ᠡᠷ᠎ᠡ ᠵᠠᠮᠪᠠEr jambaЭр жамба

ᠡᠷ᠎ᠡ ᠵᠠᠮᠪᠠ
ᠲᠤᠰ ᠡᠮ ᠪᠣᠯ ᠵᠠᠮᠪᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠠᠯᠤ ᠴᠡᠴᠡᠭ ᠦ᠋ᠨ ᠬᠠᠲᠠᠭᠠᠭᠰᠠᠨ ᠴᠡᠴᠡᠭ ᠮᠥᠨ᠃ ᠪᠠᠰᠠ ᠳ᠋ᠤᠭᠳᠠᠨ᠂ ᠬᠠᠯᠤᠮᠧᠲᠤᠭ ᠭᠡᠳᠡᠭ᠃
[ ᠤᠤᠯ ᠤᠷᠭᠤᠮᠠᠯ] ᠨᠢᠭᠡ ᠪᠤᠶᠤ ᠣᠯᠠᠨ ᠨᠠᠰᠤᠲᠤ ᠡᠪᠡᠰᠦᠯᠢᠭ ᠤᠷᠭᠤᠮᠠᠯ᠃ ᠥᠨᠳᠥᠷ ᠨᠢ2.5m᠂ ᠡᠰᠢ ᠨᠢ ᠰᠢᠯᠤᠭᠤᠨ᠂ ᠪᠠᠭᠯᠠᠷᠠᠨ ᠤᠷᠭᠤᠭᠰᠠᠨ ᠣᠳᠣᠨ ᠬᠡᠯᠪᠡᠷᠢᠲᠦ ᠦᠰᠦ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠲᠣᠭᠣᠷᠢᠭ ᠠ᠋ᠴᠠ ᠲᠣᠭᠣᠷᠢᠭ ᠥᠨᠳᠡᠭᠡᠯᠵᠢᠨ ᠬᠡᠯᠪᠡᠷᠢ ᠲᠡᠢ᠂5~10cn ᠤᠷᠲᠤ᠂5~10cm ᠥᠷᠭᠡᠨ᠂ ᠮᠣᠬᠣᠭᠣ ᠲᠣᠭᠣᠷᠢᠭ ᠦᠵᠦᠭᠦᠷ ᠲᠡᠢ᠂ ᠵᠢᠷᠦᠬᠡᠨ ᠬᠡᠯᠪᠡᠷᠢᠲᠦ ᠤᠭ ᠲᠠᠢ᠂ ᠶᠡᠷᠦ ᠳ᠋ᠡᠭᠡᠨ3~7 ᠭᠦᠢᠬᠡᠨ ᠣᠨᠢ ᠲᠠᠢ᠂ ᠵᠢᠭᠳᠡ ᠪᠤᠰᠤ ᠮᠣᠬᠣᠭᠣ ᠬᠡᠷᠴᠢᠶᠡᠰᠦ ᠬᠥᠪᠡᠭᠡ ᠲᠡᠢ᠂ ᠨᠠᠪᠴᠢᠨ ᠤ᠋ ᠬᠣᠶᠠᠷ ᠲᠠᠯ᠎ᠠ ᠳ᠋ᠤᠨᠢ ᠪᠦᠷ ᠣᠳᠣᠯᠢᠭ ᠦᠰᠦ ᠲᠡᠢ᠃4~8cm ᠤᠷᠲᠤ ᠪᠠᠷᠢᠭᠤᠯ ᠳᠡᠭᠡᠷ᠎ᠡ ᠨᠢ ᠪᠥᠭᠡᠮᠨᠡᠷᠡᠨ ᠤᠷᠭᠤᠭᠰᠠᠨ ᠣᠳᠣᠯᠢᠭ ᠦᠰᠦ ᠲᠡᠢ᠃ ᠴᠡᠴᠡᠭ ᠨᠢ ᠭᠠᠭᠴᠠᠭᠠᠷ ᠨᠠᠪᠴᠢᠨ ᠰᠤᠭᠤ ᠳ᠋ᠤ᠌ ᠳᠡᠯᠭᠡᠷᠡᠨ᠎ᠡ᠃2.5cm ᠣᠷᠴᠢᠮ ᠤᠷᠲᠤ ᠪᠠᠷᠢᠭᠤᠯ ᠲᠠᠢ᠂ ᠵᠢᠵᠢᠭ ᠪᠠᠭᠯᠠᠭᠴᠢ ᠢᠯᠲᠠᠰᠤ ᠨᠢ7~8᠂ ᠤᠭ ᠢ᠋ᠶ᠋ᠠᠷ ᠢ᠋ᠶ᠋ᠠᠨ ᠨᠡᠢᠯᠡᠬᠦ ᠪᠥᠭᠡᠳ ᠲᠣᠭᠳᠣᠢ ᠠ᠋ᠴᠠ ᠪᠠᠨ ᠣᠬᠣᠷ᠂ ᠴᠡᠴᠡᠭ ᠦ᠋ᠨ ᠲᠣᠭᠳᠣᠢ ᠨᠢ ᠴᠣᠮᠣ ᠰᠢᠭ᠋᠂5 ᠣᠨᠢ ᠲᠠᠢ᠂ ᠰᠡᠵᠢᠭᠦᠷ ᠢᠯᠲᠠᠰᠤ ᠨᠢ ᠭᠤᠷᠪᠠᠯᠵᠢᠨ ᠬᠡᠯᠪᠡᠷᠢ ᠲᠡᠢ᠂ ᠨᠢᠭ ᠣᠳᠣᠯᠢᠭ ᠨᠣᠣᠯᠣᠭᠤᠷ ᠦᠰᠦ ᠲᠡᠢ᠃ ᠴᠡᠴᠡᠭ ᠦ᠋ᠨ ᠳᠡᠯᠪᠢ ᠶ᠋ᠢᠨ ᠳ᠋ᠢᠶᠠᠮᠧᠲ᠋ᠷ ᠨᠢ7cm ᠣᠷᠴᠢᠮ᠂ ᠪᠣᠷᠣᠪᠲᠤᠷ ᠤᠯᠠᠭᠠᠨ᠂ ᠭᠦᠢᠬᠡᠨ ᠤᠯᠠᠭᠠᠨ ᠪᠤᠶᠤ ᠴᠠᠭᠠᠨ ᠥᠩᠭᠡ ᠲᠡᠢ᠃ ᠴᠡᠴᠡᠭ ᠦ᠋ᠨ ᠬᠡᠯᠲᠡᠰ ᠨᠢ5᠂ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠦᠵᠦᠭᠦᠷ ᠦ᠋ᠨ ᠬᠥᠪᠡᠭᠡ ᠪᠡᠷ ᠨᠢ ᠵᠠᠮᠪᠠᠷᠠᠭ᠎ᠠ ᠦᠭᠡᠢ ᠬᠡᠷᠴᠢᠶᠡᠰᠦ ᠣᠨᠢ ᠲᠠᠢ᠃ ᠣᠯᠠᠨ ᠡᠷ᠎ᠡ ᠲᠣᠭᠣᠷᠴᠣᠭ ᠲᠠᠢ᠂ ᠳᠣᠬᠢᠭᠤᠷ ᠨᠢ ᠨᠡᠢᠯᠡᠭᠡᠳ ᠪᠥᠭᠡᠷᠡᠩᠬᠡᠢ ᠪᠠᠭᠠᠨ᠎ᠠ ᠪᠡᠶ᠎ᠡ ᠪᠣᠯᠳᠠᠭ᠂ ᠲᠣᠭᠣᠰᠣᠪᠴᠢ ᠨᠢ ᠪᠠᠭᠰᠢᠷᠠᠨ ᠲᠣᠭᠲᠠᠨ᠎ᠠ᠃ ᠤᠮᠠᠢ ᠨᠢ ᠣᠯᠠᠨ ᠲᠠᠰᠤᠭ ᠲᠠᠢ᠂ ᠤᠮᠠᠢ ᠶ᠋ᠢᠨ ᠬᠠᠯᠢᠰᠤ ᠨᠢ ᠲᠣᠭᠣᠷᠢᠭ ᠪᠠᠢᠷᠢᠯᠠᠨ᠎ᠠ᠃ ᠴᠡᠴᠡᠭ ᠦ᠋ᠨ ᠪᠠᠭᠠᠨ᠎ᠠ ᠶ᠋ᠢᠨ ᠳᠡᠭᠡᠷ᠎ᠡ ᠬᠡᠰᠡᠭ ᠨᠢ ᠰᠠᠯᠤᠩᠭᠢ᠃ ᠵᠢᠮᠢᠰ ᠨᠢ ᠬᠠᠪᠲᠠᠭᠠᠢ ᠪᠥᠮᠪᠦᠭᠡᠨ ᠬᠡᠯᠪᠡᠷᠢ ᠲᠡᠢ᠂ ᠳ᠋ᠢᠶᠠᠮᠧᠲ᠋ᠷ ᠨᠢ3cm᠃ ᠦᠷ᠎ᠡ ᠨᠢ ᠬᠠᠵᠠᠭᠠᠢ ᠪᠥᠭᠡᠷᠡᠨ ᠬᠡᠯᠪᠡᠷᠢ ᠲᠡᠢ᠂ ᠠᠷᠤ ᠲᠠᠯ᠎ᠠ ᠶ᠋ᠢᠨ ᠬᠥᠪᠡᠭᠡ ᠨᠢ ᠭᠦᠷᠡᠢᠭᠡᠳ ᠲᠠᠬᠢᠶᠠᠨ ᠰᠡᠴᠢᠭ ᠰᠢᠭ᠂ ᠬᠠᠵᠠᠭᠤ ᠲᠠᠯ᠎ᠠ ᠳ᠋ᠤᠨᠢ ᠠᠷᠲᠠᠢ᠃5~10 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠪᠦᠬᠦ ᠤᠯᠤᠰ ᠤ᠋ᠨ ᠡᠯ᠎ᠡ ᠭᠠᠵᠠᠷ ᠲᠤ ᠠᠷᠠᠴᠢᠯᠠᠨ ᠲᠠᠷᠢᠵᠤ ᠪᠠᠢᠨ᠎ᠠ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠴᠡᠴᠡᠭ ᠢ᠋ ᠨᠢ ᠲᠡᠭᠦᠵᠦ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠬᠦᠢᠲᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠰᠢᠭᠡᠯᠭᠡᠬᠦ᠂ ᠬᠠᠪᠤᠩ ᠢ᠋ ᠠᠷᠢᠯᠭᠠᠬᠤ᠂ ᠳᠤᠰᠤᠯ ᠴᠢᠰᠤ ᠴᠤᠪᠤᠷᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠰᠢᠭᠡᠰᠦ ᠬᠣᠷᠢᠭᠳᠠᠭᠰᠠᠨ᠂ ᠪᠥᠭᠡᠷᠡᠨ ᠦ᠌ ᠬᠠᠯᠠᠭᠤᠨ᠂ ᠳᠠᠪᠤᠰᠠᠩ ᠤ᠋ᠨ ᠬᠠᠯᠠᠭᠤᠨ᠂ ᠤᠰᠤᠨ ᠬᠠᠪᠤᠩ᠂ ᠳᠤᠰᠤᠯ ᠠᠯᠳᠠᠬᠤ᠂ ᠰᠠᠷ᠎ᠠ ᠶ᠋ᠢᠨ ᠭᠬᠢᠷ ᠴᠤᠪᠤᠷᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 蜀葵花 (蜀葵)
ᠠᠩᠭ᠌ᠯᠢ ᠨᠡᠷ᠎ᠡ᠄Altheae rosea (L.) Cau.
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠣᠶᠤᠨᠴᠢᠮᠡᠭ
