ᠬᠤᠯᠠᠨ – ᠴᠢᠰᠤ ᠦᠭᠡᠢ ᠳᠣᠯᠣᠭᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 17 Хулан – цусгүй тулаан - Чингис хаан оо нууц түүх 17 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠠᠨ – ᠴᠢᠰᠤ ᠦᠭᠡᠢ ᠳᠣᠯᠣᠭᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 17 Хулан – цусгүй тулаан - Чингис хаан оо нууц түүх 17

ᠬᠤᠯᠠᠨ – ᠴᠢᠰᠤ ᠦᠭᠡᠢ ᠳᠣᠯᠣᠭᠠᠨ - ᠴᠢᠩᠭᠢᠰ ᠬᠠᠭᠠᠨ ᠊ᠤ᠌ ᠨᠢᠭᠤᠴᠠ ᠲᠡᠦᠬᠡ 17 Хулан – цусгүй тулаан - Чингис хаан оо нууц түүх 17

ᠠᠩᠭᠢᠯᠠᠯ:ᠲᠡᠦᠬᠡ ᠰᠣᠶᠣᠯ
2025-09-06

295

ᠬᠤᠯᠠᠨ –

ᠴᠢᠰᠤ ᠦᠭᠡᠢ ᠳᠣᠯᠣᠭᠠᠨ


       ᠲᠡᠮᠦᠵᠢᠨ ᠦ᠌ ᠶᠡᠬᠡ ᠬᠦᠷᠢᠶᠡᠨ ᠡᠴᠡ ᠬᠣᠯᠠ ᠦᠭᠡᠢ ᠲᠤᠰ ᠲᠠᠭᠠᠨ ᠨᠠᠮᠤᠷᠵᠢᠵᠤ ᠪᠠᠢᠭᠰᠠᠨ ᠥᠭᠡᠯᠦᠨ ᠡᠬᠡ ᠭᠡᠨᠡᠳᠲᠡ ᠳᠠᠭᠤᠳᠠᠭᠤᠯᠤᠭᠰᠠᠨ ᠳ᠋ᠤ᠌ ᠪᠥᠷᠲᠡ ᠶᠡᠬᠡᠳᠡ ᠰᠣᠴᠢᠨ ᠭᠠᠢᠬᠠᠵᠠᠢ᠃ ᠡᠨᠡ ᠦᠶ᠎ᠡ ᠳ᠋ᠦ᠍ ᠪᠥᠷᠲᠡ ᠬᠥᠳᠡᠭᠡ ᠭᠡᠷ ᠲᠦ᠍ ᠵᠠᠷᠤᠴᠠ ᠰᠢᠪᠡᠭᠴᠢᠳ ᠪᠣᠯᠤᠭᠠᠳ ᠲᠠᠲᠠᠪᠤᠷᠢ᠂ ᠪᠣᠭᠣᠯ ᠡᠮᠡᠰ ᠢ᠋ ᠴᠤᠭᠯᠠᠭᠤᠯᠤᠨ ᠢᠰᠡᠭᠡᠢ ᠬᠢᠬᠦ ᠤᠩᠭᠠᠰᠤ ᠰᠠᠪᠠᠭᠠᠳᠠᠭᠤᠯᠵᠤ ᠪᠠᠢᠵᠠᠢ᠃ ᠡᠨᠡ ᠪᠣᠯ ᠨᠠᠮᠤᠷ ᠴᠠᠭ ᠲᠤ᠌ ᠲᠠᠯ᠎ᠠ ᠶ᠋ᠢᠨ ᠨᠡᠭᠦᠳᠡᠯᠴᠢᠳ ᠦ᠋ᠨ ᠬᠢᠳᠡᠭ ᠬᠠᠮᠤᠭ ᠴᠢᠬᠤᠯᠠ ᠠᠵᠢᠯ ᠤ᠋ᠳ ᠤ᠋ᠨ ᠨᠢᠭᠡ ᠪᠥᠭᠡᠳ ᠤᠳᠠᠬᠤ ᠦᠭᠡᠢ ᠢᠷᠡᠬᠦ ᠬᠠᠬᠢᠷ ᠡᠪᠦᠯ ᠦ᠋ᠨ ᠪᠡᠯᠡᠳᠬᠡᠯ ᠶᠦᠮ᠃ ᠥᠭᠡᠯᠦᠨ ᠡᠬᠡ ᠶ᠋ᠢᠨ ᠡᠢᠨ ᠭᠡᠨᠡᠳᠲᠡ ᠳᠠᠭᠤᠳᠠᠭᠰᠠᠨ ᠨᠢ ᠲᠤᠢᠯ ᠤ᠋ᠨ ᠰᠡᠵᠢᠭᠲᠡᠢ ᠰᠠᠨᠠᠭᠳᠠᠭᠰᠠᠨ ᠲᠤᠯᠠ ᠪᠥᠷᠲᠡ ᠶᠡᠬᠡ ᠥᠷᠭᠥᠭᠡ ᠪᠡᠷ ᠢ᠋ᠶ᠋ᠡᠨ ᠣᠷᠣᠵᠤ ᠬᠤᠪᠴᠠᠰᠤ ᠪᠠᠨ ᠴᠤ᠌ ᠰᠣᠯᠢᠯ ᠦᠭᠡᠢ ᠳ᠋ᠠᠩ ᠮᠣᠷᠢ ᠪᠠᠷ ᠳᠠᠭᠠᠭᠤᠯ ᠰᠢᠳᠠᠷ ᠢ᠋ᠶ᠋ᠠᠨ ᠱᠠᠪᠳᠠᠭᠤᠯᠤᠨ ᠳᠠᠪᠬᠢᠭᠰᠠᠭᠠᠷ ᠥᠭᠡᠯᠦᠨ ᠡᠬᠡ ᠶ᠋ᠢᠨ ᠬᠦᠷᠢᠶᠡᠨ ᠳ᠋ᠦ᠍ ᠣᠴᠢᠵᠠᠢ᠃ ᠮᠡᠷᠭᠢᠳ ᠢ᠋ ᠳᠠᠢᠯᠠᠬᠤ ᠪᠠᠷ ᠶᠠᠪᠤᠭᠰᠠᠨ ᠬᠥᠪᠡᠭᠦᠳ ᠨᠢ ᠬᠠᠮᠤᠭ ᠤ᠋ᠨ ᠲᠦᠷᠦᠭᠦᠨ ᠪᠠᠭ᠎ᠠ ᠪᠠᠯᠴᠢᠷ ᠲᠤᠯᠤᠢ ᠬᠦᠦ ᠨᠢ ᠰᠠᠨᠠᠭᠠᠨ ᠳ᠋ᠤ᠌ ᠣᠷᠣᠵᠤ ᠮᠠᠭᠤ ᠯᠠ ᠶᠠᠭᠤᠮ᠎ᠠ ᠪᠣᠳᠣᠭᠳᠠᠵᠠᠢ᠃ ᠲᠡᠢᠨ ᠦ᠌ ᠲᠠᠯᠠᠪᠤᠷ ᠠ᠋ᠴᠠ ᠪᠤᠭᠤᠷᠴᠢ ᠢᠷᠡᠵᠦ ᠥᠭᠡᠯᠦᠨ ᠡᠬᠡ ᠲᠡᠢ ᠠᠭᠤᠯᠵᠠᠭᠰᠠᠨ ᠢ᠋ ᠰᠢᠪᠡᠭᠴᠢᠳ ᠡᠴᠡ ᠣᠯᠵᠤ ᠰᠣᠨᠣᠰᠤᠭᠠᠳ ᠪᠦᠷ ᠴᠦ᠍ ᠰᠡᠳᠬᠢᠯ ᠵᠣᠪᠠᠵᠠᠢ᠃ ᠦᠷᠭᠦᠭᠡᠨ ᠳ᠋ᠦ᠍ᠨᠢ ᠪᠠᠷᠠᠯᠬᠠᠨ ᠣᠷᠣᠮᠠᠭᠴᠠ ᠰᠠᠢᠲᠤᠷ ᠠᠵᠢᠭᠯᠠᠭᠰᠠᠨ ᠴᠤ᠌ ᠥᠭᠡᠯᠦᠨ ᠡᠬᠡ ᠶ᠋ᠢᠨ ᠴᠢᠷᠠᠢ ᠠ᠋ᠴᠠ ᠮᠠᠭᠤ ᠰᠡᠵᠢᠭ ᠢᠯᠡᠷᠡᠭᠰᠡᠨ ᠦᠭᠡᠢ ᠳ᠋ᠦ᠍ ᠲᠠᠢᠪᠤᠰᠢᠷᠠᠪᠠ᠃ ᠬᠠᠷᠢᠨ ᠥᠭᠡᠯᠦᠨ ᠡᠬᠡ ᠮᠡᠨᠳᠦ ᠶ᠋ᠢᠨ ᠦᠭᠡ ᠰᠣᠯᠢᠭᠠᠳ ᠴᠠᠢ ᠢᠳᠡᠭᠡ ᠲᠠᠯᠪᠢᠵᠤ ᠵᠠᠷᠤᠴᠠ ᠰᠢᠪᠡᠭᠴᠢᠳ ᠭᠠᠷᠤᠭᠰᠠᠨ ᠤ᠋ ᠬᠣᠢᠨ᠎ᠠ 
       | ᠴᠢ ᠴᠢᠩᠭᠢᠰ ᠬᠠᠭᠠᠨ ᠤ᠋ ᠶᠡᠬᠡ ᠬᠠᠲᠤᠨ ᠮᠥᠷᠲᠡᠭᠡᠨ ᠬᠠᠷᠠᠴᠤ ᠵᠠᠷᠤᠴᠠ ᠰᠢᠭ᠋ ᠡᠩ ᠦ᠋ᠨ ᠬᠤᠪᠴᠠᠰᠤᠯᠠᠵᠤ᠂ ᠡᠵᠡᠨ ᠦᠭᠡᠢ ᠮᠡᠲᠦ ᠶᠠᠪᠤᠬᠤ ᠴᠢᠨᠢ ᠶᠠᠭᠤ ᠪᠣᠢ? ᠴᠢᠮᠠᠶ᠋ᠢ ᠢᠩᠭᠢᠵᠦ ᠶᠠᠪᠤᠬᠤ ᠳ᠋ᠤ᠌ ᠶᠢᠰᠦᠶ᠋ ᠶᠢᠰᠦᠬᠡᠨ ᠬᠠᠲᠤᠳ ᠶᠠᠭᠠᠬᠢᠬᠤ ᠪᠣᠢ? ᠬᠠᠭᠠᠨ ᠬᠥᠮᠦᠨ ᠢ᠋ ᠬᠠᠲᠤᠨ ᠤ᠋ ᠬᠢᠨᠢ ᠶᠠᠪᠤᠳᠠᠯ ᠰᠠᠭᠤᠳᠠᠯ ᠢ᠋ᠶ᠋ᠠᠷ ᠬᠡᠮᠵᠢᠳᠡᠭ ᠶᠦᠮ ᠭᠡᠵᠦ ᠵᠢᠮᠡᠯᠡᠬᠦ ᠦᠭᠡ ᠶ᠋ᠢ ᠬᠠᠮᠤᠭ ᠤ᠋ᠨ ᠡᠬᠢᠯᠡᠨ ᠬᠡᠯᠡᠬᠦ ᠶ᠋ᠢ ᠰᠣᠨᠣᠰᠤᠭᠠᠳ ᠳᠡᠮᠡᠢ ᠶᠠᠭᠠᠷᠠᠭᠰᠠᠨ ᠳ᠋ᠠᠭᠠᠨ ᠬᠠᠷᠠᠮᠰᠠᠪᠠᠴᠤ ᠣᠷᠣᠢᠲᠠᠵᠠᠢ᠃ ᠥᠭᠡᠯᠦᠨ ᠡᠬᠡ ᠠᠭᠤᠷᠯᠠᠵᠤ ᠵᠠᠩᠨᠠᠪᠠᠯ ᠮᠠᠭᠤ ᠶᠠᠭᠤᠮ᠎ᠠ ᠬᠡᠯᠡᠬᠦ ᠶ᠋ᠢᠨ ᠳᠣᠬᠢᠶ᠎ᠠ ᠪᠢᠯᠡ᠃ ᠲᠡᠢᠮᠦ ᠴᠦ᠍ ᠤᠴᠢᠷ ᠠ᠋ᠴᠠ ᠪᠥᠷᠲᠡ ᠥᠭᠡᠯᠦᠨ ᠡᠬᠡ ᠶ᠋ᠢᠨ ᠵᠢᠮᠡᠯᠡᠬᠦ ᠶ᠋ᠢ ᠰᠣᠨᠣᠰᠤᠭᠠᠳ ᠳᠠᠬᠢᠨ ᠲᠦᠭᠰᠢᠭᠦᠷᠢ ᠳ᠋ᠦ᠍ ᠠᠪᠲᠠᠪᠠ᠃ ᠥᠭᠡᠯᠦᠨ ᠡᠬᠡ ᠶᠠᠮᠠᠷ ᠨᠢᠭᠡᠨ ᠮᠠᠭᠤ ᠮᠡᠳᠡᠭᠡ ᠶ᠋ᠢ ᠬᠡᠯᠡᠵᠦ ᠴᠢᠳᠠᠬᠤ ᠦᠭᠡᠢ ᠨᠢᠭᠤᠵᠤ ᠪᠠᠢᠬᠤ ᠰᠢᠭ᠋ ᠰᠠᠨᠠᠭᠳᠠᠵᠠᠢ᠃ ᠪᠥᠷᠲᠡ ᠶ᠋ᠢᠨ ᠮᠡᠭᠳᠡᠵᠦ ᠰᠠᠨᠳᠤᠷᠬᠤ ᠶ᠋ᠢ ᠦᠵᠡᠭᠰᠡᠨ ᠥᠭᠡᠯᠦᠨ ᠭᠡᠨᠡᠳᠲᠡ ᠲᠡᠭᠦᠨ ᠢ᠋ ᠦᠷᠦ ᠡᠪᠡᠳᠴᠦ ᠬᠠᠢᠷᠠᠯᠠᠨ ᠲᠡᠪᠡᠷᠢᠵᠡᠢ᠃ ᠡᠨᠡ ᠬᠠᠴᠢᠨ ᠪᠠᠢᠳᠠᠯ ᠪᠥᠷᠲᠡ ᠶ᠋ᠢ ᠡᠬᠢᠯᠡᠭᠡᠳ ᠭᠠᠢᠬᠠᠭᠤᠯᠤᠭᠰᠠᠨ ᠴᠤ᠌ ᠪᠠᠰᠠ ᠶᠡᠬᠡᠳᠡ ᠤᠶᠠᠷᠠᠭᠠᠵᠤ᠂ ᠴᠣᠳᠤᠨ ᠡᠬᠡ ᠪᠡᠨ ᠨᠠᠰᠤ ᠪᠠᠷᠠᠭᠰᠠᠨ ᠠ᠋ᠴᠠ ᠬᠣᠢᠰᠢ ᠭᠠᠭᠴᠠᠭᠠᠷᠳᠠᠨ ᠰᠢᠨᠠᠯᠵᠤ ᠶᠠᠪᠤᠭᠰᠠᠨ ᠰᠡᠳᠬᠢᠯ ᠨᠢ ᠤᠷᠠᠭᠳᠠᠨ ᠰᠡᠮᠡᠷᠡᠵᠦ ᠳᠠᠰᠤᠯ ᠦᠭᠡᠢ ᠨᠢᠯᠪᠤᠰᠤ ᠠᠰᠬᠠᠷᠠᠭᠤᠯᠪᠠ᠃ ᠡᠬᠡ ᠶ᠋ᠢᠨ ᠢ᠋ᠶ᠋ᠡᠨ ᠡᠩᠭᠡᠷ ᠲᠦ᠍ ᠲᠣᠯᠣᠭᠠᠢ ᠪᠠᠨ ᠨᠠᠭᠠᠭᠠᠳ ᠠᠰᠬᠠᠷᠠᠲᠠᠯ᠎ᠠ ᠤᠬᠢᠯᠠᠬᠤ ᠬᠦᠰᠡᠯ ᠪᠦᠰᠡᠭᠦᠢ ᠬᠥᠮᠦᠨ ᠳ᠋ᠦ᠍ ᠬᠡᠴᠢᠨᠡᠨ ᠶᠡᠬᠡ ᠪᠠᠢᠳᠠᠭ ᠢ᠋ ᠪᠥᠷᠲᠡ ᠰᠠᠶᠢ ᠯᠠ ᠮᠡᠳᠡᠪᠡ᠃ ᠡᠬᠡ ᠦᠭᠡᠢ ᠥᠨᠥᠴᠢᠨ ᠳ᠋ᠦ᠍ ᠡᠷᠬᠡᠯᠡᠬᠦ᠂ ᠤᠬᠢᠯᠠᠬᠤ ᠴᠤ᠌ ᠬᠥᠮᠦᠨ ᠣᠯᠳᠠᠳᠠᠭ ᠦᠭᠡᠢ ᠠᠵᠢ᠃ ᠪᠥᠷᠲᠡ ᠶ᠋ᠢᠨ ᠦᠨᠡᠨ ᠰᠡᠳᠬᠢᠯ ᠦ᠋ᠨ ᠨᠢᠯᠪᠤᠰᠤ ᠥᠭᠡᠯᠦᠨ ᠢ᠋ ᠴᠦ᠍ ᠤᠶᠠᠷᠠᠭᠠᠪᠠ᠃ ᠲᠡᠮᠦᠵᠢᠨ ᠳ᠋ᠦ᠍ ᠢᠷᠡᠵᠦ ᠵᠣᠪᠠᠯᠠᠩ ᠲᠦᠭᠰᠢᠭᠦᠷᠢ᠂ ᠪᠠᠶᠠᠷ ᠪᠠᠶᠠᠰᠬᠤᠯᠠᠩ ᠠᠯᠢ ᠠᠯᠢ ᠨᠢ ᠳᠦᠭᠦᠷᠡᠩ ᠠᠮᠢᠳᠤᠷᠠᠭᠰᠠᠭᠠᠷ ᠢᠷᠡᠭᠰᠡᠨ ᠴᠦ᠍ ᠲᠥᠷᠥᠭᠦᠯᠦᠭᠰᠡᠨ ᠡᠬᠡ ᠴᠤᠳᠤᠨ ᠨᠢ ᠨᠠᠰᠤ ᠨᠥᠭᠴᠢᠭᠰᠡᠨ ᠡᠴᠡ ᠬᠣᠢᠰᠢ ᠶᠠᠭᠠᠬᠢᠵᠤ ᠶᠡᠬᠡ ᠪᠡᠷ ᠭᠠᠭᠴᠠᠭᠠᠷᠳᠠᠵᠤ ᠶᠠᠪᠤᠭᠰᠠᠨ ᠢ᠋ᠶ᠋ᠠᠨ ᠪᠥᠷᠲᠡ ᠮᠡᠳᠡᠭᠰᠡᠨ ᠦᠭᠡᠢ ᠠᠵᠢ᠃ 
       | ᠢᠰᠢ ᠴᠠᠪᠠᠰᠤ ᠳᠠ᠂ ᠥᠬᠢᠨ ᠮᠢᠨᠢ᠂ ᠤᠬᠢᠯᠠ ᠤᠬᠢᠯᠠ᠃ ᠢᠵᠢᠯᠢ ᠡᠴᠡ ᠪᠡᠨ ᠲᠥᠭᠡᠷᠢᠵᠦ ᠬᠣᠴᠣᠷᠤᠭᠰᠠᠨ ᠥᠨᠥᠴᠢᠨ ᠤᠨᠠᠭ᠎ᠠ ᠰᠢᠭ᠋᠂ ᠬᠥᠬᠥᠨ ᠡᠴᠡ ᠪᠡᠨ ᠭᠠᠷᠤᠭ᠎ᠠ ᠦᠭᠡᠢ ᠢᠨᠵᠠᠭ᠎ᠠ ᠰᠢᠭ᠋ ᠠᠮᠢᠲᠠᠨ ᠮᠠᠨ ᠤ᠋ ᠳ᠋ᠤ᠌ ᠢᠷᠡᠭᠰᠡᠨ ᠳ᠋ᠡᠭᠡᠨ ᠴᠢ᠃ ᠬᠠᠢᠷᠠᠲᠠᠢ ᠠᠪᠤ ᠡᠵᠢ᠂ ᠥᠰᠦᠭᠰᠡᠨ ᠳᠠᠰᠤᠭᠰᠠᠨ ᠨᠤᠲᠤᠭ ᠤᠰᠤ ᠪᠠᠨ ᠣᠷᠬᠢᠭᠠᠳ ᠶᠠᠳᠠᠭᠤ ᠲᠡᠮᠦᠵᠢᠨ ᠢ᠋ ᠮᠢᠨᠢ ᠳ᠋ᠠᠩ ᠳᠡᠪᠡᠯ ᠲᠡᠢ᠂ ᠳᠠᠪᠤᠤ ᠭᠡᠷ ᠲᠡᠢ ᠭᠡᠵᠦ ᠭᠣᠯᠣᠯ ᠦᠭᠡᠢ ᠢᠷᠡᠭᠰᠡᠨ ᠥᠬᠢᠨ ᠦᠷ᠎ᠡ ᠮᠢᠨᠢ᠃ ᠪᠢ ᠴᠢᠮᠠᠶ᠋ᠢ ᠶᠠᠭᠠᠬᠢᠭᠰᠠᠨ ᠴᠤ᠌ ᠶᠡᠬᠡ ᠵᠣᠪᠠᠯᠠᠩ ᠳ᠋ᠤ᠌ ᠤᠨᠠᠭᠠᠪᠠ ᠳᠠ᠃ ᠴᠢ ᠲᠡᠮᠦᠵᠢᠨ ᠬᠥᠪᠡᠭᠦᠨ ᠦ᠌ ᠮᠢᠨᠢ ᠲᠥᠯᠥᠭᠡ ᠪᠦᠯᠢᠶᠡᠨ ᠰᠡᠳᠬᠢᠯ ᠢ᠋ᠶ᠋ᠡᠨ ᠵᠠᠷᠤᠵᠤ ᠪᠦᠲᠦᠨ ᠪᠡᠶ᠎ᠡ ᠪᠡᠨ ᠦᠷᠡᠭᠰᠡᠨ᠃ ᠡᠵᠢ ᠨᠢ ᠴᠢᠮᠠᠶ᠋ᠢ ᠣᠢᠯᠠᠭᠠᠵᠤ ᠪᠠᠢᠨ᠎ᠠ᠃ ᠲᠥᠷᠥᠭᠰᠡᠨ ᠡᠴᠢᠭᠡ ᠡᠬᠡ ᠤᠷᠤᠭᠤ ᠪᠠᠨ ᠪᠤᠴᠠᠮᠠᠷ ᠦᠶ᠎ᠡ ᠴᠢᠮᠠᠲᠤ ᠣᠯᠠᠨ ᠪᠠᠢᠭᠰᠠᠨ ᠪᠢᠵᠡ᠃ ᠪᠢ ᠴᠦ᠍ ᠴᠢᠮᠠᠶ᠋ᠢ ᠦᠷᠦ ᠡᠪᠡᠳᠦᠭᠰᠡᠨ ᠳ᠋ᠡᠭᠡᠨ ᠪᠤᠴᠠᠭᠠᠰᠠᠢ ᠭᠡᠵᠦ ᠰᠠᠨᠠᠭᠰᠠᠨ ᠦᠶ᠎ᠡ ᠣᠯᠠᠨ ᠪᠣᠢ᠃ ᠭᠡᠪᠡᠴᠦ ᠴᠢ ᠶᠠᠭᠠᠬᠢᠵᠤ ᠪᠤᠴᠠᠬᠤ ᠪᠢᠯᠡ᠃ ᠪᠢ ᠴᠢᠮᠠᠶ᠋ᠢ ᠶᠠᠭᠠᠬᠢᠵᠤ ᠴᠤ᠌ ᠪᠤᠴᠠᠭᠠᠬᠤ ᠪᠢᠯᠡ᠃ ᠲᠠᠷᠠᠵᠤ ᠰᠠᠷᠨᠢᠵᠤ ᠬᠠᠭᠠᠴᠠᠵᠤ ᠥᠨᠥᠴᠢᠷᠡᠭᠰᠡᠨ ᠶᠢᠰᠦᠭᠡᠢ ᠶ᠋ᠢᠨ ᠤᠳᠤᠮ᠂ ᠪᠣᠷᠵᠢᠭᠢᠨ ᠠᠢᠮᠠᠭ ᠤ᠋ᠨ ᠨᠡᠷ᠎ᠡ ᠶ᠋ᠢ ᠪᠦᠲᠦᠨ ᠪᠣᠯᠭᠠᠵᠤ᠂ ᠪᠦᠷ ᠤᠷᠭᠤᠭᠤᠯᠵᠤ ᠲᠥᠯᠵᠢᠭᠦᠯᠦᠭᠰᠡᠨ ᠨᠢ ᠪᠥᠷᠲᠡ ᠴᠢ ᠶᠦ᠍ᠮ ᠰᠢᠦ ᠳᠡ᠃ ᠴᠢᠨᠦ ᠭᠠᠪᠢᠶ᠎ᠠ ᠵᠢᠳᠬᠦᠯ ᠢ᠋ ᠬᠡᠨ ᠴᠦ᠍ ᠬᠡᠵᠢᠶ᠎ᠡ ᠴᠦ᠍ ᠦᠭᠡᠢᠰᠬᠡᠨ ᠪᠤᠴᠠᠭᠠᠵᠤ ᠦᠯᠦ ᠴᠢᠳᠠᠨ᠎ᠠ᠃ ᠲᠡᠢᠮᠦ ᠠ᠋᠂ ᠴᠢ ᠨᠠᠳᠠ ᠠ᠋ᠴᠠ ᠪᠣᠯᠵᠤ ᠮᠡᠷᠭᠢᠳ ᠲᠦ᠍ ᠪᠤᠯᠢᠶᠠᠭᠳᠠᠭᠰᠠᠨ᠃ ᠪᠤᠴᠠᠵᠤ ᠢᠷᠡᠭᠰᠡᠨ ᠡᠴᠡ ᠴᠢᠨᠢ ᠬᠣᠢᠰᠢ ᠲᠡᠮᠦᠵᠢᠨ ᠴᠢᠮᠠᠶ᠋ᠢ ᠶᠠᠭᠠᠬᠢᠵᠤ ᠬᠠᠷᠠᠳᠠᠨ ᠬᠠᠵᠢᠭᠯᠠᠵᠤ ᠵᠣᠪᠠᠭᠠᠭᠰᠠᠨ ᠢ᠋ ᠪᠢ ᠯᠡ ᠮᠡᠳᠡᠨ᠎ᠡ᠃ ᠥᠭᠡᠷ᠎ᠡ ᠬᠡᠨ ᠴᠦ᠍ ᠮᠡᠳᠡᠬᠦ ᠦᠭᠡᠢ᠃ ᠭᠡᠪᠡᠴᠦ ᠴᠢ ᠨᠠᠳᠠᠳᠤ ᠭᠣᠮᠣᠳᠠᠯ ᠤ᠋ᠨ ᠭᠠᠭᠴᠠ ᠦᠭᠡ ᠭᠠᠩ ᠭᠡᠵᠦ ᠳᠤᠷᠠᠳᠤᠭ᠎ᠠ ᠦᠭᠡᠢ ᠴᠦ᠍ ᠥᠷᠯᠥᠭᠡ ᠪᠦᠷᠢ ᠪᠢ ᠴᠢᠨᠦ ᠨᠢᠯᠪᠤᠰᠤ ᠨᠡᠪᠴᠢᠭᠰᠡᠨ ᠬᠠᠷᠠᠴᠠ ᠠ᠋ᠴᠠ ᠵᠣᠪᠠᠯᠠᠩ ᠢ᠋ ᠴᠢᠨᠢ ᠮᠡᠳᠡᠳᠡᠭ ᠪᠠᠢᠯ᠎ᠠ᠃ ᠳᠠᠩᠴᠤ ᠳᠡᠩᠳᠡᠭᠦᠦ ᠲᠡᠪᠴᠢᠶᠡᠷᠢ ᠲᠡᠢ ᠬᠥᠮᠦᠨ ᠳᠡ ᠴᠢ᠃ ᠴᠢ ᠪᠣᠯ ᠮᠢᠨᠦ ᠳᠡᠪᠡᠯ ᠲᠡᠢ ᠲᠥᠷᠥᠭᠰᠡᠨ ᠥᠬᠢᠨ ᠦᠷ᠎ᠡ ᠮᠢᠨᠢ ᠶᠦ᠍ᠮ ᠰᠢᠦ᠃ ᠶᠢᠰᠦᠭᠡᠢ ᠶ᠋ᠢᠨ ᠦᠬᠦᠯ ᠡᠴᠡ ᠬᠣᠢᠰᠢ ᠠᠮᠢᠳᠤᠷᠠᠯ ᠮᠢᠨᠢ ᠭᠠᠭᠴᠠᠬᠠᠨ ᠬᠠᠷ᠎ᠠ ᠪᠠᠷᠠᠭᠠᠨ ᠰᠡᠭᠦᠳᠡᠷ ᠰᠢᠭ ᠪᠠᠢᠭᠰᠠᠨ᠃ ᠭᠡᠲᠡᠯ᠎ᠡ ᠡᠵᠢ ᠶ᠋ᠢᠨ ᠢ᠋ᠶ᠋ᠡᠨ ᠡᠪᠦᠷ ᠡᠴᠡ ᠴᠦ᠍ ᠭᠠᠷᠤᠭ᠎ᠠ ᠦᠭᠡᠢ ᠰᠢᠬᠠᠮ ᠨᠢᠯᠬ᠎ᠠ ᠠᠮᠢᠲᠠᠨ᠂ ᠥᠷᠪᠡᠯᠭᠡ ᠨᠢ ᠬᠠᠲᠠᠭ᠎ᠠ ᠦᠭᠡᠢ ᠠᠩᠭᠠᠬᠠᠢ ᠰᠢᠭ᠋ ᠥᠬᠢᠨ᠂ ᠲᠡᠮᠦᠵᠢᠨ ᠬᠥᠪᠡᠭᠦᠨ ᠲᠡᠢ ᠮᠢᠨᠢ ᠬᠠᠮᠲᠤ ᠤᠶᠠᠭᠠᠨ ᠳᠡᠭᠡᠷ᠎ᠡ ᠪᠠᠭᠤᠭᠠᠳ ᠢᠨᠢᠶᠡᠭᠡᠳ ᠢᠷᠡᠬᠦ ᠳ᠋ᠦ᠍ ᠴᠢᠨᠢ ᠣᠯᠠᠨ ᠵᠢᠯ ᠤᠬᠢᠯᠠᠬᠤ ᠦᠭᠡᠢ ᠭᠡᠵᠦ ᠬᠤᠷᠢᠶᠠᠭᠰᠠᠨ ᠨᠢᠯᠪᠤᠰᠤ ᠰᠤᠯᠠ ᠠᠰᠬᠠᠷᠠᠭᠠᠳ ᠤᠬᠠᠭᠠᠨ ᠪᠠᠯᠠᠷᠳᠠᠭᠰᠠᠨ ᠶᠤᠮ᠃ ᠴᠢᠨᠦ ᠭᠠᠷ ᠲᠡᠷᠡ ᠦᠶ᠎ᠡ ᠳ᠋ᠦ᠍ ᠡᠢᠮᠦ ᠰᠢᠷᠦᠭᠦᠨ ᠪᠠᠢᠭ᠎ᠠ ᠦᠭᠡᠢ᠃ ᠬᠥᠭᠡᠷᠦᠬᠦᠨ ᠪᠤᠯᠪᠠᠷᠠᠢ ᠵᠥᠭᠡᠯᠡᠨ ᠠᠯᠠᠭ᠎ᠠ ᠴᠢᠨᠢ ᠳᠤᠬᠤᠨ ᠳ᠋ᠤ᠌ ᠬᠦᠷᠴᠦ 《ᠡᠵᠢ》 ᠭᠡᠵᠦ ᠳᠠᠭᠤᠳᠠᠬᠤ ᠳ᠋ᠤ᠌ ᠪᠢ ᠰᠡᠷᠡᠭᠰᠡᠨ᠃ ᠴᠢ ᠶᠠᠭ ᠯᠠ ᠡᠵᠢ ᠮᠢᠨᠢ ᠡᠷᠭᠢᠭᠡᠳ ᠢᠷᠡᠬᠦ ᠰᠢᠭ ᠦᠵᠡᠭᠳᠡᠭᠰᠡᠨ ᠰᠢᠦ᠃ ᠴᠢ ᠮᠢᠨᠦ ᠥᠬᠢᠨ ᠮᠡᠲᠦ᠂ ᠪᠠᠰᠠ ᠢᠷᠡᠬᠦ ᠦᠭᠡᠢ ᠣᠳᠤᠭᠰᠠᠨ ᠡᠵᠢ ᠮᠡᠲᠦ ᠢᠷᠡᠭᠰᠡᠨ ᠶᠦ᠍ᠮ ᠳᠡ᠃ ᠶᠢᠰᠦᠭᠡᠢ ᠶ᠋ᠢᠨ ᠤᠳᠤᠮ ᠢ᠋ ᠠᠮᠢᠳᠤ ᠦᠯᠡᠳᠡᠭᠡᠬᠦ ᠭᠡᠵᠦ᠂ ᠠᠮᠢᠳᠤᠷᠠᠭᠤᠯᠬᠤ ᠭᠡᠵᠦ᠂ ᠥᠰᠬᠡᠵᠦ ᠦᠷᠡᠵᠢᠭᠦᠯᠬᠦ ᠭᠡᠵᠦ ᠴᠢ ᠪᠢᠳᠡ ᠬᠣᠶᠠᠷ ᠬᠠᠮᠲᠤ ᠵᠢᠳᠬᠦᠯ᠎ᠡ᠃ ᠪᠢ ᠥᠪᠡᠷ ᠢ᠋ ᠪᠡᠨ ᠵᠣᠪᠠᠭᠠᠪᠠ᠃ ᠬᠡᠨ ᠨᠢᠭᠡᠨ ᠦ᠌ ᠲᠥᠯᠥᠭᠡ ᠠᠮᠢᠳᠤᠷᠠᠪᠠ ᠭᠡᠵᠦ ᠬᠡᠵᠢᠶ᠎ᠡ ᠴᠦ᠍ ᠪᠣᠳᠣᠵᠤ ᠪᠠᠢᠭᠰᠠᠨ ᠦᠭᠡᠢ ᠃ ᠡᠨᠡ ᠪᠣᠯ ᠴᠢ ᠪᠢᠳᠡ ᠬᠣᠶᠠᠷ ᠤ᠋ᠨ ᠪᠡᠶᠡᠯᠡᠭᠦᠯᠬᠦ ᠶᠣᠰᠣᠲᠠᠢ ᠲᠡᠭᠷᠢ ᠶ᠋ᠢᠨ ᠵᠠᠷᠯᠢᠭ ᠪᠢᠵᠡ᠃ ᠴᠢ ᠪᠢᠳᠡ ᠬᠣᠶᠠᠷ ᠣᠳᠣ ᠨᠢᠭᠡ ᠨᠢ ᠬᠠᠭᠠᠨ ᠬᠦᠦ ᠲᠡᠢ᠂ ᠨᠥᠭᠦᠭᠡ ᠨᠢ ᠬᠠᠭᠠᠨ ᠡᠷ᠎ᠡ ᠲᠡᠢ ᠪᠣᠯᠤᠯ᠎ᠠ᠃ ᠴᠢ ᠢᠷᠡᠭᠡᠳᠦᠢ ᠶ᠋ᠢᠨ ᠮᠣᠩᠭᠣᠯ ᠤ᠋ᠨ ᠶᠡᠬᠡ ᠬᠠᠭᠠᠳ ᠤ᠋ᠨ ᠡᠬᠡ ᠪᠣᠯᠵᠠᠢ᠃ ᠲᠡᠭᠡᠬᠦ ᠪᠡᠷ ᠴᠢ ᠨᠢᠯᠪᠤᠰᠤ ᠪᠠᠨ ᠠᠷᠴᠢᠵᠤ ᠬᠠᠭᠠᠨ ᠤ᠋ ᠬᠠᠲᠤᠨ ᠰᠢᠭ᠋ ᠪᠠᠢᠵᠤ ᠦᠵᠡ᠃ ᠮᠣᠩᠭᠣᠯ ᠤᠭᠰᠠᠭᠠᠲᠠᠨ ᠤ᠋ ᠲᠥᠯᠥᠭᠡ ᠪᠠᠢᠭᠤᠯᠤᠭᠰᠠᠨ ᠭᠠᠪᠢᠶ᠎ᠠ ᠪᠠᠨ ᠪᠣᠳᠣᠭᠠᠳ ᠪᠥᠷᠲᠡ ᠴᠢ᠂ ᠪᠠᠰᠠ ᠥᠭᠡᠯᠦᠨ ᠪᠢ ᠬᠡᠨ ᠦ᠌ ᠴᠦ᠍ ᠡᠮᠦᠨ᠎ᠡ ᠤᠷᠤᠭᠤ ᠳᠣᠷᠣᠢ ᠶᠠᠪᠤᠬᠤ ᠡᠷᠬᠡ ᠦᠭᠡᠢ ᠪᠣᠯᠵᠠᠢ᠃ 
       ᠥᠭᠡᠯᠦᠨ ᠡᠨᠡ ᠪᠦᠬᠦ ᠦᠭᠡᠰ ᠢ᠋ ᠪᠥᠷᠲᠡ ᠶ᠋ᠢ ᠵᠣᠷᠢᠭᠵᠢᠭᠤᠯᠬᠤ ᠭᠡᠵᠦ ᠬᠡᠯᠡᠵᠦ ᠪᠣᠢ ᠶ᠋ᠢ ᠲᠡᠷᠡ ᠣᠢᠯᠠᠭᠠᠪᠠ᠃ 
       | ᠶᠢᠰᠤᠢ ᠬᠠᠲᠤᠨ ᠢ᠋ ᠢᠷᠡᠭᠰᠡᠨ ᠡᠴᠡ ᠬᠣᠢᠰᠢ ᠴᠢ ᠪᠡᠶ᠎ᠡ ᠪᠡᠨ ᠲᠣᠷᠳᠠᠵᠤ ᠠᠰᠠᠷᠠᠬᠤ ᠴᠢᠨᠢ ᠪᠠᠭᠠᠰᠤᠭᠠᠳ ᠨᠢᠭᠡ ᠯᠡ ᠠᠯᠮᠠᠢ ᠠᠯᠭᠤᠷ ᠪᠣᠯᠵᠠᠢ᠃ ᠰᠢᠨ᠎ᠡ ᠬᠠᠲᠤᠨ ᠤ᠋ ᠡᠮᠦᠨ᠎ᠡ ᠴᠢ ᠬᠡᠵᠢᠶᠡᠳᠡ ᠣᠮᠣᠭ ᠲᠡᠭᠦᠯᠳᠡᠷ ᠶᠡᠬᠡ ᠬᠠᠲᠤᠨ ᠪᠠᠢᠬᠤ ᠶᠣᠰᠣᠲᠠᠢ ᠶᠤᠮ ᠰᠢᠦ᠃ ᠴᠢ ᠨᠠᠳᠠ ᠰᠢᠭ᠋ ᠡᠮᠡᠭᠡᠨ ᠪᠣᠯᠤᠭᠰᠠᠨ ᠪᠢᠰᠢ᠂ ᠨᠠᠰᠤ ᠵᠢᠰᠦ ᠴᠢᠨᠢ ᠢᠳᠡᠷ ᠰᠠᠢᠬᠠᠨ ᠬᠡᠪ ᠢ᠋ᠶ᠋ᠡᠷ ᠪᠠᠢᠨ᠎ᠠ᠃ ᠪᠥᠷᠲᠡ ᠴᠢᠮᠠᠶ᠋ᠢ ᠣᠯᠠᠨ ᠪᠦᠭᠦᠳᠡᠭᠡᠷ ᠬᠠᠷᠠᠵᠤ ᠪᠢᠰᠢᠷᠡᠵᠦ ᠳᠠᠭᠠᠵᠤ ᠪᠠᠢᠨ᠎ᠠ᠃ ᠴᠢ ᠣᠳᠣ ᠴᠢᠩᠭᠢᠰ ᠬᠠᠭᠠᠨ ᠤ᠋ ᠶᠡᠬᠡ ᠬᠠᠲᠤᠨ ᠪᠣᠯᠵᠠᠢ᠃ ᠤᠳᠠᠬᠤ ᠦᠭᠡᠢ ᠤᠯᠤᠰ ᠤ᠋ᠨ ᠶᠡᠬᠡ ᠬᠠᠲᠤᠨ ᠪᠣᠯᠤᠨ᠎ᠠ᠃ 
       ᠥᠭᠡᠯᠦᠨ ᠡᠬᠡ ᠴᠣᠬᠣᠮ ᠶᠠᠭᠤ ᠭᠡᠵᠦ ᠬᠡᠯᠡᠬᠦ ᠪᠡᠷ ᠳᠠᠭᠤᠳᠠᠭᠰᠠᠨ ᠢ᠋ ᠪᠥᠷᠲᠡ ᠭᠡᠨᠡᠳᠲᠡ ᠳᠠᠭᠠᠪᠤᠷᠢᠯᠠᠪᠠ᠃ ᠢᠩᠭᠢᠮᠡᠭᠴᠡ ᠵᠢᠷᠦᠬᠡ ᠨᠢ ᠲᠥᠷᠭᠡᠨ᠎ᠡ ᠴᠣᠬᠢᠯᠠᠵᠤ ᠭᠣᠮᠣᠳᠠᠯ ᠨᠢ ᠪᠤᠴᠠᠯᠤᠭᠠᠳ ᠢᠷᠡᠪᠡ᠃ ᠭᠡᠪᠡᠴᠦ ᠵᠢᠷ ᠦ᠋ᠨ ᠨᠢᠭᠡ ᠭᠡᠷ ᠦ᠋ᠨ ᠡᠮ᠎ᠡ ᠰᠢᠭ ᠠᠲᠠᠭᠠᠷᠬᠠᠵᠤ ᠬᠣᠷᠣᠰᠬᠤ ᠴᠠᠭ᠂ ᠨᠠᠰᠤ ᠪᠢᠰᠢ ᠭᠡᠳᠡᠭ ᠢ᠋ ᠮᠡᠳᠡᠵᠦ ᠪᠠᠢᠪᠠ᠃ ᠭᠡᠪᠡᠴᠦ ᠡᠮ᠎ᠡ ᠵᠠᠶᠠᠭᠠᠨ ᠳ᠋ᠤ᠌ ᠲᠥᠷᠥᠭᠰᠡᠨ ᠶᠦᠮ ᠪᠣᠯᠬᠣᠷ ᠬᠠᠷᠠᠳᠠᠵᠤ ᠬᠠᠷᠠᠮᠯᠠᠬᠤ ᠶ᠋ᠢᠨ ᠵᠣᠪᠠᠯᠠᠩ ᠠ᠋ᠴᠠ ᠠᠩᠭᠢᠳᠠ ᠪᠠᠢᠭᠰᠠᠨ ᠦᠭᠡᠢ᠃ 
       | ᠡᠵᠢ ᠮᠢᠨᠢ ᠲᠠ ᠬᠡᠯᠡᠭᠲᠦᠨ᠃ ᠪᠢ ᠣᠳᠣ ᠠᠯᠢᠪᠠ ᠵᠦᠢᠯ ᠡᠴᠡ ᠴᠣᠴᠢᠵᠤ ᠲᠦᠭᠰᠢᠬᠦ ᠪᠡᠨ ᠪᠣᠯᠢᠭᠰᠠᠨ᠃ ᠪᠢ ᠲᠠᠨ ᠤ᠋ ᠬᠡᠯᠡᠭᠰᠡᠨ ᠢ᠋ᠶ᠋ᠡᠷ ᠪᠡᠶ᠎ᠡ ᠪᠡᠨ ᠲᠣᠷᠳᠠᠬᠤ (ᠠᠷᠠᠴᠢᠯᠠᠬᠤ) ᠪᠠᠨ ᠴᠤ᠌ ᠠᠩᠵᠠᠭᠠᠷᠠᠨ᠎ᠠ ᠭᠡᠵᠦ ᠪᠥᠷᠲᠡ ᠰᠡᠳᠬᠢᠯ ᠰᠢᠯᠤᠭᠤᠳᠤᠨ ᠦᠰᠦ ᠪᠡᠨ ᠢᠯᠪᠢᠵᠦ ᠰᠠᠭᠤᠳᠠᠯ ᠢ᠋ᠶ᠋ᠠᠨ ᠵᠠᠰᠠᠵᠤ ᠬᠡᠯᠡᠪᠡ᠃ 
       | ᠪᠥᠷᠲᠡ᠂ ᠲᠡᠢᠮᠦ ᠪᠣᠯ ᠴᠢ ᠰᠣᠨᠣᠰᠤᠭᠲᠤᠨ᠃ 
       ᠥᠭᠡᠯᠦᠨ ᠦᠭᠡ ᠪᠡᠨ ᠦᠷᠭᠦᠯᠵᠢᠯᠡᠬᠦ ᠶ᠋ᠢᠨ ᠡᠮᠦᠨ᠎ᠡ ᠲᠦᠷ ᠠᠵᠠᠨᠠᠨ ᠪᠣᠳᠣᠯᠬᠢᠯᠠᠪᠠ᠃ ᠶᠢᠰᠦᠬᠡᠨ᠂ ᠶᠢᠰᠤᠢ ᠬᠠᠲᠤᠳ ᠢ᠋ ᠠᠪᠴᠢᠷᠠᠬᠤ ᠳ᠋ᠤ᠌ ᠪᠥᠷᠲᠡ ᠲᠡᠢᠮᠦ ᠴᠦ᠍ ᠳᠤᠷᠠᠲᠠᠢ ᠪᠠᠢᠭ᠎ᠠ ᠦᠭᠡᠢ ᠶ᠋ᠢ ᠥᠭᠡᠯᠦᠨ ᠰᠠᠢᠨ ᠮᠡᠳᠡᠬᠦ ᠤᠴᠢᠷ ᠦᠭᠡ ᠪᠡᠨ ᠴᠡᠩᠨᠡᠬᠦ ᠶᠣᠰᠣᠲᠠᠢ ᠪᠣᠯᠵᠠᠢ᠃ ᠭᠡᠪᠡᠴᠦ ᠴᠢᠩᠭᠢᠰ ᠬᠠᠭᠠᠨ ᠤ᠋ ᠬᠦᠰᠡᠯ ᠢ᠋ ᠡᠰᠡᠷᠭᠦᠴᠡᠬᠦ ᠶᠦᠮ ᠤᠤ ᠡᠭᠳᠡᠭᠦᠴᠡᠬᠦ ᠨᠢ ᠲᠥᠷᠥ ᠶ᠋ᠢᠨ ᠶᠣᠰᠣᠨ ᠳ᠋ᠤ᠌ ᠬᠠᠷᠰᠢ ᠪᠣᠯᠤᠨ᠎ᠠ ᠭᠡᠵᠦ ᠥᠭᠡᠯᠦᠨ ᠪᠠᠲᠤ ᠢᠲᠡᠭᠡᠬᠦ ᠪᠥᠯᠥᠭᠡ᠃ ᠭᠡᠪᠡᠴᠦ ᠪᠦᠰᠡᠭᠦᠢ ᠬᠥᠮᠦᠨ ᠬᠡᠵᠢᠶᠡᠳᠡ ᠯᠡ ᠪᠦᠰᠡᠭᠦᠢ ᠬᠥᠮᠦᠨ ᠪᠠᠢᠬᠤ ᠠᠵᠢ᠃ 
       | ᠴᠢᠩᠭᠢᠰ ᠬᠠᠭᠠᠨ ᠨᠢᠭᠡ ᠪᠦᠰᠡᠭᠦᠢ ᠶ᠋ᠢ ᠬᠠᠲᠤᠨ ᠡᠷᠭᠦᠮᠵᠢᠯᠡᠬᠦ ᠭᠡᠨ᠎ᠡ᠃ ᠡᠨᠡ ᠲᠤᠬᠠᠢ ᠴᠢᠮᠠᠲᠤ ᠬᠡᠯᠡ ᠭᠡᠵᠦ ᠡᠯᠴᠢ ᠪᠡᠷ ᠵᠠᠷᠯᠢᠭ ᠪᠣᠯᠭᠠᠵᠠᠢ᠃ ᠲᠡᠭᠡᠭᠡᠳ ᠴᠢᠨᠦ ᠵᠥᠪᠰᠢᠶᠡᠷᠡᠯ ᠢ᠋ ᠬᠦᠰᠡᠵᠡᠢ᠃ ᠡᠨᠡ ᠦᠭᠡ ᠶ᠋ᠢ ᠬᠡᠯᠡᠬᠦ ᠳ᠋ᠦ᠍ ᠨᠠᠳᠠᠳᠤ ᠬᠡᠴᠡᠭᠦᠦ ᠪᠠᠢᠨ᠎ᠠ᠃ ᠭᠡᠪᠡᠴᠦ ᠪᠢ ᠴᠢᠩᠭᠢᠰ ᠬᠠᠭᠠᠨ ᠤ᠋ ᠵᠠᠷᠯᠢᠭ ᠢ᠋ ᠴᠢᠮᠠᠲᠤ ᠤᠯᠠᠮᠵᠢᠯᠠᠬᠤ ᠠ᠋ᠴᠠ ᠥᠭᠡᠷ᠎ᠡ ᠶᠠᠭᠠᠬᠢᠬᠤ ᠪᠢᠯᠡ ᠭᠡᠵᠦ ᠥᠭᠡᠯᠦᠨ ᠬᠡᠯᠡᠪᠡ᠃ ᠪᠥᠷᠲᠡ ᠶ᠋ᠢᠨ ᠳᠣᠲᠣᠷ᠎ᠠ ᠨᠢᠭᠡ ᠶᠠᠭᠤᠮ᠎ᠠ ᠥᠭᠰᠥᠭᠡᠳ ᠢᠷᠡᠵᠡᠢ᠃ ᠭᠡᠪᠡᠴᠦ ᠠᠯᠢ ᠪᠣᠯᠬᠤ ᠪᠠᠷ ᠲᠠᠢᠪᠤᠩ ᠪᠠᠢᠬᠤ ᠶ᠋ᠢ ᠬᠢᠴᠢᠶᠡᠪᠡ᠃ 
       | ᠵᠠᠯᠠᠭᠤ ᠰᠠᠢᠬᠠᠨ ᠪᠦᠰᠡᠭᠦᠢ ᠪᠢᠵᠡ᠃ ᠨᠠᠳᠠ ᠠ᠋ᠴᠠ ᠵᠥᠪᠰᠢᠶᠡᠷᠡᠯ ᠬᠦᠰᠡᠬᠦ ᠶᠠᠭᠤ ᠪᠣᠢ? ᠭᠡᠵᠦ ᠪᠥᠷᠲᠡ ᠳᠠᠰᠤᠯ ᠦᠭᠡᠢ ᠤᠨᠲᠤᠭᠤᠴᠠᠪᠠ᠃ 
       | ᠴᠢ ᠪᠦᠦ ᠠᠭᠤᠷᠯᠠ᠃ ᠤᠴᠢᠷ ᠨᠢ ᠲᠡᠷᠡ ᠪᠦᠰᠡᠭᠦᠢ ᠨᠢ ᠮᠡᠷᠭᠢᠳ ᠬᠥᠮᠦᠨ ᠶᠦᠮ ᠪᠠᠢᠨ᠎ᠠ᠃ ᠣᠪᠰᠣ ᠮᠡᠷᠭᠢᠳ ᠦ᠋ᠨ ᠲᠣᠯᠣᠭᠠᠢᠯᠠᠭᠴᠢ ᠳ᠋ᠠᠢᠷ ᠤᠰᠤᠨ ᠭᠡᠭᠴᠢ ᠬᠥᠮᠦᠨ ᠦ᠌ ᠬᠤᠯᠠᠨ ᠭᠡᠳᠡᠭ ᠥᠬᠢᠨ ᠭᠡᠨ᠎ᠡ ᠭᠡᠰᠡᠨ ᠥᠭᠡᠯᠦᠨ ᠦ᠌ ᠦᠭᠡ ᠬᠡᠯᠡᠬᠦ ᠳ᠋ᠦ᠍ ᠴᠦ᠍᠂ ᠰᠣᠨᠣᠰᠬᠤ ᠳ᠋ᠤ᠌ ᠴᠤ᠌ ᠬᠡᠴᠡᠭᠦᠦ ᠪᠠᠢᠯ᠎ᠠ᠃ ᠪᠥᠷᠲᠡ ᠰᠢᠳᠦ ᠵᠠᠭᠤᠨ ᠠᠰᠤᠷᠤ ᠶᠡᠬᠡ ᠲᠡᠪᠴᠢᠶᠡᠷᠢ ᠭᠠᠷᠭᠠᠵᠤ ᠲᠡᠪᠴᠢᠵᠦ ᠰᠠᠭᠤᠪᠠ᠃ ᠶᠠᠭᠤᠮ᠎ᠠ ᠴᠤ᠌ ᠳᠤᠤᠭᠠᠷᠴᠤ ᠴᠢᠳᠠᠭᠰᠠᠨ ᠦᠭᠡᠢ᠃ 
       | ᠲᠡᠭᠡᠭᠡᠳ ᠬᠤᠯᠠᠨ ᠤ᠋ ᠥᠷᠭᠥᠭᠡ ᠶ᠋ᠢ ᠬᠠᠮᠢᠭ᠎ᠠ ᠪᠠᠷᠢᠬᠤ᠂ ᠬᠡᠵᠢᠶ᠎ᠡ ᠤᠭᠲᠤᠵᠤ ᠠᠪᠬᠤ ᠪᠠᠨ ᠶᠡᠬᠡ ᠬᠠᠲᠤᠨ ᠤ᠋ ᠬᠤᠪᠢ ᠳ᠋ᠤ᠌ ᠴᠢᠮᠠᠶ᠋ᠢ ᠬᠡᠯᠡᠭᠲᠦᠨ ᠭᠡᠵᠡᠢ᠃ ᠴᠢᠩᠭᠢᠰ ᠬᠠᠭᠠᠨ ᠨᠢᠭᠡᠨᠲᠡ ᠴᠢᠮᠠᠶ᠋ᠢ ᠮᠡᠳᠡ ᠭᠡᠰᠡᠨ ᠲᠤᠯᠠ ᠴᠢ ᠶᠡᠬᠡ ᠬᠠᠲᠤᠨ ᠤ᠋ ᠬᠤᠪᠢ ᠳ᠋ᠤ᠌ ᠬᠠᠷᠢᠭᠤ ᠬᠡᠯᠡᠵᠦ ᠡᠯᠴᠢ ᠶ᠋ᠢ ᠪᠤᠴᠠᠭᠠᠬᠤ ᠪᠣᠯᠵᠠᠢ ᠭᠡᠵᠦ ᠥᠭᠡᠯᠦᠨ ᠲᠤᠰᠢᠶᠠᠬᠤ ᠠᠷᠭᠠᠳᠠᠬᠤ ᠬᠣᠣᠰᠯᠠᠭᠤᠯᠤᠨ ᠬᠡᠯᠡᠪᠡ᠃ 
       | ᠴᠢᠩᠭᠢᠰ ᠬᠠᠭᠠᠨ ᠨᠢᠭᠡᠨᠲᠡ ᠵᠠᠷᠯᠢᠭ ᠪᠠᠭᠤᠯᠭᠠᠭᠰᠠᠨ ᠬᠣᠢᠨ᠎ᠠ ᠪᠢ ᠶᠠᠭᠤ ᠭᠡᠬᠦ ᠪᠣᠢ ᠳᠠ᠃ ᠡᠵᠢ ᠮᠢᠨᠢ᠃ ᠪᠢ ᠥᠷᠭᠥᠭᠡ ᠶ᠋ᠢ ᠨᠢ ᠪᠡᠯᠡᠳᠴᠦ ᠪᠠᠷᠢᠭᠤᠯᠤᠶ᠎ᠠ᠃ ᠬᠠᠷᠢᠨ ᠴᠢᠩᠭᠢᠰ ᠬᠠᠭᠠᠨ ᠬᠡᠵᠢᠶ᠎ᠡ ᠮᠣᠷᠢᠯᠠᠬᠤ ᠪᠠᠨ ᠥᠪᠡᠷ ᠢ᠋ᠶ᠋ᠡᠨ ᠮᠡᠳᠡᠨ᠎ᠡ ᠪᠢᠵᠡ ᠭᠡᠵᠦ ᠡᠯᠴᠢ ᠳ᠋ᠦ᠍ ᠬᠡᠯᠡ ᠳᠡ ᠭᠡᠵᠦ ᠪᠥᠷᠲᠡ ᠠᠷᠠᠢᠬᠠᠨ ᠬᠡᠯᠡᠵᠦ ᠴᠢᠳᠠᠵᠠᠢ᠃ ᠲᠡᠮᠦᠵᠢᠨ ᠳ᠋ᠦ᠍ ᠭᠣᠮᠣᠳᠠᠭᠰᠠᠨ ᠪᠥᠷᠲᠡ ᠶ᠋ᠢᠨ ᠰᠡᠳᠬᠢᠯ ᠬᠢᠵᠠᠭᠠᠷ ᠪᠠᠢᠭᠰᠠᠨ ᠦᠭᠡᠢ᠃ 
       | ᠴᠢ ᠥᠪᠡᠷ ᠢ᠋ᠶ᠋ᠡᠨ ᠨᠠᠭᠠᠳᠤ ᠦᠭᠡ ᠪᠡᠨ ᠪᠤᠭᠤᠷᠴᠢ ᠳ᠋ᠤ᠌ ᠬᠡᠯᠡ᠃ ᠴᠢᠩᠭᠢᠰ ᠬᠠᠭᠠᠨ ᠤ᠋ ᠶᠡᠬᠡ ᠬᠠᠲᠤᠨ ᠪᠥᠷᠲᠡ ᠴᠢ ᠰᠢᠦ ᠭᠡᠵᠦ ᠥᠭᠡᠯᠦᠨ ᠬᠡᠯᠡᠬᠦ ᠳ᠋ᠦ᠍ ᠲᠡᠭᠦᠨ ᠦ᠌ ᠳᠠᠭᠤᠨ ᠳ᠋ᠤ᠌ ᠪᠦᠬᠦᠨ ᠢ᠋ ᠪᠥᠷᠲᠡ ᠴᠢ ᠡᠭᠦᠷᠬᠦ ᠲᠠᠪᠢᠯᠠᠩ ᠲᠠᠢ ᠶᠤᠮ ᠰᠢᠦ ᠭᠡᠰᠡᠨ ᠬᠠᠲᠠᠭᠤ ᠱᠠᠭᠠᠷᠳᠠᠯᠭ᠎ᠠ ᠲᠣᠳᠣ ᠰᠣᠨᠣᠰᠳᠠᠬᠤ ᠠᠵᠢ᠃ ᠪᠥᠷᠲᠡ ᠴᠦ᠍ ᠬᠠᠲᠠᠭᠤ ᠵᠠᠶᠠᠭ᠎ᠠ ᠪᠠᠨ ᠳᠠᠭᠠᠵᠤ ᠡᠭᠦᠨ ᠡᠴᠡ ᠬᠣᠢᠰᠢ ᠬᠥᠮᠦᠨ ᠦ᠌ ᠤᠷᠮᠠᠨ ᠳ᠋ᠤ᠌ ᠬᠥᠮᠥᠰᠬᠡ ᠪᠡᠨ ᠵᠠᠩᠭᠢᠳᠤᠭᠰᠠᠨ ᠦᠭᠡᠢ᠃ ᠥᠭᠡᠯᠦᠨ ᠡᠬᠡ ᠳ᠋ᠦ᠍ ᠬᠡᠯᠡᠭᠰᠡᠨ ᠡᠴᠡ ᠨᠢᠭᠡ ᠴᠦ᠍ ᠢᠯᠡᠭᠦᠦ ᠦᠭᠡ ᠪᠤᠭᠤᠷᠴᠢ ᠳ᠋ᠤ᠌ ᠬᠡᠯᠡᠭᠰᠡᠨ ᠦᠭᠡᠢ᠃ 
       ᠪᠥᠷᠲᠡ ᠶ᠋ᠢᠨ ᠬᠡᠯᠡᠭᠰᠡᠨ ᠦᠭᠡ ᠶ᠋ᠢ ᠪᠤᠭᠤᠷᠴᠢ ᠲᠡᠮᠦᠵᠢᠨ ᠳ᠋ᠦ᠍ ᠥᠭᠡᠴᠢᠯᠡᠨ ᠳᠠᠮᠵᠢᠭᠤᠯᠪᠠ᠃ ᠪᠥᠷᠲᠡ ᠶ᠋ᠢᠨ ᠬᠡᠯᠡᠭᠦᠯᠦᠭᠰᠡᠨ ᠦᠭᠡ ᠶ᠋ᠢ ᠰᠣᠨᠣᠰᠤᠭᠠᠳ ᠲᠡᠮᠦᠵᠢᠨ ᠡᠳᠦᠷᠵᠢᠨ ᠢ᠋ᠶ᠋ᠡᠨ ᠬᠡᠨ ᠲᠡᠢ ᠴᠦ᠍ ᠠᠭᠤᠯᠵᠠᠭᠰᠠᠨ ᠦᠭᠡᠢ ᠭᠠᠭᠴᠠᠭᠠᠷ ᠪᠣᠳᠣᠯ ᠪᠣᠯᠤᠨ ᠰᠠᠭᠤᠵᠠᠢ᠃ ᠲᠡᠮᠦᠵᠢᠨ ᠢ᠋ ᠰᠢᠢᠳᠪᠦᠷᠢ ᠪᠡᠨ ᠥᠭᠡᠷᠡᠴᠢᠯᠡᠬᠦ ᠭᠡᠵᠦ ᠪᠠᠢᠨ᠎ᠠ ᠭᠡᠵᠦ ᠪᠤᠭᠤᠷᠴᠢ ᠲᠠᠭᠠᠮᠠᠭᠯᠠᠭᠰᠠᠨ ᠴᠤ᠌ ᠲᠡᠢᠮᠦ ᠶᠠᠭᠤᠮ᠎ᠠ ᠪᠣᠯᠤᠭᠰᠠᠨ ᠦᠭᠡᠢ᠃ ᠬᠤᠯᠠᠨ ᠤ᠋ ᠲᠡᠮᠦᠵᠢᠨ ᠳ᠋ᠦ᠍ ᠢᠷᠡᠭᠰᠡᠨ ᠤᠴᠢᠷ ᠡᠢᠮᠦ ᠶᠦ᠍ᠮ᠃ ᠬᠠᠷᠢᠨ ᠪᠥᠷᠲᠡ ᠢᠯᠡᠭᠦᠦ ᠳᠤᠲᠠᠭᠤ ᠦᠯᠡᠭᠰᠡᠨ(ᠦ ᠡᠷᠢᠭᠰᠡᠨ) ᠦᠭᠡ ᠬᠡᠯᠡᠵᠦ᠂ ᠵᠠᠯᠠᠭᠤ ᠬᠤᠯᠠᠨ ᠢ᠋ ᠠᠳᠠ ᠱᠣ ᠦᠵᠡᠵᠦ᠂ ᠠᠭᠠᠰᠢᠯᠠᠵᠤ ᠵᠠᠩᠨᠠᠳᠠᠭ ᠦᠭᠡᠢ ᠴᠦ᠍ ᠮᠡᠷᠭᠢᠳ ᠴᠢᠰᠤᠨ ᠤ᠋ ᠲᠡᠷᠡ ᠳᠤᠮᠳᠠ ᠪᠠᠨ ᠳ᠋ᠠᠢᠷ ᠤᠰᠤᠨ ᠤ᠋ ᠥᠬᠢᠨ ᠢ᠋ ᠬᠠᠲᠤᠨ ᠪᠠᠭᠤᠯᠭᠠᠭᠰᠠᠨ ᠳ᠋ᠤ᠌ ᠶᠡᠬᠡ ᠳᠤᠷ᠎ᠠ ᠦᠭᠡᠢ ᠪᠠᠢᠭᠰᠠᠨ ᠪᠢᠯᠡ᠃ ᠤᠴᠢᠷ ᠨᠢ ᠮᠡᠷᠭᠢᠳ ᠲᠦ᠍ ᠪᠤᠯᠢᠶᠠᠭᠳᠠᠭᠠᠳ ᠪᠠᠢᠬᠤ ᠳ᠋ᠤ᠌ ᠳ᠋ᠠᠢᠷ ᠤᠰᠤᠨ ᠲᠡᠭᠦᠨ ᠢ᠋ ᠴᠢᠯᠭᠡᠷ ᠪᠥᠬᠡ ᠡᠴᠡ ᠬᠤᠳᠠᠯᠳᠤᠨ ᠠᠪᠬᠤ ᠪᠠᠷ ᠶᠡᠬᠡᠳᠡ ᠰᠦᠷ ᠳᠠᠯᠠᠢᠯᠭᠠᠨ ᠲᠤᠯᠭᠠᠵᠤ ᠰᠢᠨᠤᠨ ᠲᠠᠴᠢᠶᠠᠳᠠᠵᠤ ᠪᠠᠢᠭᠰᠠᠨ ᠢ᠋ ᠪᠦᠷ ᠴᠢᠯᠭᠡᠷ ᠪᠥᠬᠡ ᠶ᠋ᠢᠨ ᠡᠵᠡᠭᠦᠢ ᠳ᠋ᠦ᠍ ᠢᠷᠡᠵᠦ ᠬᠦᠴᠦᠷᠬᠡᠢᠯᠡᠨ ᠡᠳ᠋ᠯᠡᠭᠰᠡᠨ ᠢ᠋ ᠪᠥᠷᠲᠡ ᠶᠠᠭᠠᠬᠢᠨ ᠮᠠᠷᠲᠠᠬᠤ ᠪᠢᠯᠡ᠃ ᠲᠡᠷᠡ ᠦᠶ᠎ᠡ ᠳ᠋ᠦ᠍ ᠪᠥᠷᠲᠡ ᠴᠢᠯᠭᠡᠷ ᠪᠥᠬᠡ ᠡᠴᠡ ᠬᠡᠦᠬᠡᠳ ᠣᠯᠴᠢᠬᠠᠭᠰᠠᠨ ᠪᠠᠢᠭᠰᠠᠨ ᠲᠤᠯᠠ ᠬᠥᠮᠦᠨ ᠤ ᠠᠢᠮᠠᠭ ᠲᠤ᠌ ᠡᠵᠡᠨ ᠦᠭᠡᠢ ᠬᠠᠶᠠᠭᠳᠠᠬᠤ ᠡᠰᠡᠪᠡᠯ ᠡᠷ᠎ᠡ ᠳᠠᠮᠵᠢᠨ ᠵᠠᠷᠤᠭᠳᠠᠬᠤ ᠠ᠋ᠴᠠ ᠠᠶᠤᠵᠤ ᠡᠨᠡ ᠶᠠᠪᠤᠳᠠᠯ ᠢ᠋ ᠲᠠᠰᠤ ᠨᠢᠭᠤᠵᠠᠢ᠃ ᠡᠭᠦᠨ ᠡᠴᠡ ᠥᠭᠡᠷ᠎ᠡ ᠵᠠᠮ ᠲᠡᠭᠦᠨ ᠳ᠋ᠦ᠍ ᠪᠠᠢᠭᠰᠠᠨ ᠦᠭᠡᠢ᠃ ᠬᠠᠷᠢᠨ ᠥᠬᠢᠨ ᠢ᠋ᠶ᠋ᠡᠨ ᠳᠠᠭᠠᠵᠤ ᠢᠷᠡᠭᠰᠡᠨ ᠳ᠋ᠠᠢᠷ ᠤᠰᠤᠨ ᠪᠥᠷᠲᠡ ᠶ᠋ᠢᠨ ᠨᠢᠳᠦᠨ ᠳ᠋ᠦ᠍ ᠥᠷᠲᠥᠬᠦ ᠡᠴᠡ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠬᠤ ᠲᠤᠯᠠ ᠲᠡᠮᠦᠵᠢᠨ ᠦ᠌ ᠬᠦᠷᠢᠶ᠎ᠡ ᠪᠡᠷ ᠦᠯᠦ ᠦᠵᠡᠭᠳᠡᠨ᠎ᠡ᠃ ᠬᠠᠷᠢᠨ ᠵᠥᠴᠢ ᠬᠤᠯᠠᠨ ᠢ᠋ ᠨᠢᠭᠡ ᠨᠢᠳᠦ ᠪᠡᠷ ᠦᠵᠡᠬᠦ ᠦᠭᠡᠢ ᠪᠣᠯᠤᠭᠰᠠᠨ ᠨᠢ ᠪᠥᠷᠲᠡ ᠶ᠋ᠢ ᠪᠠᠭ᠎ᠠ ᠦᠭᠡᠢ ᠵᠣᠪᠠᠯᠠᠩ ᠳ᠋ᠤ᠌ ᠤᠴᠠᠷᠠᠭᠤᠯᠤᠭᠰᠠᠨ ᠪᠢᠯᠡ᠃ ᠭᠡᠪᠡᠴᠦ ᠪᠥᠷᠲᠡ ᠳᠣᠲᠣᠷ᠎ᠠ ᠪᠠᠨ ᠨᠢᠭᠡ ᠶ᠋ᠢ ᠪᠣᠳᠣᠭᠰᠠᠭᠠᠷ ᠪᠠᠢᠯ᠎ᠠ᠃ ᠡᠨᠡ ᠪᠣᠯ ᠳ᠋ᠠᠢᠷ ᠤᠰᠤᠨ ᠠ᠋ᠴᠠ ᠥᠰᠢᠶ᠎ᠡ ᠠᠪᠬᠤ ᠬᠦᠰᠡᠯ ᠶᠦ᠍ᠮ᠃ ᠭᠡᠲᠡᠯ᠎ᠡ ᠪᠦᠬᠦ ᠵᠦᠢᠯ ᠣᠭᠲᠣ ᠰᠠᠨᠠᠭᠠᠨ ᠳ᠋ᠤ᠌ ᠦᠭᠡᠢ ᠪᠡᠷ ᠡᠷᠭᠢᠪᠡ᠃ ᠬᠤᠯᠠᠨ ᠢ᠋ ᠬᠠᠲᠤᠨ ᠡᠷᠭᠦᠮᠵᠢᠯᠡᠭᠰᠡᠨ ᠡᠴᠡ ᠬᠣᠢᠰᠢ ᠬᠡᠳᠦᠬᠡᠨ ᠰᠠᠷ᠎ᠠ ᠪᠣᠯᠤᠭᠠᠳ ᠪᠠᠢᠲᠠᠯ᠎ᠠ ᠣᠯᠵᠠᠯᠠᠭᠳᠠᠭᠰᠠᠨ᠂ ᠳᠠᠭᠠᠵᠤ ᠢᠷᠡᠭᠰᠡᠨ ᠮᠡᠷᠭᠢᠳ ᠦ᠋ᠳ ᠦᠢᠮᠡᠷᠡᠨ ᠰᠠᠮᠠᠭᠤᠷᠠᠵᠤ ᠰᠠᠯᠵᠤ ᠨᠡᠭᠦᠭᠰᠡᠨ ᠲᠤᠯᠠ ᠲᠡᠮᠦᠵᠢᠨ ᠳᠠᠬᠢᠨ ᠴᠡᠷᠢᠭ ᠬᠥᠳᠡᠯᠭᠡᠵᠦ ᠲᠡᠳᠡᠨ ᠢ᠋ ᠳᠠᠷᠤᠵᠤ ᠲᠣᠯᠣᠭᠠᠢᠯᠠᠭᠴᠢᠳ ᠢ᠋ ᠠᠯᠠᠭᠰᠠᠨ ᠴᠤ᠌ ᠳ᠋ᠠᠢᠷ ᠤᠰᠤᠨ ᠢ᠋ ᠠᠯᠠᠵᠤ ᠠᠷᠠᠢ ᠲᠥᠪᠳᠡᠭᠰᠡᠨ ᠦᠭᠡᠢ᠃ ᠨᠢᠭᠡᠨᠲᠡ ᠪᠡᠶ᠎ᠡ ᠰᠡᠳᠬᠢᠯ ᠢ᠋ ᠪᠦᠷᠢᠨ ᠡᠵᠡᠮᠳᠡᠨ ᠬᠠᠮᠤᠭ ᠤ᠋ᠨ ᠬᠠᠢᠷᠠᠲᠠᠢ ᠬᠠᠲᠤᠨ ᠨᠢ ᠪᠣᠯᠵᠤ ᠴᠢᠳᠠᠭᠰᠠᠨ ᠬᠤᠯᠠᠨ ᠢ᠋ ᠭᠣᠮᠣᠳᠠᠭᠠᠵᠤ ᠰᠣᠴᠢᠭᠠᠬᠤ ᠶ᠋ᠢ ᠲᠡᠷᠡ ᠬᠦᠰᠡᠭᠰᠡᠨ ᠦᠭᠡᠢ ᠲᠤᠯᠠ ᠬᠠᠳᠠᠮ ᠡᠴᠢᠭᠡ ᠳ᠋ᠠᠢᠷ ᠤᠰᠤᠨ ᠢ᠋ ᠥᠷᠥᠰᠢᠶᠡᠬᠦ ᠳ᠋ᠦ᠍ ᠪᠡᠯᠡᠨ ᠪᠠᠢᠵᠠᠢ᠃ ᠬᠠᠷᠢᠨ ᠳ᠋ᠠᠢᠷ ᠤᠰᠤᠨ ᠢ᠋ ᠠᠮᠢᠳᠤ ᠦᠯᠡᠳᠡᠭᠡᠭᠰᠡᠨ ᠳ᠋ᠦ᠍ ᠪᠥᠷᠲᠡ ᠮᠠᠰᠢ ᠶᠡᠬᠡ ᠳᠤᠷ᠎ᠠ ᠦᠭᠡᠢᠴᠡᠨ ᠰᠢᠭᠦᠮᠵᠢᠯᠡᠵᠡᠢ᠃ ᠲᠡᠮᠦᠵᠢᠨ ᠪᠥᠷᠲᠡ ᠶ᠋ᠢᠨ ᠰᠡᠳᠬᠢᠯ ᠦ᠋ᠨ ᠴᠠᠭᠠᠳᠤ ᠤᠴᠢᠷ ᠢ᠋ ᠮᠡᠳᠡᠵᠦ ᠪᠠᠢᠭᠰᠠᠨ ᠴᠤ᠌ ᠬᠤᠯᠠᠨ ᠢ᠋ ᠪᠣᠳᠣᠭᠠᠳ ᠤᠷᠪᠠᠨ ᠲᠡᠷᠰᠯᠡᠭᠰᠡᠨ ᠳ᠋ᠠᠢᠷ ᠤᠰᠤᠨ ᠢ᠋ ᠥᠷᠥᠰᠢᠶᠡᠬᠦ ᠪᠡᠷ ᠰᠢᠢᠳᠴᠡᠢ᠃ ᠭᠡᠲᠡᠯ᠎ᠡ ᠬᠤᠯᠠᠨ ᠡᠭᠦᠨ ᠢ᠋ ᠣᠭᠲᠣ ᠵᠥᠪᠰᠢᠶᠡᠷᠡᠭᠰᠡᠨ ᠦᠭᠡᠢ᠂ ᠡᠴᠢᠭᠡ ᠶ᠋ᠢ ᠪᠡᠨ ᠪᠦᠷ ᠥᠰᠢᠷᠥᠯᠳᠤ ᠳᠠᠢᠰᠤᠨ ᠮᠡᠲᠦ ᠦᠵᠡᠵᠦ 《ᠤᠷᠪᠠᠵᠤ ᠲᠡᠷᠰᠯᠡᠭᠰᠡᠨ ᠬᠥᠮᠦᠨ ᠢ᠋ ᠶᠠᠭᠤᠨ ᠳ᠋ᠤ᠌ ᠥᠷᠥᠰᠢᠶᠡᠪᠡ》 ᠭᠡᠵᠦ ᠡᠷᠡᠰ ᠡᠰᠡᠷᠭᠦᠴᠡᠭᠰᠡᠨ ᠨᠢ ᠲᠡᠮᠦᠵᠢᠨ ᠢ᠋ ᠬᠠᠮᠤᠭ ᠤ᠋ᠨ ᠶᠡᠬᠡᠪᠡᠷ ᠪᠠᠬᠠᠳᠤᠭᠤᠯᠵᠠᠢ᠃ ᠨᠢᠭᠡᠨᠲᠡ ᠬᠤᠯᠠᠨ ᠡᠴᠢᠭᠡ ᠶ᠋ᠢ ᠪᠡᠨ ᠰᠢᠳᠤᠷᠭᠤ ᠪᠠᠷ ᠴᠡᠭᠡᠷᠯᠡᠭᠦᠯᠬᠦ ᠶ᠋ᠢ ᠱᠠᠭᠠᠷᠳᠠᠭᠰᠠᠨ ᠲᠤᠯᠠ ᠲᠡᠮᠦᠵᠢᠨ ᠡᠷᠡᠭᠡᠯᠵᠡᠬᠦ ᠶᠠᠭᠤᠮ᠎ᠠ ᠦᠭᠡᠢ ᠪᠣᠯᠵᠤ ᠳ᠋ᠠᠢᠷ ᠤᠰᠤᠨ ᠢ᠋ ᠠᠯᠠᠵᠠᠢ᠃ ᠢᠩᠭᠢᠵᠦ ᠰᠠᠨᠠᠭᠰᠠᠨ ᠳ᠋ᠠᠭᠠᠨ ᠬᠦᠷᠴᠦ ᠲᠡᠮᠦᠵᠢᠨ ᠦ᠌ ᠭᠡᠷ ᠲᠦ᠍ ᠭᠠᠭᠴᠠᠭᠠᠷ ᠦᠯᠡᠳᠡᠭᠰᠡᠨ ᠢ᠋ᠶ᠋ᠡᠷ ᠪᠠᠷᠠᠬᠤ ᠦᠭᠡᠢ ᠣᠯᠠᠨ ᠤ᠋ ᠳᠤᠮᠳᠠ ᠵᠣᠷᠢᠭ ᠵᠢᠷᠦᠬᠡ᠂ ᠰᠢᠳᠤᠷᠭᠤ ᠰᠢᠯᠤᠭᠤᠨ ᠢ᠋ᠶ᠋ᠠᠷ ᠢ᠋ᠶ᠋ᠠᠨ ᠪᠠᠭ᠎ᠠ ᠦᠭᠡᠢ ᠠᠯᠳᠠᠷᠰᠢᠨ ᠲᠡᠳᠡᠨ ᠦ᠌ ᠢᠲᠡᠭᠡᠯ ᠬᠦᠨᠳᠦᠯᠡᠯ ᠢ᠋ ᠣᠯᠵᠠᠢ᠃ ᠲᠡᠮᠦᠵᠢᠨ ᠡᠭᠦᠨ ᠡᠴᠡ ᠪᠣᠯᠵᠤ ᠬᠤᠯᠠᠨ ᠢ᠋ ᠤᠯᠠᠮ ᠴᠤ᠌ ᠳᠣᠲᠣᠨᠣ ᠬᠠᠢᠷᠠᠯᠠᠬᠤ ᠪᠣᠯᠵᠠᠢ᠃ ᠡᠷᠭᠢᠵᠦ ᠪᠤᠴᠠᠭᠰᠠᠨ᠂ ᠰᠢᠢᠳᠪᠦᠷᠢ ᠰᠤᠯᠠ ᠡᠴᠢᠭᠡ ᠪᠡᠨ ᠳᠠᠬᠢᠨ ᠭᠠᠢ ᠪᠣᠯᠬᠤ ᠠ᠋ᠴᠠ ᠬᠤᠯᠠᠨ ᠰᠡᠷᠡᠮᠵᠢᠯᠡᠭᠰᠡᠨ ᠲᠤᠯᠠ ᠲᠡᠭᠦᠨ ᠢ᠋ ᠳᠠᠷᠤᠢ ᠠᠯᠠᠬᠤ ᠶ᠋ᠢ ᠱᠠᠭᠠᠷᠳᠠᠭᠰᠠᠨ ᠤᠴᠢᠷᠲᠠᠢ ᠪᠢᠯᠡ᠃ ᠡᠴᠢᠭᠡ ᠨᠢ ᠨᠢᠭᠡᠨᠲᠡ ᠳᠠᠭᠠᠵᠤ ᠢᠷᠡᠴᠢᠬᠡᠭᠡᠳ ᠤᠳᠠᠯ ᠦᠭᠡᠢ ᠮᠡᠷᠭᠢᠳ ᠦ᠋ᠳ ᠢ᠋ ᠪᠤᠰᠬᠠᠨ ᠦᠢᠮᠡᠭᠦᠯᠦᠭᠰᠡᠨ ᠨᠢ ᠥᠪᠡᠷ ᠦ᠋ᠨ ᠬᠠᠷ᠎ᠠ ᠲᠣᠯᠣᠭᠠᠢ ᠪᠠᠷ ᠵᠣᠭᠰᠣᠬᠤ ᠦᠭᠡᠢ ᠬᠤᠯᠠᠨ ᠳ᠋ᠤ᠌ ᠴᠤ᠌ ᠠᠶᠤᠯᠲᠠᠢ ᠬᠡᠷᠡᠭ ᠪᠠᠢᠭᠰᠠᠨ ᠲᠤᠯᠠ ᠲᠡᠷᠡ ᠢᠩᠭᠢᠵᠦ ᠡᠴᠢᠭᠡ ᠳ᠋ᠡᠭᠡᠨ ᠬᠠᠢᠷ᠎ᠠ ᠨᠠᠢᠷ ᠦᠭᠡᠢ ᠬᠠᠨᠳᠤᠭᠰᠠᠨ ᠶᠤᠮ᠃ ᠲᠡᠷᠡ ᠪᠤᠤ ᠬᠡᠯᠡ ᠦᠯᠡᠳᠡᠭᠰᠡᠨ ᠮᠡᠷᠭᠢᠳ ᠦ᠋ᠳ ᠢ᠋ ᠨᠢᠭᠡᠳᠦᠨ ᠬᠦᠴᠦᠷᠬᠡᠭᠵᠢᠬᠦ  ᠵᠠᠮ ᠢ᠋ ᠬᠠᠭᠠᠵᠤ᠂ ᠲᠡᠳᠡᠨ ᠢ᠋ ᠠᠢᠯ ᠪᠦᠷᠢ ᠳ᠋ᠦ᠍ ᠬᠤᠪᠢᠶᠠᠵᠤ ᠲᠠᠷᠬᠠᠭᠠᠨ ᠥᠭᠬᠦ ᠶ᠋ᠢ ᠴᠦ᠍ ᠬᠤᠯᠠᠨ ᠰᠠᠨᠠᠭᠠᠴᠢᠯᠠᠪᠠ᠃ ᠡᠨᠡ ᠤᠷᠢᠨ ᠲᠠᠴᠢᠶᠠᠩᠭᠤᠢ᠂ ᠢᠯᠳᠠᠮ ᠵᠥᠭᠡᠯᠡᠨ ᠪᠦᠰᠡᠭᠦᠢ ᠶ᠋ᠢᠨ ᠬᠠᠮᠢᠭ᠎ᠠ ᠠ᠋ᠴᠠ ᠨᠢ ᠡᠢᠮᠦ ᠬᠠᠲᠠᠭᠤ ᠰᠢᠷᠦᠭᠦᠨ ᠦᠭᠡ᠂ ᠬᠠᠷᠭᠢᠰ ᠵᠠᠩ ᠭᠠᠷᠳᠠᠭ ᠢ᠋ ᠲᠡᠮᠦᠵᠢᠨ ᠳᠠᠭᠠᠭᠰᠠᠨ ᠦᠭᠡᠢ᠃ ᠬᠤᠯᠠᠨ ᠬᠡᠳᠦᠢ ᠶᠡᠬᠡ ᠪᠡᠷ ᠭᠠᠢᠬᠠᠭᠤᠯᠤᠨ᠎ᠠ ᠤᠤ ᠲᠡᠮᠦᠵᠢᠨ ᠡᠳᠦᠷ ᠢᠷᠡᠬᠦ ᠪᠦᠷᠢ ᠲᠡᠭᠦᠨ ᠳ᠋ᠦ᠍ ᠤᠯᠠᠮ ᠶᠡᠬᠡ ᠪᠡᠷ ᠲᠠᠲᠠᠭᠳᠠᠨ ᠳᠠᠰᠬᠤ ᠠᠵᠢ᠃ ᠬᠤᠯᠠᠨ ᠤ᠋ ᠭᠠᠭᠴᠠ ᠬᠦᠰᠡᠯ ᠡᠨᠡ ᠶᠦ᠍ᠮ᠃ ᠬᠠᠷᠢᠨ ᠲᠡᠮᠦᠵᠢᠨ ᠢ᠋ ᠢᠩᠭᠢᠵᠦ ᠪᠠᠭ᠎ᠠ ᠬᠠᠲᠤᠨ ᠳ᠋ᠤ᠌ ᠪᠠᠨ ᠣᠨᠴᠠᠭᠠᠢ ᠳᠣᠲᠣᠨᠣ ᠪᠠᠢᠬᠤ ᠶ᠋ᠢ ᠪᠤᠰᠤᠳ ᠬᠠᠲᠤᠳ ᠲᠠᠭᠠᠰᠢᠶᠠᠬᠤ ᠦᠭᠡᠢ ᠴᠦ᠍ ᠦᠭᠡ ᠬᠡᠯᠡ ᠬᠡᠨ ᠭᠠᠷᠭᠠᠬᠤ ᠪᠢᠯᠡ᠃ ᠬᠠᠷᠢᠨ ᠪᠥᠷᠲᠡ ᠲᠡᠮᠦᠵᠢᠨ ᠢ᠋ ᠬᠤᠯᠠᠨ ᠤ᠋ ᠬᠠᠮᠲᠤ ᠦᠷᠭᠦᠭᠡᠨ ᠳ᠋ᠡᠭᠡᠨ ᠤᠷᠢᠬᠤ ᠦᠭᠡᠢ ᠳ᠋ᠦ᠍ ᠲᠡᠮᠦᠵᠢᠨ ᠶᠡᠬᠡ ᠭᠠᠢᠬᠠᠨ᠎ᠠ᠃ ᠤᠭ ᠨᠢ ᠲᠡᠷᠡ ᠡᠢᠮᠦ ᠲᠣᠭᠯᠠᠭᠠᠮ ᠳ᠋ᠤ᠌ ᠶᠡᠬᠡ ᠳᠤᠷᠠᠲᠠᠢ ᠰᠠᠨ᠃ ᠵᠠᠯᠠᠭᠤ ᠦᠵᠡᠰᠬᠦᠯᠡᠩᠲᠦ ᠬᠠᠲᠤᠨ ᠲᠠᠢ ᠪᠠᠨ ᠬᠡᠷᠬᠢᠨ ᠢᠨᠠᠭᠯᠠᠳᠠᠭ ᠢ᠋ ᠦᠵᠡᠭᠦᠯᠬᠦ ᠬᠦᠰᠡᠯ ᠶᠡᠬᠡ ᠪᠠᠢᠪᠠᠴᠤ ᠪᠥᠷᠲᠡ ᠶ᠋ᠢᠨ ᠬᠠᠭᠤᠴᠢᠨ ᠰᠢᠷᠬ᠎ᠠ ᠰᠡᠲᠡᠷᠡᠬᠦ ᠡᠴᠡ ᠪᠣᠯᠭᠣᠮᠵᠢᠯᠠᠨ ᠲᠡᠮᠦᠵᠢᠨ ᠪᠥᠷᠲᠡ ᠶ᠋ᠢᠨ ᠦᠷᠭᠦᠭᠡᠨ ᠳ᠋ᠦ᠍ ᠬᠣᠨᠣᠬᠤ ᠪᠠᠷ ᠣᠴᠢᠬᠤ ᠳ᠋ᠠᠭᠠᠨ ᠬᠤᠯᠠᠨ ᠢ᠋ ᠶᠡᠷᠦ ᠳᠠᠭᠠᠭᠤᠯᠳᠠᠭ ᠦᠭᠡᠢ ᠪᠠᠢᠪᠠ᠃ ᠬᠤᠯᠠᠨ ᠪᠣᠯ ᠮᠡᠷᠭᠢᠳ ᠴᠢᠰᠤᠨ ᠤ᠋ ᠬᠢ ᠭᠡᠳᠡᠭ ᠢ᠋ ᠪᠥᠷᠲᠡ ᠴᠦ᠍᠂ ᠲᠡᠮᠦᠵᠢᠨ ᠴᠦ᠍ ᠠᠳᠠᠯᠢ ᠨᠢᠭᠡ ᠴᠦ᠍ ᠡᠳᠦᠷ ᠮᠠᠷᠲᠠᠭ᠎ᠠ ᠦᠭᠡᠢ ᠪᠢᠯᠡ᠃ 
       ᠳ᠋ᠠᠢᠷ ᠤᠰᠤᠨ ᠢ᠋ ᠦᠬᠦᠭᠦᠯᠵᠦ ᠮᠡᠷᠭᠢᠳ ᠦ᠋ᠨ ᠬᠡᠷᠡᠭ ᠨᠢᠭᠡ ᠲᠡᠢᠰᠢ ᠰᠢᠢᠳᠦᠭᠳᠡᠭᠰᠡᠨ ᠦ᠌ ᠳᠠᠷᠠᠭ᠎ᠠ ᠨᠢᠭᠡ ᠡᠳᠦᠷ ᠴᠢᠩᠭᠢᠰ ᠬᠠᠭᠠᠨ ᠪᠥᠷᠲᠡ ᠬᠠᠲᠤᠨ ᠤ᠋ ᠪᠠᠨ ᠦᠷᠭᠦᠭᠡᠨ ᠳ᠋ᠦ᠍ ᠣᠴᠢᠵᠠᠢ᠃ ᠬᠤᠯᠠᠨ ᠬᠠᠲᠤᠨ ᠢ᠋ ᠢᠷᠡᠭᠰᠡᠨ ᠡᠴᠡ ᠬᠣᠢᠰᠢ ᠲᠡᠳᠡᠨ ᠦ᠌ ᠬᠣᠭᠣᠷᠣᠨᠳᠣ ᠡᠭᠦᠰᠴᠦ ᠪᠣᠢ ᠪᠣᠯᠤᠭᠰᠠᠨ ᠬᠦᠢᠲᠡᠨ ᠬᠥᠨᠳᠡᠢ ᠪᠠᠢᠳᠠᠯ ᠳ᠋ᠠᠢᠷ ᠤᠰᠤᠨ ᠢ᠋ ᠦᠭᠡᠢ ᠪᠣᠯᠤᠭᠰᠠᠨ ᠢ᠋ᠶ᠋ᠠᠷ ᠪᠠᠭ᠎ᠠ ᠪᠣᠯᠪᠠᠴᠤ ᠳᠤᠯᠠᠭᠠᠷᠠᠭᠰᠠᠨ ᠨᠢ ᠢᠯᠡ ᠪᠠᠢᠯ᠎ᠠ᠃ ᠲᠡᠮᠦᠵᠢᠨ ᠢ᠋ ᠢᠩᠭᠢᠵᠦ ᠬᠣᠨᠣᠭ ᠢ᠋ᠶ᠋ᠠᠷ ᠢᠷᠡᠭᠰᠡᠨ ᠳ᠋ᠦ᠍ ᠪᠥᠷᠲᠡ ᠶᠡᠬᠡᠳᠡ ᠳᠣᠭᠳᠣᠯᠤᠨ ᠵᠠᠯᠠᠭᠤ ᠪᠦᠰᠡᠭᠦᠢ ᠰᠢᠭ ᠤᠯᠠᠢᠵᠤ᠂ ᠤᠤᠭᠤᠭᠰᠠᠨ ᠳᠡᠷᠡᠰᠦᠨ ᠳ᠋ᠡᠭᠡᠨ ᠶᠠᠯᠢᠮ ᠦᠭᠡᠢ ᠰᠣᠭᠲᠣᠭᠤᠷᠠᠵᠤ ᠳᠡᠰ ᠳᠡᠰ ᠬᠦᠭᠥᠷᠴᠤ ᠵᠢᠷᠭᠠᠯᠲᠠᠢ ᠰᠠᠭᠤᠵᠠᠢ᠃《ᠠᠰᠢᠭᠦᠢ ᠪᠥᠷᠲᠡ ᠶ᠋ᠢᠨ ᠭᠣᠮᠣᠳᠠᠯ ᠠᠷᠢᠯᠵᠠᠢ》 ᠭᠡᠵᠦ ᠲᠡᠮᠦᠵᠢᠨ ᠪᠡᠶᠡᠰᠦᠨ ᠪᠣᠳᠣᠭᠠᠳ ᠥᠨᠥ ᠰᠥᠨᠢ ᠶᠠᠪᠤᠬᠤ ᠦᠭᠡᠢ ᠪᠡᠷ ᠰᠢᠢᠳᠪᠡ᠃ ᠤᠭ ᠨᠢ ᠲᠡᠷᠡ ᠶᠢᠰᠦᠢ ᠬᠠᠲᠤᠨ ᠤ᠋ ᠳ᠋ᠠᠭᠠᠨ ᠬᠣᠨᠣᠶ᠎ᠠ ᠭᠡᠵᠦ ᠪᠣᠳᠣᠵᠤ ᠪᠠᠢᠭᠰᠠᠨ ᠪᠢᠯᠡ᠃ ᠶᠢᠰᠦᠢ ᠠᠮᠤᠷᠵᠢᠵᠤ ᠥᠬᠢᠨ ᠲᠥᠷᠥᠭᠦᠯᠦᠭᠰᠡᠨ ᠡᠴᠡ ᠬᠣᠢᠰᠢ ᠶᠡᠷᠦ ᠣᠴᠢᠵᠤ ᠬᠣᠨᠣᠭᠰᠠᠨ ᠦᠭᠡᠢ ᠰᠠᠷ᠎ᠠ ᠰᠢᠬᠠᠭᠠᠳ ᠪᠠᠢᠵᠠᠢ᠃ ᠭᠡᠪᠡᠴᠦ ᠪᠥᠷᠲᠡ ᠶ᠋ᠢᠨ ᠡᠢᠮᠦ ᠠᠵᠠ ᠵᠢᠷᠭᠠᠯᠲᠠᠢ ᠪᠠᠢᠬᠤ ᠶ᠋ᠢ ᠣᠢᠷ᠎ᠠ ᠳ᠋ᠤ᠌ ᠦᠵᠡᠭᠡ ᠦᠭᠡᠢ ᠲᠤᠯᠠ ᠲᠡᠭᠦᠨ ᠢ᠋ ᠣᠷᠬᠢᠨ ᠶᠠᠪᠤᠵᠤ ᠭᠣᠮᠣᠳᠠᠭᠠᠬᠤ ᠶ᠋ᠢ ᠬᠦᠰᠡᠭᠰᠡᠨ ᠦᠭᠡᠢ᠃ ᠲᠡᠷᠡ ᠰᠥᠨᠢ ᠪᠥᠷᠲᠡ ᠶ᠋ᠢᠨ ᠢᠨᠠᠭᠯᠠᠵᠤ ᠲᠠᠴᠢᠶᠠᠭᠳᠠᠬᠤ ᠨᠢ ᠬᠢᠵᠠᠭᠠᠷ ᠦᠭᠡᠢ ᠪᠣᠯᠤᠭᠠᠳ ᠲᠡᠮᠦᠵᠢᠨ ᠴᠦ᠍ ᠭᠠᠢᠬᠠᠵᠠᠢ᠃ ᠤᠴᠢᠷ ᠨᠢ ᠲᠡᠳᠡ ᠨᠢᠭᠡ ᠭᠡᠷ ᠦ᠋ᠨ ᠡᠷ᠎ᠡ ᠡᠮ᠎ᠡ ᠬᠣᠶᠠᠷ ᠰᠢᠭ᠋ ᠪᠡᠶ᠎ᠡ ᠵᠣᠯᠭᠠᠭᠤᠯᠵᠤ ᠤᠴᠠᠷᠠᠯ ᠦᠭᠡᠢ ᠳᠠᠷᠤᠢ ᠲᠠᠪᠤᠨ ᠰᠠᠷ᠎ᠠ ᠪᠣᠯᠤᠭᠰᠠᠨ ᠲᠤᠯᠠ ᠪᠥᠷᠲᠡ ᠶ᠋ᠢᠨ ᠬᠠᠭᠰᠠᠷᠠᠵᠤ ᠭᠠᠭᠴᠠᠭᠠᠷᠳᠠᠭᠰᠠᠨ ᠨᠢ ᠶᠡᠬᠡ ᠪᠠᠢᠯ᠎ᠠ᠃ ᠰᠥᠨᠢ ᠶ᠋ᠢᠨ ᠲᠤᠷᠰᠢ ᠵᠢᠭᠠᠰᠤ ᠨᠠᠭᠠᠳᠤᠭᠤᠯᠵᠤ ᠲᠡᠮᠦᠵᠢᠨ ᠪᠦᠷ ᠶᠠᠳᠠᠷᠠᠵᠤ ᠬᠣᠴᠣᠷᠪᠠ᠃ ᠲᠡᠭᠡᠪᠡᠴᠦ 《ᠵᠠᠯᠠᠭᠤ ᠬᠤᠯᠠᠨ ᠢ᠋ᠶ᠋ᠠᠨ ᠪᠣᠳᠣᠪᠠ》 ᠭᠡᠵᠦ ᠪᠥᠷᠲᠡ ᠶ᠋ᠢ ᠠᠭᠤᠷᠯᠠᠬᠤ ᠪᠣᠢ ᠭᠡᠵᠦ ᠪᠣᠯᠭᠣᠮᠵᠢᠯᠠᠨ ᠰᠢᠲᠦ ᠵᠠᠭᠤᠨ ᠲᠡᠰᠴᠦ ᠪᠠᠢᠵᠠᠢ᠃ ᠦᠨᠡᠬᠡᠷ ᠴᠦ᠍ ᠳᠥᠴᠢ ᠭᠠᠷᠤᠭᠰᠠᠨ ᠨᠠᠰᠤᠨ ᠤ᠋ ᠪᠥᠷᠲᠡ ᠵᠠᠯᠠᠭᠤ ᠬᠤᠯᠠᠨ ᠲᠠᠢ ᠬᠡᠷᠬᠢᠨ ᠳ᠋ᠦᠢ᠍ᠴᠡᠬᠦ ᠪᠢᠯᠡ᠃ ᠬᠠᠷᠢᠨ ᠲᠡᠮᠦᠵᠢᠨ ᠪᠥᠷᠲᠡ ᠶ᠋ᠢᠨ ᠢᠨᠠᠭᠯᠠᠯ ᠳ᠋ᠤ᠌ ᠶᠠᠳᠠᠷᠠᠭᠠᠳ ᠳᠣᠲᠣᠷ᠎ᠠ ᠪᠠᠨ ᠬᠤᠯᠠᠨ ᠢ᠋ ᠪᠣᠳᠣᠵᠤ ᠬᠡᠪᠲᠡᠪᠡ᠃ ᠬᠤᠯᠠᠨ ᠬᠠᠲᠤᠨ ᠨᠢ ᠭᠠᠢᠬᠠᠯᠲᠠᠢ ᠬᠠᠯᠠᠭᠤᠨ ᠪᠡᠶ᠎ᠡ ᠲᠡᠢ ᠡᠮ᠎ᠡ ᠠᠵᠢ᠃ ᠲᠡᠭᠦᠨ ᠦ᠌ ᠬᠠᠲᠤᠳ᠂ ᠡᠮᠡᠰ ᠳᠣᠲᠣᠷ᠎ᠠ ᠡᠢᠮᠦ ᠬᠠᠯᠠᠭᠤᠨ ᠪᠡᠶ᠎ᠡ ᠲᠡᠢ ᠬᠥᠮᠦᠨ ᠦᠭᠡᠢ ᠶ᠋ᠢ ᠲᠡᠮᠦᠵᠢᠨ ᠰᠠᠶᠢ ᠮᠡᠳᠡᠭᠡᠳ ᠭᠠᠢᠬᠠᠵᠠᠢ᠃ ᠬᠤᠯᠠᠨ ᠤ᠋ ᠣᠮᠣᠭᠯᠠᠩ ᠵᠣᠷᠢᠮᠠᠭ ᠪᠠᠢᠳᠠᠯ ᠶᠡᠷᠦ ᠪᠠᠶᠠᠨ ᠠ᠋ᠴᠠ ᠨᠢ ᠣᠷᠭᠢᠯᠬᠤ ᠲᠡᠷᠡ ᠬᠠᠯᠠᠭᠤᠨ ᠲᠠᠢ ᠬᠣᠯᠪᠣᠭ᠎ᠠ ᠲᠠᠢ ᠪᠣᠯᠬᠤ ᠶ᠋ᠢ ᠮᠡᠳᠡᠵᠡᠢ᠃ ᠠᠩᠬ᠎ᠠ ᠤᠴᠠᠷᠠᠬᠤ ᠳ᠋ᠠᠭᠠᠨ ᠬᠤᠯᠠᠨ ᠤ᠋ ᠨᠢᠴᠦᠭᠦᠨ ᠬᠠᠯᠠᠭᠤᠨ ᠪᠡᠶ᠎ᠡ ᠶ᠋ᠢ ᠬᠦᠷᠦᠮᠡᠭᠴᠡ ᠶᠡᠬᠡᠳᠡ ᠭᠠᠢᠬᠠᠵᠤ ᠰᠣᠴᠢᠭᠰᠠᠨ ᠪᠢᠯᠡ᠃ ᠪᠠᠰᠠ ᠰᠢᠳᠡᠵᠦ ᠪᠠᠢᠭ᠎ᠠ ᠮᠡᠲᠦ ᠬᠠᠯᠠᠭᠤᠨ ᠪᠠᠶᠠᠨ ᠳ᠋ᠤ᠌ ᠳᠠᠰᠬᠤ ᠦᠭᠡᠢ ᠪᠠᠢᠭᠰᠠᠨ ᠪᠣᠯᠪᠠᠴᠤ ᠬᠠᠷᠢᠨ ᠣᠳᠣ ᠪᠥᠷᠲᠡ ᠶ᠋ᠢᠨ ᠡᠪᠦᠷ ᠲᠦ᠍ ᠬᠡᠪᠲᠡᠬᠦ ᠳ᠋ᠡᠭᠡᠨ ᠬᠤᠯᠠᠨ ᠢ᠋ ᠬᠦᠰᠡᠵᠦ ᠮᠥᠷᠥᠭᠡᠳᠴᠦ ᠰᠡᠳᠬᠢᠯ ᠢ᠋ᠶ᠋ᠡᠨ ᠪᠠᠶᠠᠰᠬᠠᠵᠤ ᠪᠠᠢᠯ᠎ᠠ᠃ ᠬᠤᠯᠠᠨ ᠢ᠋ ᠪᠣᠳᠣᠬᠤ ᠦᠭᠡᠢ ᠪᠡᠷ ᠲᠡᠮᠦᠵᠢᠨ ᠦ᠌ ᠳᠤᠷ᠎ᠠ ᠰᠠᠷᠠᠯ ᠣᠭᠲᠣ ᠬᠥᠳᠡᠯᠬᠦ ᠦᠭᠡᠢ ᠪᠣᠯᠵᠠᠢ᠃ ᠪᠥᠷᠲᠡ ᠶ᠋ᠢᠨ ᠬᠠᠮᠲᠤ ᠢᠨᠠᠭᠯᠠᠵᠤ ᠬᠡᠪᠲᠡᠪᠡᠴᠦ ᠳᠣᠲᠣᠷ᠎ᠠ ᠪᠠᠨ ᠬᠤᠯᠠᠨ ᠲᠠᠢ ᠬᠠᠮᠲᠤ ᠪᠠᠢᠨ᠎ᠠ ᠭᠡᠵᠦ ᠰᠡᠳᠬᠢᠵᠦ ᠥᠪᠡᠷ ᠢ᠋ ᠪᠡᠨ ᠬᠠᠭᠤᠷᠴᠤ ᠪᠠᠢᠪᠠ᠃ ᠪᠥᠷᠲᠡ ᠳᠤᠷ᠎ᠠ ᠲᠠᠴᠢᠶᠠᠯ ᠢ᠋ᠶ᠋ᠠᠨ ᠭᠤᠷᠪᠠᠨᠲᠠ ᠠᠰᠬᠠᠷᠠᠭᠤᠯᠵᠤ ᠪᠠᠢᠵᠤ ᠰᠠᠶᠢ ᠯᠠ ᠨᠢᠭᠡ ᠲᠡᠮᠦᠵᠢᠨ ᠢ᠋ ᠣᠷᠬᠢᠵᠤ ᠠᠮᠠᠷᠠᠭᠠᠪᠠ᠃ ᠲᠡᠮᠦᠵᠢᠨ ᠶᠡᠷᠦ ᠲᠡᠭᠦᠨ ᠡᠴᠡ ᠤᠢᠳᠤᠭ᠎ᠠ ᠦᠭᠡᠢ ᠮᠡᠲᠦ ᠲᠡᠪᠡᠷᠢᠵᠦ ᠬᠡᠪᠲᠡᠬᠦ ᠳ᠋ᠦ᠍ ᠪᠥᠷᠲᠡ ᠬᠠᠭᠤᠷᠲᠠᠨ ᠨᠠᠭᠠᠯᠢᠩᠬᠠᠢᠳᠠᠵᠤ 
       | ᠲᠡᠮᠦᠵᠢᠨ ᠪᠢ ᠨᠢᠭᠡ ᠵᠦᠢᠯ ᠪᠣᠳᠣᠪᠠ᠃ ᠴᠢ ᠶᠠᠭᠤ ᠭᠡᠵᠦ ᠰᠠᠨᠠᠨ᠎ᠠ ᠭᠡᠵᠦ ᠴᠢᠬᠢᠨ ᠳᠡᠭᠡᠷ᠎ᠡ ᠨᠢ ᠰᠢᠪᠡᠨᠡᠪᠡ᠃ ᠲᠡᠮᠦᠵᠢᠨ ᠳ᠋ᠦ᠍ ᠡᠨᠡ ᠬᠡᠷᠡᠭ ᠢ᠋ ᠰᠣᠨᠢᠷᠬᠠᠬᠤ ᠬᠦᠰᠡᠯ ᠣᠭᠲᠣ ᠦᠭᠡᠢ ᠪᠠᠢᠭᠰᠠᠨ ᠲᠤᠯᠠ ᠳᠤᠤᠭᠠᠷᠤᠭᠰᠠᠨ ᠦᠭᠡᠢ᠃ 
       | ᠬᠤᠯᠠᠨ ᠬᠠᠲᠤᠨ ᠵᠠᠯᠠᠭᠤ ᠬᠥᠮᠦᠨ ᠪᠣᠯᠬᠣᠷ ᠲᠥᠷᠥ ᠶᠣᠰᠣᠨ ᠤ᠋ ᠠᠯᠢᠪᠠ ᠬᠡᠷᠡᠭ ᠲᠦ᠍ ᠣᠰᠣᠯᠳᠠᠵᠤ ᠡᠨᠳᠡᠬᠦ ᠨᠢ ᠡᠯᠪᠡᠭ᠃ ᠲᠡᠢᠮᠦ ᠪᠣᠯᠬᠣᠷ ᠪᠢ ᠬᠤᠯᠠᠨ ᠢ᠋ ᠠᠯᠢᠪᠠ ᠬᠡᠷᠡᠭ ᠲᠦ᠍ ᠨᠠᠷᠢᠨ ᠵᠢᠭᠠᠵᠤ ᠰᠤᠷᠭᠠᠬᠤ ᠪᠠᠷ ᠰᠢᠢᠳᠦᠯ᠎ᠡ᠃ ᠶᠦᠩᠴᠢ ᠶ᠋ᠢ ᠪᠢ ᠬᠤᠯᠠᠨ ᠬᠠᠲᠤᠨ ᠤ᠋ ᠳᠡᠷᠭᠡᠳᠡ ᠰᠢᠳᠠᠷᠯᠠᠭᠤᠯᠤᠶ᠎ᠠ᠃ ᠲᠠ ᠲᠥᠷᠥ ᠶ᠋ᠢᠨ ᠶᠣᠰᠣ ᠬᠦᠨᠳᠦᠯᠡᠯ ᠳ᠋ᠦ᠍ ᠬᠤᠯᠠᠨ ᠬᠠᠲᠤᠨ ᠢ᠋ᠶ᠋ᠠᠨ ᠪᠠᠢᠯᠴᠠᠭᠤᠯᠬᠤ ᠳᠤᠷᠠᠲᠠᠢ᠃ ᠴᠢᠩᠭᠢᠰ ᠬᠠᠭᠠᠨ ᠤ᠋ ᠬᠠᠲᠤᠨ ᠶᠠᠮᠠᠷ ᠪᠠᠢᠪᠠᠯ ᠵᠣᠬᠢᠬᠤ ᠪᠣᠢ? ᠲᠡᠢᠮᠦ ᠪᠠᠢᠳᠠᠯ ᠢ᠋ᠶ᠋ᠠᠷ ᠶᠦᠩᠴᠢ ᠬᠤᠯᠠᠨ ᠬᠠᠲᠤᠨ ᠢ᠋ ᠰᠤᠷᠭᠠᠭ᠃ ᠪᠢ ᠪᠦᠬᠦ ᠵᠦᠢᠯ ᠢ᠋ ᠶᠦᠩᠴᠢ ᠳ᠋ᠦ᠍ ᠰᠠᠢᠲᠤᠷ ᠬᠠᠪᠰᠤᠷᠤᠨ ᠵᠠᠬᠢᠨ᠎ᠠ᠃ ᠢᠩᠭᠢᠵᠦ ᠬᠢᠪᠡᠯ ᠶᠠᠮᠠᠷ ᠰᠠᠨᠠᠭᠳᠠᠨ᠎ᠠ ᠭᠡᠵᠦ ᠪᠥᠷᠲᠡ ᠬᠡᠯᠡᠵᠡᠢ᠃ ᠡᠨᠡ ᠦᠭᠡ ᠲᠡᠮᠦᠵᠢᠨ ᠢ᠋ ᠨᠣᠢᠷ ᠠ᠋ᠴᠠ ᠰᠡᠷᠡᠲᠡᠯ᠎ᠡ ᠪᠠᠶᠠᠷᠯᠠᠭᠤᠯᠪᠠ᠃ 
       | ᠪᠥᠷᠲᠡ ᠴᠢ ᠶᠠᠭᠤ ᠭᠡᠵᠦ ᠰᠢᠢᠳᠪᠡ? ᠲᠡᠭᠦᠨ ᠢ᠋ᠶ᠋ᠡᠷ ᠢ᠋ᠶ᠋ᠡᠨ ᠬᠢ᠃ ᠪᠢ ᠵᠥᠪᠰᠢᠶᠡᠷᠡᠬᠦ ᠪᠡᠷ ᠪᠠᠷᠠᠬᠤ ᠦᠭᠡᠢ ᠪᠠᠶᠠᠷᠲᠠᠢ ᠪᠣᠯᠤᠯ᠎ᠠ᠃ ᠴᠢ ᠡᠭᠦᠨ ᠡᠴᠡ ᠬᠣᠢᠰᠢ ᠬᠤᠯᠠᠨ ᠢ᠋ ᠥᠪᠡᠷ ᠦ᠋ᠨ ᠥᠬᠢᠨ ᠮᠡᠲᠦ ᠦᠵᠡᠭᠲᠦᠨ᠃ ᠲᠡᠭᠡᠪᠡᠯ ᠮᠢᠨᠦ ᠰᠠᠨᠠᠭ᠎ᠠ ᠠᠮᠠᠷᠠᠵᠤ ᠵᠢᠷᠭᠠᠬᠤ ᠪᠣᠯᠤᠨ᠎ᠠ᠃ ᠴᠢ ᠬᠤᠯᠠᠨ ᠢ᠋ ᠮᠡᠷᠭᠢᠳ ᠬᠥᠮᠦᠨ ᠭᠡᠳᠡᠭ ᠢ᠋ ᠮᠠᠷᠲᠠ᠃ ᠮᠡᠷᠭᠢᠳ ᠭᠡᠵᠦ ᠥᠨᠥ ᠦᠭᠡᠢ ᠪᠣᠯᠤᠭᠰᠠᠨ᠃ ᠴᠢ ᠲᠠᠢᠪᠤᠩ ᠰᠠᠢᠬᠠᠨ ᠠᠮᠢᠳᠤᠷᠠ᠃ ᠴᠢᠨᠦ ᠠᠭᠤᠵᠢᠮ ᠤᠬᠠᠭᠠᠨ ᠳ᠋ᠤ᠌ ᠪᠢ ᠶᠡᠬᠡ ᠲᠠᠯᠠᠷᠬᠠᠬᠤ ᠶᠣᠰᠣᠲᠠᠢ ᠶᠤᠮ ᠭᠡᠵᠦ ᠲᠡᠮᠦᠵᠢᠨ ᠦᠨᠡᠨ ᠰᠡᠳᠬᠢᠯ ᠡᠴᠡ ᠬᠡᠯᠡᠵᠡᠢ᠃ ᠪᠥᠷᠲᠡ ᠬᠤᠯᠠᠨ ᠢ᠋ ᠥᠷᠥᠰᠢᠶᠡᠭᠰᠡᠨ ᠳ᠋ᠦ᠍ ᠲᠡᠮᠦᠵᠢᠨ ᠬᠠᠮᠤᠭ ᠠ᠋ᠴᠠ ᠶᠡᠬᠡ ᠪᠠᠶᠠᠷᠯᠠᠪᠠ᠃ ᠮᠡᠷᠭᠢᠳ ᠴᠢᠰᠤᠨ ᠤ᠋ ᠬᠠᠲᠤᠨ ᠪᠠᠭᠤᠯᠭᠠᠵᠤ ᠪᠥᠷᠲᠡ ᠶ᠋ᠢᠨ ᠰᠡᠳᠬᠢᠯ ᠢ᠋ ᠰᠢᠷᠬᠠᠯᠠᠭᠤᠯᠤᠭᠰᠠᠨ ᠳ᠋ᠠᠭᠠᠨ ᠲᠡᠮᠦᠵᠢᠨ ᠥᠨᠥ ᠪᠣᠯᠲᠠᠯ᠎ᠠ ᠰᠢᠨᠠᠯᠤᠭᠰᠠᠭᠠᠷ ᠪᠠᠢᠵᠠᠢ᠃ ᠶᠠᠳᠠᠵᠤ ᠪᠠᠢᠬᠤ ᠳ᠋ᠤ᠌ ᠥᠭᠡᠯᠦᠨ ᠡᠬᠡ ᠨᠢ ᠬᠣᠰᠢᠭᠤ ᠨᠡᠮᠡᠵᠦ 
       | ᠬᠦᠦ ᠮᠢᠨᠢ ᠴᠢᠮᠠᠲᠤ ᠮᠡᠷᠭᠢᠳ ᠦ᠋ᠨ ᠡᠨᠡ ᠬᠡᠦᠬᠡᠨ ᠡᠴᠡ ᠥᠭᠡᠷ᠎ᠡ ᠡᠮ᠎ᠡ ᠬᠦᠢᠰᠦᠲᠡᠨ ᠣᠯᠳᠠᠭᠰᠠᠨ ᠦᠭᠡᠢ ᠤᠤ? ᠨᠢᠳᠦ ᠴᠢᠨᠢ ᠰᠣᠬᠣᠷᠠᠵᠤ ᠪᠣᠯᠤᠨ᠎ᠠ᠃ ᠬᠠᠷᠢᠨ ᠰᠡᠳᠬᠢᠯ ᠴᠢᠨᠢ ᠰᠣᠬᠣᠷᠠᠵᠤ ᠪᠣᠯᠬᠤ ᠦᠭᠡᠢ ᠳᠡ᠃ ᠪᠥᠷᠲᠡ ᠶ᠋ᠢ ᠴᠢ ᠬᠡᠨ ᠳ᠋ᠦ᠍ ᠪᠤᠯᠢᠶᠠᠭᠳᠠᠭᠰᠠᠨ ᠢ᠋ᠶ᠋ᠠᠨ ᠮᠠᠷᠲᠠᠪᠠ ᠤᠤ? ᠬᠠᠷᠢᠨ ᠪᠥᠷᠲᠡ ᠡᠭᠦᠨ ᠢ᠋ ᠬᠡᠵᠢᠶ᠎ᠡ ᠴᠦ᠍ ᠮᠠᠷᠲᠠᠬᠤ ᠦᠭᠡᠢ ᠪᠢᠵᠡ ᠭᠡᠵᠦ ᠵᠢᠮᠡᠯᠡᠭᠰᠡᠨ ᠨᠢ ᠲᠡᠮᠦᠵᠢᠨ ᠢ᠋ ᠤᠯᠠᠮ ᠴᠤ᠌ ᠵᠣᠪᠠᠭᠠᠵᠠᠢ᠃ ᠲᠡᠭᠡᠯ᠎ᠡ ᠭᠡᠪᠡᠴᠦ ᠲᠡᠭᠦᠨ ᠳ᠋ᠦ᠍ ᠬᠤᠯᠠᠨ ᠢ᠋ ᠪᠤᠴᠠᠭᠠᠨ ᠠᠯᠳᠠᠬᠤ ᠰᠡᠳᠬᠢᠯ ᠥᠴᠦᠬᠡᠨ ᠴᠦ᠍ ᠪᠠᠢᠭᠰᠠᠨ ᠦᠭᠡᠢ ᠪᠢᠯᠡ᠃ ᠪᠥᠷᠲᠡ ᠤᠬᠠᠭᠠᠨ ᠵᠠᠷᠤᠵᠤ ᠣᠳᠣ ᠬᠤᠯᠠᠨ ᠢ᠋ ᠮᠡᠷᠭᠢᠳ ᠬᠥᠮᠦᠨ ᠭᠡᠳᠡᠭ ᠢ᠋ ᠮᠠᠷᠲᠠᠬᠤ ᠪᠠᠷ ᠰᠢᠢᠳᠦᠭᠰᠡᠨ ᠢ᠋ ᠦᠵᠡᠭᠡᠳ ᠲᠡᠮᠦᠵᠢᠨ ᠰᠠᠶᠢ ᠨᠢᠭᠡ ᠰᠠᠨᠠᠭ᠎ᠠ ᠠᠮᠠᠷᠠᠵᠠᠢ᠃ ᠶᠦᠩᠴᠢ ᠭᠡᠭᠴᠢ ᠲᠠᠢᠭᠠᠨ ᠡᠷ᠎ᠡ ᠶ᠋ᠢ ᠣᠷᠳᠣᠨ ᠤ᠋ ᠪᠤᠰᠤᠳ ᠲᠠᠢᠭᠠᠨ ᠨᠤᠭᠤᠳ ᠤ᠋ᠨ ᠬᠠᠮᠲᠤ ᠲᠠᠲ᠋ᠠᠷ ᠠᠢᠮᠠᠭ ᠢ᠋ ᠳᠠᠷᠤᠬᠤ ᠳ᠋ᠠᠭᠠᠨ ᠣᠯᠵᠠᠯᠠᠨ ᠠᠪᠴᠢᠷᠠᠭᠠᠳ ᠪᠥᠷᠲᠡ ᠳ᠋ᠦ᠍ ᠥᠭᠭᠦᠭᠰᠡᠨ ᠪᠥᠭᠡᠳ ᠲᠡᠳᠡ ᠴᠢᠩᠭᠢᠰ ᠬᠠᠭᠠᠨ ᠤ᠋ ᠶᠡᠬᠡ ᠦᠷᠭᠦᠭᠡᠨ ᠳ᠋ᠦ᠍ ᠠᠯᠪᠠ ᠬᠠᠰᠢᠨ ᠰᠠᠭᠤᠬᠤ ᠪᠣᠯᠵᠠᠢ᠃ ᠶᠦᠩᠴᠢ ᠭᠡᠭᠴᠢ ᠨᠢ ᠬᠠᠮᠤᠭ ᠤ᠋ᠨ ᠠᠬᠠᠮᠠᠳ ᠲᠤᠷᠰᠢᠯᠭ᠎ᠠ ᠲᠠᠢ ᠪᠦᠷ ᠵᠦᠷᠴᠢᠳ ᠦ᠋ᠨ ᠠᠯᠲᠠᠨ ᠤᠯᠤᠰ ᠤ᠋ᠨ ᠬᠠᠭᠠᠨ ᠤ᠋ ᠣᠷᠳᠣᠨ ᠳ᠋ᠤ᠌ ᠠᠯᠪᠠ ᠬᠠᠰᠢᠵᠤ ᠪᠠᠢᠭᠰᠠᠨ ᠬᠥᠮᠦᠨ ᠶᠦᠮ᠃ ᠲᠡᠷᠡ ᠶᠦᠩᠴᠢ ᠣᠳᠣ ᠪᠥᠷᠲᠡ ᠶ᠋ᠢᠨ ᠳᠡᠷᠭᠡᠳᠡ ᠰᠢᠳᠠᠷᠯᠠᠵᠤ ᠴᠢᠩᠭᠢᠰ ᠬᠠᠭᠠᠨ ᠤ᠋ ᠣᠷᠳᠣᠨ ᠤ᠋ ᠳᠣᠲᠣᠭᠠᠳᠤ ᠬᠡᠷᠡᠭ ᠦ᠋ᠨ ᠶᠡᠬᠡ ᠳᠠᠭᠠᠭᠠᠮᠠᠯ ᠪᠣᠯᠤᠭᠰᠠᠨ ᠠᠵᠢ᠃ ᠲᠡᠢᠮᠦ ᠪᠣᠯᠬᠣᠷ ᠶᠦᠩᠴᠢ ᠶ᠋ᠢ ᠬᠤᠯᠠᠨ ᠬᠠᠲᠤᠨ ᠳ᠋ᠤ᠌ ᠰᠢᠳᠠᠷᠯᠠᠭᠤᠯᠤᠨ ᠥᠭᠬᠦ ᠪᠡᠷ ᠰᠢᠢᠳᠦᠭᠰᠡᠨ ᠨᠢ ᠪᠥᠷᠲᠡ ᠬᠤᠯᠠᠨ ᠬᠠᠲᠤᠨ ᠢ᠋ ᠥᠪᠡᠷ ᠦ᠋ᠨ ᠵᠢᠩᠳᠠᠭᠠᠨ ᠳ᠋ᠤ᠌ ᠦᠵᠡᠵᠦ ᠪᠣᠢ ᠪᠠᠨ ᠢᠯᠡᠷᠬᠡᠢᠯᠡᠭᠰᠡᠨ ᠬᠡᠷᠡᠭ ᠭᠡᠵᠦ ᠲᠡᠮᠦᠵᠢᠨ ᠣᠢᠯᠠᠭᠠᠭᠠᠳ ᠮᠠᠰᠢᠳᠠ ᠪᠠᠶᠠᠷᠯᠠᠵᠤ ᠥᠷᠯᠥᠭᠡ ᠨᠢ ᠡᠨᠡ ᠲᠤᠬᠠᠢ ᠬᠤᠯᠠᠨ ᠳ᠋ᠤ᠌ ᠥᠪᠡᠷ ᠢ᠋ᠶ᠋ᠡᠨ ᠳᠣᠭᠣᠯᠭᠠᠵᠠᠢ᠃ ᠬᠤᠯᠠᠨ ᠲᠡᠷᠡ ᠡᠳᠦᠷ ᠦᠨᠡᠬᠡᠷ ᠪᠠᠶᠠᠷᠲᠠᠢ ᠪᠠᠢᠯ᠎ᠠ᠃ ᠤᠴᠢᠷ ᠨᠢ ᠲᠡᠷᠡ ᠲᠡᠮᠦᠵᠢᠨ ᠡᠴᠡ ᠪᠡᠶ᠎ᠡ ᠰᠢᠯᠲᠠᠭ ᠲᠠᠢ ᠪᠣᠯᠤᠭᠰᠠᠨ ᠢ᠋ᠶ᠋ᠠᠨ ᠮᠡᠳᠡᠭᠡᠳ ᠪᠠᠢᠯ᠎ᠠ᠃ 
       | ᠬᠤᠯᠠᠨ ᠴᠢ ᠥᠪᠡᠷ ᠢ᠋ ᠪᠡᠨ ᠮᠡᠷᠭᠢᠳ ᠬᠥᠮᠦᠨ ᠭᠡᠳᠡᠭ ᠢ᠋ ᠮᠠᠷᠲᠠ ᠭᠡᠰᠡᠨ ᠴᠢᠩᠭᠢᠰ ᠬᠠᠭᠠᠨ ᠤ᠋ ᠦᠭᠡ ᠬᠤᠯᠠᠨ ᠢ᠋ ᠲᠡᠷᠡ ᠲᠠᠢᠭᠠᠨ ᠶᠦᠩᠴᠢ ᠡᠴᠡ ᠢᠯᠡᠭᠦᠦ ᠪᠡᠷ ᠪᠠᠶᠠᠷᠯᠠᠭᠤᠯᠵᠠᠢ᠃ ᠬᠠᠷᠢᠨ ᠬᠤᠯᠠᠨ ᠥᠪᠡᠷ ᠦ᠋ᠨ ᠢ᠋ᠶ᠋ᠡᠨ ᠮᠡᠷᠭᠢᠳ ᠤᠳᠤᠮ ᠢ᠋ ᠪᠦᠭᠦᠳᠡ ᠮᠠᠷᠲᠠᠭᠠᠰᠠᠢ ᠭᠡᠵᠦ ᠰᠢᠨᠤᠨ ᠬᠦᠰᠡᠵᠦ ᠪᠠᠢᠭᠰᠠᠨ ᠲᠤᠯᠠ ᠴᠢᠩᠭᠢᠰ ᠬᠠᠭᠠᠨ ᠤ᠋ ᠳᠡᠭᠡᠷᠡᠬᠢ ᠦᠭᠡ ᠶ᠋ᠢᠨ ᠳᠠᠷᠠᠭ᠎ᠠ ᠥᠪᠡᠷ ᠢ᠋ ᠪᠡᠨ ᠳᠠᠭᠠᠵᠤ ᠢᠷᠡᠭᠰᠡᠨ ᠪᠦᠬᠦ ᠮᠡᠷᠭᠢᠳ ᠰᠢᠪᠡᠭᠴᠢᠨ᠂ ᠣᠢᠷ᠎ᠠ ᠳᠡᠷᠭᠡᠳᠡ ᠪᠠᠢᠭᠰᠠᠨ ᠠᠯᠪᠠᠲᠤ ᠵᠠᠷᠤᠴᠠ ᠨᠠᠷ ᠢ᠋ᠶ᠋ᠠᠨ ᠪᠤᠰᠤᠳ ᠲᠤ᠌ ᠲᠠᠷᠬᠠᠭᠠᠨ ᠥᠭᠴᠡᠢ᠃ ᠲᠡᠷᠡ ᠶᠠᠮᠠᠷ ᠨᠢᠭᠡ ᠮᠡᠷᠭᠢᠳ ᠤᠳᠤᠮ ᠤ᠋ᠨ ᠪᠢᠰᠢ᠂ ᠭᠠᠭᠴᠠᠬᠠᠨ ᠴᠢᠩᠭᠢᠰ ᠬᠠᠭᠠᠨ ᠤ᠋ ᠬᠠᠲᠤᠨ ᠪᠠᠢᠬᠤ ᠶ᠋ᠢ ᠲᠤᠢᠯ ᠢ᠋ᠶ᠋ᠠᠷ ᠬᠦᠰᠡᠵᠦ ᠪᠠᠢᠪᠠ᠃ ᠲᠡᠭᠦᠨ ᠦ᠌ ᠮᠥᠷᠥᠭᠡᠳᠦᠮᠡᠲᠡᠬᠡᠢ᠂ ᠤᠬᠤᠷᠢᠵᠤ ᠨᠢᠴᠤᠰᠢ ᠦᠭᠡᠢ ᠰᠡᠳᠬᠢᠯ ᠳ᠋ᠦ᠍ᠨᠢ ᠲᠠᠢᠯᠳᠠᠨ ᠰᠥᠨᠥᠭᠰᠡᠨ ᠮᠡᠷᠭᠢᠳ ᠠᠢᠮᠠᠭ ᠠ᠋ᠴᠠ ᠭᠠᠷᠤᠯᠲᠠᠢ ᠪᠠᠢᠬᠤ ᠨᠢ ᠲᠡᠪᠴᠢᠰᠢ ᠦᠭᠡᠢ ᠳᠣᠷᠣᠮᠵᠢᠯᠠᠯ ᠲᠠᠢ ᠮᠡᠲᠦ ᠰᠠᠨᠠᠭᠳᠠᠨ᠎ᠠ᠃ 
       ᠬᠤᠯᠠᠨ ᠴᠢᠩᠭᠢᠰ ᠬᠠᠭᠠᠨ ᠤ᠋ ᠡᠪᠦᠷ ᠲᠦ᠍ ᠲᠡᠭᠦᠨ ᠦ᠌ ᠳᠤᠷ᠎ᠠ ᠬᠦᠰᠡᠯ ᠢ᠋ ᠡᠵᠡᠮᠳᠡᠨ ᠬᠡᠪᠲᠡᠬᠦ ᠳ᠋ᠡᠭᠡᠨ ᠶᠡᠷᠦ ᠢᠴᠢᠵᠦ ᠠᠶᠤᠬᠤ ᠵᠦᠢᠯ ᠦᠭᠡᠢ ᠪᠡᠷ ᠡᠨᠡ ᠮᠡᠲᠦ ᠵᠦᠢᠯ ᠢ᠋ ᠬᠡᠯᠡᠳᠡᠭ ᠪᠢᠯᠡ᠃ ᠲᠡᠮᠦᠵᠢᠨ ᠬᠤᠯᠠᠨ ᠬᠠᠲᠤᠨ ᠤ᠋ ᠪᠠᠨ ᠬᠥᠩᠭᠡᠨ ᠪᠣᠳᠣᠯ᠂ ᠬᠥᠭᠡᠷᠦᠦ ᠭᠡᠨᠡᠨ ᠦᠭᠡ ᠶ᠋ᠢ ᠰᠣᠨᠣᠰᠤᠭᠠᠳ ᠡᠯᠡᠭᠯᠡᠨ ᠬᠥᠬᠥᠷᠡᠳᠡᠭ ᠴᠦ᠍ ᠳᠣᠲᠣᠷ᠎ᠠ ᠪᠠᠨ ᠬᠤᠯᠠᠨ ᠤ᠋ ᠴᠠᠭᠠᠳᠤ ᠰᠠᠨᠠᠭ᠎ᠠ ᠵᠣᠷᠢᠯᠭ᠎ᠠ ᠶᠡᠬᠡ ᠪᠥᠭᠡᠳ ᠵᠥᠪ ᠪᠣᠯᠬᠤ ᠶ᠋ᠢ ᠮᠡᠳᠡᠵᠦ ᠤᠯᠠᠮ ᠴᠤ᠌ ᠬᠠᠢᠷᠠᠯᠠᠨ ᠲᠣᠭᠣᠬᠤ ᠪᠣᠯᠵᠠᠢ᠃ ᠬᠤᠯᠠᠨ ᠪᠣᠯ ᠪᠦᠬᠦᠨ ᠡᠴᠡ ᠣᠨᠴᠠᠭᠠᠢ ᠰᠣᠳᠣᠨ ᠶᠢᠯᠸᠢ ᠰᠢᠳᠢᠲᠡᠢ ᠮᠡᠲᠦ ᠪᠦᠰᠡᠭᠦᠢ ᠪᠠᠢᠪᠠ᠃ ᠡᠨᠡ ᠪᠣᠯ ᠭᠠᠭᠴᠠ ᠲᠡᠭᠦᠨ ᠦ᠌ ᠭᠤᠸ᠎ᠠ ᠦᠵᠡᠮᠵᠢ ᠪᠢᠰᠢ ᠶᠦᠮ᠃ ᠣᠢᠷ᠎ᠠ ᠬᠠᠪᠢ ᠶ᠋ᠢᠨ ᠬᠢᠨ ᠦ᠌ ᠡᠮᠡᠰ ᠬᠠᠲᠤᠳ ᠤ᠋ᠨ ᠳᠤᠮᠳᠠ ᠬᠠᠰᠠᠷ ᠤ᠋ᠨ ᠬᠤᠧᠨᠷᠵᠢᠨ ᠬᠠᠲᠤᠨ ᠭᠤᠸ᠎ᠠ ᠦᠵᠡᠮᠵᠢ ᠪᠡᠷ ᠣᠨᠴᠠᠭᠠᠢ ᠪᠥᠭᠡᠲᠡᠯ᠎ᠡ ᠬᠤᠯᠠᠨ ᠲᠡᠭᠦᠨ ᠡᠴᠡ ᠶᠡᠷᠦ ᠳᠤᠲᠠᠬᠤ ᠦᠭᠡᠢ ᠬᠠᠷᠢᠨ ᠴᠤ᠌ ᠳᠠᠪᠠᠬᠤ ᠲᠤᠯᠠ ᠲᠡᠮᠦᠵᠢᠨ ᠰᠡᠳᠬᠢᠯ ᠶᠡᠬᠡᠳᠡ ᠬᠠᠨᠳᠠᠭ ᠪᠠᠢᠯ᠎ᠠ᠃ ᠪᠠᠰᠠ ᠬᠤᠯᠠᠨ ᠤ᠋ ᠡᠮ᠎ᠡ ᠬᠥᠮᠦᠨ ᠳ᠋ᠦ᠍ ᠪᠠᠢᠲᠤᠭᠠᠢ᠂ ᠡᠷ᠎ᠡ ᠬᠥᠮᠦᠨ ᠳ᠋ᠦ᠍ ᠴᠦ᠍ ᠴᠥᠭᠡᠨ ᠪᠠᠢᠬᠤ ᠡᠷᠡᠰ ᠬᠠᠲᠠᠭᠤ ᠵᠣᠷᠢᠭ᠂ ᠵᠣᠷᠢᠭᠰᠠᠨ ᠰᠠᠨᠠᠭᠰᠠᠨ ᠳ᠋ᠠᠭᠠᠨ ᠬᠦᠷᠬᠦ ᠶ᠋ᠢᠨ ᠲᠤᠯᠠᠳᠠ ᠴᠤᠴᠠᠯᠲᠠ ᠦᠭᠡᠢ ᠲᠡᠮᠡᠦᠯᠬᠦ ᠴᠢᠨᠠᠷ ᠨᠢ ᠲᠡᠮᠦᠵᠢᠨ ᠢ ᠪᠦᠷ ᠪᠢᠰᠢᠷᠡᠭᠦᠯᠦᠭᠰᠡᠨ ᠶᠦᠮ᠃ ᠬᠤᠯᠠᠨ ᠪᠣᠯ ᠭᠠᠭᠴᠠ ᠲᠡᠭᠦᠨ ᠳ᠋ᠦ᠍ ᠵᠣᠷᠢᠭᠤᠯᠤᠨ ᠲᠩᠷᠢ ᠡᠴᠡ ᠢᠯᠡᠭᠡᠭᠰᠡᠨ ᠬᠥᠮᠦᠨ ᠪᠢᠵᠡ ᠭᠡᠵᠦ ᠵᠠᠷᠢᠮ ᠳ᠋ᠠᠭᠠᠨ ᠪᠣᠳᠣᠭᠳᠠᠨ᠎ᠠ᠃ ᠬᠠᠷᠢᠨ ᠬᠤᠯᠠᠨ ᠲᠡᠮᠦᠵᠢᠨ ᠳ᠋ᠦ᠍ ᠢᠷᠡᠭᠡᠳ ᠬᠥᠯ ᠬᠦᠨᠳᠦ ᠪᠣᠯᠤᠭᠰᠠᠨ ᠴᠤ᠌ ᠭᠠᠢ ᠪᠣᠯᠵᠤ ᠦᠷ᠎ᠡ ᠵᠤᠯᠪᠤᠭᠰᠠᠨ ᠠ᠋ᠴᠠ ᠬᠣᠢᠰᠢ ᠳᠠᠬᠢᠨ ᠬᠡᠦᠬᠡᠳ ᠣᠯᠬᠤ ᠦᠭᠡᠢ ᠪᠣᠯᠤᠭᠰᠠᠨ ᠨᠢ ᠬᠥᠷ ᠵᠢᠷᠭᠠᠯ ᠳᠦᠭᠦᠷᠡᠩ ᠠᠮᠢᠳᠤᠷᠠᠯ ᠤ᠋ᠨ ᠭᠠᠭᠴᠠ ᠪᠠᠷᠠᠭᠠᠨ ᠰᠡᠭᠦᠳᠡᠷ᠂ ᠬᠤᠯᠠᠨ ᠤ᠋ ᠰᠡᠳᠬᠢᠯ ᠦ᠋ᠨ ᠰᠢᠨᠠᠯᠤᠯ ᠪᠣᠯᠵᠠᠢ᠃ ᠶᠢᠰᠤᠢ᠂ ᠶᠢᠰᠦᠬᠡᠨ ᠬᠠᠲᠤᠳ ᠥᠬᠢᠳ ᠲᠡᠢ ᠪᠣᠯ ᠬᠤᠯᠠᠨ ᠳ᠋ᠤ᠌ ᠥᠬᠢᠨ ᠴᠦ᠍ ᠵᠠᠶᠠᠭᠠᠬᠤ ᠦᠭᠡᠢ ᠪᠠᠢᠭ᠎ᠠ ᠨᠢ ᠲᠩᠷᠢ ᠶ᠋ᠢᠨ ᠴᠡᠭᠡᠷᠯᠡᠯ ᠰᠢᠭ ᠪᠣᠯᠵᠤ ᠡᠭᠦᠨ ᠳ᠋ᠦ᠍ ᠬᠤᠯᠠᠨ ᠪᠤᠤ ᠬᠡᠯᠡ ᠲᠡᠮᠦᠵᠢᠨ ᠴᠦ᠍ ᠰᠢᠨᠠᠯᠤᠨ ᠵᠣᠪᠠᠵᠤ ᠦᠷ᠎ᠡ ᠶ᠋ᠢᠨ ᠬᠦᠰᠡᠯᠡᠩ ᠪᠣᠯᠤᠭᠰᠠᠨ ᠬᠥᠭᠡᠷᠦᠬᠦᠢ ᠬᠤᠯᠠᠨ ᠢ ᠦᠷᠦ ᠡᠪᠡᠳᠬᠦ ᠪᠥᠯᠥᠭᠡ᠃ ᠳᠥᠷᠪᠡ ᠶ᠋ᠢᠨ ᠳᠥᠷᠪᠡᠨ ᠬᠥᠪᠡᠭᠦᠨ ᠲᠥᠷᠥᠭᠦᠯᠵᠦ ᠴᠢᠩᠭᠢᠰ ᠬᠠᠭᠠᠨ ᠤ᠋ ᠠᠯᠲᠠᠨ ᠤᠷᠤᠭ᠂ ᠶᠡᠬᠡ ᠮᠣᠩᠭᠣᠯ ᠤᠯᠤᠰ ᠲᠤ᠌ ᠳᠠᠷᠬᠠᠯᠠᠭᠳᠠᠭᠰᠠᠨ ᠶᠡᠬᠡ ᠬᠠᠲᠤᠨ ᠪᠥᠷᠲᠡ ᠶ᠋ᠢᠨ ᠢᠯᠡᠷᠬᠡᠢ ᠳᠡᠭᠡᠭᠦᠷ ᠳᠡᠭᠡᠷᠡᠩᠭᠦᠢ ᠬᠠᠷᠠᠴᠠ ᠲᠠᠢᠯᠳᠠᠨ ᠳᠠᠷᠤᠯᠠᠭᠳᠠᠵᠤ ᠰᠤᠷᠤᠭ᠎ᠠ ᠦᠭᠡᠢ ᠬᠤᠯᠠᠨ ᠢ ᠪᠠᠢᠵᠤ ᠰᠠᠭᠤᠬᠤ ᠶ᠋ᠢᠨ ᠠᠷᠭ᠎ᠠ ᠦᠭᠡᠢ ᠪᠣᠯᠭᠠᠨ᠎ᠠ᠃ ᠮᠡᠷᠭᠢᠳ ᠦ᠋ᠳ ᠨᠢᠭᠡᠨᠲᠡ ᠪᠤᠯᠢᠶᠠᠨ ᠠᠪᠤᠭᠰᠠᠨ ᠶᠤᠮ ᠪᠣᠯ ᠪᠥᠷᠲᠡ ᠬᠡᠮᠡᠬᠦ ᠡᠨᠡ ᠪᠦᠳᠦᠭᠦᠨ ᠠᠪᠠᠭᠠᠢ ᠶ᠋ᠢ ᠠᠯᠠᠴᠢᠬᠠᠬᠤ ᠦᠭᠡᠢ ᠶᠠᠭᠠᠬᠢᠪᠠ ᠭᠡᠵᠦ ᠵᠠᠷᠢᠮ ᠳ᠋ᠠᠭᠠᠨ ᠦᠵᠡᠨ ᠶᠠᠳᠠᠬᠤ ᠳ᠋ᠠᠭᠠᠨ ᠰᠢᠨᠠᠯᠤᠨ ᠪᠣᠳᠣᠳᠠᠭ ᠪᠣᠯᠵᠠᠢ᠃ ᠶᠡᠬᠡ ᠬᠠᠲᠤᠨ ᠪᠥᠷᠲᠡ ᠪᠣᠯᠤᠭᠠᠳ ᠶᠢᠰᠤᠢ᠂ ᠶᠢᠰᠦᠬᠡᠨ ᠬᠠᠲᠤᠨ ᠤ᠋ ᠳ᠋ᠠᠭᠠᠨ ᠲᠡᠮᠦᠵᠢᠨ ᠢ᠋ ᠬᠣᠨᠣᠬᠤ ᠳ᠋ᠤ᠌ ᠬᠤᠯᠠᠨ ᠪᠣᠭᠣᠵᠤ ᠦᠬᠦᠮᠡᠷ᠂ ᠲᠡᠷᠡ ᠡᠮᠡᠰ ᠦ᠋ᠨ ᠭᠡᠷ ᠲᠦ᠋ᠨᠢ ᠳᠠᠭᠠᠷᠢᠨ ᠣᠷᠣᠵᠤ ᠠᠯᠠᠯᠳᠤᠨ ᠲᠡᠮᠡᠴᠡᠮᠡᠷ ᠲᠡᠮᠦᠵᠢᠨ ᠢ᠋ ᠲᠡᠭᠦᠨ ᠡᠴᠡ ᠪᠤᠯᠢᠶᠠᠭᠴᠢ ᠡᠮᠡᠰ ᠢ ᠤᠷᠠᠵᠤ ᠲᠠᠰᠤᠴᠢᠨ ᠬᠠᠶᠠᠮᠠᠷ ᠶᠡᠷᠦ ᠰᠣᠯᠢᠶᠠᠷᠠᠮᠠᠷ ᠪᠣᠯᠤᠨ᠎ᠠ᠃ ᠲᠡᠮᠦᠵᠢᠨ ᠢ᠋ ᠢᠩᠭᠢᠵᠦ ᠪᠤᠰᠤᠳ ᠡᠮ᠎ᠡ ᠲᠡᠢ ᠬᠤᠪᠢᠶᠠᠨ ᠬᠡᠷᠡᠭᠯᠡᠬᠦ ᠶ᠋ᠢ᠂ ᠪᠠᠰᠠ ᠲᠡᠳᠡᠨ ᠡᠴᠡ ᠳᠣᠣᠷᠠᠲᠤ ᠦᠵᠡᠭᠳᠡᠬᠦ ᠶ᠋ᠢ ᠬᠤᠯᠠᠨ ᠠᠷᠠᠢᠬᠠᠨ ᠲᠡᠪᠴᠢᠵᠦ ᠪᠠᠢᠪᠠ᠃ ᠲᠡᠷᠡ ᠳᠤᠮᠳᠠ ᠪᠠᠨ ᠪᠦᠳᠦᠭᠦᠨ ᠪᠥᠷᠲᠡ ᠶ᠋ᠢᠨ ᠳ᠋ᠦ᠍ ᠣᠴᠢᠵᠤ ᠬᠣᠨᠣᠬᠤ ᠳ᠋ᠤᠨᠢ ᠪᠦᠷ ᠭᠠᠯᠵᠠᠭᠤᠷᠠᠬᠤ ᠳᠥᠭᠥᠨ᠎ᠡ᠃ ᠬᠣᠷᠣᠰᠤᠯ ᠵᠠᠨᠤᠯ᠂ ᠦᠵᠡᠨ ᠶᠠᠳᠠᠯᠲᠠ ᠪᠠᠨ ᠳᠠᠷᠠᠭ᠎ᠠ ᠨᠢ ᠲᠡᠮᠦᠵᠢᠨ ᠳ᠋ᠦ᠍ ᠭᠠᠷᠭᠠᠵᠤ ᠲᠠᠴᠢᠶᠠᠳᠠᠭᠰᠠᠨ ᠳᠦᠷᠢ ᠦᠵᠡᠭᠦᠯᠦᠨ ᠮᠥᠷᠥ ᠬᠦᠵᠦᠭᠦᠦ ᠶ᠋ᠢ ᠨᠢ ᠤᠯᠠᠭᠠᠨ ᠡᠷᠢᠶᠡᠨ ᠪᠣᠯᠲᠠᠯ᠎ᠠ ᠬᠠᠵᠠᠵᠤ ᠮᠠᠭᠠᠵᠢᠵᠤ ᠣᠷᠬᠢᠬᠤ ᠪᠢᠯᠡ᠃ ᠨᠢᠯᠪᠤᠰᠤ ᠤᠷᠤᠰᠬᠠᠨ ᠣᠷᠢᠯᠠᠵᠤ ᠴᠢᠷᠠᠯᠠᠵᠤ᠂ ᠬᠠᠵᠠᠵᠤ ᠮᠠᠭᠠᠵᠢᠵᠤ ᠪᠠᠢᠭ᠎ᠠ ᠲᠡᠭᠦᠨ ᠢ ᠲᠡᠮᠦᠵᠢᠨ ᠳᠤᠷ᠎ᠠ ᠲᠠᠯᠪᠢᠵᠤ ᠲᠠᠴᠢᠶᠠᠳᠠᠵᠤ ᠪᠠᠢᠨ᠎ᠠ ᠭᠡᠵᠦ ᠪᠣᠳᠣᠬᠤ ᠠ᠋ᠴᠠ ᠴᠠᠭᠠᠰᠢ ᠦᠭᠡᠢ᠃ ᠬᠠᠷᠢᠨ ᠬᠤᠯᠠᠨ ᠤ᠋ ᠳᠣᠲᠣᠷ᠎ᠠ ᠦᠰ ᠬᠣᠨᠵᠢᠩ᠂ ᠠᠭᠤᠷ ᠴᠢᠬᠤᠯ ᠳᠦᠷᠡᠯᠵᠡᠨ ᠰᠢᠲᠠᠵᠤ ᠪᠠᠢᠳᠠᠭ ᠪᠢᠯᠡ᠃ ᠬᠤᠯᠠᠨ ᠦᠵᠡᠨ ᠶᠠᠳᠠᠭᠰᠠᠨ᠂ ᠥᠷᠢᠰᠦᠯᠳᠦᠨ ᠲᠡᠮᠡᠴᠡᠬᠦ ᠬᠦᠰᠡᠯ ᠡᠴᠡ ᠪᠡᠨ ᠪᠣᠯᠵᠤ ᠵᠠᠷᠢᠮ ᠳ᠋ᠠᠭᠠᠨ ᠬᠡᠨ ᠨᠢᠭᠡᠨ ᠢ᠋ ᠲᠡᠷᠡ ᠳᠤᠮᠳᠠ ᠪᠠᠨ ᠪᠥᠷᠲᠡ ᠶ᠋ᠢ ᠪᠠᠭᠠᠯᠵᠠᠭᠤᠷᠳᠠᠨ ᠠᠯᠠᠬᠤ ᠪᠣᠢ ᠭᠡᠵᠦ ᠥᠪᠡᠷ ᠡᠴᠡ ᠪᠡᠨ ᠴᠦ᠍ ᠠᠶᠤᠬᠤ ᠪᠣᠯᠵᠠᠢ᠃ ᠬᠤᠯᠠᠨ ᠤ᠋ ᠡᠨᠡ ᠬᠦ᠌ ᠰᠡᠳᠬᠢᠯ ᠦ᠋ᠨ ᠬᠢᠮᠤᠷᠠᠯ ᠢ ᠲᠡᠮᠦᠵᠢᠨ ᠰᠠᠢᠨ ᠮᠡᠳᠡᠷᠡᠬᠦ ᠪᠣᠯᠪᠠᠴᠤ ᠪᠠᠰᠠ ᠶᠠᠭᠠᠬᠢᠵᠤ ᠴᠤ᠌ ᠡᠰᠡ ᠴᠢᠳᠠᠨ᠎ᠠ᠃ ᠬᠡᠦᠬᠡᠳ ᠭᠠᠷᠭᠠᠬᠤ ᠪᠠᠷ ᠢ᠋ᠶ᠋ᠠᠨ ᠵᠦᠭᠡᠷ ᠪᠣᠯᠤᠨ᠎ᠠ ᠭᠡᠵᠦ ᠪᠣᠳᠣᠭᠰᠠᠭᠠᠷ ᠪᠠᠢᠲᠠᠯ᠎ᠠ ᠣᠯᠠᠨ ᠵᠢᠯ ᠥᠩᠭᠡᠷᠡᠵᠡᠢ᠃ ᠪᠠᠰᠠ ᠳᠡᠭᠡᠷ᠎ᠡ ᠨᠢ ᠠᠯᠲᠠᠨ ᠤᠯᠤᠰ ᠢ᠋ ᠳᠠᠢᠯᠠᠷ᠎ᠠ ᠮᠣᠷᠳᠠᠬᠤ ᠳ᠋ᠠᠭᠠᠨ ᠴᠢᠩᠭᠢᠰ ᠬᠠᠭᠠᠨ ᠶᠢᠰᠤᠢ ᠬᠠᠲᠤᠨ ᠢ᠋ᠶ᠋ᠠᠨ ᠳᠠᠭᠠᠭᠤᠯᠤᠨ ᠶᠠᠪᠤᠭᠰᠠᠨ ᠨᠢ ᠬᠤᠯᠠᠨ ᠢ᠋ ᠶᠣᠰᠣᠲᠠᠢ ᠭᠠᠯᠵᠠᠭᠤᠷᠠᠭᠤᠯᠵᠠᠢ᠃ ᠠᠯᠲᠠᠨ ᠤᠯᠤᠰ ᠲᠤ᠌ ᠳᠠᠢᠯᠠᠷ᠎ᠠ ᠶᠠᠪᠤᠬᠤ ᠳ᠋ᠠᠭᠠᠨ ᠥᠪᠡᠷ ᠢ᠋ ᠨᠢ ᠳᠠᠭᠠᠭᠤᠯᠤᠨ᠎ᠠ ᠭᠡᠵᠦ ᠳᠣᠲᠣᠷ᠎ᠠ ᠪᠠᠨ ᠪᠠᠲᠤ ᠢᠲᠡᠭᠡᠭᠡᠳ ᠪᠦᠷ ᠡᠮᠦᠰᠬᠦ ᠵᠡᠭᠦᠬᠦ ᠪᠡᠨ ᠬᠦᠷᠲᠡᠯ᠎ᠡ ᠪᠡᠯᠡᠳᠬᠡᠨ ᠬᠦᠯᠢᠶᠡᠵᠦ ᠪᠠᠢᠭᠰᠠᠨ ᠪᠢᠯᠡ᠃ ᠭᠡᠪᠡᠴᠦ ᠬᠤᠯᠠᠨ ᠳ᠋ᠤ᠌ ᠬᠤᠪᠢ ᠵᠠᠶᠠᠭ᠎ᠠ ᠪᠠᠨ ᠳᠠᠭᠤ ᠦᠭᠡᠢ ᠳᠠᠭᠠᠬᠤ ᠠ᠋ᠴᠠ ᠥᠭᠡᠷ᠎ᠡ ᠠᠷᠭ᠎ᠠ ᠳᠠᠩᠴᠤ ᠪᠠᠢᠭᠰᠠᠨ ᠦᠭᠡᠢ᠃ ᠤᠴᠢᠷ ᠨᠢ ᠲᠡᠷᠡ ᠥᠪᠡᠷ ᠢ᠋ᠶ᠋ᠡᠨ ᠯᠡ ᠡᠨᠡ ᠠᠮᠢᠳᠤᠷᠠᠯ ᠢ᠋ ᠰᠣᠩᠭᠣᠭᠰᠠᠨ ᠪᠢᠯᠡ᠃ ᠲᠡᠮᠦᠵᠢᠨ ᠡᠴᠡ ᠳᠠᠬᠢᠨ ᠬᠡᠦᠬᠡᠳ ᠣᠯᠤᠭ᠎ᠠ ᠦᠭᠡᠢ ᠨᠢ ᠲᠡᠭᠦᠨ ᠦ᠌ ᠭᠣᠯᠣᠭᠳᠠᠬᠤ ᠰᠢᠯᠲᠠᠭ ᠪᠣᠯᠪᠠ ᠭᠡᠵᠦ ᠥᠪᠡᠷ ᠲᠡᠭᠡᠨ ᠭᠣᠮᠣᠳᠠᠨ ᠦᠷᠭᠦᠭᠡᠨ ᠳ᠋ᠡᠭᠡᠨ ᠤᠬᠢᠯᠠᠵᠤ ᠬᠡᠪᠲᠡᠬᠦ ᠨᠢ ᠣᠯᠠᠨ ᠪᠣᠯᠵᠠᠢ᠃ ᠡᠢᠮᠦ ᠦᠶ᠎ᠡ ᠳ᠋ᠦ᠍ ᠲᠡᠭᠦᠨ ᠦ᠌ ᠳᠡᠷᠭᠡᠳᠡ ᠥᠨᠥᠬᠢ ᠲᠠᠢᠭᠠᠨ ᠶᠦᠩᠴᠢ ᠲᠣᠪ ᠳᠤᠭᠤᠢ ᠵᠣᠭᠰᠣᠵᠤ ᠪᠠᠢᠬᠤ ᠪᠥᠭᠡᠳ ᠬᠥᠭᠡᠭᠡᠵᠦ ᠲᠠᠭᠤᠭᠰᠠᠨ ᠴᠤ᠌ ᠲᠡᠷᠡ ᠶᠠᠪᠤᠬᠤ ᠦᠭᠡᠢ ᠪᠥᠯᠥᠭᠡ᠃ ᠬᠤᠯᠠᠨ ᠲᠡᠭᠦᠨ ᠢ᠋ ᠬᠠᠪᠢ ᠣᠢᠷ᠎ᠠ ᠶ᠋ᠢᠨ ᠭᠠᠷ ᠲᠠᠭᠠᠨ ᠲᠠᠭᠠᠷᠠᠯᠳᠤᠭᠰᠠᠨ ᠪᠣᠯᠭᠠᠨ ᠢ᠋ᠶ᠋ᠠᠷ ᠨᠡᠭᠦᠯᠭᠡᠵᠦ ᠪᠠᠢᠭᠠᠳ ᠲᠠᠢᠪᠤᠰᠢᠷᠠᠳᠠᠭ ᠪᠠᠢᠪᠠ᠃ ᠬᠠᠷᠢᠨ ᠶᠦᠩᠴᠢ ᠰᠢᠳᠡᠭᠰᠡᠨ ᠶᠠᠭᠤᠮ᠎ᠠ ᠶ᠋ᠢ ᠲᠡᠭᠦᠵᠦ᠂ ᠪᠤᠴᠠᠭᠠᠵᠤ ᠲᠠᠯᠪᠢᠳᠠᠭ ᠪᠢᠯᠡ᠃ ᠬᠤᠯᠠᠨ ᠤ᠋ ᠵᠣᠪᠠᠯᠠᠩ ᠰᠢᠨᠠᠯᠤᠯ ᠢ᠋ ᠴᠢᠩᠭᠢᠰ ᠬᠠᠭᠠᠨ ᠤ᠋ ᠠᠯᠲᠠᠨ ᠤᠯᠤᠰ ᠠ᠋ᠴᠠ ᠢᠷᠡᠬᠦ ᠳ᠋ᠡᠭᠡᠨ ᠠᠪᠴᠢᠷᠠᠵᠤ ᠥᠭᠭᠦᠭᠰᠡᠨ ᠶᠡᠬᠡ ᠪᠡᠯᠡᠭ ᠥᠴᠦᠬᠡᠨ ᠴᠦ᠍ ᠲᠠᠢᠳᠬᠤᠷᠠᠭᠤᠯᠤᠭᠰᠠᠨ ᠦᠭᠡᠢ᠃ 《ᠡᠨᠡ ᠲᠣᠮᠣ ᠬᠥᠬᠥᠲᠦ ᠲᠠᠲ᠋ᠠᠷ ᠡᠮ᠎ᠡ ᠶᠢᠰᠦᠢ ᠶ᠋ᠢ ᠶᠠᠭᠤᠨ ᠳ᠋ᠤᠨᠢ ᠪᠣᠯᠵᠤ ᠢᠩᠭᠢᠵᠦ ᠰᠠᠷ᠎ᠠ ᠵᠢᠯ ᠢ᠋ᠶ᠋ᠡᠷ ᠠᠶᠠᠨ ᠲᠡᠢᠨ ᠳ᠋ᠦ᠍ ᠳᠠᠭᠠᠭᠤᠯᠵᠤ ᠶᠠᠪᠤᠳᠠᠭ ᠶᠤᠮ ᠪᠣᠯ? ᠪᠢ ᠲᠡᠭᠦᠨ ᠡᠴᠡ ᠶᠠᠭᠤ ᠪᠠᠷ ᠢ᠋ᠶ᠋ᠠᠨ ᠳᠤᠲᠠᠪᠠ?》 ᠭᠡᠵᠦ ᠬᠣᠷᠣᠰᠤᠨ ᠪᠣᠳᠣᠬᠤ ᠨᠢ ᠪᠠᠭᠠᠰᠴᠤ ᠨᠢᠮᠭᠡᠷᠡᠭᠰᠡᠨ ᠦᠭᠡᠢ᠃ ᠠᠯᠲᠠᠨ ᠤᠯᠤᠰ ᠠ᠋ᠴᠠ ᠢᠷᠡᠭᠡᠳ ᠴᠢᠩᠭᠢᠰ ᠬᠠᠭᠠᠨ ᠬᠤᠯᠠᠨ ᠬᠠᠲᠤᠨ ᠤ᠋ ᠪᠠᠨ ᠬᠠᠮᠲᠤ ᠬᠠᠮᠢᠭᠠᠰᠢ ᠪᠠᠨ ᠴᠤ᠌ ᠶᠠᠪᠤᠯ ᠦᠭᠡᠢ ᠵᠢᠯ ᠰᠠᠭᠤᠭᠰᠠᠨ ᠨᠢ ᠴᠦ᠍᠂ ᠪᠠᠰᠠ ᠰᠢᠨ᠎ᠡ ᠤᠷᠲᠤ ᠥᠷᠭᠥᠭᠡ ᠪᠠᠢᠭᠤᠯᠬᠤ ᠭᠠᠵᠠᠷ ᠨᠤᠲᠤᠭ ᠰᠣᠩᠭᠣᠬᠤ ᠪᠠᠷ ᠦᠵᠡᠰᠬᠦᠯᠡᠩᠲᠦ ᠭᠣᠣᠯ ᠤᠰᠤ ᠶ᠋ᠢ ᠬᠡᠰᠦᠨ ᠶᠠᠪᠤᠭᠰᠠᠨ ᠨᠢ ᠴᠦ᠍ ᠥᠴᠦᠬᠡᠨ ᠴᠦ᠍ ᠲᠠᠢᠪᠤᠰᠢᠷᠠᠭᠤᠯᠤᠭᠰᠠᠨ ᠦᠭᠡᠢ᠃
       ᠬᠠᠷᠢᠨ ᠬᠤᠯᠠᠨ ᠳ᠋ᠤ᠌ ᠲᠠᠢᠪᠤᠰᠢᠷᠠᠬᠤ ᠨᠢᠭᠡᠨ ᠰᠢᠯᠲᠠᠭ ᠪᠣᠢ ᠪᠣᠯᠤᠭᠰᠠᠨ ᠨᠢ ᠮᠣᠩᠭᠣᠯ ᠤ᠋ᠨ ᠶᠡᠬᠡ ᠴᠡᠷᠢᠭ ᠪᠠᠷᠠᠭᠤᠨ ᠵᠦᠭ ᠦ᠋ᠨ ᠬᠣᠷᠽᠸᠮ ᠤᠯᠤᠰ ᠢ᠋ ᠳᠠᠢᠯᠠᠬᠤ ᠪᠠᠷ ᠪᠣᠯᠵᠤ᠂ ᠲᠡᠮᠦᠵᠢᠨ ᠬᠤᠯᠠᠨ ᠬᠠᠲᠤᠨ ᠢ᠋ᠶ᠋ᠠᠨ ᠳᠠᠭᠠᠭᠤᠯᠤᠨ ᠶᠠᠪᠤᠬᠤ ᠪᠠᠷ ᠠᠮᠠᠯᠠᠭᠰᠠᠨ ᠶᠠᠪᠤᠳᠠᠯ ᠪᠠᠢᠪᠠ᠃ ᠬᠤᠯᠠᠨ ᠡᠨᠡ ᠦᠭᠡ ᠶ᠋ᠢ ᠰᠣᠨᠣᠰᠤᠭᠠᠳ ᠮᠠᠷᠭᠠᠰᠢ ᠥᠷᠯᠥᠭᠡ ᠯᠡ ᠶᠠᠪᠤᠬᠤ ᠭᠡᠵᠦ ᠪᠣᠢ ᠮᠡᠲᠦ ᠬᠥᠭᠡᠷᠦᠨ ᠳᠣᠭᠳᠣᠯᠵᠤ᠂ ᠰᠥᠨᠢᠵᠢᠨ ᠨᠣᠢᠷ ᠦᠭᠡᠢ ᠬᠣᠨᠣᠬᠤ ᠶ᠋ᠢ ᠦᠵᠡᠭᠡᠳ ᠲᠡᠮᠦᠵᠢᠨ ᠠᠩᠬ᠎ᠠ ᠤᠳᠠᠭ᠎ᠠ ᠬᠤᠯᠠᠨ ᠢ᠋ ᠠᠰᠤᠷᠤ ᠶᠡᠬᠡ ᠪᠡᠷ ᠬᠥᠭᠡᠷᠦᠬᠦᠢᠯᠡᠨ ᠦᠷᠦ ᠡᠪᠡᠳᠴᠦ ᠪᠢᠯᠡ᠃ ᠬᠡᠷᠪᠡ ᠠᠯᠲᠠᠨ ᠤᠯᠤᠰ ᠲᠤ᠌ ᠶᠠᠪᠤᠭᠰᠠᠨ ᠰᠢᠭ᠋ ᠢ᠋ᠶ᠋ᠡᠨ ᠬᠤᠯᠠᠨ ᠢ᠋ ᠳᠠᠬᠢᠨ ᠣᠷᠬᠢᠨ ᠶᠠᠪᠤᠪᠠᠯ ᠲᠡᠷᠡ ᠲᠡᠰᠬᠦ ᠦᠭᠡᠢ ᠠᠮᠢ ᠪᠠᠨ ᠪᠦᠷᠢᠯᠭᠡᠵᠦ ᠮᠡᠳᠡᠬᠦ ᠶ᠋ᠢ ᠲᠡᠮᠦᠵᠢᠨ ᠦ᠌ ᠳᠡᠭᠡᠷᠡᠬᠢ ᠦᠭᠡ ᠶ᠋ᠢ ᠰᠣᠨᠣᠰᠤᠭᠠᠳ ᠳᠦᠷᠡᠯᠵᠡᠭᠰᠡᠨ ᠬᠠᠷᠠᠴᠠ ᠠ᠋ᠴᠠ ᠨᠢ ᠦᠵᠡᠵᠦ ᠲᠡᠭᠦᠨ ᠢ᠋ ᠣᠷᠬᠢᠬᠤ ᠦᠭᠡᠢ ᠪᠡᠷ ᠰᠢᠢᠳᠴᠡᠢ᠃ ᠭᠡᠪᠡᠴᠦ ᠬᠣᠷᠽᠸᠮ ᠳ᠋ᠤ᠌ ᠬᠡᠵᠢᠶ᠎ᠡ ᠶᠠᠪᠤᠬᠤ ᠪᠠᠨ ᠲᠡᠮᠦᠵᠢᠨ ᠴᠦ᠍ ᠰᠠᠢᠨ ᠬᠡᠯᠡᠵᠦ ᠮᠡᠳᠡᠬᠦ ᠦᠭᠡᠢ ᠪᠠᠢᠯ᠎ᠠ᠃ ᠬᠤᠯᠠᠨ ᠯᠠᠪ ᠬᠣᠶᠠᠷ ᠵᠢᠯ ᠬᠦᠯᠢᠶᠡᠬᠦ ᠪᠠᠢᠪᠠ᠃ ᠭᠡᠪᠡᠴᠦ ᠭᠠᠭᠴᠠᠭᠠᠷᠳᠠᠵᠤ ᠵᠣᠪᠠᠵᠤ ᠰᠢᠨᠠᠯᠤᠭᠰᠠᠨ ᠠ᠋ᠴᠠ ᠬᠣᠨᠣᠭ ᠲᠣᠭᠠᠯᠠᠨ ᠬᠦᠯᠢᠶᠡᠵᠦ ᠰᠠᠭᠤᠬᠤ ᠨᠢ ᠬᠤᠯᠠᠨ ᠳ᠋ᠤ᠌ ᠬᠠᠮᠢᠶ᠎ᠠ ᠦᠭᠡᠢ ᠳᠡᠭᠡᠷ᠎ᠡ ᠭᠡᠵᠦ ᠲᠡᠮᠦᠵᠢᠨ ᠪᠣᠳᠣᠵᠠᠢ᠃ ᠪᠠᠰᠠ ᠡᠨᠡ ᠪᠣᠯ ᠣᠳᠣᠬᠠᠨ ᠳ᠋ᠠᠭᠠᠨ ᠭᠠᠭᠴᠠᠬᠠᠨ ᠬᠤᠯᠠᠨ ᠴᠢ ᠪᠢᠳᠡ ᠬᠣᠶᠠᠷ ᠤ᠋ᠨ ᠮᠡᠳᠡᠬᠦ ᠨᠢᠭᠤᠴᠠ ᠰᠢᠦ ᠭᠡᠵᠦ ᠬᠡᠯᠡᠭᠰᠡᠨ ᠨᠢ ᠬᠤᠯᠠᠨ ᠢ᠋ ᠪᠠᠶᠠᠷᠯᠠᠭᠤᠯᠵᠤ ᠲᠡᠷᠡ ᠣᠳᠣ ᠬᠡᠴᠢᠨᠡᠨ ᠵᠢᠯ ᠬᠦᠯᠢᠶᠡᠭᠰᠡᠨ ᠴᠦ᠍ ᠴᠢᠳᠠᠬᠤ ᠪᠣᠯᠵᠠᠢ᠃ ᠠᠯᠲᠠᠨ ᠤᠯᠤᠰ ᠲᠤ᠌ ᠶᠢᠰᠦᠢ ᠬᠠᠲᠤᠨ ᠢ᠋ᠶ᠋ᠠᠨ ᠠᠪᠴᠤ ᠶᠠᠪᠤᠭᠰᠠᠨ ᠠ᠋ᠴᠠ ᠪᠣᠯᠵᠤ ᠬᠤᠯᠠᠨ ᠡᠭᠳᠡᠭᠦᠴᠡᠯ ᠭᠣᠮᠣᠳᠠᠯ ᠤ᠋ᠨ ᠰᠠᠢᠨ ᠮᠠᠭᠤ ᠦᠭᠡ ᠣᠯᠠᠨ ᠢ᠋ ᠬᠡᠯᠡᠭᠰᠡᠨ ᠢ᠋ ᠲᠡᠮᠦᠵᠢᠨ ᠮᠠᠷᠲᠠᠬᠤ ᠦᠭᠡᠢ ᠰᠠᠨᠠᠵᠤ ᠶᠠᠪᠤᠭᠰᠠᠨ ᠤ᠋ ᠤᠴᠢᠷ ᠡᠨᠡ ᠪᠢᠯᠡ᠃ ᠬᠠᠲᠤᠳ ᠳᠤᠮᠳᠠ ᠠ᠋ᠴᠠ ᠬᠡᠨ ᠨᠢᠭᠡ ᠶ᠋ᠢ ᠨᠢ ᠢᠯᠡᠷᠬᠡᠢ ᠳᠡᠭᠡᠭᠦᠷ ᠦᠵᠡᠵᠦ᠂ ᠣᠨᠴᠠᠭᠠᠢᠯᠠᠬᠤ ᠶ᠋ᠢ ᠲᠡᠮᠦᠵᠢᠨ ᠬᠦᠰᠡᠳᠡᠭ ᠦᠭᠡᠢ ᠪᠠᠢᠪᠠ᠃ ᠬᠠᠷᠢᠨ ᠪᠥᠷᠲᠡ ᠪᠣᠯ ᠬᠥᠪᠡᠭᠦᠳ ᠦ᠋ᠨ ᠡᠬᠡ᠂ ᠶᠡᠬᠡ ᠬᠠᠲᠤᠨ ᠤᠴᠢᠷ ᠭᠠᠭᠴᠠ ᠲᠡᠮᠦᠵᠢᠨ ᠴᠦ᠍ ᠪᠢᠰᠢ ᠪᠦᠬᠦ ᠬᠥᠮᠦᠨ ᠪᠦᠷᠢ ᠤᠯᠤᠰ ᠳᠠᠶᠠᠭᠠᠷ ᠢ᠋ᠶ᠋ᠠᠨ ᠪᠥᠷᠲᠡ ᠳ᠋ᠦ᠍ ᠣᠨᠴᠠᠭᠠᠢ ᠬᠦᠨᠳᠦᠯᠡᠯ ᠦᠵᠡᠭᠦᠯᠦᠨ᠎ᠡ᠃ ᠢᠩᠭᠢᠬᠦ ᠴᠦ᠍ ᠶᠣᠰᠣᠲᠠᠢ ᠶᠤᠮ᠃ ᠡᠨᠡ ᠪᠣᠯ ᠶᠡᠬᠡ ᠤᠯᠤᠰ ᠢ᠋ ᠪᠠᠢᠭᠤᠯᠬᠤ ᠳ᠋ᠤ᠌ ᠬᠠᠮᠤᠭ ᠶᠡᠬᠡ ᠵᠦᠳᠡᠷᠡᠭᠰᠡᠨ ᠨᠢ ᠴᠣᠬᠣᠮ ᠪᠥᠷᠲᠡ ᠬᠠᠲᠤᠨ ᠭᠡᠵᠦ ᠴᠢᠩᠭᠢᠰ ᠬᠠᠭᠠᠨ ᠦᠵᠡᠳᠡᠭ ᠦ᠋ᠨ ᠪᠠᠲᠤᠯᠠᠭ᠎ᠠ ᠭᠡᠷᠡᠴᠢ ᠪᠢᠯᠡ᠃ 
       ᠠᠯᠲᠠᠨ ᠤᠯᠤᠰ ᠠ᠋ᠴᠠ ᠣᠯᠵᠠᠯᠠᠵᠤ᠂ ᠪᠤᠯᠢᠶᠠᠭᠰᠠᠨ ᠡᠳ᠋ ᠠᠭᠤᠷᠠᠰᠤ᠂ ᠠᠯᠲᠠ ᠡᠷᠳᠡᠨᠢ᠂ ᠠᠮᠤ ᠪᠤᠳᠠᠭ᠎ᠠ᠂ ᠠᠯᠪᠠᠲᠤ ᠪᠣᠭᠣᠯ ᠬᠡᠮᠵᠢᠶ᠎ᠡ ᠲᠣᠭ᠎ᠠ ᠪᠠᠨ ᠠᠯᠳᠠᠵᠤ᠂ ᠴᠡᠷᠢᠭ ᠪᠦᠷᠢ ᠶ᠋ᠢᠨ ᠠᠷᠤ ᠭᠡᠷ ᠪᠠᠶᠠᠵᠢᠭᠠᠳ ᠵᠣᠭᠰᠣᠭᠰᠠᠨ ᠦᠭᠡᠢ᠂ ᠪᠠᠰᠠ ᠳᠠᠬᠢᠨ ᠡᠭᠦᠨ ᠡᠴᠡ ᠴᠦ᠍ ᠢᠯᠡᠭᠦᠦ ᠶᠡᠬᠡ ᠣᠯᠵᠠ ᠣᠯᠬᠤ᠂ ᠲᠡᠭᠦᠨ ᠦ᠌ ᠲᠤᠯᠠᠳᠠ ᠲᠡᠢᠨ ᠬᠢᠵᠦ᠂ ᠰᠢᠨ᠎ᠡ ᠭᠠᠵᠠᠷ ᠣᠷᠣᠨ ᠢ᠋ ᠡᠵᠡᠯᠡᠨ ᠠᠪᠬᠤ᠂ ᠪᠤᠯᠢᠶᠠᠨ ᠳᠡᠭᠡᠷᠡᠮᠳᠡᠬᠦ ᠶᠡᠬᠡ ᠬᠦᠰᠡᠯ ᠢ᠋ ᠣᠷᠭᠢᠯᠤᠭᠤᠯᠵᠤ᠂ ᠣᠯᠠᠨ ᠠᠷᠠᠳ ᠤ᠋ᠨ ᠡᠨᠡ ᠶᠡᠬᠡ ᠰᠢᠨᠤᠯ ᠬᠦᠰᠡᠯ ᠢ᠋ ᠴᠢᠩᠭᠢᠰ ᠬᠠᠭᠠᠨ ᠨᠢᠭᠡᠳᠬᠡᠨ ᠵᠠᠩᠭᠢᠳᠴᠤ ᠨᠢᠭᠡ ᠵᠦᠭ ᠲᠦ᠍ ᠴᠢᠭᠯᠡᠭᠦᠯᠵᠦ ᠪᠠᠢᠯ᠎ᠠ᠃ ᠶᠡᠬᠡ ᠮᠣᠩᠭᠣᠯ ᠤᠯᠤᠰ ᠪᠦᠬᠦᠯᠢ ᠪᠡᠷ ᠢ᠋ᠶ᠋ᠡᠨ ᠣᠯᠵᠠᠨ ᠤ᠋ ᠲᠥᠯᠦᠭᠡᠬᠢ ᠰᠢᠨᠤᠯ ᠳ᠋ᠤ᠌ ᠡᠷᠭᠢᠯᠲᠡ ᠦᠭᠡᠢ ᠠᠪᠲᠠᠵᠤ᠂ ᠲᠠᠢᠯᠵᠤ ᠢᠯᠠᠵᠤ ᠰᠤᠷᠤᠭᠰᠠᠨ ᠶᠡᠬᠡ ᠴᠡᠷᠢᠭ ᠨᠢ ᠶᠠᠭᠤᠨ ᠠ᠋ᠴᠠ ᠴᠤ᠌ ᠠᠶᠤᠵᠤ ᠡᠮᠢᠶᠡᠬᠦ ᠦᠭᠡᠢ ᠣᠮᠣᠭ ᠵᠣᠷᠢᠭ ᠢ᠋ᠶ᠋ᠠᠷ ᠰᠢᠲᠠᠵᠤ ᠪᠠᠢᠪᠠ᠃ ᠣᠳᠣ ᠲᠡᠳᠡ ᠴᠢᠩᠭᠢᠰ ᠬᠠᠭᠠᠨ ᠶᠠᠭᠤ ᠭᠡᠵᠦ ᠵᠠᠷᠯᠢᠭ ᠪᠠᠭᠤᠯᠭᠠᠬᠤ ᠶ᠋ᠢ ᠬᠦᠯᠢᠶᠡᠨ ᠭᠠᠷ ᠳᠣᠬᠢᠪᠠᠯ ᠳᠠᠭᠠᠷᠢᠨ ᠣᠷᠣᠬᠤ ᠳ᠋ᠤ᠌ ᠪᠡᠯᠡᠨ᠂ ᠳᠠᠯᠠᠩ ᠳ᠋ᠤ᠌ ᠬᠠᠰᠢᠭᠳᠠᠭᠰᠠᠨ ᠦᠶᠡᠷ ᠦ᠋ᠨ ᠶᠡᠬᠡ ᠤᠰᠤ ᠰᠢᠭ᠋ ᠣᠪᠣᠯᠵᠠᠵᠤ ᠪᠠᠢᠯ᠎ᠠ᠃ ᠠᠰᠤᠷᠤ ᠶᠡᠬᠡ ᠰᠢᠨᠤᠯ ᠲᠠᠴᠢᠶᠠᠯ ᠠᠭᠤᠤ ᠶᠡᠬᠡ ᠬᠦᠴᠦ ᠶ᠋ᠢ ᠪᠣᠢ ᠪᠣᠯᠭᠠᠳᠠᠭ ᠢ᠋ ᠴᠢᠩᠭᠢᠰ ᠬᠠᠭᠠᠨ ᠮᠡᠳᠡᠵᠦ ᠠᠪᠴᠠᠢ᠃ ᠬᠡᠳᠦᠢ ᠪᠡᠷ ᠮᠣᠩᠭᠣᠯ ᠤ᠋ᠨ ᠶᠡᠬᠡ ᠴᠡᠷᠢᠭ ᠦ᠋ᠨ ᠲᠡᠢᠨ ᠦ᠌ ᠣᠩᠭᠣᠳ ᠢᠳᠡ ᠣᠷᠣᠵᠤ ᠬᠦᠴᠦ ᠴᠢᠳᠠᠯ ᠨᠢᠭᠡᠨᠲᠡ ᠵᠤᠵᠠᠭᠠᠷᠠᠭᠠᠳ ᠬᠡᠵᠢᠶ᠎ᠡ ᠬᠡᠵᠢᠶᠡᠨ ᠡᠴᠡ ᠪᠡᠨ ᠢᠯᠡᠭᠦᠦ ᠬᠦᠴᠦᠷᠬᠡᠭ ᠪᠣᠯᠤᠭᠠᠳ ᠪᠠᠢᠭᠰᠠᠨ ᠴᠤ᠌ ᠴᠢᠩᠭᠢᠰ ᠬᠠᠭᠠᠨ ᠴᠡᠷᠢᠭ ᠦ᠋ᠨ ᠬᠦᠴᠦ ᠪᠡᠨ ᠶᠠᠭᠠᠷᠠᠨ ᠠᠰᠢᠭᠯᠠᠬᠤ ᠶ᠋ᠢ ᠬᠦᠯᠢᠶᠡᠵᠡᠨᠡᠵᠦ ᠪᠠᠢᠪᠠ᠃ ᠲᠡᠷᠡ ᠪᠡᠷ ᠳᠠᠢᠯᠠᠨ ᠡᠵᠡᠯᠡᠬᠦ ᠪᠡᠷ ᠵᠠᠪᠳᠤᠵᠤ ᠪᠣᠢ ᠤᠯᠤᠰ ᠤ᠋ᠨ ᠢ᠋ᠶ᠋ᠠᠨ  ᠠᠷᠠᠳ ᠣᠯᠠᠨ ᠤ᠋ ᠠᠮᠢᠳᠤᠷᠠᠯ ᠪᠠᠢᠳᠠᠯ᠂ ᠰᠡᠳᠬᠢᠯ ᠰᠠᠨᠠᠭ᠎ᠠ ᠬᠢᠭᠡᠳ ᠬᠠᠭᠠᠨ ᠡᠵᠡᠨ ᠢ᠋ᠶ᠋ᠡᠨ ᠬᠢᠷᠢ ᠢᠳᠡᠭᠡᠨ ᠬᠦᠷᠢᠶᠡᠯᠡᠵᠦ ᠪᠣᠢ ᠶ᠋ᠢ ᠤᠷᠢᠳᠴᠢᠯᠠᠨ ᠰᠣᠨᠢᠷᠬᠠᠵᠤ ᠴᠠᠭ ᠤᠯᠠᠷᠢᠯ᠂ ᠠᠵᠤ ᠠᠬᠤᠢ ᠶ᠋ᠢᠨ ᠲᠠᠯ᠎ᠠ ᠪᠠᠷ ᠬᠡᠯᠡ ᠮᠡᠳᠡᠭᠡ ᠠᠪᠬᠤ᠂ ᠶᠡᠷᠦ ᠴᠢᠩᠭᠢᠰ ᠬᠠᠭᠠᠨ ᠤ᠋ ᠰᠤᠤ ᠠᠯᠳᠠᠷ᠂ ᠰᠦᠷ ᠬᠦᠴᠦ ᠶ᠋ᠢ ᠠᠯᠢ ᠬᠢᠷᠢ ᠮᠡᠳᠡᠵᠦ ᠪᠣᠢ ᠶ᠋ᠢ ᠨᠢ ᠳᠠᠩᠳᠠᠬᠤ ᠶ᠋ᠢ ᠴᠢᠬᠤᠯᠠᠴᠢᠯᠠᠨ ᠡᠩ ᠦ᠋ᠨ ᠬᠤᠳᠠᠯᠳᠤᠭᠠᠴᠢᠳ ᠤ᠋ᠨ ᠳᠦᠷᠢ ᠪᠡᠷ ᠣᠯᠠᠨ ᠣᠯᠠᠨ ᠲᠠᠩᠨᠠᠭᠤᠯ ᠲᠤᠷᠰᠢᠭᠤᠯ ᠢ᠋ᠶ᠋ᠠᠨ ᠢᠯᠡᠭᠡᠬᠦ ᠪᠣᠯᠵᠠᠢ᠃ ᠠᠷᠭ᠎ᠠ ᠴᠢᠷᠭ᠎ᠠ ᠪᠠᠷ ᠪᠠᠭᠤᠯᠭᠠᠨ ᠠᠪᠴᠤ ᠪᠣᠯᠬᠤ ᠦᠭᠡᠢ ᠠᠪᠠᠰᠤ ᠠᠮᠢ ᠥᠷᠢᠰᠦᠨ ᠲᠤᠯᠤᠯᠳᠤᠬᠤ ᠦᠶ᠎ᠡ ᠳ᠋ᠦ᠍ ᠠᠨᠳᠠ ᠬᠣᠯᠪᠣᠭᠠᠲᠠᠨ ᠨᠢ ᠬᠡᠨ ᠪᠣᠢ ᠭᠡᠳᠡᠭ ᠢ᠋ ᠰᠤᠷᠠᠭᠯᠠᠨ ᠮᠡᠳᠡᠵᠦ᠂ ᠬᠦᠴᠦ ᠬᠠᠪᠰᠤᠷᠴᠤ ᠪᠣᠯᠬᠤ ᠬᠣᠯᠪᠣᠭᠠᠲᠠᠨ ᠢ᠋ ᠡᠪ ᠨᠠᠢᠷ᠂ ᠡᠳ᠋ ᠪᠠᠶᠠᠯᠢᠭ᠂ ᠡᠮᠡᠰ ᠥᠬᠢᠳ ᠦ᠋ᠨ ᠨᠢᠭᠤᠷ ᠢ᠋ᠶ᠋ᠠᠷ ᠥᠪᠡᠷ ᠲᠡᠭᠡᠨ ᠲᠠᠲᠠᠬᠤ ᠶ᠋ᠢ ᠡᠷᠬᠢᠮᠯᠡᠵᠦ ᠪᠠᠢᠯ᠎ᠠ᠃ ᠡᠢᠨ ᠬᠦ᠌ ᠲᠠᠩᠨᠠᠭᠤᠯ ᠲᠤᠷᠰᠢᠭᠤᠯ ᠤᠷᠢᠳᠴᠢᠯᠠᠨ ᠢᠯᠡᠭᠡᠵᠦ ᠣᠯᠵᠤ ᠴᠤᠭᠯᠠᠭᠤᠯᠤᠭᠰᠠᠨ ᠮᠡᠳᠡᠭᠡ ᠵᠠᠩᠭᠢ ᠶ᠋ᠢ ᠥᠪᠡᠷ ᠦ᠋ᠨ ᠬᠥᠪᠡᠭᠦᠳ᠂ ᠥᠷᠯᠥᠭ ᠵᠠᠩᠵᠤᠳ᠂ ᠦᠨᠡᠨᠴᠢ ᠪᠠᠭᠠᠲᠤᠷ ᠤ᠋ᠳ ᠲᠠᠢ ᠪᠠᠨ ᠵᠥᠪᠯᠡᠯᠳᠦᠬᠦ ᠵᠢᠷᠤᠮ ᠲᠣᠭᠲᠠᠭᠠᠵᠠᠢ᠃ ᠶᠡᠬᠡ ᠴᠡᠷᠢᠭ ᠦ᠋ᠨ ᠰᠦᠷ ᠬᠦᠴᠦ᠂ ᠴᠢᠩᠭᠢᠰ ᠬᠠᠭᠠᠨ ᠤ᠋ ᠰᠤᠤ ᠠᠯᠳᠠᠷ ᠢ᠋ᠶ᠋ᠠᠷ ᠳᠠᠯᠠᠢᠯᠭᠠᠨ ᠴᠢᠰᠤ ᠤᠷᠤᠰᠬᠠᠯ ᠦᠭᠡᠢ ᠪᠠᠭᠤᠨ ᠥᠭᠴᠦ ᠳᠠᠭᠠᠷ᠎ᠠ ᠣᠷᠣᠬᠤ ᠶ᠋ᠢ ᠲᠤᠯᠭᠠᠨ ᠱᠠᠭᠠᠷᠳᠠᠵᠤ ᠡᠪ ᠦ᠋ᠨ ᠪᠣᠳᠣᠯᠭ᠎ᠠ᠂ ᠴᠡᠷᠢᠭ ᠦ᠋ᠨ ᠰᠦᠷ ᠬᠦᠴᠦ ᠶ᠋ᠢ ᠬᠣᠣᠰᠯᠠᠭᠤᠯᠤᠭᠰᠠᠨ ᠡᠷᠬᠡ ᠮᠠᠲᠠᠯ ᠳ᠋ᠠᠭᠠᠨ ᠣᠷᠣᠭᠤᠯᠬᠤ ᠠᠯᠲᠠᠨ ᠠᠷᠭᠠᠮᠵᠢ ᠶ᠋ᠢᠨ ᠠᠷᠭ᠎ᠠ ᠤᠬᠠᠭᠠᠨ ᠢ᠋ ᠡᠬᠢᠯᠡᠨ ᠬᠡᠷᠡᠭᠯᠡᠬᠦ ᠶ᠋ᠢ ᠴᠢᠬᠤᠯᠠᠴᠢᠯᠠᠵᠤ ᠡᠨᠡ ᠢᠯᠳᠠᠮ ᠳ᠋ᠤ᠌ ᠴᠡᠷᠢᠭ ᠦ᠋ᠨ ᠳᠣᠪᠲᠣᠯᠬᠤ᠂ ᠳᠠᠢᠳᠤᠬᠤ ᠰᠤᠷᠭᠠᠭᠤᠯᠢ ᠶ᠋ᠢ ᠴᠠᠭ ᠠᠯᠳᠠᠯ ᠦᠭᠡᠢ ᠪᠠᠲᠤᠳᠬᠠᠭᠰᠠᠭᠠᠷ ᠪᠠᠢᠯ᠎ᠠ᠃
       ᠱᠠᠰᠢᠨ ᠰᠢᠲᠦᠯᠭᠡ᠂ ᠠᠮᠢᠳᠤᠷᠠᠬᠤ ᠠᠷᠭ᠎ᠠ ᠥᠭᠡᠷ᠎ᠡ ᠬᠤᠷᠽᠸᠮ ᠤᠯᠤᠰ ᠲᠠᠢ ᠪᠣᠯᠭᠣᠮᠵᠢᠲᠠᠢ ᠬᠠᠷᠢᠴᠠᠵᠤ᠂ ᠡᠬᠢᠯᠡᠭᠡᠳ ᠬᠤᠳᠠᠯᠳᠤᠭᠠᠴᠢᠨ ᠤ᠋ ᠳᠦᠷᠢ ᠪᠡᠷ ᠣᠯᠠᠨ ᠵᠠᠭᠤᠨ ᠲᠠᠩᠨᠠᠭᠤᠯᠴᠢ ᠪᠠᠨ ᠶᠠᠩᠵᠤ ᠶᠠᠩᠵᠤ ᠶ᠋ᠢᠨ ᠵᠠᠮ ᠢ᠋ᠶ᠋ᠠᠷ ᠴᠤᠪᠤᠭᠤᠯᠤᠨ ᠢᠯᠡᠭᠡᠭᠰᠡᠭᠡᠷ ᠬᠣᠶᠠᠷ ᠵᠢᠯ ᠪᠣᠯᠵᠠᠢ᠃ ᠬᠤᠷᠽᠸᠮ ᠤ᠋ᠨ ᠬᠠᠭᠠᠨ ᠮᠤᠬᠠᠮᠮᠡᠳ᠋ ᠲᠦ᠍ 《ᠪᠢ ᠴᠢᠮᠠᠶ᠋ᠢ ᠬᠦᠦ ᠰᠢᠭ ᠢ᠋ᠶ᠋ᠡᠨ ᠦᠵᠡᠨ᠎ᠡ》 ᠭᠡᠰᠡᠨ ᠦᠭᠡ ᠲᠡᠢ ᠪᠠᠬᠠᠨ ᠳᠡᠭᠡᠷᠡᠩᠭᠦᠢ ᠪᠠᠷᠳᠠᠮ ᠵᠠᠬᠢᠳᠠᠯ ᠢᠯᠡᠭᠡᠭᠰᠡᠨ ᠨᠢ ᠲᠡᠳᠡᠨ ᠳ᠋ᠦ᠍ ᠲᠠᠭᠠᠯᠠᠭᠳᠠᠭᠰᠠᠨ ᠦᠭᠡᠢ ᠪᠣᠯᠤᠯᠲᠠᠢ᠃ ᠭᠡᠪᠡᠴᠦ ᠡᠯᠴᠢ ᠢᠯᠡᠭᠡᠵᠦ ᠨᠠᠢᠷᠲᠠᠢ ᠶᠠᠪᠤᠬᠤ ᠶ᠋ᠢ ᠬᠦᠰᠡᠮᠵᠢᠯᠡᠭᠰᠡᠨ ᠨᠢ ᠶᠠᠭᠠᠬᠢᠬᠤ ᠠᠷᠭ᠎ᠠ ᠦᠭᠡᠢ ᠴᠢᠩᠭᠢᠰ ᠬᠠᠭᠠᠨ ᠤ᠋ ᠰᠠᠢᠨ ᠰᠠᠨᠠᠭᠠᠨ ᠤ᠋ ᠦᠷ᠎ᠡ ᠪᠠᠢᠭᠰᠠᠨ ᠪᠣᠯᠪᠠᠴᠤ ᠬᠤᠷᠽᠸᠮ ᠤ᠋ᠨ ᠬᠠᠭᠠᠨ ᠤ᠋ ᠡᠬᠡ ᠶ᠋ᠢᠨ ᠰᠠᠳᠤᠨ ᠤ᠋ ᠬᠥᠮᠦᠨ ᠰᠸᠢᠢᠷ ᠳ᠋ᠠᠷᠢᠶᠠ ᠮᠥᠷᠡᠨ ᠤ ᠡᠷᠭᠢ ᠶ᠋ᠢᠨ ᠣᠷᠲ᠋ᠠᠷ ᠬᠣᠲᠠ ᠶ᠋ᠢᠨ ᠵᠠᠬᠢᠷᠤᠭᠴᠢ ᠵᠠᠩᠵᠤᠨ ᠬᠠᠵᠢᠷᠬᠠᠨ ᠭᠡᠭᠴᠢ ᠴᠢᠩᠭᠢᠰ ᠬᠠᠭᠠᠨ ᠤ᠋ ᠢᠯᠡᠭᠡᠭᠰᠡᠨ ᠬᠤᠳᠠᠯᠳᠤᠭᠠᠴᠢᠳ ᠢ᠋ ᠠᠯᠠᠭᠰᠠᠨ ᠬᠡᠷᠡᠭ ᠮᠠᠨᠳᠤᠪᠠ᠃ ᠬᠤᠷᠽᠸᠮ ᠠ᠋ᠴᠠ ᠳᠤᠲᠠᠬᠤ ᠦᠭᠡᠢ ᠶᠡᠬᠡ ᠭᠠᠵᠠᠷ ᠨᠤᠲᠤᠭ ᠢ᠋ ᠡᠵᠡᠯᠡᠵᠦ ᠥᠪᠡᠷ ᠦ᠋ᠨ ᠶᠡᠬᠡ ᠰᠦᠷ᠂ ᠬᠦᠴᠦ ᠴᠢᠳᠠᠯ ᠳ᠋ᠠᠭᠠᠨ ᠡᠷᠳᠦᠭᠰᠡᠨ ᠴᠦ᠍ ᠪᠣᠯᠭᠣᠮᠵᠢᠯᠠᠨ ᠨᠠᠢᠷᠲᠠᠢ ᠬᠠᠷᠢᠯᠴᠠᠬᠤ ᠶ᠋ᠢ ᠴᠢᠷᠮᠠᠢᠭᠰᠠᠨ ᠳᠦᠷᠢ ᠦᠵᠡᠭᠦᠯᠵᠦ ᠪᠠᠢᠭᠰᠠᠨ ᠴᠢᠩᠭᠢᠰ ᠬᠠᠭᠠᠨ ᠤ᠋ ᠲᠡᠪᠴᠢᠶᠡᠷᠢ ᠠᠯᠳᠠᠷᠠᠵᠤ ᠡᠨᠡ ᠬᠡᠷᠡᠭ ᠬᠠᠷᠢᠨ ᠴᠤ᠌ ᠰᠠᠢᠬᠠᠨ ᠳᠡᠯᠢᠮ ᠪᠣᠯᠪᠠ᠃ ᠴᠢᠩᠭᠢᠰ ᠬᠠᠭᠠᠨ ᠴᠡᠷᠢᠭ ᠢ᠋ᠶ᠋ᠡᠨ ᠰᠤᠷᠭᠠᠨ ᠪᠡᠯᠡᠳᠬᠡᠬᠦ ᠪᠡᠨ ᠡᠷᠴᠢᠮᠵᠢᠭᠦᠯᠵᠦ ᠤᠷᠢᠳ ᠨᠢ ᠳᠠᠭᠠᠷ᠎ᠠ ᠣᠷᠣᠭᠰᠠᠨ ᠲᠠᠩᠭᠤᠳ ᠤᠯᠤᠰ ᠢ᠋ ᠬᠤᠷᠽᠸᠮ ᠢ᠋ ᠳᠠᠢᠯᠠᠬᠤ ᠳ᠋ᠤ᠌ ᠵᠡᠭᠦᠨ ᠭᠠᠷ ᠪᠣᠯᠤᠨ ᠴᠡᠷᠢᠭ ᠭᠠᠷᠭᠠᠬᠤ ᠶ᠋ᠢ ᠰᠠᠨᠠᠭᠤᠯᠪᠠ᠃ ᠭᠡᠲᠡᠯ᠎ᠡ ᠶᠡᠬᠡ ᠰᠠᠨᠠᠭᠰᠠᠨ ᠭᠠᠵᠠᠷ ᠶᠢᠰᠦᠨ ᠰᠥᠨᠢ ᠬᠣᠭᠣᠰᠣᠨ ᠭᠡᠭᠴᠢ ᠪᠡᠷ ᠲᠠᠩᠭᠤᠳ ᠤ᠋ᠨ ᠬᠠᠭᠠᠨ ᠤ᠋ ᠵᠠᠩᠵᠤᠨ ᠵᠠᠬ᠎ᠠ ᠬᠠᠮᠪᠤ ᠭᠡᠭᠴᠢ《ᠬᠥᠮᠦᠨ ᠡᠴᠡ ᠴᠡᠷᠢᠭ ᠭᠤᠶᠤᠪᠠᠯ ᠳᠠᠢᠳᠤᠬᠤ ᠶ᠋ᠢᠨ ᠬᠡᠷᠡᠭ ᠶᠠᠭᠤᠨ》 ᠭᠡᠵᠦ ᠶᠡᠬᠡ ᠦᠭᠡ ᠬᠡᠯᠡᠭᠡᠳ ᠴᠡᠷᠢᠭ ᠭᠠᠷᠭᠠᠭᠰᠠᠨ ᠦᠭᠡᠢ ᠨᠢ ᠴᠢᠩᠭᠢᠰ ᠬᠠᠭᠠᠨ ᠤ᠋ ᠬᠢᠯᠢᠩ ᠢ᠋ ᠣᠪᠣᠯᠵᠠᠭᠤᠯᠵᠤ ᠵᠣᠯ ᠲᠠᠢ ᠯᠠ ᠲᠠᠩᠭᠤᠳ ᠤᠷᠤᠭᠤ ᠴᠡᠷᠢᠭ ᠢ᠋ᠶ᠋ᠡᠨ ᠭᠤᠷᠪᠠᠳᠠᠬᠢ ᠪᠠᠨ ᠬᠥᠳᠡᠯᠭᠡᠭᠰᠡᠨ ᠦᠭᠡᠢ᠃ 
       | ᠵᠠ ᠶᠠᠭᠠᠬᠢᠬᠤ ᠪᠣᠢ᠂ ᠪᠢ ᠳᠠᠩᠴᠤ ᠶᠡᠬᠡ ᠬᠡᠷᠡᠭ ᠲᠦ᠍ ᠵᠣᠷᠢᠭᠯᠠᠭᠰᠠᠨ ᠲᠤᠯᠠ ᠡᠨᠡ ᠤᠳᠠᠭ᠎ᠠ ᠬᠣᠢᠰᠢ ᠲᠠᠯᠪᠢᠶ᠎ᠠ᠃ ᠲᠩᠷᠢ ᠳ᠋ᠦ᠍ ᠢᠪᠡᠭᠡᠭᠳᠡᠵᠦ ᠶᠡᠬᠡ ᠢᠯᠠᠯᠲᠠ ᠠᠪᠴᠤ ᠢᠷᠡᠭᠡᠳ ᠪᠤᠤᠷ᠎ᠠ ᠬᠠᠭᠠᠨ ᠴᠢᠮ᠎ᠠ ᠠ᠋ᠴᠠ ᠶᠠᠯ᠎ᠠ ᠠᠰᠠᠭᠤᠶ᠎ᠠ ᠭᠡᠵᠦ ᠴᠢᠩᠭᠢᠰ ᠬᠠᠭᠠᠨ ᠠᠷᠠᠢᠬᠠᠨ ᠲᠠᠢᠪᠤᠰᠢᠷᠠᠪᠠ᠃ ᠬᠤᠷᠽᠸᠮ ᠤᠯᠤᠰ ᠢ᠋ ᠳᠠᠢᠯᠠᠬᠤ ᠪᠡᠯᠡᠳᠬᠡᠯ ᠪᠦᠷᠢᠨ ᠬᠠᠩᠭᠠᠭᠳᠠᠭᠠᠳ ᠴᠡᠷᠢᠭ ᠦ᠋ᠨ ᠠᠭᠲᠠ ᠮᠣᠷᠢ᠂ ᠢᠳᠡᠰᠢ ᠬᠣᠭᠣᠯᠠ᠂ ᠵᠠᠷ ᠵᠡᠪᠰᠡᠭ ᠦ᠋ᠨ ᠨᠥᠭᠡᠴᠡ ᠠᠴᠢᠭᠰᠠᠨ ᠶᠡᠬᠡ ᠬᠥᠰᠬᠡ ᠪᠠᠷᠠᠭᠤᠨ ᠵᠦᠭ ᠢ᠋ ᠴᠢᠭᠯᠡᠨ ᠡᠳᠦᠷ ᠪᠦᠷᠢ ᠬᠥᠳᠡᠯᠦᠭᠰᠡᠭᠡᠷ ᠪᠠᠢᠯ᠎ᠠ᠃ ᠬᠤᠷᠽᠸᠮ ᠪᠣᠯ ᠬᠦᠴᠦᠷᠬᠡᠭ ᠲᠣᠮᠣ ᠭᠦᠷᠦᠨ ᠲᠤᠯᠠ ᠲᠠᠩᠭᠤᠳ᠂ ᠤᠢᠭᠤᠷ᠂ ᠲᠡᠷᠡ ᠪᠦᠦ ᠬᠡᠯᠡ ᠠᠯᠲᠠᠨ ᠤᠯᠤᠰ ᠲᠠᠢ ᠵᠦᠢᠷᠯᠡᠨ ᠦᠵᠡᠵᠦ ᠪᠣᠯᠬᠤ ᠦᠭᠡᠢ ᠶᠦᠮ᠃ ᠶᠡᠬᠡ ᠲᠡᠢᠨ ᠦ᠌ ᠪᠡᠯᠡᠳᠬᠡᠯ ᠠᠭᠲᠠ᠂ ᠬᠦᠨᠡᠰᠦ ᠵᠡᠪᠰᠡᠭ ᠦ᠋ᠨ ᠨᠥᠭᠡᠴᠡ ᠴᠢᠩᠭᠢᠰ ᠬᠠᠭᠠᠨ ᠳ᠋ᠤ᠌ ᠳᠠᠭᠠᠵᠤ ᠣᠷᠣᠭᠰᠠᠨ ᠬᠠᠷᠯᠠᠭ᠂ ᠬᠠᠷ᠎ᠠ ᠬᠢᠳᠠᠨ᠂ ᠤᠢᠭᠤᠷ ᠤᠯᠤᠰ ᠤ᠋ᠳ ᠲᠤ᠌ ᠡᠢᠨ ᠬᠦ᠌ ᠬᠣᠶᠠᠷ ᠵᠢᠯ ᠦ᠋ᠨ ᠲᠤᠷᠰᠢ ᠠᠯᠭᠤᠷ ᠪᠥᠭᠡᠮᠨᠡᠷᠡᠵᠦ ᠳᠠᠭᠤᠰᠪᠠ᠃ ᠳᠠᠢᠳᠤᠬᠤ ᠠᠷᠭ᠎ᠠ ᠪᠠᠨ ᠴᠤ᠌ ᠪᠣᠯᠪᠠᠰᠤᠷᠠᠭᠤᠯᠵᠤ ᠪᠠᠰᠠ ᠬᠤᠷᠽᠸᠮ ᠳ᠋ᠤ᠌ ᠣᠯᠠᠨ ᠢ᠋ᠶ᠋ᠠᠷ ᠠᠮᠢᠳᠤᠷᠠᠨ ᠰᠠᠭᠤᠭᠴᠢ ᠨᠢᠭᠡ ᠤᠭᠰᠠᠭᠠᠨ ᠤ᠋ ᠲᠦᠷᠺ ᠣᠪᠣᠭ ᠤ᠋ᠳ ᠤ᠋ᠨ ᠢᠷᠭᠡᠳ ᠲᠣᠯᠣᠭᠠᠢᠯᠠᠭᠴᠢᠳ ᠢ᠋ ᠴᠦ᠍ ᠠᠰᠢᠭᠯᠠᠵᠤ᠂ ᠲᠦᠰᠢᠭᠯᠡᠵᠦ ᠪᠣᠯᠬᠤ ᠶ᠋ᠢ ᠲᠠᠩᠨᠠᠨ ᠲᠣᠭᠲᠠᠭᠠᠵᠠᠢ᠃ 
       ᠬᠤᠯᠠᠨ ᠲᠡᠢᠨ ᠳ᠋ᠦ᠍ ᠶᠠᠪᠤᠨ᠎ᠠ᠂ ᠦᠵᠡᠭᠡ ᠦᠭᠡᠢ ᠤᠯᠤᠰ ᠭᠦᠷᠦᠨ ᠦᠵᠡᠨ᠎ᠡ ᠭᠡᠬᠦ ᠡᠴᠡ ᠨᠢᠭᠡ ᠴᠦ᠍ ᠬᠣᠨᠣᠭ ᠲᠠᠢᠪᠤᠩ ᠤᠨᠲᠠᠵᠤ ᠴᠢᠳᠠᠬᠤ ᠦᠭᠡᠢ ᠪᠠᠢᠯ᠎ᠠ᠃ ᠡᠨᠡ ᠨᠠᠰᠤᠨ ᠤ᠋ ᠬᠢᠨᠢ ᠭᠠᠭᠴᠠ ᠬᠦᠰᠡᠯ ᠲᠡᠢᠨ ᠳᠣᠯᠣᠭᠠᠨ ᠪᠠᠢᠭᠰᠠᠨ ᠶᠤᠮ ᠰᠢᠭ᠋ ᠬᠥᠭᠡᠷᠴᠦ ᠳᠣᠭᠳᠣᠯᠤᠭᠠᠳ ᠬᠣᠭᠣᠯᠠ ᠤᠮᠳᠠ ᠠ᠋ᠴᠠ ᠴᠤ᠌ ᠭᠠᠷᠪᠠ᠃ ᠡᠮᠦᠰᠬᠦ ᠵᠡᠭᠦᠬᠦ ᠬᠤᠪᠴᠠᠰᠤ᠂ ᠰᠠᠭᠤᠬᠤ ᠰᠡᠦᠬᠡ ᠭᠡᠳ ᠲᠡᠭᠦᠨ ᠳ᠋ᠦ᠍ ᠵᠣᠷᠢᠭᠤᠯᠤᠭᠰᠠᠨ ᠪᠦᠬᠦ ᠵᠦᠢᠯ ᠪᠡᠯᠡᠨ ᠪᠣᠯᠪᠠ᠃ ᠵᠥᠪᠬᠡᠨ ᠬᠤᠯᠠᠨ ᠬᠠᠲᠤᠨ ᠢ᠋ ᠬᠠᠮᠠᠭᠠᠯᠠᠨ ᠠᠪᠴᠤ ᠶᠠᠪᠤᠬᠤ ᠰᠢᠯᠢᠳᠡᠭ ᠵᠠᠭᠤᠨ ᠴᠡᠷᠢᠭ ᠡᠩᠨᠡᠨ ᠵᠢᠭᠰᠠᠪᠠ᠃ ᠪᠠᠰᠠ ᠵᠠᠮ ᠵᠠᠭᠤᠷ᠎ᠠ ᠬᠡᠷᠡᠭᠯᠡᠬᠦ ᠬᠣᠭᠣᠯᠠ ᠬᠦᠨᠡᠰᠦ᠂ ᠥᠷᠭᠥᠭᠡ ᠮᠠᠢᠬᠠᠨ᠂ ᠡᠮᠦᠰᠬᠦ ᠵᠡᠭᠦᠬᠦ ᠶ᠋ᠢ ᠶᠦᠩᠴᠢ ᠠᠵᠢᠯ ᠢ᠋ᠶ᠋ᠠᠨ ᠮᠡᠳᠡᠳᠡᠭ ᠲᠠᠢᠭᠠᠨ ᠬᠥᠮᠦᠨ ᠦ᠌ ᠶᠣᠰᠣᠭᠠᠷ ᠵᠢᠩ ᠳᠠᠩ ᠪᠣᠯᠭᠠᠵᠠᠢ᠃ ᠡᠭᠦᠨ ᠢ᠋ ᠦᠵᠡᠭᠡᠳ ᠬᠤᠯᠠᠨ ᠪᠠᠬᠠᠳᠤᠨ ᠬᠥᠭᠡᠷᠴᠦ ᠲᠥᠷᠥᠭᠰᠡᠨ ᠡᠴᠢᠭᠡ ᠪᠡᠨ᠂ ᠴᠢᠰᠤ ᠨᠢᠭᠡᠲᠦ ᠮᠡᠷᠭᠢᠳ ᠠᠢᠮᠠᠭ ᠢ᠋ᠶ᠋ᠠᠨ ᠳᠡᠮᠡᠢ ᠨᠢᠭᠡ ᠰᠥᠨᠥᠭᠡᠭᠡ ᠦᠭᠡᠢ ᠶ᠋ᠢ ᠣᠢᠯᠠᠭᠠᠪᠠ᠃ ᠲᠡᠳᠡᠨ ᠦ᠌ ᠠᠮᠢ ᠨᠠᠰᠤᠨ ᠤ᠋ ᠣᠷᠣᠨ ᠳ᠋ᠤ᠌ ᠡᠨᠡ ᠶᠡᠬᠡ ᠬᠦᠨᠳᠦᠯᠡᠯ ᠢ᠋ ᠲᠡᠭᠦᠨ ᠳ᠋ᠦ᠍ ᠦᠵᠡᠭᠦᠯᠵᠦ ᠪᠠᠢᠬᠤ ᠰᠢᠭ᠋ ᠰᠠᠨᠠᠭᠳᠠᠵᠠᠢ᠃ ᠮᠣᠷᠢ ᠤᠨᠤᠬᠤ ᠳ᠋ᠤᠨᠢ ᠵᠣᠷᠢᠭᠤᠯᠵᠤ ᠬᠥᠩᠭᠡᠨ ᠬᠦ ᠬᠤᠶᠠᠭ᠂ ᠳᠤᠭᠤᠯᠠᠭ᠎ᠠ ᠰᠡᠯᠲᠡ ᠬᠢᠵᠦ ᠥᠭᠭᠦᠭᠰᠡᠨ ᠨᠢ ᠬᠠᠮᠤᠭ ᠤ᠋ᠨ ᠶᠡᠬᠡᠳᠡ ᠲᠠᠭᠠᠯᠠᠭᠳᠠᠵᠤ᠂ ᠴᠡᠷᠢᠭ ᠪᠣᠯᠵᠤ ᠰᠡᠯᠡᠮ᠎ᠡ ᠠᠭᠰᠠᠬᠤ ᠳ᠋ᠤ᠌ ᠴᠤ᠌ ᠪᠡᠯᠡᠨ ᠪᠠᠢᠪᠠ᠃ ᠰᠡᠳᠬᠢᠯ ᠰᠠᠨᠠᠭᠠᠨ ᠤ᠋ ᠪᠤᠬᠢᠨᠢᠳᠤᠯ ᠰᠠᠳᠠᠭᠠᠷᠠᠵᠤ ᠬᠡᠦᠬᠡᠳ ᠰᠢᠭ ᠬᠥᠭᠡᠷᠴᠦ ᠳᠣᠭᠳᠣᠯᠤᠭᠰᠠᠨ ᠬᠤᠯᠠᠨ ᠬᠠᠲᠤᠨ ᠢ᠋ᠶ᠋ᠠᠨ ᠬᠠᠷᠠᠭᠠᠳ ᠴᠢᠩᠭᠢᠰ ᠬᠠᠭᠠᠨ ᠪᠠᠶᠠᠷᠯᠠᠬᠤ ᠠᠵᠢ᠃ 
       ᠲᠡᠢᠨ ᠦ᠌ ᠪᠡᠯᠡᠳᠬᠡᠯ ᠦ᠋ᠨ ᠬᠠᠵᠠᠭᠤ ᠪᠠᠷ ᠴᠢᠩᠭᠢᠰ ᠬᠠᠭᠠᠨ ᠤ᠋ ᠳᠠᠷᠠᠭ᠎ᠠ ᠬᠥᠪᠡᠭᠦᠳ ᠡᠴᠡ ᠬᠡᠨ ᠨᠢ ᠬᠠᠭᠠᠨ ᠰᠠᠭᠤᠷᠢᠨ ᠳ᠋ᠤ᠌ ᠡᠷᠭᠦᠮᠵᠢᠯᠡᠭᠳᠡᠬᠦ ᠶ᠋ᠢ ᠬᠠᠲᠤᠳ ᠨᠢ ᠲᠡᠷᠡ ᠳᠤᠮᠳᠠ ᠪᠠᠨ ᠪᠥᠷᠲᠡ ᠢᠯᠡᠷᠬᠡᠢ ᠱᠣᠬᠣᠭᠣᠷᠬᠠᠨ ᠠᠰᠠᠭᠤᠵᠤ᠂ ᠴᠠᠭᠠᠲᠠᠢ ᠶ᠋ᠢ ᠡᠷᠭᠦᠮᠵᠢᠯᠡᠬᠦ ᠶ᠋ᠢ ᠱᠠᠭᠠᠷᠳᠠᠬᠤ ᠪᠣᠯᠤᠭᠰᠠᠨ ᠨᠢ ᠴᠢᠩᠭᠢᠰ ᠬᠠᠭᠠᠨ ᠢ᠋ ᠵᠣᠪᠠᠭᠠᠵᠤ ᠪᠠᠢᠯ᠎ᠠ᠃ ᠶᠢᠰᠦᠢ᠂ ᠶᠢᠰᠦᠬᠡᠨ ᠬᠠᠲᠤᠳ ᠬᠥᠪᠡᠭᠦᠨ ᠲᠥᠷᠥᠭᠦᠯᠦᠭᠡ ᠦᠭᠡᠢ ᠲᠤᠯᠠ ᠲᠡᠳᠡᠨ ᠳ᠋ᠦ᠍ ᠡᠨᠡ ᠲᠠᠯ᠎ᠠ ᠳ᠋ᠤ᠌ ᠥᠷᠢᠰᠦᠯᠳᠦᠬᠦ᠂ ᠰᠠᠨᠠᠭ᠎ᠠ ᠵᠣᠪᠠᠬᠤ ᠵᠦᠢᠯ ᠪᠠᠢᠭᠰᠠᠨ ᠦᠭᠡᠢ᠃ ᠭᠡᠲᠡᠯ᠎ᠡ ᠲᠡᠮᠦᠵᠢᠨ ᠳ᠋ᠦ᠍ ᠢᠷᠡᠭᠡᠳ ᠠᠷᠪᠠᠨ ᠵᠢᠷᠭᠤᠭᠠᠨ ᠵᠢᠯ ᠪᠣᠯᠤᠭᠰᠠᠨ ᠪᠠᠭ᠎ᠠ ᠬᠠᠲᠤᠨ ᠬᠤᠯᠠᠨ ᠳ᠋ᠤ᠌ ᠴᠢᠩᠭᠢᠰ ᠬᠠᠭᠠᠨ ᠤ᠋ ᠳᠠᠷᠠᠭ᠎ᠠ ᠵᠥᠴᠢ ᠶ᠋ᠢ ᠬᠠᠭᠠᠨ ᠰᠢᠷᠡᠭᠡᠨ ᠳ᠋ᠦ᠍ ᠵᠠᠯᠭᠠᠮᠵᠢᠯᠠᠭᠤᠯᠬᠤ ᠬᠦᠰᠡᠯ ᠢᠯᠡᠳᠲᠡ ᠪᠠᠢᠪᠠ᠃ ᠴᠢᠩᠭᠢᠰ ᠬᠠᠭᠠᠨ ᠬᠤᠯᠠᠨ ᠤ᠋ ᠡᠨᠡ ᠡᠲᠡᠭᠡᠳ ᠬᠦᠰᠡᠯ ᠢ᠋ ᠮᠡᠳᠡᠭᠰᠡᠨ ᠪᠣᠯᠪᠠᠴᠤ ᠴᠠᠭᠠᠳᠤ ᠨᠠᠷᠢᠨ ᠤᠴᠢᠷ ᠢ᠋ ᠳᠠᠭᠠᠵᠤ ᠣᠢᠯᠠᠭᠠᠬᠤ ᠶ᠋ᠢ ᠬᠦᠰᠡᠭᠰᠡᠨ ᠦᠭᠡᠢ᠃ ᠶᠡᠷᠦ ᠡᠴᠡ ᠬᠤᠯᠠᠨ ᠪᠣᠯ ᠦᠷᠭᠦᠯᠵᠢ ᠡᠯᠳᠡᠪ ᠳᠡᠭᠡᠳᠦ ᠶ᠋ᠢ ᠰᠣᠨᠢᠷᠬᠠᠵᠤ᠂ ᠣᠷᠣᠯᠴᠠᠵᠤ ᠪᠠᠢᠳᠠᠭ ᠢᠴᠢᠵᠦ ᠴᠤᠴᠠᠳᠠᠭ ᠦᠭᠡᠢ ᠣᠮᠣᠭᠯᠠᠩ᠂ ᠰᠣᠨᠢᠭᠤᠴᠢ ᠵᠠᠩ ᠲᠠᠢ ᠬᠥᠮᠦᠨ ᠲᠤᠯᠠ ᠲᠡᠭᠦᠨ ᠦ᠌ ᠡᠨᠡ ᠱᠣᠬᠣᠭᠣᠷᠬᠠᠯ ᠢ᠋ ᠰᠦᠷᠡᠬᠡᠢ ᠴᠢᠬᠤᠯᠠᠴᠢᠯᠠᠨ ᠪᠣᠳᠣᠭᠰᠠᠨ ᠦᠭᠡᠢ ᠣᠷᠬᠢᠪᠠ᠃ ᠭᠡᠪᠡᠴᠦ ᠬᠤᠯᠠᠨ ᠬᠠᠲᠤᠨ ᠤ᠋ ᠪᠣᠳᠣᠭᠰᠠᠨ ᠨᠢ ᠲᠡᠮᠦᠵᠢᠨ ᠦ᠌ ᠰᠠᠨᠠᠭᠰᠠᠨ ᠠ᠋ᠴᠠ ᠢᠯᠡᠭᠦᠦ ᠬᠣᠯᠠ ᠭᠦᠨᠵᠡᠭᠡᠢ ᠶᠠᠪᠤᠳᠠᠯ ᠪᠠᠢᠯ᠎ᠠ᠃ ᠬᠤᠯᠠᠨ ᠠᠩᠬᠢᠯᠤᠮ᠎ᠠ ᠦᠨᠦᠷᠲᠦ ᠳᠡᠷ᠎ᠡ ᠪᠡᠨ ᠲᠡᠪᠡᠷᠢᠨ ᠡᠵᠡᠭᠦᠢ ᠭᠠᠭᠴᠠᠭᠠᠷ ᠬᠣᠨᠣᠬᠤ ᠪᠦᠷᠢ ᠳ᠋ᠡᠭᠡᠨ ᠥᠪᠡᠷ ᠦ᠋ᠨ ᠠᠮᠢᠳᠤᠷᠠᠯ᠂ ᠢᠷᠡᠭᠡᠳᠦᠢ ᠶ᠋ᠢ ᠦᠷᠭᠦᠯᠵᠢ ᠪᠣᠳᠣᠵᠤ ᠲᠥᠯᠥᠪᠯᠡᠬᠦ ᠵᠠᠩ ᠲᠠᠢ ᠪᠣᠯᠵᠠᠢ᠃ ᠵᠣᠷᠢᠵᠤ ᠵᠢᠳᠬᠦᠵᠦ ᠶᠠᠪᠤᠭᠰᠠᠭᠠᠷ ᠲᠡᠷᠡ ᠰᠤᠤᠲᠤ ᠴᠢᠩᠭᠢᠰ ᠬᠠᠭᠠᠨ ᠤ᠋ ᠪᠠᠭ᠎ᠠ ᠬᠠᠲᠤᠨ ᠪᠣᠯᠪᠠ᠃ ᠭᠡᠲᠡᠯ᠎ᠡ ᠲᠩᠷᠢ ᠲᠡᠭᠦᠨ ᠢ᠋ ᠢᠪᠡᠭᠡᠵᠦ ᠦᠷ᠎ᠡ ᠬᠡᠦᠬᠡᠳ ᠵᠠᠶᠠᠭᠠᠭᠰᠠᠨ ᠦᠭᠡᠢ ᠨᠢ ᠭᠤᠨᠢᠭ᠂ ᠲᠦᠭᠰᠢᠭᠦᠷᠢ ᠶ᠋ᠢᠨ ᠦᠨᠳᠦᠰᠦ ᠡᠭᠦᠰᠬᠡᠭᠰᠡᠨ ᠪᠢᠯᠡ᠃ ᠪᠥᠷᠲᠡ᠂ ᠶᠢᠰᠦᠢ᠂ ᠶᠢᠰᠦᠬᠡᠨ ᠬᠠᠲᠤᠳ ᠲᠡᠷᠡ ᠪᠦᠦ ᠬᠡᠯᠡ ᠣᠯᠠᠨ ᠲᠠᠲᠠᠪᠤᠷᠢ ᠡᠮᠡᠰ ᠨᠢ ᠲᠡᠮᠦᠵᠢᠨ ᠡᠴᠡ ᠦᠷ᠎ᠡ ᠬᠡᠦᠬᠡᠳ ᠲᠥᠷᠥᠭᠦᠯᠦᠭᠰᠡᠨ ᠪᠠᠢᠬᠤ ᠳ᠋ᠤ᠌ ᠬᠠᠷᠢᠨ ᠬᠤᠯᠠᠨ ᠲᠡᠮᠦᠵᠢᠨ ᠳ᠋ᠦ᠍ ᠢᠷᠡᠭᠡᠳ ᠠᠷᠪᠠᠨ ᠵᠢᠷᠭᠤᠭᠠᠨ ᠵᠢᠯ ᠪᠣᠯᠬᠤ ᠳ᠋ᠤ᠌ ᠠᠩᠬᠠᠨ ᠤ᠋ ᠦᠷ᠎ᠡ ᠪᠡᠨ ᠵᠣᠯ ᠦᠭᠡᠢ ᠲᠣᠬᠢᠶᠠᠯᠳᠤᠯ ᠢ᠋ᠶ᠋ᠠᠷ ᠵᠤᠯᠪᠤᠭᠰᠠᠨ ᠠ᠋ᠴᠠ ᠪᠣᠯᠵᠤ ᠳᠠᠬᠢᠨ ᠬᠡᠦᠬᠡᠳ ᠣᠯᠤᠭᠰᠠᠨ ᠦᠭᠡᠢ ᠠᠵᠢ᠃ ᠠᠯᠠᠭ᠎ᠠ ᠪᠠᠷ ᠢ᠋ᠶ᠋ᠠᠨ ᠢᠯᠪᠢᠬᠦ ᠳ᠋ᠦ᠍ ᠮᠡᠳᠡᠷᠡᠭᠳᠡᠵᠦ ᠠᠮᠢᠰᠬᠤᠭ᠎ᠠ ᠨᠢ ᠬᠦᠷᠲᠡᠯ᠎ᠡ ᠰᠣᠨᠣᠰᠳᠠᠮ᠎ᠠ ᠪᠠᠢᠭᠰᠠᠨ ᠦᠷ᠎ᠡ ᠨᠢ ᠭᠡᠨᠡᠳᠲᠡ ᠲᠡᠭᠦᠨ ᠡᠴᠡ ᠵᠢᠭᠤᠲᠠᠬᠤ ᠰᠢᠭ᠋ ᠦᠬᠦᠳᠡᠯ ᠪᠣᠯᠤᠨ ᠵᠤᠯᠪᠤᠭᠰᠠᠨ ᠢ᠋ ᠣᠳᠣ ᠴᠤ᠌ ᠰᠠᠨᠠᠬᠤ ᠳ᠋ᠤ᠌ ᠬᠠᠷ᠎ᠠ ᠳᠠᠷᠤᠭᠰᠠᠨ ᠠᠶᠤᠮᠰᠢᠭᠲᠤ ᠵᠡᠭᠦᠳᠦ ᠮᠡᠲᠦ ᠰᠠᠨᠠᠭᠳᠠᠨ᠎ᠠ᠃ ᠬᠤᠯᠠᠨ ᠶᠡᠷᠦ ᠡᠪᠡᠳᠴᠦ ᠬᠣᠣᠷᠳᠠᠯ ᠦᠭᠡᠢ᠂ ᠲᠡᠩᠬᠡᠯᠡᠭᠦᠨ ᠡᠷᠡᠭᠦᠯ ᠰᠠᠷᠠᠭᠤᠯ ᠪᠠᠢᠭᠰᠠᠨ ᠮᠥᠷᠲᠡᠭᠡᠨ ᠦᠷ᠎ᠡ ᠨᠢ ᠵᠤᠯᠪᠤᠭᠰᠠᠨ ᠢ᠋ ᠮᠠᠭᠤ ᠰᠠᠨᠠᠭᠠᠲᠠᠨ ᠤ᠋ ᠬᠣᠣᠷᠯᠠᠯ ᠪᠣᠯᠪᠠ ᠭᠡᠵᠦ ᠥᠨᠥ ᠴᠦ᠍ ᠬᠤᠯᠠᠨ ᠢᠲᠡᠭᠡᠭᠰᠡᠭᠡᠷ ᠪᠢᠯᠡ᠃ ᠬᠡᠷᠪᠡ ᠲᠡᠷᠡ ᠬᠥᠪᠡᠭᠦᠨ ᠨᠢ ᠡᠰᠡᠨ ᠮᠡᠨᠳᠦ ᠲᠥᠷᠥᠭᠰᠡᠨ ᠪᠣᠯ ᠬᠤᠯᠠᠨ ᠤ᠋ ᠠᠮᠢᠳᠤᠷᠠᠯ ᠣᠭᠲᠣ ᠥᠭᠡᠷ᠎ᠡ ᠪᠡᠷ ᠡᠷᠭᠢᠬᠦ ᠪᠠᠢᠪᠠ᠃ ᠨᠠᠰᠤ ᠵᠠᠯᠠᠭᠤ ᠴᠢᠰᠤ ᠰᠢᠩᠭᠡᠨ ᠲᠡᠭᠦᠨ ᠢ᠋ ᠳᠠᠬᠢᠭᠠᠳ ᠨᠢᠭᠡ ᠪᠠᠢᠲᠤᠭᠠᠢ ᠣᠯᠠᠨ ᠬᠡᠦᠬᠡᠳ ᠲᠥᠷᠥᠭᠦᠯᠦᠨ᠎ᠡ ᠭᠡᠵᠦ ᠪᠦᠭᠦᠳᠡ ᠲᠠᠢᠪᠤᠰᠢᠷᠠᠭᠤᠯᠵᠤ ᠪᠠᠰᠠ ᠬᠤᠯᠠᠨ ᠢᠩᠭᠢᠵᠦ ᠭᠣᠷᠢᠳᠠᠭᠰᠠᠭᠠᠷ ᠡᠨᠡ ᠣᠯᠠᠨ ᠵᠢᠯ ᠢ᠋ ᠪᠠᠷᠠᠵᠠᠢ᠃ ᠣᠳᠣ ᠬᠤᠯᠠᠨ ᠲᠡᠮᠦᠵᠢᠨ ᠡᠴᠡ ᠬᠡᠦᠬᠡᠳ ᠣᠯᠤᠨ᠎ᠠ ᠭᠡᠳᠡᠭ ᠲᠡᠭᠡᠨ ᠪᠠᠷᠤᠭ ᠢᠲᠡᠭᠡᠯ ᠲᠠᠰᠤᠷᠠᠵᠠᠢ᠃ ᠬᠤᠯᠠᠨ ᠤ᠋ ᠦᠷ᠎ᠡ ᠲᠥᠷᠥᠭᠦᠯᠳᠡᠭ ᠦᠭᠡᠢ ᠪᠠᠢᠳᠠᠯ ᠲᠡᠭᠦᠨ ᠢ᠋ ᠣᠯᠠᠨ ᠤ᠋ ᠡᠮᠦᠨ᠎ᠡ ᠲᠡᠷᠡ ᠳᠤᠮᠳᠠ ᠪᠠᠨ ᠳᠥᠷᠪᠡᠨ ᠬᠥᠪᠡᠭᠦᠨ ᠲᠥᠷᠥᠭᠦᠯᠦᠭᠰᠡᠨ ᠪᠥᠷᠲᠡ ᠶ᠋ᠢᠨ ᠳᠡᠷᠭᠡᠳᠡ ᠥᠴᠦᠬᠡᠨ ᠳᠣᠷᠣᠢ ᠨᠡᠷ᠎ᠡ ᠦᠭᠡᠢ ᠡᠮ᠎ᠡ ᠪᠣᠯᠭᠠᠨ ᠬᠤᠪᠢᠷᠠᠭᠠᠳᠠᠭ ᠨᠢ ᠲᠡᠪᠴᠢᠵᠦ ᠪᠣᠯᠣᠰᠢ ᠦᠭᠡᠢ ᠳᠣᠷᠣᠮᠵᠢᠯᠠᠯ ᠪᠠᠢᠯ᠎ᠠ᠃ ᠬᠤᠯᠠᠨ ᠦᠷ᠎ᠡ ᠦᠭᠡᠢ ᠳ᠋ᠡᠭᠡᠨ ᠭᠤᠲᠤᠵᠤ ᠭᠤᠨᠢᠬᠤ ᠨᠢ ᠬᠢᠵᠠᠭᠠᠷ ᠦᠭᠡᠢ ᠪᠣᠯᠵᠠᠢ᠃ ᠭᠡᠲᠡᠯ᠎ᠡ ᠨᠠᠰᠤ ᠵᠠᠯᠠᠭᠤ ᠴᠢᠰᠤ ᠰᠢᠩᠭᠡᠨ ᠬᠠᠲᠤᠨ ᠢ᠋ᠶ᠋ᠠᠨ ᠡᠪᠦᠭᠡᠷᠡᠵᠦ ᠵᠢᠷᠠ ᠳᠥᠭᠥᠭᠰᠡᠨ ᠡᠷ᠎ᠡ ᠨᠢ ᠡᠳ᠋ᠯᠡᠨ ᠵᠢᠷᠭᠠᠭᠠᠬᠤ ᠨᠢ ᠡᠳᠦᠷ ᠡᠴᠡ ᠡᠳᠦᠷ ᠲᠦ᠍ ᠬᠣᠯᠠᠳᠴᠤ᠂ ᠡᠪᠦᠷ ᠢ᠋ ᠭᠡᠢᠭᠦᠯᠵᠦ ᠬᠣᠨᠣᠵᠤ ᠥᠨᠵᠢᠯ᠎ᠡ ᠴᠦ᠍ ᠡᠷᠬᠡᠯᠡᠵᠦ ᠢᠨᠠᠭᠯᠠᠬᠤ ᠠ᠋ᠴᠠ ᠢᠯᠡᠭᠦᠦ᠂ ᠡᠷᠲᠡ ᠤᠨᠲᠠᠬᠤ ᠶ᠋ᠢ ᠬᠦᠰᠡᠮᠵᠢᠯᠡᠬᠦ ᠪᠣᠯᠤᠭᠰᠠᠨ ᠨᠢ ᠦᠨᠡᠨ ᠶᠦᠮ᠃ ᠲᠡᠮᠦᠵᠢᠨ ᠦ᠌ ᠬᠠᠲᠤᠨ ᠪᠣᠯᠤᠨ᠎ᠠ ᠭᠡᠵᠦ ᠲᠡᠮᠡᠴᠡᠵᠦ ᠢᠷᠡᠬᠦ ᠳ᠋ᠡᠭᠡᠨ ᠡᠢᠮᠦ ᠵᠣᠪᠠᠯᠠᠩᠲᠤ ᠰᠢᠨᠠᠯᠤᠯ ᠦᠵᠡᠨ᠎ᠡ ᠭᠡᠵᠦ ᠬᠤᠯᠠᠨ ᠰᠠᠨᠠᠭᠰᠠᠨ ᠦᠭᠡᠢ᠃ ᠲᠡᠮᠦᠵᠢᠨ ᠲᠡᠳᠡ ᠳᠠᠬᠢᠨ ᠦᠷ᠎ᠡ ᠲᠡᠢ ᠪᠣᠯᠬᠤ ᠦᠭᠡᠢ ᠨᠢ ᠨᠢᠭᠡᠨᠲᠡ ᠲᠣᠳᠣᠷᠬᠠᠢ ᠪᠣᠯᠤᠭᠰᠠᠨ ᠢ᠋ ᠬᠦᠯᠢᠶᠡᠨ ᠵᠥᠪᠰᠢᠶᠡᠷᠡᠵᠦ᠂ ᠬᠤᠪᠢ ᠵᠠᠶᠠᠭ᠎ᠠ ᠪᠠᠨ ᠳᠠᠭᠠᠬᠤ ᠨᠢ ᠲᠡᠭᠦᠨ ᠳ᠋ᠦ᠍ ᠳᠡᠩᠳᠡᠭᠦᠦ ᠬᠠᠷᠠᠭᠤᠰᠤᠯ ᠲᠠᠢ ᠲᠤᠯᠠ ᠣᠯᠠᠨ ᠰᠥᠨᠢ ᠶ᠋ᠢᠨ ᠨᠣᠢᠷ ᠢ᠋ᠶ᠋ᠠᠨ ᠪᠠᠷᠠᠨ ᠡᠯᠳᠡᠪ ᠶᠠᠩᠵᠤ ᠶ᠋ᠢᠨ ᠠᠷᠭ᠎ᠠ ᠵᠠᠮ ᠢ᠋ ᠰᠦᠪᠡᠭᠴᠢᠯᠡᠨ ᠤᠬᠠᠭᠠᠨ ᠢ᠋ᠶ᠋ᠠᠨ ᠤᠬᠠᠵᠤ᠂ ᠤᠴᠢᠷ ᠢ᠋ ᠪᠣᠳᠣᠬᠤ ᠪᠣᠯᠵᠠᠢ᠃ ᠴᠢᠩᠭᠢᠰ ᠬᠠᠭᠠᠨ ᠨᠢᠭᠡᠨ ᠡᠳᠦᠷ ᠲᠩᠷᠢ ᠳ᠋ᠦ᠍ ᠬᠠᠯᠢᠬᠤ ᠨᠢ ᠬᠡᠨ ᠳ᠋ᠦ᠍ ᠴᠦ᠍ ᠣᠢᠯᠠᠭᠠᠮᠵᠢᠲᠠᠢ᠂ ᠲᠡᠷᠡ ᠮᠠᠭᠤ ᠡᠳᠦᠷ ᠦ᠋ᠨ ᠬᠣᠢᠨ᠎ᠠ ᠬᠤᠯᠠᠨ ᠬᠡᠨ ᠪᠣᠯᠵᠤ ᠬᠣᠴᠣᠷᠬᠤ ᠪᠢᠯᠡ ᠭᠡᠰᠡᠨ ᠭᠠᠭᠴᠠ ᠪᠣᠳᠣᠯ ᠲᠡᠭᠦᠨ ᠢ᠋ ᠬᠠᠮᠤᠭ ᠠ᠋ᠴᠠ ᠢᠯᠡᠭᠦᠦ ᠪᠡᠷ ᠲᠠᠷᠴᠢᠯᠠᠭᠠᠬᠤ ᠪᠣᠯᠵᠠᠢ᠃ ᠲᠥᠷᠥᠭᠦᠯᠦᠭᠰᠡᠨ ᠦᠷ᠎ᠡ ᠦᠭᠡᠢ ᠲᠡᠭᠦᠨ ᠢ᠋ ᠬᠡᠨ ᠬᠥᠮᠦᠨ ᠭᠡᠵᠦ ᠲᠣᠭᠣᠨ᠎ᠠ᠃ ᠲᠥᠷᠥᠯᠬᠢ ᠠᠢᠮᠠᠭ ᠨᠢ ᠤᠰᠠᠳᠤᠨ ᠮᠥᠬᠥᠵᠦ᠂ ᠳᠤᠤᠭᠠᠷᠬᠤ ᠬᠥᠮᠦᠨ ᠦᠭᠡᠢ᠂ ᠳᠠᠭᠤᠷᠢᠰᠬᠤ ᠨᠡᠷ᠎ᠡ ᠦᠭᠡᠢ ᠪᠣᠯᠪᠠ᠃ ᠬᠤᠯᠠᠨ ᠲᠡᠭᠡᠪᠡᠯ ᠬᠠᠮᠢᠭ᠎ᠠ ᠣᠴᠢᠵᠤ ᠶᠠᠭᠠᠬᠢᠵᠤ ᠠᠮᠢᠳᠤᠷᠠᠨ᠎ᠠ᠃ ᠬᠤᠯᠠᠨ ᠪᠣᠯ ᠦᠯᠦ ᠲᠠᠢᠪᠤᠰᠢᠷᠠᠬᠤ ᠳᠣᠭᠰᠢᠨ ᠰᠡᠳᠬᠢᠯ ᠲᠡᠢ ᠲᠤᠯᠠ ᠲᠡᠮᠦᠵᠢᠨ ᠢ᠋ ᠥᠨᠥ ᠮᠠᠷᠭᠠᠰᠢ ᠦᠭᠡᠢ ᠦᠬᠦᠬᠦ ᠪᠡᠷ ᠰᠡᠳᠬᠢᠵᠦ ᠴᠢᠳᠠᠬᠤ ᠠᠵᠢ᠃ ᠨᠡᠭᠡᠷᠡᠨ ᠴᠢᠩᠭᠢᠰ ᠬᠠᠭᠠᠨ ᠡᠯᠡᠰᠦ ᠮᠡᠲᠦ ᠬᠡᠢᠰᠴᠦ᠂ ᠮᠥᠰᠥ ᠮᠡᠲᠦ ᠬᠠᠢᠯᠵᠤ ᠣᠳᠪᠠᠯ ᠲᠡᠭᠦᠨ ᠳ᠋ᠦ᠍ ᠶᠠᠭᠤ ᠦᠯᠡᠳᠡᠬᠦ ᠪᠢᠯᠡ ᠭᠡᠳᠡᠭ ᠪᠣᠳᠣᠯ ᠬᠤᠯᠠᠨ ᠢ᠋ ᠡᠳᠦᠷ ᠰᠥᠨᠢ ᠦᠭᠡᠢ ᠵᠣᠪᠠᠭᠠᠬᠤ ᠪᠣᠯᠵᠠᠢ᠃ 
       ᠬᠣᠷᠽᠸᠮ ᠳ᠋ᠤ᠌ ᠳᠠᠢᠯᠠᠷ᠎ᠠ ᠮᠣᠷᠳᠠᠬᠤ ᠳ᠋ᠠᠭᠠᠨ ᠲᠡᠭᠦᠨ ᠢ᠋ ᠳᠠᠭᠠᠭᠤᠯᠤᠨ ᠶᠠᠪᠤᠬᠤ ᠪᠠᠷ ᠴᠢᠩᠭᠢᠰ ᠬᠠᠭᠠᠨ ᠵᠠᠷᠯᠢᠭ ᠪᠣᠯᠭᠠᠭᠰᠠᠨ ᠨᠢ ᠵᠥᠪᠬᠡᠨ ᠰᠡᠳᠬᠢᠯ ᠰᠠᠨᠠᠭ᠎ᠠ ᠶ᠋ᠢ ᠵᠠᠰᠠᠬᠤ᠂ ᠵᠣᠪᠠᠯᠠᠩ ᠰᠢᠨᠠᠯᠤᠯ ᠢ᠋ ᠨᠢ ᠮᠠᠷᠲᠠᠭᠤᠯᠬᠤ ᠭᠡᠰᠡᠨ ᠠᠷᠭ᠎ᠠ ᠲᠡᠳᠦᠢ ᠪᠣᠯᠬᠤ ᠠ᠋ᠴᠠ ᠶᠠᠭᠤ ᠶ᠋ᠢ ᠴᠦ᠍ ᠥᠭᠡᠷᠡᠴᠢᠯᠡᠵᠦ ᠡᠰᠡ ᠴᠢᠳᠠᠬᠤ ᠶ᠋ᠢ ᠬᠤᠯᠠᠨ ᠰᠠᠢᠨ ᠣᠢᠯᠠᠭᠠᠵᠤ ᠪᠠᠢᠪᠠ᠃ ᠬᠠᠷᠢᠨ ᠪᠣᠳᠣᠭᠰᠠᠭᠠᠷ ᠪᠠᠢᠬᠤ ᠳ᠋ᠤ᠌ ᠬᠤᠯᠠᠨ ᠤ᠋ ᠢᠷᠡᠭᠡᠳᠦᠢ ᠶ᠋ᠢᠨ ᠠᠮᠢᠳᠤᠷᠠᠯ ᠴᠢᠩᠭᠢᠰ ᠬᠠᠭᠠᠨ ᠤ᠋ ᠬᠣᠢᠨ᠎ᠠ ᠬᠥᠪᠡᠭᠦᠳ ᠡᠴᠡ ᠬᠡᠨ ᠨᠢ ᠬᠠᠭᠠᠨ ᠰᠠᠭᠤᠷᠢᠨ ᠳ᠋ᠤ᠌ ᠰᠠᠭᠤᠬᠤ ᠠ᠋ᠴᠠ ᠰᠢᠭᠤᠳ ᠬᠠᠮᠢᠶᠠᠷᠬᠤ ᠨᠢ ᠬᠡᠨ ᠳ᠋ᠦ᠍ ᠴᠦ᠍ ᠲᠣᠳᠣᠷᠬᠠᠢ ᠪᠢᠯᠡ᠃ ᠢᠩᠭᠢᠵᠦ ᠪᠣᠳᠣᠭᠰᠠᠨ ᠤ᠋ ᠤᠴᠢᠷ ᠴᠢᠩᠭᠢᠰ ᠬᠠᠭᠠᠨ ᠥᠪᠡᠷ ᠦ᠋ᠨ ᠵᠠᠯᠭᠠᠮᠵᠢᠯᠠᠭᠴᠢ ᠪᠠᠷ ᠬᠥᠪᠡᠭᠦᠳ ᠦ᠋ᠨ ᠢ᠋ᠶ᠋ᠡᠨ ᠬᠡᠨ ᠢ᠋ ᠰᠣᠩᠭᠣᠬᠤ ᠶ᠋ᠢ ᠢᠯᠡᠳᠲᠡ ᠰᠣᠨᠢᠷᠬᠠᠬᠤ ᠪᠣᠯᠵᠠᠢ᠃ ᠬᠥᠪᠡᠭᠦᠳ ᠦ᠋ᠨ ᠳᠣᠲᠣᠷ᠎ᠠ ᠠ᠋ᠴᠠ ᠦᠵᠡᠰᠬᠦᠯᠡᠩ ᠲᠡᠭᠦᠰ ᠵᠢᠰᠦ ᠴᠢᠷᠠᠢ᠂ ᠭᠤᠸᠠᠯᠢᠭ ᠥᠨᠳᠥᠷ ᠨᠢᠷᠤᠭᠤ ᠲᠠᠢ ᠵᠥᠴᠢ ᠶ᠋ᠢ ᠴᠢᠩᠭᠢᠰ ᠬᠠᠭᠠᠨ ᠤ᠋ ᠵᠠᠯᠭᠠᠮᠵᠢᠯᠠᠭᠴᠢ ᠪᠣᠯᠤᠭᠠᠰᠠᠢ ᠭᠡᠵᠦ ᠬᠤᠯᠠᠨ ᠬᠠᠮᠤᠭ ᠤ᠋ᠨ ᠶᠡᠬᠡ ᠪᠡᠷ ᠬᠦᠰᠡᠵᠦ ᠪᠠᠢᠯ᠎ᠠ᠃ ᠬᠤᠯᠠᠨ ᠥᠪᠡᠷ ᠡᠴᠡ ᠨᠢ ᠬᠡᠳᠦᠬᠡᠨ ᠠᠬ᠎ᠠ ᠡᠨᠡ ᠢᠳᠡᠷ ᠡᠷ᠎ᠡ ᠳ᠋ᠦ᠍ ᠳᠣᠲᠣᠷ᠎ᠠ ᠪᠠᠨ ᠲᠠᠲᠠᠭᠳᠠᠨ ᠳᠤᠷᠠᠯᠠᠵᠤ ᠪᠠᠢᠪᠠ᠃ ᠪᠠᠰᠠ ᠵᠥᠴᠢ ᠶ᠋ᠢ ᠮᠡᠷᠭᠢᠳ ᠴᠢᠰᠤᠲᠠᠢ ᠪᠣᠯᠬᠤ ᠶ᠋ᠢ ᠮᠡᠳᠡᠭᠰᠡᠨ ᠡᠴᠡ ᠬᠣᠢᠰᠢ ᠪᠦᠷ ᠴᠦ᠍ ᠢᠯᠡᠭᠦᠦ ᠳᠣᠲᠣᠨᠣ ᠪᠣᠯᠵᠠᠢ᠃ ᠠᠳᠠᠯᠢᠬᠠᠨ ᠮᠡᠷᠭᠢᠳ ᠦ᠋ᠨ ᠤᠳᠤᠮ ᠪᠣᠯᠬᠣᠷ ᠵᠥᠴᠢ ᠬᠠᠭᠠᠨ ᠪᠣᠯᠪᠠᠯ ᠲᠡᠭᠦᠨ ᠢ᠋ ᠯᠠᠪ ᠬᠠᠲᠤᠨ ᠢ᠋ᠶ᠋ᠠᠨ ᠪᠣᠯᠭᠠᠵᠤ ᠠᠪᠬᠤ ᠪᠢᠵᠡ ᠭᠡᠵᠦ ᠢᠲᠡᠭᠡᠨ᠎ᠡ᠃ ᠤᠴᠢᠷ ᠨᠢ ᠬᠥᠪᠡᠭᠦᠳ ᠨᠢ ᠲᠥᠷᠥᠭᠰᠡᠨ ᠡᠬᠡ ᠡᠴᠡ ᠪᠡᠨ ᠪᠤᠰᠤᠳ ᠬᠠᠲᠤᠳ ᠢ᠋ ᠡᠴᠢᠭᠡ ᠶ᠋ᠢᠨ ᠢ᠋ᠶ᠋ᠡᠨ ᠥᠭᠡᠳᠡ ᠪᠣᠯᠤᠭᠰᠠᠨ ᠤ᠋ ᠬᠣᠢᠨ᠎ᠠ ᠥᠮᠴᠢᠯᠡᠨ ᠠᠪᠬᠤ ᠡᠷᠬᠡ ᠲᠡᠢ ᠪᠢᠯᠡ᠃ ᠬᠡᠷᠪᠡ ᠵᠥᠴᠢ ᠬᠠᠭᠠᠨ ᠰᠠᠭᠤᠵᠤ᠂ ᠵᠥᠴᠢ ᠶ᠋ᠢᠨ ᠶᠡᠬᠡ ᠬᠠᠲᠤᠨ ᠪᠣᠯᠪᠠᠯ ᠬᠤᠯᠠᠨ ᠳ᠋ᠤ᠌ ᠰᠠᠶᠢ ᠨᠢᠭᠡ ᠨᠠᠰᠤ ᠪᠠᠷ ᠶᠡᠬᠡ ᠬᠠᠭᠠᠳ ᠤ᠋ᠨ ᠬᠠᠲᠤᠨ ᠪᠠᠢᠬᠤ ᠬᠤᠪᠢ ᠲᠣᠬᠢᠶᠠᠵᠤ ᠪᠣᠯᠬᠤ ᠪᠠᠢᠪᠠ᠃ ᠡᠢᠮᠦ ᠪᠣᠳᠣᠯ ᠢ᠋ᠶ᠋ᠠᠷ ᠬᠤᠯᠠᠨ ᠵᠥᠴᠢ ᠶ᠋ᠢᠨ ᠨᠢᠳᠦᠨ ᠳ᠋ᠦ᠍ ᠥᠷᠲᠥᠵᠦ᠂ ᠰᠡᠳᠬᠢᠯ ᠳ᠋ᠦ᠍ ᠤᠨᠠᠬᠤ ᠪᠣᠯᠤᠮᠵᠢ᠂ ᠦ ᠶ᠋ᠢ ᠠᠯᠳᠠᠬᠤ ᠦᠭᠡᠢ ᠬᠢᠴᠢᠶᠡᠨ᠎ᠡ᠃ ᠵᠥᠴᠢ ᠳ᠋ᠦ᠍ ᠪᠢ ᠶᠠᠭᠠᠬᠢᠨ ᠲᠠᠭᠠᠯᠠᠭᠳᠠᠬᠤ ᠦᠭᠡᠢ ᠪᠠᠢᠬᠤ ᠪᠢᠯᠡ ᠭᠡᠵᠦ ᠬᠤᠯᠠᠨ ᠪᠣᠳᠣᠬᠤ ᠠᠵᠢ᠃ ᠭᠡᠲᠡᠯ᠎ᠡ ᠵᠥᠴᠢ ᠬᠤᠯᠠᠨ ᠢ᠋ ᠬᠥᠮᠦᠨ ᠪᠠᠢᠨ᠎ᠠ ᠭᠡᠵᠦ ᠲᠣᠭᠣᠵᠤ ᠬᠠᠷᠠᠳᠠᠭ ᠦᠭᠡᠢ ᠪᠠᠢᠪᠠ᠃ ᠬᠤᠯᠠᠨ ᠵᠣᠷᠢᠯᠭ᠎ᠠ ᠪᠠᠨ ᠬᠠᠲᠠᠭᠤ ᠤᠬᠠᠭᠠᠷᠠᠬᠤ ᠲᠤᠯᠠ ᠶᠠᠭᠤ ᠴᠤ᠌ ᠬᠢᠬᠦ ᠡᠴᠡ ᠦᠯᠦ ᠪᠤᠴᠠᠨ᠎ᠠ᠃ ᠲᠡᠷᠡ ᠬᠡᠷᠪᠡ ᠵᠥᠴᠢ ᠬᠠᠭᠠᠨ ᠰᠠᠭᠤᠷᠢᠨ ᠳ᠋ᠤ᠌ ᠰᠠᠭᠤᠬᠤ ᠶ᠋ᠢ ᠮᠡᠳᠡᠪᠡᠯ ᠵᠥᠴᠢ ᠳ᠋ᠦ᠍ ᠥᠪᠡᠷ ᠢ᠋ ᠪᠡᠨ ᠥᠭᠬᠦ ᠳ᠋ᠦ᠍ ᠪᠡᠯᠡᠨ ᠪᠠᠢᠪᠠ᠃ ᠵᠥᠴᠢ ᠴᠦ᠍ ᠲᠡᠭᠦᠨ ᠢ᠋ ᠬᠦᠰᠡᠮᠵᠢᠯᠡᠬᠦ ᠪᠣᠯᠤᠨ᠎ᠠ ᠭᠡᠵᠦ ᠢᠲᠡᠭᠡᠨ᠎ᠡ᠃ ᠭᠡᠪᠡᠴᠦ ᠡᠷ᠎ᠡ ᠨᠥᠬᠥᠷ ᠦ᠋ᠨ ᠢ᠋ᠶ᠋ᠡᠨ ᠬᠦᠦ ᠳ᠋ᠦ᠍ ᠤᠯᠠᠢᠮ᠎ᠠ ᠴᠠᠢᠮ᠎ᠠ ᠰᠠᠨᠠᠭᠠᠷᠬᠠᠬᠤ ᠨᠢ ᠠᠮᠢᠨ ᠳ᠋ᠤ᠌ ᠬᠦᠷᠬᠦ ᠠᠶᠤᠯ ᠲᠠᠢ ᠲᠤᠯᠠ ᠬᠣᠷᠮᠣᠢ ᠱᠦᠷᠭᠦᠬᠦ ᠶ᠋ᠢ ᠪᠤᠤ ᠬᠡᠯᠡ᠂ ᠬᠠᠷᠠᠴᠠ ᠲᠤᠯᠬᠤ ᠠ᠋ᠴᠠ ᠴᠤ᠌ ᠰᠡᠷᠡᠮᠵᠢᠯᠡᠬᠦ ᠶᠣᠰᠣᠲᠠᠢ ᠶ᠋ᠢ ᠬᠤᠯᠠᠨ ᠪᠠᠰᠠ ᠮᠡᠳᠡᠬᠦ ᠪᠢᠯᠡ᠃ ᠭᠡᠲᠡᠯ᠎ᠡ ᠴᠢᠩᠭᠢᠰ ᠬᠠᠭᠠᠨ ᠥᠪᠡᠷ ᠦ᠋ᠨ ᠵᠠᠯᠭᠠᠮᠵᠢᠯᠠᠭᠴᠢ ᠪᠠᠷ ᠬᠡᠨ ᠢ᠋ ᠰᠣᠩᠭᠣᠬᠤ ᠶ᠋ᠢ ᠬᠡᠨ ᠴᠦ᠍ ᠮᠡᠳᠡᠬᠦ ᠦᠭᠡᠢ ᠪᠠᠢᠪᠠ᠃ ᠭᠡᠲᠡᠯ᠎ᠡ ᠬᠤᠯᠠᠨ ᠶᠠᠭᠠᠬᠢᠵᠤ ᠴᠤ᠌ ᠡᠯᠳᠡᠪᠯᠡᠵᠦ ᠬᠢᠴᠢᠶᠡᠭᠡᠳ ᠴᠢᠩᠭᠢᠰ ᠬᠠᠭᠠᠨ ᠤ᠋ ᠵᠠᠯᠭᠠᠮᠵᠢᠯᠠᠭᠴᠢ ᠶ᠋ᠢ ᠬᠡᠨ ᠪᠣᠯᠬᠤ ᠶ᠋ᠢ ᠲᠡᠷᠡ ᠬᠡᠯᠡᠭᠦᠯᠵᠦ ᠴᠢᠳᠠᠭᠰᠠᠨ ᠦᠭᠡᠢ᠃ 
       | ᠤᠤᠭᠠᠨ ᠬᠥᠪᠡᠭᠦᠨ ᠵᠥᠴᠢ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠪᠢᠵᠡ ᠭᠡᠵᠦ ᠠᠰᠠᠭᠤᠬᠤ ᠶᠤᠮ ᠤᠤ ᠡᠰᠡᠪᠡᠯ ᠰᠠᠭᠤᠯᠭ᠎ᠠ ᠭᠡᠵᠦ ᠲᠤᠯᠭᠠᠬᠤ ᠨᠢ ᠥᠪᠡᠷ ᠦ᠋ᠨ ᠳᠣᠲᠣᠭᠠᠳᠤ ᠪᠣᠳᠣᠯ ᠢ᠋ ᠢᠯᠡᠷᠡᠭᠦᠯᠬᠦ ᠠᠶᠤᠯ ᠲᠠᠢ ᠲᠤᠯᠠ ᠳᠡᠮᠡᠢ ᠯᠡ ᠦᠭᠡ ᠡᠳᠦᠵᠦ ᠰᠡᠷᠲᠡᠩᠲᠦᠬᠦ ᠡᠴᠡ ᠬᠡᠲᠦᠷᠡᠬᠦ ᠦᠭᠡᠢ ᠪᠠᠢᠪᠠ᠃ ᠭᠡᠪᠡᠴᠦ ᠶᠠᠭ ᠡᠨᠡ ᠪᠣᠳᠣᠯ ᠳ᠋ᠤ᠌ ᠴᠢᠩᠭᠢᠰ ᠬᠠᠭᠠᠨ ᠡᠵᠡᠯᠡᠭᠳᠡᠭᠰᠡᠨ ᠪᠣᠯᠬᠤ ᠶ᠋ᠢ ᠮᠡᠳᠡᠵᠦ ᠴᠢᠳᠠᠵᠠᠢ᠃ 
       ᠬᠤᠷᠽᠸᠮ ᠲᠠᠢ ᠬᠢᠬᠦ ᠶᠡᠬᠡ ᠲᠡᠢᠨ ᠡᠴᠡ ᠡᠮᠦᠨ᠎ᠡ ᠬᠥᠪᠡᠭᠦᠳ ᠦ᠋ᠨ ᠳᠤᠮᠳᠠ ᠠ᠋ᠴᠠ ᠨᠢᠭᠡ ᠶ᠋ᠢ ᠰᠣᠩᠭᠣᠨ ᠥᠪᠡᠷ ᠦ᠋ᠨ ᠰᠠᠭᠤᠷᠢ ᠶ᠋ᠢ ᠵᠠᠯᠭᠠᠮᠵᠢᠯᠠᠭᠤᠯᠬᠤ ᠪᠠᠷ ᠵᠠᠷᠯᠠᠬᠤ ᠨᠢ ᠭᠠᠷᠴᠠᠭ᠎ᠠ ᠦᠭᠡᠢ ᠬᠡᠷᠡᠭ ᠪᠣᠯᠵᠠᠢ᠃ ᠠᠯᠲᠠᠨ ᠤᠯᠤᠰ ᠲᠤ᠌ ᠪᠠᠢᠯᠳᠤᠬᠤ ᠳ᠋ᠠᠭᠠᠨ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ ᠢ᠋ᠶ᠋ᠡᠨ ᠬᠠᠮᠲᠤ ᠨᠢᠭᠡ ᠵᠠᠮ ᠤ᠋ᠨ ᠴᠡᠷᠢᠭ ᠤᠳᠤᠷᠢᠳᠤᠭᠤᠯᠤᠨ ᠶᠠᠪᠤᠭᠤᠯᠤᠭᠰᠠᠨ ᠨᠢ ᠬᠡᠨ ᠨᠢ ᠶᠠᠮᠠᠷ ᠴᠢᠳᠠᠪᠤᠷᠢ ᠲᠠᠢ᠂ ᠤᠬᠠᠭᠠᠨ ᠲᠠᠢ ᠪᠣᠯᠬᠤ ᠶ᠋ᠢ ᠨᠢᠭᠡ ᠨᠥᠬᠥᠴᠡᠯ ᠪᠠᠢᠳᠠᠯ ᠤ᠋ᠨ ᠳ᠋ᠦᠩ ᠳ᠋ᠦ᠍ ᠦᠵᠡᠵᠦ ᠮᠡᠳᠡᠶ᠎ᠡ ᠭᠡᠰᠡᠨ ᠵᠣᠷᠢᠯᠭ᠎ᠠ ᠲᠠᠢ ᠪᠠᠢᠯ᠎ᠠ᠃ ᠬᠥᠪᠡᠭᠦᠳ ᠨᠢ ᠪᠦᠭᠦᠳᠡ ᠯᠡ ᠪᠠᠶᠠᠨ ᠠ᠋ᠴᠠ ᠳᠤᠲᠠᠬᠤ ᠦᠭᠡᠢ ᠵᠠᠩᠵᠤᠨ ᠪᠣᠯᠵᠤ ᠴᠢᠳᠠᠭᠰᠠᠨ ᠨᠢ ᠢᠯᠡᠳᠲᠡ ᠴᠦ᠍ ᠬᠡᠨ ᠨᠢ ᠣᠯᠠᠨ ᠢ᠋ ᠤᠳᠤᠷᠢᠳᠤᠨ ᠳᠠᠭᠠᠭᠤᠯᠵᠤ ᠴᠢᠳᠠᠬᠤ ᠪᠣᠢ ᠭᠡᠳᠡᠭ ᠨᠢ ᠬᠠᠮᠤᠭ ᠠ᠋ᠴᠠ ᠴᠢᠬᠤᠯᠠ ᠶᠤᠮ᠃ ᠲᠡᠢᠨ ᠬᠢᠵᠦ ᠬᠣᠲᠠ ᠪᠠᠯᠭᠠᠰᠤ ᠡᠵᠡᠯᠡᠬᠦ ᠨᠢ ᠠᠮᠠᠷ ᠬᠡᠷᠡᠭ ᠪᠢᠰᠢ ᠴᠦ᠍ ᠬᠤᠷᠠᠭᠰᠠᠨ ᠣᠯᠠᠨ ᠤ᠋ ᠰᠡᠳᠬᠢᠯ ᠢ᠋ ᠵᠠᠯᠠᠵᠤ ᠳᠠᠭᠠᠭᠤᠯᠬᠤ ᠶ᠋ᠢᠨ ᠳᠡᠷᠭᠡᠳᠡ ᠥᠴᠦᠬᠡᠨ ᠬᠡᠷᠡᠭ ᠭᠡᠵᠦ ᠴᠢᠩᠭᠢᠰ ᠬᠠᠭᠠᠨ ᠦᠵᠡᠵᠦ ᠪᠠᠢᠪᠠ᠃ ᠣᠯᠠᠨ ᠤ᠋ ᠰᠡᠳᠬᠢᠯ ᠢ᠋ ᠡᠵᠡᠮᠳᠡᠨ ᠳᠠᠭᠠᠭᠤᠯᠬᠤ ᠨᠢ ᠡᠨᠡ ᠶᠢᠷᠲᠢᠨᠴᠦ ᠶ᠋ᠢᠨ ᠬᠠᠮᠤᠭ ᠤ᠋ᠨ ᠶᠡᠬᠡ ᠬᠦᠴᠦ ᠶ᠋ᠢ ᠣᠯᠬᠤ ᠭᠠᠭᠴᠠ ᠠᠷᠭ᠎ᠠ ᠵᠠᠮ ᠭᠡᠳᠡᠭ ᠢ᠋ ᠴᠢᠩᠭᠢᠰ ᠬᠠᠭᠠᠨ ᠳᠠᠪ ᠲᠩᠷᠢ ᠪᠥᠬᠡ ᠡᠴᠡ ᠬᠣᠢᠰᠢ ᠰᠠᠢᠲᠤᠷ ᠣᠢᠯᠠᠭᠠᠵᠤ ᠮᠡᠳᠡᠭᠰᠡᠨ ᠪᠢᠯᠡ᠃ ᠲᠡᠢᠮᠦ ᠤᠴᠢᠷ ᠠ᠋ᠴᠠ ᠶᠡᠬᠡ ᠬᠠᠭᠠᠨ ᠪᠣᠯᠬᠤ ᠨᠢ ᠶᠠᠭᠤᠨ ᠤ᠋ ᠡᠮᠦᠨ᠎ᠡ ᠣᠯᠠᠨ ᠤ᠋ ᠰᠡᠳᠬᠢᠯ ᠢ᠋ ᠳᠠᠭᠠᠭᠤᠯᠬᠤ ᠲᠠᠢ ᠤᠳᠬ᠎ᠠ ᠨᠢᠭᠡ ᠲᠤᠯᠠ ᠬᠥᠪᠡᠭᠦᠳ ᠡᠴᠡ ᠪᠡᠨ ᠬᠡᠨ ᠨᠢ ᠴᠣᠬᠣᠮ ᠡᠢᠮᠦ ᠴᠢᠳᠠᠪᠤᠷᠢ ᠢᠯᠡᠭᠦᠦ ᠲᠡᠢ ᠶ᠋ᠢ ᠰᠣᠩᠭᠣᠵᠤ ᠲᠠᠨᠢᠬᠤ ᠶ᠋ᠢ ᠬᠢᠴᠢᠶᠡᠬᠦ ᠲᠤᠯᠠ ᠠᠯᠭᠤᠷᠯᠠᠭᠰᠠᠭᠠᠷ ᠪᠠᠢᠵᠠᠢ᠃ ᠲᠡᠭᠦᠨ ᠡᠴᠡ ᠪᠢᠰᠢ ᠪᠥᠷᠲᠡ ᠶ᠋ᠢᠨ ᠬᠦᠰᠡᠭᠰᠡᠨ ᠢ᠋ᠶ᠋ᠡᠷ ᠪᠣᠯ ᠠᠯᠢ ᠡᠷᠲᠡ ᠴᠠᠭᠠᠲᠠᠢ ᠶ᠋ᠢ ᠡᠷᠭᠦᠮᠵᠢᠯᠡᠬᠦ ᠪᠠᠢᠯ᠎ᠠ᠃ ᠴᠠᠭᠠᠲᠠᠢ ᠶ᠋ᠢ ᠡᠴᠢᠭᠡ ᠶ᠋ᠢ ᠪᠡᠨ ᠵᠠᠯᠭᠠᠮᠵᠢᠯᠠᠨ ᠶᠡᠬᠡ ᠬᠠᠭᠠᠨ ᠣᠷᠣᠨ ᠳ᠋ᠤ᠌ ᠰᠠᠭᠤᠬᠤ ᠶ᠋ᠢ ᠦᠵᠡᠬᠦ ᠨᠢ ᠪᠥᠷᠲᠡ ᠶ᠋ᠢᠨ ᠭᠠᠭᠴᠠ ᠨᠠᠰᠤᠨ ᠤ᠋ ᠬᠦᠰᠡᠯᠡᠩ ᠪᠠᠢᠪᠠ᠃ ᠴᠠᠭᠠᠲᠠᠢ ᠶ᠋ᠢ ᠲᠥᠷᠥᠵᠦ ᠮᠡᠳᠡᠭᠡ ᠣᠷᠣᠭᠰᠠᠨ ᠴᠠᠭ ᠠ᠋ᠴᠠ ᠪᠥᠷᠲᠡ ᠶ᠋ᠢᠨ ᠰᠤᠷᠭᠠᠮᠵᠢᠯᠠᠨ ᠵᠠᠬᠢᠭᠰᠠᠨ ᠭᠠᠭᠴᠠ ᠵᠦᠢᠯ ᠨᠢ ᠡᠨᠡ ᠶᠦᠮ᠃ ᠲᠡᠮᠦᠵᠢᠨ ᠴᠦ᠍ ᠠᠩᠬᠠᠨ ᠳ᠋ᠠᠭᠠᠨ ᠪᠥᠷᠲᠡ ᠶ᠋ᠢᠨ ᠦᠭᠡ ᠪᠡᠷ ᠪᠣᠯᠵᠤ ᠦᠨᠡᠬᠡᠷ ᠴᠠᠭᠠᠲᠠᠢ ᠬᠥᠪᠡᠭᠦᠨ ᠨᠢ ᠲᠡᠭᠦᠨ ᠢ᠋ ᠵᠠᠯᠭᠠᠮᠵᠢᠯᠠᠨ᠎ᠠ ᠭᠡᠵᠦ ᠢᠲᠡᠭᠡᠵᠦ ᠡᠭᠦᠨ ᠳ᠋ᠦ᠍ ᠣᠭᠲᠣᠬᠠᠨ ᠴᠤ᠌ ᠡᠷᠡᠭᠡᠯᠵᠡᠳᠡᠭ ᠦᠭᠡᠢ ᠪᠠᠢᠯ᠎ᠠ᠃ ᠭᠡᠲᠡᠯ᠎ᠡ ᠬᠥᠪᠡᠭᠦᠨ ᠨᠢ ᠥᠰᠴᠦ ᠲᠣᠮᠣᠷᠠᠬᠤ ᠶ᠋ᠢᠨ ᠬᠢᠷᠢ ᠪᠡᠷ ᠲᠡᠭᠦᠨ ᠦ᠌ ᠪᠣᠳᠣᠯ ᠥᠭᠡᠷᠡᠴᠢᠯᠡᠭᠳᠡᠵᠡᠢ᠃ ᠣᠳᠣ ᠦᠵᠡᠬᠦ ᠳ᠋ᠦ᠍ ᠬᠠᠭᠠᠨ ᠰᠠᠭᠤᠷᠢᠨ ᠳ᠋ᠤ᠌ ᠰᠠᠭᠤᠬᠤ ᠳ᠋ᠤ᠌ ᠴᠠᠭᠠᠲᠠᠢ ᠶ᠋ᠢᠨ ᠵᠠᠩ ᠠᠭᠠᠰᠢ ᠲᠤᠢᠯ ᠤ᠋ᠨ ᠲᠣᠬᠢᠷᠠᠮᠵᠢ ᠦᠭᠡᠢ ᠨᠢ ᠮᠡᠳᠡᠭᠳᠡᠵᠡᠢ᠃ 
       | ᠮᠢᠨᠦ ᠬᠥᠪᠡᠭᠦᠳ ᠡᠴᠡ ᠬᠠᠭᠠᠨ ᠰᠠᠭᠤᠳᠠᠯ ᠳ᠋ᠤ᠌ ᠡᠷᠭᠦᠮᠵᠢᠯᠡᠬᠦ ᠳ᠋ᠦ᠍ ᠬᠡᠨ ᠨᠢ ᠢᠯᠡᠭᠦᠦ ᠲᠣᠬᠢᠷᠠᠬᠤ ᠪᠣᠢ? 
       ᠡᠢᠮᠦ ᠠᠰᠠᠭᠤᠯᠲᠠ ᠶ᠋ᠢ ᠴᠢᠩᠭᠢᠰ ᠬᠠᠭᠠᠨ ᠰᠢᠳᠠᠷ ᠤ᠋ᠳ ᠪᠣᠯᠤᠨ ᠬᠠᠲᠤᠳ ᠲᠠᠭᠠᠨ ᠬᠣᠶᠠᠷ ᠪᠡᠶ᠎ᠡ ᠪᠡᠷ ᠰᠠᠭᠤᠬᠤ ᠦᠶ᠎ᠡ ᠳ᠋ᠡᠭᠡᠨ ᠲᠠᠯᠪᠢᠵᠤ᠂ ᠲᠡᠳᠡᠨ ᠦ᠌ ᠰᠠᠨᠠᠭ᠎ᠠ ᠪᠣᠳᠣᠯ ᠢ᠋ ᠰᠣᠨᠣᠰᠴᠤ ᠲᠤᠷᠰᠢᠵᠤ ᠦᠵᠡᠵᠡᠢ᠃ ᠲᠡᠳᠡᠨ ᠦ᠌ ᠰᠠᠨᠠᠭ᠎ᠠ ᠶ᠋ᠢ ᠨᠢᠭᠡᠳᠬᠡᠨ ᠠᠪᠴᠤ ᠦᠵᠡᠪᠡᠯ ᠵᠥᠴᠢ ᠪᠣᠯᠤᠭᠠᠳ ᠴᠠᠭᠠᠲᠠᠢ ᠶ᠋ᠢ ᠨᠡᠷᠡᠯᠡᠭᠰᠡᠨ ᠨᠢ ᠬᠤᠪᠢ ᠲᠡᠩᠴᠡᠭᠦᠦ ᠪᠠᠢᠯ᠎ᠠ᠃ ᠰᠢᠳᠠᠷ ᠤ᠋ᠳ ᠨᠢ ᠶᠡᠬᠡᠪᠴᠢᠯᠡᠨ ᠵᠥᠴᠢ ᠶ᠋ᠢ ᠨᠡᠷᠡᠯᠡᠭᠰᠡᠨ ᠨᠢ ᠲᠡᠳᠡ ᠲᠡᠭᠦᠨ ᠢ᠋ ᠮᠡᠷᠭᠢᠳ ᠤᠳᠤᠮ ᠤ᠋ᠨ ᠬᠢ ᠭᠡᠳᠡᠭ ᠢ᠋ ᠨᠢᠭᠡ ᠶᠡᠬᠡ ᠴᠢᠬᠤᠯᠠᠴᠢᠯᠠᠨ ᠦᠵᠡᠯ ᠦᠭᠡᠢ ᠵᠥᠪᠬᠡᠨ ᠲᠡᠭᠦᠨ ᠦ᠌ ᠴᠡᠷᠢᠭ ᠦ᠋ᠨ ᠵᠠᠩᠵᠤᠨ ᠤ᠋ ᠴᠢᠳᠠᠪᠤᠷᠢ ᠪᠣᠯᠤᠭᠠᠳ ᠵᠠᠩ ᠠᠭᠠᠰᠢ ᠶ᠋ᠢ ᠦᠨᠡᠯᠡᠭᠰᠡᠨ ᠪᠠᠰᠠ ᠠᠬᠠᠮᠠᠳ ᠬᠥᠪᠡᠭᠦᠨ ᠡᠴᠢᠭᠡ ᠶ᠋ᠢ ᠵᠠᠯᠭᠠᠮᠵᠢᠯᠠᠬᠤ ᠶᠣᠰᠣᠲᠠᠢ ᠭᠡᠵᠦ ᠦᠵᠡᠭᠰᠡᠳ ᠪᠠᠢᠪᠠ᠃ ᠬᠠᠷᠢᠨ ᠴᠠᠭᠠᠲᠠᠢ ᠶ᠋ᠢ ᠨᠡᠷᠡᠯᠡᠭᠰᠡᠨ ᠨᠢ ᠭᠣᠣᠯ ᠲᠥᠯᠥᠪ ᠴᠢᠩᠭᠢᠰ ᠬᠠᠭᠠᠨ ᠤ᠋ ᠴᠢᠰᠤᠨ ᠲᠥᠷᠥᠯ ᠦ᠋ᠨ ᠳᠡᠭᠦᠦ ᠨᠠᠷ᠂ ᠲᠡᠭᠦᠨ ᠦ᠌ ᠭᠡᠷ ᠪᠦᠯᠢ ᠳ᠋ᠦ᠍ ᠣᠢᠷᠠᠬᠠᠨ ᠥᠰᠴᠦ ᠬᠥᠮᠦᠵᠢᠭᠰᠡᠨ ᠰᠢᠳᠠᠷ ᠤ᠋ᠳ᠂ ᠶᠡᠬᠡᠪᠴᠢᠯᠡᠨ ᠵᠥᠴᠢ ᠶ᠋ᠢ ᠮᠡᠷᠭᠢᠳ ᠴᠢᠰᠤᠨ ᠤ᠋ ᠬᠢ ᠲᠤᠯᠠ ᠬᠠᠭᠠᠨ ᠰᠢᠷᠡᠭᠡᠨ ᠳ᠋ᠦ᠍ ᠰᠠᠭᠤᠯᠭᠠᠬᠤ ᠶᠣᠰᠣ ᠦᠭᠡᠢ ᠭᠡᠵᠦ ᠦᠵᠡᠭᠰᠡᠳ ᠶᠦᠮ᠃ ᠴᠠᠭᠠᠲᠠᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠶ᠋ᠢ ᠬᠠᠮᠤᠭ ᠤ᠋ᠨ ᠶᠡᠬᠡ ᠪᠡᠷ ᠬᠠᠲᠠᠭᠤ ᠱᠠᠭᠠᠷᠳᠠᠵᠤ ᠪᠣᠢ ᠬᠥᠮᠦᠨ ᠨᠢ ᠪᠥᠷᠲᠡ ᠪᠠᠢᠪᠠ᠃ ᠡᠨᠡ ᠪᠣᠯ ᠴᠢᠩᠭᠢᠰ ᠬᠠᠭᠠᠨ ᠤ᠋ ᠠᠯᠲᠠᠨ ᠤᠷᠤᠭ ᠤ᠋ᠨ ᠬᠥᠪᠡᠭᠦᠳ ᠦ᠋ᠨ ᠠᠬᠠᠮᠠᠳ ᠨᠢ ᠴᠠᠭᠠᠲᠠᠢ ᠭᠡᠵᠦ ᠲᠥᠷᠥᠭᠦᠯᠦᠭᠰᠡᠨ ᠡᠬᠡ ᠶ᠋ᠢᠨ ᠬᠤᠪᠢ ᠳ᠋ᠤ᠌ ᠦᠵᠡᠳᠡᠭ ᠪᠣᠯᠤᠭᠠᠳ ᠮᠡᠷᠭᠢᠳ ᠡᠴᠡ ᠣᠯᠤᠭᠰᠠᠨ ᠵᠥᠴᠢ ᠬᠥᠪᠡᠭᠦᠨ ᠢ᠋ ᠨᠢ ᠠᠯᠠᠭ ᠦᠵᠡᠯ ᠦᠭᠡᠢ ᠥᠰᠬᠡᠵᠦ ᠠᠮᠵᠢᠯᠲᠠ᠂ ᠢᠯᠠᠯᠲᠠ ᠶ᠋ᠢᠨ ᠵᠠᠮ ᠳ᠋ᠤ᠌ ᠳᠠᠭᠠᠭᠤᠯᠤᠭᠰᠠᠨ ᠳ᠋ᠤᠨᠢ ᠲᠡᠮᠦᠵᠢᠨ ᠳ᠋ᠦ᠍ ᠲᠠᠯᠠᠷᠬᠠᠭᠰᠠᠨ ᠰᠡᠳᠬᠢᠯ ᠦ᠋ᠨ ᠬᠢᠨᠢ ᠢᠯᠡᠷᠡᠯ ᠶᠦᠮ᠃ ᠴᠢᠩᠭᠢᠰ ᠬᠠᠭᠠᠨ ᠪᠥᠷᠲᠡ ᠶ᠋ᠢ ᠣᠢᠯᠠᠭᠠᠵᠤ ᠪᠠᠢᠯ᠎ᠠ᠃ ᠡᠭᠦᠨ ᠡᠴᠡ ᠦᠵᠡᠬᠦ ᠳ᠋ᠦ᠍ ᠴᠠᠭᠠᠲᠠᠢ ᠶ᠋ᠢ ᠬᠠᠭᠠᠨ ᠰᠢᠷᠡᠭᠡᠨ ᠳ᠋ᠦ᠍ ᠡᠷᠭᠦᠮᠵᠢᠯᠡᠬᠦ ᠨᠢ ᠭᠠᠷᠴᠠᠭ᠎ᠠ ᠦᠭᠡᠢ ᠵᠥᠪ ᠮᠡᠲᠦ ᠰᠠᠨᠠᠭᠳᠠᠨ᠎ᠠ᠃ ᠤᠴᠢᠷ ᠨᠢ ᠲᠡᠭᠦᠨ ᠳ᠋ᠦ᠍ ᠵᠥᠴᠢ ᠶ᠋ᠢ ᠡᠷᠭᠦᠮᠵᠢᠯᠡᠬᠦ ᠪᠣᠳᠣᠯ ᠣᠭᠲᠣ ᠪᠠᠢᠭᠰᠠᠨ ᠦᠭᠡᠢ᠃ ᠭᠡᠪᠡᠴᠦ ᠵᠥᠴᠢ ᠶ᠋ᠢ ᠣᠷᠣ ᠦᠭᠡᠢ ᠮᠡᠲᠦ ᠣᠷᠬᠢᠵᠤ᠂ ᠴᠢᠬᠢ ᠦᠭᠡᠢ ᠮᠡᠲᠦ ᠶᠠᠷᠢᠵᠤ ᠪᠣᠯᠬᠤ ᠦᠭᠡᠢ ᠶ᠋ᠢ ᠣᠢᠯᠠᠭᠠᠨ᠎ᠠ᠃ ᠴᠣᠬᠣᠮ ᠮᠡᠷᠭᠢᠳ ᠴᠢᠰᠤᠲᠠᠢ ᠲᠥᠷᠥᠭᠰᠡᠨ ᠯᠡ ᠪᠣᠯᠬᠤ ᠠ᠋ᠴᠠ ᠵᠥᠴᠢ ᠪᠤᠰᠤᠳ ᠲᠠᠯ᠎ᠠ ᠪᠠᠷ ᠬᠠᠭᠠᠨ ᠰᠠᠭᠤᠷᠢᠨ ᠳ᠋ᠤ᠌ ᠰᠠᠭᠤᠯᠭᠠᠬᠤ ᠳ᠋ᠤ᠌ ᠲᠣᠬᠢᠷᠠᠨ᠎ᠠ ᠭᠡᠵᠦ ᠦᠵᠡᠭᠰᠡᠳ ᠨᠡᠯᠢᠶᠡᠳ ᠪᠠᠢᠭ᠎ᠠ ᠪᠣᠯᠬᠣᠷ ᠵᠥᠴᠢ ᠶ᠋ᠢ ᠤᠯᠠᠢᠮ᠎ᠠ ᠴᠠᠢᠮ᠎ᠠ ᠵᠠᠢᠯᠠᠭᠤᠯᠬᠤ ᠨᠢ ᠬᠥᠪᠡᠭᠦᠳ ᠦ᠋ᠨ ᠬᠣᠭᠣᠷᠣᠨᠳᠣ ᠶᠡᠬᠡ ᠡᠪᠳᠡᠷᠡᠯ ᠢ᠋ ᠡᠭᠦᠰᠬᠡᠵᠦ ᠣᠢᠷᠠᠮᠠᠭ ᠵᠠᠭᠤᠷ᠎ᠠ ᠴᠣᠴᠢᠮᠠᠭ ᠬᠡᠷᠡᠭᠦᠯ ᠡᠭᠦᠰᠴᠦ᠂ ᠡᠨᠡ ᠬᠡᠷᠡᠭᠦᠯ ᠡᠴᠡ ᠡᠭᠦᠳᠦᠨ ᠡᠯᠳᠡᠪ ᠠᠶᠤᠯ ᠢᠯᠡᠷᠬᠡᠢ ᠨᠢᠭᠤᠷᠯᠠᠵᠤ ᠮᠡᠳᠡᠬᠦ ᠶᠦᠮ᠃ ᠴᠠᠭᠠᠲᠠᠢ ᠶ᠋ᠢ ᠰᠢᠭᠤᠳ ᠡᠷᠭᠦᠮᠵᠢᠯᠡᠬᠦ ᠨᠢ ᠵᠥᠴᠢ ᠶ᠋ᠢ ᠢᠯᠡ ᠪᠡᠷ ᠭᠤᠲᠤᠭᠠᠨ ᠳᠣᠷᠣᠮᠵᠢᠯᠠᠭᠰᠠᠨ ᠬᠡᠷᠡᠭ ᠪᠣᠯᠤᠨ᠎ᠠ᠃ ᠴᠢᠩᠭᠢᠰ ᠬᠠᠭᠠᠨ ᠡᠬᠢᠨ ᠦ᠌ ᠦᠶ᠎ᠡ ᠳ᠋ᠦ᠍ ᠴᠠᠭᠠᠲᠠᠢ ᠶ᠋ᠢ ᠡᠷᠭᠦᠮᠵᠢᠯᠡᠬᠦ ᠪᠡᠷ ᠬᠠᠲᠠᠭᠤ ᠰᠢᠢᠳᠦᠭᠡᠳ ᠪᠠᠢᠭᠰᠠᠨ ᠪᠣᠯᠪᠠᠴᠤ ᠠᠭᠠᠵᠢᠮ ᠢ᠋ᠶ᠋ᠠᠷ ᠡᠨᠡ ᠪᠣᠳᠣᠯ ᠠ᠋ᠴᠠ ᠪᠠᠨ ᠤᠬᠤᠷᠢᠵᠤ ᠶᠠᠳᠠᠵᠤ ᠡᠶ᠎ᠡ ᠡᠪᠲᠡᠢ ᠠᠷᠭ᠎ᠠ ᠣᠯᠵᠤ ᠰᠢᠢᠳᠬᠦ ᠬᠡᠷᠡᠭ ᠲᠤᠯᠭᠠᠷᠠᠭᠰᠠᠨ ᠲᠤᠯᠠ ᠢᠩᠭᠢᠵᠦ ᠠᠯᠭᠤᠷᠯᠠᠭᠰᠠᠨ ᠪᠢᠯᠡ᠃ ᠵᠥᠴᠢ ᠬᠡᠷᠪᠡ ᠦᠭᠡᠢ ᠪᠣᠯ ᠴᠠᠭᠠᠲᠠᠢ ᠶ᠋ᠢᠨ ᠵᠠᠮ ᠰᠢᠯᠤᠭᠤᠨ ᠪᠠᠢᠪᠠ᠃ ᠭᠡᠪᠡᠴᠦ ᠴᠢᠩᠭᠢᠰ ᠬᠠᠭᠠᠨ ᠵᠥᠴᠢ ᠶ᠋ᠢ ᠰᠡᠳᠬᠢᠯ ᠡᠴᠡ ᠪᠡᠨ ᠵᠠᠢᠯᠠᠭᠤᠯᠵᠤ ᠦᠯᠦ ᠴᠢᠳᠠᠪᠠ᠃ ᠪᠠᠰᠠ ᠲᠡᠷᠡ ᠲᠡᠨᠦᠭᠰᠡᠨ ᠰᠤᠮᠤ᠂ ᠬᠠᠯᠲᠤᠷᠢᠭᠰᠠᠨ ᠰᠡᠯᠡᠮ᠎ᠡ ᠳ᠋ᠦ᠍ ᠥᠷᠲᠥᠬᠦ ᠳᠣᠷᠣᠢ ᠡᠷ᠎ᠡ ᠪᠢᠰᠢ ᠪᠣᠯᠤᠭᠰᠠᠨ ᠲᠤᠯᠠ ᠲᠡᠭᠦᠨ ᠢ᠋ ᠭᠣᠮᠣᠳᠠᠭᠠᠬᠤ ᠠ᠋ᠴᠠ ᠪᠣᠯᠭᠣᠮᠵᠢᠯᠠᠵᠤ ᠪᠠᠢᠯ᠎ᠠ᠃ ᠪᠠᠰᠠ ᠴᠠᠭᠠᠲᠠᠢ ᠶ᠋ᠢᠨ ᠬᠠᠲᠠᠭᠤ ᠲᠣᠭᠰᠢᠨ ᠠᠪᠤᠷᠢ ᠨᠢ ᠣᠯᠠᠨ ᠬᠥᠮᠦᠨ ᠳ᠋ᠦ᠍᠂ ᠲᠡᠷᠡ ᠳᠤᠮᠳᠠ ᠪᠠᠨ ᠵᠢᠷ ᠦ᠋ᠨ ᠴᠡᠷᠢᠭ ᠪᠣᠯᠤᠭᠠᠳ ᠢᠷᠭᠡᠨ ᠳ᠋ᠦ᠍ ᠲᠡᠳᠦᠢ ᠯᠡ ᠲᠠᠭᠠᠲᠠᠢ ᠪᠢᠰᠢ ᠪᠣᠯᠬᠤ ᠶ᠋ᠢ ᠴᠢᠩᠭᠢᠰ ᠬᠠᠭᠠᠨ ᠰᠣᠨᠣᠰᠴᠤ᠂ ᠮᠡᠳᠡᠭᠰᠡᠨ ᠨᠢ ᠨᠢᠭᠡ ᠮᠥᠷ ᠰᠢᠢᠳ ᠭᠠᠷᠭᠠᠬᠤ ᠳ᠋ᠤ᠌ ᠨᠥᠯᠥᠭᠡᠯᠡᠵᠦ ᠪᠠᠢᠪᠠ᠃ ᠬᠡᠷᠪᠡ ᠵᠥᠴᠢ ᠪᠠᠢᠭ᠎ᠠ ᠦᠭᠡᠢ ᠪᠣᠯ ᠠᠯᠲᠠᠨ ᠤᠯᠤᠰ ᠲᠤ᠌ ᠳᠠᠢᠯᠠᠷ᠎ᠠ ᠮᠣᠷᠳᠠᠬᠤ ᠶ᠋ᠢᠨ ᠡᠮᠦᠨ᠎ᠡ ᠴᠠᠭᠠᠲᠠᠢ ᠶ᠋ᠢ ᠳᠡᠪᠰᠢᠭᠦᠯᠦᠨ ᠵᠠᠷᠯᠠᠬᠤ ᠪᠠᠢᠯ᠎ᠠ᠃ ᠭᠡᠪᠡᠴᠦ ᠴᠢᠩᠭᠢᠰ ᠬᠠᠭᠠᠨ ᠠᠯᠲᠠᠨ ᠤᠯᠤᠰ ᠠ᠋ᠴᠠ ᠡᠷᠭᠢᠵᠦ ᠢᠷᠡᠭᠡᠳ ᠴᠠᠭᠠᠲᠠᠢ ᠶ᠋ᠢ ᠶᠠᠭᠠᠷᠠᠨ ᠡᠷᠭᠦᠮᠵᠢᠯᠡᠭᠡ ᠦᠭᠡᠢ ᠳ᠋ᠡᠭᠡᠨ ᠶᠡᠬᠡᠳᠡ ᠪᠠᠶᠠᠷᠯᠠᠨ ᠲᠩᠷᠢ ᠳ᠋ᠦ᠍ ᠮᠥᠷᠭᠥᠭᠰᠡᠨ ᠪᠢᠯᠡ᠃ ᠬᠠᠷᠢᠨ ᠠᠯᠲᠠᠨ ᠤᠯᠤᠰ ᠲᠤ᠌ ᠶᠠᠪᠤᠵᠤ ᠪᠠᠢᠬᠤ ᠳ᠋ᠠᠭᠠᠨ ᠪᠣᠳᠣᠭᠰᠠᠨ ᠵᠦᠢᠯ ᠦ᠋ᠨ ᠢ᠋ᠶ᠋ᠡᠨ ᠭᠠᠷᠴᠠᠭ᠎ᠠ ᠦᠭᠡᠢ ᠵᠥᠪ ᠭᠡᠳᠡᠭ ᠲᠦ᠍ ᠡᠷᠡᠭᠡᠯᠵᠡᠭᠡ ᠦᠭᠡᠢ ᠢᠲᠡᠭᠡᠬᠦ ᠶ᠋ᠢᠨ ᠲᠤᠯᠠᠳᠠ ᠬᠡᠳᠦᠨ ᠵᠢᠯ ᠬᠡᠷᠡᠭᠲᠡᠢ ᠪᠣᠯᠵᠠᠢ᠃ ᠡᠨᠡ ᠪᠣᠯ ᠥᠭᠡᠳᠡᠢ ᠶ᠋ᠢᠨ ᠲᠤᠬᠠᠢ ᠪᠣᠳᠣᠯ ᠪᠠᠢᠪᠠ᠃ ᠥᠭᠡᠳᠡᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠲᠤᠬᠠᠢ ᠰᠠᠨᠠᠭ᠎ᠠ ᠲᠥᠷᠥᠭᠡᠳ ᠤᠳᠠᠭᠰᠠᠨ ᠴᠤ᠌ ᠴᠢᠩᠭᠢᠰ ᠬᠠᠭᠠᠨ ᠡᠨᠡ ᠲᠤᠬᠠᠢ ᠪᠠᠨ ᠪᠥᠷᠲᠡ ᠳ᠋ᠦ᠍ ᠴᠦ᠍᠂ ᠪᠤᠭᠤᠷᠴᠢ ᠳ᠋ᠤ᠌ ᠴᠤ᠌ ᠬᠡᠯᠡᠭᠰᠡᠨ ᠦᠭᠡᠢ ᠡᠳᠦᠢ ᠬᠦᠷᠴᠡᠢ᠃ 
       ᠬᠠᠷᠢᠨ ᠴᠡᠴᠡᠨ ᠴᠡᠯᠮᠡᠭ ᠦᠭᠡ ᠲᠡᠢ᠂ ᠠᠯᠢᠪᠠ ᠳ᠋ᠤ᠌ ᠭᠦᠨᠵᠡᠭᠡᠢ ᠪᠣᠳᠣᠯ ᠰᠡᠳᠬᠢᠯ ᠢ᠋ᠶ᠋ᠡᠷ ᠬᠠᠨᠳᠤᠳᠠᠭ ᠶᠢᠰᠦᠢ ᠬᠠᠲᠤᠨ ᠨᠢ ᠣᠭᠲᠣ ᠰᠠᠨᠠᠭᠠᠨ ᠳ᠋ᠤ᠌ ᠦᠭᠡᠢ ᠪᠡᠷ 《ᠥᠭᠡᠳᠡᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠨᠢ ᠵᠥᠪ》 ᠭᠡᠵᠦ ᠬᠡᠯᠡᠭᠰᠡᠨ ᠨᠢ ᠴᠢᠩᠭᠢᠰ ᠬᠠᠭᠠᠨ ᠤ᠋ ᠨᠢᠭᠤᠴᠠ ᠪᠣᠳᠣᠯ ᠳ᠋ᠤ᠌ ᠪᠠᠭ᠎ᠠ ᠴᠤ᠌ ᠪᠣᠯᠪᠠ ᠢᠲᠡᠭᠡᠯ ᠥᠭᠭᠦᠭᠰᠡᠨ ᠬᠡᠷᠡᠭ ᠪᠣᠯᠪᠠ᠃ ᠶᠡᠷᠦ ᠨᠢ ᠲᠡᠷᠡ ᠪᠡᠷ ᠶᠢᠰᠦᠢ ᠬᠠᠲᠤᠨ ᠤ᠋ ᠪᠠᠨ ᠦᠭᠡ ᠶ᠋ᠢ ᠰᠣᠨᠣᠰᠴᠤ ᠴᠠᠢ ᠶ᠋ᠢ ᠨᠢ ᠤᠤᠭᠤᠵᠤ ᠰᠠᠭᠤᠬᠤ ᠳᠤᠷᠠᠲᠠᠢ ᠪᠠᠢᠯ᠎ᠠ᠃ ᠶᠢᠰᠦᠢ ᠪᠣᠯ ᠪᠥᠷᠲᠡ ᠰᠢᠭ ᠣᠯᠠᠨ ᠬᠥᠪᠡᠭᠦᠳ ᠦ᠋ᠨ ᠢ᠋ᠶ᠋ᠡᠨ ᠳᠤᠮᠳᠠ ᠤᠬᠠᠭᠠᠨ ᠬᠠᠢᠷ᠎ᠠ ᠨᠢ ᠬᠤᠪᠢᠶᠠᠭᠳᠠᠭ᠎ᠠ ᠦᠭᠡᠢ᠂ ᠶᠢᠰᠦᠬᠡᠨ ᠰᠢᠭ ᠠᠯᠢᠪᠠ ᠳ᠋ᠤ᠌ ᠠᠯᠮᠠᠢ ᠵᠦᠢᠯᠢᠭ ᠬᠠᠨᠳᠤᠳᠠᠭ ᠦᠭᠡᠢ᠂ ᠬᠤᠯᠠᠨ ᠰᠢᠭ᠋ ᠭᠠᠭᠴᠠ ᠥᠪᠡᠷ ᠦ᠋ᠨ ᠰᠡᠳᠬᠢᠯ ᠢ᠋ ᠡᠷᠬᠢᠮ ᠪᠣᠯᠭᠠᠳᠠᠭ ᠦᠭᠡᠢ᠂ ᠡᠷ᠎ᠡ ᠡᠮ᠎ᠡ ᠶ᠋ᠢᠨ ᠠᠵᠢᠯ ᠳ᠋ᠤ᠌ ᠰᠢᠨᠤᠨ ᠳᠤᠷᠠᠯᠠᠵᠤ ᠡᠯᠳᠡᠪᠯᠡᠳᠡᠭ ᠦᠭᠡᠢ ᠦᠷᠭᠦᠯᠵᠢ ᠤᠴᠢᠷ ᠲᠠᠢ ᠪᠣᠳᠣᠵᠤ᠂ ᠤᠳᠬ᠎ᠠ ᠲᠠᠢ ᠦᠭᠡ ᠬᠡᠯᠡᠳᠡᠭ ᠲᠤᠯᠠ ᠦᠭᠡ ᠶ᠋ᠢ ᠨᠢ ᠡᠮ᠎ᠡ ᠬᠥᠮᠦᠨ ᠦ᠌ ᠬᠢ ᠭᠡᠵᠦ ᠲᠤᠭᠤᠯ ᠦᠭᠡᠢ ᠥᠩᠭᠡᠷᠡᠳᠡᠭ ᠴᠦ᠍ ᠬᠣᠵᠢᠮ ᠨᠢ ᠵᠠᠪᠠᠯ ᠡᠷᠭᠢᠨ ᠪᠣᠳᠣᠵᠤ ᠦᠵᠡᠳᠡᠭ ᠪᠠᠢᠪᠠ᠃ ᠡᠨᠡ ᠮᠠᠶᠢᠭ ᠢ᠋ᠶ᠋ᠠᠷ ᠲᠡᠭᠦᠨ ᠤ ᠥᠭᠡᠳᠡᠢ ᠶ᠋ᠢᠨ ᠲᠤᠬᠠᠢ ᠬᠡᠯᠡᠭᠰᠡᠨ ᠢ᠋ ᠳᠠᠬᠢᠨ ᠳᠠᠬᠢᠨ ᠲᠤᠩᠭᠠᠨ ᠪᠣᠳᠣᠵᠤ ᠦᠵᠡᠵᠡᠢ᠃ ᠭᠡᠷ ᠲᠦ᠋ᠨᠢ ᠣᠴᠢᠭᠠᠳ ᠰᠡᠳᠬᠢᠯ ᠰᠠᠨᠠᠭ᠎ᠠ ᠲᠠᠢᠪᠤᠩ ᠠᠮᠤᠷ ᠬᠡᠪᠲᠡᠵᠦ ᠪᠣᠯᠳᠠᠭ ᠭᠠᠭᠴᠠ ᠬᠥᠮᠦᠨ ᠪᠣᠯ ᠶᠢᠰᠦᠢ ᠶᠦᠮ᠃ ᠲᠡᠭᠦᠨ ᠡᠴᠡ ᠶᠠᠭᠤ ᠴᠤ᠌ ᠠᠰᠠᠭᠤᠳᠠᠭ ᠦᠭᠡᠢ ᠪᠠᠰᠠ ᠶᠠᠭᠤ ᠴᠤ᠌ ᠱᠠᠭᠠᠷᠳᠠᠵᠤ ᠨᠡᠬᠡᠳᠡᠭ ᠦᠭᠡᠢ ᠨᠢ ᠶᠢᠰᠦᠢ ᠶ᠋ᠢᠨ ᠰᠤᠷᠤᠭᠰᠠᠨ ᠵᠠᠩ ᠪᠢᠯᠡ᠃ ᠦᠨᠡᠬᠡᠷ ᠶᠢᠰᠦᠢ ᠲᠡᠭᠦᠨ ᠦ᠌ ᠳᠠᠯᠳᠠ ᠪᠣᠳᠣᠯ ᠢ᠋ ᠳᠠᠭᠠᠵᠠᠢ᠃
       | ᠴᠢ ᠶᠠᠭᠠᠬᠢᠭᠠᠳ ᠥᠭᠡᠳᠡᠢ ᠶ᠋ᠢ ᠳᠡᠪᠰᠢᠭᠦᠯᠬᠦ ᠳ᠋ᠦ᠍ ᠲᠣᠬᠢᠷᠠᠨ᠎ᠠ ᠭᠡᠵᠦ ᠪᠣᠳᠣᠪᠠ ᠭᠡᠵᠦ ᠠᠰᠠᠭᠤᠬᠤ ᠳ᠋ᠤ᠌ ᠶᠠᠭ ᠯᠠ ᠴᠢᠩᠭᠢᠰ ᠬᠠᠭᠠᠨ ᠤ᠋ ᠪᠣᠳᠣᠵᠤ ᠶᠠᠪᠤᠭᠰᠠᠨ ᠦᠭᠡ ᠶ᠋ᠢ ᠶᠢᠰᠦᠢ ᠬᠡᠯᠡᠭᠰᠡᠨ ᠪᠢᠯᠡ᠃ ᠥᠭᠡᠳᠡᠢ ᠶ᠋ᠢ ᠳᠡᠪᠰᠢᠭᠦᠯᠬᠦ ᠨᠢ ᠵᠥᠴᠢ᠂ ᠴᠠᠭᠠᠲᠠᠢ ᠬᠣᠶᠠᠷ ᠲᠤ᠌ ᠭᠣᠮᠣᠳᠠᠯ ᠲᠠᠢ ᠴᠤ᠌ ᠡᠰᠡᠷᠭᠦᠴᠡᠵᠦ ᠦᠯᠦ ᠴᠢᠳᠠᠨ᠎ᠠ᠃ ᠥᠷᠢᠰᠦᠯᠳᠦᠭᠴᠢ ᠨᠢ ᠴᠦ᠍ ᠪᠢᠰᠢ ᠪᠣᠯᠬᠣᠷ ᠥᠭᠡᠳᠡᠢ ᠶ᠋ᠢ ᠳᠡᠪᠰᠢᠭᠦᠯᠬᠦ ᠳ᠋ᠦ᠍ ᠲᠡᠳᠡᠨ ᠳ᠋ᠦ᠍ ᠲᠠᠲᠠᠭᠠᠯᠵᠠᠬᠤ ᠡᠰᠡᠷᠭᠦᠴᠡᠬᠦ ᠦᠨᠳᠦᠰᠦ ᠰᠢᠯᠲᠠᠭᠠᠨ ᠦᠯᠦ ᠣᠯᠳᠠᠨ᠎ᠠ᠃ ᠳᠡᠭᠡᠷ᠎ᠡ ᠨᠢ ᠥᠭᠡᠳᠡᠢ ᠪᠣᠯ ᠠᠯᠢᠪᠠ ᠬᠡᠷᠡᠭ ᠢ᠋ ᠡᠪ ᠵᠦᠢ ᠪᠡᠷ ᠤᠴᠢᠷ ᠢ᠋ ᠨᠢ ᠣᠯᠵᠤ ᠰᠢᠢᠳᠦᠳᠡᠭ᠂ ᠵᠥᠭᠡᠯᠡᠨ ᠠᠯᠭᠤᠷ ᠵᠠᠩ ᠲᠠᠢ ᠨᠢ ᠬᠣᠶᠠᠷ ᠠᠬ᠎ᠠ ᠲᠠᠢ ᠪᠠᠨ ᠡᠪ ᠲᠡᠢ ᠪᠠᠢᠬᠤ ᠰᠢᠯᠲᠠᠭ ᠪᠣᠯᠳᠠᠭ ᠪᠢᠯᠡ᠃ ᠥᠭᠡᠳᠡᠢ ᠪᠣᠯ ᠪᠠᠭ᠎ᠠ ᠠ᠋ᠴᠠ ᠪᠠᠨ ᠠᠭᠤᠵᠢᠭᠤ ᠲᠠᠢᠪᠤᠩ ᠰᠡᠳᠬᠢᠯ ᠲᠡᠢ᠂ ᠤᠶᠠᠷᠠᠭᠤ ᠵᠥᠭᠡᠯᠡᠨ ᠠᠭᠠᠰᠢ ᠲᠠᠢ ᠬᠥᠮᠦᠨ ᠶᠦᠮ᠃ ᠲᠡᠢᠨ ᠦ᠌ ᠦᠶ᠎ᠡ ᠳ᠋ᠦ᠍ ᠪᠠᠭᠠᠲᠤᠷᠯᠠᠵᠤ ᠶᠡᠬᠡ ᠵᠢᠷᠦᠬᠡ᠂ ᠬᠠᠲᠠᠭᠤ ᠵᠣᠷᠢᠭ ᠢ᠋ ᠦᠵᠡᠭᠦᠯᠵᠦ ᠴᠢᠳᠠᠬᠤ ᠮᠥᠷᠲᠡᠭᠡᠨ ᠶᠡᠷᠦ ᠶ᠋ᠢᠨ ᠦᠶ᠎ᠡ ᠳ᠋ᠦ᠍ ᠡᠩ ᠦ᠋ᠨ ᠳᠠᠷᠤᠤ ᠪᠠᠢᠵᠤ ᠴᠢᠳᠠᠳᠠᠭ ᠨᠢ ᠣᠯᠠᠨ ᠤ᠋ ᠰᠡᠳᠬᠢᠯ ᠳ᠋ᠦ᠍ ᠨᠡᠢᠴᠡᠳᠡᠭ ᠨᠢ ᠢᠯᠡᠳᠲᠡ᠃ ᠥᠭᠡᠳᠡᠢ ᠳ᠋ᠦ᠍ ᠮᠠᠭᠤ ᠰᠠᠨᠠᠬᠤ ᠬᠥᠮᠦᠨ ᠬᠣᠪᠣᠷ ᠪᠠᠢᠪᠠ᠃ ᠡᠨᠡ ᠨᠢ ᠬᠠᠭᠠᠨ ᠰᠠᠭᠤᠷᠢᠨ ᠳ᠋ᠤ᠌ ᠰᠠᠭᠤᠬᠤ ᠳ᠋ᠤ᠌ ᠶᠡᠬᠡ ᠯᠡ ᠲᠣᠬᠢᠷᠠᠨ᠎ᠠ᠃ ᠭᠡᠪᠡᠴᠦ ᠠᠯᠤᠰ ᠬᠡᠳᠦ ᠶ᠋ᠢᠨ ᠪᠣᠳᠣᠯᠭ᠎ᠠ ᠪᠠᠷᠢᠵᠤ ᠶᠡᠬᠡ ᠤᠯᠤᠰ ᠢ᠋ ᠵᠢᠯᠣᠭᠣᠳᠬᠤ ᠳ᠋ᠤ᠌ ᠲᠡᠭᠦᠨ ᠳ᠋ᠦ᠍ ᠤᠬᠠᠭᠠᠨ ᠤ᠋ ᠪᠢᠷ᠎ᠠ᠂ ᠬᠠᠲᠠᠭᠤ ᠢᠲᠡᠭᠡᠯ ᠳᠤᠲᠠᠵᠤ ᠮᠡᠳᠡᠨ᠎ᠡ᠃ ᠪᠠᠰᠠ ᠠᠯᠭᠤᠷ ᠲᠠᠢᠪᠤᠩ ᠵᠠᠩ ᠨᠢ ᠬᠣᠣᠷ ᠪᠣᠯᠵᠤ ᠴᠤ᠌ ᠮᠡᠳᠡᠨ᠎ᠡ᠃ ᠥᠭᠡᠳᠡᠢ ᠶ᠋ᠢᠨ ᠬᠠᠮᠤᠭ ᠤ᠋ᠨ ᠳᠠᠪᠠᠭᠤ ᠴᠢᠨᠠᠷ ᠨᠢ ᠬᠣᠶᠠᠷ ᠠᠬ᠎ᠠ ᠶ᠋ᠢᠨ ᠢ᠋ᠶ᠋ᠡᠨ ᠳᠡᠮᠵᠢᠯᠭᠡ ᠶ᠋ᠢ ᠨᠢᠭᠡᠨ ᠵᠡᠷᠭᠡ ᠣᠯᠵᠤ ᠴᠢᠳᠠᠬᠤ ᠶᠠᠪᠤᠳᠠᠯ ᠪᠠᠢᠪᠠ᠃ ᠬᠥᠪᠡᠭᠦᠳ ᠦ᠋ᠨ ᠡᠪ ᠨᠢᠭᠡᠳᠦᠯ ᠡᠴᠡ ᠶᠡᠬᠡ ᠤᠯᠤᠰ ᠤ᠋ᠨ ᠢᠷᠡᠭᠡᠳᠦᠢ ᠰᠢᠭᠤᠳ ᠰᠢᠯᠲᠠᠭᠠᠯᠠᠬᠤ ᠲᠤᠯᠠ ᠴᠢᠩᠭᠢᠰ ᠬᠠᠭᠠᠨ ᠥᠭᠡᠳᠡᠢ ᠶ᠋ᠢ ᠰᠣᠩᠭᠣᠬᠤ ᠪᠠᠷ ᠰᠢᠢᠳᠪᠡ᠃ ᠭᠡᠪᠡᠴᠦ ᠥᠭᠡᠳᠡᠢ ᠶ᠋ᠢ ᠡᠷᠭᠦᠮᠵᠢᠯᠡᠬᠦ ᠭᠣᠣᠯ ᠰᠢᠯᠲᠠᠭᠠᠨ ᠦᠨᠳᠦᠰᠦ ᠨᠢ ᠡᠨᠡ ᠪᠠᠰᠠ ᠪᠢᠰᠢ ᠪᠠᠢᠪᠠ᠃ ᠬᠠᠷᠢᠨ ᠴᠣᠬᠣᠮ ᠶᠠᠭᠠᠬᠢᠭᠠᠳ ᠥᠭᠡᠳᠡᠢ ᠶ᠋ᠢ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠪᠣᠯᠤᠭᠰᠠᠨ ᠢ᠋ᠶ᠋ᠠᠨ ᠬᠣᠵᠢᠮ ᠥᠭᠡᠳᠡᠢ ᠶ᠋ᠢ ᠭᠠᠷᠴᠠᠭ᠎ᠠ ᠦᠭᠡᠢ ᠬᠠᠭᠠᠨ ᠰᠠᠭᠤᠷᠢᠨ ᠳ᠋ᠤ᠌ ᠰᠠᠭᠤᠬᠤ ᠪᠣᠯᠬᠤ ᠳ᠋ᠤᠨᠢ ᠭᠠᠭᠴᠠᠬᠠᠨ ᠲᠡᠭᠦᠨ ᠳ᠋ᠦ᠍ ᠥᠪᠡᠷ ᠲᠤᠨᠢ ᠬᠡᠯᠡᠨ᠎ᠡ ᠭᠡᠵᠦ ᠴᠢᠩᠭᠢᠰ ᠬᠠᠭᠠᠨ ᠰᠢᠢᠳᠦᠭᠰᠡᠨ ᠪᠠᠢᠪᠠ᠃ ᠤᠴᠢᠷ ᠨᠢ ᠣᠳᠣ ᠡᠢᠮᠦ ᠶᠠᠪᠤᠳᠠᠯ ᠢ᠋ ᠣᠯᠠᠨ ᠳ᠋ᠤ᠌ ᠳᠡᠯᠭᠡᠬᠦ ᠨᠢ ᠠᠰᠢᠭ ᠦᠭᠡᠢ ᠪᠡᠷ ᠪᠠᠷᠠᠬᠤ ᠦᠭᠡᠢ ᠬᠣᠣᠷ ᠪᠣᠯᠤᠨ᠎ᠠ ᠭᠡᠵᠦ ᠴᠢᠩᠭᠢᠰ ᠬᠠᠭᠠᠨ ᠦᠵᠡᠵᠦ ᠪᠠᠢᠪᠠ᠃ ᠥᠪᠡᠷ ᠦ᠋ᠨ ᠵᠠᠯᠭᠠᠮᠵᠢᠯᠠᠭᠴᠢ ᠶ᠋ᠢ ᠲᠣᠳᠣᠷᠠᠭᠤᠯᠬᠤ ᠨᠢ ᠬᠣᠢᠰᠢᠯᠠᠭᠤᠯᠵᠤ ᠪᠣᠯᠬᠤ ᠦᠭᠡᠢ ᠬᠡᠷᠡᠭ ᠪᠣᠯᠤᠭᠰᠠᠨ ᠢ᠋ ᠴᠢᠩᠭᠢᠰ ᠬᠠᠭᠠᠨ ᠬᠤᠯᠠᠨ ᠬᠠᠲᠤᠨ ᠤ᠋ ᠪᠠᠨ ᠦᠭᠡ᠂ ᠱᠣᠬᠣᠭᠣᠷᠬᠠᠯ ᠠ᠋ᠴᠠ ᠨᠡᠪᠲᠡ ᠮᠡᠳᠡᠷᠡᠭᠰᠡᠨ ᠪᠢᠯᠡ᠃ ᠴᠣᠬᠣᠮ ᠴᠢᠩᠭᠢᠰ ᠬᠠᠭᠠᠨ ᠢ᠋ ᠬᠡᠨ ᠵᠠᠯᠭᠠᠮᠵᠢᠯᠠᠬᠤ ᠲᠤᠬᠠᠢ ᠤᠯᠤᠰ ᠳᠠᠶᠠᠭᠠᠷ ᠬᠦᠯᠢᠶᠡᠵᠦ ᠪᠠᠢᠭ᠎ᠠ ᠶ᠋ᠢᠨ ᠲᠣᠳᠣ ᠵᠢᠱ᠌ᠢᠶ᠎ᠡ ᠪᠣᠯ ᠬᠤᠯᠠᠨ ᠶᠤᠮ᠃ ᠬᠤᠯᠠᠨ ᠰᠢᠭ᠋ ᠬᠥᠮᠦᠨ ᠶᠠᠭᠠᠬᠢᠪᠠᠴᠤ ᠵᠥᠪ ᠵᠦᠭᠡᠷ ᠡᠨᠡ ᠬᠡᠷᠡᠭ ᠢ᠋ ᠰᠣᠨᠢᠷᠬᠠᠭ᠎ᠠ ᠦᠭᠡᠢ ᠨᠢ ᠯᠠᠪᠲᠠᠢ᠃ ᠭᠡᠪᠡᠴᠦ ᠲᠡᠭᠦᠨ ᠳ᠋ᠦ᠍ ᠬᠤᠯᠠᠨ ᠤ᠋ ᠶᠠᠭᠤ ᠪᠣᠳᠣᠭᠰᠠᠨ ᠢ᠋ ᠳᠠᠭᠠᠬᠤ ᠠ᠋ᠴᠠ ᠢᠯᠡᠭᠦᠦ ᠵᠣᠪᠠᠯᠠᠩ ᠲᠠᠢ ᠬᠡᠷᠡᠭ ᠲᠤᠯᠭᠠᠷᠠᠭᠠᠳ ᠪᠠᠢᠪᠠ᠃ ᠥᠭᠡᠳᠡᠢ ᠶ᠋ᠢ ᠥᠪᠡᠷ ᠦ᠋ᠨ ᠪᠡᠶ᠎ᠡ ᠪᠡᠷ ᠰᠣᠩᠭᠣᠨ ᠵᠠᠷᠯᠠᠬᠤ ᠨᠢ ᠵᠥᠴᠢ᠂ ᠴᠠᠭᠠᠲᠠᠢ ᠪᠣᠯᠤᠭᠠᠳ ᠪᠤᠰᠤᠳ ᠣᠯᠠᠨ ᠬᠥᠮᠦᠨ ᠡᠴᠡ ᠲᠡᠷᠡ ᠳᠤᠮᠳᠠ ᠪᠠᠨ ᠪᠥᠷᠲᠡ ᠬᠠᠲᠤᠨ ᠤ᠋ ᠵᠦᠭ ᠡᠴᠡ ᠬᠠᠷᠢᠭᠤ ᠲᠠᠢᠯᠪᠤᠷᠢ ᠨᠡᠬᠡᠬᠦ ᠠᠶᠤᠯ ᠡᠭᠦᠰᠬᠡᠬᠦ ᠶ᠋ᠢ ᠴᠢᠩᠭᠢᠰ ᠬᠠᠭᠠᠨ ᠤᠬᠠᠭᠠᠷᠠᠪᠠ᠃ ᠲᠡᠭᠡᠪᠡᠯ ᠲᠡᠭᠦᠨ ᠳ᠋ᠦ᠍ ᠴᠣᠬᠣᠮ ᠶᠠᠭᠠᠬᠢᠭᠠᠳ ᠵᠥᠴᠢ ᠪᠣᠯᠤᠭᠠᠳ ᠴᠠᠭᠠᠲᠠᠢ ᠶ᠋ᠢ ᠬᠠᠭᠠᠨ ᠰᠠᠭᠤᠷᠢᠨ ᠳ᠋ᠤ᠌ ᠰᠠᠭᠤᠯᠭᠠᠭ᠎ᠠ ᠦᠭᠡᠢ ᠪᠡᠨ ᠣᠯᠠᠨ ᠳ᠋ᠤ᠌ ᠲᠤᠩᠬᠠᠭᠯᠠᠬᠤ ᠬᠡᠷᠡᠭ ᠭᠠᠷᠤᠨ᠎ᠠ᠃ ᠡᠨᠡ ᠨᠢ ᠵᠥᠴᠢ ᠴᠠᠭᠠᠲᠠᠢ ᠬᠣᠶᠠᠷ ᠢ᠋ ᠣᠯᠠᠨ ᠤ᠋ ᠡᠮᠦᠨ᠎ᠡ ᠳᠣᠷᠣᠮᠵᠢᠯᠠᠨ ᠭᠤᠲᠤᠭᠠᠬᠤ ᠲᠠᠢ ᠤᠳᠬ᠎ᠠ ᠨᠢᠭᠡ ᠪᠥᠭᠡᠳ ᠲᠡᠷᠡ ᠶᠠᠭᠤ ᠴᠤ᠌ ᠭᠡᠵᠦ ᠬᠡᠯᠡᠭᠰᠡᠨ ᠲᠡᠳᠡ ᠡᠴᠢᠭᠡ ᠶ᠋ᠢᠨ ᠦᠭᠡ ᠶ᠋ᠢ ᠡᠰᠡᠷᠭᠦᠴᠡᠬᠦ ᠨᠢ ᠯᠠᠪᠲᠠᠢ᠃ ᠢᠩᠭᠢᠪᠡᠯ ᠴᠢᠩᠭᠢᠰ ᠬᠠᠭᠠᠨ ᠠᠬᠠᠮᠠᠳ ᠬᠥᠪᠡᠭᠦᠨ ᠲᠡᠢ ᠪᠡᠨ ᠳᠠᠢᠰᠤᠨ ᠪᠣᠯᠤᠨ᠎ᠠ᠃ ᠡᠨᠡ ᠨᠢ ᠵᠥᠴᠢ ᠶ᠋ᠢ ᠦᠬᠦᠭᠦᠯᠵᠦ᠂ ᠴᠠᠭᠠᠲᠠᠢ ᠶ᠋ᠢ ᠡᠷᠭᠦᠮᠵᠢᠯᠡᠭᠰᠡᠨ ᠡᠴᠡ ᠳᠣᠯᠣᠭᠠᠨ ᠳᠣᠣᠷ᠎ᠠ ᠬᠡᠷᠡᠭ ᠶᠦᠮ᠃ ᠴᠢᠩᠭᠢᠰ ᠬᠠᠭᠠᠨ ᠤᠳᠠᠭᠠᠨ ᠪᠣᠳᠣᠭᠰᠠᠨ ᠤ᠋ ᠡᠴᠦᠰ ᠲᠦ᠍ ᠥᠭᠡᠳᠡᠢ ᠶ᠋ᠢ ᠡᠷᠭᠦᠮᠵᠢᠯᠡᠬᠦ᠂ ᠢᠩᠭᠢᠬᠦ ᠳ᠋ᠡᠭᠡᠨ ᠡᠭᠦᠨ ᠢ᠋ ᠬᠥᠪᠡᠭᠦᠳ ᠢ᠋ᠶ᠋ᠡᠷ ᠥᠪᠡᠷᠰᠡᠳ ᠢ᠋ᠶ᠋ᠡᠷ ᠨᠢ ᠣᠯᠠᠨ ᠤ᠋ ᠡᠮᠦᠨ᠎ᠡ ᠬᠡᠯᠡᠭᠦᠯᠬᠦ ᠵᠠᠮ ᠢ᠋ ᠰᠣᠩᠭᠣᠨ ᠠᠪᠤᠯ᠎ᠠ᠃ ᠡᠨᠡ ᠪᠣᠯ ᠳᠥᠴᠢᠨ ᠵᠢᠯ ᠦ᠋ᠨ ᠡᠮᠦᠨ᠎ᠡ ᠲᠤᠭᠤᠷᠢᠯ ᠬᠠᠨ᠂ ᠵᠠᠮᠤᠬ᠎ᠠ ᠬᠣᠶᠠᠷ ᠢ᠋ ᠮᠡᠷᠭᠢᠳ ᠠᠢᠮᠠᠭ ᠤ᠋ᠨ ᠡᠰᠡᠷᠭᠦ ᠲᠡᠢᠨ ᠳ᠋ᠦ᠍ ᠲᠡᠳᠡᠨ ᠣᠷᠣᠯᠴᠠᠭᠤᠯᠬᠤ ᠠ᠋ᠴᠠ ᠬᠠᠪᠢ ᠦᠭᠡᠢ ᠵᠣᠪᠠᠯᠠᠩ ᠲᠠᠢ ᠠᠶᠤᠯᠲᠠᠢ ᠬᠡᠷᠡᠭ ᠪᠠᠢᠪᠠ᠃ ᠡᠨᠳᠡ ᠬᠥᠪᠡᠭᠦᠳ ᠦ᠋ᠨ ᠢ᠋ᠶ᠋ᠡᠨ ᠰᠡᠳᠬᠢᠯ ᠰᠠᠨᠠᠭ᠎ᠠ᠂ ᠵᠠᠩ ᠠᠪᠤᠷᠢ ᠶ᠋ᠢ ᠨᠡᠪᠲᠡ ᠮᠡᠳᠡᠳᠡᠭ ᠨᠢ ᠬᠡᠷᠡᠭ ᠪᠣᠯᠪᠠ᠃ ᠬᠥᠮᠦᠨ ᠦ᠌ ᠰᠡᠳᠬᠢᠯ ᠬᠣᠷᠣᠮ ᠤ᠋ᠨ ᠳᠣᠲᠣᠷ᠎ᠠ ᠬᠤᠪᠢᠷᠠᠬᠤ ᠣᠰᠣᠯ ᠲᠠᠢ ᠲᠤᠯᠠ ᠬᠥᠪᠡᠭᠦᠳ ᠢ᠋ᠶ᠋ᠡᠷ ᠬᠦᠰᠡᠭᠰᠡᠨ ᠦᠭᠡ ᠪᠡᠨ ᠬᠡᠯᠡᠭᠦᠯᠵᠦ ᠴᠢᠳᠠᠨ᠎ᠠ ᠭᠡᠰᠡᠨ ᠪᠦᠷᠢᠨ ᠢᠲᠡᠭᠡᠯ ᠪᠠᠰᠠ ᠪᠠᠢᠭᠰᠠᠨ ᠦᠭᠡᠢ᠃ ᠭᠡᠪᠡᠴᠦ ᠡᠭᠦᠨ ᠡᠴᠡ ᠢᠯᠡᠭᠦᠦ ᠨᠠᠢᠳᠠᠪᠤᠷᠢᠲᠠᠢ᠂ ᠬᠠᠮᠤᠭ ᠤ᠋ᠨ ᠭᠣᠣᠯ ᠨᠢ ᠥᠪᠡᠷ ᠦ᠋ᠨ ᠪᠣᠯᠤᠭᠠᠳ ᠤᠯᠤᠰ ᠤ᠋ᠨ ᠨᠡᠷ᠎ᠡ ᠰᠦᠷ ᠲᠦ᠍ ᠬᠣᠵᠢᠮ ᠬᠣᠢᠨ᠎ᠠ ᠠᠶᠤᠯ ᠪᠠᠭ᠎ᠠ ᠲᠠᠢ ᠵᠠᠮ ᠦᠭᠡᠢ ᠶ᠋ᠢ ᠣᠢᠯᠠᠭᠠᠪᠠ᠃ ᠡᠨᠡ ᠪᠣᠯ ᠴᠢᠩᠭᠢᠰ ᠬᠠᠭᠠᠨ ᠤ᠋ ᠶᠠᠪᠤᠭᠤᠯᠤᠭᠰᠠᠨ ᠣᠯᠠᠨ ᠴᠢᠰᠤ ᠦᠭᠡᠢ ᠲᠡᠢᠨ ᠦ᠌ ᠬᠠᠮᠤᠭ ᠤ᠋ᠨ ᠲᠦᠪᠡᠭ ᠲᠡᠢ᠂ ᠠᠶᠤᠯᠲᠠᠢ ᠨᠢ ᠶᠦᠮ᠃ ᠵᠠᠯᠭᠠᠮᠵᠢᠯᠠᠭᠴᠢ ᠪᠠᠨ ᠲᠣᠳᠣᠷᠠᠭᠤᠯᠬᠤ ᠨᠢ ᠬᠤᠷᠽᠸᠮ ᠢ᠋ ᠳᠠᠢᠯᠠᠬᠤ ᠠ᠋ᠴᠠ ᠳᠤᠲᠠᠬᠤ ᠦᠭᠡᠢ ᠣᠰᠣᠯ ᠠᠶᠤᠯᠲᠠᠢ᠂ ᠪᠤᠷᠤᠭᠤ ᠡᠷᠭᠢᠪᠡᠯ ᠬᠣᠵᠢᠮ ᠤ᠋ᠨ ᠤᠷᠰᠢᠭ ᠶᠡᠬᠡᠲᠡᠢ᠂ ᠰᠡᠳᠬᠢᠯ ᠦ᠋ᠨ ᠲᠡᠢᠨ ᠪᠠᠢᠪᠠ᠃ ᠲᠡᠢᠮᠦ ᠪᠣᠯᠬᠣᠷ ᠪᠦᠬᠦ ᠵᠦᠢᠯ ᠢ᠋ ᠨᠠᠷᠢᠨ ᠲᠣᠭᠠᠴᠠᠵᠤ ᠠᠯᠳᠠᠭ᠎ᠠ ᠦᠭᠡᠢ ᠪᠡᠯᠡᠳᠬᠦ ᠬᠡᠷᠡᠭᠲᠡᠢ ᠪᠣᠯᠵᠠᠢ᠃ ᠶᠠᠭᠤᠨ ᠤ᠋ ᠡᠮᠦᠨ᠎ᠡ ᠡᠨᠡ ᠬᠡᠷᠡᠭ ᠲᠦ᠍ ᠪᠥᠷᠲᠡ ᠶ᠋ᠢ ᠪᠠᠢᠯᠴᠠᠭᠤᠯᠬᠤ ᠱᠠᠭᠠᠷᠳᠠᠯᠭ᠎ᠠ ᠥᠬᠡᠢ ᠭᠡᠵᠦ ᠦᠵᠡᠪᠡ᠃ ᠮᠥᠨ ᠶᠢᠰᠦᠢ ᠬᠠᠲᠤᠨ ᠳ᠋ᠤ᠌ ᠵᠠᠷᠯᠢᠭ ᠪᠣᠯᠭᠠᠵᠤ ᠬᠡᠵᠢᠶ᠎ᠡ ᠶᠠᠭᠤ ᠭᠡᠵᠦ ᠬᠡᠯᠡᠬᠦ ᠶ᠋ᠢ ᠳᠠᠭᠠᠭᠠᠯᠭᠠᠪᠠ᠃ ᠡᠢᠮᠦ ᠬᠡᠷᠡᠭ ᠢ᠋ ᠳᠠᠭᠠᠭᠠᠯᠭᠠᠬᠤ ᠳ᠋ᠤ᠌ ᠶᠢᠰᠦᠢ ᠡᠴᠡ ᠥᠭᠡᠷ᠎ᠡ ᠲᠣᠬᠢᠷᠠᠬᠤ ᠬᠥᠮᠦᠨ ᠪᠠᠢᠭᠰᠠᠨ ᠦᠭᠡᠢ᠃ ᠶᠢᠰᠦᠬᠡᠨ ᠦ᠌ ᠦᠭᠡ ᠶ᠋ᠢ ᠠᠬᠠᠮᠠᠳ ᠤ᠋ᠳ ᠠᠩᠬᠠᠷᠴᠤ ᠣᠢᠰᠢᠶᠠᠵᠤ ᠦᠵᠡᠬᠦ ᠦᠭᠡᠢ᠃ ᠬᠤᠯᠠᠨ ᠢ᠋ᠶ᠋ᠠᠷ ᠡᠢᠮᠦ ᠦᠭᠡ ᠬᠡᠯᠡᠭᠦᠯᠬᠦ ᠨᠢ ᠬᠡᠦᠬᠡᠳ ᠦ᠋ᠨ ᠲᠣᠭᠯᠠᠭᠠᠮ ᠮᠡᠲᠦ ᠰᠠᠨᠠᠭᠳᠠᠨ᠎ᠠ᠃ ᠲᠡᠭᠡᠭᠡᠳ ᠴᠦ᠍ ᠶᠢᠰᠦᠢ᠂ ᠥᠭᠡᠳᠡᠢ ᠶ᠋ᠢ ᠡᠷᠭᠦᠮᠵᠢᠯᠡᠬᠦ ᠶ᠋ᠢ ᠳᠡᠮᠵᠢᠵᠦ ᠪᠣᠢ᠃ ᠪᠠᠰᠠ ᠡᠨᠡ ᠬᠡᠷᠡᠭ ᠢ᠋ ᠪᠥᠷᠲᠡ ᠳ᠋ᠦ᠍ ᠮᠡᠳᠡᠭᠳᠡᠵᠦ ᠰᠡᠵᠢᠭᠯᠡᠭᠦᠯᠬᠦ ᠦᠭᠡᠢ ᠪᠡᠷ ᠬᠢᠬᠦ ᠶᠣᠰᠣᠲᠠᠢ ᠲᠤᠯᠠ ᠪᠤᠭᠤᠷᠴᠢ᠂ ᠮᠤᠬᠤᠯᠠᠢ ᠬᠣᠶᠠᠷ ᠲᠠᠢ ᠴᠤ᠌ ᠵᠥᠪᠯᠡᠵᠦ ᠲᠡᠳᠡᠨ ᠦ᠌ ᠶᠠᠭᠠᠬᠢᠬᠤ ᠶᠣᠰᠣᠲᠠᠢ ᠶ᠋ᠢ ᠲᠣᠭᠲᠠᠪᠠ᠃ ᠬᠥᠪᠡᠭᠦᠳ ᠦ᠋ᠨ ᠳᠤᠮᠳᠠ ᠭᠡᠨᠡᠳᠲᠡ ᠡᠭᠦᠰᠴᠦ ᠮᠡᠳᠡᠬᠦ ᠬᠡᠷᠡᠭᠦᠯ ᠦ᠋ᠨ ᠦᠶ᠎ᠡ ᠳ᠋ᠦ᠍ ᠬᠡᠨ ᠶᠠᠭᠤ ᠭᠡᠵᠦ ᠬᠡᠯᠡᠬᠦ ᠶ᠋ᠢ ᠪᠤᠭᠤᠷᠴᠢ ᠳ᠋ᠤ᠌ ᠴᠢᠬᠤᠯᠠᠴᠢᠯᠠᠨ ᠵᠠᠬᠢᠵᠤ ᠬᠡᠯᠡᠬᠦ ᠦᠭᠡ ᠪᠡᠨ ᠪᠡᠯᠡᠳᠬᠦ ᠶ᠋ᠢ ᠳᠠᠭᠠᠭᠠᠯᠭᠠᠵᠠᠢ᠃ ᠵᠥᠴᠢ᠂ ᠴᠠᠭᠠᠲᠠᠢ ᠬᠣᠶᠠᠷ ᠤ᠋ᠨ ᠡᠰᠡᠷᠭᠦ ᠬᠢᠬᠦ ᠴᠢᠩᠭᠢᠰ ᠬᠠᠭᠠᠨ ᠤ᠋ ᠴᠢᠰᠤ ᠦᠭᠡᠢ ᠲᠡᠢᠨ ᠦ᠌ ᠪᠡᠯᠡᠳᠬᠡᠯ ᠡᠢᠨ ᠬᠦ᠌ ᠬᠠᠩᠭᠠᠭᠳᠠᠪᠠ᠃ ᠣᠳᠣ ᠪᠦᠬᠦ ᠵᠦᠢᠯ ᠭᠠᠭᠴᠠᠬᠠᠨ ᠴᠢᠩᠭᠢᠰ ᠬᠠᠭᠠᠨ ᠤ᠋ ᠬᠡᠯᠡᠬᠦ ᠦᠭᠡ᠂ ᠭᠠᠷᠭᠠᠬᠤ ᠠᠭᠠᠰᠢᠨ ᠠ᠋ᠴᠠ ᠰᠢᠯᠲᠠᠭᠠᠯᠠᠬᠤ ᠪᠠᠢᠪᠠ᠃ ᠤᠷᠢᠳᠤ ᠰᠥᠨᠢ ᠨᠢ ᠴᠢᠩᠭᠢᠰ ᠬᠠᠭᠠᠨ ᠲᠡᠷᠡ ᠨᠢᠭᠡᠨ ᠴᠠᠭ ᠲᠤ᠌ ᠳᠠᠪ ᠲᠩᠷᠢ ᠶ᠋ᠢᠨ ᠵᠢᠭᠠᠭᠰᠠᠨ ᠢ᠋ᠶ᠋ᠠᠷ ᠳᠠᠯᠤ ᠰᠢᠲᠠᠭᠠᠨ ᠮᠡᠷᠭᠡᠯᠡᠵᠦ ᠦᠵᠡᠪᠡᠯ ᠪᠦᠬᠦ ᠶᠠᠭᠤᠮ᠎ᠠ ᠰᠠᠨᠠᠭᠰᠠᠨ ᠢ᠋ᠶ᠋ᠠᠷ ᠪᠦᠲᠦᠬᠦ ᠲᠥᠯᠭᠡ ᠪᠠᠭᠤᠭᠰᠠᠨ ᠳ᠋ᠤ᠌ ᠪᠦᠷ ᠰᠡᠳᠬᠢᠯ ᠠᠮᠠᠷᠠᠵᠤ ᠣᠯᠠᠨ ᠵᠦᠢᠯ ᠢ᠋ ᠪᠣᠳᠣᠵᠤ ᠦᠵᠡᠭᠡᠳ ᠪᠥᠷᠲᠡ ᠬᠠᠲᠤᠨ ᠤ᠋ ᠪᠠᠨ ᠭᠡᠷ ᠲᠦ᠍ ᠬᠣᠨᠣᠬᠤ ᠪᠠᠷ ᠮᠣᠷᠢᠯᠠᠵᠠᠢ᠃ ᠲᠡᠮᠦᠵᠢᠨ ᠪᠥᠷᠲᠡ ᠶ᠋ᠢᠨ ᠳ᠋ᠦ᠍ ᠣᠴᠢᠵᠤ ᠬᠣᠨᠤᠯ ᠦᠭᠡᠢ ᠬᠣᠶᠠᠷ ᠰᠠᠷ᠎ᠠ ᠪᠣᠯᠵᠠᠢ᠃ ᠪᠥᠷᠲᠡ ᠯᠠᠪ ᠪᠠᠶᠠᠷᠯᠠᠨ᠎ᠠ ᠭᠡᠵᠦ ᠪᠣᠳᠣᠪᠠ᠃ 
       ᠮᠠᠷᠭᠠᠰᠢ ᠡᠳᠦᠷ ᠮᠣᠷᠢᠨ ᠴᠠᠭ ᠲᠤ᠌ ᠴᠢᠩᠭᠢᠰ ᠬᠠᠭᠠᠨ ᠤ᠋ ᠶᠣᠰᠣᠯᠠᠯ ᠤ᠋ᠨ ᠶᠡᠬᠡ ᠦᠷᠭᠦᠭᠡᠨ ᠳ᠋ᠦ᠍ ᠠᠬᠠᠮᠠᠳ ᠤ᠋ᠳ ᠪᠣᠯᠤᠭᠠᠳ ᠰᠢᠳᠠᠷ ᠵᠠᠩᠵᠤᠨ ᠨᠤᠭᠤᠳ ᠴᠤᠭᠯᠠᠷᠠᠵᠤ ᠬᠣᠷᠽᠸᠮ ᠲᠠᠢ ᠬᠢᠬᠦ ᠲᠡᠢᠨ ᠦ᠌ ᠪᠡᠯᠡᠳᠬᠡᠯ ᠪᠣᠯᠤᠭᠠᠳ ᠪᠤᠰᠤᠳ ᠵᠦᠢᠯᠡᠰ ᠢ᠋ ᠬᠡᠯᠡᠯᠴᠡᠵᠦ ᠵᠥᠪᠯᠡᠯᠳᠦᠪᠡ᠃ ᠡᠨᠡ ᠵᠥᠪᠯᠡᠯᠳᠦᠭᠡᠨ ᠳ᠋ᠦ᠍ ᠬᠠᠲᠤᠳ ᠠ᠋ᠴᠠ ᠶᠢᠰᠦᠢ᠂ ᠬᠤᠯᠠᠨ ᠰᠠᠭᠤᠭᠰᠠᠨ ᠨᠢ ᠣᠯᠠᠨ ᠢ᠋ ᠨᠢᠭᠡ ᠶᠡᠬᠡ ᠭᠠᠢᠬᠠᠰᠢᠷᠠᠭᠤᠯᠤᠭᠰᠠᠨ ᠦᠭᠡᠢ᠃ ᠵᠥᠪᠯᠡᠯᠭᠡᠨ ᠦ᠌ ᠡᠴᠦᠰ ᠲᠦ᠍ ᠬᠤᠨᠳᠠᠭ᠎ᠠ ᠡᠷᠭᠦᠬᠦ ᠶ᠋ᠢᠨ ᠡᠮᠦᠨ᠎ᠡ ᠶᠢᠰᠦᠢ ᠬᠠᠲᠤᠨ ᠴᠢᠩᠭᠢᠰ ᠬᠠᠭᠠᠨ ᠠ᠋ᠴᠠ ᠵᠥᠪᠰᠢᠶᠡᠷᠡᠯ ᠠᠪᠴᠤ ᠣᠯᠠᠨ ᠤ᠋ ᠠᠩᠬᠠᠷᠤᠯ ᠢ᠋ ᠥᠪᠡᠷ ᠲᠦ᠍ ᠬᠠᠨᠳᠤᠭᠤᠯᠤᠨ 
          ᠥᠷᠥᠰᠢᠶᠡᠯᠲᠦ ᠡᠵᠡᠨ ᠬᠠᠭᠠᠨ ᠲᠠ 
          ᠥᠨᠳᠥᠷ ᠠᠯᠳᠠᠷ ᠢ᠋ᠶ᠋ᠠᠨ ᠮᠠᠨᠳᠤᠭᠤᠯᠤᠭᠰᠠᠭᠠᠷ 
          ᠥᠭᠰᠥᠭᠦᠷ ᠳᠠᠪᠠᠭ᠎ᠠ ᠶ᠋ᠢ ᠳᠠᠪᠠᠵᠤ 
          ᠥᠷᠭᠡᠨ ᠮᠥᠷᠡᠨ ᠢ᠋ ᠭᠠᠲᠤᠯᠵᠤ 
          ᠣᠵᠢᠭ ᠬᠣᠯᠠ ᠶ᠋ᠢ ᠲᠤᠭᠤᠯᠤᠨ 
          ᠤᠷᠲᠤ ᠠᠶᠠᠨ ᠳ᠋ᠤ᠌ ᠮᠣᠷᠢᠯᠠᠬᠤ ᠳ᠋ᠠᠭᠠᠨ 
          ᠤᠯᠤᠰ ᠢᠷᠭᠡᠨ ᠢ᠋ᠶ᠋ᠡᠨ ᠵᠠᠬᠢᠷᠬᠤ ᠶ᠋ᠢ 
          ᠤᠷᠢᠳᠠᠯ ᠪᠣᠯᠭᠠᠨ ᠰᠡᠳᠬᠢᠭᠡᠰᠡᠢ 
          ᠲᠥᠷᠥᠭᠰᠡᠨ ᠪᠡᠶ᠎ᠡ ᠲᠥᠯᠦᠪᠦᠷᠢᠬᠦ 
          ᠲᠦᠮᠡᠨ ᠠᠮᠢᠲᠠᠨ ᠤ᠋ ᠬᠠᠤᠯᠢ ᠶ᠋ᠢ 
          ᠲᠡᠭᠦᠰ ᠰᠠᠷᠠᠭᠤᠯ ᠤᠬᠠᠭᠠᠨ ᠳ᠋ᠠᠭᠠᠨ 
          ᠲᠦᠪᠡᠭ ᠦᠭᠡᠢ ᠰᠠᠨᠠᠭᠠᠰᠠᠢ 
          ᠠᠭᠤᠯᠠ ᠮᠡᠲᠦ ᠪᠡᠶ᠎ᠡ ᠴᠢᠨᠢ 
          ᠨᠤᠷᠠᠵᠤ ᠣᠳᠪᠠᠯ 
          ᠤᠯᠤᠰ ᠣᠯᠠᠨ ᠮᠣᠩᠭᠣᠯ ᠢ᠋ ᠴᠢᠨᠢ 
          ᠬᠡᠨ ᠵᠠᠬᠢᠷᠬᠤ ᠶᠤᠮ ᠪᠣᠢ 
          ᠲᠤᠯᠭᠤᠷ ᠮᠡᠲᠦ ᠪᠡᠶ᠎ᠡ ᠴᠢᠨᠢ 
          ᠳᠦᠢᠪᠡᠵᠦ ᠣᠳᠪᠠᠯ 
          ᠲᠤᠭ ᠶᠡᠬᠡ ᠰᠦᠯᠳᠡ ᠶ᠋ᠢ ᠴᠢᠨᠢ 
          ᠬᠡᠨ ᠡᠷᠭᠦᠬᠦ ᠶᠦᠮ ᠪᠣᠢ 
          ᠲᠥᠷᠥᠭᠰᠡᠨ ᠳᠥᠷᠪᠡᠨ ᠬᠦᠦ ᠡᠴᠡ ᠴᠢᠨᠢ 
          ᠲᠥᠷᠥ ᠪᠠᠷᠢᠬᠤ ᠨᠢ ᠬᠡᠨ ᠪᠣᠢ 
          ᠬᠠᠨ ᠬᠥᠪᠡᠭᠦᠳ᠂ ᠳᠡᠭᠦᠦ ᠨᠠᠷ 
          ᠬᠠᠷᠠᠴᠤ ᠣᠯᠠᠨ ᠠᠷᠠᠳ 
          ᠬᠠᠲᠤᠳ ᠪᠢᠳᠡ ᠪᠦᠬᠦᠨ ᠳ᠋ᠦ᠍ 
          ᠬᠠᠷᠢᠭᠤ ᠠᠢᠯᠠᠳᠬᠤ ᠡᠰᠡᠬᠦ ᠶ᠋ᠢ 
          ᠬᠠᠭᠠᠨ ᠤ᠋ ᠵᠠᠷᠯᠢᠭ ᠮᠡᠳᠡᠲᠦᠭᠡᠢ ᠭᠡᠵᠦ ᠴᠡᠯᠮᠡᠭ ᠲᠤᠩᠭᠠᠯᠠᠭ ᠬᠣᠭᠣᠯᠠᠢ ᠪᠠᠷ ᠴᠡᠴᠡᠨ ᠰᠢᠯᠦᠭ ᠬᠡᠯᠡᠬᠦ ᠳ᠋ᠦ᠍ ᠦᠷᠭᠦᠭᠡᠨ ᠳ᠋ᠦ᠍ ᠢᠯᠠᠭ᠎ᠠ ᠨᠢᠰᠬᠦ ᠴᠦ᠍ ᠲᠣᠳᠣ ᠰᠣᠨᠣᠰᠤᠭᠳᠠᠬᠤ ᠪᠠᠷ ᠨᠠᠮ ᠭᠦᠮ ᠪᠣᠯᠤᠯ᠎ᠠ᠃ ᠬᠤᠯᠠᠨ ᠶᠠᠭᠤ ᠪᠣᠯᠬᠤ ᠭᠡᠵᠦ ᠪᠣᠢ ᠶ᠋ᠢ ᠲᠠᠭᠠᠮᠠᠭᠯᠠᠭᠠᠳ ᠳᠠᠰᠤᠯ ᠦᠭᠡᠢ ᠥᠪᠡᠷ ᠲᠡᠭᠡᠨ ᠪᠤᠬᠢᠨᠢᠳᠤᠪᠠ᠃ ᠡᠢᠮᠦᠬᠡᠨ ᠬᠡᠳᠦᠨ ᠦᠭᠡ ᠣᠯᠤᠭᠠᠳ ᠬᠡᠯᠡᠴᠢᠬᠡᠬᠦ ᠤᠬᠠᠭᠠᠨ ᠣᠯᠤᠭ᠎ᠠ ᠦᠭᠡᠢ ᠳ᠋ᠡᠭᠡᠨ ᠠᠭᠤᠷᠰᠠᠵᠤ ᠪᠠᠰᠠ ᠰᠦᠢᠬᠡᠲᠡᠢ ᠰᠡᠷᠭᠦᠯᠡᠩ ᠶᠢᠰᠦᠢ ᠳ᠋ᠦ᠍ ᠦᠬᠦᠲᠡᠯ᠎ᠡ ᠪᠡᠨ ᠠᠲᠠᠭᠠᠷᠬᠠᠪᠠ᠃ ᠭᠡᠪᠡᠴᠦ ᠲᠡᠷᠡ ᠨᠢᠭᠡᠨᠲᠡ ᠬᠣᠵᠢᠮᠳᠠᠵᠠᠢ᠃ ᠶᠢᠰᠦᠢ ᠶ᠋ᠢᠨ ᠦᠭᠡ ᠶ᠋ᠢ ᠰᠣᠨᠣᠰᠴᠤ ᠰᠠᠭᠤᠬᠤ ᠳ᠋ᠠᠭᠠᠨ ᠴᠢᠩᠭᠢᠰ ᠬᠠᠭᠠᠨ ᠲᠤᠢᠯ ᠤ᠋ᠨ ᠲᠠᠭᠠᠯᠠᠮᠵᠢᠲᠠᠢ ᠪᠠᠷ ᠲᠣᠯᠣᠭᠠᠢ ᠳᠣᠬᠢᠨ ᠰᠠᠭᠤᠬᠤ ᠶ᠋ᠢ ᠬᠠᠷᠠᠭᠠᠳ ᠢᠩᠭᠢᠵᠦ ᠠᠲᠠᠭᠠᠷᠬᠠᠭᠰᠠᠨ ᠪᠢᠯᠡ᠃ ᠬᠠᠷᠢᠨ ᠣᠳᠣ ᠴᠢᠩᠭᠢᠰ ᠬᠠᠭᠠᠨ ᠤ᠋ ᠶᠠᠭᠤ ᠭᠡᠵᠦ ᠬᠡᠯᠡᠬᠦ ᠯᠡ ᠴᠢᠬᠤᠯᠠ ᠤᠴᠢᠷ ᠬᠤᠯᠠᠨ ᠠᠲᠠᠭᠠᠷᠬᠠᠯ ᠢ᠋ᠶ᠋ᠠᠨ ᠬᠣᠷᠣᠮ ᠤ᠋ᠨ ᠳᠣᠲᠣᠷ᠎ᠠ ᠮᠠᠷᠲᠠᠪᠠ᠃ ᠴᠢᠩᠭᠢᠰ ᠬᠠᠭᠠᠨ ᠭᠦᠨᠵᠡᠭᠡᠢ ᠪᠣᠳᠣᠯ ᠳ᠋ᠤ᠌ ᠠᠪᠲᠠᠵᠠᠢ᠃ ᠵᠡᠷᠭᠡᠴᠡᠨ ᠰᠠᠭᠤᠭᠰᠠᠨ ᠪᠥᠷᠲᠡ ᠶ᠋ᠢᠨ ᠳᠥᠷᠪᠡᠨ ᠬᠥᠪᠡᠭᠦᠨ ᠢ᠋ ᠬᠠᠷᠠᠭᠠᠳ ᠬᠤᠯᠠᠨ ᠭᠡᠨᠡᠳᠲᠡ ᠥᠪᠡᠷ ᠦ᠋ᠨ ᠵᠣᠯ ᠦᠭᠡᠢ ᠬᠦᠦ ᠪᠡᠨ ᠰᠠᠨᠠᠵᠤ ᠭᠣᠣᠯ ᠨᠢ ᠬᠠᠷᠠᠯᠠᠭᠠᠳ ᠶᠠᠪᠤᠴᠢᠬᠠᠵᠠᠢ᠃ ᠲᠡᠷᠡ ᠬᠦᠦ ᠨᠢ ᠮᠡᠨᠳᠦ ᠲᠥᠷᠥᠭᠰᠡᠨ ᠪᠣᠯ ᠣᠳᠣ ᠠᠷᠪᠠᠨ ᠲᠠᠪᠤ ᠬᠦᠷᠴᠦ ᠪᠠᠰᠠ ᠡᠳᠡᠨ ᠲᠡᠢ ᠵᠡᠷᠭᠡᠴᠡᠨ ᠰᠠᠭᠤᠭᠠᠳ ᠬᠠᠭᠠᠨ ᠡᠴᠢᠭᠡ ᠪᠡᠨ ᠵᠠᠯᠭᠠᠮᠵᠢᠯᠠᠨ᠎ᠠ ᠭᠡᠵᠦ ᠪᠠᠢᠬᠤ ᠰᠠᠨ ᠳᠠ ᠭᠡᠵᠦ ᠪᠣᠳᠣᠭᠳᠠᠬᠤ ᠳ᠋ᠤ᠌ ᠭᠡᠨᠡᠳᠲᠡ ᠳᠣᠲᠣᠷ᠎ᠠ ᠨᠢ ᠪᠠᠴᠢᠭᠤᠷᠠᠵᠤ ᠣᠷᠢᠯᠠᠵᠤ ᠬᠠᠰᠬᠢᠷᠤᠮᠠᠷ ᠪᠣᠯᠤᠭᠰᠠᠨ ᠴᠤ᠌ ᠲᠡᠪᠴᠢᠨ ᠪᠡᠶ᠎ᠡ ᠪᠡᠨ ᠪᠠᠷᠢᠯ᠎ᠠ᠃ ᠬᠤᠯᠠᠨ ᠬᠠᠲᠤᠨ ᠤ᠋ ᠨᠢᠳᠦᠨ ᠡᠴᠡ ᠨᠢᠯᠪᠤᠰᠤ ᠮᠡᠯᠲᠡᠷᠡᠨ ᠳᠦᠭᠦᠷᠦᠭᠡᠳ ᠤᠷᠤᠰᠬᠤ ᠶ᠋ᠢ ᠠᠩᠵᠠᠭᠠᠷᠠᠵᠤ ᠬᠠᠷᠠᠬᠤ ᠬᠥᠮᠦᠨ ᠳᠠᠩᠴᠤ ᠪᠠᠢᠭᠰᠠᠨ ᠦᠭᠡᠢ᠃ 
       ᠴᠢᠩᠭᠢᠰ ᠬᠠᠭᠠᠨ ᠬᠡᠳᠦᠢ ᠰᠠᠨᠠᠭ᠎ᠠ ᠰᠡᠳᠬᠢᠯ ᠪᠡᠯᠡᠨ ᠪᠠᠢᠭᠰᠠᠨ ᠴᠤ᠌ ᠬᠡᠷᠡᠭ ᠦ᠋ᠨ ᠤᠴᠢᠷ ᠪᠤᠳᠤᠯᠢᠶᠠᠨ ᠲᠠᠢ᠂ ᠤᠷᠰᠢᠭ ᠳᠠᠭᠠᠪᠤᠷᠢ ᠶᠡᠬᠡ ᠲᠤᠯᠠ ᠪᠠᠰᠠ ᠪᠢᠴᠢᠬᠠᠨ ᠰᠠᠨᠳᠤᠷᠴᠤ ᠪᠣᠳᠣᠯ ᠳ᠋ᠤ᠌ ᠤᠨᠠᠪᠠ᠃ ᠲᠡᠷᠡ ᠶᠠᠭᠤ ᠭᠡᠵᠦ ᠬᠡᠯᠡᠬᠦ ᠪᠡᠨ ᠲᠣᠭᠠᠴᠠᠨ ᠬᠡᠰᠡᠭ ᠰᠠᠭᠤᠪᠠ᠃ ᠪᠦᠭᠦᠳᠡ ᠲᠦᠭᠰᠢᠨ᠂ ᠬᠥᠪᠡᠭᠦᠳ ᠰᠠᠨᠳᠤᠷᠴᠤ ᠤᠯᠠᠢᠨ ᠰᠡᠳᠬᠢᠯ ᠳᠣᠭᠳᠣᠯᠪᠠ᠃ ᠴᠢᠩᠭᠢᠰ ᠬᠠᠭᠠᠨ ᠤ᠋ ᠠᠮᠠᠨ ᠠ᠋ᠴᠠ ᠭᠠᠷᠬᠤ ᠦᠭᠡ ᠬᠥᠮᠦᠨ ᠪᠦᠭᠦᠳᠡ ᠳ᠋ᠦ᠍ ᠬᠠᠮᠢᠶ᠎ᠠ ᠲᠠᠢ ᠶᠤᠮ᠃ ᠪᠦᠭᠦᠳᠡ ᠶ᠋ᠢᠨ ᠥᠪᠡᠷ ᠥᠪᠡᠷ ᠦ᠋ᠨ ᠬᠢ ᠪᠡᠷ ᠰᠡᠳᠬᠢᠵᠦ ᠬᠦᠯᠢᠶᠡᠭᠰᠡᠨ ᠮᠥᠴᠡ ᠢᠷᠡᠭᠰᠡᠨ ᠢ᠋ ᠣᠢᠯᠠᠭᠠᠪᠠ᠃ ᠴᠢᠩᠭᠢᠰ ᠬᠠᠭᠠᠨ ᠤᠳᠠᠭᠠᠨ ᠳᠠᠭᠤ ᠦᠭᠡᠢ ᠰᠠᠭᠤᠪᠠ᠃ ᠡᠨᠡ ᠨᠢ ᠬᠠᠭᠠᠨ ᠰᠢᠷᠡᠭᠡ ᠵᠠᠯᠭᠠᠮᠵᠢᠯᠠᠭᠴᠢ ᠶ᠋ᠢ ᠲᠣᠳᠣᠷᠠᠭᠤᠯᠬᠤ ᠨᠢ ᠬᠢᠷᠢ ᠬᠡᠴᠡᠭᠦᠦ ᠬᠦᠨᠳᠦ᠂ ᠬᠠᠷᠢᠭᠤᠴᠠᠯᠭ᠎ᠠ ᠲᠠᠢ ᠬᠡᠷᠡᠭ ᠪᠣᠯᠬᠤ ᠶ᠋ᠢ ᠮᠡᠳᠡᠷᠡᠭᠦᠯᠬᠦ ᠵᠣᠷᠢᠯᠭ᠎ᠠ ᠲᠠᠢ ᠠᠵᠢ᠃ ᠡᠴᠢᠭᠡ ᠶ᠋ᠢᠨ ᠦᠭᠡ ᠶ᠋ᠢ ᠬᠦᠯᠢᠶᠡᠭᠰᠡᠨ ᠭᠣᠣᠯ ᠥᠷᠢᠰᠦᠯᠳᠦᠭᠴᠢᠳ ᠵᠥᠴᠢ ᠴᠠᠭᠠᠲᠠᠢ ᠬᠣᠶᠠᠷ ᠤ᠋ᠨ ᠬᠤᠪᠢ ᠳ᠋ᠤ᠌ ᠰᠡᠯᠡᠮ᠎ᠡ ᠶ᠋ᠢᠨ ᠳᠣᠣᠷ᠎ᠠ ᠲᠣᠯᠣᠭᠠᠢ ᠲᠠᠯᠪᠢᠭᠰᠠᠨ ᠮᠡᠲᠦ ᠪᠣᠯᠵᠠᠢ᠃ ᠬᠠᠭᠠᠨ ᠡᠴᠢᠭᠡ ᠶ᠋ᠢᠨ ᠦᠭᠡ ᠲᠡᠳᠡᠨ ᠦ᠌ ᠢᠷᠡᠭᠡᠳᠦᠢ ᠶ᠋ᠢᠨ ᠬᠤᠪᠢ ᠵᠠᠶᠠᠭ᠎ᠠ ᠶ᠋ᠢ ᠰᠢᠢᠳᠦᠨ᠎ᠡ᠃ ᠪᠠᠰᠠ ᠲᠡᠳᠡᠨ ᠢ᠋ ᠬᠡᠨ ᠪᠣᠯᠬᠤ ᠶ᠋ᠢ ᠣᠯᠠᠨ ᠳ᠋ᠤ᠌ ᠦᠵᠡᠭᠦᠯᠬᠦ ᠶᠦᠮ᠃ ᠡᠭᠦᠨ ᠡᠴᠡ ᠢᠯᠡᠭᠦᠦ ᠲᠦᠭᠰᠢᠭᠦᠷᠢᠲᠦ᠂ ᠪᠠᠰᠠ ᠬᠦᠰᠡᠮᠵᠢᠲᠦ ᠮᠥᠴᠡ ᠭᠡᠵᠦ ᠬᠠᠮᠢᠭ᠎ᠠ ᠪᠠᠢᠨ᠎ᠠ᠃ ᠴᠠᠭᠠᠲᠠᠢ ᠶ᠋ᠢᠨ ᠰᠡᠳᠬᠢᠯ ᠲᠦᠭᠰᠢᠪᠡᠴᠦ ᠡᠴᠢᠭᠡ ᠨᠢ ᠲᠡᠭᠦᠨ ᠢ᠋ ᠡᠷᠭᠦᠮᠵᠢᠯᠡᠨ᠎ᠡ ᠭᠡᠳᠡᠭ ᠲᠦ᠍ ᠪᠠᠲᠤ ᠢᠲᠡᠭᠡᠯᠲᠡᠢ ᠪᠠᠢᠪᠠ᠃ ᠭᠡᠲᠡᠯ᠎ᠡ ᠴᠢᠩᠭᠢᠰ ᠬᠠᠭᠠᠨ ᠤ᠋ ᠳᠠᠭᠤ ᠦᠭᠡᠢ ᠤᠳᠠᠬᠤ ᠨᠢ ᠰᠡᠵᠢᠭᠯᠡᠯᠲᠡᠢ᠃ ᠴᠠᠭᠠᠲᠠᠢ ᠶ᠋ᠢᠨ ᠰᠡᠳᠬᠢᠯ ᠢ᠋ᠶ᠋ᠡᠨ ᠪᠠᠷᠢᠬᠤ ᠲᠡᠪᠴᠢᠶᠡᠷᠢ ᠪᠠᠷᠠᠭᠳᠠᠵᠤ ᠪᠠᠢᠪᠠ᠃ ᠴᠢᠩᠭᠢᠰ ᠬᠠᠭᠠᠨ ᠴᠠᠭᠠᠲᠠᠢ ᠶ᠋ᠢᠨ ᠨᠢᠭᠤᠷ ᠲᠤ᠌ ᠬᠠᠷᠠᠴᠠ ᠲᠤᠰᠬᠠᠪᠠ᠃ ᠴᠠᠭᠠᠲᠠᠢ ᠡᠭᠴᠡ ᠥᠭᠡᠳᠡ ᠡᠴᠡ ᠨᠢ ᠱᠠᠭᠠᠷᠳᠠᠭᠰᠠᠨ᠂ ᠢᠲᠡᠭᠡᠭᠰᠡᠨ ᠬᠠᠷᠠᠴᠠ ᠪᠠᠷ ᠰᠢᠷᠳᠡᠨ ᠪᠠᠢᠪᠠ᠃ ᠬᠠᠷᠢᠨ ᠵᠥᠴᠢ ᠰᠡᠳᠬᠢᠯ ᠦ᠋ᠨ ᠬᠥᠳᠡᠯᠦᠯ ᠢ᠋ᠶ᠋ᠡᠨ ᠨᠢᠭᠤᠵᠤ ᠳᠣᠷᠣᠭᠰᠢ ᠰᠢᠷᠳᠡᠨ᠎ᠡ᠃ ᠵᠥᠴᠢ ᠳ᠋ᠦ᠍ ᠬᠠᠭᠠᠨ ᠡᠴᠢᠭᠡ ᠶ᠋ᠢ ᠪᠡᠨ ᠵᠠᠯᠭᠠᠮᠵᠢᠯᠠᠬᠤ ᠬᠤᠪᠢ ᠳᠤᠲᠠᠬᠤ ᠶ᠋ᠢ ᠲᠡᠷᠡ ᠮᠡᠳᠡᠵᠦ ᠪᠠᠢᠭᠰᠠᠨ ᠬᠡᠳᠦᠢ ᠴᠦ᠍ ᠪᠠᠰᠠ ᠭᠣᠷᠢᠳᠠᠯᠭ᠎ᠠ ᠲᠥᠷᠥᠵᠦ ᠳᠣᠭᠳᠣᠯᠤᠭᠰᠠᠭᠠᠷ ᠪᠠᠢᠵᠠᠢ᠃ ᠭᠡᠪᠡᠴᠦ ᠬᠠᠭᠠᠨ ᠡᠴᠢᠭᠡ ᠨᠢ ᠴᠠᠭᠠᠲᠠᠢ ᠶ᠋ᠢ ᠡᠷᠭᠦᠮᠵᠢᠯᠡᠪᠡᠯ ᠰᠢᠭᠤᠳ ᠳᠡᠮᠵᠢᠨ᠎ᠡ ᠭᠡᠵᠦ ᠪᠣᠳᠣᠵᠤ ᠰᠠᠭᠤᠵᠠᠢ᠃ ᠡᠨᠡ ᠪᠣᠯ ᠪᠥᠷᠲᠡ ᠡᠬᠡ ᠶ᠋ᠢᠨ ᠬᠢᠨᠢ ᠬᠠᠲᠠᠭᠤ ᠰᠤᠷᠭᠠᠯ ᠶᠤᠮ᠃ ᠥᠭᠡᠳᠡᠢ ᠡᠨᠡ ᠶᠠᠪᠤᠳᠠᠯ ᠥᠪᠡᠷ ᠲᠦ᠋ᠨᠢ ᠲᠡᠢᠮᠦ ᠴᠦ᠍ ᠶᠡᠬᠡ ᠬᠦᠷᠲᠡᠭᠡᠯ ᠲᠡᠢ ᠪᠢᠰᠢ ᠲᠤᠯᠠ ᠲᠠᠢᠪᠤᠩ ᠰᠠᠭᠤᠨ᠎ᠠ᠃ ᠬᠠᠷᠢᠨ ᠲᠤᠯᠤᠢ ᠪᠦᠷ ᠴᠦ᠍ ᠲᠣᠭᠣᠮᠵᠢᠷ ᠦᠭᠡᠢ ᠰᠠᠭᠤᠭᠰᠠᠨ ᠴᠤ᠌ ᠬᠠᠭᠠᠨ ᠡᠴᠢᠭᠡ ᠨᠢ ᠠᠬ᠎ᠠ ᠨᠠᠷ ᠤ᠋ᠨ ᠬᠢᠨᠢ ᠬᠡᠨ ᠢ᠋ ᠰᠣᠩᠭᠣᠬᠤ ᠶ᠋ᠢ ᠰᠣᠨᠢᠷᠬᠠᠨ ᠳᠣᠲᠣᠷ᠎ᠠ ᠪᠠᠨ ᠳᠠᠭᠠᠵᠤ ᠶᠠᠳᠠᠬᠤ ᠠᠵᠢ᠃ ᠵᠥᠴᠢ ᠤᠤ? ᠴᠠᠭᠠᠲᠠᠢ ᠤᠤ? ᠣᠯᠠᠨ ᠪᠦᠭᠦᠳᠡᠭᠡᠷ ᠢᠩᠭᠢᠵᠦ ᠪᠣᠳᠣᠵᠤ ᠪᠠᠢᠯ᠎ᠠ᠃ ᠴᠢᠩᠭᠢᠰ ᠬᠠᠭᠠᠨ ᠣᠳᠣ ᠦᠭᠡ ᠪᠡᠨ ᠬᠡᠯᠡᠬᠦ ᠴᠠᠭ ᠪᠣᠯᠤᠭᠰᠠᠨ ᠢ᠋ ᠮᠡᠳᠡᠯ᠎ᠡ᠃ ᠴᠢᠩᠭᠢᠰ ᠬᠠᠭᠠᠨ ᠦᠭᠡ ᠪᠡᠨ ᠬᠡᠯᠡᠬᠦ ᠶ᠋ᠢᠨ ᠡᠮᠦᠨ᠎ᠡ ᠶᠠᠭᠠᠬᠢᠭᠠᠳ ᠴᠤ᠌ ᠶᠤᠮ ᠬᠤᠯᠠᠨ ᠬᠠᠲᠤᠨ ᠢ᠋ᠶ᠋ᠠᠨ ᠬᠠᠷᠠᠵᠠᠢ᠃ ᠬᠤᠯᠠᠨ ᠬᠠᠲᠤᠨ ᠨᠢᠯᠪᠤᠰᠤ ᠲᠠᠢ ᠨᠢᠳᠦ ᠪᠡᠷ ᠢᠨᠢᠶᠡᠮᠰᠦᠭᠯᠡᠵᠦ ᠰᠠᠭᠤᠬᠤ ᠶ᠋ᠢ ᠦᠵᠡᠭᠡᠳ ᠴᠣᠬᠣᠮ ᠶᠠᠭᠠᠬᠢᠭᠠᠳ ᠲᠡᠭᠦᠨ ᠦ᠌ ᠤᠬᠢᠯᠠᠭᠰᠠᠨ ᠢ᠋ ᠰᠢᠭᠤᠳ ᠯᠠ ᠣᠢᠯᠠᠭᠠᠪᠠ᠃ ᠴᠢᠩᠭᠢᠰ ᠬᠠᠭᠠᠨ ᠴᠤ᠌ ᠭᠡᠰᠡᠨ ᠲᠡᠷᠡ ᠵᠣᠯ ᠦᠭᠡᠢ ᠬᠦᠦ ᠶ᠋ᠢᠨ ᠲᠤᠬᠠᠢ ᠪᠣᠳᠣᠵᠠᠢ᠃ 
       | ᠬᠠᠲᠤᠨ ᠪᠣᠯᠪᠠᠴᠤ ᠶᠢᠰᠦᠢ ᠶ᠋ᠢᠨ ᠬᠡᠯᠡᠳᠡᠭ ᠵᠥᠪ ᠡᠴᠡ ᠵᠥᠪ᠃ ᠳᠡᠭᠦᠦ ᠨᠠᠷ᠂ ᠬᠥᠪᠡᠭᠦᠳ ᠲᠠ ᠨᠠᠷ ᠪᠠᠰᠠ ᠪᠤᠭᠤᠷᠴᠢ᠂ ᠮᠤᠬᠤᠯᠠᠢ ᠲᠠ ᠨᠠᠷ ᠤ᠋ᠨ ᠠᠯᠢ ᠨᠢ ᠴᠦ᠍ ᠡᠢᠮᠦ ᠦᠭᠡ ᠶ᠋ᠢ ᠨᠠᠳᠠᠳᠤ ᠳᠤᠷᠠᠳᠬᠠᠨ ᠬᠡᠯᠡᠭᠰᠡᠨ ᠦᠭᠡᠢ᠃ 
          ᠡᠪᠦᠭᠡᠳ ᠦ᠋ᠨ ᠬᠣᠢᠨ᠎ᠠ ᠠ᠋ᠴᠠ ᠣᠳᠬᠤ ᠦᠭᠡᠢ ᠮᠡᠲᠦ 
          ᠥᠪᠡᠷ ᠢ᠋ᠶ᠋ᠡᠨ ᠴᠦ᠍ ᠡᠭᠦᠨ ᠢ᠋ ᠮᠠᠷᠲᠠᠭᠰᠠᠨ ᠪᠠᠢᠵᠠᠢ᠃ 
          ᠦᠬᠦᠯ ᠨᠠᠳᠠ ᠠ᠋ᠴᠠ ᠲᠣᠭᠣᠷᠢᠬᠤ ᠮᠡᠲᠦ 
          ᠦᠨᠡᠬᠡᠷ ᠲᠡᠭᠦᠨ ᠢ᠋ ᠰᠠᠨᠠᠭ᠎ᠠ ᠦᠭᠡᠢ ᠶᠠᠪᠤᠵᠤ 
          ᠶᠡᠬᠡ ᠤᠯᠤᠰ ᠲᠤ᠌ ᠪᠠᠨ ᠮᠥᠩᠬᠡ ᠰᠠᠭᠤᠬᠤ ᠰᠢᠭ᠋ 
          ᠡᠵᠡᠨ ᠰᠢᠷᠡᠭᠡᠨ ᠳ᠋ᠦ᠍ ᠡᠭᠦᠷᠢᠳᠡ ᠵᠠᠯᠠᠷᠠᠬᠤ ᠰᠢᠭ᠋ 
          ᠡᠷᠴᠢᠲᠦ ᠰᠤᠮᠤᠨ ᠳ᠋ᠤ᠌ ᠣᠨᠣᠭᠳᠠᠬᠤ ᠦᠭᠡᠢ ᠮᠡᠲᠦ 
          ᠢᠯᠳᠦᠨ ᠦ᠌ ᠦᠵᠦᠭᠦᠷ ᠲᠦ᠍ ᠥᠷᠲᠥᠬᠦ ᠦᠭᠡᠢ ᠮᠡᠲᠦ ᠰᠠᠨᠠᠵᠠᠢ ᠭᠡᠰᠡᠨ ᠴᠢᠩᠭᠢᠰ ᠬᠠᠭᠠᠨ ᠤ᠋ ᠦᠭᠡ ᠶᠢᠰᠦᠢ ᠬᠠᠲᠤᠨ ᠤ᠋ ᠬᠡᠯᠡᠭᠰᠡᠨ ᠢ᠋ ᠰᠠᠢᠰᠢᠶᠠᠭᠠᠳ ᠵᠣᠭᠰᠣᠬᠤ ᠦᠭᠡᠢ ᠵᠠᠯᠭᠠᠮᠵᠢᠯᠠᠭᠴᠢ ᠪᠠᠷ ᠬᠡᠨ ᠢ᠋ ᠲᠣᠮᠢᠯᠠᠬᠤ ᠪᠠᠨ ᠬᠡᠯᠡᠨ᠎ᠡ ᠭᠡᠰᠡᠨ ᠢᠲᠡᠭᠡᠯ ᠢ᠋ ᠡᠭᠦᠰᠬᠡᠵᠦ ᠣᠯᠠᠨ ᠪᠦᠭᠦᠳᠡ ᠶ᠋ᠢᠨ ᠰᠡᠳᠬᠢᠯ ᠢ᠋ ᠬᠥᠪᠴᠢᠷᠡᠭᠦᠯᠦᠯ᠎ᠡ᠃ 
       | ᠬᠥᠪᠡᠭᠦᠳ ᠦ᠋ᠨ ᠮᠢᠨᠢ ᠠᠬᠠᠮᠠᠳ ᠵᠥᠴᠢ ᠶᠦᠮ᠃ ᠴᠢ ᠶᠠᠭᠤ ᠭᠡᠵᠦ ᠪᠣᠳᠣᠨ᠎ᠠ? ᠴᠢ ᠬᠡᠯᠡ ᠭᠡᠵᠦ ᠴᠢᠩᠭᠢᠰ ᠬᠠᠭᠠᠨ ᠵᠥᠴᠢ ᠳ᠋ᠦ᠍ ᠬᠠᠨᠳᠤᠨ ᠬᠡᠯᠡᠬᠦ ᠳ᠋ᠡᠭᠡᠨ ᠴᠠᠭᠠᠲᠠᠢ ᠶ᠋ᠢ ᠬᠢᠯᠡᠮᠬᠢᠯᠡᠯ᠎ᠡ᠃ ᠬᠥᠪᠡᠭᠦᠳ ᠵᠡᠷᠭᠡᠴᠡᠨ ᠲᠣᠬᠣᠢ ᠵᠠᠢᠲᠠᠢ ᠰᠠᠭᠤᠵᠤ ᠪᠠᠢᠪᠠ᠃ ᠡᠴᠢᠭᠡ ᠶ᠋ᠢᠨ ᠡᠨᠡ ᠰᠠᠨᠠᠭᠠᠨ ᠳ᠋ᠤ᠌ ᠦᠭᠡᠢ ᠦᠭᠡ ᠬᠣᠷᠣᠮ ᠵᠠᠭᠤᠷ᠎ᠠ ᠵᠥᠴᠢ ᠶ᠋ᠢ ᠠᠯᠮᠠᠢᠷᠠᠭᠤᠯᠵᠤ ᠴᠣᠬᠣᠮ ᠶᠠᠭᠤ ᠬᠡᠯᠡᠬᠦ ᠪᠡᠨ ᠰᠢᠭᠤᠳ ᠣᠯᠤᠭᠰᠠᠨ ᠦᠭᠡᠢ᠃ ᠴᠢᠩᠭᠢᠰ ᠬᠠᠭᠠᠨ ᠤ᠋ ᠵᠥᠴᠢ ᠳ᠋ᠦ᠍ ᠡᠬᠢᠯᠡᠨ ᠬᠠᠨᠳᠤᠭᠰᠠᠨ ᠨᠢ ᠵᠠᠷᠢᠮ ᠬᠥᠮᠦᠨ ᠳ᠋ᠦ᠍ ᠲᠡᠷᠡ ᠳᠤᠮᠳᠠ ᠪᠠᠨ ᠴᠠᠭᠠᠲᠠᠢ ᠳ᠋ᠤ᠌ ᠵᠥᠴᠢ ᠶ᠋ᠢ ᠰᠢᠭᠤᠳ ᠡᠷᠭᠦᠮᠵᠢᠯᠡᠭᠰᠡᠨ ᠲᠡᠢ ᠤᠳᠬ᠎ᠠ ᠨᠢᠭᠡ ᠰᠠᠨᠠᠭᠳᠠᠪᠠ᠃ ᠬᠤᠯᠠᠨ ᠡᠬᠢᠯᠡᠭᠡᠳ ᠰᠣᠨᠣᠰᠤᠭᠰᠠᠨ ᠳ᠋ᠠᠭᠠᠨ ᠢᠲᠡᠭᠡᠭᠰᠡᠨ ᠦᠭᠡᠢ᠃ ᠲᠡᠷᠡ ᠴᠢᠩᠭᠢᠰ ᠬᠠᠭᠠᠨ ᠵᠥᠴᠢ ᠶ᠋ᠢ ᠡᠷᠭᠦᠮᠵᠢᠯᠡᠪᠡ ᠭᠡᠵᠦ ᠣᠢᠯᠠᠭᠠᠭᠠᠳ ᠪᠠᠶᠠᠷᠯᠠᠭᠰᠠᠨ ᠳ᠋ᠠᠭᠠᠨ ᠥᠨᠳᠡᠢᠰᠬᠢᠯ᠎ᠡ᠃ ᠭᠡᠪᠡᠴᠦ ᠲᠡᠷᠡ ᠪᠤᠷᠤᠭᠤ ᠰᠣᠨᠣᠰᠴᠠᠢ᠃ ᠴᠠᠭᠠᠲᠠᠢ ᠶ᠋ᠢ ᠦᠰᠦᠷᠦᠨ ᠪᠣᠰᠬᠤ ᠶ᠋ᠢ ᠬᠠᠷᠠᠭᠠᠳ ᠣᠯᠠᠨ ᠶᠠᠭᠤ ᠪᠣᠯᠤᠭᠰᠠᠨ ᠢ᠋ ᠣᠢᠯᠠᠭᠠᠭᠰᠠᠨ ᠦᠭᠡᠢ᠃ ᠴᠠᠭᠠᠲᠠᠢ ᠦᠨᠡᠬᠡᠷ ᠪᠡᠶ᠎ᠡ ᠪᠡᠨ ᠪᠠᠷᠢᠵᠤ ᠴᠢᠳᠠᠭᠰᠠᠨ ᠦᠭᠡᠢ᠃ ᠵᠥᠴᠢ ᠶ᠋ᠢ ᠡᠷᠭᠦᠮᠵᠢᠯᠡᠬᠦ ᠨᠢ ᠴᠠᠭᠠᠲᠠᠢ ᠶ᠋ᠢ ᠭᠤᠲᠤᠭᠠᠨ ᠳᠣᠷᠣᠮᠵᠢᠯᠠᠭᠰᠠᠨ ᠲᠠᠢ ᠠᠳᠠᠯᠢ ᠶᠤᠮ᠃ ᠴᠠᠭᠠᠲᠠᠢ ᠬᠠᠭᠠᠨ ᠡᠴᠢᠭᠡ ᠪᠡᠨ ᠵᠠᠯᠭᠠᠮᠵᠢᠯᠠᠬᠤ ᠭᠠᠭᠴᠠ ᠬᠥᠮᠦᠨ ᠭᠡᠳᠡᠭ ᠢ᠋ ᠪᠥᠷᠲᠡ ᠡᠬᠡ ᠨᠢ ᠰᠢᠭᠤᠳ ᠪᠠᠲᠤᠯᠠᠳᠠᠭ ᠪᠢᠯᠡ᠃ ᠭᠡᠲᠡᠯ᠎ᠡ ᠬᠠᠭᠠᠨ ᠡᠴᠢᠭᠡ ᠨᠢ ᠶᠠᠭᠤ ᠰᠠᠨᠠᠭᠠᠳ ᠡᠢᠨ ᠬᠡᠯᠡᠪᠡ᠃ ᠴᠠᠭᠠᠲᠠᠢ ᠶ᠋ᠢᠨ ᠠᠭᠤᠷ ᠣᠮᠣᠭ ᠳᠦᠷᠡᠯᠵᠡᠨ ᠰᠢᠳᠡᠵᠦ ᠪᠠᠷᠤᠭ ᠬᠠᠮᠠᠷ ᠢ᠋ᠶ᠋ᠠᠷ ᠢ᠋ᠶ᠋ᠠᠨ ᠤᠲᠤᠭ᠎ᠠ ᠰᠠᠪᠰᠠᠭᠤᠯᠤᠨ ᠪᠠᠢᠵᠤ 
       | ᠵᠥᠴᠢ ᠶ᠋ᠢ ᠦᠭᠡ ᠬᠡᠯᠡ ᠭᠡᠬᠦ ᠨᠢ ᠶᠠᠭᠤ ᠪᠣᠢ? ᠵᠥᠴᠢ ᠶ᠋ᠢ ᠶᠠᠭᠤᠨ ᠳ᠋ᠤ᠌ ᠲᠣᠮᠢᠯᠠᠬᠤ ᠭᠡᠵᠦ ᠢᠩᠭᠢᠵᠦ ᠣᠨᠴᠠᠯᠠᠪᠠ? ᠡᠨᠡ ᠮᠡᠷᠭᠢᠳ ᠦ᠋ᠨ ᠣᠷᠬᠢᠳᠠᠰᠤ ᠳ᠋ᠤ᠌ ᠪᠢᠳᠡ ᠵᠠᠬᠢᠷᠤᠭᠳᠠᠬᠤ ᠭᠡᠵᠢ ᠤᠤ? ᠭᠡᠵᠦ ᠬᠠᠰᠬᠢᠷᠬᠤ ᠳ᠋ᠤ᠌ ᠬᠠᠭᠠᠨ ᠡᠴᠢᠭᠡ᠂ ᠬᠠᠮᠤᠭ ᠣᠯᠠᠨ ᠤ᠋ ᠡᠮᠦᠨ᠎ᠡ ᠡᠢᠨ ᠭᠤᠲᠤᠮᠰᠢᠭᠲᠠᠢ ᠪᠠᠷ ᠳᠣᠷᠣᠮᠵᠢᠯᠠᠭᠳᠠᠭᠰᠠᠨ ᠵᠥᠴᠢ ᠴᠦ᠍ ᠦᠰᠦᠷᠦᠨ ᠪᠣᠰᠴᠤ ᠴᠠᠭᠠᠲᠠᠢ ᠶ᠋ᠢ ᠵᠠᠭᠠᠮᠠᠳᠠᠨ ᠠᠪᠤᠪᠠ᠃ 
       | ᠬᠠᠭᠠᠨ ᠡᠴᠢᠭᠡ ᠨᠠᠮᠠᠶ᠋ᠢ ᠭᠠᠳᠠᠭᠤᠷᠬᠠᠭ᠎ᠠ ᠦᠭᠡᠢ ᠪᠠᠢᠬᠤ ᠳ᠋ᠤ᠌ ᠴᠢ ᠨᠠᠮᠠᠶ᠋ᠢ ᠶᠠᠭᠠᠬᠢᠭᠠᠳ ᠢᠯᠭᠠᠵᠤ ᠦᠵᠡᠨ᠎ᠡ? ᠴᠢ ᠨᠠᠳᠠ ᠠ᠋ᠴᠠ ᠶᠠᠮᠠᠷ ᠡᠷᠳᠡᠮ ᠢ᠋ᠶ᠋ᠡᠷ ᠢᠯᠡᠭᠦᠦ ᠪᠢᠯᠡ? ᠴᠢ ᠭᠠᠭᠴᠠ ᠲᠣᠭᠰᠢᠨ ᠣᠮᠣᠭ ᠢ᠋ᠶ᠋ᠠᠷ ᠢ᠋ᠶ᠋ᠠᠨ ᠢᠯᠡᠭᠦᠦ ᠪᠢᠵᠡ᠃ ᠬᠠᠷᠪᠤᠯᠴᠠᠭᠠᠳ ᠴᠢᠮᠠᠲᠤ ᠲᠠᠢᠯᠳᠠᠪᠠᠯ ᠪᠢ ᠡᠷᠡᠬᠡᠢ ᠪᠡᠨ ᠣᠭᠲᠣᠯᠵᠤ ᠬᠠᠶᠠᠶ᠎ᠠ᠃ ᠪᠠᠷᠢᠯᠳᠤᠭᠠᠳ ᠤᠨᠠᠪᠠᠯ ᠤᠨᠠᠭᠰᠠᠨ ᠭᠠᠵᠠᠷ ᠠ᠋ᠴᠠ ᠪᠠᠨ ᠦᠯᠦ ᠪᠣᠰᠤᠶ᠎ᠠ᠃ ᠪᠢ ᠴᠢᠮᠠᠲᠤ ᠶᠠᠭᠤ ᠪᠡᠷ ᠢ᠋ᠶ᠋ᠡᠨ ᠴᠦ᠍ ᠦᠯᠦ ᠳᠡᠢᠯᠦᠭᠳᠡᠨ᠎ᠡ᠃ ᠭᠡᠪᠡᠴᠦ ᠪᠢ ᠬᠠᠭᠠᠨ ᠡᠴᠢᠭᠡ ᠲᠠᠨ ᠤ᠋ ᠵᠠᠷᠯᠢᠭ ᠢ᠋ ᠯᠡ ᠳᠠᠭᠠᠨ᠎ᠠ ᠭᠡᠵᠦ ᠬᠠᠰᠬᠢᠷᠤᠨ ᠨᠣᠴᠣᠯᠳᠤᠬᠤ ᠳ᠋ᠤ᠌ ᠵᠥᠴᠢ ᠶ᠋ᠢᠨ ᠭᠠᠷ ᠠ᠋ᠴᠠ ᠪᠣᠭᠤᠷᠴᠢ᠂ ᠴᠠᠭᠠᠲᠠᠢ ᠶ᠋ᠢᠨ ᠭᠠᠷ ᠠ᠋ᠴᠠ ᠮᠤᠬᠤᠯᠠᠢ ᠲᠠᠲᠠᠵᠤ ᠰᠠᠯᠭᠠᠪᠠ᠃ ᠴᠢᠩᠭᠢᠰ ᠬᠠᠭᠠᠨ ᠲᠡᠷᠡ ᠳᠣᠣᠷ᠎ᠠ ᠪᠠᠨ ᠳᠤᠤᠭᠠᠷᠤᠭᠰᠠᠨ ᠦᠭᠡᠢ᠂ ᠪᠦᠷ ᠠᠭᠤᠷᠯᠠᠵᠤ ᠬᠢᠯᠢᠩᠨᠡᠭᠰᠡᠨ ᠦᠭᠡᠢ ᠳ᠋ᠦ᠍ ᠭᠠᠢᠬᠠᠵᠠᠭᠠᠪᠠ᠃ ᠴᠢᠩᠭᠢᠰ ᠬᠠᠭᠠᠨ ᠰᠠᠨᠠᠭᠰᠠᠨ ᠳ᠋ᠠᠭᠠᠨ ᠬᠦᠷᠴᠦ ᠥᠪᠡᠷ ᠦ᠋ᠨ ᠬᠡᠯᠡᠬᠦ ᠭᠡᠰᠡᠨ ᠢ᠋ ᠵᠥᠴᠢ ᠴᠠᠭᠠᠲᠠᠢ ᠬᠣᠶᠠᠷ ᠢ᠋ᠶ᠋ᠠᠷ ᠥᠪᠡᠷᠰᠡᠳ ᠢ᠋ᠶ᠋ᠡᠷ ᠨᠢ ᠬᠡᠯᠡᠭᠦᠯᠵᠦ ᠴᠢᠳᠠᠭᠰᠠᠨ ᠳ᠋ᠠᠭᠠᠨ ᠰᠡᠳᠬᠢᠯ ᠬᠠᠩᠬᠤᠯᠠᠭᠤᠨ ᠳᠣᠲᠣᠷ᠎ᠠ ᠪᠠᠨ ᠢᠨᠢᠶᠡᠮᠰᠦᠭᠯᠡᠵᠦ᠂ ᠭᠠᠳᠠᠨ᠎ᠠ ᠪᠠᠨ ᠬᠥᠮᠥᠰᠬᠡ ᠵᠠᠩᠭᠢᠳᠴᠤ ᠰᠠᠭᠤᠪᠠ᠃ ᠬᠠᠷᠢᠨ ᠬᠤᠯᠠᠨ ᠴᠠᠭᠠᠲᠠᠢ ᠶ᠋ᠢᠨ ᠦᠭᠡᠨ ᠳ᠋ᠦ᠍ ᠬᠠᠴᠠᠷ ᠤᠷᠤᠭᠤ ᠪᠠᠨ ᠠᠯᠠᠭᠠᠳᠠᠭᠤᠯᠤᠭᠰᠠᠨ ᠮᠡᠲᠦ ᠴᠣᠴᠢᠵᠤ ᠬᠠᠷᠠᠴᠠ ᠪᠠᠭᠤᠯᠭᠠᠨ ᠲᠣᠩᠭᠣᠢᠪᠠ᠃ ᠮᠡᠷᠭᠢᠳ ᠦ᠋ᠨ ᠣᠷᠬᠢᠳᠠᠰᠤ ᠭᠡᠰᠡᠨ ᠨᠢ ᠪᠠᠰᠠ ᠬᠤᠯᠠᠨ ᠢ᠋ ᠬᠡᠯᠡᠭᠰᠡᠨ ᠬᠡᠷᠡᠭ ᠪᠠᠢᠪᠠ᠃ ᠳᠠᠩᠴᠤ ᠡᠨᠳᠡ ᠡᠴᠡ ᠵᠠᠢᠯᠠᠨ ᠭᠠᠷᠬᠤ ᠰᠢᠯᠲᠠᠭᠠᠨ ᠬᠤᠯᠠᠨ ᠳ᠋ᠤ᠌ ᠪᠠᠢᠭᠰᠠᠨ ᠦᠭᠡᠢ᠃ ᠡᠨᠡ ᠦᠷᠭᠦᠭᠡᠨ ᠳ᠋ᠦ᠍ ᠶᠠᠭᠤ ᠭᠡᠭᠴᠢ ᠪᠣᠯᠵᠤ ᠪᠠᠢᠭ᠎ᠠ ᠶ᠋ᠢ ᠬᠤᠯᠠᠨ ᠣᠢᠯᠠᠭᠠᠪᠠ᠃ ᠡᠨᠳᠡ ᠮᠡᠷᠭᠢᠳ ᠬᠥᠮᠦᠨ ᠬᠡᠨ ᠴᠦ᠍ ᠪᠢᠰᠢ ᠠᠵᠢ᠃ ᠵᠥᠴᠢ ᠴᠠᠭᠠᠲᠠᠢ ᠬᠣᠶᠠᠷ ᠨᠠᠮ ᠭᠦᠮ ᠦ᠋ᠨ ᠳᠤᠮᠳᠠ ᠬᠦᠨᠳᠦ ᠪᠡᠷ ᠠᠮᠢᠰᠬᠤᠭᠠᠳᠠᠨ ᠰᠠᠭᠤᠬᠤ ᠳ᠋ᠠᠭᠠᠨ ᠬᠡᠨ ᠬᠡᠨ ᠨᠢ ᠲᠦᠷᠭᠡᠳᠡᠨ ᠭᠡᠨᠡᠳᠡᠭᠰᠡᠨ ᠢ᠋ᠶ᠋ᠡᠨ ᠣᠢᠯᠠᠭᠠᠪᠠ᠃ ᠬᠠᠷᠢᠨ ᠬᠠᠭᠠᠨ ᠡᠴᠢᠭᠡ ᠶ᠋ᠢᠨ ᠢ᠋ᠶ᠋ᠡᠨ ᠲᠠᠯᠪᠢᠭᠰᠠᠨ ᠮᠡᠬᠡᠨ ᠳ᠋ᠦ᠍ ᠤᠨᠠᠭᠰᠠᠨ ᠢ᠋ᠶ᠋ᠠᠨ ᠮᠡᠳᠡᠬᠦ ᠦᠭᠡᠢ ᠪᠠᠢᠯ᠎ᠠ᠃ ᠡᠢᠮᠦ ᠬᠡᠷᠡᠭᠦᠯ ᠦ᠋ᠨ ᠳᠤᠮᠳᠠ ᠠ᠋ᠴᠠ ᠬᠠᠭᠠᠨ ᠡᠴᠢᠭᠡ ᠨᠢ ᠲᠡᠳᠡᠨ ᠦ᠌ ᠬᠡᠨ ᠢ᠋ ᠨᠢ ᠰᠣᠩᠭᠣᠬᠤ ᠦᠭᠡᠢ ᠨᠢ ᠣᠢᠯᠠᠭᠠᠮᠵᠢᠲᠠᠢ ᠪᠣᠯᠵᠠᠢ᠃ ᠬᠡᠷᠪᠡ ᠳᠠᠭᠤ ᠦᠭᠡᠢ ᠰᠠᠭᠤᠭᠰᠠᠨ ᠪᠣᠯ ᠭᠡᠵᠦ ᠴᠠᠭᠠᠲᠠᠢ ᠥᠪᠡᠷ ᠢ᠋ ᠪᠡᠨ ᠬᠠᠷᠢᠶᠠᠪᠠᠴᠤ ᠬᠣᠵᠢᠮᠳᠠᠵᠠᠢ᠃ ᠬᠡᠳᠦᠢ ᠦᠨᠡᠨ ᠴᠦ᠍ ᠭᠡᠯ᠎ᠡ ᠢᠩᠭᠢᠵᠦ ᠪᠦᠬᠦ ᠤᠯᠤᠰ ᠤ᠋ᠨ ᠶᠡᠬᠡᠰ ᠳᠡᠭᠡᠳᠦᠰ ᠦ᠋ᠨ ᠡᠮᠦᠨ᠎ᠡ ᠡᠯᠳᠡᠪ ᠢ᠋ᠶ᠋ᠡᠷ ᠭᠤᠲᠤᠭᠠᠨ ᠳᠣᠷᠣᠮᠵᠢᠯᠠᠭᠰᠠᠨ ᠴᠠᠭᠠᠲᠠᠢ ᠶ᠋ᠢ ᠶᠠᠭᠠᠬᠢᠪᠠᠴᠤ ᠥᠷᠥᠰᠢᠶᠡᠬᠦ ᠦᠭᠡᠢ ᠭᠡᠵᠦ ᠵᠥᠴᠢ ᠬᠢᠯᠢᠩᠨᠡᠨ ᠪᠣᠳᠣᠵᠤ ᠰᠠᠭᠤᠪᠠ᠃ ᠭᠡᠨᠡᠳᠲᠡ ᠳᠦᠷᠡᠯᠵᠡᠭᠰᠡᠨ ᠬᠡᠷᠡᠭᠦᠯ ᠦ᠋ᠨ ᠬᠣᠢᠨ᠎ᠠ ᠴᠢᠩᠭᠢᠰ ᠬᠠᠭᠠᠨ ᠤ᠋ ᠬᠢᠯᠢᠩᠨᠡᠬᠦ ᠡᠴᠡ ᠪᠣᠯᠭᠣᠮᠵᠢᠯᠠᠨ ᠳᠠᠬᠢᠨ ᠦᠭᠡ ᠳᠤᠤᠭᠠᠷᠬᠤ ᠵᠣᠷᠢᠭᠲᠠᠨ ᠣᠳᠣ ᠪᠠᠢᠬᠤ ᠦᠭᠡᠢ ᠪᠣᠯᠵᠠᠢ᠃ ᠪᠦᠭᠦᠳᠡ ᠴᠢᠩᠭᠢᠰ ᠬᠠᠭᠠᠨ ᠤ᠋ ᠶᠠᠭᠤ ᠬᠡᠯᠡᠬᠦ ᠶ᠋ᠢ ᠬᠦᠯᠢᠶᠡᠵᠦ ᠪᠠᠢᠯ᠎ᠠ᠃ ᠴᠢᠩᠭᠢᠰ ᠬᠠᠭᠠᠨ ᠤ᠋ ᠲᠤᠰᠢᠶᠠᠭᠰᠠᠨ ᠢ᠋ᠶ᠋ᠠᠷ ᠣᠳᠣ ᠪᠤᠭᠤᠷᠴᠢ ᠶ᠋ᠢᠨ ᠡᠭᠡᠯᠵᠢ ᠢᠷᠡᠵᠡᠢ᠃ ᠲᠦᠷᠭᠡᠳᠡᠵᠦ ᠪᠤᠷᠤᠭᠤᠳᠠᠭᠰᠠᠨ ᠵᠥᠴᠢ ᠴᠠᠭᠠᠲᠠᠢ ᠬᠣᠶᠠᠷ ᠢ᠋ ᠵᠢᠮᠡᠯᠡᠨ ᠪᠤᠷᠤᠭᠤᠰᠢᠶᠠᠵᠤ ᠣᠮᠣᠭ ᠢ᠋ ᠳᠠᠷᠤᠬᠤ ᠰᠠᠢᠬᠠᠨ ᠪᠣᠯᠤᠮᠵᠢ ᠣᠯᠳᠠᠪᠠ᠃ ᠪᠤᠭᠤᠷᠴᠢ ᠶᠠᠭᠤ ᠭᠡᠵᠦ ᠬᠡᠯᠡᠬᠦ ᠪᠡᠨ ᠰᠠᠢᠬᠠᠨ ᠮᠡᠳᠡᠵᠦ ᠪᠠᠢᠪᠠ᠃ ᠪᠤᠭᠤᠷᠴᠢ ᠲᠡᠮᠦᠵᠢᠨ ᠦ᠌ ᠬᠥᠪᠡᠭᠦᠳ ᠢ᠋ ᠬᠠᠮᠲᠤ ᠥᠰᠭᠡᠯᠴᠡᠭᠰᠡᠨ ᠲᠤᠯᠠ ᠴᠢᠩᠭᠢᠰ ᠬᠠᠭᠠᠨ ᠪᠣᠯᠤᠭᠠᠳ ᠬᠥᠪᠡᠭᠦᠳ ᠦ᠋ᠨ ᠰᠡᠳᠬᠢᠯ ᠢ᠋ ᠰᠠᠢᠲᠤᠷ ᠣᠢᠯᠠᠭᠠᠵᠤ ᠪᠢᠯᠡ᠃ 
          ᠴᠠᠩᠬ᠎ᠠ ᠨᠢ ᠬᠥᠳᠡᠯᠦᠭᠰᠡᠨ ᠠᠳᠤᠭᠤᠰᠤ ᠮᠡᠲᠦ 
          ᠴᠠᠭᠠᠲᠠᠢ ᠴᠢ ᠶᠠᠭᠤᠨ ᠳ᠋ᠤ᠌ ᠶᠠᠭᠠᠷᠠᠪᠠ 
          ᠬᠠᠭᠠᠨ ᠡᠴᠢᠭᠡ ᠴᠢᠨᠢ ᠴᠢᠮᠠᠲᠤ 
          ᠬᠠᠮᠤᠭ ᠠ᠋ᠴᠠ ᠢᠯᠡᠭᠦᠦ ᠢᠲᠡᠭᠡᠳᠡᠭ ᠪᠤᠰᠤ ᠤᠤ 
          ᠠᠯᠲᠠᠨ ᠤᠷᠤᠭ ᠤ᠋ᠨ ᠨᠡᠷ᠎ᠡ ᠶ᠋ᠢ ᠰᠡᠪᠳᠡᠭᠦᠯᠬᠦ 
          ᠠᠳᠬᠠᠭ ᠬᠣᠷᠣᠨ ᠦᠭᠡ ᠶ᠋ᠢ ᠬᠡᠯᠡᠵᠦ 
          ᠠᠳᠠᠢᠷ ᠳᠣᠭᠰᠢᠨ ᠠᠭᠠᠰᠢᠯᠠᠬᠤ 
          ᠠᠮᠠ ᠲᠠᠢ ᠨᠢ ᠭᠠᠭᠴᠠᠬᠠᠨ ᠴᠢ ᠪᠢᠯᠡ ᠤᠤ 
          ᠬᠠᠲᠠᠭᠤ ᠴᠠᠭ ᠤ᠋ᠨ ᠡᠷᠬᠡᠨ ᠳ᠋ᠦ᠍ 
          ᠬᠠᠮᠤᠭ ᠪᠦᠬᠦᠨ ᠢ᠋ ᠲᠤᠭᠤᠯᠵᠤ 
          ᠬᠠᠭᠠᠨ ᠰᠠᠭᠤᠳᠠᠯ ᠳ᠋ᠤ᠌ ᠰᠠᠭᠤᠲᠠᠯ᠎ᠠ ᠪᠠᠨ 
          ᠬᠠᠢᠷᠠᠨ ᠨᠡᠷ᠎ᠡ ᠪᠡᠨ ᠪᠣᠳᠣᠵᠤ 
          ᠬᠠᠲᠠᠮᠵᠢᠨ ᠲᠡᠮᠡᠴᠡᠭᠰᠡᠨ ᠡᠴᠢᠭᠡ ᠳ᠋ᠡᠭᠡᠨ 
          ᠬᠠᠮᠤᠭ ᠣᠯᠠᠨ ᠪᠢᠳᠡᠨ ᠳ᠋ᠡᠭᠠᠨ 
          ᠬᠠᠢᠷᠠᠲᠤ ᠠᠬ᠎ᠠ ᠵᠥᠴᠢ ᠳ᠋ᠡᠭᠡᠨ 
          ᠬᠠᠯᠠ ᠲᠠᠢ ᠦᠭᠡ ᠶ᠋ᠢ ᠬᠡᠯᠡᠬᠦ ᠨᠢ ᠶᠠᠭᠤ ᠪᠣᠢ 
          ᠥᠨᠳᠥᠷ ᠲᠩᠷᠢ ᠡᠴᠡ ᠵᠠᠶᠠᠭᠠᠲᠠᠢ 
          ᠥᠷᠥᠰᠢᠶᠡᠯᠲᠦ ᠡᠵᠡᠨ ᠴᠢᠩᠭᠢᠰ ᠬᠠᠭᠠᠨ 
          ᠥᠪᠡᠷ ᠦ᠋ᠨ ᠤᠯᠤᠰ ᠢ᠋ᠶ᠋ᠠᠨ ᠪᠠᠢᠭᠤᠯᠵᠤ 
          ᠥᠷᠥᠭᠡᠯ ᠪᠤᠰᠤᠳ ᠢ᠋ ᠬᠤᠷᠢᠶᠠᠬᠤ ᠶ᠋ᠢᠨ ᠡᠮᠦᠨ᠎ᠡ 
          ᠣᠳᠣᠲᠠᠢ ᠲᠩᠷᠢ ᠣᠷᠴᠢᠵᠤ 
          ᠣᠯᠠᠨ ᠤᠯᠤᠰ ᠪᠠᠢᠯᠳᠤᠵᠤ 
          ᠣᠷᠣᠨ ᠳ᠋ᠠᠭᠠᠨ ᠤᠨᠲᠠᠬᠤ ᠵᠠᠪ ᠦᠭᠡᠢ 
          ᠣᠯᠵᠠᠯᠠᠨ ᠪᠤᠯᠢᠶᠠᠯᠳᠤᠵᠤ ᠪᠠᠢᠪᠠ᠃ 
          ᠬᠥᠷᠥᠰᠥᠲᠦ ᠳᠡᠯᠡᠬᠡᠢ ᠬᠥᠷᠪᠡᠵᠦ 
          ᠬᠥᠪᠴᠢᠨ ᠤᠯᠤᠰ ᠬᠢᠮᠤᠷᠠᠯᠳᠤᠵᠤ 
          ᠬᠥᠨᠵᠢᠯᠡ ᠳ᠋ᠡᠭᠡᠨ ᠤᠨᠲᠠᠬᠤ ᠵᠠᠪ ᠦᠭᠡᠢ 
          ᠬᠥᠨᠦᠭᠡᠯᠳᠦᠨ ᠲᠡᠮᠡᠴᠡᠵᠦ ᠪᠠᠢᠪᠠ᠃ 
          ᠡᠷᠡᠭᠡᠯᠵᠡᠨ ᠪᠣᠳᠣᠬᠤ ᠴᠢᠯᠥᠭᠡ ᠦᠭᠡᠢ 
          ᠡᠯᠪᠡᠯᠳᠦᠨ ᠵᠢᠳᠬᠦᠵᠦ ᠶᠠᠪᠤᠪᠠ᠃ 
          ᠤᠬᠤᠷᠢᠨ ᠳᠤᠲᠠᠭᠠᠬᠤ ᠭᠠᠵᠠᠷ ᠦᠭᠡᠢ 
          ᠤᠷᠤᠭᠰᠢᠯᠠᠨ ᠪᠠᠢᠯᠳᠤᠵᠤ ᠶᠠᠪᠤᠪᠠ᠃ 
          ᠠᠮᠤᠷ ᠵᠢᠷᠭᠠᠬᠤ ᠠᠷᠭ᠎ᠠ ᠦᠭᠡᠢ 
          ᠠᠯᠠᠯᠳᠤᠨ ᠲᠡᠮᠡᠴᠡᠵᠦ ᠶᠠᠪᠤᠪᠠ᠃ 
          ᠬᠠᠭᠠᠨ ᠡᠵᠡᠨ ᠡᠴᠢᠭᠡ ᠶ᠋ᠢᠨ ᠢ᠋ᠶ᠋ᠡᠨ 
          ᠬᠠᠲᠤᠨ ᠰᠠᠢᠬᠠᠨ ᠡᠬᠡ ᠶ᠋ᠢᠨ ᠢ᠋ᠶ᠋ᠡᠨ 
          ᠬᠠᠯᠠᠭᠤᠨ ᠡᠯᠢᠭᠡ ᠶ᠋ᠢ ᠬᠥᠷᠥᠭᠡᠵᠦ 
          ᠬᠠᠢᠷᠠᠲᠤ ᠵᠢᠷᠦᠬᠡ ᠶ᠋ᠢ ᠭᠣᠮᠣᠳᠠᠭᠠᠵᠤ 
          ᠲᠣᠰᠣ ᠰᠢᠭ᠋ ᠰᠠᠨᠠᠭ᠎ᠠ ᠶ᠋ᠢ ᠴᠠᠷᠴᠠᠭᠠᠵᠤ 
          ᠰᠦ ᠰᠢᠭ ᠰᠡᠳᠬᠢᠯ ᠢ᠋ ᠡᠭᠡᠳᠡᠭᠦᠯᠵᠦ 
          ᠴᠠᠯᠴᠢᠶ᠎ᠠ ᠮᠠᠭᠤ ᠦᠭᠡ ᠶ᠋ᠢ 
          ᠴᠠᠭᠠᠲᠠᠢ ᠴᠢ ᠬᠡᠯᠡᠯ᠎ᠡ᠃ 
          ᠪᠦᠯᠢᠶᠡᠨ ᠡᠯᠢᠭᠡ ᠨᠢᠭᠡᠲᠡᠢ 
          ᠪᠥᠷᠲᠡ ᠬᠠᠲᠤᠨ ᠤ᠋ ᠬᠡᠦᠬᠡᠳ ᠦ᠋ᠳ ᠪᠢᠰᠢ ᠤᠤ 
          ᠬᠠᠯᠠᠭᠤᠨ ᠡᠯᠢᠭᠡ ᠨᠢᠭᠡᠲᠡᠢ 
          ᠬᠠᠮᠲᠤ ᠲᠥᠷᠥᠭᠰᠡᠨ ᠦᠷᠡᠰ ᠪᠢᠰᠢ ᠤᠤ 
          ᠵᠢᠷᠦᠬᠡᠨ ᠦ᠌ ᠬᠠᠢᠷᠠᠲᠤ ᠡᠬᠡ ᠶ᠋ᠢᠨ 
          ᠵᠢᠳᠬᠦᠭᠰᠡᠨ ᠠᠴᠢ ᠶ᠋ᠢ ᠮᠠᠷᠲᠠᠵᠤ 
          ᠵᠦᠢ ᠦᠭᠡᠢ ᠦᠭᠡ ᠪᠡᠷ ᠭᠣᠮᠣᠳᠠᠭᠠᠪᠠᠯ 
          ᠭᠡᠮᠰᠢᠪᠡᠴᠦ ᠨᠢᠭᠡᠨᠲᠡ ᠬᠣᠵᠢᠳᠠᠨ᠎ᠠ᠃ 
          ᠬᠡᠪᠡᠯᠢ ᠳ᠋ᠡᠭᠡᠨ ᠲᠡᠭᠡᠭᠡᠭᠰᠡᠨ ᠡᠬᠡ ᠶ᠋ᠢᠨ  
          ᠬᠡᠲᠦᠷᠬᠡᠢ ᠠᠴᠢ ᠶ᠋ᠢ ᠮᠠᠷᠲᠠᠵᠤ 
          ᠬᠡᠳᠡᠷ ᠦᠭᠡ ᠪᠡᠷ ᠭᠣᠮᠣᠳᠠᠭᠠᠪᠠᠯ 
          ᠬᠡᠵᠢᠶ᠎ᠡ ᠴᠦ᠍ ᠴᠠᠢᠷᠠᠭᠤᠯᠵᠤ ᠴᠢᠳᠠᠬᠤ ᠦᠭᠡᠢ 
          ᠬᠠᠭᠠᠨ ᠪᠣᠭᠳᠠ ᠡᠴᠢᠭᠡ ᠴᠢᠨᠢ 
          ᠬᠠᠮᠤᠭ ᠤᠯᠤᠰ ᠢ᠋ ᠪᠠᠢᠭᠤᠯᠬᠤ ᠳ᠋ᠠᠭᠠᠨ 
          ᠬᠠᠷ᠎ᠠ ᠲᠣᠯᠣᠭᠠᠢ ᠪᠠᠨ ᠬᠠᠢᠷᠠᠯᠠᠬᠤ ᠦᠭᠡᠢ      
          ᠬᠠᠯᠠᠭᠤᠨ ᠴᠢᠰᠤ ᠪᠠᠨ ᠭᠠᠮᠨᠠᠬᠤ ᠦᠭᠡᠢ 
          ᠭᠠᠷ ᠤ᠋ᠨ ᠬᠠᠨᠴᠤᠢ ᠶ᠋ᠢ ᠳᠡᠷᠡᠯᠡᠵᠦ 
          ᠭᠠᠳᠠᠭᠠᠳᠤ ᠬᠣᠷᠮᠣᠢ ᠪᠠᠨ ᠳᠡᠪᠢᠰᠴᠦ 
          ᠰᠢᠯᠦᠰᠦᠨ ᠦ᠌ ᠬᠥᠭᠡᠰᠦ ᠪᠡᠷ ᠬᠣᠭᠣᠯᠠᠯᠠᠵᠤ 
          ᠰᠢᠳᠦᠨ ᠦ᠌ ᠮᠢᠬ᠎ᠠ ᠪᠠᠷ ᠬᠣᠭᠣᠯᠠᠯᠠᠵᠤ 
          ᠮᠠᠩᠨᠠᠢ ᠶ᠋ᠢᠨ ᠬᠥᠯᠥᠰᠥ ᠶ᠋ᠢ ᠲᠣᠰᠣᠯᠠᠲᠠᠯ᠎ᠠ 
          ᠮᠠᠬᠠᠷᠠᠵᠤ ᠴᠢᠷᠮᠠᠢᠵᠤ ᠶᠠᠪᠤᠬᠤ ᠳ᠋ᠤ᠌ 
          ᠣᠯᠠᠨ ᠤ᠋ ᠬᠥᠯᠥᠰᠥ ᠶ᠋ᠢ ᠤᠷᠤᠰᠲᠠᠯ᠎ᠠ 
          ᠤᠯᠤᠰ ᠢ᠋ᠶ᠋ᠠᠨ ᠬᠤᠷᠢᠶᠠᠵᠤ ᠶᠠᠪᠤᠬᠤ ᠳ᠋ᠤ᠌ 
          ᠬᠠᠲᠤᠨ ᠡᠬᠡ ᠴᠢᠨᠢ ᠲᠠ ᠨᠠᠷ ᠢ᠋ 
          ᠬᠠᠮᠤᠭ ᠠᠶᠤᠯ ᠠ᠋ᠴᠠ ᠬᠠᠭᠠᠴᠠᠢᠯᠠᠵᠤ 
          ᠬᠠᠯᠠᠭᠤᠨ ᠪᠥᠭᠡᠷᠡᠨ ᠳ᠋ᠡᠭᠡᠨ ᠳᠤᠯᠠᠭᠠᠴᠠᠭᠤᠯᠵᠤ 
          ᠬᠠᠲᠠᠭᠤ ᠵᠣᠷᠢᠭ ᠢ᠋ᠶ᠋ᠠᠷ ᠬᠥᠮᠦᠵᠢᠭᠦᠯᠵᠦ 
          ᠬᠠᠮᠲᠤ ᠵᠣᠪᠠᠵᠤ ᠶᠠᠪᠤᠭᠰᠠᠨ ᠪᠤᠰᠤ ᠤᠤ 
          ᠣᠶᠤᠨ ᠲᠡᠭᠦᠯᠳᠡᠷ ᠡᠬᠡ ᠴᠢᠨᠢ 
          ᠣᠶᠣᠳᠠᠯᠲᠤ ᠳᠡᠪᠡᠯ ᠢ᠋ᠶ᠋ᠡᠨ ᠣᠭᠰᠢᠭᠤᠯᠵᠤ 
          ᠣᠩᠭᠣᠬᠤ ᠵᠢᠰᠦ ᠪᠡᠨ ᠬᠠᠷᠠᠯᠠᠭᠤᠯᠵᠤ 
          ᠣᠮᠣᠭ ᠵᠣᠷᠢᠭ ᠢ᠋ᠶ᠋ᠠᠨ ᠴᠢᠩᠭᠠᠯᠠᠵᠤ 
          ᠬᠥᠪᠡᠭᠦᠳ ᠲᠠ ᠨᠠᠷ ᠢ᠋ ᠥᠰᠬᠡᠬᠦ ᠶ᠋ᠢᠨ ᠲᠤᠯᠠᠳᠠ 
          ᠬᠦᠴᠦ ᠴᠢᠳᠠᠯ ᠢ᠋ᠶ᠋ᠠᠨ ᠰᠢᠪᠬᠠᠵᠤ 
          ᠵᠠᠯᠭᠢᠬᠤ ᠬᠣᠭᠣᠯᠠᠨ ᠤ᠋ ᠰᠢᠮᠡᠲᠡᠢ ᠶ᠋ᠢ 
          ᠵᠠᠶᠠᠭᠠᠭᠰᠠᠨ ᠲᠠ ᠨᠠᠷ ᠲᠤ᠌ ᠢᠳᠡᠭᠦᠯᠵᠦ 
          ᠤᠤᠭᠤᠬᠤ ᠤᠮᠳᠠᠨ ᠤ᠋ ᠳᠡᠭᠡᠵᠢ ᠶ᠋ᠢ 
          ᠤᠷᠢᠳ ᠢ᠋ᠶ᠋ᠠᠷ ᠲᠠ ᠨᠠᠷ ᠲᠤ᠌ ᠠᠮᠰᠠᠭᠤᠯᠵᠤ  
          ᠡᠳᠦᠢ ᠵᠡᠷᠭᠡ ᠳ᠋ᠦ᠍ ᠬᠦᠷᠭᠡᠬᠦ ᠭᠡᠵᠦ 
          ᠥᠯᠥᠰᠴᠦ ᠶᠠᠳᠠᠷᠠᠵᠤ ᠶᠠᠪᠤᠯ᠎ᠠ᠃ 
          ᠡᠭᠡᠮ ᠡᠴᠡ ᠴᠢᠨᠢ ᠲᠠᠲᠠᠵᠤ 
          ᠡᠷ᠎ᠡ ᠶ᠋ᠢᠨ ᠵᠡᠷᠭᠡ ᠳ᠋ᠦ᠍ ᠬᠦᠷᠭᠡᠭᠰᠡᠨ 
          ᠡᠷᠬᠢᠮ ᠠᠴᠢ ᠶ᠋ᠢ ᠰᠠᠨᠠᠵᠠᠭ᠎ᠠ 
          ᠬᠦᠵᠦᠭᠦᠨ ᠡᠴᠡ ᠴᠢᠨᠢ ᠲᠠᠲᠠᠵᠤ 
          ᠬᠥᠮᠦᠨ ᠦ᠌ ᠵᠡᠷᠭᠡ ᠲᠡᠢ ᠪᠣᠯᠭᠠᠭᠰᠠᠨ 
          ᠬᠦᠨᠳᠦᠲᠦ ᠠᠴᠢ ᠶ᠋ᠢ ᠪᠣᠳᠣᠵᠠᠭ᠎ᠠ 
          ᠪᠣᠬᠢᠷ ᠢ᠋ ᠴᠢᠨᠢ ᠠᠷᠢᠯᠭᠠᠵᠤ 
          ᠪᠣᠷᠪᠢ ᠶ᠋ᠢ ᠴᠢᠨᠢ ᠲᠡᠨᠢᠢᠯᠭᠡᠵᠦ 
          ᠡᠷ᠎ᠡ ᠶ᠋ᠢᠨ ᠵᠡᠷᠭᠡ ᠲᠡᠢ ᠪᠣᠯᠭᠠᠵᠤ 
          ᠡᠮᠡᠭᠡᠯ ᠦ᠋ᠨ ᠳᠥᠷᠦᠭᠡᠨ ᠳ᠋ᠦ᠍ ᠬᠦᠷᠭᠡᠭᠡᠳ 
          ᠡᠩᠬᠦᠷᠡᠢ ᠬᠥᠪᠡᠭᠦᠳ ᠲᠠ ᠨᠠᠷ ᠤ᠋ᠨ 
          ᠡᠷᠬᠢᠮ ᠰᠠᠢᠨ ᠢ᠋ ᠦᠵᠡᠶ᠎ᠡ ᠭᠡᠵᠦ 
          ᠡᠬᠡ ᠴᠢᠨᠢ ᠣᠳᠣ ᠪᠣᠳᠣᠵᠤ ᠪᠠᠢᠨ᠎ᠠ 
          ᠡᠴᠢᠭᠡ ᠴᠢᠨᠢ ᠣᠳᠣ ᠰᠠᠨᠠᠵᠤ ᠪᠠᠢᠨ᠎ᠠ 
          ᠨᠠᠷᠠᠨ ᠰᠢᠭ᠋ ᠭᠡᠭᠡᠨ ᠤᠬᠠᠭᠠᠨᠲᠤ 
          ᠨᠠᠪᠴᠢ ᠰᠢᠭ ᠳᠡᠯᠭᠡᠷ ᠰᠡᠳᠬᠢᠯᠲᠦ 
          ᠡᠯᠪᠡᠷᠢᠯᠳᠦ ᠬᠠᠲᠤᠨ ᠡᠬᠡ ᠶ᠋ᠢᠨ ᠢ᠋ᠶ᠋ᠡᠨ 
          ᠡᠯᠢᠭᠡ ᠶ᠋ᠢ ᠪᠦᠦ ᠡᠮᠵᠡᠭᠯᠡᠭᠦᠯ 
          ᠥᠨᠳᠥᠷ ᠲᠩᠷᠢ ᠰᠢᠭ ᠠᠴᠢᠲᠠᠢ 
          ᠥᠮᠥᠭ ᠨᠥᠮᠥᠷᠢ ᠶᠡᠬᠡᠲᠡᠢ 
          ᠥᠷᠥᠰᠢᠶᠡᠯᠲᠦ ᠡᠵᠡᠨ ᠡᠴᠢᠭᠡ ᠶ᠋ᠢᠨ ᠢ᠋ᠶ᠋ᠡᠨ 
          ᠦᠷᠦ ᠶ᠋ᠢ ᠪᠦᠦ ᠡᠪᠡᠳᠦᠭᠦᠯ ᠭᠡᠵᠦ ᠪᠤᠭᠤᠷᠴᠢ ᠤᠶᠠᠩᠭ᠎ᠠ ᠲᠠᠢ᠂ ᠤᠳᠬ᠎ᠠ ᠲᠡᠭᠦᠯᠳᠡᠷ ᠤᠷᠠᠨ ᠦᠭᠡ ᠶ᠋ᠢ ᠤᠯᠠᠮᠵᠢᠯᠠᠨ ᠬᠡᠯᠡᠬᠦ ᠳ᠋ᠦ᠍ ᠴᠠᠭᠠᠲᠠᠢ ᠢᠴᠢᠵᠦ ᠂ ᠵᠥᠴᠢ ᠤᠶᠠᠷᠠᠵᠠᠢ᠃ ᠪᠤᠭᠤᠷᠴᠢ ᠶ᠋ᠢᠨ ᠦᠨᠡᠨ ᠪᠥᠭᠡᠳ ᠤᠷᠠᠨ ᠦᠭᠡ ᠣᠯᠠᠨ ᠳ᠋ᠤ᠌ ᠲᠠᠭᠠᠰᠢᠶᠠᠭᠳᠠᠵᠤ ᠪᠦᠭᠦᠳᠡ ᠳᠦᠩᠭᠢᠨᠡᠨ ᠲᠡᠭᠦᠨ ᠢ᠋ ᠳᠡᠮᠵᠢᠭᠰᠡᠨ ᠨᠢ ᠵᠥᠴᠢ ᠴᠠᠭᠠᠲᠠᠢ ᠬᠣᠶᠠᠷ ᠤ᠋ᠨ ᠮᠠᠩᠨᠠᠢ ᠶ᠋ᠢᠨ ᠬᠥᠯᠥᠰᠥ ᠶ᠋ᠢ ᠤᠷᠤᠰᠬᠠᠵᠤ ᠮᠠᠰᠢ ᠶᠡᠬᠡ ᠠᠶᠤᠯᠭᠠᠵᠤ ᠭᠡᠮᠰᠢᠭᠦᠯᠵᠡᠢ᠃ ᠴᠢᠩᠭᠢᠰ ᠬᠠᠭᠠᠨ ᠤ᠋ ᠰᠡᠳᠬᠢᠯ ᠬᠠᠨᠵᠤ ᠴᠠᠭᠠᠲᠠᠢ ᠳ᠋ᠤ᠌ 
       | ᠴᠢ ᠵᠥᠴᠢ ᠶ᠋ᠢ ᠲᠡᠭᠡᠵᠦ ᠬᠡᠯᠡᠵᠦ ᠶᠠᠭᠠᠬᠢᠵᠤ ᠪᠣᠯᠤᠨ᠎ᠠ? ᠬᠥᠪᠡᠭᠦᠳ ᠲᠠ ᠨᠠᠷ ᠤ᠋ᠨ ᠠᠬᠠᠮᠠᠳ ᠨᠢ ᠵᠥᠴᠢ ᠶᠦᠮ᠃ ᠬᠣᠵᠢᠮ ᠪᠦᠦ ᠲᠡᠭᠡᠵᠦ ᠬᠡᠯᠡ ᠭᠡᠵᠦ ᠵᠥᠭᠡᠯᠡᠨ ᠬᠡᠯᠡᠭᠰᠡᠨ ᠨᠢ ᠨᠢᠭᠡ ᠲᠠᠯ᠎ᠠ ᠠ᠋ᠴᠠ ᠴᠠᠭᠠᠲᠠᠢ ᠶ᠋ᠢ ᠲᠠᠢᠪᠤᠰᠢᠷᠠᠭᠤᠯᠤᠭᠰᠠᠨ ᠴᠤ᠌ ᠨᠥᠭᠦᠭᠡᠲᠡᠢᠭᠦᠷ ᠵᠥᠴᠢ ᠶ᠋ᠢ ᠮᠡᠷᠭᠢᠳ ᠦ᠋ᠨ ᠬᠡᠦᠬᠡᠳ ᠭᠡᠳᠡᠭ ᠢ᠋ ᠬᠦᠯᠢᠶᠡᠨ ᠵᠥᠪᠰᠢᠶᠡᠷᠡᠭᠰᠡᠨ ᠬᠡᠷᠡᠭ ᠪᠣᠯᠪᠠ᠃ ᠴᠠᠭᠠᠲᠠᠢ ᠡᠴᠢᠭᠡ ᠶ᠋ᠢᠨ ᠦᠭᠡ ᠶ᠋ᠢᠨ ᠴᠠᠭᠠᠳᠤ ᠰᠠᠨᠠᠭ᠎ᠠ ᠶ᠋ᠢ ᠣᠢᠯᠠᠭᠠᠵᠤ 
          ᠠᠮᠠ ᠪᠠᠷ ᠠᠯᠠᠭᠰᠠᠨ ᠢ᠋ 
          ᠠᠴᠢᠵᠤ ᠪᠣᠯᠳᠠᠭ ᠦᠭᠡᠢ 
          ᠦᠭᠡ ᠪᠡᠷ ᠦᠬᠦᠭᠦᠯᠦᠭᠰᠡᠨ ᠢ᠋ 
          ᠥᠪᠴᠢᠵᠦ ᠪᠣᠯᠳᠠᠭ ᠦᠭᠡᠢ 
          ᠠᠪᠤ ᠶ᠋ᠢᠨ ᠬᠥᠪᠡᠭᠦᠳ ᠦ᠋ᠨ 
          ᠠᠬᠠᠮᠠᠳ ᠵᠥᠴᠢ ᠪᠢᠳᠡ ᠬᠣᠶᠠᠷ ᠪᠢᠵᠡ᠃ 
          ᠬᠠᠭᠠᠨ ᠡᠵᠡᠨ ᠡᠴᠢᠭᠡ ᠳ᠋ᠡᠭᠡᠨ 
          ᠬᠠᠪᠰᠤᠷᠴᠤ ᠬᠦᠴᠦ ᠪᠡᠨ ᠥᠭᠭᠦᠶ᠎ᠡ᠃ 
          ᠲᠠᠯᠲᠠᠷᠢᠨ ᠵᠠᠢᠯᠠᠭᠰᠠᠨ ᠡᠲᠡᠭᠡᠳ ᠢ᠋ 
          ᠲᠠᠰᠤ ᠴᠠᠪᠴᠢᠨ ᠰᠢᠢᠳᠬᠡᠶ᠎ᠡ 
          ᠰᠠᠯᠵᠤ ᠬᠥᠨᠳᠡᠢᠷᠡᠭᠰᠡᠨ ᠬᠡᠨ ᠢ᠋ ᠴᠦ᠍ 
          ᠰᠠᠯᠪᠠᠷᠠᠲᠠᠯ᠎ᠠ ᠴᠠᠪᠴᠢᠵᠤ ᠪᠠᠢᠶ᠎ᠠ 
          ᠥᠭᠡᠳᠡᠢ ᠳᠡᠭᠦᠦ ᠥᠷᠥᠰᠢᠶᠡᠯ ᠲᠡᠢ ᠲᠤᠯᠠ 
          ᠥᠨᠳᠥᠷ ᠰᠡᠨᠳᠡᠢ ᠳ᠋ᠦ᠍ ᠵᠠᠯᠠᠵᠤ 
          ᠥᠷᠭᠡᠨ ᠣᠯᠠᠨ ᠢ᠋ ᠵᠠᠬᠢᠷᠤᠭᠤᠯᠵᠤ 
          ᠡᠷᠭᠦᠮᠵᠢᠯᠡᠨ ᠬᠦᠨᠳᠦᠯᠡᠵᠦ ᠪᠣᠯᠤᠨ᠎ᠠ 
          ᠬᠠᠭᠠᠨ ᠡᠴᠢᠭᠡ ᠶ᠋ᠢᠨ ᠳᠡᠷᠭᠡᠳᠡ 
          ᠬᠠᠮᠲᠤ ᠣᠢᠷ᠎ᠠ ᠪᠠᠢᠯᠭᠠᠵᠤ 
          ᠪᠠᠷᠠᠭᠠᠲᠤ ᠶᠡᠬᠡ ᠮᠠᠯᠠᠭᠠᠢ ᠶ᠋ᠢ 
          ᠪᠠᠷᠢᠭᠤᠯᠤᠨ ᠮᠡᠳᠡᠭᠦᠯᠵᠦ ᠪᠣᠯᠤᠨ᠎ᠠ ᠭᠡᠵᠡᠢ᠃ ᠴᠠᠭᠠᠲᠠᠢ ᠳ᠋ᠤ᠌ ᠡᠭᠦᠨ ᠡᠴᠡ ᠥᠭᠡᠷ᠎ᠡ ᠵᠠᠮ ᠦᠯᠡᠳᠡᠭᠰᠡᠨ ᠦᠭᠡᠢ᠃ ᠠᠬᠠᠮᠠᠳ ᠬᠥᠪᠡᠭᠦᠳ ᠦ᠋ᠨ ᠬᠡᠷᠡᠭᠦᠯ ᠵᠥᠷᠢᠴᠡᠯ ᠦ᠋ᠨ ᠪᠠᠢᠳᠠᠯ ᠬᠡᠨ ᠢ᠋ ᠨᠢ ᠴᠦ᠍ ᠬᠠᠭᠠᠨ ᠰᠠᠭᠤᠷᠢᠨ ᠳ᠋ᠤ᠌ ᠡᠷᠭᠦᠮᠵᠢᠯᠡᠬᠦ ᠠᠷᠭ᠎ᠠ ᠦᠭᠡᠢ ᠳ᠋ᠦ᠍ ᠬᠦᠷᠭᠡᠪᠡ᠃ ᠦᠷᠭᠦᠭᠡᠨ ᠳ᠋ᠦ᠍ ᠴᠤᠭᠯᠠᠷᠠᠭᠰᠠᠨ ᠪᠦᠭᠦᠳᠡ ᠡᠭᠦᠨ ᠢ᠋ ᠣᠢᠯᠠᠭᠠᠵᠤ ᠪᠠᠢᠯ᠎ᠠ᠃ ᠡᠨᠡ ᠪᠣᠯ ᠴᠢᠩᠭᠢᠰ ᠬᠠᠭᠠᠨ ᠤ᠋ ᠬᠦᠰᠡᠭᠰᠡᠨ ᠶᠠᠪᠤᠳᠠᠯ ᠪᠠᠢᠪᠠ᠃ ᠲᠡᠭᠦᠨ ᠦ᠌ ᠪᠣᠳᠣᠭᠰᠠᠨ ᠢ᠋ᠶ᠋ᠠᠷ ᠵᠥᠴᠢ ᠴᠠᠭᠠᠲᠠᠢ ᠬᠣᠶᠠᠷ ᠥᠪᠡᠷ ᠢ᠋ᠶ᠋ᠡᠨ ᠥᠪᠡᠷᠰᠡᠳ ᠢ᠋ ᠲᠣᠳᠣᠷᠠᠭᠤᠯᠵᠤ ᠥᠭᠡᠳᠡᠢ ᠶ᠋ᠢ ᠥᠪᠡᠷᠰᠡᠳ ᠢ᠋ᠶ᠋ᠡᠨ ᠴᠣᠬᠣᠨ ᠨᠡᠷᠡᠯᠡᠪᠡ᠃ ᠢᠩᠭᠢᠵᠦ ᠬᠠᠮᠤᠭ ᠤ᠋ᠨ ᠲᠦᠪᠡᠭ ᠲᠡᠢ ᠬᠡᠷᠡᠭ ᠢ᠋ ᠴᠢᠩᠭᠢᠰ ᠬᠠᠭᠠᠨ ᠥᠪᠡᠷ ᠲᠡᠭᠡᠨ ᠶᠠᠯ᠎ᠠ ᠵᠢᠮ ᠪᠠᠭᠠᠲᠠᠢ ᠪᠠᠷ ᠰᠢᠢᠳᠪᠦᠷᠢᠯᠡᠭᠰᠡᠨ ᠳ᠋ᠡᠭᠡᠨ ᠪᠠᠶᠠᠷᠲᠠᠢ ᠪᠠᠢᠯ᠎ᠠ᠃ ᠥᠭᠡᠳᠡᠢ ᠶ᠋ᠢ ᠡᠷᠭᠦᠮᠵᠢᠯᠡᠬᠦ ᠶ᠋ᠢ ᠵᠥᠴᠢ ᠳᠠᠭᠤᠨ ᠳᠡᠭᠡᠷ᠎ᠡ ᠳᠡᠮᠵᠢᠪᠡ᠃ 
       | ᠴᠠᠭᠠᠲᠠᠢ ᠶ᠋ᠢᠨ ᠬᠡᠯᠡᠭᠰᠡᠨ ᠶᠣᠰᠣᠭᠠᠷ ᠪᠢᠳᠡ ᠬᠣᠶᠠᠷ ᠬᠠᠭᠠᠨ ᠡᠴᠢᠭᠡ ᠲᠠᠨ ᠳ᠋ᠤ᠌ ᠬᠠᠪᠰᠤᠷᠴᠤ ᠬᠦᠴᠦ ᠥᠭᠭᠦᠶ᠎ᠡ᠃ ᠥᠭᠡᠳᠡᠢ ᠶ᠋ᠢ ᠡᠷᠭᠦᠮᠵᠢᠯᠡᠶ᠎ᠡ ᠭᠡᠵᠡᠢ᠃ ᠴᠢᠩᠭᠢᠰ ᠬᠠᠭᠠᠨ ᠰᠡᠳᠬᠢᠯ ᠳᠦᠭᠦᠷᠡᠩ ᠢᠨᠢᠶᠡᠮᠰᠦᠭᠯᠡᠵᠦ 
       | ᠬᠠᠪᠰᠤᠷᠬᠤ ᠶᠠᠭᠤ ᠪᠣᠢ? ᠡᠬᠡ ᠳᠡᠯᠡᠬᠡᠢ ᠠᠭᠤᠤ ᠠᠭᠤᠵᠢᠮ᠂ ᠤᠰᠤ ᠮᠥᠷᠡᠨ ᠣᠯᠠᠨ᠃ ᠲᠠ ᠬᠣᠶᠠᠷ ᠢ᠋ ᠬᠠᠷᠢ ᠤᠯᠤᠰ ᠡᠵᠡᠯᠡᠭᠦᠯᠦᠨ ᠲᠤᠰ ᠲᠤᠨᠢ ᠰᠠᠭᠤᠯᠭᠠᠶ᠎ᠠ᠃ ᠥᠪᠡᠷ ᠥᠪᠡᠷ ᠦ᠋ᠨ ᠨᠤᠲᠤᠭ ᠢ᠋ ᠥᠷᠭᠡᠳᠬᠡᠵᠦ ᠶᠠᠪᠤᠭᠲᠤᠨ᠃ ᠬᠠᠷᠢᠨ ᠵᠥᠴᠢ ᠴᠠᠭᠠᠲᠠᠢ ᠲᠠ ᠬᠣᠶᠠᠷ ᠬᠡᠯᠡᠭᠰᠡᠨ ᠦᠭᠡᠨ ᠳ᠋ᠡᠭᠡᠨ ᠬᠦᠷᠴᠦ ᠠᠷᠠᠳ ᠤ᠋ᠨ ᠢᠨᠢᠶᠡᠳᠦᠮ᠂ ᠠᠮᠢᠲᠠᠨ ᠤ᠋ ᠲᠣᠭᠯᠠᠭᠠᠮ ᠪᠣᠯᠬᠤ ᠦᠭᠡᠢ ᠡᠪ ᠲᠡᠢ ᠶᠠᠪᠤᠭᠲᠤᠨ᠃ ᠡᠷᠲᠡ ᠴᠠᠭ ᠲᠤ᠌ ᠠᠯᠲᠠᠨ᠂ ᠬᠣᠴᠢᠷ ᠨᠠᠷ ᠡᠨᠡ ᠮᠡᠲᠦ ᠦᠭᠡ ᠠᠮᠠᠯᠠᠭᠠᠳ ᠡᠴᠦᠰ ᠲᠦ᠋ᠨᠢ ᠬᠡᠯᠡᠭᠰᠡᠨ ᠳ᠋ᠡᠭᠡᠨ ᠬᠦᠷᠦᠯ ᠦᠭᠡᠢ ᠨᠢᠴᠤᠵᠤ᠂ ᠬᠡᠨ ᠳ᠋ᠦ᠍ ᠶᠠᠭᠠᠬᠢᠵᠤ ᠴᠠᠭᠠᠵᠠᠯᠠᠭᠳᠠᠭᠰᠠᠨ ᠢ᠋ ᠲᠠ ᠬᠣᠶᠠᠷ ᠦᠵᠡᠭᠰᠡᠨ᠃ ᠣᠳᠣ ᠪᠢ ᠲᠠ ᠬᠣᠶᠠᠷ ᠲᠤ᠌ ᠠᠯᠲᠠᠨ᠂ ᠬᠣᠴᠢᠷ ᠬᠣᠶᠠᠷ ᠤ᠋ᠨ ᠬᠠᠷᠢᠶᠠᠲᠤ ᠨᠠᠷ ᠢ᠋ ᠬᠤᠪᠢᠶᠠᠵᠤ ᠥᠭᠭᠦᠨ᠎ᠡ᠃ ᠲᠡᠳᠡᠨ ᠢ᠋ ᠦᠵᠡᠵᠦ ᠴᠡᠭᠡᠷᠯᠡᠯ ᠪᠣᠯᠭᠠᠨ ᠰᠠᠨᠠᠵᠤ ᠶᠠᠪᠤᠭᠲᠤᠨ ᠭᠡᠵᠡᠢ᠃ ᠬᠥᠪᠡᠭᠦᠳ ᠦ᠋ᠨ ᠬᠡᠷᠡᠭᠦᠯ ᠲᠡᠮᠡᠴᠡᠯ ᠬᠠᠷᠢᠨ ᠴᠤ᠌ ᠠᠶᠠᠲᠠᠢ ᠵᠦᠢᠲᠡᠢ ᠰᠢᠢᠳᠦᠭᠰᠡᠨ ᠳ᠋ᠦ᠍ ᠪᠦᠭᠦᠳᠡ ᠪᠠᠶᠠᠷ ᠲᠠᠢ ᠪᠣᠯᠵᠠᠢ᠃ ᠥᠭᠡᠳᠡᠢ ᠶ᠋ᠢ ᠲᠡᠭᠦᠨ ᠦ᠌ ᠬᠥᠪᠡᠭᠦᠳ ᠵᠠᠯᠭᠠᠮᠵᠢᠯᠠᠬᠤ ᠶ᠋ᠢ ᠵᠠᠷᠯᠢᠭ ᠪᠣᠯᠭᠠᠵᠤ ᠥᠭᠡᠳᠡᠢ ᠶ᠋ᠢᠨ ᠬᠥᠪᠡᠭᠦᠳ ᠬᠠᠭᠠᠨ ᠰᠠᠭᠤᠷᠢᠨ ᠳ᠋ᠤ᠌ ᠲᠣᠬᠢᠷᠠᠬᠤ ᠦᠭᠡᠢ ᠠᠪᠠᠰᠤ ᠠᠯᠲᠠᠨ ᠤᠷᠤᠭ ᠤ᠋ᠨ ᠬᠥᠪᠡᠭᠦᠳ ᠳᠣᠲᠣᠷ᠎ᠠ ᠠ᠋ᠴᠠ ᠬᠡᠨ ᠲᠣᠬᠢᠷᠠᠬᠤ ᠶ᠋ᠢ ᠡᠷᠭᠦᠮᠵᠢᠯᠡᠬᠦ ᠵᠠᠷᠯᠢᠭ ᠪᠠᠭᠤᠯᠭᠠᠭᠰᠠᠨ ᠢ᠋ ᠰᠢᠭᠢᠬᠤᠲᠤᠭ ᠬᠥᠬᠡ ᠳᠡᠪᠲᠡᠷ ᠲᠦ᠍ ᠪᠢᠴᠢᠵᠦ ᠬᠥᠪᠡᠭᠦᠳ ᠲᠦ᠍ ᠡᠭᠦᠷᠢᠳᠡ ᠮᠥᠷᠳᠡᠭᠦᠯᠬᠦ ᠪᠡᠷ ᠥᠭᠴᠡᠢ᠃ ᠡᠨᠡ ᠶᠠᠪᠤᠳᠠᠯ ᠴᠢᠩᠭᠢᠰ ᠬᠠᠭᠠᠨ ᠢ᠋ ᠰᠢᠨᠠᠯᠭᠠᠵᠤ ᠪᠠᠢᠭᠰᠠᠨ ᠣᠯᠠᠨ ᠵᠦᠢᠯ ᠢ᠋ ᠪᠠᠢᠷᠢᠨ ᠳ᠋ᠤ᠌ ᠲᠠᠯᠪᠢᠵᠤ᠂ ᠣᠰᠣᠯ ᠡᠨᠳᠡᠭᠳᠡᠯ ᠦᠭᠡᠢ ᠰᠢᠢᠳᠪᠡ᠃ ᠴᠢᠩᠭᠢᠰ ᠬᠠᠭᠠᠨ ᠵᠥᠴᠢ ᠶ᠋ᠢ ᠨᠢᠭᠡᠨᠲᠡ ᠮᠡᠷᠭᠢᠳ ᠴᠢᠰᠤᠲᠠᠢ ᠶ᠋ᠢ ᠣᠯᠠᠨ ᠳ᠋ᠤ᠌ ᠲᠤᠩᠬᠠᠭᠯᠠᠵᠤ᠂ ᠲᠡᠭᠦᠨ ᠡᠴᠡ ᠬᠣᠢᠰᠢ ᠵᠥᠴᠢ ᠶ᠋ᠢᠨ ᠦᠷ᠎ᠡ ᠰᠠᠲᠤ ᠬᠠᠭᠠᠨ ᠰᠢᠷᠡᠭᠡᠨ ᠳ᠋ᠦ᠍ ᠰᠠᠭᠤᠬᠤ ᠶᠣᠰᠣ ᠦᠭᠡᠢ ᠶ᠋ᠢ ᠬᠠᠲᠠᠭᠤ ᠣᠢᠯᠠᠭᠠᠭᠤᠯᠵᠤ ᠴᠢᠳᠠᠪᠠ᠃ ᠮᠥᠨ ᠵᠥᠪᠬᠡᠨ ᠴᠢᠩᠭᠢᠰ ᠬᠠᠭᠠᠨ ᠤ᠋ ᠲᠥᠷᠥᠭᠰᠡᠨ ᠬᠥᠪᠡᠭᠦᠳ ᠦ᠋ᠨ ᠦᠷ᠎ᠡ ᠰᠠᠲᠤ ᠶ᠋ᠢ ᠠᠯᠲᠠᠨ ᠤᠷᠤᠭ ᠭᠡᠵᠦ ᠲᠣᠭᠠᠴᠠᠨ ᠦᠶ᠎ᠡ ᠵᠠᠯᠭᠠᠮᠵᠢᠯᠠᠭᠤᠯᠬᠤ ᠵᠢᠷᠤᠮ ᠢ᠋ ᠪᠠᠲᠤᠯᠠᠪᠠ᠃ ᠲᠥᠷᠥᠭᠰᠡᠨ ᠳᠡᠭᠦᠦ ᠬᠠᠰᠠᠷ ᠤ᠋ᠨ ᠡᠷᠬᠡ ᠪᠤᠯᠢᠶᠠᠯᠳᠤᠬᠤ ᠶᠠᠪᠤᠳᠠᠯ ᠢ᠋ ᠡᠨᠡ ᠵᠠᠷᠯᠢᠭ ᠢ᠋ᠶ᠋ᠠᠷ ᠦᠭᠡᠢ ᠪᠣᠯᠭᠠᠪᠠ᠃ ᠬᠠᠮᠤᠭ ᠤ᠋ᠨ ᠭᠣᠣᠯ ᠨᠢ ᠬᠠᠭᠠᠨ ᠰᠠᠭᠤᠳᠠᠯ ᠤ᠋ᠨ ᠲᠥᠯᠦᠭᠡᠬᠢ ᠬᠥᠪᠡᠭᠦᠳ ᠦ᠋ᠨ ᠲᠡᠮᠡᠴᠡᠯ ᠳᠤᠮᠳᠠ ᠠ᠋ᠴᠠ ᠴᠢᠩᠭᠢᠰ ᠬᠠᠭᠠᠨ ᠣᠯᠠᠨ ᠤ᠋ ᠡᠮᠦᠨ᠎ᠡ ᠨᠡᠷ᠎ᠡ ᠴᠡᠪᠡᠷ᠂ ᠰᠦᠷ ᠪᠦᠲᠦᠨ ᠭᠠᠷᠴᠤ ᠴᠢᠳᠠᠪᠠ᠃ ᠣᠳᠣ ᠬᠡᠨ ᠴᠦ᠍ ᠭᠡᠰᠡᠨ ᠵᠥᠴᠢ ᠶ᠋ᠢ ᠮᠡᠷᠭᠢᠳ ᠴᠢᠰᠤᠨ ᠤ᠋ ᠬᠢ ᠭᠡᠳᠡᠭ ᠲᠦ᠍ ᠡᠷᠡᠭᠡᠯᠵᠡᠬᠦ ᠦᠭᠡᠢ ᠪᠣᠯᠤᠭᠰᠠᠨ ᠴᠤ᠌ ᠵᠥᠴᠢ ᠬᠥᠪᠡᠭᠦᠨ ᠢ᠋ᠶ᠋ᠡᠨ ᠠᠳᠠ ᠦᠵᠡᠭᠰᠡᠨ ᠭᠡᠵᠦ ᠪᠥᠷᠲᠡ ᠲᠡᠭᠦᠨ ᠢ᠋ ᠬᠡᠯᠡᠬᠦ ᠦᠭᠡᠢ ᠪᠣᠯᠪᠠ᠃ ᠬᠤᠷᠽᠸᠮ ᠲᠠᠢ ᠬᠢᠬᠦ ᠶᠡᠬᠡ ᠲᠡᠢᠨ ᠦ᠌ ᠡᠮᠦᠨ᠎ᠡ ᠴᠢᠩᠭᠢᠰ ᠬᠠᠭᠠᠨ ᠤ᠋ ᠵᠠᠯᠭᠠᠮᠵᠢᠯᠠᠭᠴᠢ ᠲᠣᠳᠣᠷᠠᠭᠰᠠᠨ ᠨᠢ ᠲᠡᠭᠦᠨ ᠦ᠌ ᠰᠦᠷ ᠬᠦᠴᠦ ᠠᠮᠵᠢᠯᠲᠠ ᠶ᠋ᠢ ᠪᠡᠬᠢᠵᠢᠭᠦᠯᠪᠡ᠃ ᠣᠳᠣ ᠲᠡᠳᠡᠨ ᠦ᠌ ᠡᠮᠦᠨ᠎ᠡ ᠡᠷᠡᠭᠡᠯᠵᠡᠬᠦ ᠶᠠᠭᠤᠮ᠎ᠠ ᠦᠭᠡᠢ ᠪᠣᠯᠵᠤ ᠨᠢᠭᠡᠨ ᠴᠢᠭ ᠲᠦ᠍ ᠵᠣᠷᠢᠭ ᠢ᠋ᠶ᠋ᠠᠷ ᠳᠠᠢᠳᠤᠬᠤ ᠦᠯᠡᠳᠡᠪᠡ᠃ 
       ᠭᠠᠳᠠᠨ᠎ᠠ ᠠ᠋ᠴᠠ ᠬᠠᠷᠠᠬᠤ ᠳ᠋ᠤ᠌ ᠬᠢᠯᠪᠠᠷᠬᠠᠨ ᠰᠠᠨᠠᠭᠰᠠᠨ ᠢ᠋ᠶ᠋ᠠᠷ ᠰᠢᠢᠳᠦᠭᠳᠡᠭᠰᠡᠨ ᠡᠨᠡ ᠬᠡᠷᠡᠭ ᠠᠷᠤ ᠠ᠋ᠴᠠ ᠪᠠᠨ ᠶᠠᠮᠠᠷ ᠦᠷ᠎ᠡ ᠤᠷᠰᠢᠭ ᠳᠠᠭᠠᠭᠤᠯᠵᠤ ᠪᠣᠯᠬᠤ ᠶ᠋ᠢ ᠴᠢᠩᠭᠢᠰ ᠬᠠᠭᠠᠨ ᠲᠠᠭᠠᠮᠠᠭᠯᠠᠭᠰᠠᠨ ᠦᠭᠡᠢ ᠨᠢ ᠤᠳᠠᠬᠤ ᠦᠭᠡᠢ ᠢᠯᠡ ᠪᠣᠯᠵᠠᠢ᠃ ᠵᠥᠪᠬᠡᠨ ᠠᠯᠲᠠᠨ ᠤᠷᠤᠭ ᠤ᠋ᠨ ᠬᠥᠪᠡᠭᠦᠳ ᠢ᠋ ᠬᠠᠭᠠᠨ ᠰᠠᠭᠤᠳᠠᠯ ᠳ᠋ᠤ᠌ ᠰᠠᠭᠤᠯᠭᠠᠬᠤ ᠴᠢᠩᠭᠢᠰ ᠬᠠᠭᠠᠨ ᠤ᠋ ᠵᠠᠷᠯᠢᠭ ᠯᠠᠪᠲᠠᠢ ᠬᠣᠶᠠᠷ ᠬᠥᠮᠦᠨ ᠳ᠋ᠦ᠍ ᠲᠠᠭᠠᠯᠠᠭᠳᠠᠭᠰᠠᠨ ᠦᠭᠡᠢ᠃ ᠠᠳᠠᠯᠢ ᠲᠡᠭᠰᠢ ᠡᠷᠬᠡ ᠲᠡᠢ ᠶᠢᠰᠦᠭᠡᠢ ᠶ᠋ᠢᠨ ᠬᠥᠪᠡᠭᠦᠨ ᠠᠲᠠᠯ᠎ᠠ ᠬᠠᠰᠠᠷ ᠪᠣᠯᠤᠭᠠᠳ ᠲᠡᠭᠦᠨ ᠦ᠌ ᠬᠥᠪᠡᠭᠦᠳ ᠢ᠋ ᠡᠢᠨ ᠪᠤᠰᠤᠳ ᠤ᠋ᠨ ᠠᠳᠠᠯᠢ ᠢᠯᠭᠠᠨ ᠦᠵᠡᠭᠰᠡᠨ ᠨᠢ ᠬᠠᠰᠠᠷ ᠢ᠋ ᠠᠭᠤᠷᠯᠠᠭᠤᠯᠵᠤ ᠡᠨᠡ ᠪᠠᠢᠳᠠᠯ ᠨᠢ ᠲᠡᠭᠦᠨ ᠢ᠋ ᠦᠭᠡ ᠬᠥᠳᠡᠯᠭᠡᠭᠡᠨ ᠪᠦᠷᠢ ᠳ᠋ᠦ᠍ ᠢᠯᠡᠷᠡᠬᠦ ᠪᠣᠯᠤᠭᠰᠠᠨ ᠢ᠋ ᠴᠢᠩᠭᠢᠰ ᠬᠠᠭᠠᠨ ᠮᠡᠳᠡᠵᠦ ᠪᠠᠢᠪᠠ᠃ ᠮᠥᠨ ᠥᠭᠡᠳᠡᠢ ᠶ᠋ᠢ ᠡᠷᠭᠦᠮᠵᠢᠯᠡᠭᠰᠡᠨ ᠨᠢ ᠬᠤᠯᠠᠨ ᠳ᠋ᠤ᠌ ᠣᠭᠲᠣᠬᠠᠨ ᠴᠤ᠌ ᠲᠠᠭᠠᠰᠢᠶᠠᠭᠳᠠᠭᠰᠠᠨ ᠦᠭᠡᠢ ᠪᠡᠷ ᠪᠠᠷᠠᠬᠤ ᠦᠭᠡᠢ ᠲᠡᠭᠦᠨ ᠢ᠋ ᠮᠡᠷᠭᠢᠳ ᠤᠳᠤᠮ ᠢ᠋ᠶ᠋ᠠᠷ ᠨᠢ ᠭᠤᠲᠤᠭᠠᠨ ᠳᠣᠷᠣᠮᠵᠢᠯᠠᠭᠰᠠᠨ ᠬᠡᠷᠡᠭ ᠭᠡᠵᠦ ᠲᠡᠷᠡ ᠦᠵᠡᠵᠡᠢ᠃ ᠥᠭᠡᠳᠡᠢ ᠪᠣᠯ ᠬᠤᠯᠠᠨ ᠢ᠋ ᠲᠡᠮᠦᠵᠢᠨ ᠳ᠋ᠦ᠍ ᠢᠷᠡᠭᠰᠡᠨ ᠡᠴᠡ ᠬᠣᠢᠰᠢ ᠳᠤᠷ᠎ᠠ ᠦᠭᠡᠢ ᠭᠡᠳᠡᠭ ᠢ᠋ᠶ᠋ᠡᠨ ᠰᠢᠭᠤᠳ ᠢᠯᠡᠷᠬᠡᠢᠯᠡᠭᠰᠡᠨ ᠴᠥᠭᠡᠨ ᠬᠥᠮᠦᠨ ᠦ᠌ ᠨᠢᠭᠡ ᠪᠠᠢᠪᠠ᠃ 
       | ᠡᠨᠡ ᠮᠠᠭᠤ ᠮᠡᠷᠭᠢᠳ ᠦ᠋ᠨ ᠵᠠᠯᠢᠲᠤ ᠡᠮ᠎ᠡ᠂ ᠦᠨᠡᠭᠡᠨ ᠰᠢᠮᠨᠤ ᠭᠡᠵᠦ ᠬᠠᠷᠢᠶᠠᠳᠠᠭ ᠢ᠋ ᠰᠢᠪᠡᠭᠴᠢᠨ ᠨᠢ ᠣᠯᠠᠨᠲᠠ ᠰᠣᠨᠣᠰᠴᠤ ᠬᠣᠪ ᠵᠥᠭᠡᠭᠡᠭᠰᠡᠨ ᠪᠢᠯᠡ᠃ ᠡᠬᠡ ᠶ᠋ᠢᠨ ᠢ᠋ᠶ᠋ᠡᠨ ᠦᠵᠡᠭᠰᠡᠨ ᠵᠣᠪᠠᠯᠠᠩ ᠠ᠋ᠴᠠ ᠡᠭᠦᠳᠦᠨ ᠥᠭᠡᠳᠡᠢ ᠮᠡᠷᠭᠢᠳ ᠬᠥᠮᠦᠨ ᠢ᠋ ᠢᠯᠡᠳᠲᠡ ᠦᠵᠡᠨ ᠶᠠᠳᠠᠬᠤ ᠪᠣᠯᠵᠠᠢ᠃ ᠭᠡᠲᠡᠯ᠎ᠡ ᠣᠳᠣ ᠥᠭᠡᠳᠡᠢ ᠬᠠᠭᠠᠨ ᠰᠠᠭᠤᠳᠠᠯ ᠳ᠋ᠤ᠌ ᠰᠠᠭᠤᠬᠤ ᠪᠣᠯᠤᠭᠰᠠᠨ ᠨᠢ ᠬᠤᠯᠠᠨ ᠢ᠋ ᠮᠤᠬᠤᠷᠳᠠᠭᠤᠯᠪᠠ᠃ ᠬᠡᠨ ᠢ᠋ᠶ᠋ᠡᠷ ᠬᠠᠭᠠᠨ ᠰᠠᠭᠤᠷᠢ ᠪᠠᠨ ᠵᠠᠯᠭᠠᠮᠵᠢᠯᠠᠭᠤᠯᠬᠤ ᠭᠡᠵᠦ ᠪᠣᠢ ᠪᠠᠨ ᠨᠢᠭᠤᠭᠰᠠᠨ ᠳ᠋ᠤᠨᠢ ᠬᠤᠯᠠᠨ ᠲᠡᠮᠦᠵᠢᠨ ᠳ᠋ᠦ᠍ ᠶᠡᠬᠡ ᠭᠣᠮᠣᠳᠠᠵᠠᠢ᠃ ᠲᠡᠮᠦᠵᠢᠨ ᠲᠡᠭᠦᠨ ᠳ᠋ᠦ᠍ ᠨᠢᠭᠡᠨᠲᠡ ᠬᠠᠢᠷ᠎ᠠ ᠦᠭᠡᠢ ᠪᠣᠯᠵᠠᠢ ᠭᠡᠵᠦ ᠬᠤᠯᠠᠨ ᠭᠣᠮᠣᠳᠠᠨ ᠤᠬᠢᠯᠠᠬᠤ ᠳ᠋ᠤ᠌ ᠶᠦᠩᠴᠢ ᠡᠳᠦᠷ ᠲᠦ᠍ ᠲᠣᠭᠲᠠᠮᠠᠯ ᠤᠤᠭᠤᠯᠭᠠᠳᠠᠭ ᠦᠵᠦᠮ ᠦ᠋ᠨ ᠨᠢᠯᠠᠭᠤᠨ ᠰᠢᠭᠦᠰᠦ ᠪᠡᠨ ᠪᠠᠷᠢᠭᠰᠠᠭᠠᠷ ᠳᠡᠷᠭᠡᠳᠡ ᠨᠢ ᠵᠣᠭᠰᠣᠵᠤ ᠪᠠᠢᠪᠠ᠃ ᠲᠡᠭᠦᠨ ᠳ᠋ᠦ᠍ ᠦᠨᠡᠬᠡᠷ ᠳᠡᠭᠡᠭᠰᠢ ᠲᠩᠷᠢ ᠬᠣᠯᠠ ᠳᠣᠭᠣᠭᠰᠢ ᠭᠠᠵᠠᠷ ᠬᠠᠲᠠᠭᠤ ᠭᠡᠭᠴᠢ ᠯᠡ ᠪᠣᠯᠬᠤ ᠠᠵᠢ᠃ ᠦᠵᠦᠮ ᠦ᠋ᠨ ᠰᠢᠭᠦᠰᠦ ᠪᠡᠨ ᠤᠤᠭᠤᠴᠢᠬᠠᠭᠠᠳ ᠬᠤᠯᠠᠨ ᠭᠡᠨᠡᠳᠲᠡ ᠶᠦᠩᠴᠢ ᠶ᠋ᠢᠨ ᠡᠩᠭᠡᠷ ᠲᠦ᠍ ᠨᠠᠭᠠᠯᠳᠤᠨ ᠠᠰᠬᠠᠷᠠᠲᠠᠯ᠎ᠠ ᠤᠬᠢᠯᠠᠵᠠᠢ᠃ ᠬᠤᠯᠠᠨ ᠬᠠᠲᠤᠨ ᠤ᠋ ᠡᠨᠡ ᠠᠭᠠᠰᠢ ᠶᠦᠩᠴᠢ ᠳ᠋ᠦ᠍ ᠰᠣᠨᠢᠨ ᠪᠢᠰᠢ ᠲᠤᠯᠠ ᠲᠡᠷᠡ ᠵᠦᠭᠡᠷ ᠯᠡ ᠬᠥᠮᠦᠨ ᠴᠢᠯᠠᠭᠤ ᠰᠢᠭ᠋ ᠬᠥᠳᠡᠯᠭᠡᠭᠡᠨ ᠦᠭᠡᠢ ᠵᠣᠭᠰᠣᠵᠤ ᠪᠠᠢᠪᠠ᠃ ᠬᠠᠷᠢᠨ ᠬᠤᠯᠠᠨ ᠲᠡᠭᠦᠨ ᠢ᠋ ᠲᠠᠢᠭᠠᠨ ᠭᠡᠳᠡᠭ ᠢ᠋ ᠮᠠᠷᠲᠠᠵᠠᠢ᠃ ᠬᠤᠯᠠᠨ ᠤ᠋ ᠡᠰᠡᠷᠭᠦᠴᠡᠯ ᠳᠤᠷ᠎ᠠ ᠦᠭᠡᠢᠴᠡᠯ ᠤᠬᠢᠯᠠᠬᠤ ᠤᠢᠳᠬᠠᠷᠯᠠᠬᠤ ᠲᠡᠳᠦᠢ ᠪᠡᠷ ᠳᠠᠭᠤᠰᠤᠭᠰᠠᠨ ᠪᠣᠯ ᠬᠠᠰᠠᠷ ᠤ᠋ᠨ ᠭᠣᠮᠣᠳᠠᠯ ᠶᠠᠭᠤᠨ ᠳ᠋ᠤ᠌ ᠴᠤ᠌ ᠬᠦᠷᠭᠡᠵᠦ ᠪᠣᠯᠬᠤ ᠪᠢᠯᠡ᠃ ᠠᠯᠲᠠᠨ ᠤᠯᠤᠰ ᠤ᠋ᠨ ᠵᠡᠭᠦᠨ ᠬᠣᠢᠲᠤ ᠨᠤᠲᠤᠭ ᠢ᠋ ᠪᠦᠷᠢᠨ ᠳᠠᠭᠠᠭᠤᠯᠤᠭᠠᠳ ᠣᠯᠵᠠ ᠣᠮᠣᠭ ᠳᠦᠭᠦᠷᠡᠩ ᠢᠷᠡᠭᠰᠡᠨ ᠡᠴᠡ ᠬᠣᠢᠰᠢ ᠬᠠᠰᠠᠷ ᠲᠡᠮᠦᠵᠢᠨ ᠲᠡᠢ ᠶᠡᠬᠡ ᠯᠡ ᠨᠠᠢᠷᠲᠠᠢ ᠰᠠᠢᠬᠠᠨ ᠬᠠᠷᠢᠯᠴᠠᠭ᠎ᠠ ᠲᠠᠢ ᠪᠠᠢᠭᠰᠠᠨ ᠪᠢᠯᠡ᠃ ᠬᠠᠰᠠᠷ ᠣᠳᠣ ᠬᠢᠩᠭᠠᠨ ᠤ᠋ ᠨᠢᠷᠤᠭᠤᠨ ᠤ᠋ ᠠᠷᠤ ᠳ᠋ᠤ᠌ ᠨᠤᠲᠤᠭᠯᠠᠵᠤ ᠰᠢᠨ᠎ᠡ ᠪᠡᠷ ᠡᠵᠡᠯᠡᠭᠰᠡᠨ ᠨᠤᠲᠤᠭ ᠢ᠋ᠶ᠋ᠠᠨ ᠬᠠᠮᠢᠶᠠᠷᠤᠨ ᠰᠠᠭᠤᠭ᠎ᠠ ᠳ᠋ᠠᠭᠠᠨ ᠰᠡᠳᠬᠢᠯ ᠬᠠᠩᠬᠤᠯᠤᠭᠤᠨ ᠪᠠᠢᠵᠠᠢ᠃ ᠬᠠᠷᠢᠨ ᠬᠤᠷᠽᠸᠮ ᠤᠯᠤᠰ ᠢ᠋ ᠳᠠᠢᠯᠠᠬᠤ ᠶ᠋ᠢᠨ ᠡᠰᠡᠷᠭᠦ ᠪᠠᠢᠭᠰᠠᠨ ᠠ᠋ᠴᠠ ᠪᠣᠯᠵᠤ ᠶᠡᠬᠡ ᠬᠤᠷᠠᠯᠲᠠᠢ ᠶ᠋ᠢᠨ ᠦᠶ᠎ᠡ ᠪᠡᠷ ᠲᠡᠮᠦᠵᠢᠨ ᠬᠠᠰᠠᠷ ᠨᠠᠷ ᠤ᠋ᠨ ᠬᠣᠭᠣᠷᠣᠨᠳᠣ ᠪᠠᠭ᠎ᠠ ᠦᠭᠡᠢ ᠵᠥᠷᠢᠯᠳᠦᠭᠡᠨ ᠡᠭᠦᠰᠦᠭᠰᠡᠨ ᠴᠦ᠍ ᠨᠢᠭᠡᠨᠲᠡ ᠣᠯᠠᠩᠬᠢ ᠪᠠᠷ ᠰᠢᠢᠳᠦᠭᠰᠡᠨ ᠲᠤᠯᠠ ᠬᠠᠰᠠᠷ ᠳᠠᠬᠢᠨ ᠡᠰᠡᠷᠭᠦᠴᠡᠭᠰᠡᠨ ᠦᠭᠡᠢ ᠪᠢᠯᠡ᠃ ᠭᠡᠲᠡᠯ᠎ᠡ ᠣᠭᠲᠣ ᠰᠠᠨᠠᠭᠠᠨ ᠳ᠋ᠤ᠌ ᠦᠭᠡᠢ ᠪᠠᠢᠲᠠᠯ᠎ᠠ ᠬᠡᠷᠡᠭᠦᠯ ᠦ᠋ᠨ ᠦᠷ᠎ᠡ ᠳᠠᠬᠢᠨ ᠳᠡᠯᠭᠡᠷᠡᠵᠡᠢ᠃ ᠬᠠᠰᠠᠷ ᠪᠣᠯᠤᠭᠠᠳ ᠲᠡᠭᠦᠨ ᠦ᠌ ᠦᠷ᠎ᠡ ᠤᠳᠤᠮ ᠤ᠋ᠨ ᠶᠡᠬᠡ ᠮᠣᠩᠭᠣᠯ ᠤᠯᠤᠰ ᠤ᠋ᠨ ᠲᠥᠷᠥ ᠶ᠋ᠢ ᠪᠠᠷᠢᠯᠴᠠᠬᠤ ᠡᠷᠬᠡ ᠶ᠋ᠢ ᠬᠦᠴᠦ ᠪᠡᠷ ᠪᠤᠯᠢᠶᠠᠨ ᠠᠪᠴᠤ ᠪᠦᠷ ᠵᠠᠷᠯᠢᠭ ᠢ᠋ᠶ᠋ᠠᠷ ᠬᠣᠷᠢᠭᠯᠠᠭᠰᠠᠨ ᠢ᠋ ᠬᠠᠰᠠᠷ ᠲᠡᠪᠴᠢᠭᠰᠡᠨ ᠦᠭᠡᠢ ᠲᠡᠮᠦᠵᠢᠨ ᠦ᠌ ᠦᠷᠭᠦᠭᠡᠨ ᠳ᠋ᠦ᠍ ᠳᠠᠪᠬᠢᠨ ᠣᠷᠣᠵᠠᠢ᠃ ᠲᠡᠳᠡ ᠶᠠᠭᠤ ᠶᠠᠷᠢᠯᠴᠠᠭᠰᠠᠨ ᠢ᠋ ᠬᠡᠨ ᠴᠦ᠍ ᠦᠵᠡᠵᠦ ᠰᠣᠨᠣᠰᠤᠭᠰᠠᠨ ᠦᠭᠡᠢ᠃ ᠤᠳᠠᠯ ᠦᠭᠡᠢ ᠬᠠᠰᠠᠷ ᠲᠣᠷᠭᠠᠨ ᠴᠡᠷᠢᠭ ᠢ᠋ᠶ᠋ᠡᠨ ᠳᠠᠭᠠᠭᠤᠯᠤᠨ ᠨᠤᠲᠤᠭ ᠲᠠᠭᠠᠨ ᠪᠤᠴᠠᠵᠠᠢ᠃ ᠬᠠᠷᠢᠨ ᠡᠭᠦᠨ ᠡᠴᠡ ᠭᠤᠷᠪᠠᠨ ᠰᠠᠷ᠎ᠠ ᠶ᠋ᠢᠨ ᠳᠠᠷᠠᠭ᠎ᠠ ᠶᠡᠬᠡ ᠴᠡᠷᠢᠭ ᠬᠤᠷᠽᠸᠮ ᠤᠷᠤᠭᠤ ᠬᠥᠳᠡᠯᠬᠦ ᠡᠴᠡ ᠬᠣᠶᠠᠷ ᠰᠠᠷ᠎ᠠ ᠶ᠋ᠢᠨ ᠡᠮᠦᠨ᠎ᠡ ᠬᠠᠰᠠᠷ ᠭᠡᠨᠡᠳᠲᠡ ᠨᠠᠰᠤ ᠡᠴᠦᠰᠯᠡᠭᠰᠡᠨ ᠨᠢ ᠲᠡᠮᠦᠵᠢᠨ ᠲᠡᠳᠡᠨ ᠦ᠌ ᠡᠭᠦᠷᠢᠳᠡ ᠶ᠋ᠢᠨ ᠵᠥᠷᠢᠴᠡᠯ ᠲᠡᠮᠡᠴᠡᠯ ᠢ᠋ ᠲᠡᠭᠦᠰᠬᠡᠯ ᠪᠣᠯᠭᠠᠭᠰᠠᠨ ᠪᠢᠯᠡ᠃ ᠬᠠᠰᠠᠷ ᠤ᠋ᠨ ᠨᠠᠰᠤ ᠡᠴᠦᠰᠯᠡᠭᠰᠡᠨ ᠲᠤᠬᠠᠢ ᠮᠡᠳᠡᠭᠡ ᠴᠢᠩᠭᠢᠰ ᠬᠠᠭᠠᠨ ᠤ᠋ ᠦᠷᠭᠦᠭᠡᠨ ᠳ᠋ᠦ᠍ ᠢᠷᠡᠬᠦ ᠦᠶ᠎ᠡ ᠳ᠋ᠦ᠍ ᠲᠡᠷᠡ ᠬᠤᠯᠠᠨ ᠬᠠᠲᠤᠨ ᠤ᠋ ᠳ᠋ᠠᠭᠠᠨ ᠪᠠᠢᠵᠠᠢ᠃ ᠴᠢᠩᠭᠢᠰ ᠬᠠᠭᠠᠨ ᠰᠢᠭᠤᠳ ᠬᠤᠪᠴᠠᠰᠤᠯᠠᠨ ᠭᠠᠷᠴᠠᠢ᠃ ᠶᠠᠭᠤ ᠴᠤ᠌ ᠬᠡᠯᠡᠭᠰᠡᠨ ᠦᠭᠡᠢ᠃ ᠬᠠᠷᠢᠨ ᠬᠤᠯᠠᠨ ᠲᠡᠭᠦᠨ ᠦ᠌ ᠴᠢᠷᠠᠢ ᠶ᠋ᠢ ᠠᠵᠢᠭᠠᠳ ᠴᠢᠩᠭᠢᠰ ᠬᠠᠭᠠᠨ ᠬᠠᠰᠠᠷ ᠳᠡᠭᠦᠦ ᠪᠡᠨ ᠦᠬᠦᠭᠰᠡᠨ ᠳ᠋ᠦ᠍ ᠲᠡᠭᠡᠲᠡᠯ᠎ᠡ ᠪᠡᠨ ᠶᠡᠬᠡ ᠬᠠᠷᠠᠮᠰᠠᠬᠤ ᠦᠭᠡᠢ ᠪᠠᠢᠭ᠎ᠠ ᠶ᠋ᠢ ᠮᠡᠳᠡᠵᠡᠢ᠃ ᠬᠠᠰᠠᠷ ᠤ᠋ᠨ ᠦᠬᠦᠯ ᠢ᠋ ᠰᠦᠷ ᠳᠤᠤᠯᠢᠶᠠᠨ ᠪᠣᠯᠭᠠᠨ ᠶᠡᠬᠡ ᠭᠠᠰᠢᠭᠤᠳᠠᠯ ᠵᠠᠷᠯᠠᠬᠤ ᠶ᠋ᠢ ᠴᠢᠩᠭᠢᠰ ᠬᠠᠭᠠᠨ ᠬᠣᠷᠢᠭᠯᠠᠭᠰᠠᠨ ᠢ᠋ ᠬᠤᠯᠠᠨ ᠶᠡᠬᠡᠳᠡ ᠭᠠᠢᠬᠠᠵᠤ ᠳᠠᠰᠤᠯ ᠦᠭᠡᠢ ᠠᠰᠠᠭᠤᠵᠠᠢ᠃ ᠴᠢᠩᠭᠢᠰ ᠬᠠᠭᠠᠨ ᠲᠡᠭᠦᠨ ᠦ᠌ ᠦᠭᠡᠨ ᠳ᠋ᠦ᠍ ᠬᠠᠷᠢᠭᠤ ᠬᠡᠯᠡᠯ ᠦᠭᠡᠢ ᠤᠳᠠᠭᠠᠨ ᠳᠠᠭᠤ ᠦᠭᠡᠢ ᠰᠠᠭᠤᠭᠰᠠᠨ ᠳ᠋ᠤ᠌ ᠬᠤᠯᠠᠨ ᠳᠡᠮᠡᠢ ᠶᠠᠭᠤᠮ᠎ᠠ ᠠᠰᠠᠭᠤᠵᠤ ᠬᠢᠯᠢᠩᠨᠡᠭᠦᠯᠪᠡ ᠤᠤ ᠭᠡᠵᠦ ᠶᠡᠬᠡᠳᠡ ᠠᠶᠤᠵᠠᠢ᠃ ᠭᠡᠲᠡᠯ᠎ᠡ ᠴᠢᠩᠭᠢᠰ ᠬᠠᠭᠠᠨ ᠣᠭᠲᠣᠬᠠᠨ ᠴᠤ᠌ ᠬᠢᠯᠢᠩᠨᠡᠭᠰᠡᠨ ᠦᠭᠡᠢ 
       | ᠬᠤᠯᠠᠨ ᠴᠢᠨᠦ ᠢᠩᠭᠢᠵᠦ ᠠᠰᠠᠭᠤᠬᠤ ᠴᠢᠨᠢ ᠲᠦᠮᠡᠨ ᠵᠥᠪ᠃ ᠭᠠᠭᠴᠠ ᠴᠢ ᠴᠦ᠍ ᠪᠢᠰᠢ᠂ ᠣᠯᠠᠨ ᠬᠥᠮᠦᠨ ᠶᠠᠭ ᠴᠢᠮ᠎ᠠ ᠰᠢᠭ᠋ ᠢᠩᠭᠢᠵᠦ ᠪᠣᠳᠣᠵᠤ ᠠᠰᠠᠭᠤᠵᠤ ᠪᠠᠢᠨ᠎ᠠ᠃ ᠭᠡᠲᠡᠯ᠎ᠡ ᠪᠢ ᠬᠠᠢᠷᠠᠲᠠᠢ ᠳᠡᠭᠦᠦ ᠪᠡᠨ᠂ ᠬᠠᠮᠤᠭ ᠶᠡᠬᠡ ᠪᠡᠷ ᠵᠢᠳᠬᠦᠭᠰᠡᠨ ᠭᠠᠭᠴᠠ ᠨᠥᠬᠥᠷ ᠢ᠋ᠶ᠋ᠡᠨ ᠠᠯᠳᠠᠪᠠ᠃ ᠨᠠᠳᠠᠳᠤ ᠬᠠᠢᠷᠠᠨ ᠪᠢᠰᠢ ᠭᠡᠵᠦ ᠴᠢ ᠰᠠᠨᠠᠨ᠎ᠠ ᠤᠤ? ᠣᠳᠣ ᠲᠡᠭᠦᠨ ᠦ᠌ ᠬᠣᠢᠨ᠎ᠠ ᠠ᠋ᠴᠠ ᠬᠠᠮᠤᠭ ᠢ᠋ᠶ᠋ᠠᠨ ᠠᠯᠳᠠᠭᠰᠠᠨ ᠮᠡᠲᠦ ᠶᠡᠬᠡ ᠭᠠᠰᠢᠭᠤᠳᠠᠯ ᠦᠢᠯᠡᠳᠴᠦ ᠪᠣᠯᠬᠤ ᠦᠭᠡᠢ ᠶᠦᠮ᠃ ᠪᠢ ᠣᠳᠣ ᠶᠡᠬᠡ ᠲᠡᠢᠨ ᠳ᠋ᠦ᠍ ᠮᠣᠷᠳᠠᠬᠤ ᠭᠡᠵᠦ ᠪᠠᠢᠨ᠎ᠠ᠃ ᠪᠢ ᠳᠠᠢᠰᠤᠨ ᠳ᠋ᠠᠭᠠᠨ ᠮᠠᠭᠤ ᠪᠠᠨ ᠦᠵᠡᠭᠦᠯᠬᠦ ᠶ᠋ᠢ ᠦᠯᠦ ᠬᠦᠰᠡᠨ᠎ᠡ᠃ ᠬᠠᠰᠠᠷ ᠢ᠋ ᠦᠬᠦᠪᠡ ᠭᠡᠵᠦ ᠶᠡᠬᠡ ᠪᠡᠷ ᠭᠠᠰᠢᠭᠤᠳᠠᠪᠠᠯ ᠳᠠᠢᠰᠤᠨ ᠡᠲᠡᠭᠡᠳ ᠵᠣᠷᠢᠭᠵᠢᠨ ᠪᠡᠶᠡᠰᠴᠦ ᠬᠠᠷᠢᠨ ᠮᠠᠨ ᠤ᠋ ᠴᠡᠷᠢᠭ ᠦ᠋ᠨ ᠰᠠᠨᠠᠭ᠎ᠠ ᠢᠲᠡᠭᠡᠯ ᠮᠣᠬᠣᠬᠤ ᠠᠶᠤᠯᠲᠠᠢ ᠪᠢᠰᠢ ᠤᠤ? ᠨᠠᠳᠠᠳᠤ ᠬᠠᠰᠠᠷ ᠠ᠋ᠴᠠ ᠦᠯᠦ ᠳᠤᠲᠠᠬᠤ ᠪᠠᠭᠠᠲᠤᠷ ᠡᠷᠡᠰ ᠣᠯᠠᠨ ᠪᠠᠢᠨ᠎ᠠ᠃ ᠪᠢ ᠶᠠᠭᠤᠨ ᠳ᠋ᠤ᠌ ᠬᠠᠷᠠᠮᠰᠠᠨ᠎ᠠ᠃ ᠳᠠᠢᠰᠤᠨ ᠴᠤ᠌ ᠲᠡᠭᠡᠵᠦ ᠰᠠᠨᠠᠭᠠᠳ ᠵᠣᠷᠢᠭ ᠮᠣᠬᠣᠭᠠᠰᠠᠢ ᠭᠡᠵᠦ ᠬᠦᠰᠡᠨ᠎ᠡ᠃ ᠪᠢ ᠪᠤᠷᠤᠭᠤ ᠵᠦᠢᠯ ᠪᠣᠳᠣᠭᠰᠠᠨ ᠪᠣᠯ ᠴᠢ ᠰᠢᠭᠤᠳ ᠬᠡᠯᠡ ᠭᠡᠵᠡᠢ᠃ ᠲᠡᠮᠦᠵᠢᠨ ᠡᠨᠡ ᠦᠭᠡ ᠪᠡᠨ ᠬᠠᠷᠠᠮᠰᠠᠯ ᠭᠠᠰᠢᠭᠤᠳᠠᠯ ᠳᠦᠭᠦᠷᠡᠩ ᠬᠡᠯᠡᠭᠰᠡᠨ ᠨᠢ ᠬᠤᠯᠠᠨ ᠢ᠋ 
       | ᠲᠡᠢᠮᠦ ᠠ᠋᠃ ᠬᠠᠭᠠᠨᠲᠠᠨ ᠲᠠ ᠵᠥᠪ ᠪᠣᠳᠣᠵᠠᠢ ᠭᠡᠵᠦ ᠬᠡᠯᠡᠬᠦ ᠡᠴᠡ ᠥᠭᠡᠷ᠎ᠡ ᠠᠷᠭ᠎ᠠ ᠦᠭᠡᠢ ᠪᠣᠯᠭᠠᠵᠠᠢ᠃ ᠬᠠᠰᠠᠷ ᠤ᠋ᠨ ᠨᠠᠰᠤ ᠡᠴᠦᠰᠯᠡᠭᠰᠡᠨ ᠣ ᠳᠠᠷᠠᠭ᠎ᠠ ᠬᠣᠶᠠᠷ ᠬᠥᠪᠡᠭᠦᠨ ᠢ᠋ ᠨᠢ ᠳᠠᠭᠤᠳᠠᠨ ᠢᠷᠡᠭᠦᠯᠵᠦ ᠶᠡᠬᠡ ᠬᠤᠷᠠᠯᠳᠠᠢ ᠶ᠋ᠢ ᠵᠠᠷᠯᠠᠨ ᠬᠢᠯᠭᠡᠭᠡᠳ ᠴᠢᠩᠭᠢᠰ ᠬᠠᠭᠠᠨ ᠶᠠᠭ ᠰᠠᠶᠢ ᠶ᠋ᠢᠨ ᠦᠭᠡ ᠪᠡᠨ ᠬᠡᠯᠡᠬᠦ ᠳ᠋ᠦ᠍ ᠲᠡᠨᠳᠡ ᠪᠠᠢᠭᠰᠠᠳ ᠪᠦᠭᠦᠳᠡᠭᠡᠷ ᠬᠦᠯᠢᠶᠡᠨ ᠵᠥᠪᠰᠢᠶᠡᠷᠡᠭᠰᠡᠨ ᠪᠢᠯᠡ᠃ ᠪᠦᠬᠦ ᠵᠦᠢᠯ ᠴᠢᠩᠭᠢᠰ ᠬᠠᠭᠠᠨ ᠤ᠋ ᠵᠠᠷᠯᠢᠭ ᠶᠣᠰᠣᠭᠠᠷ ᠪᠣᠯᠵᠤ ᠬᠠᠰᠠᠷ ᠢ᠋ ᠦᠬᠦᠭᠰᠡᠨ ᠢ᠋ ᠲᠥᠪ ᠬᠦᠷᠢᠶᠡᠨ ᠳ᠋ᠦ᠍ ᠯᠡ ᠮᠡᠳᠡᠭᠰᠡᠨ ᠲᠡᠳᠦᠢ ᠪᠡᠷ ᠨᠠᠮ ᠭᠦᠮ ᠪᠣᠯᠵᠠᠢ᠃ ᠬᠠᠰᠠᠷ ᠳᠡᠭᠦᠦ ᠪᠡᠨ ᠦᠬᠦᠭᠰᠡᠨ ᠳ᠋ᠦ᠍ ᠬᠠᠷᠠᠮᠰᠠᠨ ᠭᠠᠰᠢᠭᠤᠳᠠᠬᠤ ᠡᠷᠬᠡ ᠦᠭᠡᠢ ᠪᠠᠢᠭ᠎ᠠ ᠲᠡᠮᠦᠵᠢᠨ ᠢ᠋ ᠬᠤᠯᠠᠨ ᠶᠡᠬᠡᠳᠡ ᠦᠷᠦ ᠡᠪᠡᠳᠦᠨ ᠲᠡᠭᠦᠨ ᠳ᠋ᠦ᠍ ᠭᠣᠮᠣᠳᠠᠬᠤ ᠪᠠᠨ ᠪᠣᠯᠢᠵᠠᠢ᠃ 
       ᠡᠨᠡ ᠮᠡᠲᠦ ᠲᠣᠮᠣ ᠵᠢᠵᠢᠭ ᠣᠯᠠᠨ ᠬᠡᠷᠡᠭ ᠦ᠋ᠳ ᠨᠢᠭᠡ ᠮᠥᠷ ᠡᠴᠦᠰᠯᠡᠵᠦ ᠴᠢᠩᠭᠢᠰ ᠬᠠᠭᠠᠨ ᠤ᠋ ᠴᠡᠷᠢᠭ ᠦ᠋ᠨ ᠲᠦᠷᠦᠭᠦᠴᠢ ᠬᠣᠷᠽᠸᠮ ᠢ᠋ ᠵᠣᠷᠢᠨ ᠡᠭᠡᠯᠵᠢ ᠳᠠᠷᠠᠭᠠᠯᠠᠨ ᠮᠣᠷᠳᠠᠵᠤ ᠡᠬᠢᠯᠡᠪᠡ᠃ ᠬᠠᠮᠤᠭ ᠤ᠋ᠨ ᠲᠦᠷᠦᠭᠦᠨ ᠳ᠋ᠦ᠍ ᠵᠡᠪᠡ ᠶ᠋ᠢᠨ ᠶᠡᠬᠡ ᠴᠡᠷᠢᠭ ᠪᠠᠷᠠᠭᠤᠨ ᠵᠦᠭ ᠣᠳᠴᠠᠢ᠃ ᠲᠡᠭᠦᠨ ᠡᠴᠡ ᠰᠠᠷ᠎ᠠ ᠶ᠋ᠢᠨ ᠬᠣᠢᠨ᠎ᠠ ᠰᠦᠪᠡᠭᠡᠳᠡᠢ ᠪᠠᠭᠠᠲᠤᠷ ᠥᠪᠡᠷ ᠦ᠋ᠨ ᠴᠡᠷᠢᠭ ᠢ᠋ ᠳᠠᠭᠠᠭᠤᠯᠤᠨ ᠵᠡᠪᠡ ᠶ᠋ᠢᠨ ᠠᠷᠤ ᠠ᠋ᠴᠠ ᠲᠣᠭᠣᠰᠣ ᠮᠠᠨᠠᠷᠠᠭᠤᠯᠤᠨ ᠮᠣᠷᠳᠠᠪᠠ᠃ ᠭᠤᠷᠪᠠᠳᠤᠭᠠᠷ ᠲᠤ᠌ ᠲᠣᠭᠤᠴᠠᠷ ᠢ᠋ ᠢᠯᠡᠭᠡᠪᠡ᠃ ᠬᠠᠷᠢᠨ ᠭᠣᠣᠯ ᠵᠠᠮ ᠤ᠋ᠨ ᠴᠡᠷᠢᠭ ᠢ᠋ᠶ᠋ᠡᠨ ᠴᠢᠩᠭᠢᠰ ᠬᠠᠭᠠᠨ ᠥᠪᠡᠷ ᠢ᠋ᠶ᠋ᠡᠨ ᠮᠠᠩᠯᠠᠢᠯᠠᠨ ᠬᠥᠳᠡᠯᠬᠦ ᠰᠠᠢᠨ ᠡᠳᠦᠷ ᠢ᠋ ᠲᠣᠪᠯᠠᠵᠠᠢ᠃ ᠡᠭᠦᠨ ᠦ᠌ ᠡᠮᠦᠨ᠎ᠡ ᠴᠢᠩᠭᠢᠰ ᠬᠠᠭᠠᠨ ᠪᠤᠷᠬᠠᠨ ᠬᠠᠯᠳᠤᠨ ᠠᠭᠤᠯᠠ ᠶ᠋ᠢ ᠲᠠᠬᠢᠵᠤ᠂ ᠲᠩᠷᠢ ᠳ᠋ᠦ᠍ ᠶᠡᠬᠡ ᠡᠷᠭᠦᠯ ᠪᠠᠷᠢᠵᠤ ᠮᠥᠷᠭᠥᠪᠡ᠃ ᠲᠡᠭᠡᠬᠦ ᠳ᠋ᠦ᠍ ᠪᠤᠷᠬᠠᠨ ᠬᠠᠯᠳᠤᠨ ᠤ᠋ ᠣᠷᠣᠢ ᠳ᠋ᠤ᠌ ᠴᠢᠩᠭᠢᠰ ᠬᠠᠭᠠᠨ ᠭᠠᠭᠴᠠᠭᠠᠷ ᠬᠠᠷᠠᠩᠭᠤᠢ ᠲᠩᠷᠢ ᠶ᠋ᠢᠨ ᠳᠣᠣᠷ᠎ᠠ ᠰᠠᠭᠤᠵᠤ ᠮᠥᠷᠭᠥᠪᠡ᠃ ᠠᠭᠤᠯᠠ ᠶ᠋ᠢᠨ ᠪᠠᠯ ᠳ᠋ᠤ᠌ ᠬᠣᠷᠢᠨ ᠲᠦᠮᠡᠨ ᠴᠡᠷᠢᠭ ᠵᠢᠭᠰᠠᠭᠠᠳ ᠡᠴᠦᠰ ᠨᠢ ᠦᠵᠡᠭᠳᠡᠬᠦ ᠦᠭᠡᠢ ᠬᠦᠪᠦᠷᠡᠨ᠎ᠡ᠃ ᠴᠡᠷᠢᠭ ᠦ᠋ᠨ ᠮᠠᠩᠯᠠᠢ ᠳ᠋ᠤ᠌ ᠬᠥᠩᠭᠡᠨ ᠰᠡᠦᠬᠡ ᠲᠡᠷᠭᠡᠨ ᠳ᠋ᠦ᠍ ᠬᠤᠯᠠᠨ ᠪᠠᠶᠠᠷ ᠬᠥᠷ ᠲᠡᠢ ᠪᠡᠷ ᠰᠠᠭᠤᠵᠤ ᠪᠠᠢᠪᠠ᠃ ᠶᠡᠬᠡ ᠴᠡᠷᠢᠭ ᠡᠵᠡᠨ ᠬᠠᠭᠠᠨ ᠢ᠋ᠶ᠋ᠠᠨ ᠲᠩᠷᠢ ᠶ᠋ᠢᠨ ᠦᠭᠡ ᠶ᠋ᠢ ᠰᠣᠨᠣᠰᠴᠤ ᠢᠷᠡᠬᠦ ᠶ᠋ᠢ ᠬᠦᠯᠢᠶᠡᠵᠦ ᠪᠠᠢᠪᠠ᠃ ᠴᠢᠩᠭᠢᠰ ᠬᠠᠭᠠᠨ ᠪᠠᠭᠤᠵᠤ ᠢᠷᠡᠪᠡ᠃ ᠲᠩᠷᠢ ᠲᠡᠭᠦᠨ ᠢ᠋ ᠲᠡᠳᠬᠦᠵᠦ ᠬᠤᠷᠽᠸᠮ ᠢ᠋ ᠳᠠᠭᠠᠭᠤᠯᠤᠨ᠎ᠠ ᠭᠡᠵᠦ ᠬᠡᠯᠡᠵᠡᠢ᠃ ᠶᠡᠬᠡ ᠴᠡᠷᠢᠭ ᠪᠠᠬᠠᠳᠤᠯ ᠳᠦᠭᠦᠷᠡᠩ ᠬᠥᠳᠡᠯᠪᠡ᠃ ᠬᠤᠷᠽᠸᠮ ᠤ᠋ᠨ ᠵᠡᠭᠦᠨ ᠬᠢᠯᠢ ᠶ᠋ᠢᠨ ᠬᠣᠲᠠ ᠬᠦᠷᠲᠡᠯ᠎ᠡ ᠶᠡᠬᠡ ᠴᠡᠷᠢᠭ ᠠᠯᠭᠤᠷ ᠠᠭᠠᠵᠢᠮ ᠬᠠᠭᠠᠰ ᠵᠢᠯ ᠶᠠᠪᠤᠬᠤ ᠵᠠᠮ ᠪᠣᠢ ᠠᠵᠢ᠃ ᠬᠣᠷᠢᠨ ᠲᠦᠮᠡᠨ ᠴᠡᠷᠢᠭ ᠠᠴᠢᠶ᠎ᠠ ᠬᠥᠰᠬᠡ ᠶ᠋ᠢᠨ ᠬᠠᠮᠲᠤ ᠵᠠᠮ ᠳ᠋ᠤ᠌ ᠭᠠᠷᠬᠤ ᠨᠢ ᠠᠭᠤᠯᠠ ᠨᠡᠭᠦᠵᠦ᠂ ᠤᠰᠤ ᠤᠷᠤᠰᠴᠤ ᠪᠠᠢᠬᠤ ᠰᠢᠭ᠋ ᠮᠣᠩᠭᠣᠯ ᠤ᠋ᠨ ᠲᠠᠯ᠎ᠠ ᠨᠤᠲᠤᠭ ᠬᠣᠭᠣᠰᠣᠷᠠᠨ ᠦᠯᠡᠳᠡᠬᠦ ᠰᠢᠭ ᠭᠤᠨᠢᠭᠲᠠᠢ᠂ ᠡᠴᠢᠭᠡ ᠡᠴᠡ ᠰᠠᠯᠤᠭᠰᠠᠨ ᠬᠡᠦᠬᠡᠳ ᠦ᠋ᠨ ᠤᠬᠢᠯᠠᠭᠠᠨ᠂ ᠡᠬᠡ ᠡᠴᠡ ᠲᠥᠭᠡᠷᠢᠭᠰᠡᠨ ᠤᠨᠠᠭᠠᠨ ᠤ᠋ ᠢᠨᠴᠠᠭᠠᠯ ᠲᠩᠷᠢ ᠳ᠋ᠦ᠍ ᠬᠠᠲᠠᠵᠤ ᠪᠠᠢᠪᠠ᠃ ᠪᠦᠬᠦ ᠦᠯᠡᠳᠡᠭᠰᠡᠳ ᠢ᠋ ᠪᠦᠬᠦ ᠳᠠᠭᠤ ᠴᠢᠮᠡᠭᠡ᠂ ᠬᠠᠭᠠᠴᠠᠯ ᠢ᠋ ᠶᠡᠬᠡ ᠴᠡᠷᠢᠭ ᠦ᠋ᠨ ᠲᠣᠭᠣᠰᠣ ᠴᠠᠰᠤ ᠰᠢᠭ᠋ ᠳᠠᠷᠤᠨ ᠦᠭᠡᠢ ᠬᠢᠬᠦ ᠪᠥᠯᠥᠭᠡ᠃ ᠴᠢᠩᠭᠢᠰ ᠬᠠᠭᠠᠨ ᠤᠷᠢᠳ ᠡᠮᠦᠨ᠎ᠡ ᠦᠵᠡᠭᠡ ᠦᠭᠡᠢ ᠬᠠᠷᠢ ᠣᠷᠣᠨ ᠢ᠋ ᠵᠣᠷᠢᠵᠤ ᠶᠠᠪᠤᠨ᠎ᠠ᠃ ᠨᠢᠭᠡᠳᠴᠦ ᠬᠦᠴᠦᠷᠬᠡᠭᠵᠢᠭᠰᠡᠨ᠂ ᠯᠠᠯᠤ ᠶ᠋ᠢᠨ ᠱᠠᠰᠢᠨᠲᠠᠨ ᠤ᠋ ᠶᠡᠬᠡ ᠤᠯᠤᠰ ᠬᠤᠷᠽᠸᠮ ᠲᠡᠭᠦᠨ ᠢ᠋ ᠡᠰᠡᠷᠭᠦᠴᠡᠯ ᠲᠡᠭᠦᠰ ᠬᠦᠯᠢᠶᠡᠵᠦ ᠪᠣᠢ᠃ ᠠᠯᠲᠠᠨ ᠤᠯᠤᠰ ᠲᠤ᠌ ᠪᠠᠢᠭᠰᠠᠨ ᠶᠡᠬᠡ ᠴᠡᠷᠢᠭ ᠢ᠋ ᠲᠠᠲᠠᠵᠤ᠂ ᠲᠡᠨᠳᠡ ᠭᠦᠸᠧ ᠸᠠᠩ ᠮᠤᠬᠤᠯᠠᠢ ᠶ᠋ᠢ ᠴᠥᠭᠡᠨ ᠴᠡᠷᠢᠭ ᠦ᠋ᠨ ᠬᠠᠮᠲᠤ ᠦᠯᠡᠳᠡᠭᠡᠭᠡᠳ ᠪᠦᠬᠦ ᠬᠦᠴᠦ ᠪᠡᠨ ᠬᠤᠷᠽᠸᠮ ᠳ᠋ᠤ᠌ ᠬᠠᠶᠠᠪᠠ᠃ ᠲᠡᠭᠦᠨ ᠦ᠌ ᠪᠠᠢᠭᠤᠯᠤᠭᠰᠠᠨ ᠶᠡᠬᠡ ᠤᠯᠤᠰ ᠲᠤ᠌ ᠲᠡᠭᠦᠨ ᠦ᠌ ᠬᠥᠪᠡᠭᠦᠳ ᠰᠢᠨ᠎ᠡ ᠭᠠᠵᠠᠷ ᠣᠷᠣᠨ᠂ ᠶᠡᠬᠡ ᠣᠯᠵᠠ ᠣᠮᠣᠭ᠂ ᠠᠭᠤᠤ ᠠᠯᠳᠠᠷ ᠨᠡᠷ᠎ᠡ᠂ ᠢᠯᠠᠯᠲᠠ ᠬᠡᠷᠡᠭᠲᠡᠢ ᠶ᠋ᠢ ᠴᠢᠩᠭᠢᠰ ᠬᠠᠭᠠᠨ ᠣᠢᠯᠠᠭᠠᠵᠤ ᠪᠠᠢᠪᠠ᠃ ᠲᠡᠷᠡ ᠣᠳᠣ ᠥᠪᠡᠷ ᠡᠴᠡ ᠪᠡᠨ ᠢᠯᠡᠭᠦᠦ ᠬᠦᠴᠦᠲᠡᠨ᠂ ᠠᠯᠳᠠᠷ ᠰᠤᠤᠲᠠᠢ ᠬᠠᠭᠠᠨ ᠪᠣᠢ ᠭᠡᠳᠡᠭ ᠢ᠋ ᠬᠦᠯᠢᠶᠡᠨ ᠵᠥᠪᠰᠢᠶᠡᠷᠡᠵᠦ ᠴᠢᠳᠠᠬᠤ ᠦᠭᠡᠢ ᠪᠣᠯᠵᠠᠢ᠃ ᠲᠡᠢᠮᠦ ᠶᠡᠬᠡ ᠤᠯᠤᠰ ᠶᠡᠬᠡ ᠬᠠᠭᠠᠨ ᠪᠠᠢᠬᠤ ᠠᠪᠠᠰᠤ ᠲᠡᠭᠦᠨ ᠢ᠋ ᠳᠠᠷᠤᠨ ᠮᠥᠬᠥᠭᠡᠵᠦ ᠡᠷᠬᠡᠨ ᠳ᠋ᠡᠭᠡᠨ ᠣᠷᠣᠭᠤᠯᠬᠤ ᠶ᠋ᠢ ᠬᠦᠰᠡᠨ᠎ᠡ᠃ ᠠᠯᠲᠠᠨ ᠤᠯᠤᠰ ᠤ᠋ᠨ ᠶᠡᠬᠡ ᠬᠠᠭᠠᠨ ᠪᠠᠭᠤᠨ ᠥᠭᠴᠦ ᠬᠥᠪᠡᠭᠦᠨ ᠢ᠋ᠶ᠋ᠡᠨ ᠵᠠᠭᠤᠨ ᠨᠥᠬᠥᠳ ᠦ᠋ᠨ ᠬᠠᠮᠲᠤ ᠠᠯᠪᠠ ᠬᠠᠭᠠᠬᠤ ᠪᠠᠷ ᠢᠷᠡᠭᠦᠯᠦᠭᠰᠡᠨ ᠨᠢ ᠣᠳᠣ ᠲᠤᠯᠤᠢ ᠶ᠋ᠢᠨ ᠳᠡᠷᠭᠡᠳᠡ ᠶᠠᠪᠤᠭ᠎ᠠ ᠨᠢ ᠶᠠᠭᠤᠲᠠᠢ ᠪᠠᠬᠠᠷᠬᠠᠯᠲᠠᠢ ᠬᠡᠷᠡᠭ ᠪᠢᠯᠡ᠃ ᠲᠡᠷᠡ ᠥᠪᠡᠷ ᠦ᠋ᠨ ᠤᠯᠤᠰ ᠲᠤ᠌ ᠣᠢ ᠶ᠋ᠢᠨ ᠢᠷᠭᠡᠳ᠂ ᠤᠢᠭᠤᠷ᠂ ᠬᠢᠳᠠᠨ᠂ ᠬᠠᠷᠯᠠᠭ ᠢ᠋ ᠨᠢᠭᠡᠳᠬᠡᠵᠦ ᠲᠠᠩᠭᠤᠳ᠂ ᠠᠯᠲᠠᠨ ᠤᠯᠤᠰ ᠢ᠋ ᠳᠠᠭᠠᠭᠤᠯᠪᠠ᠃ ᠣᠳᠣ ᠡᠮᠦᠨ᠎ᠡ ᠵᠦᠭ ᠲᠦ᠍ ᠰᠥᠩ ᠤᠯᠤᠰ᠂ ᠬᠠᠷᠢᠨ ᠶᠡᠬᠡ ᠴᠡᠷᠢᠭ ᠦ᠋ᠨ ᠬᠢᠨᠢ ᠵᠠᠮ ᠳ᠋ᠤ᠌ ᠪᠠᠷᠠᠭᠤᠨ ᠲᠠᠯ᠎ᠠ ᠳ᠋ᠤ᠌ ᠬᠤᠷᠽᠸᠮ ᠪᠣᠢ᠃ ᠬᠤᠷᠽᠸᠮ ᠤ᠋ᠨ ᠶᠡᠬᠡ ᠤᠯᠤᠰ᠂ ᠲᠡᠭᠦᠨ ᠦ᠌ ᠶᠡᠬᠡ ᠦᠭᠡᠲᠦ ᠬᠠᠭᠠᠨ ᠮᠤᠬᠠᠮᠮᠠᠳ᠋ ᠤ᠋ᠨ ᠲᠣᠭᠲᠠᠬᠤ᠂ ᠣᠷᠣᠰᠢᠬᠤ ᠬᠣᠨᠣᠭ ᠬᠤᠭᠤᠴᠠᠭ᠎ᠠ ᠲᠣᠭᠠᠲᠠᠢ ᠪᠣᠯᠵᠠᠢ᠃ ᠴᠢᠩᠭᠢᠬᠦ ᠶᠣᠰᠣᠲᠠᠢ ᠶ᠋ᠢ ᠰᠠᠶᠢ ᠮᠥᠩᠬᠡ ᠲᠩᠷᠢ ᠴᠢᠩᠭᠢᠰ ᠬᠠᠭᠠᠨ ᠳ᠋ᠤ᠌ ᠬᠡᠯᠡᠭᠰᠡᠨ ᠪᠢᠯᠡ᠃ 《ᠲᠡᠮᠦᠵᠢᠨ ᠴᠢ ᠪᠠᠷᠠᠭᠤᠨ ᠵᠦᠭ ᠲᠦ᠍ ᠶᠡᠬᠡ ᠢᠯᠠᠯᠲᠠ ᠪᠠᠢᠭᠤᠯᠵᠤ ᠪᠤᠷᠤᠭᠤ ᠱᠠᠰᠢᠨᠲᠠᠨ ᠢ᠋ ᠳᠠᠭᠠᠭᠤᠯᠤᠨ᠎ᠠ》 ᠭᠡᠵᠦ ᠮᠥᠩᠬᠡ ᠲᠩᠷᠢ ᠬᠡᠯᠡᠬᠦ ᠶ᠋ᠢ ᠴᠢᠩᠭᠢᠰ ᠬᠠᠭᠠᠨ ᠰᠣᠨᠣᠰᠴᠠᠢ᠃ ᠬᠤᠷᠽᠸᠮ ᠤᠯᠤᠰ ᠤ᠋ᠨ ᠳᠣᠲᠣᠭᠠᠳᠤ ᠨᠥᠬᠥᠴᠡᠯ ᠪᠠᠢᠳᠠᠯ᠂ ᠴᠡᠷᠢᠭ ᠦ᠋ᠨ ᠲᠣᠭ᠎ᠠ ᠪᠠᠢᠷᠢᠯᠠᠯ᠂ ᠵᠠᠮ ᠵᠠᠭᠤᠷ᠎ᠠ ᠶ᠋ᠢᠨ ᠣᠯᠠᠨ ᠭᠣᠣᠯ ᠮᠥᠷᠡᠨ ᠦ᠌ ᠭᠠᠷᠠᠮ᠂ ᠠᠭᠤᠯᠠ ᠳᠠᠪᠠᠭᠠᠨ ᠤ᠋ ᠭᠠᠷᠤᠴᠠ ᠬᠠᠷᠭᠤᠢ ᠶ᠋ᠢ ᠰᠡᠭᠦᠯ ᠦ᠋ᠨ ᠬᠣᠶᠠᠷ ᠵᠢᠯ ᠦ᠋ᠨ ᠲᠤᠷᠰᠢ ᠣᠢᠭ᠎ᠠ ᠦᠭᠡᠢ ᠲᠠᠩᠨᠠᠨ ᠰᠤᠳᠤᠯᠤᠭᠰᠠᠨ ᠨᠢ ᠴᠢᠩᠭᠢᠰ ᠬᠠᠭᠠᠨ ᠢ᠋ ᠢᠯᠠᠯᠲᠠ ᠪᠠᠢᠭᠤᠯᠬᠤ ᠢᠲᠡᠭᠡᠯ ᠢ᠋ ᠪᠠᠲᠤᠳᠬᠠᠵᠠᠢ᠃ ᠬᠤᠷᠽᠸᠮ ᠤ᠋ᠨ ᠬᠠᠭᠠᠨ ᠮᠤᠬᠠᠮᠮᠡᠳ᠋ ᠬᠡᠳᠦᠢ ᠬᠦᠴᠦᠷᠬᠡᠭ ᠴᠡᠷᠢᠭ᠂ ᠪᠠᠶᠠᠨ ᠤᠯᠤᠰ ᠲᠠᠢ ᠴᠤ᠌ ᠲᠡᠭᠦᠨ ᠦ᠌ ᠤᠯᠤᠰ ᠤ᠋ᠨ ᠣᠯᠠᠨ ᠬᠣᠲᠠ ᠶ᠋ᠢᠨ ᠵᠠᠬᠢᠷᠤᠭᠴᠢ ᠨᠠᠷ ᠬᠣᠭᠣᠷᠣᠨᠳᠣ ᠪᠠᠨ ᠡᠪ ᠨᠢᠭᠡᠳᠦᠯ ᠦᠭᠡᠢ᠂ ᠳᠡᠭᠡᠷ᠎ᠡ ᠨᠢ ᠯᠠᠯᠤ ᠶ᠋ᠢᠨ ᠱᠠᠰᠢᠨ ᠤ᠋ ᠲᠡᠷᠢᠭᠦᠨ ᠡᠷᠬᠡ ᠶ᠋ᠢ ᠪᠠᠷᠢᠭᠴᠢ ᠪᠠᠭᠲᠠᠳ᠋ ᠤ᠋ᠨ ᠬᠠᠯᠢᠹ ᠬᠤᠷᠽᠸᠮ ᠤ᠋ᠨ ᠬᠠᠭᠠᠨ ᠮᠤᠬᠠᠮᠮᠡᠳ᠋ ᠲᠡᠢ ᠡᠷᠬᠡ ᠮᠠᠲᠠᠯ ᠪᠤᠯᠢᠶᠠᠯᠳᠤᠨ ᠵᠥᠷᠢᠴᠡᠯᠳᠦᠵᠦ ᠪᠦᠷ ᠴᠢᠩᠭᠢᠰ ᠬᠠᠭᠠᠨ ᠳ᠋ᠤ᠌ ᠨᠢᠭᠤᠴᠠ ᠡᠯᠴᠢ ᠢᠯᠡᠭᠡᠵᠦ ᠨᠠᠢᠷᠠᠮᠳᠠᠬᠤ ᠶ᠋ᠢ ᠬᠦᠰᠡᠭᠰᠡᠨ ᠨᠢ ᠬᠤᠷᠽᠸᠮ ᠳ᠋ᠤ᠌ ᠳᠣᠪᠲᠣᠯᠬᠤ ᠡᠴᠦᠰ ᠦ᠋ᠨ ᠳᠣᠬᠢᠶ᠎ᠠ ᠪᠣᠯᠪᠠ᠃ ᠲᠡᠢᠮᠦ ᠪᠣᠯᠬᠣᠷ ᠴᠢᠩᠭᠢᠰ ᠬᠠᠭᠠᠨ ᠳ᠋ᠤ᠌ ᠡᠷᠡᠭᠡᠯᠵᠡᠵᠦ ᠲᠡᠩᠨᠡᠭᠡᠯᠵᠡᠬᠦ ᠵᠦᠢᠯ ᠦᠭᠡᠢ ᠪᠠᠢᠪᠠ᠃  


            ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠸᠨ ᠬᠤᠸᠠ)᠂ ᠨᠠᠷᠠᠨᠭᠡᠷᠡᠯ᠂ ᠬᠡᠷᠡᠢᠳ· ᠮᠥᠩᠬᠡᠨᠠᠰᠤᠨ᠂ 
                                      ᠠᠯᠲᠠᠨᠴᠡᠴᠡᠭ᠂ ᠵᠢᠩᠯᠢᠬᠤᠸᠠᠷ᠂ ᠨᠠᠷᠠᠨᠲᠤᠶᠠᠭ᠎ᠠ᠂ ᠰᠡᠴᠡᠨᠴᠢᠮᠡᠭ᠂ 
                                      ᠳᠡᠭᠦᠦᠵᠠᠶᠠᠭ᠎ᠠ᠂ ᠱᠠᠭᠰᠠᠯ ᠂ ᠪᠠᠶᠠᠨᠴᠡᠴᠡᠭ 
              ᠬᠢᠨᠠᠭᠴᠢ᠄ ᠣᠳᠬᠠᠨᠰᠣ᠎ᠠ᠂ ᠲ· ᠬᠦᠮᠦᠵᠢᠯᠲᠦ᠂ ᠭᠠᠷᠮ᠎ᠠ᠂ ᠰᠡᠬᠡᠭᠡᠷᠡᠯ᠂ ᠮᠣᠩᠭᠣᠯ ᠰᠦᠨᠡᠰᠦ᠂ 
                                      ᠠᠷᠢᠭᠤᠨ᠂ ᠴᠡᠴᠡᠭ᠂ ᠰᠡᠴᠡᠨᠴᠢᠮᠡᠭ