ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ2 Шинэлам – 2-р бүлэг᠂Өлзийжаргал– гялалзсан нэг нас 2 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ2 Шинэлам – 2-р бүлэг᠂Өлзийжаргал– гялалзсан нэг нас 2

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ2 Шинэлам – 2-р бүлэг᠂Өлзийжаргал– гялалзсан нэг нас 2

ᠠᠩᠭᠢᠯᠠᠯ:ᠲᠡᠦᠬᠡ ᠰᠣᠶᠣᠯ
2025-09-11

340

ᠬᠣᠶᠠᠳᠤᠭᠠᠷ ᠪᠦᠯᠦᠭ᠂ᠥᠯᠵᠡᠢᠵᠢᠷᠭᠠᠯ– ᠭᠢᠯᠠᠯᠵᠠᠭᠰᠠᠨ ᠨᠢᠭᠡ ᠨᠠᠰᠤ

ᠬᠣᠶᠠᠷ᠂ ᠦᠯᠵᠡᠢᠵᠢᠷᠭᠠᠯ ᠤ᠋ᠨ ᠠᠩᠬᠠᠨ ᠤ᠋ ᠦᠶ᠎ᠡ

  
       ᠦᠯᠵᠡᠢᠵᠢᠷᠭᠠᠯ ᠤᠯᠠᠭᠠᠨ ᠪᠠᠷᠰ ᠵᠢᠯ ᠦ᠋ᠨ(1866 ᠣᠨ) ᠶᠢᠰᠦᠨ ᠰᠠᠷ᠎ᠠ ᠶ᠋ᠢᠨ ᠬᠣᠷᠢ ᠶᠢᠰᠦᠨ᠎ᠡ ᠦᠦᠰᠢᠨ ᠬᠤᠰᠢᠭᠤᠨ ᠤ᠋ ᠬᠣᠭᠣᠯᠠᠢᠲᠦ ᠶ᠋ᠢᠨ ᠵᠡᠯ᠎ᠡ ᠶ᠋ᠢᠨ ᠴᠠᠢᠳᠠᠮ ᠬᠡᠮᠡᠬᠦ ᠭᠠᠵᠠᠷ(ᠥᠨᠥ ᠶ᠋ᠢᠨ ᠱᠡᠨᠰᠢ ᠮᠣᠵᠢ ᠶ᠋ᠢᠨ ᠲᠡᠮᠡᠭᠡᠲᠦ ᠬᠣᠲᠠ ᠶ᠋ᠢᠨ ᠢᠦᠢ ᠶᠠᠩ ᠲᠣᠭᠣᠷᠢᠭ ᠤ᠋ᠨ ᠶᠡᠬᠡ ᠪᠣᠳᠣᠩ ᠰᠢᠶᠠᠩ ᠳ᠋ᠤ᠌ ᠪᠣᠢ) ᠶᠠᠳᠠᠭᠤ ᠠᠯᠪᠠᠲᠤ ᠸᠴᠢᠷ ᠦ᠋ᠨ ᠬᠣᠶᠠᠳᠤᠭᠠᠷ ᠬᠥᠪᠡᠭᠦᠨ ᠪᠣᠯᠤᠨ ᠲᠥᠷᠥᠵᠡᠢ᠃  
       ᠸᠴᠢᠷ ᠦ᠋ᠨ ᠭᠡᠷ ᠡᠷᠦᠬᠡ ᠨᠢ ᠶᠠᠳᠠᠭᠤ ᠬᠦᠴᠢᠷᠳᠡᠯ ᠲᠡᠢ ᠮᠥᠷᠲᠡᠭᠡᠨ ᠣᠯᠠᠨ ᠬᠡᠦᠬᠡᠳ ᠲᠡᠢ ᠲᠤᠯᠠ ᠲᠡᠷᠡ ᠪᠤᠰᠤᠳ ᠲᠤ᠌ ᠲᠠᠷᠢᠶ᠎ᠠ ᠲᠠᠷᠢᠬᠤ ᠪᠤᠶᠤ ᠠᠷ ᠰᠡᠷ ᠬᠦᠴᠦᠨ ᠦ᠌ ᠠᠵᠢᠯ ᠬᠢᠵᠦ᠂ ᠡᠬᠡᠨᠡᠷ ᠪᠤᠮᠳᠠᠷᠢ ᠨᠢ ᠪᠠᠰᠠ ᠪᠤᠰᠤᠳ ᠲᠤ᠌ ᠮᠠᠯ ᠰᠦᠷᠦᠭ ᠬᠠᠪᠰᠤᠷᠴᠤ ᠬᠠᠷᠢᠭᠤᠯᠬᠤ ᠪᠤᠶᠤ ᠦᠢᠯᠡ ᠤᠲᠠᠰᠤ ᠣᠶᠣᠵᠤ ᠠᠷᠪᠠᠨ ᠬᠤᠷᠤᠭᠤᠨ ᠤ᠋ ᠪᠠᠨ ᠠᠴᠢ ᠪᠠᠷ ᠪᠦᠬᠦ ᠭᠡᠷ ᠦ᠋ᠨ ᠣᠯᠠᠨ ᠬᠥᠮᠦᠨ ᠠᠮᠠ ᠪᠠᠨ ᠠᠷᠭᠠᠴᠠᠭᠠᠨ ᠪᠣᠷᠣ ᠬᠣᠨᠣᠭ ᠡᠳᠦᠷ ᠢ᠋ ᠥᠩᠭᠡᠷᠡᠭᠦᠯᠵᠦ ᠪᠠᠢᠵᠠᠢ᠃ ᠡᠢᠮᠦ ᠡᠴᠡ  ᠦᠯᠵᠡᠢᠵᠢᠷᠭᠠᠯ ᠴᠤ᠌ ᠬᠠᠷᠠᠬᠠᠨ ᠪᠠᠭ᠎ᠠ ᠠ᠋ᠴᠠ ᠪᠠᠨ ᠡᠵᠢ ᠪᠡᠨ ᠳᠠᠭᠠᠵᠤ ᠪᠤᠰᠤᠳ ᠤ᠋ᠨ ᠮᠠᠯ ᠢ᠋ ᠬᠠᠷᠢᠭᠤᠯᠵᠤ ᠪᠠᠢᠵᠠᠢ᠃  
       ᠸᠴᠢᠷ ᠬᠣᠶᠠᠳᠤᠭᠠᠷ ᠬᠥᠪᠡᠭᠦᠨ ᠢ᠋ᠶ᠋ᠡᠨ᠄《ᠡᠨᠡ ᠶᠠᠭᠤᠮ᠎ᠠ ᠪᠠᠬᠠᠨ ᠰᠡᠷᠭᠦᠯᠡᠩ ᠲᠥᠷᠥᠭᠰᠡᠨ ᠶᠦᠮ ᠪᠠᠢᠨ᠎ᠠ᠃ ᠪᠢᠴᠢᠭ ᠵᠢᠭᠠᠯᠭᠠᠪᠠᠯ ᠰᠤᠷᠴᠤ ᠮᠡᠳᠡᠨ᠎ᠡ》 ᠭᠡᠳ ᠵᠡᠷᠭᠡᠯᠡᠳᠡᠭᠡ ᠡᠷᠦᠬᠡ ᠶ᠋ᠢᠨ ᠨᠢᠭᠡᠨ ᠪᠣᠷᠵᠢᠭᠢᠨ ᠣᠪᠣᠭ ᠲᠠᠢ ᠡᠪᠦᠭᠡᠨ ᠳ᠋ᠦ᠍ ᠬᠠᠳᠠᠭ ᠲᠡᠳᠡᠨ ᠪᠠᠷᠢᠯᠭ᠎ᠠ ᠡᠷᠭᠦᠴᠡ ᠪᠠᠷᠢᠭᠠᠳ ᠱᠠᠪᠢ ᠪᠣᠯᠭᠠᠵᠤ ᠮᠣᠩᠭᠣᠯ ᠪᠢᠴᠢᠭ ᠵᠢᠭᠠᠯᠭᠠᠬᠤ ᠪᠠᠷ ᠪᠣᠯᠪᠠ᠃ ᠢᠩᠭᠢᠭᠡᠳ ᠦᠯᠵᠡᠢᠵᠢᠷᠭᠠᠯ ᠦᠰᠦᠭ ᠪᠢᠴᠢᠭ ᠰᠤᠷᠬᠤ ᠶ᠋ᠢᠨ ᠳᠠᠭᠠᠤ ᠡᠨᠡ ᠠᠢᠯ ᠤ᠋ᠨ ᠮᠠᠯ ᠢ᠋ ᠬᠠᠷᠢᠭᠤᠯᠬᠤ ᠪᠣᠯᠵᠠᠢ᠃  
       ᠦᠯᠵᠡᠢᠵᠢᠷᠭᠠᠯ ᠡᠳᠦᠷᠵᠢᠨ ᠬᠥᠳᠡᠭᠡ ᠬᠡᠭᠡᠷ᠎ᠡ ᠮᠠᠯ ᠬᠠᠷᠠᠵᠤ ᠶᠠᠪᠤᠬᠤ ᠳ᠋ᠠᠭᠠᠨ ᠡᠯᠡᠰᠦ ᠮᠠᠩᠬᠠᠨ ᠤ᠋ ᠣᠷᠣᠢ ᠳ᠋ᠤ᠌ ᠭᠠᠷᠴᠤ᠂ ᠪᠤᠷᠭᠠᠰᠤᠨ ᠰᠢᠲᠠᠮ ᠢ᠋ᠶ᠋ᠠᠷ ᠢ᠋ᠶ᠋ᠠᠨ ᠡᠪᠦᠭᠡᠨ ᠪᠠᠭᠰᠢ ᠶ᠋ᠢᠨ ᠢ᠋ᠶ᠋ᠡᠨ ᠵᠢᠭᠠᠭᠰᠠᠨ ᠬᠢᠴᠢᠶᠡᠯ ᠢ᠋ ᠪᠢᠴᠢᠵᠦ ᠪᠣᠯᠪᠠᠰᠤᠷᠠᠳᠠᠭ ᠪᠠᠢᠵᠠᠢ᠃ ᠦᠳᠡᠰᠢ ᠮᠠᠯ ᠢ᠋ᠶ᠋ᠠᠨ ᠲᠠᠭᠤᠵᠤ ᠬᠠᠷᠢᠵᠤ ᠢᠷᠡᠬᠦ ᠳ᠋ᠦ᠍ ᠬᠣᠨᠢ ᠢᠮᠠᠭ᠎ᠠ ᠪᠠᠨ ᠠᠯᠳᠠᠭᠰᠠᠨ ᠦᠭᠡᠢ ᠪᠦᠷᠢᠨ ᠬᠣᠲᠠᠯᠠᠭᠤᠯᠤᠭᠰᠠᠨ ᠳ᠋ᠤ᠌ ᠡᠮᠡᠭᠡᠨ ᠡᠵᠢ ᠨᠢ《ᠥᠯᠵᠡᠢ ᠰᠠᠢᠨ ᠬᠦᠦ ᠪᠠᠢᠨ᠎ᠠ᠂ ᠬᠥᠭᠡᠷᠦᠬᠦᠢ》 ᠭᠡᠵᠦ ᠰᠠᠢᠰᠢᠶᠠᠨ᠎ᠠ᠃ ᠡᠳᠦᠷ ᠦ᠋ᠨ ᠰᠤᠷᠤᠭᠰᠠᠨ ᠦᠰᠦᠭ ᠪᠢᠴᠢᠭ ᠢ᠋ᠶ᠋ᠡᠨ ᠪᠦᠷ ᠲᠦᠪᠰᠢᠨ ᠰᠠᠢᠬᠠᠨ ᠤᠩᠰᠢᠬᠤ ᠮᠥᠷᠲᠡᠭᠡᠨ ᠴᠡᠭᠡᠵᠢ ᠪᠡᠷ ᠰᠠᠢᠨ ᠪᠢᠴᠢᠵᠦ ᠴᠢᠳᠠᠳᠠᠭ ᠪᠣᠯᠬᠣᠷ ᠡᠪᠦᠭᠡᠨ ᠪᠠᠭᠰᠢ ᠨᠢ《ᠡᠨᠡ ᠬᠦᠦ ᠬᠣᠵᠢᠮ ᠯᠠᠪ ᠨᠢᠭᠡᠨ ᠰᠠᠢᠨ ᠰᠢᠶᠠᠨᠱᠧᠩ ᠪᠣᠯᠬᠤ ᠶᠤᠮ ᠪᠠᠢᠨ᠎ᠠ》 ᠭᠡᠵᠦ ᠮᠠᠭᠲᠠᠳᠠᠭ ᠪᠠᠢᠵᠠᠢ᠃  
       ᠥᠯᠵᠡᠢᠵᠢᠷᠭᠠᠯ ᠡᠨᠡ ᠠᠢᠯ ᠳ᠋ᠤ᠌ ᠬᠡᠳᠦᠨ ᠵᠢᠯ ᠮᠠᠯ ᠬᠠᠷᠢᠭᠤᠯᠵᠤ᠂ ᠦᠰᠦᠭ ᠪᠢᠴᠢᠭ ᠢ᠋ ᠬᠠᠯᠠᠰᠢᠷᠠᠯ ᠦᠭᠡᠢ ᠰᠢᠮᠳᠠᠨ ᠰᠤᠷᠤᠭᠰᠠᠨ ᠪᠣᠯᠬᠣᠷ《ᠪᠣᠭᠳᠠ ᠶ᠋ᠢᠨ ᠰᠤᠷᠭᠠᠯ》 ᠵᠡᠷᠭᠡ ᠨᠣᠮ ᠪᠢᠴᠢᠭ ᠢ᠋ ᠴᠡᠭᠡᠵᠢ ᠪᠡᠷ ᠤᠩᠰᠢᠵᠤ ᠴᠢᠳᠠᠬᠤ ᠮᠥᠷᠲᠡᠭᠡᠨ ᠦᠰᠦᠨ ᠪᠢᠷ ᠢ᠋ᠶ᠋ᠡᠷ ᠰᠡᠢᠷᠡᠭᠦᠯᠵᠦ ᠴᠢᠳᠠᠬᠤ ᠪᠣᠯᠵᠠᠢ᠃ 
       ᠹᠧᠣᠳᠠᠯ ᠨᠡᠢᠭᠡᠮ ᠦ᠋ᠨ ᠲᠤᠬᠠᠢ ᠶ᠋ᠢᠨ ᠲᠡᠷᠡ ᠦᠶ᠎ᠡ ᠳ᠋ᠦ᠍ ᠬᠥᠪᠡᠭᠦᠨ ᠲᠥᠷᠥᠪᠡᠯ ᠬᠠᠷᠢᠶ᠎ᠠ ᠰᠤᠮᠤ ᠠ᠋ᠴᠠ ᠡᠵᠡᠨ ᠮᠡᠳᠡᠳᠡᠭ ᠳᠦᠷᠢᠮ ᠪᠠᠢᠭᠰᠠᠨ ᠠ᠋ᠴᠠ ᠥᠯᠵᠡᠢᠵᠢᠷᠭᠠᠯ ᠢ᠋ ᠠᠷᠪᠠᠨ ᠭᠤᠷᠪᠠᠨ ᠨᠠᠰᠤ ᠬᠦᠷᠬᠦ ᠳ᠋ᠦ᠍᠂ ᠬᠠᠷᠢᠶ᠎ᠠ ᠰᠤᠮᠤᠨ ᠠ᠋ᠴᠠ ᠲᠡᠭᠦᠨ ᠢ᠋ ᠨᠢᠭᠡᠨ ᠴᠢᠨᠡᠭᠡᠯᠢᠭ ᠡᠷᠦᠬᠡ ᠶ᠋ᠢᠨ ᠨᠠᠷᠠᠨᠴᠡᠴᠡᠭ ᠭᠡᠬᠦ ᠬᠡᠦᠬᠡᠨ ᠳ᠋ᠦ᠍ ᠠᠯᠪᠠᠳᠠᠯᠭ᠎ᠠ ᠪᠠᠷ ᠬᠦᠷᠭᠡᠨ ᠪᠣᠯᠭᠠᠨ ᠥᠭᠴᠡᠢ᠃ ᠥᠯᠵᠡᠢᠵᠢᠷᠭᠠᠯ ᠲᠤᠰ ᠡᠷᠦᠬᠡ ᠶ᠋ᠢᠨ ᠬᠦᠷᠭᠡᠨ ᠪᠣᠯᠤᠭᠠᠳ ᠲᠠᠪᠤᠨ ᠵᠢᠯ ᠪᠣᠯᠬᠤ ᠳ᠋ᠤ᠌ ᠨᠠᠷᠠᠨᠴᠡᠴᠡᠭ ᠨᠢ ᠭᠡᠨᠡᠳᠲᠡ ᠡᠪᠡᠳᠴᠢᠨ ᠢ᠋ᠶ᠋ᠡᠷ ᠨᠠᠰᠤ ᠪᠠᠷᠠᠪᠠ᠃ ᠳᠠᠷᠠᠭ᠎ᠠ ᠵᠢᠯ ᠨᠢ ᠥᠯᠵᠡᠢᠵᠢᠷᠭᠠᠯ ᠵᠡᠷᠭᠡᠯᠡᠳᠡᠭᠡ ᠡᠷᠦᠬᠡ ᠪᠣᠯᠬᠤ ᠰᠡᠮᠲᠡᠨ ᠦ᠌ ᠭᠠᠭᠴᠠ ᠬᠡᠦᠬᠡᠨ ᠦᠵᠦᠮᠰᠣᠸ᠋᠎ᠠ ᠲᠠᠢ ᠤᠷᠤᠭ ᠬᠣᠯᠪᠣᠵᠤ ᠦᠷ᠎ᠡ ᠬᠦᠷᠭᠡᠨ ᠪᠣᠯᠵᠤ ᠰᠠᠭᠤᠵᠠᠢ᠃ ᠳᠡᠮᠡᠢ ᠤᠳᠠᠭᠰᠠᠨ ᠦᠭᠡᠢ ᠪᠡᠷ ᠭᠠᠢ ᠪᠠᠷᠴᠢᠳ ᠳᠠᠬᠢᠨᠲᠠ ᠥᠯᠵᠡᠢᠵᠢᠷᠭᠠᠯ ᠳ᠋ᠤ᠌ ᠲᠣᠰᠴᠤ ᠡᠬᠡᠨᠡᠷ ᠦᠵᠦᠮᠰᠣᠸ᠎ᠠ ᠨᠢ ᠴᠦ᠍ ᠭᠡᠨᠡᠳᠲᠡ ᠪᠡᠷ ᠨᠠᠰᠤ ᠪᠠᠷᠠᠵᠠᠢ᠃ ᠰᠡᠮᠲᠡᠨ ᠨᠠᠰᠤᠲᠠᠨ ᠬᠡᠳᠦᠢᠪᠡᠷ ᠬᠡᠦᠬᠡᠨ ᠢ᠋ᠶ᠋ᠡᠨ ᠠᠯᠳᠠᠭᠰᠠᠨ ᠪᠣᠯᠪᠠᠴᠤ ᠬᠦᠷᠭᠡᠨ ᠳ᠋ᠡᠭᠡᠨ ᠬᠠᠢᠷᠠᠲᠠᠢ ᠲᠤᠯᠠ ᠥᠯᠵᠡᠢᠵᠢᠷᠭᠠᠯ ᠢ᠋ ᠭᠡᠷ ᠡᠴᠡ ᠪᠡᠨ ᠶᠠᠪᠤᠭᠤᠯᠤᠭᠰᠠᠨ ᠦᠭᠡᠢ᠂ ᠲᠥᠷᠥᠯ ᠦ᠋ᠨ ᠵᠢᠭᠡ ᠬᠡᠦᠬᠡᠨ ᠸᠠᠨᠴᠢᠨᠮᠢᠳᠤᠭ ᠢ᠋ ᠦᠷᠡᠴᠢᠯᠡᠨ ᠠᠪᠤᠭᠠᠳ ᠥᠯᠵᠡᠢᠵᠢᠷᠭᠠᠯ ᠲᠠᠢ ᠬᠤᠷᠢᠮᠯᠠᠭᠤᠯᠵᠤ ᠭᠠᠯ ᠭᠣᠯᠣᠮᠲᠠ ᠪᠠᠨ ᠵᠠᠯᠭᠠᠮᠵᠢᠯᠠᠭᠤᠯᠵᠠᠢ᠃  
       ᠠᠷᠪᠠᠨ ᠳᠣᠯᠣᠭᠠᠲᠠᠢ ᠲᠡᠷᠡ ᠵᠢᠯ(1883) ᠥᠯᠵᠡᠢᠵᠢᠷᠭᠠᠯ ᠬᠠᠷᠢᠶ᠎ᠠ ᠰᠤᠮᠤᠨ ᠤ᠋ ᠵᠠᠬᠢᠶ᠎ᠠ ᠵᠠᠷᠯᠢᠭ ᠢ᠋ᠶ᠋ᠠᠷ ᠦᠦᠰᠢᠨ ᠬᠣᠰᠢᠭᠤ ᠶᠠᠮᠤᠨ ᠤ᠋ ᠭᠠᠯᠴᠢ(ᠶᠠᠮᠤᠨ ᠤ᠋ ᠠᠷᠤ ᠲᠠᠯ᠎ᠠ ᠶ᠋ᠢᠨ ᠬᠠᠷ᠎ᠠ ᠬᠥᠳᠡᠯᠮᠦᠷᠢ) ᠶ᠋ᠢᠨ ᠠᠯᠪᠠ ᠳ᠋ᠤ᠌ ᠲᠠᠲᠠᠭᠳᠠᠵᠤ ᠶᠠᠪᠤᠯ᠎ᠠ᠃ ᠢᠩᠭᠢᠭᠡᠳ ᠲᠡᠷᠡ ᠰᠢᠪᠠᠭ ᠪᠤᠷᠭᠠᠰᠤ ᠴᠠᠪᠴᠢᠵᠤ ᠲᠦᠯᠡᠭᠡ ᠡᠭᠦᠷᠬᠦ᠂ ᠮᠣᠳᠣᠨ ᠬᠠᠰᠠᠭ ᠤ᠋ᠨ ᠬᠥᠯᠥᠪᠦᠷᠢ ᠦᠬᠡᠷ ᠢ᠋ ᠠᠷᠠᠴᠢᠯᠠᠬᠤ ᠵᠡᠷᠭᠡ ᠬᠦᠨᠳᠦ ᠨᠦᠰᠡᠷ ᠪᠡᠶ᠎ᠡ ᠶ᠋ᠢᠨ ᠬᠥᠳᠡᠯᠮᠦᠷᠢ ᠳ᠋ᠦ᠍ ᠳᠥᠷᠪᠡᠨ ᠵᠢᠯ ᠶᠠᠪᠤᠵᠠᠢ᠃ 
       ᠲᠡᠷᠡ ᠨᠠᠰᠤ ᠵᠠᠯᠠᠭᠤ ᠪᠡᠶ᠎ᠡ ᠰᠠᠢᠲᠠᠢ ᠳ᠋ᠠᠭᠠᠨ ᠡᠷᠳᠦᠵᠦ ᠠᠵᠢᠯ ᠬᠥᠳᠡᠯᠮᠦᠷᠢ ᠳ᠋ᠦ᠍ ᠣᠨᠴᠠ ᠰᠠᠢᠨ ᠲᠤᠯᠠ ᠶᠠᠮᠤᠨ ᠤ᠋ ᠬᠥᠮᠦᠰ ᠦ᠋ᠨ ᠰᠠᠢᠰᠢᠶᠠᠯ ᠢ᠋ ᠣᠯᠳᠠᠭ ᠪᠠᠢᠭᠰᠠᠨ ᠠ᠋ᠴᠠ ᠶᠠᠮᠤᠨ ᠤ᠋ ᠰᠠᠭᠤᠳᠠᠯ ᠤ᠋ᠨ ᠲᠦᠰᠢᠮᠡᠳ ᠪᠠ ᠪᠢᠴᠢᠭ ᠦ᠋ᠨ ᠬᠥᠮᠦᠰ ᠲᠡᠢ ᠰᠠᠢᠨ ᠶᠠᠪᠤᠯᠴᠠᠳᠠᠭ ᠪᠥᠭᠡᠳ ᠵᠠᠪᠰᠠᠷ ᠴᠢᠯᠥᠭᠡᠨ ᠳ᠋ᠡᠭᠡᠨ ᠮᠡᠳᠡᠬᠦ ᠦᠭᠡᠢ ᠴᠢᠳᠠᠬᠤ ᠦᠭᠡᠢ ᠦᠰᠦᠭ ᠪᠢᠴᠢᠭ ᠢ᠋ᠶ᠋ᠡᠨ ᠠᠰᠠᠭᠤᠵᠤ ᠵᠢᠭᠠᠯᠭᠠᠳᠠᠭ᠃ ᠰᠥᠨᠢ ᠶ᠋ᠢᠨ ᠭᠠᠯ ᠲᠣᠭᠣᠭᠠᠨ ᠤ᠋ ᠵᠤᠤᠬᠠᠨ ᠭᠠᠯ ᠤ᠋ᠨ ᠭᠡᠷᠡᠯ ᠳ᠋ᠦ᠍ ᠴᠦ᠍ ᠭᠠᠯ ᠤ᠋ᠨ ᠰᠢᠯᠡᠭᠡᠪᠦᠷ ᠮᠣᠳᠣ ᠪᠠᠷ ᠦᠨᠡᠰᠦᠨ ᠳᠡᠭᠡᠷ᠎ᠡ ᠪᠢᠴᠢᠭ ᠪᠢᠴᠢᠵᠦ ᠪᠣᠯᠪᠠᠰᠤᠷᠠᠳᠠᠭ ᠪᠣᠯᠬᠣᠷ ᠵᠠᠷᠢᠮ ᠳ᠋ᠠᠭᠠᠨ ᠡᠮᠦᠰᠦᠭᠰᠡᠨ ᠬᠤᠪᠴᠠᠰᠤ ᠪᠠᠨ ᠲᠦᠯᠡᠵᠦ ᠭᠡᠨᠡᠳᠦᠭᠰᠡᠨ ᠤᠳᠠᠭ᠎ᠠ ᠴᠤ᠌ ᠭᠠᠷᠴᠤ ᠪᠠᠢᠵᠠᠢ᠃ ᠢᠩᠭᠢᠭᠰᠡᠨ ᠢ᠋ᠶ᠋ᠡᠷ ᠲᠡᠭᠦᠨ ᠦ᠌ ᠪᠢᠴᠢᠭ ᠰᠣᠶᠣᠯ ᠨᠢ ᠲᠦᠷᠭᠡᠨ ᠳᠡᠭᠡᠭᠰᠢᠯᠡᠵᠦ᠂ ᠵᠠᠷᠢᠮ ᠦᠶ᠎ᠡ ᠳ᠋ᠦ᠍ ᠰᠤᠷᠬᠤ ᠪᠢᠴᠢᠭᠡᠴᠢ ᠶ᠋ᠢ ᠣᠷᠣᠯᠠᠵᠤ ᠶᠠᠮᠤᠨ ᠤ᠋ ᠠᠯᠪᠠᠨ ᠪᠢᠴᠢᠭ ᠦ᠋ᠨ ᠡᠬᠡ ᠨᠣᠣᠷᠠᠭ ᠢ᠋ ᠰᠠᠢᠬᠠᠨ ᠪᠢᠴᠢᠭᠰᠡᠨ ᠲᠤᠯᠠ ᠲᠤᠬᠠᠢ ᠶ᠋ᠢᠨ ᠦᠶ᠎ᠡ ᠶ᠋ᠢᠨ ᠶᠠᠮᠤᠨ ᠤ᠋ ᠵᠢᠩᠬᠢᠨ ᠳ᠋ᠦ᠍ ᠲᠣᠭᠣᠭᠳᠠᠵᠤ ᠶᠠᠪᠤᠵᠠᠢ᠃ 
       ᠥᠯᠵᠡᠢᠵᠢᠷᠭᠠᠯ ᠢ᠋ ᠦᠦᠰᠢᠨ ᠶᠠᠮᠤᠨ ᠤ᠋ ᠭᠠᠯᠴᠢ ᠪᠠᠢᠬᠤ ᠬᠤᠭᠤᠴᠠᠭᠠᠨ ᠳ᠋ᠤ᠌ ᠲᠤᠰ ᠬᠤᠰᠢᠭᠤᠨ ᠳ᠋ᠤᠨᠢ ᠨᠢᠭᠡᠨ ᠰᠤᠷᠮᠠᠭᠠᠢ ᠬᠤᠯᠠᠭᠠᠢᠴᠢ ᠭᠠᠷᠴᠠᠢ᠃ ᠡᠨᠡ ᠬᠤᠯᠠᠭᠠᠢᠴᠢ ᠵᠣᠳᠣᠭᠳᠠᠪᠠᠴᠤ ᠬᠠᠯᠠᠰᠢᠷᠠᠬᠤ ᠦᠭᠡᠢ ᠶᠠᠯᠠᠳᠠᠭᠳᠠᠪᠠᠴᠤ ᠬᠤᠯᠠᠭᠠᠢᠯᠠᠬᠤ ᠪᠠᠨ ᠵᠣᠭᠰᠣᠬᠤ ᠦᠭᠡᠢ ᠪᠠᠢᠵᠤ᠂ ᠲᠡᠭᠦᠨ ᠢ᠋ ᠠᠯᠠᠬᠤ ᠦᠭᠡᠢ ᠪᠣᠯ ᠨᠤᠲᠤᠭ ᠤᠰᠤᠨ ᠤ᠋ ᠮᠠᠯᠴᠢᠨ ᠲᠦᠮᠡᠨ ᠶᠡᠷᠦ ᠨᠢ ᠠᠮᠤᠷ ᠠᠮᠢᠳᠤᠷᠠᠬᠤ ᠶ᠋ᠢᠨ ᠠᠷᠭ᠎ᠠ ᠦᠭᠡᠢ ᠪᠣᠯᠵᠠᠢ᠃ ᠭᠡᠪᠡᠴᠦ ᠲᠡᠷᠡ ᠦᠶ᠎ᠡ ᠳ᠋ᠦ᠍ ᠬᠤᠯᠠᠭᠠᠢᠴᠢ ᠶ᠋ᠢ ᠬᠦᠨᠳᠦ ᠪᠡᠷ ᠶᠠᠯᠠᠯᠠᠵᠤ ᠰᠢᠢᠳᠬᠡᠳᠡᠭ ᠡᠴᠡ ᠪᠢᠰᠢ ᠠᠯᠠᠬᠤ ᠬᠠᠤᠯᠢ ᠪᠠᠢᠬᠤ ᠦᠭᠡᠢ ᠲᠤᠯᠠ ᠰᠢᠢᠳᠬᠡᠬᠦ ᠠᠯᠪᠠᠨ ᠪᠢᠴᠢᠭ ᠳᠡᠭᠡᠷ᠎ᠡ ᠠᠯᠠᠬᠤ ᠪᠠᠷ ᠰᠢᠢᠳᠬᠡᠨ᠎ᠡ ᠭᠡᠵᠦ ᠪᠢᠴᠢᠬᠦ ᠶ᠋ᠢᠨ ᠠᠷᠭ᠎ᠠ ᠦᠭᠡᠢ ᠪᠠᠢᠪᠠ᠃ ᠶᠠᠮᠤᠨ ᠤ᠋ ᠲᠦᠰᠢᠮᠡᠳ ᠦ᠋ᠳ ᠠᠷᠭ᠎ᠠ ᠪᠤᠰᠤ ᠥᠯᠵᠡᠢᠵᠢᠷᠭᠠᠯ ᠠ᠋ᠴᠠ ᠠᠰᠠᠭᠤᠬᠤᠯᠠᠷ ᠲᠡᠷᠡ ᠶᠠᠮᠤᠨ ᠤ᠋ ᠰᠢᠢᠳᠬᠡᠯ ᠦ᠋ᠨ ᠪᠢᠴᠢᠭ ᠢ᠋ ᠦᠵᠡᠭᠡᠳ᠂《ᠠᠯᠠᠬᠤ》 ᠭᠡᠰᠡᠨ ᠦᠰᠦᠭ ᠢ᠋ ᠥᠭᠡᠷᠡᠴᠢᠯᠡᠨ《ᠦᠬᠡᠷ ᠦ᠋ᠨ ᠠᠷᠠᠰᠤᠨ ᠳᠡᠪᠡᠯ ᠡᠮᠦᠰᠬᠡᠨ ᠰᠢᠯ ᠬᠣᠲᠠ ᠳ᠋ᠤᠷ ᠥᠨᠢᠳᠡ ᠰᠠᠭᠠᠳᠠᠭᠤᠯᠰᠤᠭᠠᠢ》 ᠭᠡᠮᠡᠨ ᠪᠢᠴᠢᠵᠡᠢ᠃ ᠡᠨᠡ ᠬᠦ᠌ ᠪᠢᠴᠢᠭ ᠢ᠋ ᠦᠵᠡᠭᠰᠡᠨ ᠬᠥᠮᠦᠨ ᠪᠦᠬᠦᠨ ᠤᠬᠠᠭᠠᠨ ᠢ᠋ ᠨᠢ ᠣᠯᠬᠤ ᠦᠭᠡᠢ ᠪᠠᠢᠵᠠᠢ᠃ ᠦᠨᠡᠨ ᠳ᠋ᠡᠭᠡᠨ ᠡᠨᠡ ᠨᠢ《ᠦᠬᠡᠷ ᠦ᠋ᠨ ᠠᠷᠠᠰᠤᠨ ᠳ᠋ᠤ᠌ ᠰᠢᠷᠢᠯᠡᠵᠦ ᠭᠦᠨ ᠤᠰᠤᠨ ᠳ᠋ᠤ᠌ ᠬᠢᠲᠦᠭᠡᠢ!》 ᠭᠡᠰᠡᠨ ᠦᠭᠡ ᠭᠡᠨ᠎ᠡ᠃ ᠢᠩᠭᠢᠭᠡᠳ ᠥᠯᠵᠡᠢᠵᠢᠷᠭᠠᠯ ᠶᠠᠮᠤᠨ ᠤ᠋ ᠵᠢᠩᠬᠢᠨ ᠪᠣᠯᠤᠨ ᠲᠦᠰᠢᠮᠡᠳ ᠲᠦ᠍ ᠨᠡᠩ ᠲᠣᠭᠣᠭᠳᠠᠭᠰᠠᠨ ᠲᠤᠯᠠ᠂1886 ᠣᠨ ᠳ᠋ᠤ᠌ ᠬᠣᠷᠢᠨ ᠨᠢᠭᠡ ᠲᠡᠢ ᠳ᠋ᠡᠭᠡᠨ ᠲᠣᠭᠣᠭᠠᠨ ᠭᠡᠷ ᠦ᠋ᠨ ᠭᠠᠯᠴᠢ ᠠ᠋ᠴᠠ ᠪᠠᠨ ᠶᠠᠮᠤᠨ ᠤ᠋ ᠰᠤᠷᠬᠤ ᠪᠢᠴᠢᠭᠡᠴᠢ ᠶ᠋ᠢᠨ ᠠᠯᠪᠠᠨ ᠳ᠋ᠤ᠌ ᠰᠢᠯᠵᠢᠯ᠎ᠡ᠃ ᠲᠡᠭᠡᠭᠡᠳ ᠳᠡᠮᠡᠢ ᠤᠳᠠᠭᠰᠠᠨ ᠦᠭᠡᠢ ᠦᠦᠰᠢᠨ ᠶᠠᠮᠤᠨ ᠤ᠋ ᠵᠢᠩᠬᠢᠨ ᠪᠢᠴᠢᠭᠡᠴᠢ ᠪᠣᠯᠵᠤ᠂ ᠶᠡᠷᠦ ᠳ᠋ᠡᠭᠡᠨ ᠶᠠᠮᠤᠨ ᠵᠢᠩᠬᠢᠨ ᠭᠡᠵᠦ ᠳᠠᠭᠤᠳᠠᠭᠳᠠᠳᠠᠭ ᠪᠠᠢᠵᠠᠢ᠃  
       ᠥᠯᠵᠡᠢᠵᠢᠷᠭᠠᠯ ᠢ᠋ ᠦᠦᠰᠢᠨ ᠶᠠᠮᠤᠨ ᠳ᠋ᠤ᠌ ᠠᠵᠢᠯᠯᠠᠵᠤ ᠪᠠᠢᠬᠤ ᠳ᠋ᠤ᠌ ᠴᠠᠭ ᠲᠥᠷᠥ ᠶ᠋ᠢᠨ ᠪᠠᠢᠳᠠᠯ ᠲᠣᠭᠲᠠᠭᠤᠨ ᠪᠤᠰᠤ ᠪᠣᠯᠵᠠᠢ᠃ ᠨᠠᠢ᠍ᠮᠠᠨ ᠤᠯᠤᠰ ᠤ᠋ᠨ ᠬᠣᠯᠪᠣᠭᠠᠲᠤ ᠴᠡᠷᠢᠭ ᠪᠡᠭᠡᠵᠢᠩ ᠬᠣᠲᠠ ᠳ᠋ᠤ᠌ ᠳᠣᠪᠲᠣᠯᠤᠨ ᠣᠷᠣᠵᠤ᠂ ᠪᠠᠳᠠᠷᠠᠭᠤᠯᠲᠤ ᠲᠥᠷᠥ ᠬᠠᠭᠠᠨ ᠪᠣᠯᠤᠨ ᠰᠢ ᠲᠠᠢᠬᠡᠦ ᠪᠡᠭᠡᠵᠢᠩ ᠡᠴᠡ ᠳᠤᠲᠠᠭᠠᠵᠤ ᠰᠢ ᠠᠨ ᠬᠣᠲᠠᠨ ᠳ᠋ᠤ᠌ ᠢᠷᠡᠵᠦ ᠲᠦᠷ ᠰᠠᠭᠤᠵᠠᠢ᠃ 
       ᠦᠦᠰᠢᠨ ᠬᠤᠰᠢᠭᠤᠨ ᠤ᠋ ᠵᠠᠰᠠᠭ ᠨᠣᠶᠠᠨ ᠴᠠᠭᠳᠤᠷᠰᠡᠷᠡᠩ᠂ ᠲᠤᠬᠠᠢ ᠶ᠋ᠢᠨ ᠦᠶ᠎ᠡ ᠶ᠋ᠢᠨ ᠶᠡᠬᠡ ᠵᠣᠣ ᠴᠢᠭᠤᠯᠭᠠᠨ ᠤ᠋ ᠲᠡᠷᠢᠭᠦᠨ ᠪᠣᠯᠬᠤ ᠣᠲᠣᠭ ᠬᠤᠰᠢᠭᠤᠨ ᠤ᠋ ᠷᠠᠰᠢᠵᠠᠮᠰᠤ ᠶ᠋ᠢᠨ ᠭᠡᠨᠡᠳᠲᠡ ᠪᠡᠷ ᠨᠠᠰᠤ ᠪᠠᠷᠠᠭᠰᠠᠨ ᠢ᠋ ᠰᠣᠨᠣᠰᠤᠭᠠᠳ ᠲᠦᠪᠰᠢᠨ ᠮᠡᠢᠷᠡᠨ᠂ ᠬᠠᠭᠠᠯᠭᠠᠴᠢᠨ ᠥᠯᠵᠡᠢ ᠨᠠᠷ ᠲᠤ᠌ 2000 ᠯᠠᠩ ᠮᠥᠩᠭᠥ ᠠᠴᠢᠶᠠᠯᠠᠭᠤᠯᠤᠨ ᠰᠢ ᠠᠨ ᠬᠣᠲᠠ ᠳ᠋ᠤ᠌ ᠶᠠᠪᠤᠭᠤᠯᠵᠤ ᠮᠠᠨᠵᠤ ᠶ᠋ᠢᠨ ᠬᠠᠭᠠᠨ ᠪᠣᠯᠤᠨ ᠰᠢ ᠲᠠᠢᠬᠡᠦ ᠳ᠋ᠦ᠍ ᠪᠡᠯᠡᠭ ᠪᠣᠯᠭᠠᠨ ᠬᠦᠷᠭᠡᠭᠦᠯᠵᠦ᠂ ᠥᠪᠡᠷ ᠢ᠋ᠶ᠋ᠡᠨ ᠶᠡᠬᠡ ᠵᠣᠣ ᠴᠢᠭᠤᠯᠭᠠᠨ ᠤ᠋ ᠲᠡᠷᠢᠭᠦᠨ ᠪᠣᠯᠬᠤ ᠪᠠᠷ ᠭᠣᠷᠢᠳᠠᠵᠤ ᠪᠠᠢᠵᠠᠢ᠃  
       ᠦᠦᠰᠢᠨ ᠵᠠᠰᠠᠭ ᠨᠣᠶᠠᠨ ᠴᠠᠭᠳᠤᠷᠰᠡᠷᠡᠩ ᠦ᠋ᠨ ᠢᠲᠡᠭᠡᠯᠲᠦ ᠬᠥᠮᠦᠨ ᠲᠦᠪᠰᠢᠨ ᠮᠡᠢᠷᠡᠨ᠂ ᠬᠠᠭᠠᠯᠭᠠᠴᠢᠨ ᠥᠯᠵᠡᠢ ᠨᠠᠷ ᠰᠢ ᠠᠨ ᠬᠣᠲᠠ ᠳ᠋ᠤ᠌ ᠣᠴᠢᠭᠠᠳ ᠵᠢᠯ ᠰᠢᠬᠠᠮ ᠰᠠᠭᠤᠭᠰᠠᠨ ᠪᠣᠯᠪᠠᠴᠤ ᠴᠠᠭᠳᠤᠷᠰᠡᠷᠡᠩ ᠳ᠋ᠦ᠍ ᠴᠢᠭᠤᠯᠭᠠᠨ ᠲᠡᠷᠢᠭᠦᠨ ᠦ᠌ ᠲᠤᠰᠢᠶᠠᠯ ᠢ᠋ ᠬᠤᠳᠠᠯᠳᠤᠵᠤ ᠠᠪᠴᠢᠷᠠᠬᠤ ᠪᠠᠢᠲᠤᠭᠠᠢ ᠰᠢ ᠲᠠᠢᠬᠡᠦ ᠶ᠋ᠢᠨ ᠰᠤᠷᠠᠭ ᠴᠢᠮᠡᠭᠡ ᠶ᠋ᠢ ᠴᠦ᠍ ᠣᠯᠵᠤ ᠰᠣᠨᠣᠰᠤᠭᠰᠠᠨ ᠦᠭᠡᠢ ᠮᠥᠷᠲᠡᠭᠡᠨ ᠵᠣᠭᠣᠰ ᠮᠥᠩᠭᠥ ᠪᠡᠨ ᠱᠠᠯᠢᠨ ᠪᠦᠷᠢᠯᠭᠡᠵᠦ ᠪᠠᠷᠠᠴᠢᠬᠠᠭᠠᠳ ᠪᠠᠰᠠ ᠰᠢ ᠠᠨ ᠬᠣᠲᠠ ᠶ᠋ᠢᠨ ᠮᠥᠩᠭᠥᠨ ᠲᠤᠯᠤᠮ ᠤ᠋ᠳ ᠠ᠋ᠴᠠ ᠥᠨᠳᠥᠷ ᠬᠦᠦ ᠲᠡᠢ ᠵᠢᠭᠡᠯᠡᠭᠡ ᠠᠪᠴᠤ ᠵᠠᠷᠤᠪᠠ᠃  
       ᠵᠠᠰᠠᠭ ᠨᠣᠶᠠᠨ ᠴᠠᠭᠳᠤᠷᠰᠡᠷᠡᠩ ᠴᠢᠭᠤᠯᠭᠠᠨ ᠲᠡᠷᠢᠭᠦᠨ ᠦ᠌ ᠲᠤᠰᠢᠶᠠᠯ ᠢ᠋ ᠬᠦᠯᠢᠶᠡᠵᠦ ᠶᠠᠳᠠᠨ ᠶᠠᠭᠠᠷᠠᠵᠤ ᠪᠠᠴᠢᠮᠳᠠᠬᠤ ᠬᠣᠣᠰᠯᠠᠬᠤ ᠳ᠋ᠠᠭᠠᠨ ᠥᠯᠵᠡᠢᠪᠠᠲᠤ ᠥᠯᠵᠡᠢᠵᠢᠷᠭᠠᠯ ᠬᠣᠶᠠᠭᠤᠯᠠ ᠶ᠋ᠢ ᠵᠥᠪᠬᠡᠨ ᠵᠠᠮ ᠤ᠋ᠨ ᠵᠠᠷᠤᠳᠠᠯ ᠲᠠᠢ ᠭᠠᠨᠵᠤᠭ᠎ᠠ ᠰᠤᠯᠠ ᠭᠠᠷ ᠬᠣᠭᠣᠰᠣᠨ ᠢ᠋ᠶ᠋ᠠᠷ ᠲᠦᠪᠰᠢᠨ ᠥᠯᠵᠡᠢ ᠨᠠᠷ ᠤ᠋ᠨ ᠬᠣᠢᠨ᠎ᠠ ᠠ᠋ᠴᠠ ᠰᠢ ᠠᠨ ᠬᠣᠲᠠ ᠳ᠋ᠤ᠌ ᠶᠠᠪᠤᠭᠤᠯᠵᠠᠢ᠃ ᠲᠡᠷᠡ ᠬᠣᠶᠠᠷ ᠢ᠋ ᠰᠢ ᠠᠨ ᠬᠣᠲᠠ ᠳ᠋ᠤ᠌ ᠬᠦᠷᠬᠦᠯᠡᠷ ᠰᠢ ᠲᠠᠢᠬᠡᠦ ᠪᠣᠯᠤᠨ ᠪᠠᠳᠠᠷᠠᠭᠤᠯᠲᠤ ᠲᠥᠷᠥ ᠬᠠᠭᠠᠨ ᠬᠡᠵᠢᠶᠡᠨᠡᠢ ᠪᠡᠭᠡᠵᠢᠩ ᠳ᠋ᠡᠭᠡᠨ ᠪᠤᠴᠠᠴᠢᠬᠠᠭᠰᠠᠨ ᠪᠠᠢᠵᠠᠢ᠃ ᠢᠩᠭᠢᠭᠡᠳ ᠲᠡᠳᠡ ᠬᠡᠳᠦᠭᠦᠯᠡ ᠶᠠᠷᠢᠯᠴᠠᠨ ᠵᠥᠪᠳᠡᠯᠴᠡᠭᠡᠳ ᠥᠯᠵᠡᠢᠵᠢᠷᠭᠠᠯ ᠭᠠᠭᠴᠠᠭᠠᠷ ᠢ᠋ᠶ᠋ᠠᠨ ᠪᠡᠭᠡᠵᠢᠩ ᠵᠦᠭ ᠶᠠᠪᠤᠵᠤ ᠪᠤᠰᠤᠳ ᠨᠢ ᠦᠦᠰᠢᠨ ᠳ᠋ᠡᠭᠡᠨ ᠪᠤᠴᠠᠵᠠᠢ᠃ 
       ᠥᠯᠵᠡᠢᠵᠢᠷᠭᠠᠯ ᠪᠡᠭᠡᠵᠢᠩ ᠳ᠋ᠦ᠍ ᠬᠦᠷᠦᠭᠰᠡᠨ ᠦ᠌ ᠳᠠᠷᠠᠭ᠎ᠠ᠂ ᠲᠤᠬᠠᠢ ᠶ᠋ᠢᠨ ᠦᠶ᠎ᠡ ᠶ᠋ᠢᠨ ᠮᠠᠨᠵᠤ ᠴᠢᠩ ᠦ᠋ᠨ ᠵᠠᠰᠠᠭ ᠤ᠋ᠨ ᠭᠠᠵᠠᠷ ᠢᠯᠵᠠᠷᠠᠨ ᠳᠣᠷᠣᠢᠲᠠᠵᠤ ᠭᠠᠳᠠᠭᠠᠳᠤ ᠶ᠋ᠢᠨ ᠡᠵᠡᠷᠬᠡᠭ ᠲᠦᠷᠢᠮᠡᠬᠡᠢᠲᠡᠨ ᠳ᠋ᠦ᠍ ᠪᠠᠭᠤᠵᠤ ᠥᠭᠭᠦᠨ᠂ ᠴᠠᠭᠠᠭᠴᠢᠨ ᠦᠬᠡᠷ ᠵᠢᠯ ᠦ᠋ᠨ(1901 ᠣᠨ) ᠭᠡᠷ᠎ᠡ ᠲᠣᠭᠲᠠᠭᠰᠠᠨ ᠢ ᠰᠣᠨᠣᠰᠴᠤ᠂ ᠪᠠᠰᠠ ᠮᠠᠰᠢ ᠠᠷᠪᠢᠨ ᠰᠡᠬᠡᠭᠡᠷᠡᠭᠰᠡᠨ ᠲᠣᠮᠣᠭᠠᠲᠠᠨ᠂ ᠤᠯᠤᠰ ᠢ᠋ᠶ᠋ᠠᠨ ᠬᠠᠢᠷᠠᠯᠠᠭᠴᠢ ᠬᠥᠮᠦᠰ ᠲᠡᠢ ᠤᠴᠠᠷᠠᠵᠤ ᠲᠠᠨᠢᠯᠴᠠᠵᠠᠢ᠃ ᠲᠡᠷᠡ ᠮᠠᠨᠵᠤ ᠴᠢᠩ ᠦ᠋ᠨ ᠦᠭᠡᠨᠴᠡ ᠳᠣᠷᠣᠢ ᠪᠠᠢᠳᠠᠯ ᠢ᠋ ᠴᠢᠬᠢ ᠪᠡᠷ ᠰᠣᠨᠣᠰᠴᠤ᠂ ᠨᠢᠳᠦ ᠪᠡᠷ ᠦᠵᠡᠭᠰᠡᠨ ᠡᠴᠡ ᠹᠧᠣᠳᠠᠯ ᠤ᠋ᠨ ᠡᠵᠡᠨᠲᠦ ᠪᠠᠢᠭᠤᠯᠤᠯ ᠢ᠋ ᠲᠦᠯᠬᠢᠨ ᠤᠨᠠᠭᠠᠵᠤ᠂ ᠤᠯᠤᠰ ᠦᠨᠳᠦᠰᠦᠲᠡᠨ ᠢ᠋ᠶ᠋ᠡᠨ ᠠᠪᠤᠷᠠᠨ ᠴᠢᠯᠥᠭᠡᠯᠡᠬᠦ ᠠᠯᠤᠰ ᠬᠣᠯᠠ ᠶ᠋ᠢᠨ ᠦᠵᠡᠯᠲᠡ ᠲᠡᠢ ᠪᠣᠯᠵᠠᠢ᠃ ᠡᠨᠡ ᠤᠳᠠᠭ᠎ᠠ ᠶ᠋ᠢᠨ ᠠᠶᠠᠯᠠᠯ ᠢ᠋ᠶ᠋ᠠᠷ ᠳᠠᠮᠵᠢᠨ ᠥᠯᠵᠡᠢᠵᠢᠷᠭᠠᠯ ᠤᠯᠤᠰ ᠲᠥᠷᠥ ᠶ᠋ᠢᠨ ᠲᠠᠯ᠎ᠠ ᠪᠠᠷ ᠲᠣᠩ ᠶᠡᠬᠡ ᠣᠯᠤᠯᠲᠠ ᠲᠠᠢ ᠪᠣᠯᠵᠠᠢ᠃  
       ᠥᠯᠵᠡᠢᠵᠢᠷᠭᠠᠯ ᠪᠡᠭᠡᠵᠢᠩ ᠡᠴᠡ ᠪᠤᠴᠠᠬᠤ ᠠ᠋ᠴᠠ ᠡᠮᠦᠨ᠎ᠡ ᠴᠠᠭᠳᠤᠷᠰᠡᠷᠡᠩ ᠨᠣᠶᠠᠨ ᠳ᠋ᠤ᠌ ᠶᠡᠬᠡ ᠪᠠᠭ᠎ᠠ ᠴᠤ᠌ ᠭᠡᠰᠡᠨ ᠨᠣᠶᠠᠨ ᠵᠡᠷᠭᠡ ᠣᠯᠭᠣᠵᠤ ᠠᠪᠴᠢᠷᠠᠬᠤ ᠪᠠᠷ ᠠᠷᠭ᠎ᠠ ᠰᠦᠪᠡᠭᠴᠢᠯᠡᠵᠡᠢ᠃ ᠲᠡᠭᠡᠭᠡᠳ ᠵᠠᠰᠠᠭ ᠨᠣᠶᠠᠨ ᠴᠠᠭᠳᠤᠷᠰᠡᠷᠡᠩ ᠭᠤᠷᠪᠠᠨ ᠵᠢᠯ ᠮᠠᠨᠵᠤ ᠶ᠋ᠢᠨ ᠵᠤᠷᠭᠠᠨ ᠶᠠᠮᠤᠨ ᠠ᠋ᠴᠠ ᠹᠦᠩᠯᠦ ᠮᠥᠩᠭᠥ ᠪᠡᠨ ᠠᠪᠤᠭᠰᠠᠨ ᠦᠭᠡᠢ ᠶ᠋ᠢ ᠣᠯᠵᠤ ᠮᠡᠳᠡᠭᠡᠳ ᠲᠡᠭᠦᠨ ᠢ᠋ ᠨᠢ ᠪᠠᠭᠤᠯᠭᠠᠨ ᠠᠪᠴᠤ ᠳᠠᠬᠢᠨ ᠲᠡᠷᠡ ᠬᠦ᠌ ᠮᠥᠩᠭᠥ ᠶ᠋ᠢ ᠳᠡᠭᠡᠭᠰᠢ ᠪᠡᠨ ᠬᠠᠬᠤᠤᠯᠢ ᠲᠦᠯᠬᠢᠭᠰᠡᠨ ᠦ᠌ ᠳ᠋ᠦᠩ ᠳ᠋ᠦ᠍᠄《᠁ ᠴᠠᠭᠳᠤᠷᠰᠡᠷᠡᠩ ᠢ᠋ ᠶᠡᠬᠡ ᠵᠣᠣ ᠴᠢᠭᠤᠯᠭᠠᠨ ᠤ᠋ ᠳᠡᠳ᠋ ᠳᠡ ᠶ᠋ᠢᠨ ᠲᠤᠰᠢᠶᠠᠯ ᠳ᠋ᠤᠷ ᠬᠠᠷᠠᠭᠤᠯᠤᠨ᠎ᠠ᠁》 ᠭᠡᠬᠦ ᠮᠠᠨᠵᠤ ᠶ᠋ᠢᠨ ᠵᠤᠷᠭᠠᠨ ᠶᠠᠮᠤᠨ ᠤ᠋ ᠵᠠᠷᠯᠢᠭ ᠤ᠋ᠨ ᠪᠢᠴᠢᠭ ᠢ᠋ ᠠᠪᠤᠭᠠᠳ1904 ᠣᠨ ᠳ᠋ᠤ᠌ ᠪᠡᠭᠡᠵᠢᠩ ᠡᠴᠡ ᠦᠦᠰᠢᠨ ᠳ᠋ᠡᠭᠡᠨ ᠪᠤᠴᠠᠵᠤ ᠢᠷᠡᠵᠡᠢ᠃  
       ᠴᠠᠭᠳᠤᠷᠰᠡᠷᠡᠩ ᠬᠡᠳᠦᠢᠪᠡᠷ ᠴᠢᠭᠤᠯᠭᠠᠨ ᠳᠡᠳ᠋ ᠳᠡ ᠶ᠋ᠢᠨ ᠲᠤᠰᠢᠶᠠᠯ ᠳ᠋ᠤᠷ ᠲᠣᠮᠢᠯᠠᠭᠳᠠᠭᠰᠠᠨ ᠪᠣᠯᠪᠠᠴᠤ ᠥᠯᠵᠡᠢᠵᠢᠷᠭᠠᠯ ᠲᠡᠭᠦᠨ ᠦ᠌ ᠹᠦᠩᠯᠦ ᠮᠥᠩᠭᠥ ᠶ᠋ᠢ ᠮᠥᠨ ᠲᠡᠭᠦᠨ ᠳ᠋ᠦ᠍ᠨᠢ ᠵᠣᠷᠢᠭᠤᠯᠤᠨ ᠵᠠᠷᠤᠵᠤ ᠬᠠᠮᠠᠷ ᠢ᠋ᠶ᠋ᠠᠷ ᠨᠢ ᠠᠮᠠ ᠶ᠋ᠢ ᠨᠢ ᠲᠠᠭᠯᠠᠴᠢᠬᠠᠭᠰᠠᠨ ᠲᠤᠯᠠ ᠳᠣᠲᠣᠷ᠎ᠠ ᠪᠠᠨ ᠥᠯᠵᠡᠢᠵᠢᠷᠭᠠᠯ ᠢ᠋ ᠬᠣᠷᠣᠰᠬᠤ ᠪᠣᠯᠪᠠᠴᠤ ᠡᠨᠡ ᠬᠦ᠌ ᠠᠰᠢᠭ ᠬᠣᠣᠷ ᠤ᠋ᠨ ᠮᠥᠷᠭᠥᠯᠳᠦᠭᠡᠨ ᠳ᠋ᠦ᠍ ᠨᠢᠭᠤᠷ ᠳᠡᠭᠡᠷ᠎ᠡ ᠪᠡᠨ ᠶᠠᠭᠤ ᠴᠤ᠌ ᠬᠡᠯᠡᠵᠦ ᠴᠢᠳᠠᠬᠤ ᠦᠭᠡᠢ ᠪᠠᠢᠯ᠎ᠠ᠃  
       ᠬᠣᠵᠢᠮ ᠨᠢ ᠦᠦᠰᠢᠨ ᠬᠤᠰᠢᠭᠤᠨ ᠤ᠋ ᠠᠲᠠᠷ ᠬᠠᠭᠠᠯᠪᠤᠷᠢᠯᠠᠬᠤ ᠠᠵᠢᠯ ᠣᠯᠠᠨ ᠭᠠᠵᠠᠷ ᠤ᠋ᠨ ᠳᠤᠭᠤᠢ ᠶ᠋ᠢᠨ ᠬᠥᠳᠡᠯᠭᠡᠭᠡᠨ ᠦ᠌ ᠡᠰᠡᠷᠭᠦᠴᠡᠯ ᠡᠴᠡ ᠪᠣᠯᠵᠤ ᠤᠷᠤᠭᠰᠢ ᠲᠠᠢ ᠶᠠᠪᠤᠭᠳᠠᠭᠰᠠᠨ ᠦᠭᠡᠢ ᠡᠴᠡ ᠪᠣᠯᠵᠤ ᠴᠠᠭᠳᠤᠷᠰᠡᠷᠡᠩ ᠦ᠋ᠨ ᠴᠢᠭᠤᠯᠭᠠᠨ ᠳᠡᠳ᠋ ᠳᠡ ᠶ᠋ᠢᠨ ᠲᠤᠰᠢᠶᠠᠯ ᠨᠢ ᠠᠷᠠᠢ ᠭᠡᠵᠦ ᠳᠥᠷᠪᠡᠨ ᠵᠢᠯ ᠪᠣᠯᠤᠭᠠᠳ ᠮᠤᠯᠲᠤᠯᠠᠭᠳᠠᠨ ᠳᠠᠬᠢᠨ ᠬᠠᠩᠭᠢᠨ ᠬᠤᠰᠢᠭᠤᠨ ᠤ᠋ ᠵᠠᠰᠠᠭ ᠠᠷᠪᠢᠨᠪᠠᠶᠠᠷ ᠲᠤ᠌ ᠰᠢᠯᠵᠢᠪᠡ᠃ 
       ᠥᠯᠵᠡᠢᠵᠢᠷᠭᠠᠯ ᠪᠡᠭᠡᠵᠢᠩ ᠡᠴᠡ ᠪᠤᠴᠠᠨ ᠢᠷᠡᠭᠰᠡᠨ ᠦ᠌ ᠳᠠᠷᠠᠭ᠎ᠠ ᠬᠡᠳᠦᠢᠪᠡᠷ ᠦᠦᠰᠢᠨ ᠶᠠᠮᠤᠨ ᠤ᠋ ᠵᠢᠩᠬᠢᠨ ᠦ᠌ ᠲᠤᠰᠢᠶᠠᠯ ᠲᠠᠢ ᠪᠠᠢᠭᠰᠠᠨ ᠪᠣᠯᠪᠠᠴᠤ ᠦᠦᠰᠢᠨ ᠶᠠᠮᠤᠨ ᠳ᠋ᠤ᠌ ᠦᠷᠭᠦᠯᠵᠢᠯᠡᠨ ᠠᠵᠢᠯᠯᠠᠬᠤ ᠳᠤᠷ᠎ᠠ ᠦᠭᠡᠢ ᠪᠣᠯᠵᠤ ᠬᠣᠰᠢᠭᠤ ᠵᠠᠰᠠᠭ ᠨᠣᠶᠠᠨ ᠴᠠᠭᠳᠤᠷᠰᠡᠷᠡᠩ ᠢ᠋ ᠨᠢᠳᠦᠨ ᠳ᠋ᠡᠭᠡᠨ ᠴᠦ᠍ ᠬᠠᠪᠴᠢᠬᠤ ᠦᠭᠡᠢ ᠪᠣᠯᠵᠠᠢ᠃ ᠤᠴᠢᠷ ᠨᠢ ᠴᠠᠭᠳᠤᠷᠰᠡᠷᠡᠩ ᠨᠣᠶᠠᠨ ᠪᠣᠯ ᠬᠡᠳᠦᠨ ᠮᠢᠩᠭᠠᠨ ᠵᠢᠯ ᠦ᠋ᠨ ᠹᠧᠣᠳᠠᠯ ᠤ᠋ᠨ ᠡᠵᠡᠨᠲᠦ ᠪᠠᠢᠭᠤᠯᠤᠯ ᠢ᠋ᠶ᠋ᠠᠨ ᠦᠬᠦᠨ ᠢᠲᠡᠭᠡᠵᠦ᠂ ᠮᠠᠨᠵᠤ ᠴᠢᠩ ᠤᠯᠤᠰ ᠤ᠋ᠨ ᠣᠯᠠᠨ ᠦᠶ᠎ᠡ ᠶ᠋ᠢᠨ ᠬᠠᠭᠠᠨ ᠠ᠋ᠴᠠ ᠮᠣᠩᠭᠣᠯᠴᠤᠳ ᠢ᠋ ᠢᠯᠪᠢᠨ ᠮᠥᠬᠥᠭᠡᠬᠦ ᠠᠷᠭ᠎ᠠ ᠪᠣᠳᠣᠯᠭ᠎ᠠ ᠶ᠋ᠢ ᠮᠣᠩᠭᠣᠯ ᠦᠨᠳᠦᠰᠦᠲᠡᠨ ᠦ᠌ ᠡᠷᠲᠡ ᠳᠡᠭᠡᠳᠦᠰ ᠡᠴᠡ ᠤᠯᠠᠮᠵᠢᠯᠠᠭᠰᠠᠨ ᠤᠯᠠᠮᠵᠢᠯᠠᠯᠲᠤ ᠶᠣᠰᠣ ᠪᠠᠷ ᠦᠵᠡᠵᠦ᠂ ᠵᠡᠷᠭᠡ ᠵᠢᠩᠰᠡ ᠪᠡᠷ ᠬᠠᠭᠤᠷᠤᠨ ᠮᠡᠬᠡᠯᠡᠬᠦ ᠶ᠋ᠢ ᠡᠵᠡᠨ ᠬᠠᠭᠠᠨ ᠤ᠋ ᠢᠪᠡᠭᠡᠯ ᠰᠣᠶᠣᠷᠬᠠᠯ ᠬᠠᠢᠷ᠎ᠠ ᠬᠡᠰᠢᠭ ᠭᠡᠵᠦ ᠦᠬᠦᠨ ᠢᠲᠡᠭᠡᠳᠡᠭ᠃ ᠥᠯᠵᠡᠢᠵᠢᠷᠭᠠᠯ ᠬᠠᠷᠢᠨ ᠳᠤᠮᠳᠠᠳᠤ ᠤᠯᠤᠰ ᠢ᠋ ᠬᠡᠳᠦᠨ ᠮᠢᠩᠭᠠᠨ ᠵᠢᠯ ᠨᠣᠶᠠᠷᠬᠠᠭᠰᠠᠨ ᠹᠧᠣᠳᠠᠯ ᠤ᠋ᠨ ᠤᠯᠠᠮᠵᠢᠯᠠᠯᠲᠤ ᠨᠡᠢᠭᠡᠮ ᠤᠳᠠᠯ ᠦᠭᠡᠢ ᠰᠦᠢᠷᠡᠵᠦ ᠠᠷᠠᠳ ᠲᠦᠮᠡᠨ ᠡᠵᠡᠨ ᠮᠡᠳᠡᠬᠦ ᠴᠠᠭ ᠦᠶ᠎ᠡ ᠯᠠᠪ ᠲᠠᠢ ᠢᠷᠡᠬᠦ ᠶᠦᠮ ᠭᠡᠵᠦ ᠪᠠᠲᠤ ᠢᠲᠡᠭᠡᠭᠰᠡᠨ ᠡᠴᠡ ᠪᠣᠯᠵᠤ᠂ ᠡᠯᠳᠡᠪ ᠰᠢᠯᠲᠠᠭ ᠬᠡᠯᠡᠵᠦ᠂ ᠴᠢᠯᠥᠭᠡ ᠭᠤᠶᠤᠵᠤ ᠭᠡᠷ ᠲᠡᠭᠡᠨ ᠬᠠᠷᠢᠵᠤ ᠣᠯᠠᠨ ᠲᠦᠮᠡᠨ ᠢ᠋ ᠬᠥᠳᠡᠯᠭᠡᠵᠦ ᠬᠤᠪᠢᠰᠬᠠᠯᠲᠤ ᠠᠵᠢᠯᠯᠠᠭ᠎ᠠ ᠶ᠋ᠢ ᠥᠷᠨᠢᠭᠦᠯᠬᠦ ᠪᠡᠷ ᠵᠣᠷᠢᠭ ᠰᠢᠭᠤᠳᠤᠭᠰᠠᠨ ᠪᠠᠢᠵᠠᠢ᠃ 
       ᠪᠠᠳᠠᠷᠠᠭᠤᠯᠲᠤ ᠲᠥᠷᠥ ᠶ᠋ᠢᠨ ᠭᠤᠴᠢᠳᠤᠭᠠᠷ ᠣᠨ(1904) ᠳ᠋ᠦ᠍ ᠥᠯᠵᠡᠢᠵᠢᠷᠭᠠᠯ ᠪᠡᠭᠡᠵᠢᠩ ᠡᠴᠡ ᠢᠷᠡᠵᠦ ᠭᠡᠷ ᠲᠡᠭᠡᠨ ᠣᠴᠢᠬᠤ ᠳ᠋ᠤ᠌ ᠲᠡᠳᠡᠨ ᠦ᠌ ᠰᠠᠭᠤᠭ᠎ᠠ ᠰᠠᠭᠤᠷᠢᠰᠢᠯ ᠨᠤᠲᠤᠭ ᠤ᠋ᠨ ᠭᠠᠵᠠᠷ ᠤ᠋ᠳ ᠢ᠋ ᠨᠢ ᠲᠠᠢᠵᠢ ᠮᠡᠢᠷᠡᠨ ᠦ᠌ ᠵᠠᠩᠭᠢ ᠸᠠᠩᠵᠢᠯᠨᠤᠷᠪᠤ᠂ ᠪᠢᠴᠢᠭᠡᠴᠢ ᠴᠤᠭᠯᠠᠢᠨᠠᠮᠵᠢᠯ᠂ ᠵᠠᠩᠭᠢ ᠴᠠᠭᠠᠲᠠᠢ ᠨᠠᠷ ᠢᠦᠢ ᠯᠢᠨ ᠦ᠌ ᠢᠷᠭᠡᠨ ᠯᠢ ᠰᠧ ᠯᠢᠶᠠᠩ ᠨᠠᠷ ᠲᠤ᠌ ᠲᠦᠷᠢᠶᠡᠰᠦᠯᠡᠭᠰᠡᠨ ᠲᠤᠯᠠ ᠥᠯᠵᠡᠢᠵᠢᠷᠭᠠᠯ ᠠᠷᠭ᠎ᠠ ᠪᠤᠰᠤ ᠭᠡᠷ ᠡᠷᠦᠬᠡ ᠪᠡᠨ ᠤᠮᠠᠷᠠᠰᠢ ᠨᠡᠭᠦᠯᠭᠡᠨ ᠰᠢᠯᠵᠢᠭᠦᠯᠬᠦ ᠴᠢᠬᠤᠯᠠ ᠲᠠᠢ ᠪᠣᠯᠵᠠᠢ᠃  
       ᠡᠢᠮᠦ ᠡᠴᠡ ᠥᠯᠵᠡᠢᠵᠢᠷᠭᠠᠯ ᠡᠨᠡ ᠬᠦ᠌ ᠵᠠᠪᠰᠢᠶᠠᠨ ᠢ᠋ ᠲᠣᠬᠢᠶᠠᠯᠳᠤᠭᠤᠯᠤᠨ ᠴᠠᠭᠳᠤᠷᠰᠡᠷᠡᠩ ᠨᠣᠶᠠᠨ ᠳ᠋ᠤ᠌᠄《ᠳᠠ ᠨᠣᠶᠠᠨ ᠠ᠋ᠴᠠ ᠶᠡᠷᠦ ᠶ᠋ᠢᠨ ᠴᠢᠯᠥᠭᠡ ᠭᠤᠶᠤᠶ᠎ᠠ᠃ ᠨᠢᠭᠡ ᠳ᠋ᠦ᠍ ᠭᠠᠳᠠᠭᠰᠢ ᠵᠢᠯ ᠢᠯᠡᠭᠦᠦ ᠶᠠᠪᠤᠭᠠᠳ ᠬᠥᠯ ᠨᠢᠷᠤᠭᠤᠨ ᠠᠷᠬᠠᠭ ᠲᠠᠢ ᠪᠣᠯᠴᠢᠬᠠᠯ᠎ᠠ᠃ ᠬᠣᠶᠠᠷ ᠲᠤ᠌ ᠂ ᠮᠢᠨᠦ ᠭᠡᠷ ᠦ᠋ᠨ ᠰᠠᠭᠤᠷᠢᠰᠢᠯ ᠢ᠋ ᠨᠣᠶᠠᠨ ᠲᠠᠨ ᠤ᠋ ᠲᠣᠮᠢᠯᠠᠭᠰᠠᠨ ᠲᠦᠰᠢᠮᠡᠯ ᠦ᠋ᠳ ᠢᠷᠭᠡᠨᠴᠤᠳ ᠲᠤ᠌ ᠲᠦᠷᠢᠶᠡᠰᠦᠯᠡᠨ ᠬᠤᠳᠠᠯᠳᠤᠴᠢᠬᠠᠭᠰᠠᠨ ᠲᠤᠯᠠ ᠪᠢ ᠠᠷᠭ᠎ᠠ ᠪᠤᠰᠤ ᠭᠡᠷ ᠡᠷᠦᠬᠡ ᠪᠡᠨ ᠤᠮᠠᠷᠠᠰᠢ ᠨᠡᠭᠦᠯᠭᠡᠨ ᠰᠢᠯᠵᠢᠭᠦᠯᠬᠦ ᠴᠢᠬᠤᠯᠠ ᠲᠠᠢ ᠪᠣᠯᠴᠢᠬᠠᠯ᠎ᠠ ᠁》 ᠭᠡᠵᠡᠢ᠃ 
       ᠦᠦᠰᠢᠨ ᠵᠠᠰᠠᠭ ᠴᠠᠭᠳᠤᠷᠰᠡᠷᠡᠩ ᠶᠠᠮᠤᠨ ᠵᠢᠩᠬᠢᠨ ᠥᠯᠵᠡᠢᠵᠢᠷᠭᠠᠯ ᠨᠢᠭᠡᠨᠲᠡ ᠴᠠᠭᠠᠰᠢ ᠬᠠᠨᠳᠤᠭᠰᠠᠨ ᠢ᠋ ᠣᠢᠯᠠᠭᠠᠪᠠᠴᠤ ᠨᠢᠳᠦᠨ ᠡᠮᠦᠨᠡᠬᠢ ᠪᠣᠳᠠᠲᠤ ᠪᠠᠢᠳᠠᠯ ᠢ᠋ ᠦᠵᠡᠭᠡᠳ ᠠᠷᠭ᠎ᠠ ᠪᠤᠰᠤ ᠲᠦᠷ ᠴᠠᠭ ᠭᠡᠷ ᠲᠡᠭᠡᠨ ᠬᠠᠷᠢᠵᠤ ᠭᠡᠷ ᠣᠷᠣᠨ ᠢ᠋ᠶ᠋ᠠᠨ ᠨᠡᠭᠦᠯᠭᠡᠨ ᠰᠢᠯᠵᠢᠭᠦᠯᠬᠦ ᠶ᠋ᠢ ᠵᠥᠪᠰᠢᠶᠡᠷᠡᠵᠡᠢ᠃  
       ᠦᠯᠵᠡᠢᠵᠢᠷᠭᠠᠯ ᠭᠡᠷ ᠣᠷᠣᠨ ᠢ᠋ᠶ᠋ᠠᠨ ᠪᠠᠷᠠᠭᠤᠨ ᠬᠣᠢᠰᠢ ᠵᠠᠭᠤ ᠰᠢᠬᠠᠮ ᠺᠢᠯᠣᠮᠧᠲ᠋ᠷ ᠦ᠋ᠨ ᠠᠯᠤᠰ ᠳᠠᠬᠢ ᠮᠠᠩᠬᠠᠲᠤ ᠶ᠋ᠢᠨ ᠰᠦᠮ᠎ᠡ ᠶ᠋ᠢᠨ ᠪᠠᠷᠠᠭᠤᠨ ᠡᠮᠦᠨ᠎ᠡ ᠪᠤᠷᠭᠠᠰᠤᠨ ᠳᠥᠭᠥᠮ ᠳ᠋ᠦ᠍ ᠨᠡᠭᠦᠯᠭᠡᠪᠡ᠃ ᠲᠡᠨᠳᠡ ᠬᠡᠳᠦᠬᠡᠨ ᠵᠢᠯ ᠰᠠᠭᠤᠵᠤ ᠪᠠᠢᠭᠠᠳ ᠳᠠᠬᠢᠨ ᠬᠣᠢᠰᠢ ᠰᠢᠯᠵᠢᠵᠦ ᠪᠤᠵᠠᠢ ᠶ᠋ᠢᠨ ᠨᠠᠭᠤᠷ ᠤ᠋ᠨ ᠵᠡᠭᠦᠨ ᠪᠠᠯᠠᠷ ᠲᠤ᠌ ᠬᠡᠳᠦᠨ ᠲᠠᠰᠤᠯᠭ᠎ᠠ ᠪᠤᠷᠭᠠᠰᠤᠨ ᠯᠠᠭ᠂ ᠮᠣᠳᠣᠨ ᠪᠠᠢᠰᠢᠩ ᠪᠠᠷᠢᠵᠤ ᠨᠡᠯᠢᠶᠡᠳ ᠶᠡᠬᠡ ᠰᠢᠭ ᠡᠷᠦᠬᠡ ᠪᠣᠯᠵᠤ ᠯᠠᠪᠳᠠᠭᠤᠨ ᠰᠠᠭᠤᠷᠢᠰᠢᠭᠰᠠᠨ ᠶᠤᠮ᠃ ᠡᠨᠡ ᠨᠢ ᠦᠯᠵᠡᠢᠵᠢᠷᠭᠠᠯ ᠤ᠋ᠨ ᠬᠠᠮᠤᠭ ᠰᠡᠭᠦᠯᠴᠢ ᠶ᠋ᠢᠨ ᠨᠤᠲᠤᠭ ᠪᠣᠯᠤᠨ᠎ᠠ᠃ ᠬᠣᠵᠢᠮ ᠨᠢ ᠲᠡᠭᠦᠨ ᠦ᠌ ᠬᠥᠪᠡᠭᠦᠨ ᠭᠦᠩᠭ᠎ᠠ ᠥᠨᠥ ᠶ᠋ᠢᠨ ᠲᠣᠭᠣᠷᠢᠮ ᠤ᠋ᠨ ᠰᠦᠮ᠎ᠡ ᠶ᠋ᠢᠨ ᠵᠡᠭᠦᠨ ᠲᠡᠢ ᠰᠢᠯᠵᠢᠵᠦ ᠰᠠᠭᠤᠷᠢᠰᠢᠵᠠᠢ᠃ ᠣᠳᠣ ᠦᠷ᠎ᠡ ᠰᠠᠳᠤᠨ ᠨᠢ ᠦᠦᠰᠢᠨ ᠦ᠌ ᠭᠠᠯᠠᠭᠤᠲᠤ ᠪᠠᠯᠭᠠᠰᠤᠨ(ᠳᠠᠪᠴᠠᠭ) ᠲᠤ᠌ ᠰᠠᠭᠤᠷᠢᠰᠢᠵᠤ ᠪᠣᠢ᠃  

            ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠴᠤᠯᠮᠤᠨᠭᠡᠷᠡᠯ᠂ ᠪᠠᠯ 
               ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂  ᠪᠠᠯ