ᠠᠢᠷᠠᠭAiragАйраг

ᠠᠢᠷᠠᠭ
ᠮᠣᠩᠭᠣᠯᠴᠤᠳ ᠡᠷᠲᠡ ᠦᠶᠡᠰ ᠥᠪᠡᠷᠮᠢᠴᠡ ᠰᠠᠢᠬᠠᠨ ᠦᠨᠦᠷᠲᠡᠢ᠂
ᠢᠰᠬᠦᠯᠡᠩ ᠠᠮᠲᠠᠲᠠᠢ᠂ ᠬᠥᠮᠦᠨ ᠦ᠌ ᠪᠡᠶ᠎ᠡ ᠳ᠋ᠦ᠍ ᠰᠢᠮ᠎ᠡ ᠲᠡᠵᠢᠭᠡᠯ ᠲᠡᠢ ᠠᠢᠷᠠᠭ (ᠢᠰᠦᠭ
ᠴᠡᠭᠡ) ᠬᠢᠵᠦ ᠢᠳᠡᠭᠡ ᠤᠮᠳᠠᠭ᠎ᠠ ᠪᠣᠯᠭᠠᠨ ᠬᠡᠷᠡᠭᠯᠡᠵᠦ ᠢᠷᠡᠭᠰᠡᠨ ᠤᠯᠠᠮᠵᠢᠯᠠᠯ ᠲᠠᠢ ᠪᠢᠯᠡ᠃
ᠠᠢᠷᠠᠭ ᠢᠰᠬᠡᠬᠦ ᠬᠠᠮᠤᠭ ᠤ᠋ᠨ ᠬᠦᠨᠳᠦ ᠬᠦᠴᠢᠷ ᠠᠵᠢᠯ ᠤ᠋ᠨ ᠨᠢᠭᠡ ᠪᠣᠯ ᠪᠦᠷᠢᠯᠲᠡ ᠶᠤᠮ᠃ ᠪᠦᠷᠢᠯᠲᠡ ᠲᠣᠬᠢᠷᠠᠭ᠎ᠠ ᠦᠭᠡᠢ ᠡᠴᠡ ᠢᠰᠦᠯᠲᠡ ᠶ᠋ᠢᠨ ᠡᠷᠴᠢ ᠪᠠᠭᠤᠷᠠᠵᠤ᠂ ᠠᠢᠷᠠᠭ ᠰᠡᠩᠭᠢᠨᠡᠭᠰᠡᠨ ᠰᠠᠢᠬᠠᠨ ᠠᠮᠲᠠ ᠦᠨᠦᠷ ᠲᠡᠢ ᠪᠣᠯᠵᠤ ᠴᠢᠳᠠᠬᠤ ᠦᠭᠡᠢ᠂ ᠰᠢᠮ᠎ᠡ ᠲᠡᠵᠢᠭᠡᠯᠲᠦ ᠴᠢᠨᠠᠷ ᠲᠡᠳᠦᠢ ᠯᠡ ᠰᠠᠢᠨ ᠦᠭᠡᠢ ᠪᠣᠯᠳᠠᠭ᠃ ᠭᠡᠭᠦᠦ ᠶ᠋ᠢᠨ ᠠᠢᠷᠠᠭ ᠢ᠋ ᠠᠭᠤᠰᠬᠢ᠂ ᠠᠮᠢᠰᠬᠤᠯ ᠤ᠋ᠨ ᠵᠠᠮ ᠤ᠋ᠨ ᠡᠯᠳᠡᠪ ᠡᠪᠡᠳᠴᠢᠨ᠂ ᠰᠦᠷᠢᠶ᠎ᠡ ᠶ᠋ᠢ ᠡᠮᠴᠢᠯᠡᠬᠦ᠂ ᠬᠣᠭᠣᠯᠠ ᠪᠣᠯᠪᠠᠰᠤᠷᠠᠭᠤᠯᠬᠤ ᠡᠷᠬᠡᠲᠡᠨ ᠦ᠌ ᠦᠢᠯᠡ ᠠᠵᠢᠯᠯᠠᠭ᠎ᠠ ᠶ᠋ᠢ ᠢᠳᠡᠪᠬᠢᠵᠢᠭᠦᠯᠬᠦ᠂ ᠡᠯᠳᠡᠪ ᠡᠮᠭᠡᠭ ᠬᠠᠭᠤᠴᠢᠨ ᠢ᠋ ᠠᠷᠢᠯᠭᠠᠬᠤ᠂ ᠪᠡᠶ᠎ᠡ ᠶ᠋ᠢᠨ ᠴᠢᠯᠬ᠎ᠠ᠂ ᠲᠠᠮᠢᠷ ᠲᠡᠩᠬᠡᠭᠡ ᠶ᠋ᠢ ᠰᠡᠷᠭᠦᠭᠡᠬᠦ ᠳ᠋ᠦ᠍ ᠥᠷᠭᠡᠨ ᠬᠡᠷᠡᠭᠯᠡᠳᠡᠭ᠃
ᠥᠪᠡᠷᠮᠢᠴᠡ᠂ ᠡᠷᠬᠢᠮ ᠰᠠᠢᠬᠠᠨ ᠤᠮᠳᠠᠭ᠎ᠠ - ᠠᠢᠷᠠᠭ ᠢ᠋ ᠮᠣᠩᠭᠣᠯᠴᠤᠳ ᠨᠠᠢᠷ ᠨᠠᠭᠠᠳᠤᠮ ᠬᠢᠬᠦ ᠳ᠋ᠦ᠍ ᠪᠡᠨ ᠰᠥᠩᠨᠡᠨ ᠪᠠᠶᠠᠷ ᠴᠡᠩᠭᠡᠯ ᠦ᠋ᠨ ᠢ᠋ᠶ᠋ᠡᠨ ᠡᠬᠢᠨ ᠳ᠋ᠦ᠍ ᠵᠣᠴᠢᠨ ᠭᠡᠢᠴᠢᠨ᠂ ᠬᠤᠷᠠᠨ ᠴᠤᠭᠯᠠᠭᠰᠠᠨ ᠣᠯᠠᠨ ᠳ᠋ᠤ᠌ ᠡᠷᠭᠦᠨ ᠪᠠᠷᠢᠵᠤ ᠪᠠᠢᠳᠠᠭ᠃ ᠮᠥᠨ ᠳᠡᠭᠡᠵᠢ ᠶ᠋ᠢ ᠨᠢ ᠬᠠᠩᠭᠠᠢ ᠳᠡᠯᠡᠬᠡᠢ ᠳ᠋ᠦ᠍ ᠪᠡᠨ ᠡᠷᠭᠦᠨ᠂ ᠪᠠᠶᠠᠷ ᠨᠠᠭᠠᠳᠤᠮ ᠳ᠋ᠤ᠌ ᠲᠦᠷᠦᠭᠦᠯᠡᠭᠰᠡᠨ ᠬᠤᠷᠳᠤᠨ ᠮᠣᠷᠢ ᠪᠠᠨ ᠮᠢᠯᠢᠶᠠᠳᠠᠭ ᠪᠢᠯᠡ᠃
Айраг
Монголчууд эрт үеэс өвөрмөц сайхан үнэртэй,
исгэлэн амттай, хүний биед шим тэжээлтэй айраг исэг
цэгээ хийж идээ ундаа болгон хэрэглэж ирсэн
уламжлалтай билээ
Айраг исгэх хамгийн хүнд хүчир ажлын нэг бол
бүрэлт юм. Бүрэлт тохироогүйгээс исэлтийн эрч буурч,
айраг сэнгэнэсэн сайхан амт үнэртэй болж чадахгүй,
шим тэжээлт чанар төдий л сайнгүй болдог. Гүүний
айргийг уушиг, амьсгалын замын элдэв өвчин, сүрьеэг
эмчлэх, хоол боловсруулах эрхтний үйл ажиллагааг
идэвхжүүлэх, элдэв эмгэг хуучныг арилгах, биеийн
чалх, тамир тэнхээг сэргээхэд өргөн хэрэглэдэг.
Өвөрмөц, эрхэм сайхан ундаа айргийг
монголчууд найр наадам хийхдээ сөгнөн баяр
Цэнгэлийнхээ эхэнд зочин гийчин, хуран цугласан
олонд өргөн барьж дайлдаг. Мөн дээжийг нь хангай
Дэлхийдээ өргөн, баяр наадамд түрүүлсэн хурдан
морио мялаадаг билээ.
