ᠬᠠᠷ᠎ᠠ ᠠᠯᠲᠠᠨ ᠬᠠᠷᠠᠪᠤᠷKhar altan kharvarХар алтан харвар ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠠᠯᠲᠠᠨ ᠬᠠᠷᠠᠪᠤᠷKhar altan kharvarХар алтан харвар

ᠬᠠᠷ᠎ᠠ ᠠᠯᠲᠠᠨ ᠬᠠᠷᠠᠪᠤᠷKhar altan kharvarХар алтан харвар

2025-09-07

153

ᠬᠠᠷ᠎ᠠ ᠠᠯᠲᠠᠨ ᠬᠠᠷᠠᠪᠤᠷ

   ᠲᠤᠰ ᠡᠮ ᠪᠣᠯ ᠲᠡᠷᠡᠯᠵᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠢᠩᠭᠠᠨ ᠲᠡᠷᠡᠯᠵᠢ ᠶ᠋ᠢᠨ ᠬᠠᠲᠠᠭᠠᠭᠰᠠᠨ ᠨᠠᠪᠴᠢ ᠮᠥᠴᠢᠷ ᠮᠥᠨ᠃ ᠪᠠᠰᠠ ᠬᠠᠷ᠎ᠠ ᠳ᠋ᠠᠯᠢ ᠭᠡᠳᠡᠭ᠃
   [ ᠤᠤᠯ ᠤᠷᠭᠤᠮᠠᠯ] ᠣᠯᠠᠨ ᠰᠠᠯᠠᠭᠠᠯᠠᠬᠤ ᠬᠠᠭᠠᠰ ᠮᠥᠩᠬᠡ ᠨᠣᠭᠣᠭᠠᠨ ᠪᠤᠲᠠ ᠮᠣᠳᠣ᠃0.5~1.5m ᠥᠨᠳᠥᠷ᠂ ᠨᠢᠯᠬ᠎ᠠ ᠮᠥᠴᠢᠷ ᠨᠢ ᠨᠠᠷᠢᠨ᠂ ᠶᠡᠷᠦ ᠳ᠋ᠡᠭᠡᠨ ᠨᠢᠯᠬ᠎ᠠ ᠮᠥᠴᠢᠷ ᠦ᠋ᠳ ᠨᠢ ᠪᠥᠭᠡᠮᠨᠡᠷᠡᠵᠦ ᠡᠮᠦᠨ᠎ᠡ ᠵᠢᠯ ᠦ᠋ᠨ ᠮᠥᠴᠢᠷ ᠦ᠋ᠨ ᠣᠷᠣᠢ ᠳ᠋ᠤ᠌ ᠤᠷᠭᠤᠳᠠᠭ᠃ ᠵᠥᠭᠡᠯᠡᠨ ᠦᠰᠦ ᠪᠣᠯᠤᠨ ᠬᠠᠢᠷᠰᠤᠯᠢᠭ ᠲᠣᠯᠪᠣ ᠨᠤᠭᠤᠳ ᠲᠠᠢ ᠪᠥᠭᠡᠳ  ᠠᠭᠠᠵᠢᠮ ᠳ᠋ᠠᠭᠠᠨ ᠵᠤᠯᠭᠠᠷᠠᠳᠠᠭ᠃ ᠨᠢᠭᠡ ᠵᠢᠯ ᠤᠷᠭᠤᠭᠰᠠᠨ ᠮᠥᠴᠢᠷ ᠨᠢ ᠰᠢᠷᠠᠪᠲᠤᠷ ᠬᠦᠷᠡᠩ᠂ ᠥᠲᠡᠯᠦᠭᠰᠡᠨ ᠮᠥᠴᠢᠷ ᠨᠢ ᠭᠦᠢᠬᠡᠨ ᠴᠠᠢᠪᠤᠷ ᠪᠤᠶᠤ ᠴᠠᠢᠪᠤᠷ ᠬᠦᠷᠡᠩ ᠥᠩᠭᠡ ᠲᠡᠢ᠃ ᠨᠠᠪᠴᠢ ᠨᠢ ᠰᠠᠷᠢᠰᠤᠯᠢᠭ᠂ ᠵᠤᠤᠪᠠᠩ ᠲᠣᠭᠣᠷᠢᠭ ᠪᠤᠶᠤ ᠥᠨᠳᠡᠭᠡᠯᠵᠢᠨ ᠲᠣᠭᠣᠷᠢᠭ ᠬᠡᠯᠪᠡᠷᠢ ᠲᠡᠢ᠂1.8~4cm ᠤᠷᠲᠤ᠂1~1.5cm ᠥᠷᠭᠡᠨ᠂ ᠬᠣᠶᠠᠷ ᠦᠵᠦᠭᠦᠷ ᠨᠢ ᠮᠣᠬᠣᠭᠣ ᠲᠣᠭᠣᠷᠢᠭ ᠪᠥᠭᠡᠳ ᠬᠠᠶᠠ ᠱᠠᠭᠠᠨᠲᠠᠭ ᠤᠭ ᠲᠠᠢ᠂ ᠨᠠᠷᠢᠨ ᠮᠤᠬᠤᠷ ᠬᠡᠷᠴᠢᠶᠡᠰᠦ ᠲᠡᠢ ᠪᠤᠶᠤ ᠪᠠᠷᠤᠭ ᠪᠦᠲᠦᠨ ᠬᠥᠪᠡᠭᠡ ᠲᠡᠢ᠂ ᠥᠪᠥᠷ ᠨᠢ ᠭᠦᠨ ᠨᠣᠭᠣᠭᠠᠨ ᠲᠠᠷᠠᠮᠠᠭ ᠬᠠᠢᠷᠰᠤᠯᠢᠭ ᠲᠣᠯᠪᠣ ᠲᠠᠢ᠂ ᠠᠷᠤ ᠨᠢ ᠭᠦᠢᠬᠡᠨ ᠨᠣᠭᠣᠭᠠᠨ ᠥᠩᠭᠡ ᠲᠡᠢ᠂ ᠢᠭᠴᠤ ᠬᠠᠢᠷᠰᠤᠯᠢᠭ ᠲᠣᠯᠪᠣ ᠲᠠᠢ ᠮᠥᠷᠲᠡᠭᠡᠨ ᠨᠢᠯᠬ᠎ᠠ ᠨᠠᠪᠴᠢ ᠳ᠋ᠤᠨᠢ ᠨᠡᠩ ᠨᠢᠭ ᠪᠠᠢᠳᠠᠭ᠃3~6mm ᠤᠷᠲᠤ ᠣᠬᠣᠷ ᠦᠰᠦ ᠪᠣᠯᠤᠨ ᠲᠠᠷᠠᠮᠠᠭ ᠬᠠᠢᠷᠰᠤᠯᠢᠭ ᠲᠣᠯᠪᠣ ᠲᠠᠢ᠃ ᠮᠥᠴᠢᠷ ᠦ᠋ᠨ ᠦᠵᠦᠭᠦᠷ ᠦ᠋ᠨ ᠬᠠᠵᠠᠭᠤ ᠪᠤᠶᠤ ᠣᠷᠣᠢ ᠳ᠋ᠤᠨᠢ1~4 ᠬᠦᠢᠰ ᠴᠡᠴᠡᠭ ᠳᠡᠯᠭᠡᠷᠡᠨ᠎ᠡ᠃ ᠴᠡᠴᠡᠭ ᠦ᠋ᠨ ᠪᠠᠷᠢᠭᠤᠯ ᠨᠢ2~3mm ᠤᠷᠲᠤ᠂ ᠨᠠᠬᠢᠶ᠎ᠠ ᠶ᠋ᠢᠨ ᠬᠠᠢᠷᠰᠤᠯᠢᠭ ᠲᠤ ᠪᠦᠷᠬᠦᠭᠳᠡᠵᠦ ᠪᠣᠢ᠃ ᠴᠡᠴᠡᠭ ᠨᠢ ᠭᠠᠷᠬᠤ ᠠ᠋ᠴᠠ ᠡᠮᠦᠨ᠎ᠡ ᠳᠡᠯᠭᠡᠷᠡᠨ᠎ᠡ᠃ ᠴᠡᠴᠡᠭ ᠦ᠋ᠨ ᠲᠣᠭᠳᠣᠢ ᠨᠢ ᠣᠬᠣᠷ᠂ ᠬᠠᠢᠷᠰᠤᠯᠢᠭ ᠲᠣᠯᠪᠣ ᠲᠠᠢ᠃ ᠴᠡᠴᠡᠭ ᠦ᠋ᠨ ᠳᠡᠯᠪᠢ ᠨᠢ ᠥᠷᠭᠡᠨ ᠶᠡᠭᠦᠯᠡᠭᠦᠷ ᠬᠡᠯᠪᠡᠷᠢ ᠲᠡᠢ᠂ ᠶᠠᠭᠠᠨ ᠥᠩᠭᠡ ᠲᠡᠢ᠂1.5~1.8cm ᠤᠷᠲᠤ᠂ ᠦᠵᠦᠭᠦᠷ ᠲᠤᠨᠢ5 ᠣᠨᠢ ᠲᠠᠢ᠂ ᠰᠡᠵᠢᠭᠦᠷ ᠢᠯᠲᠠᠰᠤ ᠨᠢ ᠲᠣᠩᠭᠣᠷᠤᠤ ᠥᠨᠳᠡᠭᠡᠯᠵᠢᠨ ᠪᠤᠶᠤ ᠵᠤᠤᠪᠠᠩ ᠪᠥᠭᠡᠷᠡᠩᠬᠡᠢ ᠬᠡᠯᠪᠡᠷᠢ ᠲᠡᠢ᠂5~8mm ᠤᠷᠲᠤ᠂ ᠭᠠᠳᠠᠭᠤᠷ ᠨᠢ ᠵᠥᠭᠡᠯᠡᠨ ᠦᠰᠦ ᠲᠡᠢ᠃ ᠡᠷ᠎ᠡ ᠲᠣᠭᠣᠷᠴᠣᠭ ᠨᠢ10᠂ ᠳᠣᠬᠢᠭᠤᠷ ᠤ᠋ᠨ ᠳᠣᠣᠷ᠎ᠠ ᠬᠡᠰᠡᠭ  ᠲᠤᠨᠢ ᠵᠥᠭᠡᠯᠡᠨ ᠦᠰᠦ ᠲᠡᠢ᠂ ᠲᠣᠭᠣᠰᠣᠪᠴᠢ ᠨᠢ ᠪᠣᠷᠣ ᠤᠯᠠᠭᠠᠨ᠂ ᠤᠮᠠᠢ ᠳᠡᠭᠡᠷ᠎ᠡ ᠨᠢ ᠨᠢᠭ᠋ ᠬᠠᠢᠷᠰᠤᠯᠢᠭ ᠲᠣᠯᠪᠣ ᠲᠠᠢ᠂ ᠴᠡᠴᠡᠭ ᠦ᠋ᠨ ᠪᠠᠭᠠᠨ᠎ᠠ ᠨᠢ ᠪᠣᠷᠣ ᠤᠯᠠᠭᠠᠨ ᠥᠩᠭᠡ ᠲᠡᠢ᠂ ᠪᠠᠷᠤᠭ2mm ᠤᠷᠲᠤ᠂ ᠮᠥᠩᠬᠡ ᠣᠷᠣᠰᠢᠨ᠎ᠠ᠃ ᠬᠣᠩᠭᠣᠷᠴᠣᠭᠲᠤ ᠵᠢᠮᠢᠰ ᠨᠢ ᠤᠷᠲᠤᠯᠵᠢᠨ ᠪᠥᠭᠡᠷᠡᠩᠬᠡᠢ᠂1~1.3cm ᠤᠷᠲᠤ᠂ ᠳ᠋ᠢᠶᠠᠮᠧᠲ᠋ᠷ ᠨᠢ ᠪᠠᠷᠤᠭ5mm᠂ ᠬᠠᠢᠷᠰᠤᠯᠢᠭ ᠲᠣᠯᠪᠣ ᠲᠠᠢ ᠪᠣᠯᠪᠠᠰᠤᠷᠠᠪᠠᠯ ᠣᠷᠣᠢ ᠠ᠋ᠴᠠ ᠪᠠᠨ5 ᠬᠡᠯᠲᠡᠰᠯᠡᠨ ᠬᠠᠭᠠᠷᠠᠨ᠎ᠠ᠃ ᠵᠢᠮᠢᠰ ᠦ᠋ᠨ ᠪᠠᠷᠢᠭᠤᠯ ᠨᠢ ᠪᠠᠷᠤᠭ5mm ᠤᠷᠲᠤ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂7 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠢᠷ᠎ᠠ᠂ ᠬᠠᠵᠠᠭᠤ ᠬᠢᠭᠡᠳ ᠣᠢ ᠶ᠋ᠢᠨ ᠳᠣᠲᠣᠷᠠᠬᠢ ᠬᠦᠴᠢᠯᠯᠢᠭ ᠬᠥᠷᠥᠰᠥᠨ ᠳ᠋ᠦ᠍ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠨᠠᠪᠴᠢ ᠮᠥᠴᠢᠷ ᠢ᠋ ᠨᠢ ᠲᠡᠭᠦᠨ ᠠᠪᠴᠤ᠂ ᠴᠣᠭᠣᠷ ᠡᠰᠢ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠡᠬᠡᠭᠦᠨ ᠠᠮᠲᠠ ᠲᠠᠢ᠂ ᠪᠦᠯᠢᠶᠡᠨ ᠴᠢᠨᠠᠷ ᠲᠠᠢ᠂ ᠬᠥᠩᠭᠡᠨ᠂ ᠵᠥᠭᠡᠯᠡᠨ ᠡᠷᠳᠡᠮ ᠲᠡᠢ᠂ ᠪᠠᠭ᠎ᠠ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠢᠯᠴᠢ ᠶ᠋ᠢ ᠰᠡᠯᠪᠢᠬᠦ᠂ ᠳᠤᠷ᠎ᠠ ᠶ᠋ᠢ ᠨᠡᠭᠡᠭᠡᠬᠦ᠂ ᠪᠠᠳᠭ᠋ᠠᠨ ᠢ᠋ ᠠᠷᠢᠯᠭᠠᠬᠤ᠂᠂ ᠬᠠᠨᠢᠶᠠᠬᠤ ᠶ᠋ᠢ ᠵᠣᠭᠰᠣᠭᠠᠬᠤ᠂ ᠴᠠᠷ ᠢ᠋ ᠠᠷᠢᠯᠭᠠᠬᠤ᠂ ᠮᠠᠬᠠᠪᠣᠳ ᠢ᠋ ᠲᠡᠭᠰᠢᠳᠬᠡᠬᠦ ᠴᠢᠳᠠᠯ ᠲᠠᠢ᠃ ᠭᠣᠣᠯᠳᠠᠭᠤ ᠡᠰᠡ ᠰᠢᠩᠭᠡᠭᠰᠡᠨ᠂ ᠲᠡᠮᠦᠷ ᠬᠠᠭᠲᠤ ᠪᠠᠳᠭ᠋ᠠᠨ᠂ ᠠᠶᠤᠤᠯᠢᠬᠠᠢ ᠶ᠋ᠢᠨ ᠪᠡᠲᠡᠭᠢ᠂ ᠬᠣᠳᠣᠭᠣᠳᠣ ᠡᠪᠡᠳᠬᠦ᠂ ᠳᠤᠷ᠎ᠠ ᠬᠠᠭᠠᠭᠳᠠᠭᠰᠠᠨ᠂ ᠲᠠᠭᠰᠢᠵᠤ ᠬᠠᠨᠢᠶᠠᠬᠤ᠂ ᠴᠠᠷ ᠡᠰᠡ ᠬᠣᠪᠬᠣᠷᠠᠬᠤ᠂ ᠴᠡᠭᠡᠵᠢ ᠴᠢᠬᠤᠯᠳᠠᠬᠤ᠂ ᠠᠭᠤᠰᠬᠢᠨ ᠤ᠋ ᠴᠠᠢᠪᠤᠷ ᠬᠠᠪᠤᠩ᠂ ᠰᠢᠮ᠎ᠡ ᠲᠡᠵᠢᠭᠡᠯ ᠳᠤᠲᠠᠭᠳᠠᠬᠤ᠂ ᠬᠥᠰᠢᠵᠦ ᠠᠲᠤᠷᠢᠬᠤ᠂ ᠴᠢᠭᠢᠬ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄满山红(兴安杜鹃)
   ᠠᠩᠭ᠌ᠯᠢ ᠨᠡᠷ᠎ᠡ᠄Rhododendron donuricum l.

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ