ ᠪᠡᠯᠡᠨ ᠪᠠᠢᠪᠠ᠃ ᠭᠡᠪᠡᠴᠦ ᠪᠤᠭᠤᠷᠴᠢ ᠶ᠋ᠢᠨ ᠦᠭᠡ ᠶ᠋ᠢ ᠤᠬᠠᠭᠠᠷᠠᠵᠤ ᠵᠥᠴᠢ ᠶ᠋ᠢ ᠪᠠᠷᠠᠯᠬᠠᠭᠤᠯᠬᠤ ᠵᠠᠷᠯᠢᠭ ᠪᠠᠭᠤᠯᠭᠠᠪᠠ᠃
ᠵᠥᠴᠢ ᠶ᠋ᠢ ᠪᠣᠱᠣᠭ᠎ᠠ ᠳᠠᠪᠠᠮᠠᠭᠴᠠ ᠪᠤᠭᠤᠷᠴᠢ ᠤᠷᠢᠳ ᠨᠢ ᠶᠠᠷᠢᠯᠴᠠᠵᠤ ᠲᠣᠬᠢᠷᠠᠭᠰᠠᠨ ᠮᠡᠲᠦ ᠦᠭᠡ ᠳᠠᠭᠤ ᠦᠭᠡᠢ ᠭᠠᠷᠴᠤ ᠣᠳᠤᠭᠰᠠᠨ ᠨᠢ ᠴᠢᠩᠭᠢᠰ ᠬᠠᠭᠠᠨ ᠢ᠋ ᠳᠠᠬᠢᠭᠠᠳ ᠯᠠ ᠬᠠᠷ᠎ᠠ ᠰᠡᠵᠢᠭ ᠲᠦ᠍ ᠤᠨᠠᠭᠠᠵᠤ ᠬᠢᠯᠢᠩᠨᠡᠬᠦ ᠳ᠋ᠦ᠍ ᠬᠦᠷᠭᠡᠪᠡ᠃ ᠭᠡᠪᠡᠴᠦ ᠨᠢᠭᠡᠨᠲᠡ ᠨᠢᠭᠤᠷ ᠲᠤᠯᠤᠭᠰᠠᠨ ᠲᠤᠯᠠ ᠤᠬᠤᠷᠢᠬᠤ ᠪᠤᠯᠵᠠᠬᠤ ᠠᠷᠭ᠎ᠠ ᠣᠯᠤᠭᠰᠠᠨ ᠦᠭᠡᠢ᠃ ᠴᠢᠩᠭᠢᠰ ᠬᠠᠭᠠᠨ ᠵᠥᠴᠢ ᠶ᠋ᠢ ᠠᠳᠠ ᠱᠣᠣ ᠦᠵᠡᠭᠰᠡᠨ ᠪᠢᠰᠢ ᠬᠠᠷᠢᠨ ᠠᠩᠬ᠎ᠠ ᠤᠳᠠᠭ᠎ᠠ ᠠᠶᠤᠵᠤ ᠰᠡᠷᠡᠳᠡᠭᠰᠡᠨ ᠰᠡᠳᠬᠢᠯ ᠢ᠋ᠶ᠋ᠡᠷ ᠤᠭᠲᠤᠪᠠ᠃ ᠬᠠᠷ᠎ᠠ ᠪᠠᠭ᠎ᠠ ᠠ᠋ᠴᠠ ᠣᠭᠲᠣ ᠬᠤᠪᠢᠷᠠᠭ᠎ᠠ ᠦᠭᠡᠢ ᠦᠯᠡᠳᠡᠭᠰᠡᠨ ᠵᠥᠴᠢ ᠶ᠋ᠢᠨ ᠲᠣᠳᠣ ᠴᠡᠯᠮᠡᠭ ᠬᠠᠷᠠᠴᠠ ᠥᠨᠥ ᠴᠦ᠍ ᠥᠭᠡᠳᠡ ᠡᠴᠡ ᠨᠢ ᠢᠯᠠᠨ ᠳᠠᠯᠠᠨ ᠦᠭᠡᠢ ᠢᠲᠡᠭᠡᠯ ᠲᠡᠭᠦᠰ ᠰᠢᠷᠳᠡᠵᠦ ᠪᠠᠢᠬᠤ ᠠᠵᠢ᠃ ᠣᠯᠠᠨ ᠵᠢᠯ ᠦ᠋ᠨ ᠡᠮᠦᠨ᠎ᠡ ᠬᠣᠷᠢᠨ ᠲᠠᠪᠤᠨ ᠨᠠᠰᠤᠲᠠᠢ ᠢᠳᠡᠷ ᠵᠥᠴᠢ ᠶᠠᠭ ᠢᠩᠭᠢᠵᠦ ᠰᠢᠷᠲᠡᠨ ᠰᠠᠭᠤᠭᠠᠳ ᠣᠢ ᠶ᠋ᠢᠨ ᠢᠷᠭᠡᠳ ᠢ᠋ ᠳᠠᠢᠯᠠᠨ ᠬᠤᠷᠢᠶᠠᠬᠤ ᠴᠡᠷᠢᠭ ᠢ᠋ ᠤᠳᠤᠷᠢᠳᠤᠭᠤᠯᠬᠤ ᠶ᠋ᠢ ᠬᠦᠰᠡᠭᠰᠡᠨ ᠪᠢᠯᠡ᠃ ᠲᠡᠷᠡ ᠦᠶ᠎ᠡ ᠳ᠋ᠦ᠍ ᠵᠥᠴᠢ ᠳᠡᠭᠡᠷᠡᠬᠢ ᠦᠭᠡ ᠶ᠋ᠢ ᠪᠥᠷᠲᠡ ᠡᠬᠡ ᠶ᠋ᠢᠨ ᠢ᠋ᠶ᠋ᠡᠨ ᠵᠢᠭᠠᠵᠤ ᠱᠠᠭᠠᠷᠳᠠᠭᠰᠠᠨ ᠢ᠋ᠶ᠋ᠠᠷ ᠬᠡᠯᠡᠭᠰᠡᠨ ᠪᠢᠯᠡ᠃ ᠵᠥᠴᠢ ᠶ᠋ᠢᠨ ᠬᠦᠰᠡᠯ ᠭᠡᠬᠦ ᠡᠴᠡ ᠢᠯᠡᠭᠦᠦ ᠪᠥᠷᠲᠡ ᠶ᠋ᠢᠨ ᠡᠨᠡ ᠱᠠᠭᠠᠷᠳᠠᠯᠭ᠎ᠠ ᠶ᠋ᠢ ᠴᠢᠩᠭᠢᠰ ᠬᠠᠭᠠᠨ ᠲᠡᠭᠡᠬᠦ ᠳ᠋ᠦ᠍ ᠡᠷᠡᠭᠡᠯᠵᠡᠬᠦ ᠦᠭᠡᠢ ᠪᠡᠷ ᠬᠦᠯᠢᠶᠡᠨ ᠠᠪᠴᠤ ᠵᠥᠴᠢ ᠳ᠋ᠦ᠍ ᠴᠡᠷᠢᠭ ᠵᠠᠬᠢᠷᠤᠭᠤᠯᠤᠨ ᠬᠥᠪᠰᠥᠭᠥᠯ ᠨᠠᠭᠤᠷ ᠰᠢᠭᠰᠢᠭᠢᠳ ᠭᠣᠣᠯ ᠤᠷᠤᠭᠤ ᠬᠥᠳᠡᠯᠦᠭᠰᠡᠨ ᠶᠦ᠍ᠮ᠃ ᠵᠥᠴᠢ ᠡᠴᠢᠭᠡ ᠡᠬᠡ ᠶ᠋ᠢᠨ ᠢᠲᠡᠭᠡᠯ ᠰᠡᠳᠬᠢᠯ ᠢ᠋ ᠠᠯᠳᠠᠯ ᠦᠭᠡᠢ ᠪᠠᠬᠠᠷᠬᠠᠯᠲᠠᠢ ᠶᠠᠪᠤᠵᠤ ᠣᠢ ᠶ᠋ᠢᠨ ᠢᠷᠭᠡᠳ ᠣᠯᠠᠨ ᠢ᠋ ᠪᠦᠷ ᠡᠷᠴᠢᠰ ᠮᠥᠷᠡᠨ ᠪᠠᠢᠭᠠᠯ ᠨᠠᠭᠤᠷ ᠤ᠋ᠨ ᠣᠷᠴᠢᠮ ᠤ᠋ᠨ ᠭᠠᠵᠠᠷ ᠨᠤᠲᠤᠭ ᠢ᠋ ᠡᠵᠡᠯᠡᠨ ᠠᠪᠴᠤ ᠡᠴᠢᠭᠡ ᠶ᠋ᠢᠨ ᠤᠯᠤᠰ ᠤ᠋ᠨ ᠬᠠᠶᠠᠭ᠎ᠠ ᠶ᠋ᠢ ᠲᠠᠯᠠᠵᠠᠢ᠃ ᠡᠨᠡ ᠦᠶ᠎ᠡ ᠳ᠋ᠦ᠍ ᠵᠥᠴᠢ ᠶ᠋ᠢᠨ ᠴᠡᠷᠢᠭ ᠪᠠᠢᠯᠳᠤᠭᠠᠨ ᠤ᠋ ᠡᠷᠳᠡᠮ᠂ ᠪᠤᠰᠤᠳ ᠢ᠋ ᠳᠠᠭᠠᠭᠤᠯᠬᠤ ᠴᠢᠳᠠᠯ ᠣᠳᠣ ᠮᠡᠲᠦ ᠭᠢᠯᠠᠯᠵᠠᠨ ᠲᠣᠳᠣᠷᠠᠵᠤ ᠣᠯᠠᠨ ᠢ᠋ ᠪᠢᠰᠢᠷᠡᠭᠦᠯᠦᠭᠰᠡᠨ ᠪᠢᠯᠡ᠃ ᠣᠳᠣ ᠴᠢᠩᠭᠢᠰ ᠬᠠᠭᠠᠨ ᠤ᠋ ᠡᠮᠦᠨ᠎ᠡ ᠬᠣᠷᠢᠨ ᠲᠠᠪᠤᠲᠠᠢ ᠢᠳᠡᠷ ᠵᠠᠯᠠᠭᠤ ᠪᠢᠰᠢ᠂ ᠳᠥᠴᠢ ᠳᠥᠭᠥᠵᠦ᠂ ᠳᠥᠷᠪᠡᠨ ᠤᠯᠤᠰ ᠢ᠋ ᠳᠠᠢᠯᠠᠬᠤ ᠲᠤᠯᠤᠯᠳᠤᠭᠠᠨ ᠳ᠋ᠤ᠌ ᠣᠷᠣᠯᠴᠠᠭᠰᠠᠨ ᠶᠡᠬᠡ ᠵᠠᠩᠵᠤᠨ ᠵᠥᠴᠢ ᠰᠠᠭᠤᠵᠤ ᠪᠠᠢᠪᠠ᠃ ᠰᠡᠯᠡᠮ᠎ᠡ ᠡᠷᠭᠢᠭᠦᠯᠵᠦ ᠭᠠᠷᠳᠠᠨ ᠲᠤᠯᠤᠯ᠎ᠠ ᠴᠤ᠌ ᠴᠢᠩᠭᠢᠰ ᠬᠠᠭᠠᠨ ᠳ᠋ᠤ᠌ ᠦᠯᠦ ᠳᠡᠢᠯᠳᠡᠬᠦ ᠪᠠᠭᠠᠲᠤᠷ ᠡᠷ᠎ᠡ ᠪᠣᠯᠵᠠᠢ᠃ ᠴᠢᠩᠭᠢᠰ ᠬᠠᠭᠠᠨ ᠥᠪᠡᠷ ᠦ᠋ᠨ ᠬᠠᠷᠠᠳᠠᠭᠰᠠᠨ ᠮᠠᠭᠤ ᠪᠣᠳᠣᠯ ᠳ᠋ᠤ᠌ ᠬᠡᠲᠦᠷᠬᠡᠢ ᠠᠪᠲᠠᠭᠰᠠᠨ ᠠ᠋ᠴᠠ ᠪᠣᠯᠵᠤ ᠡᠬᠢᠯᠡᠭᠡᠳ ᠬᠡᠯᠡᠬᠦ ᠦᠭᠡ ᠪᠡᠨ ᠣᠯᠬᠤ ᠦᠭᠡᠢ ᠰᠠᠨᠳᠤᠷᠴᠠᠢ᠃ ᠵᠥᠴᠢ ᠶ᠋ᠢᠨ ᠰᠡᠳᠬᠢᠯ ᠬᠥᠳᠡᠯᠵᠦ ᠪᠠᠢᠭ᠎ᠠ ᠶ᠋ᠢ ᠪᠠᠰᠠ ᠬᠡᠯᠡᠬᠦ ᠭᠡᠳ ᠦᠭᠡ ᠪᠡᠨ ᠤᠨᠤᠵᠤ ᠪᠣᠳᠣᠵᠤ ᠴᠢᠳᠠᠬᠤ ᠦᠭᠡᠢ ᠰᠤᠯᠠ ᠳᠡᠯ ᠦᠭᠡ ᠶᠠᠷᠢᠵᠤ ᠰᠠᠭᠤᠭ᠎ᠠ ᠶ᠋ᠢ ᠴᠢᠩᠭᠢᠰ ᠬᠠᠭᠠᠨ ᠮᠡᠳᠡᠪᠡ᠃ ᠡᠢᠮᠦ ᠦᠶ᠎ᠡ ᠳ᠋ᠦ᠍ ᠥᠪᠡᠷ ᠢ᠋ᠶ᠋ᠡᠨ ᠲᠦᠷᠦᠭᠦᠯᠡᠵᠦ ᠤᠴᠢᠷᠲᠠᠢ ᠦᠭᠡ ᠶ᠋ᠢ ᠬᠡᠯᠡᠵᠦ ᠤᠢᠮᠤᠷᠠᠭᠰᠠᠨ ᠰᠡᠳᠬᠢᠯ ᠢ᠋ ᠨᠢ ᠥᠪᠡᠷ ᠦ᠋ᠨ ᠵᠦᠭ ᠲᠦ᠍ ᠳᠠᠭᠠᠭᠤᠯᠤᠨ ᠠᠪᠬᠤ ᠨᠢ ᠵᠥᠪ ᠭᠡᠵᠦ ᠰᠡᠳᠬᠢᠪᠡ᠃ ᠡᠭᠦᠨ ᠦ᠌ ᠲᠤᠯᠠᠳᠠ ᠢᠳᠡᠭᠡ ᠪᠤᠳᠠᠭ᠎ᠠ᠂ ᠠᠷᠢᠬᠢ ᠠᠢᠷᠠᠭ ᠰᠥᠩᠨᠡᠭᠦᠯᠵᠦ ᠥᠪᠡᠷ ᠲᠦ᠍ ᠪᠣᠳᠣᠬᠤ ᠵᠠᠪ ᠣᠯᠬᠤ ᠶ᠋ᠢ ᠬᠢᠴᠢᠶᠡᠭᠰᠡᠨ ᠨᠢ ᠣᠨᠣᠵᠠᠢ᠃ ᠵᠥᠴᠢ ᠬᠠᠭᠠᠨ ᠡᠴᠢᠭᠡ ᠶ᠋ᠢᠨ ᠬᠦᠨᠳᠦᠯᠡᠯ ᠳ᠋ᠦ᠍ ᠰᠠᠳᠠᠭᠠᠷᠠᠵᠤ ᠪᠠᠰᠠ ᠪᠠᠶᠠᠷᠯᠠᠵᠤ ᠪᠠᠢᠭ᠎ᠠ ᠨᠢ ᠢᠯᠡᠳᠲᠡ᠃ ᠴᠢᠩᠭᠢᠰ ᠬᠠᠭᠠᠨ ᠳ᠋ᠤ᠌ ᠣᠳᠣ ᠦᠭᠡ ᠪᠡᠨ ᠬᠡᠯᠡᠬᠦ ᠴᠠᠭ ᠢᠷᠡᠪᠡ᠃
| ᠵᠥᠴᠢ ᠮᠢᠨᠢ᠂ ᠬᠦᠦ ᠮᠢᠨᠢ᠃ ᠴᠢᠩᠭᠢᠰ ᠬᠠᠭᠠᠨ ᠢᠩᠭᠢᠵᠦ ᠬᠡᠯᠡᠭᠡᠳ ᠬᠡᠰᠡᠭ ᠳᠠᠭᠤ ᠦᠭᠡᠢ ᠰᠠᠭᠤᠪᠠ᠃ ᠡᠨᠡ ᠨᠢ ᠥᠪᠡᠷ ᠦ᠋ᠨ ᠬᠡᠯᠡᠭᠰᠡᠨ ᠳᠡᠭᠡᠷᠡᠬᠢ ᠬᠣᠶᠠᠷ ᠦᠭᠡ ᠵᠥᠴᠢ ᠳ᠋ᠦ᠍ ᠶᠠᠭᠠᠬᠢᠵᠤ ᠨᠥᠯᠥᠭᠡᠯᠡᠬᠦ ᠶ᠋ᠢ ᠬᠦᠯᠢᠶᠡᠭᠰᠡᠨ ᠬᠡᠷᠡᠭ ᠶᠦᠮ᠃ ᠡᠢᠨ ᠳᠣᠲᠣᠨᠣ᠂ ᠡᠶᠡᠷᠭᠦ ᠵᠥᠭᠡᠯᠡᠨ ᠬᠡᠯᠡᠭᠰᠡᠨ
| ᠬᠦᠦ ᠮᠢᠨᠢ ᠭᠡᠰᠡᠨ ᠦᠭᠡ ᠵᠥᠴᠢ ᠶ᠋ᠢᠨ ᠬᠠᠳᠠᠨ ᠵᠢᠷᠦᠬᠡ ᠶ᠋ᠢ ᠢᠩᠭᠢᠵᠦ ᠤᠶᠠᠷᠠᠭᠠᠨ ᠳᠣᠭᠳᠣᠯᠤᠭᠤᠯᠤᠨ᠎ᠠ ᠭᠡᠵᠦ ᠴᠢᠩᠭᠢᠰ ᠬᠠᠭᠠᠨ ᠪᠤᠤ ᠬᠡᠯᠡ ᠵᠥᠴᠢ ᠴᠦ᠍ ᠥᠪᠡᠷ ᠢ᠋ᠶ᠋ᠡᠨ ᠲᠠᠭᠠᠮᠠᠭᠯᠠᠭᠰᠠᠨ ᠦᠭᠡᠢ᠃ ᠭᠣᠮᠣᠳᠠᠭᠰᠠᠨ ᠰᠡᠳᠬᠢᠯ ᠦ᠋ᠨ ᠬᠡᠯᠬᠢᠶᠡᠰᠦ ᠠᠯᠳᠠᠷᠠᠵᠤ ᠵᠥᠴᠢ ᠶ᠋ᠢᠨ ᠵᠢᠷᠦᠬᠡ ᠵᠢᠷᠭᠠᠯᠲᠠᠢ ᠳᠣᠭᠳᠣᠯᠤᠨ ᠴᠣᠬᠢᠯᠠᠵᠤ ᠨᠢᠭᠤᠷ ᠨᠢ ᠤᠯᠠᠢᠪᠠ᠃ ᠥᠪᠡᠷ ᠦ᠋ᠨ ᠬᠢᠨᠢ ᠪᠣᠳᠣᠵᠤ ᠬᠡᠯᠡᠭᠰᠡᠨ ᠦᠭᠡ ᠵᠥᠴᠢ ᠶ᠋ᠢᠨ ᠵᠢᠷᠦᠬᠡ ᠶ᠋ᠢ ᠤᠨᠤᠵᠤ ᠲᠡᠳᠡᠨ ᠦ᠌ ᠬᠣᠭᠣᠷᠣᠨᠳᠣ ᠪᠠᠢᠭᠰᠠᠨ ᠡᠷᠡᠭᠡᠯᠵᠡᠭᠡ ᠰᠡᠵᠢᠭ ᠢ᠋ ᠠᠷᠴᠢᠨ ᠬᠠᠶᠠᠬᠤ ᠶ᠋ᠢ ᠴᠢᠩᠭᠢᠰ ᠬᠠᠭᠠᠨ ᠮᠡᠳᠡᠵᠦ ᠪᠠᠰᠠ ᠡᠨᠡ ᠦᠭᠡᠨ ᠳ᠋ᠡᠭᠡᠨ ᠥᠪᠡᠷ ᠢ᠋ᠶ᠋ᠡᠨ ᠪᠠᠭ᠎ᠠ ᠦᠭᠡᠢ ᠳᠣᠭᠳᠣᠯᠤᠨ ᠤᠶᠠᠷᠠᠬᠤ ᠪᠠᠨ ᠠᠩᠵᠠᠭᠠᠷᠠᠵᠠᠢ᠃ ᠡᠭᠦᠨ ᠳ᠋ᠦ᠍ ᠴᠢᠩᠭᠢᠰ ᠬᠠᠭᠠᠨ ᠶᠡᠬᠡᠳᠡ ᠭᠠᠢᠬᠠᠪᠠ᠃ ᠭᠡᠪᠡᠴᠦ ᠭᠠᠢᠬᠠᠵᠤ ᠰᠠᠭᠤᠬᠤ ᠴᠠᠭ ᠪᠢᠰᠢ ᠲᠤᠯᠠ ᠪᠣᠳᠣᠭᠰᠠᠨ ᠦᠭᠡ ᠪᠡᠨ ᠦᠷᠭᠦᠯᠵᠢᠯᠡᠭᠦᠯᠪᠡ᠃
| ᠬᠦᠦ ᠮᠢᠨᠢ᠂ ᠴᠢ ᠣᠳᠣ ᠶᠡᠬᠡ ᠮᠣᠩᠭᠣᠯ ᠤᠯᠤᠰ ᠤ᠋ᠨ ᠠᠯᠳᠠᠷᠲᠠᠢ ᠵᠠᠩᠵᠤᠨ ᠪᠣᠯᠵᠠᠢ᠃ ᠬᠢᠭᠰᠡᠨ ᠲᠡᠢᠨ ᠪᠠᠢᠭᠤᠯᠤᠭᠰᠠᠨ ᠢᠯᠠᠯᠲᠠ ᠴᠢᠨᠢ ᠴᠢᠨᠦ ᠨᠡᠷ᠎ᠡ ᠪᠡᠷ ᠳᠠᠭᠤᠷᠢᠰᠤᠭᠳᠠᠨ ᠦᠯᠡᠳᠡᠬᠦ ᠴᠠᠭ ᠢᠷᠡᠵᠦ᠂ ᠵᠥᠴᠢ ᠬᠥᠪᠡᠭᠦᠨ ᠴᠢ ᠡᠭᠦᠨ ᠢ᠋ ᠦᠷᠭᠦᠯᠵᠢ ᠰᠠᠨᠠᠵᠤ ᠶᠠᠪᠤ᠃ ᠴᠢᠨᠦ ᠢᠯᠠᠯᠲᠠ᠂ ᠠᠯᠳᠠᠭ᠎ᠠ ᠡᠨᠳᠡᠭᠳᠡᠯ ᠴᠢᠨᠢ ᠶᠡᠬᠡ ᠮᠣᠩᠭᠣᠯ ᠤᠯᠤᠰ ᠤ᠋ᠨ ᠨᠡᠷ᠎ᠡ ᠰᠦᠷ ᠲᠡᠢ ᠰᠢᠭᠤᠳ ᠬᠣᠯᠪᠣᠭ᠎ᠠ ᠲᠠᠢ ᠪᠣᠯᠤᠯ᠎ᠠ᠃ ᠴᠠᠭᠠᠲᠠᠢ ᠴᠤ᠌ ᠮᠥᠨ ᠠᠳᠠᠯᠢ᠃ ᠣᠳᠣ ᠶᠢᠷᠲᠢᠨᠴᠦ ᠳᠠᠶᠠᠭᠠᠷ ᠴᠢᠩᠭᠢᠰ ᠬᠠᠭᠠᠨ ᠨᠠᠮᠠᠶ᠋ᠢ ᠬᠠᠷᠠᠵᠤ ᠰᠣᠨᠣᠰᠴᠤ ᠪᠠᠢᠨ᠎ᠠ᠃ ᠬᠠᠷᠢᠨ ᠮᠢᠨᠦ ᠬᠢᠬᠦ ᠬᠡᠯᠡᠬᠦ ᠶ᠋ᠢ ᠬᠥᠪᠡᠭᠦᠳ ᠲᠠ ᠨᠠᠷ ᠭᠦᠢᠴᠡᠯᠳᠦᠭᠦᠯᠬᠦ ᠤᠴᠢᠷ ᠴᠢᠨᠦ ᠨᠡᠷ᠎ᠡ ᠴᠢᠩᠭᠢᠰ ᠬᠠᠭᠠᠨ ᠡᠴᠢᠭᠡ ᠶ᠋ᠢᠨ ᠴᠢᠨᠢ ᠨᠡᠷ᠎ᠡ ᠲᠡᠢ ᠠᠳᠠᠯᠢ ᠪᠣᠯᠤᠯ᠎ᠠ᠃ ᠪᠠᠰᠠ ᠪᠥᠷᠲᠡ ᠡᠬᠡ ᠶ᠋ᠢᠨ ᠴᠢᠨᠢ ᠨᠡᠷ᠎ᠡ ᠲᠡᠢ ᠬᠣᠯᠪᠣᠭᠳᠠᠨ᠎ᠠ᠃ ᠴᠢᠨᠦ ᠲᠥᠯᠥᠭᠡ ᠡᠬᠡ ᠶ᠋ᠢᠨ ᠴᠢᠨᠢ ᠵᠣᠪᠠᠭᠰᠠᠨ ᠵᠦᠳᠡᠷᠡᠭᠰᠡᠨ ᠢ᠋ ᠶᠠᠭᠤ ᠪᠡᠷ ᠴᠦ᠍ ᠬᠡᠮᠵᠢᠵᠦ ᠪᠣᠯᠬᠤ ᠦᠭᠡᠢ᠃ ᠲᠡᠢᠮᠦ ᠪᠢᠵᠡ? ᠵᠥᠴᠢ ᠳᠠᠭᠤ ᠦᠭᠡᠢ ᠲᠣᠯᠣᠭᠠᠢ ᠳᠣᠬᠢᠪᠠ᠃
| ᠬᠦᠦ ᠮᠢᠨᠢ᠂ ᠴᠢ ᠪᠣᠯ ᠮᠢᠨᠦ ᠬᠥᠪᠡᠭᠦᠳ ᠦ᠋ᠨ ᠠᠬᠠᠮᠠᠳ ᠨᠢ᠃ ᠴᠢᠨᠦ ᠬᠢᠬᠦ᠂ ᠬᠥᠳᠡᠯᠬᠦ ᠳᠡᠭᠦᠦ ᠨᠠᠷ ᠲᠤ᠌ ᠴᠢᠨᠢ ᠦᠯᠢᠭᠡᠷ ᠪᠣᠯᠬᠤ ᠶᠣᠰᠣᠲᠠᠢ᠃ ᠬᠠᠷᠢᠶᠠᠲᠤ ᠠᠯᠪᠠᠲᠤ ᠴᠡᠷᠢᠭ ᠦ᠋ᠳ ᠲᠡᠭᠡᠨ ᠪᠠᠬᠠᠷᠬᠠᠯ ᠪᠣᠯᠬᠤ ᠶᠣᠰᠣᠲᠠᠢ᠃ ᠲᠠ ᠨᠠᠷ ᠤ᠋ᠨ ᠡᠮᠦᠨ᠎ᠡ ᠠᠭᠤᠵᠢᠮ ᠶᠡᠬᠡ ᠭᠠᠵᠠᠷ ᠣᠷᠣᠨ ᠪᠠᠢᠨ᠎ᠠ᠃ ᠪᠢ ᠡᠨᠡ ᠶᠢᠷᠲᠢᠨᠴᠦ ᠪᠦᠬᠦᠯᠢ ᠪᠡᠷ ᠢ᠋ᠶ᠋ᠡᠨ ᠮᠢᠨᠦᠬᠢ ᠪᠣᠯᠬᠤ ᠶ᠋ᠢ ᠬᠦᠰᠡᠨ᠎ᠡ᠃ ᠴᠢ ᠲᠡᠭᠡᠵᠦ ᠬᠦᠰᠡᠬᠦ ᠦᠭᠡᠢ ᠭᠡᠵᠦ ᠤᠤ? ᠣᠳᠣ ᠪᠢᠳᠡᠨ ᠳ᠋ᠦ᠍ ᠬᠡᠨ ᠰᠠᠭᠠᠳ ᠬᠢᠨ᠎ᠡ᠃ ᠡᠨᠡ ᠶᠢᠷᠲᠢᠨᠴᠦ ᠶ᠋ᠢ ᠡᠮᠦᠨ᠎ᠡ ᠪᠡᠨ ᠰᠥᠬᠥᠷᠡᠭᠦᠯᠬᠦ ᠴᠠᠭ ᠮᠢᠨᠦ ᠬᠠᠢᠷᠠᠲᠠᠢ ᠬᠥᠪᠡᠭᠦᠳ ᠲᠠ ᠨᠠᠷ ᠤ᠋ᠨ ᠡᠮᠦᠨ᠎ᠡ ᠵᠥᠴᠢ᠂ ᠴᠠᠭᠠᠲᠠᠢ᠂ ᠥᠭᠡᠳᠡᠢ᠂ ᠲᠤᠯᠤᠢ ᠲᠠ ᠳᠥᠷᠪᠡ ᠶ᠋ᠢᠨ ᠡᠮᠦᠨ᠎ᠡ ᠢᠷᠡᠵᠡᠢ᠃ ᠡᠨᠡ ᠴᠠᠭ ᠢ᠋ ᠦᠵᠡᠬᠦ ᠭᠡᠵᠦ ᠬᠠᠭᠠᠨ ᠡᠴᠢᠭᠡ ᠴᠢᠨᠢ᠂ ᠬᠠᠲᠤᠨ ᠡᠬᠡ ᠴᠢᠨᠢ ᠨᠢᠳᠦ ᠪᠡᠨ ᠴᠠᠪᠴᠢᠯ ᠦᠭᠡᠢ ᠨᠢᠭᠤᠷ ᠢ᠋ᠶ᠋ᠠᠨ ᠠᠷᠴᠢᠯ ᠦᠭᠡᠢ ᠵᠢᠳᠬᠦᠵᠦ ᠢᠷᠡᠯ᠎ᠡ᠃ ᠣᠳᠣ ᠲᠠ ᠨᠠᠷ ᠲᠤ᠌ ᠬᠡᠨ ᠰᠠᠭᠠᠳ ᠬᠢᠵᠦ ᠴᠢᠳᠠᠨ᠎ᠠ᠃ ᠲᠠ ᠳᠥᠷᠪᠡ ᠠᠳᠠᠯᠢᠬᠠᠨ ᠴᠢᠩᠭᠢᠰ ᠬᠠᠭᠠᠨ ᠤ᠋ ᠠᠯᠲᠠᠨ ᠤᠷᠤᠭ ᠤ᠋ᠨ ᠬᠠᠨ ᠬᠥᠪᠡᠭᠦᠳ ᠪᠢᠰᠢ ᠤᠤ? ᠬᠣᠯᠠ ᠶ᠋ᠢ ᠪᠣᠳᠣᠵᠤ ᠬᠣᠶᠠᠷ ᠢ᠋ ᠰᠡᠳᠬᠢᠵᠦ ᠶᠠᠪᠤᠭᠲᠤᠨ᠃ ᠴᠢᠩᠭᠢᠰ ᠬᠠᠭᠠᠨ ᠤ᠋ ᠡᠨᠡ ᠪᠠᠬᠠᠷᠬᠠᠯᠲᠤ ᠦᠭᠡᠰ ᠵᠥᠴᠢ ᠶ᠋ᠢ ᠪᠦᠷ ᠪᠣᠰᠤᠨ ᠬᠠᠷᠠᠢᠲᠠᠯ᠎ᠠ ᠳᠡᠪᠡᠷᠡᠭᠡᠪᠡ᠃
| ᠲᠡᠢᠮᠦ ᠠ᠋᠃ ᠡᠨᠡ ᠭᠠᠵᠠᠷ ᠣᠷᠣᠨ ᠪᠦᠭᠦᠳᠡ ᠴᠢᠩᠭᠢᠰ ᠬᠠᠭᠠᠨ ᠤ᠋ ᠬᠢ ᠪᠠᠢᠬᠤ ᠶ᠋ᠢ ᠪᠢ ᠬᠦᠰᠡᠨ᠎ᠡ᠃
| ᠰᠠᠭᠤ ᠵᠥᠴᠢ ᠠ᠋᠃ ᠴᠢ ᠬᠡᠯᠡᠬᠦ ᠶ᠋ᠢᠨ ᠡᠮᠦᠨ᠎ᠡ ᠦᠭᠡ ᠪᠡᠨ ᠰᠠᠢᠨ ᠪᠣᠳᠣᠵᠤ ᠰᠤᠷ᠃ ᠴᠢᠮᠠᠶ᠋ᠢ ᠪᠢ ᠶᠡᠷᠦ ᠵᠢᠮᠡᠯᠡᠬᠦ ᠭᠡᠰᠡᠨ ᠦᠭᠡᠢ ᠃ ᠴᠢ ᠣᠳᠣ ᠬᠡᠦᠬᠡᠳ ᠪᠢᠰᠢ ᠭᠡᠵᠦ ᠴᠢᠩᠭᠢᠰ ᠬᠠᠭᠠᠨ ᠵᠥᠭᠡᠯᠡᠨ ᠠᠶᠠᠷ ᠵᠢᠮᠡᠯᠡᠪᠡ᠃ ᠵᠥᠴᠢ ᠢᠴᠢᠩᠭᠦᠢᠷᠡᠨ ᠰᠠᠭᠤᠪᠠ᠃ ᠲᠡᠷᠡ ᠣᠳᠣ ᠡᠴᠢᠭᠡ ᠶ᠋ᠢᠨ ᠢ᠋ᠶ᠋ᠡᠨ ᠦᠭᠡᠨ ᠳ᠋ᠦ᠍ ᠢᠯᠪᠢᠳᠡᠭᠦᠯᠵᠦ ᠶᠠᠭᠤ ᠭᠡᠵᠦ ᠬᠡᠯᠡᠬᠦ ᠭᠡᠰᠡᠨ ᠢ᠋ᠶ᠋ᠡᠨ ᠴᠦ᠍ ᠮᠠᠷᠲᠠᠬᠤ ᠰᠢᠬᠠᠵᠠᠢ᠃
| ᠶᠡᠬᠡ ᠬᠠᠭᠠᠨ ᠰᠠᠭᠤᠬᠤ ᠨᠢ ᠤᠭ ᠠ᠋ᠴᠠ ᠲᠩᠷᠢ ᠶ᠋ᠢᠨ ᠵᠠᠷᠯᠢᠭ ᠲᠤᠯᠠ ᠬᠡᠨ ᠴᠦ᠍ ᠪᠠᠢ ᠲᠡᠭᠦᠨ ᠢ᠋ ᠵᠥᠷᠢᠴᠡᠬᠦ ᠡᠷᠬᠡ ᠦᠭᠡᠢ ᠪᠣᠯᠤᠨ᠎ᠠ᠃ ᠴᠢ ᠴᠦ᠍᠂ ᠴᠠᠭᠠᠲᠠᠢ ᠴᠤ᠌᠂ ᠪᠢ ᠴᠦ᠍ ᠮᠥᠨ ᠠᠳᠠᠯᠢ᠃
| ᠲᠡᠢᠮᠦ ᠠ᠋᠂ ᠪᠢ ᠮᠡᠳᠡᠨ᠎ᠡ᠃ ᠬᠠᠭᠠᠨ ᠡᠴᠢᠭᠡ ᠲᠠ ᠪᠦᠦ ᠰᠠᠨᠠᠭ᠎ᠠ ᠪᠠᠨ ᠴᠢᠯᠡᠭᠡ᠃ ᠪᠢ ᠵᠠᠷᠯᠢᠭ ᠢ᠋ ᠶᠣᠰᠣᠴᠢᠯᠠᠨ ᠳᠠᠭᠠᠨ᠎ᠠ᠃ ᠡᠨᠡ ᠦᠭᠡ ᠶ᠋ᠢ ᠵᠥᠴᠢ ᠦᠨᠡᠨ ᠰᠠᠨᠠᠭᠠᠨ ᠠ᠋ᠴᠠ ᠪᠠᠨ ᠬᠡᠯᠡᠵᠡᠢ᠃ ᠨᠢᠭᠡᠨᠲᠡ ᠵᠥᠴᠢ ᠶ᠋ᠢᠨ ᠦᠭᠡ ᠶ᠋ᠢ ᠰᠣᠨᠣᠰᠤᠭᠰᠠᠨ ᠲᠤᠯᠠ ᠴᠢᠩᠭᠢᠰ ᠬᠠᠭᠠᠨ ᠳ᠋ᠤ᠌ ᠰᠠᠨᠠᠭ᠎ᠠ ᠵᠣᠪᠠᠬᠤ ᠶᠠᠭᠤᠮ᠎ᠠ ᠦᠭᠡᠢ ᠪᠣᠯᠪᠠ᠃
| ᠬᠥᠪᠡᠭᠦᠨ ᠴᠢ ᠬᠡᠯᠡ᠂ ᠶᠠᠭᠤ ᠬᠦᠰᠡᠨ᠎ᠡ? ᠪᠦᠦ ᠡᠷᠢᠶᠡᠯᠡᠵᠦ ᠨᠡᠷᠡᠯᠭᠡ᠃
ᠵᠥᠴᠢ ᠶ᠋ᠢᠨ ᠬᠡᠯᠡᠭᠰᠡᠨ ᠪᠦᠭᠦᠳᠡ ᠶ᠋ᠢ ᠡᠷᠡᠭᠡᠯᠵᠡᠬᠦ ᠦᠭᠡᠢ ᠪᠡᠶᠡᠯᠡᠭᠦᠯᠦᠨ᠎ᠡ ᠭᠡᠵᠦ ᠴᠢᠩᠭᠢᠰ ᠬᠠᠭᠠᠨ ᠢᠲᠡᠭᠡᠯᠲᠡᠢ ᠪᠣᠳᠣᠵᠠᠢ᠃ ᠵᠥᠴᠢ ᠴᠦ᠍ ᠬᠡᠯᠡᠬᠦ ᠶ᠋ᠢᠨ ᠡᠮᠦᠨ᠎ᠡ ᠬᠡᠰᠡᠭ ᠵᠠᠭᠤᠷ᠎ᠠ ᠪᠣᠳᠣᠪᠠ᠃
| ᠬᠠᠭᠠᠨ ᠡᠴᠢᠭᠡ ᠮᠢᠨᠢ᠂ ᠮᠢᠨᠦ ᠴᠡᠷᠢᠭ ᠡᠷᠡᠯᠬᠡᠭ ᠪᠠᠢᠯᠳᠤᠬᠤ ᠰᠤᠷᠭᠠᠭᠤᠯᠢ ᠰᠢᠯᠢᠳᠡᠭ᠃ ᠲᠠ ᠡᠭᠦᠨ ᠢ᠋ ᠠᠯᠲᠠᠨ ᠤᠯᠤᠰ ᠲᠤ᠌ ᠦᠵᠡᠵᠦ ᠮᠡᠳᠡᠭᠰᠡᠨ ᠪᠢᠵᠡ ᠠ᠋?
ᠵᠥᠴᠢ ᠥᠪᠡᠷ ᠦ᠋ᠨ ᠰᠢᠯᠢᠳᠡᠭ ᠬᠣᠶᠠᠷ ᠲᠦᠮᠡᠨ ᠴᠡᠷᠢᠭ ᠢ᠋ᠶ᠋ᠡᠷ ᠪᠠᠬᠠᠷᠬᠠᠬᠤ ᠶᠣᠰᠣᠲᠠᠢ ᠶᠤᠮ᠃ ᠲᠡᠭᠦᠨ ᠦ᠌ ᠴᠡᠷᠢᠭ ᠠᠯᠲᠠᠨ ᠤᠯᠤᠰ ᠤ᠋ᠨ ᠭᠤᠴᠢᠨ ᠲᠣᠮᠣ ᠪᠠᠯᠭᠠᠰᠤ ᠶ᠋ᠢ ᠳᠠᠢᠯᠠᠨ ᠡᠵᠡᠯᠡᠭᠰᠡᠨ ᠢ᠋ ᠪᠦᠭᠦᠳᠡ ᠪᠠᠲᠤᠯᠠᠨ᠎ᠠ᠃ ᠭᠡᠪᠡᠴᠦ ᠵᠥᠴᠢ ᠶᠠᠭᠤ ᠭᠡᠬᠦ ᠭᠡᠳ ᠪᠠᠢᠭ᠎ᠠ ᠶ᠋ᠢ ᠴᠢᠩᠭᠢᠰ ᠬᠠᠭᠠᠨ ᠳᠠᠭᠠᠬᠤ ᠦᠭᠡᠢ ᠲᠤᠯᠠ ᠳᠠᠭᠤ ᠦᠭᠡᠢ ᠰᠠᠭᠤᠪᠠ᠃
| ᠮᠢᠨᠦ ᠴᠡᠷᠢᠭ ᠬᠠᠮᠢᠭ᠎ᠠ ᠴᠤ᠌ ᠬᠦᠷᠦᠭᠰᠡᠨ ᠦᠯᠦ ᠴᠤᠴᠠᠵᠤ᠂ ᠶᠠᠮᠠᠷ ᠴᠤ᠌ ᠪᠡᠬᠢᠯᠡᠯᠲᠡ ᠶ᠋ᠢ ᠡᠪᠳᠡᠨ ᠰᠥᠨᠥᠭᠡᠬᠦ ᠪᠣᠯᠤᠨ᠎ᠠ᠃ ᠣᠳᠣ ᠪᠢ ᠣᠨᠢᠰᠣᠨ ᠬᠠᠷᠪᠤᠭᠤᠯ᠂ ᠴᠢᠳᠥᠷ ᠶᠡᠬᠡ ᠫᠤᠤ ᠣᠯᠠᠨ ᠲᠠᠢ ᠪᠣᠯᠤᠭᠰᠠᠨ᠃ ᠮᠢᠨᠦ ᠴᠡᠷᠢᠭ ᠦ᠋ᠳ ᠰᠢᠲᠠᠭᠠᠭᠴᠢ ᠲᠣᠰᠣᠲᠠᠢ ᠰᠤᠮᠤ ᠬᠢᠵᠦ ᠰᠤᠷᠴᠤ ᠪᠠᠢᠨ᠎ᠠ᠃ ᠪᠠᠰᠠ᠁
| ᠴᠢ ᠶᠠᠭᠤ ᠬᠦᠰᠡᠨ᠎ᠡ? ᠰᠢᠭᠤᠳ ᠬᠡᠯᠡᠭᠲᠦᠨ ᠭᠡᠵᠦ ᠴᠢᠩᠭᠢᠰ ᠬᠠᠭᠠᠨ ᠵᠥᠴᠢ ᠶ᠋ᠢᠨ ᠡᠨᠡ ᠲᠦᠢᠪᠡᠭᠦᠯᠦᠭᠰᠡᠨ ᠣᠯᠠᠨ ᠦᠭᠡᠨ ᠳ᠋ᠦ᠍ ᠲᠦᠪᠡᠭᠰᠢᠶᠡᠨ ᠦᠭᠡ ᠶ᠋ᠢ ᠨᠢ ᠲᠠᠰᠤᠯᠵᠤ ᠠᠰᠠᠭᠤᠪᠠ᠃ ᠴᠢᠩᠭᠢᠰ ᠬᠠᠭᠠᠨ ᠣᠳᠣ ᠨᠢᠭᠡᠨᠲᠡ ᠵᠥᠴᠢ ᠡᠴᠡ ᠠᠶᠤᠵᠤ ᠪᠣᠯᠭᠣᠮᠵᠢᠯᠠᠬᠤ ᠪᠠᠨ ᠪᠣᠯᠢᠭᠰᠠᠨ ᠲᠤᠯᠠ ᠡᠵᠡᠷᠬᠡᠦ ᠲᠦᠷᠢᠮᠡᠬᠡᠢ ᠵᠠᠩ ᠨᠢ ᠳᠡᠢᠯᠵᠡᠢ᠃ ᠵᠥᠴᠢ ᠬᠡᠰᠡᠭ ᠵᠠᠭᠤᠷ᠎ᠠ ᠪᠣᠳᠣᠯ ᠪᠣᠯᠪᠠ᠃
| ᠬᠦᠦ ᠮᠢᠨᠢ ᠬᠡᠯᠡ᠃ ᠭᠡᠪᠡᠴᠦ ᠭᠠᠷᠭᠠᠭᠰᠠᠨ ᠠᠯᠳᠠᠭ᠎ᠠ ᠪᠠᠨ ᠴᠢᠩᠭᠢᠰ ᠬᠠᠭᠠᠨ ᠬᠣᠷᠣᠮ ᠤ᠋ᠨ ᠳᠣᠲᠣᠷ᠎ᠠ ᠵᠠᠰᠠᠵᠤ ᠵᠥᠴᠢ ᠶ᠋ᠢ ᠲᠠᠢᠳᠬᠤᠷᠠᠭᠤᠯᠤᠨ ᠳᠡᠮᠵᠢᠵᠦ᠂ ᠳᠠᠭᠤᠨ ᠤ᠋ ᠪᠠᠨ ᠥᠩᠭᠡ ᠶ᠋ᠢ ᠥᠭᠡᠷᠡᠴᠢᠯᠡᠨ ᠡᠢᠨ ᠬᠡᠯᠡᠵᠡᠢ᠃
| ᠪᠢ᠁ ᠬᠣᠷᠽᠧᠮ ᠦ᠋ᠨ ᠨᠤᠲᠤᠭ ᠲᠤ᠌ ᠶᠡᠬᠡ ᠴᠡᠷᠢᠭ ᠦ᠋ᠨ ᠮᠠᠩᠯᠠᠢ ᠪᠣᠯᠤᠨ ᠣᠷᠣᠬᠤ ᠶ᠋ᠢ ᠬᠦᠰᠡᠨ᠎ᠡ᠃ ᠲᠡᠷᠡ ᠬᠠᠷᠢ ᠶ᠋ᠢᠨ ᠤᠯᠤᠰ ᠴᠢᠩᠭᠢᠰ ᠬᠠᠭᠠᠨ ᠤ᠋ ᠶᠡᠬᠡ ᠴᠡᠷᠢᠭ ᠦ᠋ᠨ ᠨᠡᠷ᠎ᠡ ᠰᠦᠷ ᠢ᠋ ᠨᠠᠳᠠ ᠠ᠋ᠴᠠ ᠣᠯᠵᠤ ᠬᠠᠷᠠᠭᠠᠰᠠᠢ ᠭᠡᠵᠦ ᠬᠦᠰᠡᠨ᠎ᠡ᠃ ᠬᠠᠮᠤᠭ ᠤ᠋ᠨ ᠡᠬᠢᠨ ᠦ᠌ ᠬᠣᠲᠠ ᠶ᠋ᠢ ᠥᠪᠡᠷ ᠦ᠋ᠨ ᠴᠡᠷᠢᠭ ᠦ᠋ᠨ ᠬᠠᠮᠲᠤ ᠡᠵᠡᠯᠡᠨ ᠠᠪᠬᠤ ᠶ᠋ᠢ ᠬᠦᠰᠡᠨ᠎ᠡ ᠭᠡᠵᠦ ᠵᠥᠴᠢ ᠨᠢᠭᠡ ᠠᠮᠢᠰᠬᠤᠭ᠎ᠠ ᠪᠠᠷ ᠲᠣᠳᠣ ᠬᠡᠯᠡᠭᠡᠳ ᠨᠢᠭᠡᠨᠲᠡ ᠬᠦᠰᠡᠯ ᠢ᠋ᠶ᠋ᠡᠨ ᠢᠯᠡᠳᠬᠡᠭᠰᠡᠨ ᠲᠤᠯᠠ ᠰᠠᠨᠠᠭ᠎ᠠ ᠠᠮᠠᠷᠠᠨ ᠬᠠᠷᠢᠭᠤ ᠬᠦᠯᠢᠶᠡᠪᠡ᠃ ᠢᠩᠭᠢᠵᠦ ᠬᠡᠯᠡᠨ᠎ᠡ ᠭᠡᠵᠦ ᠰᠠᠨᠠᠭ᠎ᠠ ᠦᠭᠡᠢ ᠲᠤᠯᠠ ᠴᠢᠩᠭᠢᠰ ᠬᠠᠭᠠᠨ ᠲᠡᠷᠡ ᠳᠣᠣᠷ᠎ᠠ ᠪᠠᠨ ᠰᠢᠭᠤᠳ ᠳᠠᠮᠵᠢᠨ ᠵᠥᠪᠰᠢᠶᠡᠷᠡᠬᠦ ᠪᠤᠶᠤ ᠡᠰᠡᠷᠭᠦᠴᠡᠨ ᠨᠢᠴᠤᠭᠠᠬᠤ ᠠᠷᠭ᠎ᠠ ᠦᠭᠡᠢ ᠪᠣᠯᠵᠠᠢ᠃ ᠭᠡᠪᠡᠴᠦ ᠡᠢᠮᠦ ᠴᠢᠩ ᠰᠡᠳᠬᠢᠯ ᠦ᠋ᠨ ᠦᠭᠡ ᠶ᠋ᠢ ᠬᠠᠷᠢᠭᠤ ᠦᠭᠡᠢ ᠣᠷᠬᠢᠬᠤ ᠪᠤᠶᠤ ᠦᠯᠦ ᠲᠣᠭᠣᠮᠰᠠᠷᠯᠠᠨ ᠦᠵᠡᠵᠦ ᠶᠠᠭᠠᠬᠢᠪᠠᠴᠤ ᠪᠣᠯᠬᠤ ᠦᠭᠡᠢ ᠪᠢᠯᠡ᠃ ᠪᠠᠰᠠ ᠶᠠᠭᠠᠬᠢᠭᠠᠳ ᠵᠥᠴᠢ ᠢᠩᠭᠢᠵᠦ ᠬᠦᠰᠡᠵᠦ ᠪᠠᠢᠭ᠎ᠠ ᠶ᠋ᠢ ᠣᠢᠯᠠᠭᠠᠪᠠ᠃ ᠡᠨᠡ ᠨᠢ ᠣᠯᠠᠨ ᠤ᠋ ᠡᠮᠦᠨ᠎ᠡ ᠴᠠᠭᠠᠲᠠᠢ ᠳ᠋ᠤ᠌ ᠳᠣᠷᠣᠮᠵᠢᠯᠠᠭᠳᠠᠨ ᠠᠯᠳᠠᠷᠠᠭᠰᠠᠨ ᠨᠡᠷ᠎ᠡ ᠰᠦᠷ ᠢ᠋ᠶ᠋ᠡᠨ ᠴᠢᠩᠭᠢᠰ ᠬᠠᠭᠠᠨ ᠠ᠋ᠴᠠ ᠵᠠᠰᠠᠵᠤ ᠵᠠᠯᠠᠷᠠᠭᠤᠯᠬᠤ ᠶ᠋ᠢ ᠱᠠᠭᠠᠷᠳᠠᠵᠤ ᠪᠣᠢ ᠬᠡᠷᠡᠭ ᠶᠦᠮ᠃ ᠮᠠᠭᠠᠳ ᠦᠭᠡᠢ ᠡᠢᠮᠦ ᠦᠭᠡ ᠶ᠋ᠢ ᠪᠥᠷᠲᠡ ᠬᠡᠯᠡᠭᠰᠡᠨ ᠪᠢᠵᠡ ᠭᠡᠵᠦ ᠪᠣᠳᠣᠪᠠ᠃ ᠭᠡᠪᠡᠴᠦ ᠡᠨᠡ ᠪᠣᠯ ᠵᠥᠴᠢ ᠶ᠋ᠢᠨ ᠭᠠᠭᠴᠠ ᠪᠠᠶᠠᠨ ᠤ᠋ ᠬᠦᠰᠡᠯ ᠪᠠᠢᠯ᠎ᠠ᠃ ᠪᠠᠷᠠᠭᠤᠨ ᠵᠦᠭ ᠲᠦ᠍ ᠬᠢᠬᠦ ᠶᠡᠬᠡ ᠲᠡᠢᠨ ᠦ᠌ ᠮᠠᠩᠯᠠᠢ ᠳ᠋ᠤ᠌ ᠶᠠᠪᠤᠬᠤ ᠡᠷᠬᠡ ᠶ᠋ᠢ ᠣᠯᠵᠤ ᠭᠡᠮᠡᠨ ᠵᠥᠴᠢ ᠶ᠋ᠢᠨ ᠰᠡᠳᠬᠢᠯ ᠠᠮᠠᠷᠠᠬᠤ ᠪᠠᠢᠪᠠ᠃ ᠬᠡᠷᠪᠡ ᠴᠢᠩᠭᠢᠰ ᠬᠠᠭᠠᠨ ᠲᠡᠭᠦᠨ ᠢ᠋ ᠬᠦᠨᠳᠦᠳᠬᠡᠨ ᠲᠣᠭᠣᠵᠤ ᠦᠵᠡᠳᠡᠭ ᠪᠣᠯ ᠢᠩᠭᠢᠬᠦ ᠶᠣᠰᠣᠲᠠᠢ ᠭᠡᠵᠦ ᠲᠡᠷᠡ ᠪᠣᠳᠣᠵᠠᠢ᠃ ᠵᠥᠴᠢ ᠡᠨᠡ ᠪᠦᠬᠦᠨ ᠢ᠋ ᠭᠠᠭᠴᠠ ᠥᠪᠡᠷ ᠦ᠋ᠨ ᠬᠠᠷ᠎ᠠ ᠲᠣᠯᠣᠭᠠᠢ ᠶ᠋ᠢᠨ ᠲᠥᠯᠥᠭᠡ ᠪᠢᠰᠢ ᠪᠦᠷ ᠪᠠᠲᠤ ᠬᠥᠪᠡᠭᠦᠨ ᠦ᠌ ᠪᠡᠨ ᠲᠥᠯᠥᠭᠡ ᠬᠡᠯᠡᠭᠰᠡᠨ ᠪᠢᠯᠡ᠃ ᠴᠢᠩᠭᠢᠰ ᠬᠠᠭᠠᠨ ᠤ᠋ ᠤᠤᠭᠠᠨ ᠠᠴᠢ ᠬᠥᠪᠡᠭᠦᠳ ᠦ᠋ᠨ ᠳᠣᠲᠣᠷ᠎ᠠ ᠠ᠋ᠴᠠ ᠪᠠᠲᠤ ᠬᠥᠪᠡᠭᠦᠨ ᠢ᠋ᠶ᠋ᠡᠨ ᠢᠯᠭᠠᠷᠠᠨ ᠳᠣᠪᠣᠢᠯᠭᠠᠬᠤ ᠶ᠋ᠢ ᠵᠥᠴᠢ ᠲᠤᠢᠯ ᠠ᠋ᠴᠠ ᠬᠦᠰᠡᠵᠡᠢ᠃ ᠡᠨᠡ ᠪᠣᠯ ᠥᠪᠡᠷ ᠦ᠋ᠨ ᠭᠠᠰᠢᠭᠤᠨ ᠬᠤᠪᠢ ᠲᠠᠪᠢᠯᠠᠩ ᠤ᠋ᠨ ᠡᠰᠡᠷᠭᠦ ᠲᠡᠮᠡᠴᠡᠬᠦ ᠪᠡᠷ ᠰᠣᠩᠭᠣᠵᠤ ᠠᠪᠤᠭᠰᠠᠨ ᠡᠴᠢᠭᠡ ᠶ᠋ᠢᠨ ᠠᠷᠭ᠎ᠠ ᠵᠠᠮ ᠪᠠᠢᠯ᠎ᠠ᠃ ᠣᠳᠣ ᠡᠨᠡ ᠶᠡᠬᠡ ᠲᠡᠢᠨ ᠳ᠋ᠦ᠍ ᠪᠠᠲᠤ ᠬᠥᠪᠡᠭᠦᠨ ᠢ᠋ᠶ᠋ᠡᠨ ᠠᠯᠳᠠᠷᠰᠢᠭᠤᠯᠤᠨ ᠲᠣᠳᠣᠷᠠᠭᠤᠯᠬᠤ ᠶᠡᠬᠡ ᠵᠣᠷᠢᠯᠭ᠎ᠠ ᠶ᠋ᠢ ᠲᠡᠷᠡ ᠰᠣᠩᠭᠣᠨ ᠠᠪᠴᠠᠢ᠃ ᠡᠭᠦᠨ ᠦ᠌ ᠲᠤᠯᠠᠳᠠ ᠵᠥᠴᠢ ᠶᠠᠭᠤ ᠴᠤ᠌ ᠬᠢᠬᠦ ᠳ᠋ᠦ᠍ ᠪᠡᠯᠡᠨ ᠪᠠᠢᠪᠠ᠃ ᠭᠡᠪᠡᠴᠦ ᠴᠢᠩᠭᠢᠰ ᠬᠠᠭᠠᠨ ᠵᠥᠴᠢ ᠶ᠋ᠢᠨ ᠡᠨᠡ ᠬᠣᠯᠠ ᠶ᠋ᠢᠨ ᠪᠣᠳᠣᠯ ᠢ᠋ ᠳᠠᠭᠠᠭᠰᠠᠨ ᠦᠭᠡᠢ᠃ ᠭᠠᠭᠴᠠᠬᠠᠨ ᠵᠥᠴᠢ ᠶ᠋ᠢᠨ ᠱᠠᠭᠠᠷᠳᠠᠯᠭ᠎ᠠ ᠬᠦᠰᠡᠯ ᠳ᠋ᠦ᠍ ᠣᠨᠣᠴᠢᠲᠠᠢ ᠬᠠᠷᠢᠭᠤ ᠬᠡᠯᠡᠬᠦ ᠶ᠋ᠢ ᠯᠡ ᠬᠦᠰᠡᠵᠡᠢ᠃ ᠴᠢᠩᠭᠢᠰ ᠬᠠᠭᠠᠨ ᠵᠥᠴᠢ ᠲᠡᠢ ᠵᠥᠷᠢᠴᠡᠯᠳᠦᠨ ᠮᠠᠭᠤᠳᠠᠯᠴᠠᠬᠤ ᠨᠢ ᠠᠶᠤᠯᠲᠠᠢ ᠶ᠋ᠢ ᠣᠢᠯᠠᠭᠠᠵᠤ ᠪᠠᠢᠭᠰᠠᠨ ᠲᠤᠯᠠ ᠠᠷᠭ᠎ᠠ ᠦᠭᠡᠢ ᠶ᠋ᠢᠨ ᠡᠷᠬᠡᠨ ᠳ᠋ᠦ᠍ ᠪᠠᠭᠤᠵᠤ ᠥᠭᠴᠦ ᠠᠶᠠᠷ ᠨᠢ ᠪᠠᠢᠬᠤ ᠶ᠋ᠢ ᠲᠡᠪᠴᠢᠨ ᠴᠢᠷᠮᠠᠢᠵᠤ ᠪᠠᠢᠯ᠎ᠠ᠃ ᠬᠠᠷᠢᠨ ᠵᠥᠴᠢ ᠶ᠋ᠢᠨ ᠬᠦᠰᠡᠯᠲᠡ ᠳ᠋ᠦ᠍ ᠭᠠᠭᠴᠠ ᠬᠣᠷᠣᠮ ᠤ᠋ᠨ ᠳᠣᠲᠣᠷ᠎ᠠ ᠬᠠᠷᠢᠭᠤ ᠬᠡᠯᠡᠬᠦ ᠪᠣᠯᠤᠮᠵᠢ ᠦᠭᠡᠢ ᠶᠦᠮ᠃ ᠤᠴᠢᠷ ᠨᠢ ᠬᠣᠷᠽᠧᠮ ᠦ᠋ᠨ ᠶᠡᠬᠡ ᠤᠯᠤᠰ ᠢ᠋ ᠳᠠᠢᠯᠠᠬᠤ ᠨᠢ ᠶᠡᠷᠦ ᠲᠣᠭᠯᠠᠭᠠᠮ ᠪᠢᠰᠢ ᠪᠢᠯᠡ᠃ ᠭᠡᠪᠡᠴᠦ ᠳᠠᠭᠤ ᠦᠭᠡᠢ ᠰᠠᠭᠤᠬᠤ ᠨᠢ ᠵᠥᠴᠢ ᠳ᠋ᠦ᠍ ᠡᠪ ᠦᠭᠡᠢ ᠰᠡᠳᠬᠢᠭᠳᠡᠯ ᠲᠥᠷᠥᠭᠦᠯᠬᠦ ᠲᠤᠯᠠ ᠠᠮᠠ ᠨᠡᠭᠡᠭᠡᠬᠦ ᠡᠴᠡ ᠠᠷᠭ᠎ᠠ ᠦᠭᠡᠢ᠃ ᠵᠥᠴᠢ ᠶ᠋ᠢᠨ ᠡᠨᠡ ᠬᠦᠰᠡᠯᠲᠡ ᠣᠯᠠᠨ ᠵᠢᠯ ᠦ᠋ᠨ ᠡᠮᠦᠨ᠎ᠡ ᠬᠦᠢᠲᠡᠨ ᠠᠭᠤᠯᠠ ᠶ᠋ᠢᠨ ᠲᠤᠯᠤᠯᠳᠤᠭᠠᠨ ᠤ᠋ ᠦᠶ᠎ᠡ ᠳ᠋ᠦ᠍ ᠬᠠᠰᠠᠷ ᠪᠤᠭᠤᠷᠴᠢ ᠶ᠋ᠢ ᠴᠠᠭᠠᠵᠠᠯᠠᠬᠤ ᠶ᠋ᠢ ᠱᠠᠭᠠᠷᠳᠠᠭᠰᠠᠨ ᠲᠠᠢ ᠣᠣᠬᠠ ᠨᠢᠭᠡ ᠪᠠᠢᠪᠠ᠃ ᠡᠪ ᠦᠭᠡᠢ ᠪᠤᠷᠤᠭᠤ ᠦᠭᠡ ᠬᠡᠯᠡᠪᠡᠯ ᠲᠡᠷᠡ ᠲᠡᠢ ᠲᠡᠷᠡ ᠦᠭᠡᠢ ᠡᠷᠭᠢᠵᠦ ᠪᠤᠴᠠᠵᠤ ᠭᠣᠮᠣᠳᠠᠵᠤ ᠪᠤᠬᠢᠨᠢᠳᠤᠭᠰᠠᠨ ᠵᠥᠴᠢ ᠶ᠋ᠢ ᠴᠠᠭᠠᠰᠢ ᠲᠦᠯᠬᠢᠬᠦ ᠠᠶᠤᠯᠲᠠᠢ ᠪᠢᠯᠡ᠃
| ᠵᠥᠴᠢ ᠬᠥᠪᠡᠭᠦᠨ ᠮᠢᠨᠢ ᠭᠡᠵᠦ ᠴᠢᠩᠭᠢᠰ ᠬᠠᠭᠠᠨ ᠥᠨᠥᠬᠢ ᠡᠯᠢᠭᠡᠮᠰᠦᠭ ᠵᠥᠭᠡᠯᠡᠨ ᠦᠭᠡ ᠪᠡᠨ ᠳᠠᠬᠢᠨ ᠬᠡᠷᠡᠭᠯᠡᠪᠡ᠃
| ᠪᠢ ᠴᠢᠨᠦ ᠴᠢᠳᠠᠯ ᠬᠦᠴᠦ ᠶ᠋ᠢ ᠪᠠᠬᠠᠳᠤᠵᠤ ᠪᠠᠢᠨ᠎ᠠ᠃ ᠮᠢᠨᠦ ᠶᠡᠬᠡ ᠴᠡᠷᠢᠭ ᠦ᠋ᠨ ᠬᠠᠮᠤᠭ ᠤ᠋ᠨ ᠰᠢᠯᠢᠳᠡᠭ ᠨᠢ ᠴᠢᠨᠦ ᠵᠠᠰᠠᠵᠤ ᠬᠥᠮᠦᠵᠢᠭᠦᠯᠦᠭᠰᠡᠨ ᠴᠡᠷᠢᠭ ᠮᠥᠨ᠃ ᠮᠢᠨᠦ ᠪᠦᠬᠦ ᠴᠡᠷᠢᠭ ᠪᠦᠭᠦᠳᠡ ᠡᠢᠮᠦ ᠪᠠᠢᠭᠠᠰᠠᠢ ᠭᠡᠵᠦ ᠬᠦᠰᠡᠨ᠎ᠡ᠃ ᠭᠡᠪᠡᠴᠦ ᠬᠥᠪᠡᠭᠦᠨ ᠮᠢᠨᠢ᠂ ᠬᠣᠷᠽᠸᠮ ᠤ᠋ᠨ ᠤᠯᠤᠰ ᠤ᠋ᠨ ᠴᠡᠷᠢᠭ ᠦ᠋ᠨ ᠴᠢᠳᠠᠪᠤᠷᠢ᠂ ᠳᠠᠢᠳᠤᠬᠤ ᠠᠷᠭ᠎ᠠ ᠶ᠋ᠢ ᠪᠢᠳᠡ ᠰᠠᠢᠨ ᠮᠡᠳᠡᠬᠦ ᠦᠭᠡᠢ᠃ ᠲᠠᠩᠨᠠᠭᠤᠯ ᠲᠤᠷᠰᠢᠭᠤᠯ ᠤ᠋ᠨ ᠬᠥᠮᠦᠨ ᠦ᠌ ᠦᠭᠡ ᠰᠣᠨᠣᠰᠤᠭᠰᠠᠨ ᠠ᠋ᠴᠠ ᠴᠠᠭᠠᠰᠢ ᠦᠭᠡᠢ᠃ ᠲᠡᠳᠡ ᠰᠠᠭᠤᠷᠢᠨ ᠪᠠᠯᠭᠠᠰᠤ ᠳ᠋ᠤ᠌ ᠵᠢᠭᠤᠷᠠᠯᠳᠤᠨ ᠪᠠᠢᠯᠳᠤᠬᠤ ᠳ᠋ᠠᠭᠠᠨ ᠰᠦᠷᠡᠬᠡᠢ ᠭᠡᠨ᠎ᠡ᠃ ᠪᠢᠳᠡ ᠣᠯᠠᠨ ᠢ᠋ᠶ᠋ᠠᠷ ᠵᠥᠪᠯᠡᠯᠳᠦᠵᠦ ᠬᠤᠷᠽᠸᠮ ᠲᠠᠢ ᠬᠡᠷᠬᠢᠨ ᠲᠤᠯᠬᠤ ᠠᠷᠭ᠎ᠠ ᠪᠠᠨ ᠰᠣᠩᠭᠣᠭᠠ ᠦᠭᠡᠢ ᠪᠠᠢᠨ᠎ᠠ᠃ ᠪᠢ ᠴᠢᠮᠠᠶ᠋ᠢ ᠮᠠᠩᠯᠠᠢ ᠳ᠋ᠤ᠌ ᠶᠠᠪᠤᠭᠤᠯᠬᠤ ᠶ᠋ᠢ ᠰᠠᠢᠰᠢᠶᠠᠨ᠎ᠠ᠃ ᠭᠡᠪᠡᠴᠦ ᠪᠢ ᠶᠡᠬᠡ ᠶ᠋ᠢ ᠦᠵᠡᠭᠰᠡᠨ ᠪᠤᠭᠤᠷᠴᠢ᠂ ᠰᠦᠪᠡᠭᠡᠳᠡᠢ᠂ ᠵᠡᠪᠡ ᠪᠠᠰᠠ ᠬᠠᠰᠠᠷ ᠠᠪᠠᠭ᠎ᠠ ᠴᠢᠨᠢ ᠶᠠᠭᠤ ᠭᠡᠬᠦ ᠶ᠋ᠢ ᠰᠣᠨᠣᠰᠤᠶ᠎ᠠ᠃ ᠲᠠᠨᠢᠵᠤ ᠮᠡᠳᠡᠬᠦ ᠦᠭᠡᠢ ᠭᠠᠵᠠᠷ ᠣᠷᠣᠨ᠂ ᠠᠭᠤᠯᠵᠠᠵᠤ ᠤᠴᠠᠷᠠᠭ᠎ᠠ ᠦᠭᠡᠢ ᠳᠠᠢᠰᠤᠨ ᠲᠠᠢ ᠬᠠᠷ᠎ᠠ ᠵᠣᠷᠢᠭ ᠢ᠋ᠶ᠋ᠠᠷ ᠲᠤᠯᠤᠨ᠎ᠠ ᠭᠡᠳᠡᠭ ᠨᠢᠴᠦᠭᠦᠨ ᠪᠡᠶ᠎ᠡ ᠪᠡᠷ ᠭᠠᠯ ᠳ᠋ᠤ᠌ ᠣᠷᠣᠭᠰᠠᠨ ᠲᠠᠢ ᠠᠳᠠᠯᠢ ᠶᠤᠮ᠃ ᠲᠦᠷᠦᠭᠦᠯᠡᠵᠦ ᠳᠠᠭᠠᠷᠢᠭᠰᠠᠨ ᠢ᠋ ᠪᠠᠭᠠᠲᠤᠷ ᠵᠣᠷᠢᠭᠲᠠᠨ᠂ ᠪᠠᠬᠠᠲᠠᠢ ᠵᠠᠩᠵᠤᠨ ᠭᠡᠵᠦ ᠦᠵᠡᠬᠦ ᠳ᠋ᠦ᠍ ᠤᠴᠢᠷ ᠳᠤᠲᠠᠨ᠎ᠠ᠃ ᠬᠥᠪᠡᠭᠦᠨ ᠴᠢ ᠨᠠᠮᠠᠶ᠋ᠢ ᠠᠬᠠᠮᠠᠳ ᠤ᠋ᠨ ᠦᠭᠡ ᠶ᠋ᠢ ᠰᠣᠨᠣᠰᠲᠠᠯ᠎ᠠ ᠬᠦᠯᠢᠶᠡ᠃ ᠪᠢ ᠴᠢᠮᠠᠶ᠋ᠢ ᠬᠣᠷᠽᠸᠮ ᠢ᠋ ᠡᠵᠡᠯᠡᠬᠦ ᠲᠡᠢᠨ ᠳ᠋ᠦ᠍ ᠰᠢᠯᠭᠠᠷᠠᠨ ᠮᠠᠨᠳᠤᠭᠠᠰᠠᠢ ᠭᠡᠵᠦ ᠬᠦᠰᠡᠨ᠎ᠡ᠃ ᠮᠢᠨᠦ ᠬᠥᠪᠡᠭᠦᠨ᠂ ᠴᠢᠨᠦ ᠳᠡᠭᠦᠦ ᠨᠠᠷ ᠵᠥᠴᠢ ᠴᠢᠨᠦ ᠠᠳᠠᠯᠢ ᠡᠢᠮᠦ ᠬᠦᠰᠡᠯᠲᠡ ᠲᠡᠢ ᠭᠡᠳᠡᠭ ᠲᠦ᠍ ᠢᠲᠡᠭᠡᠨ᠎ᠡ᠃ ᠭᠡᠪᠡᠴᠦ ᠬᠥᠪᠡᠭᠦᠨ ᠴᠢ ᠮᠡᠳᠡᠬᠦ ᠦᠭᠡᠢ ᠭᠠᠵᠠᠷ ᠲᠠᠨᠢᠬᠤ ᠦᠭᠡᠢ ᠳᠠᠢᠰᠤᠨ ᠤ᠋ ᠥᠭᠡᠳᠡ ᠡᠴᠡ ᠲᠦᠷᠦᠭᠦᠯᠡᠨ ᠳᠠᠭᠠᠷᠢᠬᠤ ᠭᠡᠵᠦ ᠪᠤᠤ ᠵᠢᠳᠬᠦ᠃ ᠪᠢ ᠴᠢᠨᠦ ᠴᠢᠩ ᠶᠡᠬᠡ ᠬᠦᠰᠡᠯ ᠢ᠋ ᠮᠡᠳᠡᠭᠰᠡᠨ ᠲᠤᠯᠠ ᠪᠠᠶᠠᠷᠯᠠᠵᠤ ᠰᠡᠳᠬᠢᠯ ᠪᠠᠬᠠᠳᠤᠨ ᠬᠠᠨᠪᠠ᠃ ᠪᠢ ᠬᠥᠪᠡᠭᠦᠨ ᠴᠢᠮᠠᠶ᠋ᠢ ᠬᠠᠳᠠᠨ ᠪᠡᠶ᠎ᠡ ᠪᠡᠨ ᠰᠦᠢᠳᠬᠡᠵᠦ ᠬᠠᠢᠷᠠᠨ ᠨᠡᠷ᠎ᠡ ᠪᠡᠨ ᠦᠷᠡᠬᠦ ᠶ᠋ᠢ ᠦᠯᠦ ᠬᠦᠰᠡᠨ᠎ᠡ᠃ ᠬᠥᠪᠡᠭᠦᠳ ᠲᠠ ᠨᠠᠷ ᠤ᠋ᠨ ᠠᠮᠢ ᠪᠡᠶ᠎ᠡ ᠠᠯᠳᠠᠷ ᠨᠡᠷ᠎ᠡ ᠶ᠋ᠢ ᠪᠢ ᠥᠪᠡᠷ ᠦ᠋ᠨ ᠠᠯᠲᠠᠨ ᠪᠡᠶ᠎ᠡ ᠲᠡᠢ ᠪᠡᠨ ᠠᠭᠤᠤ ᠨᠡᠷ᠎ᠡ ᠲᠡᠢ ᠪᠡᠨ ᠠᠳᠠᠯᠢ ᠦᠵᠡᠨ᠎ᠡ᠃ ᠭᠡᠪᠡᠴᠦ ᠪᠢ ᠶᠡᠬᠡᠰ ᠦ᠋ᠨ ᠵᠥᠪᠯᠡᠭᠡᠨ ᠳᠡᠭᠡᠷ᠎ᠡ ᠴᠢᠨᠦ ᠴᠡᠷᠢᠭ ᠢ᠋ ᠬᠤᠷᠽᠸᠮ ᠳ᠋ᠤ᠌ ᠮᠠᠩᠯᠠᠢ ᠪᠣᠯᠭᠠᠨ ᠢᠯᠡᠭᠡᠬᠦ ᠶ᠋ᠢ ᠢᠯᠡᠳᠬᠡᠨ᠎ᠡ᠃
ᠵᠥᠴᠢ ᠳ᠋ᠦ᠍ ᠴᠢᠩᠭᠢᠰ ᠬᠠᠭᠠᠨ ᠤ᠋ ᠦᠨᠡᠨ ᠦᠭᠡ ᠶ᠋ᠢ ᠳᠠᠭᠤ ᠦᠭᠡᠢ ᠳ᠋ᠡᠭᠡᠨ ᠵᠥᠪᠰᠢᠶᠡᠷᠡᠬᠦ ᠡᠴᠡ ᠥᠭᠡᠷ᠎ᠡ ᠶᠠᠭᠤ ᠴᠤ᠌ ᠦᠯᠡᠳᠡᠭᠰᠡᠨ ᠦᠭᠡᠢ᠃ ᠬᠡᠳᠦᠢ ᠬᠠᠭᠠᠨ ᠡᠴᠢᠭᠡ ᠨᠢ ᠲᠡᠭᠦᠨ ᠦ᠌ ᠬᠦᠰᠡᠯ ᠪᠣᠳᠣᠯ ᠢ᠋ ᠰᠢᠭᠤᠳ ᠲᠡᠮᠵᠢᠭᠡ ᠦᠭᠡᠢ ᠴᠦ᠍ ᠡᠨᠡ ᠶᠠᠷᠢᠶ᠎ᠠ ᠵᠥᠴᠢ ᠳ᠋ᠦ᠍ ᠰᠠᠢᠬᠠᠨ ᠰᠡᠳᠬᠢᠭᠳᠡᠯ ᠦᠯᠡᠳᠡᠭᠡᠪᠡ᠃ ᠴᠢᠩᠭᠢᠰ ᠬᠠᠭᠠᠨ ᠴᠤ᠌ ᠪᠠᠶᠠᠰᠬᠤᠯᠠᠩ ᠲᠠᠢ ᠪᠣᠯᠵᠠᠢ᠃ ᠶᠡᠷᠦ ᠲᠡᠷᠡ ᠪᠡᠷ ᠵᠥᠴᠢ ᠶ᠋ᠢᠨ ᠤᠬᠠᠭᠠᠨ ᠵᠣᠷᠢᠭ ᠢ᠋ ᠪᠠᠬᠠᠳᠤᠳᠠᠭ ᠪᠢᠯᠡ᠃ ᠪᠥᠷᠲᠡ ᠬᠠᠲᠤᠨ ᠤ᠋ ᠮᠡᠷᠭᠢᠳ ᠴᠢᠰᠤᠲᠠᠢ ᠡᠨᠡ ᠬᠥᠪᠡᠭᠦᠨ ᠶᠠᠭᠠᠬᠢᠭᠠᠳ ᠴᠤ᠌ ᠶᠤᠮ ᠪᠣᠢ ᠬᠥᠮᠦᠨ ᠬᠥᠮᠦᠨ ᠡᠴᠡ ᠢᠯᠡᠭᠦᠦ ᠦᠨᠡᠨᠴᠢ ᠰᠡᠳᠬᠢᠯᠲᠡᠢ ᠮᠡᠲᠦ ᠰᠠᠨᠠᠭᠳᠠᠳᠠᠭ ᠤ᠋ᠨ ᠨᠢᠭᠤᠴᠠ ᠶ᠋ᠢ ᠴᠢᠩᠭᠢᠰ ᠬᠠᠭᠠᠨ ᠲᠠᠢᠯᠵᠤ ᠶᠠᠳᠠᠨ᠎ᠠ᠃ ᠮᠠᠭᠠᠳ ᠦᠭᠡᠢ ᠦᠷᠭᠦᠯᠵᠢ ᠶ᠋ᠢᠨ ᠭᠠᠳᠠᠭᠤᠷᠬᠠᠭᠳᠠᠵᠤ᠂ ᠢᠯᠡ ᠳᠠᠯᠳᠠ ᠠᠳᠠ ᠦᠵᠡᠭᠳᠡᠵᠦ ᠪᠠᠢᠬᠤ ᠳ᠋ᠠᠭᠠᠨ ᠴᠢᠩᠭᠢᠰ ᠬᠠᠭᠠᠨ ᠤ᠋ ᠲᠥᠷᠥᠭᠰᠡᠨ ᠬᠥᠪᠡᠭᠦᠨ ᠳ᠋ᠦ᠍ ᠨᠣᠭᠳᠠᠬᠤ ᠢᠲᠡᠭᠡᠯ ᠬᠠᠢᠷ᠎ᠠ ᠶ᠋ᠢ ᠣᠯᠵᠤ ᠠᠪᠬᠤ ᠭᠡᠰᠡᠨ ᠶᠡᠬᠡ ᠬᠦᠰᠡᠯ ᠲᠡᠮᠡᠦᠯᠦᠯ ᠳ᠋ᠡᠭᠡᠨ ᠰᠢᠲᠠᠵᠤ ᠪᠠᠢᠳᠠᠭ ᠨᠢ ᠲᠡᠮᠦᠵᠢᠨ ᠳ᠋ᠦ᠍ ᠬᠢᠵᠠᠭᠠᠷ ᠦᠭᠡᠢ ᠦᠨᠡᠨᠴᠢ ᠵᠢᠳᠬᠦᠬᠦ ᠰᠡᠳᠬᠢᠯ ᠢ᠋ ᠲᠥᠷᠥᠭᠦᠯᠦᠭᠰᠡᠨ ᠪᠠᠢᠵᠤ ᠮᠡᠳᠡᠨ᠎ᠡ᠃ ᠬᠡᠷᠪᠡ ᠵᠥᠴᠢ᠂ ᠴᠢᠩᠭᠢᠰ ᠬᠠᠭᠠᠨ ᠤ᠋ ᠲᠥᠷᠥᠭᠰᠡᠨ ᠬᠥᠪᠡᠭᠦᠨ ᠪᠠᠢᠭᠰᠠᠨ ᠪᠣᠯ ᠶᠠᠮᠠᠷ ᠴᠤ᠌ ᠡᠷᠡᠭᠡᠯᠵᠡᠭᠡ ᠦᠭᠡᠢ ᠪᠡᠷ ᠥᠪᠡᠷ ᠢ᠋ ᠪᠡᠨ ᠵᠠᠯᠭᠠᠮᠵᠢᠯᠠᠭᠤᠯᠬᠤ ᠪᠠᠢᠪᠠ᠃ ᠡᠴᠢᠭᠡ ᠡᠬᠡ ᠶ᠋ᠢᠨ ᠢᠯᠡᠷᠬᠡᠢ ᠬᠠᠢᠷ᠎ᠠ ᠢᠪᠡᠭᠡᠯ ᠳ᠋ᠦ᠍ ᠪᠢᠯᠠᠭᠤᠷᠠᠭᠰᠠᠨ ᠴᠠᠭᠠᠲᠠᠢ ᠳᠡᠩᠳᠡᠭᠦᠦ ᠣᠮᠣᠭᠯᠠᠩ ᠬᠣᠢᠷᠭᠣ ᠬᠥᠰᠢᠭᠦᠨ ᠪᠠᠢᠳᠠᠭ ᠪᠣᠯ ᠵᠥᠴᠢ ᠶᠠᠭ ᠯᠠ ᠴᠢᠨᠣ᠎ᠠ ᠶ᠋ᠢᠨ ᠪᠡᠯᠲᠡᠷᠭᠡ ᠰᠢᠭ ᠲᠡᠮᠦᠵᠢᠨ ᠦ᠌ ᠬᠠᠷᠠᠴᠠ ᠬᠥᠳᠡᠯᠭᠡᠭᠡᠨ ᠦᠭᠡ ᠪᠦᠷᠢ ᠶ᠋ᠢ ᠮᠠᠨᠠᠵᠤ ᠠᠮᠠ ᠨᠡᠭᠡᠭᠡᠨ ᠬᠡᠯᠡᠬᠦ ᠡᠴᠡ ᠨᠢ ᠡᠮᠦᠨ᠎ᠡ ᠤᠬᠤᠰᠬᠢᠬᠦ ᠳ᠋ᠦ᠍ ᠪᠡᠯᠡᠨ ᠡᠷᠪᠡᠯᠵᠡᠵᠦ ᠪᠠᠢᠳᠠᠭ ᠢ᠋ ᠦᠵᠡᠵᠦ ᠵᠠᠷᠢᠮ ᠳ᠋ᠠᠭᠠᠨ ᠶᠡᠬᠡᠳᠡ ᠦᠷᠦ ᠡᠪᠡᠳᠦᠨ ᠬᠠᠢᠷᠠᠯᠠᠳᠠᠭ ᠪᠠᠢᠭᠰᠠᠨ ᠪᠢᠯᠡ᠃ ᠪᠠᠭ᠎ᠠ ᠪᠠᠯᠴᠢᠷ ᠵᠥᠴᠢ᠂ ᠲᠡᠮᠦᠵᠢᠨ ᠡᠴᠢᠭᠡ ᠶ᠋ᠢᠨ ᠢ᠋ᠶ᠋ᠡᠨ ᠥᠴᠦᠬᠡᠨ ᠪᠣᠯᠪᠠᠴᠤ ᠲᠠᠯᠠᠷᠬᠠᠯ ᠢ᠋ ᠣᠯᠬᠤ ᠶ᠋ᠢᠨ ᠲᠤᠯᠠᠳᠠ ᠶᠠᠭᠤ ᠪᠠᠨ ᠴᠤ᠌ ᠬᠠᠢᠷᠠᠯᠠᠬᠤ ᠦᠭᠡᠢ ᠲᠡᠮᠡᠴᠡᠬᠦ ᠳ᠋ᠦ᠍ ᠪᠡᠯᠡᠨ ᠪᠠᠢᠳᠠᠭ ᠪᠠᠢᠪᠠ᠃ ᠴᠠᠭᠠᠲᠠᠢ ᠶ᠋ᠢ ᠨᠢᠯᠬ᠎ᠠ ᠠᠬᠤᠢ ᠳ᠋ᠤ᠌ ᠡᠷᠬᠡᠯᠡᠭᠦᠯᠦᠨ ᠲᠣᠭᠯᠠᠵᠤ ᠪᠠᠢᠬᠤ ᠳ᠋ᠠᠭᠠᠨ ᠵᠥᠴᠢ ᠶᠠᠭ ᠬᠣᠭᠣᠯᠠ ᠭᠣᠷᠢᠳᠠᠭᠰᠠᠨ ᠨᠣᠬᠠᠢ ᠶ᠋ᠢᠨ ᠭᠥᠯᠥᠭᠡ ᠰᠢᠭ ᠲᠣᠯᠣᠭᠠᠢ ᠭᠢᠯᠵᠢᠢᠨ ᠭᠤᠨᠢᠭᠲᠠᠢ ᠪᠠᠷ ᠠᠲᠠᠭᠠᠷᠬᠠᠨ ᠰᠢᠷᠳᠡᠨ ᠰᠠᠭᠤᠬᠤ ᠶ᠋ᠢ ᠬᠠᠷᠠᠳᠠᠭ ᠰᠠᠨ᠃ ᠵᠠᠯᠠᠭᠤ ᠭᠡᠨᠡᠨ ᠴᠠᠭ ᠲᠤ᠌ ᠲᠡᠭᠦᠨ ᠢ᠋ ᠶᠡᠷᠦ ᠲᠣᠭᠣᠳᠠᠭ ᠦᠭᠡᠢ ᠪᠠᠢᠭᠰᠠᠨ ᠬᠢᠷᠢᠨ᠎ᠡ ᠨᠢᠯᠬ᠎ᠠ ᠪᠠᠯᠴᠢᠷ ᠵᠥᠴᠢ ᠶ᠋ᠢᠨ ᠲᠡᠷᠡ ᠭᠦᠨᠵᠡᠭᠡᠢ ᠭᠤᠨᠢᠭᠲᠤ ᠬᠠᠷᠠᠴᠠ ᠣᠳᠣ ᠬᠢᠷᠢ ᠭᠡᠨ᠎ᠡ ᠭᠡᠨ᠎ᠡ ᠰᠡᠳᠬᠢᠯ ᠳ᠋ᠦ᠍ᠨᠢ ᠰᠡᠪᠬᠢᠨ ᠣᠷᠣᠬᠤ ᠳ᠋ᠤ᠌ ᠬᠠᠴᠢᠨ ᠶᠡᠬᠡ ᠴᠣᠴᠢᠨ ᠵᠢᠷᠦᠬᠡ ᠨᠢ ᠰᠢᠮᠰᠢᠷᠡᠳᠡᠭ ᠪᠣᠯᠤᠭᠰᠠᠨ ᠢ᠋ᠶ᠋ᠠᠨ ᠴᠢᠩᠭᠢᠰ ᠬᠠᠭᠠᠨ ᠶᠡᠷᠦ ᠣᠢᠯᠠᠭᠠᠳᠠᠭ ᠦᠭᠡᠢ ᠪᠠᠢᠯ᠎ᠠ᠃ ᠨᠢᠭᠡ ᠶᠡᠬᠡ ᠶᠠᠯ᠎ᠠ ᠵᠢᠮ ᠬᠢᠭᠰᠡᠨ ᠮᠡᠲᠦ ᠵᠠᠷᠢᠮ ᠳ᠋ᠠᠭᠠᠨ ᠰᠠᠨᠠᠭᠳᠠᠨ᠎ᠠ᠃ ᠡᠴᠢᠭᠡ ᠶ᠋ᠢᠨ ᠬᠠᠢᠷ᠎ᠠ ᠢᠪᠡᠭᠡᠯ ᠠᠮᠰᠠᠭ᠎ᠠ ᠦᠭᠡᠢ ᠥᠰᠦᠭᠰᠡᠨ ᠥᠨᠥᠴᠢᠨ ᠶᠠᠳᠠᠭᠤ ᠠᠮᠢᠳᠤᠷᠠᠯ᠂ ᠪᠠᠢᠩᠭᠤ ᠶ᠋ᠢᠨ ᠠᠶᠤᠯ ᠭᠠᠴᠢᠶᠠᠯ ᠤ᠋ᠨ ᠳᠤᠮᠳᠠ ᠥᠩᠭᠡᠷᠡᠭᠡᠭᠰᠡᠨ ᠬᠡᠦᠬᠡᠳ ᠨᠠᠰᠤᠨ ᠤ᠋ ᠬᠢᠨᠢ ᠭᠤᠨᠢᠭᠲᠤ ᠳᠤᠷᠠᠰᠤᠮᠵᠢ ᠢᠩᠭᠢᠵᠦ ᠵᠥᠴᠢ ᠶ᠋ᠢᠨ ᠭᠣᠮᠤᠳᠠᠯᠲᠤ ᠬᠠᠷᠠᠴᠠ ᠪᠠᠷ ᠢᠯᠡᠷᠡᠳᠡᠭ ᠢ᠋ ᠲᠡᠷᠡ ᠪᠡᠷ ᠳᠠᠭᠠᠭᠰᠠᠨ ᠦᠭᠡᠢ᠃ ᠴᠢᠩᠭᠢᠰ ᠬᠠᠭᠠᠨ ᠵᠥᠴᠢ ᠬᠣᠶᠠᠷ ᠶᠡᠬᠡ ᠠᠳᠠᠯᠢᠬᠠᠨ ᠠᠮᠢᠳᠤᠷᠠᠯ ᠦᠵᠡᠭᠰᠡᠨ ᠮᠡᠲᠦ ᠰᠠᠨᠠᠭᠳᠠᠨ᠎ᠠ᠃ ᠢᠩᠭᠢᠵᠦ ᠪᠣᠳᠣᠬᠤ ᠳ᠋ᠤ᠌ ᠵᠥᠴᠢ ᠶ᠋ᠢ ᠦᠷᠦ ᠡᠪᠡᠳᠦᠨ ᠬᠠᠢᠷᠠᠯᠠᠮᠠᠷ ᠴᠤ᠌᠂ ᠬᠥᠮᠦᠨ ᠦ᠌ ᠰᠡᠳᠬᠢᠯ ᠵᠢᠷᠦᠬᠡ ᠭᠡᠳᠡᠭ ᠡᠵᠡᠨ ᠦ᠌ ᠪᠡᠨ ᠣᠶᠤᠨ ᠤᠬᠠᠭᠠᠨ ᠳ᠋ᠤ᠌ ᠲᠡᠢᠮᠦ ᠴᠦ᠍ ᠠᠮᠠᠷ ᠵᠠᠬᠢᠷᠤᠭᠳᠠᠳᠠᠭ ᠦᠭᠡᠢ ᠠᠵᠢ᠃ ᠶᠠᠭᠠᠬᠢᠵᠤ ᠴᠤ᠌ ᠤᠬᠠᠭᠠᠨ ᠵᠠᠷᠤᠵᠤ ᠬᠢᠴᠢᠶᠡᠭᠡᠳ ᠵᠥᠴᠢ ᠶ᠋ᠢ ᠴᠠᠭᠠᠲᠠᠢ᠂ ᠥᠭᠡᠳᠡᠢ᠂ ᠲᠤᠯᠤᠢ ᠬᠥᠪᠡᠭᠦᠳ ᠰᠢᠭ ᠢ᠋ᠶ᠋ᠡᠨ ᠬᠠᠢᠷᠠᠯᠠᠵᠤ ᠦᠨᠦᠰᠴᠦ ᠰᠤᠷᠤᠭ᠎ᠠ ᠦᠭᠡᠢ ᠪᠢᠯᠡ᠃ ᠡᠭᠦᠨ ᠦ᠌ ᠪᠡᠨ ᠲᠥᠯᠥᠭᠡ ᠬᠡᠵᠢᠶ᠎ᠡ ᠴᠦ᠍ ᠪᠥᠷᠲᠡ ᠶ᠋ᠢᠨ ᠡᠮᠦᠨ᠎ᠡ ᠭᠡᠮᠰᠢᠵᠦ ᠥᠷᠥᠰᠢᠶᠡᠯ ᠬᠦᠰᠡᠵᠦ ᠪᠠᠢᠭᠰᠠᠨ ᠦᠭᠡᠢ᠃ ᠴᠢᠩᠭᠢᠬᠦ ᠶ᠋ᠢ ᠪᠥᠷᠲᠡ ᠴᠦ᠍ ᠱᠠᠭᠠᠷᠳᠠᠭᠰᠠᠨ ᠦᠭᠡᠢ᠃ ᠥᠪᠡᠷ ᠦ᠋ᠨ ᠭᠤᠷᠪᠠᠨ ᠬᠥᠪᠡᠭᠦᠨ ᠲᠥᠷᠥᠵᠦ᠂ ᠥᠰᠴᠦ ᠲᠣᠮᠣᠷᠠᠬᠤ ᠲᠣᠰᠤᠮ ᠪᠥᠷᠲᠡ ᠶ᠋ᠢᠨ ᠵᠥᠴᠢ ᠳ᠋ᠦ᠍ ᠲᠠᠯᠪᠢᠬᠤ ᠠᠩᠬᠠᠷᠤᠯ ᠬᠠᠯᠠᠮᠵᠢ᠂ ᠬᠠᠮᠠᠭᠠᠯᠠᠯ ᠰᠤᠯᠠᠷᠠᠬᠤ ᠮᠡᠲᠦ ᠪᠣᠯᠵᠠᠢ᠃ ᠬᠠᠷᠢᠨ ᠵᠥᠴᠢ ᠶ᠋ᠢ ᠲᠥᠷᠥᠬᠦ ᠳ᠋ᠦ᠍ ᠲᠡᠭᠦᠨ ᠢ᠋ ᠠᠯᠠ ᠭᠡᠵᠦ ᠲᠤᠰᠢᠶᠠᠭᠰᠠᠨ ᠢ᠋ ᠡᠬᠡ ᠬᠦᠦ ᠬᠣᠶᠠᠷ ᠬᠡᠵᠢᠶ᠎ᠡ ᠴᠦ᠍ ᠮᠡᠳᠡᠬᠦ ᠦᠭᠡᠢ ᠭᠡᠳᠡᠭ ᠲᠦ᠍ ᠴᠢᠩᠭᠢᠰ ᠬᠠᠭᠠᠨ ᠪᠠᠲᠤ ᠢᠲᠡᠭᠡᠯᠲᠡᠢ ᠪᠠᠢᠪᠠ᠃ ᠤᠴᠢᠷ ᠨᠢ ᠡᠢᠮᠦ ᠬᠡᠴᠡᠭᠦᠦ ᠨᠢᠭᠤᠴᠠ ᠬᠡᠷᠡᠭ ᠢ᠋ ᠳᠡᠩᠳᠡᠭᠦᠦ ᠤᠬᠠᠭᠠᠨᠲᠠᠢ ᠪᠤᠭᠤᠷᠴᠢ ᠬᠡᠵᠢᠶ᠎ᠡ ᠴᠦ᠍ ᠵᠠᠳᠠᠯᠵᠤ ᠬᠡᠯᠡᠬᠦ ᠦᠭᠡᠢ ᠨᠢ ᠮᠡᠳᠡᠭᠡᠵᠢ ᠶᠦᠮ᠃ ᠥᠨᠥᠳᠥᠷ ᠵᠥᠴᠢ ᠶ᠋ᠢᠨ ᠬᠡᠯᠡᠭᠰᠡᠨ ᠦᠭᠡ ᠶ᠋ᠢ ᠰᠣᠨᠣᠰᠤᠭᠠᠳ ᠡᠷᠲᠡᠨ ᠦ᠌ ᠡᠨᠡ ᠳᠤᠷᠠᠰᠤᠮᠵᠢ ᠰᠡᠷᠭᠦᠵᠡᠢ᠃ ᠣᠳᠣ ᠰᠠᠨᠠᠬᠤ ᠳ᠋ᠤ᠌ ᠪᠤᠭᠤᠷᠴᠢ ᠲᠡᠭᠦᠨ ᠦ᠌ ᠬᠡᠯᠡᠭᠰᠡᠨ ᠢ᠋ᠶ᠋ᠡᠷ ᠵᠥᠴᠢ ᠶ᠋ᠢ ᠠᠯᠠᠵᠤ ᠣᠷᠬᠢᠭᠰᠠᠨ ᠪᠣᠯ ᠶᠠᠳᠠᠵᠤ ᠵᠦᠭᠡᠷ ᠯᠡ ᠲᠦᠷᠦᠮᠡᠭᠴᠡ ᠨᠢ ᠵᠠᠮ ᠤ᠋ᠨ ᠬᠠᠵᠠᠭᠤ ᠤᠷᠤᠭᠤ ᠰᠢᠳᠡᠵᠦ ᠣᠷᠬᠢᠭᠰᠠᠨ ᠪᠣᠯ ᠴᠢᠩᠭᠢᠰ ᠬᠠᠭᠠᠨ ᠳ᠋ᠤ᠌ ᠠᠮᠢᠳᠤᠷᠠᠬᠤ ᠳ᠋ᠤ᠌ ᠠᠷᠠᠢ ᠯᠠ ᠬᠢᠯᠪᠠᠷ᠂ ᠴᠠᠭᠠᠲᠠᠢ ᠶ᠋ᠢᠨ ᠬᠤᠪᠢ ᠵᠠᠶᠠᠭ᠎ᠠ ᠴᠤ᠌ ᠥᠭᠡᠷ᠎ᠡ ᠪᠡᠷ ᠡᠷᠭᠢᠬᠦ ᠪᠠᠢᠵᠠᠢ᠃ ᠪᠤᠭᠤᠷᠴᠢ ᠶ᠋ᠢᠨ ᠡᠨᠡ ᠲᠡᠨᠡᠭ ᠰᠢᠢᠳᠪᠦᠷᠢ ᠲᠡᠮᠦᠵᠢᠨ ᠦ᠌ ᠵᠥᠭᠡᠯᠡᠨ ᠵᠠᠩ ᠨᠡᠢᠯᠡᠭᠡᠳ ᠥᠨᠥᠳᠥᠷ᠂ ᠶᠡᠷᠦ ᠨᠢ ᠴᠠᠭᠠᠰᠢᠳᠠ ᠪᠠᠨ ᠶᠠᠮᠠᠷ ᠤᠴᠢᠷ ᠤᠷᠬᠠᠭ ᠡᠭᠦᠰᠬᠡᠬᠦ ᠶ᠋ᠢ ᠳᠠᠭᠠᠬᠤ ᠠ᠋ᠴᠠ ᠴᠠᠭᠠᠰᠢ ᠦᠭᠡᠢ᠃ ᠶᠠᠭᠤᠲᠠᠢ ᠴᠤ᠌ ᠵᠥᠴᠢ ᠶ᠋ᠢᠨ ᠥᠨᠥᠳᠥᠷ ᠬᠡᠯᠡᠭᠰᠡᠨ ᠦᠭᠡ ᠭᠠᠷᠭᠠᠭᠰᠠᠨ ᠰᠡᠳᠬᠢᠯ ᠡᠴᠡ ᠦᠵᠡᠬᠦ ᠳ᠋ᠦ᠍ ᠲᠡᠷᠡ ᠯᠠᠪ ᠴᠢᠩᠭᠢᠰ ᠬᠠᠭᠠᠨ ᠢ᠋ ᠡᠰᠡᠷᠭᠦᠴᠡᠨ ᠲᠡᠮᠡᠴᠡᠬᠦ᠂ ᠴᠠᠭᠠᠲᠠᠢ ᠲᠠᠢ ᠥᠰᠢᠶᠡᠷᠬᠡᠨ ᠠᠯᠠᠯᠳᠤᠬᠤ ᠰᠠᠨᠠᠭ᠎ᠠ ᠦᠭᠡᠢ ᠪᠣᠯᠤᠯᠲᠠᠢ᠃ ᠡᠨᠡ ᠨᠢ ᠶᠠᠳᠠᠵᠤ ᠲᠡᠭᠦᠨ ᠢ᠋ ᠲᠦᠷ ᠪᠣᠯᠪᠠᠴᠤ ᠲᠠᠢᠳᠬᠤᠷᠠᠭᠤᠯᠵᠤ ᠪᠠᠢᠯ᠎ᠠ᠃ ᠴᠢᠩᠭᠢᠰ ᠬᠠᠭᠠᠨ ᠬᠡᠯᠡᠭᠰᠡᠨ ᠳ᠋ᠡᠭᠡᠨ ᠬᠦᠷᠴᠦ ᠵᠥᠴᠢ ᠶ᠋ᠢᠨ ᠴᠡᠷᠢᠭ ᠢ᠋ ᠮᠠᠩᠯᠠᠢ ᠳ᠋ᠤ᠌ ᠶᠠᠪᠤᠭᠤᠯᠬᠤ ᠪᠣᠳᠣᠯ ᠲᠠᠢ ᠪᠠᠨ ᠰᠢᠳᠠᠷ ᠤ᠋ᠳ ᠲᠠᠢ ᠪᠠᠨ ᠵᠥᠪᠯᠡᠯᠳᠦᠬᠦ ᠦᠶ᠎ᠡ ᠳ᠋ᠡᠭᠡᠨ ᠢᠯᠡ ᠲᠣᠳᠣ᠂ ᠪᠦᠷ ᠵᠥᠴᠢ ᠶ᠋ᠢᠨ ᠨᠢᠭᠤᠷ ᠳᠡᠭᠡᠷ᠎ᠡ ᠬᠡᠯᠡᠵᠦ ᠵᠥᠴᠢ ᠴᠦ᠍ ᠰᠡᠳᠬᠢᠯ ᠠᠮᠠᠷ ᠪᠣᠯᠵᠠᠢ᠃ ᠣᠳᠣ ᠬᠡᠷᠬᠢᠬᠦ ᠶᠣᠰᠣᠲᠠᠢ ᠲᠠᠯ᠎ᠠ ᠪᠠᠷ ᠴᠢᠩᠭᠢᠰ ᠬᠠᠭᠠᠨ ᠪᠢᠰᠢ ᠰᠢᠳᠠᠷ ᠵᠠᠩᠵᠤᠳ ᠨᠢ ᠦᠭᠡ ᠪᠡᠨ ᠬᠡᠯᠡᠬᠦ ᠦᠯᠡᠳᠡᠪᠡ᠃ ᠮᠡᠳᠡᠭᠡᠵᠢ ᠲᠡᠳᠡ ᠴᠢᠩᠭᠢᠰ ᠬᠠᠭᠠᠨ ᠤ᠋ ᠦᠭᠡ ᠶ᠋ᠢ ᠬᠦᠯᠢᠶᠡᠨ ᠠᠪᠤᠭᠰᠠᠨ ᠦᠭᠡᠢ᠃ ᠵᠥᠴᠢ ᠶ᠋ᠢ ᠲᠡᠳᠡ ᠠᠷᠠᠢ ᠲᠦᠷᠭᠡᠳᠴᠦ ᠣᠰᠣᠯᠳᠠᠵᠤ ᠮᠡᠳᠡᠨ᠎ᠡ ᠭᠡᠵᠦ ᠦᠵᠡᠵᠡᠢ᠃
| ᠬᠣᠷᠽᠸᠮ ᠢ᠋ ᠡᠵᠡᠯᠡᠬᠦ ᠨᠢ ᠬᠡᠦᠬᠡᠳ ᠦ᠋ᠨ ᠲᠣᠭᠯᠠᠭᠠᠮ ᠪᠢᠰᠢ᠃ ᠡᠬᠢᠨ ᠦ᠌ ᠳᠠᠭᠠᠷᠢᠯᠲᠠ ᠶᠠᠮᠠᠷ ᠪᠣᠯᠬᠤ ᠨᠢ ᠲᠡᠢᠨ ᠦ᠌ ᠡᠴᠦᠰ ᠦ᠋ᠨ ᠪᠦᠷᠢᠨ ᠢᠯᠠᠯᠲᠠ ᠶ᠋ᠢ ᠲᠣᠳᠣᠷᠬᠠᠢᠯᠠᠬᠤ ᠲᠤᠯᠠ ᠬᠡᠨ ᠨᠢᠭᠡᠨ ᠳ᠋ᠦ᠍ ᠨᠠᠢᠷ ᠲᠠᠯᠪᠢᠬᠤ ᠨᠢ ᠬᠣᠣᠷᠲᠠᠢ ᠭᠡᠵᠦ ᠰᠦᠪᠡᠭᠡᠳᠡᠢ ᠬᠡᠯᠡᠭᠰᠡᠨ ᠨᠢ ᠣᠯᠠᠨ ᠪᠦᠭᠦᠳᠡ ᠶ᠋ᠢᠨ ᠲᠠᠯᠠᠷᠬᠠᠯ ᠢ᠋ ᠬᠦᠯᠢᠶᠡᠵᠦ ᠴᠢᠩᠭᠢᠰ ᠬᠠᠭᠠᠨ ᠴᠤ᠌ ᠲᠣᠯᠣᠭᠠᠢ ᠳᠣᠬᠢᠪᠠ᠃ ᠢᠩᠭᠢᠭᠡᠳ ᠪᠦᠭᠦᠳᠡ ᠵᠥᠪᠰᠢᠨ ᠲᠤᠷᠰᠢᠯᠭ᠎ᠠ ᠲᠠᠢ ᠠᠯᠳᠠᠷᠲᠤ ᠵᠠᠩᠵᠤᠨ ᠵᠡᠪᠡ ᠶ᠋ᠢ ᠮᠠᠩᠯᠠᠢ ᠳ᠋ᠤ᠌ ᠢᠯᠡᠭᠡᠬᠦ ᠪᠡᠷ ᠲᠣᠭᠲᠠᠪᠠ᠃ ᠠᠷᠤ ᠳ᠋ᠤᠨᠢ ᠰᠦᠪᠡᠭᠡᠳᠡᠢ ᠶ᠋ᠢ ᠢᠯᠡᠭᠡᠬᠦ ᠪᠡᠷ ᠪᠣᠯᠤᠭᠰᠠᠨ ᠢ᠋ ᠡᠴᠦᠰ ᠲᠦ᠋ᠨᠢ ᠵᠥᠴᠢ ᠴᠦ᠍ ᠬᠦᠯᠢᠶᠡᠨ ᠵᠥᠪᠰᠢᠶᠡᠷᠡᠬᠦ ᠳ᠋ᠦ᠍ ᠬᠦᠷᠴᠡᠢ᠃ ᠵᠥᠴᠢ ᠶ᠋ᠢᠨ ᠬᠦᠰᠡᠯ᠂ ᠱᠠᠭᠠᠷᠳᠠᠯᠭ᠎ᠠ ᠳ᠋ᠤ᠌ ᠰᠢᠳᠠᠷ ᠤ᠋ᠳ ᠤ᠋ᠨ ᠢ᠋ᠶ᠋ᠠᠨ ᠠᠮᠠ ᠪᠠᠷ ᠠᠶᠠᠲᠠᠢ ᠬᠠᠷᠢᠭᠤ ᠥᠭᠴᠦ ᠵᠥᠴᠢ ᠶ᠋ᠢᠨ ᠡᠮᠦᠨ᠎ᠡ ᠥᠷᠢ ᠦᠭᠡᠢ᠂ ᠨᠡᠷ᠎ᠡ ᠴᠡᠪᠡᠷ ᠦᠯᠡᠳᠡᠭᠰᠡᠨ ᠳ᠋ᠡᠭᠡᠨ ᠴᠢᠩᠭᠢᠰ ᠬᠠᠭᠠᠨ ᠬᠠᠩᠬᠤᠯᠤᠭᠤᠨ ᠢᠨᠢᠶᠡᠮᠰᠦᠭᠯᠡᠵᠦ ᠰᠡᠳᠬᠢᠯ ᠪᠠᠶᠠᠷᠲᠠᠢ ᠪᠣᠯᠵᠠᠢ᠃ ᠭᠡᠰᠡᠨ ᠴᠦ᠍ ᠵᠥᠴᠢ ᠶ᠋ᠢᠨ ᠬᠦᠰᠡᠯ ᠢ᠋ ᠶᠠᠮᠠᠷ ᠴᠤ᠌ ᠪᠣᠯᠪᠠ ᠮᠠᠷᠲᠠᠬᠤ ᠦᠭᠡᠢ ᠰᠠᠨᠠᠵᠤ ᠶᠠᠪᠤᠭᠰᠠᠭᠠᠷ ᠬᠣᠷᠽᠸᠮ ᠢ᠋ ᠳᠠᠢᠯᠠᠭᠰᠠᠨ ᠡᠬᠢᠨ ᠦ᠌ ᠵᠢᠯ ᠦ᠋ᠨ ᠲᠡᠭᠦᠰᠬᠡᠯ ᠳ᠋ᠦ᠍ ᠬᠠᠭᠤᠴᠢᠨ ᠨᠡᠢᠰᠯᠡᠯ ᠤᠷᠭ᠌ᠧᠨ᠋ᠴᠡ ᠬᠠᠪᠢ ᠶ᠋ᠢᠨ ᠨᠤᠲᠤᠭ ᠢ᠋ ᠵᠥᠴᠢ ᠳ᠋ᠦ᠍ ᠥᠭᠭᠦᠭᠰᠡᠨ ᠢ᠋ᠶ᠋ᠡᠨ ᠠᠯᠪᠠᠨ ᠶᠣᠰᠣᠭᠠᠷ ᠵᠠᠷᠯᠠᠨ ᠡᠨᠡ ᠬᠡᠷᠡᠭ ᠦ᠋ᠨ ᠤᠴᠢᠷ ᠢ᠋ ᠲᠠᠢᠯᠵᠤ ᠵᠥᠴᠢ ᠶ᠋ᠢ ᠭᠣᠮᠣᠳᠠᠯ ᠦᠭᠡᠢ ᠪᠣᠯᠭᠠᠪᠠ ᠭᠡᠮᠡᠨ ᠰᠠᠨᠠᠭᠰᠠᠨ ᠨᠢ ᠡᠨᠳᠡᠭᠦᠷᠡᠯ ᠪᠣᠯᠵᠠᠢ᠃
ᠵᠥᠴᠢ ᠴᠠᠭᠠᠲᠠᠢ ᠬᠣᠶᠠᠷ ᠬᠠᠮᠲᠤ ᠨᠢᠭᠡ ᠳᠣᠣᠷ᠎ᠠ ᠪᠠᠢᠬᠤ ᠨᠢ ᠤᠯᠠᠮ ᠪᠦᠷ ᠠᠶᠤᠯᠲᠠᠢ ᠪᠣᠯᠤᠭᠰᠠᠭᠠᠷ ᠪᠠᠢᠭ᠎ᠠ ᠶ᠋ᠢ ᠴᠢᠩᠭᠢᠰ ᠬᠠᠭᠠᠨ ᠮᠡᠳᠡᠵᠦ ᠪᠠᠢᠪᠠ᠃ ᠭᠡᠪᠡᠴᠦ ᠵᠥᠴᠢ ᠳ᠋ᠦ᠍ ᠤᠷᠭ᠌ᠸᠨ᠋ᠴᠠ ᠶ᠋ᠢ ᠥᠭᠭᠦᠭᠰᠡᠨ ᠨᠢ ᠵᠥᠪ ᠡᠰᠡᠬᠦ ᠳ᠋ᠦ᠍ ᠡᠷᠡᠭᠡᠯᠵᠡᠬᠦ ᠪᠠᠰᠠ ᠠᠲᠠᠭᠠᠷᠬᠠᠬᠤ ᠬᠥᠮᠦᠨ ᠭᠠᠷᠬᠤ ᠶ᠋ᠢ ᠲᠡᠷᠡ ᠲᠣᠭᠠᠴᠠᠵᠤ ᠦᠵᠡᠭᠰᠡᠨ ᠦᠭᠡᠢ᠃ ᠤᠷᠭ᠌ᠧᠨ᠋ᠴᠡ ᠬᠠᠪᠢ ᠶ᠋ᠢᠨ ᠨᠤᠲᠤᠭ ᠢ᠋ ᠲᠡᠭᠦᠨ ᠳ᠋ᠦ᠍ ᠥᠭᠭᠦᠭᠰᠡᠨ ᠨᠢ ᠵᠥᠴᠢ ᠶ᠋ᠢᠨ ᠬᠤᠪᠢ ᠳ᠋ᠤ᠌ ᠲᠤᠩ ᠰᠠᠨᠠᠮᠰᠠᠷ ᠦᠭᠡᠢ ᠶᠠᠪᠤᠳᠠᠯ ᠪᠣᠯᠤᠭᠰᠠᠨ ᠪᠢᠯᠡ᠃ ᠲᠡᠷᠡ ᠤᠷᠢᠳ ᠨᠢ ᠡᠵᠡᠯᠡᠭᠰᠡᠨ ᠨᠤᠲᠤᠭ᠂ ᠣᠯᠤᠭᠰᠠᠨ ᠣᠯᠵᠠ ᠶ᠋ᠢ ᠶᠡᠷᠦ ᠮᠢᠨᠦᠬᠢ ᠭᠡᠵᠦ ᠰᠠᠨᠠᠵᠤ ᠪᠠᠢᠭᠰᠠᠨ ᠦᠭᠡᠢ ᠲᠤᠯᠠ ᠬᠥᠮᠦᠨ ᠠᠮᠢᠲᠠᠨ᠂ ᠶᠡᠷᠦ ᠶᠠᠭᠤ ᠶ᠋ᠢ ᠴᠦ᠍ ᠪᠠᠢᠭᠰᠠᠨ ᠦᠷᠦ ᠡᠪᠡᠳᠦᠨ ᠬᠠᠢᠷᠠᠯᠠᠳᠠᠭ ᠦᠭᠡᠢ ᠪᠠᠢᠪᠠ᠃ ᠭᠡᠲᠡᠯ᠎ᠡ ᠣᠳᠣ ᠦᠵᠡᠰᠬᠦᠯᠡᠩᠲᠦ ᠰᠠᠢᠬᠠᠨ ᠤᠷᠭ᠌ᠧᠨ᠋ᠴᠡ ᠬᠣᠲᠠ ᠮᠢᠨᠦᠬᠢ ᠭᠡᠵᠦ ᠪᠣᠳᠣᠬᠤ ᠪᠠᠷ ᠬᠠᠷᠢᠨ ᠴᠤ᠌ ᠬᠠᠢᠷᠠᠯᠠᠯᠲᠠᠢ ᠰᠠᠨᠠᠭᠳᠠᠵᠠᠢ᠃ ᠭᠡᠪᠡᠴᠦ ᠥᠪᠡᠷ ᠦ᠋ᠨ ᠪᠣᠯᠭᠠᠨ ᠡᠵᠡᠮᠰᠢᠬᠦ ᠶ᠋ᠢᠨ ᠡᠮᠦᠨ᠎ᠡ ᠡᠬᠢᠯᠡᠭᠡᠳ ᠤᠷᠭ᠌ᠧᠨ᠋ᠴᠡ ᠶ᠋ᠢ ᠡᠵᠡᠯᠡᠨ ᠠᠪᠬᠤ ᠶᠣᠰᠣᠲᠠᠢ᠃ ᠡᠭᠦᠨ ᠦ᠌ ᠲᠤᠯᠠᠳᠠ ᠲᠡᠷᠡ ᠥᠪᠡᠷ ᠦ᠋ᠨ ᠴᠡᠷᠢᠭ ᠢ᠋ ᠤᠷᠭ᠌ᠧᠨ᠋ᠴᠡ ᠶ᠋ᠢᠨ ᠳᠡᠷᠭᠡᠳᠡ ᠠᠪᠠᠴᠢᠵᠠᠢ᠃ ᠬᠣᠷᠽᠸᠮ ᠤ᠋ᠨ ᠶᠡᠬᠡ ᠤᠯᠤᠰ ᠤ᠋ᠨ ᠰᠡᠭᠦᠯᠴᠢ ᠶ᠋ᠢᠨ ᠪᠡᠬᠢᠯᠡᠯᠲᠡ ᠪᠣᠯᠤᠭᠰᠠᠨ ᠤᠷᠭ᠌ᠧᠨ᠋ᠴᠡ ᠦᠨᠡᠬᠡᠷ ᠦᠵᠡᠰᠬᠦᠯᠡᠩᠲᠡᠢ ᠬᠣᠲᠠ ᠠᠵᠢ᠃ ᠰᠡᠮᠡᠷᠺᠡᠨᠳ᠋ ᠡᠴᠡ ᠠᠮᠢ ᠵᠤᠯᠪᠠᠨ ᠭᠠᠷᠴᠤ ᠴᠢᠩᠭᠢᠰ ᠬᠠᠭᠠᠨ ᠤ᠋ ᠴᠡᠷᠢᠭ ᠲᠦ᠍ ᠨᠣᠬᠠᠢ ᠮᠡᠲᠦ ᠬᠥᠭᠡᠭᠡᠭᠳᠡᠨ ᠵᠢᠭᠤᠲᠠᠭᠰᠠᠭᠠᠷ ᠺᠠᠰᠫᠢ ᠶ᠋ᠢᠨ ᠲᠠᠩᠭᠢᠰ ᠤ᠋ᠨ ᠨᠢᠭᠡ ᠵᠢᠵᠢᠭ ᠠᠷᠠᠯ ᠳᠡᠭᠡᠷ᠎ᠡ ᠨᠡᠷ᠎ᠡ ᠲᠥᠷᠥ ᠦᠭᠡᠢ ᠦᠬᠦᠭᠰᠡᠨ ᠮᠣᠬᠠᠮᠮᠠᠳ᠋ ᠰᠦᠯᠲᠠᠨ ᠤ᠋ ᠣᠷᠣᠨ ᠳ᠋ᠤ᠌ ᠲᠡᠭᠦᠨ ᠦ᠌ ᠬᠦᠦ ᠭᠠᠪᠰᠢᠭᠠᠢ ᠵᠣᠷᠢᠭᠲᠤ ᠡᠷ᠎ᠡ ᠵᠠᠯᠠᠯᠳᠢᠨ ᠡᠷᠭᠦᠮᠵᠢᠯᠡᠭᠳᠡᠭᠰᠡᠨ ᠨᠢ ᠬᠣᠷᠽᠸᠮ ᠤ᠋ᠨ ᠪᠤᠲᠠᠷᠠᠵᠤ ᠲᠠᠷᠬᠠᠭᠰᠠᠨ ᠴᠡᠷᠢᠭ ᠠᠷᠠᠳ ᠢ᠋ ᠰᠡᠬᠡᠭᠡᠨ ᠵᠣᠷᠢᠭᠵᠢᠭᠤᠯᠵᠤ ᠴᠢᠩᠭᠢᠰ ᠬᠠᠭᠠᠨ ᠤ᠋ ᠴᠡᠷᠢᠭ ᠢ᠋ ᠡᠰᠡᠷᠭᠦᠴᠡᠬᠦ ᠲᠡᠮᠡᠴᠡᠯ ᠤᠷᠢᠳ ᠪᠠᠢᠭᠰᠠᠨ ᠦᠭᠡᠢ ᠲᠡᠢᠮᠦ ᠶᠡᠬᠡ ᠬᠦᠴᠦ ᠪᠡᠷ ᠥᠷᠨᠢᠵᠡᠢ᠃ ᠭᠠᠵᠠᠷ ᠪᠦᠷᠢ ᠮᠣᠩᠭᠣᠯ ᠤ᠋ᠨ ᠴᠡᠷᠢᠭ ᠶᠡᠬᠡᠳᠡ ᠬᠣᠬᠢᠷᠠᠬᠤ ᠪᠣᠯᠪᠠ᠃ ᠴᠡᠷᠢᠭ ᠦ᠋ᠨ ᠲᠠᠪᠰᠢᠯᠲᠠ ᠢᠯᠠᠯᠲᠠ ᠤᠳᠠᠭᠠᠰᠢᠷᠠᠵᠤ ᠡᠬᠢᠯᠡᠭᠰᠡᠨ ᠨᠢ ᠴᠢᠩᠭᠢᠰ ᠬᠠᠭᠠᠨ ᠢ᠋ ᠲᠦᠭᠰᠢᠭᠡᠵᠤ ᠪᠠᠰᠠ ᠡᠭᠦᠨ ᠦ᠌ ᠬᠠᠵᠠᠭᠤ ᠪᠠᠷ ᠬᠣᠷᠽᠸᠮ ᠤ᠋ᠨ ᠢᠯᠠᠭᠳᠠᠰᠢ ᠦᠭᠡᠢ ᠪᠠᠲᠤᠯᠠᠭ᠎ᠠ ᠪᠣᠯᠤᠭᠰᠠᠨ ᠤᠷᠭ᠌ᠧᠨ᠋ᠴᠡ ᠶ᠋ᠢ ᠵᠥᠴᠢ ᠡᠵᠡᠯᠡᠨ ᠠᠪᠴᠤ ᠴᠢᠳᠠᠬᠤ ᠦᠭᠡᠢ ᠤᠳᠠᠭᠰᠠᠨ ᠨᠢ ᠴᠢᠩᠭᠢᠰ ᠬᠠᠭᠠᠨ ᠤ᠋ ᠬᠢᠯᠢᠩ ᠢ᠋ ᠪᠠᠳᠠᠷᠠᠭᠠᠪᠠ᠃ ᠬᠠᠷᠢᠨ ᠵᠥᠴᠢ ᠥᠪᠡᠷ ᠦ᠋ᠨ ᠴᠡᠷᠢᠭ ᠦ᠋ᠨ ᠠᠮᠢ ᠶ᠋ᠢ ᠬᠣᠬᠢᠷᠠᠭᠠᠬᠤ ᠠ᠋ᠴᠠ ᠡᠮᠢᠶᠡᠨ ᠪᠠᠭᠤᠯᠭᠠᠨ ᠠᠪᠬᠤ ᠠᠷᠭ᠎ᠠ ᠰᠡᠳᠦᠵᠦ ᠵᠦᠭᠡᠷ ᠯᠡ ᠪᠦᠰᠡᠯᠡᠨ ᠰᠠᠭᠤᠭᠰᠠᠭᠠᠷ ᠬᠡᠳᠦᠨ ᠰᠠᠷ᠎ᠠ ᠪᠣᠯᠵᠠᠢ᠃ ᠵᠠᠯᠠᠭᠤ ᠰᠦᠯᠲᠠᠨ ᠵᠠᠯᠠᠯᠳᠢᠨ ᠤ᠋ ᠨᠡᠷ᠎ᠡ ᠬᠦᠨᠳᠦ ᠣᠭᠵᠣᠮ ᠥᠰᠴᠦ ᠲᠡᠷᠡ ᠣᠳᠣ ᠳᠠᠷᠤᠢ ᠵᠢᠷᠭᠤᠭᠠᠨ ᠲᠦᠮᠡᠨ ᠴᠡᠷᠢᠭ ᠲᠡᠢ ᠪᠣᠯᠤᠭᠠᠳ ᠤᠷᠭ᠌ᠧᠨ᠋ᠴᠡ ᠶ᠋ᠢᠨ ᠵᠦᠭ ᠳᠠᠪᠰᠢᠵᠤ ᠣᠴᠢᠬᠤ ᠨᠢ ᠲᠣᠳᠣᠷᠬᠠᠢ ᠪᠣᠯᠤᠭᠰᠠᠨ ᠲᠤᠯᠠ ᠴᠢᠩᠭᠢᠰ ᠬᠠᠭᠠᠨ ᠵᠠᠷᠯᠢᠭ ᠪᠠᠭᠤᠯᠭᠠᠵᠤ ᠴᠠᠭᠠᠲᠠᠢ ᠥᠭᠡᠳᠡᠢ ᠬᠣᠶᠠᠷ ᠢ᠋ ᠴᠡᠷᠢᠭ ᠦ᠋ᠨ ᠬᠠᠮᠲᠤ ᠤᠷᠭ᠌ᠧᠨ᠋ᠴᠡ ᠤᠷᠤᠭᠤ ᠳᠠᠷᠤᠢ ᠣᠴᠢᠬᠤ ᠶ᠋ᠢ ᠲᠤᠰᠢᠶᠠᠪᠠ᠃ ᠪᠠᠰᠠ ᠨᠢᠭᠡᠳᠦᠭᠰᠡᠨ ᠴᠡᠷᠢᠭ ᠦ᠋ᠨ ᠬᠡᠷᠡᠭ ᠢ᠋ ᠥᠭᠡᠳᠡᠢ ᠶ᠋ᠢ ᠰᠢᠭᠤᠳ ᠵᠠᠬᠢᠷᠬᠤ ᠶ᠋ᠢ ᠴᠦ᠍ ᠵᠠᠷᠯᠢᠭ ᠪᠣᠯᠭᠠᠪᠠ᠃ ᠢᠩᠭᠢᠬᠦ ᠨᠢ ᠴᠢᠩᠭᠢᠰ ᠬᠠᠭᠠᠨ ᠤ᠋ ᠵᠥᠪ ᠪᠠᠢᠭᠰᠠᠨ ᠴᠤ᠌ ᠡᠮᠦᠨ᠎ᠡ ᠨᠢ ᠰᠡᠮᠡᠷᠺᠡᠨᠳ᠋ ᠢ᠋ ᠡᠪᠳᠡᠯ ᠦᠭᠡᠢ ᠡᠵᠡᠯᠡᠬᠦ ᠭᠡᠵᠦ ᠬᠥᠪᠡᠭᠦᠳ ᠨᠢ ᠬᠡᠷᠡᠯᠳᠦᠵᠦ ᠵᠥᠷᠢᠴᠡᠯᠳᠦᠭᠰᠡᠨ ᠨᠥᠬᠥᠴᠡᠯ ᠢ᠋ ᠳᠠᠬᠢᠨ ᠪᠦᠷᠢᠯᠳᠦᠭᠦᠯᠪᠡ᠃ ᠬᠤᠷᠽᠧᠮ ᠳ᠋ᠦ᠍ ᠬᠢᠵᠦ ᠪᠣᠢ ᠲᠡᠢᠨ ᠦ᠌ ᠪᠡᠨ ᠡᠴᠦᠰ ᠦ᠋ᠨ ᠢᠯᠠᠯᠲᠠ ᠶ᠋ᠢ ᠡᠷᠬᠢᠮ ᠪᠣᠯᠭᠠᠭᠰᠠᠨ ᠠ᠋ᠴᠠ ᠪᠢᠰᠢ ᠬᠥᠪᠡᠭᠦᠳ ᠨᠢ ᠶᠠᠭᠤ ᠬᠦᠰᠡᠵᠦ ᠪᠠᠢᠭ᠎ᠠ ᠶ᠋ᠢ ᠬᠠᠢᠬᠤᠷᠤᠨ ᠦᠵᠡᠭᠡ ᠦᠭᠡᠢ ᠲᠡᠭᠦᠨ ᠦ᠌ ᠡᠨᠡ ᠰᠢᠢᠳᠪᠦᠷᠢ ᠲᠡᠢᠮᠦ ᠴᠦ᠍ ᠵᠥᠪ ᠣᠨᠣᠴᠢᠲᠠᠢ ᠪᠢᠰᠢ ᠪᠠᠢᠯ᠎ᠠ᠃ ᠭᠡᠪᠡᠴᠦ ᠲᠡᠭᠦᠨ ᠢ᠋ ᠬᠡᠨ ᠴᠦ᠍ ᠡᠰᠡᠷᠭᠦᠴᠡᠭᠰᠡᠨ ᠦᠭᠡᠢ᠃ ᠢᠯᠠᠩᠭᠤᠶ᠎ᠠ ᠪᠤᠭᠤᠷᠴᠢ ᠶᠠᠭᠤᠮ᠎ᠠ ᠬᠡᠯᠡᠭᠰᠡᠨ ᠦᠭᠡᠢ᠃
ᠥᠪᠡᠷ ᠦ᠋ᠨ ᠡᠵᠡᠮᠰᠢᠯ ᠦ᠋ᠨ ᠬᠣᠲᠠ ᠳ᠋ᠤ᠌ ᠪᠤᠰᠤᠳ ᠤ᠋ᠨ ᠴᠡᠷᠢᠭ ᠢ᠋ ᠣᠷᠣᠭᠤᠯᠬᠤ ᠶ᠋ᠢ ᠵᠥᠴᠢ ᠣᠭᠲᠣ ᠬᠦᠰᠡᠬᠦ ᠦᠭᠡᠢ ᠪᠠᠢᠪᠠ᠃ ᠰᠡᠮᠡᠷᠺᠡᠨᠳ᠋ ᠢ᠋ ᠡᠵᠡᠯᠡᠬᠦ ᠳ᠋ᠦ᠍ ᠬᠠᠢᠷᠠᠨ ᠣᠯᠠᠨ ᠴᠡᠷᠢᠭ ᠦ᠋ᠨ ᠢ᠋ᠶ᠋ᠡᠨ ᠠᠮᠢ ᠶ᠋ᠢ ᠳᠡᠮᠡᠢ ᠦᠷᠡᠭᠰᠡᠨ ᠳ᠋ᠡᠭᠡᠨ ᠵᠥᠴᠢ ᠣᠳᠣ ᠴᠤ᠌ ᠬᠠᠷᠠᠮᠰᠠᠭᠰᠠᠭᠠᠷ ᠠᠵᠢ᠃ ᠴᠡᠷᠢᠭ ᠦ᠋ᠨ ᠠᠮᠢ ᠶ᠋ᠢ ᠬᠠᠢᠷᠠᠯᠠᠬᠤ ᠨᠢ ᠵᠥᠴᠢ ᠶ᠋ᠢᠨ ᠲᠥᠷᠥᠯᠬᠢ ᠵᠠᠩ ᠬᠥᠮᠦᠵᠢᠯ ᠶᠦᠮ᠃ ᠤᠷᠭᠧᠨ᠋ᠴᠡ ᠶ᠋ᠢᠨ ᠣᠢᠷ᠎ᠠ ᠪᠠᠢᠷᠢᠯᠠᠭᠰᠠᠨ ᠵᠥᠴᠢ ᠶ᠋ᠢᠨ ᠬᠡᠭᠡᠷ᠎ᠡ ᠶ᠋ᠢᠨ ᠦᠷᠭᠦᠭᠡᠨ ᠳ᠋ᠦ᠍ ᠥᠭᠡᠳᠡᠢ ᠭᠠᠭᠴᠠᠭᠠᠷ ᠣᠴᠢᠬᠤ ᠳ᠋ᠤ᠌ ᠵᠥᠴᠢ ᠢᠯᠡᠳᠲᠡ ᠳᠠᠭ᠎ᠠ ᠦᠭᠡᠢ ᠤᠭᠲᠤᠪᠠ᠃ ᠬᠡᠳᠦ ᠬᠣᠨᠣᠭ ᠤ᠋ᠨ ᠡᠮᠦᠨ᠎ᠡ ᠴᠢᠩᠭᠢᠰ ᠬᠠᠭᠠᠨ ᠤ᠋ ᠵᠠᠷᠯᠢᠭ ᠢ᠋ ᠲᠡᠭᠦᠨ ᠳ᠋ᠦ᠍ ᠬᠦᠷᠭᠡᠨ ᠢᠷᠡᠵᠡᠢ᠃ ᠥᠭᠡᠳᠡᠢ ᠠᠬ᠎ᠠ ᠶ᠋ᠢᠨ ᠢ᠋ᠶ᠋ᠡᠨ ᠠᠭᠤᠷ ᠤᠴᠠᠭᠠᠷ ᠢ᠋ ᠣᠢᠯᠠᠭᠠᠵᠤ ᠮᠡᠳᠡᠬᠦ ᠤᠴᠢᠷ ᠲᠡᠰᠴᠦ ᠥᠩᠭᠡᠷᠡᠭᠡᠵᠦ ᠳᠠᠷᠠᠭ᠎ᠠ ᠨᠢ ᠴᠢᠩᠭᠢᠰ ᠬᠠᠭᠠᠨ ᠤ᠋ ᠵᠠᠷᠯᠢᠭ ᠢ᠋ ᠶᠣᠰᠣ ᠵᠢᠷᠤᠮ ᠤ᠋ᠨ ᠳᠠᠭᠠᠤ ᠳᠠᠬᠢᠨ ᠳᠣᠭᠣᠯᠭᠠᠪᠠ᠃ ᠲᠡᠳᠡᠨ ᠦ᠌ ᠬᠡᠨ ᠨᠢ ᠴᠦ᠍ ᠴᠢᠩᠭᠢᠰ ᠬᠠᠭᠠᠨ ᠤ᠋ ᠵᠠᠷᠯᠢᠭ ᠢ᠋ ᠡᠰᠡᠷᠭᠦᠴᠡᠨ ᠪᠤᠴᠠᠭᠠᠬᠤ ᠠᠷᠭ᠎ᠠ ᠦᠭᠡᠢ ᠪᠢᠯᠡ᠃
| ᠣᠷᠭᠧᠨ᠋ᠴᠡ ᠶ᠋ᠢ ᠳᠠᠷᠤᠢ ᠡᠵᠡᠯᠡᠨ ᠠᠪᠬᠤ ᠶ᠋ᠢ ᠴᠢᠩᠭᠢᠰ ᠬᠠᠭᠠᠨ ᠨᠠᠳᠠᠳᠤ ᠵᠠᠷᠯᠢᠭ ᠪᠣᠯᠭᠠᠪᠠ᠃ ᠡᠢᠮᠦ ᠶ᠋ᠢᠨ ᠲᠤᠯᠠᠳᠠ ᠬᠡᠷᠬᠢᠨ ᠳᠣᠪᠲᠣᠯᠬᠤ ᠶ᠋ᠢ ᠵᠥᠪᠰᠢᠶᠡᠷᠡᠬᠦ ᠪᠡᠷ ᠪᠢ ᠢᠷᠡᠯ᠎ᠡ ᠭᠡᠵᠦ ᠥᠭᠡᠳᠡᠢ ᠪᠣᠯᠭᠣᠮᠵᠢᠲᠠᠢ ᠬᠡᠯᠡᠪᠡ᠃
| ᠴᠠᠭᠠᠲᠠᠢ ᠶᠠᠭᠤᠨ ᠳ᠋ᠤ᠌ ᠢᠷᠡᠭᠰᠡᠨ ᠦᠭᠡᠢ ᠪᠣᠢ? ᠭᠡᠵᠦ ᠵᠥᠴᠢ ᠪᠤᠬᠢᠨᠢᠳᠤᠭᠰᠠᠨ ᠬᠡᠪ ᠢ᠋ᠶ᠋ᠡᠷ ᠠᠰᠠᠭᠤᠪᠠ᠃
| ᠲᠠ ᠪᠢᠳᠡ ᠲᠣᠬᠢᠷᠠᠪᠠᠯ ᠴᠠᠭᠠᠲᠠᠢ ᠠᠬ᠎ᠠ ᠪᠦᠭᠦᠳᠡ ᠶ᠋ᠢ ᠵᠥᠪᠰᠢᠶᠡᠷᠡᠨ᠎ᠡ ᠭᠡᠪᠡ᠃ ᠡᠨᠡ ᠦᠭᠡ ᠵᠥᠴᠢ ᠶ᠋ᠢ ᠪᠠᠭ᠎ᠠ ᠪᠣᠯᠪᠠᠴᠤ ᠲᠠᠢᠪᠤᠰᠢᠷᠠᠭᠤᠯᠵᠠᠢ᠃ ᠤᠭ ᠠ᠋ᠴᠠ ᠥᠪᠡᠷ ᠲᠦ᠋ᠨᠢ ᠦᠷᠭᠦᠯᠵᠢ ᠬᠦᠨᠳᠦᠳᠬᠡᠯᠲᠡᠢ ᠬᠠᠨᠳᠤᠳᠠᠭ ᠥᠭᠡᠳᠡᠢ ᠲᠡᠢ ᠰᠦᠷᠭᠦᠯᠳᠦᠨ ᠲᠡᠮᠡᠴᠡᠯᠳᠦᠬᠦ ᠰᠢᠯᠲᠠᠭᠠᠨ ᠵᠥᠴᠢ ᠳ᠋ᠦ᠍ ᠪᠠᠢᠬᠤ ᠦᠭᠡᠢ ᠪᠠᠢᠪᠠ᠃ ᠥᠭᠡᠳᠡᠢ ᠬᠦᠯᠢᠶᠡᠴᠡ ᠲᠡᠪᠴᠢᠶᠡᠷᠢ ᠶᠡᠬᠡᠲᠡᠢ ᠪᠣᠯᠬᠣᠷ ᠵᠥᠴᠢ ᠠᠬ᠎ᠠ ᠲᠠᠢ ᠪᠠᠨ ᠶᠠᠭᠤ ᠭᠡᠵᠦ ᠶᠠᠷᠢᠬᠤ ᠪᠠᠨ ᠰᠠᠢᠨ ᠪᠣᠯᠪᠠᠰᠤᠷᠠᠭᠤᠯᠤᠨ ᠪᠡᠯᠡᠳᠴᠡᠢ᠃ ᠡᠭᠦᠨ ᠦ᠌ ᠲᠤᠯᠠᠳᠠ ᠴᠠᠭᠠᠲᠠᠢ ᠠᠬ᠎ᠠ ᠶ᠋ᠢᠨ ᠢ᠋ᠶ᠋ᠡᠨ ᠦᠭᠡ ᠭᠡᠵᠦ ᠨᠢᠭᠡ ᠶ᠋ᠢ ᠴᠦ᠍ ᠬᠡᠯᠡᠵᠦ ᠪᠣᠯᠬᠤ ᠦᠭᠡᠢ ᠭᠡᠵᠦ ᠪᠣᠳᠣᠭᠰᠠᠨ ᠨᠢ ᠵᠥᠪ ᠪᠣᠯᠵᠠᠢ᠃ ᠴᠠᠭᠠᠲᠠᠢ ᠳ᠋ᠤ᠌ ᠮᠥᠨ ᠯᠡ ᠵᠥᠴᠢ ᠳ᠋ᠦ᠍ ᠬᠡᠯᠡᠭᠰᠡᠨ ᠰᠢᠭ ᠢ᠋ᠶ᠋ᠡᠨ
| ᠲᠠ ᠪᠢᠳᠡ ᠲᠣᠬᠢᠷᠠᠪᠠᠯ ᠵᠥᠴᠢ ᠠᠬ᠎ᠠ ᠳᠠᠭᠠᠨ᠎ᠠ ᠭᠡᠵᠦ ᠬᠡᠯᠡᠭᠰᠡᠨ ᠪᠢᠯᠡ᠃ ᠲᠡᠷᠡ ᠦᠶ᠎ᠡ ᠳ᠋ᠦ᠍ ᠵᠥᠴᠢ ᠲᠡᠢ ᠨᠢᠭᠤᠷ ᠲᠤᠯᠬᠤ ᠠ᠋ᠴᠠ ᠪᠢᠴᠢᠬᠠᠨ ᠡᠮᠢᠶᠡᠵᠦ ᠠᠭᠰᠠᠨ ᠴᠠᠭᠠᠲᠠᠢ ᠳᠤᠷᠠᠲᠠᠢᠶ᠎ᠠ ᠵᠥᠪᠰᠢᠶᠡᠷᠡᠵᠦ
| ᠵᠠ ᠲᠡᠭᠡᠪᠡᠯ ᠴᠢ ᠶᠠᠪᠤᠵᠤ ᠵᠥᠴᠢ ᠲᠡᠢ ᠲᠣᠬᠢᠷᠠᠵᠤ ᠢᠷ᠎ᠡ᠃ ᠪᠢ ᠲᠠ ᠨᠠᠷ ᠤ᠋ᠨ ᠬᠡᠯᠡᠭᠰᠡᠨ ᠢ᠋ᠶ᠋ᠡᠷ ᠬᠢᠶ᠎ᠡ ᠭᠡᠵᠡᠢ᠃ ᠣᠳᠣ ᠵᠥᠴᠢ ᠴᠦ᠍ ᠵᠥᠪᠰᠢᠶᠡᠷᠡᠪᠡ᠃ ᠥᠭᠡᠳᠡᠢ ᠢᠩᠭᠢᠵᠦ ᠵᠢᠵᠢᠭᠬᠡᠨ ᠵᠠᠯᠢ ᠬᠡᠷᠡᠭᠯᠡᠵᠦ ᠦᠯᠦ ᠡᠪᠯᠡᠷᠡᠬᠦ ᠬᠣᠶᠠᠷ ᠠᠬ᠎ᠠ ᠶ᠋ᠢᠨ ᠢ᠋ᠶ᠋ᠡᠨ ᠤᠷᠬᠧᠨ᠋ᠴᠠ ᠬᠣᠲᠠ ᠶ᠋ᠢ ᠨᠢᠭᠡᠳᠦᠨ ᠡᠵᠡᠯᠡᠬᠦ ᠵᠠᠮ ᠢ᠋ ᠵᠠᠰᠠᠵᠤ ᠴᠢᠳᠠᠪᠠ᠃ ᠵᠥᠴᠢ ᠳ᠋ᠦ᠍ ᠬᠠᠷᠠᠮᠰᠠᠯᠲᠠᠢ ᠴᠤ᠌ ᠤᠷᠬᠧᠨ᠋ᠴᠠ ᠬᠣᠲᠠ ᠶ᠋ᠢ ᠬᠣᠶᠠᠷ ᠳᠡᠭᠦᠦ ᠲᠡᠢ ᠪᠡᠨ ᠬᠤᠪᠢᠶᠠᠬᠤ ᠬᠡᠷᠡᠭ ᠲᠤᠯᠭᠠᠷᠠᠵᠠᠢ᠃ ᠬᠠᠮᠲᠤᠷᠠᠨ ᠡᠵᠡᠯᠡᠵᠦ ᠠᠪᠤᠭᠰᠠᠨ ᠴᠤ᠌ ᠤᠷᠬᠧᠨ᠋ᠴᠠ ᠲᠡᠭᠦᠨ ᠦ᠌ ᠬᠢ ᠪᠣᠯᠵᠤ ᠦᠯᠡᠳᠡᠬᠦ ᠲᠤᠯᠠ ᠠᠯᠢ ᠪᠣᠯᠬᠤ ᠡᠪᠳᠡᠬᠦ ᠰᠦᠢᠳᠬᠡᠬᠦ ᠦᠭᠡᠢ ᠡᠵᠡᠯᠡᠬᠦ ᠶ᠋ᠢ ᠬᠢᠴᠢᠶᠡᠭᠰᠡᠭᠡᠷ ᠪᠠᠢᠯ᠎ᠠ᠃
| ᠥᠭᠡᠳᠡᠢ᠂ ᠤᠷᠬᠧᠨ᠋ᠴᠠ ᠪᠣᠯ ᠴᠢᠩᠭᠢᠰ ᠬᠠᠭᠠᠨ ᠡᠴᠢᠭᠡ ᠡᠴᠡ ᠨᠠᠳᠠᠳᠤ ᠬᠤᠪᠢᠶᠠᠵᠤ ᠥᠭᠭᠦᠭᠰᠡᠨ ᠬᠣᠲᠠ ᠭᠡᠳᠡᠭ ᠢ᠋ ᠪᠦᠦ ᠮᠠᠷᠲᠠ᠃ ᠡᠪᠳᠡᠵᠦ ᠰᠢᠲᠠᠭᠠᠬᠤ ᠶ᠋ᠢ ᠪᠢ ᠦᠯᠦ ᠬᠦᠰᠡᠨ᠎ᠡ ᠭᠡᠵᠦ ᠬᠠᠲᠠᠭᠤ ᠬᠡᠯᠡᠭᠰᠡᠨ ᠨᠢ ᠥᠭᠡᠳᠡᠢ ᠶ᠋ᠢ ᠪᠠᠬᠠᠨ ᠲᠤᠯᠭᠠᠮᠳᠠᠭᠤᠯᠵᠠᠢ᠃
| ᠠᠬ᠎ᠠ ᠠ᠋᠂ ᠰᠠᠨᠠᠭ᠎ᠠ ᠪᠦᠦ ᠵᠣᠪᠠ᠃ ᠡᠨᠡ ᠶᠡᠬᠡ ᠬᠣᠲᠠ ᠠ᠋ᠴᠠ ᠶᠠᠭᠤ ᠯᠠ ᠦᠯᠡᠳᠡᠨ᠎ᠡ᠃ ᠲᠠ ᠲᠡᠭᠦᠨ ᠢ᠋ ᠪᠦᠭᠦᠳᠡ ᠶ᠋ᠢ ᠠᠪᠤᠭᠲᠤᠨ᠃ ᠬᠠᠷᠢᠨ ᠲᠠ ᠪᠢᠳᠡ ᠭᠤᠷᠪᠠ ᠤᠷᠬᠧᠨ᠋ᠴᠠ ᠶ᠋ᠢ ᠬᠠᠭᠠᠨ ᠡᠴᠢᠭᠡ ᠶ᠋ᠢᠨ ᠵᠢᠭᠠᠭᠰᠠᠨ ᠬᠤᠭᠤᠴᠠᠭᠠᠨ ᠳ᠋ᠤ᠌ ᠡᠵᠡᠯᠡᠨ ᠠᠪᠬᠤ ᠶᠣᠰᠣᠲᠠᠢ᠃
| ᠬᠡᠵᠢᠶ᠎ᠡ ᠡᠵᠡᠯᠡᠨ ᠠᠪ ᠭᠡᠨ᠎ᠡ?
| ᠠᠷᠪᠠ ᠬᠣᠨᠣᠭ ᠠ᠋ᠴᠠ ᠪᠦᠦ ᠬᠡᠲᠦᠷᠡ ᠭᠡᠪᠡ᠃ ᠪᠢᠳᠡ ᠵᠠᠯᠠᠯᠳᠢᠨ ᠢ᠋ ᠬᠦᠴᠦᠷᠬᠡᠭᠵᠢᠨ ᠨᠠᠭᠠᠰᠢ ᠳᠠᠪᠰᠢᠵᠤ ᠢᠷᠡᠬᠦ ᠡᠴᠡ ᠡᠮᠦᠨ᠎ᠡ ᠤᠷᠬᠧᠨ᠋ᠴᠠ ᠶ᠋ᠢ ᠶᠠᠮᠠᠷ ᠪᠣᠯᠪᠠᠴᠤ ᠡᠵᠡᠯᠡᠨ ᠠᠪᠬᠤ ᠶᠣᠰᠣᠲᠠᠢ᠃ ᠤᠷᠬᠧᠨ᠋ᠴᠠ ᠪᠠᠭᠤᠵᠤ ᠥᠭᠬᠦ ᠢᠩᠭᠢᠵᠦ ᠶᠡᠬᠡ ᠤᠳᠠᠬᠤ ᠨᠢ ᠳᠠᠢᠰᠤᠨ ᠳ᠋ᠤ᠌ ᠢᠲᠡᠭᠡᠯ ᠲᠥᠷᠥᠭᠦᠯᠬᠦ ᠮᠠᠭᠤ ᠨᠥᠯᠥᠭᠡ ᠲᠡᠢ ᠭᠡᠵᠦ ᠴᠢᠩᠭᠢᠰ ᠬᠠᠭᠠᠨ ᠬᠠᠲᠠᠭᠤ ᠵᠠᠷᠯᠢᠭ ᠪᠠᠭᠤᠯᠭᠠᠪᠠ᠃ ᠪᠠᠰᠠ ᠵᠠᠯᠠᠯᠳᠢᠨ ᠤ᠋ ᠲᠤᠰᠠᠯᠠᠬᠤ ᠪᠠᠷ ᠢᠷᠡᠬᠦ ᠵᠠᠮ ᠢ᠋ ᠲᠠᠰᠤᠯᠬᠤ ᠬᠡᠷᠡᠭᠲᠡᠢ ᠪᠠᠢᠨ᠎ᠠ᠃ ᠡᠨᠡ ᠦᠭᠡ ᠶ᠋ᠢ ᠥᠭᠡᠳᠡᠢ ᠰᠠᠨᠠᠭᠰᠠᠨ ᠠ᠋ᠴᠠ ᠬᠠᠲᠠᠭᠤ ᠴᠢᠩᠭ᠎ᠠ ᠬᠡᠯᠡᠭᠰᠡᠨ ᠲᠤᠯᠠ ᠵᠥᠴᠢ ᠪᠣᠳᠣᠯ ᠳ᠋ᠤ᠌ ᠣᠷᠣᠵᠠᠢ᠃ ᠵᠥᠴᠢ ᠨᠢᠭᠡᠨᠲᠡ ᠭᠠᠷᠴᠠᠭ᠎ᠠ ᠦᠭᠡᠢ ᠪᠠᠢᠳᠠᠯ ᠳ᠋ᠤ᠌ ᠣᠷᠣᠵᠤ ᠤᠷᠬᠧᠨ᠋ᠴᠠ ᠬᠣᠲᠠ ᠰᠤᠢᠷᠠᠨ ᠨᠤᠷᠠᠬᠤ ᠴᠠᠭ ᠪᠣᠯᠤᠭᠰᠠᠨ ᠢ᠋ ᠣᠢᠯᠠᠭᠠᠨ ᠵᠥᠪᠰᠢᠶᠡᠷᠡᠬᠦ ᠳ᠋ᠦ᠍ ᠬᠦᠷᠪᠡ᠃
| ᠵᠥᠴᠢ ᠠᠬ᠎ᠠ ᠠ᠋᠂ ᠪᠢ ᠮᠠᠷᠭᠠᠰᠢ ᠥᠷᠯᠥᠭᠡ ᠲᠠᠨ ᠳ᠋ᠤ᠌ ᠳᠠᠪᠰᠢᠨ ᠣᠷᠣᠬᠤ ᠴᠠᠭ ᠢ᠋ ᠬᠡᠯᠡᠶ᠎ᠡ᠃ ᠪᠢ ᠣᠳᠣ ᠴᠠᠭᠠᠲᠠᠢ ᠠᠬ᠎ᠠ ᠲᠠᠢ ᠠᠭᠤᠯᠵᠠᠨ᠎ᠠ ᠭᠡᠵᠦ ᠥᠭᠡᠳᠡᠢ ᠰᠢᠢᠳᠮᠡᠭᠡᠢ ᠲᠤᠯᠭᠠᠨ ᠬᠡᠯᠡᠭᠡᠳ ᠪᠣᠰᠬᠤ ᠳ᠋ᠤ᠌
| ᠴᠢ ᠥᠪᠡᠷ ᠦ᠋ᠨ ᠦᠵᠡᠭᠰᠡᠨ ᠢ᠋ᠶ᠋ᠡᠷ ᠬᠢᠭᠲᠦᠨ ᠭᠡᠵᠦ ᠵᠥᠴᠢ ᠬᠠᠰᠬᠢᠷᠴᠠᠢ᠃
| ᠬᠠᠷᠢᠨ ᠬᠣᠲᠠ ᠶ᠋ᠢ ᠡᠵᠡᠯᠡᠭᠰᠡᠨ ᠦ᠌ ᠳᠠᠷᠠᠭ᠎ᠠ ᠪᠦᠬᠦ ᠢᠷᠭᠡᠳ᠂ ᠡᠳ᠋ ᠬᠥᠷᠥᠩᠭᠡ ᠲᠠᠨ ᠤ᠋ ᠬᠢ ᠪᠣᠯᠤᠨ᠎ᠠ᠃ ᠪᠢ ᠲᠠᠨ ᠳ᠋ᠤ᠌ ᠠᠮᠠᠯᠠᠵᠤ ᠪᠠᠢᠨ᠎ᠠ ᠭᠡᠵᠦ ᠥᠭᠡᠳᠡᠢ ᠲᠠᠢᠳᠬᠤᠷᠠᠭᠤᠯᠬᠤ ᠮᠡᠲᠦ ᠬᠡᠯᠡᠭᠡᠳ ᠳᠠᠪᠬᠢᠨ ᠣᠳᠴᠠᠢ᠃ ᠴᠠᠭᠠᠲᠠᠢ ᠲᠡᠭᠦᠨ ᠢ᠋ ᠪᠠᠰᠠ ᠯᠠ ᠪᠠᠷᠤᠭᠠᠷ ᠴᠢᠷᠠᠢᠯᠠᠨ ᠤᠭᠲᠤᠪᠠ᠃
| ᠶᠠᠭᠤ ᠭᠡᠨ᠎ᠡ? ᠵᠥᠴᠢ ᠠᠬ᠎ᠠ ᠴᠢᠨᠢ? ᠭᠡᠵᠦ ᠴᠠᠭᠠᠲᠠᠢ ᠤᠴᠠᠭᠠᠷᠲᠠᠢ ᠪᠠᠰᠠ ᠳᠠᠭᠠᠵᠢᠩᠨᠠᠭᠰᠠᠨ ᠮᠡᠲᠦ ᠠᠰᠠᠭᠤᠪᠠ᠃
| ᠨᠠᠮᠠᠶ᠋ᠢ ᠴᠠᠭ ᠲᠣᠪᠯᠠᠮᠠᠭᠴᠠ ᠨᠢᠭᠡᠨ ᠵᠡᠷᠭᠡ ᠳᠠᠭᠠᠷᠢᠨ ᠣᠷᠣᠬᠤ ᠪᠠᠷ ᠰᠢᠢᠳᠪᠡ᠃
| ᠪᠢ ᠵᠥᠪᠰᠢᠶᠡᠷᠡᠨ᠎ᠡ ᠭᠡᠵᠦ ᠴᠠᠭᠠᠲᠠᠢ ᠶᠠᠮᠠᠷ ᠴᠤ᠌ ᠲᠠᠢᠯᠪᠤᠷᠢ ᠠᠰᠠᠭᠤᠯ ᠦᠭᠡᠢ ᠢᠩᠭᠢᠵᠦ ᠬᠡᠯᠡᠪᠡ᠃
| ᠬᠠᠷᠢᠨ ᠣᠷᠭᠧᠨ᠋ᠴᠠ ᠬᠣᠲᠠ ᠶ᠋ᠢ ᠡᠵᠡᠯᠡᠨ ᠠᠪᠤᠮᠠᠭᠴᠠ ᠲᠠ ᠪᠢᠳᠡ ᠬᠣᠶᠠᠷ ᠴᠡᠷᠢᠭ ᠢ᠋ᠶ᠋ᠡᠨ ᠳᠠᠷᠤᠢ ᠲᠡᠳᠡᠨ ᠬᠣᠲᠠ ᠠ᠋ᠴᠠ ᠭᠠᠷᠪᠠᠯ ᠵᠣᠬᠢᠨ᠎ᠠ᠃ ᠪᠢᠳᠡ ᠣᠷᠭᠧᠨ᠋ᠴᠠ ᠠ᠋ᠴᠠ ᠶᠠᠭᠤ ᠴᠤ᠌ ᠠᠪᠴᠤ ᠪᠣᠯᠬᠤ ᠦᠭᠡᠢ᠃ ᠣᠷᠭᠧᠨ᠋ᠴᠠ ᠬᠣᠲᠠ ᠪᠣᠯ ᠴᠢᠩᠭᠢᠰ ᠬᠠᠭᠠᠨ ᠠ᠋ᠴᠠ ᠵᠥᠴᠢ ᠠᠬ᠎ᠠ ᠳ᠋ᠤ᠌ ᠰᠣᠶᠣᠷᠬᠠᠨ ᠥᠭᠭᠦᠭᠰᠡᠨ ᠪᠡᠯᠡᠭ ᠶᠦᠮ᠃ ᠪᠢ ᠰᠠᠶᠢ ᠵᠥᠴᠢ ᠠᠬ᠎ᠠ ᠲᠠᠢ ᠲᠡᠭᠡᠵᠦ ᠲᠣᠬᠢᠷᠠᠯ᠎ᠠ᠃ ᠲᠠ ᠪᠢᠳᠡ ᠬᠣᠶᠠᠷ ᠴᠢᠩᠭᠢᠰ ᠬᠠᠭᠠᠨ ᠤ᠋ ᠵᠠᠷᠯᠢᠭ ᠢ᠋ ᠪᠡᠶᠡᠯᠡᠭᠦᠯᠪᠡᠯ ᠪᠣᠯᠤᠨ᠎ᠠ ᠪᠢᠵᠡ ᠭᠡᠵᠦ ᠢᠨᠢᠶᠡᠮᠰᠦᠭᠯᠡᠬᠦ ᠳ᠋ᠦ᠍ ᠴᠠᠭᠠᠲᠠᠢ ᠶ᠋ᠢᠨ ᠨᠡᠷᠡᠯᠡᠬᠦᠦ ᠵᠠᠩ ᠬᠥᠳᠡᠯᠦᠭᠡᠳ ᠵᠥᠪᠰᠢᠶᠡᠷᠡᠵᠡᠢ᠃ ᠥᠭᠡᠳᠡᠢ ᠢᠩᠭᠢᠵᠦ ᠥᠪᠡᠷ ᠦ᠋ᠨ ᠰᠠᠨᠠᠭᠰᠠᠨ ᠢ᠋ᠶ᠋ᠠᠷ ᠡᠮᠡᠭᠡᠯ ᠦ᠋ᠨ ᠬᠣᠶᠠᠷ ᠪᠦᠭᠦᠷᠭᠡ ᠰᠢᠭ ᠪᠣᠯᠤᠭᠰᠠᠨ ᠠᠬ᠎ᠠ ᠨᠠᠷ ᠢ᠋ᠶ᠋ᠠᠨ ᠵᠣᠬᠢᠴᠠᠭᠤᠯᠵᠤ ᠴᠢᠳᠠᠭᠠᠳ ᠣᠷᠭᠧᠨ᠋ᠴᠠ ᠬᠣᠲᠠ ᠶ᠋ᠢ ᠳᠣᠪᠲᠣᠯᠤᠨ ᠡᠵᠡᠯᠡᠬᠦ ᠪᠡᠯᠡᠳᠬᠡᠯ ᠢ᠋ᠶ᠋ᠡᠨ ᠰᠢᠭᠤᠷᠬᠠᠢᠯᠠᠪᠠ᠃ ᠬᠣᠲᠠ ᠶ᠋ᠢ ᠳᠠᠭᠠᠷᠢᠨ ᠡᠪᠳᠡᠬᠦ ᠲᠡᠷᠢᠭᠦᠨ ᠡᠩᠨᠡᠭᠡᠨ ᠳ᠋ᠦ᠍ ᠨᠤᠲᠤᠭ ᠤ᠋ᠨ ᠢᠷᠭᠡᠳ ᠡᠴᠡ ᠳᠠᠢᠴᠢᠯᠠᠭᠰᠠᠨ ᠬᠣᠶᠠᠷ ᠲᠦᠮᠡᠨ 《ᠦᠬᠦᠯ ᠦ᠋ᠨ ᠴᠡᠷᠢᠭ》 ᠢ᠋ ᠣᠷᠣᠭᠤᠯᠵᠤ ᠠᠷᠤ ᠠ᠋ᠴᠠ ᠨᠢ ᠥᠪᠡᠷ ᠦ᠋ᠨ ᠴᠡᠷᠢᠭ ᠢ᠋ᠶ᠋ᠡᠨ ᠳᠡᠪᠰᠢᠭᠦᠯᠵᠦ ᠭᠠᠯᠳᠠᠭᠴᠢ ᠰᠤᠮᠤ ᠪᠠᠷ ᠵᠠᠢ ᠦᠭᠡᠢ ᠫᠤᠤᠳᠠᠬᠤ ᠪᠠᠷ ᠥᠭᠡᠳᠡᠢ ᠰᠢᠢᠳᠴᠡᠢ᠃ ᠥᠪᠡᠷ ᠦ᠋ᠨ ᠴᠡᠷᠢᠭ ᠢ᠋ ᠵᠣᠯᠢᠶᠠᠰᠤᠯᠠᠨ ᠲᠦᠷᠦᠭᠦᠯᠡᠵᠦ ᠳᠠᠭᠠᠷᠢᠬᠤ ᠨᠢ ᠥᠭᠡᠳᠡᠢ ᠳ᠋ᠦ᠍ ᠬᠣᠬᠢᠷᠠᠯ ᠲᠠᠢ ᠴᠤ᠌ ᠣᠷᠭᠧᠨ᠋ᠴᠠ ᠶ᠋ᠢ ᠲᠦᠷᠭᠡᠨ ᠡᠵᠡᠯᠡᠵᠦ ᠥᠪᠡᠷ ᠦ᠋ᠨ ᠴᠢᠳᠠᠪᠤᠷᠢ᠂ ᠬᠦᠴᠦ ᠶ᠋ᠢ ᠦᠵᠡᠭᠦᠯᠬᠦ ᠶ᠋ᠢ ᠭᠣᠣᠯ ᠪᠣᠯᠭᠠᠵᠠᠢ᠃ ᠡᠨᠡ ᠪᠣᠯ ᠥᠭᠡᠳᠡᠢ ᠶ᠋ᠢᠨ ᠬᠤᠪᠢ ᠳ᠋ᠤ᠌ ᠬᠠᠮᠤᠭ ᠤ᠋ᠨ ᠵᠥᠪ ᠰᠢᠢᠳᠪᠦᠷᠢ ᠪᠠᠢᠪᠠ᠃ ᠴᠢᠩᠭᠢᠰ ᠬᠠᠭᠠᠨ ᠥᠭᠡᠳᠡᠢ ᠶ᠋ᠢᠨ ᠶᠠᠭᠤ ᠴᠢᠳᠠᠬᠤ ᠶ᠋ᠢ ᠦᠵᠡᠬᠦ ᠬᠦᠰᠡᠯᠲᠡᠢ ᠪᠠᠢᠭ᠎ᠠ ᠨᠢ ᠮᠡᠳᠡᠭᠡᠵᠢ ᠪᠢᠯᠡ᠃ ᠮᠠᠷᠭᠠᠰᠢ ᠦᠷ ᠢ᠋ᠶ᠋ᠡᠷ 《ᠦᠬᠦᠯ ᠦ᠋ᠨ ᠴᠡᠷᠢᠭ》 ᠦ᠋ᠳ ᠣᠷᠭᠧᠨ᠋ᠴᠠ ᠶ᠋ᠢᠨ ᠭᠠᠳᠠᠭᠠᠳᠤ ᠬᠡᠷᠡᠮ ᠢ᠋ ᠳᠠᠭᠠᠷᠢᠨ ᠳᠣᠪᠲᠣᠯᠵᠤ ᠪᠡᠶᠡᠰ ᠦ᠋ᠨ ᠬᠡᠭᠦᠷ ᠢ᠋ᠶ᠋ᠡᠷ ᠱᠠᠲᠤ ᠬᠢᠨ ᠠᠪᠠᠷᠢᠵᠤ ᠡᠬᠢᠯᠡᠪᠡ᠃ ᠲᠡᠳᠡᠨ ᠦ᠌ ᠲᠣᠯᠣᠭᠠᠢ ᠳᠡᠭᠡᠭᠦᠷ ᠰᠢᠲᠠᠳᠠᠭ ᠲᠣᠰᠣ ᠲᠠᠢ ᠪᠣᠷᠲᠣᠭᠣ ᠵᠠᠢ ᠦᠭᠡᠢ ᠨᠢᠰᠴᠦ ᠣᠷᠭᠧᠨ᠋ᠴᠠ ᠬᠣᠲᠠ ᠭᠠᠯ ᠳ᠋ᠤ᠌ ᠠᠪᠤᠯᠴᠠᠨ ᠰᠢᠲᠠᠵᠤ ᠭᠠᠳᠠᠭᠠᠳᠤ ᠬᠡᠷᠡᠮ ᠨᠤᠷᠠᠨ ᠤᠨᠠᠵᠠᠢ᠃ ᠢᠩᠭᠢᠵᠦ ᠣᠷᠭᠧᠨ᠋ᠴᠠ ᠶ᠋ᠢᠨ ᠲᠥᠯᠦᠭᠡᠬᠢ ᠳᠣᠯᠣᠭᠠᠨ ᠡᠳᠦᠷ ᠳᠣᠯᠣᠭᠠᠨ ᠰᠥᠨᠢ ᠦᠷᠭᠦᠯᠵᠢᠯᠡᠵᠦ ᠭᠤᠷᠪᠠᠨ ᠲᠦᠮᠡ ᠰᠢᠬᠠᠭᠤ ᠮᠣᠩᠭᠣᠯ ᠴᠡᠷᠢᠭ ᠦ᠋ᠨ ᠠᠮᠢ ᠶ᠋ᠢ ᠵᠣᠯᠢᠶᠠᠰᠤᠯᠠᠭᠰᠠᠨ ᠤ᠋ ᠡᠴᠦᠰ ᠲᠦ᠋ᠨᠢ ᠬᠣᠲᠠ ᠶ᠋ᠢᠨ ᠬᠢᠨ ᠪᠠᠭᠤᠵᠤ ᠥᠭᠪᠡ᠃ ᠣᠷᠭᠧᠨ᠋ᠴᠠ ᠶ᠋ᠢ ᠡᠵᠡᠯᠡᠭᠰᠡᠨ ᠲᠤᠬᠠᠢ ᠮᠡᠳᠡᠭᠡ ᠴᠢᠩᠭᠢᠰ ᠬᠠᠭᠠᠨ ᠳ᠋ᠤ᠌ ᠬᠦᠷᠬᠦ ᠳ᠋ᠦ᠍ ᠲᠡᠷᠡ ᠲᠤᠯᠤᠢ ᠬᠥᠪᠡᠭᠦᠨ ᠦ᠌ ᠬᠠᠮᠲᠤ ᠠᠯᠲᠠᠨ ᠭᠣᠷᠣᠬᠠᠨ ᠤ᠋ ᠨᠢᠷᠤᠭᠤᠨ ᠳ᠋ᠤ᠌ ᠴᠡᠷᠢᠭ ᠢ᠋ᠶ᠋ᠡᠨ ᠠᠮᠠᠷᠠᠭᠠᠨ ᠰᠡᠷᠢᠭᠦᠴᠡᠵᠦ ᠪᠠᠢᠯ᠎ᠠ᠃ ᠡᠯᠴᠢ ᠶ᠋ᠢᠨ ᠪᠠᠶᠠᠷᠲᠤ ᠮᠡᠳᠡᠭᠡ ᠶ᠋ᠢ ᠰᠣᠨᠣᠰᠤᠭᠠᠳ
| ᠳᠠᠷᠤᠢ ᠡᠷᠭᠢᠨ ᠢᠷᠡᠵᠦ ᠴᠡᠷᠢᠭ ᠢ᠋ᠶ᠋ᠡᠨ ᠠᠮᠠᠷᠠᠭᠠᠵᠤ ᠨᠡᠢᠯᠡᠭᠲᠦᠨ ᠭᠡᠵᠦ ᠵᠠᠷᠯᠢᠭ ᠪᠠᠭᠤᠯᠭᠠᠨ ᠡᠯᠴᠢ ᠢᠯᠡᠭᠡᠵᠡᠢ᠃ ᠣᠷᠭᠧᠨ᠋ᠴᠠ ᠡᠵᠡᠯᠡᠭᠳᠡᠭᠰᠡᠨ ᠨᠢ ᠬᠣᠷᠽᠧᠮ ᠦ᠋ᠨ ᠤᠯᠤᠰ ᠪᠦᠷᠢᠨ ᠮᠥᠬᠥᠭᠰᠡᠨ ᠦ᠌ ᠪᠠᠲᠤᠯᠠᠭ᠎ᠠ ᠪᠣᠯᠪᠠ᠃ ᠣᠳᠣ ᠡᠵᠡᠮᠰᠢᠯ ᠨᠤᠲᠤᠭ ᠦᠭᠡᠢ᠂ ᠢᠷᠭᠡᠳ ᠬᠣᠲᠠ ᠦᠭᠡᠢ ᠪᠣᠯᠤᠭᠰᠠᠨ ᠵᠡᠯᠡᠯᠲᠢᠨ ᠢ᠋ ᠬᠥᠭᠡᠭᠡᠵᠦ ᠤᠰᠠᠳᠬᠠᠬᠤ ᠦᠯᠡᠳᠡᠵᠡᠢ᠃ ᠲᠡᠭᠦᠨ ᠦ᠌ ᠬᠣᠢᠨ᠎ᠠ ᠠ᠋ᠴᠠ ᠴᠢᠩᠭᠢᠰ ᠬᠠᠭᠠᠨ ᠥᠪᠡᠷ ᠢ᠋ᠶ᠋ᠡᠨ ᠮᠣᠷᠢᠯᠠᠬᠤ ᠪᠠᠷ ᠰᠢᠢᠳᠴᠡᠢ᠃
ᠦᠰᠦᠭ ᠠᠮᠢᠯᠠᠭᠤᠯᠤᠭᠴᠢ᠄ ᠠᠯᠲᠠᠨᠴᠡᠴᠡᠭ᠂ ᠪᠠᠶᠠᠨᠴᠡᠴᠡᠭ᠂ ᠬᠡᠯᠡᠰᠣᠶᠣᠯ(ᠪᠤᠤ ᠸᠸᠨ ᠬᠤᠸᠠ)᠂
ᠠᠯᠲᠠᠨᠴᠢᠮᠡᠭ᠂ ᠬᠡᠷᠡᠢᠳ·ᠮᠥᠩᠬᠡᠨᠠᠰᠤᠨ᠂ ᠵᠢᠩᠯᠢᠬᠤᠸᠠᠷ᠂
ᠰᠡᠴᠡᠨᠴᠢᠮᠡᠭ᠂ ᠮᠥᠩᠭᠥᠨ᠂ ᠨᠠᠷᠠᠨᠲᠤᠶᠠᠭ᠎ᠠ᠂
ᠬᠢᠨᠠᠭᠴᠢ᠄ ᠣᠳᠬᠠᠨᠰᠣ᠎ᠠ᠂ ᠨᠠᠷᠠᠨ᠂ ᠲ·ᠬᠦᠮᠦᠵᠢᠯᠲᠦ᠂ ᠪᠠᠶᠠᠨᠴᠡᠴᠡᠭ᠂ ᠰᠡᠬᠡᠭᠡᠷᠡᠯ᠂ ᠮᠣᠩᠭᠣᠯ ᠰᠦᠨᠡᠰᠦ
