ᠪᠠᠭᠰᠢ -ᠳᠣᠷᠵᠢᠰᠡᠷᠡᠩBagsh-DorjserenБагш-Доржсэрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠰᠢ -ᠳᠣᠷᠵᠢᠰᠡᠷᠡᠩBagsh-DorjserenБагш-Доржсэрэн

ᠪᠠᠭᠰᠢ -ᠳᠣᠷᠵᠢᠰᠡᠷᠡᠩBagsh-DorjserenБагш-Доржсэрэн

2025-09-10

1067

ᠪᠠᠭᠰᠢ

          ᠵᠣᠬᠢᠶᠠᠭᠴᠢ᠄ ᠳᠣᠷᠵᠢᠰᠡᠷᠡᠩ  
   —ᠪᠠᠭᠰᠢ ᠶ᠋ᠢᠨ ᠪᠠᠶᠠᠷ ᠲᠤ᠌ ᠵᠣᠷᠢᠭᠤᠯᠪᠠ 

ᠪᠠᠭᠰᠢ ᠭᠡᠵᠦ 
ᠬᠣᠢᠮᠣᠷ ᠲᠤ᠌ ᠰᠠᠭᠠᠲᠠᠬᠤ ᠬᠤᠪᠢ ᠦᠭᠡᠢ 
ᠬᠣᠯᠠ ᠳ᠋ᠤ᠌ ᠳᠠᠭᠤᠷᠢᠰᠬᠤ ᠨᠡᠷ᠎ᠡ ᠦᠭᠡᠢ 
ᠪᠠᠶᠠᠨ ᠳ᠋ᠤ᠌ ᠲᠣᠭᠠᠴᠠᠭᠳᠠᠬᠤ ᠥᠪ ᠦᠭᠡᠢ 
ᠪᠠᠭᠠᠷ ᠲᠤ᠌ ᠨᠠᠷᠭᠢᠬᠤ ᠴᠢᠯᠥᠭᠡ ᠦᠭᠡᠢ 
ᠲᠡᠭᠡᠪᠡᠴᠦ  
ᠨᠠᠷᠠᠨ ᠠ᠋ᠴᠠ ᠣᠢᠷᠠᠬᠠᠨ ᠦᠢᠯᠡᠰ ᠲᠡᠢ  
ᠰᠠᠷᠠᠨ ᠠ᠋ᠴᠠ ᠲᠡᠷᠭᠡᠯ ᠬᠦᠰᠡᠯ ᠲᠡᠢ 
ᠣᠳᠣᠨ ᠰᠠᠢᠬᠠᠨ ᠰᠤᠷᠤᠭᠴᠢ ᠲᠠᠢ 
ᠣᠬᠢ ᠰᠢᠯᠢᠳᠡᠭ ᠱᠠᠪᠢ ᠲᠠᠢ 
ᠪᠠᠭᠰᠢ ᠭᠡᠵᠦ 
ᠵᠡᠷᠭᠡ ᠳᠡᠰ ᠦ᠋ᠨ ᠣᠲᠣᠭ᠎ᠠ ᠦᠭᠡᠢ 
ᠵᠢᠩᠰᠡ ᠮᠠᠯᠠᠭᠠᠢ ᠶ᠋ᠢᠨ ᠵᠢᠮᠰᠡᠭ ᠦᠭᠡᠢ
ᠬᠣᠷᠭᠣᠢ ᠲᠣᠷᠭ᠎ᠠ ᠶ᠋ᠢᠨ ᠣᠯᠪᠣᠭ ᠦᠭᠡᠢ
ᠮᠠᠩᠨᠤᠭ ᠱ᠌ᠢᠷᠦ ᠶ᠋ᠢᠨ ᠮᠠᠨᠵᠢᠯᠭ᠎ᠠ ᠦᠭᠡᠢ
ᠲᠡᠭᠡᠪᠡᠴᠦ
ᠵᠠᠯᠠᠭᠤ ᠬᠥᠮᠦᠰ ᠲᠡᠢ ᠵᠢᠷᠭᠠᠵᠤ ᠶᠠᠪᠤᠳᠠᠭ
ᠵᠠᠯᠭᠠᠮᠵᠢ ᠬᠣᠢᠴᠢ ᠲᠠᠢ ᠴᠡᠩᠭᠡᠵᠦ ᠶᠠᠪᠤᠳᠠᠭ
ᠵᠢᠪᠬᠤᠭ᠎ᠠ ᠴᠣᠭ ᠨᠢ ᠲᠡᠭᠦᠯᠳᠡᠷ ᠪᠠᠢᠳᠠᠭ
ᠵᠢᠷᠭᠠᠯ ᠬᠥᠷ ᠢ᠋ᠶ᠋ᠡᠷ ᠪᠢᠯᠬᠠᠮ᠎ᠠ ᠪᠠᠢᠳᠠᠭ
ᠪᠠᠭᠰᠢ ᠭᠡᠵᠦ
ᠡᠭᠦᠨ ᠳ᠋ᠦ᠍ ᠪᠠᠷᠳᠠᠮᠨᠠᠮᠠᠷ ᠭᠠᠪᠢᠶ᠎ᠠ ᠦᠭᠡᠢ
ᠲᠡᠭᠦᠨ ᠳ᠋ᠦ᠍ ᠭᠠᠢᠬᠠᠭᠤᠯᠤᠮᠠᠷ ᠵᠢᠳᠬᠦᠯ ᠦᠭᠡᠢ
ᠠᠯᠳᠠᠷ ᠨᠢ ᠮᠢᠨᠦ ᠭᠡᠵᠦ ᠮᠡᠳᠬᠡᠳᠡᠭ ᠦᠭᠡᠢ
ᠠᠰᠢᠭ ᠨᠢ ᠮᠢᠨᠦ ᠭᠡᠵᠦ ᠰᠢᠨᠤᠳᠠᠭ ᠦᠭᠡᠢ
ᠲᠡᠭᠡᠪᠡᠴᠦ
ᠪᠢᠳᠠᠭᠤ ᠲᠣᠯᠣᠭᠠᠢ ᠶ᠋ᠢ ᠰᠡᠩᠬᠡᠷᠡᠭᠦᠯᠳᠡᠭ
ᠪᠢᠲᠡᠭᠦᠦ ᠤᠬᠠᠭᠠᠨ ᠢ᠋ ᠨᠡᠭᠡᠭᠡᠭᠳᠡᠭᠦᠯᠳᠡᠭ
ᠮᠤᠨᠤᠭ ᠬᠥᠮᠦᠨ ᠢ᠋ ᠰᠡᠬᠡᠭᠡᠷᠡᠭᠦᠯᠳᠡᠭ
ᠮᠤᠩᠬᠠᠭ ᠣᠶᠤᠨ ᠢ᠋ ᠭᠡᠭᠡᠷᠡᠭᠦᠯᠳᠡᠭ
ᠪᠠᠭᠰᠢ ᠭᠡᠵᠦ
ᠶᠠᠪᠤᠬᠤ ᠵᠠᠮ ᠨᠢ ᠭᠤᠷᠪᠠᠨ ᠰᠢᠯᠤᠭᠤᠨ
ᠠᠮᠢᠳᠤᠷᠠᠬᠤ ᠬᠡᠪᠴᠢᠶ᠎ᠡ ᠨᠢ ᠭᠤᠷᠪᠠᠨ ᠭᠡᠷ
ᠠᠵᠢᠯᠯᠠᠬᠤ ᠵᠠᠢ ᠨᠢ ᠭᠤᠷᠪᠠᠨ ᠭᠠᠵᠠᠷ
ᠠᠩᠬᠠᠷᠬᠤ ᠬᠡᠮᠵᠢᠶ᠎ᠡ ᠨᠢ ᠭᠤᠷᠪᠠᠨ ᠪᠠᠷ᠎ᠠ
ᠲᠡᠭᠡᠪᠡᠴᠦ
ᠠᠷᠢᠭᠤᠨ ᠦᠢᠯᠡ ᠶ᠋ᠢᠨ ᠲᠢᠲᠢᠮ ᠲᠡᠢ
ᠠᠯᠤᠰ ᠲᠤ᠌ ᠴᠠᠢᠯᠵᠠᠭᠰᠠᠨ ᠮᠥᠷ ᠲᠡᠢ
ᠳᠠᠷᠬᠠᠨ ᠬᠠᠢᠷ᠎ᠠ ᠶ᠋ᠢᠨ ᠢᠪᠡᠭᠡᠯ ᠲᠡᠢ
ᠳᠠᠶᠠᠩ ᠳ᠋ᠤ᠌ ᠲᠦᠭᠡᠭᠡᠭᠰᠡᠨ ᠰᠤᠷᠤᠭᠴᠢ ᠲᠠᠢ
ᠪᠠᠭᠰᠢ ᠬᠥᠮᠦᠨ—  ᠪᠠᠶᠠᠨ ᠬᠥᠮᠦᠨ!

  ᠦᠰᠦᠭ ᠠᠮᠢᠯᠠᠭᠤᠯᠤᠭᠴᠢ᠄ ᠳ· ᠣᠶᠤᠨᠪᠢᠯᠢᠭ᠌
  ᠬᠢᠨᠠᠭᠴᠢ ᠪᠠᠭᠰᠢ᠄ ᠭᠠᠷᠮ᠎ᠠ᠂ ᠨᠠᠷᠠᠨ᠂ ᠣᠳᠬᠠᠨᠰᠣ᠎ᠠ