ᠪᠣᠳᠢ ᠠᠯᠠᠭ ᠬᠠᠭᠠᠨBodi alag khaanБодь алаг хаан ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠢ ᠠᠯᠠᠭ ᠬᠠᠭᠠᠨBodi alag khaanБодь алаг хаан

ᠪᠣᠳᠢ ᠠᠯᠠᠭ ᠬᠠᠭᠠᠨBodi alag khaanБодь алаг хаан

ᠠᠩᠭᠢᠯᠠᠯ:ᠴᠤᠤᠲᠤ ᠬᠥᠮᠥᠰ
2025-09-12

204

ᠪᠣᠳᠢ ᠠᠯᠠᠭ ᠬᠠᠭᠠᠨ

   ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
    ᠪᠣᠳᠢ ᠲᠠᠢᠵᠢ1504 ᠣᠨ ᠳ᠋ᠤ᠌ ᠡᠴᠢᠭᠡ ᠲᠦᠷᠦᠪᠣᠯᠣᠳ᠂ ᠴᠠᠭᠠᠴᠢᠨ ᠬᠠᠲᠤᠨ ᠤ᠋ ᠤᠤᠭᠠᠨ ᠬᠦᠦ ᠪᠣᠯᠵᠤ ᠲᠥᠷᠥᠵᠡᠢ᠃ ᠪᠣᠳᠢ ᠲᠠᠢᠵᠢ1519 ᠣᠨ ᠳ᠋ᠤ᠌ ᠬᠠᠭᠠᠨ ᠰᠢᠷᠡᠭᠡᠨ ᠦ᠌ ᠰᠠᠭᠤᠵᠠᠢ᠃ ᠪᠣᠳᠢ ᠠᠯᠠᠭ ᠬᠠᠭᠠᠨ ᠪᠣᠯ ᠮᠣᠩᠭᠣᠯ ᠤ᠋ᠨ 32ᠳᠠᠬᠢ ᠬᠠᠭᠠᠨ ᠪᠥᠭᠡᠳ ᠲᠡᠦᠬᠡᠨ ᠳ᠋ᠦ᠍ ᠪᠣᠳᠢ ᠠᠯᠠᠭ ᠬᠠᠭᠠᠨ ᠭᠡᠳᠡᠭ᠃
    1517 ᠣᠨ ᠳ᠋ᠤ᠌ ᠪᠣᠳᠢ ᠠᠯᠠᠭ ᠬᠠᠭᠠᠨ ᠤ᠋ ᠡᠪᠦᠭᠡ ᠡᠴᠢᠭᠡ ᠪᠠᠲᠤᠮᠥ᠋ᠩᠬᠡ ᠲᠢᠶᠠᠨ ᠬᠠᠭᠠᠨ ᠨᠠᠰᠤ ᠪᠠᠷᠠᠪᠠ᠃
    ᠪᠣᠳᠢ ᠠᠯᠠᠭ ᠬᠠᠭᠠᠨ ᠰᠠᠭᠤᠷᠢᠨ ᠳ᠋ᠤ᠌ ᠰᠠᠭᠤᠭᠠᠳ ᠤᠳᠠᠭᠠᠳᠤᠢ ᠤᠷᠢᠶᠠᠩᠬᠠᠢᠴᠤᠳ ᠤᠷᠪᠠᠵᠤ ᠵᠠᠩ ᠢ᠋ᠶ᠋ᠠᠨ ᠥᠭᠡᠷᠡᠴᠢᠯᠡᠵᠡᠢ᠃1524 ᠣᠨ ᠳ᠋ᠤ᠌ ᠥᠪᠡᠷ ᠦ᠋ᠨ ᠪᠡᠶ᠎ᠡ ᠪᠡᠷ᠂1531 ᠣᠨ ᠤ᠋ ᠵᠡᠭᠦᠨ ᠮᠣᠩᠭᠣᠯ ᠤ᠋ᠨ ᠪᠠᠷᠠᠭᠤᠨ ᠭᠠᠷ ᠲᠦᠮᠡᠨ ᠦ᠌ ᠭᠦᠪᠡᠭᠡᠯᠢᠭ ᠵᠢᠨᠦᠩ᠂ ᠳᠡᠭᠦᠦ ᠠᠯᠲᠠᠨ ᠨᠠᠷ ᠤᠷᠢᠶᠠᠩᠬᠠᠢ ᠲᠦᠮᠡᠨ ᠲᠡᠢ ᠳᠠᠬᠢᠨ ᠪᠠᠢᠯᠳᠤᠵᠤ ᠢᠯᠠᠭᠠᠳ ᠪᠠᠷᠠᠭᠤᠨ ᠬᠣᠢᠰᠢ ᠵᠢᠭᠤᠲᠠᠪᠠ᠃1533 ᠣᠨ ᠳ᠋ᠤ᠌ ᠭᠤᠷᠪᠠᠳᠠᠬᠢ ᠤᠳᠠᠭ᠎ᠠ ᠬᠠᠩᠭᠠᠢ ᠠᠭᠤᠯᠠ ᠶ᠋ᠢ ᠳᠠᠪᠠᠵᠤ ᠤᠷᠢᠶᠠᠩᠬᠠᠢᠴᠤᠳ ᠤ᠋ᠨ ᠦᠯᠡᠳᠡᠭᠳᠡᠯ ᠲᠡᠢ ᠪᠠᠢᠯᠳᠤᠵᠠᠢ᠃1538 ᠣᠨ ᠳ᠋ᠤ᠌ ᠬᠠᠭᠠᠨ ᠪᠤᠰᠤᠳ ᠲᠦᠮᠡᠨ ᠦ᠌ ᠨᠣᠶᠠᠳ ᠴᠡᠷᠢᠭ ᠢ᠋ᠶ᠋ᠡᠨ ᠳᠠᠢᠴᠢᠯᠠᠨ ᠳᠠᠬᠢᠨ ᠤᠷᠢᠶᠠᠩᠬᠠᠢ ᠲᠦᠮᠡᠨ ᠢ᠋ ᠳᠠᠢᠯᠠᠭᠰᠠᠨ᠂ ᠡᠨᠡ ᠲᠡᠢᠨ ᠳ᠋ᠦ᠍ ᠴᠠᠭᠠᠴᠢᠨ ᠬᠠᠲᠤᠨ ᠲᠡᠢᠨ ᠳ᠋ᠦ᠍ ᠮᠣᠷᠳᠠᠭᠰᠠᠨ ᠪᠥᠭᠡᠳ ᠤᠷᠢᠶᠠᠩᠬᠠᠢᠴᠤᠳ ᠢᠯᠠᠭᠳᠠᠵᠤ᠂ ᠲᠣᠣᠷᠠᠢ ᠨᠣᠶᠠᠨ᠂ ᠭᠡᠷᠪᠣᠯᠣᠳ ᠴᠢᠩᠰᠠᠩ ᠪᠠᠭᠤᠵᠤ ᠥᠭᠴᠡᠢ᠃ ᠪᠣᠳᠢ ᠠᠯᠠᠭ ᠬᠠᠭᠠᠨ ᠤᠷᠢᠶᠠᠩᠬᠠᠢ ᠲᠦᠮᠡᠨ ᠦ᠌ ᠵᠠᠰᠠᠭ ᠵᠠᠬᠢᠷᠭ᠎ᠠ ᠶ᠋ᠢ ᠬᠦᠴᠦᠨ ᠦᠭᠡᠢ ᠪᠣᠯᠭᠠᠬᠤ ᠶ᠋ᠢ ᠲᠤᠩᠬᠠᠭᠯᠠᠵᠤ ᠪᠤᠰᠤᠳ ᠲᠦᠮᠡᠨ ᠳ᠋ᠦ᠍ ᠬᠤᠪᠢᠶᠠᠨ ᠥᠭᠴᠦ ᠠᠯᠪᠠᠲᠤ ᠪᠣᠯᠭᠠᠭᠰᠠᠨ ᠪᠠᠢᠨ᠎ᠠ᠃《ᠤᠷᠢᠶᠠᠩᠬᠠᠢ ᠶ᠋ᠢᠨ ᠬᠥᠪᠡᠭᠦᠳ ᠤᠷᠤᠭᠤᠳᠠᠵᠤ ᠠᠯᠪᠠᠲᠤ ᠪᠣᠯᠵᠤ᠂ ᠠᠯᠲᠠᠨ ᠤᠷᠤᠭ ᠤ᠋ᠨ ᠤᠳᠤᠮ ᠲᠠᠢ ᠬᠥᠪᠡᠭᠦᠳ ᠥᠭᠰᠥᠵᠦ ᠬᠠᠭᠠᠨ ᠪᠣᠯᠳᠠᠭ》 ᠭᠡᠰᠡᠨ ᠬᠠᠭᠤᠴᠢ ᠦᠭᠡ ᠶ᠋ᠢᠨ ᠤᠴᠢᠷ ᠡᠭᠦᠨ ᠡᠴᠡ ᠡᠰᠢᠲᠡᠢ ᠪᠤᠶᠤ᠃
    ᠪᠣᠳᠢ ᠠᠯᠠᠭ ᠬᠠᠭᠠᠨ ᠤ᠋ ᠨᠣᠶᠠᠷᠬᠠᠭᠰᠠᠨ ᠬᠤᠭᠤᠴᠠᠭᠠᠨ ᠳ᠋ᠤ᠌ ᠮᠣᠩᠭᠣᠯ ᠤ᠋ᠨ ᠨᠡᠢᠭᠡᠮ ᠲᠦᠪᠰᠢᠷᠡᠨ ᠮᠠᠯ ᠠᠵᠤ ᠠᠬᠤᠢ ᠨᠡᠮᠡᠭᠳᠡᠪᠡ᠃ ᠮᠢᠩ ᠤᠯᠤᠰ ᠲᠠᠢ ᠨᠠᠢᠷᠠᠮᠳᠠᠯ ᠢᠶᠠᠷ ᠠᠷᠠᠯᠵᠢᠶ᠎ᠠ ᠬᠢᠬᠦ ᠪᠡᠷ ᠬᠦᠰᠡᠳᠡᠭ ᠲᠤᠯᠠ ᠬᠡᠳᠦ ᠬᠡᠳᠦᠨ ᠤᠳᠠᠭ᠎ᠠ ᠢᠯᠴᠢᠨ ᠲᠣᠮᠢᠯᠠᠭᠰᠠᠨ ᠪᠣᠯᠪᠠᠴᠤ ᠮᠢᠩ ᠤᠯᠤᠰ ᠬᠡᠯᠡᠯᠴᠡᠭᠡᠷ ᠬᠢᠬᠦ ᠦᠭᠡᠢ ᠮᠥᠷᠲᠡᠭᠡᠨ ᠬᠣᠶᠠᠷ ᠤᠳᠠᠭᠠᠨ ᠤ᠋ ᠢᠯᠴᠢ ᠶ᠋ᠢ ᠠᠯᠠᠭᠰᠠᠨ ᠪᠠᠢᠨ᠎ᠠ᠃ ᠡᠭᠦᠨ ᠡᠴᠡ ᠪᠣᠯᠵᠤ ᠬᠡᠳᠦᠨ ᠤᠳᠠᠭ᠎ᠠ ᠮᠢᠩ ᠤᠯᠤᠰ ᠢ᠋ ᠳᠣᠪᠲᠣᠯᠤᠭᠰᠠᠨ ᠴᠤ᠌ ᠪᠣᠳᠢ ᠠᠯᠠᠭ ᠬᠠᠭᠠᠨ ᠢ᠋ ᠲᠩᠷᠢ ᠳ᠋ᠦ᠍ ᠬᠠᠯᠢᠬᠤ ᠪᠣᠯᠲᠠᠯ᠎ᠠ ᠶᠠᠮᠠᠷ ᠴᠤ᠌ ᠦᠷ᠎ᠡ ᠳ᠋ᠦᠩ ᠭᠠᠷᠤᠭ᠎ᠠ ᠦᠭᠡᠢ᠃
    ᠪᠣᠳᠢ ᠠᠯᠠᠭ ᠬᠠᠭᠠᠨ1519—1547 ᠣᠨ ᠬᠦᠷᠲᠡᠯ᠎ᠡ28 ᠵᠢᠯ ᠬᠠᠭᠠᠨ ᠰᠢᠷᠡᠭᠡᠨ ᠳ᠋ᠦ᠍ ᠰᠠᠭᠤᠵᠤ1547 ᠣᠨ ᠳ᠋ᠤ᠌44 ᠨᠠᠰᠤᠲᠠᠢ ᠳ᠋ᠤ᠌ ᠪᠠᠨ ᠲᠩᠷᠢ ᠳ᠋ᠦ᠍ ᠬᠠᠯᠢᠵᠠᠢ᠃ ᠪᠠᠲᠤᠮᠥ᠋ᠩᠬᠡ ᠲᠢᠶᠠᠨ ᠬᠠᠭᠠᠨ ᠤ᠋ ᠠᠴᠢ᠂ ᠤᠤᠭᠠᠨ ᠬᠦᠦ ᠲᠦᠷᠦᠪᠣᠯᠣᠳ ᠤ᠋ᠨ ᠦᠷ᠎ᠡ ᠪᠣᠳᠢ ᠠᠯᠠᠭ ᠬᠠᠭᠠᠨ ᠮᠣᠩᠭᠣᠯ ᠤ᠋ᠨ ᠰᠠᠮᠠᠭᠤᠷᠠᠯ ᠢ᠋ ᠪᠠᠭᠠᠰᠬᠠᠵᠤ᠂ ᠠᠵᠤ ᠠᠬᠤᠢ ᠶ᠋ᠢ ᠲᠤᠬᠠᠢ ᠶ᠋ᠢᠨ ᠦᠶ᠎ᠡ ᠳ᠋ᠦ᠍ ᠳᠡᠭᠡᠭᠰᠢ ᠲᠠᠲᠠᠭᠰᠠᠨ ᠤ᠋ ᠨᠢᠭᠡ ᠪᠢᠯᠡ᠃
  ᠢᠷᠡᠯᠲᠡ᠄《 ᠮᠣᠩᠭᠣᠯ᠎ᠤᠨ ᠭᠤᠴᠢᠨ ᠵᠢᠷᠭᠤᠭᠠᠨ ᠬᠠᠭᠠᠳ᠎ᠤᠨ ᠲᠣᠪᠴᠢ ᠨᠠᠮᠲᠠᠷ》 ᠨᠣᠮ᠎ᠠᠴᠠ ᠰᠣᠩᠭᠣᠪᠠ᠃
  ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ