ᠵᠣᠬᠢᠶᠠᠨ ᠪᠠᠢᠭᠤᠯᠤᠯᠲᠠ ᠶ᠋ᠢᠨ ᠮᠡᠳᠡᠯᠭᠡ03Zokhion baiguulaltyn medlegЗохион байгуулалтын мэдлэг-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠬᠢᠶᠠᠨ ᠪᠠᠢᠭᠤᠯᠤᠯᠲᠠ ᠶ᠋ᠢᠨ ᠮᠡᠳᠡᠯᠭᠡ03Zokhion baiguulaltyn medlegЗохион байгуулалтын мэдлэг-ᠬᠣᠨᠢᠴᠢᠨ ᠦᠯᠵᠡᠢᠰᠦ᠋ᠷᠥᠩ

ᠵᠣᠬᠢᠶᠠᠨ ᠪᠠᠢᠭᠤᠯᠤᠯᠲᠠ ᠶ᠋ᠢᠨ ᠮᠡᠳᠡᠯᠭᠡ03Zokhion baiguulaltyn medlegЗохион байгуулалтын мэдлэг-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-09

225

ᠵᠣᠬᠢᠶᠠᠨ ᠪᠠᠢᠭᠤᠯᠤᠯᠲᠠ ᠶ᠋ᠢᠨ ᠮᠡᠳᠡᠯᠭᠡ ᠭᠤᠷᠪᠠ

      ᠳ᠋ᠣᠺᠲ᠋ᠣᠷ ᠬᠣᠨᠢᠴᠢᠨ ᠦᠯᠵᠡᠢᠰᠦ᠋ᠷᠥᠩ 
      ᠠᠵᠢᠯ ᠦᠢᠯᠡᠰ ᠡᠷᠬᠢᠯᠡᠬᠦ ᠶᠠᠪᠤᠴᠠ ᠳ᠋ᠤ᠌ ᠥᠪᠡᠷ ᠦ᠋ᠨ ᠠᠵᠢᠯ ᠲᠥᠷᠥᠯ ᠦ᠋ᠨ ᠱᠠᠭᠠᠷᠳᠠᠯᠭ᠎ᠠ ᠳ᠋ᠤ᠌ ᠨᠡᠢᠴᠡᠭᠰᠡᠨ ᠠᠵᠢᠯᠴᠢᠨ ᠡᠯᠰᠡᠵᠦ ᠬᠡᠷᠡᠭᠯᠡᠬᠦ ᠶᠠᠪᠤᠳᠠᠯ ᠬᠥᠮᠦᠨ ᠪᠦᠬᠦᠨ ᠳ᠋ᠦ᠍ ᠲᠣᠬᠢᠶᠠᠯᠳᠤᠳᠠᠭ᠃ ᠠᠵᠢᠯᠴᠢᠨ  ᠡᠯᠰᠡᠬᠦ ᠳ᠋ᠦ᠍ ᠪᠡᠨ ᠪᠢᠳᠡ ᠠᠯᠢ ᠪᠣᠯᠬᠤ ᠠᠵᠢᠯ ᠢ᠋ᠶ᠋ᠠᠨ ᠰᠠᠢᠨ ᠬᠢᠳᠡᠭ᠂ ᠬᠠᠷᠢᠭᠤᠴᠠᠯᠭ᠎ᠠ ᠲᠠᠢ ᠬᠥᠮᠦᠨ ᠢ᠋ ᠣᠯᠬᠤ ᠶ᠋ᠢ ᠬᠢᠴᠢᠶᠡᠳᠡᠭ᠃ ᠲᠡᠢᠮᠦ ᠡᠴᠡ ᠡᠯᠰᠡᠬᠦ ᠶ᠋ᠢᠨ ᠤᠷᠢᠳᠠ ᠶᠠᠷᠢᠯᠴᠠᠵᠤ ᠬᠠᠷᠢᠯᠴᠠᠨ  ᠣᠢᠯᠠᠭᠠᠯᠴᠠᠨ᠂ ᠥᠪᠡᠷ ᠲᠦ᠍ ᠲᠣᠬᠢᠷᠠᠭᠰᠠᠨ ᠠᠵᠢᠯᠴᠢᠨ ᠢ᠋ ᠣᠯᠵᠤ᠂ ᠳᠠᠬᠢᠨ ᠡᠳᠡᠭᠡᠷ ᠠᠵᠢᠯᠴᠢᠳ ᠢ᠋ᠶ᠋ᠠᠨ ᠨᠢᠭᠡ ᠵᠣᠬᠢᠶᠠᠨ ᠪᠠᠢᠭᠤᠯᠤᠯᠲᠠ ᠳ᠋ᠤ᠌ ᠨᠢᠭᠡᠳᠴᠦ᠂ ᠨᠢᠭᠡᠨ ᠵᠣᠷᠢᠯᠲᠠ ᠬᠠᠷᠠᠯᠲᠠ ᠶ᠋ᠢᠨ ᠲᠥᠯᠥᠭᠡ ᠬᠠᠮᠲᠤ ᠴᠢᠷᠮᠠᠢᠵᠤ ᠡᠬᠢᠯᠡᠳᠡᠭ᠃ 
ᠨᠢᠭᠡᠨ ᠠᠵᠢᠯ ᠦᠢᠯᠡᠰ ᠦ᠋ᠨ ᠨᠢᠭᠡᠴᠡ᠂ ᠠᠵᠤ ᠠᠬᠤᠢᠯᠠᠯ ᠪᠣᠯ ᠲᠡᠷᠡᠬᠦ ᠵᠣᠬᠢᠶᠠᠨ ᠪᠠᠢᠭᠤᠯᠤᠯᠲᠠ ᠶ᠋ᠢᠨ ᠢ᠋ᠶ᠋ᠡᠨ ᠤᠳᠤᠷᠢᠳᠤᠭᠴᠢ᠂ ᠳᠠᠭᠠᠭᠤᠯᠤᠭᠴᠢ ᠮᠥᠨ᠃ ᠥᠪᠡᠷ ᠦ᠋ᠨ ᠠᠵᠢᠯᠴᠢᠳ ᠢ᠋ᠶ᠋ᠠᠨ ᠬᠡᠷᠬᠢᠨ ᠵᠥᠪ ᠤᠳᠤᠷᠢᠳᠴᠤ᠂ ᠵᠥᠪ ᠬᠥᠮᠦᠵᠢᠭᠦᠯᠵᠦ᠂ ᠰᠠᠢᠨ ᠦᠷ᠎ᠡ ᠪᠦᠲᠦᠮᠵᠢ ᠣᠯᠬᠤ ᠨᠢ ᠵᠣᠬᠢᠶᠠᠨ ᠪᠠᠢᠭᠤᠯᠤᠯᠲᠠ ᠠ᠋ᠴᠠ ᠶᠡᠬᠡᠬᠡᠨ ᠰᠢᠯᠲᠠᠭᠠᠯᠠᠳᠠᠭ ᠃ ᠥᠭᠡᠷ᠎ᠡ ᠪᠡᠷ ᠬᠡᠯᠡᠪᠡᠯ ᠵᠣᠬᠢᠶᠠᠨ ᠪᠠᠢᠭᠤᠯᠤᠯᠲᠠ ᠳ᠋ᠤ᠌ ᠥᠪᠡᠷ ᠦ᠋ᠨ ᠠᠵᠢᠯᠴᠢᠨ ᠢ᠋ᠶ᠋ᠠᠨ ᠦᠨᠡᠯᠡᠬᠦ ᠰᠢᠰᠲ᠋ᠧᠮ ᠪᠠᠢᠬᠤ ᠬᠡᠷᠡᠭᠲᠡᠢ᠃ ᠤᠴᠢᠷ ᠨᠢ ᠡᠳᠡᠭᠡᠷ ᠠᠵᠢᠯᠴᠢᠳ ᠬᠡᠳᠦᠢᠪᠡᠷ ᠰᠢᠯᠢᠯᠲᠡ ᠪᠡᠷ ᠳᠡᠮᠵᠢᠵᠦ ᠣᠷᠣᠵᠤ ᠢᠷᠡᠭᠰᠡᠨ ᠴᠦ᠍ ᠠᠵᠢᠯ ᠤ᠋ᠨ ᠴᠢᠳᠠᠪᠤᠷᠢ᠂ ᠬᠠᠷᠢᠭᠤᠴᠠᠯᠭ᠎ᠠ ᠡᠯ᠎ᠡ ᠲᠠᠯ᠎ᠠ ᠪᠠᠷ ᠬᠣᠭᠣᠷᠣᠨᠳᠣ ᠪᠠᠨ ᠮᠠᠰᠢ ᠶᠡᠬᠡ ᠵᠥᠷᠢᠶ᠎ᠡ ᠲᠡᠢ ᠪᠠᠢᠵᠤ᠂ ᠨᠢᠭᠡᠳᠦᠭᠰᠡᠨ ᠨᠢᠭᠡ ᠵᠣᠬᠢᠶᠠᠨ ᠪᠠᠢᠭᠤᠯᠤᠯᠲᠠ ᠳ᠋ᠤ᠌ ᠠᠵᠢᠯᠯᠠᠭᠤᠯᠬᠤ ᠳ᠋ᠤ᠌ ᠮᠠᠰᠢ ᠶᠡᠬᠡ ᠪᠡᠷᠬᠡᠰᠢᠶᠡᠯ ᠲᠡᠢ᠃ ᠡᠭᠦᠨ ᠳ᠋ᠦ᠍ ᠠᠵᠢᠯᠴᠢᠨ ᠢ᠋ ᠦᠨᠡᠯᠡᠬᠦ ᠰᠢᠰᠲ᠋ᠧᠮ ᠮᠠᠰᠢ ᠶᠡᠬᠡ ᠦᠢᠯᠡᠳᠦᠯ ᠦᠵᠡᠭᠦᠯᠳᠡᠭ᠃ ᠦᠨᠡᠯᠡᠯᠲᠡ ᠶ᠋ᠢᠨ ᠰᠢᠰᠲ᠋ᠧᠮ ᠢ᠋ ᠶᠡᠷᠦᠩᠬᠡᠢ ᠳ᠋ᠡᠭᠡᠨ ᠺᠣᠮᠫᠠᠨᠢ ᠶ᠋ᠢᠨ ᠬᠠᠷᠠᠯᠲᠠ ᠵᠢᠭᠠᠪᠤᠷᠢ᠂ ᠠᠵᠢᠯ ᠤ᠋ᠨ ᠶᠠᠪᠤᠴᠠ᠂ ᠦᠷ᠎ᠡ ᠪᠦᠲᠦᠮᠵᠢ᠂ ᠡᠵᠡᠩᠨᠡᠯᠲᠡ ᠶ᠋ᠢᠨ ᠣᠷᠴᠢᠨ᠂ ᠨᠡᠮᠡᠵᠦ ᠠᠵᠢᠯᠯᠠᠭᠰᠠᠨ ᠴᠠᠭ ᠭᠡᠬᠦ ᠲᠠᠪᠤᠨ ᠠᠭᠤᠯᠭ᠎ᠠ ᠳ᠋ᠤ᠌ ᠬᠤᠷᠢᠶᠠᠩᠭᠤᠢᠯᠠᠵᠤ ᠪᠣᠯᠤᠨ᠎ᠠ᠃ 
ᠶᠠᠮᠠᠷᠪᠠ ᠨᠢᠭᠡ ᠵᠣᠬᠢᠶᠠᠨ ᠪᠠᠢᠭᠤᠯᠤᠯᠲᠠ ᠳ᠋ᠤ᠌ ᠨᠢᠭᠡ ᠬᠠᠮᠲᠤ  ᠶ᠋ᠢᠨ ᠵᠣᠷᠢᠯᠲᠠ ᠬᠠᠷᠠᠯᠲᠠ ᠪᠠᠢᠬᠤ ᠦᠭᠡᠢ ᠪᠣᠯ ᠨᠢᠭᠡᠳᠦᠭᠰᠡᠨ ᠨᠢᠭᠡ ᠴᠢᠭᠯᠡᠯ ᠳ᠋ᠦ᠍ ᠴᠢᠷᠮᠠᠢᠬᠤ ᠳ᠋ᠤ᠌ ᠬᠦᠴᠢᠷ ᠪᠠᠢᠳᠠᠭ᠃ ᠡᠨᠡᠬᠦ ᠵᠣᠬᠢᠶᠠᠨ ᠪᠠᠢᠭᠤᠯᠤᠯᠲᠠ ᠶ᠋ᠢᠨ ᠵᠣᠷᠢᠯᠲᠠ ᠪᠣᠯ ᠳᠠᠷᠤᠢ ᠺᠣᠮᠫᠠᠨᠢ  ᠶᠢᠨ ᠬᠠᠷᠠᠯᠲᠠ ᠪᠣᠯᠬᠤ ᠶᠤᠮ᠃ ᠡᠬᠢᠯᠡᠭᠡᠳ ᠺᠣᠮᠫᠠᠨᠢ ᠥᠪᠡᠷ ᠦ᠋ᠨ ᠶᠠᠭᠤ ᠬᠢᠬᠦ ᠭᠡᠵᠦ ᠪᠠᠢᠭ᠎ᠠ ᠪᠠᠨ ᠲᠣᠭᠲᠠᠭᠰᠠᠨ ᠤ᠋ ᠳᠠᠷᠠᠭ᠎ᠠ ᠰᠠᠶᠢ ᠠᠵᠢᠯᠴᠢᠳ ᠢ᠋ᠶ᠋ᠠᠨ ᠡᠨᠡᠬᠦ ᠵᠣᠷᠢᠯᠲᠠ ᠶ᠋ᠢᠨ ᠳᠠᠭᠠᠤ ᠵᠥᠪ ᠵᠣᠬᠢᠶᠠᠨ ᠪᠠᠢᠭᠤᠯᠤᠨ ᠠᠪᠴᠤ ᠶᠠᠪᠤᠵᠤ ᠴᠢᠳᠠᠨ᠎ᠠ᠃ ᠡᠭᠦᠨ ᠢ᠋ᠶ᠋ᠡᠷ ᠴᠦ᠍ ᠵᠣᠭᠰᠣᠬᠤ ᠦᠭᠡᠢ ᠪᠢᠳᠡ ᠥᠪᠡᠷ ᠦ᠋ᠨ ᠵᠣᠷᠢᠯᠲᠠ ᠪᠠᠨ ᠲᠣᠭᠲᠠᠭᠰᠠᠨ  ᠳᠠᠷᠠᠭ᠎ᠠ ᠲᠡᠭᠦᠨ ᠢ᠋ ᠪᠡᠨ ᠥᠪᠡᠷ ᠦ᠋ᠨ ᠵᠣᠬᠢᠶᠠᠨ ᠪᠠᠢᠭᠤᠯᠤᠯᠲᠠ ᠶ᠋ᠢᠨ ᠭᠡᠰᠢᠭᠦᠨ ᠪᠣᠯᠬᠤ ᠠᠵᠢᠯᠴᠢᠳ ᠲᠠᠭᠠᠨ ᠬᠡᠯᠡᠵᠦ ᠣᠢᠯᠠᠭᠠᠭᠤᠯᠤᠭᠰᠠᠨ ᠪᠠᠢᠬᠤ ᠴᠢᠬᠤᠯᠠ ᠲᠠᠢ᠃ ᠡᠨᠡ ᠪᠣᠯ ᠵᠢᠭᠠᠪᠤᠷᠢ ᠮᠥᠨ᠃ ᠢᠩᠭᠢᠵᠦ ᠬᠢᠭᠰᠡᠨ ᠦ᠌ ᠦᠷ᠎ᠡ ᠳ᠋ᠦᠩ ᠳ᠋ᠦ᠍ ᠺᠣᠮᠫᠠᠨᠢ ᠪᠣᠯᠤᠨ ᠠᠵᠢᠯᠴᠢᠨ ᠨᠢᠭᠡ ᠵᠣᠷᠢᠯᠲᠠ ᠶ᠋ᠢᠨ ᠲᠥᠯᠥᠭᠡ ᠵᠢᠩᠬᠢᠨᠢ ᠠᠵᠢᠯᠯᠠᠵᠤ ᠴᠢᠳᠠᠨ᠎ᠠ᠃ 
ᠠᠵᠢᠯ ᠦᠢᠯᠡᠰ ᠭᠡᠳᠡᠭ ᠪᠣᠯ ᠨᠢᠭᠡ ᠬᠢᠵᠦ ᠭᠦᠢᠴᠡᠳᠬᠡᠬᠦ ᠪᠡᠷ ᠳᠡᠮᠵᠢᠵᠦ ᠪᠡᠶᠡᠯᠡᠭᠳᠡᠬᠦ ᠶᠠᠪᠤᠴᠠ ᠶᠤᠮ᠃ ᠡᠭᠦᠨ ᠢ᠋ ᠬᠡᠨ ᠬᠥᠮᠦᠨ ᠬᠡᠳᠦᠢ ᠰᠠᠢᠬᠠᠨ ᠲᠥᠯᠥᠪᠯᠡᠭᠡᠳ᠂ ᠬᠡᠳᠦᠢ ᠮᠥᠷᠥᠭᠡᠳᠦᠭᠡᠳ ᠪᠡᠶᠡᠯᠡᠭᠳᠡᠳᠡᠭ ᠦᠭᠡᠢ᠃ ᠲᠡᠢᠮᠦ ᠡᠴᠡ ᠵᠣᠬᠢᠶᠠᠨ ᠪᠠᠢᠭᠤᠯᠤᠯᠲᠠ ᠳ᠋ᠠᠭᠠᠨ ᠠᠵᠢᠯᠴᠢᠨ ᠤ᠋ ᠪᠣᠳᠠᠲᠠᠢ ᠠᠵᠢᠯ ᠬᠢᠵᠦ ᠭᠦᠢᠴᠡᠳᠬᠡᠵᠦ ᠪᠠᠢᠭ᠎ᠠ ᠶᠠᠪᠤᠴᠠ ᠶ᠋ᠢ ᠵᠥᠪ ᠦᠨᠡᠯᠡᠬᠦ ᠨᠢ ᠮᠠᠰᠢ ᠴᠢᠬᠤᠯᠠ᠃ ᠢᠩᠭᠢᠵᠦ ᠬᠢᠵᠦ ᠴᠢᠳᠠᠭᠰᠠᠨ ᠢ᠋ᠶ᠋ᠠᠷ ᠺᠣᠮᠫᠠᠨᠢ᠂ ᠠᠵᠢᠯ ᠦᠢᠯᠡᠰ ᠦ᠋ᠨ ᠨᠢᠭᠡᠴᠡ ᠶ᠋ᠢᠨ ᠠᠵᠢᠯ ᠤᠯᠠᠮ ᠳᠡᠰ ᠳᠠᠷᠠᠭ᠎ᠠ ᠲᠠᠢ ᠪᠣᠯᠵᠤ᠂ ᠠᠵᠢᠯ ᠤ᠋ᠨ ᠦᠷ᠎ᠡ ᠪᠦᠲᠦᠮᠵᠢ ᠳ᠋ᠦ᠍ ᠰᠠᠢᠨ ᠢ᠋ᠶ᠋ᠠᠷ ᠨᠥᠯᠥᠭᠡᠯᠡᠬᠦ ᠪᠡᠷ ᠪᠠᠷᠠᠬᠤ ᠦᠭᠡᠢ᠂ ᠠᠵᠢᠯᠴᠢᠨ ᠤ᠋ ᠠᠵᠢᠯ ᠤ᠋ᠨ ᠳᠤᠮᠳᠠᠬᠢ ᠬᠥᠳᠡᠯᠮᠦᠷᠢ ᠶ᠋ᠢ ᠴᠦ᠍ ᠵᠥᠪ ᠦᠨᠡᠯᠡᠵᠦ ᠂ ᠵᠣᠬᠢᠶᠠᠨ ᠪᠠᠢᠭᠤᠯᠤᠯᠲᠠ ᠲᠡᠭᠦᠯᠳᠡᠷᠵᠢᠵᠦ ᠴᠢᠳᠠᠨ᠎ᠠ᠃ 
ᠦᠷ᠎ᠡ ᠪᠦᠲᠦᠮᠵᠢ ᠭᠡᠬᠦ ᠪᠡᠷ ᠮᠠᠨᠠᠢᠬᠢ ᠪᠦᠷ ᠰᠠᠢᠨ ᠮᠡᠳᠡᠨ᠎ᠡ᠃ ᠲᠡᠷᠡ ᠮᠥᠷᠲᠡᠭᠡᠨ ᠠᠵᠢᠯ ᠤ᠋ᠨ ᠬᠢᠷᠢ ᠵᠡᠷᠭᠡ ᠪᠡᠶᠡᠯᠡᠭᠳᠡᠭᠰᠡᠨ ᠵᠢᠴᠢ ᠠᠵᠢᠯᠴᠢᠨ ᠤ᠋ ᠰᠠᠢᠨ ᠮᠠᠭᠤ ᠠᠵᠢᠯᠯᠠᠭᠰᠠᠨ ᠢ᠋ ᠰᠢᠯᠭᠠᠳᠠᠭ ᠶᠡᠷᠦᠳᠡ ᠶ᠋ᠢᠨ ᠠᠷᠭ᠎ᠠ ᠪᠠᠷᠢᠯ ᠪᠠᠢᠳᠠᠭ᠃ ᠶᠠᠷᠢᠶᠠᠨ ᠦᠭᠡᠢ ᠠᠵᠢᠯ ᠬᠥᠳᠡᠯᠮᠦᠷᠢ ᠡᠷᠬᠢᠯᠡᠵᠦ ᠬᠢᠵᠦ ᠪᠠᠢᠭ᠎ᠠ ᠨᠢ ᠪᠦᠷ ᠰᠠᠢᠨ ᠦᠷ᠎ᠡ ᠪᠦᠲᠦᠮᠵᠢ ᠣᠯᠬᠤ ᠶ᠋ᠢᠨ ᠲᠥᠯᠥᠭᠡ ᠪᠠᠢᠳᠠᠭ᠃ ᠭᠡᠬᠦ  ᠳ᠋ᠡᠭᠡᠨ ᠭᠠᠭᠴᠠ ᠡᠭᠦᠨ ᠢ᠋ᠶ᠋ᠡᠷ ᠬᠡᠮᠵᠢᠬᠦ ᠨᠢ ᠥᠷᠥᠭᠡᠰᠦᠯ ᠪᠠᠢᠳᠠᠭ᠃ ᠤᠴᠢᠷ ᠨᠢ ᠠᠵᠢᠯ ᠤ᠋ᠨ ᠳᠤᠮᠳᠠ ᠳᠠᠩ ᠭᠠᠨᠴᠠ ᠦᠷ᠎ᠡ ᠪᠦᠲᠦᠮᠵᠢ  ᠶ᠋ᠢ ᠬᠥᠬᠡᠭᠡᠴᠢᠯᠳᠦᠬᠦ ᠨᠢ ᠠᠵᠢᠯ ᠤ᠋ᠨ ᠶᠠᠪᠤᠴᠠ ᠶ᠋ᠢ ᠣᠮᠲᠣᠭᠠᠢᠯᠠᠬᠤ᠂ ᠠᠯᠳᠠᠭ᠎ᠠ ᠭᠠᠷᠭᠠᠬᠤ᠂ ᠴᠢᠨᠠᠷ ᠢ᠋ ᠪᠠᠲᠤᠯᠠᠬᠤ ᠦᠭᠡᠢ ᠵᠡᠷᠭᠡ ᠣᠯᠠᠨ ᠣᠯᠠᠨ ᠨᠠᠵᠠᠭᠠᠢ ᠲᠠᠯ᠎ᠠ ᠶ᠋ᠢ ᠪᠣᠢ ᠪᠣᠯᠭᠠᠳᠠᠭ᠃ ᠡᠢᠮᠦ ᠡᠴᠡ ᠪᠢᠳᠡ ᠵᠣᠬᠢᠶᠠᠨ ᠪᠠᠢᠭᠤᠯᠤᠯᠲᠠ ᠶ᠋ᠢᠨ ᠦᠨᠡᠯᠡᠯᠲᠡ  ᠳ᠋ᠡᠭᠡᠨ ᠦᠷ᠎ᠡ ᠪᠦᠲᠦᠮᠵᠢ ᠶ᠋ᠢ ᠦᠵᠡᠬᠦ ᠶ᠋ᠢᠨ ᠳᠠᠭᠠᠤ ᠪᠤᠰᠤᠳ ᠬᠡᠳᠦᠨ ᠲᠠᠯ᠎ᠠ ᠶ᠋ᠢᠨ ᠰᠢᠯᠭᠠᠭᠤᠷ ᠢ᠋ ᠵᠡᠷᠭᠡ ᠠᠪᠴᠤ ᠦᠵᠡᠬᠦ ᠬᠡᠷᠡᠭᠲᠡᠢ᠃ 
ᠠᠵᠢᠯ ᠦᠢᠯᠡᠰ ᠡᠷᠬᠢᠯᠡᠬᠦ ᠶᠠᠪᠤᠴᠠ ᠪᠣᠯ ᠳᠠᠷᠤᠢ ᠨᠢᠭᠡ ᠡᠵᠡᠩᠨᠡᠯᠲᠡ ᠬᠢᠬᠦ ᠶᠠᠪᠤᠴᠠ ᠮᠥᠨ᠃ ᠶᠠᠮᠠᠷᠪᠠ ᠡᠵᠡᠩᠨᠡᠯᠲᠡ  ᠳ᠋ᠦ᠍ ᠥᠪᠡᠷ ᠦ᠋ᠨ ᠬᠢᠨᠢ ᠲᠣᠭᠲᠠᠭᠰᠠᠨ ᠣᠷᠴᠢᠨ ᠪᠠᠢᠳᠠᠭ ᠬᠠᠷᠢᠨ ᠡᠨᠡᠬᠦ ᠣᠷᠴᠢᠨ ᠢ᠋ᠶ᠋ᠠᠨ ᠶᠠᠮᠠᠷ ᠪᠠᠢᠯᠭᠠᠬᠤ ᠠ᠋ᠴᠠ ᠲᠠᠨ ᠤ᠋ ᠠᠵᠢᠯ ᠲᠥᠷᠥᠯ ᠦ᠋ᠨ ᠦᠷ᠎ᠡ ᠪᠦᠲᠦᠮᠵᠢ ᠶᠡᠬᠡᠬᠡᠨ ᠥᠭᠡᠷ᠎ᠡ ᠪᠣᠯᠳᠠᠭ᠃ ᠪᠢᠳᠡ ᠣᠷᠴᠢᠨ ᠢ᠋ ᠶᠡᠷᠦ ᠳ᠋ᠡᠭᠡᠨ ᠠᠷᠢᠭᠤᠨ ᠴᠡᠪᠡᠷ᠂ ᠠᠮᠤᠷ ᠲᠦᠪᠰᠢᠨ᠂ ᠠᠭᠠᠰᠢ ᠵᠠᠩ᠂ ᠠᠵᠢᠯ ᠤ᠋ᠨ ᠴᠠᠭ ᠭᠡᠬᠦ ᠳᠥᠷᠪᠡᠨ ᠲᠠᠯ᠎ᠠ ᠡᠴᠡ ᠠᠪᠴᠤ ᠦᠵᠡᠳᠡᠭ᠃ ᠪᠢᠳᠡ ᠠᠵᠢᠯ ᠤ᠋ᠨ ᠶᠠᠪᠤᠴᠠ ᠳ᠋ᠠᠭᠠᠨ ᠠᠷᠢᠭᠤᠨ ᠴᠡᠪᠡᠷ ᠢ᠋ ᠡᠷᠬᠢᠮᠯᠡᠭᠰᠡᠨ ᠡᠰᠡᠬᠦ᠂ ᠠᠮᠤᠷ ᠲᠦᠪᠰᠢᠨ ᠢ᠋ ᠠᠩᠬᠠᠷᠤᠭᠰᠠᠨ ᠡᠰᠡᠬᠦ᠂ ᠠᠵᠢᠯ ᠤ᠋ᠨ ᠴᠠᠭ ᠢ᠋ ᠴᠢᠩᠭ᠎ᠠ ᠪᠠᠷᠢᠮᠲᠠᠯᠠᠭᠰᠠᠨ ᠡᠰᠡᠬᠦ ᠵᠢᠴᠢ ᠬᠥᠮᠦᠰ ᠲᠡᠢ ᠪᠡᠨ ᠵᠥᠪ ᠬᠠᠷᠢᠴᠠᠭᠰᠠᠨ ᠡᠰᠡᠬᠦ ᠡᠴᠡ ᠠᠵᠢᠯ ᠤ᠋ᠨ ᠭᠦᠢᠴᠡᠳᠬᠡᠯ ᠳᠤᠮᠳᠠᠬᠢ ᠠᠯᠳᠠᠭ᠎ᠠ ᠶ᠋ᠢ ᠪᠠᠭᠠᠰᠬᠠᠵᠤ᠂ ᠦᠷ᠎ᠡ ᠪᠦᠲᠦᠮᠵᠢ ᠶ᠋ᠢ ᠳᠡᠭᠡᠭᠰᠢᠯᠡᠭᠦᠯᠵᠦ ᠴᠢᠳᠠᠳᠠᠭ᠃ 
ᠠᠵᠢᠯ ᠤ᠋ᠨ ᠳᠤᠮᠳᠠ ᠪᠠᠨ ᠴᠠᠭ ᠢ᠋ ᠪᠠᠷᠢᠵᠤ ᠠᠵᠢᠯᠯᠠᠬᠤ ᠨᠢ ᠠᠵᠢᠯ ᠤ᠋ᠨ ᠪᠦᠲᠦᠮᠵᠢ ᠶ᠋ᠢ ᠥᠨᠳᠥᠷᠵᠢᠭᠦᠯᠵᠦ᠂ ᠦᠷ᠎ᠡ ᠳ᠋ᠦᠩ ᠳ᠋ᠦ᠍ ᠰᠢᠭᠤᠳ ᠨᠥᠯᠥᠭᠡᠯᠡᠳᠡᠭ᠃ ᠭᠡᠲᠡᠯ᠎ᠡ ᠡᠭᠦᠨ ᠡᠴᠡ ᠭᠠᠳᠠᠨ᠎ᠠ ᠠᠵᠢᠯ  ᠤ᠋ᠨ ᠴᠠᠭ ᠠ᠋ᠴᠠ ᠭᠠᠳᠠᠭᠤᠷ ᠴᠠᠭ ᠨᠡᠮᠡᠵᠦ ᠠᠵᠢᠯᠯᠠᠬᠤ ᠲᠣᠬᠢᠶᠠᠯᠳᠤᠯ ᠪᠠᠢᠩᠭᠤ ᠲᠣᠬᠢᠶᠠᠯᠳᠤᠳᠠᠭ᠃ ᠡᠨᠡ ᠪᠠᠢᠳᠠᠯ ᠳ᠋ᠤ᠌ ᠦᠨᠡᠯᠡᠵᠦ ᠴᠢᠳᠠᠬᠤ ᠪᠠᠷ ᠪᠠᠷᠠᠬᠤ ᠦᠭᠡᠢ᠂ ᠠᠵᠢᠯ ᠤ᠋ᠨ ᠶᠠᠪᠤᠴᠠ ᠶ᠋ᠢ ᠬᠢᠨᠠᠵᠤ᠂ ᠦᠷ᠎ᠡ ᠳ᠋ᠦᠩ ᠢ᠋ ᠤᠷᠢᠳᠴᠢᠯᠠᠨ ᠡᠵᠡᠮᠰᠢᠵᠦ᠂ ᠠᠵᠢᠯ ᠦᠢᠯᠡᠰ ᠴᠦ᠍ ᠰᠠᠢᠨ ᠦᠷ᠎ᠡ ᠪᠦᠲᠦᠮᠵᠢ ᠣᠯᠵᠤ ᠴᠢᠳᠠᠨ᠎ᠠ᠃   

          ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ