ᠵᠣᠬᠢᠶᠠᠨ ᠪᠠᠢᠭᠤᠯᠤᠯᠲᠠ ᠶ᠋ᠢᠨ ᠮᠡᠳᠡᠯᠭᠡ02Zokhion baiguulaltyn medlegЗохион байгуулалтын мэдлэг-ᠬᠣᠨᠢᠴᠢᠨ ᠦᠯᠵᠡᠢᠰᠦ᠋ᠷᠥᠩ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠬᠢᠶᠠᠨ ᠪᠠᠢᠭᠤᠯᠤᠯᠲᠠ ᠶ᠋ᠢᠨ ᠮᠡᠳᠡᠯᠭᠡ02Zokhion baiguulaltyn medlegЗохион байгуулалтын мэдлэг-ᠬᠣᠨᠢᠴᠢᠨ ᠦᠯᠵᠡᠢᠰᠦ᠋ᠷᠥᠩ

ᠵᠣᠬᠢᠶᠠᠨ ᠪᠠᠢᠭᠤᠯᠤᠯᠲᠠ ᠶ᠋ᠢᠨ ᠮᠡᠳᠡᠯᠭᠡ02Zokhion baiguulaltyn medlegЗохион байгуулалтын мэдлэг-ᠬᠣᠨᠢᠴᠢᠨ ᠦᠯᠵᠡᠢᠰᠦ᠋ᠷᠥᠩ

ᠠᠩᠭᠢᠯᠠᠯ:ᠠᠵᠤ ᠠᠬᠤᠢ
2025-09-08

153

    ᠳ᠋ᠣᠺᠲ᠋ᠣᠷ ᠬᠣᠨᠢᠴᠢᠨ ᠦᠯᠵᠡᠢᠰᠦ᠋ᠷᠥᠩ 
    ᠵᠣᠬᠢᠶᠠᠨ ᠪᠠᠢᠭᠤᠯᠤᠯᠲᠠ ᠭᠡᠳᠡᠭ ᠪᠣᠯ ᠬᠥᠮᠦᠨ ᠦ᠌ ᠵᠣᠬᠢᠶᠠᠨ ᠪᠠᠢᠭᠤᠯᠤᠯᠲᠠ ᠪᠣᠯᠤᠨ᠎ᠠ᠃ ᠲᠡᠢᠮᠦ ᠡᠴᠡ ᠵᠥᠪ ᠵᠣᠬᠢᠶᠠᠨ ᠪᠠᠢᠭᠤᠯᠤᠯᠲᠠ ᠭᠡᠳᠡᠭ ᠨᠢ ᠬᠥᠮᠦᠰ ᠢ᠋ᠶ᠋ᠡᠨ ᠬᠡᠷᠬᠢᠨ ᠵᠦᠢ ᠵᠣᠬᠢᠰᠲᠠᠢ ᠵᠣᠬᠢᠶᠠᠨ ᠪᠠᠢᠭᠤᠯᠵᠤ᠂ ᠲᠣᠬᠢᠲᠠᠢ ᠠᠵᠢᠯ ᠤ᠋ᠨ ᠪᠠᠢᠷᠢᠨ ᠳ᠋ᠤ᠌ ᠪᠠᠢᠯᠭᠠᠵᠤ᠂ ᠲᠣᠬᠢᠷᠠᠭᠰᠠᠨ ᠠᠵᠢᠯ ᠢ᠋ ᠨᠢ ᠬᠢᠯᠭᠡᠵᠦ᠂ ᠠᠵᠢᠯ ᠤ᠋ᠨ ᠢᠳᠡᠪᠬᠢᠵᠢᠯ ᠢ᠋ ᠨᠢ ᠳᠠᠢᠴᠢᠯᠠᠨ᠂ ᠬᠠᠮᠤᠭ ᠤ᠋ᠨ ᠦᠷ᠎ᠡ ᠠᠰᠢᠭ ᠲᠠᠢ ᠠᠵᠢᠯᠯᠠᠭᠤᠯᠬᠤ ᠶᠠᠪᠤᠳᠠᠯ ᠮᠥᠨ᠃ ᠠᠵᠢᠯ ᠤ᠋ᠨ ᠶᠠᠪᠤᠴᠠ ᠳ᠋ᠤ᠌ ᠡᠭᠦᠨ ᠢ᠋ ᠪᠡᠶᠡᠯᠡᠭᠦᠯᠬᠦ ᠳ᠋ᠦ᠍ ᠪᠢᠳᠡ ᠠᠵᠢᠯᠴᠢᠨ ᠡᠯᠰᠡᠬᠦ ᠡᠴᠡ ᠡᠬᠢᠯᠡᠨ ᠲᠣᠬᠢᠷᠠᠭᠰᠠᠨ ᠬᠥᠮᠦᠰ ᠢ᠋ ᠡᠯᠰᠡᠨ ᠂ ᠲᠡᠳᠡᠨ ᠢ᠋ ᠪᠡᠨ ᠵᠥᠪ ᠵᠣᠬᠢᠶᠠᠨ ᠪᠠᠢᠭᠤᠯᠤᠨ᠂ ᠠᠵᠢᠯ ᠤ᠋ᠨ ᠶᠠᠪᠤᠴᠠ ᠳ᠋ᠤ᠌ ᠬᠥᠮᠦᠵᠢᠭᠦᠯᠵᠦ ᠂ ᠠᠵᠢᠯᠴᠢᠨ ᠤ᠋ ᠡᠷᠬᠡ ᠡᠭᠦᠷᠭᠡ ᠶ᠋ᠢ ᠣᠢᠯᠭᠠᠭᠤᠯᠬᠤ ᠶ᠋ᠢᠨ ᠠᠯᠢᠨ ᠴᠤ᠌ ᠳᠤᠲᠠᠭᠳᠠᠵᠤ ᠪᠣᠯᠬᠤ ᠦᠭᠡᠢ ᠪᠠᠢᠳᠠᠭ᠃ 
ᠠᠵᠢᠯᠴᠢᠨ ᠡᠯᠰᠡᠬᠦ ᠳ᠋ᠦ᠍ ᠪᠢᠳᠡ ᠬᠢᠶ᠎ᠡ ᠭᠡᠰᠡᠨ ᠬᠥᠮᠦᠨ ᠪᠣᠯᠭᠠᠨ ᠢ᠋ ᠠᠪᠴᠤ ᠠᠵᠢᠯᠯᠠᠭᠤᠯᠳᠠᠭ ᠦᠭᠡᠢ ᠨᠢ ᠯᠠᠪᠲᠠᠢ᠃ ᠬᠠᠷᠢᠨ ᠥᠪᠡᠷ ᠥᠪᠡᠷ ᠦ᠋ᠨ ᠠᠵᠢᠯ ᠤ᠋ᠨ ᠱᠠᠭᠠᠷᠳᠠᠯᠭ᠎ᠠ ᠪᠠᠷ ᠲᠡᠭᠦᠨ ᠳ᠋ᠦ᠍ ᠲᠣᠬᠢᠷᠠᠭᠰᠠᠨ ᠬᠥᠮᠦᠰ ᠢ᠋ ᠣᠯᠵᠤ ᠠᠪᠬᠤ ᠶ᠋ᠢᠨ ᠲᠥᠯᠥᠭᠡ ᠴᠢᠷᠮᠠᠢᠳᠠᠭ ᠃ ᠭᠡᠲᠡᠯ᠎ᠡ ᠬᠢᠬᠦ ᠡᠴᠡ ᠨᠠᠭᠠᠰᠢ ᠬᠡᠨ ᠢ᠋ ᠨᠢ ᠢᠯᠡᠭᠦᠦ ᠰᠠᠢᠨ ᠲᠣᠬᠢᠷᠠᠨ᠎ᠠ ᠭᠡᠳᠡᠭ ᠢ᠋ ᠬᠡᠯᠡᠬᠦ ᠳ᠋ᠦ᠍ ᠬᠡᠴᠡᠭᠦᠦ ᠪᠠᠢᠳᠠᠭ ᠪᠢᠯᠡ᠃ ᠡᠨᠡ ᠪᠠᠢᠳᠠᠯ ᠳ᠋ᠤ᠌ ᠵᠣᠬᠢᠴᠠᠭᠤᠯᠤᠨ ᠣᠯᠠᠩᠬᠢ ᠲᠣᠬᠢᠶᠠᠯᠳᠤᠯ  ᠳ᠋ᠤ᠌ ᠠᠵᠢᠯᠴᠢᠨ ᠡᠯᠰᠡᠬᠦ ᠳ᠋ᠡᠭᠡᠨ ᠤᠷᠢᠳᠴᠢᠯᠠᠵᠤ ᠶᠠᠷᠢᠯᠴᠠᠬᠤ ᠨᠢ ᠮᠠᠰᠢ ᠴᠢᠬᠤᠯᠠ ᠶᠠᠪᠤᠴᠠ ᠪᠣᠯᠤᠨ᠎ᠠ᠃ ᠶᠠᠷᠢᠯᠴᠠᠬᠤ ᠪᠠᠷ ᠳᠡᠮᠵᠢᠵᠦ ᠪᠢᠳᠡ ᠬᠠᠷᠢᠯᠴᠠᠨ ᠣᠢᠯᠭᠠᠴᠠᠵᠤ᠂ ᠲᠤᠰ ᠲᠤᠰ ᠤ᠋ᠨ ᠢ᠋ᠶ᠋ᠠᠨ ᠱᠠᠭᠠᠷᠳᠠᠯᠭ᠎ᠠ ᠶ᠋ᠢ ᠤᠷᠢᠳᠴᠢᠯᠠᠵᠤ ᠮᠡᠳᠡᠬᠦ ᠪᠣᠯᠤᠮᠵᠢ ᠲᠠᠢ᠃ ᠶᠠᠷᠢᠯᠴᠠᠬᠤ ᠶᠠᠪᠤᠴᠠ ᠳ᠋ᠠᠭᠠᠨ ᠪᠢᠳᠡ ᠥᠪᠡᠷ ᠦ᠋ᠨ ᠶᠠᠭᠤ ᠬᠢᠵᠦ ᠪᠠᠢᠭ᠎ᠠ᠂ ᠶᠠᠮᠠᠷ ᠵᠣᠷᠢᠯᠲᠠ ᠲᠠᠢ ᠠᠵᠢᠯᠯᠠᠵᠤ ᠪᠠᠢᠭ᠎ᠠ᠂ ᠶᠠᠮᠠᠷ ᠬᠥᠮᠦᠨ ᠢ᠋ ᠡᠷᠢᠵᠦ ᠪᠠᠢᠭ᠎ᠠ ᠲᠠᠯ᠎ᠠ ᠪᠠᠷ ᠥᠪᠡᠷ ᠲᠦ᠍ ᠱᠠᠭᠠᠷᠳᠠᠯᠭ᠎ᠠ ᠲᠠᠢ ᠪᠦᠬᠦ ᠵᠦᠢᠯ ᠢ᠋ᠶ᠋ᠡᠨ ᠬᠡᠯᠡᠵᠦ ᠥᠭᠬᠦ ᠶ᠋ᠢᠨ ᠬᠠᠮᠲᠤ᠂ ᠪᠢᠳᠡ ᠶᠠᠭᠤ ᠬᠢᠵᠦ ᠴᠢᠳᠠᠬᠤ᠂ ᠴᠠᠯᠢᠩ ᠮᠥᠩᠭᠥ ᠬᠡᠳᠦᠢ ᠵᠢᠴᠢ ᠬᠡᠷᠬᠢᠨ ᠬᠥᠮᠦᠵᠢᠭᠦᠯᠬᠦ ᠭᠡᠳ ᠪᠦᠬᠦ ᠲᠠᠯ᠎ᠠ ᠪᠠᠷ ᠥᠪᠡᠷ ᠢ᠋ ᠪᠡᠨ ᠣᠢᠯᠭᠠᠭᠤᠯᠬᠤ ᠨᠢ ᠪᠤᠴᠠᠭᠠᠳ ᠲᠡᠷᠡ ᠬᠥᠮᠦᠨ ᠦ᠌ ᠡᠨᠡᠬᠦ ᠠᠵᠢᠯ ᠢ᠋ ᠴᠢᠩ ᠰᠡᠳᠬᠢᠯ ᠡᠴᠡ ᠪᠡᠨ ᠰᠣᠩᠭᠣᠬᠤ ᠡᠰᠡᠬᠦ ᠳ᠋ᠦ᠍ ᠵᠥᠪ ᠢ᠋ᠶ᠋ᠡᠷ ᠨᠥᠯᠥᠭᠡᠯᠡᠬᠦ ᠪᠣᠯᠤᠨ᠎ᠠ᠃ ᠨᠥᠭᠦᠭᠡ ᠲᠠᠯ᠎ᠠ ᠠ᠋ᠴᠠ ᠶᠠᠷᠢᠯᠴᠠᠬᠤ ᠳ᠋ᠠᠭᠠᠨ ᠲᠡᠷᠡ ᠬᠥᠮᠦᠨ ᠦ᠌ ᠶᠠᠮᠠᠷ ᠠᠵᠢᠯ ᠡᠷᠢᠵᠦ ᠪᠠᠢᠭ᠎ᠠ᠂ ᠵᠣᠷᠢᠯᠲᠠ ᠶᠠᠭᠤ ᠭᠡᠳᠡᠭ ᠢ᠋ ᠴᠦ᠍ ᠣᠢᠯᠭᠠᠬᠤ ᠨᠢ ᠬᠠᠷᠢᠯᠴᠠᠨ ᠪᠡᠶ᠎ᠡ ᠪᠡᠶ᠎ᠡ ᠪᠡᠨ ᠰᠣᠩᠭᠣᠵᠤ᠂ ᠵᠥᠪ ᠵᠣᠬᠢᠶᠠᠨ ᠪᠠᠢᠭᠤᠯᠤᠯᠲᠠ ᠬᠢᠬᠦ ᠳ᠋ᠦ᠍ ᠰᠠᠭᠤᠷᠢ ᠪᠣᠯᠵᠤ ᠴᠢᠳᠠᠨ᠎ᠠ᠃ 
ᠠᠵᠢᠯᠴᠢᠨ ᠭᠡᠳᠡᠭ ᠪᠣᠯ ᠨᠢᠭᠡ ᠶᠣᠰᠣᠨ ᠳ᠋ᠠᠭᠠᠨ ᠨᠢᠭᠡᠨ ᠲᠥᠷᠥᠯ ᠦ᠋ᠨ ᠬᠥᠮᠦᠨ ᠦ᠌ ᠡᠬᠢ ᠪᠠᠶᠠᠯᠢᠭ ᠪᠣᠯᠤᠨ᠎ᠠ᠃ ᠪᠢᠳᠡ ᠡᠨᠡᠬᠦ ᠡᠬᠢ ᠪᠠᠶᠠᠯᠢᠭ ᠢ᠋ ᠬᠡᠷᠬᠢᠨ ᠵᠥᠪ ᠵᠣᠬᠢᠰᠲᠠᠢ ᠬᠡᠷᠡᠭᠯᠡᠬᠦ ᠨᠢ ᠪᠢᠳᠡᠨ ᠦ᠌ ᠠᠵᠢᠯ ᠤ᠋ᠨ ᠦᠷ᠎ᠡ ᠠᠰᠢᠭ ᠲᠠᠢ ᠰᠢᠭᠤᠳ ᠬᠣᠯᠪᠣᠭᠠᠲᠠᠢ ᠪᠠᠢᠳᠠᠭ᠃ ᠪᠢᠳᠡ ᠪᠣᠳᠣᠬᠤ ᠳ᠋ᠠᠭᠠᠨ ᠠᠵᠢᠯᠴᠢᠨ ᠤ᠋ ᠴᠠᠯᠢᠩ ᠪᠣᠯ ᠠᠵᠢᠯᠴᠢᠨ ᠢ᠋ ᠠᠵᠢᠯᠯᠠᠭᠤᠯᠬᠤ ᠴᠣᠷᠢ ᠶ᠋ᠢᠨ ᠭᠠᠭᠴᠠ ᠨᠥᠬᠥᠴᠡᠯ ᠭᠡᠮᠡᠨ ᠣᠢᠯᠭᠠᠳᠠᠭ᠃ ᠭᠡᠲᠡᠯ᠎ᠡ ᠣᠳᠣ ᠬᠥᠮᠦᠰ ᠦ᠋ᠨ ᠦᠵᠡᠯ ᠤᠬᠠᠮᠰᠠᠷ᠂ ᠪᠣᠯᠪᠠᠰᠤᠷᠠᠯ ᠰᠣᠶᠣᠯ ᠤ᠋ᠨ ᠳᠡᠭᠡᠭᠰᠢᠯᠡᠬᠦ ᠶ᠋ᠢ ᠳᠠᠭᠠᠯᠳᠤᠨ ᠠᠵᠢᠯᠴᠢᠨ ᠠᠵᠢᠯ ᠡᠷᠢᠬᠦ ᠳ᠋ᠦ᠍ ᠴᠠᠯᠢᠩ ᠠ᠋ᠴᠠ ᠭᠠᠳᠠᠨ᠎ᠠ ᠠᠵᠢᠯ ᠤ᠋ᠨ ᠨᠥᠬᠥᠴᠡᠯ᠂ ᠠᠵᠢᠯ ᠤ᠋ᠨ  ᠳᠤᠮᠳᠠᠬᠢ ᠤᠷᠢ ᠴᠢᠳᠠᠪᠤᠷᠢ ᠶ᠋ᠢᠨ ᠳᠡᠭᠡᠭᠰᠢᠯᠡᠯᠲᠡ ᠳ᠋ᠦ᠍ ᠪᠦᠷ ᠠᠩᠬᠠᠷᠬᠤ ᠪᠣᠯᠤᠭᠰᠠᠨ ᠪᠠᠢᠳᠠᠭ᠃ ᠲᠡᠢᠮᠦ ᠡᠴᠡ ᠪᠢᠳᠡ ᠠᠵᠢᠯᠴᠢᠨ ᠡᠯᠰᠡᠬᠦ ᠳ᠋ᠡᠭᠡᠨ ᠡᠨᠡᠬᠦ ᠣᠳᠣᠬᠢ ᠪᠠᠢᠳᠠᠯ ᠳ᠋ᠤ᠌ ᠵᠣᠬᠢᠴᠠᠭᠤᠯᠤᠨ ᠴᠠᠯᠢᠩ ᠮᠥᠩᠭᠥᠨ ᠦ᠌ ᠬᠤᠪᠢ ᠳ᠋ᠤ᠌ ᠨᠡᠢᠭᠡᠮ ᠦ᠋ᠨ ᠳᠤᠮᠳᠠᠴᠢ ᠴᠠᠯᠢᠩ ᠠ᠋ᠴᠠ ᠪᠠᠭ᠎ᠠ ᠳᠠᠪᠠᠭᠤ ᠨᠥᠬᠥᠴᠡᠯ ᠳ᠋ᠦ᠍ ᠪᠤᠰᠤᠳ ᠠᠵᠢᠯ ᠤ᠋ᠨ ᠨᠥᠬᠥᠴᠡᠯ ᠵᠢᠴᠢ ᠢᠷᠡᠭᠡᠳᠦᠢ ᠶ᠋ᠢᠨ ᠬᠥᠭᠵᠢᠯ ᠦ᠋ᠨ ᠲᠠᠯ᠎ᠠ ᠳ᠋ᠤ᠌ ᠢᠯᠡᠭᠦᠦ ᠠᠩᠬᠠᠷᠴᠤ ᠠᠵᠢᠯᠯᠠᠬᠤ ᠨᠢ ᠵᠦᠢᠲᠡᠢ᠃ ᠡᠭᠦᠨ ᠢ᠋ᠶ᠋ᠡᠷ ᠵᠣᠭᠰᠣᠬᠤ ᠦᠭᠡᠢ ᠪᠣᠳᠠᠲᠠᠢ ᠠᠵᠢᠯ ᠤ᠋ᠨ ᠶᠠᠪᠤᠴᠠ ᠳ᠋ᠤ᠌ ᠠᠵᠢᠯᠴᠢᠨ ᠤ᠋ ᠪᠠᠨ ᠬᠥᠳᠡᠯᠮᠦᠷᠢ ᠶ᠋ᠢ ᠵᠥᠪ ᠦᠨᠡᠯᠡᠬᠦ ᠪᠣᠯ ᠠᠵᠢᠯᠴᠢᠨ ᠤ᠋ ᠢᠳᠡᠪᠬᠢᠵᠢᠯ ᠢ᠋ ᠳᠠᠢᠴᠢᠯᠠᠵᠤ ᠴᠢᠳᠠᠬᠤ ᠪᠠᠷ ᠪᠠᠷᠠᠬᠤ ᠦᠭᠡᠢ ᠂ ᠠᠵᠢᠯᠴᠢᠨ ᠢ᠋ ᠤᠷᠲᠤ ᠤᠳᠠᠭᠠᠨ ᠬᠤᠭᠤᠴᠠᠭ᠎ᠠ ᠠᠵᠢᠯᠯᠠᠬᠤ ᠨᠥᠬᠥᠴᠡᠯ ᠢ᠋ ᠪᠦᠷᠢᠯᠳᠦᠭᠦᠯᠵᠦ ᠥᠭᠳᠡᠭ᠃ ᠢᠩᠭᠢᠭᠰᠡᠨ ᠢ᠋ᠶ᠋ᠡᠷ ᠵᠣᠬᠢᠶᠠᠨ ᠪᠠᠢᠭᠤᠯᠤᠯᠲᠠ ᠶ᠋ᠢᠨ ᠰᠢᠰᠲ᠋ᠧᠮ ᠴᠦ᠍ ᠪᠠᠲᠤᠯᠠᠭᠠᠵᠢᠵᠤ ᠴᠢᠳᠠᠨ᠎ᠠ᠃ 
ᠠᠵᠢᠯ ᠬᠥᠳᠡᠯᠮᠦᠷᠢ ᠬᠢᠬᠦ ᠨᠢ ᠠᠰᠢᠭ ᠣᠷᠣᠯᠭ᠎ᠠ ᠣᠯᠵᠤ ᠥᠪᠡᠷ ᠦ᠋ᠨ ᠠᠮᠢᠳᠤᠷᠠᠯ ᠳ᠋ᠠᠭᠠᠨ ᠲᠤᠰᠠ ᠪᠣᠯᠬᠤ ᠶ᠋ᠢᠨ ᠲᠥᠯᠥᠭᠡ ᠪᠠᠢᠳᠠᠭ ᠴᠤ᠌ ᠬᠥᠮᠦᠰ ᠠᠵᠢᠯᠯᠠᠬᠤ ᠶ᠋ᠢᠨ ᠳᠠᠭᠠᠤ ᠢᠯᠡᠭᠦᠦ ᠶᠡᠬᠡ ᠶ᠋ᠢ ᠰᠤᠷᠴᠤ᠂ ᠥᠪᠡᠷ ᠢ᠋ ᠪᠡᠨ ᠬᠥᠭᠵᠢᠭᠦᠯᠬᠦ ᠵᠣᠷᠢᠯᠭ᠎ᠠ ᠲᠠᠢ ᠪᠠᠢᠳᠠᠭ᠃ ᠡᠢᠮᠦ ᠡᠴᠡ ᠣᠳᠣ ᠦᠶ᠎ᠡ ᠶ᠋ᠢᠨ ᠠᠵᠤ ᠠᠬᠤᠢᠯᠠᠯ ᠴᠤ᠌ ᠠᠵᠢᠯᠴᠢᠨ ᠢ᠋ᠶ᠋ᠠᠨ ᠬᠥᠭᠵᠢᠭᠦᠯᠬᠦ ᠶ᠋ᠢ ᠮᠠᠰᠢ ᠶᠡᠬᠡ ᠠᠩᠬᠠᠷᠴᠤ ᠲᠣᠭᠲᠠᠮᠠᠯ ᠬᠤᠭᠤᠴᠠᠭ᠎ᠠ ᠲᠠᠢ ᠪᠠᠷ ᠰᠤᠷᠭᠠᠯᠲᠠ ᠵᠣᠬᠢᠶᠠᠨ ᠪᠠᠢᠭᠤᠯᠵᠤ ᠬᠥᠮᠦᠵᠢᠭᠦᠯᠵᠦ ᠪᠠᠢᠳᠠᠭ ᠪᠢᠯᠡ᠃ ᠢᠩᠭᠢᠭᠰᠡᠨ ᠢ᠋ᠶ᠋ᠡᠷ ᠭᠠᠭᠴᠠ ᠠᠵᠢᠯᠴᠢᠨ ᠤ᠋ ᠤᠷᠢ ᠴᠢᠳᠠᠪᠤᠷᠢ ᠳᠡᠭᠡᠭᠰᠢᠯᠡᠭᠡᠳ ᠵᠣᠭᠰᠣᠬᠤ ᠦᠭᠡᠢ᠂ ᠤᠷᠢ ᠴᠢᠳᠠᠪᠤᠷᠢ ᠥᠨᠳᠥᠷ ᠠᠵᠢᠯᠴᠢᠨ ᠲᠠᠢ ᠠᠵᠤ ᠠᠬᠤᠢᠯᠠᠯ ᠤ᠋ᠨ ᠠᠵᠢᠯ ᠴᠤ᠌ ᠢᠯᠡᠭᠦᠦ ᠪᠦᠲᠦᠮᠵᠢᠲᠡᠢ ᠪᠣᠯᠵᠤ ᠠᠰᠢᠭ ᠣᠷᠣᠯᠭ᠎ᠠ ᠨᠢ ᠠᠶᠠᠨᠳᠠᠭᠠᠨ ᠨᠡᠮᠡᠭᠳᠡᠳᠡᠭ᠃ ᠡᠢᠮᠦ ᠡᠴᠡ ᠠᠵᠢᠯᠴᠢᠨ ᠢ᠋ᠶ᠋ᠠᠨ ᠬᠥᠮᠦᠵᠢᠭᠦᠯᠬᠦ ᠨᠢ ᠺᠣᠮᠫᠠᠨᠢ᠂ ᠠᠵᠤ ᠠᠬᠤᠢ ᠶ᠋ᠢᠨ ᠨᠢᠭᠡᠴᠡ ᠳ᠋ᠦ᠍ ᠲᠠᠯᠪᠢᠭᠳᠠᠭᠰᠠᠨ ᠨᠢᠭᠡ ᠡᠭᠦᠷᠭᠡ ᠮᠥᠷᠲᠡᠭᠡᠨ ᠵᠣᠬᠢᠶᠠᠨ ᠪᠠᠢᠭᠤᠯᠤᠯᠲᠠ ᠶ᠋ᠢᠨ ᠵᠠᠪᠠᠯ ᠭᠦᠢᠴᠡᠳᠬᠡᠬᠦ ᠠᠵᠢᠯ ᠤ᠋ᠨ ᠨᠢᠭᠡ ᠮᠥᠨ᠃ ᠠᠵᠤ ᠠᠬᠤᠢ ᠶ᠋ᠢᠨ ᠨᠢᠭᠡᠴᠡ ᠬᠥᠮᠦᠨ ᠰᠣᠩᠭᠣᠬᠤ ᠳ᠋ᠠᠭᠠᠨ ᠤᠷᠢᠳᠴᠢᠯᠠᠨ ᠬᠠᠷᠢᠯᠴᠠᠨ ᠶᠠᠷᠢᠯᠴᠠᠵᠤ᠂ ᠣᠢᠯᠠᠭᠠᠯᠴᠠᠬᠤ ᠪᠠᠷ ᠳᠠᠮᠵᠢᠨ ᠦᠵᠡᠯ ᠪᠣᠳᠣᠯ ᠨᠢᠭᠡ ᠲᠡᠢ᠂ ᠺᠣᠮᠫᠠᠨᠢ ᠶ᠋ᠢᠨ ᠬᠠᠷᠠᠯᠲᠠ ᠵᠣᠷᠢᠯᠲᠠ ᠶ᠋ᠢᠨ ᠳᠠᠭᠠᠤ ᠠᠵᠢᠯᠯᠠᠬᠤ ᠵᠣᠷᠢᠯᠭ᠎ᠠ ᠲᠠᠢ ᠬᠥᠮᠦᠰ ᠢ᠋ ᠣᠯᠵᠤ ᠠᠪᠤᠨ᠂ ᠠᠵᠢᠯ ᠤ᠋ᠨ ᠶᠠᠪᠤᠴᠠ ᠳ᠋ᠤ᠌ ᠬᠥᠮᠦᠵᠢᠭᠦᠯᠬᠦ᠂ ᠦᠨᠡᠯᠡᠬᠦ ᠭᠡᠬᠦ ᠣᠯᠠᠨ ᠣᠯᠠᠨ  ᠵᠣᠬᠢᠶᠠᠨ ᠪᠠᠢᠭᠤᠯᠤᠯᠲᠠ ᠶ᠋ᠢᠨ ᠰᠢᠰᠲ᠋ᠧᠮ ᠢ᠋ᠶ᠋ᠡᠷ ᠳᠠᠮᠵᠢᠨ ᠠᠵᠢᠯᠴᠢᠨ ᠤ᠋ ᠤᠷᠢ ᠴᠢᠳᠠᠪᠤᠷᠢ ᠶ᠋ᠢ ᠳᠡᠭᠡᠭᠰᠢᠯᠡᠭᠦᠯᠬᠦ ᠪᠡᠷ ᠪᠠᠷᠠᠬᠤ ᠦᠭᠡᠢ ᠵᠣᠬᠢᠶᠠᠨ ᠪᠠᠢᠭᠤᠯᠤᠯᠲᠠ ᠳᠣᠲᠣᠷᠠᠬᠢ ᠥᠪᠡᠷ ᠦ᠋ᠨ ᠣᠷᠣᠨ ᠪᠠᠢᠷᠢ ᠪᠣᠯᠤᠨ ᠠᠵᠢᠯ ᠤ᠋ᠨ ᠡᠷᠬᠡ ᠡᠭᠦᠷᠭᠡ ᠶ᠋ᠢ ᠨᠢ ᠮᠡᠳᠡᠷᠡᠭᠦᠯᠵᠦ᠂ ᠥᠪᠡᠷ ᠦ᠋ᠨ ᠰᠠᠢᠨ ᠳᠤᠷ᠎ᠠ ᠠ᠋ᠴᠠ  ᠪᠠᠨ ᠺᠣᠮᠫᠠᠨᠢ ᠶ᠋ᠢᠨ ᠠᠵᠢᠯ ᠳ᠋ᠤ᠌ ᠣᠷᠣᠯᠴᠠᠬᠤ ᠪᠣᠯᠭᠠᠪᠠᠯ᠂ ᠠᠵᠢᠯᠴᠢᠨ ᠤ᠋ ᠠᠵᠢᠯ ᠤ᠋ᠨ ᠳᠠᠷᠤᠯᠲᠠ ᠬᠥᠩᠭᠡᠷᠡᠵᠦ᠂ ᠵᠣᠬᠢᠶᠠᠨ ᠪᠠᠢᠭᠤᠯᠤᠯᠲᠠ ᠰᠠᠢᠵᠢᠷᠠᠨ᠂ ᠺᠣᠮᠫᠠᠨᠢ ᠶ᠋ᠢᠨ ᠠᠵᠢᠯ ᠦᠷ᠎ᠡ ᠪᠦᠲᠦᠮᠵᠢ ᠥᠨᠳᠥᠷ ᠪᠣᠯᠵᠤ᠂ ᠨᠡᠩ ᠥᠨᠳᠥᠷ ᠠᠰᠢᠭ ᠣᠷᠣᠯᠭ᠎ᠠ ᠡᠭᠦᠳᠴᠦ ᠴᠢᠳᠠᠨ᠎ᠠ᠃ ᠥᠪᠡᠷ ᠦ᠋ᠨ ᠠᠵᠢᠯ ᠦᠢᠯᠡᠰ ᠦ᠋ᠨ ᠠᠰᠢᠭ ᠣᠷᠣᠯᠭ᠎ᠠ ᠶ᠋ᠢ ᠨᠡᠮᠡᠭᠳᠡᠭᠦᠯᠬᠦ ᠳ᠋ᠦ᠍ ᠭᠠᠭᠴᠠ ᠦᠢᠯᠡᠳᠪᠦᠷᠢᠯᠡᠯ ᠳᠡᠭᠡᠷ᠎ᠡ ᠠᠩᠬᠠᠷᠤᠭᠠᠳ ᠪᠣᠯᠬᠤ ᠦᠭᠡᠢ᠂ ᠮᠥᠨ ᠵᠣᠬᠢᠶᠠᠨ ᠪᠠᠢᠭᠤᠯᠤᠯᠲᠠ ᠳ᠋ᠠᠭᠠᠨ ᠬᠦᠴᠦ ᠲᠠᠯᠪᠢᠵᠤ᠂ ᠬᠥᠮᠦᠨ ᠦ᠌ ᠡᠬᠢ ᠪᠠᠶᠠᠯᠢᠭ ᠢ᠋ᠶ᠋ᠠᠨ ᠵᠥᠪ ᠵᠣᠬᠢᠰᠲᠠᠢ ᠠᠰᠢᠭᠯᠠᠪᠠᠯ ᠦᠷ᠎ᠡ ᠠᠰᠢᠭ ᠢ᠋ᠶ᠋ᠠᠨ ᠳᠡᠭᠡᠭᠰᠢᠯᠡᠭᠦᠯᠬᠦ ᠮᠠᠰᠢ ᠶᠡᠬᠡ ᠪᠣᠯᠤᠮᠵᠢ ᠭᠠᠷᠴᠤ ᠢᠷᠡᠳᠡᠭ᠃ ᠡᠨᠡ ᠪᠣᠯ ᠵᠣᠬᠢᠶᠠᠨ ᠪᠠᠢᠭᠤᠯᠤᠯᠲᠠ ᠶ᠋ᠢ ᠰᠠᠢᠨ ᠬᠢᠬᠦ ᠶ᠋ᠢᠨ ᠦᠷ᠎ᠡ ᠠᠰᠢᠭ ᠮᠥᠨ᠃   

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ