ᠪᠦᠲᠦᠨ- ᠴᠢ᠊ · ᠤᠷᠠᠨᠴᠡᠴᠡᠭBüten-Chi ·UrntsetsegБүтэн-Чи ·Урнцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠲᠦᠨ- ᠴᠢ᠊ · ᠤᠷᠠᠨᠴᠡᠴᠡᠭBüten-Chi ·UrntsetsegБүтэн-Чи ·Урнцэцэг

ᠪᠦᠲᠦᠨ- ᠴᠢ᠊ · ᠤᠷᠠᠨᠴᠡᠴᠡᠭBüten-Chi ·UrntsetsegБүтэн-Чи ·Урнцэцэг

2025-09-07

665

ᠪᠦᠲᠦᠨ

   ᠦᠭᠡ᠄ ᠴᠢ᠊ · ᠤᠷᠠᠨᠴᠡᠴᠡᠭ 
ᠡᠮᠲᠡᠷᠬᠡᠢ ᠴᠤ᠌ ᠭᠡᠰᠡᠨ ᠴᠢᠯᠠᠭᠤᠳ ᠨᠢ ᠪᠠᠢᠪᠠᠯ 
ᠨᠤᠲᠤᠭ ᠮᠢᠨᠢ ᠪᠦᠲᠦᠨ 
ᠡᠪᠳᠡᠷᠬᠡᠢ ᠴᠤ᠌ ᠭᠡᠰᠡᠨ ᠬᠠᠰᠠᠭ ᠮᠢᠨᠢ ᠪᠠᠢᠪᠠᠯ 
ᠰᠣᠶᠣᠯ ᠮᠢᠨᠢ ᠪᠦᠲᠦᠨ 
ᠴᠥᠭᠡᠨ ᠴᠦ᠍ ᠭᠡᠰᠡᠨ ᠲᠥᠷᠥᠯ ᠲᠡᠢ ᠪᠡᠨ ᠪᠠᠢᠪᠠᠯ 
ᠠᠢᠯ ᠡᠯᠢᠭᠡ ᠪᠦᠲᠦᠨ 
ᠴᠥᠭᠡᠪᠦᠷ ᠴᠤ᠌ ᠭᠡᠰᠡᠨ ᠮᠠᠯ ᠲᠠᠢ ᠪᠠᠨ ᠪᠠᠢᠪᠠᠯ
ᠬᠣᠲᠠ ᠮᠢᠨᠢ ᠪᠦᠲᠦᠨ
ᠬᠡᠳᠦᠭᠦᠯᠡ ᠴᠤ᠌ ᠭᠡᠰᠡᠨ ᠬᠡᠯᠡ ᠲᠡᠢ ᠪᠡᠨ ᠪᠠᠢᠪᠠᠯ
ᠦᠨᠳᠦᠰᠦᠲᠡᠨ ᠮᠢᠨᠢ ᠪᠦᠲᠦᠨ
ᠬᠡᠮᠵᠢᠶ᠎ᠡ ᠲᠡᠢ ᠴᠤ᠌ ᠭᠡᠰᠡᠨ ᠬᠢᠯᠢ ᠲᠡᠢ ᠪᠡᠨ ᠪᠠᠢᠪᠠᠯ
ᠡᠬᠡ ᠣᠷᠣᠨ ᠮᠢᠨᠢ ᠪᠦᠲᠦᠨ

   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ