ᠬᠤᠯᠠᠨ – ᠬᠠᠲᠤᠨ ᠪᠠᠯᠭᠠᠰᠤ ᠶ᠋ᠢᠨ ᠤᠲᠤᠭ᠎ᠠ - ᠴᠢᠩᠭᠢᠰ ᠬᠠᠭᠠᠨ ᠊ᠤ᠌ ᠨᠢᠭᠤᠴᠠ ᠲᠡᠦᠬᠡ 18 Хулан – хатан балгасын утаа - Чингис хаан оо нууц түүх 18
ᠬᠣᠲᠠ ᠶ᠋ᠢ ᠶᠠᠭᠠᠬᠢᠵᠤ ᠲᠤᠨᠤᠬᠤ᠂ ᠬᠡᠷᠬᠢᠨ ᠰᠦᠢᠳᠬᠡᠬᠦ ᠵᠡᠷᠭᠡ ᠨᠢ ᠤᠭ ᠬᠣᠲᠠ ᠶ᠋ᠢᠨ ᠬᠢᠨ ᠶᠠᠭᠠᠬᠢᠵᠤ ᠡᠰᠡᠷᠭᠦᠴᠡᠨ ᠲᠡᠮᠡᠴᠡᠵᠦ᠂ ᠮᠣᠩᠭᠣᠯ ᠤ᠋ᠨ ᠴᠡᠷᠢᠭ ᠢ᠋ ᠰᠦᠢᠷᠡᠭᠦᠯᠦᠨ ᠬᠣᠬᠢᠷᠠᠭᠠᠭᠰᠠᠨ ᠬᠡᠮᠵᠢᠶᠡᠨ ᠡᠴᠡ ᠬᠠᠮᠢᠶᠠᠷᠤᠨ᠎ᠠ᠃ ᠥᠪᠡᠷ ᠦ᠋ᠨ ᠳᠤᠷ᠎ᠠ ᠪᠠᠷ ᠪᠠᠭᠤᠵᠤ ᠦᠭᠭᠦᠭᠰᠡᠨ ᠬᠣᠲᠠ ᠶ᠋ᠢ ᠵᠥᠪᠬᠡᠨ ᠠᠯᠪᠠᠨ ᠲᠠᠲᠠᠪᠤᠷᠢ ᠲᠥᠯᠥᠬᠦ ᠬᠡᠮᠵᠢᠶ᠎ᠡ ᠶ᠋ᠢ ᠲᠣᠭᠲᠠᠭᠠᠨ ᠴᠡᠷᠢᠭ ᠳᠠᠢᠴᠢᠯᠠᠬᠤ᠂ ᠬᠦᠨᠡᠰᠦ᠂ ᠠᠭᠲᠠ ᠭᠠᠷᠭᠠᠭᠤᠯᠬᠤ ᠵᠡᠷᠭᠡ ᠪᠡᠷ ᠰᠢᠢᠳᠴᠦ᠂ ᠡᠪᠳᠡᠯ ᠦᠭᠡᠢ ᠣᠷᠬᠢᠳᠠᠭ ᠪᠠᠢᠯ᠎ᠠ᠃ ᠬᠠᠷᠢᠨ ᠡᠰᠡᠷᠭᠦᠴᠡᠨ ᠲᠡᠮᠡᠴᠡᠭᠰᠡᠨ ᠬᠣᠲᠠ ᠶ᠋ᠢ ᠡᠪᠳᠡᠨ ᠰᠦᠢᠳᠬᠡᠵᠦ ᠭᠠᠵᠠᠷ ᠤ᠋ᠨ ᠬᠥᠷᠥᠰᠥ ᠲᠡᠢ ᠲᠡᠭᠰᠢᠯᠡᠬᠦ ᠨᠢ ᠴᠦ᠍ ᠪᠣᠢ᠃ ᠵᠢᠯ ᠦ᠋ᠨ ᠡᠮᠦᠨ᠎ᠡ ᠬᠣᠷᠽᠸᠮ ᠤ᠋ᠨ ᠬᠠᠮᠤᠭ ᠤ᠋ᠨ ᠲᠣᠮᠣ ᠬᠣᠲᠠ ᠨᠤᠭᠤᠳ ᠤ᠋ᠨ ᠨᠢᠭᠡ ᠪᠤᠬᠠᠷ ᠢ᠋ ᠶᠠᠭ ᠡᠢᠮᠦ ᠬᠤᠪᠢ ᠲᠠᠪᠢᠯᠠᠩ ᠳᠠᠭᠠᠷᠢᠵᠠᠢ᠃ ᠴᠢᠩᠭᠢᠰ ᠬᠠᠭᠠᠨ ᠤ᠋ ᠴᠡᠷᠢᠭ ᠳᠣᠪᠲᠣᠯᠤᠨ ᠢᠷᠡᠬᠦ ᠶ᠋ᠢᠨ ᠡᠮᠦᠨ᠎ᠡ ᠬᠡᠳᠦᠨ ᠲᠦᠮᠡᠨ ᠬᠥᠮᠦᠨ ᠪᠤᠵᠢᠭᠢᠨᠠᠵᠤ᠂ ᠪᠠᠶᠠᠨ ᠲᠠᠩᠰᠤᠭ ᠢ᠋ᠶ᠋ᠠᠷ ᠢ᠋ᠶ᠋ᠠᠨ ᠵᠠᠷ ᠲᠤ᠌ ᠭᠠᠷᠴᠤ ᠪᠠᠢᠭᠰᠠᠨ ᠪᠤᠬᠠᠷ ᠬᠣᠲᠠ ᠶ᠋ᠢᠨ ᠰᠠᠭᠤᠷᠢᠨ ᠳᠡᠭᠡᠷ᠎ᠡ ᠣᠳᠣ ᠦᠨᠡᠰᠦ ᠴᠢᠨᠳᠠᠷᠤᠤ ᠪᠤᠵᠢᠭᠢᠨᠠᠭᠰᠠᠨ ᠲᠣᠭᠣᠷᠢ ᠦᠯᠡᠳᠡᠭᠡᠳ ᠲᠡᠨᠳᠡ ᠵᠣᠯᠪᠢᠩ ᠮᠤᠤᠷ ᠯᠠ ᠣᠷᠢᠯᠠᠯᠳᠤᠵᠤ ᠪᠠᠢᠭ᠎ᠠ᠃ ᠴᠢᠩᠭᠢᠰ ᠬᠠᠭᠠᠨ ᠥᠪᠡᠷ ᠲᠡᠭᠡᠨ ᠰᠠᠢᠨ ᠳᠤᠷ᠎ᠠ ᠪᠠᠷ ᠳᠠᠭᠠᠵᠤ ᠣᠷᠣᠭᠰᠠᠨ ᠯᠠᠯᠤ ᠶ᠋ᠢᠨ ᠱᠠᠰᠢᠨ ᠤ᠋ ᠲᠡᠷᠢᠭᠦᠨ ᠢᠮᠠᠮ ᠤ᠋ᠳ ᠠ᠋ᠴᠠ ᠨᠡᠷ᠎ᠡ ᠬᠦᠨᠳᠦᠲᠡᠢ ᠣᠯᠠᠨ ᠤ᠋ ᠲᠠᠨᠢᠯ ᠬᠠᠮᠤᠭ ᠤ᠋ᠨ ᠠᠯᠳᠠᠷᠲᠠᠢ ᠶ᠋ᠢ ᠨᠢ ᠰᠣᠩᠭᠣᠨ ᠠᠪᠴᠤ ᠡᠵᠡᠯᠡᠨ ᠠᠪᠬᠤ ᠬᠣᠲᠠ ᠳ᠋ᠤ᠌ ᠡᠯᠴᠢ ᠪᠣᠯᠭᠠᠨ ᠢᠯᠡᠭᠡᠵᠦ ᠲᠡᠭᠷᠢ ᠶ᠋ᠢᠨ ᠬᠡᠰᠬᠡᠭᠡᠯ ᠦᠵᠡᠬᠦ ᠡᠴᠡ ᠪᠡᠨ ᠡᠮᠦᠨ᠎ᠡ ᠪᠠᠭᠤᠵᠤ ᠥᠭᠬᠦ ᠶ᠋ᠢ ᠱᠠᠭᠠᠷᠳᠠᠳᠠᠭ ᠪᠠᠢᠪᠠ᠃ ᠲᠡᠭᠡᠭᠡᠳ ᠪᠠᠭᠤᠵᠤ ᠦᠭᠭᠦᠭᠰᠡᠨ ᠬᠣᠲᠠ ᠶ᠋ᠢ ᠵᠦᠭᠡᠷ ᠣᠷᠬᠢᠵᠤ ᠡᠰᠡᠷᠭᠦᠴᠡᠨ ᠲᠡᠮᠡᠴᠡᠭᠰᠡᠨ ᠢ᠋ ᠡᠪᠳᠡᠵᠦ ᠰᠦᠢᠳᠬᠡᠳᠡᠭ ᠨᠢ ᠬᠤᠷᠽᠸᠮ ᠤ᠋ᠨ ᠨᠤᠲᠤᠭ ᠢ᠋ᠶ᠋ᠠᠷ ᠨᠢᠭᠡ ᠢᠯᠡᠷᠬᠡᠢ ᠪᠣᠯᠤᠭᠰᠠᠨ ᠳ᠋ᠤ᠌ ᠲᠦᠷᠺ ᠬᠥᠮᠦᠰ ᠣᠯᠠᠩᠬᠢ ᠰᠠᠭᠤᠳᠠᠭ ᠣᠯᠠᠨ ᠬᠣᠲᠠ ᠡᠢᠮᠦ ᠮᠠᠶᠢᠭ ᠢ᠋ᠶ᠋ᠠᠷ ᠡᠵᠡᠯᠡᠵᠦ ᠳᠠᠷᠠᠭᠠᠯᠠᠨ ᠪᠠᠭᠤᠵᠤ ᠦᠭᠭᠦᠭᠰᠡᠨ ᠪᠢᠯᠡ᠃ ᠬᠣᠷᠽᠸᠮ ᠤ᠋ᠨ ᠰᠦᠯᠲᠠᠨ ᠬᠠᠭᠠᠨ ᠡᠬᠢᠨ ᠡᠴᠡ ᠪᠠᠨ ᠯᠠ ᠴᠢᠩᠭᠢᠰ ᠬᠠᠭᠠᠨ ᠲᠠᠢ ᠪᠠᠢᠯᠳᠤᠬᠤ ᠳ᠋ᠠᠭᠠᠨ ᠪᠤᠷᠤᠭᠤ ᠠᠷᠭ᠎ᠠ ᠬᠡᠷᠡᠭᠯᠡᠭᠰᠡᠨ ᠨᠢ ᠴᠦ᠍ ᠢᠯᠠᠭᠳᠠᠨ ᠰᠦᠢᠷᠡᠬᠦ ᠳ᠋ᠦ᠍ ᠳᠠᠮ ᠪᠣᠯᠵᠠᠢ᠃ ᠬᠣᠲᠠ ᠪᠣᠯᠭᠠᠨ ᠥᠪᠡᠷ ᠦ᠋ᠨ ᠡᠵᠡᠨ ᠵᠠᠩᠵᠤᠨ᠂ ᠲᠤᠰᠠᠭᠠᠷ ᠴᠡᠷᠢᠭ ᠲᠡᠢ᠂ ᠲᠡᠳᠡ ᠵᠥᠪᠬᠡᠨ ᠬᠠᠷ᠎ᠠ ᠠᠮᠢ ᠪᠠᠨ ᠪᠣᠳᠣᠨ ᠥᠪᠡᠷ ᠢ᠋ ᠪᠠᠨ ᠯᠠ ᠬᠠᠮᠠᠭᠠᠯᠠᠬᠤ ᠶ᠋ᠢ ᠰᠡᠳᠬᠢᠬᠦ ᠲᠤᠯᠠ ᠬᠡᠨ ᠨᠢ ᠴᠦ᠍ ᠴᠢᠩᠭᠢᠰ ᠬᠠᠭᠠᠨ ᠤ᠋ ᠬᠤᠳᠠᠯᠳᠤᠭᠠᠴᠢᠳ ᠢ᠋ ᠠᠯᠠᠭᠰᠠᠨ ᠣᠲ᠋ᠷᠠᠷ ᠬᠣᠲᠠ ᠶ᠋ᠢᠨ ᠵᠠᠬᠢᠷᠤᠭᠴᠢ ᠬᠠᠵᠢᠷᠬᠠᠨ ᠤ᠋ ᠲᠥᠯᠥᠭᠡ ᠠᠮᠢ ᠪᠠᠨ ᠦᠷᠡᠬᠦ ᠶ᠋ᠢ ᠬᠦᠰᠡᠭᠰᠡᠨ ᠦᠭᠡᠢ᠃ ᠰᠦᠯᠲᠠᠨ ᠮᠤᠬᠠᠮᠮᠡᠳ᠋ ᠦ᠋ᠨ ᠨᠢᠭᠡᠳᠦᠭᠰᠡᠨ ᠴᠡᠷᠢᠭ ᠪᠠᠢᠭᠤᠯᠬᠤ ᠣᠷᠣᠯᠳᠣᠭ᠎ᠠ ᠪᠦᠲᠦᠯ ᠦᠭᠡᠢᠳᠡᠨ ᠵᠢᠭᠤᠲᠠᠭᠠᠵᠤ ᠲᠡᠭᠦᠨ ᠦ᠌ ᠣᠷᠣᠨ ᠳ᠋ᠤ᠌ ᠰᠠᠭᠤᠭᠰᠠᠨ ᠵᠠᠯᠠᠯᠳᠢᠨ ᠰᠦᠯᠲᠠᠨ ᠤ᠋ ᠦᠶ᠎ᠡ ᠳ᠋ᠦ᠍ ᠮᠥᠨ ᠯᠡ ᠬᠣᠲᠠ ᠪᠦᠷᠢ ᠵᠥᠪᠬᠡᠨ ᠥᠪᠡᠷ ᠢ᠋ ᠪᠡᠨ ᠬᠠᠮᠠᠭᠠᠯᠠᠬᠤ ᠠᠷᠭ᠎ᠠ ᠬᠡᠷᠡᠭᠯᠡᠭᠰᠡᠨ ᠨᠢ ᠴᠢᠩᠭᠢᠰ ᠬᠠᠭᠠᠨ ᠳ᠋ᠤ᠌ ᠨᠢᠭᠡ ᠨᠢᠭᠡ ᠪᠡᠷ ᠠᠶᠠᠲᠠᠢ ᠲᠠᠢᠪᠤᠩ ᠡᠵᠡᠯᠡᠨ ᠠᠪᠬᠤ ᠪᠣᠯᠤᠮᠵᠢ ᠣᠯᠭᠣᠭᠰᠠᠨ ᠪᠥᠭᠡᠳ ᠬᠣᠷᠽᠸᠮ ᠤ᠋ᠨ ᠶᠡᠬᠡ ᠤᠯᠤᠰ ᠶᠡᠷᠦ ᠳ᠋ᠡᠭᠡᠨ ᠳᠦᠷᠪᠡᠭᠡᠨ ᠵᠢᠯ ᠦ᠋ᠨ ᠳᠣᠲᠣᠷ᠎ᠠ ᠰᠤᠢᠷᠠᠨ ᠮᠥᠬᠥᠬᠦ ᠦᠨᠳᠦᠰᠦ ᠪᠣᠯᠪᠠ᠃ ᠰᠠᠮᠠᠷᠺᠠᠨᠳ᠋ ᠬᠣᠲᠠ ᠶ᠋ᠢ ᠬᠠᠮᠠᠭᠠᠯᠠᠨ ᠰᠠᠭᠤᠭᠴᠢ ᠮᠤᠬᠠᠮᠮᠡᠳ᠋ ᠦ᠋ᠨ ᠰᠢᠯᠢᠳᠡᠭ ᠲᠣᠷᠭᠠᠨ ᠴᠡᠷᠢᠭ ᠦ᠋ᠳ ᠣᠳᠣ ᠴᠢᠩᠭᠢᠰ ᠬᠠᠭᠠᠨ ᠤ᠋ ᠡᠮᠦᠨᠡᠬᠢ ᠡᠴᠦᠰ ᠦ᠋ᠨ ᠰᠠᠭᠠᠳ ᠪᠣᠯᠵᠤ ᠦᠯᠡᠳᠡᠪᠡ᠃ ᠡᠨᠡ ᠴᠡᠷᠢᠭ ᠮᠤᠬᠠᠮᠮᠡᠳ᠋ ᠰᠦᠯᠲᠠᠨ ᠤ᠋ ᠡᠴᠦᠰ ᠦ᠋ᠨ ᠨᠠᠢᠳᠠᠪᠤᠷᠢ ᠪᠠᠢᠪᠠ᠃
ᠮᠣᠩᠭᠣᠯ ᠨᠤᠲᠤᠭ ᠠ᠋ᠴᠠ ᠭᠠᠷᠤᠭᠰᠠᠨ ᠠ᠋ᠴᠠ ᠬᠣᠢᠰᠢ ᠤᠢᠭᠤᠷ ᠤ᠋ᠨ ᠢᠳᠦᠭᠦᠳ ᠬᠠᠭᠠᠨ᠂ ᠪᠠᠰᠠ ᠬᠠᠷᠯᠠᠭ᠋ ᠤᠯᠤᠰ ᠤ᠋ᠨ ᠠᠷᠰᠯᠠᠨ ᠬᠠᠭᠠᠨ ᠤ᠋ ᠴᠡᠷᠢᠭ ᠲᠡᠢ ᠨᠡᠢᠯᠡᠭᠰᠡᠨ ᠮᠣᠩᠭᠣᠯ ᠤ᠋ᠨ ᠶᠡᠬᠡ ᠴᠡᠷᠢᠭ ᠠᠩᠬ᠎ᠠ ᠴᠢᠩᠭᠢᠰ ᠬᠠᠭᠠᠨ ᠤ᠋ ᠬᠤᠳᠠᠯᠳᠤᠭᠠᠴᠢᠨ ᠡᠯᠴᠢ ᠶ᠋ᠢ ᠠᠯᠠᠭᠰᠠᠨ ᠣᠲ᠋ᠷᠠᠷ ᠬᠣᠲᠠ ᠳ᠋ᠤ᠌ ᠬᠦᠷᠴᠦ ᠪᠦᠰᠡᠯᠡᠨ ᠬᠠᠭᠠᠵᠤ ᠵᠣᠭᠰᠣᠬᠤ ᠳ᠋ᠤ᠌ ᠬᠤᠯᠠᠨ ᠬᠠᠲᠤᠨ ᠲᠤᠢᠯ ᠦᠭᠡᠢ ᠶᠡᠬᠡ ᠪᠡᠷ ᠳᠣᠭᠳᠣᠯᠤᠨ ᠬᠥᠭᠡᠷᠴᠡᠢ᠃ ᠤᠲ᠋ᠷᠠᠷ ᠬᠣᠲᠠ ᠰᠢᠭ᠋ ᠡᠢᠮᠦ ᠲᠠᠩᠰᠤᠭ ᠦᠵᠡᠮᠵᠢ ᠲᠡᠢ ᠪᠠᠯᠭᠠᠰᠤ ᠶ᠋ᠢ ᠲᠡᠷᠡ ᠤᠷᠢᠳ ᠨᠢ ᠦᠵᠡᠭᠰᠡᠨ ᠦᠭᠡᠢ᠃ ᠨᠡᠭᠦᠳᠡᠯᠴᠢᠨ ᠢᠷᠭᠡᠳ ᠦ᠋ᠨ ᠨᠤᠲᠤᠭ ᠲᠤ᠌ ᠶᠡᠬᠡ ᠯᠡ ᠰᠠᠢᠨ ᠳ᠋ᠠᠭᠠᠨ ᠬᠡᠳᠦᠨ ᠠᠷᠪᠠᠨ ᠭᠡᠷ ᠲᠡᠢ ᠶᠡᠬᠡ ᠬᠦᠷᠢᠶ᠎ᠡ ᠯᠡ ᠪᠠᠢᠬᠤ ᠠ᠋ᠴᠠ ᠨᠠᠷᠠᠨ ᠳ᠋ᠤ᠌ ᠭᠢᠯᠪᠠᠬᠤ ᠠᠯᠲᠠᠨ ᠳᠡᠭᠡᠪᠦᠷᠲᠦ ᠣᠷᠳᠣᠨ ᠥᠷᠭᠥᠭᠡ ᠰᠦᠨᠳᠡᠷᠯᠡᠭᠰᠡᠨ ᠴᠢᠯᠠᠭᠤᠨ ᠬᠣᠲᠠ ᠬᠠᠮᠢᠭ᠎ᠠ ᠨᠢ ᠪᠠᠢᠬᠤ ᠪᠢᠯᠡ᠃ ᠬᠣᠲᠠ ᠶ᠋ᠢ ᠳᠥᠷᠪᠡᠨ ᠵᠦᠭ ᠡᠴᠡ ᠨᠢ ᠰᠢᠪᠡᠭᠡᠯᠡᠨ ᠬᠠᠭᠠᠭᠰᠠᠨ ᠶᠡᠬᠡ ᠴᠡᠷᠢᠭ ᠢ᠋ ᠬᠠᠷᠠᠬᠤ ᠳ᠋ᠤ᠌ ᠥᠪᠡᠷ ᠦ᠋ᠨ ᠡᠷᠬᠡ ᠦᠭᠡᠢ ᠴᠢᠩᠭᠢᠰ ᠬᠠᠭᠠᠨ ᠤ᠋ ᠠᠭᠤᠤ ᠰᠦᠷ ᠬᠦᠴᠦᠨ ᠳ᠋ᠦ᠍ ᠪᠠᠬᠠᠳᠤᠨ ᠪᠢᠰᠢᠷᠡᠬᠦ ᠰᠡᠳᠬᠢᠯ ᠲᠥᠷᠥᠬᠦ ᠠᠵᠢ᠃ ᠬᠠᠷᠢᠨ ᠴᠢᠩᠭᠢᠰ ᠬᠠᠭᠠᠨ ᠤᠲ᠋ᠷᠠᠷ ᠬᠣᠲᠠ ᠶ᠋ᠢ ᠡᠵᠡᠯᠡᠬᠦ ᠶ᠋ᠢ ᠬᠥᠪᠡᠭᠦᠳ ᠲᠡᠭᠡᠨ ᠳᠠᠭᠠᠳᠬᠠᠭᠠᠳ ᠥᠪᠡᠷ ᠢ᠋ᠶ᠋ᠡᠨ ᠴᠡᠷᠢᠭ ᠦ᠋ᠨ ᠬᠠᠮᠲᠤ ᠬᠤᠷᠽᠸᠮ ᠤ᠋ᠨ ᠨᠤᠲᠤᠭ ᠤ᠋ᠨ ᠭᠦᠨ ᠤᠷᠤᠭᠤ ᠰᠸᠢᠢᠷ ᠳ᠋ᠠᠷᠢᠶᠠ᠂ ᠠᠮᠥ᠋ ᠳ᠋ᠠᠷᠢᠶᠠ ᠮᠥᠷᠡᠨ ᠦ᠌ ᠬᠥᠨᠳᠡᠢ ᠶ᠋ᠢ ᠴᠢᠭᠯᠡᠨ ᠶᠠᠪᠤᠵᠠᠢ᠃ ᠭᠡᠲᠡᠯ᠎ᠡ ᠬᠤᠯᠠᠨ ᠳᠠᠷᠠᠭ᠎ᠠ ᠶ᠋ᠢᠨ ᠬᠣᠲᠠ ᠶ᠋ᠢ ᠦᠵᠡᠮᠡᠭᠴᠡ ᠠᠨᠳᠠᠭᠤᠷᠠᠭᠰᠠᠨ ᠢ᠋ᠶ᠋ᠠᠨ ᠣᠢᠯᠠᠭᠠᠪᠠ᠃ ᠲᠡᠭᠦᠨ ᠦ᠌ ᠦᠵᠡᠵᠦ ᠪᠠᠬᠠᠷᠬᠠᠭᠰᠠᠨ ᠤᠲ᠋ᠷᠠᠷ ᠪᠣᠯ ᠥᠴᠦᠬᠡᠨ ᠵᠢᠵᠢᠭ ᠰᠠᠭᠤᠷᠢᠨ ᠪᠣᠯᠬᠤ ᠶ᠋ᠢ ᠮᠡᠳᠡᠵᠡᠢ᠃ ᠴᠢᠩᠭᠢᠰ ᠬᠠᠭᠠᠨ ᠤ᠋ ᠴᠡᠷᠢᠭ ᠵᠠᠷᠨᠤ ᠬᠣᠲᠠ ᠶ᠋ᠢ ᠪᠠᠭᠤᠯᠭᠠᠨ ᠠᠪᠴᠤ 1220 ᠣᠨ ᠤ᠋ ᠭᠤᠷᠪᠠᠳᠤᠭᠠᠷ ᠰᠠᠷ᠎ᠠ ᠳ᠋ᠤ᠌ ᠠᠯᠳᠠᠷᠲᠤ ᠪᠤᠬᠠᠷ ᠬᠣᠲᠠ ᠶ᠋ᠢᠨ ᠳᠡᠷᠭᠡᠳᠡ ᠣᠴᠢᠭᠰᠠᠨ ᠨᠢ ᠡᠨᠡ ᠪᠠᠢᠪᠠ᠃ ᠡᠷᠳᠡᠮ ᠦ᠋ᠨ ᠬᠣᠲᠠ ᠨᠡᠷᠡᠲᠡᠢ ᠪᠤᠬᠠᠷ ᠪᠣᠯ ᠦᠨᠡᠬᠡᠷ ᠥᠴᠦᠬᠡᠨ ᠤᠲ᠋ᠷᠠᠷ ᠴᠠᠢᠵᠠ ᠲᠠᠢ ᠵᠦᠢᠷᠯᠡᠬᠦ ᠶᠠᠭᠤᠮ᠎ᠠ ᠦᠭᠡᠢ ᠲᠣᠮᠣ ᠬᠣᠲᠠ ᠤᠴᠢᠷ ᠬᠤᠯᠠᠨ ᠭᠠᠢᠬᠠᠬᠤ ᠠ᠋ᠴᠠ ᠠᠷᠭ᠎ᠠ ᠦᠭᠡᠢ ᠪᠠᠢᠪᠠ᠃ ᠬᠥᠮᠦᠨ ᠦ᠌ ᠭᠠᠷ ᠢ᠋ᠶ᠋ᠠᠷ ᠡᠢᠮᠦ ᠲᠠᠩᠰᠤᠭ᠂ ᠠᠭᠤᠤ ᠶᠡᠬᠡ ᠬᠣᠲᠠ ᠶ᠋ᠢ ᠪᠦᠲᠦᠭᠡᠨ ᠪᠣᠰᠬᠠᠭᠰᠠᠨ ᠭᠡᠬᠦ ᠳ᠋ᠦ᠍ ᠢᠲᠡᠭᠡᠵᠦ ᠦᠨᠡᠮᠰᠢᠮᠡ ᠦᠭᠡᠢ ᠰᠠᠨᠠᠭᠳᠠᠨ᠎ᠠ᠃ ᠬᠤᠯᠠᠨ ᠬᠠᠲᠤᠨ ᠡᠨᠡ ᠦᠵᠡᠰᠬᠦᠯᠡᠩᠲᠦ ᠬᠣᠲᠠ ᠶ᠋ᠢ ᠥᠪᠡᠷ ᠦ᠋ᠨ ᠪᠣᠯᠭᠠᠵᠤ ᠡᠨᠳᠡ ᠡᠭᠦᠷᠢᠳᠡ ᠰᠠᠭᠤᠬᠤ ᠶ᠋ᠢ ᠬᠦᠰᠡᠪᠡ᠃ ᠪᠠᠰᠠ ᠡᠪᠳᠡᠨ ᠰᠢᠲᠠᠭᠠᠬᠤ ᠦᠭᠡᠢ ᠪᠡᠷ ᠡᠨᠡ ᠬᠣᠲᠠ ᠶ᠋ᠢᠨ ᠭᠤᠳᠤᠮᠵᠢ ᠵᠡᠭᠡᠯᠢ ᠪᠡᠷ ᠵᠤᠭᠠᠴᠠᠨ ᠴᠡᠩᠭᠡᠬᠦ ᠶ᠋ᠢ ᠬᠦᠰᠡᠵᠡᠢ᠃ ᠬᠤᠯᠠᠨ ᠵᠠᠮ ᠵᠠᠭᠤᠷ᠎ᠠ ᠦᠨᠡᠰᠦ᠂ ᠴᠢᠨᠳᠠᠷᠤᠤ ᠪᠣᠯᠤᠭᠰᠠᠨ ᠬᠣᠲᠠ᠂ ᠲᠣᠰᠬᠣᠳ ᠣᠯᠠᠨ ᠢ᠋ ᠦᠵᠡᠭᠰᠡᠨ ᠲᠤᠯᠠ ᠲᠡᠢᠨ᠂ ᠢᠯᠠᠯᠲᠠ ᠶ᠋ᠢᠨ ᠬᠡᠢ ᠬᠥᠭᠡᠷᠦᠯ ᠨᠢ ᠳᠠᠷᠤᠭᠳᠠᠵᠤ ᠠᠮᠢᠳᠤᠷᠠᠯ ᠢ᠋ ᠦᠨᠡᠨ ᠪᠣᠳᠠᠲᠤ ᠪᠠᠷ ᠦᠵᠡᠬᠦ ᠪᠣᠯᠤᠭᠰᠠᠨ ᠪᠠᠢᠪᠠ᠃ ᠴᠢᠩᠭᠢᠰ ᠬᠠᠭᠠᠨ ᠤ᠋ ᠪᠡᠯᠡᠭᠯᠡᠭᠰᠡᠨ ᠫᠧᠷᠰ ᠭᠠᠵᠠᠷ ᠤ᠋ᠨ ᠦᠨᠡᠲᠦ ᠡᠳ᠋ᠯᠡᠯ᠂ ᠠᠯᠲᠠ ᠡᠷᠳᠡᠨᠢᠰ ᠢ᠋ ᠲᠡᠭᠦᠨ ᠦ᠌ ᠬᠥᠰᠬᠡ ᠠᠷᠠᠢᠬᠠᠨ ᠳᠠᠭᠠᠭᠠᠵᠤ ᠶᠠᠪᠤᠵᠠᠢ᠃ ᠬᠤᠯᠠᠨ ᠳ᠋ᠤ᠌ ᠡᠳᠡᠭᠡᠷ ᠦᠨᠡᠲᠦ ᠡᠳ᠋ᠯᠡᠯ ᠨᠢᠭᠡᠨᠲᠡ ᠰᠣᠨᠢᠨ ᠰᠠᠨᠠᠭᠳᠠᠬᠤ ᠦᠭᠡᠢ ᠪᠣᠯᠵᠠᠢ᠃ ᠲᠡᠷᠡ ᠣᠳᠣ ᠡᠨᠡ ᠬᠤᠷᠽᠸᠮ ᠤ᠋ᠨ ᠦᠵᠡᠰᠬᠦᠯᠡᠩᠲᠦ ᠬᠣᠲᠠ ᠶ᠋ᠢ ᠥᠪᠡᠷ ᠦ᠋ᠨ ᠪᠣᠯᠭᠠᠬᠤ ᠶ᠋ᠢ ᠬᠦᠰᠡᠵᠦ ᠪᠠᠢᠯ᠎ᠠ᠃ ᠲᠡᠢᠮᠦ ᠤᠴᠢᠷ ᠠ᠋ᠴᠠ ᠴᠢᠩᠭᠢᠰ ᠬᠠᠭᠠᠨ ᠤ᠋ ᠴᠡᠷᠢᠭ ᠦ᠋ᠳ ᠬᠥᠮᠦᠨ ᠦ᠌ ᠭᠠᠷ ᠢ᠋ᠶ᠋ᠠᠷ ᠴᠣᠭᠴᠠᠯᠠᠨ ᠪᠦᠲᠦᠭᠡᠭᠰᠡᠨ ᠭᠠᠢᠬᠠᠮᠰᠢᠭ ᠢ᠋ ᠡᠪᠳᠡᠨ ᠰᠦᠢᠳᠬᠡᠵᠦ ᠪᠠᠢᠭ᠎ᠠ ᠶ᠋ᠢ ᠳᠣᠲᠣᠷ᠎ᠠ ᠪᠠᠨ ᠡᠰᠡᠷᠭᠦᠴᠡᠬᠦ ᠪᠣᠯᠪᠠ᠃ ᠭᠡᠲᠡᠯ᠎ᠡ ᠬᠤᠯᠠᠨ ᠶᠠᠭᠠᠬᠢᠵᠤ ᠴᠤ᠌ ᠡᠰᠡᠷᠭᠦᠴᠡᠭᠡᠳ ᠡᠨᠡ ᠶᠡᠬᠡ ᠡᠪᠳᠡᠷᠡᠯ ᠰᠦᠢᠷᠡᠯ ᠦᠬᠦᠯ ᠴᠢᠰᠤ ᠶ᠋ᠢ ᠵᠣᠭᠰᠣᠭᠠᠵᠤ ᠴᠢᠳᠠᠬᠤ ᠦᠭᠡᠢ ᠠᠵᠢ᠃ ᠬᠠᠷᠢᠨ ᠴᠢᠩᠭᠢᠰ ᠬᠠᠭᠠᠨ ᠠ᠋ᠴᠠ ᠭᠤᠶᠤᠪᠠᠯ ᠶᠠᠳᠠᠵᠤ ᠭᠠᠭᠴᠠ ᠬᠣᠲᠠ ᠶ᠋ᠢ ᠴᠦ᠍ ᠪᠣᠯᠪᠠ ᠪᠦᠲᠦᠨ ᠦᠯᠡᠳᠡᠭᠡᠬᠦ ᠪᠣᠯᠪᠠ ᠤᠤ ᠭᠡᠵᠦ ᠪᠣᠳᠣᠬᠤ ᠪᠣᠯᠤᠭᠰᠠᠨ ᠨᠢ ᠡᠴᠦᠰ ᠲᠡᠭᠡᠨ ᠨᠢᠭᠡᠨ ᠰᠢᠨ᠎ᠡ ᠬᠦᠰᠡᠯ ᠢ᠋ ᠲᠥᠷᠥᠭᠦᠯᠵᠡᠢ᠃ ᠬᠤᠯᠠᠨ ᠡᠨᠡ ᠰᠢᠨ᠎ᠡ ᠬᠦᠰᠡᠯ ᠳ᠋ᠡᠭᠡᠨ ᠪᠦᠷ ᠰᠢᠨᠤᠨ ᠳᠤᠷᠠᠯᠠᠵᠤ ᠭᠠᠭᠴᠠ ᠴᠤ᠌ ᠡᠳᠦᠷ ᠲᠠᠢᠪᠤᠩ ᠰᠠᠭᠤᠵᠤ ᠴᠢᠳᠠᠬᠤ ᠦᠭᠡᠢ ᠪᠣᠯᠤᠭᠰᠠᠭᠠᠷ ᠪᠠᠰᠠ ᠡᠨᠡ ᠬᠦᠰᠡᠯ ᠢ᠋ᠶ᠋ᠡᠨ ᠴᠢᠩᠭᠢᠰ ᠬᠠᠭᠠᠨ ᠳ᠋ᠤ᠌ ᠬᠡᠯᠡᠵᠦ ᠲᠦᠪᠳᠡᠬᠦ ᠦᠭᠡᠢ ᠪᠠᠢᠭᠰᠠᠭᠠᠷ ᠰᠠᠮᠠᠷᠺᠠᠨᠳ᠋ ᠤ᠋ᠨ ᠳᠡᠷᠭᠡᠳᠡ ᠢᠷᠡᠵᠡᠢ᠃ ᠦᠵᠡᠰᠬᠦᠯᠡᠩᠲᠦ ᠰᠠᠮᠠᠷᠺᠠᠨᠳ᠋ ᠢ᠋ ᠬᠠᠷᠠᠭᠠᠳ ᠣᠳᠣ ᠴᠠᠭ ᠠᠯᠲᠠᠨ ᠠᠭᠤᠷᠯᠠᠵᠤ ᠪᠣᠯᠬᠤ ᠦᠭᠡᠢ ᠶ᠋ᠢ ᠣᠢᠯᠠᠭᠠᠵᠠᠢ᠃ ᠮᠠᠭᠠᠳ ᠦᠭᠡᠢ ᠳᠡᠭᠡᠳᠦ ᠲᠩᠷᠢ ᠭᠠᠭᠴᠠᠬᠠᠨ ᠡᠨᠡ ᠬᠦᠰᠡᠯ ᠦ᠋ᠨ ᠬᠢᠨᠢ ᠲᠥᠯᠥᠭᠡ ᠲᠡᠭᠦᠨ ᠢ᠋ ᠲᠡᠮᠦᠵᠢᠨ ᠲᠡᠢ ᠤᠴᠠᠷᠠᠭᠤᠯᠤᠭᠰᠠᠨ ᠴᠤ᠌ ᠶᠤᠮ ᠪᠢᠯᠡ ᠤᠤ?
ᠬᠤᠷᠽᠸᠮ ᠤ᠋ᠨ ᠵᠡᠭᠦᠨ ᠨᠡᠢᠰᠯᠡᠯ ᠭᠡᠭᠳᠡᠬᠦ ᠲᠠᠩᠰᠤᠭ ᠪᠠᠶᠠᠨ ᠰᠠᠮᠠᠷᠺᠠᠨᠳ᠋ ᠢ᠋ ᠡᠵᠡᠯᠡᠨ ᠰᠠᠭᠤᠪᠠᠯ ᠬᠤᠯᠠᠨ ᠤ᠋ ᠨᠡᠷ᠎ᠡ ᠠᠯᠳᠠᠷ ᠲᠦᠭᠡᠨ ᠳᠠᠭᠤᠷᠢᠰᠬᠤ ᠶᠤᠮ ᠰᠢᠭ᠋ ᠪᠣᠳᠣᠭᠳᠠᠨ᠎ᠠ᠃ ᠣᠯᠠᠨ ᠲᠦᠮᠡᠨ ᠬᠥᠮᠦᠨ ᠲᠡᠢ ᠰᠠᠮᠠᠷᠺᠠᠨᠳ᠋ ᠬᠣᠲᠠ ᠶ᠋ᠢ ᠴᠢᠩᠭᠢᠰ ᠬᠠᠭᠠᠨ ᠤ᠋ ᠴᠡᠷᠢᠭ ᠦ᠋ᠳ ᠡᠪᠳᠡᠨ ᠰᠦᠢᠷᠡᠭᠦᠯᠬᠦ ᠡᠴᠡ ᠠᠪᠤᠷᠠᠵᠤ ᠴᠢᠳᠠᠪᠠᠯ ᠬᠤᠯᠠᠨ ᠢ᠋ ᠡᠨᠡ ᠨᠤᠲᠤᠭ ᠤ᠋ᠨ ᠬᠢᠨ ᠦᠶ᠎ᠡ ᠶ᠋ᠢᠨ ᠦᠶ᠎ᠡ ᠳ᠋ᠦ᠍ ᠰᠠᠢᠨ ᠢ᠋ᠶ᠋ᠠᠷ ᠳᠤᠷᠠᠰᠤᠨ ᠰᠠᠨᠠᠵᠤ ᠡᠴᠦᠰ ᠲᠡᠭᠡᠨ ᠰᠠᠮᠠᠷᠺᠠᠨᠳ᠋ ᠢ᠋《ᠬᠤᠯᠠᠨ ᠬᠠᠲᠤᠨ ᠤ᠋ ᠪᠠᠯᠭᠠᠰᠤ》 ᠭᠡᠵᠦ ᠨᠡᠷᠡᠯᠡᠪᠡᠯ ᠬᠡᠴᠢᠨᠡᠨ ᠪᠠᠬᠠᠷᠬᠠᠯᠲᠠᠢ ᠪᠢᠯᠡ᠃ ᠡᠢᠮᠦ ᠰᠢᠨ᠎ᠡ ᠪᠡᠷᠬᠡ ᠬᠦᠰᠡᠯ ᠳ᠋ᠦ᠍ ᠠᠪᠲᠠᠭᠰᠠᠨ ᠬᠤᠯᠠᠨ ᠰᠣᠯᠢᠶᠠᠷᠠᠬᠤ ᠭᠡᠵᠦ ᠪᠠᠢᠯ᠎ᠠ᠃ ᠲᠡᠷᠡ ᠤᠭ ᠠ᠋ᠴᠠ ᠨᠢᠭᠡ ᠶᠠᠭᠤᠮ᠎ᠠ ᠰᠠᠨᠠᠪᠠᠯ ᠴᠠᠭᠠᠨ᠎ᠠ ᠨᠢ ᠭᠠᠷᠴᠤ ᠪᠠᠢᠵᠤ ᠰᠠᠨᠠᠭ᠎ᠠ ᠨᠢ ᠠᠮᠠᠷᠠᠬᠤ ᠵᠠᠩ ᠲᠠᠢ ᠲᠤᠯᠠ ᠨᠢᠭᠡ ᠮᠥᠴᠡ ᠲᠠᠢᠪᠤᠩ ᠰᠠᠭᠤᠵᠤ ᠡᠰᠡ ᠴᠢᠳᠠᠵᠠᠢ᠃ ᠬᠤᠯᠠᠨ ᠬᠠᠲᠤᠨ ᠤ᠋ ᠪᠠᠨ ᠡᠯ᠎ᠡ ᠬᠠᠴᠢᠨ ᠵᠢᠭᠲᠡᠢ ᠪᠠᠢᠳᠠᠯ ᠢ᠋ ᠴᠢᠩᠭᠢᠰ ᠬᠠᠭᠠᠨ ᠴᠤ᠌ ᠭᠠᠳᠠᠷᠯᠠᠵᠠᠢ᠃ ᠬᠤᠯᠠᠨ ᠢᠩᠭᠢᠵᠦ ᠥᠪᠡᠷ ᠢ᠋ ᠪᠡᠨ ᠠᠯᠳᠠᠷᠰᠢᠭᠤᠯᠤᠨ ᠪᠦᠬᠦᠨ ᠡᠴᠡ ᠳᠡᠭᠡᠭᠦᠷ ᠰᠠᠭᠤᠬᠤ ᠭᠡᠵᠦ ᠬᠦᠰᠡᠬᠦ ᠪᠣᠯᠤᠭᠰᠠᠨ ᠨᠢ ᠪᠠᠰᠠ ᠨᠢᠭᠡ ᠤᠴᠢᠷᠲᠠᠢ ᠪᠢᠯᠡ᠃
ᠣᠳᠣ ᠠ᠋ᠴᠠ ᠬᠣᠶᠠᠷ ᠵᠢᠯ ᠦ᠋ᠨ ᠲᠡᠷᠲᠡᠭᠡ ᠴᠢᠩᠭᠢᠰ ᠬᠠᠭᠠᠨ ᠤ᠋ ᠶᠡᠬᠡ ᠴᠡᠷᠢᠭ ᠬᠣᠷᠽᠸᠮ ᠤᠷᠤᠭᠤ ᠬᠥᠳᠡᠯᠬᠦ ᠶ᠋ᠢᠨ ᠡᠮᠦᠨᠡᠬᠢ ᠨᠢᠭᠡᠨ ᠦᠳᠡᠰᠢ ᠪᠥᠷᠲᠡ ᠬᠠᠲᠤᠨ ᠬᠤᠯᠠᠨ ᠢ᠋ ᠦᠷᠭᠦᠭᠡᠨ ᠳ᠋ᠡᠭᠡᠨ ᠤᠷᠢᠵᠤ ᠵᠣᠭᠣᠭ ᠪᠠᠷᠢᠵᠠᠢ᠃ ᠭᠠᠭᠴᠠ ᠪᠡᠶ᠎ᠡ ᠳ᠋ᠦ᠍ᠨᠢ ᠢᠩᠭᠢᠵᠦ ᠠᠩᠬᠠᠷᠤᠯ ᠬᠦᠨᠳᠦᠳᠬᠡᠯ ᠲᠤᠰᠬᠠᠢᠯᠠᠨ ᠦᠵᠡᠭᠦᠯᠦᠭᠰᠡᠨ ᠶᠠᠪᠤᠳᠠᠯ ᠤᠷᠢᠳ ᠨᠢᠭᠡ ᠶᠡᠬᠡ ᠣᠯᠠᠨ ᠭᠠᠷᠤᠭ᠎ᠠ ᠦᠭᠡᠢ ᠲᠤᠯᠠ ᠬᠤᠯᠠᠨ ᠶᠡᠬᠡ ᠴᠣᠴᠢᠷᠳᠠᠵᠤ ᠪᠠᠯᠮᠠᠬᠳᠠᠵᠠᠢ᠃ ᠠᠯᠤᠰ ᠭᠠᠵᠠᠷ ᠣᠳᠬᠤ ᠪᠣᠯᠪᠠ ᠭᠡᠵᠦ ᠡᠨᠡ ᠪᠢᠵᠡ ᠭᠡᠮᠡᠨ ᠪᠣᠳᠣᠪᠠᠴᠤ ᠨᠢᠭᠡ ᠯᠡ ᠰᠠᠢᠨ ᠵᠦᠢᠯ ᠲᠥᠰᠥᠭᠡᠯᠡᠭᠳᠡᠭᠰᠡᠨ ᠦᠭᠡᠢ ᠪᠢᠯᠡ᠃ ᠡᠨᠡ ᠭᠡᠷ ᠲᠦ᠍ ᠲᠡᠮᠦᠵᠢᠨ ᠳ᠋ᠦ᠍ ᠠᠩᠬ᠎ᠠ ᠢᠷᠡᠭᠰᠡᠨ ᠡᠴᠡ ᠬᠣᠢᠰᠢ ᠶᠡᠬᠡ ᠬᠠᠲᠤᠨ ᠪᠥᠷᠲᠡ ᠲᠡᠭᠦᠨ ᠳ᠋ᠦ᠍ ᠣᠨᠴᠠᠭᠠᠢ ᠳᠣᠲᠣᠨᠣ ᠬᠠᠨᠳᠤᠭ᠎ᠠ ᠦᠭᠡᠢ ᠶ᠋ᠢ ᠬᠤᠯᠠᠨ ᠮᠡᠳᠡᠨ᠎ᠡ᠃ ᠲᠡᠷᠡ ᠪᠤᠤ ᠬᠡᠯᠡ ᠠᠲᠠᠭᠠᠷᠬᠠᠨ ᠬᠣᠷᠣᠰᠬᠤ ᠪᠠᠢᠳᠠᠯ ᠴᠤ᠌ ᠢᠯᠡᠷᠡᠬᠦ ᠰᠢᠭ ᠰᠠᠨᠠᠭᠳᠠᠳᠠᠭ ᠪᠠᠢᠪᠠ᠃ ᠶᠡᠷᠦ ᠡᠴᠡ ᠬᠤᠯᠠᠨ ᠠᠩᠬᠠᠨ ᠠ᠋ᠴᠠ ᠪᠠᠨ ᠯᠠ ᠶᠡᠬᠡ ᠬᠠᠲᠤᠨ ᠪᠥᠷᠲᠡ ᠭᠡᠭᠴᠢ ᠬᠥᠭᠰᠢᠨ ᠠᠪᠠᠭᠠᠢ ᠶ᠋ᠢ ᠳᠣᠲᠣᠷ᠎ᠠ ᠰᠡᠳᠬᠢᠯ ᠳ᠋ᠡᠭᠡᠨ ᠶᠡᠬᠡᠳᠡ ᠦᠵᠡᠨ ᠶᠠᠳᠠᠳᠠᠭ ᠪᠠᠢᠯ᠎ᠠ᠃ ᠲᠡᠷᠡ ᠬᠥᠭᠰᠢᠨ ᠬᠠᠲᠤᠨ ᠴᠢᠩᠭᠢᠰ ᠬᠠᠭᠠᠨ ᠤ᠋ ᠳᠡᠷᠭᠡᠳᠡ ᠬᠠᠮᠤᠭ ᠤ᠋ᠨ ᠶᠡᠬᠡ ᠡᠷᠬᠡ ᠮᠠᠲᠠᠯ ᠢ᠋ ᠡᠳ᠋ᠯᠡᠬᠦ ᠨᠢ ᠭᠠᠴᠢᠯᠠᠩᠲᠠᠢ᠃ ᠪᠠᠰᠠ ᠳᠡᠭᠡᠷ᠎ᠡ ᠨᠢ ᠴᠢᠩᠭᠢᠰ ᠬᠠᠭᠠᠨ ᠥᠪᠡᠷ ᠦ᠋ᠨ ᠳᠥᠷᠪᠡᠨ ᠬᠥᠪᠡᠭᠦᠨ ᠳ᠋ᠡᠭᠡᠨ ᠠᠮᠢ ᠪᠠᠨ ᠲᠠᠯᠪᠢᠳᠠᠭ ᠲᠤᠯᠠ ᠪᠥᠷᠲᠡ ᠶᠠᠭᠠᠬᠢᠬᠤ ᠴᠤ᠌ ᠠᠷᠭ᠎ᠠ ᠦᠭᠡᠢ ᠬᠤᠯᠠᠨ ᠠ᠋ᠴᠠ ᠳᠡᠭᠡᠭᠦᠷ ᠵᠢᠩᠳᠠᠭᠠᠨ ᠳ᠋ᠤ᠌ ᠪᠠᠢᠬᠤ ᠨᠢ ᠭᠠᠷᠴᠠᠭ᠎ᠠ ᠦᠭᠡᠢ ᠠᠭᠠᠳ ᠡᠭᠦᠨ ᠢ᠋ ᠬᠥᠮᠦᠨ ᠪᠦᠭᠦᠳᠡ ᠮᠡᠳᠡᠵᠦ ᠪᠥᠷᠲᠡ ᠶ᠋ᠢ ᠬᠦᠨᠳᠦᠳᠬᠡᠬᠦ ᠨᠢ ᠬᠤᠯᠠᠨ ᠳ᠋ᠤ᠌ ᠣᠭᠲᠣᠬᠠᠨ ᠴᠤ᠌ ᠲᠠᠭᠠᠯᠠᠭᠳᠠᠳᠠᠭ ᠦᠭᠡᠢ ᠪᠢᠯᠡ᠃ ᠶᠠᠳᠠᠵᠤ ᠲᠡᠭᠦᠨ ᠡᠴᠡ ᠦᠷ᠎ᠡ ᠬᠡᠦᠬᠡᠳ ᠭᠠᠷᠤᠭᠰᠠᠨ ᠦᠭᠡᠢ᠃ ᠬᠡᠷᠪᠡ ᠲᠡᠭᠦᠨ ᠳ᠋ᠦ᠍ ᠬᠥᠪᠡᠭᠦᠨ ᠦᠷ᠎ᠡ ᠵᠠᠶᠠᠭᠠᠭᠰᠠᠨ ᠪᠣᠯ ᠬᠤᠯᠠᠨ ᠴᠢᠩᠭᠢᠰ ᠬᠠᠭᠠᠨ ᠤ᠋ ᠬᠠᠮᠤᠭ ᠤ᠋ᠨ ᠬᠦᠨᠳᠦᠲᠦ ᠬᠠᠲᠤᠨ ᠪᠣᠯᠵᠤ᠂ ᠬᠥᠪᠡᠭᠦᠨ ᠨᠢ ᠶᠡᠬᠡ ᠬᠠᠭᠠᠨ ᠤ᠋ ᠰᠠᠭᠤᠳᠠᠯ ᠢ᠋ ᠵᠠᠯᠭᠠᠮᠵᠢᠯᠠᠬᠤ ᠨᠢ ᠭᠠᠷᠴᠠᠭ᠎ᠠ ᠦᠭᠡᠢ ᠪᠠᠢᠬᠤ ᠰᠠᠨ ᠭᠡᠵᠦ ᠪᠣᠳᠣᠬᠤ ᠪᠦᠷᠢ ᠬᠤᠪᠢ ᠵᠠᠶᠠᠭᠠᠨ ᠳ᠋ᠠᠭᠠᠨ ᠶᠡᠬᠡᠳᠡ ᠭᠤᠲᠤᠷᠠᠬᠤ ᠪᠣᠯᠵᠠᠢ᠃ ᠭᠡᠲᠡᠯ᠎ᠡ ᠲᠡᠷᠡ ᠦᠳᠡᠰᠢ ᠶ᠋ᠢᠨ ᠵᠣᠭᠣᠭ ᠳᠡᠭᠡᠷ᠎ᠡ ᠪᠥᠷᠲᠡ ᠬᠠᠲᠤᠨ ᠤ᠋ ᠬᠡᠯᠡᠭᠰᠡᠨ ᠦᠭᠡ ᠲᠤᠢᠯ ᠤ᠋ᠨ ᠬᠣᠣᠷᠲᠠᠢ ᠭᠠᠰᠢᠭᠤᠨ ᠪᠠᠢᠭᠰᠠᠨ ᠢ᠋ ᠬᠤᠯᠠᠨ ᠬᠡᠵᠢᠶ᠎ᠡ ᠴᠦ᠍ ᠮᠠᠷᠲᠠᠬᠤ ᠦᠭᠡᠢ ᠭᠡᠵᠦ ᠥᠪᠡᠷ ᠲᠡᠭᠡᠨ ᠲᠠᠩᠭᠠᠷᠢᠭᠯᠠᠭᠰᠠᠨ ᠪᠢᠯᠡ᠃ ᠪᠠᠰᠠ ᠡᠨᠡ ᠦᠭᠡ ᠶ᠋ᠢ ᠴᠢᠩᠭᠢᠰ ᠬᠠᠭᠠᠨ ᠪᠣᠯᠤᠭᠠᠳ ᠳᠥᠷᠪᠡᠨ ᠬᠥᠪᠡᠭᠦᠨ ᠦ᠌ ᠪᠡᠨ ᠨᠢᠭᠤᠷ ᠳᠡᠭᠡᠷ᠎ᠡ ᠵᠣᠷᠢᠭᠤᠳᠠ ᠬᠡᠯᠡᠭᠰᠡᠨ ᠢ᠋ ᠶᠠᠭᠠᠬᠢᠨ᠎ᠠ᠃ ᠪᠥᠷᠲᠡ ᠶ᠋ᠢᠨ ᠡᠨᠡ ᠦᠭᠡᠰ ᠬᠤᠯᠠᠨ ᠢ᠋ ᠡᠬᠢᠯᠡᠭᠡᠳ ᠴᠣᠴᠢᠭᠠᠵᠤ᠂ ᠰᠡᠭᠦᠯ ᠳ᠋ᠦ᠍ᠨᠢ ᠭᠤᠨᠢᠭ ᠲᠤ᠌ ᠠᠪᠲᠠᠭᠤᠯᠵᠤ ᠣᠳᠣ ᠤᠯᠠᠮ ᠦᠵᠡᠨ ᠶᠠᠳᠠᠬᠤ ᠳ᠋ᠤ᠌ ᠬᠦᠷᠭᠡᠪᠡ᠃ ᠴᠢᠩᠭᠢᠰ ᠬᠠᠭᠠᠨ ᠢ᠋ ᠲᠡᠢᠨ ᠳ᠋ᠦ᠍ ᠮᠣᠷᠳᠠᠬᠤ ᠳ᠋ᠤᠨᠢ ᠶᠡᠬᠡ ᠬᠠᠲᠤᠨ ᠤ᠋ ᠬᠤᠪᠢ ᠪᠠᠷ ᠪᠥᠷᠲᠡ ᠢᠩᠭᠢᠵᠦ ᠡᠷ᠎ᠡ ᠨᠥᠬᠥᠷ᠂ ᠬᠥᠪᠡᠭᠦᠳ ᠢ᠋ᠶ᠋ᠡᠨ ᠳᠠᠢᠯᠠᠵᠤ ᠦᠳᠡᠳᠡᠭ ᠶᠣᠰᠣᠲᠠᠢ ᠠᠵᠢ᠃ ᠡᠨᠡ ᠲᠣᠭᠲᠠᠭᠰᠠᠨ ᠶᠣᠰᠣ ᠪᠠᠷ ᠪᠥᠷᠲᠡ ᠶ᠋ᠢᠨ ᠶᠡᠬᠡ ᠦᠷᠭᠦᠭᠡᠨ ᠳ᠋ᠦ᠍ ᠴᠢᠩᠭᠢᠰ ᠬᠠᠭᠠᠨ᠂ ᠵᠥᠴᠢ᠂ ᠴᠠᠭᠠᠲᠠᠢ᠂ ᠥᠭᠡᠳᠡᠢ᠂ ᠲᠤᠯᠤᠢ ᠪᠠᠰᠠ ᠬᠤᠯᠠᠨ ᠨᠠᠷ ᠵᠡᠷᠭᠡᠴᠡᠨ ᠰᠠᠭᠤᠵᠤ ᠪᠠᠢᠪᠠ᠃ ᠲᠡᠷᠡ ᠦᠳᠡᠰᠢ ᠪᠥᠷᠲᠡ ᠬᠠᠲᠤᠨ ᠤ᠋ ᠬᠡᠯᠡᠭᠰᠡᠨ ᠤᠷᠠᠨ ᠨᠠᠢᠷᠠᠭᠤ ᠦᠭᠡ ᠪᠦᠭᠦᠳᠡ ᠶ᠋ᠢ ᠡᠵᠡᠮᠳᠡᠵᠦ ᠲᠡᠷᠡ ᠳᠤᠮᠳᠠ ᠪᠠᠨ ᠴᠢᠩᠭᠢᠰ ᠬᠠᠭᠠᠨ ᠪᠦᠷ ᠶᠡᠬᠡ ᠪᠠᠬᠠᠳᠤᠯᠲᠠᠢ ᠰᠣᠨᠣᠰᠬᠤ ᠶ᠋ᠢ ᠦᠵᠡᠭᠡᠳ ᠳᠥᠷᠪᠡᠨ ᠬᠥᠪᠡᠭᠦᠨ ᠲᠥᠷᠥᠭᠦᠯᠦᠭᠰᠡᠨ ᠪᠥᠷᠲᠡ ᠳ᠋ᠦ᠍ ᠬᠤᠯᠠᠨ ᠦᠬᠦᠲᠡᠯ᠎ᠡ ᠪᠡᠨ ᠠᠲᠠᠭᠠᠷᠬᠠᠭᠰᠠᠨ ᠪᠢᠯᠡ᠃ ᠬᠤᠯᠠᠨ ᠳ᠋ᠤ᠌ ᠵᠠᠯᠠᠭᠤ ᠨᠠᠰᠤᠨ ᠠ᠋ᠴᠠ ᠥᠭᠡᠷ᠎ᠡ ᠪᠥᠷᠲᠡ ᠡᠴᠡ ᠳᠡᠭᠡᠷ᠎ᠡ ᠭᠠᠷᠬᠤ ᠶᠠᠭᠤᠮ᠎ᠠ ᠦᠭᠡᠢ ᠪᠡᠨ ᠮᠡᠳᠡᠵᠡᠢ᠃ ᠬᠤᠯᠠᠨ ᠥᠭᠡᠳᠡᠢ ᠲᠡᠢ ᠨᠠᠰᠤ ᠴᠢᠴᠠᠤ᠂ ᠬᠠᠷᠢᠨ ᠲᠤᠯᠤᠢ ᠠ᠋ᠴᠠ ᠬᠣᠶᠠᠷ ᠡᠭᠡᠴᠢ ᠪᠥᠯᠥᠭᠡ᠃ ᠪᠥᠷᠲᠡ ᠬᠠᠲᠤᠨ ᠲᠡᠷᠡ ᠦᠳᠡᠰᠢ ᠣᠯᠠᠨ ᠬᠤᠨᠳᠠᠭ᠎ᠠ ᠡᠷᠭᠦᠵᠦ ᠰᠠᠢᠬᠠᠨ ᠦᠭᠡ ᠬᠡᠯᠡᠭᠰᠡᠨ ᠳ᠋ᠦ᠍ ᠪᠦᠭᠦᠳᠡ ᠰᠡᠳᠬᠢᠯ ᠰᠡᠷᠭᠦᠵᠡᠢ᠃ ᠬᠠᠷᠢᠨ ᠬᠤᠯᠠᠨ ᠳ᠋ᠤ᠌ ᠬᠤᠨᠳᠠᠭ᠎ᠠ ᠪᠠᠷᠢᠵᠤ ᠲᠡᠭᠦᠨ ᠳ᠋ᠦ᠍ ᠵᠣᠷᠢᠭᠤᠯᠤᠨ ᠦᠭᠡ ᠬᠡᠯᠡᠬᠦ ᠬᠦᠷᠲᠡᠯ᠎ᠡ ᠲᠠᠢᠪᠤᠩ ᠰᠠᠢᠬᠠᠨ ᠪᠠᠢᠪᠠ᠃ ᠪᠥᠷᠲᠡ ᠡᠭᠡᠯᠵᠢᠲᠦ ᠬᠤᠨᠳᠠᠭ᠎ᠠ ᠪᠠᠨ ᠡᠷᠭᠦᠭᠡᠳ ᠡᠢᠨ ᠬᠡᠯᠡᠪᠡ᠃
| ᠬᠤᠯᠠᠨ ᠬᠠᠲᠤᠨ᠃ ᠴᠢᠩᠭᠢᠰ ᠬᠠᠭᠠᠨ ᠤ᠋ ᠵᠠᠷᠯᠢᠭ ᠢ᠋ ᠳᠠᠭᠠᠵᠤ ᠴᠢ ᠬᠣᠯᠠ ᠠᠶᠠᠨ ᠳ᠋ᠤ᠌ ᠣᠯᠠᠨ ᠵᠢᠯ ᠰᠠᠷ᠎ᠠ ᠪᠠᠷ ᠶᠠᠪᠤᠬᠤ ᠲᠤᠯᠠ ᠪᠢᠳᠡ ᠠᠭᠤᠯᠵᠠᠬᠤ ᠦᠭᠡᠢ ᠤᠳᠠᠬᠤ ᠪᠢᠵᠡ᠃ ᠲᠡᠢᠮᠦ ᠪᠣᠯᠬᠣᠷ ᠪᠢ ᠴᠥᠭᠡᠨ ᠬᠡᠳᠦᠨ ᠦᠭᠡ ᠬᠡᠯᠡᠶ᠎ᠡ᠃ ᠣᠪᠰᠣ ᠮᠡᠷᠭᠢᠳ ᠦ᠋ᠨ ᠳ᠋ᠠᠢᠷ ᠤᠰᠤᠨ ᠤ᠋ ᠥᠬᠢᠨ ᠬᠤᠯᠠᠨ ᠴᠢ ᠴᠢᠩᠭᠢᠰ ᠬᠠᠭᠠᠨ ᠳ᠋ᠤ᠌ ᠢᠷᠡᠭᠡᠳ ᠠᠷᠪᠠᠨ ᠲᠠᠪᠤ ᠵᠢᠷᠭᠤᠭᠠᠨ ᠵᠢᠯ ᠥᠩᠭᠡᠷᠡᠵᠡᠢ᠃ ᠣᠳᠣ ᠴᠢ ᠣᠪᠰᠣ ᠮᠡᠷᠭᠢᠳ ᠦ᠋ᠨ ᠳ᠋ᠠᠢᠷ ᠤᠰᠤᠨ ᠤ᠋ ᠥᠬᠢᠨ ᠬᠤᠯᠠᠨ ᠪᠢᠰᠢ᠂ ᠴᠢᠩᠭᠢᠰ ᠬᠠᠭᠠᠨ ᠤ᠋ ᠬᠠᠢᠷᠠᠲᠠᠢ ᠬᠠᠲᠤᠨ ᠬᠤᠯᠠᠨ ᠪᠣᠯᠵᠠᠢ᠃ ᠴᠢ ᠴᠢᠩᠭᠢᠰ ᠬᠠᠭᠠᠨ ᠳ᠋ᠤ᠌ ᠢᠷᠡᠬᠦ ᠳ᠋ᠡᠭᠡᠨ ᠠᠷᠪᠠᠨ ᠨᠠᠢ᠍ᠮᠠᠲᠠᠢ ᠪᠠᠢᠭᠰᠠᠨ᠃ ᠲᠡᠮᠦᠵᠢᠨ ᠨᠠᠮᠢ᠋ᠢ ᠣᠴᠢᠵᠤ ᠠᠪᠬᠤ ᠳ᠋ᠤ᠌ ᠪᠢ ᠴᠦ᠍ ᠪᠠᠰᠠ ᠠᠷᠪᠠᠨ ᠨᠠᠢ᠍ᠮᠠ ᠲᠠᠢ ᠪᠠᠢᠭᠰᠠᠨ᠃ ᠴᠠᠭ ᠬᠤᠭᠤᠴᠠᠭ᠎ᠠ ᠭᠡᠭᠴᠢ ᠡᠨᠡ ᠶᠢᠷᠲᠢᠨᠴᠦ ᠶ᠋ᠢᠨ ᠪᠦᠬᠦ ᠵᠦᠢᠯᠡᠰ ᠢ᠋ ᠬᠤᠪᠢᠷᠠᠭᠠᠨ ᠥᠭᠡᠷᠡᠴᠢᠯᠡᠵᠦ ᠴᠢᠳᠠᠨ᠎ᠠ᠃ ᠨᠢᠭᠡᠨ ᠴᠠᠭ ᠲᠤ᠌ ᠲᠠᠨ ᠤ᠋ ᠮᠡᠷᠭᠢᠳ ᠠᠢᠮᠠᠭ ᠪᠣᠷᠵᠢᠭᠢᠨ ᠠᠢᠮᠠᠭ᠂ ᠴᠢᠩᠭᠢᠰ ᠬᠠᠭᠠᠨ ᠳ᠋ᠤ᠌ ᠳᠠᠢᠰᠤᠩᠨᠠᠵᠤ ᠪᠥᠷᠲᠡ ᠨᠠᠮᠢ᠋ᠢ ᠬᠦᠷᠲᠡᠯ᠎ᠡ ᠪᠤᠯᠢᠶᠠᠨ ᠠᠪᠴᠤ ᠪᠠᠢᠭᠰᠠᠨ ᠨᠢ ᠦᠨᠡᠨᠲᠠᠢ᠃ ᠭᠡᠪᠡᠴᠦ ᠮᠠᠭᠤ ᠦᠢᠯᠡ ᠮᠠᠭᠤ ᠦᠢᠯᠡ ᠪᠠᠨ ᠯᠠ ᠳᠠᠭᠠᠭᠤᠯᠳᠠᠭ ᠠᠵᠢ᠃ ᠣᠳᠣ ᠲᠠᠨ ᠤ᠋ ᠮᠡᠷᠭᠢᠳ ᠠᠢᠮᠠᠭ ᠦᠢᠯᠡ ᠪᠡᠨ ᠳ᠋ᠡᠭᠠᠨ ᠴᠢᠩᠭᠢᠰ ᠬᠠᠭᠠᠨ ᠳ᠋ᠤ᠌ ᠳᠠᠷᠤᠭᠳᠠᠨ ᠰᠦᠢᠷᠡᠵᠦ ᠨᠢᠭᠡᠨᠲᠡ ᠦᠭᠡᠢ ᠪᠣᠯᠪᠠ᠃ ᠬᠠᠷᠢᠨ ᠳ᠋ᠠᠢᠷ ᠤᠰᠤᠨ ᠤ᠋ ᠥᠬᠢᠨ ᠬᠤᠯᠠᠨ ᠴᠢ ᠭᠤᠸ᠎ᠠ ᠰᠠᠢᠬᠠᠨ ᠲᠥᠷᠥᠭᠰᠡᠨ ᠦ᠌ ᠬᠦᠴᠦᠨ ᠳ᠋ᠦ᠍ ᠠᠮᠢᠳᠤ ᠦᠯᠡᠳᠡᠪᠡ᠃ ᠴᠢ ᠥᠪᠡᠷ ᠢ᠋ ᠪᠡᠨ ᠣᠯᠠᠨ ᠮᠡᠷᠭᠢᠳ ᠦ᠋ᠨ ᠳᠣᠲᠣᠷ᠎ᠠ ᠠ᠋ᠴᠠ ᠬᠠᠮᠤᠭ ᠤ᠋ᠨ ᠠᠵᠠᠲᠠᠢ ᠳ᠋ᠤ᠌ ᠲᠣᠭᠠᠴᠠᠬᠤ ᠶᠣᠰᠣᠲᠠᠢ ᠶᠤᠮ᠃ ᠴᠢᠩᠭᠢᠰ ᠬᠠᠭᠠᠨ ᠴᠢᠮᠢ᠋ᠢ ᠰᠣᠶᠣᠷᠬᠠᠨ ᠳᠠᠭᠠᠯᠠᠭᠠ ᠦᠭᠡᠢ ᠪᠣᠯ ᠴᠢ ᠥᠨᠥᠳᠥᠷ ᠮᠠᠨ ᠤ᠋ ᠤᠯᠤᠰ ᠤ᠋ᠨ ᠬᠡᠨ ᠦ᠌ ᠬᠢᠨᠢ ᠬᠥᠨᠵᠢᠯᠡ ᠶ᠋ᠢ ᠪᠦᠯᠢᠶᠡᠴᠡᠭᠦᠯᠵᠦ᠂ ᠬᠥᠯ ᠢ᠋ ᠤᠬᠢᠶᠠᠵᠤ ᠶᠠᠪᠤᠬᠤ ᠶ᠋ᠢ ᠬᠡᠨ ᠮᠡᠳᠡᠯ᠎ᠡ᠃ ᠪᠦᠷ ᠰᠤᠷᠠᠭ ᠦᠭᠡᠢ ᠬᠤᠮᠠᠬᠢ ᠶ᠋ᠢᠨ ᠲᠣᠭᠣᠰᠣ ᠪᠣᠯᠤᠭᠰᠠᠨ ᠪᠠᠢᠵᠤ ᠮᠡᠳᠡᠨ᠎ᠡ᠃ ᠡᠢᠮᠦ ᠦᠭᠡ ᠬᠡᠯᠡᠪᠡ ᠭᠡᠵᠦ ᠴᠢ ᠨᠠᠳᠠᠳᠤ ᠭᠣᠮᠣᠳᠠᠵᠤ ᠲᠤᠨᠢᠬᠤ ᠵᠦᠢᠯ ᠦᠭᠡᠢ᠃ ᠪᠢ ᠡᠨᠡ ᠦᠭᠡ ᠶ᠋ᠢ ᠬᠤᠳᠠᠯ ᠭᠡᠵᠦ ᠰᠠᠨᠠᠬᠤ ᠦᠭᠡᠢ ᠪᠠᠢᠨ᠎ᠠ᠃ ᠪᠢ ᠬᠡᠯᠡᠶ᠎ᠡ ᠭᠡᠵᠦ ᠬᠡᠯᠡᠵᠦ ᠪᠠᠢᠨ᠎ᠠ᠃ ᠪᠢ ᠪᠣᠯ ᠶᠢᠰᠦᠭᠡᠢ ᠡᠴᠢᠭᠡ ᠰᠦᠢ ᠲᠠᠯᠪᠢᠵᠤ᠂ ᠴᠢᠩᠭᠢᠰ ᠬᠠᠭᠠᠨ ᠶᠣᠰᠣᠯᠠᠵᠤ ᠠᠪᠤᠭᠰᠠᠨ ᠠᠩᠬᠠᠨ ᠤ᠋ ᠬᠢᠨᠢ ᠬᠠᠲᠤᠨ᠃ ᠳᠥᠷᠪᠡᠨ ᠬᠥᠪᠡᠭᠦᠨ ᠲᠥᠷᠥᠭᠦᠯᠵᠦ ᠥᠭᠭᠦᠭᠰᠡᠨ ᠦ᠌ ᠬᠤᠪᠢ ᠳ᠋ᠤ᠌ ᠪᠢ ᠡᠢᠮᠦ ᠦᠭᠡ ᠪᠠᠷᠳᠠᠮ ᠬᠡᠯᠡᠬᠦ ᠡᠷᠬᠡ ᠲᠡᠢ ᠬᠥᠮᠦᠨ᠃ ᠪᠢ ᠳᠥᠷᠪᠡᠨ ᠬᠦᠦ ᠲᠥᠷᠥᠭᠦᠯᠦᠭᠰᠡᠨ ᠦ᠌ ᠤᠴᠢᠷ ᠠᠯᠲᠠᠨ ᠤᠷᠤᠭ ᠲᠤ᠌ ᠳᠠᠷᠬᠠᠯᠠᠭᠳᠠᠵᠤ ᠪᠣᠷᠵᠢᠭᠢᠨ ᠤᠳᠤᠮ ᠤ᠋ᠨ ᠬᠥᠮᠦᠨ ᠪᠣᠯᠤᠭᠰᠠᠨ ᠶᠤᠮ᠃ ᠬᠠᠷᠢᠨ ᠴᠢ ᠮᠡᠷᠭᠢᠳ ᠬᠥᠮᠦᠨ ᠭᠡᠳᠡᠭ ᠢ᠋ᠶ᠋ᠡᠨ ᠬᠣᠷᠣᠮ ᠴᠤ᠌ ᠪᠦᠦ ᠮᠠᠷᠲᠠ᠃ ᠴᠢ ᠭᠡᠨ᠎ᠡ ᠭᠡᠨ᠎ᠡ ᠬᠡᠨ ᠪᠣᠯᠬᠤ ᠪᠠᠨ ᠮᠠᠷᠲᠠᠳᠠᠭ ᠲᠤᠯᠠ ᠪᠢ ᠴᠢᠮᠠᠲᠤ ᠡᠭᠦᠨ ᠢ᠋ ᠰᠠᠨᠠᠭᠤᠯᠵᠤ ᠪᠠᠢᠨ᠎ᠠ᠃ ᠴᠢ ᠮᠡᠷᠭᠢᠳ ᠬᠥᠮᠦᠨ ᠭᠡᠳᠡᠭ ᠢ᠋ᠶ᠋ᠡᠨ ᠬᠡᠵᠢᠶ᠎ᠡ ᠴᠦ᠍ ᠮᠠᠷᠲᠠᠬᠤ ᠦᠭᠡᠢ ᠰᠠᠨᠠᠵᠤ ᠶᠠᠪᠤᠪᠠᠰᠤ ᠴᠢᠩᠭᠢᠰ ᠬᠠᠭᠠᠨ ᠴᠢᠮᠢ᠋ᠢ ᠰᠣᠶᠣᠷᠬᠠᠨ ᠲᠡᠳᠬᠦᠵᠦ ᠬᠠᠪᠢᠷᠭᠠᠨ ᠳ᠋ᠠᠭᠠᠨ ᠠᠪᠤᠭᠰᠠᠨ ᠤ᠋ ᠶᠡᠬᠡ ᠠᠴᠢ᠂ ᠠᠭᠤᠤ ᠰᠡᠳᠬᠢᠯ ᠦ᠋ᠨ ᠦᠨ᠎ᠡ ᠴᠠᠨ᠎ᠠ ᠶ᠋ᠢ ᠣᠢᠯᠠᠭᠠᠬᠤ ᠪᠣᠯᠤᠨ᠎ᠠ᠃ ᠴᠢᠩᠭᠢᠰ ᠬᠠᠭᠠᠨ ᠤ᠋ ᠴᠢᠮᠢ᠋ᠢ ᠢᠪᠡᠭᠡᠯ ᠳ᠋ᠡᠭᠡᠨ ᠪᠠᠭᠲᠠᠭᠠᠭᠰᠠᠨ ᠡᠨᠡ ᠶᠡᠬᠡ ᠰᠣᠶᠣᠷᠬᠠᠯ ᠲᠠᠨ ᠤ᠋ ᠮᠡᠷᠭᠢᠳ ᠠᠢᠮᠠᠭ ᠤ᠋ᠨ ᠣᠯᠠᠨ ᠣᠯᠠᠨ ᠬᠥᠮᠦᠨ᠂ ᠲᠡᠷᠡ ᠳᠣᠲᠣᠷ᠎ᠠ ᠲᠥᠷᠥᠭᠰᠡᠨ ᠡᠴᠢᠭᠡ ᠳ᠋ᠠᠢᠷ ᠤᠰᠤᠨ ᠤ᠋ ᠴᠢᠨᠢ ᠠᠮᠢ ᠨᠠᠰᠤᠨ ᠤ᠋ ᠦᠨᠡᠲᠡᠢ ᠶᠦᠮ᠃ ᠴᠢ ᠡᠴᠢᠭᠡ ᠶ᠋ᠢᠨ ᠢ᠋ᠶ᠋ᠡᠨ ᠪᠣᠯᠤᠭᠠᠳ ᠡᠩ ᠦ᠋ᠨ ᠮᠡᠷᠭᠢᠳ ᠢᠷᠭᠡᠳ ᠦ᠋ᠨ ᠬᠠᠯᠠᠭᠤᠨ ᠠᠮᠢ ᠶ᠋ᠢ ᠦᠷᠡᠭᠰᠡᠨ ᠦ᠌ ᠬᠦᠴᠦ ᠪᠡᠷ ᠴᠢᠩᠭᠢᠰ ᠬᠠᠭᠠᠨ ᠳ᠋ᠤ᠌ ᠢᠷᠡᠵᠡᠢ᠃ ᠲᠡᠢᠮᠦ ᠪᠣᠯᠬᠣᠷ ᠬᠤᠯᠠᠨ ᠴᠢ ᠡᠷ᠎ᠡ ᠲᠡᠢ ᠰᠠᠢᠨ ᠳ᠋ᠠᠭᠠᠨ ᠶᠡᠬᠡ ᠬᠠᠲᠤᠨ ᠪᠣᠯᠪᠠ ᠭᠡᠵᠦ ᠪᠦᠦ ᠡᠷᠳᠦ᠃ ᠴᠢᠩᠭᠢᠰ ᠬᠠᠭᠠᠨ ᠤ᠋ ᠡᠮᠦᠨ᠎ᠡ ᠪᠦᠦ ᠣᠰᠤᠯᠳᠤ᠃ ᠴᠢ ᠵᠠᠯᠠᠭᠤ ᠬᠥᠮᠦᠨ᠃ ᠰᠡᠳᠬᠢᠯ ᠢ᠋ᠶ᠋ᠡᠨ ᠪᠥᠬᠡᠯᠡ᠃ ᠬᠠᠲᠤᠨ ᠬᠥᠮᠦᠨ ᠳ᠋ᠦ᠍ ᠶᠠᠮᠠᠷ ᠵᠢᠷᠤᠮ ᠪᠠᠢᠬᠤ ᠶᠣᠰᠣᠲᠠᠢ ᠭᠡᠵᠦ ᠴᠢᠩᠭᠢᠰ ᠬᠠᠭᠠᠨ ᠰᠤᠷᠭᠠᠭᠰᠠᠨ ᠢ᠋ ᠪᠢ ᠴᠢᠮᠠᠲᠤ ᠳᠠᠪᠲᠠᠨ ᠬᠡᠯᠡᠶ᠎ᠡ᠃ ᠴᠢ ᠯᠠᠪ ᠰᠣᠨᠣᠰᠤᠭᠰᠠᠨ ᠪᠢᠵᠡ᠃ ᠭᠡᠬᠦ ᠳ᠋ᠡᠭᠡᠨ ᠮᠢᠨᠦ ᠠᠮᠠᠨ ᠠ᠋ᠴᠠ ᠰᠣᠨᠣᠰᠤᠭᠰᠠᠨ ᠦᠭᠡᠢ᠃ ᠮᠢᠨᠦ ᠬᠡᠯᠡᠬᠦ ᠶ᠋ᠢᠨ ᠤᠴᠢᠷ ᠨᠢ ᠴᠢᠩᠭᠢᠰ ᠬᠠᠭᠠᠨ ᠡᠨᠡ ᠰᠤᠷᠭᠠᠯ ᠢ᠋ᠶ᠋ᠠᠨ ᠮᠢᠨᠦ ᠥᠬᠢᠨ ᠠᠯᠠᠯᠳᠤᠨ ᠪᠡᠬᠢ ᠳ᠋ᠦ᠍ ᠬᠡᠯᠡᠭᠰᠡᠨ ᠤᠴᠢᠷᠲᠠᠢ᠃ ᠴᠢᠩᠭᠢᠰ ᠬᠠᠭᠠᠨ ᠤᠢᠭᠤᠷ ᠤᠯᠤᠰ ᠤ᠋ᠨ ᠬᠠᠭᠠᠨ ᠢᠲᠦᠭᠦᠳ ᠢ᠋ ᠡᠰᠡᠷᠭᠦᠴᠡᠯ ᠦᠭᠡᠢ ᠳᠠᠭᠠᠪᠠ ᠭᠡᠵᠦ ᠰᠠᠢᠰᠢᠶᠠᠨ ᠠᠯᠠᠯᠳᠤᠨ ᠪᠡᠬᠢ ᠥᠬᠢᠨ ᠢ᠋ᠶ᠋ᠡᠨ ᠥᠭᠬᠦ ᠳ᠋ᠡᠭᠡᠨ ᠲᠡᠭᠦᠨ ᠳ᠋ᠦ᠍ ᠢᠩᠭᠢᠵᠦ ᠰᠤᠷᠭᠠᠭᠰᠠᠨ ᠶᠤᠮ᠃ ᠬᠠᠲᠤᠨ ᠬᠥᠮᠦᠨ ᠳ᠋ᠦ᠍ ᠭᠤᠷᠪᠠᠨ ᠡᠷ᠎ᠡ ᠪᠣᠢ᠃ ᠠᠩᠬᠠᠨ ᠤ᠋ ᠡᠷ᠎ᠡ ᠨᠢ ᠠᠯᠲᠠᠨ ᠲᠥᠷᠥ ᠪᠣᠯᠤᠨ᠎ᠠ᠃ ᠲᠡᠭᠦᠨ ᠦ᠌ ᠳᠠᠷᠠᠭᠠᠬᠢ ᠡᠷ᠎ᠡ ᠨᠢ ᠠᠷᠢᠭᠤᠨ ᠨᠡᠷ᠎ᠡ ᠪᠣᠯᠤᠨ᠎ᠠ᠃ ᠤᠳᠠᠭᠠᠬᠢ ᠡᠷ᠎ᠡ ᠨᠢ ᠠᠪᠤᠭᠰᠠᠨ ᠡᠷ᠎ᠡ ᠪᠣᠯᠤᠨ᠎ᠠ᠃ ᠠᠯᠲᠠᠨ ᠲᠥᠷᠥ ᠶ᠋ᠢ ᠬᠠᠲᠠᠭᠤᠵᠢᠵᠤ ᠳᠠᠭᠠᠪᠠᠯ ᠠᠷᠢᠭᠤᠨ ᠨᠡᠷ᠎ᠡ ᠪᠡᠯᠡᠨ ᠪᠣᠯᠤᠨ᠎ᠠ᠃ ᠠᠷᠢᠭᠤᠨ ᠨᠡᠷ᠎ᠡ ᠶ᠋ᠢ ᠪᠡᠬᠢᠯᠡᠪᠡᠯ ᠠᠪᠤᠭᠰᠠᠨ ᠡᠷ᠎ᠡ ᠠᠩᠭᠢᠳᠠ ᠦᠯᠦ ᠣᠳᠤᠨ᠎ᠠ ᠭᠡᠰᠡᠨ ᠶᠦᠮ᠃ ᠪᠢ ᠲᠡᠮᠦᠵᠢᠨ ᠲᠡᠢ ᠠᠷᠪᠠᠨ ᠨᠠᠰᠤᠲᠠᠢ ᠳ᠋ᠠᠭᠠᠨ ᠤᠴᠠᠷᠠᠭᠰᠠᠨ ᠶᠤᠮ᠃ ᠲᠡᠭᠦᠨ ᠡᠴᠡ ᠬᠣᠢᠰᠢ ᠡᠳᠦᠢ ᠪᠣᠯᠲᠠᠯ᠎ᠠ ᠪᠢ ᠴᠢᠩᠭᠢᠰ ᠬᠠᠭᠠᠨ ᠤ᠋ ᠡᠨᠡ ᠰᠤᠷᠭᠠᠯ ᠢ᠋ ᠳᠠᠭᠠᠭᠰᠠᠨ ᠪᠢᠯᠡ᠃ ᠲᠡᠢᠮᠦ ᠪᠣᠯᠬᠣᠷ ᠬᠤᠯᠠᠨ ᠴᠢ ᠴᠦ᠍ ᠡᠨᠡ ᠰᠤᠷᠭᠠᠯ ᠢ᠋ ᠪᠤᠤ ᠮᠠᠷᠲᠠ᠃ ᠬᠠᠲᠤᠳ ᠪᠢᠳᠡᠨ ᠳ᠋ᠦ᠍ ᠥᠪᠡᠷ ᠦ᠋ᠨ ᠭᠡᠬᠦ ᠶᠠᠭᠤᠮ᠎ᠠ ᠶᠠᠭᠤ ᠴᠤ᠌ ᠦᠭᠡᠢ᠃ ᠪᠦᠭᠦᠳᠡ ᠴᠢᠩᠭᠢᠰ ᠬᠠᠭᠠᠨ ᠤ᠋ ᠬᠢ᠃ ᠠᠷᠢᠭᠤᠨ ᠪᠡᠶ᠎ᠡ᠂ ᠠᠯᠳᠠᠷ ᠨᠡᠷ᠎ᠡ᠂ ᠠᠯᠠᠭ ᠦᠷ᠎ᠡ ᠪᠦᠭᠦᠳᠡ ᠴᠢᠩᠭᠢᠰ ᠬᠠᠭᠠᠨ ᠤ᠋ ᠬᠢ᠃ ᠡᠭᠦᠨ ᠢ᠋ ᠦᠷᠭᠦᠯᠵᠢ ᠰᠠᠨᠠᠵᠤ ᠶᠠᠪᠤ᠃ ᠮᠢᠨᠦ ᠬᠥᠪᠡᠭᠦᠳ ᠴᠢᠮ᠎ᠠ ᠠ᠋ᠴᠠ ᠠᠬ᠎ᠠ᠃ ᠲᠡᠳᠡ ᠳᠥᠷᠪᠡᠭᠦᠯᠡ ᠴᠡᠷᠢᠭ ᠵᠠᠰᠠᠵᠤ ᠤᠯᠤᠰ ᠡᠵᠡᠯᠡᠭᠰᠡᠨ ᠶᠡᠬᠡ ᠵᠠᠩᠵᠤᠨ ᠪᠤᠯᠵᠠᠭᠠᠵᠠᠢ᠃ ᠭᠡᠪᠡᠴᠦ ᠡᠳᠡ ᠪᠦᠭᠦᠳᠡ ᠴᠢᠩᠭᠢᠰ ᠬᠠᠭᠠᠨ ᠤ᠋ ᠥᠮᠴᠢ ᠶᠦᠮ᠃ ᠴᠢ ᠣᠳᠣ ᠬᠣᠯᠠ ᠭᠠᠵᠠᠷ ᠬᠠᠭᠠᠨ ᠡᠵᠡᠨ ᠢ᠋ᠶ᠋ᠡᠨ ᠳᠠᠭᠠᠬᠤ ᠪᠠᠷ ᠰᠣᠩᠭᠣᠭᠳᠠᠪᠠ᠃ ᠠᠴᠢᠶ᠎ᠠ ᠨᠢ ᠬᠥᠩᠭᠡᠳᠡᠭᠰᠡᠨ ᠳ᠋ᠡᠭᠡᠨ ᠴᠢᠮᠠᠶ᠋ᠢ ᠳᠠᠭᠠᠭᠤᠯᠤᠭᠰᠠᠨ ᠦᠭᠡᠢ᠃ ᠲᠡᠢᠮᠦ ᠶ᠋ᠢᠨ ᠲᠤᠯᠠᠳᠠ ᠡᠷ᠎ᠡ ᠨᠥᠬᠥᠷ ᠢ᠋ᠶ᠋ᠡᠨ ᠠᠰᠠᠷᠠᠨ ᠬᠠᠮᠠᠭᠠᠯᠠᠬᠤ ᠪᠠᠨ ᠬᠢᠴᠢᠶᠡ᠃ ᠬᠠᠭᠠᠨ ᠬᠥᠮᠦᠨ ᠦ᠌ ᠳᠡᠷᠭᠡᠳᠡ ᠬᠠᠲᠤᠨ ᠪᠠᠢᠬᠤ ᠶ᠋ᠢᠨ ᠤᠴᠢᠷ ᠶᠠᠭᠤ ᠪᠣᠢ? ᠬᠣᠭᠣᠯᠠ ᠶ᠋ᠢ ᠨᠢ ᠬᠠᠯᠠᠭᠠᠬᠤ᠂ ᠬᠠᠪᠢᠷᠭ᠎ᠠ ᠶ᠋ᠢ ᠨᠢ ᠳᠤᠯᠠᠭᠠᠴᠠᠭᠤᠯᠬᠤ ᠲᠡᠳᠦᠢ ᠤᠤ? ᠦᠭᠡᠢ ᠠ᠋᠃ ᠠᠷᠢᠭᠤᠨ ᠨᠡᠷ᠎ᠡ᠂ ᠠᠯᠳᠠᠷ ᠰᠤᠤ ᠶ᠋ᠢ ᠨᠢ ᠪᠥᠭᠡᠯᠡᠬᠦ ᠭᠡᠵᠦ ᠬᠠᠲᠤᠨ ᠪᠠᠢᠳᠠᠭ ᠶᠤᠮ ᠃ ᠪᠠᠰᠠ ᠠᠯᠲᠠᠨ ᠤᠷᠤᠭ ᠢ᠋ ᠨᠢ ᠦᠯᠡᠳᠡᠭᠡᠬᠦ ᠭᠡᠵᠦ ᠬᠠᠲᠤᠨ ᠪᠠᠢᠳᠠᠭ ᠶᠤᠮ᠃ ᠴᠢ ᠵᠠᠯᠠᠭᠤ ᠪᠠᠢᠨ᠎ᠠ᠃ ᠨᠢᠭᠡᠨ ᠡᠳᠦᠷ ᠬᠥᠪᠡᠭᠦᠨ ᠲᠥᠷᠥᠭᠦᠯᠬᠦ ᠪᠢᠵᠡ᠃ ᠴᠢ ᠬᠥᠪᠡᠭᠦᠨ ᠲᠥᠷᠥᠭᠦᠯᠵᠦ ᠬᠥᠨᠵᠢᠯᠡ ᠳ᠋ᠡᠭᠡᠨ ᠬᠠᠭᠤᠷᠠᠢᠯᠠᠵᠤ ᠦᠵᠡᠭᠡ ᠦᠭᠡᠢ ᠪᠣᠯᠬᠣᠷ ᠦᠷ᠎ᠡ ᠬᠡᠦᠬᠡᠳ ᠭᠡᠵᠦ ᠬᠡᠴᠢᠨᠡᠨ ᠦᠨᠡᠲᠡᠢ ᠶ᠋ᠢ ᠮᠡᠳᠡᠬᠦ ᠦᠭᠡᠢ ᠪᠢᠵᠡ? ᠶᠠᠭᠠᠬᠢᠬᠤ ᠪᠣᠢ᠂ ᠰᠡᠭᠦᠯ ᠳ᠋ᠦ᠍ ᠴᠢ ᠥᠪᠡᠷ ᠢ᠋ᠶ᠋ᠡᠨ ᠦᠵᠡᠵᠦ ᠮᠡᠳᠡᠨ᠎ᠡ᠃ ᠬᠤᠯᠠᠨ ᠮᠢᠨᠢ ᠬᠣᠯᠠ ᠶ᠋ᠢᠨ ᠵᠠᠮ ᠳ᠋ᠤ᠌᠂ ᠬᠠᠷᠢ ᠶ᠋ᠢᠨ ᠨᠤᠲᠤᠭ ᠲᠤ᠌ ᠬᠢᠴᠢᠶᠡ᠃
ᠪᠥᠷᠲᠡ ᠶ᠋ᠢᠨ ᠡᠨᠡ ᠦᠭᠡ ᠶ᠋ᠢ ᠴᠢᠩᠭᠢᠰ ᠬᠠᠭᠠᠨ ᠪᠣᠯᠤᠭᠠᠳ ᠬᠤᠯᠠᠨ᠂ ᠪᠠᠰᠠ ᠬᠥᠪᠡᠭᠦᠳ ᠨᠢ ᠪᠦᠭᠦᠳᠡᠭᠡᠷ ᠨᠠᠮ ᠭᠦᠮ ᠰᠠᠭᠤᠵᠤ ᠰᠣᠨᠣᠰᠪᠠ᠃ ᠰᠣᠨᠣᠰᠬᠤ ᠳ᠋ᠤ᠌ ᠰᠤᠷᠭᠠᠮᠵᠢ ᠲᠠᠢ ᠮᠡᠲᠦ ᠪᠣᠯᠪᠠᠴᠤ ᠴᠠᠭᠠᠳᠤ ᠰᠠᠨᠠᠭ᠎ᠠ ᠨᠢ ᠬᠤᠯᠠᠨ ᠢ᠋ ᠢᠯᠡᠳᠲᠡ ᠲᠣᠬᠣᠭᠤᠷᠬᠠᠨ ᠳᠣᠷᠣᠮᠵᠢᠯᠠᠵᠤ᠂ ᠳᠣᠣᠷ᠎ᠠ ᠳ᠋ᠤ᠌ ᠦᠵᠡᠨ ᠳᠠᠷᠤᠯᠠᠭᠰᠠᠨ ᠦᠭᠡ ᠪᠠᠢᠯ᠎ᠠ᠃ ᠭᠡᠲᠡᠯ᠎ᠡ ᠪᠥᠷᠲᠡ ᠶ᠋ᠢᠨ ᠡᠨᠡ ᠦᠭᠡᠰ ᠢ᠋ ᠴᠢᠩᠭᠢᠰ ᠬᠠᠭᠠᠨ ᠲᠣᠯᠣᠭᠠᠢ ᠳᠣᠬᠢᠨ ᠲᠤᠢᠯ ᠤ᠋ᠨ ᠰᠡᠳᠬᠢᠯ ᠬᠠᠨᠤᠮᠵᠢᠲᠠᠢ ᠪᠠᠷ ᠰᠠᠢᠰᠢᠶᠠᠨ ᠰᠣᠨᠣᠰᠬᠤ ᠶ᠋ᠢ ᠦᠵᠡᠭᠰᠡᠨ ᠬᠤᠯᠠᠨ ᠲᠡᠷᠡ ᠭᠡᠷ ᠲᠦ᠍ ᠰᠠᠭᠤᠵᠤ ᠴᠢᠳᠠᠬᠤ ᠦᠭᠡᠢ ᠳ᠋ᠦ᠍ ᠬᠦᠷᠪᠡ᠃ ᠭᠡᠲᠡᠯ᠎ᠡ ᠪᠥᠷᠲᠡ ᠬᠠᠬᠠᠭᠰᠠᠨ ᠳᠡᠭᠡᠷ᠎ᠡ ᠨᠢ ᠨᠢᠳᠤᠷᠪᠠ ᠭᠡᠭᠴᠢ ᠪᠡᠷ
| ᠬᠤᠯᠠᠨ ᠬᠠᠲᠤᠨ᠃ ᠲᠠ ᠮᠢᠨᠦ ᠦᠷᠭᠦᠭᠡᠨ ᠳ᠋ᠦ᠍ ᠮᠣᠷᠢᠯᠠᠨ ᠰᠠᠭᠠᠲᠠᠭᠰᠠᠨ ᠳ᠋ᠤ᠌ ᠲᠠᠯᠠᠷᠬᠠᠯ᠎ᠠ᠃ ᠪᠢ ᠣᠳᠣ ᠡᠷ᠎ᠡ ᠨᠥᠬᠥᠷ᠂ ᠬᠥᠪᠡᠭᠦᠳ ᠦ᠋ᠨ ᠬᠠᠮᠲᠤ ᠬᠠᠯᠠᠭᠤᠨ ᠠᠮᠢ ᠪᠠᠷ ᠬᠡᠰᠡᠭ ᠵᠠᠭᠤᠷ᠎ᠠ ᠬᠥᠭᠡᠷᠦᠯᠳᠦᠶᠡ ᠭᠡᠮᠡᠨ ᠨᠠᠢᠷᠲᠠᠢ ᠦᠭᠡ ᠪᠡᠷ ᠬᠤᠯᠠᠨ ᠢ᠋ ᠰᠢᠭᠤᠳ ᠬᠥᠭᠡᠭᠡᠨ ᠭᠠᠷᠭᠠᠪᠠ᠃
ᠠᠷᠪᠠᠨ ᠲᠠᠪᠤᠨ ᠤ᠋ ᠰᠠᠷᠠᠨ ᠤ᠋ ᠰᠤᠯᠠ ᠴᠠᠭᠠᠨ ᠭᠡᠷᠡᠯ ᠳᠣᠣᠷ᠎ᠠ ᠬᠤᠯᠠᠨ ᠲᠡᠭᠡᠬᠦ ᠳ᠋ᠦ᠍ ᠭᠠᠰᠢᠭᠤᠨ ᠢ᠋ᠶ᠋ᠠᠷ ᠮᠡᠭᠰᠢᠨ ᠤᠬᠢᠯᠠᠭᠰᠠᠭᠠᠷ ᠬᠠᠷᠢᠭᠰᠠᠨ ᠪᠢᠯᠡ᠃ ᠪᠥᠷᠲᠡ ᠶ᠋ᠢᠨ ᠬᠡᠯᠡᠭᠰᠡᠨ ᠢ᠋ᠶ᠋ᠡᠷ᠂ ᠲᠡᠭᠦᠨ ᠦ᠌ ᠦᠵᠡᠵᠦ ᠪᠣᠢ ᠪᠠᠷ ᠬᠤᠯᠠᠨ ᠪᠣᠯ ᠪᠣᠷᠵᠢᠭᠢᠨ ᠠᠢᠮᠠᠭ ᠤ᠋ᠨ ᠳᠠᠢᠰᠤᠨ ᠮᠡᠷᠭᠢᠳ ᠤᠳᠤᠮ ᠤ᠋ᠨ᠂ ᠳᠡᠭᠡᠷ᠎ᠡ ᠨᠢ ᠥᠪᠡᠷ ᠢ᠋ᠶ᠋ᠡᠨ ᠭᠤᠶᠤᠵᠤ ᠢᠷᠡᠭᠰᠡᠨ᠂ ᠠᠢᠮᠠᠭ ᠪᠣᠯᠤᠨ ᠡᠴᠢᠭᠡ ᠶ᠋ᠢᠨ ᠠᠮᠢ ᠶ᠋ᠢ ᠦᠷᠡᠵᠦ ᠵᠣᠯᠢᠶᠠᠰᠤᠯᠠᠨ ᠪᠠᠢᠵᠤ ᠥᠪᠡᠷ ᠢ᠋ᠶ᠋ᠡᠨ ᠦᠯᠡᠳᠡᠭᠰᠡᠨ ᠂ ᠴᠢᠩᠭᠢᠰ ᠬᠠᠭᠠᠨ ᠳ᠋ᠤ᠌ ᠬᠥᠪᠡᠭᠦᠨ ᠲᠥᠷᠥᠭᠦᠯᠵᠦ ᠥᠭᠭᠦᠭᠡ ᠦᠭᠡᠢ᠂ ᠬᠠᠲᠤᠨ ᠨᠡᠷ᠎ᠡ ᠡᠴᠡ ᠴᠠᠭᠠᠰᠢ ᠦᠭᠡᠢ ᠡᠮ᠎ᠡ ᠠᠵᠢ᠃ ᠪᠥᠷᠲᠡ᠂ ᠬᠤᠯᠠᠨ ᠢ᠋ ᠶᠠᠭ ᠢᠩᠭᠢᠵᠦ ᠦᠵᠡᠵᠦ ᠪᠠᠢᠭᠰᠠᠨ ᠪᠥᠭᠡᠳ ᠴᠢᠩᠭᠢᠰ ᠬᠠᠭᠠᠨ ᠤ᠋ ᠰᠤᠷᠭᠠᠯ ᠦᠭᠡ ᠪᠡᠷ ᠬᠠᠯᠬᠠᠪᠴᠢᠯᠠᠨ ᠪᠦᠭᠦᠳᠡ ᠶ᠋ᠢᠨ ᠨᠢᠳᠦᠨ ᠦ᠌ ᠡᠮᠦᠨ᠎ᠡ ᠲᠡᠭᠦᠨ ᠢ᠋ ᠰᠡᠳᠬᠢᠯ ᠢ᠋ᠶ᠋ᠡᠨ ᠬᠠᠨᠲᠠᠯ᠎ᠠ ᠳᠣᠷᠣᠮᠵᠢᠯᠠᠨ ᠭᠤᠲᠤᠭᠠᠵᠤ ᠠᠪᠴᠠᠢ᠃ ᠡᠨᠡ ᠪᠣᠯ ᠪᠥᠷᠲᠡ ᠶ᠋ᠢᠨ ᠣᠯᠠᠨ ᠵᠢᠯ ᠬᠦᠯᠢᠶᠡᠭᠰᠡᠨ ᠶᠠᠰᠤᠨ ᠤ᠋ ᠦᠰ ᠬᠣᠨᠵᠢᠩ᠂ ᠡᠮ᠎ᠡ ᠬᠥᠮᠦᠨ ᠦ᠌ ᠬᠣᠷᠣ ᠰᠢᠷ᠎ᠠ᠂ ᠮᠡᠷᠭᠢᠳ ᠲᠦ᠍ ᠪᠤᠯᠢᠶᠠᠭᠳᠠᠭᠰᠠᠨ ᠤ᠋ ᠬᠤᠯᠠᠨ ᠤ᠋ ᠡᠴᠢᠭᠡ ᠳ᠋ᠠᠢᠷ ᠤᠰᠤᠨ ᠳ᠋ᠤ᠌ ᠬᠦᠴᠦᠷᠬᠡᠭᠳᠡᠨ ᠳᠣᠷᠣᠮᠵᠢᠯᠠᠭᠳᠠᠭᠰᠠᠨ ᠤ᠋ ᠬᠣᠷᠣᠰᠤᠯ ᠢ᠋ᠶ᠋ᠠᠨ ᠲᠠᠢᠯᠤᠭᠰᠠᠨ ᠬᠡᠷᠡᠭ ᠪᠠᠢᠯ᠎ᠠ᠃ ᠪᠠᠰᠠ ᠥᠪᠡᠷ ᠦ᠋ᠨ ᠪᠣᠯᠤᠭᠠᠳ ᠲᠡᠮᠦᠵᠢᠨ ᠦ᠌ ᠨᠡᠷ᠎ᠡ ᠰᠦᠷ ᠢ᠋ ᠪᠣᠳᠣᠭᠠᠳ ᠳ᠋ᠠᠢᠷ ᠤᠰᠤᠨ ᠳ᠋ᠤ᠌ ᠬᠦᠴᠦᠷᠬᠡᠭᠳᠡᠨ ᠳᠠᠷᠤᠯᠠᠭᠤᠯᠤᠭᠰᠠᠨ ᠢ᠋ᠶ᠋ᠠᠨ ᠨᠢᠭᠤᠵᠤ ᠥᠩᠭᠡᠷᠡᠭᠦᠯᠦᠭᠰᠡᠨ ᠶᠡᠬᠡ ᠰᠢᠨᠠᠯᠤᠯ ᠢ᠋ᠶ᠋ᠠᠨ ᠲᠠᠢᠯᠤᠭᠰᠠᠨ ᠬᠡᠷᠡᠭ ᠪᠢᠵᠡ᠃ ᠡᠷ᠎ᠡ ᠨᠥᠬᠥᠷ ᠢ᠋ ᠨᠢ ᠪᠤᠯᠢᠶᠠᠭᠰᠠᠨ ᠮᠡᠷᠭᠢᠳ ᠴᠢᠰᠤᠨ ᠤ᠋ ᠦᠵᠡᠰᠬᠦᠯᠡᠩᠲᠦ ᠡᠮ᠎ᠡ ᠬᠤᠯᠠᠨ ᠢ᠋ ᠴᠢᠩᠭᠢᠰ ᠬᠠᠭᠠᠨ ᠤ᠋ ᠡᠮᠦᠨ᠎ᠡ᠂ ᠥᠪᠡᠷ ᠦ᠋ᠨ ᠬᠥᠪᠡᠭᠦᠳ ᠦ᠋ᠨ ᠨᠢᠳᠦᠨ ᠳᠡᠭᠡᠷ᠎ᠡ ᠭᠤᠲᠤᠭᠠᠨ ᠳᠣᠷᠣᠮᠵᠢᠯᠠᠵᠤ ᠰᠡᠳᠬᠢᠯ ᠢ᠋ᠶ᠋ᠡᠨ ᠲᠠᠢᠳᠬᠤᠷᠠᠭᠤᠯᠬᠤ ᠶ᠋ᠢᠨ ᠲᠤᠯᠠᠳᠠ ᠪᠥᠷᠲᠡ ᠬᠠᠢᠷᠠᠲᠠᠢ ᠬᠥᠪᠡᠭᠦᠨ ᠵᠥᠴᠢ ᠪᠡᠨ ᠴᠦ᠍ ᠪᠣᠳᠣᠭᠰᠠᠨ ᠦᠭᠡᠢ᠂ ᠲᠡᠭᠦᠨ ᠦ᠌ ᠮᠡᠷᠭᠢᠳ ᠴᠢᠰᠤᠲᠠᠢ ᠶ᠋ᠢ ᠴᠦ᠍ ᠮᠠᠷᠲᠠᠪᠠ᠃ ᠳ᠋ᠠᠢᠷ ᠤᠰᠤᠨ ᠢ᠋ ᠦᠬᠦᠭᠦᠯᠪᠡ ᠭᠡᠳ ᠪᠥᠷᠲᠡ ᠲᠡᠭᠦᠨ ᠢ᠋ ᠥᠷᠥᠰᠢᠶᠡᠵᠦ ᠲᠠᠢᠪᠤᠰᠢᠷᠠᠭᠠ ᠦᠭᠡᠢ ᠪᠥᠭᠡᠳ ᠡᠴᠢᠭᠡ ᠪᠡᠨ ᠴᠦ᠍ ᠦᠯᠦ ᠬᠠᠢᠷᠠᠯᠠᠬᠤ ᠬᠤᠯᠠᠨ ᠤ᠋ ᠴᠠᠭᠠᠳᠤ ᠰᠠᠨᠠᠭ᠎ᠠ ᠶ᠋ᠢ ᠳᠠᠭᠠᠵᠤ ᠮᠡᠳᠡᠭᠡᠳ ᠲᠡᠭᠦᠨ ᠡᠴᠡ ᠵᠠᠪᠠᠯ ᠦᠰ ᠠᠪᠬᠤ ᠪᠠᠷ ᠰᠢᠢᠳᠦᠭᠰᠡᠨ ᠪᠢᠯᠡ᠃ ᠵᠥᠴᠢ ᠶ᠋ᠢ ᠪᠡᠨ ᠴᠦ᠍ ᠪᠣᠳᠣᠯ ᠦᠭᠡᠢ ᠬᠠᠲᠠᠭᠤ ᠦᠭᠡ ᠬᠡᠯᠡᠭᠰᠡᠨ ᠨᠢ ᠡᠮ᠎ᠡ ᠬᠥᠮᠦᠨ ᠦᠰ ᠰᠠᠨᠠᠪᠠᠯ ᠶᠠᠭᠤ ᠪᠠᠨ ᠴᠤ᠌ ᠬᠠᠢᠷᠠᠯᠠᠬᠤ ᠦᠭᠡᠢ ᠪᠣᠯᠳᠠᠭ ᠤ᠋ᠨ ᠵᠢᠱ᠌ᠢᠶ᠎ᠡ ᠶᠦᠮ᠃ ᠡᠨᠡ ᠬᠣᠣᠷᠲᠠᠢ ᠦᠭᠡᠰ ᠦ᠋ᠨ ᠳᠠᠷᠠᠭ᠎ᠠ ᠬᠡᠨ ᠬᠤᠯᠠᠨ ᠢ᠋ ᠪᠥᠷᠲᠡ ᠲᠡᠢ ᠵᠢᠱ᠌ᠢᠨ ᠦᠵᠡᠬᠦ ᠪᠢᠯᠡ᠃ ᠬᠤᠯᠠᠨ ᠤ᠋ ᠢᠲᠡᠭᠡᠯ ᠨᠠᠢᠳᠠᠪᠤᠷᠢ᠂ ᠠᠵᠠ ᠵᠢᠷᠭᠠᠯ ᠢ᠋ ᠪᠥᠷᠲᠡ ᠢᠩᠭᠢᠵᠦ ᠭᠠᠭᠴᠠ ᠦᠳᠡᠰᠢ ᠶ᠋ᠢᠨ ᠳᠣᠲᠣᠷ᠎ᠠ ᠨᠤᠷᠠᠭᠠᠨ ᠰᠦᠢᠷᠡᠭᠦᠯᠵᠦ ᠴᠢᠳᠠᠵᠠᠢ᠃ ᠬᠤᠯᠠᠨ ᠦᠷ᠎ᠡ ᠲᠥᠷᠥᠭᠦᠯᠵᠦ ᠪᠥᠷᠲᠡ ᠶ᠋ᠢᠨ ᠵᠢᠩᠳᠠᠭᠠᠨ ᠳ᠋ᠤ᠌ ᠬᠦᠷᠴᠦ ᠴᠢᠳᠠᠭ᠎ᠠ ᠦᠭᠡᠢ ᠵᠠᠶᠠᠭᠠᠨ ᠳ᠋ᠠᠭᠠᠨ ᠭᠣᠮᠣᠳᠠᠨ ᠲᠡᠷᠡ ᠰᠥᠨᠢ ᠠᠩᠬᠢᠯᠤᠮ᠎ᠠ ᠦᠨᠦᠷᠲᠦ ᠳᠡᠷᠡ ᠪᠡᠨ ᠨᠡᠪᠲᠡ ᠤᠬᠢᠯᠠᠭᠰᠠᠨ ᠰᠠᠨ᠃ ᠴᠢᠩᠭᠢᠰ ᠬᠠᠭᠠᠨ ᠲᠡᠷᠡ ᠰᠥᠨᠢ ᠨᠢ ᠢᠷᠡᠭᠰᠡᠨ ᠦᠭᠡᠢ ᠨᠢ ᠬᠤᠯᠠᠨ ᠤ᠋ ᠭᠣᠮᠣᠳᠠᠯ ᠰᠢᠨᠠᠯᠤᠯ ᠢ᠋ ᠤᠯᠠᠮ ᠭᠦᠨᠵᠡᠭᠡᠢᠷᠡᠭᠦᠯᠵᠦ᠂ ᠬᠣᠷᠣᠰᠤᠯ ᠬᠢᠯᠢᠩ ᠢ᠋ ᠪᠠᠳᠠᠷᠠᠭᠠᠵᠠᠢ᠃
ᠴᠢᠩᠭᠢᠰ ᠬᠠᠭᠠᠨ ᠲᠡᠷᠡ ᠰᠥᠨᠢ ᠶᠡᠬᠡ ᠬᠠᠲᠤᠨ ᠤ᠋ ᠪᠠᠨ ᠳᠡᠷᠭᠡᠳᠡ ᠡᠴᠡ ᠬᠣᠯᠠᠳᠬᠤ ᠰᠡᠳᠬᠢᠯ ᠦᠭᠡᠢ ᠪᠠᠢᠵᠠᠢ᠃ ᠰᠡᠭᠦᠯ ᠦ᠋ᠨ ᠵᠢᠯ ᠳ᠋ᠦ᠍ ᠲᠡᠷᠡ ᠪᠥᠷᠲᠡ ᠶ᠋ᠢᠨ ᠦᠷᠭᠦᠭᠡᠨ ᠳ᠋ᠦ᠍ ᠬᠣᠨᠣᠭᠰᠠᠨ ᠨᠢ ᠲᠣᠭ᠎ᠠ ᠲᠠᠢ ᠠᠵᠢ᠂ ᠬᠠᠷᠢᠨ ᠡᠨᠡ ᠦᠳᠡᠰᠢ ᠶᠡᠬᠡ ᠬᠠᠲᠤᠨ ᠤ᠋ ᠪᠠᠨ ᠴᠡᠴᠡᠨ ᠦᠭᠡ᠂ ᠰᠠᠷᠠᠭᠤᠯ ᠤᠬᠠᠭᠠᠨ ᠳ᠋ᠤ᠌ ᠪᠢᠰᠢᠷᠡᠵᠦ᠂ ᠥᠰᠴᠦ ᠡᠷ᠎ᠡ ᠶ᠋ᠢᠨ ᠴᠡᠭᠡᠯ ᠳ᠋ᠦ᠍ ᠬᠦᠷᠴᠦ ᠶᠡᠬᠡ ᠵᠠᠩᠵᠤᠨ ᠪᠣᠯᠤᠭᠰᠠᠨ ᠳᠥᠷᠪᠡᠨ ᠬᠥᠪᠡᠭᠦᠨ ᠢ᠋ᠶ᠋ᠡᠨ ᠦᠵᠡᠵᠦ ᠬᠥᠭᠡᠷᠦᠭᠡᠳ ᠢᠩᠭᠢᠵᠡᠢ᠃ ᠰᠥᠨᠢ ᠳᠡᠷᠡᠰᠦᠨ ᠳ᠋ᠦ᠍ ᠬᠠᠯᠠᠮᠴᠠᠭᠰᠠᠨ ᠡᠷ᠎ᠡ ᠡᠮ᠎ᠡ ᠬᠣᠶᠠᠷ ᠬᠣᠷᠢᠨ ᠨᠠᠰᠤᠲᠠᠢ ᠬᠣᠩᠭᠣᠷ ᠰᠡᠳᠬᠢᠯ ᠲᠡᠢ ᠬᠣᠣᠰ ᠰᠢᠭ᠋ ᠵᠢᠷᠭᠠᠵᠤ ᠴᠡᠩᠭᠡᠭᠰᠡᠨ ᠪᠥᠭᠡᠳ ᠡᠭᠦᠨ ᠳ᠋ᠡᠭᠡᠨ ᠴᠦ᠍ ᠲᠡᠳᠡ ᠶᠡᠬᠡ ᠭᠠᠢᠬᠠᠭᠰᠠᠨ ᠪᠢᠯᠡ᠃ ᠬᠥᠯᠥᠰᠥ ᠬᠠᠲᠠᠭᠠᠨ ᠬᠥᠨᠵᠢᠯᠡ ᠢᠷᠡᠵᠦ ᠬᠡᠪᠲᠡᠬᠦ ᠳ᠋ᠡᠭᠡᠨ ᠠᠪᠠᠯᠢ ᠡᠷ᠎ᠡ ᠪᠡᠨ ᠬᠤᠯᠠᠨ ᠳ᠋ᠤ᠌ ᠥᠭᠴᠦ ᠶᠠᠪᠤᠭᠤᠯᠬᠤ ᠨᠢ ᠪᠥᠷᠲᠡ ᠳ᠋ᠦ᠍ ᠵᠢᠭᠠᠬᠠᠨ ᠬᠠᠷᠠᠮᠰᠠᠯᠲᠠᠢ ᠰᠠᠨᠠᠭᠳᠠᠵᠠᠢ᠃
| ᠴᠢᠩᠭᠢᠰ ᠬᠠᠭᠠᠨ ᠲᠠᠨ ᠤ᠋ ᠶᠠᠪᠤᠬᠤ ᠵᠠᠮ ᠬᠣᠯᠠ᠂ ᠬᠤᠭᠤᠴᠠᠭ᠎ᠠ ᠤᠳᠠᠭᠠᠨ᠂ ᠶᠠᠳᠠᠷᠠᠵᠤ ᠴᠢᠯᠡᠬᠦ ᠨᠢ ᠶᠡᠬᠡ ᠲᠤᠯᠠ ᠵᠠᠯᠠᠭᠤ ᠬᠠᠲᠤᠨ ᠲᠠᠨᠢ ᠤᠢᠳᠴᠤ᠂ ᠬᠠᠭᠰᠠᠷᠠᠬᠤ ᠪᠣᠢ᠃ ᠬᠠᠭᠠᠨ ᠲᠠ ᠠᠰᠠᠷᠠᠮᠵᠢᠯᠠᠬᠤ ᠪᠠᠨ ᠬᠢᠴᠢᠶᠡᠵᠦ ᠪᠤᠤ ᠮᠠᠷᠲᠠᠭᠲᠤᠨ᠃ ᠶᠡᠷᠦ ᠨᠢ ᠡᠮ᠎ᠡ ᠬᠥᠮᠦᠨ ᠡᠷ᠎ᠡ ᠨᠢ ᠦᠷᠭᠦᠯᠵᠢ ᠯᠡ ᠳᠡᠷᠭᠡᠳᠡ ᠨᠢ ᠡᠷᠭᠢᠯᠳᠦᠵᠦ ᠳ᠋ᠧᠩ ᠦ᠋ᠨ ᠡᠷᠪᠡᠬᠡᠢ ᠰᠢᠭ ᠳᠡᠷᠪᠡᠯᠵᠡᠵᠦ ᠪᠠᠢᠬᠤ ᠶ᠋ᠢ ᠬᠦᠰᠡᠳᠡᠭ ᠶᠦᠮ᠃ ᠬᠤᠯᠠᠨ ᠴᠤ᠌ ᠲᠡᠭᠡᠳᠡᠭ ᠪᠢᠵᠡ᠃ ᠬᠠᠭᠠᠨ ᠲᠠ ᠪᠢᠳᠡ ᠬᠣᠶᠠᠷ ᠣᠳᠣ ᠵᠢᠷᠠ ᠬᠦᠷᠬᠦ ᠣᠢᠷᠠᠲᠤᠪᠠ᠃ ᠬᠤᠷᠽᠸᠮ ᠠ᠋ᠴᠠ ᠢᠷᠡᠭᠡᠳ ᠭᠡᠷ ᠲᠡᠭᠡᠨ ᠠᠮᠠᠷ ᠰᠠᠭᠤᠵᠤ᠂ ᠶᠡᠬᠡ ᠲᠡᠢᠨ ᠳ᠋ᠦ᠍ ᠬᠥᠪᠡᠭᠦᠳ ᠢ᠋ᠶ᠋ᠡᠨ ᠮᠣᠷᠳᠠᠭᠤᠯᠵᠤ ᠪᠠᠢᠭᠲᠤᠨ ᠭᠡᠵᠦ ᠰᠢᠪᠡᠨᠡᠪᠡ᠃ ᠡᠨᠡ ᠪᠣᠯ ᠨᠢᠭᠡ ᠬᠥᠮᠦᠨ ᠮᠡᠲᠦ ᠪᠣᠯᠤᠭᠰᠠᠨ ᠡᠬᠡᠨᠡᠷ ᠬᠥᠮᠦᠨ ᠦ᠌ ᠬᠠᠯᠠᠭᠤᠨ ᠰᠡᠳᠬᠢᠯ ᠦ᠋ᠨ ᠦᠭᠡ ᠲᠤᠯᠠ ᠴᠢᠩᠭᠢᠰ ᠬᠠᠭᠠᠨ ᠤᠶᠠᠷᠠᠪᠠ᠃
| ᠲᠡᠢᠮᠦ ᠠ᠋᠂ ᠪᠥᠷᠲᠡ᠃ ᠪᠢ ᠬᠥᠭᠰᠢᠷᠡᠵᠦ ᠪᠠᠢᠨ᠎ᠠ᠃ ᠡᠮ᠎ᠡ ᠶ᠋ᠢ ᠡᠳ᠋ᠯᠡᠬᠦ ᠬᠦᠰᠡᠯ ᠡᠷ᠎ᠡ ᠪᠡᠶ᠎ᠡ ᠶ᠋ᠢᠨ ᠴᠢᠯᠠᠬᠠ ᠴᠢᠳᠠᠯ ᠪᠠᠭᠤᠷᠠᠵᠠᠢ᠃ ᠪᠢ ᠶᠠᠭ ᠡᠭᠦᠨ ᠳ᠋ᠦ᠍ ᠴᠢᠨᠢ ᠰᠡᠳᠬᠢᠯ ᠵᠣᠪᠠᠨ᠎ᠠ᠃ ᠭᠡᠲᠡᠯ᠎ᠡ ᠬᠤᠯᠠᠨ ᠶᠣᠰᠣᠲᠠᠢ ᠭᠠᠯ ᠮᠡᠲᠦ ᠳᠦᠷᠡᠯᠵᠡᠭᠰᠡᠨ ᠲᠠᠴᠢᠶᠠᠯ ᠲᠠᠢ ᠶᠤᠮ᠃ ᠭᠡᠪᠡᠴᠦ ᠪᠢ ᠲᠡᠭᠦᠨ ᠢ᠋ ᠨᠢᠳᠦᠨ ᠳ᠋ᠡᠭᠡᠨ ᠬᠠᠷᠠᠵᠤ᠂ ᠳᠡᠷᠭᠡᠳᠡ ᠪᠡᠨ ᠳᠠᠭᠠᠭᠤᠯᠬᠤ ᠶ᠋ᠢ ᠬᠦᠰᠡᠨ᠎ᠡ᠃ ᠥᠭᠡᠷ᠎ᠡ ᠱᠠᠰᠢᠨ ᠲᠠᠢ᠂ ᠥᠷᠥᠨ᠎ᠡ ᠶ᠋ᠢᠨ ᠲᠡᠷᠡ ᠤᠯᠤᠰ ᠨᠠᠮᠠᠶ᠋ᠢ ᠶᠠᠮᠠᠷ ᠭᠤᠸ᠎ᠠ ᠬᠠᠲᠤᠨ ᠲᠠᠢ ᠶ᠋ᠢ ᠦᠵᠡᠭ ᠭᠡᠵᠦ ᠪᠣᠳᠣᠨ᠎ᠠ᠃
| ᠬᠠᠭᠠᠨ ᠲᠠ ᠵᠥᠪ ᠪᠣᠳᠣᠵᠠᠢ᠃ ᠭᠡᠪᠡᠴᠦ ᠬᠤᠯᠠᠨ ᠠ᠋ᠴᠠ ᠦᠵᠡᠰᠬᠦᠯᠡᠩᠲᠦ ᠡᠮ᠎ᠡ ᠬᠣᠷᠽᠸᠮ ᠳ᠋ᠤ᠌ ᠯᠠᠪ ᠪᠣᠢ᠃ ᠲᠠ ᠲᠡᠨᠳᠡ ᠡᠴᠡ ᠬᠤᠯᠠᠨ ᠠ᠋ᠴᠠ ᠴᠤ᠌ ᠭᠤᠸ᠎ᠠ ᠬᠠᠲᠤᠨ ᠠᠪᠤᠭᠲᠤᠨ᠃
| ᠣᠳᠣ ᠴᠢ ᠪᠢᠳᠡ ᠲᠡᠭᠡᠵᠦ ᠬᠣᠶᠠᠷ ᠪᠠᠶᠠᠨ ᠳ᠋ᠠᠭᠡᠨ ᠵᠣᠪᠠᠯᠠᠩ ᠴᠢᠷᠦᠭᠳᠡᠯ ᠤᠴᠠᠷᠠᠭᠤᠯᠵᠤ ᠶᠠᠭᠠᠬᠢᠨ᠎ᠠ ᠭᠡᠵᠦ ᠴᠢᠩᠭᠢᠰ ᠬᠠᠭᠠᠨ ᠦᠨᠡᠨ ᠡᠴᠡ ᠥᠭᠦᠯᠡᠵᠡᠢ᠃
| ᠵᠠᠯᠠᠭᠤ ᠬᠠᠲᠤᠨ ᠲᠠᠭᠠᠯᠠᠨ᠎ᠠ ᠭᠡᠳᠡᠭ ᠬᠠᠷ᠎ᠠ ᠪᠠᠶᠠᠨ ᠤ᠋ ᠬᠡᠷᠡᠭ ᠪᠢᠰᠢ᠃ ᠬᠠᠭᠠᠨ ᠠᠯᠳᠠᠷ ᠤ᠋ᠨ ᠲᠠᠨᠢ ᠬᠡᠷᠡᠭ ᠰᠢᠦ ᠭᠡᠵᠦ ᠪᠥᠷᠲᠡ ᠡᠷᠡᠰ ᠰᠢᠯᠤᠭᠤᠨ ᠬᠡᠯᠡᠪᠡ᠃ ᠪᠥᠷᠲᠡ ᠶ᠋ᠢᠨ ᠡᠨᠡ ᠦᠭᠡ ᠴᠢᠩᠭᠢᠰ ᠬᠠᠭᠠᠨ ᠢ᠋ ᠦᠨᠡᠬᠡᠷ ᠪᠢᠰᠢᠷᠡᠭᠦᠯᠵᠡᠢ᠃
| ᠪᠥᠷᠲᠡ᠃ ᠢᠩᠭᠢᠵᠦ ᠬᠡᠯᠡᠬᠦ ᠶ᠋ᠢ ᠴᠢᠨᠢ ᠦᠵᠡᠪᠡᠯ ᠪᠢ ᠪᠢᠰᠢ ᠬᠠᠷᠢᠨ ᠴᠢ ᠬᠠᠭᠠᠨ ᠰᠠᠭᠤᠪᠠᠯ ᠲᠠᠭᠠᠷᠠᠬᠤ ᠪᠠᠢᠵᠠᠢ᠃ ᠪᠢ ᠭᠠᠭᠴᠠ ᠪᠡᠶ᠎ᠡ ᠶ᠋ᠢ ᠠᠮᠠᠷ ᠢ᠋ ᠪᠣᠳᠣᠵᠤ ᠬᠡᠯᠡᠭᠰᠡᠨ ᠡᠴᠡ ᠪᠢᠰᠢ ᠴᠢᠮ᠎ᠠ ᠰᠢᠭ᠋ ᠢᠩᠭᠢᠵᠦ ᠬᠣᠯᠠ ᠪᠣᠳᠣᠭᠰᠠᠨ ᠦᠭᠡᠢ ᠰᠢᠦ᠃ ᠬᠠᠲᠤᠨ ᠭᠡᠳᠡᠭ ᠴᠢᠨᠢ ᠦᠨᠡᠬᠡᠷ ᠬᠠᠭᠠᠨ ᠰᠠᠭᠤᠳᠠᠯ ᠤ᠋ᠨ ᠬᠡᠷᠡᠭ ᠶᠦᠮ᠃ ᠪᠥᠷᠲᠡ᠂ ᠪᠢ ᠴᠢᠮ᠎ᠠ ᠰᠢᠭ᠋ ᠬᠠᠲᠤᠨ ᠲᠠᠢ ᠲᠤᠯᠠ ᠡᠢᠮᠦ ᠶᠡᠬᠡ ᠨᠡᠷ᠎ᠡ ᠰᠦᠷ ᠢ᠋ ᠣᠯᠵᠠᠢ ᠭᠡᠵᠦ ᠴᠢᠩᠭᠢᠰ ᠬᠠᠭᠠᠨ ᠬᠡᠯᠡᠪᠡ᠃ ᠪᠥᠷᠲᠡ ᠴᠢᠩᠭᠢᠰ ᠬᠠᠭᠠᠨ ᠤ᠋ ᠡᠨᠡ ᠦᠭᠡᠨ ᠳ᠋ᠦ᠍ ᠲᠠᠯᠠᠷᠬᠠᠨ ᠲᠡᠭᠦᠨ ᠳ᠋ᠦ᠍ ᠪᠦᠬᠦ ᠪᠡᠶ᠎ᠡ ᠪᠡᠷ ᠨᠠᠭᠠᠯᠳᠤᠪᠠ᠃ ᠭᠡᠪᠡᠴᠦ ᠲᠡᠳᠡᠨ ᠦ᠌ ᠬᠤᠶᠠᠯᠢ ᠲᠠᠴᠢᠶᠠᠯ ᠳᠠᠬᠢᠨ ᠣᠷᠭᠢᠯᠤᠭᠰᠠᠨ ᠦᠭᠡᠢ ᠳ᠋ᠦ᠍ ᠬᠣᠶᠠᠭᠤᠯᠠ ᠭᠤᠨᠢᠭᠲᠤ ᠪᠣᠳᠣᠯ ᠳ᠋ᠤ᠌ ᠠᠪᠲᠠᠭᠰᠠᠨ ᠪᠢᠯᠡ᠃ ᠵᠠᠯᠠᠭᠤ ᠭᠡᠭᠡᠨ ᠨᠠᠰᠤ᠂ ᠬᠠᠯᠠᠭᠤᠨ ᠲᠠᠴᠢᠶᠠᠯᠲᠤ ᠴᠢᠰᠤ ᠨᠢᠭᠡᠨᠲᠡ ᠬᠣᠯᠠᠳᠤᠨ ᠣᠳᠤᠭᠰᠠᠨ ᠢ᠋ ᠢᠩᠭᠢᠵᠦ ᠮᠡᠳᠡᠷᠡᠬᠦ ᠨᠢ ᠬᠥᠮᠦᠨ ᠪᠦᠷᠢ ᠳ᠋ᠦ᠍ ᠯᠡ ᠭᠤᠨᠢᠭ ᠰᠢᠨᠠᠯᠤᠯ ᠢ᠋ ᠠᠪᠴᠢᠷᠠᠳᠠᠭ ᠪᠢᠯᠡ ᠠ᠋᠃
ᠬᠠᠷᠢᠨ ᠲᠡᠷᠡ ᠰᠥᠨᠢ ᠬᠤᠯᠠᠨ ᠨᠣᠢᠷ ᠦᠭᠡᠢ ᠬᠣᠨᠣᠬᠤ ᠳ᠋ᠠᠭᠠᠨ ᠣᠯᠠᠨ ᠵᠦᠢᠯ ᠢ᠋ ᠡᠷᠭᠢᠴᠡᠭᠦᠯᠦᠨ ᠪᠣᠳᠣᠭᠰᠠᠨ ᠪᠣᠯᠪᠠᠴᠤ ᠡᠴᠦᠰ ᠲᠦ᠋ᠨᠢ ᠨᠢᠭᠡᠨᠲᠡ ᠯᠡ ᠴᠢᠩᠭᠢᠰ ᠬᠠᠭᠠᠨ ᠤ᠋ ᠬᠠᠲᠤᠨ ᠪᠣᠯᠬᠤ ᠪᠠᠷ ᠲᠡᠮᠡᠴᠡᠭᠰᠡᠨ ᠲᠤᠯᠠ ᠶᠠᠭᠤ ᠴᠤ᠌ ᠲᠣᠬᠢᠶᠠᠭᠰᠠᠨ ᠡᠷᠡᠰ ᠬᠠᠲᠠᠭᠤ ᠲᠡᠮᠡᠴᠡᠬᠦ ᠶᠣᠰᠣᠲᠠᠢ ᠶ᠋ᠢ ᠤᠬᠠᠭᠠᠷᠠᠪᠠ᠃ ᠨᠢᠭᠡᠨ ᠰᠥᠨᠢ ᠶ᠋ᠢᠨ ᠳᠣᠲᠣᠷ᠎ᠠ ᠬᠤᠯᠠᠨ ᠤ᠋ ᠰᠡᠳᠬᠢᠯ ᠪᠣᠳᠣᠯ ᠥᠭᠡᠷᠡᠴᠢᠯᠡᠭᠳᠡᠭᠡᠳ ᠰᠢᠨ᠎ᠡ ᠬᠥᠮᠦᠨ ᠮᠡᠲᠦ ᠪᠣᠯᠵᠠᠢ᠃ ᠣᠳᠣ ᠲᠡᠷᠡ ᠬᠣᠭᠣᠰᠣᠨ ᠮᠥᠷᠥᠭᠡᠳᠦᠭᠴᠢ ᠬᠣᠷᠣᠰᠤᠨ ᠣᠬᠢᠯᠠᠭᠴᠢ ᠪᠠᠢᠬᠤ ᠨᠢ ᠳᠡᠩᠳᠡᠭᠦᠦ ᠭᠡᠨᠡᠨ ᠪᠥᠭᠡᠳ ᠥᠴᠦᠬᠡᠨ ᠬᠡᠷᠡᠭ ᠪᠣᠯᠬᠤ ᠶ᠋ᠢ ᠣᠢᠯᠠᠭᠠᠵᠤ ᠠᠪᠴᠠᠢ᠃ ᠲᠡᠷᠡ ᠬᠡᠲᠦᠷᠬᠡᠢ ᠳᠣᠷᠣᠢ ᠦᠬᠡᠨᠴᠡ ᠪᠠᠢᠭ᠎ᠠ ᠤᠴᠢᠷ ᠠ᠋ᠴᠠ ᠪᠥᠷᠲᠡ ᠲᠡᠭᠦᠨ ᠢ᠋ ᠢᠩᠭᠢᠵᠦ ᠣᠯᠠᠨ ᠳ᠋ᠠᠭᠠᠨ ᠭᠢᠰᠬᠢᠨ ᠲᠣᠷᠣᠮᠵᠢᠯᠠᠵᠠᠢ᠃ ᠪᠥᠷᠲᠡ ᠲᠡᠢ ᠡᠷᠬᠡ ᠮᠠᠲᠠᠯ ᠪᠤᠯᠢᠶᠠᠯᠳᠤᠨ ᠲᠡᠮᠡᠴᠡᠬᠦ ᠬᠦᠴᠦᠲᠡᠢ ᠵᠡᠪᠰᠡᠭ ᠪᠠᠢᠭ᠎ᠠ ᠨᠢ ᠲᠡᠭᠦᠨ ᠦ᠌ ᠵᠠᠯᠠᠭᠤ ᠨᠠᠰᠤ᠂ ᠭᠤᠸ᠎ᠠ ᠦᠵᠡᠰᠬᠦᠯᠡᠩ ᠪᠣᠯᠬᠤ ᠶ᠋ᠢ ᠲᠡᠷᠡ ᠰᠠᠨᠠᠪᠠ᠃ ᠣᠳᠣ ᠨᠢᠭᠡᠨᠲᠡ ᠵᠢᠷᠠ ᠳᠥᠭᠥᠭᠰᠡᠨ ᠲᠡᠷᠡ ᠬᠥᠭᠰᠢᠨ ᠬᠠᠲᠤᠨ ᠪᠥᠷᠲᠡ ᠬᠡᠵᠢᠶ᠎ᠡ ᠪᠣᠯᠲᠠᠯ᠎ᠠ ᠨᠠᠰᠤᠯᠠᠬᠤ ᠪᠢᠯᠡ᠃ ᠭᠡᠲᠡᠯ᠎ᠡ ᠬᠤᠯᠠᠨ ᠣᠳᠣ ᠳᠥᠩᠭᠡᠵᠢ ᠭᠤᠴᠢ ᠭᠠᠷᠴᠤ ᠪᠠᠢᠯ᠎ᠠ᠃ ᠵᠠᠯᠠᠭᠤ ᠶ᠋ᠢᠨ ᠭᠤᠸ᠎ᠠ ᠦᠵᠡᠰᠬᠦᠯᠡᠩ᠂ ᠴᠣᠭ ᠵᠣᠯᠢ ᠨᠢ ᠬᠡᠪ ᠢ᠋ᠶ᠋ᠡᠷ ᠬᠠᠷᠢᠨ ᠴᠤ᠌ ᠨᠠᠰᠤ ᠲᠣᠭᠲᠠᠨ ᠪᠠᠢᠷᠢᠰᠢᠵᠤ ᠪᠦᠷ ᠴᠦ᠍ ᠡᠷ᠎ᠡ ᠶ᠋ᠢᠨ ᠬᠦᠰᠡᠯ ᠢ᠋ ᠲᠠᠲᠠᠬᠤ ᠪᠣᠯᠤᠨ᠎ᠠ᠃ ᠪᠥᠷᠲᠡ ᠯᠠᠪ ᠦᠬᠦᠨ᠎ᠡ᠃ ᠲᠡᠷᠡ ᠴᠠᠭ ᠲᠤ᠌ ᠬᠤᠯᠠᠨ ᠬᠡᠷᠬᠢᠬᠦ ᠪᠣᠢ ᠭᠡᠳᠡᠭ ᠢ᠋ᠶ᠋ᠡᠨ ᠪᠣᠳᠣᠬᠤ ᠶᠣᠰᠣᠲᠠᠢ ᠪᠣᠯᠵᠠᠢ᠃ ᠴᠢᠩᠭᠢᠰ ᠬᠠᠭᠠᠨ ᠲᠡᠭᠦᠨ ᠳ᠋ᠦ᠍ ᠬᠠᠢᠷᠠᠲᠠᠢ᠂ ᠲᠡᠢᠮᠦ ᠤᠴᠢᠷ ᠠ᠋ᠴᠠ ᠬᠠᠲᠤᠳ ᠤ᠋ᠨ ᠢ᠋ᠶ᠋ᠠᠨ ᠳᠣᠲᠣᠷ᠎ᠠ ᠠ᠋ᠴᠠ ᠲᠡᠭᠦᠨ ᠢ᠋ ᠰᠣᠩᠭᠣᠵᠤ ᠰᠢᠨ᠎ᠡ ᠠᠶᠠᠨ ᠲᠡᠢᠨ ᠳ᠋ᠡᠭᠠᠨ ᠳᠠᠭᠠᠭᠤᠯᠤᠭᠰᠠᠨ ᠢ᠋ ᠴᠦ᠍ ᠠᠰᠢᠭᠯᠠᠬᠤ ᠶᠣᠰᠣᠲᠠᠢ ᠭᠡᠵᠦ ᠰᠢᠢᠳᠪᠡ᠃ ᠮᠠᠷᠭᠠᠰᠢ ᠥᠷᠯᠥᠭᠡ ᠭᠡᠬᠦ ᠳ᠋ᠦ᠍ ᠬᠤᠯᠠᠨ ᠣᠭᠲᠣ ᠥᠭᠡᠷ᠎ᠡ ᠦᠵᠡᠯ ᠪᠣᠳᠣᠯ ᠵᠣᠷᠢᠯᠭ᠎ᠠ ᠲᠠᠢ ᠪᠣᠯᠵᠤ ᠡᠷᠡᠰ ᠬᠠᠲᠠᠭᠤ ᠪᠠᠷ ᠰᠢᠢᠳᠦᠭᠰᠡᠨ ᠪᠠᠢᠪᠠ᠃ ᠶᠡᠷᠦ ᠨᠢ ᠬᠤᠯᠠᠨ ᠬᠠᠷ᠎ᠠ ᠪᠠᠭ᠎ᠠ ᠠ᠋ᠴᠠ ᠵᠣᠷᠢᠭ ᠰᠥᠰᠥ ᠶᠡᠬᠡᠲᠡᠢ ᠪᠦᠰᠡᠭᠦᠢ ᠶᠦ᠍ᠮ᠃ ᠲᠡᠭᠦᠨ ᠡᠴᠡ ᠪᠢᠰᠢ ᠥᠭᠡᠷ᠎ᠡ ᠬᠥᠮᠦᠨ ᠪᠠᠢᠭᠰᠠᠨ ᠪᠣᠯ ᠪᠥᠷᠲᠡ ᠪᠣᠯᠤᠭᠠᠳ ᠪᠤᠰᠤᠳ ᠬᠠᠲᠤᠳ ᠤ᠋ᠨ ᠨᠡᠷ᠎ᠡ ᠰᠦᠷ᠂ ᠬᠣᠷᠣ ᠰᠢᠷ᠎ᠠ ᠳ᠋ᠤᠨᠢ ᠠᠯᠢ ᠡᠷᠲᠡ ᠳᠠᠷᠤᠭᠳᠠᠨ ᠮᠠᠷᠲᠠᠭᠳᠠᠬᠤ ᠪᠠᠢᠭᠰᠠᠨ ᠪᠢᠵᠡ᠃ ᠬᠠᠷᠢᠨ ᠬᠤᠯᠠᠨ ᠵᠣᠪᠠᠬᠤ ᠪᠦᠷᠢ᠂ ᠬᠥᠮᠦᠨ ᠥᠪᠡᠷ ᠢ᠋ ᠨᠢ ᠭᠤᠲᠤᠭᠠᠨ ᠳᠣᠷᠣᠮᠵᠢᠯᠠᠬᠤ ᠪᠦᠷᠢ ᠥᠩᠭᠡ ᠣᠷᠣᠵᠤ᠂ ᠵᠣᠷᠢᠭ ᠴᠢᠩᠭᠠᠷᠠᠳᠠᠭ ᠵᠠᠩ ᠲᠠᠢ ᠪᠢᠯᠡ᠃ ᠲᠡᠷᠡ ᠴᠦ᠍ ᠶᠠᠩᠵᠤ ᠪᠠᠷ ᠪᠥᠷᠲᠡ ᠶ᠋ᠢᠨ ᠬᠡᠯᠡᠭᠰᠡᠨ ᠭᠠᠰᠢᠭᠤᠨ ᠦᠭᠡ ᠶ᠋ᠢ ᠬᠦᠯᠢᠶᠡᠨ ᠠᠪᠴᠤ ᠥᠪᠡᠷ ᠦ᠋ᠨ ᠬᠢ ᠪᠡᠷ ᠢ᠋ᠶ᠋ᠡᠨ ᠡᠰᠡᠷᠭᠦᠴᠡᠨ ᠲᠡᠮᠡᠴᠡᠬᠦ ᠪᠡᠷ ᠰᠢᠢᠳᠪᠡ᠃ ᠢᠩᠭᠢᠬᠦ ᠭᠡᠵᠦ᠂ ᠴᠢᠩᠭᠢᠰ ᠬᠠᠭᠠᠨ ᠤ᠋ ᠬᠠᠢᠷᠠᠲᠠᠢ ᠬᠠᠲᠤᠨ ᠪᠣᠯᠬᠤ ᠭᠡᠵᠦ ᠠᠯᠳᠠᠷ ᠨᠡᠷ᠎ᠡ ᠪᠡᠨ ᠮᠠᠨᠳᠤᠭᠤᠯᠬᠤ ᠶ᠋ᠢ ᠬᠦᠰᠡᠵᠦ ᠠᠮᠢ ᠪᠠᠨ ᠦᠯᠦ ᠬᠠᠢᠷᠠᠯᠠᠨ ᠵᠣᠷᠢᠭᠯᠠᠨ ᠲᠡᠮᠡᠴᠡᠵᠦ ᠢᠷᠡᠭᠰᠡᠨ ᠪᠢᠰᠢ ᠤᠤ? ᠲᠡᠷᠡ ᠶᠠᠭᠠᠬᠢᠪᠠᠴᠤ ᠪᠥᠷᠲᠡ ᠡᠴᠡ ᠳᠣᠣᠷ᠎ᠠ ᠰᠠᠭᠤᠳᠠᠯ ᠲᠠᠢ ᠳᠣᠣᠭᠤᠷ ᠨᠡᠷᠡᠲᠡᠢ ᠪᠠᠢᠵᠤ ᠪᠣᠯᠬᠤ ᠦᠭᠡᠢ ᠭᠡᠵᠦ ᠰᠢᠢᠳᠦᠭᠰᠡᠨ ᠪᠢᠯᠡ᠃
ᠬᠣᠷᠽᠸᠮ ᠳ᠋ᠤ᠌ ᠢᠷᠡᠵᠦ ᠬᠣᠶᠠᠷ ᠵᠢᠯ ᠥᠩᠭᠡᠷᠡᠬᠦ ᠳ᠋ᠦ᠍ ᠣᠯᠠᠨ ᠬᠣᠲᠠ ᠦᠭᠡᠢᠷᠡᠵᠦ ᠪᠠᠯᠭᠠᠰᠤ ᠪᠣᠯᠬᠤ ᠶ᠋ᠢ ᠦᠵᠡᠭᠡᠳ ᠬᠤᠯᠠᠨ ᠤ᠋ ᠪᠣᠳᠣᠯ ᠰᠡᠳᠬᠢᠯ ᠥᠭᠡᠷᠡᠴᠢᠯᠡᠭᠳᠡᠪᠡ᠃ ᠪᠠᠰᠠ ᠥᠪᠡᠷ ᠦ᠋ᠨ ᠬᠦᠰᠡᠯ ᠲᠡᠮᠡᠴᠡᠯ ᠦ᠋ᠨ ᠵᠣᠷᠢᠯᠲᠠ ᠶ᠋ᠢ ᠴᠦ᠍ ᠣᠢᠯᠠᠭᠠᠪᠠ᠃ ᠡᠨᠡ ᠨᠢ ᠰᠠᠭᠤᠷᠢᠨ ᠠᠮᠢᠳᠤᠷᠠᠭᠴᠢ ᠢᠷᠭᠡᠳ ᠦ᠋ᠨ ᠣᠯᠠᠨ ᠵᠢᠯ ᠦ᠋ᠨ ᠬᠦᠴᠦ᠂ ᠤᠷ᠎ᠠ ᠴᠢᠳᠠᠯ ᠢ᠋ᠶ᠋ᠠᠷ ᠪᠦᠲᠦᠭᠡᠭᠰᠡᠨ ᠶᠡᠬᠡ ᠬᠣᠲᠠ ᠶ᠋ᠢ ᠦᠵᠡᠭᠡᠳ ᠲᠠᠯ᠎ᠠ ᠨᠤᠲᠤᠭ ᠤ᠋ᠨ ᠲᠡᠨᠦᠭᠦᠯᠴᠢ ᠨᠡᠭᠦᠳᠡᠯᠴᠢᠨ ᠠᠮᠢᠳᠤᠷᠠᠯ ᠳ᠋ᠠᠭᠠᠨ ᠭᠤᠲᠤᠨ᠂ ᠭᠣᠯᠣᠬᠤ ᠰᠡᠳᠬᠢᠯ ᠪᠠᠢᠯ᠎ᠠ᠃ ᠲᠡᠢᠮᠦ ᠴᠦ᠍ ᠤᠴᠢᠷ ᠠ᠋ᠴᠠ ᠬᠣᠷᠽᠸᠮ ᠤ᠋ᠨ ᠡᠨᠡ ᠦᠵᠡᠰᠬᠦᠯᠡᠩᠲᠦ ᠬᠣᠲᠠ ᠶ᠋ᠢ ᠡᠵᠡᠮᠰᠢᠵᠦ ᠡᠭᠦᠷᠢᠳᠡ ᠰᠠᠭᠤᠵᠤ ᠠᠯᠳᠠᠷ ᠰᠦᠷ ᠢ᠋ᠶ᠋ᠡᠨ ᠮᠠᠨᠳᠤᠭᠤᠯᠬᠤ ᠬᠦᠰᠡᠯ ᠲᠡᠭᠦᠨ ᠳ᠋ᠦ᠍ ᠤᠯᠠᠮ ᠬᠦᠴᠦᠲᠡᠢ ᠲᠥᠷᠥᠬᠦ ᠪᠣᠯᠵᠠᠢ᠃ ᠶᠠᠭ ᠡᠢᠮᠦ ᠦᠶ᠎ᠡ ᠳ᠋ᠦ᠍ ᠴᠢᠩᠭᠢᠰ ᠬᠠᠭᠠᠨ ᠤ᠋ ᠴᠡᠷᠢᠭ ᠰᠠᠮᠠᠷᠺᠠᠨᠳ᠋ ᠬᠣᠲᠠ ᠶ᠋ᠢᠨ ᠳᠡᠷᠭᠡᠳᠡ ᠢᠷᠡᠭᠰᠡᠨ ᠨᠢ ᠡᠨᠡ ᠪᠠᠢᠪᠠ᠃ ᠰᠸᠢᠢᠷ ᠳ᠋ᠠᠷᠢᠶᠠ᠂ ᠠᠮᠥ᠋ ᠳ᠋ᠠᠷᠢᠶᠠ ᠮᠥᠷᠡᠨ ᠦ᠌ ᠳᠤᠮᠳᠠ ᠣᠷᠣᠰᠢᠬᠤ ᠴᠠᠭ ᠠᠭᠠᠷ ᠨᠢ ᠳᠤᠯᠠᠭᠠᠨ ᠵᠥᠭᠡᠯᠡᠨ᠂ ᠬᠥᠷᠥᠰᠥ ᠰᠢᠷᠣᠢ ᠨᠢ ᠨᠡᠩ ᠪᠠᠶᠠᠯᠢᠭ ᠡᠨᠡ ᠭᠠᠢᠬᠠᠮᠰᠢᠭᠲᠤ ᠬᠣᠲᠠ ᠬᠤᠯᠠᠨ ᠤ᠋ ᠰᠡᠳᠬᠢᠯ ᠢ᠋ ᠲᠠᠲᠠᠵᠠᠢ᠃ ᠲᠡᠷᠡ ᠰᠠᠮᠠᠷᠺᠠᠨᠳ᠋ ᠬᠣᠲᠠ ᠳ᠋ᠤ᠌ ᠡᠭᠦᠷᠢᠳᠡ ᠰᠠᠭᠤᠬᠤ ᠪᠠᠷ ᠰᠢᠢᠳᠪᠡ᠃ ᠮᠥᠬᠥᠵᠦ ᠰᠦᠢᠷᠡᠭᠰᠡᠨ ᠮᠡᠷᠭᠢᠳ ᠠᠢᠮᠠᠭ᠂ ᠪᠥᠷᠲᠡ ᠬᠠᠲᠤᠨ ᠤ᠋ ᠴᠢᠮᠡᠭᠡ ᠦᠭᠡᠢ ᠳᠠᠷᠤᠯᠠᠯ ᠳᠣᠣᠷ᠎ᠠ ᠪᠤᠴᠠᠵᠤ ᠣᠴᠢᠬᠤ ᠶ᠋ᠢ ᠲᠡᠷᠡ ᠬᠦᠰᠡᠭᠰᠡᠨ ᠦᠭᠡᠢ᠃ ᠨᠤᠲᠤᠭ ᠠ᠋ᠴᠠ ᠭᠠᠷᠤᠭᠰᠠᠨ ᠠ᠋ᠴᠠ ᠬᠣᠢᠰᠢ ᠳᠠᠷᠤᠢ ᠭᠤᠷᠪᠠᠨ ᠵᠢᠯ ᠰᠢᠬᠠᠮ ᠪᠣᠯᠬᠤ ᠳ᠋ᠤ᠌ ᠬᠤᠯᠠᠨ ᠨᠢᠭᠡᠨᠲᠡ ᠥᠭᠡᠷ᠎ᠡ ᠬᠥᠮᠦᠨ ᠪᠣᠯᠤᠨ ᠬᠤᠪᠢᠷᠠᠵᠠᠢ᠃ ᠮᠣᠩᠭᠣᠯ ᠳ᠋ᠤ᠌ ᠪᠠᠢᠬᠤ ᠦᠭᠡᠢ ᠪᠠᠶᠠᠨ ᠲᠠᠩᠰᠤᠭ ᠨᠤᠲᠤᠭ᠂ ᠨᠢᠳᠦ ᠪᠤᠯᠢᠶᠠᠮ᠎ᠠ ᠤᠷᠲᠤ ᠬᠠᠷᠰᠢ᠂ ᠦᠨᠡᠲᠦ ᠡᠷᠳᠡᠨᠢᠰ᠂ ᠪᠠᠶᠠᠯᠢᠭ ᠪᠠᠢᠬᠤ ᠶ᠋ᠢ ᠲᠡᠷᠡ ᠦᠵᠡᠵᠦ ᠡᠳ᠋ᠯᠡᠪᠡ᠃ ᠣᠳᠣ ᠲᠡᠭᠦᠨ ᠳ᠋ᠦ᠍ ᠡᠭᠦᠨ ᠡᠴᠡ ᠥᠭᠡᠷ᠎ᠡ ᠶᠠᠭᠤ ᠴᠤ᠌ ᠦᠯᠦ ᠬᠥᠰᠡᠭᠳᠡᠬᠥ ᠠᠵᠢ᠃ ᠲᠡᠷᠡ ᠡᠨᠳᠡ ᠫᠧᠷᠰ ᠦ᠋ᠨ ᠬᠡᠪᠢᠰ ᠲᠣᠷᠭᠠᠨ ᠳ᠋ᠤ᠌ ᠬᠥᠯᠪᠥᠷᠢᠵᠤ᠂ ᠪᠤᠬᠠᠷ ᠳᠠᠷᠠᠰᠤ ᠰᠢᠮᠡᠵᠦ᠂ ᠰᠠᠮᠠᠷᠺᠠᠨᠳ᠋ ᠤ᠋ᠨ ᠠᠮᠲᠠᠲᠤ ᠢᠳᠡᠭᠡ ᠵᠣᠭᠣᠭᠯᠠᠵᠤ᠂ ᠪᠠᠬᠳᠠᠳ᠋ ᠤ᠋ᠨ ᠠᠯᠲᠠᠨ ᠡᠳ᠋ᠯᠡᠯ ᠵᠡᠭᠦᠵᠦ ᠪᠠᠢᠪᠠ᠃ ᠮᠣᠩᠭᠣᠯ ᠤ᠋ᠨ ᠲᠠᠯ᠎ᠠ ᠨᠤᠲᠤᠭ ᠲᠤ᠌ ᠲᠡᠭᠦᠨ ᠢ᠋ ᠲᠠᠲᠠᠬᠤ ᠵᠦᠢᠯ ᠥᠴᠦᠬᠡᠨ ᠴᠦ᠍ ᠦᠭᠡᠢ ᠮᠡᠲᠦ᠃ ᠣᠳᠣ ᠡᠨᠡ ᠭᠠᠵᠠᠷ ᠲᠤ᠌ ᠴᠢᠩᠭᠢᠰ ᠬᠠᠭᠠᠨ ᠤ᠋ ᠶᠡᠬᠡ ᠴᠡᠷᠢᠭ ᠢ᠋ ᠡᠰᠡᠷᠭᠦᠴᠡᠨ ᠲᠡᠮᠡᠴᠡᠭᠴᠢ ᠬᠦᠴᠦ ᠦᠭᠡᠢ ᠪᠣᠯᠵᠤ᠂ ᠬᠤᠯᠠᠨ ᠡᠨᠡ ᠭᠠᠵᠠᠷ ᠲᠤ᠌ ᠬᠠᠮᠤᠭ ᠤ᠋ᠨ ᠠᠯᠳᠠᠷ ᠴᠤᠤᠲᠠᠢ ᠬᠠᠲᠤᠨ ᠪᠣᠯᠪᠠ᠃ ᠭᠡᠪᠡᠴᠦ ᠬᠤᠯᠠᠨ ᠤ᠋ ᠰᠡᠳᠬᠢᠯ ᠦᠷᠭᠦᠯᠵᠢ ᠶ᠋ᠢᠨ ᠰᠢᠨᠠᠯᠤᠯ᠂ ᠬᠠᠷᠠᠭᠤᠰᠤᠯ ᠢ᠋ᠶ᠋ᠠᠷ ᠳᠦᠭᠦᠷᠡᠩ ᠪᠠᠢᠬᠤ ᠠᠵᠢ᠃ ᠨᠠᠰᠤ ᠢᠳᠡᠷ᠂ ᠳᠤᠷ᠎ᠠ ᠬᠦᠰᠡᠯ ᠶᠡᠬᠡ ᠪᠦᠰᠡᠭᠦᠢ ᠳ᠋ᠦ᠍ ᠴᠡᠷᠢᠭ ᠲᠡᠢᠨ ᠦ᠌ ᠶᠡᠬᠡ ᠦᠢᠯᠡ᠂ ᠠᠶᠠᠨ ᠵᠠᠮ ᠤ᠋ᠨ ᠠᠯᠵᠢᠶᠠᠯ ᠳ᠋ᠤ᠌ ᠲᠤᠢᠯᠳᠠᠨ ᠶᠠᠳᠠᠷᠠᠭᠰᠠᠨ ᠤᠭ ᠠ᠋ᠴᠠ ᠨᠠᠰᠤ ᠠᠬᠢᠵᠤ ᠡᠪᠦᠭᠡᠷᠡᠭᠰᠡᠨ ᠴᠢᠩᠭᠢᠰ ᠬᠠᠭᠠᠨ ᠤ᠋ ᠡᠷ᠎ᠡ ᠬᠥᠮᠦᠨ ᠦ᠌ ᠬᠠᠯᠠᠮᠵᠢ ᠡᠩᠬᠦᠷᠡᠢᠯᠡᠯ ᠪᠠᠭᠠᠳᠠᠵᠤ᠂ ᠬᠠᠭᠰᠠᠷᠠᠵᠤ ᠭᠤᠩᠳᠠᠭᠠᠳ ᠡᠭᠦᠨ ᠡᠴᠡ ᠡᠭᠦᠳᠦᠨ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠠᠭᠤᠷ ᠤᠴᠠᠭᠠᠷ ᠶᠡᠬᠡᠲᠡᠢ ᠪᠣᠯᠵᠠᠢ᠃ ᠡᠭᠦᠨ ᠦ᠌ ᠤᠴᠢᠷ ᠢ᠋ ᠴᠦ᠍ ᠴᠢᠩᠭᠢᠰ ᠬᠠᠭᠠᠨ ᠮᠡᠳᠡᠬᠦ ᠪᠥᠭᠡᠲᠡᠯ᠎ᠡ ᠦᠨᠡᠨ ᠰᠡᠳᠬᠢᠯ ᠭᠠᠷᠭᠠᠨ ᠲᠡᠭᠦᠨ ᠢ᠋ ᠬᠠᠢᠷᠠᠯᠠᠬᠤ ᠶ᠋ᠢᠨ ᠣᠷᠣᠨ ᠳ᠋ᠤ᠌ ᠫᠧᠷᠰ᠂ ᠢᠷᠡᠨ᠂ ᠲᠦᠷᠺ ᠴᠢᠰᠤᠨ ᠤ᠋ ᠵᠠᠯᠠᠭᠤ ᠥᠬᠢᠳ ᠲᠡᠢ ᠴᠡᠩᠭᠡᠨ ᠰᠠᠮᠠᠭᠤᠷᠠᠬᠤ ᠶ᠋ᠢ ᠤᠷᠢᠳᠠᠯ ᠪᠣᠯᠭᠠᠨ᠎ᠠ᠃ ᠴᠢᠩᠭᠢᠰ ᠬᠠᠭᠠᠨ ᠤ᠋ ᠡᠨᠡ ᠴᠡᠩᠭᠡᠯ ᠢ᠋ ᠲᠡᠪᠴᠢᠵᠦ ᠥᠩᠭᠡᠷᠡᠭᠦᠯᠬᠦ ᠨᠢ ᠬᠤᠯᠠᠨ ᠳ᠋ᠤ᠌ ᠪᠡᠷᠬᠡ ᠪᠠᠢᠪᠠᠴᠤ ᠶᠡᠬᠡ ᠬᠠᠭᠠᠨ ᠤ᠋ ᠬᠦᠰᠡᠯ ᠢ᠋ ᠡᠰᠡᠷᠭᠦᠴᠡᠨ ᠬᠣᠷᠢᠬᠤ ᠬᠥᠮᠦᠨ ᠬᠡᠨ ᠪᠢᠯᠡ᠃ ᠬᠤᠯᠠᠨ ᠨᠢᠭᠡ ᠲᠠᠯ᠎ᠠ ᠠ᠋ᠴᠠ ᠦᠵᠡᠪᠡᠯ ᠲᠠᠩᠰᠤᠭ ᠡᠳ᠋ᠯᠡᠯ᠂ ᠦᠨᠡᠲᠦ ᠡᠷᠳᠡᠨᠢᠰ ᠲᠡᠢ ᠠᠳᠠᠯᠢ ᠬᠥᠩᠭᠡᠨ ᠭᠠᠩᠭᠠᠨ ᠰᠡᠦᠬᠡᠨ ᠦ᠌ ᠠᠮᠢᠳᠤ ᠠᠴᠢᠶ᠎ᠠ ᠪᠣᠯᠤᠨ ᠬᠤᠪᠢᠷᠠᠪᠠ᠃ ᠵᠠᠷᠢᠮ ᠳ᠋ᠠᠭᠠᠨ ᠴᠢᠩᠭᠢᠰ ᠬᠠᠭᠠᠨ ᠶᠠᠭᠤᠨ ᠤ᠋ ᠤᠴᠢᠷ ᠬᠤᠯᠠᠨ ᠢ᠋ ᠳᠠᠭᠠᠭᠤᠯᠤᠨ ᠭᠠᠷᠤᠭᠰᠠᠨ ᠢ᠋ ᠭᠠᠢᠬᠠᠨ᠎ᠠ᠃ ᠵᠠᠯᠠᠭᠤ ᠢᠳᠡᠷ ᠪᠦᠰᠡᠭᠦᠢ ᠳ᠋ᠦ᠍ ᠡᠷ᠎ᠡ ᠨᠥᠬᠥᠷ ᠨᠢ ᠦᠯᠦ ᠲᠣᠭᠣᠮᠰᠠᠷᠯᠠᠬᠤ ᠶ᠋ᠢ ᠦᠵᠡᠵᠦ ᠮᠡᠳᠡᠷᠡᠬᠦ ᠰᠢᠭ ᠭᠠᠴᠢᠯᠠᠩ ᠳᠣᠷᠣᠮᠵᠢᠯᠠᠯ ᠬᠠᠮᠢᠭ᠎ᠠ ᠪᠠᠢᠬᠤ ᠪᠢᠯᠡ᠃ ᠭᠡᠪᠡᠴᠦ ᠬᠤᠯᠠᠨ ᠲᠡᠪᠴᠢᠨ ᠶᠠᠪᠤᠪᠠ᠃ ᠴᠢᠩᠭᠢᠰ ᠬᠠᠭᠠᠨ ᠬᠤᠯᠠᠨ ᠤ᠋ ᠰᠢᠨᠠᠯᠤᠯ ᠵᠣᠪᠠᠯᠠᠩ ᠢ᠋ ᠣᠢᠯᠠᠭᠠᠵᠤ ᠪᠠᠢᠪᠠ᠃ ᠭᠡᠪᠡᠴᠦ ᠵᠠᠯᠠᠭᠤ ᠬᠠᠲᠤᠨ ᠢ᠋ᠶ᠋ᠠᠨ ᠬᠡᠨ ᠨᠢᠭᠡᠨ ᠳ᠋ᠦ᠍ ᠰᠡᠳᠬᠢᠯ ᠠᠯᠳᠠᠷᠠᠬᠤ᠂ ᠪᠡᠶ᠎ᠡ ᠪᠡᠨ ᠡᠵᠡᠮᠳᠡᠭᠦᠯᠬᠦ ᠡᠴᠡ ᠦᠷᠭᠦᠯᠵᠢ ᠰᠡᠷᠭᠡᠢᠯᠡᠵᠦ ᠬᠠᠷ᠎ᠠ ᠨᠢᠳᠦ ᠦᠯᠦ ᠬᠠᠮᠬᠢᠬᠤ ᠢᠲᠡᠭᠡᠯᠲᠦ ᠬᠥᠮᠦᠰ ᠢ᠋ ᠳᠠᠭᠠᠯᠳᠤᠭᠤᠯᠤᠨ ᠬᠠᠷᠠᠭᠠᠯᠵᠠᠭᠤᠯᠵᠠᠢ᠃ ᠬᠤᠯᠠᠨ ᠬᠥᠮᠦᠨ ᠲᠣᠣᠷ ᠲᠤ᠌ ᠬᠣᠷᠢᠭᠳᠠᠭᠰᠠᠨ ᠲᠣᠭᠣᠰ ᠰᠢᠭ᠋ ᠰᠠᠭᠤᠬᠤ ᠠᠵᠢ᠃ ᠴᠢᠩᠭᠢᠰ ᠬᠠᠭᠠᠨ ᠬᠤᠯᠠᠨ ᠢ᠋ ᠵᠦᠭᠡᠷ ᠨᠢᠭᠡ ᠳᠠᠭᠠᠭᠤᠯᠵᠤ ᠶᠠᠪᠤᠭ᠎ᠠ ᠦᠭᠡᠢ ᠶᠦᠮ᠃ ᠬᠣᠷᠽᠸᠮ ᠤ᠋ᠨ ᠶᠡᠬᠡ ᠬᠣᠲᠠ ᠨᠤᠭᠤᠳ ᠠ᠋ᠴᠠ ᠡᠯᠴᠢ ᠢᠷᠡᠵᠦ ᠳᠠᠭᠠᠷ᠎ᠠ ᠣᠷᠣᠬᠤ ᠪᠦᠷᠢ ᠳ᠋ᠦ᠍ ᠬᠤᠯᠠᠨ ᠬᠠᠲᠤᠨ ᠢ᠋ᠶ᠋ᠠᠨ ᠳᠡᠷᠭᠡᠳᠡ ᠪᠡᠨ ᠰᠠᠭᠤᠯᠭᠠᠨ ᠲᠡᠳᠡᠨ ᠢ᠋ ᠬᠦᠯᠢᠶᠡᠨ ᠠᠪᠴᠤ ᠦᠭᠡ ᠶ᠋ᠢ ᠰᠣᠨᠣᠰᠬᠤ ᠪᠥᠭᠡᠳ ᠭᠠᠭᠴᠠ ᠬᠦ᠌ ᠡᠨᠡ ᠦᠶ᠎ᠡ ᠳ᠋ᠦ᠍ ᠯᠡ ᠲᠡᠷᠡ ᠴᠢᠩᠭᠢᠰ ᠬᠠᠭᠠᠨ ᠤ᠋ ᠬᠠᠲᠤᠨ ᠮᠡᠲᠦ ᠪᠠᠢᠨ᠎ᠠ᠃ ᠴᠢᠩᠭᠢᠰ ᠬᠠᠭᠠᠨ ᠬᠤᠯᠠᠨ ᠢ᠋ ᠥᠮᠥᠭᠯᠡᠨ ᠬᠠᠮᠠᠭᠠᠯᠠᠬᠤ ᠭᠡᠵᠦ᠂ ᠬᠠᠢᠷᠠᠲᠠᠢ ᠰᠡᠳᠬᠢᠯ ᠦ᠋ᠨ ᠡᠭᠦᠳᠡᠨ ᠡᠴᠡ ᠲᠡᠭᠦᠨ ᠢ᠋ ᠳᠡᠷᠭᠡᠳᠡ ᠪᠡᠨ ᠠᠪᠴᠤ ᠬᠣᠷᠽᠸᠮ ᠢ᠋ ᠳᠠᠢᠯᠠᠬᠤ ᠪᠠᠷ ᠮᠣᠷᠳᠠᠭᠰᠠᠨ ᠪᠢᠯᠡ᠃ ᠤᠴᠢᠷ ᠨᠢ ᠲᠡᠷᠡ ᠥᠪᠡᠷ ᠢ᠋ ᠪᠡᠨ ᠬᠤᠯᠠᠨ ᠳ᠋ᠤ᠌ ᠥᠷᠢ ᠲᠡᠢ ᠮᠡᠲᠦ ᠪᠣᠳᠣᠳᠠᠭ ᠪᠠᠢᠪᠠ᠃ ᠵᠠᠯᠠᠭᠤ ᠬᠤᠯᠠᠨ ᠦᠷ᠎ᠡ ᠵᠤᠯᠪᠤᠵᠤ᠂ ᠲᠡᠭᠦᠨ ᠡᠴᠡ ᠬᠣᠢᠰᠢ ᠳᠠᠬᠢᠨ ᠬᠡᠦᠬᠡᠳ ᠣᠯᠬᠤ ᠦᠭᠡᠢ ᠪᠣᠯᠤᠭᠰᠠᠨ ᠢ᠋ ᠴᠢᠩᠭᠢᠰ ᠬᠠᠭᠠᠨ ᠥᠪᠡᠷ ᠦ᠋ᠨ ᠪᠤᠷᠤᠭᠤ ᠠ᠋ᠴᠠ ᠪᠣᠯᠤᠭᠰᠠᠨ ᠭᠡᠵᠦ ᠪᠣᠳᠣᠬᠤ ᠠᠵᠢ᠃ ᠲᠡᠢᠮᠦ ᠤᠴᠢᠷ ᠠ᠋ᠴᠠ ᠬᠤᠯᠠᠨ ᠬᠠᠲᠤᠨ ᠤ᠋ ᠪᠠᠨ ᠨᠢᠭᠡ ᠨᠠᠰᠤᠨ ᠤ᠋ ᠰᠢᠨᠠᠯᠤᠯ ᠢ᠋ ᠨᠢᠮᠭᠡᠯᠡᠨ ᠰᠡᠳᠬᠢᠯ ᠢ᠋ ᠨᠢ ᠲᠠᠢᠳᠬᠠᠷᠠᠭᠤᠯᠤᠨ ᠪᠠᠶᠠᠰᠬᠠᠬᠤ ᠭᠡᠵᠦ ᠬᠣᠷᠽᠸᠮ ᠳ᠋ᠤ᠌ ᠳᠠᠭᠠᠭᠤᠯᠤᠨ ᠢᠷᠡᠭᠰᠡᠨ ᠪᠢᠯᠡ᠃ ᠣᠯᠠᠨ ᠵᠢᠯ ᠦ᠋ᠨ ᠤᠷᠲᠤ ᠠᠶᠠᠨ ᠳ᠋ᠤ᠌ ᠬᠤᠯᠠᠨ ᠬᠠᠲᠤᠨ ᠨᠢ ᠤᠢᠳᠴᠤ᠂ ᠭᠠᠭᠴᠠᠭᠠᠷᠳᠠᠵᠤ ᠪᠠᠢᠭ᠎ᠠ ᠶ᠋ᠢ ᠴᠦ᠍ ᠲᠡᠷᠡ ᠮᠡᠳᠡᠨ᠎ᠡ᠃ ᠲᠡᠢᠮᠦ ᠴᠦ᠍ ᠤᠴᠢᠷ ᠠ᠋ᠴᠠ ᠬᠤᠯᠠᠨ ᠬᠠᠲᠤᠨ ᠤ᠋ ᠡᠯᠳᠡᠪ ᠡᠲᠡᠭᠡᠳ ᠬᠦᠰᠡᠯ ᠳ᠋ᠦ᠍ ᠬᠦᠨᠳᠦᠳᠬᠡᠯ ᠠᠩᠬᠠᠷᠤᠯᠲᠠᠢ ᠬᠠᠨᠳᠤᠬᠤ ᠪᠥᠯᠥᠭᠡ᠃ ᠰᠠᠮᠠᠷᠺᠡᠨᠳ᠋ ᠬᠣᠲᠠ ᠶ᠋ᠢ ᠡᠪᠳᠡᠨ ᠰᠦᠢᠳᠬᠡᠬᠦ ᠦᠭᠡᠢ ᠪᠡᠷ ᠡᠵᠡᠯᠡᠨ ᠠᠪᠴᠤ ᠥᠪᠡᠷ ᠲᠡᠭᠡᠨ ᠪᠡᠯᠡᠭᠯᠡᠬᠦ ᠶ᠋ᠢ ᠬᠤᠯᠠᠨ ᠬᠠᠲᠤᠨ ᠴᠢᠩᠭᠢᠰ ᠬᠠᠭᠠᠨ ᠠ᠋ᠴᠠ ᠬᠦᠰᠡᠵᠡᠢ᠃ ᠪᠠᠰᠠ ᠡᠨᠡ ᠬᠣᠲᠠ ᠳ᠋ᠤ᠌ ᠨᠠᠰᠤᠨ ᠡᠭᠦᠷᠢᠳᠡ ᠰᠠᠭᠤᠨ᠎ᠠ ᠬᠡᠬᠦᠢ ᠳ᠋ᠦ᠍ ᠴᠢᠩᠭᠢᠰ ᠬᠠᠭᠠᠨ ᠢᠨᠢᠶᠡᠮᠰᠦᠭᠯᠡᠵᠦ
| ᠬᠤᠯᠠᠨ ᠮᠢᠨᠢ᠂ ᠪᠢ ᠴᠢᠮᠠᠲᠤ ᠰᠠᠮᠠᠷᠺᠠᠨᠳ᠋ ᠢ᠋ ᠥᠭᠭᠦᠶ᠎ᠡ ᠭᠡᠵᠦ ᠳᠤᠷᠠᠲᠠᠢ ᠵᠥᠪᠰᠢᠶᠡᠷᠡᠭᠰᠡᠨ ᠢ᠋ᠶ᠋ᠡᠷ ᠪᠠᠷᠠᠬᠤ ᠦᠭᠡᠢ ᠬᠤᠯᠠᠨ ᠬᠠᠲᠤᠨ ᠤ᠋ ᠪᠠᠨ ᠡᠴᠦᠰ ᠲᠡᠭᠦᠰᠬᠡᠯ ᠦᠭᠡᠢ ᠬᠦᠰᠡᠯ ᠰᠡᠳᠬᠢᠯ ᠳ᠋ᠦ᠍ ᠪᠠᠬᠠᠳᠤᠯᠲᠠᠢ ᠪᠠᠢᠪᠠ᠃ ᠬᠤᠯᠠᠨ ᠢᠩᠭᠢᠵᠦ ᠬᠦᠰᠡᠭᠰᠡᠨ ᠨᠢ ᠴᠢᠩᠭᠢᠰ ᠬᠠᠭᠠᠨ ᠤ᠋ ᠶᠡᠬᠡ ᠨᠡᠷ᠎ᠡ ᠰᠦᠷ᠂ ᠬᠦᠴᠦ ᠴᠢᠳᠠᠯ ᠤ᠋ᠨ ᠪᠡᠯᠭᠡᠳᠡᠯ᠂ ᠪᠡᠶᠡᠯᠡᠯ ᠮᠡᠲᠦ ᠰᠠᠨᠠᠭᠳᠠᠵᠠᠢ᠃ ᠲᠡᠭᠦᠨ ᠡᠴᠡ ᠥᠭᠡᠷ᠎ᠡ ᠶᠠᠮᠠᠷ ᠬᠠᠭᠠᠨ ᠬᠠᠲᠤᠨ ᠳ᠋ᠠᠭᠠᠨ ᠶᠡᠬᠡ ᠬᠣᠲᠠ ᠶ᠋ᠢ ᠪᠡᠯᠡᠭᠯᠡᠭᠰᠡᠨ ᠶᠦᠮ ᠪᠤᠤ ᠮᠡᠳᠡ᠃ ᠬᠤᠯᠠᠨ ᠤ᠋ ᠡᠨᠡ ᠬᠦᠰᠡᠯ ᠴᠢᠩᠭᠢᠰ ᠬᠠᠭᠠᠨ ᠤ᠋ ᠰᠡᠳᠬᠢᠯ ᠳ᠋ᠦ᠍ ᠶᠠᠪ ᠴᠠᠪ ᠨᠡᠢᠯᠡᠵᠦ ᠥᠪᠡᠷ ᠦ᠋ᠨ ᠬᠥᠪᠡᠭᠦᠳ ᠲᠦ᠍ ᠰᠠᠮᠠᠷᠺᠠᠨᠳ᠋ ᠢ᠋ ᠡᠪᠳᠡᠨ ᠰᠦᠢᠳᠬᠡᠬᠦ ᠦᠭᠡᠢ ᠪᠡᠷ ᠡᠵᠡᠯᠡᠨ ᠠᠪᠬᠤ ᠶ᠋ᠢ ᠲᠤᠰᠢᠶᠠᠪᠠ᠃ ᠭᠡᠬᠦ ᠳ᠋ᠡᠭᠡᠨ ᠴᠢᠩᠭᠢᠰ ᠬᠠᠭᠠᠨ ᠴᠠᠭᠠᠳᠤ ᠵᠣᠷᠢᠯᠭ᠎ᠠ ᠪᠠᠨ ᠰᠤᠷᠤᠭᠰᠠᠨ ᠵᠠᠩ ᠢ᠋ᠶ᠋ᠠᠷ ᠢ᠋ᠶ᠋ᠠᠨ ᠲᠠᠰᠤ ᠨᠢᠭᠤᠭᠰᠠᠨ ᠪᠢᠯᠡ᠃ ᠵᠥᠴᠢ᠂ ᠴᠠᠭᠠᠲᠠᠢ᠂ ᠥᠭᠡᠳᠡᠢ᠂ ᠲᠤᠯᠤᠢ ᠳᠥᠷᠪᠡᠨ ᠬᠥᠪᠡᠭᠦᠨ ᠦ᠌ ᠤᠳᠤᠷᠢᠳᠤᠭᠰᠠᠨ ᠶᠡᠬᠡ ᠴᠡᠷᠢᠭ ᠬᠣᠷᠽᠸᠮ ᠤ᠋ᠨ ᠡᠵᠡᠯᠡᠭᠳᠡᠭᠰᠡᠨ ᠬᠣᠲᠠ ᠠ᠋ᠴᠠ ᠳᠠᠢᠴᠢᠯᠠᠭᠰᠠᠨ 《ᠦᠬᠦᠯ ᠦ᠋ᠨ ᠴᠡᠷᠢᠭ》 ᠦ᠋ᠳ ᠲᠡᠢ ᠨᠡᠢᠯᠡᠭᠡᠳ ᠭᠠᠵᠠᠷ ᠬᠥᠳᠡᠯᠵᠦ᠂ ᠡᠪᠡᠰᠦ ᠨᠠᠢᠭᠤᠬᠤ ᠮᠡᠲᠦ ᠣᠯᠠᠨ ᠬᠥᠮᠦᠨ ᠰᠠᠮᠠᠷᠺᠠᠨᠳ᠋ ᠢ᠋ ᠡᠷᠭᠢᠨ ᠲᠣᠭᠣᠷᠢᠨ ᠪᠦᠰᠡᠯᠡᠵᠦ ᠪᠠᠷᠤᠭ ᠠᠭᠠᠷ ᠰᠠᠯᠬᠢ ᠨᠡᠪᠲᠡᠷᠡᠬᠦ ᠵᠦᠢᠯ ᠦᠭᠡᠢ ᠰᠢᠪᠡᠭᠡᠯᠡᠭᠰᠡᠨ ᠨᠢ ᠬᠣᠲᠠ ᠶ᠋ᠢᠨ ᠬᠢᠨ ᠦ᠌ ᠵᠢᠷᠦᠬᠡ ᠶ᠋ᠢ ᠦᠬᠦᠭᠦᠯᠬᠦ ᠠᠵᠢ᠃ ᠭᠡᠪᠡᠴᠦ ᠬᠣᠷᠽᠸᠮ ᠤ᠋ᠨ ᠡᠴᠦᠰ ᠦ᠋ᠨ ᠴᠠᠢᠵᠠ ᠰᠡᠮᠡᠷᠺᠡᠨᠳ᠋ ᠢ᠋ ᠬᠠᠮᠠᠭᠠᠯᠠᠭᠴᠢ ᠠᠷᠪᠠᠨ ᠨᠢᠭᠡᠨ ᠲᠦᠮᠡᠨ ᠴᠡᠷᠢᠭ ᠬᠣᠲᠠ ᠶ᠋ᠢᠨ ᠢᠷᠭᠡᠳ ᠵᠠᠩᠵᠤᠨ ᠠᠯᠪᠠᠷᠬᠠᠨ ᠤ᠋ ᠤᠳᠤᠷᠢᠳᠤᠯᠭ᠎ᠠ ᠶ᠋ᠢᠨ ᠳᠣᠣᠷ᠎ᠠ ᠨᠢᠭᠲᠠᠷᠠᠭᠠᠳ ᠦᠬᠦᠯᠳᠡᠨ ᠲᠡᠮᠡᠴᠡᠬᠦ ᠵᠣᠷᠢᠭ ᠲᠡᠭᠦᠰ ᠪᠠᠢᠭᠰᠠᠨ ᠠ᠋ᠴᠠ ᠭᠠᠳᠠᠨ᠎ᠠ ᠬᠣᠲᠠ ᠭᠤᠷᠪᠠᠨ ᠳᠠᠪᠬᠤᠷ ᠬᠡᠷᠡᠮ ᠲᠡᠢ᠂ ᠡᠷᠭᠢᠨ ᠲᠣᠭᠣᠷᠢᠨ ᠤᠰᠤᠨ ᠬᠠᠮᠠᠭᠠᠯᠠᠯᠲᠠ ᠲᠠᠢ ᠪᠠᠢᠯ᠎ᠠ᠃ ᠬᠣᠲᠠ ᠶ᠋ᠢ ᠡᠪᠳᠡᠬᠦ ᠦᠭᠡᠢ ᠡᠵᠡᠯᠡᠨ ᠠᠪᠬᠤ ᠶ᠋ᠢ ᠴᠢᠩᠭᠢᠰ ᠬᠠᠭᠠᠨ ᠵᠠᠷᠯᠢᠭ ᠪᠣᠯᠭᠠᠭᠰᠠᠨ ᠲᠤᠯᠠ ᠮᠣᠩᠭᠣᠯ ᠤ᠋ᠨ ᠴᠡᠷᠢᠭ ᠦ᠋ᠳ ᠰᠢᠲᠠᠭᠠᠭᠴᠢ ᠰᠤᠮᠤ ᠬᠡᠷᠡᠭᠯᠡᠵᠦ ᠴᠢᠳᠠᠬᠤ ᠦᠭᠡᠢ ᠪᠣᠯᠤᠭᠰᠠᠨ ᠨᠢ ᠬᠡᠷᠡᠮ ᠢ᠋ ᠳᠠᠪᠠᠬᠤ ᠳ᠋ᠤ᠌ ᠰᠠᠭᠠᠳ ᠪᠣᠯᠤᠨ᠎ᠠ᠃ ᠭᠡᠪᠡᠴᠦ ᠲᠡᠳᠡᠨ ᠳ᠋ᠦ᠍ ᠡᠭᠦᠨ ᠡᠴᠡ ᠥᠭᠡᠷ᠎ᠡ ᠵᠠᠮ ᠪᠠᠢᠭᠰᠠᠨ ᠦᠭᠡᠢ᠃ ᠴᠢᠩᠭᠢᠰ ᠬᠠᠭᠠᠨ ᠡᠬᠢᠯᠡᠭᠡᠳ ᠯᠠᠯᠤ ᠶ᠋ᠢᠨ ᠱᠠᠰᠢᠨ ᠤ᠋ ᠨᠡᠷᠡᠲᠡᠢ ᠯᠠᠮᠠ ᠬᠠᠵᠢᠪ ᠢᠮᠠᠮ ᠢ᠋ ᠪᠢᠴᠢᠭ ᠪᠠᠷᠢᠭᠤᠯᠤᠨ ᠥᠪᠡᠷ ᠦ᠋ᠨ ᠡᠯᠴᠢ ᠪᠣᠯᠭᠠᠵᠤ ᠰᠡᠮᠡᠷᠺᠡᠨᠳ᠋ ᠲᠦ᠍ ᠰᠠᠭᠤᠭᠴᠢ ᠬᠣᠷᠽᠸᠮ ᠤ᠋ᠨ ᠰᠦᠯᠲᠠᠨ ᠮᠤᠬᠠᠮᠮᠠᠳ᠋ ᠲᠤ᠌ ᠢᠯᠡᠭᠡᠪᠡ᠃ ᠪᠢᠴᠢᠭ ᠲᠦ᠍ 《ᠴᠢᠩᠭᠢᠰ ᠬᠠᠭᠠᠨ ᠮᠢᠨᠦ ᠪᠡᠶ᠎ᠡ ᠳᠡᠭᠡᠳᠦ ᠲᠩᠷᠢ ᠶ᠋ᠢᠨ ᠵᠠᠷᠯᠢᠭ ᠢ᠋ ᠭᠡᠵᠦ ᠡᠨᠡ ᠭᠠᠵᠠᠷ ᠲᠤ᠌ ᠮᠣᠷᠢᠯᠠᠪᠠ᠃ ᠨᠠᠢᠷᠰᠠᠭ ᠰᠡᠳᠬᠢᠯ ᠦ᠋ᠨ ᠢᠯᠡᠷᠬᠡᠢᠯᠡᠯ ᠪᠣᠯᠭᠠᠨ ᠮᠢᠨᠦ ᠢᠯᠡᠭᠡᠭᠰᠡᠨ ᠡᠯᠴᠢ ᠶ᠋ᠢ ᠠᠯᠠᠭᠰᠠᠨ ᠤ᠋ ᠭᠡᠮ ᠦ᠋ᠨ ᠬᠠᠷᠢᠭᠤ ᠳ᠋ᠤ᠌ ᠮᠤᠬᠠᠮᠮᠠᠳ᠋ ᠴᠢᠮ᠎ᠠ ᠠ᠋ᠴᠠ ᠶᠠᠯ᠎ᠠ ᠠᠰᠠᠭᠤᠬᠤ ᠪᠠᠷ ᠪᠢ ᠢᠷᠡᠯ᠎ᠡ᠃ ᠴᠢᠨᠦ ᠤᠯᠤᠰ ᠤ᠋ᠨ ᠶᠡᠬᠡᠩᠬᠢ ᠬᠣᠲᠠ ᠪᠠᠯᠭᠠᠰᠤ ᠨᠢᠭᠡᠨᠲᠡ ᠮᠢᠨᠦᠬᠢ ᠪᠣᠯᠪᠠ᠃ ᠣᠳᠣ ᠴᠢ ᠰᠡᠮᠡᠷᠺᠡᠨᠳ᠋ ᠢ᠋ ᠨᠠᠳᠠᠳᠤ ᠵᠦᠭᠡᠷ ᠥᠭᠭᠦᠭᠲᠦᠨ᠃ ᠪᠢ ᠴᠢᠨᠦ ᠯᠠᠯᠤ ᠶ᠋ᠢᠨ ᠱᠠᠰᠢᠨᠲᠤ ᠢᠷᠭᠡᠳ ᠦ᠋ᠨ ᠠᠮᠢ ᠶ᠋ᠢ ᠬᠥᠨᠥᠭᠡᠬᠦ ᠶ᠋ᠢ ᠦᠯᠦ ᠬᠦᠰᠡᠨ᠎ᠡ᠃ ᠮᠢᠨᠦ ᠶᠡᠬᠡ ᠴᠡᠷᠢᠭ ᠦ᠋ᠨ ᠥᠭᠡᠳᠡ ᠡᠴᠡ ᠰᠥᠷᠪᠡᠯ ᠰᠦᠢᠷᠡᠬᠦ ᠠᠮᠢ᠂ ᠦᠭᠡᠢᠷᠡᠬᠦ ᠬᠣᠲᠠ ᠶ᠋ᠢᠨ ᠨᠢᠭᠦᠯ ᠢ᠋ ᠴᠢ ᠯᠡ ᠲᠩᠷᠢ ᠶ᠋ᠢᠨ ᠡᠮᠦᠨ᠎ᠡ ᠬᠠᠷᠢᠭᠤᠴᠠᠨ᠎ᠠ᠃ ᠬᠡᠨ ᠨᠠᠳᠠᠳᠤ ᠪᠠᠭᠤᠵᠤ ᠥᠭᠭᠦᠨ᠎ᠡ᠂ ᠪᠢ ᠲᠡᠭᠦᠨ ᠦ᠌ ᠦᠷ᠎ᠡ ᠤᠳᠤᠮ ᠢ᠋ ᠦᠯᠦ ᠬᠥᠨᠳᠡᠨ᠎ᠡ᠃ ᠬᠡᠨ ᠮᠢᠨᠦ ᠡᠮᠦᠨ᠎ᠡ ᠡᠴᠡ ᠡᠰᠡᠷᠭᠦᠴᠡᠨ᠎ᠡ ᠲᠡᠭᠦᠨ ᠦ᠌ ᠦᠷ᠎ᠡ ᠤᠳᠤᠮ ᠡᠭᠦᠷᠢᠳᠡ ᠰᠥᠨᠥᠬᠦ ᠪᠣᠯᠤᠨ᠎ᠠ᠃ ᠴᠢ ᠮᠢᠨᠦ ᠦᠭᠡ ᠶ᠋ᠢ ᠡᠰᠡ ᠳᠠᠭᠠᠪᠠᠯ ᠴᠢᠮᠠᠶ᠋ᠢ ᠴᠢᠨᠦ ᠠᠯᠯᠠ ᠲᠩᠷᠢ ᠴᠢᠨᠢ ᠥᠷᠥᠰᠢᠶᠡᠬᠦ ᠦᠭᠡᠢ ᠪᠢᠵᠡ 》 ᠭᠡᠮᠡᠨ ᠪᠢᠴᠢᠵᠦ ᠲᠠᠮᠠᠭ᠎ᠠ ᠳᠠᠷᠤᠭᠰᠠᠨ ᠪᠠᠢᠪᠠ᠃
ᠴᠢᠩᠭᠢᠰ ᠬᠠᠭᠠᠨ ᠤ᠋ ᠪᠢᠴᠢᠭ ᠦ᠋ᠨ ᠤᠳᠬ᠎ᠠ ᠶ᠋ᠢ ᠮᠤᠬᠠᠮᠮᠡᠳ᠋ ᠮᠡᠳᠡᠭᠰᠡᠨ ᠳᠣᠣᠷ᠎ᠠ ᠪᠠᠨ ᠴᠣᠴᠢᠨ ᠰᠠᠨᠳᠤᠷᠴᠤ ᠥᠪᠡᠷ ᠦ᠋ᠨ ᠣᠷᠣᠨ ᠳ᠋ᠤ᠌ ᠬᠥᠪᠡᠭᠦᠨ ᠵᠠᠯᠠᠯᠳᠢᠨ ᠢ᠋ ᠬᠠᠭᠠᠨ ᠰᠠᠭᠤᠯᠭᠠᠬᠤ ᠶ᠋ᠢ ᠲᠤᠰᠢᠶᠠᠵᠤ᠂ ᠬᠠᠲᠤᠳ᠂ ᠬᠥᠪᠡᠭᠦᠳ ᠢ᠋ᠶ᠋ᠡᠨ ᠠᠪᠤᠨ ᠭᠠᠵᠠᠷ ᠳᠣᠣᠷᠠᠬᠢ ᠨᠢᠭᠤᠴᠠ ᠬᠣᠩᠭᠢᠯ ᠢ᠋ᠶ᠋ᠠᠷ ᠰᠡᠮᠡᠷᠺᠡᠨᠳ᠋ ᠡᠴᠡ ᠵᠢᠭᠤᠲᠠᠨ ᠣᠳᠴᠠᠢ᠃ ᠬᠠᠭᠠᠨ ᠮᠤᠬᠠᠮᠮᠠᠳ᠋ ᠢ᠋ᠶ᠋ᠠᠨ ᠦᠷᠭᠦᠭᠡᠨ ᠳ᠋ᠡᠭᠡᠨ ᠮᠣᠷᠢᠯᠠᠵᠤ ᠪᠣᠢ ᠭᠡᠵᠦ ᠢᠲᠡᠭᠡᠵᠦ ᠪᠠᠢᠭᠰᠠᠨ ᠴᠡᠷᠢᠭ ᠪᠣᠯᠤᠭᠠᠳ ᠢᠷᠭᠡᠳ ᠦᠬᠦᠲᠡᠯ᠎ᠡ ᠪᠡᠨ ᠲᠡᠮᠡᠴᠡᠬᠦ ᠪᠡᠷ ᠰᠢᠢᠳᠦᠭᠰᠡᠨ ᠠᠵᠢ᠃ ᠲᠡᠳᠡ ᠴᠢᠩᠭᠢᠰ ᠬᠠᠭᠠᠨ ᠤ᠋ ᠡᠯᠴᠢ ᠶ᠋ᠢᠨ ᠦᠭᠡ ᠶ᠋ᠢ ᠣᠭᠲᠣ ᠰᠣᠨᠣᠰᠴᠤ ᠮᠡᠳᠡᠭᠰᠡᠨ ᠦᠭᠡᠢ᠃ ᠬᠠᠷᠢᠨ ᠴᠢᠩᠭᠢᠰ ᠬᠠᠭᠠᠨ ᠰᠡᠮᠡᠷᠺᠡᠨᠳ᠋ ᠬᠣᠲᠠ ᠳ᠋ᠤ᠌ ᠰᠠᠭᠤᠬᠤ ᠲᠦᠷᠺ ᠭᠠᠷᠤᠯ ᠲᠠᠢ ᠢᠷᠭᠡᠳ ᠦ᠋ᠨ ᠲᠣᠯᠣᠭᠠᠢᠯᠠᠭᠴᠢ ᠢᠮᠠᠮ ᠫᠡᠳᠧᠱᠧᠡᠷ ᠲᠦ᠍ ᠨᠢᠭᠤᠴᠠ ᠡᠯᠴᠢ ᠢᠯᠡᠭᠡᠵᠡᠢ᠃
《ᠮᠣᠩᠭᠣᠯ᠂ ᠲᠦᠷᠺ ᠪᠢᠳᠡ ᠨᠢᠭᠡ ᠭᠠᠷᠤᠯ᠂ ᠤᠳᠤᠮ ᠲᠠᠢ ᠠᠬ᠎ᠠ ᠳᠡᠭᠦᠦᠰ ᠪᠢᠰᠢ ᠤᠤ? ᠪᠢᠳᠡ ᠲᠦᠷᠺ ᠲᠠ ᠨᠠᠷ ᠢ᠋ ᠲᠩᠷᠢ ᠶ᠋ᠢᠨ ᠢᠪᠡᠭᠡᠯ ᠳ᠋ᠦ᠍ ᠪᠠᠭᠲᠠᠭᠠᠬᠤ ᠪᠠᠷ ᠲᠡᠷᠡ ᠬᠣᠯᠠ ᠠ᠋ᠴᠠ ᠢᠷᠡᠪᠡ᠃ ᠲᠠ ᠨᠠᠷ ᠮᠤᠬᠠᠮᠮᠠᠳ᠋ ᠤ᠋ᠨ ᠲᠥᠯᠥᠭᠡ ᠬᠠᠢᠷᠠᠨ ᠠᠮᠢ ᠪᠠᠨ ᠦᠷᠡᠬᠦ ᠬᠡᠷᠡᠭ ᠶᠠᠭᠤ ᠪᠢᠯᠡ? ᠬᠡᠷᠪᠡ ᠲᠠ ᠨᠠᠷ ᠤᠳᠤᠮ ᠭᠠᠷᠤᠯ ᠢ᠋ᠶ᠋ᠠᠨ ᠪᠣᠳᠣᠵᠤ ᠬᠣᠲᠠ ᠶ᠋ᠢᠨ ᠡᠭᠦᠳᠡ ᠶ᠋ᠢ ᠨᠡᠭᠡᠭᠡᠵᠦ ᠥᠭᠪᠡᠯ ᠪᠢ ᠠᠬ᠎ᠠ ᠳᠡᠭᠦᠦ ᠲᠦᠷᠺ ᠲᠠ ᠨᠠᠷ ᠢ᠋ ᠥᠮᠥᠭᠯᠡᠨ ᠠᠮᠢ ᠪᠣᠯᠤᠭᠠᠳ ᠡᠳ᠋ ᠬᠥᠷᠥᠩᠭᠡ ᠶ᠋ᠢ ᠡᠪᠳᠡᠬᠦ ᠦᠭᠡᠢ ᠦᠯᠡᠳᠡᠭᠡᠬᠦ ᠪᠣᠯᠤᠨ᠎ᠠ》 ᠭᠡᠰᠡᠨ ᠴᠢᠩᠭᠢᠰ ᠬᠠᠭᠠᠨ ᠤ᠋ ᠪᠢᠴᠢᠭ ᠢ᠋ ᠠᠪᠤᠭᠰᠠᠨ ᠲᠦᠷᠺ ᠦ᠋ᠳ ᠤᠷᠪᠠᠵᠤ ᠰᠡᠮᠡᠷᠺᠡᠨᠳ᠋ ᠬᠣᠲᠠ ᠶ᠋ᠢᠨ ᠭᠠᠳᠠᠭᠰᠢ ᠭᠠᠷᠳᠠᠭ ᠨᠠᠢ᠍ᠮᠠᠨ ᠶᠡᠬᠡ ᠬᠠᠭᠠᠯᠭᠠᠨ ᠤ᠋ ᠨᠢᠭᠡ ᠨᠠᠮᠠᠰᠠᠬᠠᠬᠤ ᠶ᠋ᠢ ᠨᠡᠭᠡᠭᠡᠵᠦ ᠥᠭᠭᠦᠭᠰᠡᠨ ᠢ᠋ᠶ᠋ᠡᠷ ᠴᠢᠩᠭᠢᠰ ᠬᠠᠭᠠᠨ ᠤ᠋ ᠶᠡᠬᠡ ᠴᠡᠷᠢᠭ ᠬᠣᠲᠠ ᠳ᠋ᠤ᠌ ᠴᠢᠳᠬᠤᠨ ᠣᠷᠣᠪᠠ᠃ ᠬᠣᠷᠽᠸᠮ ᠤ᠋ᠨ ᠴᠡᠷᠢᠭ ᠦ᠋ᠳ ᠬᠣᠲᠠ ᠶ᠋ᠢᠨ ᠳᠣᠲᠣᠷ᠎ᠠ ᠪᠠᠢᠯᠳᠤᠬᠤ ᠳ᠋ᠠᠭᠠᠨ ᠭᠠᠷᠭᠠᠭᠤᠳ᠂ ᠮᠣᠩᠭᠣᠯ ᠴᠡᠷᠢᠭ ᠦ᠋ᠳ ᠰᠢᠲᠠᠭᠠᠬᠤ ᠰᠤᠮᠤ ᠬᠡᠷᠡᠭᠯᠡᠬᠦ ᠬᠣᠷᠢᠭ᠎ᠠ ᠲᠠᠢ ᠠ᠋ᠴᠠ ᠳᠡᠩᠳᠡᠭᠦᠦ ᠣᠯᠠᠨ ᠢ᠋ᠶ᠋ᠠᠷ ᠬᠢᠳᠤᠭᠳᠠᠨ᠂ ᠡᠰᠡᠷᠭᠦ ᠲᠠᠯ᠎ᠠ ᠶ᠋ᠢᠨ ᠬᠠᠷᠪᠤᠭᠰᠠᠨ ᠰᠢᠲᠠᠭᠠᠭᠴᠢ ᠲᠣᠰᠣᠨ ᠳ᠋ᠤ᠌ ᠮᠣᠩᠭᠣᠯᠴᠤᠳ ᠤ᠋ᠨ ᠡᠵᠡᠯᠡᠭᠰᠡᠨ ᠪᠠᠢᠰᠢᠩ ᠰᠢᠲᠠᠬᠤ ᠳ᠋ᠤ᠌ ᠲᠡᠳᠡ ᠣᠯᠠᠨ ᠢ᠋ᠶ᠋ᠠᠷ ᠲᠦᠯᠡᠭᠳᠡᠨ ᠦᠬᠦᠵᠦ ᠪᠠᠢᠪᠠᠴᠤ ᠤᠬᠤᠷᠢᠭᠰᠠᠨ ᠦᠭᠡᠢ᠃ ᠰᠠᠮᠠᠷᠺᠡᠨᠳ᠋ ᠢ᠋ ᠡᠪᠳᠡᠬᠦ ᠦᠭᠡᠢ ᠠᠪᠬᠤ ᠴᠢᠩᠭᠢᠰ ᠬᠠᠭᠠᠨ ᠤ᠋ ᠡᠨᠡ ᠬᠠᠴᠢᠨ ᠵᠠᠷᠯᠢᠭ ᠢ᠋ ᠵᠥᠷᠢᠴᠡᠬᠦ ᠡᠷᠬᠡ ᠦᠭᠡᠢ ᠴᠦ᠍ ᠥᠪᠡᠷ ᠦ᠋ᠨ ᠬᠠᠢᠷᠠᠲᠠᠢ ᠴᠡᠷᠢᠭ ᠦ᠋ᠳ ᠳᠡᠩᠳᠡᠭᠦᠦ ᠣᠯᠠᠨ ᠢ᠋ᠶ᠋ᠠᠷ ᠦᠬᠦᠵᠦ ᠦᠷᠡᠭᠳᠡᠬᠦ ᠶ᠋ᠢ ᠦᠵᠡᠭᠡᠳ ᠵᠥᠴᠢ ᠲᠡᠪᠴᠢᠵᠦ ᠡᠰᠡ ᠴᠢᠳᠠᠭᠠᠳ ᠡᠴᠦᠰ ᠲᠦ᠋ᠨᠢ ᠴᠡᠷᠢᠭ ᠦ᠋ᠨ ᠠᠮᠢ ᠳᠠᠩᠴᠤ ᠬᠠᠢᠷᠠᠨ ᠲᠤᠯᠠ ᠰᠠᠮᠠᠷᠺᠡᠨᠳ᠋ ᠦ᠋ᠨ ᠳᠤᠮᠳᠠ ᠬᠡᠷᠡᠮ ᠢ᠋ ᠰᠢᠲᠠᠭᠠᠬᠤ ᠶ᠋ᠢ ᠲᠤᠰᠢᠶᠠᠪᠠ᠃ ᠡᠭᠦᠨ ᠡᠴᠡ ᠡᠭᠦᠳᠦᠨ ᠴᠢᠩᠭᠢᠰ ᠬᠠᠭᠠᠨ ᠤ᠋ ᠬᠥᠪᠡᠭᠦᠳ ᠦ᠋ᠨ ᠳᠤᠮᠳᠠ ᠬᠡᠷᠡᠭᠦᠯ ᠡᠭᠦᠰᠦᠯ᠎ᠡ᠃ ᠰᠡᠮᠡᠷᠺᠡᠨᠳ᠋ ᠢ᠋ ᠡᠵᠡᠯᠡᠨ ᠠᠪᠤᠪᠠᠯ ᠲᠡᠷᠡ ᠬᠣᠲᠠ ᠶ᠋ᠢ ᠥᠭᠡᠳᠡᠢ ᠠᠪᠬᠤ ᠰᠠᠨᠠᠭ᠎ᠠ ᠲᠠᠢ ᠪᠠᠢᠭᠰᠠᠨ ᠪᠥᠭᠡᠳ ᠴᠢᠩᠭᠢᠰ ᠬᠠᠭᠠᠨ ᠤ᠋ ᠬᠣᠲᠠ ᠶ᠋ᠢ ᠡᠪᠳᠡᠬᠦ ᠦᠭᠡᠢ ᠪᠠᠢᠬᠤ ᠶ᠋ᠢ ᠲᠤᠰᠢᠶᠠᠭᠰᠠᠨ ᠢ᠋ ᠢᠩᠭᠢᠵᠦ ᠲᠠᠭᠠᠮᠠᠭᠯᠠᠭᠰᠠᠨ ᠲᠡᠷᠡ ᠪᠡᠷ ᠵᠥᠴᠢ ᠶ᠋ᠢ ᠡᠰᠡᠷᠭᠦᠴᠡᠨ ᠬᠡᠳᠦᠢ ᠴᠡᠷᠢᠭ ᠦᠬᠦᠭᠰᠡᠨ ᠴᠦ᠍ ᠬᠣᠲᠠ ᠶ᠋ᠢ ᠰᠢᠲᠠᠭᠠᠵᠤ ᠪᠣᠯᠬᠤ ᠦᠭᠡᠢ ᠭᠡᠵᠡᠢ᠃ ᠴᠠᠭᠠᠲᠠᠢ ᠭᠡᠨᠡᠳᠲᠡ ᠥᠭᠡᠳᠡᠢ ᠶ᠋ᠢ ᠳᠡᠮᠵᠢᠭᠰᠡᠨ ᠨᠢ ᠬᠡᠷᠡᠭᠦᠯ ᠢ᠋ ᠤᠯᠠᠮ ᠳᠡᠪᠡᠷᠡᠭᠡᠵᠦ ᠵᠥᠴᠢ
| ᠪᠢ ᠲᠡᠭᠡᠪᠡᠯ ᠰᠡᠮᠡᠷᠺᠡᠨᠳ᠋ ᠡᠴᠡ ᠥᠪᠡᠷ ᠲᠦ᠍ ᠣᠨᠣᠭᠳᠠᠬᠤ ᠶ᠋ᠢ ᠰᠢᠲᠠᠭᠠᠰᠤᠭᠠᠢ ᠭᠡᠵᠡᠢ᠃ ᠭᠡᠪᠡᠴᠦ ᠥᠭᠡᠳᠡᠢ ᠠᠷᠭ᠎ᠠ ᠣᠯᠵᠤ ᠴᠢᠩᠭᠢᠰ ᠬᠠᠭᠠᠨ ᠠ᠋ᠴᠠ ᠠᠰᠠᠭᠤᠬᠤ ᠪᠠᠷ ᠰᠢᠢᠳᠪᠡ᠃ ᠬᠥᠪᠡᠭᠦᠳ ᠰᠡᠮᠡᠷᠺᠡᠨᠳ᠋ ᠢ᠋ ᠡᠵᠡᠯᠡᠵᠦ ᠴᠢᠳᠠᠭ᠎ᠠ ᠦᠭᠡᠢ ᠮᠠᠷᠭᠤᠯᠳᠤᠨ ᠬᠡᠨ ᠦ᠌ ᠦᠭᠡ ᠶ᠋ᠢ ᠳᠠᠭᠠᠬᠤ ᠶ᠋ᠢ ᠠᠰᠠᠭᠤᠭᠰᠠᠨ ᠳ᠋ᠤ᠌ ᠴᠢᠩᠭᠢᠰ ᠬᠠᠭᠠᠨ ᠪᠣᠳᠣᠵᠤ ᠲᠥᠪᠳᠡᠭᠰᠡᠨ ᠦᠭᠡᠢ
| ᠥᠭᠡᠳᠡᠢ ᠶ᠋ᠢᠨ ᠦᠭᠡ ᠪᠡᠷ ᠪᠣᠯᠤᠭᠲᠤᠨ ᠭᠡᠵᠦ ᠲᠤᠰᠢᠶᠠᠵᠠᠢ᠃ ᠭᠠᠯᠲᠤ ᠵᠡᠪᠰᠡᠭ ᠲᠡᠢ ᠬᠣᠷᠽᠸᠮ ᠤ᠋ᠨ ᠴᠡᠷᠢᠭ ᠦ᠋ᠨ ᠥᠭᠡᠳᠡ ᠡᠴᠡ ᠰᠡᠯᠡᠮ᠎ᠡ ᠪᠠᠷᠢᠭᠰᠠᠨ ᠮᠣᠩᠭᠣᠯᠴᠤᠳ ᠲᠦᠷᠢᠨ ᠣᠷᠣᠵᠤ ᠳᠡᠮᠡᠢ ᠣᠯᠠᠨ ᠢ᠋ᠶ᠋ᠠᠷ ᠦᠬᠦᠬᠦ ᠪᠣᠯᠪᠠ᠃ ᠵᠥᠴᠢ ᠠᠭᠤᠷᠯᠠᠨ ᠴᠡᠷᠢᠭ ᠢ᠋ᠶ᠋ᠡᠨ ᠬᠣᠢᠰᠢ ᠲᠠᠲᠠᠯ᠎ᠠ᠃ ᠬᠤᠯᠠᠨ ᠬᠠᠲᠤᠨ ᠤ᠋ ᠪᠠᠨ ᠬᠦᠰᠡᠯ ᠢ᠋ ᠪᠡᠶᠡᠯᠡᠭᠦᠯᠬᠦ ᠭᠡᠰᠡᠨ ᠴᠢᠩᠭᠢᠰ ᠬᠠᠭᠠᠨ ᠤ᠋ ᠵᠠᠷᠯᠢᠭ ᠡᠴᠦᠰ ᠲᠦ᠋ᠨᠢ ᠣᠯᠠᠨ ᠲᠦᠮᠡᠨ ᠮᠣᠩᠭᠣᠯ ᠴᠡᠷᠢᠭ ᠦ᠋ᠨ ᠠᠮᠢ ᠶ᠋ᠢ ᠦᠷᠡᠵᠦ᠂ ᠬᠥᠪᠡᠭᠦᠳ ᠢ᠋ ᠨᠢ ᠬᠠᠭᠠᠷᠠᠯᠳᠤᠭᠤᠯᠬᠤ ᠶ᠋ᠢ ᠲᠡᠷᠡ ᠳᠠᠭᠠᠵᠤ ᠮᠡᠳᠡᠭᠰᠡᠨ ᠦᠭᠡᠢ᠃ ᠰᠠᠮ ᠤᠷᠭᠤᠵᠤ ᠣᠳᠤᠭᠰᠠᠨ ᠮᠤᠬᠠᠮᠮᠠᠳ᠋ ᠬᠠᠭᠠᠨ ᠢ᠋ᠶ᠋ᠠᠨ ᠪᠣᠢ ᠭᠡᠵᠦ ᠰᠠᠨᠠᠨ ᠲᠡᠮᠡᠴᠡᠭᠰᠡᠨ ᠬᠣᠷᠽᠸᠮ ᠤ᠋ᠨ ᠲᠣᠷᠭᠠᠨ ᠴᠡᠷᠢᠭ ᠦ᠋ᠳ ᠦ᠋ᠨ ᠡᠰᠡᠷᠭᠦᠴᠡᠯ ᠢ᠋ ᠳᠠᠷᠤᠬᠤ ᠶ᠋ᠢᠨ ᠲᠤᠯᠠᠳᠠ ᠡᠴᠦᠰ ᠲᠦ᠋ᠨᠢ ᠬᠣᠲᠠ ᠶ᠋ᠢ ᠭᠠᠯᠳᠠᠨ ᠰᠢᠲᠠᠭᠠᠬᠤ ᠠ᠋ᠴᠠ ᠥᠭᠡᠷ᠎ᠡ ᠠᠷᠭ᠎ᠠ ᠦᠯᠡᠳᠡᠭᠰᠡᠨ ᠦᠭᠡᠢ᠃ ᠮᠣᠩᠭᠣᠯ ᠤ᠋ᠨ ᠴᠡᠷᠢᠭ ᠰᠡᠮᠡᠷᠺᠡᠨᠳ᠋ ᠢ᠋ ᠡᠵᠡᠯᠡᠬᠦ ᠭᠡᠵᠦ ᠪᠦᠲᠦᠨ ᠳᠥᠷᠪᠡᠨ ᠰᠠᠷ᠎ᠠ ᠪᠣᠯᠵᠤ ᠨᠤᠲᠤᠭ ᠠ᠋ᠴᠠ ᠭᠠᠷᠤᠭᠰᠠᠨ ᠬᠣᠶᠠᠷ ᠲᠦᠮᠡᠨ ᠮᠣᠩᠭᠣᠯ ᠴᠡᠷᠢᠭ ᠦᠬᠦᠪᠡ᠃ ᠰᠡᠮᠡᠷᠺᠡᠨᠳ᠋ ᠪᠦᠷᠢᠨ ᠰᠢᠳᠡᠵᠡᠢ᠃ ᠬᠣᠲᠠ ᠶ᠋ᠢ ᠬᠠᠮᠠᠭᠠᠯᠠᠭᠴᠢ ᠴᠡᠷᠢᠭ ᠦ᠋ᠳ ᠬᠠᠭᠠᠨ ᠤ᠋ ᠣᠷᠳᠣᠨ ᠲᠠᠢ ᠴᠣᠭ ᠰᠢᠳᠡᠵᠦ ᠦᠬᠦᠬᠦ ᠳ᠋ᠡᠭᠡᠨ ᠬᠣᠭᠣᠰᠣᠨ ᠣᠷᠳᠣᠨ ᠬᠠᠮᠠᠭᠠᠯᠠᠨ ᠲᠡᠮᠡᠴᠡᠭᠰᠡᠨ ᠢ᠋ᠶ᠋ᠡᠨ ᠰᠠᠶᠢ ᠮᠡᠳᠡᠵᠡᠢ᠃ ᠭᠡᠪᠡᠴᠦ ᠥᠪᠡᠷ ᠦ᠋ᠨ ᠤᠤᠭᠠᠯ ᠨᠤᠲᠤᠭ᠂ ᠰᠠᠭᠤᠭᠠᠯᠢ ᠬᠣᠲᠠ ᠪᠠᠨ ᠠᠪᠤᠷᠠᠬᠤ ᠭᠡᠵᠦ ᠶᠠᠭᠠᠬᠢᠵᠤ ᠲᠡᠮᠡᠴᠡᠳᠡᠭ ᠦ᠋ᠨ ᠦᠯᠢᠭᠡᠷ ᠵᠢᠱ᠌ᠢᠶ᠎ᠡ ᠶ᠋ᠢ ᠰᠡᠮᠡᠷᠺᠡᠨᠳ᠋ ᠦ᠋ᠳ ᠦᠵᠡᠭᠦᠯᠪᠡ᠃ ᠪᠠᠭᠤᠵᠤ ᠦᠭᠭᠦᠭᠰᠡᠨ ᠲᠦᠷᠺ ᠦ᠋ᠳ ᠡᠴᠡ ᠪᠤᠰᠤᠳ ᠵᠠᠯᠠᠭᠤ ᠡᠮᠡᠰ᠂ ᠤᠷᠠᠨ ᠳᠠᠷᠬᠠᠴᠤᠤᠯ ᠬᠣᠶᠠᠷ ᠲᠦᠮᠡᠨ ᠬᠥᠮᠦᠨ ᠢ᠋ ᠢᠯᠭᠠᠨ ᠴᠡᠷᠢᠭ ᠦ᠋ᠳ ᠲᠡᠭᠡᠨ ᠬᠤᠪᠢᠶᠠᠨ ᠥᠭᠴᠦ ᠠᠯᠲᠠ ᠡᠷᠳᠡᠨᠢᠰ ᠢ᠋ ᠮᠣᠩᠭᠣᠯ ᠤᠷᠤᠭᠤ ᠠᠴᠢᠭᠤᠯᠪᠠ᠃ ᠡᠰᠡᠷᠭᠦᠴᠡᠨ ᠲᠡᠮᠡᠴᠡᠭᠴᠢᠳ ᠦ᠋ᠨ ᠦᠷ᠎ᠡ ᠤᠳᠤᠮ ᠠ᠋ᠴᠠ ᠲᠠᠰᠢᠭᠤᠷ ᠠ᠋ᠴᠠ ᠥᠨᠳᠥᠷ ᠢ᠋ ᠨᠢ ᠠᠯᠠᠭᠰᠠᠨ ᠨᠢ ᠭᠤᠷᠪᠠᠨ ᠲᠦᠮᠡ ᠰᠢᠬᠠᠵᠠᠢ᠃ ᠬᠠᠢᠷᠠᠨ ᠴᠡᠷᠢᠭ ᠦ᠋ᠳ ᠦ᠋ᠨ ᠢ᠋ᠶ᠋ᠡᠨ ᠠᠮᠢ ᠶ᠋ᠢ ᠳᠡᠮᠡᠢ ᠵᠣᠯᠢᠶᠠᠰᠤᠯᠠᠭᠰᠠᠨ ᠳ᠋ᠠᠭᠠᠨ ᠴᠢᠩᠭᠢᠰ ᠬᠠᠭᠠᠨ ᠠᠭᠤᠷᠰᠠᠨ ᠬᠢᠯᠢᠩᠨᠡᠵᠦ ᠰᠡᠮᠡᠷᠺᠡᠨᠳ᠋ ᠢ᠋ ᠭᠠᠵᠠᠷ ᠤ᠋ᠨ ᠬᠥᠷᠥᠰᠥ ᠲᠡᠢ ᠲᠡᠭᠰᠢᠯᠡᠬᠦ ᠵᠠᠷᠯᠢᠭ ᠪᠠᠭᠤᠯᠭᠠᠭᠰᠠᠨ ᠪᠣᠯᠪᠠᠴᠤ ᠡᠴᠦᠰ ᠲᠦ᠋ᠨᠢ ᠲᠡᠨᠳᠡ ᠰᠠᠢᠨ ᠳᠤᠷ᠎ᠠ ᠪᠠᠷ ᠪᠠᠭᠤᠵᠤ ᠦᠭᠭᠦᠭᠰᠡᠳ ᠦᠯᠡᠳᠡᠭᠰᠡᠨ ᠢ᠋ ᠪᠤᠳᠤᠯᠴᠠᠭᠠᠳ ᠠᠷᠠᠢ ᠢᠩᠭᠢᠭᠰᠡᠨ ᠦᠭᠡᠢ᠃ ᠠᠷᠪᠠᠨ ᠲᠦᠮᠡᠨ ᠡᠷᠦᠬᠡ ᠲᠡᠢ ᠪᠠᠢᠭᠰᠠᠨ ᠰᠡᠮᠡᠷᠺᠡᠨᠳ᠋ ᠦ᠋ᠨ ᠢᠷᠭᠡᠳ ᠦ᠋ᠨ ᠳᠣᠯᠣᠭᠠᠨ ᠲᠦᠮᠡᠨ ᠡᠷᠦᠬᠡ ᠨᠢ ᠳᠡᠷᠪᠡᠨ ᠵᠢᠭᠤᠲᠠᠵᠤ ᠦᠬᠦᠵᠦ ᠦᠷᠡᠭᠳᠡᠨ ᠰᠦᠢᠷᠡᠵᠡᠢ᠃ ᠰᠡᠮᠡᠷᠺᠡᠨᠳ᠋ ᠢ᠋ ᠠᠪᠬᠤ ᠭᠡᠵᠦ ᠤᠳᠠᠵᠤ ᠳᠡᠩᠳᠡᠭᠦᠦ ᠣᠯᠠᠨ ᠴᠡᠷᠢᠭ ᠦ᠋ᠨ ᠠᠮᠢ ᠦᠷᠡᠭᠰᠡᠨ ᠪᠤᠷᠤᠭᠤ ᠶ᠋ᠢ ᠴᠢᠩᠭᠢᠰ ᠬᠠᠭᠠᠨ ᠬᠥᠪᠡᠭᠦᠳ ᠲᠡᠭᠡᠨ ᠲᠣᠬᠣᠵᠤ᠂ ᠲᠡᠳᠡᠨ ᠲᠡᠢ ᠠᠭᠤᠯᠵᠠᠬᠤ ᠦᠭᠡᠢ ᠶᠡᠬᠡᠳᠡ ᠬᠢᠯᠢᠩᠨᠡᠭᠰᠡᠨ ᠨᠢ ᠤᠷᠢᠳ ᠬᠣᠵᠢᠳ ᠦᠵᠡᠭᠳᠡᠭᠡ ᠦᠭᠡᠢ ᠮᠠᠭᠤ ᠦᠷ᠎ᠡ ᠳᠠᠭᠠᠪᠤᠷᠢ ᠠᠪᠴᠢᠷᠠᠵᠤ ᠮᠡᠳᠡᠬᠦ ᠠᠶᠤᠯ ᠪᠣᠢ ᠪᠣᠯᠭᠠᠭᠰᠠᠨ ᠲᠤᠯᠠ ᠪᠤᠭᠤᠷᠴᠢ ᠦᠭᠡ ᠪᠡᠨ ᠣᠯᠵᠤ ᠶᠠᠳᠠᠨ ᠴᠢᠩᠭᠢᠰ ᠬᠠᠭᠠᠨ ᠢ᠋ ᠢᠳᠬᠠᠵᠠᠢ᠃ ᠴᠢᠩᠭᠢᠰ ᠬᠠᠭᠠᠨ ᠤ᠋ ᠬᠥᠪᠡᠭᠦᠳ ᠦ᠋ᠨ ᠬᠣᠭᠣᠷᠣᠨᠳᠣ ᠡᠭᠦᠰᠬᠦ ᠪᠣᠯᠤᠭᠠᠳ ᠤᠳᠠᠭᠰᠠᠨ ᠬᠡᠷᠡᠭᠦᠯ ᠵᠥᠷᠢᠴᠡᠯ ᠨᠢ ᠬᠥᠪᠡᠭᠦᠳ ᠬᠢᠭᠡᠳ ᠴᠢᠩᠭᠢᠰ ᠬᠠᠭᠠᠨ ᠤ᠋ ᠳᠤᠮᠳᠠ ᠡᠭᠦᠰᠪᠡᠯ ᠤᠯᠤᠰ ᠪᠤᠲᠠᠷᠠᠬᠤ ᠠᠶᠤᠯ ᠢᠯᠡᠷᠬᠡᠢ ᠪᠣᠯᠬᠤ ᠪᠢᠯᠡ᠃ ᠪᠤᠭᠤᠷᠴᠢ ᠶ᠋ᠢᠨ ᠦᠭᠡ ᠶ᠋ᠢ ᠰᠣᠨᠣᠰᠤᠭᠠᠳ ᠴᠢᠩᠭᠢᠰ ᠬᠠᠭᠠᠨ ᠳᠠᠭᠤ ᠦᠭᠡᠢ ᠰᠠᠭᠤᠵᠤ ᠰᠠᠭᠤᠵᠤ ᠰᠠᠶᠢ ᠬᠥᠪᠡᠭᠦᠳ ᠢ᠋ᠶ᠋ᠡᠨ ᠥᠪᠡᠷ ᠲᠦ᠋ᠨᠢ ᠪᠠᠷᠠᠯᠬᠠᠬᠤ ᠶ᠋ᠢ ᠵᠥᠪᠰᠢᠶᠡᠷᠡᠪᠡ᠃ ᠭᠡᠪᠡᠴᠦ ᠴᠢᠩᠭᠢᠰ ᠬᠠᠭᠠᠨ ᠥᠪᠡᠷ ᠢ᠋ ᠪᠡᠨ ᠪᠤᠷᠤᠭᠤ ᠵᠦᠢᠯ ᠲᠤᠰᠢᠶᠠᠭᠰᠠᠨ ᠭᠡᠵᠦ ᠣᠭᠲᠣᠬᠠᠨ ᠴᠤ᠌ ᠪᠣᠳᠣᠭ᠎ᠠ ᠦᠭᠡᠢ ᠪᠥᠭᠡᠳ 《ᠬᠥᠪᠡᠭᠦᠳ ᠵᠢᠷᠦᠬᠡ ᠵᠣᠷᠢᠭ ᠮᠣᠬᠣᠵᠤ ᠵᠣᠷᠢᠯᠭ᠎ᠠ ᠬᠦᠰᠡᠯ ᠴᠠᠯᠠᠭᠠᠷᠳᠠᠬᠤ ᠪᠢᠰᠢ ᠤᠤ》 ᠭᠡᠵᠦ ᠪᠤᠭᠤᠷᠴᠢ ᠶ᠋ᠢᠨ ᠤᠴᠢᠷᠯᠠᠭᠰᠠᠨ ᠢ᠋ᠶ᠋ᠠᠷ ᠲᠡᠳᠡᠨ ᠢ᠋ ᠥᠷᠥᠰᠢᠶᠡᠵᠡᠢ᠃
ᠬᠡᠳᠦᠢ ᠪᠡᠷ ᠰᠡᠮᠡᠷᠺᠡᠡᠳ᠋ ᠢ᠋ ᠡᠪᠳᠡᠨ ᠰᠦᠢᠳᠬᠡᠯ ᠦᠭᠡᠢ ᠪᠦᠲᠦᠨ ᠠᠪᠴᠤ ᠬᠤᠯᠠᠨ ᠬᠠᠲᠤᠨ ᠳ᠋ᠠᠭᠠᠨ ᠥᠭᠴᠦ ᠴᠢᠳᠠᠭ᠎ᠠ ᠦᠭᠡᠢ ᠴᠦ᠍ ᠰᠸᠢᠢᠷ ᠳ᠋ᠠᠷᠢᠶᠠ ᠮᠥᠷᠡᠨ ᠦ᠌ ᠡᠷᠭᠢ ᠶ᠋ᠢᠨ ᠬᠠᠪᠴᠢᠯ ᠳ᠋ᠤ᠌ ᠬᠢᠰᠠᠭ᠎ᠠ ᠠᠪᠠᠷᠢᠭᠤᠯᠤᠨ ᠪᠠᠷᠢᠭᠰᠠᠨ ᠨᠣᠷ ᠪᠠᠯᠭᠠᠰᠤ ᠶ᠋ᠢ ᠪᠠᠭᠤᠯᠭᠠᠨ ᠠᠪᠴᠤ ᠬᠤᠯᠠᠨ ᠳ᠋ᠤ᠌ ᠪᠡᠯᠡᠭᠯᠡᠪᠡ᠃ ᠨᠣᠷ ᠪᠠᠯᠭᠠᠰᠤ ᠪᠣᠯ ᠬᠣᠶᠠᠷ ᠲᠦᠮᠡ ᠢᠯᠡᠭᠦᠦ ᠢᠷᠭᠡᠳ ᠲᠡᠢ᠂ ᠰᠡᠷᠢᠭᠦᠨ ᠠᠭᠠᠷᠳᠤ ᠴᠡᠴᠡᠷᠯᠢᠭ ᠲᠡᠢ᠂ ᠰᠦᠯᠲᠠᠨ ᠬᠠᠭᠠᠨ ᠤ᠋ ᠵᠤᠨ ᠤ᠋ ᠥᠷᠭᠥᠭᠡ ᠪᠠᠢᠬᠤ ᠭᠣᠶᠣᠮᠰᠣᠭ ᠦᠵᠡᠰᠬᠦᠯᠡᠩ ᠲᠡᠢ ᠬᠣᠲᠠ ᠪᠠᠢᠯ᠎ᠠ᠃ ᠬᠤᠯᠠᠨ ᠬᠠᠲᠤᠨ ᠳ᠋ᠤ᠌ ᠦᠢᠯᠡᠴᠢᠯᠡᠬᠦ ᠠᠯᠪᠠᠲᠤ᠂ ᠵᠠᠷᠤᠴᠠ᠂ ᠰᠢᠪᠡᠭᠴᠢᠳ ᠮᠢᠩᠭ᠎ᠠ ᠢᠯᠡᠭᠦᠦ ᠪᠣᠯᠵᠤ ᠬᠣᠲᠠ ᠶ᠋ᠢ ᠪᠦᠬᠦ ᠲᠠᠯ᠎ᠠ ᠠ᠋ᠴᠠ ᠨᠢ ᠪᠠᠢᠩᠭᠤ ᠶ᠋ᠢᠨ ᠴᠡᠷᠢᠭ ᠢ᠋ᠶ᠋ᠡᠷ ᠬᠠᠷᠠᠭᠠᠯᠵᠠᠭᠤᠯᠵᠤ᠂ ᠵᠥᠪᠬᠡᠨ ᠲᠤᠰᠬᠠᠢ ᠵᠥᠪᠰᠢᠶᠡᠷᠡᠯ ᠲᠡᠢ ᠬᠥᠮᠦᠨ ᠯᠡ ᠨᠡᠪᠲᠡᠷᠡᠬᠦ ᠵᠢᠷᠤᠮ ᠲᠣᠭᠲᠠᠭᠠᠪᠠ᠃ ᠪᠠᠰᠠ ᠬᠤᠷᠽᠸᠮ ᠤ᠋ᠨ ᠬᠣᠲᠠ ᠨᠤᠭᠤᠳ ᠠ᠋ᠴᠠ ᠦᠨᠡᠲᠦ ᠲᠠᠪᠢᠯᠭ᠎ᠠ᠂ ᠠᠯᠲᠠᠨ ᠡᠳ᠋ᠯᠡᠯ᠂ ᠲᠣᠷᠭ᠎ᠠ᠂ ᠳᠤᠷᠳᠤᠩ᠂ ᠢᠳᠡᠭᠡ ᠪᠤᠳᠠᠭ᠎ᠠ ᠶ᠋ᠢ ᠪᠠᠢᠩᠭᠤ ᠨᠡᠢᠯᠡᠭᠦᠯᠬᠦ ᠪᠣᠯᠵᠠᠢ᠃ ᠬᠤᠯᠠᠨ ᠬᠠᠲᠤᠨ ᠤ᠋ ᠥᠪᠡᠷ ᠦ᠋ᠨ ᠬᠣᠲᠠ ᠲᠠᠢ ᠪᠣᠯᠵᠤ ᠡᠨᠡ ᠭᠠᠵᠠᠷ ᠡᠭᠦᠷᠢᠳᠡ ᠰᠠᠭᠤᠬᠤ ᠬᠦᠰᠡᠯ ᠨᠢ ᠪᠠᠶᠠᠯᠠᠪᠠ᠃ ᠡᠨᠡ ᠪᠣᠯ 1222 ᠣᠨ ᠤ᠋ ᠡᠪᠦᠯ ᠪᠠᠢᠭᠰᠠᠨ ᠴᠤ᠌ ᠨᠣᠷ ᠪᠠᠯᠭᠠᠰᠤ ᠳ᠋ᠤ᠌ ᠴᠡᠴᠡᠭ ᠳᠡᠯᠭᠡᠷᠡᠵᠦ᠂ ᠰᠢᠪᠠᠭᠤ ᠵᠢᠷᠭᠢᠵᠦ ᠪᠠᠢᠭᠰᠠᠨ ᠪᠢᠯᠡ᠃ ᠬᠤᠯᠠᠨ ᠬᠠᠲᠤᠨ ᠤ᠋ ᠪᠠᠨ ᠬᠦᠰᠡᠯ ᠢ᠋ ᠪᠠᠭ᠎ᠠ ᠪᠣᠯᠪᠠᠴᠤ ᠪᠡᠶᠡᠯᠡᠭᠦᠯᠦᠭᠰᠡᠨ ᠳ᠋ᠡᠭᠡᠨ ᠰᠡᠳᠬᠢᠯ ᠬᠠᠨᠤᠭᠰᠠᠨ ᠴᠢᠩᠭᠢᠰ ᠬᠠᠭᠠᠨ ᠲᠡᠭᠦᠨ ᠢ᠋ ᠪᠠᠯᠭᠠᠰᠤ ᠣᠷᠳᠣᠨ ᠳ᠋ᠤᠨᠢ ᠣᠷᠬᠢᠭᠠᠳ ᠴᠡᠷᠢᠭ ᠢ᠋ᠶ᠋ᠡᠨ ᠠᠪᠴᠤ ᠢ᠊ᠡᠳ᠋ ᠮᠥᠷᠡᠨ ᠢ᠋ ᠤᠷᠤᠭᠤᠳᠠᠨ ᠵᠠᠯᠠᠯᠳᠢᠨ ᠢ᠋ ᠬᠥᠭᠡᠭᠡᠭᠰᠡᠭᠡᠷ ᠡᠨᠡᠳᠬᠡᠭ ᠭᠠᠵᠠᠷ ᠣᠳᠴᠤ ᠡᠷᠭᠢᠵᠦ ᠢᠷᠡᠯ ᠦᠭᠡᠢ ᠵᠢᠯ ᠥᠩᠭᠡᠷᠡᠬᠦ ᠳ᠋ᠦ᠍ ᠬᠤᠯᠠᠨ ᠭᠠᠭᠴᠠᠭᠠᠷ ᠰᠠᠭᠤᠭᠰᠠᠭᠠᠷ ᠨᠣᠷ ᠪᠠᠯᠭᠠᠰᠤ ᠶ᠋ᠢᠨ ᠬᠠᠭᠤᠴᠢᠨ ᠨᠡᠷ᠎ᠡ ᠮᠠᠷᠲᠠᠭᠳᠠᠵᠤ ᠣᠯᠠᠨ ᠪᠦᠭᠦᠳᠡᠭᠡᠷ ᠬᠠᠲᠤᠨ ᠪᠠᠯᠭᠠᠰᠤ ᠭᠡᠬᠦ ᠪᠣᠯᠵᠠᠢ᠃ ᠪᠦᠲᠦᠨ ᠬᠣᠲᠠ ᠡᠵᠡᠩᠨᠡᠨ ᠰᠠᠭᠤᠭᠰᠠᠨ ᠨᠢ ᠬᠤᠯᠠᠨ ᠳ᠋ᠤ᠌ ᠲᠦᠳᠡᠯ ᠦᠭᠡᠢ ᠰᠣᠨᠢᠨ ᠪᠢᠰᠢ ᠪᠣᠯᠤᠭᠠᠳ ᠬᠠᠷᠢᠨ ᠴᠤ᠌ ᠭᠠᠭᠴᠠᠭᠠᠷᠳᠠᠮᠠᠯ ᠠᠮᠢᠳᠤᠷᠠᠯ ᠢ᠋ᠶ᠋ᠠᠨ ᠥᠪᠡᠷ ᠢ᠋ᠶ᠋ᠡᠨ ᠬᠦᠰᠡᠵᠦ ᠣᠯᠤᠭᠰᠠᠨ ᠮᠡᠲᠦ ᠰᠠᠨᠠᠭᠳᠠᠬᠤ ᠪᠣᠯᠵᠠᠢ᠃ ᠵᠢᠷᠭᠠᠯ ᠢ᠋ ᠣᠯᠬᠤ ᠭᠡᠵᠦ ᠬᠦᠰᠡᠬᠦ ᠮᠥᠷᠲᠡᠭᠡᠨ ᠵᠣᠪᠠᠯᠠᠩ ᠨᠡᠮᠡᠭᠳᠡᠬᠦ ᠨᠢ ᠬᠤᠯᠠᠨ ᠤ᠋ ᠬᠤᠪᠢ ᠲᠠᠪᠢᠯᠠᠩ ᠰᠢᠭ᠋ ᠰᠠᠨᠠᠭᠳᠠᠬᠤ ᠲᠤᠯᠠ ᠵᠠᠷᠢᠮ ᠡᠳᠦᠷ ᠭᠠᠯᠵᠠᠭᠤᠷᠠᠵᠤ ᠰᠣᠯᠢᠶᠠᠷᠠᠮᠠᠷ᠃ ᠶᠡᠷᠦ ᠡᠴᠡ ᠲᠡᠷᠡ ᠰᠦᠯᠲᠠᠨ ᠬᠠᠭᠠᠨ ᠤ᠋ ᠵᠤᠨ ᠤ᠋ ᠲᠠᠩᠰᠤᠭ ᠦᠷᠭᠦᠭᠡᠨ ᠳ᠋ᠦ᠍ ᠭᠠᠭᠴᠠᠭᠠᠷ ᠪᠠᠢᠭᠰᠠᠭᠠᠷ ᠭᠠᠯᠵᠠᠭᠤᠷᠠᠬᠤ ᠳ᠋ᠤ᠌ ᠣᠢᠷᠠᠬᠠᠨ ᠪᠣᠯᠵᠤ ᠪᠠᠢᠯ᠎ᠠ᠃ ᠴᠢᠩᠭᠢᠰ ᠬᠠᠭᠠᠨ ᠢᠯᠠᠯᠲᠠ ᠳ᠋ᠤ᠌ ᠪᠠᠨ ᠤᠯᠠᠢᠷᠠᠭᠠᠳ ᠡᠷᠭᠢᠵᠦ ᠢᠷᠡᠬᠦ ᠦᠭᠡᠢ ᠤᠳᠠᠬᠤ ᠨᠢ ᠪᠦᠷ ᠴᠦ᠍ ᠭᠠᠴᠢᠯᠠᠩᠲᠠᠢ᠃
ᠨᠣᠷ ᠪᠠᠯᠭᠠᠰᠤ ᠶ᠋ᠢᠨ ᠣᠷᠳᠣᠨ ᠤ᠋ ᠳᠣᠲᠣᠭᠠᠳᠤ ᠦᠢᠯᠡᠴᠢᠯᠡᠭᠡᠨ ᠳ᠋ᠦ᠍ ᠵᠥᠪᠬᠡᠨ ᠫᠧᠷᠰ᠂ ᠢᠷᠡᠨ᠂ ᠲᠦᠷᠺ ᠡᠮᠡᠰ ᠬᠡᠦᠬᠡᠨ ᠨᠦ᠍ᠭᠦᠳ ᠵᠠᠷᠤᠭᠳᠠᠵᠤ ᠬᠠᠷᠢᠨ ᠬᠤᠯᠠᠨ ᠬᠠᠲᠤᠨ ᠤ᠋ ᠶᠣᠰᠣᠯᠠᠯ᠂ ᠬᠦᠨᠳᠦᠯᠡᠯ᠂ ᠬᠣᠭᠣᠯᠠ ᠤᠮᠳᠠ ᠭᠡᠳ ᠪᠦᠬᠦᠢᠯᠡ ᠬᠡᠷᠡᠭ ᠢ᠋ ᠶᠦᠩᠴᠢ ᠬᠠᠭᠤᠴᠢᠨ ᠬᠡᠪ ᠢ᠋ᠶ᠋ᠡᠷ ᠡᠷᠭᠢᠯᠡᠭᠰᠡᠭᠡᠷ ᠠᠵᠢ᠃ ᠬᠤᠯᠠᠨ ᠤ᠋ ᠨᠢᠳᠦᠨ ᠳ᠋ᠦ᠍ ᠣᠢᠷ᠎ᠠ ᠦᠵᠡᠭᠳᠡᠬᠦ ᠭᠠᠭᠴᠠ ᠡᠷ᠎ᠡ ᠬᠦᠢᠰᠦᠲᠡᠢ ᠨᠢ ᠲᠡᠷᠡ ᠪᠣᠯᠤᠨ᠎ᠠ᠃ ᠶᠥᠩᠴᠢ ᠤᠷᠢᠳ ᠨᠢ ᠵᠦᠷᠴᠢᠳ ᠦ᠋ᠨ ᠠᠯᠲᠠᠨ ᠬᠠᠭᠠᠨ ᠤ᠋ ᠵᠥᠩᠲᠦ ᠪᠠᠯᠭᠠᠰᠤ ᠳ᠋ᠠᠬᠢ ᠶᠡᠬᠡ ᠣᠷᠳᠣᠨ ᠳ᠋ᠤ᠌ ᠶᠠᠭ ᠡᠢᠮᠦ ᠠᠯᠪᠠ ᠶ᠋ᠢ ᠡᠷᠬᠢᠯᠡᠵᠦ ᠪᠠᠢᠬᠤ ᠳ᠋ᠤ᠌ ᠠᠯᠲᠠᠨ ᠬᠠᠭᠠᠨ ᠲᠡᠭᠦᠨ ᠢ᠋ ᠨᠠᠢᠷᠠᠮᠳᠠᠯᠲᠠᠢ ᠪᠠᠢᠭᠰᠠᠨ ᠲᠠᠲ᠋ᠠᠷ ᠠᠢᠮᠠᠭ ᠤ᠋ᠨ ᠬᠠᠨ ᠳ᠋ᠤ᠌ ᠪᠡᠯᠡᠭᠯᠡᠭᠰᠡᠨ ᠪᠢᠯᠡ᠃ ᠲᠠᠲ᠋ᠠᠷ ᠠᠢᠮᠠᠭ ᠴᠢᠩᠭᠢᠰ ᠬᠠᠭᠠᠨ ᠳ᠋ᠤ᠌ ᠳᠠᠷᠤᠭᠳᠠᠬᠤ ᠳ᠋ᠤ᠌ ᠶᠡᠬᠡ ᠣᠷᠳᠣᠨ ᠳ᠋ᠤ᠌ ᠦᠢᠯᠡᠴᠢᠯᠡᠬᠦ ᠶᠣᠰᠣ ᠲᠢᠭ ᠢ᠋ ᠰᠠᠢᠨ ᠮᠡᠳᠡᠬᠦ ᠭᠤᠴᠢᠨ ᠲᠣᠭᠠᠨ ᠤ᠋ ᠲᠠᠢᠭᠠᠨ ᠬᠥᠮᠦᠨ ᠢ᠋ ᠴᠢᠩᠭᠢᠰ ᠬᠠᠭᠠᠨ ᠪᠥᠷᠲᠡ ᠳ᠋ᠦ᠍ ᠪᠡᠯᠡᠭ ᠪᠣᠯᠭᠠᠭᠰᠠᠨ ᠳ᠋ᠤ᠌ ᠲᠡᠳᠡᠨ ᠢ᠋ ᠲᠣᠯᠣᠭᠠᠢᠯᠠᠨ ᠠᠩᠬ᠎ᠠ ᠮᠣᠩᠭᠣᠯ ᠤ᠋ᠨ ᠲᠠᠯ᠎ᠠ ᠳ᠋ᠤ᠌ ᠢᠷᠡᠵᠦ ᠵᠢᠳᠬᠦᠬᠦ ᠪᠣᠯᠵᠠᠢ᠃ ᠪᠥᠷᠲᠡ ᠬᠠᠲᠤᠨ ᠶᠥᠩᠴᠢ ᠶ᠋ᠢ ᠬᠤᠯᠠᠨ ᠬᠠᠲᠤᠨ ᠤ᠋ ᠳᠡᠷᠭᠡᠳᠡ ᠲᠣᠮᠢᠯᠠᠨ ᠰᠠᠭᠤᠯᠭᠠᠭᠰᠠᠨ ᠨᠢ ᠴᠢᠩᠭᠢᠰ ᠬᠠᠭᠠᠨ ᠳ᠋ᠤ᠌ ᠲᠠᠭᠠᠰᠢᠶᠠᠭᠳᠠᠭᠰᠠᠨ ᠲᠤᠯᠠ ᠲᠡᠷᠡ ᠪᠡᠷ ᠬᠤᠯᠠᠨ ᠬᠠᠲᠤᠨ ᠤ᠋ ᠣᠷᠳᠣᠨ᠂ ᠥᠷᠭᠥᠭᠡ᠂ ᠶᠣᠰᠣᠯᠠᠯ᠂ ᠬᠦᠨᠳᠦᠯᠡᠯ ᠪᠦᠬᠦᠨ ᠢ᠋ ᠡᠷᠬᠢᠯᠡᠨ ᠬᠣᠷᠽᠸᠮ ᠳ᠋ᠤ᠌ ᠢᠷᠡᠵᠡᠢ᠃ ᠬᠤᠯᠠᠨ ᠬᠠᠲᠤᠨ ᠡᠬᠢᠯᠡᠭᠡᠳ ᠥᠪᠡᠷ ᠦ᠋ᠨ ᠳᠡᠷᠭᠡᠳᠡ ᠡᠷ᠎ᠡ ᠬᠥᠮᠦᠨ ᠵᠣᠭᠰᠣᠵᠤ ᠦᠢᠯᠡᠴᠢᠯᠡᠬᠦ ᠳ᠋ᠦ᠍ ᠳᠠᠰᠬᠤ ᠦᠭᠡᠢ ᠬᠡᠴᠡᠭᠦᠦ ᠪᠠᠢᠭᠰᠠᠨ ᠴᠤ᠌ ᠴᠢᠩᠭᠢᠰ ᠬᠠᠭᠠᠨ ᠤ᠋ ᠦᠭᠡᠨ ᠡᠴᠡ ᠵᠥᠷᠢᠵᠦ ᠡᠰᠡ ᠵᠢᠷᠦᠬᠡᠯᠡᠵᠡᠢ᠃ ᠲᠠᠢᠭᠠᠨ ᠬᠥᠮᠦᠨ ᠳ᠋ᠦ᠍ ᠡᠷ᠎ᠡ ᠡᠮ᠎ᠡ ᠬᠥᠮᠦᠨ ᠶᠡᠷᠦ ᠢᠯᠭᠠᠭ᠎ᠠ ᠦᠭᠡᠢ᠂ ᠬᠥᠮᠦᠨ ᠯᠡ ᠪᠣᠯ ᠬᠥᠮᠦᠨ᠂ ᠡᠵᠡᠨ ᠯᠡ ᠪᠣᠯ ᠡᠵᠡᠨ ᠭᠡᠵᠦ ᠦᠵᠡᠬᠦ ᠲᠤᠯᠠ ᠬᠤᠯᠠᠨ ᠲᠦᠳᠡᠯ ᠦᠭᠡᠢ ᠲᠡᠰᠴᠦ ᠣᠳᠣ ᠬᠤᠯᠠᠨ ᠶᠠᠭᠤ ᠬᠦᠰᠡᠨ᠎ᠡ᠂ ᠶᠥᠩᠴᠢ ᠪᠦᠭᠦᠳᠡ ᠶ᠋ᠢ ᠪᠡᠶᠡᠯᠡᠭᠦᠯᠬᠦ ᠪᠣᠯᠪᠠᠴᠤ ᠪᠠᠰᠠ ᠲᠡᠷᠡ ᠶᠥᠩᠴᠢ ᠶ᠋ᠢᠨ ᠵᠥᠪᠰᠢᠶᠡᠷᠡᠯ ᠦᠭᠡᠢ ᠨᠢᠭᠡ ᠴᠦ᠍ ᠵᠦᠢᠯ ᠳᠤᠷ᠎ᠠ ᠪᠠᠷ ᠢ᠋ᠶ᠋ᠠᠨ ᠬᠢᠵᠦ ᠪᠣᠯᠬᠤ ᠦᠭᠡᠢ ᠬᠠᠲᠠᠭᠤ ᠶᠣᠰᠣ ᠲᠣᠭᠲᠠᠵᠠᠢ᠃ ᠬᠤᠯᠠᠨ ᠠᠷᠪᠠᠭᠠᠳ ᠵᠢᠯ ᠪᠣᠯᠬᠤ ᠳ᠋ᠤ᠌ ᠶᠥᠩᠴᠢ ᠬᠡᠮᠡᠬᠦ ᠬᠡᠳᠦᠢ ᠵᠢᠷᠠ ᠰᠢᠬᠠᠭᠰᠠᠨ ᠴᠤ᠌ ᠵᠠᠯᠠᠭᠤ ᠰᠠᠢᠬᠠᠨ ᠴᠢᠷᠠᠢ ᠲᠠᠢ᠂ ᠪᠡᠶ᠎ᠡ ᠬᠠ ᠲᠡᠭᠰᠢ ᠡᠨᠡ ᠬᠥᠮᠦᠨ ᠢ᠋ ᠡᠷ᠎ᠡ ᠬᠥᠮᠦᠨ ᠭᠡᠵᠦ ᠪᠣᠳᠣᠬᠤ ᠪᠠᠨ ᠪᠣᠯᠢᠵᠠᠢ᠃ ᠶᠥᠩᠴᠢ ᠶ᠋ᠢᠨ ᠳᠡᠷᠭᠡᠳᠡ ᠨᠢᠴᠦᠭᠦᠨ ᠱᠠᠯᠳᠠᠩ ᠶᠠᠪᠤᠬᠤ ᠶ᠋ᠢ ᠴᠦ᠍ ᠶᠠᠭᠤᠮᠠᠨ ᠳ᠋ᠤ᠌ ᠦᠯᠦ ᠲᠣᠭᠠᠴᠠᠨ᠎ᠠ᠃ ᠤᠴᠢᠷ ᠨᠢ ᠲᠠᠢᠭᠠᠨ ᠬᠥᠮᠦᠨ ᠳ᠋ᠦ᠍ ᠡᠮ᠎ᠡ ᠶ᠋ᠢ ᠦᠵᠡᠭᠡᠳ ᠰᠡᠷᠳᠡᠩᠨᠡᠬᠥ ᠬᠦᠰᠡᠯ ᠨᠢᠭᠡᠨᠲᠡ ᠦᠭᠡᠢ ᠪᠣᠯᠤᠭᠰᠠᠨ ᠪᠠᠢᠬᠤ ᠠᠵᠢ᠃ ᠴᠢᠩᠭᠢᠰ ᠬᠠᠭᠠᠨ ᠪᠣᠯᠤᠭᠠᠳ ᠲᠡᠭᠦᠨ ᠦ᠌ ᠬᠠᠲᠤᠳ ᠤ᠋ᠨ ᠶᠣᠰᠣᠯᠠᠯ ᠬᠦᠨᠳᠦᠯᠡᠯ᠂ ᠲᠢᠭ ᠵᠠᠶᠢᠭ ᠢ᠋ ᠶᠥᠩᠴᠢ ᠠᠩᠬ᠎ᠠ ᠲᠣᠭᠲᠠᠭᠠᠨ ᠮᠥᠷᠳᠡᠭᠦᠯᠦᠭᠰᠡᠨ ᠲᠤᠯᠠ ᠲᠡᠷᠡ ᠶᠡᠬᠡ ᠬᠦᠨᠳᠦᠯᠡᠯ ᠢ᠋ ᠣᠯᠵᠠᠢ᠃ ᠣᠷᠳᠣᠨ ᠦᠷᠭᠦᠭᠡᠨ ᠦ᠌ ᠳᠣᠲᠣᠭᠠᠳᠤ ᠲᠢᠭ ᠶᠣᠰᠣ ᠶ᠋ᠢ ᠰᠠᠬᠢᠭᠤᠯᠬᠤ ᠥᠪᠡᠷ ᠦ᠋ᠨ ᠡᠭᠦᠷᠭᠡ ᠶ᠋ᠢ ᠶᠥᠩᠴᠢ ᠬᠡᠨ ᠢ᠋ᠶ᠋ᠡᠷ ᠴᠦ᠍ ᠬᠡᠯᠡᠭᠥᠯᠥᠯ ᠦᠭᠡᠢ ᠴᠢᠩ ᠰᠢᠳᠤᠷᠭᠤ ᠪᠠᠷ ᠶᠣᠰᠣᠴᠢᠯᠠᠨ ᠭᠦᠢᠴᠡᠳᠬᠡᠬᠦ ᠨᠢ ᠣᠯᠠᠨ ᠳ᠋ᠤ᠌ ᠲᠡᠷᠡ ᠳᠤᠮᠳᠠ ᠪᠠᠨ ᠴᠢᠩᠭᠢᠰ ᠬᠠᠭᠠᠨ ᠳ᠋ᠤ᠌ ᠶᠡᠬᠡᠳᠡ ᠲᠠᠭᠠᠰᠢᠶᠠᠭᠳᠠᠨᠠ᠃ ᠬᠠᠷᠢᠨ ᠪᠥᠷᠲᠡ ᠬᠠᠲᠤᠨ ᠴᠣᠬᠣᠮ ᠶᠠᠮᠠᠷ ᠳᠠᠯᠳᠠ ᠰᠠᠨᠠᠭ᠎ᠠ ᠪᠠᠷ ᠶᠥᠩᠴᠢ ᠶ᠋ᠢ ᠬᠤᠯᠠᠨ ᠤ᠋ ᠳᠡᠷᠭᠡᠳᠡ ᠰᠢᠳᠠᠷᠯᠠᠭᠤᠯᠤᠭᠰᠠᠨ ᠢ᠋ ᠬᠤᠯᠠᠨ ᠪᠤᠤ ᠬᠡᠯᠡ᠂ ᠴᠢᠩᠭᠢᠰ ᠬᠠᠭᠠᠨ ᠴᠤ᠌ ᠰᠡᠵᠢᠭᠯᠡᠨ ᠲᠠᠭᠠᠪᠤᠷᠢᠯᠠᠬᠤ ᠦᠭᠡᠢ ᠠᠵᠢ᠃ ᠮᠣᠷᠢ ᠤᠨᠤᠵᠤ᠂ ᠠᠮᠢ ᠰᠠᠬᠢᠭᠴᠢ ᠴᠡᠷᠢᠭ ᠢ᠋ᠶ᠋ᠡᠨ ᠳᠠᠭᠠᠭᠤᠯᠤᠨ ᠰᠸᠢᠢᠷ ᠳ᠋ᠠᠷᠢᠶᠠ᠂ ᠠᠮᠥ᠋ ᠳ᠋ᠠᠷᠢᠶᠠ ᠮᠥᠷᠡᠨ ᠦ᠌ ᠡᠷᠭᠢ ᠪᠡᠷ ᠰᠠᠯᠬᠢ ᠲᠠᠲᠠᠭᠤᠯᠤᠨ ᠳᠠᠪᠬᠢᠬᠤ ᠨᠢ ᠬᠤᠯᠠᠨ ᠤ᠋ ᠭᠠᠭᠴᠠ ᠵᠤᠭᠠᠴᠠᠯ ᠶᠤᠮ᠃ ᠪᠠᠰᠠ ᠬᠦᠰᠡᠪᠡᠯ ᠫᠧᠷᠰ ᠪᠦᠰᠡᠭᠦᠢᠴᠦᠳ ᠢ᠋ ᠠᠪᠴᠢᠷᠠᠵᠤ ᠦᠷᠭᠦᠭᠡᠨ ᠳ᠋ᠡᠭᠡᠨ ᠳᠠᠭᠤᠯᠠᠭᠤᠯᠵᠤ ᠪᠥᠵᠢᠭᠯᠡᠭᠦᠯᠵᠦ ᠪᠣᠯᠤᠨ᠎ᠠ᠃ ᠭᠠᠭᠴᠠᠬᠠᠨ ᠡᠷ᠎ᠡ ᠳ᠋ᠦ᠍ ᠡᠷᠬᠡᠯᠡᠵᠦ᠂ ᠡᠮ᠎ᠡ ᠪᠡᠶ᠎ᠡ ᠪᠡᠨ ᠵᠤᠭᠠᠴᠠᠭᠤᠯᠬᠤ ᠪᠣᠯᠤᠮᠵᠢ ᠯᠠ ᠦᠯᠦ ᠣᠯᠳᠠᠬᠤ ᠠᠵᠢ᠃ ᠬᠤᠯᠠᠨ ᠡᠨᠡ ᠬᠡᠷᠡᠭ ᠲᠦ᠍ ᠨᠢᠭᠡ ᠶᠡᠬᠡ ᠱᠣᠬᠣᠭᠣᠷᠬᠠᠨ ᠳᠤᠷᠠᠯᠠᠬᠤ ᠦᠭᠡᠢ ᠪᠣᠯᠤᠭᠰᠠᠨ ᠳ᠋ᠤ᠌ ᠥᠪᠡᠷ ᠢ᠋ᠶ᠋ᠡᠨ ᠴᠦ᠍ ᠭᠠᠢᠬᠠᠨ ᠬᠡᠳᠦᠢ ᠳᠥᠩᠭᠡᠵᠦ ᠭᠤᠴᠢ ᠭᠠᠷᠴᠤ ᠪᠠᠢᠭ᠎ᠠ ᠮᠥᠷᠲᠡᠭᠡᠨ ᠳᠤᠷ᠎ᠠ ᠬᠦᠰᠡᠯ ᠢᠩᠭᠢᠵᠦ ᠦᠭᠡᠢ ᠪᠣᠯᠤᠭᠰᠠᠨ ᠤ᠋ ᠤᠴᠢᠷ ᠢ᠋ ᠦᠯᠦ ᠣᠯᠤᠨ ᠡᠪᠡᠳᠴᠢᠨ ᠡᠮᠭᠡᠭ ᠲᠤᠰᠪᠠ ᠭᠡᠵᠦ ᠰᠡᠵᠢᠭᠯᠡᠨ ᠶᠥᠩᠴᠢ ᠳ᠋ᠦ᠍ ᠬᠡᠯᠡᠵᠡᠢ᠃ ᠶᠥᠩᠴᠢ ᠲᠡᠭᠦᠨ ᠢ᠋ ᠰᠣᠨᠣᠰᠤᠭᠠᠳ ᠢᠨᠢᠶᠡᠮᠰᠦᠭᠯᠡᠵᠦ
| ᠬᠠᠲᠤᠭᠲᠠᠨ᠂ ᠭᠠᠵᠠᠷ ᠤᠰᠤ᠂ ᠬᠣᠭᠣᠯᠠ ᠬᠦᠨᠡᠰᠦ ᠰᠣᠯᠢᠭᠳᠠᠬᠤ ᠨᠢ ᠡᠮ᠎ᠡ ᠬᠥᠮᠦᠨ ᠦ᠌ ᠪᠡᠶ᠎ᠡ ᠳ᠋ᠦ᠍ ᠶᠡᠬᠡ ᠥᠭᠡᠷᠡᠴᠢᠯᠡᠯᠲᠡ ᠡᠭᠦᠰᠬᠡᠨ᠎ᠡ᠃ ᠲᠠ ᠡᠷᠡᠭᠡᠯᠵᠡᠵᠦ ᠡᠯᠳᠡᠪ ᠢ᠋ ᠪᠤᠤ ᠪᠤᠳᠤᠭᠲᠤᠨ᠃ ᠴᠢᠩᠭᠢᠰ ᠬᠠᠭᠠᠨ ᠢ᠋ ᠪᠤᠴᠠᠵᠤ ᠮᠣᠷᠢᠯᠠᠨ ᠢᠷᠡᠮᠡᠭᠴᠡ ᠲᠠ ᠥᠪᠡᠷ ᠦ᠋ᠨ ᠡᠷᠡᠭᠦᠯ ᠭᠡᠳᠡᠭ ᠲᠦ᠍ ᠢᠲᠡᠭᠡᠬᠦ ᠪᠣᠯᠤᠨ᠎ᠠ ᠭᠡᠵᠡᠢ᠃ ᠬᠤᠯᠠᠨ ᠳᠠᠬᠢᠨ ᠥᠭᠡᠷ᠎ᠡ ᠶ᠋ᠢ ᠬᠡᠯᠡᠭᠰᠡᠨ ᠦᠭᠡᠢ ᠲᠡᠭᠦᠨ ᠦ᠌ ᠦᠭᠡ ᠶ᠋ᠢ ᠳᠠᠭᠠᠪᠠ᠃ ᠭᠡᠪᠡᠴᠦ ᠶᠥᠩᠴᠢ ᠶ᠋ᠢᠨ ᠡᠳᠦᠷ ᠲᠦ᠍ ᠭᠤᠷᠪᠠᠨ ᠤᠳᠠᠭ᠎ᠠ ᠶᠣᠰᠣ ᠰᠢᠭ᠋ ᠥᠭᠳᠡᠭ ᠦᠵᠦᠮ ᠦ᠋ᠨ ᠰᠢᠭᠦᠰᠦᠨ ᠤᠮᠳᠠᠭᠠᠨ ᠳ᠋ᠤ᠌ ᠪᠡᠶ᠎ᠡ ᠶ᠋ᠢᠨ ᠬᠥᠭᠡᠷᠦᠯ᠂ ᠲᠠᠴᠢᠶᠠᠯ ᠬᠦᠰᠡᠯ ᠢ᠋ ᠳᠠᠷᠤᠭᠴᠢ ᠡᠮ ᠬᠢᠳᠡᠭ ᠢ᠋ ᠲᠡᠷᠡ ᠮᠡᠳᠡᠭᠰᠡᠨ ᠦᠭᠡᠢ᠃ ᠡᠨᠡ ᠡᠮ ᠬᠤᠯᠠᠨ ᠳ᠋ᠤ᠌ ᠦᠢᠯᠡᠴᠢᠯᠡᠵᠦ ᠲᠡᠷᠡ ᠡᠳᠦᠷ ᠥᠩᠭᠡᠷᠡᠵᠦ ᠰᠠᠷ᠎ᠠ ᠵᠢᠯ ᠤᠯᠠᠷᠢᠬᠤ ᠪᠦᠷᠢ ᠦᠵᠡᠬᠦ ᠳ᠋ᠦ᠍ ᠯᠡ ᠦᠵᠡᠰᠬᠦᠯᠡᠩᠲᠦ ᠡᠮ᠎ᠡ ᠡᠴᠡ ᠴᠠᠭᠠᠰᠢ ᠦᠭᠡᠢ ᠬᠦᠢᠲᠡᠨ ᠴᠠᠪᠳᠠᠩ ᠪᠣᠯᠤᠭᠰᠠᠭᠠᠷ ᠪᠠᠢᠭ᠎ᠠ ᠪᠢᠯᠡ᠃ ᠡᠭᠦᠨ ᠦ᠌ ᠪᠡᠨ ᠴᠠᠭᠠᠳᠤ ᠨᠢᠭᠤᠴᠠ ᠶ᠋ᠢ ᠮᠡᠳᠡᠭᠰᠡᠨ ᠦᠭᠡᠢ᠃ ᠶᠡᠷᠦ ᠨᠢ ᠬᠤᠯᠠᠨ ᠴᠢᠩᠭᠢᠰ ᠬᠠᠭᠠᠨ ᠳ᠋ᠤ᠌ ᠥᠪᠡᠷ ᠢ᠋ᠶ᠋ᠡᠨ ᠬᠦᠰᠡᠵᠦ ᠢᠷᠡᠭᠰᠡᠨ ᠡᠴᠡ ᠬᠣᠢᠰᠢ ᠣᠯᠠᠨ ᠵᠦᠢᠯ ᠦ᠋ᠨ ᠨᠢᠭᠤᠴᠠ ᠶ᠋ᠢ ᠮᠡᠳᠡᠭᠰᠡᠨ ᠦᠭᠡᠢ ᠥᠩᠭᠡᠷᠡᠵᠡᠢ᠃ ᠴᠢᠩᠭᠢᠰ ᠬᠠᠭᠠᠨ ᠳ᠋ᠤ᠌ ᠲᠣᠭᠣᠭᠳᠠᠵᠤ ᠬᠠᠲᠤᠨ ᠰᠠᠭᠤᠭᠰᠠᠨ ᠨᠢ ᠡᠮ᠎ᠡ ᠬᠥᠮᠦᠨ ᠪᠦᠷᠢ ᠶ᠋ᠢᠨ ᠠᠮᠰᠠᠵᠤ ᠡᠳ᠋ᠯᠡᠬᠦ ᠠᠵᠠ ᠵᠢᠷᠭᠠᠯ ᠠ᠋ᠴᠠ ᠲᠡᠭᠦᠨ ᠢ᠋ ᠡᠭᠦᠷᠢᠳᠡ ᠬᠠᠭᠠᠴᠠᠭᠤᠯᠤᠭᠰᠠᠨ ᠢ᠋ ᠲᠡᠷᠡ ᠮᠡᠳᠡᠬᠦ ᠦᠭᠡᠢ ᠪᠠᠢᠪᠠ᠃ ᠵᠥᠪᠬᠡᠨ ᠥᠪᠡᠷ ᠦ᠋ᠨ ᠠᠵᠠ ᠦᠭᠡᠢ ᠬᠤᠪᠢ ᠵᠣᠬᠢᠶᠠᠯ ᠳ᠋ᠠᠭᠠᠨ ᠭᠣᠮᠣᠳᠠᠨ ᠰᠢᠨᠠᠯᠬᠤ ᠠ᠋ᠴᠠ ᠥᠭᠡᠷ᠎ᠡ ᠠᠷᠭ᠎ᠠ ᠪᠠᠢᠭᠰᠠᠨ ᠦᠭᠡᠢ᠃ ᠴᠢᠩᠭᠢᠰ ᠬᠠᠭᠠᠨ ᠤ᠋ ᠬᠦᠷᠢᠶᠡᠨ ᠳ᠋ᠦ᠍ ᠢᠷᠡᠵᠦ ᠰᠠᠭᠤᠭᠰᠠᠨ ᠡᠬᠢᠨ ᠦ᠌ ᠭᠠᠭᠴᠠ ᠵᠢᠯ ᠯᠡ ᠡᠮ᠎ᠡ ᠶ᠋ᠢᠨ ᠶᠣᠰᠣᠭᠠᠷ ᠵᠢᠷᠭᠠᠭᠰᠠᠨ ᠪᠠᠢᠵᠠᠢ᠃ ᠴᠢᠩᠭᠢᠰ ᠬᠠᠭᠠᠨ ᠤ᠋ ᠦᠷ᠎ᠡ ᠶ᠋ᠢ ᠲᠡᠭᠡᠭᠡᠵᠦ ᠥᠭᠦᠯᠡᠰᠢ ᠦᠭᠡᠢ ᠶᠡᠬᠡ ᠵᠢᠷᠭᠠᠯ ᠪᠠᠶᠠᠷ ᠢ᠋ᠶ᠋ᠠᠷ ᠪᠢᠯᠬᠠᠵᠤ ᠪᠠᠰᠠ ᠴᠢᠩᠭᠢᠰ ᠬᠠᠭᠠᠨ ᠳᠥᠴᠢ ᠭᠠᠷᠤᠭᠰᠠᠨ ᠬᠣᠢᠨ᠎ᠠ ᠨᠢ ᠭᠠᠷᠬᠤ ᠰᠢᠨ᠎ᠡ ᠦᠷ᠎ᠡ ᠳ᠋ᠡᠭᠡᠨ ᠬᠡᠴᠢᠨᠡᠨ ᠶᠡᠬᠡ ᠪᠠᠶᠠᠷᠯᠠᠵᠤ ᠪᠠᠢᠭᠰᠠᠨ ᠢ᠋ ᠣᠳᠣ ᠰᠠᠨᠠᠬᠤ ᠪᠦᠷᠢ ᠭᠣᠣᠯ ᠨᠢ ᠲᠠᠰᠤᠷᠠᠬᠤ ᠰᠢᠭ᠋ ᠡᠪᠡᠳᠦᠨ᠎ᠡ᠃ ᠭᠡᠪᠡᠴᠦ ᠲᠡᠷᠡ ᠠᠵᠠ ᠦᠭᠡᠢ ᠪᠢᠴᠢᠬᠠᠨ ᠠᠮᠢᠲᠠᠨ ᠳ᠋ᠤ᠌ ᠴᠢᠩᠭᠢᠰ ᠬᠠᠭᠠᠨ ᠤ᠋ ᠤᠷᠤᠭ ᠢ᠋ ᠵᠠᠯᠭᠠᠮᠵᠢᠯᠠᠬᠤ ᠬᠥᠮᠦᠨ ᠪᠣᠯᠬᠤ ᠵᠠᠶᠠᠭ᠎ᠠ ᠣᠯᠳᠠᠭᠰᠠᠨ ᠦᠭᠡᠢ᠃ ᠪᠡᠶ᠎ᠡ ᠬᠠ ᠨᠢ ᠡᠷᠡᠭᠦᠯ ᠰᠠᠷᠠᠭᠤᠯ ᠪᠠᠢᠭᠰᠠᠭᠠᠷ ᠠᠲᠠᠯ᠎ᠠ ᠴᠠᠭ ᠠ᠋ᠴᠠ ᠪᠠᠨ ᠡᠮᠦᠨ᠎ᠡ ᠭᠡᠨᠡᠳᠲᠡ ᠡᠪ ᠦᠬᠡᠢᠷᠬᠡᠨ ᠦᠷ᠎ᠡ ᠵᠤᠯᠪᠤᠵᠤ ᠠᠮᠢ ᠦᠭᠡᠢ ᠬᠥᠪᠡᠭᠦᠨ ᠲᠥᠷᠥᠭᠦᠯᠦᠭᠰᠡᠨ ᠨᠢ ᠬᠤᠯᠠᠨ ᠴᠢᠩᠭᠢᠰ ᠬᠠᠭᠠᠨ ᠬᠣᠶᠠᠷ ᠢ᠋ ᠬᠡᠷᠬᠢᠨ ᠴᠣᠴᠢᠷᠳᠠᠭᠤᠯᠤᠭᠰᠠᠨ ᠢ᠋ ᠦᠭᠡ ᠪᠡᠷ ᠢᠯᠡᠷᠬᠡᠢᠯᠡᠬᠦ ᠠᠷᠭ᠎ᠠ ᠦᠭᠡᠢ ᠪᠠᠢᠭᠰᠠᠨ ᠪᠢᠯᠡ᠃ ᠵᠤᠯᠪᠤᠭᠰᠠᠨ ᠦᠷ᠎ᠡ ᠨᠢ ᠬᠥᠪᠡᠭᠦᠨ ᠪᠠᠢᠭᠰᠠᠨ ᠳ᠋ᠤ᠌ ᠴᠢᠩᠭᠢᠰ ᠬᠠᠭᠠᠨ ᠪᠦᠷ ᠴᠦ᠍ ᠶᠡᠬᠡ ᠬᠠᠷᠠᠮᠰᠠᠨ ᠭᠠᠰᠢᠭᠤᠳᠠᠵᠤ ᠰᠥᠨᠢ ᠳᠦᠯᠢ ᠪᠡᠷ ᠨᠢᠯᠪᠤᠰᠤ ᠤᠨᠠᠭᠠᠬᠤ ᠶ᠋ᠢ ᠬᠤᠯᠠᠨ ᠦᠵᠡᠭᠡᠳ ᠬᠠᠷᠠᠭᠤᠰᠤᠯ᠂ ᠰᠢᠨᠠᠯᠤᠯ ᠢ᠋ᠶ᠋ᠠᠨ ᠲᠡᠪᠴᠢᠨ ᠲᠡᠭᠦᠨ ᠳ᠋ᠦ᠍ ᠳᠠᠬᠢᠨ ᠬᠥᠪᠡᠭᠦᠨ ᠲᠥᠷᠥᠭᠦᠯᠵᠦ ᠥᠭᠬᠦ ᠪᠡᠨ ᠠᠮᠠᠯᠠᠭᠰᠠᠨ ᠶᠤᠮ᠃ ᠬᠡᠷᠪᠡ ᠲᠡᠷᠡ ᠬᠥᠪᠡᠭᠦᠨ ᠬᠥᠮᠦᠨ ᠪᠣᠯᠤᠭᠰᠠᠨ ᠪᠣᠯ ᠴᠢᠩᠭᠢᠰ ᠬᠠᠭᠠᠨ ᠤ᠋ ᠭᠣᠣᠯ ᠤ᠋ᠨ ᠬᠠᠢᠷᠠᠲᠠᠢ ᠦᠷ᠎ᠡ ᠨᠢ ᠪᠣᠯᠵᠤ ᠣᠳᠣ ᠳᠠᠷᠤᠢ ᠠᠷᠪᠠᠨ ᠨᠠᠢ᠍ᠮᠠᠨ ᠨᠠᠰᠤ ᠬᠦᠷᠴᠦ ᠬᠠᠭᠠᠨ ᠡᠴᠢᠭᠡ ᠶ᠋ᠢᠨ ᠰᠠᠭᠤᠳᠠᠯ ᠢ᠋ ᠭᠠᠷᠴᠠᠭ᠎ᠠ ᠦᠭᠡᠢ ᠵᠠᠯᠭᠠᠮᠵᠢᠯᠠᠬᠤ ᠪᠠᠢᠪᠠ᠃ ᠢᠩᠭᠢᠵᠦ ᠰᠠᠨᠠᠬᠤ ᠪᠦᠷᠢ ᠬᠡᠨ ᠳ᠋ᠦ᠍ ᠭᠣᠮᠣᠳᠠᠬᠤ ᠪᠠᠨ ᠣᠯᠵᠤ ᠶᠠᠳᠠᠬᠤ ᠳ᠋ᠤ᠌ ᠪᠠᠨ ᠪᠦᠷ ᠲᠩᠷᠢ ᠳ᠋ᠦ᠍ ᠴᠦ᠍ ᠪᠣᠯᠪᠠ ᠥᠰᠢᠶᠡᠷᠬᠡᠨ ᠬᠣᠷᠣᠰᠬᠤ ᠪᠣᠯᠵᠠᠢ᠃ ᠬᠤᠯᠠᠨ ᠬᠠᠲᠤᠨ ᠤ᠋ ᠪᠠᠨ ᠡᠨᠡ ᠭᠠᠰᠢᠭᠤᠨ ᠵᠣᠪᠠᠯᠠᠩ ᠰᠢᠨᠠᠯᠤᠯ ᠢ᠋ ᠴᠢᠩᠭᠢᠰ ᠬᠠᠭᠠᠨ ᠦᠨᠡᠨ ᠰᠡᠳᠬᠢᠯ ᠡᠴᠡ ᠪᠡᠨ ᠣᠢᠯᠠᠭᠠᠵᠤ ᠦᠷᠦ ᠡᠪᠡᠳᠦᠨ᠎ᠡ᠃ ᠭᠡᠲᠡᠯ᠎ᠡ ᠲᠡᠳᠡ ᠶᠠᠭᠠᠬᠢᠵᠤ ᠴᠤ᠌ ᠬᠢᠴᠢᠶᠡᠭᠡᠳ ᠬᠤᠯᠠᠨ ᠳ᠋ᠤ᠌ ᠳᠠᠬᠢᠨ ᠦᠷ᠎ᠡ ᠲᠣᠭᠲᠠᠭᠰᠠᠨ ᠦᠭᠡᠢ ᠡᠳᠦᠢ ᠬᠦᠷᠴᠡᠢ᠃ ᠯᠠᠪ ᠦᠷ᠎ᠡ ᠵᠤᠯᠪᠤᠭᠰᠠᠨ ᠠ᠋ᠴᠠ ᠪᠣᠯᠤᠭᠰᠠᠨ ᠡᠮᠭᠡᠭ ᠪᠢᠵᠡ ᠭᠡᠵᠦ ᠶᠦᠩᠴᠢ ᠳ᠋ᠦ᠍ ᠬᠡᠯᠡᠵᠦ ᠡᠯᠳᠡᠪ ᠭᠠᠵᠠᠷ ᠤ᠋ᠨ ᠳᠣᠮᠴᠢ ᠲᠥᠯᠭᠡᠴᠢᠳ ᠲᠦ᠍ ᠦᠵᠡᠭᠦᠯᠵᠦ ᠡᠮ ᠳᠠᠩ ᠬᠦᠷᠲᠡᠭᠰᠡᠨ ᠴᠦ᠍ ᠲᠤᠰᠠ ᠶ᠋ᠢ ᠣᠯᠤᠭ᠎ᠠ ᠦᠭᠡᠢ ᠶᠦᠮ᠃ ᠢᠩᠭᠢᠭᠡᠳ ᠯᠡ ᠭᠠᠭᠴᠠ ᠬᠤᠪᠢ ᠵᠠᠶᠠᠭᠠᠨ ᠳ᠋ᠠᠭᠠᠨ ᠭᠣᠮᠣᠳᠠᠬᠤ ᠯᠠ ᠦᠯᠡᠳᠡᠭᠰᠡᠨ ᠪᠢᠯᠡ᠃ ᠡᠨᠡ ᠡᠮᠭᠡᠨᠢᠯᠲᠦ ᠬᠡᠷᠡᠭ ᠦ᠋ᠨ ᠴᠠᠭᠠᠳᠤ ᠨᠠᠷᠢᠨ ᠤᠴᠢᠷ ᠢ᠋ ᠬᠤᠯᠠᠨ ᠪᠣᠯᠤᠭᠠᠳ ᠴᠢᠩᠭᠢᠰ ᠬᠠᠭᠠᠨ ᠪᠠᠰᠠ ᠯᠠ ᠳᠠᠭᠠᠪᠤᠷᠢᠯᠠᠭᠰᠠᠨ ᠦᠭᠡᠢ᠃ ᠵᠠᠯᠠᠭᠤ ᠦᠵᠡᠰᠬᠦᠯᠡᠩᠲᠦ ᠬᠤᠯᠠᠨ ᠬᠠᠲᠤᠨ ᠥᠰᠲᠦ ᠮᠡᠷᠭᠢᠳ ᠦ᠋ᠨ ᠴᠢᠰᠤᠲᠠᠢ ᠠ᠋ᠴᠠ ᠭᠠᠳᠠᠨ᠎ᠠ ᠵᠢᠷᠮᠦᠰᠦᠯᠡᠭᠰᠡᠨ ᠡᠴᠡ ᠨᠢ ᠬᠣᠢᠰᠢ ᠴᠢᠩᠭᠢᠰ ᠬᠠᠭᠠᠨ ᠭᠠᠭᠴᠠ ᠲᠡᠭᠦᠨ ᠢ᠋ ᠡᠩᠬᠦᠷᠡᠢᠯᠡᠬᠦ ᠪᠣᠯᠤᠭᠰᠠᠨ ᠨᠢ ᠪᠥᠷᠲᠡ ᠶ᠋ᠢᠨ ᠬᠤᠪᠢ ᠳ᠋ᠤ᠌ ᠶᠠᠭᠠᠬᠢᠪᠠᠴᠤ ᠵᠥᠪᠰᠢᠶᠡᠷᠡᠨ ᠰᠠᠢᠰᠢᠶᠠᠵᠤ ᠪᠣᠯᠬᠤ ᠦᠭᠡᠢ ᠬᠡᠷᠡᠭ ᠪᠠᠢᠪᠠ᠃ ᠡᠨᠡ ᠦᠶ᠎ᠡ ᠳ᠋ᠦ᠍ ᠡᠮ᠎ᠡ ᠬᠥᠮᠦᠨ ᠦ᠌ ᠰᠡᠳᠬᠢᠯ ᠦ᠋ᠨ ᠮᠤᠬᠤᠷ ᠲᠤ᠌ ᠪᠠᠢᠩᠭᠤ ᠨᠢᠭᠤᠭᠳᠠᠨ ᠪᠠᠢᠭᠰᠠᠨ ᠠᠲᠠᠭ᠎ᠠ ᠵᠢᠲᠥᠭᠡ ᠨᠢ ᠲᠦᠷᠢᠨ᠂ ᠤᠬᠠᠭᠠᠨ ᠰᠠᠨᠠᠭ᠎ᠠ ᠶ᠋ᠢ ᠨᠢ ᠬᠣᠣᠷᠳᠠᠭᠤᠯᠵᠤ᠂ ᠬᠣᠭᠣᠯᠠᠨ ᠳ᠋ᠤᠨᠢ ᠵᠦᠷ ᠴᠡᠴᠡᠭ ᠦ᠋ᠨ ᠬᠠᠨᠳᠠ ᠬᠣᠯᠢᠵᠤ ᠥᠭᠭᠦᠭᠰᠡᠨ ᠡᠴᠡ ᠬᠤᠯᠠᠨ ᠦᠷ᠎ᠡ ᠵᠤᠯᠪᠤᠭᠰᠠᠨ ᠪᠢᠯᠡ᠃ ᠢᠩᠭᠢᠵᠦ ᠪᠥᠷᠲᠡ ᠳᠥᠷᠪᠡᠨ ᠬᠥᠪᠡᠭᠦᠨ ᠳ᠋ᠡᠭᠡᠨ ᠠᠶᠤᠯᠲᠤ ᠥᠷᠢᠰᠦᠯᠳᠦᠭᠴᠢ ᠪᠣᠢ ᠪᠣᠯᠬᠤ ᠵᠠᠮ ᠢ᠋ ᠬᠠᠭᠠᠵᠤ ᠮᠡᠷᠭᠢᠳ ᠲᠦ᠍ ᠪᠤᠯᠢᠶᠠᠭᠳᠠᠭᠰᠠᠨ᠂ ᠳ᠋ᠠᠢᠷ ᠤᠰᠤᠨ ᠳ᠋ᠤ᠌ ᠬᠦᠴᠦᠷᠬᠡᠭᠳᠡᠨ ᠳᠠᠷᠤᠯᠠᠭᠤᠯᠤᠭᠰᠠᠨ ᠤ᠋ ᠦᠰ ᠢ᠋ᠶ᠋ᠡᠨ ᠠᠪᠤᠪᠠ ᠭᠡᠵᠦ ᠲᠠᠢᠪᠤᠰᠢᠷᠠᠵᠠᠢ᠃ ᠪᠠᠰᠠ ᠪᠥᠷᠲᠡ ᠶ᠋ᠢᠨ ᠵᠢᠭᠠᠪᠤᠷᠢ ᠪᠠᠷ ᠶᠦᠩᠴᠢ ᠬᠤᠯᠠᠨ ᠬᠠᠲᠤᠨ ᠤ᠋ ᠪᠦᠬᠦ ᠳᠡᠷᠡ ᠵᠢᠨᠲᠦᠦ ᠳ᠋ᠦ᠍ ᠬᠦᠳᠡᠷ ᠦ᠋ᠨ ᠵᠠᠭᠠᠷ ᠰᠢᠩᠭᠡᠭᠡᠭᠰᠡᠨ ᠡᠴᠡ ᠪᠣᠯᠵᠤ ᠬᠤᠯᠠᠨ ᠳ᠋ᠤ᠌ ᠳᠠᠬᠢᠨ ᠦᠷ᠎ᠡ ᠲᠣᠭᠲᠠᠬᠤ ᠦᠭᠡᠢ ᠪᠣᠯᠵᠠᠢ᠃ ᠡᠷ᠎ᠡ ᠡᠮ᠎ᠡ ᠶ᠋ᠢᠨ ᠢᠨᠠᠭ ᠤ᠋ᠨ ᠦᠢᠯᠡ ᠶ᠋ᠢᠨ ᠦᠶ᠎ᠡ ᠳ᠋ᠦ᠍ ᠡᠮ᠎ᠡ ᠶ᠋ᠢᠨ ᠪᠥᠭᠰᠡᠨ ᠳᠣᠣᠷ᠎ᠠ ᠢᠪᠡᠬᠦ ᠵᠢᠨᠲᠦᠦ ᠳ᠋ᠦ᠍ ᠰᠢᠩᠭᠡᠭᠡᠭᠰᠡᠨ ᠬᠦᠳᠡᠷ ᠦ᠋ᠨ ᠵᠠᠭᠠᠷ ᠡᠷ᠎ᠡ ᠶ᠋ᠢᠨ ᠦᠷ᠎ᠡ ᠶ᠋ᠢᠨ ᠰᠤᠩ ᠢ᠋ ᠬᠣᠷᠣᠮ ᠤ᠋ᠨ ᠳᠣᠲᠣᠷ᠎ᠠ ᠦᠬᠦᠭᠦᠯᠬᠦ ᠲᠤᠯᠠ ᠡᠢᠮᠦ ᠠᠷᠭ᠎ᠠ ᠶ᠋ᠢ ᠮᠣᠩᠭᠣᠯᠴᠤᠳ ᠨᠢᠭᠤᠴᠠ ᠪᠠᠷ ᠬᠡᠷᠡᠭᠯᠡᠳᠡᠭ ᠪᠢᠯᠡ᠃ ᠴᠣᠬᠣᠮ ᠡᠢᠮᠦ ᠵᠣᠷᠢᠯᠭ᠎ᠠ ᠪᠠᠷ ᠪᠥᠷᠲᠡ ᠶᠦᠩᠴᠢ ᠶ᠋ᠢ ᠬᠤᠯᠠᠨ ᠤ᠋ ᠳᠡᠷᠭᠡᠳᠡ ᠰᠢᠳᠠᠷᠯᠠᠭᠤᠯᠵᠠᠢ᠃ ᠣᠷᠳᠣᠨ ᠤ᠋ ᠳᠣᠲᠣᠷᠠᠬᠢ ᠲᠠᠢᠭᠠᠨ ᠬᠥᠮᠦᠨ ᠳ᠋ᠦ᠍ ᠶᠡᠬᠡ ᠬᠠᠲᠤᠨ ᠤ᠋ ᠦᠭᠡ ᠲᠡᠭᠷᠢ ᠶ᠋ᠢᠨ ᠵᠠᠷᠯᠢᠭ ᠪᠠᠢᠬᠤ ᠶᠣᠰᠣᠲᠠᠢ ᠲᠤᠯᠠ ᠶᠦᠩᠴᠢ ᠶᠡᠬᠡ ᠬᠠᠲᠤᠨ ᠪᠥᠷᠲᠡ ᠶ᠋ᠢᠨ ᠵᠢᠭᠠᠪᠤᠷᠢ ᠶ᠋ᠢ ᠥᠨᠥ ᠬᠣᠷᠽᠸᠮ ᠳ᠋ᠤ᠌ ᠴᠤ᠌ ᠲᠤᠢᠯᠪᠤᠷᠢᠲᠠᠢ ᠮᠥᠷᠳᠡᠨ ᠰᠠᠬᠢᠭᠰᠠᠭᠠᠷ ᠠᠵᠢ᠃ ᠴᠢᠩᠭᠢᠰ ᠬᠠᠭᠠᠨ ᠴᠡᠷᠢᠭ ᠲᠡᠢᠨ ᠦ᠌ ᠬᠡᠷᠡᠭ ᠲᠡᠭᠡᠨ ᠳᠠᠷᠤᠭᠳᠠᠭᠠᠳ ᠡᠮᠡᠰ ᠬᠠᠲᠤᠳ ᠤ᠋ᠨ ᠬᠡᠷᠡᠭᠦᠯ ᠵᠥᠷᠢᠴᠡᠯ ᠢ᠋ ᠦᠯᠦ ᠠᠩᠵᠠᠭᠠᠷᠠᠬᠤ ᠶ᠋ᠢᠨ ᠳᠡᠭᠡᠷ᠎ᠡ ᠭᠡᠷ ᠦ᠋ᠨ ᠳᠣᠲᠣᠷᠠᠬᠢ ᠬᠡᠷᠡᠭ ᠲᠦ᠍ ᠢᠮᠠᠭᠲᠠ ᠪᠥᠷᠲᠡ ᠶ᠋ᠢᠨ ᠦᠭᠡ ᠶ᠋ᠢ ᠳᠠᠭᠠᠬᠤ ᠲᠤᠯᠠ ᠶᠡᠷᠦ ᠰᠡᠵᠢᠭᠯᠡᠨ ᠤᠬᠠᠵᠤ ᠪᠣᠳᠣᠭᠰᠠᠨ ᠦᠭᠡᠢ ᠨᠢ ᠪᠥᠷᠲᠡ ᠶ᠋ᠢ ᠰᠠᠨᠠᠭᠰᠠᠨ ᠢ᠋ᠶ᠋ᠠᠨ ᠭᠦᠢᠴᠡᠯᠳᠦᠭᠦᠯᠦᠨ ᠬᠤᠯᠠᠨ ᠠ᠋ᠴᠠ ᠥᠰᠢᠶ᠎ᠡ ᠠᠪᠬᠤ ᠰᠠᠢᠬᠠᠨ ᠨᠥᠬᠥᠴᠡᠯ ᠢ᠋ ᠪᠦᠷᠢᠯᠳᠦᠭᠦᠯᠵᠡᠢ᠃ ᠴᠢᠩᠭᠢᠰ ᠬᠠᠭᠠᠨ ᠬᠤᠯᠠᠨ ᠢ᠋ ᠬᠥᠪᠡᠭᠦᠨ ᠲᠥᠷᠥᠭᠦᠯᠦᠭᠡ ᠦᠭᠡᠢ ᠳ᠋ᠦ᠍ ᠲᠤᠢᠯ ᠤ᠋ᠨ ᠶᠡᠬᠡ ᠪᠡᠷ ᠬᠠᠷᠠᠮᠰᠠᠭᠰᠠᠨ ᠪᠢᠯᠡ᠃ ᠪᠦᠷ ᠵᠠᠷᠢᠮ ᠰᠥᠨᠢ ᠠᠮᠢ ᠦᠭᠡᠢ ᠬᠥᠪᠡᠭᠦᠨ ᠢ᠋ᠶ᠋ᠡᠨ ᠠᠮᠢ ᠣᠷᠣᠪᠠ᠂ ᠠᠩ ᠳ᠋ᠤ᠌ ᠳᠠᠭᠠᠭᠤᠯᠵᠤ ᠶᠠᠪᠤᠪᠠ ᠭᠡᠵᠦ ᠵᠡᠭᠦᠳᠦᠯᠡᠵᠦ ᠬᠣᠨᠣᠳᠠᠭ ᠪᠠᠢᠪᠠ᠃ ᠤᠴᠢᠷ ᠨᠢ ᠲᠡᠮᠦᠵᠢᠨ ᠦ᠌ ᠠᠪᠠᠯᠢ ᠬᠠᠲᠤᠳ ᠠ᠋ᠴᠠ ᠬᠥᠪᠡᠭᠦᠨ ᠲᠥᠷᠥᠬᠦ ᠦᠭᠡᠢ ᠪᠣᠯᠤᠭᠰᠠᠭᠠᠷ ᠤᠳᠠᠵᠠᠢ᠃ ᠡᠮ᠎ᠡ ᠪᠡᠶ᠎ᠡ ᠨᠢ ᠡᠷ᠎ᠡ ᠶ᠋ᠢᠨ ᠦᠷ᠎ᠡ ᠶ᠋ᠢ ᠲᠣᠭᠲᠠᠭᠠᠬᠤ ᠦᠭᠡᠢ ᠪᠣᠯᠤᠭᠰᠠᠨ ᠳ᠋ᠤ᠌ ᠬᠤᠯᠠᠨ ᠡᠬᠢᠨ ᠦ᠌ ᠦᠶ᠎ᠡ ᠳ᠋ᠦ᠍ ᠵᠥᠪᠬᠡᠨ ᠥᠪᠡᠷ ᠢ᠋ ᠪᠡᠨ ᠪᠤᠷᠤᠭᠤᠳᠬᠠᠨ ᠰᠢᠨᠠᠯᠵᠤ ᠪᠠᠢᠭᠰᠠᠨ ᠨᠢ ᠠᠯᠭᠤᠷ ᠥᠭᠡᠷᠡᠴᠢᠯᠡᠭᠳᠡᠵᠦ ᠴᠢᠩᠭᠢᠰ ᠬᠠᠭᠠᠨ ᠤ᠋ ᠨᠠᠰᠤ ᠳᠡᠭᠡᠷ᠎ᠡ ᠭᠠᠷᠴᠤ ᠲᠠᠪᠢ ᠭᠠᠷᠤᠭᠰᠠᠨ ᠬᠣᠢᠨ᠎ᠠ ᠭᠡᠨ᠎ᠡ ᠭᠡᠨ᠎ᠡ ᠡᠷ᠎ᠡ ᠨᠥᠬᠥᠷ ᠦ᠋ᠨ ᠢ᠋ᠶ᠋ᠡᠨ ᠴᠢᠳᠠᠯ᠂ ᠴᠢᠯᠬ᠎ᠠ ᠳ᠋ᠤ᠌ ᠡᠷᠡᠭᠡᠯᠵᠡᠳᠡᠭ ᠪᠣᠯᠵᠠᠢ᠃ ᠡᠨᠡ ᠪᠣᠳᠣᠯ ᠨᠢ ᠤᠳᠠᠬᠤ ᠪᠦᠷᠢ ᠯᠠᠪᠰᠢᠷᠠᠨ ᠥᠪᠡᠷ ᠦ᠋ᠨ ᠵᠠᠯᠠᠭᠤ ᠰᠠᠢᠬᠠᠨ ᠲᠥᠷᠬᠦ ᠶ᠋ᠢ ᠦᠵᠡᠬᠦ ᠪᠦᠷᠢ ᠡᠷ᠎ᠡ ᠨᠢ ᠲᠡᠭᠦᠨ ᠢ᠋ ᠵᠢᠷᠮᠦᠰᠦᠯᠡᠭᠦᠯᠬᠦ ᠴᠢᠳᠠᠯ ᠦᠭᠡᠢ ᠮᠡᠲᠦ ᠰᠠᠨᠠᠭᠳᠠᠨ ᠪᠠᠰᠠ ᠨᠢᠭᠡ ᠵᠣᠪᠠᠯᠠᠩ ᠰᠢᠨᠠᠯᠤᠯ ᠨᠡᠮᠡᠭᠳᠡᠵᠡᠢ᠃ ᠴᠢᠩᠭᠢᠰ ᠬᠠᠭᠠᠨ ᠢᠨᠳ᠋ ᠮᠥᠷᠡᠨ ᠢ᠋ ᠤᠷᠤᠭᠤᠳᠠᠨ ᠲᠡᠢᠨ ᠬᠢᠭᠰᠡᠭᠡᠷ ᠣᠳᠤᠭᠰᠠᠨ ᠬᠣᠶᠠᠷ ᠵᠢᠯ ᠳ᠋ᠦ᠍ ᠭᠠᠭᠴᠠᠭᠠᠷ ᠭᠡᠶᠦᠷᠡᠨ ᠰᠠᠭᠤᠬᠤ ᠳ᠋ᠠᠭᠠᠨ ᠰᠡᠭᠦᠯ ᠦ᠋ᠨ ᠡᠨᠡ ᠪᠣᠳᠣᠯ ᠳ᠋ᠠᠭᠠᠨ ᠪᠦᠷ ᠪᠠᠲᠤ ᠢᠲᠡᠭᠡᠬᠦ ᠪᠣᠯᠵᠠᠢ᠃ ᠥᠭᠡᠷ᠎ᠡ ᠡᠷ᠎ᠡ ᠲᠡᠢ ᠬᠠᠪᠢᠳᠠᠵᠤ ᠥᠪᠡᠷ ᠦ᠋ᠨ ᠪᠡᠶ᠎ᠡ ᠶ᠋ᠢ ᠰᠣᠷᠢᠵᠤ ᠦᠵᠡᠮᠡᠷ ᠬᠦᠰᠡᠯ ᠣᠷᠭᠢᠯᠪᠠᠴᠤ ᠢᠩᠭᠢᠬᠦ ᠨᠢ ᠠᠮᠢ ᠨᠠᠰᠤᠨ ᠤ᠋ ᠠᠶᠤᠯ ᠲᠠᠢ ᠲᠤᠯᠠ ᠠᠷᠠᠢ ᠴᠤ᠌ ᠵᠢᠷᠦᠬᠡᠯᠡᠬᠦ ᠦᠭᠡᠢ ᠪᠠᠢᠯ᠎ᠠ᠃ ᠥᠭᠡᠷ᠎ᠡ ᠡᠷ᠎ᠡ ᠡᠴᠡ ᠵᠢᠷᠮᠦᠰᠦᠯᠡᠵᠦ ᠴᠢᠩᠭᠢᠰ ᠬᠠᠭᠠᠨ ᠢ᠋ ᠬᠠᠭᠤᠷᠬᠤ ᠨᠢ ᠳᠡᠩᠳᠡᠭᠦᠦ ᠶᠣᠰᠣ ᠪᠤᠰᠤ ᠠᠶᠤᠮᠰᠢᠭᠲᠠᠢ ᠨᠢᠭᠦᠯ ᠪᠣᠯᠤᠨ᠎ᠠ ᠭᠡᠵᠦ ᠬᠤᠯᠠᠨ ᠪᠣᠳᠣᠨ᠎ᠠ᠃ ᠭᠡᠪᠡᠴᠦ ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠷᠯᠡᠵᠦ ᠡᠬᠡ ᠪᠣᠯᠬᠤ ᠬᠦᠰᠡᠯ ᠨᠢ ᠡᠳᠦᠷ ᠰᠥᠨᠢ ᠦᠭᠡᠢ ᠵᠣᠪᠠᠭᠠᠨ ᠲᠠᠷᠴᠢᠯᠠᠭᠠᠬᠤ ᠠᠵᠢ᠃
ᠶᠠᠭ ᠢᠩᠭᠢᠵᠦ ᠵᠣᠪᠠᠵᠤ ᠲᠠᠷᠴᠢᠯᠠᠨ ᠦᠵᠡᠮᠵᠢᠲᠦ ᠦᠷᠭᠦᠭᠡᠨ ᠳ᠋ᠦ᠍ ᠬᠣᠷᠢᠭᠳᠠᠭᠰᠠᠨ ᠶᠠᠯᠠᠲᠠᠨ ᠰᠢᠭ᠋ ᠡᠳᠦᠷ ᠥᠩᠭᠡᠷᠡᠭᠡᠵᠦ ᠪᠠᠢᠬᠤ ᠲᠡᠷᠡ ᠵᠤᠨ ᠡᠨᠡᠳᠬᠡᠭ ᠦ᠋ᠨ ᠠᠭᠠᠭᠢᠮ᠎ᠠ ᠬᠠᠯᠠᠭᠤᠨ ᠠ᠋ᠴᠠ ᠵᠢᠭᠤᠲᠠᠭᠰᠠᠨ ᠮᠣᠩᠭᠣᠯ ᠤ᠋ᠨ ᠴᠡᠷᠢᠭ ᠦ᠋ᠨ ᠲᠦᠷᠦᠭᠦᠴᠢ ᠬᠠᠲᠤᠨ ᠪᠠᠯᠭᠠᠰᠤ ᠶ᠋ᠢᠨ ᠣᠢᠷ᠎ᠠ ᠳ᠋ᠤ᠌ ᠪᠤᠴᠠᠵᠤ ᠢᠷᠡᠭᠰᠡᠨ ᠨᠢ ᠥᠭᠡᠳᠡᠢ ᠶ᠋ᠢᠨ ᠴᠡᠷᠢᠭ ᠪᠠᠢᠯ᠎ᠠ᠃ ᠲᠡᠭᠦᠨ ᠦ᠌ ᠠᠷᠤ ᠠ᠋ᠴᠠ ᠮᠣᠩᠭᠣᠯ ᠤ᠋ᠨ ᠪᠦᠬᠦ ᠴᠡᠷᠢᠭ ᠴᠤᠪᠤᠷᠠᠨ ᠢᠷᠡᠵᠦ ᠶᠠᠪᠤᠭ᠎ᠠ ᠠᠵᠢ᠃ ᠥᠭᠡᠳᠡᠢ ᠠᠮᠦ᠋ ᠳ᠋ᠠᠷᠢᠶᠠ ᠮᠥᠷᠡᠨ ᠦ᠌ ᠡᠷᠭᠢ ᠳ᠋ᠦ᠍ ᠴᠡᠷᠢᠭ ᠢ᠋ᠶ᠋ᠡᠨ ᠠᠮᠠᠷᠠᠭᠠᠬᠤ ᠪᠠᠷ ᠪᠠᠢᠷᠢᠯᠠᠭᠤᠯᠤᠭᠠᠳ ᠬᠣᠶᠠᠷ ᠬᠣᠨᠣᠭᠰᠠᠨ ᠤ᠋ ᠬᠣᠢᠨ᠎ᠠ ᠲᠡᠢᠨ ᠦ᠌ ᠣᠯᠵᠠᠨ ᠠ᠋ᠴᠠ ᠣᠯᠠᠨ ᠲᠣᠭᠠᠨ ᠤ᠋ ᠦᠨᠡᠲᠦ ᠪᠡᠯᠡᠭ ᠢ᠋ ᠠᠪᠴᠤ ᠬᠤᠯᠠᠨ ᠬᠠᠲᠤᠨ ᠳ᠋ᠤ᠌ ᠪᠠᠷᠠᠯᠬᠠᠪᠠ᠃ ᠴᠢᠩᠭᠢᠰ ᠬᠠᠭᠠᠨ ᠤ᠋ ᠡᠵᠡᠭᠦᠢ ᠳ᠋ᠦ᠍ ᠥᠭᠡᠳᠡᠢ ᠶ᠋ᠢᠨ ᠢᠩᠭᠢᠵᠦ ᠪᠠᠷᠠᠯᠬᠠᠭᠰᠠᠨ ᠨᠢ ᠬᠤᠯᠠᠨ ᠳ᠋ᠤ᠌ ᠥᠪᠡᠷ ᠦ᠋ᠨ ᠨᠢᠭᠤᠴᠠ ᠬᠦᠰᠡᠯ ᠢ᠋ ᠪᠡᠶᠡᠯᠡᠭᠦᠯᠬᠦ ᠰᠠᠢᠬᠠᠨ ᠪᠣᠯᠤᠮᠵᠢ ᠢᠷᠡᠪᠡ ᠭᠡᠵᠦ ᠲᠡᠷᠡ ᠰᠡᠭᠦᠯ ᠦ᠋ᠨ ᠬᠡᠳᠦᠨ ᠵᠢᠯ ᠪᠠᠶᠠᠷᠯᠠᠭ᠎ᠠ ᠦᠭᠡᠢ ᠪᠡᠷ ᠪᠠᠶᠠᠷᠯᠠᠵᠤ ᠥᠭᠡᠳᠡᠢ ᠳ᠋ᠦ᠍ ᠥᠪᠡᠷ ᠦ᠋ᠨ ᠰᠠᠨᠠᠵᠤ ᠪᠣᠳᠣᠭᠰᠠᠨ ᠢ᠋ ᠢᠴᠢᠵᠦ ᠡᠷᠢᠶᠡᠯᠡᠯ ᠦᠭᠡᠢ ᠬᠡᠯᠡᠬᠦ ᠪᠡᠷ ᠰᠢᠢᠳᠴᠡᠢ᠃ ᠥᠭᠡᠳᠡᠢ ᠲᠡᠭᠦᠨ ᠳ᠋ᠦ᠍ ᠳᠤᠷ᠎ᠠ ᠦᠭᠡᠢ᠂ ᠪᠠᠰᠠ ᠳᠡᠭᠡᠷ᠎ᠡ ᠨᠢ ᠲᠡᠭᠦᠨ ᠦ᠌ ᠦᠭᠡ ᠶ᠋ᠢ ᠰᠣᠨᠣᠰᠤᠭᠠᠳ ᠬᠡᠷᠬᠢᠬᠦ ᠶ᠋ᠢ ᠳᠠᠭᠠᠬᠤ ᠦᠭᠡᠢ ᠴᠦ᠍ ᠬᠤᠯᠠᠨ ᠳ᠋ᠤ᠌ ᠵᠣᠷᠢᠭᠰᠠᠨ ᠰᠠᠨᠠᠭᠠᠨ ᠠ᠋ᠴᠠ ᠤᠬᠤᠷᠢᠬᠤ ᠬᠦᠰᠡᠯ ᠦᠭᠡᠢ ᠪᠠᠢᠪᠠ᠃ ᠤᠳᠠᠬᠤ ᠦᠭᠡᠢ ᠶᠡᠬᠡ ᠬᠠᠭᠠᠨ ᠤ᠋ ᠰᠠᠭᠤᠷᠢᠨ ᠳ᠋ᠤ᠌ ᠴᠢᠩᠭᠢᠰ ᠬᠠᠭᠠᠨ ᠡᠴᠢᠭᠡ ᠪᠡᠨ ᠵᠠᠯᠭᠠᠨ ᠰᠠᠭᠤᠬᠤ ᠥᠭᠡᠳᠡᠢ ᠲᠡᠢ ᠢᠩᠭᠢᠵᠦ ᠬᠣᠶᠠᠷ ᠪᠡᠶ᠎ᠡ ᠪᠡᠷ ᠲᠤᠬᠠᠲᠠᠢ ᠠᠭᠤᠯᠵᠠᠬᠤ ᠤᠴᠠᠷᠠᠯ ᠳᠠᠬᠢᠨ ᠲᠣᠬᠢᠶᠠᠬᠤ ᠦᠭᠡᠢ ᠭᠡᠵᠦ ᠬᠤᠯᠠᠨ ᠠᠶᠤᠵᠠᠢ᠃ ᠬᠠᠷᠢᠨ ᠥᠭᠡᠳᠡᠢ᠂ ᠬᠠᠭᠠᠨ ᠡᠴᠢᠭᠡ ᠶ᠋ᠢᠨ ᠢ᠋ᠶ᠋ᠡᠨ ᠬᠠᠲᠤᠨ ᠤᠴᠢᠷ ᠶᠣᠰᠣ ᠶ᠋ᠢ ᠳᠠᠭᠠᠨ ᠢᠷᠡᠭᠰᠡᠨ ᠲᠡᠳᠦᠢ ᠶᠦᠮ᠃ ᠥᠭᠡᠳᠡᠢ ᠲᠡᠢ ᠡᠢᠨ ᠤᠴᠠᠷᠠᠭᠤᠯᠤᠭᠰᠠᠨ ᠨᠢ ᠠᠩᠬ᠎ᠠ ᠲᠡᠮᠦᠵᠢᠨ ᠦ᠌ ᠠᠰᠠᠷ ᠲᠤ᠌ ᠣᠴᠢᠭᠰᠠᠨ ᠲᠠᠢ ᠤᠳᠬ᠎ᠠ ᠨᠢᠭᠡᠨ ᠰᠠᠨᠠᠭᠳᠠᠭᠠᠳ ᠬᠤᠯᠠᠨ ᠡᠷᠭᠢᠯᠲᠡ ᠦᠭᠡᠢ ᠵᠣᠷᠢᠭᠵᠢᠵᠠᠢ᠃ ᠲᠡᠳᠡ ᠬᠤᠯᠠᠨ ᠤ᠋ ᠰᠡᠷᠢᠭᠦᠨ ᠦᠷᠭᠦᠭᠡᠨ ᠳ᠋ᠦ᠍ ᠰᠥᠨᠢ ᠳᠦᠯᠢ ᠪᠣᠯᠲᠠᠯ᠎ᠠ ᠶᠠᠷᠢᠯᠴᠠᠵᠤ᠂ ᠪᠤᠬᠠᠷ ᠳᠠᠷᠠᠰᠤ ᠰᠢᠮᠡᠵᠦ᠂ ᠦᠷ ᠢ᠋ᠶ᠋ᠡᠷ ᠥᠭᠡᠳᠡᠢ ᠪᠤᠴᠠᠵᠠᠢ᠃ ᠡᠭᠦᠨ ᠡᠴᠡ ᠰᠠᠷ᠎ᠠ ᠬᠠᠭᠠᠰ ᠤ᠋ᠨ ᠳᠠᠷᠠᠭ᠎ᠠ ᠴᠢᠩᠭᠢᠰ ᠬᠠᠭᠠᠨ ᠬᠠᠲᠤᠨ ᠪᠠᠯᠭᠠᠰᠤᠨ ᠳ᠋ᠤ᠌ ᠪᠤᠴᠠᠵᠤ ᠢᠷᠡᠬᠦ ᠳ᠋ᠦ᠍ ᠬᠤᠯᠠᠨ ᠡᠪᠡᠳᠴᠢᠨ ᠲᠣᠰᠤᠭᠠᠳ ᠬᠡᠪᠲᠡᠷᠢ ᠳ᠋ᠦ᠍ ᠣᠷᠣᠭᠰᠠᠨ ᠪᠠᠢᠯ᠎ᠠ᠃ ᠳᠠᠭᠤ ᠨᠢ ᠴᠠᠭᠠᠰᠢ ᠣᠷᠣᠵᠤ᠂ ᠲᠤᠷᠠᠵᠤ ᠡᠴᠡᠭᠰᠡᠨ ᠬᠠᠲᠤᠨ ᠢ᠋ᠶ᠋ᠠᠨ ᠴᠢᠩᠭᠢᠰ ᠬᠠᠭᠠᠨ ᠪᠠᠷᠤᠭ ᠲᠠᠨᠢᠭᠰᠠᠨ ᠦᠭᠡᠢ᠃ ᠬᠠᠷᠠᠴᠠ ᠠ᠋ᠴᠠ ᠨᠢ ᠭᠡᠷᠡᠯ ᠰᠠᠴᠤᠷᠠᠵᠤ᠂ ᠣᠮᠣᠭ ᠵᠣᠷᠢᠭ ᠢᠯᠡᠷᠡᠨ ᠪᠠᠢᠳᠠᠭ ᠬᠤᠯᠠᠨ ᠣᠳᠣ ᠥᠳᠥ ᠰᠢᠭ ᠰᠡᠢᠮᠡᠢᠵᠦ᠂ ᠦᠷᠦ ᠡᠪᠡᠳᠦᠮᠡᠷ ᠶᠠᠰᠤ ᠠᠷᠠᠰᠤ ᠪᠣᠯᠵᠠᠢ᠃ ᠴᠢᠩᠭᠢᠰ ᠬᠠᠭᠠᠨ ᠮᠡᠷᠭᠡᠴᠢ ᠲᠥᠯᠭᠡᠴᠢ ᠪᠥᠬᠡ ᠨᠠᠷ ᠢ᠋ᠶ᠋ᠠᠨ ᠴᠤᠭᠯᠠᠭᠤᠯᠵᠤ ᠳᠠᠷᠤᠢ ᠬᠤᠯᠠᠨ ᠬᠠᠲᠤᠨ ᠢ᠋ᠶ᠋ᠠᠨ ᠠᠪᠤᠷᠠᠬᠤ ᠶ᠋ᠢ ᠲᠤᠰᠢᠶᠠᠪᠠ᠃ ᠲᠡᠳᠡ ᠦᠵᠡᠵᠦ ᠮᠡᠷᠭᠡᠯᠡᠭᠰᠡᠨ ᠦ᠌ ᠡᠴᠦᠰ ᠲᠦ᠍ ᠨᠢᠭᠡ ᠯᠡ ᠵᠦᠢᠯ ᠢ᠋ ᠰᠠᠨᠠᠯ ᠨᠢᠭᠡᠳᠬᠡᠨ ᠢᠯᠡᠳᠬᠡᠭᠰᠡᠨ ᠨᠢ ᠬᠤᠯᠠᠨ ᠬᠠᠲᠤᠨ ᠬᠥᠮᠦᠨ ᠦ᠌ ᠨᠤᠲᠤᠭ ᠤᠰᠤᠨ ᠤ᠋ ᠰᠠᠬᠢᠭᠤᠰᠤᠨ ᠤ᠋ ᠬᠣᠣᠷᠯᠠᠯ ᠪᠣᠯᠤᠭᠰᠠᠨ ᠪᠠᠢᠪᠠ᠃ ᠲᠡᠭᠡᠭᠡᠳ ᠭᠤᠴᠢᠨ ᠥᠬᠢᠨ᠂ ᠭᠤᠴᠢᠨ ᠬᠥᠪᠡᠭᠦᠨ ᠢ᠋ᠶ᠋ᠡᠷ ᠳᠠᠢᠯᠭ᠎ᠠ ᠬᠢᠬᠦ ᠶ᠋ᠢ ᠵᠥᠪᠯᠡᠵᠡᠢ᠃ ᠭᠡᠪᠡᠴᠦ ᠫᠧᠷᠰ ᠭᠠᠷᠤᠯ ᠤ᠋ᠨ ᠭᠤᠴᠢᠨ ᠥᠬᠢᠨ᠂ ᠭᠤᠴᠢᠨ ᠬᠥᠪᠡᠭᠦᠨ ᠢ᠋ ᠠᠯᠠᠵᠤ ᠲᠠᠬᠢᠬᠰᠠᠨ ᠴᠤ᠌ ᠬᠤᠯᠠᠨ ᠢᠯᠠᠷᠢᠰᠢᠵᠤ ᠡᠳᠡᠭᠡᠭᠰᠡᠨ ᠦᠭᠡᠢ᠃ ᠴᠢᠩᠭᠢᠰ ᠬᠠᠭᠠᠨ ᠢ᠋ ᠢᠷᠡᠭᠰᠡᠨ ᠡᠴᠡ ᠬᠣᠢᠰᠢ ᠶᠠᠭ ᠶᠢᠰᠦ ᠳ᠋ᠡᠬᠢ ᠬᠣᠨᠣᠭ ᠤ᠋ᠨ ᠦᠷ ᠢ᠋ᠶ᠋ᠡᠷ ᠠᠮᠢᠰᠬᠤᠯ ᠬᠤᠷᠢᠶᠠᠪᠠ᠃ ᠴᠢᠩᠭᠢᠰ ᠬᠠᠭᠠᠨ ᠡᠬᠡ ᠶ᠋ᠢ ᠪᠡᠨ ᠥᠩᠭᠡᠷᠡᠭᠰᠡᠨ ᠡᠴᠡ ᠴᠦ᠍ ᠢᠯᠡᠭᠦᠦ ᠡᠮᠭᠡᠨᠢᠨ ᠭᠠᠰᠢᠭᠤᠳᠠᠵᠤ ᠶᠡᠬᠡ ᠰᠠᠬᠠᠯ ᠢ᠋ᠶ᠋ᠠᠨ ᠤᠰᠤ ᠪᠣᠯᠲᠠᠯ᠎ᠠ ᠤᠬᠢᠯᠠᠬᠤ ᠶ᠋ᠢ ᠦᠵᠡᠭᠰᠡᠨ ᠬᠥᠪᠡᠭᠦᠳ ᠰᠢᠳᠠᠷ ᠤ᠋ᠳ ᠤ᠋ᠨ ᠡᠯᠢᠭᠡ ᠡᠮᠲᠡᠷᠡᠵᠦ ᠭᠠᠰᠢᠭᠤᠳᠠᠯ ᠲᠠᠢᠯᠬᠤ ᠶᠠᠮᠠᠷ ᠵᠠᠷᠯᠢᠭ ᠪᠠᠭᠤᠯᠭᠠᠬᠤ ᠶ᠋ᠢ ᠲᠦᠭᠰᠢᠨ ᠬᠦᠯᠢᠶᠡᠵᠦ ᠪᠠᠢᠪᠠ᠃
| ᠴᠢᠩᠭᠢᠰ ᠬᠠᠭᠠᠨ᠃ ᠪᠢ ᠲᠠᠨ ᠳ᠋ᠤ᠌ ᠳᠡᠮᠡᠢ ᠢᠷᠡᠵᠡᠢ᠃ ᠳ᠋ᠠᠢᠷ ᠤᠰᠤᠨ ᠡᠴᠢᠭᠡ ᠶ᠋ᠢ ᠪᠡᠨ ᠴᠦ᠍ ᠳᠡᠮᠡᠢ ᠠᠯᠠᠭᠤᠯᠵᠠᠢ᠃ ᠮᠡᠷᠭᠢᠳ ᠬᠥᠮᠦᠨ ᠦ᠌ ᠠᠳᠠᠯᠢ ᠲᠠᠨ ᠤ᠋ ᠴᠡᠷᠢᠭ ᠦ᠋ᠨ ᠰᠤᠮᠤᠨ ᠳ᠋ᠤ᠌ ᠦᠬᠦᠬᠦ ᠶᠣᠰᠣᠲᠠᠢ ᠪᠠᠢᠵᠠᠢ᠃ ᠪᠢ ᠥᠪᠡᠷ ᠢ᠋ ᠪᠡᠨ᠂ ᠪᠠᠰᠠ ᠲᠠᠨ ᠢ᠋ ᠵᠣᠪᠠᠭᠠᠯ᠎ᠠ᠃ ᠦᠷ᠎ᠡ ᠶ᠋ᠢ ᠲᠠᠨᠢ ᠲᠥᠷᠥᠭᠦᠯᠵᠦ᠂ ᠡᠪᠦᠳᠦᠭ ᠢ᠋ ᠲᠠᠨᠢ ᠲᠦᠰᠢᠭᠦᠯᠵᠦ ᠴᠢᠳᠠᠭᠰᠠᠨ ᠦᠭᠡᠢ᠃ ᠪᠥᠷᠲᠡ ᠬᠠᠲᠤᠨ ᠤ᠋ ᠬᠡᠯᠡᠭᠰᠡᠨ ᠢ᠋ᠶ᠋ᠡᠷ ᠪᠢ ᠮᠡᠷᠭᠢᠳ ᠬᠥᠮᠦᠨ ᠲᠤᠯᠠ ᠲᠩᠷᠢ ᠯᠠᠪ ᠳᠠᠭᠠᠯᠠᠭᠰᠠᠨ ᠦᠭᠡᠢ ᠪᠢᠵᠡ᠃ ᠡᠨᠡ ᠨᠠᠰᠤᠨ ᠳ᠋ᠤ᠌ ᠵᠠᠶᠠᠭᠠᠭᠰᠠᠨ ᠴᠣᠷ ᠤ᠋ᠨ ᠭᠠᠭᠴᠠ ᠡᠷ᠎ᠡ ᠮᠢᠨᠢ ᠴᠢᠩᠭᠢᠰ ᠬᠠᠭᠠᠨ ᠲᠠ ᠪᠠᠢᠪᠠ᠃ ᠪᠢ ᠶᠡᠬᠡ ᠨᠡᠷ᠎ᠡ ᠶ᠋ᠢ ᠴᠢᠨᠢ ᠬᠤᠭᠤᠯᠵᠤ᠂ ᠡᠷᠬᠢᠮ ᠪᠡᠶ᠎ᠡ ᠶ᠋ᠢ ᠴᠢᠨᠢ ᠬᠠᠭᠤᠷᠤᠭᠰᠠᠨ ᠦᠭᠡᠢ᠃ ᠢᠩᠭᠢᠵᠦ ᠦᠬᠦᠬᠦ ᠨᠢ ᠮᠢᠨᠦ ᠮᠠᠭᠤ ᠶ᠋ᠢᠨ ᠬᠢ ᠪᠣᠯᠤᠯ᠎ᠠ ᠭᠡᠵᠦ ᠰᠢᠪᠡᠨᠡᠭᠰᠡᠨ ᠨᠢ ᠬᠤᠯᠠᠨ ᠬᠠᠲᠤᠨ ᠤ᠋ ᠰᠡᠭᠦᠯᠴᠢ ᠶ᠋ᠢᠨ ᠦᠭᠡ ᠪᠠᠢᠵᠠᠢ᠃
ᠬᠤᠯᠠᠨ ᠬᠠᠲᠤᠨ ᠤ᠋ ᠪᠠᠶᠠᠨ ᠠ᠋ᠴᠠ ᠰᠦᠨᠡᠰᠦ ᠨᠢ ᠵᠠᠢᠯᠠᠨ ᠳᠡᠭᠡᠭᠰᠢ ᠨᠢᠰᠦᠨ ᠣᠳᠬᠤ ᠶ᠋ᠢ ᠴᠢᠩᠭᠢᠰ ᠬᠠᠭᠠᠨ ᠣᠯᠵᠤ ᠬᠠᠷᠠᠵᠠᠢ᠃ ᠬᠤᠯᠠᠨ ᠭᠡᠭᠴᠢ ᠡᠨᠡ ᠤᠷᠢᠬᠠᠨ ᠵᠠᠩᠲᠠᠢ᠂ ᠲᠤᠷᠢᠬᠠᠨ ᠪᠡᠶ᠎ᠡ ᠲᠡᠢ ᠴᠦ᠍ ᠵᠣᠷᠢᠭ ᠰᠥᠰᠥ᠂ ᠰᠠᠨᠠᠭ᠎ᠠ ᠵᠣᠷᠢᠯᠭ᠎ᠠ ᠶᠡᠬᠡ ᠬᠠᠲᠤᠨ ᠳ᠋ᠠᠭᠠᠨ ᠶᠠᠮᠠᠷ ᠶᠡᠬᠡ ᠬᠠᠢᠷᠠᠲᠠᠢ ᠪᠠᠢᠭᠰᠠᠨ ᠢ᠋ᠶ᠋ᠠᠨ ᠴᠢᠩᠭᠢᠰ ᠬᠠᠭᠠᠨ ᠰᠠᠶᠢ ᠰᠦᠨᠡᠰᠦᠨ ᠡᠴᠡ ᠬᠠᠭᠠᠴᠠᠭᠰᠠᠨ ᠬᠦᠢᠲᠡᠨ ᠴᠣᠭᠴᠠᠰ ᠢ᠋ ᠨᠢ ᠲᠡᠪᠡᠷᠢᠵᠦ ᠰᠠᠭᠤᠬᠤ ᠳ᠋ᠠᠭᠠᠨ ᠯᠠ ᠣᠢᠯᠠᠭᠠᠪᠠ᠃ ᠠᠮᠢᠳᠤᠷᠠᠯ ᠭᠡᠳᠡᠭ ᠵᠥᠪᠬᠡᠨ ᠭᠠᠭᠴᠠ ᠲᠡᠢᠨ ᠳᠣᠯᠣᠭᠠᠨ᠂ ᠣᠯᠵᠠ ᠢᠯᠠᠯᠲᠠ ᠪᠢᠰᠢ ᠪᠣᠯᠬᠤ ᠶ᠋ᠢ ᠮᠡᠳᠡᠷᠡᠵᠡᠢ᠃ ᠲᠡᠭᠦᠨ ᠦ᠌ ᠰᠡᠳᠬᠢᠯ ᠦ᠋ᠨ ᠲᠠᠯ᠎ᠠ ᠶ᠋ᠢ ᠡᠨᠡ ᠪᠦᠰᠡᠭᠦᠢ ᠡᠵᠡᠯᠡᠵᠦ ᠪᠠᠢᠵᠠᠢ᠃ ᠪᠡᠶ᠎ᠡ ᠰᠡᠳᠬᠢᠯ ᠨᠢ ᠡᠪᠦᠭᠡᠷᠡᠭᠰᠡᠨ ᠦ᠌ ᠳᠡᠭᠡᠷ᠎ᠡ᠂ ᠣᠳᠣ ᠰᠡᠳᠬᠢᠯ ᠨᠢ ᠬᠣᠭᠣᠰᠣᠷᠠᠨ ᠡᠵᠡᠭᠦᠢᠷᠡᠬᠦ ᠶ᠋ᠢ ᠮᠡᠳᠡᠷᠡᠪᠡ᠃ ᠡᠨᠡ ᠤᠳᠠᠭ᠎ᠠ ᠳ᠋ᠤ᠌ ᠦᠰ ᠬᠣᠨᠵᠢᠩ ᠪᠢᠰᠢ ᠭᠠᠰᠢᠭᠤᠳᠠᠯ᠂ ᠬᠠᠷᠠᠮᠰᠠᠯ ᠲᠥᠷᠥᠵᠦ ᠦᠬᠦᠯ ᠦ᠋ᠨ ᠡᠮᠦᠨ᠎ᠡ ᠬᠦᠴᠦ ᠦᠭᠡᠢᠳᠡᠨ ᠮᠡᠬᠦᠰᠳᠡᠬᠦ ᠶ᠋ᠢᠨ ᠵᠣᠪᠠᠯᠠᠩ ᠢ᠋ ᠡᠳ᠋ᠯᠡᠵᠦ ᠪᠠᠢᠯ᠎ᠠ᠃ ᠦᠬᠦᠯ ᠦ᠋ᠨ ᠡᠮᠦᠨ᠎ᠡ ᠴᠢᠩᠭᠢᠰ ᠬᠠᠭᠠᠨ ᠤ᠋ ᠨᠡᠷ᠎ᠡ ᠰᠦᠷ᠂ ᠬᠦᠴᠦ ᠴᠢᠳᠠᠯ᠂ ᠬᠥᠷᠥᠩᠭᠡ ᠵᠣᠭᠣᠷᠢ᠂ ᠶᠡᠬᠡ ᠴᠡᠷᠢᠭ ᠡᠨᠡ ᠪᠦᠭᠦᠳᠡ ᠬᠤᠮᠠᠬᠢ ᠶ᠋ᠢᠨ ᠲᠣᠭᠣᠰᠣ ᠵᠠᠮᠬᠠᠷᠠᠬᠤ ᠯᠤᠭ᠎ᠠ ᠠᠳᠠᠯᠢ ᠶᠠᠭᠤ ᠴᠤ᠌ ᠪᠢᠰᠢ ᠪᠣᠯᠬᠤ ᠶ᠋ᠢ ᠦᠵᠡᠪᠡ᠃ ᠥᠭᠡᠯᠦᠨ ᠡᠬᠡ ᠪᠣᠯᠤᠭᠠᠳ ᠰᠠᠢᠨ ᠨᠥᠬᠥᠳ ᠦ᠋ᠨ ᠢ᠋ᠶ᠋ᠡᠨ ᠦᠬᠦᠯ ᠢ᠋ ᠶᠣᠰᠣᠲᠠᠢ ᠶᠤᠮ ᠰᠢᠭ᠋ ᠠᠨᠳᠠᠭᠤ ᠰᠠᠨᠠᠵᠤ ᠶᠠᠪᠤᠵᠠᠢ᠃ ᠭᠡᠲᠡᠯ᠎ᠡ ᠲᠡᠳᠡᠨ ᠢ᠋ ᠦᠬᠦᠯ ᠭᠡᠭᠴᠢ ᠲᠡᠷᠡ ᠠᠶᠤᠮᠰᠢᠭᠲᠤ ᠬᠦᠴᠦ ᠶᠠᠭ ᠬᠤᠯᠠᠨ ᠤ᠋ ᠠᠳᠠᠯᠢ ᠲᠡᠭᠦᠨ ᠡᠴᠡ ᠪᠤᠯᠢᠶᠠᠨ ᠠᠪᠤᠭᠰᠠᠨ ᠢ᠋ ᠣᠢᠯᠠᠭᠠᠪᠠ᠃ ᠪᠠᠰᠠ ᠲᠡᠷᠡ ᠦᠬᠦᠯ ᠥᠪᠡᠷ ᠲᠤᠨᠢ ᠴᠦ᠍ ᠣᠢᠷᠠᠬᠠᠨ ᠰᠠᠭᠤᠵᠤ᠂ ᠰᠡᠭᠦᠳᠡᠷ ᠨᠢ ᠶᠠᠭᠤ ᠶᠠᠭᠤ ᠦᠭᠡᠢ ᠲᠣᠯᠣᠭᠠᠢ ᠳᠡᠭᠡᠷ᠎ᠡ ᠨᠢ ᠲᠤᠰᠬᠤ ᠶ᠋ᠢ ᠮᠡᠳᠡᠩᠭᠦᠲᠡ ᠴᠢᠩᠭᠢᠰ ᠬᠠᠭᠠᠨ ᠬᠠᠲᠤᠨ ᠪᠠᠯᠭᠠᠰᠤᠨ ᠠ᠋ᠴᠠ ᠳᠠᠷᠤᠢ ᠵᠢᠭᠤᠲᠠᠨ ᠭᠠᠷᠴᠤ ᠰᠧᠢᠢᠷ ᠳ᠋ᠠᠷᠢᠶᠠ ᠮᠥᠷᠡᠨ ᠦ᠌ ᠶᠡᠬᠡ ᠤᠰᠤ ᠶ᠋ᠢ ᠬᠠᠷᠠᠵᠤ ᠪᠠᠢᠵᠤ ᠰᠠᠶᠢ ᠯᠠ ᠤᠬᠠᠭᠠᠨ ᠣᠷᠣᠵᠠᠢ᠃ ᠦᠬᠦᠯ ᠠᠰᠢᠭᠦᠢ ᠲᠡᠭᠦᠨ ᠢ᠋ ᠬᠥᠭᠡᠭᠡᠯ ᠦᠭᠡᠢ ᠠᠷᠤ ᠳ᠋ᠤ᠌ ᠬᠣᠴᠣᠷᠴᠠᠢ᠃ ᠳᠠᠪ ᠲᠩᠷᠢ ᠣᠳᠣ ᠳᠡᠷᠭᠡᠳᠡ ᠪᠠᠢᠭᠰᠠᠨ ᠪᠣᠯᠤᠭᠠᠰᠠᠢ ᠭᠡᠵᠦ ᠴᠢᠩᠭᠢᠰ ᠬᠠᠭᠠᠨ ᠬᠠᠷᠠᠮᠰᠠᠨ ᠪᠣᠳᠣᠵᠠᠢ᠃ ᠭᠡᠪᠡᠴᠦ ᠥᠩᠭᠡᠷᠡᠵᠦ ᠣᠳᠤᠭᠰᠠᠨ ᠴᠠᠭ ᠬᠤᠭᠤᠴᠠᠭ᠎ᠠ ᠶ᠋ᠢ ᠬᠡᠨ ᠴᠦ᠍ ᠡᠷᠭᠢᠭᠦᠯᠦᠨ ᠠᠪᠴᠢᠷᠠᠵᠤ ᠴᠢᠳᠠᠬᠤ ᠦᠭᠡᠢ ᠠᠵᠢ᠃
ᠴᠢᠩᠭᠢᠰ ᠬᠠᠭᠠᠨ ᠶᠠᠮᠠᠷ ᠵᠠᠷᠯᠢᠭ ᠪᠠᠭᠤᠯᠭᠠᠬᠤ ᠶ᠋ᠢ ᠬᠦᠯᠢᠶᠡᠵᠦ ᠭᠤᠷᠪᠠ ᠬᠣᠨᠣᠪᠠ᠃ ᠪᠤᠭᠤᠷᠴᠢ ᠨᠠᠷ ᠵᠥᠪᠯᠡᠯᠳᠦᠭᠡᠳ ᠬᠤᠯᠠᠨ ᠬᠠᠲᠤᠨ ᠤ᠋ ᠱᠠᠷᠢᠯ ᠢ᠋ ᠬᠡᠷᠦᠯᠦᠨ ᠦ᠌ ᠬᠥᠳᠡᠭᠡ ᠠᠷᠠᠯ᠂ ᠶᠡᠬᠡᠰ ᠦ᠋ᠨ ᠲᠠᠯᠪᠢᠳᠠᠭ ᠶᠡᠬᠡ ᠦᠲᠦᠭ ᠲᠦ᠍ ᠬᠦᠷᠭᠡᠬᠦ ᠪᠡᠷ ᠪᠡᠯᠡᠳᠴᠦ ᠪᠠᠢᠵᠠᠢ᠃ ᠪᠠᠰᠠ ᠴᠡᠷᠢᠭ ᠦ᠋ᠨ ᠲᠤᠭ ᠢ᠋ ᠪᠠᠭᠤᠯᠭᠠᠵᠤ ᠶᠡᠬᠡ ᠭᠠᠰᠢᠭᠤᠳᠠᠯ ᠵᠠᠷᠯᠠᠪᠠ᠃ ᠴᠢᠩᠭᠢᠰ ᠬᠠᠭᠠᠨ ᠭᠤᠷᠪᠠ ᠬᠣᠨᠣᠭ ᠬᠡᠨ ᠲᠡᠢ ᠴᠦ᠍ ᠠᠭᠤᠯᠵᠠᠯ ᠦᠭᠡᠢ ᠦᠷᠭᠦᠭᠡᠨ ᠳ᠋ᠡᠭᠡᠨ ᠪᠦᠭᠭᠦᠭᠰᠡᠨ ᠦ᠌ ᠡᠴᠦᠰ ᠲᠦ᠍ ᠪᠤᠭᠤᠷᠴᠢ ᠰᠢᠭᠢᠬᠤᠲᠤᠭ ᠬᠣᠶᠠᠷ ᠢ᠋ ᠳᠠᠭᠤᠳᠠᠪᠠ᠃ ᠣᠷᠣᠪᠠᠯ ᠴᠢᠩᠭᠢᠰ ᠬᠠᠭᠠᠨ ᠬᠠᠯᠠᠮᠴᠠᠭᠤ᠂ ᠪᠦᠰᠡ ᠦᠭᠡᠢ ᠨᠥᠮᠥᠭᠡᠨ᠂ ᠣᠷᠣᠨ ᠳᠡᠭᠡᠷ᠎ᠡ ᠪᠡᠨ ᠬᠠᠭᠠᠰ ᠬᠡᠪᠲᠡᠵᠦ ᠪᠠᠢᠯ᠎ᠠ᠃ ᠴᠢᠩᠭᠢᠰ ᠬᠠᠭᠠᠨ ᠶᠠᠭᠤ ᠭᠡᠵᠦ ᠵᠠᠷᠯᠢᠭ ᠪᠠᠭᠤᠯᠭᠠᠬᠤ ᠶ᠋ᠢ ᠲᠡᠳᠡ ᠬᠦᠯᠢᠴᠡᠩᠭᠦᠢ ᠬᠦᠯᠢᠶᠡᠪᠡ᠃ ᠲᠡᠳᠡᠨ ᠦ᠌ ᠬᠡᠨ ᠨᠢ ᠴᠦ᠍ ᠵᠣᠷᠢᠭᠯᠠᠨ ᠳᠠᠭᠤ ᠭᠠᠷᠤᠭᠰᠠᠨ ᠦᠭᠡᠢ᠃ ᠶᠠᠮᠠᠷ ᠴᠤ᠌ ᠦᠶ᠎ᠡ ᠳ᠋ᠦ᠍ ᠦᠭᠡ ᠬᠡᠯᠡᠬᠦ ᠳᠠᠷᠬᠠᠨ ᠡᠷᠬᠡ ᠲᠡᠢ ᠪᠤᠭᠤᠷᠴᠢ ᠬᠦᠷᠲᠡᠯ᠎ᠡ ᠵᠢᠷᠦᠬᠡᠯᠡᠨ ᠠᠮᠠ ᠨᠡᠭᠡᠭᠡᠭᠰᠡᠨ ᠦᠭᠡᠢ᠃ ᠦᠷᠭᠦᠭᠡᠨ ᠳ᠋ᠦ᠍ ᠨᠠᠮ ᠭᠦᠮ᠂ ᠴᠢᠩᠭᠢᠰ ᠬᠠᠭᠠᠨ ᠢ᠋ ᠬᠠᠯᠠᠮᠴᠠᠭᠤ ᠪᠠᠢᠬᠤ ᠳ᠋ᠤ᠌ ᠡᠯᠳᠡᠪ ᠦᠭᠡ ᠬᠡᠯᠡᠬᠦ ᠨᠢ ᠨᠣᠴᠢᠲᠠᠢ ᠠᠶᠤᠯᠲᠠᠢ ᠶ᠋ᠢ ᠪᠦᠭᠦᠳᠡ ᠮᠡᠳᠡᠬᠦ ᠲᠤᠯᠠ ᠭᠠᠭᠴᠠᠬᠠᠨ ᠲᠡᠭᠦᠨ ᠦ᠌ ᠠᠮᠠ ᠨᠡᠭᠡᠭᠡᠬᠦ ᠶ᠋ᠢ ᠲᠡᠪᠴᠢᠶᠡᠷᠢ ᠲᠡᠢ ᠬᠦᠯᠢᠶᠡᠨ ᠰᠠᠭᠤᠬᠤ ᠶᠣᠰᠣᠲᠠᠢ ᠪᠠᠢᠯ᠎ᠠ᠃ ᠴᠢᠩᠭᠢᠰ ᠬᠠᠭᠠᠨ ᠪᠣᠳᠣᠯ ᠳ᠋ᠤ᠌ ᠠᠪᠲᠠᠭᠰᠠᠨ ᠰᠢᠭ᠋ ᠡᠰᠡᠪᠡᠯ ᠤᠨᠲᠠᠵᠤ ᠪᠠᠢᠬᠤ ᠰᠢᠭ᠋ ᠲᠠᠭ ᠴᠢᠭ᠃ ᠭᠠᠭᠴᠠ ᠬᠦ᠌ ᠨᠢᠳᠦ ᠨᠢ ᠨᠡᠭᠡᠭᠡᠯᠲᠡᠲᠡᠢ ᠭᠠᠭᠴᠠ ᠵᠦᠭ ᠰᠢᠷᠳᠡᠨ᠎ᠡ᠃
| ᠬᠤᠯᠠᠨ ᠬᠠᠲᠤᠨ ᠤ᠋ ᠰᠦᠨᠡᠰᠦ ᠶᠠᠪᠤᠬᠤ ᠦᠭᠡᠢ ᠡᠨᠳᠡ ᠬᠣᠷᠭᠣᠳᠠᠭᠰᠠᠭᠠᠷ ᠪᠠᠢᠨ᠎ᠠ ᠭᠡᠰᠡᠨ ᠦᠭᠡ ᠬᠠᠭᠠᠰ ᠡᠳᠦᠷ ᠰᠢᠬᠠᠮ ᠬᠦᠯᠢᠶᠡᠭᠰᠡᠨ ᠦ᠌ ᠡᠴᠦᠰ ᠲᠦ᠍ ᠴᠢᠩᠭᠢᠰ ᠬᠠᠭᠠᠨ ᠤ᠋ ᠠᠮᠠᠨ ᠠ᠋ᠴᠠ ᠤᠨᠠᠪᠠ᠃ ᠲᠡᠷᠡ ᠰᠣᠭᠲᠣᠭ᠎ᠠ ᠦᠭᠡᠢ ᠡᠷᠡᠭᠦᠯ ᠰᠠᠷᠠᠭᠤᠯ ᠶᠤᠮ ᠰᠢᠭ᠋ ᠳᠤᠤᠭᠠᠷᠤᠨ᠎ᠠ᠃
| ᠬᠠᠭᠠᠨ ᠲᠠᠨ ᠤ᠋ ᠦᠭᠡ ᠶ᠋ᠢ ᠪᠢᠳᠡ ᠠᠩᠬᠠᠷᠤᠯᠲᠠᠢ ᠰᠣᠨᠣᠰᠴᠤ ᠪᠠᠢᠨ᠎ᠠ ᠭᠡᠵᠦ ᠪᠤᠭᠤᠷᠴᠢ ᠣᠷᠣᠵᠤ ᠢᠷᠡᠭᠰᠡᠨ ᠢ᠋ᠶ᠋ᠡᠨ᠂ ᠬᠦᠯᠢᠶᠡᠵᠦ ᠤᠳᠠᠭᠰᠠᠨ ᠢ᠋ᠶ᠋ᠠᠨ ᠰᠠᠨᠠᠭᠤᠯᠤᠨ ᠠᠶᠠᠷᠬᠠᠨ ᠳᠤᠤᠭᠠᠷᠪᠠ᠃
| ᠪᠤᠭᠤᠷᠴᠢ ᠴᠢ ᠶᠠᠭᠤ? ᠭᠡᠵᠦ ᠴᠢᠩᠭᠢᠰ ᠬᠠᠭᠠᠨ ᠰᠢᠪᠡᠨᠡᠭᠡᠳ ᠣᠭᠲᠣ ᠲᠠᠨᠢᠬᠤ ᠦᠭᠡᠢ ᠬᠥᠮᠦᠨ ᠦᠵᠡᠭᠰᠡᠨ ᠰᠢᠭ ᠲᠡᠭᠦᠨ ᠢ᠋ ᠴᠣᠭᠣ ᠰᠢᠷᠲᠡᠬᠦ ᠳ᠋ᠦ᠍ ᠰᠣᠴᠢᠪᠠ᠃
| ᠪᠤᠭᠤᠷᠴᠢ ᠴᠢ ᠰᠣᠨᠣᠰᠴᠤ ᠪᠠᠢ᠃ ᠬᠤᠯᠠᠨ ᠬᠠᠲᠤᠨ ᠪᠦᠬᠦ ᠨᠠᠰᠤ ᠪᠠᠷ ᠡᠨᠡ ᠨᠤᠲᠤᠭ ᠲᠤ᠌ ᠰᠠᠭᠤᠬᠤ ᠶ᠋ᠢ ᠬᠦᠰᠡᠭᠰᠡᠨ ᠶᠦᠮ᠃ ᠲᠡᠭᠦᠨ ᠢ᠋ ᠨᠢ ᠶᠣᠰᠣᠭᠠᠷ ᠪᠣᠯᠭ᠎ᠠ᠃ ᠬᠤᠯᠠᠨ ᠬᠠᠲᠤᠨ ᠤ᠋ ᠳᠡᠷᠭᠡᠳᠡ ᠪᠠᠢᠭᠰᠠᠨ ᠪᠦᠬᠦ ᠬᠥᠮᠦᠨ ᠢ᠋ ᠡᠨᠡ ᠪᠠᠯᠭᠠᠰᠤ ᠲᠠᠢ ᠨᠢ ᠬᠠᠮᠲᠤ ᠡᠭᠦᠷᠢᠳᠡ ᠲᠡᠭᠦᠨ ᠳ᠋ᠦ᠍ ᠦᠯᠡᠳᠡᠭᠡᠭᠲᠦᠨ᠃ ᠭᠠᠵᠠᠷ ᠳᠡᠭᠡᠷ᠎ᠡ᠂ ᠲᠩᠷᠢ ᠶ᠋ᠢᠨ ᠳᠣᠣᠷ᠎ᠠ ᠬᠤᠯᠠᠨ ᠬᠠᠲᠤᠨ ᠤ᠋ ᠰᠡᠳᠬᠢᠯ ᠬᠣᠷᠭᠣᠳᠠᠬᠤ ᠶᠠᠭᠤ ᠴᠤ᠌ ᠪᠦᠦ ᠦᠯᠡᠳᠡᠭᠡ᠃ ᠪᠦᠭᠦᠳᠡ ᠶ᠋ᠢ ᠭᠠᠯ ᠳ᠋ᠤ᠌ ᠬᠠᠢᠯᠤᠭᠤᠯᠵᠤ᠂ ᠭᠠᠵᠠᠷ ᠲᠤ᠌ ᠰᠢᠩᠭᠡᠭᠡᠭᠲᠦᠨ᠃
ᠡᠨᠡ ᠪᠣᠯ ᠴᠢᠩᠭᠢᠰ ᠬᠠᠭᠠᠨ ᠤ᠋ ᠵᠠᠷᠯᠢᠭ ᠪᠠᠢᠪᠠ᠃ ᠳᠠᠬᠢᠨ ᠬᠠᠭᠠᠰ ᠡᠳᠦᠷ ᠬᠦᠯᠢᠶᠡᠭᠰᠡᠨ ᠴᠦ᠍ ᠴᠢᠩᠭᠢᠰ ᠬᠠᠭᠠᠨ ᠳᠠᠬᠢᠨ ᠦᠭᠡ ᠬᠡᠯᠡᠭᠡ ᠦᠭᠡᠢ ᠲᠤᠯᠠ ᠪᠤᠭᠤᠷᠴᠢ ᠰᠢᠭᠢᠬᠤᠲᠤᠭ ᠬᠣᠶᠠᠭᠤᠯᠠ ᠴᠢᠮᠡᠭᠡ ᠦᠭᠡᠢ ᠭᠠᠷᠴᠤ ᠬᠡᠷᠬᠢᠬᠦ ᠶ᠋ᠢ ᠵᠥᠪᠯᠡᠪᠡ᠃ ᠲᠡᠳᠡᠨ ᠳ᠋ᠦ᠍ ᠲᠩᠷᠢ ᠶ᠋ᠢᠨ ᠴᠠᠭᠠᠵᠠ ᠶ᠋ᠢ ᠵᠥᠷᠢᠴᠡᠬᠦ ᠵᠢᠷᠦᠬᠡ ᠨᠢᠭᠡᠨᠲᠡ ᠦᠭᠡᠢ ᠲᠤᠯᠠ ᠴᠢᠩᠭᠢᠰ ᠬᠠᠭᠠᠨ ᠤ᠋ ᠵᠠᠷᠯᠢᠭ ᠢ᠋ ᠬᠢᠴᠢᠶᠡᠩᠭᠦᠢᠯᠡᠨ ᠶᠣᠰᠣ ᠪᠠᠷ ᠭᠦᠢᠴᠡᠳᠬᠡᠪᠡ᠃ ᠬᠤᠯᠠᠨ ᠬᠠᠲᠤᠨ ᠤ᠋ ᠬᠦᠰᠡᠯ ᠢ᠋ ᠶᠣᠰᠣᠭᠠᠷ ᠪᠣᠯᠭᠠᠨ ᠲᠡᠭᠦᠨ ᠢ᠋ ᠬᠤᠷᠽᠸᠮ ᠤ᠋ᠨ ᠡᠨᠡ ᠨᠤᠲᠤᠭ ᠲᠤ᠌ ᠬᠠᠲᠤᠨ ᠪᠠᠯᠭᠠᠰᠤᠨ ᠤ᠋ ᠬᠠᠮᠲᠤ ᠡᠭᠦᠷᠢᠳᠡ ᠦᠯᠡᠳᠡᠭᠡᠵᠦ ᠶᠠᠭᠤ ᠴᠤ᠌ ᠦᠭᠡᠢ ᠪᠣᠯᠲᠠᠯ᠎ᠠ ᠭᠠᠯᠳᠠᠨ ᠰᠢᠲᠠᠭᠠᠪᠠ᠃ ᠢᠩᠭᠢᠬᠦ ᠳ᠋ᠡᠭᠡᠨ ᠬᠠᠲᠤᠨ ᠪᠠᠯᠭᠠᠰᠤᠨ ᠤ᠋ ᠪᠦᠬᠦ ᠢᠷᠭᠡᠳ᠂ ᠮᠠᠯ ᠠᠮᠢᠲᠠᠨ᠂ ᠬᠤᠯᠠᠨ ᠬᠠᠲᠤᠨ ᠤ᠋ ᠠᠯᠪᠠᠲᠤ ᠰᠢᠪᠡᠭᠴᠢᠨ ᠡᠮᠡᠰ᠂ ᠬᠠᠷᠠᠭᠤᠯ ᠮᠠᠨᠠᠭ᠎ᠠ ᠨᠢᠭᠡ ᠴᠦ᠍ ᠬᠥᠮᠦᠨ ᠢ᠋ ᠲᠡᠷᠡ ᠪᠦᠦ ᠬᠡᠯᠡ ᠬᠡᠴᠢᠨᠡᠨ ᠤᠬᠢᠯᠠᠵᠤ ᠭᠤᠶᠤᠭᠰᠠᠨ ᠴᠤ᠌ ᠶᠦᠩᠴᠢ ᠶ᠋ᠢ ᠴᠦ᠍ ᠦᠯᠡᠳᠡᠭᠡᠭᠰᠡᠨ ᠦᠭᠡᠢ᠃ ᠲᠡᠷᠡ ᠲᠠᠢᠭᠠᠨ ᠡᠷ᠎ᠡ ᠬᠤᠷᠽᠸᠮ ᠤ᠋ᠨ ᠡᠨᠡ ᠪᠠᠯᠭᠠᠰᠤ ᠳ᠋ᠤ᠌ ᠬᠤᠯᠠᠨ ᠬᠠᠲᠤᠨ ᠤ᠋ ᠦᠬᠦᠯ ᠦ᠋ᠨ ᠨᠢᠭᠤᠴᠠ ᠶ᠋ᠢ ᠬᠠᠳᠠᠭᠠᠯᠠᠨ ᠦᠬᠦᠬᠦ ᠶᠣᠰᠣᠲᠠᠢ ᠪᠠᠢᠵᠠᠢ᠃ ᠶᠦᠩᠴᠢ ᠦᠬᠦᠭᠰᠡᠨ ᠢ᠋ᠶ᠋ᠡᠷ ᠬᠤᠯᠠᠨ ᠬᠠᠲᠤᠨ ᠤ᠋ ᠦᠬᠦᠯ ᠦ᠋ᠨ ᠨᠢᠭᠤᠴᠠ ᠶ᠋ᠢ ᠭᠠᠭᠴᠠ ᠥᠭᠡᠳᠡᠢ ᠯᠡ ᠮᠡᠳᠡᠬᠦ ᠪᠣᠯᠵᠠᠢ᠃ ᠲᠦᠯᠡᠭᠳᠡᠭᠰᠡᠨ᠂ ᠰᠢᠲᠠᠭᠰᠠᠨ ᠠᠮᠢᠲᠠᠨ ᠬᠥᠮᠦᠨ ᠦ᠌ ᠳᠠᠭᠤ ᠪᠦᠲᠦᠨ ᠰᠠᠷ᠎ᠠ ᠲᠩᠷᠢ ᠳ᠋ᠦ᠍ ᠬᠠᠲᠠᠵᠤ᠂ ᠪᠦᠭᠦᠳᠡ ᠨᠣᠷᠮ᠎ᠠ ᠪᠣᠯᠤᠨ ᠳᠠᠭᠤᠰᠤᠭᠰᠠᠨ ᠤ᠋ ᠬᠣᠢᠨ᠎ᠠ ᠦᠨᠡᠰᠦ ᠶ᠋ᠢ ᠬᠠᠮᠤᠵᠤ ᠰᠠᠯᠬᠢᠨ ᠳ᠋ᠤ᠌ ᠬᠡᠢᠰᠬᠡᠪᠡ᠃ ᠠᠭᠤᠯᠠ ᠶ᠋ᠢᠨ ᠠᠮᠠᠨ ᠳ᠋ᠤ᠌ ᠲᠣᠮᠣ ᠬᠠᠷ᠎ᠠ ᠲᠣᠯᠪᠣ ᠦᠯᠡᠳᠡᠭᠰᠡᠨ ᠦ᠌ ᠳᠡᠭᠡᠷ᠎ᠡ ᠭᠣᠣᠯ ᠤ᠋ᠨ ᠡᠷᠭᠢ ᠶ᠋ᠢᠨ ᠵᠦᠯᠭᠡ ᠵᠥᠭᠡᠭᠡᠨ ᠰᠠᠭᠤᠯᠭᠠᠵᠤ ᠶᠡᠷᠦ ᠪᠠᠢᠭᠠᠯᠢ ᠠ᠋ᠴᠠ ᠤᠷᠭᠤᠭᠰᠠᠨ ᠮᠡᠲᠦ ᠪᠣᠯᠭᠠᠪᠠ᠃ ᠣᠳᠣ ᠡᠨᠳᠡ ᠬᠤᠯᠠᠨ ᠬᠠᠲᠤᠨ ᠢ᠋ ᠳᠤᠷᠠᠰᠤᠭᠤᠯᠤᠨ ᠰᠠᠨᠠᠭᠳᠠᠭᠤᠯᠬᠤ ᠶᠠᠭᠤᠮ᠎ᠠ ᠨᠢᠭᠡᠬᠡᠨ ᠴᠦ᠍ ᠦᠯᠡᠳᠡᠭᠰᠡᠨ ᠦᠭᠡᠢ᠃
ᠴᠢᠩᠭᠢᠰ ᠬᠠᠭᠠᠨ ᠬᠣᠶᠠᠷ ᠰᠠᠷ᠎ᠠ ᠶ᠋ᠢᠨ ᠳᠠᠷᠠᠭ᠎ᠠ ᠬᠠᠲᠤᠨ ᠪᠠᠯᠭᠠᠰᠤᠨ ᠤ᠋ ᠣᠷᠣᠨ ᠳ᠋ᠤ᠌ ᠦᠯᠡᠳᠡᠭᠰᠡᠨ ᠵᠦᠯᠭᠡ ᠨᠣᠭᠣᠭᠠᠨ ᠲᠠᠯᠠᠪᠠᠢ ᠳ᠋ᠤ᠌ ᠭᠠᠭᠴᠠᠭᠠᠷ ᠵᠣᠭᠰᠣᠵᠤ ᠪᠠᠢᠪᠠ᠃ ᠣᠳᠣ ᠬᠤᠯᠠᠨ ᠬᠠᠲᠤᠨ ᠨᠢ ᠲᠩᠷᠢ ᠳ᠋ᠦ᠍ ᠭᠠᠷᠤᠭᠰᠠᠨ ᠳ᠋ᠤ᠌ ᠲᠡᠷᠡ ᠢᠲᠡᠭᠡᠵᠦ ᠪᠠᠢᠪᠠ᠃ ᠪᠠᠰᠠ ᠬᠠᠲᠤᠨ ᠤ᠋ ᠪᠠᠨ ᠬᠦᠰᠡᠯ ᠢ᠋ ᠪᠡᠶᠡᠯᠡᠭᠦᠯᠪᠡ ᠭᠡᠮᠡᠨ ᠲᠠᠢᠪᠤᠰᠢᠷᠠᠵᠤ᠂ ᠲᠡᠭᠦᠨ ᠦ᠌ ᠬᠣᠢᠨ᠎ᠠ ᠠ᠋ᠴᠠ ᠳᠠᠬᠢᠨ ᠭᠤᠨᠢᠵᠤ ᠭᠤᠲᠤᠷᠠᠬᠤ ᠦᠭᠡᠢ ᠪᠠᠢᠬᠤ ᠶ᠋ᠢ ᠥᠪᠡᠷ ᠲᠡᠭᠡᠨ ᠬᠠᠲᠠᠭᠤ ᠲᠤᠰᠢᠶᠠᠪᠠ᠃ ᠮᠡᠷᠭᠢᠳ ᠠᠢᠮᠠᠭ ᠤ᠋ᠨ ᠳ᠋ᠠᠢᠷ ᠤᠰᠤᠨ ᠤ᠋ ᠥᠬᠢᠨ ᠬᠤᠯᠠᠨ ᠤ᠋ ᠠᠮᠢᠳᠤᠷᠠᠯ ᠬᠤᠷᠽᠸᠮ ᠤ᠋ᠨ ᠡᠵᠡᠯᠡᠭᠳᠡᠭᠰᠡᠨ ᠨᠤᠲᠤᠭ ᠤ᠋ᠨ ᠬᠠᠲᠤᠨ ᠪᠠᠯᠭᠠᠰᠤᠨ ᠤ᠋ ᠬᠠᠮᠲᠤ ᠤᠲᠤᠭ᠎ᠠ ᠪᠣᠯᠤᠨ ᠦᠨᠡᠰᠦ ᠪᠣᠯᠤᠨ ᠲᠩᠷᠢ ᠭᠠᠵᠠᠷ ᠲᠤ᠌ ᠰᠢᠩᠭᠡᠵᠦ ᠠᠯᠠᠭ᠎ᠠ ᠪᠣᠯᠵᠠᠢ᠃ ᠲᠡᠭᠦᠨ ᠦ᠌ ᠣᠷᠣᠨ ᠳ᠋ᠤ᠌ ᠨᠤᠷᠠᠵᠤ ᠰᠢᠲᠠᠭᠰᠠᠨ ᠬᠠᠲᠤᠨ ᠪᠠᠯᠭᠠᠰᠤ ᠶ᠋ᠢᠨ ᠣᠷᠣᠮ ᠳᠡᠭᠡᠷ᠎ᠡ ᠰᠢᠨ᠎ᠡ ᠬᠠᠪᠤᠷ ᠤ᠋ᠨ ᠨᠣᠭᠣᠭ᠎ᠠ ᠤᠷᠭᠤᠨ ᠰᠣᠶᠣᠭᠠᠯᠠᠵᠤ ᠪᠠᠢᠬᠤ ᠶ᠋ᠢ ᠴᠢᠩᠭᠢᠰ ᠬᠠᠭᠠᠨ ᠦᠵᠡᠪᠡ᠃ ᠡᠨᠡ ᠠᠭᠤᠯᠠ ᠶ᠋ᠢ ᠬᠠᠲᠤᠨ ᠠᠭᠤᠯᠠ ᠭᠡᠵᠦ ᠨᠡᠷᠡᠯᠡᠬᠦ ᠶ᠋ᠢ ᠴᠢᠩᠭᠢᠰ ᠬᠠᠭᠠᠨ ᠵᠠᠷᠯᠢᠭ ᠪᠣᠯᠪᠠ᠃
ᠺᠠᠰᠫᠢ ᠶ᠋ᠢᠨ ᠲᠠᠩᠭᠢᠰ ᠤ᠋ᠨ ᠡᠮᠦᠨ᠎ᠡ ᠬᠣᠢᠲᠤ ᠲᠠᠯ᠎ᠠ ᠡᠨᠡᠳᠬᠡᠭ ᠦ᠋ᠨ ᠨᠤᠲᠤᠭ ᠤ᠋ᠨ ᠮᠣᠷᠢ ᠬᠦᠷᠴᠦ ᠪᠣᠯᠬᠤ ᠪᠦᠬᠦ ᠭᠠᠵᠠᠷ ᠢ᠋ ᠴᠢᠩᠭᠢᠰ ᠬᠠᠭᠠᠨ ᠤ᠋ ᠴᠡᠷᠢᠭ ᠦ᠋ᠳ ᠡᠵᠡᠯᠡᠨ ᠠᠪᠤᠪᠠ᠃ ᠮᠣᠷᠢᠨ ᠤ᠋ ᠦᠰᠦ ᠮᠤᠯᠵᠠᠯᠠᠮᠠ ᠬᠠᠯᠠᠭᠤᠨ ᠨᠠᠷᠠ᠂ ᠠᠭᠤᠰᠬᠢ ᠰᠢᠲᠠᠭᠠᠮ᠎ᠠ ᠪᠦᠭᠴᠢᠮ ᠠᠭᠠᠷ ᠠ᠋ᠴᠠ ᠥᠭᠡᠷ᠎ᠡ ᠮᠣᠩᠭᠣᠯ ᠤ᠋ᠨ ᠮᠣᠷᠢᠲᠤ ᠴᠡᠷᠢᠭ ᠢ᠋ ᠵᠣᠭᠰᠣᠭᠠᠬᠤ ᠬᠦᠴᠦ ᠨᠢᠭᠡᠨᠲᠡ ᠦᠭᠡᠢ ᠪᠣᠯᠵᠠᠢ᠃ ᠴᠢᠩᠭᠢᠰ ᠬᠠᠭᠠᠨ ᠬᠤᠯᠠᠨ ᠬᠠᠲᠤᠨ ᠤ᠋ ᠪᠠᠨ ᠦᠬᠦᠯ ᠦ᠋ᠨ ᠭᠤᠨᠢᠭ ᠢ᠋ ᠮᠠᠷᠲᠠᠵᠤ ᠪᠦᠬᠦ ᠴᠡᠷᠢᠭ ᠢ᠋ᠶ᠋ᠡᠨ ᠫᠸᠷᠸᠠᠨ ᠤ᠋ ᠬᠥᠨᠳᠡᠢ ᠳ᠋ᠦ᠍ ᠴᠤᠭᠯᠠᠬᠤ ᠶ᠋ᠢ ᠵᠠᠷᠯᠢᠭ ᠪᠣᠯᠭᠠᠨ ᠡᠯᠴᠢ ᠢᠯᠡᠭᠡᠭᠡᠳ ᠪᠠᠭᠳᠠᠳ᠋ ᠤᠷᠤᠭᠤ ᠣᠳᠤᠭᠰᠠᠨ ᠴᠣᠷᠮᠤᠭᠤᠨ ᠬᠣᠷᠴᠢ᠂ ᠡᠨᠡᠳᠬᠡᠭ᠂ ᠪᠠᠭᠳᠠᠳ᠋ ᠬᠣᠶᠠᠷ ᠤ᠋ᠨ ᠳᠤᠮᠳᠠ ᠣᠷᠣᠰᠢᠬᠤ ᠠᠷᠣ᠋ ᠮᠠᠷᠣ᠋ ᠮᠠᠷᠠᠭᠠᠷᠢ ᠤᠯᠤᠰ ᠤ᠋ᠨ ᠠᠪᠲᠦ ᠬᠣᠲᠠ ᠶ᠋ᠢ ᠡᠵᠡᠯᠡᠬᠦ ᠪᠡᠷ ᠶᠠᠪᠤᠭᠰᠠᠨ ᠳᠥᠷᠪᠡᠳ ᠦ᠋ᠨ ᠲᠦᠷᠪᠡᠢ ᠳᠣᠭᠰᠢᠨ᠂ ᠤᠮᠠᠷ᠎ᠠ ᠵᠦᠭ ᠺᠠᠰᠫᠢ ᠶ᠋ᠢᠨ ᠲᠠᠩᠭᠢᠰ ᠠ᠋ᠴᠠ ᠬᠣᠢᠰᠢ ᠳᠣᠪᠲᠣᠯᠤᠭᠰᠠᠨ ᠰᠦᠪᠡᠭᠡᠳᠡᠢ ᠪᠠᠭᠠᠲᠤᠷ᠂ ᠡᠨᠡᠳᠬᠡᠭ ᠤᠷᠤᠭᠤ ᠳᠣᠪᠲᠣᠯᠤᠭᠰᠠᠨ ᠵᠠᠯᠠᠢᠷ ᠤ᠋ᠨ ᠪᠡᠯᠡ ᠨᠣᠶᠠᠨ ᠢ᠋ ᠡᠷᠭᠢᠵᠦ ᠢᠷᠡᠬᠦ ᠶ᠋ᠢ ᠬᠦᠯᠢᠶᠡᠵᠦ ᠰᠠᠭᠤᠪᠠ᠃ ᠬᠣᠢᠲᠤᠨ ᠵᠢᠯ ᠦ᠋ᠨ ᠡᠪᠦᠯ ᠰᠦᠪᠡᠭᠡᠳᠡᠢ᠂ ᠵᠥᠴᠢ ᠶ᠋ᠢᠨ ᠬᠢ ᠡᠴᠡ ᠪᠤᠰᠤᠳ ᠪᠦᠬᠦ ᠴᠡᠷᠢᠭ ᠢᠷᠡᠵᠦ ᠨᠡᠢᠯᠡᠭᠰᠡᠨ ᠲᠤᠯᠠ ᠨᠤᠲᠤᠭ ᠤ᠋ᠨ ᠵᠦᠭ ᠬᠥᠳᠡᠯᠵᠦ ᠡᠷᠴᠢᠰ ᠮᠥᠷᠡᠨ ᠳ᠋ᠦ᠍ ᠵᠤᠰᠠᠭᠠᠳ ᠲᠤᠤᠯᠠ ᠶ᠋ᠢᠨ ᠬᠠᠷ᠎ᠠ ᠰᠢᠭᠤᠢ ᠳ᠋ᠠᠬᠢ ᠶᠡᠬᠡ ᠣᠷᠳᠣᠨ ᠳ᠋ᠠᠭᠠᠨ ᠵᠢᠷᠭᠤᠭᠠᠨ ᠵᠢᠯ ᠦ᠋ᠨ ᠳᠠᠷᠠᠭ᠎ᠠ ᠢᠷᠡᠵᠦ ᠪᠠᠭᠤᠵᠠᠢ᠃ ᠣᠳᠣ ᠴᠢᠩᠭᠢᠰ ᠬᠠᠭᠠᠨ ᠤ᠋ ᠡᠵᠡᠮᠰᠢᠯ ᠨᠤᠲᠤᠭ ᠭᠠᠵᠠᠷ ᠤ᠋ᠨ ᠳᠤᠮᠳᠠ ᠶ᠋ᠢᠨ ᠲᠠᠩᠭᠢᠰ ᠠ᠋ᠴᠠ ᠵᠡᠭᠦᠨ ᠳᠠᠯᠠᠢ ᠬᠦᠷᠲᠡᠯ᠎ᠡ ᠦᠷᠭᠦᠯᠵᠢᠯᠡᠬᠦ ᠪᠣᠯᠪᠠ᠃ ᠲᠤᠤᠯᠠ ᠶ᠋ᠢᠨ ᠬᠣᠢᠲᠤ ᠡᠷᠭᠢ ᠳᠡᠭᠡᠷ᠎ᠡ ᠴᠢᠩᠭᠢᠰ ᠬᠠᠭᠠᠨ ᠤ᠋ ᠶᠡᠬᠡ ᠬᠦᠷᠢᠶ᠎ᠡ ᠪᠠᠢᠷᠢᠯᠠᠵᠤ ᠢᠯᠠᠯᠲᠠ ᠣᠯᠵᠠ ᠪᠠᠨ ᠳᠠᠭᠠᠭᠠᠵᠤ ᠶᠠᠳᠠᠭᠰᠠᠨ ᠴᠡᠷᠢᠭ ᠦ᠋ᠳ ᠢ᠋ ᠲᠠᠯ᠎ᠠ ᠨᠤᠲᠤᠭ ᠳᠠᠶᠠᠭᠠᠷ ᠳᠠᠭᠤ ᠬᠤᠭᠤᠷ ᠪᠣᠯᠤᠨ ᠤᠭᠲᠤᠨ ᠠᠪᠴᠠᠢ᠃ ᠬᠤᠯᠠᠨ ᠬᠠᠲᠤᠨ ᠤ᠋ ᠦᠬᠦᠯ ᠦ᠋ᠨ ᠲᠤᠬᠠᠢ ᠮᠡᠳᠡᠭᠡ ᠠᠯᠢ ᠡᠷᠲᠡ ᠡᠨᠳᠡ ᠬᠦᠷᠴᠦ ᠣᠳᠣ ᠪᠠᠷᠤᠭ ᠮᠠᠷᠲᠠᠭᠳᠠᠬᠤ ᠳᠥᠭᠥᠭᠰᠡᠨ ᠪᠠᠢᠪᠠ᠃ ᠤᠴᠢᠷ ᠨᠢ ᠮᠡᠷᠭᠢᠳ ᠠᠢᠮᠠᠭ ᠰᠥᠨᠥᠵᠦ᠂ ᠬᠤᠯᠠᠨ ᠤ᠋ ᠡᠴᠢᠭᠡ ᠪᠣᠯᠤᠭᠠᠳ ᠤᠳᠤᠮ ᠤᠭᠰᠠᠭ᠎ᠠ ᠨᠢ ᠠᠷᠢᠯᠤᠭᠰᠠᠨ ᠲᠤᠯᠠ ᠲᠡᠭᠦᠨ ᠢ᠋ ᠦᠨᠡᠨ ᠰᠡᠳᠬᠢᠯ ᠡᠴᠡ ᠳᠤᠷᠠᠰᠤᠨ ᠰᠠᠨᠠᠬᠤ ᠬᠥᠮᠦᠨ ᠬᠣᠪᠣᠷ ᠪᠣᠯᠵᠠᠢ᠃ ᠬᠤᠯᠠᠨ ᠤ᠋ ᠭᠤᠨᠢᠭᠲᠤ ᠲᠡᠦᠬᠡ ᠶ᠋ᠢ ᠴᠢᠩᠭᠢᠰ ᠬᠠᠭᠠᠨ ᠯᠠ ᠮᠠᠷᠲᠠᠵᠤ ᠴᠢᠳᠠᠬᠤ ᠦᠭᠡᠢ ᠪᠠᠢᠪᠠ᠃ ᠤᠴᠢᠷ ᠨᠢ ᠬᠤᠯᠠᠨ ᠭᠠᠭᠴᠠᠬᠠᠨ ᠴᠢᠩᠭᠢᠰ ᠬᠠᠭᠠᠨ ᠤ᠋ ᠰᠡᠳᠬᠢᠯ ᠳ᠋ᠦ᠍ ᠣᠷᠣᠰᠢᠵᠤ ᠦᠯᠡᠳᠡᠵᠡᠢ᠃ ᠬᠤᠯᠠᠨ ᠬᠠᠲᠤᠨ ᠤ᠋ ᠥᠷᠭᠥᠭᠡ ᠶ᠋ᠢ ᠶᠠᠭ ᠬᠡᠪ ᠢ᠋ᠶ᠋ᠡᠷ ᠪᠠᠷᠢᠭᠠᠰᠤᠲᠠᠢ ᠬᠦᠯᠢᠶᠡᠵᠦ ᠪᠠᠢᠭᠰᠠᠨ ᠳ᠋ᠤ᠌ ᠴᠢᠩᠭᠢᠰ ᠬᠠᠭᠠᠨ ᠬᠠᠲᠤᠨ ᠤ᠋ ᠪᠠᠨ ᠦᠷᠭᠦᠭᠡᠨ ᠳ᠋ᠦ᠍ ᠣᠷᠣᠵᠤ ᠤᠳᠠᠭᠠᠨ ᠭᠠᠭᠴᠠᠭᠠᠷ ᠰᠠᠭᠤᠪᠠ᠃ ᠭᠡᠬᠦ ᠳ᠋ᠡᠭᠡᠨ ᠲᠡᠷᠡ ᠭᠤᠨᠢᠵᠤ ᠭᠤᠳᠤᠷᠠᠭᠰᠠᠨ ᠦᠭᠡᠢ᠃ ᠮᠠᠷᠭᠠᠰᠢ ᠨᠢ ᠴᠢᠩᠭᠢᠰ ᠬᠠᠭᠠᠨ ᠤ᠋ ᠵᠠᠷᠯᠢᠭ ᠢ᠋ᠶ᠋ᠠᠷ ᠬᠤᠯᠠᠨ ᠬᠠᠲᠤᠨ ᠤ᠋ ᠥᠷᠭᠥᠭᠡ ᠶ᠋ᠢ ᠪᠠᠭᠤᠯᠭᠠᠵᠤ ᠨᠢᠳᠦᠨ ᠡᠴᠡ ᠳᠠᠯᠳᠠ ᠠᠪᠠᠴᠢᠵᠤ ᠰᠢᠲᠠᠭᠠᠭᠰᠠᠨ ᠪᠢᠯᠡ᠃ ᠮᠡᠷᠭᠢᠳ ᠦ᠋ᠨ ᠵᠣᠷᠢᠭᠲᠤ ᠪᠦᠰᠡᠭᠦᠢ ᠬᠤᠯᠠᠨ ᠤ᠋ ᠲᠡᠦᠬᠡ ᠡᠨᠡ ᠤᠲᠤᠭ᠎ᠠ ᠲᠠᠢ ᠬᠠᠮᠲᠤ ᠵᠠᠮᠬᠠᠷᠠᠨ ᠳᠠᠭᠤᠰᠪᠠ ᠭᠡᠵᠦ ᠴᠢᠩᠭᠢᠰ ᠬᠠᠭᠠᠨ ᠪᠣᠳᠣᠵᠠᠢ᠃ ᠭᠡᠪᠡᠴᠦ ᠲᠡᠷᠡ ᠬᠣᠯᠠ ᠡᠨᠳᠡᠭᠦᠷᠡᠭᠰᠡᠨ ᠪᠠᠢᠯ᠎ᠠ᠃
ᠦᠰᠦᠭ ᠠᠮᠢᠯᠠᠭᠤᠯᠤᠭᠴᠢ᠄ ᠬᠡᠯᠡᠰᠣᠶᠣᠯ(ᠪᠤᠤ ᠸᠸᠨ ᠬᠤᠸᠠ)᠂ ᠬᠡᠷᠡᠢᠳ· ᠮᠥᠩᠬᠡᠨᠠᠰᠤᠨ᠂ ᠠᠯᠲᠠᠨᠴᠡᠴᠡᠭ᠂
ᠱᠠᠭᠰᠠᠯ᠂ ᠰᠡᠴᠡᠨᠴᠢᠮᠡᠭ᠂ ᠵᠢᠩᠯᠢᠬᠤᠸᠠᠷ᠂ ᠮᠥᠩᠭᠥᠨ᠂
ᠠᠯᠲᠠᠨᠴᠢᠮᠡᠭ᠂ ᠳᠡᠭᠦᠦᠵᠠᠶᠠᠭ᠎ᠠ᠂ ᠳ·ᠣᠶᠤᠨᠪᠢᠯᠢᠭ᠌᠂ ᠪᠠᠶᠠᠨᠴᠡᠴᠡᠭ
ᠬᠢᠨᠠᠭᠴᠢ᠄ ᠣᠳᠬᠠᠰᠣᠠ᠂ ᠰᠡᠬᠡᠭᠡᠷᠡᠯ᠂ ᠮᠣᠩᠭᠣᠯ ᠰᠦᠨᠡᠰᠦ᠂ ᠲ·ᠬᠦᠮᠦᠵᠢᠯᠲᠦ᠂ ᠠᠷᠢᠭᠤᠨ᠂
ᠪᠠᠶᠠᠨᠴᠡᠴᠡᠭ᠂ ᠨᠠᠷᠠᠨ᠂ ᠬᠡᠯᠡᠰᠣᠶᠣᠯ
