ᠦᠨᠡᠮᠯᠡᠬᠦᠢ ᠦᠨᠡᠨÜnemlekhüi ünenҮнэмлэхүй үнэн ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠮᠯᠡᠬᠦᠢ ᠦᠨᠡᠨÜnemlekhüi ünenҮнэмлэхүй үнэн

ᠦᠨᠡᠮᠯᠡᠬᠦᠢ ᠦᠨᠡᠨÜnemlekhüi ünenҮнэмлэхүй үнэн

2025-09-11

247

ᠦᠨᠡᠮᠯᠡᠬᠦᠢ ᠦᠨᠡᠨ

    ᠦᠵᠡᠭᠳᠡᠬᠦ ᠬᠡᠯᠪᠡᠷᠢ ᠢᠨᠠᠭᠤᠬᠢ ᠦᠨᠡᠨ᠂ᠦᠨᠡᠮᠯᠡᠬᠦᠢ ᠴᠢᠨᠠᠷ ᠴᠢᠨᠠᠳᠤ ᠶ᠋ᠢᠨ ᠦᠨᠡᠨ᠂ᠢᠨᠠᠭᠤᠬᠢ ᠦᠨᠡᠨ ᠣᠶᠤᠨ ᠳ᠋ᠤ᠌ ᠬᠦᠷᠲᠡᠭᠳᠡᠨ᠎ᠡ᠃ᠴᠢᠨᠠᠳᠤ ᠶ᠋ᠢᠨ ᠦᠨᠡᠨ ᠣᠶᠤᠨ ᠠ᠋ᠴᠠ ᠬᠡᠲᠦᠢᠳᠦᠨ᠎ᠡ᠂ᠴᠢᠨᠠᠳᠤ ᠶ᠋ᠢᠨ ᠦᠨᠡᠨ ᠣᠶᠤᠨ ᠳ᠋ᠤ᠌ ᠪᠠᠷᠢᠭᠳᠠᠰᠢ ᠦᠭᠡᠢ᠂ᠣᠶᠤᠨ ᠳ᠋ᠤ᠌ ᠪᠠᠷᠢᠭᠳᠠᠰᠢ ᠦᠭᠡᠢ ᠤᠴᠢᠷ ᠠ᠋ᠴᠠ ᠯᠠ ᠲᠡᠭᠦᠨ ᠢ᠋ ᠴᠢᠨᠠᠳᠤ ᠶ᠋ᠢᠨ ᠦᠨᠡᠨ ᠭᠡᠳᠡᠭ᠃ᠪᠢᠳᠡᠨ ᠦ᠌ ᠰᠠᠷᠠᠯ ᠰᠡᠳᠬᠢᠬᠦᠢ ᠳ᠋ᠦ᠍ ᠭᠥᠷᠳᠡᠭᠳᠡᠵᠦ ᠪᠣᠢ ᠪᠦᠬᠦᠨ ᠢᠨᠠᠭᠤᠬᠢ᠂ ᠢᠨᠠᠭᠤᠬᠢ ᠭᠡᠳᠡᠭ ᠨᠢ ᠨᠠᠭᠠᠳᠤ ᠲᠠᠯ᠎ᠠ ᠶ᠋ᠢᠨ ᠥᠩᠭᠡᠴᠡ ᠪᠠᠢᠳᠠᠯ ᠭᠡᠰᠡᠨ ᠦᠭᠡ᠃
    ᠦᠨᠡᠨ ᠢ᠋ ᠢᠯᠡᠷᠬᠡᠢᠯᠡᠵᠦ ᠪᠣᠯᠳᠠᠭ ᠦᠭᠡᠢ᠃ ᠦᠨᠡᠨ ᠢ᠋ ᠢᠯᠡᠷᠬᠡᠢᠯᠡᠭᠰᠡᠨ ᠴᠠᠭ ᠲᠤ᠌ ᠲᠡᠷᠡ ᠦᠨᠡᠨ᠂ᠦᠨᠡᠨ ᠪᠢᠰᠢ ᠪᠣᠯᠤᠨ᠎ᠠ᠃
    ᠪᠣᠳᠢ ᠮᠣᠳᠣᠨ ᠤ᠋ ᠳᠣᠣᠷ᠎ᠠ ᠪᠢᠰᠢᠯᠭᠠᠯ ᠳ᠋ᠤ᠌ ᠰᠠᠭᠤᠭᠰᠠᠨ ᠪᠤᠳ᠋ᠳ᠋ᠾᠠ ᠦᠨᠡᠨ ᠢ᠋ ᠨᠡᠭᠡᠭᠡᠭᠡᠳ ᠳᠣᠯᠣᠭᠠᠨ ᠳᠣᠯᠣᠭ᠎ᠠ ᠳᠥᠴᠢᠨ ᠶᠢᠰᠦ ᠬᠣᠨᠣᠭ ᠳᠠᠭᠤ ᠦᠭᠡᠢ ᠰᠠᠭᠤᠭᠰᠠᠨ ᠭᠡᠳᠡᠭ᠃ᠪᠢᠯᠢᠭ ᠪᠠᠷᠠᠮᠢᠳ ᠤ᠋ᠨ ᠰᠤᠳᠤᠷ ᠲᠤ᠌ ᠥᠭᠦᠯᠡᠭᠰᠡᠨ ᠢ᠋ᠶ᠋ᠡᠷ᠄《ᠭᠦᠨ᠂ᠠᠮᠤᠷᠯᠢᠩᠭᠤᠢ᠂ᠲᠥᠭᠡᠷᠢᠯ ᠠ᠋ᠴᠠ ᠠᠩᠭᠢᠵᠢᠷᠠᠭᠰᠠᠨ ᠭᠡᠭᠡᠨ ᠲᠤᠩᠭᠠᠯᠠᠭ ᠬᠤᠷᠠᠨ ᠡᠰᠡ ᠦᠢᠯᠡᠳᠦᠭᠰᠡᠨ ᠮᠥᠩᠬᠡ ᠶ᠋ᠢᠨ ᠷᠠᠰᠢᠶᠠᠨ ᠮᠡᠲᠦ ᠦᠨᠡᠨ ᠢ᠋ ᠪᠢ ᠣᠯᠤᠯ᠎ᠠ᠂ᠬᠡᠨ ᠳ᠋ᠦ᠍ ᠴᠦ᠍ ᠲᠠᠢᠯᠪᠤᠷᠢᠯᠠᠭᠰᠠᠨ ᠣᠢᠯᠠᠭᠠᠬᠤ ᠦᠭᠡᠢ ᠲᠤᠯᠠ ᠲᠣᠪ ᠳᠠᠭᠤ ᠦᠭᠡᠢ ᠰᠠᠭᠤᠶ᠎ᠠ》 ᠭᠡᠰᠡᠨ ᠦᠭᠡ ᠶ᠋ᠢ ᠪᠤᠳ᠋ᠳ᠋ᠾᠠ ᠶ᠋ᠢᠨ ᠬᠠᠮᠤᠭ ᠤ᠋ᠨ ᠡᠬᠢᠨ ᠦ᠌ ᠰᠤᠷᠭᠠᠯ ᠭᠡᠵᠡᠢ᠃
    《ᠪᠢ ᠦᠭᠡᠢ》 ᠶ᠋ᠢᠨ ᠪᠢᠰᠢᠯᠭᠠᠯ᠄ᠠᠶᠤᠭᠴᠢ ᠪᠢ ᠨᠢ ᠪᠣᠳᠠᠲᠠᠢ ᠰᠠᠢᠨ ᠪᠣᠯ ᠠᠶᠤᠯᠭᠠᠬᠤ ᠠᠶᠤᠯ ᠬᠠᠮᠢᠭ᠎ᠠ ᠠ᠋ᠴᠠ ᠮᠤᠩᠳᠠᠬᠤ ᠪᠣᠢ? ᠠᠵᠢᠵᠤ ᠰᠢᠨᠵᠢᠪᠡᠰᠦ《ᠪᠢ》ᠭᠡᠭᠴᠢ ᠠᠯᠠᠭ᠎ᠠ᠂ᠠᠶᠤᠯ ᠲᠡᠭᠡᠬᠦ ᠪᠡᠷ ᠬᠡᠨ ᠢ᠋ ᠨᠢᠷᠭᠡᠬᠦ ᠪᠣᠢ?
       ᠲᠥᠷᠥ ᠳ᠋ᠦ᠍ ᠭᠠᠪᠢᠶ᠎ᠠ ᠲᠠᠢ ᠲᠦᠮᠡᠨ ᠳ᠋ᠦ᠍ ᠬᠦᠨᠳᠦ ᠲᠡᠢ ᠨᠢᠭᠡᠨ ᠨᠣᠶᠠᠨ ᠪᠠᠢᠵᠠᠢ᠃ᠡᠷᠬᠡ ᠬᠦᠴᠦ᠂ᠡᠳ᠋ ᠪᠠᠶᠠᠯᠢᠭ ᠲᠤ᠌ ᠪᠠᠨ ᠡᠷᠳᠦᠵᠦ ᠪᠠᠷᠳᠠᠬᠤ ᠶ᠋ᠢ ᠴᠡᠭᠡᠷᠯᠡᠨ᠂ᠡᠩ ᠦ᠋ᠨ ᠳᠠᠷᠤᠤ ᠰᠤᠷᠲᠠᠯ ᠶᠣᠰᠣ ᠶ᠋ᠢ ᠡᠷᠬᠢᠮᠯᠡᠨ᠂ᠪᠤᠳ᠋ᠳ᠋ᠾᠠ ᠶ᠋ᠢᠨ ᠰᠤᠷᠭᠠᠯ ᠨᠣᠮ ᠢ᠋ ᠬᠢᠴᠢᠶᠡᠩᠭᠦᠢᠯᠡᠨ ᠰᠤᠳᠤᠯᠬᠤ ᠪᠣᠯᠵᠤ ᠭᠡᠨ᠎ᠡ᠃ᠨᠢᠭᠡᠨ ᠨᠣᠮᠴᠢ ᠯᠠᠮᠠ ᠲᠠᠢ ᠪᠠᠭᠰᠢ ᠱᠠᠪᠢ ᠪᠠᠷᠢᠯᠳᠤᠵᠤ ᠡᠳᠦᠷ ᠪᠦᠷᠢ ᠨᠣᠮ ᠤ᠋ᠨ ᠷᠠᠰᠢᠶᠠᠨ ᠢ᠋ ᠬᠦᠷᠲᠡᠳᠡᠭ ᠪᠠᠢᠪᠠ᠃ᠶᠡᠬᠡ ᠬᠥᠮᠦᠨ ᠪᠣᠯᠪᠠᠴᠤ ᠱᠠᠪᠢ ᠶ᠋ᠢᠨ ᠪᠢᠰᠢᠷᠡᠯᠲᠦ ᠲᠠᠬᠢᠮᠳᠠᠭᠤ ᠶᠣᠰᠣ ᠶ᠋ᠢ ᠰᠠᠢᠲᠤᠷ ᠰᠠᠬᠢᠳᠠᠭ ᠪᠠᠢᠯ᠎ᠠ᠃ᠨᠢᠭᠡᠨ ᠡᠳᠦᠷ ᠪᠠᠭᠰᠢ ᠲᠠᠢ ᠪᠠᠨ ᠠᠭᠤᠯᠵᠠᠵᠤ ᠰᠠᠭᠤᠬᠤ ᠳ᠋ᠠᠭᠠᠨ᠄《ᠬᠤᠲᠤᠭᠲᠤ ᠮᠢᠨᠢ ᠠ᠋᠂ᠪᠢᠯᠢᠭ ᠪᠠᠷᠠᠮᠢᠳ ᠤ᠋ᠨ ᠰᠤᠳᠤᠷ ᠲᠤ᠌ ᠣᠯᠠᠨᠲᠠ ᠭᠠᠷᠳᠠᠭ <ᠪᠢ ᠶ᠋ᠢ ᠪᠠᠷᠢᠮᠲᠠᠯᠠᠬᠤᠢ >ᠭᠡᠵᠦ ᠴᠣᠬᠣᠮ ᠶᠠᠭᠤ ᠶ᠋ᠢ ᠬᠡᠯᠡᠨ᠎ᠡ ᠪᠣᠢ?》 ᠭᠡᠮᠡᠨ ᠶᠡᠬᠡᠯ᠎ᠡ ᠨᠤᠬᠤᠴᠠᠲᠠᠢ ᠠᠰᠠᠭᠤᠯ᠎ᠠ᠃ ᠡᠨᠡ ᠠᠰᠠᠭᠤᠯᠲᠠ ᠶ᠋ᠢ ᠰᠣᠨᠣᠰᠤᠭᠠᠳ ᠦᠷᠭᠦᠯᠵᠢ ᠠᠮᠤᠷᠯᠢᠩᠭᠤᠢ ᠮᠢᠰᠢᠶᠡᠯ ᠲᠣᠳᠣᠷᠠᠵᠤ ᠪᠠᠢᠳᠠᠭ ᠪᠠᠭᠰᠢ ᠶ᠋ᠢᠨ ᠴᠢᠷᠠᠢ ᠴᠣᠴᠢᠷ ᠬᠣᠪᠢᠰᠬᠢᠵᠦ᠄《ᠡᠯᠡᠢ ᠪᠠᠯᠠᠢ ᠶᠠᠭᠤᠮ᠎ᠠ ᠠᠰᠠᠭᠤᠵᠤ ᠶᠠᠪᠤᠳᠠᠭ ᠡᠷᠭᠢᠭᠦᠦ ᠬᠠᠷ᠎ᠠ ᠡᠯᠵᠢᠭᠡ ᠪᠠᠢᠵᠠᠢ ᠴᠢ》ᠭᠡᠮᠡᠨ ᠵᠠᠩᠳᠤᠷᠴᠠᠢ᠃ᠨᠠᠰᠤᠨ ᠳ᠋ᠠᠭᠠᠨ ᠡᠢᠮᠦ ᠳᠣᠷᠣᠮᠵᠢ ᠦᠭᠡ ᠰᠣᠨᠣᠰᠴᠤ ᠦᠵᠡᠭᠡ ᠦᠭᠡᠢ ᠨᠣᠶᠠᠨ ᠤ᠋ ᠠᠭᠤᠷ ᠭᠣᠮᠣᠳᠠᠯ ᠭᠱᠠᠨ ᠵᠠᠭᠤᠷ᠎ᠠ ᠣᠪᠣᠯᠵᠠᠵᠤ ᠨᠢᠭᠤᠷ ᠨᠢ ᠮᠢᠨᠴᠢᠢᠵᠦ ᠭᠦᠷᠡᠭᠡ ᠨᠢ ᠭᠦᠷᠡᠯᠵᠡᠵᠦ ᠠᠮᠢᠰᠬᠤᠯ ᠨᠢ ᠪᠥᠭᠯᠡᠷᠡᠭᠡᠳ ᠢᠷᠡᠪᠡ᠃ᠲᠡᠷᠡ ᠦᠶ᠎ᠡ ᠳ᠋ᠦ᠍ ᠪᠠᠭᠰᠢ ᠡᠩᠬᠡ ᠲᠦᠪᠰᠢᠨ ᠳᠦᠷᠢ ᠳ᠋ᠦ᠍ ᠪᠡᠨ ᠡᠷᠭᠢᠨ ᠣᠷᠣᠭᠠᠳ ᠨᠠᠮᠤᠭᠤᠬᠠᠨ ᠳᠠᠭᠤ ᠪᠠᠷ᠄《ᠵᠠ᠂ᠡᠭᠦᠨ ᠢ᠋ ᠴᠢᠨᠢ ᠯᠡ<ᠪᠢ ᠶ᠋ᠢ ᠪᠠᠷᠢᠮᠲᠠᠯᠠᠬᠤ>ᠭᠡᠳᠡᠭ ᠶᠤᠮ ᠳᠡ》 ᠭᠡᠮᠡᠨ ᠬᠠᠷᠢᠭᠤᠯᠵᠠᠢ᠃
    ᠦᠵᠡᠭᠳᠡᠯ ᠳ᠋ᠦ᠍ ᠦᠨᠡᠮᠰᠢᠭᠴᠢ ᠮᠤᠩᠬᠠᠭ ᠤ᠋ᠨ ᠬᠠᠮᠤᠭ ᠤ᠋ᠨ ᠭᠣᠣᠯ ᠢᠯᠡᠷᠡᠯ ᠨᠢ《ᠪᠢ》 ᠶ᠋ᠢᠨ ᠦᠵᠡᠯ ᠶᠤᠮ᠃ ᠴᠢᠰᠤᠨ ᠳ᠋ᠤ᠌ ᠨᠡᠪᠴᠢᠭᠰᠡᠨ ᠬᠣᠣᠷ ᠮᠡᠲᠦ ᠪᠢᠳᠡᠨ ᠦ᠌ ᠰᠠᠷᠠᠯ ᠮᠡᠳᠡᠷᠡᠮᠵᠢ ᠪᠣᠳᠣᠯ ᠲᠥᠰᠦᠭᠡᠯᠡᠯ ᠪᠦᠬᠦᠨ ᠳ᠋ᠦ᠍ ᠰᠢᠩᠭᠡᠮᠡᠯ ᠡᠨᠡ ᠡᠪᠡᠳᠴᠢᠨ ᠦ᠌ ᠨᠢᠶᠠᠨ《ᠬᠣᠭᠣᠰᠣᠨ ᠴᠢᠨᠠᠷ》 ᠤ᠋ᠨ ᠪᠢᠰᠢᠯᠭᠠᠯ ᠠ᠋ᠴᠠ ᠥᠭᠡᠷ᠎ᠡ ᠶᠠᠭᠤ ᠴᠤ᠌ ᠤᠰᠠᠳᠬᠠᠵᠤ ᠴᠢᠳᠠᠬᠤ ᠦᠭᠡᠢ᠃《ᠪᠢ》 ᠶ᠋ᠢᠨ ᠦᠵᠡᠯ ᠦᠷᠭᠦᠯᠵᠢ ᠥᠩᠭᠡᠷᠡᠭᠰᠡᠨ ᠪᠣᠯᠤᠨ ᠢᠷᠡᠭᠡᠳᠦᠢ ᠪᠡᠷ ᠲᠡᠵᠢᠭᠡᠭᠳᠡᠵᠦ ᠪᠠᠢᠳᠠᠭ᠃ᠡᠨᠡ ᠭᠱᠠᠨ ᠳ᠋ᠤ᠌ ᠪᠦᠷᠢᠨ ᠠᠭᠤᠰᠬᠤ ᠳ᠋ᠤ᠌《ᠪᠢ》ᠠᠯᠠᠭ᠎ᠠ ᠪᠣᠯᠳᠠᠭ᠃ ᠶᠠᠭᠠᠬᠢᠭᠠᠳ ᠭᠡᠪᠡᠯ᠂ᠡᠨᠡ ᠭᠱᠠᠨ ᠳ᠋ᠤ᠌ ᠥᠪᠡᠷ ᠢ᠋ᠶ᠋ᠡᠨ ᠬᠣᠭᠣᠰᠣᠨ ᠴᠢᠨᠠᠷ᠂ᠬᠣᠭᠣᠰᠣᠨ ᠴᠢᠨᠠᠷ ᠲᠤ᠌ ᠠᠯᠳᠠᠬᠤ ᠶ᠋ᠢᠨ ᠠᠢᠳᠠᠰ᠂ᠣᠯᠳᠠᠬᠤ ᠶ᠋ᠢᠨ ᠭᠣᠷᠢᠳᠠᠯᠭ᠎ᠠ ᠶᠠᠭᠤ ᠴᠦ᠍ ᠪᠠᠢᠬᠤ ᠦᠭᠡᠢ᠃ᠲᠡᠢᠮᠦ ᠤᠴᠢᠷ ᠠ᠋ᠴᠠ ᠲᠡᠭᠦᠨ ᠢ᠋ ᠵᠢᠩᠬᠢᠨᠢ ᠡᠷᠬᠡ ᠴᠢᠯᠥᠭᠡ᠂ᠵᠢᠩᠬᠢᠨᠢ ᠠᠮᠢᠳᠤᠷᠠᠯ ᠭᠡᠳᠡᠭ᠃ᠠᠮᠢᠳᠤᠷᠠᠯ ᠢ᠋ ᠲᠠᠨᠢᠵᠤ ᠣᠢᠯᠠᠭᠠᠭᠰᠠᠨ ᠬᠥᠮᠦᠨ ᠦ᠌ ᠬᠤᠪᠢ ᠳ᠋ᠤ᠌ ᠦᠬᠦᠯ ᠭᠡᠵᠦ ᠶᠡᠷᠦ ᠡᠴᠡ ᠪᠡᠨ ᠪᠠᠢᠳᠠᠭ ᠦᠭᠡᠢ᠃

  ᠦᠰᠦᠭ ᠠᠮᠢᠯᠠᠭᠤᠯᠦᠭ᠍ᠰᠡᠨ ᠨᠢ : ᠲᠦᠮᠡᠨᠴᠡᠴᠡᠭ
  ᠬᠢᠨᠡᠭ᠍ᠰᠡᠨ ᠨᠢ: ᠮᠤᠩᠭᠤᠯᠵᠠᠶᠠᠭ᠎ᠠ
  ᠪᠢᠴᠢᠯᠭᠡ ᠶᠢᠨ ᠢᠷᠡᠯᠲᠡ᠄ ᠭᠡᠭᠡᠷᠡᠯ  ᠲᠠᠪᠴᠠᠩ