ᠮᠣᠩᠭᠣᠯᠴᠤᠳ ᠤ᠋ᠨ ᠴᠡᠭᠡᠷ ᠶᠣᠰᠣᠨ - ᠰᠠᠢᠨᠳᠡᠯᠭᠡᠷMongolchuudyn tsekher yoson-SaindelgerМонголчуудын цэхэр ёсон-Сайндэлгэр
ᠰᠠᠢᠨᠳᠡᠯᠭᠡᠷ
ᠮᠣᠩᠭᠣᠯᠴᠤᠳ ᠤ᠋ᠨ ᠴᠡᠭᠡᠷ ᠶᠣᠰᠣᠨ ᠡᠴᠡ
ᠮᠣᠩᠭᠣᠯᠴᠤᠳ ᠤ᠋ᠨ ᠴᠡᠭᠡᠷᠯᠡᠬᠦ ᠶᠣᠰᠣ ᠨᠢ ᠮᠣᠩᠭᠣᠯ ᠲᠤᠭᠤᠷᠭᠠᠲᠠᠨ ᠡᠭᠦᠰᠴᠦ ᠪᠦᠷᠢᠳᠦᠭᠰᠡᠨ ᠡᠷᠲᠡ ᠳᠡᠭᠡᠷ᠎ᠡ ᠴᠠᠭ ᠠ᠋ᠴᠠ ᠤᠯᠪᠠᠭᠠᠲᠠᠢ ᠪᠥᠭᠡᠳ ᠨᠡᠭᠦᠳᠡᠯᠴᠢᠨ ᠠᠷᠠᠳ ᠲᠦᠮᠡᠨ ᠶᠢᠷᠲᠢᠨᠴᠦ ᠶ᠋ᠢ ᠲᠠᠨᠢᠨ ᠮᠡᠳᠡᠵᠦ ᠤᠬᠠᠭᠠᠷᠠᠵᠤ ᠢᠷᠡᠭᠰᠡᠨ ᠦᠵᠡᠯ ᠪᠣᠳᠣᠯ᠂ ᠢᠲᠡᠭᠡᠯ ᠪᠢᠰᠢᠷᠡᠯ᠂ ᠠᠵᠤ ᠲᠥᠷᠥᠬᠦ ᠬᠡᠪ ᠶᠣᠰᠣ᠂ ᠢᠵᠠᠭᠤᠷ ᠵᠠᠩ ᠵᠠᠩᠰᠢᠯ᠂ ᠲᠡᠭᠦᠨᠴᠢᠯᠡᠨ ᠮᠣᠩᠭᠣᠯ ᠬᠥᠮᠦᠨ᠂ ᠡᠴᠢᠭᠡ ᠲᠡᠭᠷᠢ᠂ ᠡᠬᠡ ᠳᠡᠯᠡᠬᠡᠢ ᠪᠤᠶᠤ ᠰᠠᠪᠠ ᠰᠢᠮ᠎ᠡ ᠶᠢᠷᠲᠢᠨᠴᠦ ᠬᠢᠭᠡᠳ ᠡᠪᠦᠭᠡ ᠳᠡᠭᠡᠳᠦᠰ᠂ ᠠᠬᠠᠰ ᠵᠠᠬᠠᠰ᠂ ᠠᠠᠬᠨ ᠲᠡᠭᠦᠣᠰ ᠠᠨᠳᠠ ᠨᠥᠬᠥᠳ ᠢ᠋ᠶ᠋ᠡᠨ ᠬᠠᠢᠷᠠᠯᠠᠨ ᠬᠦᠨᠳᠦᠯᠡᠳᠡᠭ ᠬᠥᠮᠦᠨᠯᠢᠭ ᠰᠡᠳᠬᠢᠯ ᠨᠡᠪᠲᠡ ᠰᠢᠩᠭᠡᠭᠰᠡᠨ ᠨᠢᠭᠡᠨ ᠶᠣᠰᠣᠨ ᠤ᠋ ᠪᠢᠴᠢᠭᠳᠡᠭᠡ ᠦᠭᠡᠢ ᠬᠠᠤᠯᠢ ᠶᠤᠮ᠃ ᠮᠥᠨ ᠬᠡᠦᠬᠡᠳ ᠦ᠋ᠳ ᠢ᠋ᠶ᠋ᠡᠨ ᠬᠥᠮᠦᠵᠢᠭᠦᠯᠬᠦ ᠨᠢᠭᠡᠨ ᠬᠡᠷᠡᠭᠯᠡᠭᠦᠷ ᠴᠦ᠍ ᠭᠡᠵᠦ ᠦᠵᠡᠳᠡᠭ᠃ ᠮᠣᠩᠭᠣᠯ ᠳ᠋ᠤ᠌ ᠳᠣᠣᠷᠠᠲᠤ ᠲᠠᠯ᠎ᠠ ᠨᠢ 3000 ᠴᠡᠭᠡᠷ ᠪᠠᠢᠳᠠᠭ ᠭᠡᠯᠴᠡᠳᠡᠭ᠃
1.ᠬᠡᠪᠲᠡᠵᠦ ᠬᠣᠭᠣᠯᠠ ᠢᠳᠡᠬᠦ ᠶ᠋ᠢ ᠴᠡᠭᠡᠷᠯᠡᠨ᠎ᠡ᠃ ᠡᠪᠡᠳᠴᠢᠨ ᠲᠡᠢ ᠬᠥᠮᠦᠨ ᠬᠡᠪᠲᠡᠵᠦ ᠢᠳᠡᠬᠦ ᠭᠡᠬᠦ᠃
2.ᠵᠣᠭᠰᠣᠭ᠎ᠠ ᠪᠠᠷ ᠬᠣᠭᠣᠯᠠ ᠢᠳᠡᠬᠦ ᠶ᠋ᠢ ᠴᠡᠭᠡᠷᠯᠡᠨ᠎ᠡ᠃ ᠶᠠᠭᠠᠷᠠᠭᠠᠳ ᠪᠠᠢᠨ᠎ᠠ ᠤᠤ ᠰᠠᠭᠤᠵᠤ ᠢᠳᠡ ᠭᠡᠬᠦ᠃
3.ᠨᠣᠮ ᠤᠩᠰᠢᠭᠰᠠᠨ ᠤ᠋ ᠳᠠᠷᠠᠭ᠎ᠠ ᠰᠤᠨᠢᠶᠠᠬᠤ ᠶ᠋ᠢ ᠴᠡᠭᠡᠷᠯᠡᠨ᠎ᠡ᠃ ᠰᠤᠷᠤᠭᠰᠠᠨ ᠶᠠᠭᠤᠮ᠎ᠠ ᠰᠤᠭᠤ ᠪᠠᠷ ᠭᠠᠷᠤᠨ᠎ᠠ ᠭᠡᠬᠦ᠃
4.ᠲᠣᠭᠣᠭᠠᠨ ᠳᠣᠲᠣᠷ᠎ᠠ ᠬᠣᠭᠣᠯᠠᠨ ᠤ᠋ ᠬᠠᠯᠪᠠᠭ᠎ᠠ ᠬᠢᠵᠦ ᠣᠷᠬᠢᠳᠠᠭ ᠦᠭᠡᠢ ᠭᠡᠬᠦ᠃ ᠴᠢᠳᠬᠥᠷ ᠳᠣᠯᠢᠶᠠᠨ᠎ᠠ᠂ ᠲᠤᠬᠠᠢ ᠶ᠋ᠢᠨ ᠠᠢᠯ ᠤ᠋ᠨ ᠠᠵᠢᠯ ᠦᠢᠯᠡᠰ ᠪᠦᠲᠦᠬᠦ ᠦᠭᠡᠢ ᠭᠡᠬᠦ᠃
5. ᠬᠣᠭᠣᠯᠠ ᠤᠮᠳᠠ ᠢᠳᠡᠴᠢᠬᠡᠭᠡᠳ ᠬᠠᠯᠪᠠᠭ᠎ᠠ ᠰᠡᠷᠡᠭᠡ ᠪᠡᠨ ᠠᠶᠠᠭᠠᠨ ᠳᠣᠲᠣᠷ᠎ᠠ ᠪᠠᠨ ᠬᠢᠴᠢᠬᠡᠭᠡᠳ ᠭᠡᠷ ᠡᠴᠡ ᠭᠠᠷᠪᠠᠯ ᠠᠵᠢᠯ ᠪᠦᠲᠦᠬᠦ ᠦᠭᠡᠢ ᠭᠡᠬᠦ᠃
6. ᠢᠳᠡᠭᠰᠡᠨ ᠠᠶᠠᠭ᠎ᠠ ᠲᠠᠪᠠᠭ ᠲᠠᠭᠠᠨ ᠬᠠᠯᠪᠠᠭ᠎ᠠ ᠰᠡᠷᠡᠭᠡ ᠪᠡᠨ ᠬᠢᠵᠦ ᠣᠷᠬᠢᠵᠤ᠂ ᠬᠣᠨᠣᠭᠤᠯᠵᠤ ᠪᠣᠯᠬᠤ ᠦᠭᠡᠢ ᠠᠵᠢᠯ ᠦᠢᠯᠡᠰ ᠪᠦᠲᠦᠬᠦ ᠪᠡᠨ ᠪᠠᠢᠨ᠎ᠠ ᠭᠡᠬᠦ᠃
7. ᠠᠶᠠᠭ᠎ᠠ ᠳᠣᠯᠢᠶᠠᠳᠠᠭ᠂ ᠲᠠᠪᠠᠭ ᠳᠣᠯᠢᠶᠠᠳᠠᠭ ᠦᠭᠡᠢ᠃
8. ᠬᠥᠮᠦᠨ ᠦ᠌ ᠤᠯᠠ ᠤᠷᠤᠭᠤ ᠢᠰᠬᠦᠯᠳᠡᠭ ᠦᠭᠡᠢ᠂ ᠮᠠᠭᠤᠳᠠᠯᠴᠠᠨᠠ ᠭᠡᠬᠦ᠃
9. ᠭᠡᠷ ᠦ᠋ᠨ ᠪᠠᠭᠤᠷᠢ ᠶ᠋ᠢᠨ ᠳᠡᠭᠡᠷ᠎ᠡ ᠭᠢᠰᠬᠢᠳᠡᠭ ᠦᠭᠡᠢ᠃
10. ᠲᠡᠭᠷᠢ ᠤᠷᠤᠭᠤ ᠭᠡᠷᠡᠯ ᠲᠤᠰᠬᠠᠬᠤ ᠶ᠋ᠢ ᠴᠡᠭᠡᠷᠯᠡᠨ᠎ᠡ᠃
11. ᠢᠰᠬᠡᠷᠬᠦ ᠶ᠋ᠢ ᠴᠡᠭᠡᠷᠯᠡᠨ᠎ᠡ᠃ ᠰᠡᠳᠬᠢᠯ ᠳ᠋ᠦ᠍ ᠬᠡᠢ ᠣᠷᠣᠨ᠎ᠠ ᠭᠡᠬᠦ᠃
12. ᠪᠠᠭᠠᠨ᠎ᠠ ᠲᠡᠪᠡᠷᠢᠳᠡᠭ ᠦᠭᠡᠢ᠃ ᠪᠠᠭᠠᠨ᠎ᠠ ᠶ᠋ᠢᠨ ᠵᠣᠪᠠᠯᠠᠩ ᠢ᠋ ᠡᠭᠦᠷᠦᠨ᠎ᠡ ᠭᠡᠬᠦ᠃
13. ᠭᠡᠷ ᠦ᠋ᠨ ᠪᠠᠭᠠᠨ᠎ᠠ ᠬᠣᠭᠣᠷᠣᠨᠳᠣᠭᠤᠷ ᠭᠠᠷᠳᠠᠭ ᠦᠭᠡᠢ᠃
14. ᠭᠡᠷᠡᠯ ᠦ᠋ᠨ ᠱᠣᠩ ᠤ᠋ᠨ ᠰᠢᠷᠭᠤᠭ᠎ᠠ ᠶ᠋ᠢᠨ ᠳᠣᠣᠭᠤᠷ ᠭᠠᠷᠳᠠᠭ ᠦᠭᠡᠢ ᠴᠢᠳᠬᠥᠷ ᠲᠡᠢ ᠠᠭᠤᠯᠵᠠᠨ᠎ᠠ ᠭᠡᠬᠦ᠃
15. ᠭᠠᠯ ᠤᠷᠤᠭᠤ ᠤᠰᠤ ᠬᠢᠳᠡᠭ ᠦᠭᠡᠢ᠃ ᠭᠠᠯ ᠤ᠋ᠨ ᠪᠤᠷᠬᠠᠨ ᠬᠢᠯᠢᠩᠨᠡᠨ᠎ᠡ ᠭᠡᠬᠦ᠃
16. ᠭᠠᠯ ᠢ᠋ᠶ᠋ᠠᠷ ᠲᠣᠭᠯᠠᠳᠠᠭ ᠦᠭᠡᠢ᠃ ᠭᠠᠯ ᠤ᠋ᠨ ᠪᠤᠷᠬᠠᠨ ᠬᠢᠯᠢᠩᠨᠡᠨ᠎ᠡ ᠭᠡᠬᠦ᠃
17. ᠪᠣᠱᠣᠭᠠᠨ ᠳᠡᠭᠡᠷ᠎ᠡ ᠰᠠᠭᠤᠳᠠᠭ ᠦᠭᠡᠢ᠃
18. ᠲᠣᠲᠣᠭᠣᠨ ᠠ᠋ᠴᠠ ᠳᠡᠭᠦᠵᠢᠯᠡᠭᠳᠡᠳᠡᠭ ᠦᠭᠡᠢ᠃
19. ᠲᠣᠯᠣᠭᠠᠢ ᠪᠠᠨ ᠰᠠᠯᠠᠭᠠᠪᠴᠢᠯᠠᠳᠠᠭ ᠦᠭᠡᠢ᠃
20. ᠰᠢᠨ᠎ᠠ ᠪᠠᠨ ᠲᠤᠯᠳᠠᠭ ᠦᠭᠡᠢ᠃
21. ᠤᠷᠭ᠎ᠠ ᠪᠠᠨ ᠭᠠᠵᠠᠷ ᠲᠤᠯᠳᠠᠭ ᠦᠭᠡᠢ᠃
22. ᠭᠣᠣᠯ ᠨᠠᠭᠤᠷ ᠤ᠋ᠨ ᠣᠢᠷᠠᠯᠴᠠᠭ᠎ᠠ ᠪᠡᠶ᠎ᠡ ᠵᠠᠰᠠᠳᠠᠭ ᠦᠭᠡᠢ᠃
23. ᠭᠣᠣᠯ ᠤ᠋ᠨ ᠡᠬᠢᠨ ᠳ᠋ᠦ᠍ ᠠᠢᠯ ᠪᠠᠭᠤᠳᠠᠭ ᠦᠭᠡᠢ᠃
24. ᠴᠠᠮᠴᠢᠨ ᠤ᠋ ᠪᠠᠨ ᠵᠠᠬ᠎ᠠ ᠶ᠋ᠢ ᠲᠣᠯᠣᠭᠠᠢ ᠪᠠᠨ ᠪᠦᠲᠡᠭᠡᠨ ᠡᠮᠦᠰᠬᠦ ᠶ᠋ᠢ ᠴᠡᠭᠡᠷᠯᠡᠬᠦ᠃ ᠡᠬᠡ ᠶ᠋ᠢ ᠪᠡᠨ ᠠᠯᠠᠭᠰᠠᠨ ᠬᠥᠮᠦᠨ ᠲᠡᠭᠡᠵᠦ ᠡᠮᠦᠰᠳᠡᠭ ᠭᠡᠬᠦ ᠃
25. ᠭᠡᠷ ᠦ᠋ᠨ ᠣᠢᠷ᠎ᠠ ᠣᠷᠴᠢᠮ ᠲᠠᠷᠪᠠᠭ᠎ᠠ ᠠᠮᠢᠲᠠᠨ ᠤ᠋ ᠡᠭᠦᠷ ᠪᠠᠢᠪᠠᠯ ᠠᠩᠨᠠᠳᠠᠭ ᠦᠭᠡᠢ᠃
26. ᠤᠷᠭᠠᠨ ᠳᠡᠭᠡᠭᠦᠷ ᠠᠯᠬᠤᠵᠤ ᠭᠠᠷᠳᠠᠭ ᠦᠭᠡᠢ᠃
27. ᠶᠠᠪᠠᠭᠠᠨ ᠰᠠᠭᠤᠳᠠᠭ ᠦᠭᠡᠢ᠃ ᠨᠣᠬᠠᠢ ᠰᠠᠭᠤᠯᠲᠠ ᠭᠡᠬᠦ᠃
28. ᠲᠣᠮᠣ ᠬᠥᠮᠦᠨ ᠦ᠌ ᠶᠠᠷᠢᠶ᠎ᠠ ᠰᠣᠨᠣᠰᠬᠤ ᠶ᠋ᠢ ᠴᠡᠭᠡᠷᠯᠡᠨ᠎ᠡ᠃ ᠡᠢᠮᠦ ᠡᠴᠡ ᠭᠡᠷ ᠲᠦ᠍ ᠵᠣᠴᠢᠨ ᠢᠷᠡᠪᠡᠯ ᠬᠡᠦᠬᠡᠳ ᠦ᠋ᠳ ᠵᠥᠷᠢᠭᠡᠳ ᠲᠣᠭᠯᠠᠬᠤ ᠪᠠᠷ ᠭᠠᠷᠳᠠᠭ᠃
29. ᠬᠣᠭᠣᠯᠠ ᠬᠠᠶᠠᠬᠤ ᠶ᠋ᠢ ᠴᠡᠭᠡᠷᠯᠡᠨ᠎ᠡ᠃ ᠠᠮᠠᠨ ᠤ᠋ ᠬᠡᠰᠢᠭ ᠠᠷᠤ ᠳᠡᠭᠡᠷ᠎ᠡ ᠪᠡᠨ ᠭᠠᠷᠤᠨ᠎ᠠ ᠭᠡᠬᠦ᠃
30 ᠬᠣᠭᠣᠯᠠ ᠪᠠᠷ ᠢ᠋ᠶ᠋ᠠᠨ ᠲᠣᠭᠯᠠᠬᠤ ᠶ᠋ᠢ ᠴᠡᠭᠡᠷᠯᠡᠨ᠎ᠡ᠃
31.ᠰᠦᠨ ᠳᠡᠭᠡᠷ᠎ᠡ ᠤᠰᠤ ᠬᠢᠬᠦ ᠶ᠋ᠢ ᠴᠡᠭᠡᠷᠯᠡᠨ᠎ᠡ᠃ ᠤᠰᠤᠨ ᠳᠡᠭᠡᠷ᠎ᠡ ᠰᠦ ᠬᠢᠨ᠎ᠡ᠃
32.ᠭᠤᠲᠤᠯ ᠢ᠋ᠶ᠋ᠠᠨ ᠴᠢᠷᠴᠦ ᠶᠠᠪᠤᠳᠠᠭ ᠦᠭᠡᠢ᠃
33.ᠮᠠᠯᠠᠭᠠᠢ ᠪᠠᠨ ᠪᠤᠷᠤᠭᠤ ᠬᠠᠷᠠᠭᠤᠯᠵᠤ ᠡᠮᠦᠰᠳᠡᠭ ᠦᠭᠡᠢ᠃
34. ᠮᠠᠯᠠᠭᠠᠢ ᠳᠠᠪᠬᠤᠷᠯᠠᠵᠤ ᠡᠮᠦᠰᠳᠡᠭ ᠦᠭᠡᠢ᠃ ᠬᠣᠶᠠᠷ ᠡᠬᠡᠨᠡᠷ ᠲᠡᠢ ᠪᠣᠯᠤᠨ᠎ᠠ ᠭᠡᠬᠦ᠃
35.ᠥᠪᠡᠷ ᠦ᠋ᠨ ᠨᠡᠷ᠎ᠡ ᠪᠡᠨ ᠭᠣᠯᠣᠳᠠᠭ ᠦᠭᠡᠢ᠃
36.ᠬᠡᠦᠬᠡᠳ ᠢ ᠪᠦᠲᠦᠨ ᠨᠡᠷ᠎ᠡ ᠪᠡᠷ ᠨᠢ ᠳᠠᠭᠤᠳᠠᠨ᠎ᠠ᠃ ᠪᠦᠲᠦᠨ ᠨᠡᠷ᠎ᠡ ᠲᠡᠢ ᠪᠦᠷᠢᠨ ᠵᠠᠶᠠᠭ᠎ᠠ ᠲᠠᠢ ᠭᠡᠬᠦ᠃
37.ᠪᠤᠷᠬᠠᠨ ᠰᠢᠲᠦᠭᠡᠨ ᠤᠷᠤᠭᠤ ᠬᠥᠯ ᠢ᠋ᠶ᠋ᠡᠨ ᠵᠢᠭᠢᠬᠦ ᠶ᠋ᠢ ᠴᠡᠭᠡᠷᠯᠡᠨ᠎ᠡ᠃
38. ᠭᠣᠣᠯ ᠨᠠᠭᠤᠷ ᠤ᠋ᠨ ᠤᠰᠤᠨ ᠳ᠋ᠤ᠌ ᠶᠠᠭᠤᠮ᠎ᠠ ᠤᠬᠢᠶᠠᠬᠤ ᠶ᠋ᠢ ᠴᠡᠭᠡᠷᠯᠡᠨ᠎ᠡ᠃
39. ᠬᠥᠮᠦᠨ ᠦ᠌ ᠳᠡᠭᠡᠭᠦᠷ ᠠᠯᠬᠤᠵᠤ ᠭᠠᠷᠬᠤ ᠶ᠋ᠢ ᠴᠡᠭᠡᠷᠯᠡᠨ᠎ᠡ᠃ ᠦᠬᠦᠭᠰᠡᠨ ᠬᠥᠮᠦᠨ ᠦ᠌ ᠳᠡᠭᠡᠭᠦᠷ ᠠᠯᠬᠤᠵᠤ ᠭᠠᠷᠤᠨ᠎ᠠ ᠭᠡᠬᠦ᠃ ᠪᠥᠬᠡᠴᠦᠳ ᠳᠠᠪᠠᠭᠰᠠᠨ ᠪᠥᠬᠡ ᠶᠢᠨ ᠢ᠋ᠶ᠋ᠡᠨ ᠳᠡᠭᠡᠭᠦᠷ ᠠᠯᠬᠤᠵᠤ ᠭᠠᠷᠴᠤ ᠪᠣᠯᠤᠨ᠎ᠠ᠃
40. ᠡᠷᠡᠬᠡᠢ ᠬᠤᠷᠤᠭᠤ ᠪᠠᠨ ᠬᠥᠬᠥᠬᠦ ᠶ᠋ᠢ ᠴᠡᠭᠡᠷᠯᠡᠨ᠎ᠡ᠃ ᠡᠵᠢ ᠨᠢ ᠦᠬᠦᠨ᠎ᠡ ᠭᠡᠨ᠎ᠡ᠃
41. ᠶᠡᠬᠡ ᠤᠨᠲᠠᠬᠤ ᠶ᠋ᠢ ᠴᠡᠭᠡᠷᠯᠡᠨ᠎ᠡ᠃
42. ᠬᠥᠮᠦᠨ ᠦ᠌ ᠪᠦᠰᠡᠯᠡᠭᠦᠷ ᠡᠴᠡ ᠳᠡᠭᠡᠭᠰᠢ ᠰᠢᠪᠡᠵᠢ ᠰᠠᠭᠤᠪᠠᠯ ᠲᠡᠷᠡ ᠰᠢᠪᠡᠵᠢ ᠶ᠋ᠢ ᠠᠯᠠᠳᠠᠭ ᠃ ᠬᠡᠢᠮᠣᠷᠢ ᠳ᠋ᠤ᠌ ᠮᠠᠭᠤ ᠭᠡᠬᠦ᠃
43. ᠭᠠᠵᠠᠷ ᠲᠤ᠌ ᠭᠠᠳᠠᠰᠤ ᠰᠢᠭᠠᠵᠤ ᠣᠷᠬᠢᠬᠤ ᠶ᠋ᠢ ᠴᠡᠭᠡᠷᠯᠡᠨ᠎ᠡ᠃ ᠨᠡᠭᠦᠬᠦ ᠳ᠋ᠦ᠍ ᠪᠡᠨ ᠭᠠᠳᠠᠰᠤ ᠪᠠᠨ ᠠᠪᠤᠭᠠᠳ ᠰᠦ ᠳᠣᠰᠣᠭᠠᠵᠦ ᠳᠣᠮᠨᠣᠳᠠᠭ᠃
44. ᠭᠠᠵᠠᠷ ᠠᠶᠠᠭ᠎ᠠ ᠲᠠᠪᠠᠭ ᠲᠠᠯᠪᠢᠳᠠᠭ ᠦᠭᠡᠢ᠃
45. ᠠᠶᠠᠭ᠎ᠠ ᠲᠠᠪᠠᠭ ᠲᠠᠢ ᠬᠣᠭᠣᠯᠠᠨ ᠳᠡᠭᠡᠭᠦᠷ ᠢ᠋ᠶ᠋ᠡᠨ ᠠᠯᠬᠤᠵᠤ ᠭᠠᠷᠳᠠᠭ ᠦᠭᠡᠢ᠃
46. ᠬᠠᠭᠠᠯᠭ᠎ᠠ ᠤᠷᠤᠭᠤ ᠲᠣᠯᠣᠭᠠᠢ ᠪᠠᠨ ᠬᠠᠷᠠᠭᠤᠯᠵᠤ ᠤᠨᠲᠠᠳᠠᠭ ᠦᠭᠡᠢ᠃
47. ᠬᠥᠯ ᠢ᠋ᠶ᠋ᠡᠨ ᠠᠴᠢᠵᠤ ᠰᠠᠭᠤᠳᠠᠭ ᠦᠭᠡᠢ᠃ ᠵᠣᠪᠠᠯᠠᠩ ᠢ᠋ᠶ᠋ᠠᠨ ᠠᠴᠢᠯᠠ ᠭᠡᠬᠦ᠃
48. ᠰᠢᠷᠡᠭᠡ ᠥᠨᠴᠥᠭᠳᠡᠵᠦ ᠰᠠᠭᠤᠳᠠᠭ ᠦᠭᠡᠢ᠃
49. ᠬᠥᠮᠦᠨ ᠳ᠋ᠦ᠍ ᠬᠢᠲᠤᠭ᠎ᠠ ᠬᠠᠢᠴᠢ ᠭᠡᠬᠦ ᠮᠡᠲᠦ ᠶ᠋ᠢ ᠥᠭᠬᠦ ᠳ᠋ᠡᠭᠡᠨ ᠢᠷ ᠲᠡᠢ ᠲᠠᠯ᠎ᠠ ᠪᠠᠷ ᠥᠭᠬᠦ ᠶ᠋ᠢ ᠴᠡᠭᠡᠷᠯᠡᠨ᠎ᠡ᠃ ᠪᠠᠷᠢᠭᠤᠯ ᠲᠠᠢ ᠲᠠᠯ᠎ᠠ ᠪᠠᠷ ᠨᠢ ᠥᠭᠬᠦ᠃
50. ᠬᠢᠲᠤᠭᠠᠨ ᠤ᠋ ᠢᠷ ᠢ᠋ ᠳᠡᠭᠡᠭᠰᠢ ᠨᠢ ᠬᠠᠷᠠᠭᠤᠯᠵᠤ ᠲᠠᠯᠪᠢᠳᠠᠭ ᠦᠭᠡᠢ᠃
51. ᠲᠣᠭᠣᠭᠠᠨ ᠠ᠋ᠴᠠ ᠬᠢᠲᠤᠭ᠎ᠠ ᠪᠠᠷ ᠮᠢᠬ᠎ᠠ ᠵᠠᠭᠤᠵᠤ ᠠᠪᠬᠤ ᠶ᠋ᠢ ᠴᠡᠭᠡᠷᠯᠡᠨ᠎ᠡ᠃
52. ᠭᠡᠷ ᠢ᠋ ᠨᠠᠷᠠ ᠪᠤᠷᠤᠭᠤ ᠲᠣᠭᠣᠷᠢᠬᠤ ᠶ᠋ᠢ ᠴᠡᠭᠡᠷᠯᠡᠨ᠎ᠡ᠃
53. ᠡᠮᠡᠭᠲᠡᠢ ᠬᠥᠮᠦᠨ ᠦ᠌ ᠬᠣᠷᠮᠣᠢ ᠶ᠋ᠢᠨ ᠳᠣᠣᠭᠤᠷ ᠲᠣᠯᠣᠭᠠᠢ ᠪᠠᠨ ᠰᠢᠷᠭᠤᠭᠤᠯᠬᠤ ᠶ᠋ᠢ ᠴᠡᠭᠡᠷᠯᠡᠬᠦ᠃ ᠬᠡᠢᠮᠣᠷᠢ ᠳ᠋ᠤ᠌ ᠮᠠᠭᠤ ᠭᠡᠬᠦ᠃
54. ᠬᠥᠮᠦᠨ ᠦ᠌ ᠮᠥᠷᠦᠨ ᠳᠡᠭᠡᠷ᠎ᠡ ᠭᠠᠷ ᠢ᠋ᠶ᠋ᠠᠨ ᠲᠠᠯᠪᠢᠬᠤ ᠶ᠋ᠢ ᠴᠡᠭᠡᠷᠯᠡᠬᠦ᠃ ᠬᠡᠢᠮᠣᠷᠢ ᠳ᠋ᠤ᠌ ᠮᠠᠭᠤ ᠭᠡᠬᠦ᠃
55. ᠠᠮᠠᠨ ᠳ᠋ᠠᠭᠠᠨ ᠳᠠᠭᠤᠤ ᠠᠶᠠᠯᠳᠠᠭ ᠦᠭᠡᠢ᠃ ᠰᠡᠳᠬᠢᠯ ᠳ᠋ᠦ᠍ ᠬᠡᠢ ᠣᠷᠣᠨ᠎ᠠ ᠭᠡᠬᠦ᠃
56. ᠰᠦᠨ ᠰᠢᠲᠦ ᠤᠨᠠᠬᠤ ᠳ᠋ᠤ᠌ ᠰᠢᠲᠦᠨ ᠵᠠᠪᠰᠠᠷ ᠢ᠋ᠶ᠋ᠠᠷ ᠢ᠋ᠶ᠋ᠠᠨ ᠬᠡᠯᠡ ᠪᠡᠨ ᠣᠷᠣᠭᠤᠯᠵᠤ ᠪᠣᠯᠬᠤ ᠦᠭᠡᠢ ᠭᠡᠵᠦ ᠰᠤᠷᠭᠠᠬᠤ᠃ ᠮᠠᠭᠤᠬᠠᠢ ᠰᠢᠳᠦ ᠤᠷᠭᠤᠨ᠎ᠠ ᠭᠡᠬᠦ᠃
57. ᠰᠢᠲᠦᠨ ᠵᠠᠪᠰᠠᠷ ᠢ᠋ᠶ᠋ᠠᠷ ᠣᠷᠣᠭᠰᠠᠨ ᠮᠢᠬ᠎ᠠ ᠶ᠋ᠢ ᠤᠲᠠᠰᠤ ᠪᠠᠷ ᠠᠪᠬᠤ ᠦᠭᠡᠢ ᠪᠠᠢᠬᠤ᠃ ᠵᠠᠢ ᠭᠠᠷᠤᠨ᠎ᠠ ᠭᠡᠬᠦ᠃
58. ᠬᠠᠭᠠᠯᠭ᠎ᠠ ᠭᠠᠷᠴᠠ ᠪᠠᠷ ᠤᠬᠤᠷᠢᠵᠤ ᠭᠠᠷᠬᠤ ᠦᠭᠡᠢ ᠭᠡᠬᠦ᠃
59. ᠲᠦᠯᠬᠢᠭᠦᠷ ᠰᠢᠷᠡᠭᠡᠨ ᠳᠡᠭᠡᠷ᠎ᠡ ᠲᠠᠯᠪᠢᠳᠠᠭ ᠦᠭᠡᠢ᠃
60. ᠬᠢᠮᠤᠰᠤ ᠪᠠᠨ ᠰᠥᠨᠢ ᠠᠪᠳᠠᠭ ᠦᠭᠡᠢ᠃ ᠲᠥᠭᠡᠷᠢᠨ᠎ᠡ ᠭᠡᠬᠦ᠃
61. ᠳᠠᠯᠤ ᠶ᠋ᠢ ᠭᠠᠭᠴᠠᠭᠠᠷ ᠢᠳᠡᠳᠡᠭ ᠦᠭᠡᠢ᠃ ᠳᠠᠯᠠᠭᠤᠯᠠ ᠪᠠᠨ ᠬᠤᠪᠢᠶᠠᠵᠤ ᠢᠳᠡᠳᠡᠭ ᠭᠡᠬᠦ᠃
62. ᠬᠣᠶᠠᠷ ᠬᠥᠮᠦᠨ ᠬᠥᠯ ᠦ᠋ᠨ ᠤᠯᠠ ᠪᠠᠨ ᠨᠡᠢᠯᠡᠭᠦᠯᠳᠡᠭ ᠦᠭᠡᠢ᠃ ᠮᠠᠭᠤᠳᠠᠯᠴᠠᠨᠠ ᠭᠡᠬᠦ᠃
63. ᠲᠦᠯᠬᠢᠭᠦᠷ ᠡᠷᠭᠢᠭᠦᠯᠳᠡᠭ ᠦᠭᠡᠢ᠃ ᠡᠷᠭᠢᠭᠦᠦ ᠪᠣᠯᠤᠨ᠎ᠠ ᠭᠡᠬᠦ᠃
64. ᠨᠣᠬᠠᠢ ᠲᠠᠢ ᠵᠢᠷᠤᠭ ᠢ᠋ᠶ᠋ᠠᠨ ᠠᠪᠬᠣᠭᠣᠯᠳᠠᠭ ᠦᠭᠡᠢ᠃
65. ᠰᠢᠷᠮᠦᠰᠦ ᠪᠡᠨ ᠳᠤᠤᠭᠠᠷᠭᠠᠳᠠᠭ ᠦᠭᠡᠢ᠃ ᠰᠢᠷᠪᠥᠰᠥ ᠰᠤᠨᠤᠨ᠎ᠠ ᠭᠡᠬᠦ᠃
66. ᠬᠣᠨᠢᠨ ᠤ᠋ ᠬᠣᠭᠣᠰᠣᠨ ᠰᠡᠭᠦᠵᠢ ᠭᠡᠷ ᠲᠦ᠍ ᠬᠣᠨᠣᠭᠤᠯᠳᠠᠭ ᠦᠭᠡᠢ᠃ ᠴᠢᠳᠬᠥᠷ ᠱᠦᠭᠯᠡᠨᠡ ᠭᠡᠬᠦ᠃
67. ᠥᠭᠡᠳᠡ ᠥᠭᠡᠳᠡ ᠡᠴᠡ ᠪᠡᠨ ᠬᠠᠷᠠᠵᠤ ᠶᠠᠷᠢᠬᠤ ᠶ᠋ᠢ ᠡᠷᠬᠢᠮᠯᠡᠨ᠎ᠡ᠃
68. ᠠᠪᠤ ᠶ᠋ᠢᠨ ᠪᠣᠢ ᠳ᠋ᠤ᠌ ᠰᠠᠬᠠᠯ ᠲᠠᠯᠪᠢᠬᠤ ᠶ᠋ᠢ ᠴᠡᠭᠡᠷᠯᠡᠨ᠎ᠡ᠃
69. ᠠᠶᠠᠭ᠎ᠠ ᠲᠠᠢ ᠬᠣᠭᠣᠯᠠ ᠴᠠᠢ ᠵᠥᠭᠡᠭᠡᠬᠦ ᠳ᠋ᠡᠭᠡᠨ ᠡᠷᠡᠬᠡᠢ ᠬᠤᠷᠤᠭᠤ ᠪᠠᠨ ᠠᠶᠠᠭᠠᠨ ᠤ᠋ ᠠᠮᠠᠰᠠᠷ ᠳᠠᠪᠠᠭᠤᠯᠤᠨ ᠳᠣᠲᠣᠷ᠎ᠠ ᠨᠢ ᠬᠢᠵᠦ ᠵᠥᠭᠡᠭᠡᠬᠦ ᠶ᠋ᠢ ᠴᠡᠭᠡᠷᠯᠡᠨ᠎ᠡ᠃
70. ᠠᠶᠠᠭ᠎ᠠ ᠲᠠᠢ ᠬᠣᠭᠣᠯᠠ ᠴᠠᠢ ᠵᠥᠭᠡᠭᠡᠬᠦ ᠳ᠋ᠡᠭᠡᠨ ᠲᠠᠪᠤᠨ ᠬᠤᠷᠤᠭᠤ ᠪᠠᠷ ᠢ᠋ᠶ᠋ᠠᠨ ᠪᠢᠲᠡᠭᠦᠯᠡᠵᠦ ᠪᠠᠷᠢᠬᠤ ᠶ᠋ᠢ ᠴᠡᠭᠡᠷᠯᠡᠨ᠎ᠡ᠃ ᠦᠬᠦᠯ ᠦ᠋ᠨ ᠪᠠᠷᠢᠯᠲᠠ ᠭᠡᠬᠦ᠃
71. ᠠᠬᠠᠮᠠᠳ ᠨᠠᠰᠤᠲᠠᠨ ᠤ᠋ ᠡᠮᠦᠨᠡᠭᠦᠷ ᠪᠣᠰᠴᠤ ᠶᠠᠪᠤᠬᠤ ᠶ᠋ᠢ ᠴᠡᠭᠡᠷᠯᠡᠬᠦ᠃
72. ᠰᠢᠪᠠᠭᠤᠨ ᠤ᠋ ᠥᠨᠳᠡᠭᠡᠨ ᠳ᠋ᠦ᠍ ᠰᠡᠭᠦᠳᠡᠷ ᠢ᠋ᠶ᠋ᠡᠨ ᠬᠦᠷᠭᠡᠬᠦ ᠶ᠋ᠢ ᠴᠡᠭᠡᠷᠯᠡᠬᠦ᠃
73. ᠬᠥᠮᠦᠨ ᠦ᠌ ᠲᠣᠯᠣᠭᠠᠢ ᠤᠷᠤᠭᠤ ᠬᠥᠯ ᠢ᠋ᠶ᠋ᠡᠨ ᠵᠢᠭᠢᠵᠦ ᠰᠠᠭᠤᠬᠤ᠂ ᠬᠡᠪᠲᠡᠬᠦ ᠶ᠋ᠢ ᠴᠡᠭᠡᠷᠯᠡᠬᠦ᠃
74. ᠤᠷᠲᠤ ᠨᠠᠰᠤ ᠲᠠᠢ ᠠᠮᠢᠲᠠᠨ ᠠᠯᠠᠬᠤ ᠶ᠋ᠢ ᠴᠡᠭᠡᠷᠯᠡᠬᠦ᠃ ᠨᠠᠰᠤ ᠪᠣᠭᠣᠨᠢᠰᠤᠨ᠎ᠠ ᠭᠡᠬᠦ᠃
75. ᠴᠡᠴᠡᠭ ᠦ᠋ᠨ ᠲᠣᠯᠣᠭᠠᠢ ᠲᠠᠰᠤᠯᠳᠠᠭ ᠦᠭᠡᠢ ᠭᠡᠬᠦ᠃
76. ᠡᠯᠢᠭᠡ ᠪᠡᠨ ᠲᠡᠪᠡᠷᠢᠳᠡᠭ ᠦᠭᠡᠢ᠃
77. ᠠᠶᠠᠭ᠎ᠠ ᠲᠠᠪᠠᠭ ᠬᠥᠮᠥᠷᠢᠭᠦᠯᠵᠦ ᠲᠠᠯᠪᠢᠳᠠᠭ ᠦᠭᠡᠢ᠃ ᠬᠣᠭᠣᠰᠣᠷᠠᠨ᠎ᠠ᠃
78. ᠠᠷᠴᠠ ᠠᠰᠠᠭᠠᠬᠤ ᠳ᠋ᠠᠭᠠᠨ ᠦᠯᠢᠶᠡᠵᠦ ᠤᠨᠲᠠᠷᠠᠭᠠᠳᠠᠭ ᠦᠭᠡᠢ᠃ ᠭᠠᠷ ᠢ᠋ᠶ᠋ᠠᠷ ᠢ᠋ᠶ᠋ᠠᠨ ᠰᠡᠪᠡᠷᠡᠵᠦ ᠤᠨᠲᠠᠷᠠᠭᠠᠬᠤ᠃
79. ᠪᠤᠷᠬᠠᠨ ᠰᠢᠲᠦᠭᠡᠨ ᠦ᠌ ᠡᠮᠦᠨᠡᠬᠢ ᠬᠣᠭᠣᠰᠣᠨ ᠠᠶᠠᠭ᠎ᠠ ᠶ᠋ᠢ ᠬᠥᠮᠥᠷᠢᠭᠦᠯᠵᠦ ᠲᠠᠯᠪᠢᠬᠤ ᠶ᠋ᠢ ᠴᠡᠭᠡᠷᠯᠡᠨ᠎ᠡ᠃
80. ᠭᠤᠲᠤᠯ ᠤ᠋ᠨ ᠠᠯᠴᠢᠭᠤᠷ ᠢ᠋ ᠰᠢᠲᠠᠵᠤ ᠥᠭᠬᠦ᠃ ᠭᠠᠷ ᠠ᠋ᠴᠠ ᠭᠠᠷ ᠲᠤ᠌ ᠳᠠᠮᠵᠢᠭᠤᠯᠵᠤ ᠥᠭᠬᠦ ᠶ᠋ᠢ ᠴᠡᠭᠡᠷᠯᠡᠨ᠎ᠡ᠃
81. ᠠᠢᠯ ᠤ᠋ᠨ ᠪᠤᠷᠬᠠᠨ᠂ ᠰᠢᠲᠦᠭᠡᠨ᠂ ᠬᠣᠢᠮᠣᠷ ᠤ᠋ᠨ ᠠᠪᠳᠠᠷ᠎ᠠ ᠶ᠋ᠢᠨ ᠡᠮᠦᠨᠡᠭᠦᠷ ᠡᠰᠡᠬᠦᠯ᠎ᠡ ᠵᠤᠤᠬ᠎ᠠ᠂ ᠲᠤᠯᠭ᠎ᠠ ᠶ᠋ᠢᠨ ᠭᠠᠯ ᠤ᠋ᠨ ᠡᠬᠢ ᠪᠡᠷ ᠨᠠᠷᠠ ᠪᠤᠷᠤᠭᠤ ᠲᠣᠭᠣᠷᠢᠵᠤ ᠭᠠᠷᠬᠤ ᠶ᠋ᠢ ᠴᠡᠭᠡᠷᠯᠡᠨ᠎ᠡ᠃ ᠬᠦᠨᠳᠦᠯᠡᠬᠦ ᠶ᠋ᠢᠨ ᠤᠴᠢᠷ ᠲᠡᠢᠨ ᠪᠥᠯᠥᠭᠡ᠃
82. ᠭᠣᠣᠯ ᠮᠥᠷᠡᠨ ᠦ᠌ ᠤᠰᠤ ᠤᠷᠤᠭᠤ ᠨᠤᠯᠮᠤᠬᠤ ᠶ᠋ᠢ ᠴᠡᠭᠡᠷᠯᠡᠨ᠎ᠡ᠃
83. ᠲᠠᠰᠢᠭᠤᠷ ᠢ᠋ᠶ᠋ᠠᠷ ᠭᠠᠵᠠᠷ ᠲᠤᠯᠬᠤ ᠶ᠋ᠢ ᠴᠡᠭᠡᠷᠯᠡᠨ᠎ᠡ᠃
84. ᠨᠢᠷᠤᠭᠤ ᠪᠠᠨ ᠡᠭᠦᠷᠬᠦ ᠶ᠋ᠢ ᠴᠡᠭᠡᠷᠯᠡᠨ᠎ᠡ᠃
85. ᠠᠢᠯ ᠳ᠋ᠤ᠌ ᠨᠢᠷᠤᠭᠤ ᠪᠠᠨ ᠡᠭᠦᠷᠴᠦ ᠵᠣᠭᠰᠣᠬᠤ ᠶ᠋ᠢ ᠴᠡᠭᠡᠷᠯᠡᠨ᠎ᠡ ᠃ ᠬᠡᠷᠪᠡ ᠲᠡᠢᠨ ᠦᠢᠯᠡᠳᠪᠡᠰᠦ ᠶᠡᠬᠡᠷᠬᠡᠵᠦ᠂ ᠳᠡᠭᠡᠷᠡᠯᠬᠡᠦ ᠠᠭᠠᠰᠢᠯᠠᠵᠤ ᠪᠣᠢ ᠶ᠋ᠢᠨ ᠲᠡᠮᠳᠡᠭ ᠭᠡᠬᠦ ᠪᠤᠶᠤ ᠶᠠᠯ᠎ᠠ ᠳ᠋ᠤ᠌ ᠤᠨᠠᠨ ᠪᠠᠷᠢᠪᠴᠢᠯᠠᠭᠳᠠᠵᠤ ᠠᠷᠤ ᠳ᠋ᠠᠭᠠᠨ ᠭᠠᠷ ᠢ᠋ᠶ᠋ᠠᠨ ᠬᠦᠯᠢᠭᠦᠯᠬᠦ ᠶ᠋ᠢᠨ ᠮᠠᠭᠤ ᠶᠣᠷᠣ ᠭᠡᠨ᠎ᠡ᠃
86. ᠰᠦᠯᠡᠭᠰᠡᠨ ᠴᠠᠢ ᠶ᠋ᠢ ᠪᠤᠴᠠᠯᠤᠭᠰᠠᠨ ᠬᠣᠢᠨ᠎ᠠ ᠨᠢ ᠰᠠᠮᠤᠷᠬᠤ᠃ ᠡᠬᠡ ᠶ᠋ᠢᠨ ᠤᠭᠤᠷᠠᠭ ᠲᠠᠢ ᠠᠳᠠᠯᠢᠳᠬᠠᠬᠤ᠃
87. ᠰᠦ ᠠᠰᠬᠠᠬᠤ ᠶ᠋ᠢ ᠴᠡᠭᠡᠷᠯᠡᠨ᠎ᠡ᠃
88. ᠠᠮᠠ ᠤᠷᠤᠭᠤ ᠪᠠᠨ ᠴᠢᠳᠬᠤᠵᠤ ᠢᠳᠡᠬᠦ ᠦᠭᠡᠢ᠃
89. ᠵᠠᠪᠠᠵᠢ ᠪᠠᠷ ᠢ᠋ᠶ᠋ᠠᠨ ᠠᠰᠬᠠᠵᠤ ᠴᠢᠳᠬᠤᠵᠤ ᠤᠮᠳᠠ ᠤᠤᠭᠤᠬᠤ ᠦᠭᠡᠢ᠃ ᠰᠠᠳᠠᠷᠬᠠᠢ ᠤᠷᠤᠭᠤᠯ ᠲᠠᠢ ᠶᠤᠮ ᠤᠤ ᠭᠡᠵᠦ ᠰᠤᠷᠭᠠᠬᠤ᠃
90. ᠮᠣᠩᠭᠣᠯ ᠬᠥᠮᠦᠨ ᠠᠮᠠᠨ ᠳ᠋ᠠᠭᠠᠨ ᠮᠣᠳᠣ ᠵᠠᠭᠤᠳᠠᠭ ᠦᠭᠡᠢ ᠃ ᠵᠠᠯᠭᠢᠪᠠᠯ ᠶᠠᠭᠠᠬᠢᠨ᠎ᠠ ᠭᠡᠵᠦ ᠰᠡᠷᠡᠮᠵᠢᠯᠡᠬᠦ᠃
91. ᠲᠠᠯᠤᠨ ᠤ᠋ ᠶᠠᠰᠤ ᠮᠡᠷᠡᠬᠦ ᠶ᠋ᠢ ᠴᠡᠭᠡᠷᠯᠡᠨ᠎ᠡ᠃
92. ᠰᠢᠷᠡᠭᠡᠨ ᠳᠡᠭᠡᠷ᠎ᠡ ᠰᠠᠭᠤᠳᠠᠭ ᠦᠬᠠᠢ᠃ ᠥᠷᠢᠨ ᠳ᠋ᠦ᠍ ᠣᠷᠣᠨ᠎ᠠ ᠭᠡᠨ᠎ᠡ᠃
93. ᠲᠣᠭᠠᠨ ᠤ᠋ ᠮᠠᠰᠢᠨ ᠰᠤᠸᠠᠮᠫᠠᠨ ᠢ᠋ᠶ᠋ᠠᠷ ᠲᠣᠭᠯᠠᠳᠠᠭ ᠦᠭᠡᠢ᠂ ᠥᠷᠢᠨ ᠳ᠋ᠦ᠍ ᠣᠷᠣᠨ᠎ᠠ ᠭᠡᠨ᠎ᠡ᠃
94. ᠬᠥᠮᠦᠨ ᠦ᠌ ᠰᠤᠭᠤᠨ ᠳᠣᠣᠭᠤᠷ᠂ ᠬᠥᠯ ᠦ᠋ᠨ ᠵᠠᠪᠰᠠᠷ ᠢ᠋ᠶ᠋ᠠᠷ ᠭᠠᠷᠬᠤ ᠶ᠋ᠢ ᠴᠡᠭᠡᠷᠯᠡᠬᠦ᠃ ᠬᠡᠢᠮᠣᠷᠢ ᠳᠣᠷᠣᠢᠲᠠᠨ᠎ᠠ ᠭᠡᠬᠦ᠃ ᠪᠦᠬᠠᠴᠦᠳ ᠲᠦ᠍ ᠬᠠᠮᠢᠶ᠎ᠠ ᠦᠭᠡᠢ᠃
95. ᠭᠡᠷ ᠲᠦ᠍ ᠱᠦᠭᠯᠦᠳᠡᠳᠡᠭ ᠦᠭᠡᠢ᠃ ᠴᠢᠳᠬᠥᠷ ᠱᠦᠭᠯᠡᠨᠡ ᠭᠡᠬᠦ᠃
96. ᠳᠣᠭᠣᠭᠰᠢ ᠪᠠᠨ ᠬᠠᠷᠠᠭᠰᠠᠨ ᠰᠠᠪᠠ ᠪᠡᠯᠡᠭᠯᠡᠬᠦ ᠶ᠋ᠢ ᠴᠡᠭᠡᠷᠯᠡᠨ᠎ᠡ᠃ ᠮᠠᠯᠠᠭᠠᠢ ᠣᠷᠣᠨ᠎ᠠ᠃ ᠳᠡᠭᠡᠭᠰᠢ ᠪᠡᠨ ᠬᠠᠷᠠᠭᠰᠠᠨ ᠰᠠᠪᠠ ᠥᠭᠬᠦ ᠰᠠᠢᠨ ᠭᠡᠵᠦ ᠦᠵᠡᠨ᠎ᠡ᠃ ᠣᠢᠮᠣᠰᠤ᠂ ᠭᠤᠲᠤᠯ ᠣᠷᠣᠨ᠎ᠠ᠃
97. ᠮᠣᠷᠢᠨ ᠬᠤᠭᠤᠷ ᠭᠡᠷ ᠲᠡᠭᠡᠨ ᠬᠤᠳᠠᠯᠳᠤᠵᠤ ᠠᠪᠳᠠᠭ ᠦᠭᠡᠢ᠃ ᠪᠡᠯᠡᠭ ᠲᠦ᠍ ᠠᠪᠳᠠᠭ᠃
98. ᠣᠷᠣᠨ ᠳ᠋ᠠᠭᠠᠨ ᠳᠠᠭᠤᠤ ᠳᠠᠭᠤᠯᠠᠬᠤ᠂ ᠣᠷᠣᠨ ᠳ᠋ᠠᠭᠠᠨ ᠤᠬᠢᠯᠠᠬᠤ ᠶ᠋ᠢ ᠴᠡᠭᠡᠷᠯᠡᠨ᠎ᠡ᠃ ᠵᠣᠪᠠᠯᠠᠩ ᠰᠠᠯᠬᠤ ᠦᠭᠡᠢ ᠭᠡᠬᠦ᠃
99. ᠬᠡᠦᠬᠡᠳ ᠦ᠋ᠨ ᠲᠣᠯᠣᠭᠠᠢ ᠤᠷᠤᠭᠤ ᠴᠣᠬᠢᠬᠤ ᠶ᠋ᠢ ᠴᠡᠭᠡᠷᠯᠡᠨ᠎ᠡ᠃ ᠡᠷᠭᠢᠭᠦᠦ ᠪᠣᠯᠤᠨ᠎ᠠ ᠭᠡᠬᠦ᠃
100. ᠬᠣᠶᠠᠷ ᠬᠡᠣᠬᠠᠳ ᠰᠢᠭᠡᠰᠦ ᠪᠡᠷ ᠢ᠋ᠶ᠋ᠡᠨ ᠲᠣᠭᠯᠠᠵᠤ ᠰᠢᠭᠡᠬᠦ ᠶ᠋ᠢ ᠴᠡᠭᠡᠷᠯᠡᠨ᠎ᠡ᠃
101. ᠨᠣᠮ ᠤᠩᠰᠢᠵᠤ ᠪᠠᠢᠭᠠᠳ ᠳᠡᠯᠭᠡᠵᠦ ᠣᠷᠬᠢᠳᠠᠭ ᠦᠭᠡᠢ᠃ ᠴᠢᠳᠬᠥᠷ ᠤᠩᠰᠢᠳᠠᠭ ᠭᠡᠬᠦ᠃
102. ᠭᠠᠷ ᠢ᠋ᠶ᠋ᠠᠨ ᠬᠣᠭᠣᠰᠣᠨ ᠰᠠᠪᠠᠴᠢᠳᠠᠭ ᠦᠭᠡᠢ᠃
103. ᠴᠢᠰᠤ ᠲᠠᠢ ᠵᠦᠢᠯ ᠭᠠᠯ ᠤᠷᠤᠭᠤ ᠬᠢᠳᠡᠭ ᠦᠭᠡᠢ᠃ ᠰᠢᠲᠠᠭᠠᠳᠠᠭ ᠦᠭᠡᠢ᠃
104. ᠠᠯᠠᠭ᠎ᠠ ᠬᠣᠭᠣᠰᠣᠨ ᠲᠠᠰᠢᠳᠠᠭ ᠦᠭᠡᠢ᠃
105. ᠣᠢᠮᠣᠰᠤ ᠪᠠᠨ ᠲᠣᠯᠣᠭᠠᠢ ᠳ᠋ᠠᠭᠠᠨ ᠤᠭᠯᠠᠬᠤ ᠶ᠋ᠢ ᠴᠡᠭᠡᠷᠯᠡᠨ᠎ᠡ᠃
106. ᠬᠣᠭ ᠰᠢᠲᠠᠭᠠᠬᠤ ᠶ᠋ᠢ ᠴᠡᠭᠡᠷᠯᠡᠨ᠎ᠡ᠃ ᠭᠠᠯ ᠤ᠋ᠨ ᠪᠤᠷᠬᠠᠨ ᠬᠢᠯᠢᠩᠨᠡᠨ᠎ᠡ ᠭᠡᠬᠦ᠃
107. ᠬᠥᠮᠦᠨ ᠦ᠌ ᠨᠢᠭᠤᠷ ᠤᠷᠤᠭᠤ ᠲᠣᠯᠢ ᠪᠠᠷ ᠭᠡᠷᠡᠯ ᠳᠤᠰᠬᠠᠬᠤ ᠶ᠋ᠢ ᠴᠡᠭᠡᠷᠯᠡᠨ᠎ᠡ᠃
108. ᠲᠣᠯᠢ ᠳᠡᠭᠡᠭᠰᠢ ᠬᠠᠷᠠᠭᠤᠯᠵᠤ ᠲᠠᠯᠪᠢᠬᠤ ᠶ᠋ᠢ ᠴᠡᠭᠡᠷᠯᠡᠨ᠎ᠡ᠃
109. ᠠᠬᠠᠮᠠᠳ ᠬᠥᠮᠦᠨ ᠢ᠋ ᠨᠡᠷ᠎ᠡ ᠪᠡᠷ ᠨᠢ ᠳᠠᠭᠤᠳᠠᠬᠤ ᠶ᠋ᠢ ᠴᠡᠭᠡᠷᠯᠡᠨ᠎ᠡ᠃
110. ᠬᠡᠪᠲᠡᠵᠦ ᠨᠣᠮ ᠤᠩᠰᠢᠳᠠᠭ ᠦᠭᠡᠢ᠃
111. ᠬᠥᠮᠦᠨ ᠦ᠌ ᠲᠦᠷᠡᠢᠪᠴᠢ ᠤᠷᠤᠭᠤ ᠥᠩᠭᠡᠢᠵᠦ ᠬᠠᠷᠠᠳᠠᠭ ᠦᠭᠡᠢ᠃
112. ᠲᠦᠷᠡᠢᠪᠴᠢᠨ ᠳ᠋ᠦ᠍ ᠴᠡᠭᠡᠵᠢ ᠵᠢᠷᠤᠭ ᠬᠢᠵᠦ ᠠᠪᠴᠤ ᠶᠠᠪᠤᠳᠠᠭ ᠦᠭᠡᠢ᠃
113. ᠭᠠᠵᠠᠷ ᠭᠠᠷ ᠢ᠋ᠶ᠋ᠠᠷ ᠢ᠋ᠶ᠋ᠠᠨ ᠲᠤᠯᠵᠤ ᠰᠠᠭᠤᠬᠤ ᠶ᠋ᠢ ᠴᠡᠭᠡᠷᠯᠡᠨ᠎ᠡ᠃
114. ᠬᠥᠮᠦᠨ ᠳ᠋ᠦ᠍ ᠶᠠᠭᠤᠮ᠎ᠠ ᠰᠢᠲᠠᠵᠤ ᠥᠭᠳᠡᠭ ᠦᠭᠡᠢ᠃ ᠨᠣᠬᠠᠢ ᠳ᠋ᠤ᠌ ᠶᠠᠭᠤᠮ᠎ᠠ ᠰᠢᠲᠠᠵᠤ ᠥᠭᠳᠡᠭ᠃ (ᠭᠤᠲᠤᠯ ᠤ᠋ᠨ ᠠᠯᠴᠢᠭᠤᠷ ᠬᠥᠮᠦᠨ ᠳ᠋ᠦ᠍ ᠰᠢᠲᠠᠵᠤ ᠥᠭᠬᠦ ᠨᠢ ᠵᠥᠪ᠃)
115. ᠦᠰᠦ ᠪᠡᠨ ᠬᠠᠮᠢᠭ᠎ᠠ ᠬᠠᠮᠢᠶ᠎ᠠ ᠦᠭᠡᠢ ᠬᠠᠶᠠᠳᠠᠭ ᠦᠭᠡᠢ᠃ ᠮᠣᠷᠢᠨ ᠤ᠋ ᠤᠶᠠᠭᠠᠨ ᠳᠡᠭᠡᠷ᠎ᠡ ᠠᠪᠠᠴᠢᠵᠤ ᠮᠣᠷᠢᠨ ᠳ᠋ᠤ᠌ ᠭᠢᠰᠬᠢᠭᠦᠯᠪᠡᠯ ᠰᠠᠢᠨ᠃
116. ᠰᠦᠨ ᠰᠢᠳᠦ ᠶ᠋ᠢ ᠬᠠᠶᠠᠳᠠᠭ ᠦᠭᠡᠢ᠃ ᠨᠣᠬᠠᠢ ᠳ᠋ᠤ᠌ ᠥᠭᠡᠬᠦᠨ ᠳ᠋ᠦ᠍ ᠪᠣᠭᠣᠵᠤ ᠥᠭᠬᠦ᠃
117. ᠬᠥᠮᠦᠨ ᠳ᠋ᠦ᠍ ᠭᠠᠷ ᠤ᠋ᠨ ᠰᠠᠯᠠᠭ᠎ᠠ ᠪᠠᠷ ᠢ᠋ᠶ᠋ᠠᠨ ᠶᠠᠭᠤᠮ᠎ᠠ ᠥᠭᠳᠡᠭ ᠦᠭᠡᠢ᠃
118. ᠬᠥᠮᠦᠨ ᠡᠴᠡ ᠶᠠᠭᠤᠮ᠎ᠠ ᠠᠪᠬᠤ ᠳ᠋ᠠᠭᠠᠨ ᠪᠤᠯᠢᠶᠠᠵᠤ ᠠᠪᠳᠠᠭ ᠦᠭᠡᠢ᠃
119. ᠪᠤᠷᠤᠭᠤ ᠭᠠᠷ ᠢ᠋ᠶ᠋ᠠᠷ ᠢ᠋ᠶ᠋ᠠᠨ ᠶᠠᠭᠤᠮ᠎ᠠ ᠥᠭᠴᠦ ᠠᠪᠤᠯᠴᠠᠳᠠᠭ ᠦᠭᠡᠢ᠃
120. ᠨᠣᠬᠠᠢ ᠵᠠᠷᠤᠳᠠᠭ ᠦᠭᠡᠢ᠃
121. ᠮᠣᠳᠣᠨ ᠤ᠋ ᠮᠥᠴᠢᠷ ᠳᠡᠭᠡᠷ᠎ᠡ ᠭᠢᠰᠬᠢᠬᠦ ᠠᠪᠠᠷᠢᠬᠤ ᠶ᠋ᠢ ᠴᠡᠭᠡᠷᠯᠡᠨ᠎ᠡ᠃ ᠤᠷᠭᠤᠯᠲᠠ ᠨᠢ ᠵᠣᠭᠰᠣᠳᠠᠭ ᠭᠡᠬᠦ᠃
122. ᠨᠣᠮ ᠤ᠋ᠨ ᠳᠡᠭᠡᠷ᠎ᠡ ᠭᠢᠰᠬᠢᠳᠡᠭ ᠦᠭᠡᠢ᠃ ᠡᠷᠳᠡᠮ ᠰᠤᠷᠳᠠᠭ ᠦᠭᠡᠢ ᠶᠦᠮ ᠭᠡᠵᠦ ᠰᠤᠷᠭᠠᠬᠤ᠃
123. ᠭᠠᠷ ᠤ᠋ᠨ ᠠᠯᠭᠠᠨ ᠳᠡᠭᠡᠷ᠎ᠡ ᠪᠡᠨ ᠶᠠᠭᠤᠮ᠎ᠠ ᠵᠢᠷᠤᠬᠤ ᠶ᠋ᠢ ᠴᠡᠭᠡᠷᠯᠡᠬᠦ᠃
124. ᠮᠠᠯ ᠠᠮᠢᠲᠠᠨ ᠢ᠋ᠶ᠋ᠠᠨ ᠵᠠᠨᠴᠢᠬᠤ ᠶ᠋ᠢ ᠴᠡᠭᠡᠷᠯᠡᠬᠦ᠃ ᠮᠠᠯ ᠤ᠋ᠨ ᠪᠤᠶᠠᠨ ᠲᠠᠢ ᠬᠣᠯᠪᠣᠵᠤ ᠲᠠᠢᠯᠪᠤᠷᠢᠯᠠᠳᠠᠭ᠃
125. ᠠᠬᠠᠮᠠᠳ ᠬᠥᠮᠦᠨ ᠦ᠌ ᠶᠠᠷᠢᠶ᠎ᠠ ᠲᠠᠰᠤᠳᠠᠳᠠᠭ ᠦᠭᠡᠢ᠃ ᠬᠦᠨᠳᠦᠯᠡᠬᠦ ᠶ᠋ᠢᠨ ᠤᠴᠢᠷ ᠪᠥᠯᠥᠭᠡ᠃
126. ᠬᠥᠮᠦᠨ ᠤᠷᠤᠭᠤ ᠬᠠᠷ᠎ᠠ ᠤᠰᠤ ᠴᠠᠴᠤᠳᠠᠭ ᠦᠭᠡᠢ᠃
127. ᠨᠡᠭᠦᠳᠡᠯ ᠦ᠋ᠨ ᠰᠢᠪᠠᠭᠤᠳ ᠤ᠋ᠨ ᠴᠤᠪᠤᠭ᠎ᠠ ᠲᠣᠭᠠᠯᠠᠳᠠᠭ ᠦᠭᠡᠢ᠃
128. ᠥᠷᠥᠭᠡᠨ ᠦ᠌ ᠬᠠᠭᠠᠯᠭ᠎ᠠ ᠣᠩᠭᠣᠷᠬᠠᠢ ᠣᠷᠬᠢᠳᠠᠭ ᠦᠭᠡᠢ ᠃ ᠬᠠᠭᠠᠵᠤ ᠪᠠᠢᠬᠤ ᠃
129. ᠬᠠᠢᠴᠢ ᠠᠩᠭᠠᠢᠯᠭᠠᠵᠤ ᠣᠷᠬᠢᠳᠠᠭ ᠦᠭᠡᠢ᠃ ᠬᠠᠮᠬᠢᠭᠤᠯᠵᠤ ᠪᠠᠢᠬᠤ᠃
130. ᠣᠷᠣ ᠪᠠᠨ ᠵᠠᠰᠠᠭᠠᠳ ᠣᠨᠳᠠᠯ ᠦᠭᠡᠢ ᠬᠣᠭᠣᠰᠣᠨ ᠬᠣᠨᠣᠭᠤᠯᠵᠤ ᠪᠣᠯᠬᠤ ᠦᠭᠡᠢ᠃ ᠴᠢᠳᠬᠥᠷ ᠣᠷᠣᠭᠠᠳ ᠤᠨᠲᠠᠴᠢᠬᠠᠳᠠᠭ᠃
131. ᠰᠠᠪᠠᠭ᠎ᠠ ᠮᠣᠳᠣ ᠪᠠᠷᠢᠳᠠᠭ ᠦᠭᠡᠢ ᠬᠣᠭᠣᠰᠣᠷᠠᠨ᠎ᠠ᠂ ᠮᠣᠳᠣ ᠪᠠᠨ ᠲᠤᠯᠤᠨ᠎ᠠ ᠭᠡᠬᠦ᠃
132. ᠬᠠᠢᠴᠢ ᠠᠩᠭᠠᠢᠯᠭᠠᠳᠠᠭ ᠦᠭᠡᠢ᠃
133. ᠳᠣᠯᠣᠪᠣᠷ ᠬᠤᠷᠤᠭᠤ ᠪᠠᠷ ᠢ᠋ᠶ᠋ᠠᠨ ᠶᠠᠭᠤᠮ᠎ᠠ ᠴᠢᠴᠢᠯᠵᠦ ᠵᠢᠭᠠᠳᠠᠭ ᠦᠭᠡᠢ᠃
134. ᠬᠥᠮᠦᠨ ᠤᠷᠤᠭᠤ ᠬᠤᠷᠤᠭᠤ ᠪᠠᠷ ᠢ᠋ᠶ᠋ᠠᠨ ᠴᠢᠴᠢᠯᠡᠳᠡᠭ ᠦᠭᠡᠢ᠃
135. ᠨᠢᠯᠬ᠎ᠠ ᠬᠡᠦᠬᠡᠳ ᠲᠡᠢ ᠠᠢᠯ ᠭᠥᠯᠥᠭᠡ ᠲᠡᠵᠢᠭᠡᠳᠡᠭ ᠦᠭᠡᠢ ᠭᠡᠬᠦ᠃ ᠬᠠᠢᠷ᠎ᠠ ᠪᠠᠨ ᠪᠤᠯᠢᠶᠠᠴᠠᠯᠳᠤᠨᠠ᠃
136. ᠮᠥᠷᠥ ᠨᠢ ᠴᠣᠭᠣᠷᠠᠭᠰᠠᠨ ᠤᠷᠠᠭᠳᠠᠭᠰᠠᠨ ᠬᠤᠪᠴᠠᠰᠤ ᠡᠮᠦᠰᠳᠡᠭ ᠦᠭᠡᠢ᠃
137. ᠮᠠᠯᠠᠭᠠᠢ ᠳᠡᠪᠡᠯ ᠳ᠋ᠦ᠍ ᠬᠦᠨᠳᠦᠳᠬᠡᠯ ᠲᠡᠢ ᠬᠠᠨᠳᠤᠵᠤ ᠬᠠᠮᠢᠭ᠎ᠠ ᠬᠠᠮᠢᠶ᠎ᠠ ᠦᠭᠡᠢ ᠬᠠᠶᠠᠳᠠᠭ ᠦᠭᠡᠢ᠃
138. ᠥᠪᠡᠷ ᠦ᠋ᠨ ᠡᠮᠦᠰᠴᠦ ᠪᠠᠢᠭᠰᠠᠨ ᠬᠤᠪᠴᠠᠰᠤ ᠪᠠᠨ ᠬᠥᠮᠦᠨ ᠳ᠋ᠦ᠍ ᠥᠭᠳᠡᠭ ᠦᠭᠡᠢ᠃
139. ᠴᠢᠨᠣ᠎ᠠ ᠶ᠋ᠢᠨ ᠱᠠᠭᠠᠢ ᠪᠡᠯᠡᠭᠯᠡᠳᠡᠭ ᠦᠭᠡᠢ᠃ ᠬᠤᠯᠠᠭᠠᠢᠯᠠᠵᠤ ᠂ ᠬᠤᠳᠠᠯᠳᠤᠵᠤ ᠠᠪᠳᠠᠭ ᠭᠡᠬᠦ᠃
140. ᠭᠣᠳᠣᠰ ᠢ᠋ ᠲᠣᠯᠣᠭᠠᠢ ᠠ᠋ᠴᠠ ᠨᠢ ᠡᠬᠢᠯᠡᠵᠦ ᠡᠪᠬᠡᠳᠡᠭ ᠦᠭᠡᠢ᠃ ᠬᠥᠯ ᠡᠴᠡ ᠨᠢ ᠳᠡᠭᠡᠭᠰᠢ ᠨᠢ ᠡᠪᠬᠡᠬᠦ᠃ ᠦᠬᠦᠭᠰᠡᠨ ᠬᠥᠮᠦᠨ ᠦ᠌ ᠭᠣᠳᠣᠰ ᠢ᠋ ᠲᠣᠯᠣᠭᠠᠢ ᠠ᠋ᠴᠠ ᠨᠢ ᠡᠬᠢᠯᠡᠵᠦ ᠡᠪᠬᠡᠬᠦ ᠭᠡᠳᠡᠭ᠃
141. ᠲᠣᠯᠣᠭᠠᠢ ᠰᠡᠭᠰᠦᠷᠳᠡᠭ ᠦᠭᠡᠢ᠃
142. ᠬᠥᠮᠦᠨ ᠦ᠌ ᠨᠢᠭᠤᠷ ᠤᠷᠤᠭᠤ ᠨᠢᠯᠪᠤᠳᠠᠭ ᠦᠭᠡᠢ᠃
143. ᠶᠠᠰᠤ ᠶ᠋ᠢ ᠰᠠᠢᠲᠤᠷ ᠮᠥᠯᠵᠢᠵᠦ ᠬᠠᠶᠠᠬᠤ᠃ ᠮᠢᠬ᠎ᠠ ᠲᠠᠢ ᠦᠯᠡᠳᠡᠭᠡᠳᠡᠭ ᠦᠭᠡᠢ᠃
144. ᠬᠥᠯ ᠬᠦᠨᠳᠦ ᠲᠡᠢ ᠪᠦᠰᠡᠭᠦᠢ ᠶ᠋ᠢᠨ ᠡᠮᠦᠨᠡᠭᠦᠷ ᠣᠷᠣᠵᠤ ᠠᠯᠬᠤᠬᠤ ᠴᠡᠭᠡᠷ ᠲᠡᠢ᠃
145. ᠬᠠᠭᠠᠯᠭ᠎ᠠ ᠠᠯᠲᠠᠯᠠᠬᠤ ᠴᠡᠭᠡᠷ ᠲᠡᠢ᠃ ᠬᠥᠮᠦᠨ ᠥᠩᠭᠡᠷᠡᠭᠰᠡᠨ ᠦᠶ᠎ᠡ ᠳ᠋ᠦ᠍ ᠬᠠᠭᠠᠯᠭ᠎ᠠ ᠳᠠᠷᠤᠳᠠᠭ ᠶᠣᠰᠣᠨ ᠪᠠᠢᠭᠰᠠᠨ᠃
146. ᠮᠠᠯᠠᠭᠠᠢ ᠪᠠᠨ ᠪᠤᠷᠤᠭᠤ ᠪᠤᠶᠤ ᠬᠣᠢᠰᠢ ᠨᠢ ᠬᠠᠷᠠᠭᠤᠯᠵᠤ ᠡᠮᠦᠰᠬᠦ ᠴᠡᠭᠡᠷ ᠲᠡᠢ᠃ ᠬᠥᠮᠦᠨ ᠠᠯᠠᠭᠰᠠᠨ ᠬᠥᠮᠦᠨ ᠨᠢᠭᠤᠷ ᠢ᠋ᠶ᠋ᠠᠨ ᠪᠤᠷᠤᠭᠤᠯᠠᠵᠤ ᠪᠠᠢᠭ᠎ᠠ ᠬᠡᠷᠡᠭ ᠭᠡᠳᠡᠭ᠃
147. ᠭᠡᠷ ᠲᠦ᠍ ᠣᠷᠣᠬᠤ ᠳ᠋ᠠᠭᠠᠨ ᠲᠣᠲᠣᠭᠣᠨ ᠠ᠋ᠴᠠ ᠪᠠᠷᠢᠵᠤ᠂ ᠳᠡᠭᠦᠵᠢᠯᠡᠵᠦ ᠣᠷᠣᠬᠤ ᠪᠣᠯᠬᠤ ᠦᠭᠡᠢ᠃
148. ᠬᠠᠷᠠᠩᠭᠤᠢ ᠰᠥᠨᠢ ᠦᠰᠦ ᠪᠡᠨ ᠰᠠᠮᠨᠠᠳᠠᠭ ᠦᠭᠡᠢ᠃
149. ᠬᠠᠷᠠᠩᠭᠤᠢ ᠰᠥᠨᠢ ᠭᠡᠷ ᠲᠡᠭᠡᠨ ᠢᠰᠬᠡᠷᠴᠦ ᠪᠣᠯᠬᠤ ᠦᠭᠡᠢ᠃
150. ᠢᠷ ᠲᠡᠢ᠂ ᠦᠵᠦᠭᠦᠷ ᠲᠡᠢ ᠮᠡᠰᠡ ᠵᠦᠢᠯᠡᠰ ᠢ᠋ ᠢᠷ᠂ ᠦᠵᠦᠭᠦᠷ ᠢ᠋ᠶ᠋ᠡᠷ ᠨᠢ ᠬᠥᠮᠦᠨ ᠳ᠋ᠦ᠍ ᠴᠢᠭᠯᠡᠭᠦᠯᠵᠦ ᠥᠭᠬᠦ ᠴᠡᠭᠡᠷ ᠲᠡᠢ᠃
151. ᠬᠥᠮᠦᠨ ᠦ᠌ ᠮᠠᠯᠠᠭᠠᠢ ᠡᠮᠦᠰᠬᠦ ᠴᠡᠭᠡᠷ ᠲᠡᠢ᠃
152. ᠵᠠᠯᠠᠨ ᠳᠡᠭᠡᠭᠦᠷ ᠬᠥᠨᠳᠡᠯᠡᠨ ᠠᠯᠬᠤᠵᠤ ᠭᠠᠷᠬᠤ ᠴᠡᠭᠡᠷ ᠲᠡᠢ᠃
153. ᠤᠷᠭᠠᠨ ᠳᠡᠭᠡᠭᠦᠷ ᠠᠯᠬᠤᠵᠤ ᠭᠠᠷᠬᠤ ᠴᠡᠭᠡᠷ ᠲᠡᠢ᠃
154. ᠬᠥᠮᠦᠨ ᠳ᠋ᠦ᠍ ᠬᠤᠷᠤᠭᠤᠨ ᠤ᠋ ᠰᠠᠯᠠᠭ᠎ᠠ ᠪᠠᠷ ᠢ᠋ᠶ᠋ᠠᠨ ᠶᠠᠭᠤᠮ᠎ᠠ ᠥᠭᠬᠦ ᠂ ᠠᠪᠬᠤ ᠴᠡᠭᠡᠷ ᠲᠡᠢ᠃
155. ᠨᠠᠰᠤᠲᠠᠢ ᠬᠥᠮᠦᠨ ᠦ᠌ ᠡᠮᠦᠨ᠎ᠡ ᠡᠴᠡ ᠳᠠᠯᠤ ᠮᠥᠷᠥ ᠬᠠᠪᠴᠢᠵᠤ ᠮᠡᠳᠡᠬᠦ ᠦᠭᠡᠢ ᠭᠡᠳᠡᠭ ᠢ᠋ᠶ᠋ᠡᠨ ᠢᠯᠡᠷᠬᠡᠢᠯᠡᠬᠦ ᠴᠡᠭᠡᠷ ᠲᠡᠢ᠃
156. ᠤᠷᠤᠭᠤᠯ ᠢ᠋ᠶ᠋ᠠᠨ ᠭᠦᠪᠢᠳᠡᠭ ᠦᠭᠡᠢ᠃ ᠪᠤᠶᠠᠨ ᠢ᠋ᠶ᠋ᠠᠨ ᠭᠦᠪᠢᠨᠡ ᠭᠡᠬᠦ᠃
157. ᠮᠣᠭᠠᠢ ᠭᠡᠵᠦ ᠬᠡᠯᠡᠬᠦ ᠴᠡᠭᠡᠷ ᠲᠡᠢ᠃ ᠯᠤᠤᠰ ᠤ᠋ᠨ ᠠᠮᠢᠲᠠᠨ ᠡᠰᠡᠪᠡᠯ ᠤᠷᠲᠤ ᠬᠣᠷᠣᠬᠠᠢ ᠭᠡᠵᠦ ᠵᠥᠭᠡᠯᠡᠷᠡᠭᠦᠯᠵᠦ ᠶᠠᠷᠢᠳᠠᠭ᠃
158. ᠠᠶᠠᠭᠠᠨ ᠳ᠋ᠠᠭᠠᠨ ᠬᠣᠭᠣᠯᠠ ᠦᠯᠡᠳᠡᠭᠡᠬᠦ ᠴᠡᠭᠡᠷ ᠲᠡᠢ᠃ ᠠᠮᠠᠨ ᠤ᠋ ᠬᠡᠰᠢᠭ ᠢ᠋ᠶ᠋ᠡᠨ ᠪᠠᠷᠠᠨ᠎ᠠ ᠭᠡᠳᠡᠭ᠃
159. ᠤᠰᠤ᠂ ᠭᠣᠣᠯ ᠤᠷᠤᠭᠤ ᠨᠢᠯᠪᠤᠵᠤ ᠦᠯᠦ ᠪᠣᠯᠤᠨ᠎ᠠ᠃
160. ᠭᠣᠣᠯ᠂ ᠤᠰᠤᠨ ᠳ᠋ᠤ᠌ ᠪᠤᠵᠠᠷ ᠣᠷᠣᠭᠤᠯᠬᠤ ᠠ᠋ᠴᠠ ᠴᠡᠭᠡᠷᠯᠡ᠃ ᠨᠢᠭᠡ ᠯᠡ ᠰᠠᠪᠠ᠂ ᠰᠢᠨᠠᠭ᠎ᠠ ᠪᠠᠷ ᠠᠭᠣᠳᠠᠯᠠᠬᠣ ᠬᠡᠷᠡᠭᠲᠡᠢ᠃
161. ᠲᠣᠯᠣᠭᠠᠢ ᠪᠠᠨ ᠰᠠᠯᠠᠭᠠᠪᠴᠢᠯᠠᠵᠤ ᠪᠣᠯᠬᠤ ᠦᠭᠡᠢ᠃ ᠥᠷᠢᠨ ᠳ᠋ᠦ᠍ ᠣᠷᠣᠭᠰᠠᠨ ᠬᠢᠲᠠᠳ ᠰᠢᠭ᠋ ᠭᠡᠬᠦ᠃
162. ᠡᠮᠡᠭᠲᠡᠢ ᠬᠥᠮᠦᠨ ᠵᠠᠪᠢᠯᠠᠵᠤ ᠰᠠᠭᠤᠵᠤ ᠪᠣᠯᠬᠤ ᠦᠭᠡᠢ᠃
163. ᠰᠢᠨ᠎ᠠ ᠪᠠᠨ ᠲᠤᠯᠵᠤ ᠪᠣᠯᠬᠤ ᠦᠭᠡᠢ᠃ ᠭᠠᠨᠢᠬᠠᠷᠠᠭᠰᠠᠨ ᠬᠥᠮᠦᠨ ᠰᠢᠨ᠎ᠠ ᠪᠠᠨ ᠲᠤᠯᠳᠠᠭ ᠠᠵᠠᠢ᠃
164. ᠰᠦᠨ ᠳ᠋ᠦ᠍ ᠲᠦᠭᠦᠬᠡᠢ ᠮᠢᠬ᠎ᠠ ᠬᠢᠵᠦ ᠪᠣᠯᠬᠤ ᠦᠭᠡᠢ᠃
165. ᠪᠣᠯᠤᠭᠰᠠᠨ ᠢᠳᠡᠭᠡᠨ ᠡᠴᠡ ᠵᠠᠪᠠᠯ ᠠᠮᠰᠠᠬᠤ᠃
166. ᠠᠬᠠᠮᠠᠳ ᠬᠥᠮᠦᠨ ᠲᠡᠢ ᠵᠣᠯᠭᠠᠬᠤ ᠠᠭᠤᠯᠵᠠᠬᠤ ᠳ᠋ᠠᠭᠠᠨ ᠡᠩᠭᠡᠷ ᠵᠠᠳᠠᠭᠠᠢ ᠪᠠᠢᠬᠤ ᠴᠡᠭᠡᠷ ᠲᠡᠢ᠃ ᠵᠠᠪᠠᠯ ᠲᠣᠪᠴᠢᠯᠠᠭᠰᠠᠨ ᠪᠠᠢᠬᠤ᠃
167. ᠠᠢᠯ ᠳ᠋ᠤ᠌ ᠬᠢᠮᠤᠰᠤ ᠪᠠᠨ ᠠᠪᠬᠤ ᠴᠡᠭᠡᠷ ᠲᠡᠢ᠃
168. ᠠᠢᠯ ᠳ᠋ᠤ᠌ ᠦᠰᠦᠨ ᠦ᠌ ᠰᠠᠮ ᠢ᠋ᠶ᠋ᠠᠨ ᠬᠠᠶᠠᠬᠤ ᠴᠡᠭᠡᠷ ᠲᠡᠢ᠃
169. ᠰᠠᠮ ᠢ᠋ ᠭᠠᠯ ᠳ᠋ᠤ᠌ ᠬᠢᠬᠦ ᠴᠡᠭᠡᠷ ᠲᠡᠢ᠃
170. ᠬᠠᠷᠠᠩᠭᠤᠢ ᠪᠦᠷᠦᠢ ᠪᠡᠷ ᠬᠣᠭ ᠭᠠᠷᠭᠠᠬᠤ ᠴᠡᠭᠡᠷ ᠲᠡᠢ᠃
171. ᠡᠬᠡ ᠤᠷᠤᠭᠤ ᠪᠠᠨ ᠮᠠᠭᠤᠬᠠᠢ ᠬᠠᠷᠠᠬᠤ ᠴᠡᠭᠡᠷ ᠲᠡᠢ᠃
172. ᠡᠴᠢᠭᠡ ᠶ᠋ᠢᠨ ᠥᠭᠡᠳᠡ ᠡᠴᠡ ᠲᠣᠮᠣ ᠳᠤᠤᠭᠠᠷᠬᠤ ᠴᠡᠭᠡᠷ ᠲᠡᠢ᠃
173. ᠬᠠᠭᠠᠯᠭ᠎ᠠ ᠲᠦᠰᠢᠵᠦ ᠵᠣᠭᠰᠣᠬᠤ ᠴᠡᠭᠡᠷ ᠲᠡᠢ᠃
174. ᠭᠡᠷ ᠦ᠋ᠨ ᠪᠠᠭᠠᠨ᠎ᠠ ᠲᠦᠰᠢᠵᠦ ᠵᠣᠭᠰᠣᠬᠤ ᠴᠡᠭᠡᠷ ᠲᠡᠢ᠃ ᠪᠠᠭᠠᠨ᠎ᠠ ᠶ᠋ᠢᠨ ᠵᠣᠪᠠᠯᠠᠩ ᠬᠠᠯᠳᠠᠨ᠎ᠠ ᠭᠡᠬᠦ᠃
175. ᠲᠤᠷᠭᠢᠬᠤ ᠴᠡᠭᠡᠷ ᠲᠡᠢ᠃ ᠪᠣᠷᠣᠭ᠎ᠠ ᠣᠷᠣᠨ᠎ᠠ ᠭᠡᠬᠦ᠃
176. ᠨᠣᠬᠠᠢ ᠨᠡᠮᠨᠡᠬᠦ ᠴᠡᠭᠡᠷ ᠲᠡᠢ᠃ ᠲᠡᠭᠷᠢ ᠵᠠᠳᠠᠷᠠᠭᠠᠨᠠ ᠭᠡᠬᠦ᠃
177. ᠭᠠᠯ ᠤᠷᠤᠭᠤ ᠪᠣᠬᠢᠷ ᠴᠠᠭᠠᠰᠤ ᠬᠢᠬᠦ ᠴᠡᠭᠡᠷ ᠲᠡᠢ᠃ ᠭᠠᠯ ᠤ᠋ᠨ ᠪᠤᠷᠬᠠᠨ ᠰᠡᠪᠲᠦᠨᠡ ᠭᠡᠬᠦ᠃
178. ᠤᠲᠠᠰᠤ ᠶ᠋ᠢᠨ ᠬᠣᠭᠣᠷᠣᠨᠳᠣ ᠨᠢ ᠬᠢᠷᠥᠭᠡᠳᠡᠬᠦ ᠴᠡᠭᠡᠷ ᠲᠡᠢ᠃ ᠴᠢᠨᠣ᠎ᠠ ᠶ᠋ᠢᠨ ᠰᠢᠳᠦ ᠬᠤᠷᠴᠠᠯᠠᠨ᠎ᠠ ᠭᠡᠬᠦ᠃
179. ᠠᠪᠤ ᠨᠢ ᠬᠣᠷᠮᠣᠢ ᠶ᠋ᠢᠨ ᠲᠤᠩᠳᠠᠪᠠᠯ ᠦᠷ᠎ᠡ ᠬᠡᠦᠬᠡᠳ ᠨᠢ ᠡᠪᠡᠳᠴᠦ᠂ ᠦᠬᠦᠵᠦ ᠦᠷᠡᠭᠳᠡᠳᠡᠭ᠃
180. ᠡᠬᠡᠨᠡᠷ ᠨᠢ ᠬᠣᠷᠮᠣᠢ ᠶ᠋ᠢᠨ ᠲᠤᠩᠳᠠᠪᠠᠯ ᠨᠥᠬᠥᠷ ᠨᠢ ᠡᠪᠡᠳᠬᠦ᠂ ᠠᠮᠢ ᠨᠠᠰᠤ ᠠᠯᠳᠠᠳᠠᠭ᠃
181. ᠬᠤᠯᠠᠭᠠᠢ ᠬᠠᠷ᠎ᠠ ᠮᠥᠷ ᠲᠡᠢ ᠲᠤᠯᠠ ᠬᠥᠮᠦᠨ ᠦ᠌ ᠬᠤᠯᠠᠭᠠᠢᠯᠠᠭᠰᠠᠨ ᠵᠦᠢᠯ ᠢ᠋ ᠠᠪᠬᠤ ᠴᠡᠭᠡᠷ ᠲᠡᠢ᠃
182. ᠲᠠᠨᠢᠬᠤ ᠦᠭᠡᠢ ᠬᠥᠮᠦᠨ ᠦ᠌ ᠣᠷᠤᠰᠢᠭᠤᠯᠭᠠᠨ ᠳ᠋ᠤ᠌ ᠣᠴᠢᠬᠤ ᠴᠡᠭᠡᠷ ᠲᠡᠢ᠃
183. ᠰᠢᠷᠡᠭᠡ ᠪᠤᠯᠤᠩᠳᠠᠵᠤ ᠰᠠᠭᠤᠬᠤ ᠴᠡᠭᠡᠷ ᠲᠡᠢ᠃
184. ᠠᠪᠳᠠᠷ᠎ᠠ ᠪᠣᠯᠤᠨ ᠰᠢᠷᠡᠭᠡᠨ ᠳᠡᠭᠡᠷ᠎ᠡ ᠰᠠᠭᠤᠬᠤ ᠴᠡᠭᠡᠷ ᠲᠡᠢ ᠃ ᠥᠷᠢᠨ ᠳ᠋ᠦ᠍ ᠣᠷᠣᠨ᠎ᠠ ᠭᠡᠬᠦ᠃
185. ᠳᠡᠮᠡᠢ ᠴᠠᠭᠠᠰᠤ ᠬᠠᠢᠴᠢᠯᠠᠬᠤ ᠴᠡᠭᠡᠷ ᠲᠡᠢ᠃ ᠥᠷᠢᠨ ᠳ᠋ᠦ᠍ ᠣᠷᠣᠨ᠎ᠠ ᠭᠡᠬᠦ᠃
186. ᠭᠤᠯᠢᠷ ᠵᠢᠭᠤᠷᠠᠭᠰᠠᠨ ᠭᠠᠷ ᠢ᠋ᠶ᠋ᠠᠨ ᠤᠬᠢᠶᠠᠬᠤ ᠬᠡᠷᠡᠭᠲᠡᠢ᠃
187. ᠬᠤᠨᠳᠠᠭᠠᠨ ᠤ᠋ ᠢᠷᠣᠭᠠᠷ ᠭᠠᠷᠲᠠᠯ᠎ᠠ ᠤᠤᠭᠤᠬᠤ ᠴᠡᠭᠡᠷ ᠲᠡᠢ᠃ ᠠᠷᠢᠭᠴᠢᠢᠨ ᠪᠣᠯᠤᠨ᠎ᠠ ᠭᠡᠬᠦ ᠃
188. ᠠᠷᠢᠬᠢᠨ ᠤ᠋ ᠰᠢᠪᠬᠠᠷᠤᠤ ᠤᠤᠭᠤᠬᠤ ᠴᠡᠭᠡᠷ ᠲᠡᠢ᠃
189. ᠲᠣᠭᠣᠭ᠎ᠠ ᠰᠢᠨᠠᠭ᠎ᠠ ᠣᠭᠰᠠᠷᠴᠤ ᠲᠠᠯᠪᠢᠬᠤ ᠴᠡᠭᠡᠷ ᠲᠡᠢ᠃ ᠡᠮᠡᠭᠲᠡᠢ ᠬᠥᠮᠦᠨ ᠲᠥᠷᠥᠵᠦ ᠴᠢᠳᠠᠬᠤ ᠦᠭᠡᠢ ᠭᠡᠬᠦ᠃
190. ᠠᠭᠤᠯᠠ᠂ ᠣᠪᠣᠭ᠎ᠠ᠂ ᠲᠠᠬᠢᠯᠭ᠎ᠠ ᠶ᠋ᠢᠨ ᠭᠠᠵᠠᠷ ᠪᠣᠯᠤᠨ ᠮᠡᠳᠡᠬᠦ ᠦᠭᠡᠢ ᠭᠠᠵᠠᠷ ᠠ᠋ᠴᠠ ᠴᠢᠯᠠᠭᠤ᠂ ᠡᠳ᠋ ᠵᠦᠢᠯᠡᠰ ᠠᠪᠬᠤ ᠴᠡᠭᠡᠷ ᠲᠡᠢ᠃ ᠬᠠᠩᠭᠠᠢ ᠳᠡᠯᠡᠬᠡᠢ ᠯᠤᠤᠰ ᠬᠢᠯᠢᠩᠨᠡᠨ᠎ᠡ ᠭᠡᠬᠦ᠃
191. ᠰᠢᠲᠦ ᠪᠡᠨ ᠬᠠᠪᠢᠷᠣᠬᠣ ᠴᠡᠭᠡᠷ ᠲᠡᠢ᠃
192. ᠬᠥᠮᠥᠭᠡᠢ ᠵᠠᠭᠤᠬᠤ ᠴᠡᠭᠡᠷ ᠲᠡᠢ᠃
193. ᠨᠢᠷᠤᠭᠤᠨ ᠤ᠋ ᠮᠥᠭᠡᠷᠰᠦ ᠮᠡᠷᠡᠬᠦ ᠴᠡᠭᠡᠷ ᠲᠡᠢ᠃ ᠬᠣᠰᠬᠢᠨᠠᠭ ᠨᠢ ᠵᠠᠭᠠᠲᠤᠨᠠᠨᠠ ᠭᠡᠬᠦ᠃
194. ᠲᠠᠯᠤᠨ ᠤ᠋ ᠶᠠᠰᠤ ᠮᠡᠷᠡᠬᠦ ᠴᠡᠭᠡᠷ ᠲᠡᠢ᠃ ᠮᠢᠬ᠎ᠠ ᠶ᠋ᠢ ᠨᠢ ᠵᠠᠪᠠᠯ ᠣᠭᠲᠣᠯᠵᠤ ᠢᠳᠡᠨ᠎ᠡ᠃
195. ᠲᠣᠯᠣᠭᠠᠢ ᠢᠳᠡᠬᠦ ᠳ᠋ᠡᠭᠡᠨ 2 ᠨᠢᠳᠦ ᠶ᠋ᠢ ᠨᠢ ᠨᠢᠭᠡ ᠨᠢᠭᠡ ᠪᠡᠷ ᠨᠢ 2 ᠥᠭᠡᠷ᠎ᠡ ᠬᠥᠮᠦᠨ ᠢᠳᠡᠬᠦ ᠴᠡᠭᠡᠷ ᠲᠡᠢ᠃ ᠬᠢᠯᠠᠷ ᠪᠣᠯᠤᠨ᠎ᠠ ᠭᠡᠬᠦ ᠃
196. ᠲᠣᠭᠣᠭᠠᠨ ᠳᠣᠲᠣᠷ᠎ᠠ ᠬᠢᠲᠤᠭ᠎ᠠ ᠬᠢᠬᠦ ᠴᠡᠭᠡᠷ ᠲᠡᠢ᠃ ᠡᠵᠢ ᠲᠡᠢ ᠬᠥᠮᠦᠨ ᠪᠦᠷ ᠴᠦ᠍ ᠪᠣᠯᠬᠤ ᠦᠭᠡᠢ᠃
197. ᠬᠠᠭᠤᠷᠠᠢ ᠲᠣᠭᠣᠭ᠎ᠠ ᠭᠠᠯᠯᠠᠵᠤ ᠪᠣᠯᠬᠤ ᠦᠭᠡᠢ᠃
198. ᠡᠷ᠎ᠡ ᠬᠥᠮᠦᠨ ᠦ᠌ ᠮᠠᠯᠠᠭᠠᠢ᠂ ᠪᠦᠰᠡ ᠶ᠋ᠢ ᠳᠣᠷᠣᠭᠰᠢ ᠲᠠᠯᠪᠢᠬᠤ ᠴᠡᠭᠡᠷ ᠲᠡᠢ᠃
199. ᠥᠯᠵᠡᠢ ᠬᠡ ᠨᠢ ᠪᠤᠷᠬᠠᠨ ᠤ᠋ ᠵᠢᠷᠦᠬᠡ ᠤᠴᠢᠷ ᠳᠣᠣᠭᠤᠷ ᠪᠠᠢᠯᠭᠠᠬᠤ ᠶ᠋ᠢ ᠴᠡᠭᠡᠷᠯᠡᠨ᠎ᠡ᠃
200. ᠭᠠᠷ ᠢ᠋ᠶ᠋ᠠᠨ ᠳᠡᠮᠡᠢ ᠰᠠᠪᠠᠴᠢᠵᠤ ᠪᠣᠯᠬᠤ ᠦᠭᠡᠢ᠃ ᠣᠷᠴᠢᠨ ᠳ᠋ᠤ᠌ ᠪᠠᠢᠭ᠎ᠠ ᠪᠢᠴᠢᠯ ᠠᠮᠢᠲᠠᠳ ᠢ᠋ ᠠᠯᠠᠵᠤ ᠪᠣᠢ ᠭᠡᠬᠦ᠃
201. ᠭᠠᠷ ᠢ᠋ᠶ᠋ᠠᠨ ᠤᠬᠢᠶᠠᠭᠰᠠᠨ ᠤ᠋ ᠳᠠᠷᠠᠭ᠎ᠠ ᠭᠠᠷ ᠢ᠋ᠶ᠋ᠠᠨ ᠰᠡᠭᠰᠦᠷᠴᠦ ᠪᠣᠯᠬᠤ ᠦᠭᠡᠢ᠃ ᠠᠮᠠᠨ ᠤ᠋ ᠬᠡᠰᠢᠭ ᠪᠠᠷᠠᠨ᠎ᠠ ᠭᠡᠬᠦ᠃
202. ᠶᠠᠪᠠᠭᠠᠨ ᠰᠠᠭᠤᠵᠤ ᠬᠣᠭᠣᠯᠠᠯᠠᠬᠤ ᠴᠡᠭᠡᠷ ᠲᠡᠢ᠃
203. ᠰᠥᠨᠢ ᠣᠷᠣᠢ ᠪᠣᠯᠤᠭᠰᠠᠨ ᠬᠣᠢᠨ᠎ᠠ ᠬᠡᠷᠡᠭᠦᠯ ᠲᠡᠮᠡᠴᠡᠯ ᠬᠢᠬᠦ ᠴᠡᠭᠡᠷ ᠲᠡᠢ᠃
204. ᠲᠣᠲᠣᠭᠣ ᠪᠠᠷ ᠱᠠᠭᠠᠢᠬᠤ ᠴᠡᠭᠡᠷ ᠲᠡᠢ᠃
205. ᠪᠤᠰᠤᠳ ᠤ᠋ᠨ ᠥᠮᠥᠳᠥᠨ ᠳᠣᠣᠭᠤᠷ ᠰᠢᠷᠭᠤᠬᠤ ᠴᠡᠭᠡᠷ ᠲᠡᠢ ᠃ ᠪᠤᠵᠠᠷᠲᠤᠨ᠎ᠠ ᠭᠡᠬᠦ᠃
206. ᠬᠡᠴᠡ᠂ ᠴᠡᠷᠪᠡᠨ ᠦ᠌ ᠳᠣᠣᠭᠤᠷ ᠰᠢᠷᠭᠤᠬᠤ ᠴᠡᠭᠡᠷ ᠲᠡᠢ᠃ ᠪᠤᠵᠠᠷᠲᠤᠨ᠎ᠠ ᠭᠡᠬᠦ᠃
207. ᠭᠠᠷ ᠢ᠋ᠶ᠋ᠠᠨ ᠤᠬᠢᠶᠠᠯ ᠦᠭᠡᠢ ᠦᠨᠢᠶ᠎ᠡ ᠰᠠᠭᠠᠬᠤ ᠴᠡᠭᠡᠷ ᠲᠡᠢ᠃ ᠬᠥᠬᠥ ᠶ᠋ᠢ ᠨᠢ ᠶᠠᠷ᠎ᠠ ᠢᠳᠡᠳᠡᠭ ᠭᠡᠬᠦ᠃
208. ᠠᠪᠳᠠᠷ᠎ᠠ ᠣᠩᠭᠣᠷᠬᠠᠢ ᠣᠷᠬᠢᠬᠤ ᠴᠡᠭᠡᠷ ᠲᠡᠢ᠃ ᠰᠠᠢᠲᠣᠷ ᠲᠠᠭᠯᠠᠬᠤ ᠬᠡᠷᠡᠭᠲᠡᠢ ᠂ ᠡᠰᠡᠪᠡᠰᠦ ᠬᠣᠭᠣᠰᠣᠷᠠᠨ᠎ᠠ᠃
209. ᠭᠤᠶᠤᠯᠭᠠᠴᠢᠨ ᠬᠥᠮᠦᠨ ᠦ᠌ ᠭᠠᠷ ᠲᠤ᠌ ᠥᠭᠯᠢᠭᠡ ᠥᠭᠬᠦ ᠴᠡᠭᠡᠷ ᠲᠡᠢ᠃ ᠬᠣᠯᠠ ᠠ᠋ᠴᠠ ᠴᠢᠯᠠᠭᠤᠳᠠᠵᠤ ᠥᠭᠬᠦ᠃ ᠡᠰᠡ ᠲᠡᠭᠡᠪᠡᠰᠦ ᠥᠪᠡᠷ ᠢ᠋ᠶ᠋ᠡᠨ ᠶᠠᠳᠠᠭᠤᠷᠠᠨ᠎ᠠ᠂ ᠪᠤᠶᠠᠨ ᠢ᠋ᠶ᠋ᠠᠨ ᠥᠭᠳᠡᠭ ᠭᠡᠬᠦ᠃
210. ᠣᠭᠣᠲᠣᠨ᠎ᠠ ᠶ᠋ᠢᠨ ᠨᠦᠬᠡ ᠤᠷᠤᠭᠤ ᠰᠢᠭᠡᠬᠦ ᠴᠡᠭᠡᠷ ᠲᠡᠢ᠃ ᠰᠠᠳᠠᠷᠬᠠᠢ ᠬᠡᠣᠬᠠᠳ ᠭᠠᠷᠤᠨ᠎ᠠ ᠭᠡᠬᠦ᠃
211. ᠰᠢᠲᠦᠨ ᠦ᠌ ᠮᠢᠬ᠎ᠠ ᠪᠤᠶᠤ ᠴᠢᠨᠣ᠎ᠠ ᠳ᠋ᠤ᠌ ᠬᠠᠵᠠᠭᠤᠯᠤᠭᠰᠠᠨ ᠮᠠᠯ ᠤ᠋ᠨ ᠮᠢᠬ᠎ᠠ ᠢᠳᠡᠬᠦ ᠴᠡᠭᠡᠷ ᠲᠡᠢ᠃ ᠬᠠᠭᠤᠴᠢ ᠡᠪᠡᠳᠴᠢᠨ ᠬᠥᠳᠡᠯᠦᠨ᠎ᠡ ᠭᠡᠬᠦ᠃
212. ᠭᠣᠣᠯ ᠨᠠᠭᠤᠷ ᠤ᠋ᠨ ᠤᠰᠤᠨ ᠳ᠋ᠤ᠌ ᠶᠠᠭᠤᠮ᠎ᠠ ᠤᠬᠢᠶᠠᠳᠠᠭ ᠦᠭᠡᠢ᠃
213. ᠤᠰᠤ ᠤᠷᠤᠭᠤ ᠭᠠᠯ ᠴᠣᠭ ᠲᠠᠢ ᠵᠦᠢᠯ ᠬᠢᠳᠡᠭ ᠦᠭᠡᠢ᠃ ᠨᠢᠭᠤᠷ ᠨᠢ ᠠᠯᠠᠭ ᠴᠣᠭᠣᠭ ᠪᠣᠯᠤᠨ᠎ᠠ ᠭᠡᠬᠦ᠃
214. ᠬᠠᠷ᠎ᠠ ᠤᠰᠤ ᠬᠠᠷᠠᠮᠯᠠᠳᠠᠭ ᠦᠭᠡᠢ᠃
215. ᠲᠣᠲᠣᠭᠣᠨ ᠠ᠋ᠴᠠ ᠭᠣᠭᠣᠵᠢᠵᠤ ᠪᠠᠢᠭ᠎ᠠ ᠤᠰᠤ ᠪᠠᠷ ᠲᠣᠭᠯᠠᠳᠠᠭ ᠦᠭᠡᠢ᠂ ᠮᠠᠭᠤ ᠶᠣᠷᠣ ᠭᠡᠬᠦ᠃
216. ᠮᠠᠯᠠᠭᠠᠢ ᠪᠠᠨ ᠳᠡᠭᠡᠭᠰᠢ ᠨᠢ ᠬᠠᠷᠠᠭᠤᠯᠵᠤ ᠲᠠᠯᠪᠢᠳᠠᠭ ᠦᠭᠡᠢ᠃
217. ᠰᠥᠨᠢ ᠣᠷᠣᠢ ᠬᠢᠮᠤᠰᠤ ᠪᠠᠨ ᠠᠪᠳᠠᠭ ᠦᠭᠡᠢ᠃ ᠲᠥᠭᠡᠷᠢᠨ᠎ᠡ ᠭᠡᠬᠦ᠃
218. ᠡᠮᠡᠭᠲᠡᠢ ᠬᠥᠮᠦᠨ ᠦ᠌ ᠪᠥᠭᠰᠡ ᠤᠷᠤᠭᠤ ᠴᠣᠬᠢᠳᠠᠭ ᠦᠭᠡᠢ᠂ ᠬᠠᠳᠠᠮ ᠳ᠋ᠠᠭᠠᠨ ᠭᠣᠯᠣᠭᠳᠠᠨᠠ ᠭᠡᠬᠦ᠃
219. ᠴᠢᠯᠠᠭᠤ ᠲᠡᠭᠦᠵᠦ ᠴᠤᠭᠯᠠᠭᠤᠯᠳᠠᠭ ᠦᠭᠡᠢ᠃ ᠣᠨᠴᠠᠭᠠᠢᠯᠠᠨ ᠴᠢᠯᠠᠭᠤ ᠴᠤᠭᠯᠠᠭᠤᠯᠳᠠᠭ ᠬᠥᠮᠦᠰ ᠢ᠋ ᠬᠡᠯᠡᠵᠦ ᠪᠠᠢᠨ᠎ᠠ᠃
220. ᠬᠣᠯᠠ ᠳ᠋ᠤ᠌ ᠶᠠᠪᠤᠭ᠎ᠠ ᠬᠥᠮᠦᠨ ᠡᠳ᠋ᠯᠡᠯ ᠬᠡᠷᠡᠭᠯᠡᠯ ᠢ᠋ᠶ᠋ᠡᠨ ᠬᠠᠶᠠᠳᠠᠭ ᠦᠭᠡᠢ ᠭᠡᠬᠦ᠃ ᠡᠵᠡᠨ ᠢ᠋ᠶ᠋ᠡᠨ ᠳᠠᠭᠤᠳᠠᠳᠠᠭ ᠡᠴᠡ ᠲᠡᠨᠳᠡ ᠪᠡᠨ ᠡᠷᠭᠢᠵᠦ ᠬᠡᠵᠢᠶ᠎ᠡ ᠨᠢᠭᠡ ᠴᠠᠭ ᠲᠤ᠌ ᠪᠤᠴᠠᠵᠤ ᠣᠴᠢᠳᠠᠭ ᠭᠡᠬᠦ᠃
221. ᠪᠠᠭᠤᠷᠢ ᠳᠡᠭᠡᠷ᠎ᠡ ᠪᠡᠨ ᠬᠣᠭ ᠢ᠋ᠶ᠋ᠠᠨ ᠦᠯᠡᠳᠡᠭᠡᠭᠰᠡᠨ ᠠᠢᠯ ᠰᠠᠢᠨ ᠶᠠᠪᠤᠳᠠᠭ ᠦᠭᠡᠢ ᠭᠡᠬᠦ᠃
222. ᠬᠣᠭᠣᠯᠠ᠂ ᠢᠳᠡᠬᠦ ᠶᠠᠭᠤᠮ᠎ᠠ ᠪᠠᠨ ᠬᠠᠶᠠᠵᠤ ᠠᠰᠬᠠᠳᠠᠭ ᠦᠭᠡᠢ᠃ ᠠᠮᠠᠨ ᠤ᠋ ᠬᠡᠰᠢᠭ ᠠᠷᠤ ᠳᠡᠭᠡᠷ᠎ᠡ ᠪᠡᠨ ᠭᠠᠷᠤᠨ᠎ᠠ ᠭᠡᠬᠦ᠃
223. ᠨᠣᠬᠠᠢ ᠠᠯᠠᠳᠠᠭ ᠦᠭᠡᠢ᠃
224. ᠮᠣᠭᠠᠢ ᠠᠯᠠᠳᠠᠭ ᠦᠭᠡᠢ᠃
225. ᠮᠡᠯᠡᠬᠡᠢ ᠠᠯᠠᠳᠠᠭ ᠦᠭᠡᠢ᠃
226. ᠴᠢᠯᠠᠭᠤ ᠨᠢᠰᠠᠯᠳᠠᠭ ᠦᠭᠡᠢ᠃
227. ᠬᠠᠷᠮᠠᠨ ᠢ᠋ᠶ᠋ᠠᠨ ᠡᠷᠭᠢᠭᠦᠯᠵᠦ ᠶᠠᠪᠤᠳᠠᠭ ᠦᠭᠡᠢ᠃ ᠬᠣᠭᠣᠰᠣᠷᠠᠨ᠎ᠠ ᠭᠡᠬᠦ᠃
228. ᠲᠣᠯᠣᠭᠠᠢ ᠪᠠᠨ ᠰᠡᠭᠰᠦᠷᠳᠡᠭ ᠦᠭᠡᠢ᠃
229. ᠤᠬᠢᠶᠠᠭᠠ ᠦᠭᠡᠢ ᠠᠶᠠᠭ᠎ᠠ ᠲᠠᠪᠠᠭ ᠬᠣᠨᠣᠭᠤᠯᠵᠤ ᠲᠠᠯᠪᠢᠳᠠᠭ ᠦᠭᠡᠢ᠃ ᠵᠠᠪᠠᠯ ᠤᠬᠢᠶᠠᠬᠤ ᠂ ᠶᠠᠳᠠᠭᠤᠷᠠᠨ᠎ᠠ ᠭᠡᠬᠦ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
