ᠮᠣᠩᠭᠣᠯ ᠬᠡᠯᠡᠴᠡ ᠶ᠋ᠢᠨ ᠬᠥᠮᠦᠵᠢᠯ— ᠵᠢᠷᠭᠠᠯ ᠵᠣᠪᠠᠯᠠᠩMongol kheltsiin khümüüjil— Jargal zovlonМонгол хэлцийн хүмүүжил— Жаргал зовлон
ᠮᠣᠩᠭᠣᠯ ᠬᠡᠯᠡᠴᠡ ᠶ᠋ᠢᠨ ᠬᠥᠮᠦᠵᠢᠯ— ᠵᠢᠷᠭᠠᠯ ᠵᠣᠪᠠᠯᠠᠩ
ᠬᠥᠲᠥᠯᠦᠭᠴᠢ ᠬᠤᠷᠳᠤᠨᠬᠦᠦ
ᠦᠢᠯᠡ ᠪᠠᠷᠢᠭᠳᠠᠵᠤ ᠲᠥᠷᠥᠭᠰᠡᠨ ᠡᠴᠡ ᠬᠣᠢᠰᠢ
ᠥᠩᠭᠡ ᠶ᠋ᠢᠨ ᠵᠣᠪᠠᠯᠠᠩ ᠪᠠᠢᠯᠭᠦᠢ
ᠶᠠᠭᠠᠬᠢᠬᠤ ᠪᠣᠢ᠃
ᠵᠠᠭᠤ ᠬᠣᠨᠣᠭ ᠤ᠋ᠨ ᠵᠣᠪᠠᠯᠠᠩ ᠲᠠᠢ ᠬᠥᠮᠦᠨ
ᠶᠡᠷᠡ ᠶᠢᠰᠦ ᠬᠣᠨᠣᠭ ᠵᠣᠪᠠᠭᠠᠳ ᠪᠣᠯᠬᠤ ᠦᠭᠡᠢ᠃
ᠭᠠᠪᠢᠶ᠎ᠠ ᠨᠡᠷ᠎ᠡ ᠶ᠋ᠢ ᠭᠤᠶᠤᠭᠠᠳ ᠣᠯᠳᠠᠭ ᠦᠭᠡᠢ
ᠭᠠᠰᠠᠯᠠᠩ ᠵᠣᠪᠠᠯᠠᠩ ᠢ᠋ ᠲᠦᠯᠬᠢᠭᠡᠳ ᠵᠠᠢᠯᠠᠳᠠᠭ ᠦᠭᠡᠢ᠃
ᠵᠠᠶᠠᠭᠠᠨ ᠳ᠋ᠤ᠌ ᠦᠭᠡᠢ ᠪᠤᠶᠠᠨ ᠢ᠋ ᠵᠠᠯᠪᠠᠷᠢᠭᠠᠳ ᠣᠯᠬᠤ ᠦᠭᠡᠢ
ᠵᠠᠮ ᠢ᠋ᠶ᠋ᠠᠷ ᠢ᠋ᠶ᠋ᠠᠨ ᠢᠷᠡᠭᠰᠡᠨ ᠵᠣᠪᠠᠯᠠᠩ ᠠ᠋ᠴᠠ ᠵᠠᠢᠯᠠᠭᠠᠳ ᠭᠠᠷᠬᠤ ᠦᠭᠡᠢ᠃
ᠵᠢᠷᠣᠭ᠎ᠠ ᠮᠣᠷᠢ ᠣᠨᠣᠪᠠᠴᠤ
ᠵᠣᠪᠠᠯᠠᠩ ᠢ᠋ ᠬᠠᠭᠤᠷᠤᠭᠠᠳ ᠭᠠᠷᠳᠠᠭ ᠦᠭᠡᠢ᠃
ᠤᠴᠠᠷᠠᠭᠰᠠᠨ ᠵᠣᠪᠠᠯᠠᠩ ᠠᠭᠤᠯᠠ ᠶ᠋ᠢᠨ ᠴᠢᠨᠡᠭᠡ
ᠤᠭᠲᠤᠬᠤ ᠵᠢᠷᠭᠠᠯ ᠳᠠᠯᠠᠢ ᠶ᠋ᠢᠨ ᠴᠢᠨᠡᠭᠡ᠃
ᠵᠣᠪᠠᠭᠤᠷᠢ ᠨᠢ ᠡᠮᠦᠨ᠎ᠡ ᠪᠡᠨ
ᠵᠢᠷᠭᠠᠯ ᠨᠢ ᠬᠣᠢᠨ᠎ᠠ ᠪᠠᠨ᠃
ᠵᠣᠪᠠᠭᠤᠷᠢ ᠶ᠋ᠢᠨ ᠦᠵᠦᠭᠦᠷ ᠵᠢᠷᠭᠠᠯ
ᠵᠦᠳᠡᠭᠦᠷᠢ ᠶ᠋ᠢᠨ ᠦᠵᠦᠭᠦᠷ ᠴᠡᠩᠭᠡᠯ
ᠵᠣᠪᠠᠯᠠᠩ ᠲᠤᠢᠯᠳᠠᠪᠠᠯ
ᠵᠢᠷᠭᠠᠯ ᠣᠢᠷᠠᠲᠤᠳᠠᠭ᠃
ᠡᠭᠦᠯᠡ ᠠᠷᠢᠯᠪᠠᠯ ᠨᠠᠷᠠ ᠭᠠᠷᠤᠨ᠎ᠠ
ᠵᠣᠪᠠᠯᠠᠩ ᠠᠷᠢᠯᠪᠠᠯ ᠵᠢᠷᠭᠠᠯ ᠢᠷᠡᠨ᠎ᠡ᠃
ᠬᠠᠷᠠᠩᠭᠤᠢ ᠶ᠋ᠢ ᠲᠤᠭᠤᠯᠪᠠᠯ ᠭᠡᠭᠡ ᠶ᠋ᠢ ᠦᠵᠡᠨ᠎ᠡ
ᠬᠠᠲᠠᠭᠤ ᠶ᠋ᠢ ᠲᠤᠭᠤᠯᠪᠠᠯ ᠵᠢᠷᠭᠠᠯ ᠢ᠋ ᠡᠳ᠋ᠯᠡᠨ᠎ᠡ ᠃
ᠭᠠᠰᠢᠭᠤᠨ ᠢ᠋ ᠢᠳᠡᠬᠦ ᠦᠭᠡᠢ ᠪᠣᠯ ᠠᠮᠲᠠ ᠶ᠋ᠢ ᠮᠡᠳᠡᠬᠦ ᠦᠭᠡᠢ
ᠭᠠᠰᠠᠯᠠᠩ ᠢ᠋ ᠡᠳ᠋ᠯᠡᠬᠦ ᠦᠭᠡᠢ ᠪᠣᠯ ᠵᠢᠷᠭᠠᠯ ᠢ᠋ ᠮᠡᠳᠡᠬᠦ ᠦᠭᠡᠢ᠃
ᠭᠠᠳᠠᠭᠰᠢ ᠠᠷᠪᠢᠨ ᠶᠠᠪᠤᠬᠤ ᠦᠭᠡᠢ ᠪᠣᠯ
ᠭᠠᠵᠠᠷ ᠤ᠋ᠨ ᠬᠣᠯᠠ ᠶ᠋ᠢ ᠮᠡᠳᠡᠬᠦ ᠦᠭᠡᠢ
ᠭᠠᠰᠠᠯᠠᠩ ᠵᠣᠪᠠᠯᠠᠩ ᠢ᠋ ᠠᠮᠰᠠᠬᠤ ᠦᠭᠡᠢ ᠪᠣᠯ
ᠵᠢᠷᠭᠠᠯ ᠶᠠᠮᠠᠷ ᠢ᠋ ᠮᠡᠳᠡᠬᠦ ᠦᠭᠡᠢ᠃
ᠥᠯᠥᠰᠦᠭᠡᠳ ᠢᠳᠡᠭᠰᠡᠨ ᠬᠣᠭᠣᠯᠠ ᠠᠮᠲᠠᠲᠠᠢ
ᠲᠠᠭᠠᠷᠠᠭᠠᠳ ᠡᠮᠦᠰᠦᠭᠰᠡᠨ ᠳᠡᠪᠡᠯ ᠢᠯᠴᠢᠲᠡᠢ᠃
ᠵᠣᠪᠠᠯᠠᠩ ᠡᠳ᠋ᠯᠡᠭᠰᠡᠨ ᠬᠥᠮᠦᠨ
ᠵᠢᠷᠭᠠᠯᠠᠩ ᠢ᠋ ᠰᠠᠶᠢ ᠮᠡᠳᠡᠨ᠎ᠡ᠃
ᠶᠡᠬᠡ ᠢᠨᠢᠶᠡᠳᠦ ᠡᠴᠦᠰ ᠲᠦ᠍ ᠪᠡᠨ ᠨᠢᠯᠪᠤᠰᠤ ᠲᠠᠢ᠃
ᠪᠠᠶᠠᠷᠯᠠᠬᠤ ᠳ᠋ᠤ᠌ ᠵᠣᠪᠠᠯᠠᠩ ᠳᠠᠭᠠᠳᠠᠭ
ᠪᠠᠰᠤᠬᠤ ᠳ᠋ᠤ᠌ ᠪᠡᠷᠬᠡ ᠤᠴᠠᠷᠠᠳᠠᠭ
ᠵᠢᠯ ᠵᠢᠯ ᠵᠢᠷᠭᠠᠳᠠᠭ ᠦᠭᠡᠢ
ᠵᠡᠷᠭᠡᠯᠭᠡᠨ ᠬᠡᠪ ᠢ᠋ᠶ᠋ᠡᠷ ᠢ᠋ᠶ᠋ᠡᠨ ᠪᠠᠢᠳᠠᠭ ᠦᠭᠡᠢ᠃
ᠵᠢᠷᠭᠠᠯ ᠤ᠋ᠨ ᠳᠣᠲᠣᠷ᠎ᠠ ᠵᠣᠪᠠᠯᠠᠩ ᠲᠠᠢ
ᠵᠣᠪᠠᠯᠠᠩ ᠤ᠋ᠨ ᠳᠣᠲᠣᠷ᠎ᠠ ᠵᠢᠷᠭᠠᠯ ᠲᠠᠢ᠃
ᠵᠢᠷᠭᠠᠯ ᠦᠵᠡᠭᠡ ᠦᠭᠡᠢ ᠵᠣᠪᠠᠯᠠᠩ ᠭᠡᠵᠦ ᠦᠭᠡᠢ
ᠵᠣᠪᠠᠯᠠᠩ ᠦᠵᠡᠭᠡ ᠦᠭᠡᠢ ᠵᠢᠷᠭᠠᠯ ᠭᠡᠵᠦ ᠦᠭᠡᠢ᠃
ᠵᠣᠪᠠᠬᠤ ᠴᠠᠭ ᠲᠤ᠌ ᠶᠠᠢᠯᠠᠯ ᠦᠭᠡᠢ
ᠵᠢᠷᠭᠠᠬᠤ ᠴᠠᠭ ᠲᠤ᠌ ᠬᠡᠲᠦᠷᠡᠯ ᠦᠭᠡᠢ᠃
ᠵᠣᠯ ᠢᠷᠡᠬᠦ ᠳ᠋ᠦ᠍ ᠪᠤᠤ ᠭᠡᠳᠡᠢ
ᠵᠣᠪᠠᠯ ᠢᠷᠡᠬᠦ ᠳ᠋ᠦ᠍ ᠪᠤᠤ ᠪᠦᠬᠦᠢ᠃
ᠵᠣᠪᠠᠯᠠᠩ ᠳ᠋ᠤ᠌ ᠪᠤᠤ ᠭᠤᠲᠤᠷᠠ
ᠵᠢᠷᠭᠠᠯᠠᠩ ᠳ᠋ᠤ᠌ ᠪᠤᠤ ᠲᠠᠰᠢᠭᠤᠷᠠ᠃
ᠵᠣᠪᠠᠯᠠᠩ ᠢ᠋ ᠰᠦᠷ
ᠵᠢᠷᠭᠠᠯ ᠢ᠋ ᠳᠠᠭᠠᠭ᠎ᠠ᠃
ᠵᠢᠷᠭᠠᠯ ᠢ᠋ ᠬᠥᠮᠦᠨ ᠳᠠᠭᠠᠭᠠᠬᠤ ᠦᠭᠡᠢ
ᠵᠣᠪᠠᠯᠠᠩ ᠢ᠋ ᠬᠥᠮᠦᠨ ᠳᠠᠭᠠᠭᠠᠨ᠎ᠠ᠃
ᠬᠦᠷᠡᠯ ᠭᠠᠯ ᠢ᠋ ᠳᠠᠭᠠᠭᠠᠨ᠎ᠠ
ᠬᠥᠮᠦᠨ ᠵᠣᠪᠠᠯᠠᠩ ᠢ᠋ ᠳᠠᠭᠠᠭᠠᠨ᠎ᠠ᠃
ᠪᠡᠯᠴᠢᠭᠡᠷ ᠲᠡᠢ ᠭᠠᠵᠠᠷ ᠮᠠᠯ ᠲᠣᠭᠲᠠᠬᠤ ᠦᠭᠡᠢ
ᠵᠢᠷᠭᠠᠯ ᠲᠠᠢ ᠭᠠᠵᠠᠷ ᠬᠥᠮᠦᠨ ᠲᠣᠭᠲᠠᠬᠤ ᠦᠭᠡᠢ᠃
ᠵᠢᠷᠭᠠᠬᠤ ᠴᠠᠭ ᠲᠤ᠌ ᠵᠣᠪᠠᠯᠠᠩ ᠢ᠋ ᠰᠠᠨᠠ
ᠠᠮᠤᠭᠤᠯᠠᠩ ᠴᠠᠭ ᠲᠤ᠌ ᠠᠶᠤᠯ ᠢ᠋ ᠪᠣᠳᠣ᠃
ᠰᠢᠷ᠎ᠠ ᠲᠣᠰᠣ ᠢᠳᠡᠪᠡᠯ ᠰᠢᠷ᠎ᠠ ᠰᠠᠭᠤᠭᠰᠠᠨ ᠢ᠋ᠶ᠋ᠠᠨ ᠪᠤᠤ ᠮᠠᠷᠲᠠ᠃
ᠡᠷᠬᠢᠮ ᠢ᠋ ᠣᠯᠪᠠᠯ ᠢᠴᠢᠭᠦᠷᠢ ᠶ᠋ᠢ ᠰᠠᠨᠠ
ᠵᠣᠪᠠᠯᠠᠩ ᠢ᠋ ᠣᠯᠪᠠᠯ ᠵᠦᠳᠡᠭᠦᠷᠢ ᠶ᠋ᠢ ᠰᠠᠨᠠ᠃
ᠵᠢᠷᠭᠠᠬᠤ ᠴᠠᠭ ᠲᠤ᠌ ᠰᠡᠷᠡᠬᠦ ᠬᠡᠷᠡᠭᠲᠡᠢ
ᠵᠣᠪᠠᠬᠤ ᠴᠠᠭ ᠲᠤ᠌ ᠬᠠᠲᠠᠭᠤᠵᠢᠬᠤ ᠬᠡᠷᠡᠭᠲᠡᠢ᠃
ᠵᠣᠪᠠᠯᠠᠩ ᠤ᠋ᠨ ᠪᠠᠭ᠎ᠠ ᠶ᠋ᠢ
ᠵᠢᠷᠭᠠᠯᠠᠩ ᠤ᠋ᠨ ᠶᠡᠬᠡ ᠶ᠋ᠢ᠃
ᠰᠠᠪᠠ ᠳᠦᠭᠦᠷᠡᠩ ᠢᠳᠡᠭᠡ ᠲᠡᠢ
ᠰᠠᠨᠠᠭ᠎ᠠ ᠳᠦᠭᠦᠷᠡᠩ ᠵᠢᠷᠭᠠᠯ ᠲᠠᠢ᠃
ᠢᠷᠡᠯᠲᠡ᠄ ᠠᠷᠤ ᠬᠣᠷᠴᠢᠨ ᠤ᠋ ᠬᠠᠮ ᠵᠠᠭᠤᠴᠢᠯᠠᠭᠤᠷ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ· ᠤᠷᠠᠨᠴᠡᠴᠡᠭ
