ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠬᠣᠷᠢᠨ ᠬᠣᠶᠠᠷ〕 Цаг төрийн үймээн – Д ᠂ Намдаг - Амьдралын зам ᠂ нэгдүгээр бүлэг - 22
ᠮᠥᠩᠭᠥᠨ ᠦ ᠡᠷᠢᠯ
ᠪᠠᠯᠳᠠᠨᠴᠡᠷᠢᠩ ᠡᠮᠡᠭᠲᠡᠢ ᠲᠡᠢ ᠬᠡᠵᠢᠶ᠎ᠡ᠂ ᠬᠠᠮᠢᠭ᠎ᠠ ᠠᠭᠤᠯᠵᠠᠬᠤ ᠪᠠᠨ ᠶᠠᠷᠢᠯᠴᠠᠭ᠎ᠠ ᠦᠭᠡᠢ ᠪᠣᠯᠪᠠᠴᠤ ᠭᠤᠷᠪᠠᠳᠠᠬᠢ ᠡᠳᠦᠷ ᠦ᠋ᠨ ᠢ᠋ᠶ᠋ᠡᠨ ᠣᠷᠣᠢ ᠮᠠᠢᠮᠠᠢ ᠬᠣᠲᠠ ᠶ᠋ᠢᠨ ᠭᠣᠣᠯ ᠭᠤᠳᠤᠮᠵᠢᠨ ᠤ᠋ ᠠᠮᠠᠨ ᠳᠡᠭᠡᠷ᠎ᠡ ᠪᠠᠰᠠ ᠯᠠ ᠬᠦᠯᠢᠶᠡᠵᠦ ᠪᠠᠢᠭᠠᠳ ᠠᠭᠤᠯᠵᠠᠪᠠ᠃ ᠲᠡᠷᠡ ᠡᠳᠦᠷ ᠦ᠋ᠨ ᠲᠩᠷᠢ ᠮᠠᠰᠢ ᠰᠠᠢᠬᠠᠨ᠂ ᠡᠪᠦᠯ ᠦ᠋ᠨ ᠤᠯᠠᠷᠢᠯ ᠳ᠋ᠤ᠌ ᠬᠠᠶᠠᠬᠠᠨ ᠲᠣᠬᠢᠶᠠᠯᠳᠤᠳᠠᠭ ᠡᠳᠦᠷ ᠪᠠᠢᠭᠰᠠᠨ ᠢ᠋ ᠬᠡᠯᠡᠬᠦ ᠤᠤ? ᠤᠴᠢᠷ ᠶᠠᠪᠤᠳᠠᠯ ᠢ᠋ ᠲᠣᠳᠣᠷᠬᠠᠢ ᠮᠡᠳᠡᠭᠰᠡᠨ ᠰᠠᠢᠨ ᠰᠠᠨᠠᠭᠠᠲᠤ ᠵᠢᠯᠣᠭᠣᠴᠢ ᠲᠦᠪᠰᠢᠨ ᠡᠷᠢᠶᠡᠨ ᠪᠦᠲᠡᠭᠡᠯᠭᠡ ᠶ᠋ᠢ ᠶᠠᠭᠠᠷᠠᠨ ᠭᠠᠷᠭᠠᠵᠤ ᠤᠷᠳᠤᠭᠤᠷ ᠨᠢ ᠲᠠᠲᠠᠵᠤ ᠥᠭᠭᠦᠭᠰᠡᠨ ᠢ᠋ ᠬᠡᠯᠡᠬᠦ ᠤᠤ? ᠲᠡᠭᠦᠨ ᠦ᠌ ᠠᠷᠤ ᠳ᠋ᠤ᠌ ᠪᠠᠯᠳᠠᠨᠴᠡᠷᠢᠩ ᠥᠨᠥᠬᠢ ᠬᠦᠰᠡᠯᠲᠦ ᠬᠡᠦᠬᠡᠨ ᠢ᠋ᠶ᠋ᠡᠨ ᠬᠠᠵᠠᠭᠤ ᠬᠠᠪᠢᠷᠭᠠᠨ ᠳ᠋ᠠᠭᠠᠨ ᠠᠪᠤᠨ ᠲᠡᠪᠡᠷᠢᠭᠰᠡᠨ ᠲᠡᠳᠦᠢ ᠦᠭᠡᠢ᠂ ᠤᠷᠠᠨ ᠭᠠᠷ ᠢ᠋ ᠨᠢ ᠡᠯᠢᠭᠡᠨ ᠳ᠋ᠡᠭᠡᠨ ᠠᠪᠠᠴᠢᠨ ᠠᠳᠬᠤᠵᠤ ᠵᠥᠭᠡᠯᠡᠨ ᠬᠠᠴᠠᠷ ᠢ᠋ ᠨᠢ ᠦᠨᠦᠰᠪᠡ᠃ ᠡᠢᠨ ᠬᠦ᠌ ᠢᠨᠠᠭᠯᠠᠬᠤ ᠬᠡᠴᠢᠨᠡᠨ ᠰᠠᠢᠬᠠᠨ ᠪᠠᠢᠭ᠎ᠠ ᠶ᠋ᠢ ᠪᠠᠯᠳᠠᠨᠴᠡᠷᠢᠩ ᠶᠠᠭᠤ ᠪᠠᠷ ᠴᠦ᠍ ᠵᠢᠱ᠌ᠢᠶᠡᠯᠡᠨ ᠭᠠᠷᠭᠠᠵᠤ ᠴᠢᠳᠠᠬᠤ ᠦᠭᠡᠢ ᠪᠥᠭᠡᠳ ᠶᠡᠷᠦ ᠬᠥᠮᠦᠨ ᠳ᠋ᠦ᠍ ᠬᠠᠢᠷᠠᠯᠠᠨ ᠳᠤᠷᠠᠯᠠᠯᠴᠠᠬᠤ ᠰᠢᠭ᠋ ᠰᠠᠢᠬᠠᠨ ᠶᠠᠭᠤᠮ᠎ᠠ ᠪᠠᠢᠨ᠎ᠠ ᠤᠤ? ᠭᠡᠵᠦ ᠪᠣᠳᠣᠨ᠎ᠠ᠃ ᠭᠡᠪᠡᠴᠦ ᠪᠠᠯᠳᠠᠨᠴᠡᠷᠢᠩ ᠮᠠᠢᠮᠠᠢ ᠬᠣᠲᠠ ᠶ᠋ᠢᠨ ᠭᠣᠣᠯ ᠭᠤᠳᠤᠮᠵᠢᠨ ᠤ᠋ ᠡᠬᠢ ᠡᠴᠡ ᠠᠪᠤᠭᠠᠳ ᠨᠥᠭᠦᠭᠡ ᠦᠯᠦ ᠲᠠᠨᠢᠬᠤ ᠠᠢᠯ ᠤ᠋ᠨ ᠬᠠᠰᠢᠶᠠᠨ ᠤ᠋ ᠡᠮᠦᠨ᠎ᠡ ᠬᠦᠷᠬᠦ ᠪᠡᠨ ᠬᠦᠷᠲᠡᠯ᠎ᠡ ᠬᠡᠯᠡᠯᠴᠡᠭᠰᠡᠨ ᠶᠠᠷᠢᠯᠴᠠᠭᠰᠠᠨ ᠨᠢ ᠲᠤᠩ ᠪᠠᠭ᠎ᠠ᠃
— ᠬᠠᠢᠷᠠᠲᠤ ᠮᠢᠨᠢ᠂ ᠲᠠᠭᠠᠷᠠᠵᠤ ᠪᠠᠢᠭ᠎ᠠ ᠦᠭᠡᠢ ᠪᠢᠵᠡ?
— ᠦᠭᠡᠢ ᠳᠠᠭᠠᠷᠠᠭ᠎ᠠ ᠦᠭᠡᠢ᠃
— ᠦᠭᠡᠢ᠂ ᠬᠣᠩᠭᠣᠷ ᠮᠢᠨᠢ ᠪᠢ ᠴᠢᠮᠠᠶ᠋ᠢ ᠡᠪ ᠦᠭᠡᠢ ᠲᠡᠪᠡᠷᠢᠭᠡᠳ ᠪᠠᠢᠭ᠎ᠠ ᠪᠢᠰᠢ ᠪᠢᠵᠡ ᠠ᠋?
— ᠵᠦᠭᠡᠷ ᠠ᠋᠂ ᠲᠠ ᠪᠢᠲᠡᠭᠡᠢ ᠵᠣᠪᠠ᠃
— ᠪᠢ ᠡᠷᠲᠡ ᠡᠳᠦᠷ ᠴᠢᠮ᠎ᠠ ᠲᠠᠢ ᠠᠭᠤᠯᠵᠠᠬᠤ ᠪᠣᠯᠵᠣᠭ᠎ᠠ ᠪᠠᠨ ᠮᠠᠷᠲᠠᠭᠰᠠᠨ ᠳ᠋ᠠᠭᠠᠨ ᠴᠠᠭ ᠦᠷᠭᠦᠯᠵᠢ ᠰᠡᠳᠬᠢᠯ ᠵᠣᠪᠠᠵᠤ ᠪᠠᠢᠯ᠎ᠠ᠃
— ᠡᠭᠦᠨ ᠡᠴᠡ ᠬᠣᠢᠰᠢ ᠪᠢ ᠪᠠᠭᠰᠢ ᠳ᠋ᠠᠭᠠᠨ ᠣᠴᠢᠬᠤ ᠪᠦᠷᠢ ᠳ᠋ᠦ᠍ ᠴᠢᠨᠢ ᠥᠨᠥᠳᠥᠷ ᠦ᠋ᠨ ᠬᠢ ᠰᠢᠭ ᠢ᠋ᠶ᠋ᠡᠨ ᠲᠡᠷᠡ ᠭᠤᠳᠤᠮᠵᠢᠨ ᠤ᠋ ᠠᠮᠠᠨ ᠳᠡᠭᠡᠷ᠎ᠡ ᠬᠦᠯᠢᠶᠡᠨ ᠠᠪᠴᠤ ᠪᠠᠢᠶ᠎ᠠ᠃
— ᠲᠡᠭᠡ᠂ ᠭᠡᠰᠡᠨ ᠢ᠋ᠶ᠋ᠡᠨ ᠡᠮᠡᠭᠲᠡᠢ᠂ ᠦᠭᠡᠢ ᠪᠠᠢᠭ! ᠲᠠ ᠥᠪᠡᠷ ᠢ᠋ᠶ᠋ᠡᠨ ᠶᠠᠳᠠᠷᠠᠨ᠎ᠠ᠃
— ᠵᠦᠭᠡᠷ᠂ ᠪᠢ ᠶᠠᠳᠠᠷᠠᠬᠤ ᠦᠭᠡᠢ᠃ ᠡᠢᠨ ᠬᠦ᠌ ᠬᠡᠯᠡᠯᠴᠡᠬᠦ ᠵᠠᠭᠤᠷ᠎ᠠ ᠪᠠᠯᠳᠠᠨᠴᠡᠷᠢᠩ ᠴᠠᠭ ᠦᠷᠭᠦᠯᠵᠢ ᠥᠪᠡᠷ ᠦ᠋ᠨ ᠮᠡᠳᠡᠬᠦ ᠶᠠᠩᠴᠢᠶᠠᠨ ᠪᠠᠭ᠎ᠠ ᠲᠠᠢ ᠪᠠᠨ ᠰᠠᠨᠠᠨ ᠦᠶ᠎ᠡ ᠦᠶ᠎ᠡ ᠰᠠᠨᠠᠭ᠎ᠠ ᠠᠯᠳᠠᠭᠰᠠᠨ ᠳ᠋ᠤ᠌ ᠡᠮᠡᠭᠲᠡᠢ᠄
— ᠦᠭᠡᠢ᠂ ᠲᠠ ᠶᠠᠭᠤᠨ ᠳ᠋ᠤ᠌ ᠰᠠᠨᠠᠭ᠎ᠠ ᠠᠯᠳᠠᠭᠠᠳ ᠪᠠᠢᠨ᠎ᠠ ?
— ᠵᠦᠭᠡᠷ᠂ ᠵᠦᠭᠡᠷ ᠯᠡ ᠰᠠᠨᠠᠭ᠎ᠠ ᠠᠯᠳᠠᠯ᠎ᠠ ᠭᠡᠵᠦ ᠬᠠᠷᠢᠭᠤᠯᠪᠠ᠃
ᠭᠡᠪᠡᠴᠦ ᠪᠠᠰᠠ ᠯᠠ ᠰᠠᠨᠠᠭ᠎ᠠ ᠠᠯᠳᠠᠭᠰᠠᠨ ᠠᠵᠢ᠃
— ᠵᠠ ᠲᠡᠷᠡ᠂ ᠪᠠᠰᠠ ᠯᠠ ᠰᠠᠨᠠᠭ᠎ᠠ ᠠᠯᠳᠠᠯ᠎ᠠ᠃ ᠡᠨᠡ ᠴᠦ᠍ ᠯᠠᠪ ᠤᠴᠢᠷ ᠲᠠᠢ᠂ ᠬᠡᠯᠡ ᠨᠠᠳᠠ ᠳ᠋ᠤ᠌ ᠪᠠᠨ ᠵᠠᠪᠠᠯ ᠬᠡᠯᠡ!
— ᠶᠠᠭᠤ? ᠪᠢ ᠰᠠᠶᠢ ᠰᠠᠨᠠᠭ᠎ᠠ ᠠᠯᠳᠠᠭᠰᠠᠨ ᠭᠡᠵᠦ ᠤᠤ?
— ᠲᠡᠢᠮᠦ᠂ ᠪᠦᠷ ᠲᠦᠷᠦᠭᠦᠴᠢ ᠲᠦᠷᠦᠭᠦᠴᠢ ᠶ᠋ᠢᠨ ᠡᠴᠡ ᠤᠯᠠᠮ ᠬᠦᠴᠦᠲᠡᠢ ᠰᠠᠨᠠᠭ᠎ᠠ ᠠᠯᠳᠠᠭᠰᠠᠨ᠃
ᠪᠠᠯᠳᠠᠨᠴᠡᠷᠢᠩ ᠦᠨᠡᠨ ᠰᠠᠨᠠᠭ᠎ᠠ ᠪᠠᠨ ᠨᠢᠭᠡ ᠬᠡᠯᠡᠬᠦ ᠶᠦᠮ ᠪᠢᠯᠡ ᠤᠤ ᠭᠡᠵᠦ ᠪᠣᠳᠣᠭᠰᠠᠨ ᠢ᠋ᠶ᠋ᠠᠨ ᠪᠣᠯᠢᠵᠤ᠄
— ᠵᠠ ᠪᠢᠲᠡᠭᠡᠢ ᠮᠠᠭᠤ ᠰᠠᠨᠠ᠃ ᠬᠡᠷᠪᠡ ᠪᠢ ᠳᠣᠲᠣᠷ᠎ᠠ ᠪᠠᠨ ᠶᠠᠮᠠᠷ ᠨᠢᠭᠡ ᠶᠠᠭᠤᠮ᠎ᠠ ᠪᠣᠳᠣᠵᠤ ᠰᠠᠨᠠᠭ᠎ᠠ ᠠᠯᠳᠠᠵᠤ ᠪᠠᠢᠭ᠎ᠠ ᠰᠠᠨ ᠪᠣᠯ ᠴᠢᠮ᠎ᠠ ᠳ᠋ᠠᠭᠠᠨ ᠬᠡᠯᠡᠬᠦ ᠰᠢᠦ ᠳᠡ ᠭᠡᠳ ᠯᠠᠪᠯᠠᠨ ᠲᠡᠪᠡᠷᠢᠪᠡ᠃ ᠰᠡᠳᠬᠢᠯ ᠳ᠋ᠦ᠍ᠨᠢ ᠬᠠᠢᠷ᠎ᠠ ᠳᠤᠷᠠᠯᠠᠯ ᠤᠯᠠᠮ ᠢ᠋ᠶ᠋ᠠᠷ ᠭᠦᠨᠵᠡᠭᠡᠢᠷᠡᠬᠦ ᠶ᠋ᠢᠨ ᠵᠡᠷᠭᠡᠴᠡᠭᠡ ᠪᠡᠷ ᠥᠨᠥᠬᠢ ᠮᠥᠩᠭᠥᠨ ᠦ᠌ ᠲᠤᠬᠠᠢ ᠪᠣᠳᠣᠬᠤ ᠨᠢ ᠤᠯᠠᠮ ᠨᠡᠮᠡᠭᠳᠡᠭᠰᠡᠭᠡᠷ ᠪᠠᠢᠯ᠎ᠠ᠃
ᠢᠩᠭᠢᠭᠡᠳ ᠬᠣᠢᠰᠢ ᠳ᠋ᠠᠭᠠᠨ ᠭᠡᠪᠡᠯ ᠪᠠᠯᠳᠠᠨᠴᠡᠷᠢᠩ ᠨᠢᠭᠡᠨᠲᠡ ᠬᠢᠵᠠᠭᠠᠷ ᠦᠭᠡᠢ ᠰᠡᠳᠬᠢᠯ ᠲᠡᠢ ᠪᠣᠯᠤᠭᠰᠠᠨ ᠡᠮᠡᠭᠲᠡᠢ ᠪᠡᠨ ᠦᠷᠭᠦᠯᠵᠢ ᠤᠭᠲᠤᠨ ᠠᠪᠳᠠᠭ ᠪᠣᠯᠤᠭᠰᠠᠨ ᠪᠥᠭᠡᠳ ᠲᠡᠷᠡ ᠪᠦᠷᠢ ᠳ᠋ᠡᠭᠡᠨ ᠬᠠᠢᠷ᠎ᠠ ᠳᠤᠷᠠᠯᠠᠯ ᠤ᠋ᠨ ᠢ᠋ᠶ᠋ᠠᠨ ᠶᠠᠪᠤᠳᠠᠯ ᠢ᠋ ᠴᠢᠯᠥᠭᠡᠲᠡᠢ ᠬᠡᠯᠡᠯᠴᠡᠳᠡᠭ ᠪᠣᠯᠤᠭᠰᠠᠨ ᠪᠢᠯᠡ᠃ ᠬᠠᠷᠢᠨ ᠮᠥᠩᠭᠥᠨ ᠦ᠌ ᠲᠤᠬᠠᠢ ᠭᠡᠪᠡᠯ ᠵᠥᠪᠬᠡᠨ ᠳᠣᠲᠣᠷ᠎ᠠ ᠪᠠᠨ ᠪᠣᠳᠣᠯ ᠰᠡᠳᠬᠢᠯ ᠦ᠋ᠨ ᠵᠣᠪᠠᠯᠠᠩ ᠡᠳ᠋ᠯᠡᠨ᠎ᠡ᠃ ᠲᠡᠭᠡᠭᠡᠳ ᠨᠢᠭᠡ ᠡᠳᠦᠷ ᠪᠠᠯᠳᠠᠨᠴᠡᠷᠢᠩ ᠳᠡᠮᠡᠢ ᠰᠠᠭᠤᠬᠤ ᠶ᠋ᠢᠨ ᠣᠷᠣᠨ ᠳ᠋ᠤ᠌《ᠵᠢᠭᠠᠯ ᠵᠤᠭ᠎ᠠ ᠮᠠᠢᠮᠠᠢ ᠬᠥᠳᠡᠯᠭᠡᠬᠦ ᠶᠦᠮ ᠪᠢᠯᠡ ᠤᠤ?》 ᠭᠡᠬᠦ ᠳ᠋ᠡᠭᠡᠨ ᠵᠠᠬ᠎ᠠ ᠵᠡᠭᠡᠯᠢ ᠪᠡᠷ ᠶᠠᠪᠤᠨ ᠡᠯᠳᠡᠪ ᠶᠠᠭᠤᠮ᠎ᠠ ᠶ᠋ᠢ ᠠᠵᠢᠭᠯᠠᠵᠤ ᠰᠣᠨᠢᠷᠬᠠᠨ ᠡᠬᠢᠯᠡᠭᠡᠳ ᠬᠡᠳᠦᠨ ᠲᠣᠮᠣ ᠫᠦᠰᠡ ᠪᠡᠷ ᠣᠷᠣᠵᠤ ᠦᠵᠡᠬᠦ ᠳ᠋ᠦ᠍ ᠲᠣᠷᠭ᠎ᠠ ᠬᠣᠷᠭᠣᠢ ᠠ᠋ᠴᠠ ᠠᠪᠤᠭᠠᠳ ᠳᠠᠪᠤᠤ᠂ ᠳᠠᠯᠢᠩᠪᠤᠤ᠂ ᠴᠠᠢ ᠲᠠᠮᠠᠬᠢ ᠠᠪᠬᠤ ᠬᠥᠮᠦᠨ ᠳ᠋ᠦ᠍ ᠶᠠᠭᠤᠮ᠎ᠠ ᠴᠢᠬᠢᠭᠡᠰᠦᠲᠡᠢ ᠪᠠᠢᠯ᠎ᠠ᠃ ᠲᠡᠭᠦᠨ ᠡᠴᠡ ᠳᠣᠣᠭᠤᠷ ᠵᠢᠵᠢᠭ ᠫᠦᠰᠡ᠂ ᠯᠠᠩᠭᠦᠢ ᠨᠦ᠍ᠭᠦᠳ ᠢ᠋ᠶ᠋ᠡᠷ ᠣᠷᠣᠬᠤ ᠳ᠋ᠤ᠌ ᠡᠯᠳᠡᠪ ᠪᠠᠷᠠᠭᠠᠨ ᠤ᠋ ᠵᠠᠬ᠎ᠠ ᠰᠡᠵᠢᠭᠦᠷ᠂ ᠢᠳᠡᠰᠢ ᠤᠤᠭᠤᠰᠢ ᠶ᠋ᠢᠨ ᠵᠦᠢᠯᠡᠰ ᠮᠥᠨ ᠯᠡ ᠠᠪᠬᠤ ᠬᠥᠮᠦᠨ ᠦᠭᠡᠢ ᠪᠠᠢᠭ᠎ᠠ ᠦᠵᠡᠭᠳᠡᠨ᠎ᠡ᠃ ᠡᠭᠦᠨ ᠡᠴᠡ ᠴᠠᠭᠠᠰᠢ ᠪᠠᠯᠳᠠᠨᠴᠡᠷᠢᠩ᠄ ᠬᠢᠲᠤᠭ᠎ᠠ᠂ ᠰᠢᠪᠦᠭᠡ᠂ ᠡᠮᠡᠭᠡᠯ ᠬᠠᠵᠠᠭᠠᠷ ᠤ᠋ᠨ ᠲᠣᠨᠣᠭᠯᠠᠯ᠂ ᠰᠢᠯ᠂ ᠱᠠᠭᠠᠵᠠᠩ᠂ ᠰᠢᠭᠢᠳᠭᠡ᠂ ᠬᠡᠮᠬᠡᠷᠬᠡᠢ ᠬᠠᠭᠠᠷᠬᠠᠢ ᠲᠣᠭᠣᠭ᠎ᠠ ᠰᠢᠨᠠᠭ᠎ᠠ᠂ ᠳᠣᠮᠪᠣ ᠰᠠᠪᠠ᠁ ᠡᠯᠳᠡᠪ ᠪᠤᠰᠤ ᠶ᠋ᠢᠨ ᠮᠠᠭᠤᠰᠠᠢᠨ ᠶᠠᠭᠤᠮᠠᠰ ᠳᠡᠯᠭᠡᠭᠰᠡᠨ ᠭᠤᠳᠤᠮᠵᠢᠨ ᠤ᠋ ᠶᠠᠳᠠᠭᠤ ᠮᠠᠢᠮᠠᠢᠴᠢᠳ ᠬᠢᠭᠰᠡᠨ ᠢ᠋ᠶ᠋ᠡᠨ ᠵᠠᠷᠤᠬᠤ ᠪᠠᠷ ᠬᠥᠳᠡᠭᠡ ᠭᠠᠳᠠᠭᠠᠨ ᠤ᠋ ᠬᠥᠮᠦᠨ ᠦ᠌ ᠠᠷᠤ ᠥᠪᠥᠷ ᠡᠴᠡ ᠨᠢ ᠲᠡᠳᠡᠨ ᠴᠢᠩᠭᠠᠭᠠᠵᠤ ᠶᠠᠪᠤᠭᠤᠯᠬᠤ ᠦᠭᠡᠢ ᠪᠠᠢᠭ᠎ᠠ ᠮᠠᠢᠮᠠᠢᠴᠢᠨ ᠡᠬᠡᠨᠡᠷ ᠦ᠋ᠳ᠂ ᠮᠢᠬ᠎ᠠ ᠪᠠ ᠴᠠᠭᠠᠨ ᠢᠳᠡᠭᠡ ᠶ᠋ᠢᠨ ᠵᠦᠢᠯᠡᠰ ᠢ᠋ ᠲᠡᠮᠡᠭᠡ ᠪᠤᠶᠤ ᠲᠡᠷᠭᠡᠨ ᠳ᠋ᠦ᠍ ᠠᠴᠢᠭᠰᠠᠨ ᠢ᠋ᠶ᠋ᠠᠨ ᠪᠣᠷᠣᠯᠠᠭᠤᠯᠵᠤ ᠴᠢᠳᠠᠬᠤ ᠪᠠᠨ ᠪᠣᠯᠢᠭᠰᠠᠨ ᠬᠥᠳᠡᠭᠡ ᠶ᠋ᠢᠨ ᠬᠢᠨ᠂ ᠬᠣᠨᠢ ᠢᠮᠠᠭ᠎ᠠ᠂ ᠦᠬᠡᠷ ᠠᠳᠤᠭᠤ᠂ ᠲᠡᠮᠡᠭᠡ ᠲᠠᠪᠤᠨ ᠬᠣᠰᠢᠭᠤ ᠮᠠᠯ ᠢ᠋ ᠡᠳᠦᠢ ᠲᠡᠳᠦᠢ ᠪᠡᠷ ᠨᠢ ᠥᠯ ᠬᠣᠭᠣᠯᠠ ᠦᠭᠡᠢ ᠵᠣᠭᠰᠣᠭᠠᠭᠰᠠᠨ ᠶᠡᠬᠡ ᠬᠥᠯ ᠦ᠋ᠨ ᠫᠠᠨᠽᠢᠴᠢᠳ ᠴᠥᠮ ᠢ᠋ ᠦᠵᠡᠯ᠎ᠡ᠃ ᠢᠩᠭᠢᠬᠦ ᠳ᠋ᠦ᠍ ᠠᠯᠢ ᠶ᠋ᠢ ᠨᠢ ᠪᠣᠯᠪᠠᠴᠤ ᠠᠪᠬᠤ ᠮᠠᠰᠢ ᠬᠣᠪᠣᠷ᠂ ᠬᠠᠷᠢᠨ ᠬᠠᠮᠢᠭ᠎ᠠ ᠪᠣᠯ ᠬᠠᠮᠢᠭ᠎ᠠ ᠥᠪᠡᠷ ᠦ᠋ᠨ ᠬᠢᠨᠢ ᠠᠳᠠᠯᠢ ᠮᠥᠩᠭᠥ ᠶᠠᠩᠴᠢᠶᠠᠨ ᠣᠯᠵᠤ ᠴᠢᠳᠠᠬᠤ ᠦᠭᠡᠢ ᠶ᠋ᠢ ᠯᠠᠪᠲᠠᠢ ᠮᠡᠳᠡᠨ᠂ ᠭᠡᠷ ᠥᠭᠡᠳᠡ ᠪᠡᠨ ᠪᠤᠴᠠᠯ᠎ᠠ᠃
ᠠᠷᠤ ᠠ᠋ᠴᠠ ᠨᠢ ᠨᠢᠭᠡ ᠬᠥᠮᠦᠨ ᠨᠡᠷ᠎ᠡ ᠳᠤᠷᠠᠳᠤᠨ ᠳᠠᠭᠤᠳᠠᠬᠤ ᠰᠣᠨᠣᠰᠤᠭᠳᠠᠪᠠ᠃
ᠲᠡᠷᠡ ᠨᠢ ᠨᠢᠮᠠᠵᠠᠪ ᠪᠡᠢᠰᠡ ᠠᠵᠢ᠃ ᠡᠮᠦᠰᠦᠭᠰᠡᠨ ᠬᠤᠪᠴᠠᠰᠤ ᠪᠦᠷᠢᠨ ᠬᠢᠲᠠᠳ ᠪᠥᠭᠡᠳ ᠠᠮᠢᠰᠬᠤᠭᠠᠳᠠᠨ ᠭᠦᠶᠦᠨ ᠢᠷᠡᠭᠡᠳ᠄
— ᠠᠢ᠂ ᠲᠦᠩ ᡁᠢ᠂ ᠨᠢ ᠬᠣᠣ ᠮᠠ!(ᠠᠢ᠂ ᠨᠥᠬᠥᠷ ᠰᠠᠢᠨ ᠤᠤ?) ᠭᠡᠬᠦ ᠶ᠋ᠢ ᠨᠢ ᠠᠵᠢᠬᠤ ᠳ᠋ᠤ᠌ ᠶᠡᠷᠦ ᠮᠣᠩᠭᠣᠯ ᠬᠥᠮᠦᠰ ᠦ᠋ᠨ ᠳᠤᠮᠳᠠ ᠬᠡᠯᠡ ᠮᠡᠳᠡᠬᠦ ᠦᠭᠡᠢ ᠬᠢᠲᠠᠳ ᠬᠥᠮᠦᠨ ᠪᠣᠯᠤᠨ ᠶᠠᠪᠤᠵᠤ ᠦᠭᠡ ᠬᠡᠯᠡ ᠶ᠋ᠢ ᠨᠢ ᠳᠠᠩᠨᠠᠭᠰᠠᠨ ᠪᠣᠯᠪᠠ ᠤᠤ ᠭᠡᠯᠲᠡᠢ ᠦᠵᠡᠭᠳᠡᠨ᠎ᠡ᠃
— ᠵᠠ ᠡᠨᠡ ᠴᠢᠨᠢ ᠶᠠᠭᠤ ᠭᠡᠭᠴᠢ ᠪᠣᠯᠴᠢᠬᠠᠭᠠᠳ ᠶᠠᠪᠤᠵᠤ ᠪᠠᠢᠭ᠎ᠠ ᠨᠢ ᠡᠨᠡ ᠪᠣᠢ? ᠭᠡᠵᠦ ᠬᠡᠯᠡᠩᠭᠦᠲᠡ ᠬᠤᠪᠴᠠᠰᠤ ᠶ᠋ᠢ ᠨᠢ ᠣᠨᠴᠠᠯᠠᠨ ᠠᠵᠢᠬᠤ ᠳ᠋ᠤ᠌᠂
— ᠠ᠂ ᠡᠨᠡ ᠤᠤ ᠭᠡᠳ ᠣᠷᠰᠣᠭᠣᠢ ᠰᠢᠳᠦ ᠪᠡᠨ ᠢᠷᠵᠠᠢᠯᠭᠠᠨ ᠢᠨᠢᠶᠡᠮᠰᠦᠭᠯᠡᠵᠦ᠄ ᠶᠠᠭᠠᠬᠢᠬᠤᠪ᠂ ᠴᠠᠭ ᠤ᠋ᠨ ᠪᠠᠢᠳᠠᠯ᠂ ᠴᠠᠯᠢᠩ ᠠᠪᠤᠨ᠎ᠠ ᠰᠢᠦ᠃
— ᠮᠥᠨ ᠳᠡ᠂ ᠣᠳᠣ ᠢᠩᠭᠢᠭᠡᠳ ᠲᠠᠨᠤᠰ ᠠ᠋ᠴᠠ ᠡᠬᠢᠯᠡᠨ ᠮᠣᠩᠭᠣᠯ ᠢ᠋ᠶ᠋ᠠᠨ ᠠᠯᠳᠠᠬᠤ ᠬᠡᠷᠡᠭ ᠤᠤ?
— ᠲᠡᠢᠮᠦ᠂ ᠭᠡᠪᠡᠴᠦ ᠳᠣᠲᠣᠷ᠎ᠠ ᠪᠠᠨ ᠪᠢᠰᠢ᠂ ᠭᠠᠳᠠᠨ᠎ᠠ ᠪᠠᠨ ᠭᠡᠳ ᠬᠠ ᠬᠠ ᠢᠨᠢᠶᠡᠪᠡ᠃ ᠲᠡᠭᠡᠭᠡᠳ ᠪᠠᠯᠳᠠᠨᠴᠡᠷᠢᠩ ᠤᠯᠠᠮ ᠢ᠋ᠶ᠋ᠠᠷ ᠵᠢᠪᠬᠦᠴᠡᠨ ᠠᠵᠢᠬᠤ ᠳ᠋ᠤ᠌ ᠢᠨᠢᠶᠡᠳᠦ ᠪᠡᠨ ᠭᠡᠨᠡᠳᠲᠡ ᠲᠡᠳᠡᠨ᠄
— ᠮᠠᠭᠤ ᠡᠪᠦᠭᠡᠨ ᠴᠢᠨᠢ ᠵᠦᠭᠡᠷ ᠰᠠᠭᠤᠬᠤ ᠶ᠋ᠢᠨ ᠣᠷᠣᠨ ᠳ᠋ᠤ᠌ ᠭᠡᠵᠦ ᠪᠣᠳᠣᠬᠤ ᠳ᠋ᠠᠭᠠᠨ ᠰᠧᠯᠢᠩᠪᠦ ᠶ᠋ᠢᠨ ᠶᠠᠮᠤᠨ ᠳ᠋ᠤ᠌ ᠨᠢᠭᠡ ᠠᠵᠢᠯ ᠰᠢᠭ᠋ ᠶᠠᠭᠤᠮ᠎ᠠ ᠬᠢᠬᠦ ᠪᠣᠯᠤᠯ᠎ᠠ᠃
— ᠠᠬᠠᠢ᠂ ᠲᠠᠨ ᠢ᠋ ᠳᠣᠣᠷᠠᠲᠤ ᠠᠯᠪᠠᠲᠤ ᠨᠤᠭᠤᠳ ᠴᠢᠨᠢ ᠲᠡᠵᠢᠭᠡᠵᠦ ᠴᠢᠳᠠᠮ᠎ᠠ ᠦᠭᠡᠢ ᠪᠠᠢᠨ᠎ᠠ ᠤᠤ?
— ᠲᠡᠷᠡ ᠴᠦ᠍ ᠬᠠᠮᠢᠭ᠎ᠠ ᠠ᠋ᠴᠠ᠂ ᠵᠦᠭᠡᠷ ᠣᠳᠣ ᠴᠠᠭ ᠲᠤ ᠶᠠᠳᠠᠵᠤ ᠪᠠᠢᠭ᠎ᠠ ᠠᠯᠪᠠᠲᠤ ᠨᠤᠭᠤᠳ ᠤ᠋ᠨ ᠭᠠᠷ ᠢ᠋ ᠬᠠᠷᠠᠭᠰᠠᠨ ᠠ᠋ᠴᠠ ᠭᠠᠮᠢᠩ ᠤ᠋ᠨ ᠡᠪᠦᠷ ᠲᠦᠷᠡᠢ ᠳ᠋ᠡᠬᠢ ᠡᠴᠡ ᠰᠤᠭᠤᠯᠬᠤ ᠶ᠋ᠢ ᠪᠣᠳᠣᠭᠰᠠᠨ ᠳᠡᠭᠡᠷ᠎ᠡ᠂ ᠲᠡᠢᠮᠦ ᠪᠢᠵᠡ ᠳᠡ?
— ᠬᠠᠷᠢᠨ ᠯᠠ ᠳᠠ᠂ ᠮᠠᠨ ᠤ᠋ ᠪᠣᠳᠣᠬᠤ ᠳ᠋ᠤ᠌ ᠭᠠᠮᠢᠩ ᠤ᠋ᠨ ᠡᠪᠦᠷ ᠲᠦᠷᠡᠢ ᠡᠴᠡ ᠰᠤᠭᠤᠯᠬᠤ ᠪᠢᠰᠢ᠂ ᠵᠦᠭᠡᠷ ᠬᠠᠮᠲᠤᠷᠠᠨ ᠢᠳᠡᠵᠦ ᠪᠠᠢᠭ᠎ᠠ ᠶᠤᠮ ᠰᠢᠭ᠋ ᠰᠠᠨᠠᠭᠳᠠᠨ᠎ᠠ
— ᠵᠠ ᠶᠠᠭᠠᠬᠢᠬᠤᠪ᠃ ᠴᠢ ᠢᠩᠭᠢᠵᠦ ᠦᠵᠡᠬᠦ ᠪᠠᠢᠵᠠᠢ᠃ ᠪᠢ ᠴᠦ᠍ ᠵᠥᠪᠰᠢᠶᠡᠷᠡᠶᠡ᠃ ᠭᠡᠲᠡᠯ᠎ᠡ ᠪᠢᠳᠡ ᠡᠭᠦᠨ ᠢ᠋ᠶ᠋ᠡᠷ ᠢ᠋ᠶ᠋ᠡᠨ ᠭᠠᠮᠢᠩ ᠤ᠋ᠳ ᠢ᠋ ᠬᠣᠬᠢᠷᠠᠭᠠᠬᠤ ᠦᠭᠡᠢ᠃ ᠦᠭᠡᠢ ᠰᠢᠦ ᠳᠡ᠃ ᠲᠡᠳᠡ ᠴᠢᠨᠢ ᠨᠠᠮᠠᠶ᠋ᠢ ᠣᠷᠣᠵᠤ ᠠᠵᠢᠯᠯᠠᠬᠤ ᠦᠭᠡᠢ ᠪᠠᠢᠬᠤ ᠳ᠋ᠤ᠌ ᠥᠭᠡᠷ᠎ᠡ ᠨᠢᠭᠡ ᠶ᠋ᠢ ᠠᠶ᠎ᠠ ᠦᠭᠡᠢ ᠪᠣᠯ ᠪᠦᠬᠦ ᠰᠡᠳᠬᠢᠯ ᠮᠡᠳᠡᠷᠡᠯ ᠢ᠋ᠶ᠋ᠡᠨ ᠬᠤᠳᠠᠯᠳᠤᠬᠤ ᠶ᠋ᠢ ᠣᠯᠵᠤ ᠠᠵᠢᠯᠯᠠᠭᠤᠯᠬᠤ ᠰᠢᠦ ᠳᠡ᠃ ᠢᠩᠭᠢᠬᠦᠯᠡᠷ ᠵᠦᠭᠡᠷ ᠥᠪᠡᠷ ᠦ᠋ᠨ ᠪᠡᠶ᠎ᠡ ᠶ᠋ᠢ ᠰᠢᠷᠭᠤᠭᠤᠯᠵᠤ ᠠᠪᠤᠭᠰᠠᠨ ᠨᠢ ᠳᠡᠭᠡᠷ᠎ᠡ ᠪᠠᠢᠬ᠎ᠠ᠃
— ᠵᠠ ᠵᠠ ᠣᠳᠣ ᠮᠡᠳᠡᠯ᠎ᠡ᠃ ᠢᠩᠭᠢᠬᠦ ᠳ᠋ᠦ᠍ ᠲᠠ ᠦᠯᠦ ᠪᠦᠲᠦᠬᠦ ᠬᠥᠮᠦᠨ ᠢ᠋ ᠲᠡᠳᠡᠨ ᠣᠷᠣᠭᠤᠯᠬᠤ ᠦᠭᠡᠢ ᠭᠡᠬᠦ ᠳ᠋ᠡᠭᠡᠨ ᠥᠪᠡᠷ ᠢ᠋ ᠪᠡᠨ ᠣᠷᠣᠭᠤᠯᠤᠭᠰᠠᠨ ᠬᠥᠮᠦᠨ ᠰᠢᠪ ᠳᠡ᠃
— ᠲᠡᠢᠮᠦ᠂ ᠢᠩᠭᠢᠭᠡᠳ ᠪᠢ ᠴᠢᠮᠠᠶ᠋ᠢ ᠮᠥᠨ ᠠᠵᠢᠯ ᠳ᠋ᠤ᠌ ᠣᠷᠣᠬᠤ ᠦᠭᠡᠢ ᠤᠤ ᠭᠡᠬᠦ ᠭᠡᠰᠡᠨ ᠶᠦᠮ᠃
— ᠵᠠ ᠪᠢ ᠶᠠᠭᠤ ᠬᠢᠬᠦ ᠬᠡᠷᠡᠭ ᠪᠣᠢ?
— ᠪᠢᠴᠢᠭ ᠦ᠋ᠨ ᠠᠵᠢᠯ᠂ ᠣᠷᠴᠢᠭᠤᠯᠭ᠎ᠠ ᠬᠢ! ᠰᠢᠭᠦᠬᠦ ᠳ᠋ᠦ᠍ᠨᠢ ᠬᠥᠮᠦᠨ ᠬᠡᠷᠡᠭᠲᠡᠢ ᠭᠡᠨ᠎ᠡ ᠪᠢᠯᠡ᠃
— ᠬᠠᠷᠢᠨ ᠯᠠ ᠳᠠ᠃ ᠴᠠᠯᠢᠩ ᠶᠠᠭᠤ ᠪᠠᠢᠬᠤ ᠪᠢᠯᠡ?
— ᠦ᠂ ᠰᠠᠢᠨ᠂ ᠪᠢ ᠳᠡᠭᠡᠷ᠎ᠡ ᠦᠶ᠎ᠡ ᠳ᠋ᠦ᠍ ᠰᠠᠩ ᠤ᠋ᠨ ᠶᠠᠮᠤᠨ ᠳ᠋ᠤ᠌ ᠲᠦᠰᠢᠮᠡᠯ ᠪᠠᠢᠬᠤ ᠳ᠋ᠠᠭᠠᠨ ᠭᠤᠴᠢᠨ ᠶᠠᠩᠴᠢᠶᠠᠨ ᠠᠪᠳᠠᠭ ᠪᠠᠢᠭᠰᠠᠨ ᠪᠣᠯ ᠣᠳᠣ ᠲᠡᠨᠳᠡ ᠭᠤᠴᠢᠨ ᠲᠠᠪᠤ ᠶ᠋ᠢ ᠠᠪᠴᠤ ᠪᠠᠢᠨ᠎ᠠ᠃ ᠪᠣᠳᠣᠪᠠᠯ ᠴᠢ ᠮᠥᠨ ᠲᠡᠳᠦᠢ ᠬᠢᠷᠢ ᠲᠠᠢ ᠯᠠ ᠠᠪᠤᠨ᠎ᠠ ᠪᠠᠢᠬᠤ ᠠ᠋᠃
ᠰᠠᠷ᠎ᠠ ᠪᠦᠷᠢ ᠭᠤᠴᠢᠨ ᠲᠠᠪᠤᠨ ᠶᠠᠩᠴᠢᠶᠠᠨ ᠠᠪᠤᠨ᠎ᠠ ᠭᠡᠳᠡᠭ ᠪᠣᠯ ᠦᠭᠡ ᠳᠠᠭᠤ ᠦᠭᠡᠢ ᠭᠡᠷᠯᠡᠵᠦ ᠪᠣᠯᠤᠨ᠎ᠠ ᠭᠡᠰᠡᠨ ᠦᠭᠡ ᠪᠠᠢᠨ᠎ᠠ ᠳᠠ ᠭᠡᠵᠦ ᠪᠠᠯᠳᠠᠨᠴᠡᠷᠢᠩ ᠳ᠋ᠦ᠍ ᠪᠣᠳᠣᠭᠳᠠᠨ᠎ᠠ᠃ ᠭᠡᠪᠡᠴᠦ ᠳᠤᠤᠭᠠᠷᠤᠭᠰᠠᠨ ᠦᠭᠡᠢ ᠨᠢᠭᠡ ᠬᠡᠰᠡᠭ ᠮᠥᠷᠥ ᠵᠡᠷᠭᠡᠴᠡᠨ ᠶᠠᠪᠤᠭᠰᠠᠨ ᠤ᠋ ᠳᠠᠷᠠᠭ᠎ᠠ ᠨᠢᠮᠠᠵᠠᠪ᠄
— ᠵᠠ ᠲᠡᠭᠡᠭᠡᠳ ᠴᠢ ᠶᠠᠭᠠᠬᠢᠶ᠎ᠠ ᠭᠡᠵᠦ ᠪᠣᠳᠣᠵᠤ ᠪᠠᠢᠨ᠎ᠠ᠃
— ᠬᠠᠷᠢᠨ ᠠ᠋᠃ ᠶᠠᠭᠤ ᠴᠦ᠍ ᠪᠣᠯᠲᠤᠭᠠᠢ ᠤᠷᠢᠳ ᠢ᠋ᠶ᠋ᠠᠷ ᠪᠣᠳᠣᠶ᠎ᠠ᠃
— ᠪᠣᠳᠣᠭᠠᠳ ᠪᠠᠢᠬᠤ ᠶᠠᠭᠤ ᠪᠠᠢᠬᠤ ᠪᠢᠯᠡ ᠠ᠋᠃
— ᠪᠠᠯᠳᠠᠨᠴᠡᠷᠢᠩ ᠭᠠᠮᠢᠩ ᠳ᠋ᠤ᠌ ᠠᠵᠢᠯ ᠬᠢᠨ᠎ᠡ ᠭᠡᠬᠦ ᠡᠴᠡ ᠭᠡᠨᠡᠳᠲᠡ ᠣᠢ ᠭᠤᠲᠤᠬᠤ ᠰᠡᠳᠬᠢᠯ ᠲᠥᠷᠥᠪᠡ᠃
— ᠲᠡᠢᠮᠦ ᠠ᠋᠂ ᠪᠣᠳᠣᠭᠠᠳ ᠪᠠᠢᠬᠤ ᠶᠠᠭᠤ ᠪᠠᠢᠬᠤᠪ᠃ ᠪᠢ ᠴᠢᠳᠠᠬᠤ ᠦᠭᠡᠢ ᠭᠡᠳᠡᠭ ᠢ᠋ᠶ᠋ᠡᠨ ᠡᠷᠲᠡᠬᠡᠨ ᠬᠡᠯᠡᠶ᠎ᠡ᠃
ᠨᠢᠮᠠᠵᠠᠪ ᠤᠷᠮ᠎ᠠ ᠬᠤᠭᠤᠷᠠᠭᠰᠠᠨ ᠪᠠᠢᠳᠠᠯ ᠢ᠋ᠶ᠋ᠠᠷ ᠨᠢᠭᠡ ᠬᠡᠰᠡᠭ ᠳᠣᠷᠣᠭᠰᠢ ᠬᠠᠷᠠᠨ ᠶᠠᠪᠤᠪᠠ᠃ ᠲᠡᠭᠡᠭᠡᠳ᠄ ᠵᠠ ᠲᠡᠢᠮᠦ ᠪᠠᠢᠵᠠᠢ ᠭᠡᠳ ᠰᠠᠯᠤᠨ ᠶᠠᠪᠤᠬᠤ ᠭᠡᠰᠡᠨ ᠢ᠋ᠶ᠋ᠡᠨ᠄ ᠦᠭᠡᠢ ᠪᠠᠢᠵᠠ᠂ ᠪᠢ ᠴᠢᠮ᠎ᠠ ᠳ᠋ᠤ᠌ ᠨᠢᠭᠡ ᠨᠢᠭᠤᠴᠠ ᠶᠠᠭᠤᠮ᠎ᠠ ᠬᠡᠯᠡᠶ᠎ᠡ ᠭᠡᠵᠦ ᠡᠷᠭᠢᠪᠡ᠃
— ᠵᠠ ᠶᠠᠭᠤ ᠪᠣᠢ? ᠭᠡᠬᠦ ᠳ᠋ᠦ᠍᠄
— ᠮᠠᠷᠭᠠᠰᠢ ᠭᠠᠮᠢᠩ ᠤ᠋ᠨ ᠬᠢᠨ ᠬᠣᠷᠢᠶ᠎ᠠ ᠬᠦᠷᠢᠶ᠎ᠡ ᠪᠡᠷ ᠭᠠᠷᠴᠤ ᠪᠠᠷᠢᠨ᠎ᠠ ᠭᠡᠵᠦ ᠣᠷᠰᠣᠭᠣᠢ ᠰᠢᠳᠦᠲᠦ ᠬᠣᠰᠢᠭᠤ ᠪᠠᠨ ᠣᠢᠷᠠᠲᠤᠭᠤᠯᠤᠨ ᠰᠢᠪᠡᠨᠡᠪᠡ᠃
ᠪᠠᠯᠳᠠᠨᠴᠡᠷᠢᠩ ᠦ᠋ᠨ ᠰᠡᠳᠬᠢᠯ ᠦ᠋ᠨ ᠡᠨᠡ ᠦᠭᠡ ᠶ᠋ᠢ ᠰᠣᠨᠣᠰᠤᠮᠠᠭᠴᠠ ᠬᠦᠢᠲᠡᠨ ᠤᠰᠤ ᠪᠡᠶ᠎ᠡ ᠪᠡᠷ ᠨᠢ ᠭᠦᠶᠦᠬᠦ ᠰᠢᠭ ᠪᠣᠯᠤᠨ ᠬᠠᠮᠤᠭ ᠪᠡᠶ᠎ᠡ ᠨᠢ ᠵᠢᠷᠢᠰᠬᠢᠪᠡ᠃
— ᠠ᠂ ᠲᠡᠢᠮᠦ ᠤᠤ? ᠲᠡᠭᠡᠭᠡᠳ ᠴᠣᠬᠣᠮ ᠶᠠᠭᠤ ᠪᠠᠷᠢᠬᠤ ᠶᠤᠮ ᠪᠣᠯ? ᠭᠡᠵᠦ ᠬᠠᠷᠢᠭᠤ ᠰᠢᠪᠡᠨᠡᠬᠦ ᠳ᠋ᠦ᠍᠄
— ᠰᠧᠯᠢᠩᠪᠦ ᠶ᠋ᠢᠨ ᠶᠠᠮᠤᠨ ᠤ᠋ ᠲᠤᠰᠢᠶᠠᠯ ᠢ᠋ᠶ᠋ᠠᠷ ᠪᠣᠯ᠄ ᠬᠥᠰᠬᠡ᠂ ᠣᠨᠣᠯᠭ᠎ᠠ᠂ ᠬᠣᠭᠣᠯᠠ ᠬᠦᠨᠡᠰᠦ᠂ ᠬᠤᠪᠴᠠᠰᠤ ᠬᠤᠨᠠᠷ᠂ ᠭᠡᠪᠡᠴᠦ ᠲᠡᠷᠡ ᠴᠠᠭ ᠲᠡᠷᠡ ᠴᠠᠭ ᠳᠡᠭᠡᠷ᠎ᠡ ᠪᠡᠨ ᠶᠠᠭᠤ ᠶᠠᠭᠤ ᠴᠦ᠍ ᠪᠣᠯᠬᠤ ᠶ᠋ᠢ ᠬᠡᠨ ᠮᠠᠨᠢ ᠮᠡᠳᠡᠬᠦ ᠪᠣᠢ? ᠥᠪᠡᠷ ᠦ᠋ᠨ ᠢ᠋ᠶ᠋ᠡᠨ ᠶᠠᠭᠤᠮ᠎ᠠ ᠶ᠋ᠢ ᠥᠨᠥᠳᠥᠷ ᠦ᠋ᠨ ᠳᠣᠲᠣᠷ᠎ᠠ ᠳᠠᠨᠵᠢᠯᠠ᠂ ᠥᠭᠡᠷ᠎ᠡ ᠪᠤᠰᠤᠳ ᠲᠤ ᠪᠦᠦ ᠮᠡᠳᠡᠭᠳᠡ!
ᠡᠨᠡ ᠦᠭᠡ ᠶ᠋ᠢ ᠨᠢᠮᠠᠵᠠᠪ ᠳᠣᠲᠣᠨᠣ ᠨᠥᠬᠥᠷ ᠦ᠋ᠨ ᠪᠠᠢᠳᠠᠯ ᠢ᠋ᠶ᠋ᠠᠷ ᠡᠬᠢᠯᠡᠭᠰᠡᠨ ᠪᠣᠯᠪᠠᠴᠤ ᠪᠠᠯᠳᠠᠨᠴᠡᠷᠢᠩ ᠦ᠋ᠨ ᠣᠨᠴᠠ ᠠᠩᠬᠠᠷᠤᠯ ᠲᠠᠯᠪᠢᠬᠤ ᠳ᠋ᠤ᠌ ᠨᠢᠳᠦ ᠪᠡᠨ ᠲᠣᠮᠣ ᠪᠣᠯᠭᠠᠨ ᠴᠢᠷᠠᠢ ᠬᠤᠪᠢᠷᠠᠭᠠᠭᠰᠠᠨ ᠪᠥᠭᠡᠳ ᠦᠭᠡ ᠳᠠᠭᠤᠰᠤᠮᠠᠭᠴᠠ ᠡᠷᠭᠢᠨ ᠶᠠᠪᠤᠬᠤ ᠶ᠋ᠢ ᠵᠠᠪᠳᠤᠪᠠ᠃ ᠪᠠᠯᠳᠠᠨᠴᠡᠷᠢᠩ ᠮᠥᠷᠦᠨ ᠳᠡᠭᠡᠷ᠎ᠡ ᠡᠴᠡ ᠨᠢ ᠰᠢᠭᠦᠷᠡᠨ ᠠᠪᠴᠤ ᠬᠣᠢᠰᠢ ᠲᠡᠳᠡᠨ᠄
— ᠦᠭᠡᠢ᠂ ᠲᠠ ᠬᠦᠯᠢᠶᠡ! ᠡᠨᠡ ᠴᠣᠬᠣᠮ ᠶᠠᠭᠤ ᠪᠣᠯᠬᠤ ᠭᠡᠵᠦ ᠪᠠᠢᠭ᠎ᠠ ᠨᠢ ᠡᠨᠡ ᠪᠣᠢ?
ᠨᠢᠮᠠᠵᠠᠪ ᠴᠠᠭᠠᠰᠢ ᠶᠠᠷᠢᠬᠤ ᠴᠦ᠍ ᠪᠠᠢᠲᠤᠭᠠᠢ ᠲᠦᠷᠦᠭᠦᠴᠢ ᠶ᠋ᠢᠨ ᠢ᠋ᠶ᠋ᠡᠨ ᠶᠠᠷᠢᠵᠤ ᠣᠷᠬᠢᠭᠰᠠᠨ ᠢ᠋ᠶ᠋ᠠᠨ ᠭᠡᠮᠰᠢᠬᠦ ᠮᠡᠲᠦ ᠨᠢᠭᠤᠷ ᠨᠢ ᠭᠦᠯᠦᠢᠨ᠂ ᠨᠢᠳᠦ ᠪᠡᠨ ᠴᠦ᠍ ᠴᠠᠪᠴᠢᠬᠤ ᠦᠭᠡᠢ ᠠᠮᠢᠰᠬᠤᠭᠠᠳᠠᠨ᠎ᠠ᠃
— ᠡᠨᠡ ᠴᠢᠨᠢ ᠣᠳᠣ ᠠᠶᠤᠯ ᠲᠠᠢ ᠨᠢᠭᠤᠴᠠ ᠪᠠᠢᠭ᠎ᠠ ᠶᠤᠮ ᠤᠤ ᠭᠡᠬᠦ ᠳ᠋ᠦ᠍᠂
— ᠲᠡᠭᠡᠬᠦ ᠦᠭᠡᠢ ᠶᠠᠭᠠᠬᠢᠬᠤᠪ᠃ ᠨᠢᠭᠡᠨᠲᠡ ᠢᠲᠡᠭᠡᠭᠰᠡᠨ ᠦ᠌ ᠬᠢ ᠭᠡᠳ ᠨᠢᠮᠠᠵᠠᠪ ᠰᠢᠪᠡᠨᠡᠯᠲᠡ ᠪᠡᠨ ᠠᠶᠠᠷᠬᠠᠨ ᠪᠣᠯᠭᠠᠨ᠄ ᠤᠯᠠᠭᠠᠨ ᠣᠷᠣᠰ ᠤᠷᠤᠭᠤ ᠴᠡᠷᠢᠭ ᠶᠠᠪᠤᠭᠤᠯᠬᠤ ᠭᠡᠨ᠎ᠡ ᠪᠢᠯᠡ᠃
— ᠪᠠᠢᠯᠳᠤᠬᠤ ᠭᠡᠵᠦ ᠤᠤ?
— ᠮᠡᠳᠡᠭᠡᠵᠢ ᠶ᠋ᠢᠨ ᠬᠡᠷᠡᠭ᠃
ᠪᠠᠯᠳᠠᠨᠴᠡᠷᠢᠩ ᠳ᠋ᠦ᠍ ᠤᠯᠠᠭᠠᠨ ᠣᠷᠣᠰ ᠢ᠋ ᠥᠮᠥᠭᠯᠡᠬᠦ ᠰᠡᠳᠬᠢᠯ ᠲᠥᠷᠥᠪᠡ᠃ ᠲᠦᠷᠦᠭᠦᠨ ᠦ᠌ ᠰᠦᠬᠡᠪᠠᠭᠠᠲᠤᠷ ᠤ᠋ᠨ ᠤᠯᠠᠭᠠᠨ ᠣᠷᠣᠰ ᠢ᠋ ᠲᠦᠰᠢᠭᠯᠡᠨ᠎ᠡ ᠭᠡᠰᠡᠨ ᠢ᠋ ᠰᠠᠨᠠᠬᠤ ᠳ᠋ᠤ᠌ ᠲᠤᠩ ᠶᠠᠭᠠᠷᠠᠯᠲᠠᠢ ᠮᠡᠳᠡᠭᠦᠰᠢᠲᠡᠢ ᠠᠵᠢ᠃
— ᠵᠠ ᠳᠤᠭᠤᠯᠤᠯ᠎ᠠ᠃ ᠡᠨᠡ ᠶᠠᠪᠤᠳᠠᠯ ᠢ᠋ ᠲᠠ ᠰᠦᠬᠡᠪᠠᠭᠠᠲᠤᠷ ᠲᠤ ᠮᠡᠳᠡᠭᠳᠡᠭᠰᠡᠨ ᠤᠤ?
— ᠨᠢᠮᠠᠵᠠᠪ ᠰᠣᠴᠢᠨ ᠥᠭᠡᠳᠡ ᠡᠴᠡ ᠨᠢ ᠠᠮᠠ ᠠᠩᠭᠠᠢᠯᠭᠠᠨ ᠭᠠᠢᠬᠠᠨ ᠰᠢᠷᠳᠡᠪᠡ᠃ ᠪᠠᠯᠳᠠᠨᠴᠡᠷᠢᠩ ᠴᠦ᠍《ᠦᠭᠡᠢ᠂ ᠡᠨᠡ ᠴᠢᠨᠢ ᠢᠩᠭᠢᠬᠦ ᠳ᠋ᠦ᠍ ᠪᠢ ᠶᠠᠭᠤ ᠬᠡᠯᠡᠵᠦ ᠣᠷᠬᠢᠪᠠ》 ᠭᠡᠰᠡᠨ ᠰᠢᠭ ᠨᠢᠮᠠᠵᠠᠪ ᠤ᠋ᠨ ᠨᠢᠭᠤᠷ ᠢ᠋ ᠰᠢᠷᠲᠡᠪᠡ᠃ ᠬᠠᠭᠠᠰ ᠮᠢᠨᠦ᠋ᠲ ᠬᠢᠷᠢ ᠲᠠᠭ ᠴᠢᠮᠡᠭᠡ ᠦᠭᠡᠢ᠂ ᠰᠦᠬᠡᠪᠠᠭᠠᠲᠤᠷ ᠨᠢᠮᠠᠵᠠᠪ ᠬᠣᠶᠠᠷ ᠠᠨᠳᠠ ᠨᠥᠬᠥᠳ ᠴᠦ᠍ ᠪᠢᠰᠢ᠂ ᠭᠡᠮ ᠬᠣᠣᠷ ᠦᠭᠡᠢ ᠲᠠᠨᠢᠯ ᠤ᠋ᠳ ᠴᠦ᠍ ᠪᠢᠰᠢ᠂ ᠬᠠᠷᠢᠨ ᠬᠣᠶᠠᠷ ᠪᠡᠶ᠎ᠡ ᠪᠡᠨ ᠬᠠᠷᠠᠳᠠᠨ ᠬᠢᠴᠢᠶᠡᠭᠰᠡᠨ ᠬᠥᠮᠦᠨ ᠪᠢᠰᠢ ᠤᠤ? ᠭᠡᠵᠦ ᠰᠠᠨᠠᠪᠠ᠃ ᠭᠡᠲᠡᠯ᠎ᠡ ᠨᠢᠮᠠᠵᠠᠪ ᠰᠤᠯᠠᠬᠠᠨ ᠢ᠋ᠶ᠋ᠠᠷ ᠲᠣᠯᠣᠭᠠᠢ ᠳᠣᠬᠢᠭᠠᠳ᠄
— ᠬᠡᠷᠪᠡ ᠴᠢ ᠮᠢᠨᠦ ᠡᠨᠡ ᠶᠠᠷᠢᠭᠰᠠᠨ ᠢ᠋ ᠪᠤᠰᠤᠳ ᠲᠤ ᠶᠠᠷᠢᠭᠰᠠᠨ ᠪᠠᠢᠪᠠᠯ ᠤᠤ? ᠭᠡᠳ ᠪᠠᠯᠳᠠᠨᠴᠡᠷᠢᠩ ᠢ᠋ ᠣᠷᠰᠣᠭᠣᠢ ᠰᠢᠲᠦ ᠪᠡᠷ ᠢ᠋ᠶ᠋ᠡᠨ ᠬᠠᠳᠤᠷᠬᠤ ᠭᠡᠵᠦ ᠪᠠᠢᠭ᠎ᠠ ᠶᠤᠮ ᠰᠢᠭ᠋ ᠨᠢᠭᠤᠷ ᠲᠤᠨᠢ ᠲᠤᠯᠪᠠ᠃
— ᠵᠦᠭᠡᠷ᠂ ᠬᠡᠷᠪᠡ ᠪᠢ ᠡᠨᠡ ᠨᠢᠭᠤᠴᠠ ᠶ᠋ᠢ ᠵᠠᠳᠠᠷᠠᠭᠤᠯᠤᠭᠰᠠᠨ ᠪᠠᠢᠪᠠᠯ ᠭᠠᠢᠭᠤᠢ ᠲᠠ ᠮᠢᠨᠦ ᠲᠣᠯᠣᠭᠠᠢ ᠶ᠋ᠢ ᠬᠡᠵᠢᠶ᠎ᠡ ᠴᠦ᠍ ᠠᠪᠴᠤ ᠠᠮᠵᠢᠨ᠎ᠠ ᠭᠡᠵᠦ ᠪᠠᠯᠳᠠᠨᠴᠡᠷᠢᠩ ᠥᠭᠦᠯᠡᠪᠡ᠃
— ᠦᠬᠦᠭᠰᠡᠨ ᠭᠡᠵᠦ ᠨᠢᠮᠠᠵᠠᠪ ᠤᠤᠯᠭ᠎ᠠ ᠠᠯᠳᠠᠪᠠ᠃ ᠡᠨᠡ ᠨᠢ ᠪᠤᠰᠤᠳ ᠢ᠋ ᠪᠢᠰᠢ᠂ ᠥᠪᠡᠷ ᠦ᠋ᠨ ᠢ᠋ᠶ᠋ᠡᠨ ᠵᠠᠳᠠᠭᠠᠢ ᠠᠮᠠ ᠲᠠᠢ ᠳ᠋ᠠᠭᠠᠨ ᠪᠣᠯᠵᠤ ᠭᠠᠮᠢᠩ ᠤ᠋ᠨ ᠨᠢᠭᠤᠴᠠ ᠶ᠋ᠢ ᠬᠡᠯᠡᠵᠦ ᠣᠷᠬᠢᠭᠰᠠᠨ ᠳ᠋ᠠᠭᠠᠨ ᠭᠡᠮᠰᠢᠵᠦ ᠥᠪᠡᠷ ᠢ᠋ ᠪᠡᠨ ᠬᠠᠷᠢᠶᠠᠪᠠ ᠪᠣᠯᠤᠯᠲᠠᠢ᠃
— ᠴᠢᠨᠦ ᠲᠣᠯᠣᠭᠠᠢ ᠶ᠋ᠢ ᠠᠪᠬᠤ ᠠ᠋ᠴᠠ ᠪᠠᠨ ᠡᠮᠦᠨ᠎ᠡ ᠪᠢ ᠥᠪᠡᠷ ᠦ᠋ᠨ ᠢ᠋ᠶ᠋ᠡᠨ ᠪᠥᠨᠲᠥᠭᠡᠷ ᠢ᠋ ᠠᠪᠤᠭᠤᠯᠴᠢᠬᠠᠨᠠ ᠰᠢᠦ ᠳᠡ ᠭᠡᠳ ᠡᠷᠭᠢᠨ ᠶᠠᠪᠤᠪᠠ᠃ ᠠᠷᠤ ᠠ᠋ᠴᠠ ᠨᠢ ᠬᠠᠷᠠᠬᠤ ᠳ᠋ᠤ᠌ ᠶᠣᠰᠣᠲᠠᠢ ᠲᠣᠯᠣᠭᠠᠢ ᠲᠠᠢ ᠪᠠᠨ ᠬᠣᠯᠪᠣᠭᠳᠠᠬᠤ ᠨᠢᠭᠤᠴᠠ ᠪᠠᠨ ᠠᠯᠳᠠᠭᠰᠠᠨ ᠬᠥᠮᠦᠨ ᠯᠡ ᠡᠢᠮᠦ ᠪᠠᠢᠳᠠᠭ ᠪᠣᠯᠪᠠ ᠤᠤ ᠭᠡᠮᠡᠷ ᠵᠡᠭᠦᠨ ᠪᠠᠷᠠᠭᠤᠨ ᠢ᠋ ᠰᠡᠯᠭᠦᠯᠡᠨ ᠲᠡᠭ ᠲᠤᠭ ᠠᠯᠬᠤᠯᠠᠬᠤ ᠨᠢ ᠬᠠᠷᠠᠭᠳᠠᠨ᠎ᠠ᠃ ᠤᠷᠢᠳ ᠨᠢ ᠪᠠᠯᠳᠠᠨᠴᠡᠷᠢᠩ᠂ ᠭᠠᠮᠢᠩ ᠢ᠋ ᠪᠤᠬᠢᠨᠢᠳᠤᠵᠤ ᠶᠠᠪᠤᠬᠤ ᠳ᠋ᠤᠨᠢ ᠨᠢᠮᠠᠵᠠᠪ ᠢ᠋ ᠶᠠᠭᠤᠨ ᠠᠢᠬᠤᠪᠲᠤᠷ ᠡᠷ᠎ᠡ ᠪᠣᠢ ᠭᠡᠵᠦ ᠭᠠᠢᠬᠠᠳᠠᠭ ᠪᠠᠢᠭᠰᠠᠨ ᠪᠣᠯ ᠣᠳᠣ᠂ ᠦᠭᠡᠢ ᠶᠠᠭᠠᠬᠢᠭᠰᠠᠨ ᠲᠠᠤᠯᠠᠢ ᠰᠢᠭ᠋ ᠵᠢᠷᠦᠬᠡ ᠦᠭᠡᠢ ᠮᠠᠭᠤ ᠡᠷ᠎ᠡ ᠪᠣᠢ ᠭᠡᠵᠦ ᠪᠣᠳᠣᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠭᠡᠲᠡᠯ᠎ᠡ ᠲᠣᠯᠣᠭᠠᠢ ᠳ᠋ᠤᠨᠢ᠄ ᠡᠨᠡ ᠭᠠᠮᠢᠩ ᠤ᠋ᠳ ᠤᠯᠠᠭᠠᠨ ᠣᠷᠣᠰ ᠤᠷᠤᠭᠤ ᠳᠣᠪᠲᠣᠯᠬᠤ ᠶ᠋ᠢᠨ ᠤᠴᠢᠷ ᠶᠠᠭᠤ ᠪᠣᠢ? ᠭᠡᠳᠡᠭ ᠨᠢᠭᠡ ᠠᠰᠠᠭᠤᠳᠠᠯ ᠣᠷᠣᠵᠤ ᠢᠷᠡᠯ᠎ᠡ᠃ ᠡᠭᠦᠨ ᠦ᠌ ᠤᠷᠢᠳ ᠤᠯᠠᠭᠠᠨ ᠣᠷᠣᠰ ᠢ᠋ ᠠᠩᠭ᠌ᠯᠢ᠂ ᠠᠮᠧᠷᠢᠺᠠ᠂ ᠶᠠᠫᠣᠨ᠂ ᠭᠧᠷᠮᠠᠨ᠂ ᠢᠲ᠋ᠠᠯᠢ᠂ ᠠᠦ᠋ᠰᠲ᠋ᠷᠠᠯᠢᠶ᠎ᠠ᠂ ᠴᠧᠨ᠌ᠨ᠌ᠣ᠋ ᠪᠠ ᠪᠠᠰᠠ ᠪᠤᠰᠤᠳ ᠤᠯᠤᠰ ᠤ᠋ᠳ ᠡᠰᠡᠷᠭᠦᠴᠡᠨ ᠳᠣᠪᠲᠣᠯᠵᠤ ᠪᠠᠢᠨ᠎ᠠ ᠭᠡᠵᠦ ᠰᠣᠨᠣᠰᠤᠭᠰᠠᠨ ᠤ᠋ ᠳᠡᠭᠡᠷ᠎ᠡ ᠣᠳᠣ ᠭᠠᠮᠢᠩ ᠨᠡᠮᠡᠭᠳᠡᠵᠦ ᠪᠠᠢᠭ᠎ᠠ ᠶ᠋ᠢᠨ ᠬᠤᠪᠢ ᠳ᠋ᠤ᠌ ᠥᠮᠥᠭᠯᠡᠬᠦ ᠶᠡᠬᠡ ᠰᠡᠳᠬᠢᠯ ᠲᠥᠷᠥᠪᠡ᠃《ᠶᠡᠷᠦ ᠤᠯᠠᠭᠠᠨ ᠣᠷᠣᠰ ᠭᠡᠳᠡᠭ ᠪᠣᠯ ᠡᠵᠡᠷᠬᠡᠭ ᠲᠦᠷᠢᠮᠡᠬᠡᠢ ᠶ᠋ᠢᠨ ᠶᠣᠰᠣ ᠰᠤᠷᠲᠠᠬᠤᠨ ᠢ᠋ ᠪᠦᠷᠢᠨ ᠡᠰᠡᠷᠭᠦᠴᠡᠭᠰᠡᠨ ᠠᠷᠢᠭᠤᠨ ᠵᠣᠷᠢᠯᠭᠠᠲᠤ ᠤᠯᠤᠰ ᠶᠤᠮ》 ᠭᠡᠵᠦ ᠰᠦᠬᠡᠪᠠᠭᠠᠲᠤᠷ ᠤ᠋ᠨ ᠬᠡᠯᠡᠭᠰᠡᠨ ᠨᠢ ᠦᠨᠡᠨ ᠲᠡᠢ ᠶ᠋ᠢᠨ ᠤᠯᠠᠮ ᠠ᠋ᠴᠠ ᠡᠵᠡᠷᠬᠡᠭ ᠲᠦᠷᠢᠮᠡᠬᠡᠢ ᠤᠯᠤᠰ ᠪᠦᠬᠦᠨ ᠢ᠋ᠶ᠋ᠡᠷ ᠢ᠋ᠶ᠋ᠡᠨ ᠢᠩᠭᠢᠵᠦ ᠡᠰᠡᠷᠭᠦᠴᠡᠵᠦ ᠪᠠᠢᠵᠤ ᠮᠠᠭᠠᠳ ᠭᠡᠬᠦ ᠡᠴᠡ ᠠᠭᠤᠷ ᠭᠦᠷᠦᠨ ᠪᠤᠬᠢᠨᠢᠳᠤᠨ᠎ᠠ᠃ ᠭᠡᠪᠡᠴᠦ ᠪᠠᠯᠳᠠᠨᠴᠡᠷᠢᠩ《ᠡᠨᠡ ᠳᠡᠯᠡᠬᠡᠢ ᠶ᠋ᠢᠨ ᠶᠠᠪᠤᠳᠠᠯ ᠨᠠᠳᠠ ᠳ᠋ᠤ᠌ ᠶᠠᠭᠤᠨ ᠤ᠋ ᠬᠠᠮᠢᠶ᠎ᠠ ᠪᠣᠢ? ᠪᠢ ᠶᠠᠮᠠᠷ ᠲᠡᠭᠦᠨ ᠢ᠋ ᠮᠡᠳᠡᠬᠦ ᠪᠡᠷ ᠪᠢᠰᠢ᠂ ᠵᠠᠯᠬᠠᠭᠠᠨ ᠴᠡᠭᠡᠷᠯᠡᠭᠦᠯᠬᠦ ᠲᠩᠷᠢ ᠪᠢᠰᠢ᠂ ᠬᠠᠷᠢᠨ ᠬᠠᠨᠢᠯᠠᠬᠤ ᠠᠮᠠᠷᠠᠭ ᠪᠠᠢᠪᠠᠴᠤ ᠲᠡᠭᠦᠨ ᠢ᠋ᠶ᠋ᠡᠨ ᠠᠪᠬᠤ ᠬᠥᠷᠥᠩᠭᠡ ᠮᠥᠩᠭᠥ ᠦᠭᠡᠢ ᠶᠡᠷᠦ ᠶ᠋ᠢᠨ ᠨᠢᠭᠡᠨ ᠥᠴᠦᠬᠡᠨ ᠠᠮᠢᠲᠠᠨ ᠰᠢᠦ ᠳᠡ》 ᠭᠡᠵᠦ ᠪᠣᠳᠣᠭᠰᠠᠨ ᠤᠴᠢᠷ ᠤᠯᠤᠰ ᠲᠥᠷᠥ ᠶ᠋ᠢᠨ ᠶᠠᠪᠤᠳᠠᠯ ᠢ᠋ ᠡᠢᠨ ᠬᠦ᠌ ᠬᠠᠵᠠᠭᠤ ᠲᠠᠢᠰᠢ ᠲᠠᠯᠪᠢᠭᠠᠳ᠂ ᠭᠠᠭᠴᠠ ᠬᠦ᠌ ᠬᠠᠢᠷᠠᠲᠤ ᠠᠮᠠᠷᠠᠭ ᠨᠢ ᠪᠣᠳᠣᠭᠳᠠᠵᠤ ᠡᠬᠢᠯᠡᠪᠡ᠃ ᠲᠡᠭᠡᠭᠡᠳ ᠨᠢᠮᠠᠵᠠᠪ ᠤ᠋ᠨ ᠬᠡᠯᠡᠭᠰᠡᠨ ᠢ᠋ᠶ᠋ᠡᠷ ᠭᠠᠮᠢᠩ ᠤ᠋ᠨ ᠭᠠᠵᠠᠷ ᠠᠯᠪᠠ ᠬᠠᠭᠠᠬᠤ ᠶᠤᠮ ᠪᠢᠯᠡ ᠤᠤ ᠭᠡᠳᠡᠭ ᠳᠡᠭᠡᠷ᠎ᠡ ᠰᠡᠳᠬᠢᠯ ᠨᠢ ᠰᠢᠯᠵᠢᠪᠡ᠃ ᠢᠩᠭᠢᠭᠡᠳ ᠰᠠᠷ᠎ᠠ ᠪᠦᠷᠢ ᠭᠤᠴᠢᠨ ᠲᠠᠪᠤᠨ ᠶᠠᠩᠴᠢᠶᠠᠨ ᠠᠪᠬᠤ ᠶᠠᠪᠤᠳᠠᠯ ᠪᠣᠯ ᠦᠭᠡ ᠳᠠᠭᠤ ᠦᠭᠡᠢ ᠭᠡᠷᠯᠡᠵᠦ ᠪᠣᠯᠤᠨ᠎ᠠ ᠭᠡᠰᠡᠨ ᠦᠭᠡ ᠪᠠᠢᠨ᠎ᠠ᠃ ᠭᠡᠲᠡᠯ᠎ᠡ ᠬᠠᠵᠠᠭᠤ ᠠ᠋ᠴᠠ ᠨᠢᠭᠡ ᠶᠠᠭᠤᠮ᠎ᠠ《ᠠ᠋ ᠴᠢ ᠶᠠᠭᠤᠲᠠᠢ ᠵᠢᠭᠲᠡᠢ ᠶᠠᠭᠤᠮ᠎ᠠ ᠪᠣᠳᠣᠨ᠎ᠠ ᠪᠣᠢ? ᠡᠬᠡᠨᠡᠷ ᠠᠪᠬᠤ ᠶ᠋ᠢᠨ ᠲᠥᠯᠥᠭᠡ ᠤᠯᠤᠰ ᠣᠷᠣᠨ ᠤ᠋ ᠪᠠᠨ ᠳᠠᠢᠰᠤᠨ ᠳ᠋ᠤ᠌ ᠪᠦᠷ ᠪᠡᠶ᠎ᠡ ᠪᠡᠨ ᠬᠤᠳᠠᠯᠳᠤᠬᠤ ᠭᠡᠵᠦ ᠪᠠᠢᠨ᠎ᠠ ᠤᠤ?》 ᠭᠡᠵᠦ ᠰᠢᠪᠡᠨᠡᠨ ᠠᠰᠠᠭᠤᠬᠤ ᠰᠢᠭ᠋ ᠪᠣᠯᠤᠨ ᠤᠷᠮ᠎ᠠ ᠵᠣᠷᠢᠭ ᠢ᠋ ᠨᠢ ᠭᠤᠲᠤᠭᠠᠬᠤ ᠠᠵᠢ᠃
ᠭᠡᠷ ᠲᠡᠭᠡᠨ ᠢᠷᠡᠬᠦ ᠳ᠋ᠦ᠍ ᠱᠠᠪᠢ ᠨᠢ ᠦᠭᠡᠢ ᠪᠠᠢᠯ᠎ᠠ᠃ ᠬᠠᠯᠠᠭᠤᠨ ᠤ᠋ ᠢᠯᠴᠢ ᠥᠭᠭᠦᠨ ᠭᠡᠷ ᠣᠷᠣᠨ ᠢ᠋ ᠨᠢ ᠳᠤᠯᠠᠭᠠᠴᠠᠭᠤᠯᠳᠠᠭ ᠵᠤᠤᠬ᠎ᠠ ᠶᠠᠩᠳᠤᠩ ᠭᠥᠯᠢᠢᠨ ᠬᠦᠷᠦᠵᠦ᠂ ᠬᠦᠢᠲᠡᠨ ᠵᠢᠪᠠᠷ ᠭᠠᠷ ᠬᠠᠭᠠᠷᠢᠬᠤ ᠰᠢᠭ᠋ ᠰᠠᠨᠠᠭᠳᠠᠨ᠎ᠠ᠃ ᠠᠷᠤ ᠳ᠋ᠤᠨᠢ ᠨᠢᠭᠡ ᠶᠠᠭᠤᠮ᠎ᠠ ᠲᠠᠰᠬᠢᠬᠦ ᠶ᠋ᠢ ᠡᠷᠭᠢᠨ ᠦᠵᠡᠬᠦ ᠳ᠋ᠦ᠍ ᠬᠠᠶᠠᠭᠠᠨ ᠳ᠋ᠤ᠌ ᠲᠠᠯᠪᠢᠭᠰᠠᠨ ᠬᠤᠪᠢᠩ ᠲᠠᠢ ᠤᠰᠤ ᠬᠥᠯᠲᠡᠨ ᠳᠤᠮᠳᠠ ᠪᠠᠨ ᠣᠪᠣᠢᠨ ᠬᠠᠭᠠᠷᠠᠵᠤ ᠪᠠᠢᠯ᠎ᠠ᠃ ᠡᠭᠦᠨ ᠡᠴᠡ ᠦᠵᠡᠬᠦ ᠳ᠋ᠦ᠍ ᠱᠠᠪᠢ ᠨᠢ ᠥᠷᠯᠥᠭᠡ ᠥᠪᠡᠷ ᠡᠴᠡ ᠨᠢ ᠤᠷᠢᠳ ᠭᠠᠷᠤᠭᠠᠳ ᠣᠳᠣ ᠪᠣᠯᠲᠠᠯ᠎ᠠ ᠢᠷᠡᠭᠡ ᠦᠭᠡᠢ ᠪᠠᠢᠭ᠎ᠠ ᠨᠢ ᠢᠯᠡᠬᠡᠨ ᠠᠵᠢ᠃
ᠭᠡᠪᠡᠴᠦ ᠪᠠᠯᠳᠠᠨᠴᠡᠷᠢᠩ ᠱᠠᠪᠢ ᠳ᠋ᠠᠭᠠᠨ ᠠᠭᠤᠷᠯᠠᠭᠰᠠᠨ ᠦᠭᠡᠢ ᠪᠥᠭᠡᠳ《ᠬᠡᠷᠪᠡ ᠪᠢ ᠡᠬᠡᠨᠡᠷ ᠲᠡᠢ ᠰᠠᠨ ᠪᠣᠯ ᠭᠡᠷ ᠣᠷᠣᠨ ᠮᠢᠨᠢ ᠬᠠᠮᠢᠭ᠎ᠠ ᠠ᠋ᠴᠠ ᠡᠢᠮᠦ ᠪᠠᠢᠬᠤ ᠪᠢᠯᠡ?》 ᠭᠡᠵᠦ ᠯᠡ ᠰᠠᠨᠠᠪᠠ᠃ ᠭᠡᠷ ᠡᠴᠡ ᠪᠡᠨ ᠭᠠᠷᠤᠨ ᠲᠦᠯᠡᠭᠡ ᠣᠷᠣᠭᠤᠯᠵᠤ ᠭᠠᠯ ᠲᠦᠯᠡᠬᠦ ᠭᠡᠵᠦ ᠰᠠᠭᠤᠬᠤ ᠳ᠋ᠤᠨᠢ ᠡᠭᠦᠳᠡ ᠰᠡᠪᠬᠢᠨ ᠨᠡᠭᠡᠭᠡᠭᠳᠡᠵᠦ ᠱᠠᠪᠢ ᠨᠢ ᠣᠷᠣᠵᠤ ᠢᠷᠡᠯ᠎ᠡ᠃ ᠦᠵᠡᠲᠡᠯ᠎ᠡ ᠰᠠᠨᠳᠤᠷᠤᠭᠰᠠᠨ ᠮᠡᠲᠦ ᠠᠮᠢᠰᠬᠤᠯ ᠨᠢ ᠳᠡᠭᠡᠷ᠎ᠡ ᠪᠠᠢᠬᠤ ᠲᠤᠯᠠ ᠪᠠᠯᠳᠠᠨᠴᠡᠷᠢᠩ ᠭᠡᠷ ᠡᠴᠡ ᠭᠠᠷᠤᠨ ᠤᠳᠠᠭᠰᠠᠨ ᠳ᠋ᠠᠭᠠᠨ ᠰᠡᠳᠬᠢᠯ ᠨᠢ ᠵᠣᠪᠠᠵᠤ ᠳᠠ ᠭᠡᠵᠦ ᠪᠣᠳᠣᠪᠠ᠃ ᠭᠡᠲᠡᠯ᠎ᠡ ᠶᠡᠷᠦ ᠲᠡᠢᠮᠦ ᠪᠢᠰᠢ᠄
— ᠪᠠᠭᠰᠢ ᠠ᠋! ᠶᠠᠭᠠᠬᠢᠬᠤ ᠪᠢᠯᠡ ᠠ᠋? ᠭᠡᠵᠦ ᠦᠭᠡ ᠪᠡᠨ ᠲᠠᠰᠤᠯᠤᠨ ᠪᠥᠬᠥᠢᠨ᠄ ᠭᠠᠮᠢᠩ ᠤ᠋ᠳ ᠪᠠᠷᠢᠶ᠎ᠠ ᠪᠠᠷᠢᠬᠤ ᠭᠡᠨ᠎ᠡ ᠭᠡᠵᠦ ᠨᠢᠭᠤᠴᠠᠯᠠᠨ ᠰᠢᠪᠡᠨᠡᠪᠡ᠃
ᠢᠩᠭᠢᠬᠦ ᠳ᠋ᠦ᠍ ᠪᠠᠯᠳᠠᠨᠴᠡᠷᠢᠩ ᠪᠠᠷᠢᠶ᠎ᠠ ᠶ᠋ᠢᠨ ᠶᠠᠪᠤᠳᠠᠯ ᠢ᠋ ᠶᠡᠷᠦ ᠬᠥᠮᠦᠨ ᠮᠡᠳᠡᠭᠡ ᠦᠭᠡᠢ ᠪᠠᠢᠭ᠎ᠠ ᠭᠡᠵᠦ ᠪᠣᠳᠣᠵᠤ ᠪᠠᠢᠭᠰᠠᠨ ᠤᠴᠢᠷ ᠡᠨᠡ ᠪᠠᠰᠠ ᠬᠠᠮᠢᠭ᠎ᠠ ᠠ᠋ᠴᠠ ᠣᠯᠵᠤ ᠮᠡᠳᠡᠪᠡ ᠭᠡᠵᠦ ᠪᠣᠳᠣᠨ᠄
— ᠬᠡᠵᠢᠶ᠎ᠡ ᠭᠡᠵᠦ ᠯᠠᠪᠯᠠᠨ ᠠᠰᠠᠭᠤᠪᠠ᠃ ᠬᠠᠷᠢᠭᠤ ᠳ᠋ᠤᠨᠢ ᠨᠠᠮᠰᠠᠷᠠᠢ᠂
— ᠮᠠᠷᠭᠠᠰᠢ᠃
— ᠦᠭᠡᠢ ᠴᠢ ᠬᠡᠨ ᠡᠴᠡ ᠳᠤᠭᠤᠯᠪᠠ?
— ᠰᠦᠬᠡᠪᠠᠭᠠᠲᠤᠷ ᠠ᠋ᠴᠠ᠃
— ᠰᠦᠬᠡᠪᠠᠭᠠᠲᠤᠷ ᠴᠢᠮ᠎ᠠ ᠳ᠋ᠤ᠌ ᠬᠡᠯᠡᠯ᠎ᠡ ᠭᠡᠵᠦ ᠤᠤ? ᠭᠡᠵᠦ ᠭᠠᠢᠬᠠᠨ ᠰᠢᠷᠳᠡᠬᠦ ᠳ᠋ᠦ᠍᠂ ᠨᠠᠮᠰᠠᠷᠠᠢ᠄
— ᠦᠭᠡᠢ᠂ ᠰᠦᠬᠡᠪᠠᠭᠠᠲᠤᠷ ᠨᠠᠳᠠ ᠳ᠋ᠤ᠌ ᠬᠡᠯᠡᠭᠰᠡᠨ ᠶᠠᠭᠤᠮ᠎ᠠ ᠪᠢᠰᠢ᠂ ᠪᠢ ᠵᠦᠭᠡᠷ ᠥᠭᠡᠷ᠎ᠡ ᠪᠤᠰᠤᠳ ᠳᠤ ᠶᠠᠷᠢᠵᠤ ᠪᠠᠢᠬᠤ ᠳ᠋ᠤᠨᠢ ᠬᠠᠵᠠᠭᠤ ᠠ᠋ᠴᠠ ᠨᠢ ᠳᠤᠭᠤᠯᠤᠯ᠎ᠠ ᠭᠡᠬᠦ ᠨᠢ ᠶᠠᠭ ᠯᠠ ᠨᠢᠮᠠᠵᠠᠪ ᠤ᠋ᠨ ᠨᠢᠭᠤᠴᠠ ᠪᠠᠨ ᠠᠯᠳᠠᠵᠤ ᠣᠷᠬᠢᠭᠠᠳ ᠰᠠᠨᠳᠤᠷᠴᠤ ᠪᠠᠢᠭᠰᠠᠨ ᠢ᠋ ᠰᠠᠨᠠᠭᠠᠨ ᠳ᠋ᠤ᠌ ᠣᠷᠣᠭᠤᠯᠬᠤ ᠠᠵᠢ᠃
ᠡᠢᠮᠦ ᠳ᠋ᠦ᠍ ᠪᠠᠯᠳᠠᠨᠴᠡᠷᠢᠩ ᠰᠦᠬᠡᠪᠠᠭᠠᠲᠤᠷ ᠠ᠋ᠴᠠ ᠰᠢᠭᠤᠳ ᠥᠪᠡᠷ ᠲᠤᠨᠢ ᠬᠡᠯᠡᠭᠰᠡᠨ ᠢ᠋ ᠮᠡᠳᠡᠭᠰᠡᠨ ᠪᠥᠭᠡᠳ ᠶᠠᠭᠠᠬᠢᠭᠠᠳ ᠡᠨᠡ ᠬᠣᠶᠠᠷ ᠡᠢᠮᠦ ᠰᠦᠷᠡᠬᠡᠢ ᠨᠠᠢᠵᠠ ᠨᠤᠭᠤᠳ ᠪᠣᠯᠴᠢᠬᠠᠪᠠ ᠭᠡᠳᠡᠭ ᠢ᠋ ᠪᠣᠳᠣᠨ ᠨᠢᠭᠡ ᠬᠡᠰᠡᠭ ᠳᠤᠭᠤᠢ ᠰᠠᠭᠤᠯ᠎ᠠ᠃
— ᠵᠠ ᠲᠡᠭᠡᠭᠡᠳ ᠴᠣᠬᠣᠮ ᠶᠠᠭᠤ ᠪᠠᠷᠢᠬᠤ ᠶᠤᠮ ᠪᠣᠯ ᠭᠡᠬᠦ ᠳ᠋ᠦ᠍᠂ ᠨᠠᠮᠰᠠᠷᠠᠢ᠂ ᠨᠢᠮᠠᠵᠠᠪ ᠤ᠋ᠨ ᠬᠡᠯᠡᠭᠰᠡᠨ ᠢ᠋ ᠰᠢᠷᠬᠡᠭ ᠳᠠᠷᠠᠭᠠᠯᠠᠨ ᠲᠣᠭᠠᠴᠢᠪᠠ᠃
ᠡᠭᠦᠨ ᠢ᠋ ᠪᠠᠯᠳᠠᠨᠴᠡᠷᠢᠩ ᠤᠭ ᠪᠠᠷᠢᠶᠠᠨ ᠤ᠋ ᠶᠠᠪᠤᠳᠠᠯ ᠢ᠋ ᠨᠢᠮᠠᠵᠠᠪ ᠲᠠᠷᠬᠠᠭᠠᠵᠤ ᠪᠠᠢᠭ᠎ᠠ ᠶᠤᠮ ᠪᠠᠢᠨ᠎ᠠ ᠭᠡᠵᠦ ᠪᠣᠳᠣᠬᠤ ᠶ᠋ᠢᠨ ᠵᠡᠷᠭᠡᠴᠡᠭᠡ ᠪᠡᠷ ᠲᠡᠭᠦᠨ ᠢ᠋ ᠮᠥᠨ ᠤᠯᠤᠰ ᠣᠷᠣᠨ ᠤ᠋ ᠪᠠᠨ ᠲᠥᠯᠥᠭᠡ ᠰᠠᠨᠠᠭ᠎ᠠ ᠰᠡᠳᠬᠢᠯ ᠢ᠋ᠶ᠋ᠡᠨ ᠥᠭᠭᠦᠰᠡᠭᠡᠷ ᠪᠠᠢᠭ᠎ᠠ ᠶᠤᠮ ᠪᠠᠢᠨ᠎ᠠ ᠭᠡᠵᠦ ᠨᠢᠭᠡ ᠲᠠᠯ᠎ᠠ ᠪᠠᠷ ᠪᠠᠰᠠ ᠰᠡᠳᠬᠢᠯ ᠬᠥᠳᠡᠯᠦᠨ ᠪᠠᠶᠠᠷᠯᠠᠪᠠ᠃ ᠬᠠᠷᠢᠨ ᠱᠠᠪᠢ ᠨᠠᠮᠰᠠᠷᠠᠢ ᠶ᠋ᠢᠨ ᠲᠤᠬᠠᠢ ᠳ᠋ᠤ᠌ ᠭᠡᠪᠡᠯ ᠪᠠᠶᠠᠷᠯᠠᠬᠤ ᠶᠠᠭᠤᠮ᠎ᠠ ᠠᠯᠠᠭ᠎ᠠ᠃ ᠡᠨᠡ ᠮᠠᠨᠢ《ᠰᠦᠬᠡᠪᠠᠭᠠᠲᠤᠷ ᠤ᠋ᠨ ᠲᠡᠷᠡ ᠤᠯᠤᠰ ᠲᠥᠷᠥ ᠶ᠋ᠢᠨ ᠲᠣᠮᠣ ᠬᠡᠷᠡᠭ ᠲᠦ᠍ ᠣᠷᠣᠯᠴᠠᠭᠴᠢᠳ ᠤ᠋ᠨ ᠨᠢᠭᠡ ᠪᠣᠯᠤᠭᠰᠠᠨ ᠶᠤᠮ ᠪᠢᠰᠢ ᠪᠠᠢᠭ᠎ᠠ ᠳᠠ》 ᠭᠡᠵᠦ ᠰᠡᠵᠢᠭᠯᠡᠬᠦ ᠶ᠋ᠢᠨ ᠳᠡᠭᠡᠷ᠎ᠡ ᠪᠠᠯᠴᠢᠷ ᠲᠣᠮᠣᠭ᠎ᠠ ᠦᠭᠡᠢ ᠳ᠋ᠡᠭᠡᠨ ᠭᠡᠨᠡᠳᠡᠵᠦ ᠴᠠᠯᠭᠠᠷᠳᠠᠨ ᠳᠠᠢᠰᠤᠨ ᠳ᠋ᠤ᠌ ᠬᠠᠮᠤᠭ ᠤ᠋ᠨ ᠲᠦᠷᠦᠭᠦᠨ ᠳ᠋ᠦ᠍ ᠮᠡᠳᠡᠭᠳᠡᠨ ᠪᠠᠷᠢᠭᠳᠠᠬᠤ᠂ ᠪᠠᠷᠢᠭᠳᠠᠭᠰᠠᠨ ᠬᠣᠢᠨ᠎ᠠ ᠪᠠᠨ ᠬᠠᠮᠤᠭ ᠨᠢᠭᠤᠴᠠ ᠪᠠᠨ ᠢᠯᠡᠴᠢᠯᠡᠬᠦ ᠮᠡᠲᠦ ᠶ᠋ᠢᠨ ᠠᠶᠤᠮᠰᠢᠭ ᠲᠤ ᠠᠪᠲᠠᠭᠳᠠᠬᠤ ᠪᠣᠢ ᠭᠡᠬᠦ ᠡᠴᠡ ᠰᠡᠳᠬᠢᠯ ᠵᠣᠪᠠᠬᠤ ᠠᠵᠢ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
