ᠨᠠᠮᠤᠷ ᠤ᠋ᠨ ᠪᠣᠳᠣᠯ -ᠪᠠᠢ· ᠨᠡᠪᠴᠢᠮ᠎ᠡ Namryn bodol-Bai·NavchimaНамрын бодол-Бай·Навчима ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠤ᠋ᠨ ᠪᠣᠳᠣᠯ -ᠪᠠᠢ· ᠨᠡᠪᠴᠢᠮ᠎ᠡ Namryn bodol-Bai·NavchimaНамрын бодол-Бай·Навчима

ᠨᠠᠮᠤᠷ ᠤ᠋ᠨ ᠪᠣᠳᠣᠯ -ᠪᠠᠢ· ᠨᠡᠪᠴᠢᠮ᠎ᠡ Namryn bodol-Bai·NavchimaНамрын бодол-Бай·Навчима

2025-09-08

1098

ᠨᠠᠮᠤᠷ ᠤ᠋ᠨ ᠪᠣᠳᠣᠯ

  ᠵᠣᠬᠢᠶᠠᠭᠴᠢ᠄ ᠪᠠᠢ· ᠨᠡᠪᠴᠢᠮ᠎ᠡ  
  ᠤᠶᠠᠩᠭᠠᠯᠠᠭᠴᠢ᠄ ᠤᠯᠠᠭᠠᠨᠴᠡᠴᠡᠭ 

ᠨᠠᠮᠤᠷ ᠤ᠋ᠨ ᠰᠢᠯᠦᠭ ᠪᠣᠳᠣᠯ ᠤ᠋ᠨ ᠲᠡᠭᠷᠢ
ᠣᠳᠣᠳ ᠲᠠᠢ ᠬᠠᠮᠲᠤ ᠠᠨᠢᠪᠴᠢᠵᠤ
ᠨᠠᠪᠴᠢᠰ ᠨᠥᠮᠥᠷᠦᠭᠰᠡᠨ ᠬᠣᠷᠸ᠎ᠠ ᠶ᠋ᠢᠨ
ᠵᠡᠭᠦᠳᠦ ᠠᠭᠤᠯᠠᠰ ᠢ᠋ᠶ᠋ᠠᠨ ᠳᠡᠷᠡᠯᠡᠨ ᠨᠣᠢᠷᠮᠤᠭᠯᠠᠵᠤ
ᠨᠠᠮ ᠵᠢᠮᠬᠡᠨ ᠦᠳᠡᠰᠢ ᠶ᠋ᠢᠨ ᠴᠠᠭ ᠢ᠋
ᠭᠣᠯᠢᠶ᠎ᠠ ᠶ᠋ᠢᠨ ᠳᠠᠭᠤᠨ ᠢ᠋ᠶ᠋ᠠᠷ ᠦᠳᠡᠵᠦ
ᠨᠠᠷᠠᠨ ᠠ᠋ᠴᠠ ᠣᠢᠭᠰᠠᠨ ᠰᠠᠷᠠᠨ ᠲᠤᠶᠠᠭ᠎ᠠ ᠪᠠᠷ
ᠭᠡᠭᠡ ᠵᠢᠭᠡᠯᠡᠨ ᠰᠢᠯᠦᠭᠯᠡᠨᠡᠮ!

ᠥᠷᠯᠥᠭᠡ ᠪᠦᠷᠢ ᠴᠣᠩᠬᠣ ᠪᠠᠷ 
ᠦᠨᠦᠰᠬᠦ ᠰᠡᠷᠢᠭᠦᠨ ᠵᠢᠪᠠᠷ ᠲᠠᠢ ᠴᠣᠭ
ᠥᠭᠦᠯᠡᠨ ᠬᠣᠯᠪᠣᠬᠤ ᠢᠷᠠᠭᠤ ᠨᠠᠢᠷᠠᠭ ᠢ᠋ᠶ᠋ᠠᠨ 
ᠰᠡᠳᠬᠢᠯ ᠦ᠋ᠨ ᠳᠠᠭᠤᠤ ᠪᠠᠷ ᠤᠶᠠᠩᠭᠠᠯᠠᠵᠤ
ᠵᠦᠢᠷᠡᠢ ᠳᠣᠩᠭᠣᠳᠬᠤ ᠰᠢᠪᠠᠭᠤᠳ ᠲᠠᠢ 
ᠬᠡᠯᠡ ᠨᠡᠢᠯᠡᠭᠦᠯᠦᠨ ᠪᠡᠶᠡᠰᠴᠦ
ᠵᠦᠢᠯ ᠦ᠋ᠨ ᠰᠠᠢᠬᠠᠨ ᠴᠡᠴᠡᠭᠡᠰ ᠦ᠋ᠨ ᠬᠡ ᠪᠡᠷ
ᠬᠡᠪᠢᠰ ᠨᠡᠬᠡᠮᠡᠯᠯᠡᠨᠡᠮ!

ᠰᠠᠴᠤᠷᠠᠬᠤ ᠨᠠᠷᠠᠨ ᠤ᠋ ᠡᠭᠡᠯᠢᠲᠦ ᠲᠤᠶᠠᠭ᠎ᠠ᠎ᠠ᠋ᠴᠠ
ᠠᠮᠢᠳᠤᠷᠠᠯ ᠤ᠋ᠨ ᠰᠢᠮ᠎ᠡ ᠲᠣᠰᠴᠤ
ᠰᠠᠷᠠᠭᠤᠯ ᠳᠡᠯᠡᠬᠡᠢ ᠶ᠋ᠢᠨ ᠨᠥᠬᠥᠷᠰᠡᠭ ᠤᠯᠤᠰ ᠲᠠᠢ
ᠬᠦᠰᠡᠯ ᠪᠣᠳᠣᠯ ᠢ᠋ᠶ᠋ᠠᠨ ᠰᠣᠯᠢᠯᠴᠠᠵᠤ
ᠰᠠᠢᠬᠠᠨ ᠰᠡᠳᠬᠢᠯ ᠦ᠋ᠨ ᠤᠶᠠᠩᠭ᠎ᠠ ᠨᠠᠢᠷᠠᠭ ᠢ᠋ᠶ᠋ᠠᠨ
ᠨᠠᠮᠤᠷ ᠤ᠋ᠨ ᠲᠡᠭᠷᠢ ᠳ᠋ᠦ᠍ ᠰᠢᠩᠭᠡᠭᠡᠵᠦ
ᠰᠠᠷᠠ ᠮᠠᠨᠳᠤᠵᠤ ᠣᠳᠣᠨ ᠲᠦᠭᠡᠲᠡᠯ᠎ᠡ
ᠡᠩᠬᠡ ᠶ᠋ᠢᠨ ᠢᠷᠦᠭᠡᠯ ᠢ᠋ᠶ᠋ᠡᠨ ᠰᠠᠴᠤᠨᠠᠮ!
ᠡᠩᠬᠡ ᠶ᠋ᠢᠨ ᠢᠷᠦᠭᠡᠯ ᠢ᠋ᠶ᠋ᠡᠨ ᠰᠠᠴᠤᠨᠠᠮ! 

   ᠵᠣᠬᠢᠶᠠᠭᠴᠢ ᠶ᠋ᠢᠨ ᠬᠠᠶᠢᠭ᠄ ᠯᠢᠶᠣᠤᠨᠢᠩ ᠮᠣᠵᠢ ᠶ᠋ᠢᠨ ᠮᠣᠩᠭᠣᠯᠵᠢᠨ ᠬᠣᠰᠢᠭᠤ 

  ᠦᠰᠦᠭ ᠠᠮᠢᠯᠠᠭᠤᠯᠤᠭᠰᠠᠨ ᠨᠢ᠄ ᠡᠷᠳᠡᠨᠢᠲᠣᠭᠲᠣᠬᠤ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠲᠣᠳᠤᠭᠡᠷᠡᠯ